ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠢᠩᠬᠢᠮ ᠨᠠᠮ ᠤᠨ ᠤᠳᠤᠷᠢᠳᠬᠤ ᠳᠤᠭᠤᠶᠢᠯᠠᠩ ︵ᠥᠷᠭᠡᠳᠬᠡᠭᠰᠡᠨ︶ ᠤᠨ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2024/2/28
    2 ᠳ᠋ᠤᠭᠠᠷ ᠰᠠᠷ᠎ᠠ ᠶᠢᠨ 21 ᠤ ᠡᠳᠦᠷ᠂ ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠢᠩᠬᠢᠮ ᠨᠠᠮ ᠤᠨ ᠤᠳᠤᠷᠢᠳᠬᠤ ᠳᠤᠭᠤᠶᠢᠯᠠᠩ ︵ᠥᠷᠭᠡᠳᠬᠡᠭᠰᠡᠨ︶ ᠤᠨ ᠬᠤᠷᠠᠯ ᠬᠤᠷᠠᠯᠳᠤᠭᠤᠯᠵᠤ᠂ ᠶᠡᠷᠦᠩᠬᠡᠢ ᠱᠦᠵᠢ ᠰᠢ ᠶᠢᠨ ᠫᠢᠩ ᠤᠨ ᠣᠶᠢᠷ᠎ᠠ ᠶᠢᠨ ᠬᠤᠭᠤᠴᠠᠭᠠᠨ ᠤ ᠴᠢᠬᠤᠯᠠ ᠶᠠᠷᠢᠶ᠎ᠠ᠂ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ᠂ ᠲᠥᠪ ᠬᠤᠷᠢᠶ᠎ᠠ᠂ ᠥᠪᠡᠷᠲᠡᠭᠡᠨ ᠵᠠᠰᠠᠬᠤ ᠣᠷᠣᠨ ᠤ ᠬᠤᠯᠪᠣᠭᠳᠠᠯ ᠪᠦᠬᠦᠢ ᠬᠤᠷᠠᠯ ᠪᠠ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠶᠢ ᠤᠯᠠᠮᠵᠢᠯᠠᠨ ᠰᠤᠷᠤᠯᠴᠠᠵᠤ᠂ ᠲᠤᠤᠱᠯᠠᠭᠤᠯᠤᠨ ᠨᠠᠶᠢᠳᠠᠪᠤᠷᠢᠵᠢᠭᠤᠯᠬᠤ ᠠᠵᠢᠯ ᠢ ᠰᠤᠳᠤᠯᠪᠠ᠃ ᠲᠢᠩᠬᠢᠮ ᠤᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠲᠢᠩᠬᠢᠮ ᠤᠨ ᠳᠠᠷᠤᠭ᠎ᠠ ᠭᠦᠸᠧ ᠢᠦᠢ ᠹᠧᠩ ᠬᠤᠷᠠᠯ ᠡᠷᠭᠢᠯᠡᠪᠡ᠃
W020240222330726261612.jpg
    ᠬᠤᠷᠠᠯ ᠠᠴᠠ᠂ ᠳᠤᠮᠳᠠᠳᠤ ᠤᠯᠤᠰ ᠤᠨ ᠮᠠᠶ᠋ᠢᠭ  ᠤᠨ  ᠣᠳᠣᠬᠢᠴᠢᠯᠠᠯᠲᠠ ᠶᠢ ᠠᠬᠢᠭᠤᠯᠬᠤ ᠬᠠᠮᠤᠭ ᠤᠨ ᠶᠡᠭᠡ ᠤᠯᠤᠰ ᠲᠥᠷᠥ ᠲᠠᠢ ᠨᠢᠭᠲᠠ ᠤᠶᠠᠯᠳᠤᠭᠤᠯᠤᠨ᠂ ︽ᠬᠤᠶᠠᠷ ᠶᠡᠭᠡ ᠶᠠᠪᠤᠳᠠᠯ︾ ᠢ ᠰᠠᠶᠢᠲᠤᠷ ᠬᠢᠵᠦ᠂ ︽ᠰᠢᠨ᠎ᠡ ᠵᠠᠮ ᠨᠡᠭᠡᠭᠡᠵᠦ᠂ ᠳᠤᠮᠳᠠ ᠤᠷᠤᠰᠬᠠᠯ ᠳᠤ ᠣᠷᠣᠬᠤ︾ ᠬᠠᠷᠠᠯᠲᠠ ᠶᠢ ᠪᠡᠶᠡᠯᠡᠭᠦᠯᠵᠦ᠂ ︽ᠤᠯᠤᠰ ᠤᠨ ᠶᠡᠭᠡ ᠶᠠᠪᠤᠳᠠᠯ︾᠂ ︽ᠣᠷᠣᠨ ᠤ ᠴᠢᠬᠤᠯᠠ ᠶᠠᠪᠤᠳᠠᠯ︾ ᠪᠣᠯᠣᠨ ︽ᠲᠢᠩᠬᠢᠮ ᠤᠨ ᠭᠤᠣᠯᠳᠠᠯᠭ᠎ᠠ︾ ᠶᠢ ᠨᠡᠪᠲᠡᠷᠡᠭᠦᠯᠦᠨ᠂ ᠲᠥᠪ ᠤᠨ ᠪᠠ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠤ ᠰᠢᠢᠳᠪᠦᠷᠢᠲᠦ ᠪᠣᠳᠣᠯᠭ᠎ᠠ ᠪᠠᠶᠢᠷᠢᠯᠠᠭᠤᠯᠤᠯᠲᠠ  ᠶᠢ ᠪᠦᠬᠦ  ᠲᠠᠯ᠎ᠠ  ᠪᠠᠷ  ᠨᠠᠶᠢᠳᠠᠪᠦᠷᠢᠵᠢᠭᠤᠯᠵᠦ᠂ ᠥᠪᠡᠷᠲᠡᠭᠡᠨ ᠵᠠᠰᠠᠬᠤ ᠣᠷᠣᠨ ᠤ ︽ᠵᠠᠰᠠᠭ ᠤᠨ ᠣᠷᠳᠣᠨ ᠤ ᠠᠵᠢᠯ ᠤᠨ ᠢᠯᠡᠳᠬᠡᠯ︾  ᠤᠨ ᠡᠭᠦᠷᠭᠡ ᠶᠢᠨ ᠨᠠᠷᠢᠨ ᠳᠠᠩᠰᠠ ᠪᠠ ᠲᠢᠩᠬᠢᠮ ᠤᠨ 2024 ᠣᠨ ᠤ ᠠᠵᠢᠯ ᠤᠨ ᠭᠤᠣᠯᠳᠠᠯᠭ᠎ᠠ ᠶᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠤ᠂ ᠡᠭᠦᠷᠭᠡ ᠲᠠᠢ ᠬᠠᠷᠭᠤᠭᠤᠯᠵᠤ᠂ ᠨᠠᠷᠢᠨ ᠨᠢᠮᠪᠠᠢ ᠲᠣᠬᠢᠷᠠᠭᠤᠯᠵᠤ᠂ ᠠᠷᠭ᠎ᠠ ᠬᠡᠮᠵᠢᠶ᠎ᠡ ᠶᠢ ᠨᠠᠷᠢᠯᠢᠭᠵᠢᠭᠤᠯᠤᠨ᠂ ᠬᠠᠷᠢᠭᠤᠴᠠᠯᠭ᠎ᠠ ᠶᠢ ᠴᠢᠩᠭᠠᠳᠬᠠᠵᠤ᠂ ᠡᠯ᠎ᠡ ᠵᠦᠢᠯ ᠤᠨ ᠠᠵᠢᠯ ᠤᠨ ᠡᠭᠦᠷᠭᠡ ᠶᠢ ᠴᠢᠩᠭ᠎ᠠ ᠪᠣᠳᠠᠲᠠᠢ ᠠᠳᠬᠤᠵᠤ᠂ ᠤᠳᠤ ᠠᠴᠠ ᠡᠬᠢᠯᠡᠨ ᠪᠦᠬᠦ ᠬᠦᠴᠦᠨ ᠢᠶᠠᠷ ᠢᠶᠠᠨ ︽ᠡᠬᠢᠯᠡᠯᠲᠡ ᠪᠣᠯ ᠲᠠᠷᠤᠢ ᠰᠢᠢᠳᠪᠦᠷᠢᠲᠦ ᠪᠠᠶᠢᠯᠳᠤᠭᠠᠨ᠂ ᠡᠬᠢᠯᠡᠯᠲᠡ ᠪᠣᠯ ᠲᠠᠷᠤᠢ ᠰᠢᠪᠲᠤᠯᠤᠯᠲᠠ︾ ᠭᠡᠬᠦ ᠪᠠᠶᠢᠳᠠᠯ ᠢᠶᠠᠷ ᠶᠠᠭᠠᠷᠠᠯᠲᠠᠢ ᠠᠵᠢᠯᠯᠠᠨ ᠬᠥᠳᠡᠯᠦᠯᠴᠡᠵᠦ᠂ ᠪᠦᠬᠦ ᠬᠦᠴᠦᠨ ᠢᠶᠠᠷ ᠢᠶᠠᠨ ᠨᠠᠶᠢᠳᠠᠪᠤᠷᠢᠵᠢᠭᠤᠯᠤᠯᠲᠠ᠂ ᠠᠬᠢᠭᠤᠯᠤᠯᠳᠠ᠂ ᠰᠢᠪᠲᠤᠯᠤᠯᠲᠠ ᠶᠢ ᠠᠳᠬᠤᠵᠤ᠂ ᠨᠢᠭᠡᠳᠦᠭᠡᠷ ᠤᠯᠠᠷᠢᠯ ᠤᠨ ︽ᠰᠠᠶᠢᠨ ᠡᠬᠢᠯᠡᠯᠲᠡ︾ ᠶᠢ ᠪᠡᠶᠡᠯᠡᠭᠦᠯᠬᠦ ᠶᠢ ᠪᠠᠲᠤᠯᠠᠬᠤ ᠬᠡᠷᠡᠭᠲᠡᠢ ᠭᠡᠵᠤ ᠱᠠᠭᠠᠷᠳᠠᠪᠠ᠃    ᠬᠤᠷᠠᠯ  ᠠᠴᠠ᠂ ᠣᠷᠣᠨ  ᠰᠠᠭᠤᠴᠠ  ᠶᠢᠨ  ᠪᠦᠲᠦᠭᠡᠨ ᠪᠠᠶᠢᠭᠤᠯᠤᠯᠲᠠ ᠶᠢᠨ ᠬᠦᠷᠢᠶᠡᠨ ᠳᠠᠬᠢ ᠥᠭᠡᠷᠡᠴᠢᠯᠡᠯᠲᠡ ᠶᠢᠨ ᠡᠭᠦᠷᠭᠡ ᠶᠢ ᠠᠬᠢᠭᠤᠯᠬᠤ ᠪᠠ ᠨᠠᠶᠢᠳᠠᠪᠤᠷᠢᠵᠢᠭᠤᠯᠬᠤ ᠠᠵᠢᠯ ᠢ ᠪᠦᠬᠦ ᠬᠦᠴᠦᠨ ᠢᠶᠠᠷ ᠢᠶᠠᠨ ᠰᠠᠶᠢᠲᠤᠷ ᠠᠳᠬᠤᠵᠤ ᠥᠭᠡᠷᠡᠴᠢᠯᠡᠯᠲᠡ ᠶᠢᠨ ᠠᠷᠭ᠎ᠠ ᠪᠠᠷ ᠬᠥᠭᠵᠢᠯᠲᠡ ᠶᠢᠨ ᠳᠤᠮᠳᠠᠬᠢ ᠠᠰᠠᠭᠤᠳᠠᠯ ᠢ ᠰᠢᠢᠳᠪᠦᠷᠢᠯᠡᠵᠦ᠂ ᠳᠤᠯᠠᠭᠠᠨ ᠪ᠊ ᠢᠨᠵᠧᠨᠧᠷᠢᠩ᠂ ᠪᠠᠳᠤᠯᠭ᠎ᠠ ᠶᠢᠨ ᠴᠢᠨᠠᠷᠲᠠᠢ ᠣᠷᠣᠨ ᠰᠠᠭᠤᠴᠠ ᠶᠢᠨ ᠪᠦᠲᠦᠭᠡᠨ ᠪᠠᠶᠢᠭᠤᠯᠤᠯᠲᠠ᠂ ᠬᠤᠳᠠ ᠶᠢᠨ ᠳᠤᠮᠳᠠᠬᠢ ᠲᠣᠰᠬᠤᠨ ᠢ ᠰᠢᠨᠡᠴᠢᠯᠡᠬᠦ᠂ ᠪᠠᠷᠢᠯᠭ᠎ᠠ ᠶᠢᠨ ᠦᠢᠯᠡᠰ ᠢ ᠳᠠᠬᠢᠨ ᠢᠶᠠᠷ ᠨᠡᠮᠡᠭᠳᠡᠭᠦᠯᠬᠦ ᠠᠵᠢᠯᠯᠠᠭ᠎ᠠ᠂ ᠬᠤᠳᠠ ᠬᠥᠳᠡᠭᠡ   ᠶᠢᠨ ᠬᠥᠭᠵᠢᠯᠲᠡ  ᠶᠢᠨ ᠪᠣᠬᠢᠷᠲᠤᠯ ᠦᠭᠡᠢ ᠬᠡᠯᠪᠡᠷᠢ ᠬᠤᠪᠢᠷᠠᠭᠤᠯᠬᠤ ᠵᠡᠷᠭᠡ ᠭᠤᠣᠯᠳᠠᠯᠭ᠎ᠠ ᠲᠠᠢ ᠠᠵᠢᠯ ᠳᠤ ᠠᠰᠢᠭᠲᠠᠢ ᠥᠭᠡᠷᠡᠴᠢᠯᠡᠯᠲᠡ ᠶᠢᠨ ᠠᠷᠭ᠎ᠠ ᠬᠡᠮᠵᠢᠶ᠎ᠡ ᠶᠢ ᠦᠷᠭᠦᠯᠵᠢᠯᠡᠨ ᠰᠠᠶᠢᠲᠤᠷ ᠠᠳᠬᠤᠵᠤ᠂ ᠳᠣᠲᠣᠭᠠᠳᠤ ᠬᠡᠷᠡᠭᠴᠡᠭᠡ ᠶᠢ ᠥᠷᠭᠡᠳᠬᠡᠬᠦ᠂ ᠪᠦᠲᠦᠴᠡ ᠶᠢ ᠰᠢᠯᠢᠳᠡᠭᠵᠢᠭᠦᠯᠬᠦ᠂ ᠠᠷᠠᠳ ᠤᠨ ᠠᠮᠢᠳᠤᠷᠠᠯ ᠢ ᠪᠠᠲᠤᠯᠠᠬᠤ᠂ ᠠᠶᠤᠯ ᠲᠦᠭᠰᠢᠭᠦᠷᠢ ᠶᠢ ᠰᠡᠷᠭᠡᠶᠢᠯᠡᠬᠦ᠂ ᠵᠣᠷᠢᠭᠲᠠᠢ ᠪᠠᠷ ᠰᠢᠨ᠎ᠡ ᠶᠢ ᠡᠭᠦᠳᠬᠦ ᠳᠤ ᠬᠦᠴᠦ ᠲᠠᠯᠪᠢᠵᠤ᠂ ᠥᠪᠡᠷᠲᠡᠭᠡᠨ ᠵᠠᠰᠠᠬᠤ ᠣᠷᠣᠨ ᠤ ᠬᠥᠭᠵᠢᠯᠲᠡ ᠶᠢᠨ ᠶᠡᠭᠡ ᠲᠠᠯ᠎ᠠ ᠳᠤ ᠢᠯᠡᠭᠦᠬᠡᠨ ᠬᠤᠪᠢ ᠨᠡᠮᠡᠷᠢ ᠦᠵᠡᠭᠦᠯᠬᠦ ᠬᠡᠷᠡᠭᠲᠡᠢ᠃ ᠵᠠᠰᠠᠭ ᠤᠨ ᠶᠠᠪᠤᠳᠠᠯ ᠤᠨ ᠦᠨᠡᠨᠴᠢ ᠢᠲᠡᠭᠡᠮᠵᠢ ᠶᠢᠨ ᠪᠠᠶᠢᠭᠤᠯᠤᠯᠲᠠ ᠪᠠᠷ ᠡᠵᠡᠩᠨᠡᠯᠲᠡ ᠶᠢᠨ ᠣᠷᠴᠢᠨ ᠲᠣᠭᠤᠷᠢᠨ ᠤ ᠰᠠᠶᠢᠵᠢᠷᠠᠯᠲᠠ ᠶᠢ ᠠᠬᠢᠭᠤᠯᠵᠤ᠂ ᠢᠲᠡᠭᠡᠮᠵᠢ ᠪᠠᠷ ᠭᠤᠣᠯ ᠪᠣᠯᠭᠠᠭᠰᠠᠨ ᠡᠵᠡᠩᠨᠡᠯᠲᠡ ᠶᠢᠨ ᠣᠷᠴᠢᠨ ᠲᠣᠭᠤᠷᠢᠨ ᠢ ᠪᠦᠬᠦ ᠬᠦᠴᠦᠨ ᠢᠶᠠᠷ ᠢᠶᠠᠨ ᠪᠤᠢ ᠪᠣᠯᠭᠠᠵᠤ᠂ ᠢᠲᠡᠭᠡᠮᠵᠢ ᠪᠠᠷ ᠭᠤᠣᠯ ᠪᠣᠯᠭᠠᠭᠰᠠᠨ ᠬᠢᠨᠠᠯᠲᠠ ᠬᠠᠮᠢᠶᠠᠷᠤᠯᠲᠠ ᠶᠢᠨ ᠲᠣᠭᠲᠠᠴᠠ ᠶᠢ ᠢᠳᠡᠪᠬᠢᠲᠡᠢ ᠪᠠᠶᠢᠭᠤᠯᠵᠤ᠂ ᠠᠵᠤ ᠠᠬᠤᠶᠢᠯᠠᠯ ᠳᠤ ᠠᠰᠢᠭ ᠬᠦᠷᠲᠡᠭᠡᠬᠦ ᠠᠮᠠᠯᠠᠯᠲᠠ ᠶᠢ ᠪᠣᠳᠠᠲᠠᠢ ᠳᠤ ᠨᠠᠶᠢᠳᠠᠪᠤᠷᠢᠵᠢᠭᠤᠯᠵᠤ᠂ ᠲᠦᠷᠦ ᠶᠢᠨ ᠪᠣᠳᠣᠯᠭ᠎ᠠ ᠶᠢ ᠬᠡᠷᠡᠭᠵᠢᠭᠦᠯᠬᠦ ᠳᠤ ︽ᠬᠢᠮᠳᠠᠷᠠᠯ ᠦᠭᠡᠢ︾᠂ ︽ᠶᠠᠩᠵᠤ ᠶᠢ ᠨᠢ ᠬᠤᠪᠢᠷᠠᠭᠤᠯᠬᠤ ᠦᠭᠡᠢ︾ ᠪᠠᠶᠢᠬᠤ ᠶᠢ ᠪᠠᠲᠤᠯᠠᠵᠤ᠂ ᠬᠠᠤᠯᠢ ᠶᠣᠰᠣᠭᠠᠷ ᠵᠠᠰᠠᠭ ᠶᠠᠪᠤᠭᠤᠯᠬᠤ᠂ ᠢᠲᠡᠭᠡᠮᠵᠢ ᠲᠠᠢ ᠪᠠᠶᠢᠵᠤ ᠠᠮᠠᠯᠠᠯᠲᠠ ᠪᠠᠨ ᠪᠡᠶᠡᠯᠡᠭᠦᠯᠬᠦ ᠶᠢ ᠬᠡᠪ ᠤᠨ ᠪᠠᠶᠢᠳᠠᠯ ᠪᠣᠯᠭᠠᠬᠤ ᠬᠡᠷᠡᠭᠲᠡᠢ᠃ ᠡᠯ᠎ᠡ ᠵᠦᠢᠯ ᠤᠨ ᠠᠷᠠᠯᠵᠢᠶᠠᠴᠢᠨ ᠤᠷᠢᠬᠤ ᠲᠠᠪᠴᠠᠩ᠂ ᠵᠣᠯᠭᠠᠭᠤᠯᠬᠤ ᠲᠣᠭᠲᠠᠴᠠ᠂ ᠡᠬᠢ ᠪᠠᠶᠠᠯᠢᠭ ᠤᠨ ᠠᠷᠭ᠎ᠠ ᠵᠠᠮ ᠢ ᠠᠮᠢᠳᠤᠯᠢᠭᠵᠢᠭᠤᠯᠤᠨ ᠭᠦᠢᠴᠡᠳ ᠬᠡᠷᠡᠭᠯᠡᠵᠦ᠂ ᠳᠡᠭᠡᠳᠦ ᠱᠠᠲᠤᠨ ᠠᠴᠠ ᠪᠡᠯᠡ ᠮᠥᠩᠭᠦ ᠤᠯᠵᠦ ᠲᠦᠷᠦᠯ ᠵᠦᠢᠯ ᠲᠣᠭᠲᠠᠭᠠᠵᠤ᠂ ᠨᠡᠩ ᠤᠯᠠᠨ ᠤᠯᠤᠰ ᠤᠨ ᠴᠢᠬᠤᠯᠠ ᠶᠡᠭᠡ ᠲᠦᠷᠦᠯ ᠵᠦᠢᠯ ᠢ ᠮᠠᠨ ᠤ ᠣᠷᠣᠨ ᠳᠤ ᠪᠠᠶᠢᠷᠢᠯᠠᠭᠤᠯᠬᠤ ᠪᠠᠷ ᠴᠢᠷᠮᠠᠶᠢᠬᠤ ᠪᠠᠷ ᠪᠠᠷᠠᠬᠤ ᠦᠭᠡᠢ ᠪᠠᠰᠠ ᠳᠣᠣᠷᠠᠳᠤ ᠱᠠᠲᠤᠨ ᠳᠠᠭᠠᠨ ᠰᠠᠶᠢᠲᠤᠷ ᠦᠢᠯᠡᠴᠢᠯᠡᠵᠦ᠂ ᠬᠤᠳᠠᠯᠳᠤᠭ᠎ᠠ ᠡᠷᠬᠢᠯᠡᠬᠦ ᠣᠷᠴᠢᠨ ᠲᠣᠭᠤᠷᠢᠨ ᠢ ᠦᠷᠭᠦᠯᠵᠢᠯᠡᠨ ᠰᠢᠯᠢᠳᠡᠭᠵᠢᠭᠦᠯᠵᠦ᠂ ᠬᠢᠨᠠᠨ ᠵᠥᠪᠰᠢᠶᠡᠷᠡᠬᠦ ᠦᠷ᠎ᠡ ᠪᠦᠲᠦᠮᠵᠢ ᠶᠢ ᠳᠡᠭᠡᠭᠰᠢᠯᠡᠭᠦᠯᠵᠦ᠂ ᠨᠡᠩ ᠤᠯᠠᠨ ᠠᠷᠠᠳ ᠤᠨ ᠪᠡᠯᠡ ᠮᠥᠩᠭᠦ᠂ ᠲᠥᠪ ᠤᠨ ᠪᠡᠯᠡ ᠮᠥᠩᠭᠦ᠂ ᠭᠠᠳᠠᠭᠠᠳᠤ ᠪᠡᠯᠡ ᠶᠢ ᠦᠪᠦᠷ ᠮᠣᠩᠭᠤᠯ ᠳᠤ ᠣᠷᠣᠭᠤᠯᠬᠤ ᠶᠢ ᠠᠬᠢᠭᠤᠯᠵᠤ᠂ ᠪᠦᠬᠦ ᠣᠷᠣᠨ ᠤ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠬᠡᠷᠡᠭᠲᠡᠢ ᠭᠡᠵᠦ ᠴᠢᠬᠤᠯᠠᠴᠢᠯᠠᠪᠠ᠃     ᠬᠤᠷᠠᠯ ᠠᠴᠠ᠂ ᠭᠤᠣᠯ ᠰᠡᠳᠦᠪᠲᠦ ᠰᠤᠷᠭᠠᠨ ᠬᠥᠮᠦᠵᠢᠯ ᠤᠨ ᠦᠷ᠎ᠡ ᠪᠦᠲᠦᠭᠡᠯ ᠦᠷ᠎ᠡ ᠪᠦᠲᠦᠮᠵᠢ ᠶᠢ ᠪᠦᠬᠦ ᠲᠠᠯ᠎ᠠ ᠪᠠᠷ ᠳ᠋ᠦᠩᠨᠡᠨ ᠡᠮᠬᠢᠯᠡᠵᠦ᠂ ︽ᠳᠠᠷᠠᠭᠠᠴᠢ ᠶᠢᠨ ᠠᠵᠢᠯ︾ ᠢ ᠭᠦᠨᠵᠡᠭᠡᠢ ᠪᠣᠳᠠᠲᠠᠢ ᠬᠢᠵᠦ ᠪᠠᠲᠤᠳᠬᠠᠨ ᠥᠷᠭᠡᠳᠬᠡᠵᠦ᠂ ᠪᠦᠲᠦᠮᠵᠢᠲᠡᠢ ᠠᠷᠭ᠎ᠠ ᠬᠢᠳᠡᠯ ᠢ ᠳᠦᠷᠢᠮᠵᠢᠭᠦᠯᠵᠦ᠂ ᠠᠮᠵᠢᠯᠲᠠ ᠲᠠᠢ ᠲᠤᠷᠰᠢᠯᠭ᠎ᠠ ᠶᠢ ᠤᠷᠳᠤ ᠬᠤᠭᠤᠴᠠᠭ᠎ᠠ ᠪᠠᠷ ᠪᠦᠲᠦᠮᠵᠢᠲᠡᠢ ᠪᠣᠯᠭᠠᠵᠤ᠂ ᠣᠷᠣᠨ ᠰᠠᠭᠤᠴᠠ ᠶᠢᠨ ᠪᠦᠲᠦᠭᠡᠨ ᠪᠠᠶᠢᠭᠤᠯᠤᠯᠲᠠ ᠶᠢᠨ ᠦᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠳᠤ ᠬᠦᠴᠦᠷᠬᠡᠭ ᠶᠡᠭᠡ ᠬᠦᠴᠦᠨ ᠴᠢᠳᠠᠯ ᠢ ᠬᠤᠷᠠᠮᠳᠤᠭᠤᠯᠬᠤ ᠬᠡᠷᠡᠭᠲᠡᠢ᠃ ᠤᠨᠤᠯ ᠢᠶᠠᠷ ᠵᠡᠪᠰᠡᠭᠯᠡᠬᠦ ᠲᠠᠯ᠎ᠠ ᠪᠠᠷ ᠦᠷᠭᠦᠯᠵᠢᠯᠡᠨ ᠬᠦᠴᠦᠯᠡᠵᠦ᠂ ︽ᠦᠵᠡᠯ ᠰᠠᠨᠠᠭ᠎ᠠ ᠰᠤᠷᠤᠯᠴᠠᠬᠤ︾ ᠶᠢ ᠠᠩᠬᠠᠨ ᠤ ᠰᠤᠷᠬᠤ ᠬᠢᠴᠢᠶᠡᠯ᠂ ᠵᠠᠪᠠᠯ ᠰᠤᠷᠬᠤ ᠬᠢᠴᠢᠶᠡᠯ᠂ ᠨᠠᠰᠤᠨ ᠲᠤᠷᠰᠢᠲᠠ ᠶᠢᠨ ᠬᠢᠴᠢᠶᠡᠯ ᠪᠣᠯᠭᠠᠵᠤ᠂ ᠨᠢᠭᠡᠳᠦᠭᠡᠷ ᠵᠥᠪᠯᠡᠬᠦ ᠰᠡᠳᠦᠪ ᠤᠨ ᠳᠦᠷᠢᠮ ᠢ ᠨᠠᠶᠢᠳᠠᠪᠤᠷᠢᠵᠢᠭᠤᠯᠵᠤ᠂ ᠭᠦᠨᠵᠡᠭᠡᠢ ᠰᠤᠷᠴᠤ᠂ ᠰᠢᠨ᠎ᠡ ᠶᠢ ᠰᠤᠷᠴᠤ᠂ ᠪᠣᠳᠠᠲᠠᠢ ᠶᠢ ᠰᠤᠷᠴᠤ᠂ ᠨᠠᠮ ᠤᠨ ᠰᠢᠨᠵᠢᠯᠡᠬᠦ ᠤᠬᠠᠭᠠᠨᠴᠢ ᠤᠨᠤᠯ ᠠᠴᠠ ᠵᠢᠮ᠎ᠡ ᠶᠣᠰᠣ ᠶᠢ ᠳᠠᠰᠤᠷᠠᠯᠳᠠ ᠦᠭᠡᠢ ᠣᠶᠢᠯᠠᠭᠠᠵᠤ᠂ ᠴᠢᠭᠯᠡᠯ ᠢ ᠲᠣᠳᠣᠷᠬᠠᠶᠢᠯᠠᠵᠤ᠂ ᠠᠷᠭ᠎ᠠ ᠶᠢ ᠰᠤᠷᠴᠤ᠂ ᠤᠶᠤᠨ ᠤᠬᠠᠭᠠᠨ ᠢ ᠨᠡᠮᠡᠭᠳᠡᠭᠦᠯᠬᠦ ᠬᠡᠷᠡᠭᠲᠡᠢ᠃ ︽ᠨᠠᠮ ᠤᠨ ᠲᠡᠦᠬᠡ ᠶᠢ ᠰᠤᠷᠤᠯᠴᠠᠬᠤ︾ ᠪᠠ ︽ᠦᠵᠡᠯ ᠰᠠᠨᠠᠭ᠎ᠠ ᠶᠢ ᠣᠶᠢᠯᠠᠭᠠᠬᠤ︾ ᠶᠢ ᠨᠢᠭᠲᠠ ᠤᠶᠠᠯᠳᠤᠭᠤᠯᠵᠤ᠂ ︽ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ ᠤᠨ ᠠᠵᠢᠯ ᠤᠨ ᠳᠦᠷᠢᠮ︾ ᠢ ᠰᠠᠶᠢᠲᠤᠷ ᠨᠠᠶᠢᠳᠠᠪᠤᠷᠢᠵᠢᠭᠤᠯᠵᠤ᠂ ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ ᠢ ᠪᠠᠶᠢᠩᠭᠤᠵᠢᠭᠤᠯᠬᠤ ᠤᠷᠳᠤ ᠬᠤᠭᠤᠴᠠᠭᠠᠨ ᠤ ᠪᠦᠲᠦᠮᠵᠢᠲᠡᠢ ᠪᠣᠯᠭᠠᠬᠤ ᠶᠢ ᠠᠬᠢᠭᠤᠯᠵᠤ᠂ ᠨᠠᠮ ᠤᠨ ᠲᠡᠦᠬᠡ ᠠᠴᠠ ᠤᠶᠤᠨ ᠤᠬᠠᠭᠠᠨ ᠪᠠ ᠬᠦᠴᠦᠨ ᠴᠢᠳᠠᠯ ᠢ ᠦᠷᠭᠦᠯᠵᠢᠯᠡᠨ ᠰᠢᠩᠭᠡᠬᠡᠨ ᠠᠪᠴᠤ᠂ ᠠᠭᠤᠤ ᠶᠡᠭᠡ ᠨᠠᠮ ᠪᠠᠶᠢᠭᠤᠯᠬᠤ ᠵᠣᠷᠢᠭ ᠰᠠᠨᠠᠭ᠎ᠠ ᠶᠢ ᠪᠠᠳᠠᠷᠠᠭᠤᠯᠵᠤ᠂ ᠬᠤᠪᠢᠰᠬᠠᠯ ᠤᠨ ᠭᠧᠨ ᠢ ᠤᠯᠠᠮᠵᠢᠯᠠᠵᠤ᠂ ᠬᠤᠪᠢᠰᠬᠠᠯ ᠤᠨ ᠴᠢᠰᠤᠨ ᠰᠤᠳᠠᠰᠤ ᠶᠢ ᠦᠷᠭᠦᠯᠵᠢᠯᠡᠭᠦᠯᠬᠦ ᠬᠡᠷᠡᠭᠲᠡᠢ᠃ ᠠᠰᠠᠭᠤᠳᠠᠯ ᠢ ᠰᠢᠢᠳᠪᠦᠷᠢᠯᠡᠬᠦ ᠲᠠᠯ᠎ᠠ ᠪᠠᠷ ᠦᠷᠭᠦᠯᠵᠢᠯᠡᠨ ᠬᠦᠴᠦᠯᠡᠵᠦ᠂ ︽ᠳᠥᠷᠪᠡ ᠶᠢ ᠦᠨᠳᠦᠰᠦᠨ ᠱᠠᠲᠤᠨ ᠳᠤ ᠪᠠᠭᠤᠯᠭᠠᠬᠤ︾ ᠳᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠪᠠᠶᠢᠴᠠᠭᠠᠨ ᠰᠤᠳᠤᠯᠤᠯᠲᠠ ᠬᠢᠬᠦ ᠰᠤᠷᠲᠠᠯ ᠢ ᠶᠡᠬᠡᠪᠡᠷ ᠪᠠᠳᠠᠷᠠᠭᠤᠯᠵᠤ᠂ ᠲᠣᠪᠣᠶᠢᠮ᠎ᠠ ᠠᠰᠠᠭᠤᠳᠠᠯ ᠢ ᠴᠡᠭᠴᠡᠯᠡᠨ ᠵᠠᠰᠠᠬᠤ ᠠᠵᠢᠯ ᠢ ᠪᠠᠶᠢᠩᠭᠤᠵᠢᠭᠤᠯᠤᠨ ᠰᠠᠶᠢᠲᠤᠷ ᠠᠳᠬᠤᠵᠤ᠂ ᠤᠯᠠᠨ ᠲᠦᠮᠡᠨ ᠤ ᠪᠠᠴᠢᠮ ᠲᠤᠯᠭᠠᠮ᠎ᠠ ᠬᠦᠴᠢᠷ ᠵᠣᠪᠠᠭᠤᠷᠢ ᠲᠠᠢ ᠪᠠᠶᠢᠬᠤ ᠠᠰᠠᠭᠤᠳᠠᠯ ᠢ ᠦᠨᠡᠨ ᠰᠡᠳᠬᠢᠯ ᠠᠴᠠ ᠪᠠᠨ ᠰᠠᠶᠢᠲᠤᠷ ᠰᠢᠢᠳᠪᠦᠷᠢᠯᠡᠬᠦ ᠬᠡᠷᠡᠭᠲᠡᠢ᠃ ᠰᠤᠷᠲᠠᠯ ᠢ ᠰᠠᠶᠢᠵᠢᠷᠠᠭᠤᠯᠬᠤ ᠲᠠᠯ᠎ᠠ ᠪᠠᠷ ᠦᠷᠭᠦᠯᠵᠢᠯᠡᠨ ᠬᠦᠴᠦᠯᠡᠵᠦ᠂ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭᠠᠨ ᠤ ᠬᠠᠰᠢᠯᠭ᠎ᠠ ᠶᠢ ᠦᠷᠭᠦᠯᠵᠢᠯᠡᠨ ᠪᠠᠬᠢᠵᠢᠭᠦᠯᠵᠦ ᠨᠠᠶᠢᠳᠠᠪᠤᠷᠢᠵᠢᠭᠤᠯᠵᠤ᠂ ︽ᠲᠦᠷᠪᠡᠨ ᠰᠤᠷᠲᠠᠯ ︾ ᠤᠨ ᠭᠡᠮ ᠠᠷᠬᠠᠭ ᠢ ᠪᠠᠶᠢᠩᠭᠤ ᠪᠥᠭᠡᠳ ᠤᠷᠳᠤ ᠬᠤᠭᠤᠴᠠᠭ᠎ᠠ ᠪᠠᠷ ᠵᠠᠰᠠᠨ ᠵᠠᠯᠠᠷᠠᠭᠤᠯᠵᠤ᠂ ᠬᠡᠯᠪᠡᠷᠢᠴᠢ ᠦᠵᠡᠯ ᠢ ᠴᠡᠭᠴᠡᠯᠡᠨ ᠵᠠᠰᠠᠬᠤ ᠪᠠᠷ ᠦᠨᠳᠦᠰᠦᠨ ᠱᠠᠲᠤᠨ ᠤ ᠳᠠᠷᠤᠭᠠᠰᠤ ᠶᠢ ᠬᠥᠩᠭᠡᠷᠡᠭᠦᠯᠬᠦ ᠠᠵᠢᠯ ᠢ ᠰᠠᠶᠢᠲᠤᠷ ᠠᠳᠬᠤᠵᠤ᠂ ᠰᠤᠷᠲᠠᠯ ᠢ ᠬᠤᠪᠢᠷᠠᠭᠤᠯᠬᠤ ᠪᠠᠷ ᠠᠵᠢᠯ ᠤᠨ ᠨᠠᠶᠢᠳᠠᠪᠤᠷᠢᠵᠢᠭᠤᠯᠤᠯᠲᠠ᠂ ᠦᠷ᠎ᠡ ᠪᠦᠲᠦᠮᠵᠢ ᠶᠢᠨ ᠳᠡᠭᠡᠭᠰᠢᠯᠡᠯᠲᠡ ᠶᠢ ᠠᠬᠢᠭᠤᠯᠬᠤ ᠬᠡᠷᠡᠭᠲᠡᠢ᠃ ᠰᠤᠷᠤᠯᠴᠠᠬᠤ ᠪᠠᠷ ᠠᠵᠢᠯᠯᠠᠬᠤ ᠶᠢ ᠠᠬᠢᠭᠤᠯᠬᠤ ᠲᠠᠯ᠎ᠠ ᠪᠠᠷ ᠦᠷᠭᠦᠯᠵᠢᠯᠡᠨ ᠬᠦᠴᠦᠯᠡᠵᠦ᠂ ᠪᠣᠳᠠᠲᠠᠢ ᠠᠵᠢᠯᠯᠠᠬᠤ ᠶᠢ ᠴᠢᠬᠤᠯᠠᠴᠢᠯᠠᠬᠤ᠂ ᠪᠣᠳᠠᠲᠠᠢ ᠠᠵᠢᠯ ᠬᠢᠬᠦ᠂ ᠪᠣᠳᠠᠲᠤ ᠦᠷ᠎ᠡ ᠪᠦᠲᠦᠮᠵᠢ ᠶᠢ ᠡᠷᠬᠢᠮᠯᠡᠬᠦ ᠠᠵᠢᠯ ᠤᠨ ᠤᠳᠤᠷᠢᠳᠤᠮᠵᠢ ᠶᠢ ᠪᠠᠲᠤ ᠪᠤᠢ ᠪᠣᠯᠭᠠᠵᠤ᠂ ᠲᠢᠩᠬᠢᠮ ᠤᠨ ᠰᠢᠰᠲ᠋ᠧᠮ ᠤᠨ ᠡᠯ᠎ᠡ ᠱᠠᠲᠤᠨ ᠤ ᠺᠠᠳ᠋ᠷᠴᠤᠳ ᠤᠨ ᠠᠵᠢᠯᠴᠢ ᠬᠢᠴᠢᠶᠡᠩᠭᠦᠢ ᠪᠠᠷ ᠵᠠᠰᠠᠭ ᠪᠠᠷᠢᠵᠤ ᠪᠣᠳᠠᠲᠠᠢ ᠶᠢ ᠡᠷᠬᠢᠮᠯᠡᠨ ᠬᠠᠷᠢᠭᠤᠴᠠᠯᠭ᠎ᠠ ᠡᠭᠦᠷᠭᠡᠯᠡᠬᠦ ᠶᠢ ᠵᠣᠷᠢᠭᠵᠢᠭᠤᠯᠵᠤ᠂ ᠭᠤᠣᠯ ᠰᠡᠳᠦᠪᠲᠦ ᠬᠥᠮᠦᠵᠢᠯ ᠤᠨ ᠦᠷ᠎ᠡ ᠪᠦᠲᠦᠭᠡᠯ ᠢ ᠦᠨᠡᠨᠬᠦ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠪᠣᠳᠠᠲᠤ ᠦᠷ᠎ᠡ ᠪᠦᠲᠦᠮᠵᠢ ᠪᠣᠯᠭᠠᠨ ᠬᠤᠪᠢᠷᠠᠭᠤᠯᠬᠤ ᠬᠡᠷᠡᠭᠲᠡᠢ ᠭᠡᠵᠦ ᠱᠠᠭᠠᠷᠳᠠᠪᠠ᠃
W020240222330726439561.jpg
    ᠬᠤᠷᠠᠯ ᠠᠴᠠ᠂ ᠴᠢᠩᠭ᠎ᠠ ᠪᠠᠶᠢᠬᠤ ᠦᠨᠳᠦᠰᠦᠨ ᠬᠦᠭ ᠠᠶᠠᠰ ᠢ ᠤᠷᠳᠤ ᠬᠤᠭᠤᠴᠠᠭ᠎ᠠ ᠪᠠᠷ ᠪᠠᠷᠢᠮᠲᠠᠯᠠᠵᠤ᠂ ᠤᠷᠳᠤ ᠬᠤᠭᠤᠴᠠᠭ᠎ᠠ ᠪᠠᠷ ᠬᠠᠮᠢᠶᠠᠷᠴᠤ ᠤᠷᠳᠤ ᠬᠤᠭᠤᠴᠠᠭ᠎ᠠ ᠪᠠᠷ ᠴᠢᠩᠭ᠎ᠠ ᠪᠠᠶᠢᠯᠭᠠᠬᠤ᠂ ᠪᠠᠶᠢᠩᠭᠤ ᠶᠢᠨ ᠪᠠ ᠤᠷᠳᠤ ᠬᠤᠭᠤᠴᠠᠭ᠎ᠠ ᠪᠠᠷ ᠪᠦᠲᠦᠮᠵᠢᠲᠡᠢ ᠪᠠᠶᠢᠯᠭᠠᠬᠤ ᠶᠢ ᠪᠡᠶᠡᠯᠡᠭᠦᠯᠵᠦ᠂ ᠠᠷᠢᠭᠤᠨ ᠴᠢᠬᠡᠴᠢ ᠶᠢᠨ ᠪᠠᠶᠢᠭᠤᠯᠤᠯᠲᠠ ᠪᠣᠯᠣᠨ ᠣᠷᠣᠨ ᠰᠠᠭᠤᠴᠠ ᠶᠢᠨ ᠪᠦᠲᠦᠭᠡᠨ ᠪᠠᠶᠢᠭᠤᠯᠤᠯᠲᠠ ᠶᠢᠨ ᠬᠦᠷᠢᠶᠡᠨ ᠤ ᠣᠨᠴᠠᠯᠢᠭ ᠢ ᠭᠦᠨᠵᠡᠭᠡᠢ ᠠᠭᠤᠰᠤᠯᠴᠠᠭᠤᠯᠵᠤ᠂ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠶᠢ ᠦᠷᠭᠦᠯᠵᠢᠯᠡᠨ ᠭᠦᠨᠵᠡᠭᠡᠶᠢᠷᠡᠭᠦᠯᠦᠨ ᠬᠥᠭᠵᠢᠭᠦᠯᠬᠦ ᠶᠢ ᠠᠬᠢᠭᠤᠯᠬᠤ ᠬᠡᠷᠡᠭᠲᠡᠢ᠃ ᠠᠷᠢᠭᠤᠨ ᠴᠢᠬᠡᠴᠢ ᠪᠠᠷ ᠵᠠᠰᠠᠭ ᠪᠠᠷᠢᠬᠤ ᠠᠶᠤᠯ ᠲᠦᠭᠰᠢᠭᠦᠷᠢ ᠶᠢ ᠬᠥᠳᠡᠯᠦᠩᠭᠦᠢ ᠪᠠᠷ ᠬᠠᠮᠢᠶᠠᠷᠤᠨ ᠡᠵᠡᠮᠳᠡᠬᠦ ᠶᠢ ᠴᠢᠩᠭᠠᠳᠬᠠᠵᠤ᠂ ᠡᠷᠬᠡ ᠶᠢᠨ ᠠᠵᠢᠯᠯᠠᠭᠠᠨ ᠤ ᠲᠣᠭᠲᠠᠴᠠ ᠶᠢ ᠪᠦᠷᠢᠨᠰᠢᠭᠦᠯᠦᠨ᠂ ᠡᠳ᠋ ᠤᠨ ᠵᠠᠰᠠᠭ ᠤᠨ ᠪᠡᠯᠡ ᠮᠥᠩᠭᠦ ᠶᠢ ᠰᠠᠶᠢᠲᠤᠷ ᠬᠠᠮᠢᠶᠠᠷᠤᠨ ᠰᠠᠶᠢᠲᠤᠷ ᠬᠡᠷᠡᠭᠯᠡᠵᠦ᠂ ᠠᠷᠠᠳ ᠤᠨ ᠠᠮᠢᠳᠤᠷᠠᠯ ᠤᠨ ᠵᠦᠢᠯᠡᠰ ᠲᠤ ᠠᠩᠬᠠᠷᠤᠯ ᠢᠶᠠᠨ ᠲᠥᠪᠯᠡᠷᠡᠭᠦᠯᠦᠨ᠂ ︽ᠵᠣᠭᠤᠰ ᠢ ᠵᠠᠩᠭᠢᠯᠠᠭ᠎ᠠ ᠶᠢᠨ ᠭᠠᠵᠠᠷ ᠲᠤᠨᠢ ᠬᠡᠷᠡᠭᠯᠡᠵᠦ︾᠂ ᠪᠡᠯᠡ ᠮᠥᠩᠭᠦ ᠶᠢᠨ ᠪᠦᠬᠦ ᠶᠠᠪᠤᠴᠠ ᠳᠤ ᠬᠢᠨᠠᠯᠲᠠ ᠲᠠᠯᠪᠢᠵᠤ ᠦᠷ᠎ᠡ ᠪᠦᠲᠦᠮᠵᠢ ᠶᠢ ᠠᠰᠠᠭᠤᠬᠤ ᠶᠢ ᠴᠢᠩᠭᠠᠳᠬᠠᠵᠤ᠂ ᠰᠠᠶᠢᠨ ᠶᠠᠪᠤᠳᠠᠯ ᠢ ᠪᠣᠳᠠᠲᠠᠶᠢᠵᠢᠭᠤᠯᠵᠤ᠂ ᠪᠣᠳᠠᠲᠤ ᠶᠠᠪᠤᠳᠠᠯ ᠢ ᠰᠠᠶᠢᠲᠤᠷ ᠬᠢᠬᠦ ᠬᠡᠷᠡᠭᠲᠡᠢ᠃ ᠵᠠᠰᠠᠭ ᠢ ᠴᠣᠮᠬᠠᠳᠬᠠᠨ ᠡᠷᠬᠡ ᠶᠢ ᠳᠣᠷᠣᠭᠰᠢ ᠪᠠᠭᠤᠯᠭᠠᠬᠤ ᠶᠢ ᠭᠦᠨᠵᠡᠭᠡᠢ ᠠᠬᠢᠭᠤᠯᠵᠤ᠂ ᠡᠷᠬᠡ ᠬᠠᠷᠢᠭᠤᠴᠠᠯᠭ᠎ᠠ ᠶᠢᠨ ᠨᠠᠷᠢᠨ ᠳᠠᠩᠰᠠ ᠶᠢᠨ ᠳᠦᠷᠢᠮ ᠤᠨ ᠪᠠᠶᠢᠭᠤᠯᠤᠯᠲᠠ ᠶᠢ ᠦᠷᠭᠦᠯᠵᠢᠯᠡᠨ ᠴᠢᠩᠭᠠᠳᠬᠠᠵᠤ᠂ ᠡᠭᠦᠷᠭᠡ ᠬᠠᠷᠢᠭᠤᠴᠠᠯᠭ᠎ᠠ ᠶᠢᠨ ᠵᠠᠭᠠᠭ ᠬᠢᠵᠠᠭᠠᠷ ᠢ ᠲᠣᠳᠣᠷᠬᠠᠶᠢᠯᠠᠵᠤ᠂ ᠡᠷᠬᠡ ᠶᠢᠨ ᠠᠵᠢᠯᠯᠠᠭᠠᠨ ᠢ ᠵᠢᠷᠤᠮᠵᠢᠭᠤᠯᠵᠤ᠂ ᠡᠷᠬᠡ ᠶᠢ ︽ᠴᠥᠭᠡᠳᠬᠡᠬᠦ︾ ︽ᠣᠨᠢᠰᠤᠯᠠᠬᠤ︾᠂ ︽ᠪᠠᠭᠤᠯᠭᠠᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠴᠢᠨᠠᠭᠰᠢᠳᠠ ᠭᠦᠨᠵᠡᠭᠡᠶᠢᠷᠡᠭᠦᠯᠵᠦ᠂ ᠬᠢᠨᠠᠨ ᠵᠥᠪᠰᠢᠶᠡᠷᠡᠬᠦ ᠵᠦᠢᠯᠡᠰ ᠪᠠ ᠭᠤᠭᠴᠤᠭ᠎ᠠ ᠶᠢ ᠴᠣᠮᠬᠠᠳᠬᠠᠵᠤ᠂ ︽ᠨᠠᠷᠢᠨ ᠳᠠᠩᠰᠠ ᠠᠴᠠ ᠭᠠᠳᠠᠨ᠎ᠠ ᠡᠷᠬᠡ ᠪᠠᠶᠢᠬᠤ ᠦᠭᠡᠢ᠂ ᠲᠠᠪᠴᠠᠩ ᠠᠴᠠ ᠭᠠᠳᠠᠨ᠎ᠠ ᠡᠷᠬᠡ ᠪᠠᠶᠢᠬᠤ ᠦᠭᠡᠢ︾ ᠪᠠᠶᠢᠬᠤ ᠶᠢ ᠪᠡᠶᠡᠯᠡᠭᠦᠯᠬᠦ ᠬᠡᠷᠡᠭᠲᠡᠢ᠃ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠭᠤᠣᠯ ᠴᠣᠭᠴᠠ ᠶᠢᠨ ᠬᠠᠷᠢᠭᠤᠴᠠᠯᠭ᠎ᠠ ᠶᠢ ᠪᠠᠲᠤ ᠡᠭᠦᠷᠭᠡᠯᠡᠵᠦ᠂ ᠰᠠᠬᠢᠯᠭ᠎ᠠ ᠪᠠᠲᠤ ᠶᠢᠨ ᠬᠥᠮᠦᠵᠢᠯ ᠢ ᠪᠠᠶᠢᠩᠭᠤᠵᠢᠭᠤᠯᠤᠨ ᠰᠠᠶᠢᠲᠤᠷ ᠠᠳᠬᠤᠵᠤ᠂ ᠰᠠᠬᠢᠯᠭ᠎ᠠ ᠪᠠᠲᠤ ᠶᠢᠨ ᠬᠡᠷᠡᠭᠵᠢᠭᠦᠯᠦᠯᠲᠡ ᠶᠢ ᠤᠨᠢᠨ ᠳᠡᠭᠡᠷ᠎ᠡ ᠨᠢ ᠰᠠᠶᠢᠲᠤᠷ ᠠᠳᠬᠤᠵᠤ᠂ ᠵᠠᠩᠭᠢᠯᠠᠭ᠎ᠠ ᠶᠢᠨ ᠬᠥᠮᠥᠨ ᠢ ᠰᠠᠶᠢᠲᠤᠷ ᠬᠠᠮᠢᠶᠠᠷᠬᠤ᠂ ᠵᠠᠩᠭᠢᠯᠠᠭ᠎ᠠ  ᠶᠢᠨ ᠭᠠᠵᠠᠷ ᠲᠤ ᠬᠠᠮᠢᠶᠠᠷᠬᠤ᠂ ᠵᠠᠩᠭᠢᠯᠠᠭ᠎ᠠ ᠶᠢᠨ ᠶᠠᠪᠤᠳᠠᠯ ᠢ ᠰᠠᠶᠢᠲᠤᠷ ᠬᠠᠮᠢᠶᠠᠷᠬᠤ᠂ ᠵᠠᠩᠭᠢᠯᠠᠭ᠎ᠠ ᠶᠢᠨ ᠴᠠᠭ ᠲᠤ ᠬᠠᠮᠢᠶᠠᠷᠬᠤ ᠶᠢ ᠦᠨᠡᠨᠬᠦ ᠪᠡᠶᠡᠯᠡᠭᠦᠯᠬᠦ ᠬᠡᠷᠡᠭᠲᠡᠢ ᠭᠡᠵᠦ ᠱᠠᠭᠠᠷᠳᠠᠪᠠ᠃    