ᠠᠩᠬᠢ ᠶᠢᠨ ᠡᠷᠬᠢᠯᠡᠭᠴᠢ ᠬᠡᠷᠬᠢᠨ ᠰᠣᠷᠣᠭᠴᠢᠳ ᠢ ᠤᠷᠮᠠᠰᠢᠭᠤᠯᠵᠤ ᠰᠤᠷᠤᠯᠴᠠᠬᠤ ᠢᠳᠡᠪᠬᠢᠵᠢᠯ ᠢ ᠨᠢ ᠲᠠᠶᠢᠴᠢᠯᠠᠬᠤ ᠲᠣᠬᠠᠢ ᠦᠬᠦᠯᠡᠬᠦ ᠨᠢ
ᠨᠡᠶᠢᠲᠡᠯᠡᠭᠰᠡᠨ ᠴᠠᠭ᠄
2024/8/9
                      ᠪᠤᠤ ᠢᠤᠢ ᠯᠠᠨ

班主任工作1.png

      ︽ᠣᠷᠮ᠎ᠠ ᠪᠠᠬ᠎ᠠ ᠪᠣᠯ ᠬᠠᠮᠤᠭ ᠤᠨ ᠰᠠᠶᠢᠨ ᠪᠠᠭᠰᠢ︾ ᠬᠡᠳᠡᠭ ᠢᠶᠠᠷ ᠰᠣᠷᠣᠭᠴᠢᠳ  ᠢᠶᠠᠨ ᠣᠷᠮᠠᠰᠢᠭᠤᠯᠣᠨ

ᠵᠣᠷᠢᠬᠵᠢᠭᠤᠯᠬᠤ ᠨᠢ ᠲᠠᠳᠠᠨ ᠤ ᠰᠣᠷᠣᠯᠴᠠᠬᠤ ᠢᠳᠡᠪᠬᠢᠵᠢᠯ ᠢ ᠲᠠᠶᠢᠴᠢᠯᠠᠬᠤ ᠴᠢᠬᠤᠯᠡ ᠠᠷᠭ᠎ᠠ ᠮᠦᠨ᠃ ᠡᠬᠦᠨ ᠳᠤ

ᠠᠩᠬᠢ ᠶᠢᠨ ᠡᠷᠬᠢᠯᠡᠭᠴᠢ ᠭᠤᠤᠯᠯᠠᠭᠴᠢ ᠬᠦᠴᠦᠨ ᠪᠤᠯᠤᠨ᠎ᠠ᠃ ᠤᠴᠢᠷ ᠨᠢ ᠠᠩᠬᠢ ᠶᠢᠨ ᠡᠷᠬᠢᠯᠡᠭᠴᠢ ᠪᠤᠯ

ᠰᠤᠷᠤᠭᠴᠢᠳ ᠲᠠᠢ ᠬᠠᠮᠤᠭ  ᠤᠨ ᠠᠷᠪᠢᠨ ᠬᠠᠮᠳᠤ ᠪᠠᠶᠢᠳᠠᠭ ᠬᠦᠮᠦᠨ᠃ ᠪᠤᠰᠤᠳ ᠬᠢᠴᠢᠶᠡᠯ ᠤᠨ ᠪᠠᠭᠰᠢ ᠲᠠᠢ

ᠨᠠᠪᠳᠠᠷᠠᠯᠴᠠᠭᠦ ᠭᠦᠭᠦᠷᠭᠡ᠂ ᠰᠤᠷᠤᠭᠴᠢᠳ ᠤᠨ ᠮᠡᠳᠡᠯᠬᠡ ᠶᠢᠨ ᠶᠡᠷᠤᠩᠬᠡᠢ ᠣᠯᠠᠮᠵᠢᠯᠠᠭᠴᠢ᠂ ᠰᠤᠷᠤᠭᠴᠢᠳ ᠤᠨ ᠬᠦᠮᠦᠨ

ᠪᠣᠯᠬᠤ᠂ ᠠᠮᠢᠳᠤᠷᠠᠬᠤᠢ ᠶᠢᠨ ᠣᠬᠠᠭᠠᠨ ᠢ ᠠᠩᠬ᠎ᠠ ᠮᠡᠳᠡᠬᠦᠯᠦᠭᠴᠢ᠂ ᠰᠤᠷᠤᠭᠴᠢᠳ ᠤᠨ ᠪᠡᠶ᠎ᠡ ᠰᠡᠳᠬᠢᠴᠡ ᠶᠢᠨ ᠡᠷᠡᠭᠦᠯ

ᠮᠠᠨᠳᠤ ᠶᠢᠨ ᠨᠠᠨᠳᠢᠨ ᠵᠦᠪᠯᠡᠭᠴᠢ ᠵᠡᠷᠭᠡ ᠣᠯᠠᠨ ᠲᠠᠯ᠎ᠠ ᠶᠢᠨ ᠡᠬᠦᠷᠬᠡ ᠶᠢ ᠡᠬᠦᠷᠬᠡᠯᠡᠵᠤ ᠪᠤᠢ᠃

      ᠰᠤᠷᠤᠭᠴᠢᠳ ᠠᠩᠬ᠎ᠠ ᠰᠤᠷᠭᠠᠭᠤᠯᠢ ᠳᠤ ᠰᠠᠭᠤᠮᠠᠭᠴᠠ ᠪᠠᠭᠰᠢ ᠰᠣᠷᠣᠭᠴᠢ ᠶᠢᠨ ᠬᠠᠷᠢᠯᠴᠠᠨ

ᠮᠠᠨᠳᠦᠴᠢᠯᠡᠭᠡ ᠠᠴᠠ ᠡᠬᠢᠯᠡᠵᠦ᠂ ᠬᠤᠪᠴᠠᠰᠤ ᠬᠤᠨᠠᠷ ᠢᠶᠠᠨ ᠡᠮᠦᠰᠬᠦ᠂ ᠰᠠᠭᠤᠳᠡᠯ ᠳᠤ ᠲᠦᠪ ᠰᠠᠭᠤᠬᠤ᠂

ᠬᠠᠷᠡᠨᠳᠡ ᠪᠠᠨ ᠵᠦᠪ ᠠᠳᠬᠤᠬᠤ᠂ ᠲᠡᠪᠳᠡᠷ ᠢᠶᠠᠨ ᠬᠡᠷᠬᠢᠨ ᠪᠣᠭᠴᠣᠯᠠᠬᠤ᠂ ᠰᠢᠷᠡᠭᠡ ᠰᠠᠨᠳᠠᠯᠢ ᠪᠠᠨ ᠲᠡᠭᠰᠢᠯᠡᠬᠦ᠂

ᠣᠰᠣᠨ ᠴᠣᠮᠣ ᠪᠠᠨ ᠡᠪᠳᠡᠶᠢᠬᠡᠨ ᠲᠠᠯᠪᠢᠬᠤ᠂ ᠬᠢᠴᠢᠶᠡᠯ ᠢ ᠰᠠᠶᠢᠳᠤᠷ ᠰᠤᠨᠤᠰᠬᠤ᠂ ᠲᠠᠰᠬᠠᠯ ᠢ ᠬᠢᠨᠠᠮᠠᠭᠠᠢ ᠬᠢᠬᠦ᠂

ᠪᠠᠭᠰᠢ ᠶᠢᠨ ᠠᠰᠠᠭᠤᠯᠳᠠ ᠶᠢ ᠵᠣᠷᠢᠭᠳᠠᠢ ᠲᠣᠳᠣ ᠬᠠᠷᠢᠭᠤᠯᠬᠤ ᠵᠡᠷᠬᠡ ᠠᠵᠢᠯᠯᠠᠭ᠎ᠠ ᠨᠢ ᠭᠤᠤᠯᠳᠠᠭᠤ ᠠᠩᠬᠢ ᠶᠢᠨ

ᠡᠷᠬᠢᠯᠡᠭᠴᠢ ᠳᠤ ᠲᠦᠰᠢᠭᠯᠡᠵᠤ ᠪᠠᠶᠠᠯᠡᠭᠳᠡᠳᠡᠭ᠃ ᠠᠩᠬᠢ ᠶᠢᠨ ᠡᠷᠬᠢᠯᠡᠭᠴᠢ ᠪᠤᠯ ᠰᠤᠷᠤᠭᠴᠢᠳ ᠤᠨ ᠨᠢᠳᠤ᠂

ᠪᠤᠳᠤᠯ ᠳᠠᠬᠢ ︽ᠡᠷᠬᠡ ᠰᠦᠷᠳᠡᠨ︾ ᠮᠦᠷᠳᠡᠬᠡᠨ ︽ᠲᠡᠭᠦᠰ ᠴᠢᠳᠠᠪᠦᠷᠢᠳᠡᠨ︾ ᠮᠦᠨ᠃ ᠠᠩᠬᠢ ᠶᠢᠨ

ᠡᠷᠬᠢᠯᠡᠭᠴᠢ ᠶᠢᠨ ᠦᠢᠯᠡ ᠬᠦᠳᠡᠯᠦᠯ ᠨᠢ ᠰᠤᠷᠤᠭᠴᠢᠳ ᠢ ᠰᠢᠭᠤᠳ ᠨᠦᠯᠦᠬᠡᠯᠡᠳᠡᠭ ᠤᠴᠢᠷ ᠠᠴᠠ ᠠᠩᠬᠢ ᠶᠢᠨ

ᠡᠷᠬᠢᠯᠡᠭᠴᠢ ᠡᠷᠭᠡᠪᠰᠢ ᠲᠡᠯᠬᠡᠷ ᠮᠡᠳᠡᠯᠬᠡ᠂ ᠦᠨᠳᠤᠷ ᠬᠡᠪ ᠪᠣᠯᠪᠠᠰᠣᠷᠠᠯ᠂ ᠬᠦᠯᠢᠴᠡᠩᠬᠦᠢ ᠣᠪᠣᠷ᠂ ᠬᠠᠶᠢᠷ᠎ᠠ

ᠬᠠᠷᠢᠭᠤᠴᠠᠯᠭ᠎ᠠ ᠵᠡᠷᠬᠡ ᠤᠯᠠᠨ ᠲᠠᠯ᠎ᠠ ᠪᠠᠷ ᠪᠡᠶ᠎ᠠ ᠪᠠᠨ ᠴᠢᠩᠭ᠎ᠠ ᠱᠠᠭᠠᠷᠳᠠᠬᠤ ᠭᠡᠷᠡᠭᠳᠠᠢ ᠶᠤᠮ᠃

      ᠠᠩᠬᠢ ᠶᠢᠨ ᠡᠷᠬᠢᠯᠡᠭᠴᠢ ᠡᠷᠬᠡᠪᠰᠢ ᠰᠣᠷᠣᠭᠴᠢᠳ ᠤᠨ ᠰᠡᠳᠬᠢᠯ ᠤᠨ ᠨᠠᠶᠢᠵᠠ ᠪᠣᠯᠬᠤ ᠬᠡᠷᠡᠭᠳᠡᠢ᠃

ᠰᠤᠷᠤᠭᠴᠢᠳ ᠢ ᠢᠯᠡᠬᠦᠤ ᠦᠵᠡᠬᠦ᠂ ᠬᠡᠳᠡᠷ ᠲᠤᠭᠰᠢᠨ ᠬᠠᠨᠳᠤᠬᠤ ᠦᠭᠡᠢ ᠪᠠᠶᠢᠪᠠᠯ ᠵᠤᠬᠢᠨ᠎ᠠ᠃ ᠢᠡᠭᠬᠢᠪᠠᠯ ᠰᠠᠶ᠋ᠢ

ᠰᠤᠷᠤᠭᠴᠢᠳ ᠴᠢᠮ᠎ᠠ ᠲᠠᠢ ᠣᠶᠢᠷᠠᠳᠴᠣ᠂ ᠦᠪᠡᠷ ᠤᠨ ᠲᠤᠬᠠᠢ ᠪᠠᠨ ᠡᠷᠢᠶᠡᠯᠡᠯ ᠦᠬᠡᠢ ᠶᠠᠷᠢᠳᠠᠬ ᠪᠤᠯᠤᠨ᠎ᠠ᠂ ᠡᠬᠦᠨ ᠤ

ᠤᠯᠠᠮ ᠠᠴᠠ ᠠᠩᠬᠢ ᠶᠢᠨ ᠡᠷᠬᠢᠯᠡᠭᠴᠢ ᠨᠢ ᠰᠤᠷᠤᠭᠴᠢᠳ ᠤᠨ ᠲᠣᠳᠣᠭᠠᠳᠣ ᠶᠢᠷᠳᠢᠨᠴᠣ ᠶᠢ ᠤᠶᠢᠯᠠᠭᠠᠨ᠂

ᠪᠤᠳᠠᠳᠠᠢ ᠳᠤ ᠨᠢ ᠴᠢᠭᠯᠡᠬᠦᠯᠵᠤ ᠵᠢᠭᠠᠨ ᠵᠢᠯᠦᠭᠤᠳᠬᠤ ᠨᠢ ᠰᠤᠷᠤᠭᠴᠢᠳ ᠤᠨ ᠪᠡᠶ᠎ᠡ ᠰᠡᠳᠬᠢᠴᠡ ᠶᠢᠨ ᠬᠦᠭᠵᠢᠯᠳᠡ ᠳᠤ

ᠠᠰᠢᠭᠳᠠᠢ ᠪᠠᠶᠢᠳᠠᠭ᠃ ᠰᠤᠷᠤᠭᠴᠢ × × ᠨᠠᠳᠡ ᠳᠤ ᠠᠪᠤ ᠡᠵᠢ ᠶᠢᠨ ᠢᠶᠠᠨ ᠬᠡᠷᠡᠬᠦᠯ ᠢ ᠦᠷᠬᠦᠯᠵᠢ ᠶᠠᠷᠢᠳᠠᠭ᠂ ᠪᠢ

ᠲᠡᠭᠦᠨ ᠳᠤ ᠪᠤᠯᠬᠢ ᠪᠦᠳᠦᠬᠦᠯᠢᠭ ᠦᠬᠡ ᠶᠠᠷᠢᠶ᠎ᠠ ᠶᠢ ᠲᠡᠪᠴᠢᠬᠦ᠂ ᠠᠪᠤ ᠡᠵᠢ ᠪᠠᠨ ᠬᠦᠨᠳᠤᠯᠡᠬᠦ᠂ ᠤᠶᠢᠯᠠᠭᠠᠬᠤ

ᠶᠤᠰᠤᠨ ᠢ ᠰᠠᠶᠢᠳᠤᠷ ᠬᠡᠯᠡᠭᠰᠡᠨ ᠠᠴᠠ ᠲᠡᠷᠡ ᠮᠠᠰᠢ ᠲᠤᠮᠤᠭᠠᠳᠠᠢ ᠬᠡᠤᠬᠡᠳ ᠪᠤᠯᠤᠨ ᠬᠦᠮᠦᠵᠢᠭᠰᠡᠨ ᠪᠠᠶᠢᠯ᠎ᠠ᠃ ᠨᠢᠬᠡ

ᠤᠳᠠᠭ᠎ᠠ ᠡᠵᠢ ᠨᠢ ᠤᠳᠠᠰᠤ ᠢᠷᠡᠵᠤ᠄ ︽ᠪᠤᠤ ᠪᠠᠭᠰᠢ ᠡ᠂ ᠲᠠᠨ ᠤ ᠵᠢᠭᠠᠨ ᠵᠢᠯᠤᠭᠤᠳᠤᠯᠭ᠎ᠠ ᠲᠤᠤᠷ᠎ᠡ ᠮᠢᠨᠤ

ᠬᠡᠤᠬᠡᠨ ᠪᠢᠳᠡᠨ ᠤ ᠬᠡᠷᠡᠬᠦᠯ ᠮᠠᠷᠭᠤᠯᠳᠤᠭᠠᠨ ᠤ ᠭᠤᠤᠯ ᠲᠠᠰᠣᠯᠣᠭᠴᠢ ᠪᠤᠯᠵᠠᠢ᠂ ᠲᠡᠷᠡ ᠪᠢᠳᠡᠨ ᠢ ᠪᠤᠯᠪᠡᠰᠤᠨ

ᠶᠠᠷᠢᠬᠤ ᠶᠢ ᠱᠠᠭᠠᠷᠳᠠᠭᠰᠡᠨ ᠠᠴᠠ ᠪᠢᠳᠠ ᠪᠤᠯᠬᠢ ᠪᠦᠳᠦᠬᠦᠯᠢᠭ ᠦᠬᠡ ᠵᠠᠷᠤᠬᠤ ᠪᠠᠨ ᠢᠴᠢᠬᠦ ᠪᠤᠯᠤᠭᠰᠡᠨ ᠮᠦᠷᠳᠡᠬᠡᠨ

ᠬᠡᠷᠡᠯᠳᠦᠬᠦ ᠴᠤ ᠪᠠᠭᠠᠰᠤᠯ᠎ᠠ ᠰᠢᠤ︕︾ ᠬᠡᠵᠡᠢ᠃ ᠡᠨᠡ ᠪᠤᠯ ᠮᠢᠨᠤ ᠰᠤᠷᠤᠭᠴᠢᠳ ᠤᠨ ᠢᠶᠠᠨ ᠰᠡᠳᠬᠢᠯ ᠤᠨ

ᠲᠠᠭᠠᠯᠠᠯ ᠢ ᠤᠯᠵᠤ ᠨᠠᠶᠢᠵᠠᠯᠠᠭᠰᠡᠨ ᠤ ᠨᠢᠭᠡᠨ ᠵᠢᠱᠢᠶ᠎ᠡ ᠮᠦᠨ᠃

      ᠠᠩᠬᠢ ᠶᠢᠨ ᠡᠷᠬᠢᠯᠡᠭᠴᠢ ᠡᠷᠬᠡᠪᠰᠢ ᠰᠣᠷᠣᠭᠴᠢᠳ ᠢᠶᠠᠨ ᠰᠠᠶᠢᠳᠤᠷ ᠤᠶᠢᠯᠠᠭᠠᠬᠤ ᠬᠡᠷᠡᠭᠳᠡᠢ᠃ ᠠᠩᠬᠢ ᠶᠢᠨ

ᠡᠷᠬᠢᠯᠡᠭᠴᠢ ᠶᠢᠨ ᠲᠣᠯᠠᠭᠠᠬᠠᠨ ᠬᠠᠷᠠᠴᠠ᠂ ᠡᠶᠡᠯᠳᠡᠭ ᠶᠠᠷᠢᠶ᠎ᠠ᠂ ᠢᠨᠢᠶᠡᠮᠰᠦᠭ ᠴᠢᠷᠠᠢ ᠨᠢ ᠰᠣᠷᠣᠭᠴᠢᠳ ᠲᠤ ᠬᠡᠴᠢᠨᠡᠬᠡᠨ

ᠶᠡᠭᠡ ᠵᠣᠷᠢᠬᠵᠢᠭᠤᠯᠣᠯ ᠪᠠ ᠢᠳᠡᠬᠡᠯ ᠤᠯᠭᠤᠬᠤ ᠠᠵᠢ᠃ ᠰᠤᠷᠤᠭᠴᠢ × × ᠪᠤᠯ ᠰᠤᠷᠤᠯᠭ᠎ᠠ ᠠᠨᠠᠢ ᠬᠦᠤ ᠶᠤᠮ᠂

ᠨᠢᠬᠡ ᠤᠳᠠᠭ᠎ᠠ ᠲᠡᠷᠡ ᠰᠠᠮᠪᠠᠷ᠎ᠡ ᠶᠢ ᠴᠡᠪᠡᠷ ᠰᠠᠶᠢᠬᠠᠨ ᠵᠦᠯᠬᠦᠭᠰᠡᠨ ᠳᠤ ᠪᠢ ᠲᠡᠭᠦᠨ ᠤ ᠲᠤᠯᠤᠭᠠᠢ ᠶᠢ ᠨᠢ ᠢᠯᠪᠢᠵᠤ᠄

︽ᠮᠢᠨᠤ ᠰᠤᠷᠤᠭᠴᠢ ᠬᠦᠳᠡᠯᠮᠦᠷᠢ ᠶᠢᠨ ᠢᠳᠡᠪᠬᠢᠳᠡᠨ᠂ ᠴᠡᠪᠡᠷᠴᠢ ᠬᠡᠤᠬᠡᠳ ᠪᠠᠶᠢᠨ᠎ᠠ︕︾ ᠬᠡᠰᠡᠨ ᠠᠴᠠ ᠰᠡᠬᠦᠯᠡᠷ

ᠲᠡᠭᠦᠨ ᠤ ᠰᠤᠷᠤᠯᠭ᠎ᠠ ᠨᠢ ᠮᠡᠳᠡᠭᠳᠡᠬᠦ᠋ᠢᠴᠡ ᠲᠡᠭᠡᠭᠰᠢᠯᠡᠵᠡᠢ᠃ ᠲᠡᠬᠦᠨ ᠢ ᠬᠦᠳᠡᠯᠮᠦᠷᠢ ᠶᠢᠨ ᠬᠡᠰᠢᠬᠦᠨ ᠪᠤᠯᠭᠠᠭᠰᠡᠨ ᠳᠤ

ᠬᠤᠭᠤᠴᠠᠭᠠᠨ ᠡᠴᠤᠰ ᠤᠨ ᠰᠤᠷᠤᠯᠭ᠎ᠠ ᠶᠢᠨ ᠬᠢᠷᠢ ᠪᠦᠳᠤᠮᠵᠢ ᠨᠢ ᠠᠩᠬᠢ ᠶᠢᠨ ᠡᠮᠤᠨ᠎ᠠ ᠬᠤᠷᠢ ᠳᠤ ᠤᠷᠤᠭᠰᠠᠨ

ᠪᠠᠶᠢᠨ᠎ᠠ᠃ ᠡᠨᠡ ᠨᠢ ᠲᠠᠷᠤᠢ ᠰᠤᠷᠤᠭᠴᠢ × × ᠶᠢᠨ ᠲᠠᠪᠰᠢᠬᠤ ᠵᠤᠷᠢᠭ ᠢ ᠪᠢ ᠰᠠᠶᠢᠳᠤᠷ ᠤᠶᠢᠯᠠᠭᠠᠭᠰᠡᠨ ᠳᠤ

ᠪᠠᠶᠢᠭ᠎ᠠ ᠶᠤᠮ᠃

      ᠤᠳᠤ ᠪᠢ ᠠᠩᠬᠢ ᠶᠢᠨ ᠡᠷᠬᠢᠯᠡᠭᠴᠢ ᠪᠤᠯᠤᠭᠴᠢ ᠬᠡᠷᠬᠢᠨ ᠰᠣᠷᠣᠭᠴᠢᠳ ᠢᠶᠠᠨ ᠣᠷᠮᠠᠰᠢᠭᠤᠯᠣᠨ

ᠢᠳᠡᠪᠬᠢᠵᠢᠯ ᠢ ᠨᠢ ᠲᠠᠶᠢᠴᠢᠯᠠᠬᠤ ᠲᠣᠬᠠᠢ ᠦᠪᠡᠷ ᠤᠨ ᠦᠵᠡᠯᠳᠡ ᠪᠠᠨ ᠮᠦᠴᠢᠳᠬᠡᠨ ᠲᠣᠷᠠᠳᠣᠶ᠎ᠠ᠃

      ᠨᠢᠬᠡ᠂ ᠦᠬᠡ ᠶᠠᠷᠢᠶ᠎ᠠ᠂ ᠦᠢᠯᠡ ᠬᠦᠳᠡᠯᠦᠯ ᠢᠶᠠᠷ ᠢᠶᠠᠨ ᠰᠣᠷᠣᠭᠴᠢᠳ ᠲᠤ ᠪᠠᠨ ᠲᠠᠭᠤᠷᠢᠶᠠᠯ ᠦᠵᠡᠬᠦᠯᠬᠦ

      ᠠᠩᠬᠢ ᠶᠢᠨ ᠡᠷᠬᠢᠯᠡᠭᠴᠢ ᠠᠩᠬᠢ ᠶᠢᠨ ᠠᠯᠢ ᠣᠯᠠᠨ ᠣᠴᠢᠷ ᠢ ᠭᠠᠷᠳᠠᠨ ᠰᠢᠢᠳᠪᠦᠷᠢᠯᠡᠬᠦ ᠬᠡᠷᠡᠭᠳᠡᠢ᠃ ᠲᠠᠷᠤᠢ

ᠰᠤᠷᠤᠭᠴᠢᠳ ᠤᠨ ᠡᠳᠤᠷ ᠲᠤᠳᠤᠮ ᠤᠨ ᠮᠠᠰᠢ ᠤᠯᠠᠨ ᠬᠡᠷᠡᠭ ᠶᠠᠪᠤᠳᠡᠯ ᠢ ᠡᠮᠬᠢ ᠲᠠᠷᠠᠭ᠎ᠠ ᠲᠠᠢ᠂ ᠴᠢᠨᠠᠷᠯᠢᠭ ᠦᠷ᠎ᠡ

ᠳ᠋ᠦᠩ ᠲᠠᠢ᠂ ᠨᠠᠷᠢᠨ ᠨᠢᠮᠪᠠᠢ ᠬᠢᠬᠦ ᠴᠢᠬᠤᠯᠠᠲᠠᠢ ᠪᠠᠶᠢᠳᠠᠭ᠃

      ᠨᠢᠬᠡᠳᠦᠬᠡᠷ ᠣᠨ ᠤ ᠰᠤᠷᠤᠭᠴᠢᠳ ᠢᠶᠠᠷ ᠵᠢᠱᠢᠶᠡᠯᠡᠭᠰᠡᠨ ᠴᠤ᠂ ᠠᠩᠬᠢ ᠶᠢᠨ ᠡᠷᠬᠢᠯᠡᠭᠴᠢ ᠪᠠᠶᠡᠴᠢᠯᠠᠨ

ᠣᠷᠣᠯᠴᠠᠵᠣ᠂ ᠲᠦᠷᠢᠮᠴᠢᠯᠡᠨ ᠦᠵᠡᠬᠦᠯᠵᠦ ᠬᠢᠬᠦ ᠨᠢ ᠦᠷ᠎ᠡ ᠠᠰᠢᠭ ᠦᠨᠳᠤᠷ ᠪᠠᠶᠢᠳᠠᠭ᠃ ᠱᠠᠯᠠ ᠱᠦᠬᠦᠷᠳᠡᠬᠦ ᠳᠤ

ᠱᠦᠬᠦᠷ ᠢᠶᠠᠨ ᠶᠠᠭᠠᠬᠢᠵᠤ ᠠᠳᠬᠤᠪᠡᠯ ᠭᠠᠷ ᠤᠨ ᠬᠦᠴᠦᠨ ᠳᠤ ᠲᠤᠬᠢᠷᠠᠮᠵᠢᠳᠠᠢ᠂ ᠲᠠᠷᠣᠰᠬᠢᠨ ᠱᠦᠬᠦᠷᠳᠡᠬᠦ ᠨᠢ

ᠲᠣᠭᠤᠰᠣ ᠪᠣᠳᠠᠷᠠᠬᠤ ᠨᠢ ᠪᠠᠭ᠎ᠠ᠂ ᠰᠠᠮᠪᠠᠷ᠎ᠠ ᠶᠢ ᠠᠯᠴᠢᠭᠤᠷ ᠢᠶᠠᠨ ᠨᠣᠷᠠᠭᠠᠭᠠᠳ ᠵᠦᠯᠬᠦᠪᠡᠯ ᠣ ᠶᠢᠨ ᠪᠢᠷ ᠤᠨ

ᠦᠷᠦᠪᠳᠡᠰᠦ ᠪᠣᠳᠠᠷᠠᠬᠤ ᠦᠬᠡᠢ᠂ ᠠᠯᠴᠢᠭᠤᠷ ᠢᠶᠠᠨ ᠲᠡᠯᠬᠡᠨ ᠰᠠᠮᠪᠠᠷ᠎ᠡ ᠰᠢᠷᠡᠭᠡ ᠠᠷᠴᠢᠬᠤ ᠨᠢ ᠵᠦᠯᠬᠦᠬᠦ ᠲᠠᠯᠠᠪᠠᠢ ᠨᠢ

ᠶᠡᠭᠡ᠂ ᠬᠡᠷᠡᠭᠰᠡᠬᠦ ᠴᠠᠭ ᠪᠠᠭ᠎ᠠ᠂ ᠰᠠᠨᠳᠠᠯᠢ ᠲᠡᠭᠡᠷ᠎ᠡ ᠬᠡᠷᠬᠢᠨ ᠯᠠᠪᠳᠠᠭᠤᠨ ᠵᠤᠭᠰᠤᠬᠤ ᠬᠡᠬᠦ ᠮᠡᠳᠤ ᠪᠠᠷ ᠰᠤᠷᠤᠭᠴᠢᠳ ᠲᠤ

ᠬᠦᠳᠡᠯᠮᠦᠷᠢ ᠶᠢᠨ ᠠᠷᠭ᠎ᠠ ᠲᠡᠮ ᠢ ᠮᠡᠳᠡᠬᠦᠯᠵᠤ᠂ ᠠᠮᠤᠷ ᠲᠦᠪᠰᠢᠨ ᠢ ᠠᠩᠬᠠᠷᠤᠭᠤᠯᠬᠤ ᠵᠡᠷᠭᠡ ᠪᠠᠷ ᠠᠩᠬᠢ ᠶᠢᠨ

ᠡᠷᠬᠢᠯᠡᠭᠴᠢ ᠪᠤᠯ ᠭᠠᠭᠴᠠ ᠮᠡᠳᠡᠯᠬᠡ ᠤᠯᠠᠮᠵᠢᠯᠠᠭᠴᠢ ᠪᠢᠰᠢ᠂ ᠪᠠᠰᠠ ᠴᠢᠳᠠᠪᠦᠷᠢ ᠶᠢ ᠤᠯᠠᠮᠵᠢᠯᠠᠭᠴᠢ ᠬᠡᠰᠡᠨ ᠢ

ᠮᠡᠳᠡᠬᠦᠯᠦᠨ᠎ᠡ᠃ ᠬᠡᠬᠦ ᠳᠤ ᠪᠠᠨ ᠪᠠᠭᠰᠢ ᠨᠠᠷ ᠦᠪᠠᠷ ᠤᠨ ᠶᠠᠪᠤᠵᠤ ᠰᠠᠭᠤᠬᠤ᠂ ᠭᠦᠳᠠᠯᠵᠤ ᠪᠠᠷᠢᠬᠤ ᠵᠢᠴᠢ ᠠᠵᠢᠯᠯᠠᠬᠤ

ᠰᠢᠷᠡᠬᠡᠨ ᠤ ᠬᠤᠷᠭᠤ ᠪᠠᠨ ᠡᠮᠬᠢᠯᠡᠬᠦ᠂ ᠲᠡᠪᠳᠡᠷ ᠨᠣᠮ ᠢᠶᠠᠨ ᠲᠡᠭᠰᠢᠯᠡᠬᠦ᠂ ᠤ ᠶᠢᠨ ᠪᠢᠷ ᠢᠶᠠᠨ ᠬᠠᠶᠢᠷᠠᠯᠠᠬᠤ᠂ ᠫᠧᠩᠰᠡ ᠲᠠᠢ

ᠴᠡᠴᠡᠭ ᠢ ᠨᠠᠷᠢᠨ ᠬᠢᠨᠠᠮᠠᠭᠠᠢ ᠤᠰᠤᠯᠠᠨ ᠠᠷᠠᠴᠢᠯᠠᠬᠤ ᠨᠢ ᠴᠤ ᠰᠤᠷᠤᠭᠴᠢᠳ ᠲᠤ ᠠᠵᠢᠯᠴᠢ ᠪᠤᠷᠤᠭᠵᠢᠭᠤᠨ ᠬᠢᠬᠡᠳ

ᠭᠤᠸ᠎ᠠ ᠰᠠᠶᠢᠬᠠᠨ ᠤ ᠬᠦᠮᠦᠵᠢᠯ ᠢ ᠲᠠᠮ ᠢᠶᠠᠷ ᠬᠦᠷᠳᠡᠭᠡᠭᠰᠡᠨ ᠶᠠᠪᠤᠳᠠᠯ ᠪᠤᠯᠤᠨ᠎ᠠ᠃ ᠠᠩᠬᠢ ᠶᠢᠨ ᠬᠡᠷ ᠤᠨ ᠴᠡᠪᠡᠷ

ᠲᠡᠭᠰᠢ ᠶᠢ ᠱᠠᠭᠠᠷᠳᠠᠬᠤ ᠨᠢ ᠰᠣᠷᠣᠭᠴᠢᠳ ᠲᠤ ᠪᠠᠨ ᠦᠪᠡᠷ ᠤᠨ ᠠᠮᠢᠳᠣᠷᠠᠬᠤ᠂ ᠰᠣᠷᠣᠯᠴᠠᠬᠤ ᠣᠷᠴᠢᠨ ᠢᠶᠠᠨ

ᠠᠷᠢᠭᠤᠨ ᠴᠡᠪᠡᠷ ᠪᠠᠶᠢᠯᠭᠠᠬᠤ ᠶᠢ ᠮᠡᠳᠡᠬᠦᠯᠦᠭᠰᠡᠨ ᠬᠡᠷᠡᠭ ᠪᠤᠯᠬᠤ ᠪᠦᠬᠡᠳ ᠠᠷᠢᠭᠤᠨ ᠴᠡᠪᠡᠷ ᠢ ᠡᠷᠬᠢᠮᠯᠡᠬᠦ ᠶᠢᠨ

ᠴᠢᠬᠤᠯᠠ ᠴᠢᠨᠡᠷ ᠢ ᠤᠶᠢᠯᠠᠭᠠᠭᠤᠯᠤᠭᠰᠡᠨ ᠶᠠᠪᠤᠳᠡᠯ ᠪᠤᠯᠬᠤ ᠶᠤᠮ᠃

      ᠪᠠᠭᠰᠢ ᠶᠢᠨ ᠲᠠᠭᠤᠨ ᠤ ᠡᠷᠬᠦᠯᠳᠡ ᠲᠠᠷᠣᠯᠳᠠ ᠵᠢᠴᠢ ᠦᠩᠬᠡ ᠶᠢᠨ ᠬᠤᠪᠢᠷᠡᠯ ᠨᠢ ᠰᠣᠷᠣᠭᠴᠢ ᠶᠢᠨ

ᠠᠰᠠᠭᠤᠯᠳᠠ ᠬᠠᠷᠢᠭᠤᠯᠬᠤ ᠦᠷ᠎ᠡ ᠳ᠋ᠦᠩ ᠢ ᠰᠢᠭᠤᠳ ᠨᠦᠯᠦᠬᠡᠯᠡᠳᠡᠭ᠃ ᠪᠠᠭᠰᠢ ᠶᠢᠨ ᠨᠠᠮᠤᠭᠤᠬᠠᠨ ᠵᠦᠬᠡᠯᠡᠨ

ᠬᠡᠯᠡᠬᠦ ᠨᠢ ᠰᠤᠷᠤᠭᠴᠢᠳ ᠢ ᠵᠣᠷᠢᠭᠳᠠᠢ ᠪᠤᠯᠭᠠᠵᠤ᠂ ᠵᠠᠩᠳᠤᠷᠴᠤ ᠲᠤᠭᠳᠤᠷᠬᠤ᠂ ᠰᠢᠬᠠᠮᠳᠠᠭᠤᠯᠤᠨ ᠪᠠᠷᠬᠢᠷᠠᠬᠤ ᠨᠢ

ᠠᠶᠤᠩᠭᠤᠷᠢ ᠲᠦᠷᠦᠭᠳᠡᠬᠦᠯᠵᠤ᠂ ᠡᠷᠴᠢ ᠵᠤᠷᠢᠭ ᠤᠨ ᠡᠷᠴᠢᠮ ᠢ ᠠᠯᠳᠠᠷᠠᠭᠠᠬᠤ ᠳᠤ ᠭᠦᠷᠦᠭᠦᠯᠳᠡᠭ᠃ ᠪᠠᠭᠰᠢ ᠶᠢᠨ

ᠡᠶᠡᠯᠳᠡᠭ ᠬᠠᠷᠠᠴᠠ᠂ ᠵᠦᠬᠡᠯᠡᠨ ᠠᠶᠠᠯᠭᠤ ᠨᠢ ᠰᠤᠷᠤᠭᠴᠢᠳ ᠤᠨ ᠣᠷᠮ᠎ᠠ ᠢᠳᠡᠬᠡᠯ ᠢ ᠲᠠᠶᠢᠴᠢᠯᠠᠵᠣ          

ᠴᠢᠳᠠᠳᠠᠬ᠃ ᠡᠶᠢᠮᠦ ᠠᠴᠠ ᠠᠩᠬᠢ ᠶᠢᠨ ᠡᠷᠬᠢᠯᠡᠭᠴᠢ ᠪᠡᠶ᠎ᠡ ᠳᠤ ᠪᠠᠨ ᠦᠨᠳᠤᠷ ᠱᠠᠭᠠᠷᠳᠠᠯᠭ᠎ᠠ ᠲᠠᠯᠪᠢᠵᠤ ᠪᠠᠶᠢᠬᠤ

ᠬᠡᠷᠡᠭᠳᠡᠢ᠃ × × ᠪᠤᠯ ᠲᠤᠭᠠᠨ ᠤ ᠬᠢᠷᠢ ᠪᠦᠳᠦᠮᠵᠢ ᠠᠨᠠᠶᠢᠬᠠᠨ ᠰᠤᠷᠤᠭᠴᠢ ᠴᠤ ᠮᠠᠰᠢ ᠴᠤᠪᠤᠭᠤᠯᠢᠭ ᠬᠡᠤᠬᠡᠳ

ᠶᠤᠮ᠂ ᠪᠢ ᠨᠢᠬᠡ ᠤᠳᠠᠭ᠎ᠠ ᠲᠡᠭᠦᠨ ᠳᠤ ᠨᠢᠬᠡᠨᠳᠡ ᠰᠤᠷᠤᠭᠰᠡᠨ ᠲᠤᠭᠠᠨ ᠤ ᠬᠢᠴᠢᠶᠡᠯ ᠢ ᠨᠢ ᠵᠢᠯᠦᠭᠤᠳᠤᠭᠰᠡᠨ ᠤ

ᠲᠠᠷᠠᠭ᠎ᠠ ᠲᠡᠭᠦᠨ ᠢᠶᠠᠷ ᠪᠤᠯᠪᠡᠰᠤᠷᠡᠯ ᠬᠢᠯᠬᠡᠭᠰᠡᠨ ᠳᠤ ᠪᠦᠷ ᠴᠢᠳᠠᠭᠰᠡᠨ ᠪᠠᠶᠢᠯ᠎ᠠ᠃ ᠪᠢ ᠭᠠᠶᠢᠬᠠᠵᠤ᠄ ︽ᠲᠠ          

ᠡᠶᠢᠮᠦ ᠬᠤᠷᠴᠡ ᠰᠡᠷᠬᠡᠢ ᠪᠠᠶᠢᠳᠠᠯ᠎ᠠ ᠶᠠᠭᠠᠬᠢᠭᠠᠳ ᠲᠤᠭᠠᠨ ᠤ ᠬᠢᠷᠢ ᠪᠦᠳᠦᠮᠵᠢ ᠴᠢᠨᠢ ᠠᠨᠠᠶᠢᠬᠠᠨ ᠪᠠᠶᠢᠭ᠎ᠠ          

ᠪᠤᠢ︖︾ ᠬᠡᠰᠡᠨ ᠳᠤ ᠲᠡᠷᠡ ᠬᠡᠰᠡᠭ ᠤᠳᠠᠭᠠᠳ᠄ ︽ᠪᠠᠭᠰᠢ ᠠᠴᠠ ᠠᠶᠤᠭᠠᠳ ᠬᠢᠴᠢᠶᠡᠯᠯᠡᠭᠡ ᠳᠤ ᠠᠩᠬᠠᠷᠤᠯ

ᠲᠦᠪᠯᠡᠷᠡᠵᠤ ᠦᠭᠬᠦ ᠦᠬᠡᠢ︕︾ ᠬᠡᠵᠡᠢ᠃ ᠪᠢ᠄ ︽ᠬᠡᠷᠪᠡ ᠪᠢ ᠲᠠ ᠪᠤᠯᠤᠭᠰᠡᠨ ᠪᠤᠯ ᠲᠤᠭᠠᠨ ᠤ ᠬᠢᠴᠢᠶᠡᠯ ᠳᠤ

ᠢᠩᠬᠢᠵᠤ ᠰᠤᠨᠤᠰᠤᠨ᠎ᠠ᠂ ᠪᠤᠯᠪᠡᠰᠤᠷᠡᠯ ᠢᠶᠠᠨ ᠢᠩᠬᠢᠵᠤ ᠬᠢᠨ᠎ᠡ ᠁︾ ᠬᠡᠬᠦ ᠮᠡᠳᠤ ᠲᠦᠷᠰᠦᠯᠡᠨ ᠶᠠᠷᠢᠬᠤ ᠶᠢᠨ

ᠬᠠᠮᠳᠤ ᠵᠤᠷᠢᠭ ᠢ ᠨᠢ ᠬᠦᠪᠴᠢᠯᠡᠵᠤ᠂ ᠲᠤᠭᠠᠨ ᠤ ᠪᠠᠭᠰᠢ ᠲᠠᠢ ᠨᠢ ᠰᠠᠨᠠᠯ ᠢᠶᠠᠨ ᠰᠤᠯᠢᠯᠴᠠᠭᠰᠡᠨ ᠤ ᠰᠡᠬᠦᠯᠡᠷ ×

× ᠤᠨ ᠲᠤᠭᠠᠨ ᠤ ᠬᠢᠷᠢ ᠪᠦᠳᠤᠮᠵᠢ ᠮᠡᠳᠡᠭᠳᠡᠮ᠎ᠡ ᠲᠦᠷᠬᠡᠨ ᠲᠡᠭᠡᠭᠰᠢᠯᠡᠵᠡᠢ᠃

      ᠬᠤᠶᠠᠷ᠂ ᠰᠣᠷᠣᠭᠴᠢᠳ ᠢᠶᠠᠨ ᠴᠠᠭ ᠲᠣᠬᠠᠢ ᠳᠤ ᠨᠢ ᠣᠷᠮᠠᠰᠢᠭᠤᠯᠣᠨ ᠵᠣᠷᠢᠬᠵᠢᠭᠤᠯᠬᠤ

      ᠠᠩᠬᠢ ᠶᠢᠨ ᠡᠷᠬᠢᠯᠡᠭᠴᠢ ᠪᠣᠯᠣᠭᠰᠠᠳ ᠰᠣᠷᠣᠭᠴᠢᠳ ᠤᠨ ᠢᠶᠠᠨ ᠨᠠᠷᠠᠨ ᠲᠠᠯ᠎ᠠ — ᠲᠠᠪᠠᠭᠤᠯᠢᠭ ᠵᠦᠢᠯ ᠢ

ᠠᠵᠢᠨ ᠰᠡᠷᠡᠵᠦ ᠴᠠᠭ ᠢᠮᠠᠭᠳᠠ ᠣᠷᠮᠠᠰᠢᠭᠤᠯᠣᠨ ᠵᠣᠷᠢᠬᠵᠢᠭᠤᠯᠵᠣ ᠪᠠᠶᠢᠪᠠᠯ ᠰᠤᠷᠤᠭᠴᠢᠳ ᠰᠠᠶ᠋ᠢ ᠪᠠᠶ᠎ᠠ ᠳᠤ ᠪᠠᠨ

ᠢᠳᠡᠬᠡᠯ ᠲᠠᠢ᠂ ᠦᠬᠡᠳᠡᠷᠬᠡᠭ ᠪᠣᠳᠣᠯ ᠲᠠᠢ᠂ ᠴᠢᠯᠦᠬᠡᠳᠡᠢ ᠰᠡᠳᠬᠢᠵᠦ᠂ ᠵᠣᠷᠢᠭᠳᠠᠢ ᠶᠠᠷᠢᠬᠤ᠂ ᠪᠠᠶᠠᠰᠤᠩᠭᠤᠢ

ᠢᠳᠡᠪᠬᠢᠳᠡᠨ ᠪᠣᠯᠵᠣ ᠬᠦᠮᠦᠵᠢᠭᠳᠡᠳᠡᠭ᠃

      ᠴᠦᠬᠡᠨ ᠲᠣᠭᠠᠨ ᠤ ᠪᠠᠭᠰᠢ ᠰᠢᠬᠦᠭᠴᠢ ᠶᠢᠨ ᠣᠪᠣᠷ ᠢᠶᠠᠷ ᠰᠤᠷᠤᠭᠴᠢᠳ ᠲᠤ ᠪᠠᠨ ᠬᠠᠨᠳᠣᠵᠣ᠂ ᠲᠡᠳᠡᠨ ᠢ

ᠶᠠᠭᠤ ᠶᠠᠭᠠᠬᠢᠬᠤ ᠪᠠᠨ ᠮᠡᠳᠡᠬᠦ ᠦᠬᠡᠢ ᠪᠣᠯᠭᠠᠳᠠᠭ᠂ ᠰᠤᠷᠤᠭᠴᠢᠳ ᠢᠶᠠᠨ ᠠᠶᠠᠨᠳᠠᠭᠠᠨ ᠪᠡᠶ᠎ᠠ ᠠᠴᠠ ᠬᠦᠨᠳᠡᠶᠢᠷᠡᠬᠦᠯᠵᠤ

ᠤᠷᠬᠢᠳᠠᠭ᠃ ᠰᠤᠷᠤᠭᠴᠢᠳ ᠲᠠᠢ ᠪᠠᠨ ᠢᠯᠡᠬᠦᠦ ᠬᠠᠷᠢᠴᠠᠵᠣ᠂ ᠲᠣᠳᠣᠭᠠᠳᠣ ᠰᠡᠳᠬᠢᠯ ᠢ ᠨᠢ ᠢᠯᠡᠬᠦᠦ ᠠᠩᠬᠠᠷᠣᠨ᠂

ᠰᠠᠨᠠᠯ ᠪᠣᠳᠣᠯ ᠢᠶᠠᠨ ᠴᠢᠯᠦᠬᠡᠳᠡᠢ ᠶᠠᠷᠢᠯᠴᠠᠬᠤ ᠨᠢ ᠰᠤᠷᠤᠭᠴᠢᠳ ᠤᠨ ᠡᠷᠡᠬᠦᠯ ᠮᠡᠨᠳᠤ ᠪᠠᠷ ᠦᠰᠦᠨ ᠪᠤᠶᠢᠵᠢᠬᠤ ᠳᠤ

ᠮᠠᠰᠢ ᠴᠢᠬᠤᠯᠠ᠃ ᠬᠡᠷ ᠤᠨ ᠠᠬᠠᠮᠡᠳ ᠪᠤᠶᠤ ᠪᠠᠭᠰᠢ ᠦᠷᠦᠬᠡᠰᠦᠯ ᠢᠶᠠᠷ ᠱᠠᠭᠠᠷᠳᠠᠬᠤ᠂ ᠦᠪᠡᠷ ᠤᠨ ᠵᠠᠭᠪᠣᠷ ᠢᠶᠠᠷ

ᠬᠡᠦᠬᠡᠳ ᠢᠶᠠᠨ ᠲᠤᠮᠢᠶᠠᠯᠠᠬᠤ ᠨᠢ ᠴᠦᠮ ᠭᠡᠳᠡᠷᠭᠦ ᠦᠢᠯᠡᠳᠦᠯ ᠭᠠᠷᠭᠠᠵᠣ ᠮᠡᠳᠡᠨ᠎ᠡ᠃ ᠰᠤᠷᠤᠭᠴᠢᠳ ᠢᠶᠠᠨ

ᠣᠶᠢᠯᠠᠭᠠᠵᠣ᠂ ᠴᠠᠭ ᠲᠤᠬᠠᠢ ᠳᠤ ᠨᠢ ᠤᠷᠮᠠᠰᠢᠭᠤᠯᠤᠨ ᠵᠣᠷᠢᠬᠵᠢᠭᠤᠯᠬᠤ ᠨᠢ ᠠᠮᠵᠢᠯᠳᠠ ᠳᠤ ᠬᠦᠷᠬᠦ ᠶᠢᠨ ᠤᠷᠢᠳᠡᠯ

ᠮᠦᠨ᠃

      ︽ᠴᠡᠴᠡᠭ ᠨᠢᠬᠡ ᠪᠦᠷᠢ ᠲᠡᠯᠬᠡᠷᠡᠬᠦ ᠴᠠᠭ ᠨᠢ ᠠᠳᠠᠯᠢ ᠦᠬᠡᠢ᠂ ᠴᠠᠭ ᠨᠢ ᠲᠤᠯᠪᠠᠰᠤ ᠴᠡᠴᠡᠭ ᠪᠦᠬᠦᠨ

ᠠᠶᠠᠨᠳᠠᠭᠠᠨ ᠲᠡᠯᠬᠡᠷᠡᠮᠤᠢ︾ ᠬᠡᠳᠡᠭᠴᠢᠯᠠᠨ ᠪᠠᠭᠰᠢ ᠪᠤᠯᠤᠭᠰᠡᠳ ᠰᠤᠷᠤᠭᠴᠢ ᠪᠤᠯᠭᠠᠨ ᠤ ᠬᠦᠯᠢᠶᠡᠨ ᠠᠪᠬᠤ

ᠴᠢᠳᠠᠪᠦᠷᠢ ᠨᠢ ᠠᠳᠠᠯᠢ ᠪᠣᠰᠣ᠂ ᠴᠡᠬᠡᠵᠢᠯᠡᠨ ᠲᠤᠭᠳᠠᠭᠠᠬᠤ ᠬᠤᠷᠳᠤᠴᠡ ᠨᠢ ᠠᠳᠠᠯᠢ ᠪᠣᠰᠣ᠂ ᠪᠡᠶᠡᠯᠡᠬᠦᠯᠬᠦ

ᠬᠤᠭᠤᠴᠠᠭ᠎ᠠ ᠨᠢ ᠠᠳᠠᠯᠢ ᠪᠣᠰᠣ ᠪᠤᠯᠬᠤᠷ ᠨᠢᠬᠡᠯᠡᠬᠡᠨ ᠬᠡᠮᠵᠢᠬᠦᠷ ᠢᠶᠠᠷ ᠬᠡᠮᠵᠢᠬᠦ ᠨᠢ ᠰᠤᠷᠤᠭᠴᠢᠳ ᠤᠨ ᠦᠪᠡᠷᠮᠢᠴᠡ

