ᠡᠦ ᠪᠠᠩ ᠭᠦᠸᠧ ᠨᠥᠬᠦᠷ ᠤᠨ ᠴᠢᠨᠳᠠᠷ ᠢ ᠪᠡᠭᠡᠵᠢᠩ ᠳᠤ ᠳᠡᠭᠳᠡᠭᠡᠪᠡ
ᠨᠡᠶᠢᠲᠡᠯᠡᠭᠰᠡᠨ ᠴᠠᠭ᠄
2024/10/15
       ᠰᠢ ᠶᠢᠨ ᠫᠢᠩ  ᠵᠤᠤ ᠯᠧ ᠵᠢᠢ  ᠸᠠᠩ ᠬᠤ᠋ ᠨᠢᠩ  ᠼᠠᠢ ᠴᠢ  ᠳ᠋ᠢᠩ ᠰᠢᠤᠸᠠᠢ ᠰᠢᠶᠠᠩ  ᠯᠢ ᠰᠢ  ᠬᠠᠨ ᠵᠧᠩ ᠨᠠᠷ ᠪᠠᠪᠣᠣᠱᠠᠨ ᠳᠠᠬᠢ ᠬᠤᠪᠢᠰᠬᠠᠯᠴᠢᠳ ᠤᠨ ᠨᠡᠶᠢᠲᠡ ᠶᠢᠨ ᠪᠤᠩᠬᠤᠨ ᠳᠤ ᠬᠦᠷᠴᠦ ᠠᠶᠠᠷᠯᠠᠨ ᠮᠣᠷᠳᠠᠭᠤᠯᠵᠠᠢ  ᠬᠤ᠋ ᠶᠢᠨ ᠲᠣᠣ ᠴᠠᠭᠠᠷᠢᠭᠲᠤ ᠴᠡᠴᠡᠭ ᠬᠦᠷᠭᠡᠵᠦ ᠭᠠᠰᠢᠭᠤᠳᠠᠯ ᠢᠶᠠᠨ ᠢᠯᠡᠳᠬᠡᠪᠡ  ᠡᠦ ᠪᠠᠩ ᠭᠦᠸᠧ ᠨᠥᠬᠦᠷ ᠤᠨ ᠡᠪᠡᠳᠴᠢᠨ ᠬᠦᠨᠳᠦ ᠪᠠᠶᠢᠭᠰᠠᠨ ᠬᠤᠭᠤᠴᠠᠭᠠᠨ ᠳᠤ ᠪᠠ ᠨᠠᠰᠤ ᠪᠠᠷᠠᠭᠰᠠᠨ ᠤ ᠳᠠᠷᠠᠭ᠎ᠠ ᠰᠢ ᠶᠢᠨ ᠫᠢᠩ  ᠯᠢ ᠴᠢᠶᠠᠩ  ᠵᠤᠤ ᠯᠧ ᠵᠢᠢ  ᠸᠠᠩ ᠬᠤ᠋ ᠨᠢᠩ  ᠼᠠᠢ ᠴᠢ  ᠳ᠋ᠢᠩ ᠰᠢᠤᠸᠠᠢ ᠰᠢᠶᠠᠩ  ᠯᠢ ᠰᠢ  ᠬᠠᠨ ᠵᠧᠩ  ᠬᠤ᠋ ᠶᠢᠨ ᠲᠣᠣ ᠵᠡᠷᠭᠡ ᠨᠥᠬᠦᠳ ᠡᠮᠨᠡᠯᠭᠡ ᠶᠢᠨ ᠬᠤᠷᠢᠶᠠᠨ ᠳᠤ ᠡᠷᠭᠢᠨ ᠦᠵᠡᠭᠰᠡᠨ ᠪᠤᠶᠤ ᠣᠯᠠᠨ ᠬᠡᠯᠪᠡᠷᠢ ᠪᠠᠷ ᠡᠦ ᠪᠠᠩ ᠭᠦᠸᠧ ᠨᠥᠬᠦᠷ ᠤᠨ ᠨᠠᠰᠤ ᠪᠠᠷᠠᠭᠰᠠᠨ ᠳᠤ ᠭᠦᠨ ᠡᠮᠭᠡᠨᠢᠨ ᠭᠠᠰᠢᠭᠤᠳᠠᠵᠤ ᠪᠠᠶᠢᠬᠤ ᠪᠠᠨ ᠢᠯᠡᠳᠬᠡᠬᠦ ᠶᠢᠨ ᠬᠠᠮᠲᠤ ᠲᠥᠷᠥᠯ ᠰᠠᠳᠤᠨ ᠢ ᠨᠢ ᠳᠣᠲᠣᠨᠣ ᠪᠠᠷ ᠲᠣᠬᠤᠨᠢᠭᠤᠯᠵᠤ ᠪᠠᠶᠢᠬᠤ ᠪᠠᠨ ᠢᠯᠡᠳᠬᠡᠪᠡ  ᠰᠢᠨᠬᠤᠸᠠ ᠬᠤᠷᠢᠶ᠎ᠠ ᠶᠢᠨ ᠪᠡᠭᠡᠵᠢᠩ ᠤᠨ 10 ᠰᠠᠷ᠎ᠠ  ᠶᠢᠨ 14 ᠤ ᠴᠠᠬᠢᠯᠭᠠᠨ ᠮᠡᠳᠡᠭᠡ  ᠳᠤᠮᠳᠠᠳᠤ ᠤᠯᠤᠰ ᠤᠨ ᠡᠪ ᠬᠠᠮᠲᠤ ᠨᠠᠮ ᠤᠨ ᠰᠢᠯᠢᠳᠡᠭ ᠨᠠᠮ ᠤᠨ ᠭᠡᠰᠢᠭᠦᠨ᠂ ᠤᠷᠲᠤ ᠬᠤᠭᠤᠴᠠᠭᠠᠨ ᠤ ᠰᠢᠯᠭᠠᠯᠲᠠ ᠶᠢ ᠥᠩᠭᠡᠷᠡᠭᠡᠭᠰᠡᠨ ᠡᠪ ᠬᠠᠮᠲᠤ ᠶᠣᠰᠣᠨ ᠤ ᠰᠢᠳᠤᠷᠭᠤ ᠪᠠᠶᠢᠯᠳᠤᠭᠴᠢ᠂ ᠦᠭᠡᠶᠢᠭᠦᠦ ᠠᠩᠭᠢ ᠶᠢᠨ ᠭᠠᠷᠮᠠᠭᠠᠢ ᠬᠤᠪᠢᠰᠬᠠᠯᠴᠢ᠂ ᠤᠯᠤᠰ ᠲᠥᠷᠥᠴᠢᠨ᠂ ᠨᠠᠮ ᠪᠣᠯᠣᠨ ᠤᠯᠤᠰ ᠤᠨ ᠭᠠᠷᠮᠠᠭᠠᠢ ᠤᠳᠤᠷᠢᠳᠬᠤ ᠬᠥᠮᠥᠨ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠠᠷᠪᠠᠨ ᠳᠥᠷᠪᠡᠳᠦᠭᠡᠷ ᠬᠤᠭᠤᠴᠠᠭᠠᠨ ᠤ ᠲᠥᠪ ᠬᠤᠷᠢᠶ᠎ᠠ ᠶᠢᠨ ᠤᠯᠤᠰ ᠲᠥᠷᠥ ᠶᠢᠨ ᠲᠣᠪᠴᠢᠶ᠎ᠠ ᠶᠢᠨ ᠭᠡᠰᠢᠭᠦᠨ᠂ ᠨᠠᠮ ᠤᠨ ᠲᠥᠪ ᠬᠤᠷᠢᠶ᠎ᠠ ᠶᠢᠨ ᠱᠦᠵᠢ ᠨᠠᠷ ᠤᠨ ᠭᠠᠵᠠᠷ ᠤᠨ ᠱᠦᠵᠢ᠂ ᠠᠷᠪᠠᠨ ᠲᠠᠪᠤᠳᠤᠭᠠᠷ ᠬᠤᠭᠤᠴᠠᠭᠠᠨ ᠤ ᠨᠠᠮ ᠤᠨ ᠲᠥᠪ ᠬᠤᠷᠢᠶ᠎ᠠ ᠶᠢᠨ ᠤᠯᠤᠰ ᠲᠥᠷᠥ ᠶᠢᠨ ᠲᠣᠪᠴᠢᠶ᠎ᠠ ᠶᠢᠨ ᠭᠡᠰᠢᠭᠦᠨ᠂ ᠠᠷᠪᠠᠨ ᠵᠢᠷᠭᠤᠳᠤᠭᠠᠷ ᠬᠤᠭᠤᠴᠠᠭ᠎ᠠ᠂ ᠠᠷᠪᠠᠨ ᠳᠣᠯᠣᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠤᠯᠤᠰ ᠲᠥᠷᠥ ᠶᠢᠨ ᠲᠣᠪᠴᠢᠶᠠᠨ ᠤ ᠪᠠᠶᠢᠩᠭᠤ ᠶᠢᠨ ᠭᠡᠰᠢᠭᠦᠨ᠂ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠤᠤᠯ ᠤᠨ ᠳᠡᠳ᠋ ᠶᠡᠷᠦᠩᠬᠡᠢ ᠰᠠᠶᠢᠳ᠂ ᠠᠷᠪᠠᠳᠤᠭᠠᠷ ᠬᠤᠭᠤᠴᠠᠭ᠎ᠠ᠂ ᠠᠷᠪᠠᠨ ᠨᠢᠭᠡᠳᠦᠭᠡᠷ ᠬᠤᠭᠤᠴᠠᠭᠠᠨ ᠤ ᠪᠥᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠬᠤᠷᠢᠶᠠᠨ ᠳᠠᠷᠤᠭ᠎ᠠ ᠡᠦ ᠪᠠᠩ ᠭᠦᠸᠧ ᠨᠥᠬᠦᠷ ᠤᠨ ᠴᠢᠨᠳᠠᠷ ᠢ 14 ᠤ ᠡᠳᠦᠷ ᠪᠡᠭᠡᠵᠢᠩ ᠤᠨ ᠪᠠᠪᠣᠣᠱᠠᠨ ᠳᠠᠬᠢ ᠬᠤᠪᠢᠰᠬᠠᠯᠴᠢᠳ ᠤᠨ ᠨᠡᠶᠢᠲᠡ ᠶᠢᠨ ᠪᠤᠩᠬᠤᠨ ᠳᠤ ᠳᠡᠭᠳᠡᠭᠡᠪᠡ᠃  ᠡᠦ ᠪᠠᠩ ᠭᠦᠸᠧ ᠨᠥᠬᠦᠷ ᠡᠪᠡᠳᠴᠢᠨ ᠢᠶᠠᠷ 2024 ᠣᠨ ᠤ 10 ᠰᠠᠷ᠎ᠠ ᠶᠢᠨ 8 ᠤ ᠡᠳᠦᠷ ᠤᠨ 4 ᠴᠠᠭ 36 ᠮᠢᠨᠦ᠋ᠲ ᠲᠤ ᠪᠡᠭᠡᠵᠢᠩ ᠳᠤ ᠨᠠᠰᠤ ᠪᠠᠷᠠᠪᠠ ᠂ ᠨᠠᠰᠤᠨ ᠰᠡᠭᠦᠳᠡᠷ 84 ᠲᠠᠢ᠃
d0bf0da302335fab5cdc3911dc61283.jpg
    10 ᠰᠠᠷ᠎ᠠ ᠶᠢᠨ 14 ᠤ ᠡᠳᠦᠷ᠂ ᠦ᠋ ᠪᠠᠩ ᠭᠦᠸᠧ ᠨᠥᠬᠦᠷ ᠤᠨ ᠴᠢᠨᠳᠠᠷ ᠢ ᠪᠡᠭᠡᠵᠢᠩ ᠤᠨ ᠪᠠᠪᠣᠣᠱᠠᠨ ᠳᠠᠬᠢ ᠬᠤᠪᠢᠰᠬᠠᠯᠴᠢᠳ ᠤᠨ ᠨᠡᠶᠢᠲᠡ ᠶᠢᠨ ᠪᠤᠩᠬᠤᠨ ᠳᠤ ᠳᠡᠭᠳᠡᠭᠡᠪᠡ᠃ ᠰᠢ ᠶᠢᠨ ᠫᠢᠩ᠂ ᠵᠤᠤ ᠯᠧ ᠵᠢᠢ᠂ ᠸᠠᠩ ᠬᠤ᠋ ᠨᠢᠩ᠂ ᠼᠠᠢ ᠴᠢ᠂ ᠳ᠋ᠢᠩ ᠰᠢᠤᠸᠠᠢ ᠰᠢᠶᠠᠩ᠂ ᠯᠢ ᠰᠢ᠂ ᠬᠠᠨ ᠵᠧᠩ ᠨᠠᠷ ᠪᠠᠪᠣᠣᠱᠠᠨ ᠳᠤ ᠬᠦᠷᠴᠦ ᠠᠶᠠᠷᠯᠠᠨ ᠮᠣᠷᠳᠠᠭᠤᠯᠵᠤ᠂ ᠬᠤ᠋ ᠶᠢᠨ ᠲᠣᠣ ᠴᠠᠭᠠᠷᠢᠭᠲᠤ ᠴᠡᠴᠡᠭ ᠬᠦᠷᠭᠡᠵᠦ ᠭᠠᠰᠢᠭᠤᠳᠠᠯ ᠢᠶᠠᠨ ᠢᠯᠡᠳᠬᠡᠪᠡ᠃ ᠵᠢᠷᠤᠭ ᠪᠣᠯ ᠰᠢ ᠶᠢᠨ ᠫᠢᠩ ᠦ᠋ ᠪᠠᠩ ᠭᠦᠸᠧ ᠤᠨ ᠲᠥᠷᠥᠯ ᠰᠠᠳᠤᠨ ᠲᠠᠢ ᠭᠠᠷ ᠠᠳᠬᠤᠵᠤ ᠳᠣᠲᠣᠨᠣ ᠪᠠᠷ ᠲᠣᠬᠤᠨᠢᠭᠤᠯᠵᠤ ᠪᠠᠶᠢᠬᠤ ᠪᠠᠨ ᠢᠯᠡᠳᠬᠡᠵᠦ ᠪᠠᠶᠢᠭ᠎ᠠ ᠨᠢ᠃        ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠵᠢᠦᠢ ᠫᠧᠩ ᠰᠡᠭᠦᠳᠡᠷᠯᠡᠪᠡ    ᠡᠦ ᠪᠠᠩ ᠭᠦᠸᠧ ᠨᠥᠬᠦᠷ ᠤᠨ ᠡᠪᠡᠳᠴᠢᠨ ᠬᠦᠨᠳᠦ ᠪᠠᠶᠢᠭᠰᠠᠨ ᠬᠤᠭᠤᠴᠠᠭᠠᠨ ᠳᠤ ᠪᠠ ᠨᠠᠰᠤ ᠪᠠᠷᠠᠭᠰᠠᠨ ᠤ ᠳᠠᠷᠠᠭ᠎ᠠ ᠰᠢ ᠶᠢᠨ ᠫᠢᠩ᠂ ᠯᠢ ᠴᠢᠶᠠᠩ᠂ ᠵᠤᠤ ᠯᠧ ᠵᠢᠢ᠂ ᠸᠠᠩ ᠬᠤ᠋ ᠨᠢᠩ᠂ ᠼᠠᠢ ᠴᠢ᠂ ᠳ᠋ᠢᠩ ᠰᠢᠤᠸᠠᠢ ᠰᠢᠶᠠᠩ᠂ ᠯᠢ ᠰᠢ᠂ ᠬᠠᠨ ᠵᠧᠩ᠂ ᠬᠤ᠋ ᠶᠢᠨ ᠲᠣᠣ ᠵᠡᠷᠭᠡ ᠨᠥᠬᠦᠳ ᠡᠮᠨᠡᠯᠭᠡ ᠶᠢᠨ ᠬᠤᠷᠢᠶᠠᠨ ᠳᠤ ᠡᠷᠭᠢᠨ ᠦᠵᠡᠭᠰᠡᠨ ᠪᠤᠶᠤ ᠣᠯᠠᠨ ᠬᠡᠯᠪᠡᠷᠢ ᠪᠠᠷ ᠡᠦ ᠪᠠᠩ ᠭᠦᠸᠧ ᠨᠥᠬᠦᠷ ᠤᠨ ᠨᠠᠰᠤ ᠪᠠᠷᠠᠭᠰᠠᠨ ᠳᠤ ᠭᠦᠨ ᠡᠮᠭᠡᠨᠢᠨ ᠭᠠᠰᠢᠭᠤᠳᠠᠵᠤ ᠪᠠᠶᠢᠬᠤ ᠪᠠᠨ ᠢᠯᠡᠳᠬᠡᠬᠦ ᠶᠢᠨ ᠬᠠᠮᠲᠤ ᠲᠥᠷᠥᠯ ᠰᠠᠳᠤᠨ ᠢ ᠨᠢ ᠳᠣᠲᠣᠨᠣ ᠪᠠᠷ ᠲᠣᠬᠤᠨᠢᠭᠤᠯᠵᠤ ᠪᠠᠶᠢᠬᠤ ᠪᠠᠨ ᠢᠯᠡᠳᠬᠡᠪᠡ᠃   14 ᠤ ᠦᠳᠡ ᠶᠢᠨ ᠡᠮᠦᠨ᠎ᠡ᠂ ᠪᠠᠪᠣᠣᠱᠠᠨ ᠳᠠᠬᠢ ᠬᠤᠪᠢᠰᠬᠠᠯᠴᠢᠳ ᠤᠨ ᠨᠡᠶᠢᠲᠡ ᠶᠢᠨ ᠪᠤᠩᠬᠤᠨ ᠤ ᠶᠣᠰᠣᠯᠠᠯ ᠤᠨ ᠲᠠᠩᠬᠢᠮ ᠳᠤ ᠲᠥᠪ ᠴᠢᠬᠢᠮᠡᠢ ᠪᠠᠶᠢᠵᠤ᠂ ᠭᠠᠰᠢᠭᠤᠳᠠᠯ ᠤᠨ ᠠᠶᠠᠰ ᠤᠶᠠᠷᠠᠭᠤᠨ ᠨᠠᠮᠬᠠᠨ ᠰᠣᠨᠣᠰᠳᠠᠨ᠎ᠠ᠃ ᠭᠤᠣᠯ ᠲᠢᠩᠬᠢᠮ ᠤᠨ ᠳᠡᠭᠡᠷ᠎ᠡ ᠲᠠᠯ᠎ᠠ ᠳᠤ ︽ᠡᠦ ᠪᠠᠩ ᠭᠦᠸᠧ ᠨᠥᠬᠦᠷ ᠢ ᠡᠮᠭᠡᠨᠢᠨ ᠭᠠᠰᠢᠭᠤᠳᠠᠶ᠎ᠠ︾ ᠭᠡᠬᠦ ᠬᠠᠷ᠎ᠠ ᠳᠡᠪᠢᠰᠬᠡᠷ ᠲᠠᠢ ᠴᠠᠭᠠᠨ ᠦᠰᠦᠭ ᠤᠨ ᠬᠥᠨᠳᠡᠯᠡᠨ ᠪᠢᠴᠢᠭᠡᠰᠦ ᠶᠢ ᠡᠯᠭᠦᠵᠦ᠂ ᠬᠥᠨᠳᠡᠯᠡᠨ ᠪᠢᠴᠢᠭᠡᠰᠦ ᠶᠢᠨ ᠳᠣᠣᠷ᠎ᠠ ᠲᠠᠯ᠎ᠠ ᠳᠤ ᠡᠦ ᠪᠠᠩ ᠭᠦᠸᠧ ᠨᠥᠬᠦᠷ ᠤᠨ ᠬᠥᠷᠥᠭ ᠢ ᠡᠯᠭᠦᠵᠡᠢ᠃ ᠡᠦ ᠪᠠᠩ ᠭᠦᠸᠧ ᠨᠥᠬᠦᠷ ᠤᠨ ᠴᠢᠨᠳᠠᠷ ᠢ ᠰᠣᠷᠭᠤᠭ ᠴᠡᠴᠡᠭ ᠨᠠᠷᠠᠰᠤ ᠮᠠᠶᠢᠯᠠᠰᠤ ᠪᠠᠷ ᠬᠦᠷᠢᠶᠡᠯᠡᠵᠦ᠂ ᠪᠡᠶ᠎ᠡ ᠳᠡᠭᠡᠷ᠎ᠡ ᠨᠢ ᠭᠠᠯ ᠤᠯᠠᠭᠠᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠤᠭ ᠢ ᠬᠤᠴᠢᠵᠠᠢ᠃  ᠦᠳᠡ ᠶᠢᠨ ᠡᠮᠦᠨᠡᠬᠢ 9 ᠴᠠᠭ 30 ᠮᠢᠨᠦ᠋ᠲ ᠤᠨ ᠦᠶ᠎ᠡ ᠪᠠᠷ ᠰᠢ ᠶᠢᠨ ᠫᠢᠩ᠂ ᠵᠤᠤ ᠯᠧ ᠵᠢᠢ᠂ ᠸᠠᠩ ᠬᠤ᠋ ᠨᠢᠩ᠂ ᠼᠠᠢ ᠴᠢ᠂ ᠳ᠋ᠢᠩ ᠰᠢᠤᠸᠠᠢ ᠰᠢᠶᠠᠩ᠂ ᠯᠢ ᠰᠢ᠂ ᠬᠠᠨ ᠵᠧᠩ ᠨᠠᠷ ᠭᠠᠰᠢᠭᠤᠳᠠᠯ ᠤᠨ ᠠᠶᠠᠰ ᠤᠨ ᠳᠤᠮᠳᠠ ᠡᠦ ᠪᠠᠩ ᠭᠦᠸᠧ ᠨᠥᠬᠦᠷ ᠤᠨ ᠴᠢᠨᠳᠠᠷ ᠤᠨ ᠡᠮᠦᠨ᠎ᠡ ᠠᠯᠭᠤᠷᠬᠠᠨ ᠬᠦᠷᠴᠦ ᠨᠠᠮᠠᠨᠴᠢᠯᠠᠨ ᠭᠠᠰᠢᠭᠤᠳᠠᠵᠤ᠂ ᠡᠦ ᠪᠠᠩ ᠭᠦᠸᠧ ᠨᠥᠬᠦᠷ ᠤᠨ ᠲᠥᠷᠥᠯ ᠰᠠᠳᠤᠨ ᠲᠠᠢ ᠨᠢᠭᠡᠳ ᠨᠢᠭᠡ ᠪᠠᠷ ᠭᠠᠷ ᠠᠳᠬᠤᠵᠤ᠂ ᠲᠣᠬᠤᠨᠢᠭᠤᠯᠵᠤ ᠪᠠᠶᠢᠬᠤ ᠪᠠᠨ ᠢᠯᠡᠳᠬᠡᠪᠡ᠃ ᠬᠤ᠋  ᠶᠢᠨ ᠲᠣᠣ ᠴᠠᠭᠠᠷᠢᠭᠲᠤ ᠴᠡᠴᠡᠭ ᠬᠦᠷᠭᠡᠵᠦ᠂ ᠡᠦ ᠪᠠᠩ ᠭᠦᠸᠧ ᠨᠥᠬᠦᠷ ᠤᠨ ᠨᠠᠰᠤ ᠪᠠᠷᠠᠭᠰᠠᠨ ᠳᠤ ᠡᠮᠭᠡᠨᠢᠨ ᠭᠠᠰᠢᠭᠤᠳᠠᠵᠤ ᠪᠠᠶᠢᠬᠤ ᠪᠠᠨ ᠢᠯᠡᠳᠬᠡᠪᠡ᠃  ᠨᠠᠮ ᠪᠣᠯᠣᠨ ᠲᠥᠷᠥ ᠶᠢᠨ ᠬᠠᠮᠢᠶ᠎ᠠ ᠪᠦᠬᠦᠢ ᠤᠳᠤᠷᠢᠳᠬᠤ ᠨᠥᠬᠦᠳ ᠬᠦᠷᠴᠦ ᠠᠶᠠᠷᠯᠠᠨ ᠮᠣᠷᠳᠠᠭᠤᠯᠤᠭᠰᠠᠨ ᠪᠤᠶᠤ ᠣᠯᠠᠨ ᠬᠡᠯᠪᠡᠷᠢ ᠪᠠᠷ ᠡᠮᠭᠡᠨᠢᠨ ᠭᠠᠰᠢᠭᠤᠳᠠᠵᠤ ᠪᠠᠶᠢᠬᠤ ᠪᠠᠨ ᠢᠯᠡᠳᠬᠡᠪᠡ᠃ ᠲᠥᠪ ᠤᠨ ᠪᠠ ᠲᠥᠷᠥ ᠶᠢᠨ ᠪᠠᠶᠢᠭᠤᠯᠭ᠎ᠠ ᠶᠢᠨ ᠬᠠᠮᠢᠶ᠎ᠠ ᠪᠦᠬᠦᠢ ᠰᠠᠯᠠᠭ᠎ᠠ ᠮᠥᠴᠢᠷ ᠤᠨ ᠬᠠᠷᠢᠭᠤᠴᠠᠯᠭᠠᠲᠠᠨ᠂ ᠡᠦ ᠪᠠᠩ ᠭᠦᠸᠧ ᠨᠥᠬᠦᠷ ᠤᠨ ᠠᠮᠢᠳᠤ ᠰᠡᠷᠡᠭᠦᠨ ᠪᠠᠶᠢᠬᠤ ᠦᠶ᠎ᠡ ᠶᠢᠨ ᠨᠠᠶᠢᠵᠠ ᠪᠣᠯᠣᠨ ᠨᠤᠲᠤᠭ ᠤᠨ ᠬᠢᠨᠢ ᠲᠥᠯᠥᠭᠡᠯᠡᠭᠴᠢᠳ ᠴᠦ ᠬᠦᠷᠦᠯᠴᠡᠨ ᠢᠷᠡᠵᠦ ᠠᠶᠠᠷᠯᠠᠨ ᠮᠣᠷᠳᠠᠭᠤᠯᠵᠠᠢ᠃ 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
Baidu
map