ᠬᠡᠷᠪᠡ ᠪᠠᠷᠢᠯᠭ᠎ᠠ ᠨᠤᠷᠠᠵᠤ ᠶᠡᠭᠦᠷᠡᠪᠡᠯ ᠬᠡᠷᠬᠢᠨ ᠠᠶᠤᠯ ᠠᠴᠠ ᠵᠠᠶᠢᠯᠠᠬᠤ ᠪᠤᠢ︖ ᠬᠡᠷᠪᠡ ᠪᠤᠯᠠᠭᠳᠠᠪᠠᠯ ᠬᠡᠷᠬᠢᠨ ᠥᠪᠡᠷ ᠢ ᠪᠠᠨ ᠠᠪᠤᠷᠠᠬᠤ ᠪᠤᠢ︖ | ᠡᠳᠡᠭᠡᠷ ᠠᠮᠤᠷ ᠲᠦᠪᠰᠢᠨ ᠤ ᠮᠡᠳᠡᠯᠭᠡ ᠶᠢ ᠮᠡᠳᠡᠬᠦ ᠴᠢᠬᠤᠯᠠᠳᠠᠢ ︕ | ᠨᠢᠭᠡ᠂ ᠪᠠᠷᠢᠯᠭ᠎ᠠ ᠨᠤᠷᠠᠬᠤ ᠨᠢ ᠶᠠᠮᠠᠷ ᠶᠠᠮᠠᠷ ᠤᠷᠢᠳᠴᠢᠯᠠᠭᠰᠠᠨ ᠰᠢᠨᠵᠢ ᠲᠡᠮᠳᠡᠭ ᠪᠠᠶᠢᠬᠤ ᠪᠤᠢ︖ | 1.ᠭᠠᠵᠠᠷ ᠤᠨ ᠭᠠᠳᠠᠷᠭᠤ ᠭᠡᠨᠡᠳᠲᠡ ᠪᠠᠷ ᠳᠣᠷᠣᠭᠰᠢ ᠴᠥᠮᠥᠷᠡᠬᠦ᠂ ᠲᠦᠨᠳᠦᠶᠢᠬᠦ ᠪᠤᠶᠤ ᠠᠩ ᠴᠠᠪᠠ ᠭᠡᠨᠡᠳᠲᠡ ᠶᠠᠬᠡᠳᠡᠭᠦ᠃ | 2.ᠲᠤᠯᠭᠠᠭᠤᠷᠢ᠂ ᠨᠢᠷᠤᠭᠤ᠂ ᠬᠠᠪᠲᠠᠰᠤ ᠪᠤᠶᠤ ᠬᠡᠷᠡᠮ ᠤᠨ ᠠᠩ ᠴᠠᠪᠠ ᠨᠣᠴᠢᠲᠠᠢ ᠬᠤᠪᠢᠷᠠᠯᠳᠠ ᠭᠠᠷᠬᠤ ᠂ ᠮᠦᠨᠴᠦ ᠦᠷᠭᠦᠯᠵᠢᠯᠡᠨ ᠶᠡᠬᠡᠳᠡᠬᠦ᠃ | 3. ᠲᠤᠯᠭᠠᠭᠤᠷᠢ᠂ ᠨᠢᠷᠣᠭᠤ᠂ ᠬᠠᠪᠳᠠᠰᠤ ᠪᠣᠶᠣ ᠬᠡᠷᠡᠮ ᠶᠡᠭᠡ ᠬᠤᠪᠢᠷᠠᠯᠳᠠ ᠭᠠᠷᠴᠦ᠂ ᠮᠤᠳᠤᠨ ᠪᠦᠳᠦᠴᠡ ᠪᠤᠶᠤ ᠵᠠᠯᠭᠠᠳᠠᠰᠤ ᠶᠢᠨ ᠬᠡᠰᠡᠭ ᠲᠤ ᠬᠦᠨᠳᠦ | ᠨᠣᠴᠢᠲᠠᠢ ᠢᠯᠵᠠᠷᠠᠨ ᠢᠳᠡᠭᠳᠡᠭᠰᠡᠨ ᠪᠣᠶᠣ ᠨᠢᠭᠡᠨᠲᠡ ᠢᠳᠡᠭᠳᠡᠭᠰᠡᠨ᠃ | 4. ᠬᠡᠷᠡᠮ ᠪᠤᠶᠤ ᠳᠡᠭᠡᠪᠦᠷ ᠤᠨ ᠭᠠᠳᠠᠷᠭᠤ ᠶᠢᠨ ᠳᠠᠪᠬᠤᠷᠭ᠎ᠠ ᠭᠡᠨᠡᠳᠲᠡ ᠶᠡᠭᠡ ᠬᠡᠪᠴᠢᠶ᠎ᠡ ᠪᠠᠷ ᠤᠨᠠᠬᠤ᠃ | 5. ᠭᠡᠷ ᠪᠠᠶᠢᠰᠢᠩ ᠭᠡᠨᠡᠳᠳᠡ ᠬᠡᠪ ᠤᠨ ᠪᠤᠰᠤ ᠳᠠᠭᠤᠨ ᠭᠠᠷᠬᠤ᠂ ᠳᠡᠯᠪᠡᠷᠡᠬᠦ ᠳᠠᠭᠤᠨ ᠭᠠᠷᠬᠤ ᠵᠡᠷᠭᠡ᠃ | ᠬᠤᠶᠠᠷ᠂ ᠪᠠᠷᠢᠯᠭ᠎ᠠ ᠶᠢᠨ ᠨᠤᠷᠠᠯᠲᠠ ᠲᠣᠬᠢᠶᠠᠯᠳᠤᠪᠠᠯ ᠶᠠᠭᠠᠬᠢᠵᠤ ᠠᠶᠤᠯ ᠠᠴᠠ ᠵᠠᠶᠢᠯᠠᠭᠤᠯᠬᠤ ᠪᠣᠶ︖ | ᠠᠷᠭ᠎ᠠ ᠮᠠᠶ᠋ᠢᠭ ᠲᠤᠬᠢᠷᠠᠮᠵᠢᠳᠠᠢ ᠪᠠᠶᠢᠬᠤ ᠬᠡᠷᠡᠭᠳᠡᠢ | ᠬᠤᠶᠠᠷ ᠭᠠᠷ ᠢᠶᠠᠷ ᠢᠶᠠᠨ ᠲᠣᠯᠣᠭᠠᠢ ᠪᠠᠨ ᠲᠡᠪᠡᠷᠢᠨ᠂ ᠨᠢᠭᠤᠷ ᠢᠶᠠᠨ ᠬᠠᠮᠠᠭᠠᠯᠠᠨ᠎ᠠ᠂ ᠤᠴᠤᠶᠢᠨ ᠰᠠᠭᠤᠵᠤ᠂ ᠬᠤᠶᠠᠷ ᠡᠪᠦᠳᠦᠭ ᠢᠶᠠᠷ ᠨᠢᠭᠤᠷ ᠢᠶᠠᠨ | ᠬᠠᠯᠬᠠᠯᠠᠵᠦ ᠂ ᠠᠮᠢᠰᠭᠤᠭ᠎ᠠ ᠠᠪᠬᠤ ᠤᠷᠤᠨ ᠵᠠᠢ ᠲᠠᠢ ᠪᠤᠯᠭᠠᠨ᠎ᠠ᠃ | ᠬᠢᠴᠢᠶᠡᠮᠵᠢ ᠲᠠᠢ ᠰᠢᠯᠵᠢᠭᠦᠯᠬᠦ | ᠬᠢᠴᠢᠶᠡᠮᠵᠢ ᠲᠠᠢ ᠠᠯᠭᠤᠷᠬᠠᠨ ᠢᠶᠠᠷ ᠪᠡᠶ᠎ᠡ ᠪᠠᠨ ᠰᠢᠯᠵᠢᠭᠦᠯᠵᠦ᠂ ᠨᠡᠩ ᠶᠡᠭᠡ ᠪᠤᠳᠠᠰ ᠥᠪᠡᠷ ᠤᠨ ᠪᠡᠶ᠎ᠡ ᠳᠡᠭᠡᠷ᠎ᠡ ᠤᠨᠠᠬᠤ ᠠᠴᠠ ᠰᠡᠷᠭᠡᠢᠯᠡᠨ᠎ᠡ᠃ | ᠭᠤᠷᠪᠠ᠂ ᠪᠤᠯᠠᠭᠳᠠᠭᠰᠠᠨ ᠤ ᠳᠠᠷᠠᠭ᠎ᠠ ᠬᠡᠷᠬᠢᠨ ᠥᠪᠡᠷ ᠢ ᠪᠠᠨ ᠠᠪᠤᠷᠠᠬᠤ ᠪᠣᠢ︖ | 1. ᠬᠢᠴᠢᠶᠡᠮᠵᠢ ᠲᠠᠢ ᠠᠯᠭᠤᠷᠬᠠᠨ ᠢᠶᠠᠷ ᠪᠡᠶ᠎ᠡ ᠪᠠᠨ ᠰᠢᠯᠵᠢᠭᠦᠯᠬᠦ ᠶᠢᠨ ᠬᠠᠮᠲᠤ ᠠᠯᠢ ᠴᠢᠳᠠᠬᠤ ᠪᠠᠷ ᠬᠠᠮᠠᠷ ᠠᠮᠠ ᠪᠠᠨ ᠬᠠᠮᠠᠭᠠᠯᠠᠨ ᠲᠣᠭᠤᠰᠣᠨ ᠤ ᠪᠣᠬᠢᠷᠲᠤᠯ ᠢ | ᠰᠡᠷᠭᠡᠶᠢᠯᠡᠨ᠎ᠡ᠃ | 2. ᠰᠤᠬᠤᠷ ᠪᠠᠯᠠᠢ ᠪᠠᠷ ᠶᠡᠬᠡᠪᠡᠷ ᠪᠠᠷᠬᠢᠷᠠᠬᠤ ᠬᠡᠷᠡᠭ ᠦᠭᠡᠢ ᠂ ᠬᠤᠭᠤᠯᠠᠢ ᠲᠤᠤᠷ ᠵᠡᠷᠭᠡ ᠪᠤᠳᠠᠰ ᠢ ᠠᠰᠢᠭᠯᠠᠨ ᠲᠤᠬᠢᠶ᠎ᠠ ᠦᠭᠭᠦᠪᠡᠯ ᠠᠪᠤᠷᠠᠨ ᠲᠤᠰᠠᠯᠠᠭᠴᠢ | ᠨᠡᠩ ᠠᠮᠠᠷᠬᠠᠨ ᠮᠡᠳᠡᠨ᠎ᠡ᠃ | 3. ᠬᠡᠷᠪᠡ ᠬᠠᠰᠢᠭᠳᠠᠭᠰᠠᠨ ᠭᠠᠵᠠᠷ ᠨᠢ ᠭᠠᠵᠠᠷ ᠤᠨ ᠭᠠᠳᠠᠷᠭᠤ ᠲᠠᠢ ᠣᠶᠢᠷᠠᠳᠴᠤ ᠪᠠᠶᠢᠪᠠᠯ᠂ ᠠᠪᠤᠷᠠᠨ ᠲᠤᠰᠯᠠᠬᠤ ᠬᠦᠮᠦᠰ ᠢᠷᠡᠬᠦ ᠦᠶ᠎ᠡ ᠳᠤ ᠶᠡᠭᠡ | ᠳᠠᠭᠤᠨ ᠢᠶᠠᠷ ᠬᠠᠰᠬᠢᠷᠤᠨ᠎ᠠ᠃ | ᠲᠦᠷᠪᠡ᠂ ᠬᠠᠷᠢᠯᠴᠠᠨ ᠠᠪᠤᠷᠠᠬᠤ ᠠᠵᠢᠯ ᠢ ᠬᠡᠷᠬᠢᠨ ᠥᠷᠨᠢᠭᠦᠯᠬᠦ ᠪᠤᠢ︖ | 1. ᠠᠪᠤᠷᠠᠬᠤ ᠠᠴᠠ ᠡᠮᠦᠨ᠎ᠡ᠂ ᠲᠠᠩᠨᠠᠨ ᠰᠣᠨᠣᠰᠬᠤ᠂ ᠳᠠᠭᠤᠳᠠᠬᠤ᠂ ᠯᠠᠪᠯᠠᠨ ᠠᠰᠠᠭᠤᠬᠤ ᠵᠡᠷᠭᠡ ᠠᠷᠭ᠎ᠠ ᠮᠠᠶ᠋ᠢᠭ ᠢᠶᠠᠷ ᠳᠠᠷᠤᠭᠳᠠᠭᠰᠠᠨ ᠬᠥᠮᠥᠰ ᠤᠨ ᠣᠷᠣᠨ | ᠪᠠᠶᠢᠷᠢ ᠶᠢ ᠮᠠᠭᠠᠳᠯᠠᠬᠤ ᠬᠡᠷᠡᠭᠲᠡᠢ︔ | 2. ᠠᠪᠤᠷᠠᠬᠤ ᠶᠠᠪᠤᠴᠠ ᠳᠤ ᠬᠤᠷᠴᠠ ᠵᠡᠪᠰᠡᠭ ᠢᠶᠠᠷ ᠮᠠᠯᠲᠠᠵᠤ ᠪᠣᠯᠬᠤ ᠦᠭᠡᠶ᠃ ᠬᠡᠷᠪᠡ ᠰᠢᠷᠬ᠎ᠠ ᠭᠡᠳᠦ ᠬᠦᠨᠳᠦ ᠠᠴᠠ ᠪᠤᠯᠵᠤ ᠦᠪᠡᠷ ᠢᠶᠠᠨ ᠭᠠᠷᠴᠤ ᠢᠷᠡᠵᠦ | ᠲᠡᠶᠢᠯᠬᠦ ᠦᠭᠡᠢ ᠪᠤᠯ ᠶᠠᠭᠠᠷᠠᠵᠦ ᠪᠤᠯᠠᠬᠤ ᠦᠭᠡᠢ᠃ ᠰᠢᠷᠬᠠᠲᠠᠨ ᠢ ᠬᠠᠪᠰᠤᠷᠠᠨ ᠲᠣᠯᠣᠭᠠᠢ ᠶᠢ ᠨᠢ ᠭᠠᠷᠭᠠᠵᠤ᠂ ᠠᠮᠠᠨ ᠬᠥᠨᠳᠡᠢ ᠪᠣᠯᠣᠨ ᠬᠠᠮᠠᠷ ᠤᠨ ᠬᠥᠨᠳᠡᠢ ᠳᠠᠬᠢ | ᠬᠤᠭ ᠲᠣᠭᠤᠰᠣ ᠶᠢ ᠠᠷᠢᠯᠭᠠᠭᠰᠠᠨ ᠤ ᠲᠠᠷᠠᠭ᠎ᠠ ᠴᠡᠭᠡᠵᠢᠨ ᠤ ᠬᠡᠰᠡᠭ ᠢ ᠮᠠᠯᠳᠠᠨ ᠭᠠᠷᠭᠠᠨ᠎ᠠ᠃ | 3. ᠲᠦᠷ ᠴᠠᠭ ᠠᠪᠤᠷᠠᠵᠤ ᠭᠠᠷᠭᠠᠬᠤ ᠶᠢᠨ ᠠᠷᠭ᠎ᠠ ᠦᠭᠡᠢ ᠰᠢᠷᠬᠠᠲᠠᠨ ᠢ ᠠᠯᠢ ᠴᠢᠳᠠᠬᠤ ᠪᠠᠷ ᠲᠡᠭᠦᠨ ᠤ ᠣᠷᠣᠨ ᠵᠠᠶ ᠳᠤ ᠰᠠᠯᠬᠢ ᠨᠡᠪᠲᠡᠷᠡᠭᠦᠯᠵᠦ᠂ | ᠰᠢᠷᠬᠠᠲᠤᠭᠰᠠᠳ ᠲᠤ ᠢᠳᠡᠭᠡᠨ ᠬᠦᠷᠭᠡᠵᠦ᠂ ᠴᠠᠭ ᠲᠣᠬᠢᠶᠠᠯ ᠢ ᠦᠵᠡᠨ ᠳᠠᠬᠢᠨ ᠠᠪᠤᠷᠠᠨ᠎ᠠ᠃ | |