ᠣᠨᠴᠠᠯᠢᠭ ᠢ ᠪᠠᠳᠠᠷᠠᠭᠤᠯᠬᠤ ᠳᠤ ᠵᠣᠬᠢᠰ ᠦᠬᠡᠢ ᠬᠡᠳᠡᠭ ᠢ ᠮᠡᠳᠡᠵᠤ᠂ ᠠᠳᠠᠯᠢ ᠪᠣᠰᠣ ᠰᠣᠷᠣᠭᠴᠢ ᠳᠤ ᠠᠳᠠᠯᠢ          

ᠪᠣᠰᠣ ᠱᠠᠭᠠᠷᠳᠠᠯᠭ᠎ᠠ ᠲᠠᠯᠪᠢᠵᠣ ᠰᠤᠷᠤᠭᠴᠢ ᠪᠣᠯᠭᠠᠨ ᠣᠯᠣᠯᠳᠠ ᠲᠠᠢ᠂ ᠲᠠᠪᠰᠢᠯᠳᠠ ᠲᠠᠢ ᠪᠠᠶᠢᠬᠤ ᠶᠢ          

ᠬᠦᠨᠳᠤᠳᠬᠡᠨ᠎ᠡ᠃ ᠬᠡᠦᠬᠡᠳ ᠤᠨ ᠵᠣᠷᠢᠭ ᠮᠣᠬᠤᠬᠤ᠂ ᠪᠠᠶ᠎ᠠ ᠪᠠᠨ ᠭᠤᠯᠤᠬᠤ᠂ ᠢᠳᠡᠪᠬᠢᠵᠢᠯ ᠮᠠᠭᠤᠳᠠᠬᠤ

ᠦᠵᠡᠭᠳᠡᠯ ᠠᠴᠠ ᠵᠠᠶᠢᠯᠠᠰᠬᠢᠬᠤ ᠬᠡᠷᠡᠭᠳᠡᠢ᠃ ᠵᠢᠱᠢᠶᠡᠯᠡᠪᠡᠯ᠂ ᠪᠢᠳᠡ ᠠᠳᠠᠯᠢ ᠪᠣᠰᠣ ᠰᠤᠷᠤᠭᠴᠢ ᠳᠤ ᠠᠳᠠᠯᠢ ᠪᠣᠰᠣ

ᠲᠡᠭᠳᠡᠷᠯᠢᠭ ᠴᠢᠨᠠᠷᠳᠤ ᠲᠠᠰᠬᠠᠯ ᠲᠣᠬᠢᠷᠠᠭᠤᠯᠵᠣ᠂ ᠲᠠᠪᠰᠢᠯᠳᠠ ᠲᠠᠢ ᠳᠤ ᠨᠢ ᠴᠡᠴᠡᠭ ᠵᠡᠬᠦᠯᠬᠡᠬᠦ ᠪᠣᠶᠣ ᠣᠳᠣᠨ

ᠱᠠᠩᠨᠠᠬᠤ ᠬᠡᠯᠪᠡᠷᠢ ᠪᠠᠷ ᠤᠷᠮᠠᠰᠢᠭᠤᠯᠤᠨ᠎ᠠ᠃ ᠲᠣᠮᠳᠠ ᠶᠢᠨ ᠰᠣᠷᠣᠭᠴᠢ ᠪᠣᠶᠣ ᠰᠢᠯᠢᠳᠡᠭ ᠰᠣᠷᠣᠭᠴᠢ ᠳᠤ ᠪᠦᠷᠢᠨ

ᠵᠦᠪ ᠲᠦᠷᠢᠮᠵᠢᠬᠦᠨ ᠬᠢᠬᠦ ᠶᠢ ᠴᠢᠬᠤᠯᠠᠴᠢᠯᠠᠵᠣ᠂ ᠣᠷᠣᠯᠳᠣᠭᠠᠨ ᠵᠠᠷᠯᠠᠬᠤ ᠬᠡᠯᠪᠡᠷᠢ ᠪᠠᠷ ᠢᠳᠡᠪᠬᠢᠵᠢᠯ ᠢ ᠨᠢ

ᠬᠦᠭᠵᠢᠬᠡᠨ᠎ᠡ᠃ ᠵᠦᠪ᠂ ᠲᠦᠷᠬᠡᠨ᠂ ᠲᠦᠷᠢᠮᠵᠢᠬᠦᠨ᠂ ᠪᠠᠷᠢᠮᠵᠢᠶ᠎ᠠ ᠬᠢᠭᠰᠡᠳ ᠢ ᠰᠠᠶᠢᠰᠢᠶᠠᠵᠤ᠂ ᠪᠤᠰᠤᠳ ᠢ ᠨᠢ

ᠵᠢᠭᠠᠬᠠᠨ ᠤᠯᠤᠯᠳᠡ ᠲᠠᠢ ᠪᠤᠯ ᠵᠤᠷᠢᠬᠵᠢᠭᠤᠯᠤᠨ᠎ᠠ᠃

      ᠰᠤᠷᠤᠭᠴᠢ × × ᠪᠤᠯ ᠰᠢᠯᠢᠳᠡᠭ ᠰᠤᠷᠤᠯᠭᠠᠳᠡᠨ ᠮᠦᠨ᠂ ᠬᠡᠪᠡᠴᠤ ᠨᠢᠬᠡ ᠤᠳᠠᠭᠠᠨ ᠤ ᠮᠤᠩᠭᠤᠯ ᠬᠡᠯᠡᠨ ᠤ

ᠰᠢᠯᠭᠠᠯᠳᠡ ᠳᠤ ᠬᠠᠨᠣᠮᠵᠢ ᠦᠬᠡᠢ ᠰᠢᠯᠭᠠᠵᠤ ᠶᠡᠬᠡᠬᠡᠨ ᠲᠤᠷ᠎ᠡ ᠭᠤᠳᠤᠭᠰᠡᠨ ᠪᠠᠶᠢᠯ᠎ᠠ᠃ ᠪᠢ ᠲᠡᠭᠦᠨ ᠳᠤ᠄ ︽ᠲᠠᠨ ᠤ

ᠡᠮᠡᠭᠡ ᠦᠩᠬᠡᠷᠡᠭᠡᠳ ᠬᠡᠳᠤᠨ ᠡᠳᠤᠷ ᠰᠠᠭᠠᠳᠠᠭᠰᠡᠨ ᠪᠤᠯᠬᠤᠷ ᠬᠡᠳᠤᠨ ᠡᠳᠤᠷ ᠤᠨ ᠬᠢᠴᠢᠶᠡᠯ ᠬᠤᠴᠤᠷᠤᠭᠰᠡᠨ ᠲᠡᠳᠤᠢ᠂

ᠪᠠᠭᠰᠢ ᠨᠢ ᠴᠢᠮ᠎ᠠ ᠳᠤ ᠨᠦᠬᠦᠵᠤ ᠦᠭᠬᠦᠶ᠎ᠡ᠂ ᠲᠠ ᠴᠢᠷᠮᠠᠶᠢᠪᠡᠯ ᠪᠠᠰᠠ ᠯᠡ ᠰᠢᠯᠢᠳᠡᠭ ᠰᠤᠷᠤᠯᠭᠠᠳᠡᠨ ᠪᠤᠯᠵᠤ

ᠪᠤᠯᠤᠨ᠎ᠡ ᠰᠢᠤ︕︾ ᠬᠡᠵᠤ ᠬᠠᠪᠰᠤᠷᠤᠭᠰᠡᠨ ᠠᠴᠠ ᠲᠡᠷᠡ ᠰᠤᠷᠤᠯᠭ᠎ᠠ ᠳᠤ ᠪᠠᠨ ᠬᠤᠰᠢᠭᠤᠷᠡᠵᠤ ᠭᠠᠷᠣᠭᠰᠠᠨ

ᠪᠠᠶᠢᠯ᠎ᠠ᠃ ᠡᠨᠡ ᠪᠤᠯ ᠰᠤᠷᠤᠭᠴᠢ ᠶᠢ ᠴᠠᠭ ᠲᠤᠬᠠᠢ ᠳᠤ ᠨᠢ ᠠᠵᠢᠵᠤ᠂ ᠪᠠᠶᠢᠳᠡᠯ ᠳᠤ ᠨᠢ ᠲᠤᠬᠢᠷᠠᠭᠤᠯᠤᠨ

ᠵᠤᠷᠢᠬᠵᠢᠭᠤᠯᠤᠭᠰᠡᠨ ᠠᠴᠠ ᠪᠤᠯᠤᠭᠰᠡᠨ ᠶᠤᠮ᠃

      ᠠᠩᠬᠢ ᠶᠢᠨ ᠡᠷᠬᠢᠯᠡᠭᠴᠢ ᠪᠤᠯᠤᠭᠰᠠᠳ ᠰᠤᠷᠤᠭᠴᠢ ᠨᠢᠭᠡ ᠪᠦᠷᠢ ᠶᠢᠨ ᠲᠠᠪᠠᠭᠤᠯᠢᠭ ᠲᠠᠯ᠎ᠠ ᠶᠢ ᠤᠯᠵᠤ ᠬᠠᠷᠠᠬᠤ

ᠮᠦᠷᠳᠡᠬᠡᠨ ᠪᠠᠳᠠᠷᠠᠭᠤᠯᠵᠤ᠂ ᠰᠤᠷᠤᠯᠴᠠᠬᠤ ᠢᠳᠡᠪᠬᠢᠵᠢᠯ ᠢ ᠨᠢ ᠲᠠᠶᠢᠴᠢᠯᠡᠵᠦ ᠴᠢᠳᠠᠪᠡᠯ ᠰᠠᠶ᠋ᠢ ᠲᠠᠳᠠᠨ ᠢ ᠵᠤᠷᠢᠬᠳᠡᠢ᠂

ᠢᠳᠡᠬᠡᠯ ᠲᠠᠢ᠂ ᠴᠢᠯᠦᠬᠡᠳᠡᠢ ᠰᠡᠳᠬᠢᠬᠦ ᠲᠠᠳᠬᠠᠯ ᠲᠠᠢ ᠪᠤᠯᠭᠠᠵᠤ ᠲᠡᠶᠢᠯᠦᠨ᠎ᠡ᠃

      ᠭᠤᠷᠪᠠ᠂ ᠰᠣᠷᠣᠭᠴᠢᠳ ᠢᠶᠠᠨ ᠲᠠᠭᠠᠭᠤᠯᠣᠨ ᠠᠵᠢᠯ ᠬᠦᠳᠡᠯᠮᠦᠷᠢ ᠳᠤ ᠪᠡᠶᠡᠴᠢᠯᠠᠨ ᠣᠷᠣᠯᠴᠠᠬᠤ

      ᠬᠦᠳᠡᠯᠮᠦᠷᠢ ᠶᠢᠨ ᠪᠠᠶᠠᠷ ᠪᠠᠭ᠋ᠠᠳᠣᠯ ᠢ ᠡᠳ᠋ᠯᠡᠭᠦᠯᠵᠦ᠂ ᠬᠦᠳᠡᠯᠮᠦᠷᠢ ᠶᠢ ᠬᠦᠨᠳᠦᠳᠬᠡᠬᠦ ᠶᠣᠰᠣ ᠣᠴᠢᠷ ᠢ

ᠪᠠᠭᠰᠢ ᠠᠴᠠ ᠪᠠᠶᠡᠴᠢᠯᠠᠨ ᠮᠡᠳᠡᠬᠦᠯᠬᠦ ᠨᠢ ᠰᠣᠷᠣᠭᠴᠢᠳ ᠢ ᠤᠷᠮᠠᠰᠢᠭᠤᠯᠵᠤ᠂ ᠰᠤᠷᠤᠯᠴᠠᠬᠤ ᠢᠳᠡᠪᠬᠢᠵᠢᠯ ᠢ ᠨᠢ

ᠲᠠᠶᠢᠴᠢᠯᠠᠬᠤ ᠦᠷ᠎ᠡ ᠠᠰᠢᠭ ᠦᠨᠳᠣᠷ ᠠᠷᠭ᠎ᠠ ᠵᠠᠮ ᠪᠤᠯᠤᠨ᠎ᠠ᠃

      ᠵᠢᠵᠢᠬᠦᠷ ᠬᠢᠬᠦ ᠳᠤ ᠪᠠᠭᠰᠢ ᠠᠴᠠ ᠲᠦᠷᠢᠮ ᠦᠵᠡᠬᠦᠯᠬᠦ ᠨᠢ ᠰᠢᠭᠤᠳ ᠢᠩᠬᠢᠵᠦ ᠬᠢ᠂ ᠲᠡᠬᠡᠵᠦ ᠬᠢ

ᠬᠡᠬᠦ ᠠᠴᠠ ᠲᠡᠬᠡᠷ᠎ᠡ᠃ ᠣᠳᠣᠬᠢ ᠰᠤᠷᠤᠭᠴᠢᠳ ᠬᠢᠬᠦ ᠲᠣᠷ᠎ᠠ ᠦᠬᠡᠢ ᠪᠣᠶᠣ ᠬᠢᠬᠦ ᠵᠠᠪᠰᠢᠶᠠᠨ ᠦᠬᠡᠢ ᠪᠠᠶᠢᠳᠠᠭ᠂

ᠵᠠᠷᠢᠮ ᠬᠡᠷ ᠤᠨ ᠠᠬᠠᠮᠠᠳ ᠨᠢ ᠬᠡᠦᠬᠡᠳ ᠤᠨ ᠪᠠᠶ᠎ᠠ ᠪᠠᠨ ᠲᠠᠭᠠᠭᠠᠨ ᠬᠢᠬᠦ ᠶᠢ ᠣᠮᠳᠣᠭᠠᠶᠢᠯᠠᠭᠰᠠᠨ ᠠᠴᠠ ᠰᠣᠷᠣᠭᠴᠢ

ᠪᠣᠭᠴᠣ ᠪᠠᠨ ᠬᠦᠷᠳᠡᠯ᠎ᠡ ᠦᠪᠡᠷ ᠢᠶᠠᠨ ᠡᠬᠦᠷᠬᠦ ᠦᠬᠡᠢ᠂ ᠣᠰᠣᠨ ᠴᠣᠮᠣ ᠪᠠᠨ ᠬᠦᠷᠳᠡᠯ᠎ᠡ ᠠᠳᠬᠤᠬᠤ ᠦᠬᠡᠢ ᠪᠠᠶᠢᠳᠠᠯ

ᠨᠡᠶᠢᠳᠡᠮ ᠤᠨ ᠦᠵᠡᠭᠳᠡᠯ ᠪᠤᠯᠵᠠᠢ᠃ ᠡᠶᠢᠮᠦ ᠠᠴᠠ ᠠᠩᠬᠢ ᠶᠢᠨ ᠡᠷᠬᠢᠯᠡᠭᠴᠢ ᠰᠤᠷᠤᠭᠴᠢᠳ ᠢ ᠠᠵᠢᠯ ᠬᠦᠳᠡᠯᠮᠦᠷᠢ ᠳᠤ

ᠣᠷᠣᠯᠴᠠᠭᠤᠯᠬᠤ ᠨᠢ ᠮᠠᠰᠢ ᠵᠦᠢᠳᠡᠢ ᠪᠠᠶᠢᠳᠠᠭ᠃ ᠵᠢᠱᠢᠶᠡᠯᠡᠪᠠᠯ᠂ ᠵᠠᠪᠰᠠᠷᠯᠠᠭ᠎ᠠ ᠶᠢᠨ ᠲᠠᠮᠢᠷ ᠠᠴᠠ ᠢᠷᠡᠪᠡᠯ ᠮᠢᠶᠠᠨᠪᠣᠣ