ᠬᠤᠷᠠᠯ   ᠠᠴᠠ᠂ ᠰᠢᠨ᠎ᠡ ᠴᠠᠭ ᠦᠶ᠎ᠡ  ᠶᠢᠨ ᠨᠠᠮ  ᠤᠨ ᠪᠠᠶᠢᠭᠤᠯᠤᠯᠲᠠ  ᠶᠢᠨ ᠶᠡᠷᠦᠩᠬᠡᠢ ᠱᠠᠭᠠᠷᠳᠠᠯᠭ᠎ᠠ ᠪᠣᠯᠣᠨ ᠨᠠᠮ ᠤᠨ ᠵᠣᠬᠢᠶᠠᠨ ᠪᠠᠶᠢᠭᠤᠯᠤᠯᠲᠠ ᠶᠢᠨ ᠱᠤᠭᠤᠮ ᠢ ᠪᠦᠬᠦ ᠲᠠᠯ᠎ᠠ ᠪᠠᠷ ᠦᠢᠯᠡᠳᠦᠯᠭᠡᠵᠢᠭᠦᠯᠵᠦ᠂ ᠮᠡᠷᠭᠡᠳ ᠢ ᠰᠣᠩᠭᠤᠵᠤ ᠴᠢᠳᠠᠪᠤᠷᠢᠲᠠᠨ ᠢ ᠬᠡᠷᠡᠭᠯᠡᠬᠦ᠂ ᠰᠠᠭᠤᠷᠢ ᠶᠢ ᠪᠠᠲᠤᠳᠬᠠᠨ ᠦᠨᠳᠦᠰᠦ ᠶᠢ ᠪᠠᠬᠢᠵᠢᠭᠦᠯᠬᠦ᠂ ᠴᠢᠳᠠᠪᠤᠷᠢᠲᠠᠨ ᠢ ᠬᠥᠮᠥᠵᠢᠭᠦᠯᠵᠦ ᠴᠢᠳᠠᠪᠤᠷᠢᠲᠠᠨ ᠢ ᠬᠤᠷᠠᠮᠳᠤᠭᠤᠯᠬᠤ ᠵᠡᠷᠭᠡ ᠡᠯ᠎ᠡ ᠵᠦᠢᠯ ᠤᠨ ᠠᠵᠢᠯ ᠢ ᠨᠢᠭᠡᠳᠦᠯᠲᠡᠢ ᠲᠥᠯᠥᠪᠵᠢᠭᠦᠯᠦᠨ ᠰᠠᠶᠢᠲᠤᠷ ᠠᠳᠬᠤᠵᠤ᠂ ᠣᠷᠣᠨ ᠰᠠᠭᠤᠴᠠ ᠶᠢᠨ ᠪᠦᠲᠦᠭᠡᠨ ᠪᠠᠶᠢᠭᠤᠯᠤᠯᠲᠠ ᠶᠢᠨ ᠦᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠳᠤ ᠪᠠᠲᠤ ᠴᠢᠩᠭ᠎ᠠ ᠪᠠᠲᠤᠯᠠᠭ᠎ᠠ ᠬᠠᠩᠭᠠᠬᠤ ᠬᠡᠷᠡᠭᠲᠡᠢ᠃ ᠵᠣᠬᠢᠶᠠᠨ ᠪᠠᠶᠢᠭᠤᠯᠤᠯᠲᠠ ᠶᠢᠨ ᠳᠠᠪᠠᠭᠤᠯᠢᠭ ᠢᠶᠠᠨ ᠪᠠᠳᠠᠷᠠᠭᠤᠯᠤᠨ ᠶᠡᠭᠡ ᠲᠠᠯ᠎ᠠ ᠳᠤ ᠬᠦᠴᠦᠲᠡᠢ ᠦᠢᠯᠡᠴᠢᠯᠡᠵᠦ᠂ ᠵᠣᠬᠢᠶᠠᠨ ᠪᠠᠶᠢᠭᠤᠯᠤᠯᠲᠠ ᠶᠢ ᠬᠦᠴᠦᠷᠬᠡᠭᠵᠢᠭᠦᠯᠬᠦ᠂ ᠪᠠᠭ ᠢ ᠰᠠᠶᠢᠲᠤᠷ ᠲᠣᠬᠢᠷᠠᠭᠤᠯᠬᠤ᠂ ᠺᠠᠳ᠋ᠷ ᠢ ᠰᠠᠶᠢᠲᠤᠷ ᠬᠡᠷᠡᠭᠯᠡᠬᠦ᠂ ᠴᠢᠳᠠᠪᠤᠷᠢᠲᠠᠨ ᠢ ᠠᠮᠢᠳᠤᠯᠢᠭᠵᠢᠭᠤᠯᠬᠤ ᠪᠠᠷ ᠳᠠᠮᠵᠢᠭᠤᠯᠵᠤ᠂ ᠵᠣᠬᠢᠶᠠᠨ ᠪᠠᠶᠢᠭᠤᠯᠤᠯᠲᠠ ᠶᠢᠨ ᠡᠬᠢ ᠪᠠᠶᠠᠯᠢᠭ᠂ ᠵᠣᠬᠢᠶᠠᠨ ᠪᠠᠶᠢᠭᠤᠯᠤᠯᠲᠠ ᠶᠢᠨ ᠳᠠᠪᠠᠭᠤᠯᠢᠭ ᠢ ᠬᠥᠭᠵᠢᠯᠲᠡ ᠶᠢᠨ ᠡᠬᠢ ᠪᠠᠶᠠᠯᠢᠭ᠂ ᠬᠥᠭᠵᠢᠯᠲᠡ ᠶᠢᠨ ᠢᠯᠠᠯᠲᠠ ᠶᠢᠨ ᠬᠠᠨᠳᠤᠰᠢ ᠪᠣᠯᠭᠠᠨ ᠬᠤᠪᠢᠷᠠᠭᠤᠯᠬᠤ ᠬᠡᠷᠡᠭᠲᠡᠢ᠃ ᠰᠢᠨ᠎ᠡ ᠴᠠᠭ ᠦᠶ᠎ᠡ ᠶᠢᠨ ᠰᠠᠶᠢᠨ ᠺᠠᠳ᠋ᠷ ᠤᠨ ᠪᠠᠷᠢᠮᠵᠢᠶ᠎ᠠ ᠶᠢ ᠨᠠᠶᠢᠳᠠᠪᠤᠷᠢᠵᠢᠭᠤᠯᠵᠤ᠂ ᠺᠠᠳ᠋ᠷ ᠢ ᠰᠣᠩᠭᠤᠨ ᠪᠣᠶᠢᠵᠢᠭᠤᠯᠬᠤ ᠳᠤ ᠲᠤᠰᠠᠲᠠᠢ ᠠᠵᠢᠯ ᠢ ᠨᠢᠭᠡᠳᠦᠯᠲᠡᠢ ᠲᠥᠯᠥᠪᠵᠢᠭᠦᠯᠦᠨ ᠰᠠᠶᠢᠲᠤᠷ ᠠᠳᠬᠤᠵᠤ᠂ ᠬᠠᠷᠢᠭᠤᠴᠠᠯᠭ᠎ᠠ ᠡᠭᠦᠷᠭᠡᠯᠡᠬᠦ ᠶᠢ ᠤᠷᠮᠠᠰᠢᠭᠤᠯᠤᠨ ᠵᠣᠷᠢᠭᠵᠢᠭᠤᠯᠬᠤ ᠲᠣᠭᠲᠠᠴᠠ ᠶᠢ ᠪᠦᠷᠢᠨᠰᠢᠭᠦᠯᠵᠦ᠂ ᠬᠢᠨᠠᠨ ᠰᠢᠯᠭᠠᠵᠤ ᠰᠢᠨᠵᠢᠯᠡᠨ ᠪᠠᠶᠢᠴᠠᠭᠠᠬᠤ ᠶᠢ ᠤᠨᠢᠨ ᠳᠡᠭᠡᠷ᠎ᠡ ᠨᠢ ᠣᠨᠣᠪᠴᠢᠲᠠᠢ᠂ ᠲᠦᠷᠦ ᠶᠢᠨ ᠪᠣᠳᠣᠯᠭ᠎ᠠ ᠶᠢᠨ ᠬᠡᠷᠡᠭᠵᠢᠭᠦᠯᠦᠯᠲᠡ ᠶᠢ ᠵᠢᠷᠤᠮᠵᠢᠭᠤᠯᠬᠤ᠂  ᠲᠤᠰᠢᠶᠠᠯ ᠲᠠᠪᠰᠢᠬᠤ ᠲᠤᠰᠢᠶᠠᠯ ᠠᠴᠠ ᠪᠠᠭᠤᠵᠤ ᠪᠣᠯᠬᠤ ᠶᠢ ᠪᠠᠶᠢᠩᠭᠤᠵᠢᠭᠤᠯᠬᠤ ᠶᠢ ᠠᠬᠢᠭᠤᠯᠵᠤ᠂ ᠦᠨᠡᠨᠴᠢ ᠰᠢᠳᠤᠷᠭᠤ ᠴᠡᠪᠡᠷ ᠴᠢᠬᠡᠴᠢ ᠬᠠᠷᠢᠭᠤᠴᠠᠯᠭ᠎ᠠ ᠡᠭᠦᠷᠭᠡᠯᠡᠳᠡᠭ ᠥᠨᠳᠥᠷ ᠬᠡᠪ ᠪᠣᠯᠪᠠᠰᠤᠷᠠᠯ ᠲᠠᠢ ᠺᠠᠳ᠋ᠷ ᠤᠨ ᠡᠩᠨᠡᠭᠡ ᠶᠢ ᠳᠠᠪᠲᠠᠨ ᠪᠣᠯᠪᠠᠰᠤᠷᠠᠭᠤᠯᠬᠤ ᠬᠡᠷᠡᠭᠲᠡᠢ᠃ ᠴᠢᠳᠠᠪᠤᠷᠢᠲᠠᠨ ᠤ ᠲᠦᠷᠦ ᠶᠢᠨ ᠪᠣᠳᠣᠯᠭ᠎ᠠ ᠶᠢᠨ ᠰᠢᠰᠲ᠋ᠧᠮ ᠤᠨ ᠰᠢᠨ᠎ᠡ ᠶᠢ ᠡᠭᠦᠳᠬᠦ ᠶᠢ ᠲᠦᠷᠭᠡᠳᠬᠡᠵᠦ᠂ ᠬᠡᠷᠡᠭᠯᠡᠬᠦ ᠪᠠᠷ ᠦᠨᠳᠦᠰᠦ ᠪᠣᠯᠭᠠᠨ ᠴᠢᠳᠠᠪᠤᠷᠢᠲᠠᠨ ᠢ ᠴᠤᠭᠯᠠᠷᠠᠭᠤᠯᠬᠤ ᠶᠢ ᠪᠠᠷᠢᠮᠲᠠᠯᠠᠵᠤ᠂ ᠥᠭᠡᠷᠡᠴᠢᠯᠡᠯᠲᠡ ᠶᠢ ᠭᠦᠨᠵᠡᠭᠡᠶᠢᠷᠡᠭᠦᠯᠦᠨ ᠴᠢᠳᠠᠪᠤᠷᠢᠲᠠᠨ ᠢ ᠬᠥᠭᠵᠢᠭᠡᠵᠦ᠂ ᠴᠢᠳᠠᠪᠤᠷᠢᠲᠠᠨ ᠢ ᠦᠨᠡᠨ ᠬᠦ ᠡᠯᠰᠡᠵᠦ ᠪᠣᠳᠠᠲᠠᠢ ᠪᠠᠷ ᠬᠥᠮᠥᠵᠢᠭᠦᠯᠦᠨ᠂ ᠴᠢᠳᠠᠪᠤᠷᠢᠲᠠᠨ ᠳᠤ ᠰᠡᠳᠬᠢᠯ ᠲᠠᠯᠪᠢᠨ ᠬᠠᠶᠢᠷ᠎ᠠ ᠰᠡᠳᠬᠢᠯᠭᠡ ᠪᠠᠷ ᠢᠶᠠᠨ ᠦᠢᠯᠡᠴᠢᠯᠡᠵᠦ᠂ ᠴᠢᠳᠠᠪᠤᠷᠢᠲᠠᠨ ᠢ ᠪᠦᠬᠦ ᠲᠠᠯ᠎ᠠ ᠪᠠᠷ ᠬᠥᠮᠥᠵᠢᠭᠦᠯᠵᠦ ᠣᠷᠣᠭᠤᠯᠤᠨ ᠠᠪᠴᠢᠷᠠᠵᠤ ᠰᠠᠶᠢᠲᠤᠷ ᠬᠡᠷᠡᠭᠯᠡᠬᠦ ᠬᠡᠷᠡᠭᠲᠡᠢ᠃ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠵᠢᠷᠤᠮᠵᠢᠭᠰᠠᠨ ᠪᠠᠶᠢᠭᠤᠯᠤᠯᠲᠠ ᠶᠢ ᠴᠢᠩᠭᠠᠳᠬᠠᠵᠤ᠂ ᠴᠢᠳᠠᠮᠵᠢ ᠶᠢ ᠬᠦᠴᠦᠯᠡᠨ ᠴᠢᠩᠭᠠᠳᠬᠠᠵᠤ᠂ ᠠᠭᠤᠰᠤᠯᠴᠠᠨ ᠬᠥᠭᠵᠢᠬᠦ ᠶᠢ ᠠᠬᠢᠭᠤᠯᠵᠤ᠂ ᠬᠠᠷᠢᠭᠤᠴᠠᠯᠭ᠎ᠠ ᠶᠢ ᠴᠢᠩᠭ᠎ᠠ ᠳᠠᠷᠤᠵᠤ᠂ ᠳᠡᠭᠡᠷ᠎ᠡ ᠳᠣᠣᠷ᠎ᠠ ᠱᠠᠳᠤ ᠨᠡᠪᠳᠡᠷᠡᠯᠴᠡᠭᠡ ᠲᠠᠢ᠂ ᠬᠡᠷᠡᠭᠵᠢᠭᠦᠯᠬᠦ ᠳᠤ ᠬᠦᠴᠦᠲᠡᠢ ᠵᠣᠬᠢᠶᠠᠨ ᠪᠠᠶᠢᠭᠤᠯᠤᠯᠲᠠ ᠶᠢᠨ ᠰᠢᠰᠲ᠋ᠧᠮ ᠢ ᠨᠢᠭᠲᠠ ᠪᠠᠶᠢᠭᠤᠯᠵᠤ᠂ ᠪᠠᠲᠤ ᠴᠢᠩᠭ᠎ᠠ ᠬᠦᠴᠦᠨ ᠲᠠᠢ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢ ᠳᠠᠪᠲᠠᠨ ᠪᠣᠯᠪᠠᠰᠤᠷᠠᠭᠤᠯᠬᠤ ᠬᠡᠷᠡᠭᠲᠡᠢ ᠭᠡᠵᠦ ᠱᠠᠭᠠᠷᠳᠠᠪᠠ᠃     ᠬᠤᠷᠠᠯ ᠠᠴᠠ ︽ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠢᠩᠬᠢᠮ ᠤᠨ ᠭᠡᠷ᠎ᠡ ᠶᠢᠨ ᠬᠠᠮᠢᠶᠠᠷᠤᠯᠲᠠ ᠶᠢᠨ ᠳᠦᠷᠢᠮ︾ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠢᠩᠬᠢᠮ ᠤᠨ ︿ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠶᠠᠮᠤᠨ ᠤ ᠥᠪᠥᠷ ᠮᠣᠩᠭᠤᠯ ᠤᠨ ᠣᠷᠣᠨ ᠰᠠᠭᠤᠴᠠ ᠶᠢᠨ ᠪᠦᠲᠦᠭᠡᠨ ᠪᠠᠶᠢᠭᠤᠯᠤᠯᠲᠠ ᠶᠢᠨ ᠦᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠳᠡᠮᠵᠢᠬᠦ ᠬᠡᠷᠡᠭᠵᠢᠭᠦᠯᠬᠦ ᠲᠥᠰᠥᠯ﹀ ᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠭᠤᠣᠯᠳᠠᠯᠭ᠎ᠠ ᠲᠠᠢ ᠡᠭᠦᠷᠭᠡ ᠶᠢᠨ ᠠᠵᠢᠯ ᠤᠨ ᠬᠤᠪᠢᠶᠠᠷᠢᠯᠠᠯ ᠤᠨ ᠲᠦᠰᠦᠯ︾ ᠢ ᠰᠤᠳᠤᠯᠵᠠᠢ᠃     ᠬᠤᠷᠠᠯ ᠠᠴᠠ ᠪᠠᠰᠠ ᠪᠤᠰᠤᠳ ᠵᠦᠢᠯ ᠢ ᠰᠤᠳᠤᠯᠵᠠᠢ᠃ 
ᠢᠷᠡᠯᠲᠡ᠄ ᠲᠢᠩᠬᠢᠮ ᠤᠨ ᠠᠯᠪᠠᠨ ᠭᠡᠷ
Baidu
map