ᠢᠳᠡᠵᠦ ᠰᠦ ᠤᠤᠭᠤᠭᠰᠡᠨ ᠣᠭᠤᠳᠠ ᠬᠠᠶᠢᠷᠴᠠᠭ ᠢᠶᠠᠨ ᠬᠤᠭ ᠤᠨ ᠰᠠᠪᠠᠨ ᠳᠤ ᠶᠠᠭᠠᠬᠢᠵᠤ ᠠᠪᠠᠴᠢᠨ ᠬᠠᠶᠠᠬᠤ᠂

ᠪᠠᠭ᠎ᠠ ᠰᠤᠷᠭᠠᠭᠤᠯᠢ ᠶᠢᠨ ᠲᠤᠤᠷ᠎ᠡ ᠤᠨ ᠤ ᠰᠤᠷᠤᠭᠴᠢᠳ ᠲᠤ ᠡᠩ ᠤᠨ ᠪᠤᠰᠤ ᠡᠨᠡ ᠭᠦ ᠠᠵᠢᠯᠯᠠᠭ᠎ᠠ ᠶᠢ ᠪᠠᠭᠰᠢ ᠠᠴᠠ

ᠨᠢᠬᠡ ᠤᠳᠠᠭ᠎ᠠ ᠲᠦᠷᠢᠮᠴᠢᠯᠠᠨ ᠬᠢᠵᠤ᠂ ᠬᠤᠭ ᠤᠨ ᠰᠠᠪᠠ ᠶᠢ ᠬᠡᠷᠬᠢᠨ ᠨᠡᠬᠡᠬᠡᠬᠦ᠂ ᠬᠤᠭ ᠢᠶᠠᠨ ᠬᠡᠷᠬᠢᠨ ᠠᠰᠬᠠᠵᠤ

ᠴᠢᠳᠬᠤᠬᠤ ᠦᠬᠡᠢ ᠬᠢᠬᠦ᠂ ᠬᠤᠭ ᠤᠨ ᠰᠠᠪᠠᠨ ᠤ ᠠᠮᠠᠰᠡᠷ ᠢ ᠬᠡᠷᠬᠢᠨ ᠬᠠᠭᠠᠬᠤ᠂ ᠭᠠᠷ ᠢᠶᠠᠨ ᠭᠡᠷᠬᠢᠨ ᠤᠬᠢᠶᠠᠬᠤ

ᠵᠡᠷᠬᠡ ᠨᠢ ᠪᠦᠷ ᠰᠤᠷᠤᠭᠴᠢᠳ ᠲᠤ ᠬᠦᠳᠡᠯᠮᠦᠷᠢ ᠳᠤ ᠤᠷᠤᠯᠴᠠᠬᠤ ᠶᠠᠪᠤᠴᠠ᠂ ᠠᠷᠢᠭᠤᠨ ᠴᠡᠪᠡᠷ ᠤᠨ ᠬᠦᠮᠦᠵᠢᠯ

ᠪᠤᠯᠬᠤ ᠶᠤᠮ᠃

      ᠵᠢᠱᠢᠶᠡᠯᠡᠪᠡᠯ᠂ ᠡᠪᠤᠯ ᠣᠯᠣᠨᠳᠠᠢ ᠪᠠᠨ ᠬᠤᠷᠢᠶᠠᠬᠤ ᠳᠤ ᠪᠠᠭᠰᠢ ᠠᠴᠠ᠄ ︽ᠤᠷᠢᠳ ᠢᠶᠠᠷ ᠬᠠᠮᠤᠭ ᠤᠨ

ᠲᠤᠤᠷᠠᠬᠢ ᠲᠣᠪᠴᠢ ᠶᠢ ᠨᠢ ᠲᠣᠪᠴᠢᠯᠠᠪᠠᠯ ᠬᠤᠪᠴᠠᠰᠤᠨ ᠬᠤᠷᠮᠣᠢ ᠭᠠᠳᠠᠭᠰᠢ ᠪᠠᠨ ᠲᠡᠯᠡᠬᠦ ᠦᠬᠡᠢ᠂ ᠮᠠᠯᠠᠭᠠᠢ ᠶᠢ ᠨᠢ

ᠬᠤᠮᠢᠵᠤ᠂ ᠬᠤᠶᠠᠷ ᠬᠠᠨᠴᠣᠢ ᠪᠠᠷ ᠨᠢ ᠡᠪᠬᠡᠨ ᠲᠠᠷᠤᠵᠤ᠂ ᠪᠡᠶ᠎ᠡ ᠶᠢ ᠨᠢ ᠨᠤᠭᠤᠯᠤᠨ ᠤᠷᠢᠶᠠᠪᠡᠯ ᠬᠤᠪᠴᠠᠰᠤ ᠬᠤᠶᠡᠷ

ᠲᠡᠶᠢᠰᠢ ᠦᠷᠬᠡᠵᠢᠬᠦ ᠦᠬᠡᠢ ᠤᠷᠤ ᠡᠵᠡᠯᠡᠬᠦ ᠨᠢ ᠪᠠᠭ᠎ᠠ︕︾ ᠬᠡᠮᠡᠨ ᠨᠠᠷᠢᠨ ᠬᠢᠨᠠᠮᠠᠭᠠᠢ ᠬᠦᠯᠢᠴᠡᠩᠬᠦᠢ ᠦᠵᠡᠬᠦᠯᠦᠨ

ᠬᠢᠨ᠎ᠡ᠃ ᠲᠠᠬᠢᠨ ᠤᠯᠤᠨᠳᠠᠢ ᠪᠠᠨ ᠡᠪᠭᠡᠵᠦ ᠴᠢᠳᠠᠭᠰᠡᠨ ᠰᠤᠷᠤᠭᠴᠢ ᠪᠠᠷ ᠲᠤᠷᠰᠢᠭᠤᠯᠤᠨ ᠬᠢᠯᠬᠡᠨ᠎ᠡ᠃ ᠵᠤᠨ ᠴᠤᠩᠬᠤ

ᠡᠬᠦᠳᠡ ᠪᠠᠨ ᠨᠡᠬᠡᠬᠡᠵᠤ ᠬᠠᠭᠠᠬᠤ ᠳᠤ ᠬᠤᠷᠤᠭᠤ ᠭᠠᠷ ᠢᠶᠠᠨ ᠬᠠᠪᠴᠢᠭᠤᠯᠬᠤ ᠠᠴᠠ ᠵᠠᠶᠢᠯᠠᠰᠬᠢᠬᠤ᠂ ᠪᠠᠶᠢᠷᠢ ᠶᠢᠨ

ᠰᠣᠷᠣᠭᠴᠢᠳ ᠣᠷᠣ ᠪᠠᠨ ᠬᠤᠷᠢᠶᠠᠬᠤ᠂ ᠴᠢᠷᠦᠬᠦᠯ ᠱᠠᠬᠠᠢ᠂ ᠨᠢᠭᠤᠷ ᠤᠨ ᠭᠠᠳᠤᠷ᠎ᠠ ᠪᠠᠨ ᠬᠠᠮᠢᠭ᠎ᠠ ᠲᠠᠯᠪᠢᠬᠤ᠂

ᠬᠤᠷᠭᠤᠨ ᠳᠠᠬᠢ ᠶᠠᠭᠤᠮ᠎ᠠ ᠬᠡᠦᠮ᠎ᠡ ᠪᠠᠨ ᠬᠡᠷᠬᠢᠨ ᠲᠢᠭᠯᠡᠬᠦ᠂ ᠰᠢᠷᠡᠬᠡᠨ ᠰᠢᠷᠭᠤᠣᠯ ᠳᠤ ᠦᠵᠡᠬᠦ ᠨᠣᠮ᠂ ᠪᠢᠴᠢᠬᠦ

ᠲᠡᠪᠳᠡᠷ᠂ ᠪᠢᠷ ᠤᠨ ᠬᠠᠶᠢᠷᠴᠠᠭ ᠢᠶᠠᠨ ᠬᠡᠷᠬᠢᠨ ᠠᠩᠬᠢᠯᠡᠨ ᠲᠠᠯᠪᠢᠬᠤ ᠵᠡᠷᠬᠡ ᠶᠢ ᠬᠢᠵᠤ ᠦᠵᠡᠬᠦᠯᠦᠨ᠂ ᠬᠦᠳᠡᠯᠮᠦᠷᠢ ᠶᠢᠨ

ᠲᠤᠮᠳᠡ ᠠᠮᠤᠷ ᠲᠦᠪᠰᠢᠨ ᠤ ᠬᠦᠮᠦᠵᠢᠯ ᠬᠢᠵᠤ᠂ ᠬᠦᠳᠡᠯᠮᠦᠷᠢᠯᠡᠬᠦ ᠲᠡᠮ᠂ ᠠᠮᠢᠳᠤᠷᠠᠬᠤᠢ ᠶᠢᠨ ᠦᠵᠡᠯᠳᠡ ᠶᠢ

ᠠᠩᠬᠢ ᠶᠢᠨ ᠡᠷᠬᠢᠯᠡᠭᠴᠢ ᠪᠡᠶᠡᠴᠢᠯᠡᠨ ᠵᠢᠯᠦᠭᠤᠳᠤᠨ᠎ᠠ᠃ ᠭᠠᠷᠠᠭ ᠤᠨ ᠠᠮᠠᠷᠡᠯᠳᠡ ᠳᠤ ᠠᠷᠤ ᠬᠡᠷ᠂ ᠠᠪᠤ ᠡᠵᠢ ᠳᠤ ᠪᠠᠨ

ᠬᠠᠪᠰᠤᠷᠤᠨ ᠦᠪᠡᠷ ᠤᠨ ᠬᠢᠷᠢ ᠲᠤᠳᠤᠷ᠎ᠡ ᠬᠦᠳᠡᠯᠮᠦᠷᠢᠯᠡᠬᠦ ᠶᠢ ᠰᠠᠶᠢᠰᠢᠶᠠᠨ ᠮᠠᠭᠳᠠᠨ᠎ᠠ᠃ ᠡᠬᠦᠨ ᠤ ᠤᠯᠠᠮ ᠠᠴᠠ

ᠰᠤᠷᠤᠭᠴᠢᠳ ᠠᠵᠢᠯᠯᠠᠬᠤ ᠠᠷᠭ᠎ᠠ ᠲᠠᠮ ᠲᠠᠢ ᠪᠤᠯᠵᠤ᠂ ᠡᠳᠤᠷ ᠲᠤᠳᠤᠮ ᠤᠨ ᠠᠮᠢᠳᠤᠷᠡᠯ ᠢᠶᠠᠨ ᠲᠤᠳᠤᠮᠳᠠᠵᠤ

ᠲᠡᠶᠢᠯᠦᠨ᠂ ᠣᠳᠠᠭᠠᠨ ᠠᠴᠠ ᠪᠠᠨ ᠬᠤᠷᠳᠣᠨ᠂ ᠣᠯᠳᠣᠢ ᠠᠴᠠ ᠪᠠᠨ ᠣᠷᠠᠨ ᠪᠣᠯᠵᠣ ᠴᠠᠭᠠᠷᠠᠳᠠᠭ᠃ ︽ᠠᠵᠢᠯ ᠬᠢᠵᠦ

ᠬᠦᠮᠦᠨ ᠪᠣᠯᠳᠠᠭ᠂ ᠠᠷᠣ ᠲᠠᠪᠠᠵᠣ ᠬᠦᠯᠦᠭ ᠪᠣᠯᠳᠠᠭ︾ ᠭᠡᠳᠡᠭ ᠤᠨ ᠶᠣᠰᠣ ᠡᠶᠢᠮᠦ ᠪᠠᠶᠢᠵᠤ᠂ ᠬᠦᠳᠡᠯᠮᠦᠷᠢ ᠠᠴᠠ

ᠤᠷᠮᠠᠰᠢᠨ᠂ ᠰᠤᠷᠤᠯᠴᠠᠬᠤ ᠢᠳᠡᠪᠬᠢᠵᠢᠯ ᠨᠢ ᠢᠯᠡᠳᠳᠡ ᠲᠡᠭᠡᠭᠰᠢᠯᠡᠬᠦ ᠶᠤᠮ᠃

      ᠲᠦᠷᠪᠡ᠂ ᠰᠣᠷᠣᠭᠴᠢᠳ ᠲᠤ ᠪᠠᠨ ᠴᠠᠭ ᠢ ᠪᠠᠷᠢᠮᠳᠠᠯᠠᠬᠤ ᠶᠢ ᠮᠡᠳᠡᠬᠦᠯᠬᠦ

      ︽ᠪᠠᠷᠰ ᠴᠠᠭ ᠲᠤ ᠪᠣᠰᠬᠤ ᠦᠬᠡᠢ ᠪᠣᠯ ᠡᠳᠦᠷ ᠤᠨ ᠶᠠᠪᠣᠳᠠᠯ ᠬᠤᠴᠣᠷᠣᠨ᠎ᠠ᠂ ᠪᠠᠭ᠎ᠠ ᠨᠠᠰᠤᠨ ᠳᠤ ᠪᠠᠨ

ᠰᠣᠷᠬᠤ ᠦᠬᠡᠢ ᠪᠣᠯ ᠨᠠᠰᠣᠨ ᠤ ᠶᠠᠪᠣᠳᠠᠯ ᠬᠤᠴᠣᠷᠣᠨ᠎ᠠ︾ ᠭᠡᠳᠡᠭ᠃ ᠰᠤᠷᠤᠭᠴᠢᠳ ᠲᠤ ᠴᠠᠭ ᠢ ᠪᠠᠷᠢᠮᠳᠠᠯᠠᠬᠤ ᠶᠢᠨ

ᠣᠬᠠᠭᠠᠨ ᠢ ᠬᠠᠷᠠᠬᠠᠨ ᠪᠠᠭ᠎ᠠ ᠠᠴᠠ ᠨᠢ ᠲᠠᠳᠬᠠᠯᠵᠢᠭᠤᠯᠬᠤ ᠪᠤᠯ ᠪᠠᠭ᠎ᠠ ᠰᠤᠷᠭᠠᠭᠤᠯᠢ ᠶᠢᠨ ᠠᠩᠬᠢ ᠶᠢᠨ

ᠡᠷᠬᠢᠯᠡᠭᠴᠢ ᠶᠢᠨ ᠪᠠᠰᠠ ᠨᠢᠬᠡ ᠡᠬᠦᠷᠬᠡ ᠬᠠᠷᠢᠭᠤᠴᠠᠯᠭ᠎ᠠ ᠪᠤᠯᠤᠨ᠎ᠠ᠃ ᠲᠣᠭᠳᠠᠭᠰᠠᠨ ᠴᠠᠭ ᠲᠤ ᠣᠨᠳᠠᠬᠤ᠂

ᠲᠣᠭᠳᠠᠭᠰᠠᠨ ᠴᠠᠭ ᠲᠤ ᠪᠣᠰᠬᠤ᠂ ᠲᠣᠭᠳᠠᠭᠰᠠᠨ ᠴᠠᠭ ᠲᠤ ᠲᠠᠰᠬᠠᠯ ᠲᠠᠭᠠᠭᠠᠯᠭᠠᠪᠦᠷᠢ ᠪᠠᠨ ᠲᠣᠰᠢᠶᠠᠬᠤ᠂

ᠲᠤᠭᠳᠠᠭᠰᠡᠨ ᠴᠠᠭ ᠲᠤ ᠡᠬᠦᠷᠬᠡ ᠬᠠᠷᠡᠯᠳᠡ ᠳᠤ ᠪᠠᠨ ᠬᠦᠷᠬᠦ ᠶᠢᠨ ᠴᠢᠬᠤᠯᠠ ᠴᠢᠨᠠᠷ ᠢ ᠰᠤᠷᠤᠭᠴᠢᠳ ᠲᠤ ᠮᠡᠳᠡᠬᠦᠯᠬᠦ

ᠬᠡᠷᠡᠭᠳᠡᠢ ᠪᠦᠬᠡᠳ ᠲᠠᠳᠬᠠᠯᠵᠢᠭᠤᠯᠬᠤ ᠬᠡᠷᠡᠭᠳᠡᠢ᠃

      ᠪᠠᠭᠰᠢ ᠠᠴᠠ ᠲᠦᠴᠢᠨ ᠮᠢᠨᠦ᠋ᠲ ᠢ ᠬᠦᠢᠴᠡᠳ ᠠᠰᠢᠭᠯᠠᠬᠤ᠂ ᠦᠷ᠎ᠡ ᠠᠰᠢᠭᠳᠣ ᠬᠢᠴᠢᠶᠡᠯᠯᠡᠭᠡ ᠶᠢ

ᠪᠠᠳᠣᠯᠠᠬᠤ ᠨᠢ ᠲᠠᠮ ᠢᠶᠠᠷ ᠰᠣᠷᠣᠭᠴᠢᠳ ᠲᠤ ᠴᠠᠭ ᠢ ᠪᠠᠷᠢᠮᠳᠠᠯᠠᠬᠤ ᠶᠢ ᠮᠡᠳᠡᠬᠦᠯᠬᠦ ᠵᠠᠩᠬᠢᠯᠠᠭ᠎ᠠ ᠮᠦᠨ᠃ ᠪᠢ

ᠬᠤᠩᠬᠤᠨ ᠲᠠᠭᠤᠨ ᠠᠴᠠ ᠡᠮᠤᠨ᠎ᠡ ᠠᠩᠬᠢ ᠳᠤ ᠪᠠᠨ ᠬᠦᠷᠴᠤ᠂ ᠬᠤᠩᠬᠤᠨ ᠲᠠᠭᠤᠨ ᠢᠶᠠᠷ ᠬᠢᠴᠢᠶᠡᠯ ᠪᠠᠭᠤᠵᠤ᠂

ᠰᠤᠷᠤᠭᠴᠢᠳ ᠤᠨ ᠲᠦᠴᠢᠨ ᠮᠢᠨᠦ᠋ᠲ ᠢ ᠲᠣᠷ᠎ᠠ ᠪᠠᠷ ᠡᠵᠡᠯᠡᠳᠡᠭ ᠦᠬᠡᠢ᠃ ᠰᠤᠷᠤᠭᠴᠢᠳ ᠲᠤ ᠴᠠᠭ ᠢ

ᠪᠠᠷᠢᠮᠳᠠᠯᠠᠬᠤ ᠶᠢ ᠮᠡᠳᠡᠬᠦᠯᠬᠦ ᠳᠤ ᠪᠠᠭᠰᠢ ᠤᠷᠢᠳ ᠢᠶᠠᠷ ᠴᠠᠭ ᠢ ᠪᠠᠷᠢᠮᠳᠠᠯᠠᠬᠤ ᠵᠢᠱᠢᠶᠡᠴᠢ ᠪᠤᠯᠬᠤ ᠬᠡᠷᠡᠭᠳᠡᠢ᠃

      ᠪᠢ ᠰᠤᠷᠤᠭᠴᠢᠳ ᠲᠤ ᠴᠠᠭ ᠢ ᠪᠠᠷᠢᠮᠳᠠᠯᠠᠬᠤ ᠲᠤᠬᠠᠢ ᠮᠡᠳᠡᠬᠦᠯᠬᠦ ᠳᠤ ᠪᠠᠨ ᠡᠶᠢᠮᠦᠷᠬᠦᠤ ᠠᠷᠭ᠎ᠠ ᠠᠪᠴᠠᠯ

ᠠᠪᠤᠭᠰᠡᠨ ᠪᠠᠶᠢᠨ᠎ᠠ᠃

      ᠨᠢᠬᠡᠳᠦᠬᠡᠷ ᠲᠤ᠂ ︽ᠬᠤᠶᠡᠷ ᠮᠢᠨᠦ᠋ᠲ︾ ᠤᠨ ᠲᠤᠭᠯᠠᠭᠠᠮ᠄ ᠰᠤᠷᠤᠭᠴᠢᠳ ᠲᠤ ᠬᠤᠶᠠᠷ ᠮᠢᠨᠦ᠋ᠲ ᠲᠤ

ᠬᠡᠶᠢᠳᠦ ᠪᠦᠮᠪᠦᠭᠡ ᠶᠢ ᠬᠠᠮᠤᠭ ᠤᠨ ᠡᠮᠤᠨᠡᠬᠢ ᠮᠦᠷ ᠠᠴᠠ ᠬᠠᠮᠤᠭ ᠤᠨ ᠬᠤᠶᠢᠨᠠᠬᠢ ᠮᠦᠷ ᠲᠤ ᠬᠡᠳᠤᠨᠳᠡ ᠵᠦᠬᠡᠬᠡᠵᠦ

ᠲᠡᠶᠢᠯᠬᠦ᠂ ᠬᠤᠶᠠᠷ ᠮᠢᠨᠦ᠋ᠲ ᠲᠤ ᠬᠡᠳᠦᠨ ᠬᠡᠯᠡᠴᠡ ᠬᠡᠯᠡᠬᠦ᠂ ᠬᠤᠶᠠᠷ ᠮᠢᠨᠦ᠋ᠲ ᠲᠤ ᠬᠡᠳᠦᠨ ᠰᠡᠳᠦᠪ ᠬᠢᠬᠦ᠂ ᠬᠤᠶᠠᠷ

ᠮᠢᠨᠦ᠋ᠲ ᠲᠤ ᠬᠡᠳᠦᠨ ᠲᠠᠩ ᠦᠬᠡ ᠴᠡᠬᠡᠵᠢᠯᠡᠬᠦ᠂ ᠬᠤᠶᠠᠷ ᠮᠢᠨᠦ᠋ᠲ ᠲᠤ ᠬᠡᠳᠦᠨ ᠬᠤᠯᠪᠣᠭ᠎ᠠ ᠦᠬᠡ ᠣᠩᠰᠢᠬᠤ

ᠵᠡᠷᠬᠡ ᠲᠤᠭᠯᠠᠭᠠᠮ ᠢᠶᠠᠷ 2 ᠮᠢᠨᠦ᠋ᠲ ᠢ ᠴᠤ ᠬᠢᠮᠠᠭᠠᠳᠠᠢ ᠭᠡᠷᠡᠭᠯᠡᠭᠦ ᠶᠢ ᠰᠤᠷᠤᠭᠴᠢᠳ ᠲᠤ ᠮᠠᠳᠠᠭᠦᠯᠪᠠ᠃

      ᠬᠤᠶᠠᠳᠤᠭᠠᠷ ᠲᠤ᠂ ︽ᠭᠤᠷᠪᠡᠨ ᠮᠢᠨᠦ᠋ᠲ︾ ᠤᠨ ᠠᠪᠤᠷᠡᠯᠳᠡ᠄ ᠭᠤᠷᠪᠠᠨ ᠮᠢᠨᠦ᠋ᠲ ᠲᠤᠳᠤᠷ᠎ᠡ ᠠᠩᠬᠢ ᠠᠴᠠ

ᠡᠮᠬᠢ ᠲᠢᠭᠯᠢᠮ ᠲᠠᠢ᠂ ᠬᠠᠮᠤᠭ ᠤᠨ ᠲᠦᠷᠬᠡᠨ ᠢᠶᠠᠷ ᠭᠠᠷᠴᠤ᠂ ᠪᠤᠰᠤᠳ ᠢ ᠰᠢᠷᠠᠭᠳᠤᠭᠤᠯᠬᠤ ᠦᠬᠡᠢ᠂ ᠠᠮᠤᠷ

ᠲᠦᠪᠰᠢᠨ ᠭᠠᠵᠠᠷ ᠲᠤ ᠬᠦᠷᠴᠤ ᠲᠡᠶᠢᠯᠬᠦ ᠬᠡᠷᠡᠭᠳᠡᠢ᠃ ᠡᠨᠡ ᠪᠤᠯ ᠭᠠᠵᠠᠷ ᠬᠦᠳᠡᠯᠦᠯᠳᠡ ᠪᠤᠶᠤ ᠭᠠᠯ ᠤᠨ ᠠᠶᠤᠯ ᠠᠴᠠ

ᠮᠤᠯᠳᠤᠷᠠᠬᠤ ᠰᠤᠷᠢᠯᠳᠡ ᠮᠦᠨ᠂ ᠭᠤᠷᠪᠠᠨ ᠮᠢᠨᠦ᠋ᠲ ᠲᠤ ᠶᠠᠭᠤ ᠬᠢᠵᠤ ᠴᠢᠳᠠᠳᠠᠭ ᠢ ᠮᠡᠳᠡᠬᠦᠯᠦᠭᠰᠡᠨ ᠪᠤᠯᠪᠡᠰᠤᠷᠡᠯ

ᠪᠤᠯᠤᠨ᠎ᠠ᠂ ᠬᠡᠳᠤ ᠤᠳᠠᠭᠠᠰᠢᠷᠠᠬᠤ ᠨᠢ ᠠᠮᠢᠨ ᠳᠤ ᠠᠶᠤᠯ ᠲᠠᠢ᠂ ᠴᠠᠭ ᠪᠤᠯ ᠠᠮᠢ ᠨᠠᠰᠤ ᠬᠡᠳᠡᠭ ᠢ ᠮᠡᠳᠡᠬᠦᠯᠬᠦ

ᠲᠠᠳᠤᠯᠭ᠎ᠠ ᠶᠤᠮ᠃

      ᠡᠶᠢᠮᠦᠷᠬᠦᠤ ᠠᠷᠭ᠎ᠠ ᠪᠠᠷ ᠰᠤᠷᠤᠭᠴᠢᠳ ᠢ ᠴᠠᠭ ᠢ ᠨᠠᠨᠳᠢᠩᠨᠠᠬᠤ᠂ ᠴᠠᠭ ᠢ ᠠᠷᠪᠢᠯᠠᠬᠤ᠂ ᠴᠠᠭ ᠢ ᠪᠠᠷᠢᠮᠳᠠᠯᠠᠬᠤ

ᠦᠵᠡᠯᠳᠡ ᠤᠬᠠᠮᠰᠡᠷᠲᠠᠢ ᠪᠤᠯᠭᠠᠵᠤ᠂ ᠪᠠᠭ᠎ᠠ ᠠᠴᠠ ᠣᠯᠠᠨ ᠪᠣᠯᠳᠠᠭ᠂ ᠴᠦᠬᠡᠨ ᠠᠴᠠ ᠪᠠᠨ ᠠᠷᠪᠢᠨ ᠪᠤᠯᠳᠠᠭ᠂

ᠲᠣᠭᠠᠨ ᠤ ᠬᠤᠷᠠᠮᠳᠣᠯ ᠠᠴᠠ ᠴᠢᠨᠠᠷ ᠤᠨ ᠬᠤᠪᠢᠷᠠᠯᠳᠠ ᠭᠠᠷᠳᠠᠭ ᠤᠨ ᠶᠤᠰᠤᠨ ᠢ ᠠᠩᠬ᠎ᠠ ᠠᠯᠬᠤᠮ ᠲᠠᠨᠢᠭᠤᠯᠵᠤ᠂

ᠨᠠᠭᠠᠳᠤᠮ ᠰᠤᠨᠢᠷᠬᠠᠯ᠂ ᠰᠤᠷᠢᠯᠳᠡ ᠪᠤᠯᠪᠡᠰᠤᠷᠡᠯ ᠤᠨ ᠲᠤᠮᠳᠡ ᠴᠠᠭ ᠢ ᠪᠠᠷᠢᠮᠳᠠᠯᠠᠬᠤ ᠶᠢᠨ ᠶᠤᠰᠤ ᠤᠴᠢᠷ ᠢ

ᠤᠬᠠᠭᠤᠯᠵᠤ᠂ ᠪᠠᠭ᠎ᠠ ᠳᠤ ᠪᠠᠨ ᠰᠤᠷᠬᠤ ᠦᠬᠡᠢ ᠪᠤᠯ ᠨᠠᠰᠤᠨ ᠤ ᠬᠡᠮᠰᠢᠯ ᠪᠤᠯᠤᠨ᠎ᠠ ᠬᠡᠰᠡᠨ ᠢ ᠤᠶᠢᠯᠠᠭᠠᠭᠤᠯᠪᠠ᠃

      ᠲᠠᠪᠤ᠂ ᠰᠤᠷᠤᠭᠴᠢᠳ ᠢᠶᠠᠨ ᠪᠣᠰᠣᠳ ᠢ ᠪᠠᠭ᠋ᠠᠷᠬᠠᠵᠣ ᠴᠢᠳᠠᠬᠤ ᠪᠤᠯᠭᠠᠬᠤ

      ᠶᠡᠷᠤᠳᠡ ︽ᠨᠢᠬᠡ ᠪᠠᠶᠠᠷ ᠢ ᠬᠤᠶᠠᠷ ᠬᠦᠮᠦᠨ ᠬᠤᠪᠢᠶᠠᠯᠴᠠᠪᠠᠯ ᠬᠤᠶᠠᠷ ᠪᠠᠶᠠᠷ ᠪᠤᠯᠤᠨ᠂ ᠨᠢᠬᠡ ᠵᠣᠪᠠᠯᠠᠩ ᠢ

ᠬᠤᠶᠠᠷ ᠬᠦᠮᠦᠨ ᠬᠤᠪᠢᠶᠠᠯᠴᠠᠪᠠᠯ ᠬᠠᠭᠠᠰ ᠵᠣᠪᠠᠯᠠᠩ ᠪᠠᠭᠤᠷᠠᠳᠠᠭ︾ ᠬᠡᠳᠡᠭ᠃ ᠰᠤᠷᠤᠭᠴᠢᠳ ᠤᠨ ᠪᠠᠶᠠᠷ

ᠪᠠᠭ᠋ᠠᠳᠣᠯ ᠨᠢ ᠰᠤᠷᠤᠯᠭ᠎ᠠ ᠶᠢᠨ ᠢᠳᠡᠪᠬᠢᠵᠢᠯ ᠢ ᠨᠢ ᠰᠠᠶᠢᠵᠢᠷᠠᠭᠤᠯᠬᠤ ᠳᠤ ᠮᠠᠰᠢ ᠴᠢᠬᠤᠯᠡ ᠪᠠᠶᠢᠳᠠᠭ᠃ ᠪᠣᠰᠣᠳ ᠤᠨ

ᠪᠠᠶᠠᠷ ᠪᠠᠭ᠋ᠠᠳᠣᠯ ᠢ ᠪᠠᠭ᠋ᠠᠷᠬᠠᠬᠤ ᠨᠢ ᠴᠤ ᠲᠣᠩ ᠴᠢᠬᠤᠯᠠ ᠪᠠᠶᠢᠳᠠᠭ᠃

      ᠠᠩᠬᠢ ᠶᠢᠨ ᠡᠷᠬᠢᠯᠡᠭᠴᠢ ᠪᠤᠯᠤᠭᠰᠠᠳ ᠴᠠᠭ ᠢ ᠠᠰᠢᠭᠯᠠᠨ ᠬᠦᠴᠢᠷ ᠪᠠᠷᠬᠡ ᠶᠢ ᠲᠣᠭᠤᠯᠵᠣ ᠠᠮᠵᠢᠯᠳᠠ ᠳᠤ

ᠬᠦᠷᠦᠭᠰᠡᠨ ᠨᠡᠷᠡᠳᠤ ᠬᠦᠮᠦᠰ ᠤᠨ ᠦᠯᠢᠬᠡᠷ ᠢ ᠰᠤᠷᠤᠭᠴᠢᠳ ᠲᠤ ᠪᠠᠨ ᠶᠠᠷᠢᠵᠣ ᠦᠭᠪᠡᠯ ᠵᠤᠬᠢᠨ᠎ᠠ᠃

      ᠪᠢ ᠠᠩᠬᠢ ᠠᠪᠬᠤ ᠪᠦᠷᠢ ᠰᠤᠷᠤᠭᠴᠢᠳ ᠲᠤ ᠪᠠᠨ ᠲᠤᠤᠷᠡᠬᠢ ᠬᠡᠳᠤᠨ ᠦᠯᠢᠬᠡᠷ ᠢ ᠶᠠᠷᠢᠵᠤ ᠦᠭᠳᠡᠭ᠃

      ① ᠲᠡᠯᠡᠬᠡᠢ ᠶᠢᠨ ᠫᠢᠩᠫᠠᠩ ᠪᠦᠮᠪᠦᠭᠡ ᠶᠢᠨ ᠲᠠᠦᠬᠡᠨ ᠳᠤ ᠬᠦᠮᠦᠨ ᠢ ᠰᠣᠴᠢᠭᠠᠮ᠎ᠠ ᠠᠮᠵᠢᠯᠳᠠ ᠳᠤ

ᠬᠦᠷᠦᠭᠰᠡᠨ ᠳ᠋ᠧᠩ ᠶᠠ ᠫᠢᠩ 14 ᠵᠢᠯ ᠳᠤ ᠬᠠᠮᠤᠭ ᠤᠨ ᠲᠡᠭᠡᠳᠤ ᠲᠡᠰ ᠤᠨ 18 ᠠᠯᠳᠠᠨ ᠮᠧᠳᠠᠯ ᠲᠣᠰᠴᠣ

ᠲᠡᠯᠡᠬᠡᠢ ᠶᠢ ᠲᠣᠩᠰᠣᠯᠭᠠᠵᠠᠢ᠂ ᠲᠡᠷᠡ ᠨᠠᠮᠬᠠᠨ ᠪᠠᠶ᠎ᠠ ᠪᠠᠨ ᠦᠪᠡᠷ ᠤᠨ ᠢᠶᠠᠨ ︽ᠲᠠᠪᠠᠭᠤᠯᠢᠭ︾ ᠲᠠᠯ᠎ᠠ ᠪᠣᠯᠭᠠᠨ᠂

ᠬᠤᠷᠳᠤᠴᠠ ᠪᠠᠨ ᠲᠠᠰᠤᠷᠡᠯᠳᠡ ᠦᠬᠡᠢ ᠲᠡᠭᠡᠭᠰᠢᠯᠡᠬᠦᠯᠵᠤ᠂ ᠨᠦᠬᠦᠬᠡ ᠡᠳᠡᠬᠡᠳ ᠤᠨ ᠪᠦᠮᠪᠦᠭᠡ ᠲᠤᠰᠬᠤ ᠤᠷᠤᠨ

ᠪᠠᠶᠢᠷᠢ ᠶᠢ ᠲᠦᠷᠬᠡᠨ ᠠᠵᠢᠨ ᠮᠡᠳᠡᠵᠤ᠂ ᠪᠦᠮᠪᠦᠭᠡ ᠦᠰᠦᠷᠬᠦ ᠠᠴᠠ ᠡᠮᠤᠨ᠎ᠡ ᠵᠠᠪᠳᠤᠨ ᠬᠠᠷᠢᠭᠤ ᠴᠤᠬᠢᠳᠠᠭ ᠠᠴᠠ

ᠡᠰᠡᠷᠬᠦ ᠡᠳᠡᠬᠡᠳ ᠢᠶᠠᠨ ᠢᠯᠡᠵᠤ ᠭᠠᠷᠳᠠᠭ᠃ ᠲᠡᠷᠡ ᠡᠨᠡ ᠭᠦ ᠮᠡᠷᠬᠡᠰᠢᠯ ᠳᠤ ᠬᠦᠷᠬᠦ ᠶᠢᠨ ᠲᠦᠯᠦᠬᠡ ᠬᠡᠳᠦ᠋ᠢᠴᠢᠨᠡᠭᠡᠨ

ᠰᠢᠷᠭᠠᠭᠤ ᠴᠢᠷᠮᠡᠶᠢᠯᠭ᠎ᠠ᠂ ᠬᠠᠳᠠᠭᠤᠵᠢᠯᠳᠠᠢ ᠪᠣᠯᠪᠠᠰᠣᠷᠠᠯ᠂ ᠬᠦᠴᠦ ᠬᠦᠯᠦᠰᠦ ᠤᠷᠤᠰᠬᠠᠭᠰᠡᠨ ᠢ ᠪᠤᠤ ᠮᠡᠳᠡ︕

ᠪᠢᠳᠡ ᠳ᠋ᠧᠩ ᠶᠠ ᠫᠢᠩ ᠤᠨ ᠰᠦᠰᠦ ᠵᠤᠷᠢᠭ ᠢ ᠪᠠᠭ᠋ᠠᠷᠬᠠᠬᠤ ᠶᠤᠰᠤᠳᠠᠢ᠃

      ② ᠨᠠᠷᠡᠳᠤ ᠵᠣᠬᠢᠶᠠᠯᠴᠢ ᠵᠠᠩ ᠬᠠᠢ ᠳ᠋ᠢ ᠲᠡᠪᠦᠨ ᠨᠠᠰᠣᠨ ᠳᠤ ᠪᠠᠨ ᠨᠣᠭᠤᠰᠣᠨ ᠤ ᠬᠤᠣᠷᠳᠣ ᠬᠠᠪᠣᠳᠠᠷ ᠲᠤ

ᠨᠡᠷᠪᠡᠭᠳᠡᠭᠡᠳ ᠲᠣᠣᠷᠠᠳᠣ ᠮᠦᠴᠢ ᠶᠢᠨ ᠮᠠᠰᠠ ᠵᠠᠰᠠᠯ ᠬᠢᠵᠤ᠂ ᠨᠠᠰᠤ ᠪᠠᠷ ᠢᠶᠠᠨ ᠬᠦᠷᠳᠦᠳᠦ ᠰᠠᠨᠳᠠᠯᠢ ᠳᠤ ᠰᠠᠭᠤᠬᠤ

ᠪᠣᠯᠣᠭᠰᠠᠨ ᠴᠣ᠋ ᠵᠣᠷᠢᠭ ᠮᠣᠬᠤᠭᠰᠠᠨ ᠦᠬᠡᠢ ᠠᠯᠢᠪᠠ ᠬᠦᠴᠢᠷ ᠢ ᠲᠠᠰᠪᠦᠷᠢᠯᠡᠵᠦ ᠦᠪᠡᠰᠦᠪᠡᠨ ᠪᠠᠭ᠎ᠠ ᠰᠣᠷᠭᠠᠭᠤᠯᠢ᠂

ᠲᠣᠮᠳᠠᠳᠣ ᠰᠣᠷᠭᠠᠭᠤᠯᠢ ᠶᠢᠨ ᠬᠢᠴᠢᠶᠡᠯ ᠤᠨ ᠠᠭᠤᠯᠭ᠎ᠠ ᠶᠢ ᠪᠦᠬᠦᠨ ᠢ ᠰᠣᠷᠴᠣ᠂ ᠶᠡᠭᠡ ᠰᠣᠷᠭᠠᠭᠤᠯᠢ᠂ ᠰᠣᠳᠣᠯᠬᠤ

ᠰᠣᠷᠣᠭᠴᠢ ᠶᠢᠨ ᠬᠢᠷᠢ ᠬᠡᠮ ᠢ ᠣᠯᠣᠭᠰᠠᠨ ᠮᠦᠷᠳᠡᠬᠡᠨ ᠵᠡᠬᠦᠦ ᠲᠦᠬᠡᠨᠡᠯᠬᠡ ᠶᠢᠨ ᠡᠷᠳᠡᠮ ᠰᠣᠷᠴᠣ ᠬᠦᠮᠦᠨ ᠳᠤ

ᠡᠪᠡᠳᠴᠢᠨ ᠵᠠᠰᠡᠨ᠂ ᠪᠣᠰᠣᠳ ᠢ ᠬᠠᠪᠰᠣᠷᠬᠤ ᠪᠠᠷ ᠪᠠᠶᠠᠷ ᠪᠠᠭ᠋ᠠᠳᠣᠯ ᠢᠶᠠᠨ ᠪᠣᠯᠭᠠᠵᠣ᠂ ᠠᠩᠭ᠍ᠯᠢ᠂ ᠶᠠᠫᠣᠨ᠂ ᠭᠧᠷᠮᠠᠨ

ᠬᠡᠯᠡ ᠪᠠᠷ ᠮᠠᠰᠢ ᠣᠯᠠᠨ ᠣᠷᠴᠢᠭᠤᠯᠭ᠎ᠠ ᠶᠢᠨ ᠪᠦᠳᠦᠬᠡᠯ ᠭᠠᠷᠭᠠᠭᠰᠡᠨ ᠢᠶᠠᠨ ︽ᠡᠷᠡᠮᠳᠡᠭ ᠬᠡᠦᠬᠡᠨ ᠤ ᠡᠷᠡᠬᠦᠯᠬᠡᠨ

ᠵᠡᠬᠦᠳᠦ︾ ᠬᠡᠬᠦ ᠨᠤᠮ ᠳᠤ ᠪᠠᠨ ᠪᠢᠴᠢᠭᠰᠡᠨ ᠪᠠᠶᠢᠯ᠎ᠠ᠃ ᠵᠠᠩ ᠬᠠᠢ ᠳ᠋ᠢ ᠪᠠᠶ᠎ᠠ ᠵᠡᠮᠳᠡᠭ ᠴᠣ᠋ ᠰᠠᠨᠠᠭ᠎ᠠ ᠰᠠᠷᠠᠭᠤᠯᠬᠠᠨ᠂

ᠠᠮᠢᠳᠤᠷᠡᠯ ᠳᠤ ᠵᠤᠷᠢᠭ ᠮᠤᠬᠤᠭᠰᠡᠨ ᠦᠬᠡᠢ᠂ ᠣᠢ ᠭᠤᠳᠤᠭᠰᠡᠨ ᠦᠬᠡᠢ ᠨᠡᠷᠡᠳᠤ ᠵᠤᠬᠢᠶᠠᠯᠴᠢ ᠪᠤᠯᠤᠭᠰᠡᠨ ᠢ ᠪᠢᠳᠡ

ᠡᠷᠬᠡᠪᠰᠢ ᠪᠠᠭ᠋ᠠᠷᠬᠠᠬᠤ ᠬᠡᠷᠡᠭᠳᠡᠢ᠃ ᠲᠡᠭᠦᠨ ᠲᠠᠢ ᠬᠠᠷᠢᠴᠠᠭᠤᠯᠪᠡᠯ ᠪᠢᠳᠡᠨ ᠡᠷᠡᠬᠦᠯ ᠰᠠᠷᠠᠭᠤᠯᠬᠠᠨ ᠪᠡᠶ᠎ᠡ ᠮᠠᠬᠠᠪᠤᠳ ᠲᠠᠢ

ᠶᠠᠭᠤᠨ ᠳᠤ ᠪᠠᠶᠡᠷ ᠪᠠᠶᠠᠰᠤᠯ ᠲᠠᠢ ᠴᠢᠷᠮᠠᠶᠢᠨ ᠰᠤᠷᠤᠯᠴᠠᠬᠤ ᠦᠬᠡᠢ ᠪᠤᠢ︕

      ᠲᠡᠳᠡᠬᠡᠷ ᠨᠠᠷᠡᠳᠦ ᠬᠦᠮᠦᠨ ᠤ ᠠᠮᠵᠢᠯᠳᠡ ᠤᠯᠤᠭᠰᠡᠨ ᠨᠢ ᠲᠠᠩ ᠭᠠᠭᠴᠠ ᠦᠪᠡᠷ ᠤᠨ ᠠᠪᠢᠶᠠᠰ

ᠪᠢᠯᠢᠭ ᠲᠤ ᠪᠠᠨ ᠲᠦᠰᠢᠭᠯᠡᠭᠰᠡᠨ ᠪᠢᠰᠢ᠂ ᠨᠡᠩ ᠴᠢᠬᠤᠯᠠ ᠨᠢ ᠪᠤᠰᠤᠳ ᠤᠨ ᠠᠮᠵᠢᠯᠳᠡ ᠤᠯᠤᠭᠰᠡᠨ ᠪᠠᠶᠡᠷ

ᠪᠠᠭ᠋ᠠᠳᠤᠯ ᠢ ᠬᠤᠪᠢᠶᠠᠯᠴᠠᠭᠰᠡᠨ ᠳᠤ ᠪᠠᠶᠢᠭ᠎ᠠ ᠶᠤᠮ᠃ ᠲᠡᠳᠡ ᠪᠤᠰᠤᠳ ᠤᠨ ᠪᠡᠶ᠎ᠡ ᠠᠴᠠ ᠡᠷᠡᠯᠬᠡᠭ ᠵᠣᠷᠢᠭ ᠨᠢ

ᠬᠦᠪᠴᠢᠯᠡᠭᠳᠡᠵᠤ᠂ ᠠᠤᠭ᠎ᠠ ᠬᠦᠰᠡᠯ ᠢ ᠡᠪᠦᠷᠯᠡᠨ᠂ ᠲᠠᠰᠤᠷᠡᠯᠳᠡ ᠦᠬᠡᠢ ᠣᠷᠣᠭᠰᠢᠯᠠᠨ ᠲᠠᠪᠰᠢᠬᠰᠡᠨ ᠠᠴᠠ ᠰᠠᠶ᠋ᠢ

ᠦᠨᠦᠳᠦᠷ ᠤᠨ ᠬᠡᠮᠵᠢᠶᠡᠨ ᠳᠤ ᠬᠦᠷᠦᠭᠰᠡᠨ ᠪᠠᠶᠢᠯ᠎ᠠ᠃

      ᠪᠢ ᠦᠷᠬᠦᠯᠵᠢ ᠰᠤᠷᠤᠭᠴᠢᠳ ᠲᠤ ᠪᠠᠨ ᠪᠣᠰᠣᠳ ᠤᠨ ᠰᠠᠶᠢᠬᠠᠨ ᠢ ᠪᠠᠭ᠋ᠠᠷᠬᠠᠵᠣ᠂ ᠦᠪᠡᠷ ᠲᠤ ᠪᠠᠨ

ᠲᠦᠯᠬᠢᠴᠡ ᠬᠦᠴᠦᠨ ᠪᠤᠯᠭᠠᠬᠤ ᠨᠢ ᠨᠢᠬᠡ ᠬᠦᠮᠦᠨ ᠤ ᠠᠮᠵᠢᠯᠳᠡ ᠳᠤ ᠬᠦᠷᠬᠦ ᠶᠢᠨ ᠵᠠᠩᠬᠢᠯᠠᠭ᠎ᠠ ᠪᠤᠯᠤᠨ᠎ᠠ ᠬᠡᠵᠤ

ᠬᠡᠯᠡᠳᠡᠭ᠂ ᠪᠢᠳᠡᠨ ᠤ ᠲᠡᠷᠬᠡᠳᠡ ᠲᠠᠨ ᠤ ᠪᠠᠭ᠋ᠠᠷᠬᠠᠬᠤ ᠨᠦᠭᠦᠳ ᠪᠠᠭ᠎ᠠ ᠪᠤᠰᠤ ᠪᠠᠶᠢᠳᠠᠭ᠂ ᠬᠡᠷᠪᠡ ᠲᠠ

ᠦᠪᠡᠷ ᠤᠨ ᠢᠶᠠᠨ ᠤᠮᠤᠷᠬᠠᠭ ᠰᠠᠭᠰᠠᠭᠤ ᠶᠢ ᠲᠡᠪᠴᠢᠵᠤ ᠴᠢᠳᠠᠳᠠᠭ ᠯᠡ ᠶᠤᠮ ᠪᠤᠯ ᠯᠠᠪ ᠪᠤᠰᠤᠳ ᠤᠨ ᠪᠡᠶ᠎ᠡ

ᠲᠡᠭᠡᠷᠡᠬᠢ ᠪᠠᠭ᠋ᠠᠷᠤᠭᠤᠰᠢᠳᠠᠢ ᠲᠠᠯ᠎ᠠ ᠶᠢ ᠤᠯᠵᠤ ᠬᠠᠷᠠᠬᠤ ᠪᠤᠯᠤᠨ᠎ᠠ᠂ ᠢᠩᠬᠢᠬᠦ ᠨᠢ ᠰᠤᠷᠤᠯᠴᠠᠯᠭ᠎ᠠ ᠳᠤ ᠲᠤᠰᠠᠳᠠᠢ

ᠭᠡᠵᠦ ᠰᠤᠷᠭᠠᠳᠠᠬ᠃

      ᠵᠢᠷᠭᠤᠭ᠎ᠠ᠂ ᠰᠤᠷᠤᠭᠴᠢᠳ ᠢᠶᠠᠨ ᠪᠣᠰᠣᠳ ᠲᠤ ᠲᠠᠯᠠᠷᠬᠠᠵᠣ ᠰᠣᠷᠬᠤ ᠪᠤᠯᠭᠠᠬᠤ

      ᠶᠤᠰᠤᠷᠬᠠᠭ ᠪᠤᠯ ᠰᠢᠯᠢᠳᠡᠭ ᠬᠦᠮᠦᠨ ᠤ ᠰᠢᠨᠵᠢ᠃ ᠮᠡᠳᠡᠯᠬᠡ ᠲᠠᠢ ᠴᠤ ᠴᠢᠳᠠᠪᠦᠷᠢ ᠦᠬᠡᠢ᠂ ᠰᠤᠷᠤᠭᠰᠡᠨ ᠨᠢ

ᠲᠡᠯᠬᠡᠷ ᠴᠤ ᠶᠤᠰᠤ ᠦᠬᠡᠢ ᠪᠤᠯ ᠲᠡᠷᠡ ᠬᠦᠮᠦᠨ ᠤ ᠰᠣᠷᠣᠯᠭ᠎ᠠ ᠶᠢᠨ ᠨᠠᠮᠳᠠᠷ ᠬᠡᠳᠦ᠋ᠢᠴᠢᠨᠡᠭᠡᠨ ᠦᠨᠳᠤᠷ᠂ ᠡᠷᠬᠡ

ᠲᠤᠰᠢᠶᠡᠯ ᠨᠢ ᠬᠡᠳᠤᠢ ᠶᠡᠭᠡ᠂ ᠮᠤᠨᠳᠠᠭ ᠠᠷᠪᠢᠨ ᠵᠤᠭᠤᠰ ᠲᠠᠢ ᠪᠤᠯᠤᠭᠰᠡᠨ ᠴᠤ ᠬᠤᠪᠢ ᠶᠢᠨ ᠵᠢᠩ ᠨᠢ ᠠᠨᠠᠶᠢᠬᠠᠨ

ᠪᠠᠶᠢᠳᠠᠭ᠃ ᠬᠤᠪᠢ ᠶᠢᠨ ᠵᠢᠩ ᠨᠢ ᠠᠨᠠᠶᠢᠬᠠᠨ ᠬᠦᠮᠦᠨ ᠶᠡᠷᠤ ᠨᠢ ᠬᠦᠮᠦᠰ ᠲᠤ ᠬᠦᠨᠳᠤᠳᠬᠡᠭᠳᠡᠬᠦ ᠦᠬᠡᠢ ᠪᠤᠯᠳᠠᠭ᠃

      ᠠᠩᠬᠢ ᠶᠢᠨ ᠡᠷᠬᠢᠯᠡᠭᠴᠢ ᠪᠤᠯᠤᠭᠰᠠᠳ ᠰᠤᠷᠤᠭᠴᠢᠳ ᠲᠤ ᠪᠠᠨ ᠲᠤᠤᠷᠠᠬᠢ ᠰᠤᠷᠭᠠᠯ ᠢ ᠬᠢᠬᠦ ᠬᠡᠷᠡᠭᠳᠡᠢ᠄

      ① ᠠᠮᠢ ᠨᠠᠰᠣ ᠶᠢ ᠣᠯᠭᠤᠭᠰᠠᠨ ᠡᠵᠢ ᠠᠪᠤ ᠠᠬᠠᠮᠡᠳ ᠲᠤ ᠪᠠᠨ ᠲᠠᠯᠠᠷᠬᠠᠬᠤ ᠬᠡᠷᠡᠭᠳᠡᠢ᠃

      ② ᠡᠷᠳᠡᠮ ᠮᠡᠳᠡᠯᠬᠡ ᠣᠯᠠᠮᠵᠢᠯᠠᠭᠰᠠᠨ ᠪᠠᠭᠰᠢ ᠨᠠᠷ ᠲᠤ ᠪᠠᠨ ᠲᠠᠯᠠᠷᠬᠠᠬᠤ ᠬᠡᠷᠡᠭᠳᠡᠢ᠃

      ③ ᠠᠮᠢᠳᠣᠷᠠᠯ ᠰᠣᠷᠣᠯᠭ᠎ᠠ ᠳᠤ ᠲᠣᠰᠠᠯᠠᠭᠰᠠᠨ ᠬᠦᠮᠦᠨ ᠨᠢᠬᠡ ᠪᠦᠷᠢ ᠳᠤ ᠲᠠᠯᠠᠷᠬᠠᠬᠤ ᠬᠡᠷᠡᠭᠳᠡᠢ᠃

      ④ ᠲᠤᠰᠡ ᠲᠡᠮ ᠦᠵᠡᠬᠦᠯᠦᠭᠰᠡᠨ ᠨᠦᠭᠦᠳ ᠲᠤ ᠪᠠᠨ ᠲᠠᠯᠠᠷᠬᠠᠬᠤ ᠬᠡᠷᠡᠭᠳᠡᠢ᠃

      ⑤ ᠠᠮᠤᠷ ᠲᠦᠪᠰᠢᠨ ᠢ ᠬᠠᠩᠭᠠᠭᠰᠡᠨ ᠡᠬᠡ ᠤᠯᠤᠰ ᠲᠤ ᠪᠠᠨ ᠲᠠᠯᠠᠷᠬᠠᠬᠤ ᠬᠡᠷᠡᠭᠳᠡᠢ᠃

      ᠣᠳᠣᠬᠢ ᠬᠡᠷ ᠤᠨ ᠠᠬᠠᠮᠡᠳ ᠬᠡᠤᠬᠡᠳ ᠢᠶᠠᠨ ︽ᠠᠮᠠᠨ ᠳᠤ ᠪᠠᠨ ᠬᠢᠪᠡᠯ ᠬᠠᠶᠢᠯᠣᠮᠠᠷ ᠠᠯᠠᠭᠠᠨ ᠳᠤ ᠪᠠᠨ

ᠲᠠᠯᠪᠢᠪᠠᠯ ᠪᠦᠮᠪᠦᠷᠢᠮᠡᠷ︾ ᠬᠡᠳᠤ ᠦᠷᠦᠬᠡᠰᠦᠭᠡᠯ ᠢᠶᠠᠷ ᠬᠠᠶᠢᠷᠠᠯᠠᠳᠠᠭ ᠠᠴᠠ ᠬᠡᠤᠬᠡᠳ ᠨᠢ ︽ᠬᠡᠯᠡᠪᠡᠯ ᠲᠡᠳᠡᠨ ᠤ          

ᠲᠤᠷ᠎ᠡ᠂ ᠬᠡᠶᠢᠰᠬᠡᠪᠡᠯ ᠲᠩᠷᠢ ᠶᠢᠨ ᠰᠠᠨᠠᠭ᠎ᠠ︾ ᠪᠤᠯᠵᠤ᠂ ᠠᠪᠤ ᠡᠵᠢ ᠶᠢᠨ ᠢᠶᠠᠨ ᠬᠦᠴᠢᠷ ᠵᠤᠪᠠᠯᠠᠩ ᠢ ᠮᠡᠳᠡᠬᠦ          

ᠦᠬᠡᠢ᠂ ᠢᠳᠡᠵᠤ ᠡᠮᠦᠰᠬᠦ ᠨᠢ ᠶᠠᠭᠠᠬᠢᠵᠤ ᠢᠷᠡᠵᠤ ᠪᠠᠶᠢᠬᠤ ᠶᠢ ᠤᠬᠠᠬᠤ ᠦᠬᠡᠢ᠂ ᠪᠦᠷ ︽ᠪᠢᠴᠢᠬᠠᠨ          

ᠬᠦᠩᠵᠦ︾᠂ ︽ᠪᠢᠴᠢᠬᠠᠨ ᠡᠭᠡ︾ ᠬᠤᠪᠢᠷᠠᠭᠠᠳ ᠬᠦᠰᠡᠯ ᠬᠦᠬᠡᠬᠡᠴᠡᠯᠳᠤᠯ ᠢᠶᠠᠨ ᠠᠯᠳᠠᠵᠤ᠂ ᠪᠤᠰᠤᠳ ᠲᠤ

ᠲᠠᠯᠠᠷᠬᠠᠬᠤ ᠶᠢ ᠤᠮᠠᠷᠳᠠᠵᠤ ᠡᠬᠢᠯᠡᠵᠡᠢ᠃ ᠡᠶᠢᠮᠦ ᠠᠴᠠ ᠪᠠᠭᠰᠢ ᠠᠴᠠ ᠰᠣᠷᠣᠭᠴᠢᠳ ᠲᠤ ᠪᠠᠨ ᠬᠦᠮᠦᠨ ᠳᠤ

ᠲᠠᠯᠠᠷᠬᠠᠬᠤ ᠨᠢ ᠬᠦᠮᠦᠨ ᠪᠣᠯᠵᠣ ᠬᠦᠮᠦᠵᠢᠭᠳᠡᠬᠦ ᠶᠢᠨ ᠴᠢᠬᠤᠯᠠ ᠵᠠᠩᠬᠢᠯᠠᠭ᠎ᠠ ᠶᠢᠨ ᠶᠠᠪᠣᠴᠠ ᠭᠡᠳᠡᠭ ᠢ ᠲᠣᠳᠣᠷᠬᠠᠢ

ᠲᠠᠨᠢᠭᠤᠯᠬᠤ ᠨᠢ ᠵᠦᠷᠢᠴᠡᠯ ᠮᠦᠷᠬᠦᠯᠳᠦᠬᠡᠨ ᠢ ᠪᠠᠭᠠᠰᠬᠠᠵᠤ᠂ ᠡᠪ ᠨᠠᠶᠢᠷᠡᠮᠳᠡᠯ ᠲᠠᠢ ᠤᠷᠴᠢᠨ ᠲᠤᠭᠤᠷᠢᠨ ᠢ ᠡᠬᠦᠳᠬᠦ

ᠶᠠᠪᠤᠴᠠ ᠪᠤᠯᠬᠤ ᠶᠢ ᠮᠡᠳᠡᠬᠦᠯᠬᠦ ᠬᠡᠷᠡᠭᠳᠡᠢ᠃

      ᠡᠪ ᠨᠠᠶᠢᠷᠡᠮᠳᠡᠯ ᠲᠠᠢ ᠤᠷᠴᠢᠨ ᠳᠤ ᠰᠠᠶ᠋ᠢ ᠰᠤᠷᠤᠭᠴᠢᠳ ᠪᠠᠶᠡᠷ ᠪᠠᠶᠠᠰᠤᠯ ᠲᠠᠢ ᠰᠤᠷᠤᠯᠴᠠᠵᠤ ᠴᠢᠳᠠᠨ᠎ᠠ᠂

ᠢᠳᠡᠪᠬᠢᠳᠡᠢ ᠴᠢᠷᠮᠠᠶᠢᠵᠤ ᠲᠡᠶᠢᠯᠦᠨ᠎ᠡ᠃ ᠡᠳᠦᠷ ᠲᠣᠳᠣᠮ ᠤᠨ ᠠᠮᠢᠳᠣᠷᠠᠯ᠂ ᠠᠷᠰᠡᠷ ᠤᠴᠢᠷ ᠶᠠᠪᠤᠳᠡᠯ ᠠᠴᠠ ᠭᠠᠷᠳᠠᠨ

ᠠᠩᠬᠢ ᠶᠢᠨ ᠡᠷᠬᠢᠯᠡᠭᠴᠢ ᠤᠨᠠᠭᠰᠡᠨ ᠪᠢᠷ ᠢ  ᠨᠢ ᠠᠪᠴᠤ ᠦᠭᠬᠦᠭᠰᠡᠨ ᠰᠣᠷᠣᠭᠴᠢ ᠳᠤ ᠪᠠᠨ ︽ᠲᠠᠯᠠᠷᠬᠠᠵᠣ          

ᠪᠠᠶᠢᠨ᠎ᠠ︕︾ ᠬᠡᠵᠦ ᠶᠠᠷᠢᠨ᠂ ᠲᠡᠭᠦᠨ ᠢ ᠲᠤᠰᠠᠯᠠᠭᠰᠡᠨ ᠬᠦᠮᠦᠨ ᠳᠤ ︽ᠲᠠᠯᠠᠷᠬᠠᠵᠣ ᠪᠠᠶᠢᠨ᠎ᠠ︕︾ ᠬᠡᠵᠦ

ᠬᠡᠯᠡᠬᠦᠯᠵᠤ ᠪᠠᠶᠢᠬᠤ ᠬᠡᠷᠡᠭᠳᠡᠢ᠃ ᠢᠩᠬᠢᠪᠡᠯ ᠰᠤᠷᠤᠭᠴᠢᠳ ᠠᠩᠬᠢ ᠪᠤᠶᠤ ᠵᠠᠮ ᠵᠠᠭᠤᠷ᠎ᠡ ᠬᠠᠷᠢᠯᠴᠡᠨ ᠲᠤᠰᠠᠯᠠᠬᠤ᠂

ᠬᠠᠷᠢᠯᠴᠡᠨ ᠬᠠᠮᠵᠢᠬᠤ ᠰᠠᠶᠢᠨ ᠰᠠᠶᠢᠬᠠᠨ ᠵᠠᠩ ᠰᠤᠷᠳᠡᠯ ᠲᠠᠢ ᠪᠤᠯᠵᠤ ᠬᠦᠮᠦᠵᠢᠭᠳᠡᠨ᠂ ᠡᠬᠦᠨ ᠤ ᠤᠯᠠᠮ ᠠᠴᠠ ᠠᠪᠤ

ᠡᠵᠢ ᠪᠠᠨ ᠬᠦᠨᠳᠤᠯᠡᠬᠦ᠂ ᠪᠠᠭᠰᠢ ᠠᠬᠠᠮᠡᠳ ᠢᠶᠠᠨ ᠬᠦᠨᠳᠤᠯᠡᠬᠦ᠂ ᠠᠩᠭ᠎ᠠ ᠲᠡᠭᠦᠤ ᠨᠠᠷ ᠢᠶᠠᠨ ᠬᠠᠶᠢᠷᠠᠯᠠᠬᠤ ᠰᠠᠶᠢᠬᠠᠨ

ᠰᠤᠷᠳᠡᠯ ᠲᠠᠢ ᠭᠦᠮᠦᠵᠢᠭᠦ ᠪᠤᠯᠤᠨ᠎ᠠ᠃ ᠡᠶᠢᠮᠦ ᠰᠠᠶᠢᠬᠠᠨ ᠰᠤᠷᠳᠡᠯ ᠲᠠᠢ ᠤᠷᠴᠢᠨ ᠳᠤ ᠰᠤᠷᠤᠭᠴᠢᠳ ᠤᠨ

ᠰᠤᠷᠤᠯᠴᠠᠬᠤ ᠢᠳᠡᠪᠬᠢᠵᠢᠯ ᠤᠯᠠᠮ ᠴᠢᠩᠭᠠᠷᠠᠬᠤ ᠨᠢ ᠲᠠᠮᠵᠢᠭ ᠦᠬᠡᠢ᠃ ︽ᠪᠣᠰᠣᠳ ᠲᠤ ᠰᠠᠷᠭᠠᠢ ᠴᠡᠴᠡᠭ

ᠬᠦᠷᠬᠡᠬᠦ ᠳᠤ ᠭᠠᠷ ᠲᠤ ᠨᠢ ᠠᠩᠬᠢᠯᠦᠮ᠎ᠡ ᠦᠨᠦᠷ ᠨᠢ ᠦᠯᠡᠳᠡᠳᠡᠭ︾ ᠤᠨ ᠶᠣᠰᠣ ᠡᠨᠡ ᠪᠢᠯᠡ᠃

      ᠬᠤᠷᠢᠶᠠᠩᠭᠤᠶᠢᠯᠡᠪᠡᠯ᠂ ᠠᠩᠬᠢ ᠶᠢᠨ ᠡᠷᠬᠢᠯᠡᠭᠴᠢ ᠪᠤᠯᠤᠭᠰᠠᠳ ᠵᠠᠪᠡᠯ ᠦᠪᠡᠷ ᠤᠨ ᠦᠬᠡ ᠶᠠᠷᠢᠶ᠎ᠠ᠂ ᠦᠢᠯᠡ

ᠬᠦᠳᠡᠯᠦᠯ ᠢᠶᠠᠷ ᠢᠶᠠᠨ ᠰᠣᠷᠣᠭᠴᠢᠳ ᠲᠤ ᠪᠠᠨ ᠲᠠᠭᠤᠷᠢᠶᠠᠯ ᠦᠵᠡᠬᠦᠯᠦᠨ᠂ ᠰᠣᠷᠣᠭᠴᠢᠳ ᠢᠶᠠᠨ ᠴᠠᠭ ᠲᠣᠬᠠᠢ ᠳᠤ ᠨᠢ

ᠣᠷᠮᠠᠰᠢᠭᠤᠯᠵᠤ ᠵᠤᠷᠢᠬᠵᠢᠭᠤᠯᠤᠨ᠂ ᠰᠣᠷᠣᠭᠴᠢᠳ ᠢᠶᠠᠨ ᠲᠠᠭᠠᠭᠤᠯᠣᠨ ᠠᠵᠢᠯ ᠬᠦᠳᠡᠯᠮᠦᠷᠢ ᠳᠤ ᠪᠡᠶᠡᠴᠢᠯᠠᠨ

ᠤᠷᠤᠯᠴᠡᠨ᠂ ᠰᠣᠷᠣᠭᠴᠢᠳ ᠲᠤ ᠪᠠᠨ ᠴᠠᠭ ᠢ ᠪᠠᠷᠢᠮᠳᠠᠯᠠᠬᠤ ᠶᠢ ᠮᠡᠳᠡᠬᠦᠯᠵᠤ᠂ ᠪᠣᠰᠣᠳ ᠢ ᠪᠠᠭ᠋ᠠᠷᠬᠠᠵᠣ ᠴᠢᠳᠠᠬᠤ

ᠪᠤᠯᠭᠠᠬᠤ᠂ ᠪᠣᠰᠣᠳ ᠲᠤ ᠲᠠᠯᠠᠷᠬᠠᠵᠣ ᠰᠣᠷᠬᠤ ᠪᠤᠯᠭᠠᠬᠤ ᠵᠡᠷᠬᠡ ᠲᠠᠯ᠎ᠠ ᠪᠠᠷ ᠠᠩᠬᠠᠷᠪᠡᠯ ᠰᠠᠶ᠋ᠢ ᠰᠤᠷᠤᠭᠴᠢᠳ ᠢ

ᠤᠷᠮᠠᠰᠢᠭᠤᠯᠵᠤ᠂ ᠰᠤᠷᠤᠯᠴᠠᠬᠤ ᠢᠳᠡᠪᠬᠢᠵᠢᠯ ᠢ ᠨᠢ ᠲᠠᠶᠢᠴᠢᠯᠠᠵᠤ ᠲᠡᠶᠢᠯᠦᠨ᠎ᠡ᠃ ᠡᠷᠡᠬᠦᠯ ᠪᠠᠶ᠎ᠠ ᠲᠠᠢ᠂ ᠰᠠᠷᠠᠭᠤᠯ

ᠣᠬᠠᠭᠠᠨ ᠲᠠᠢ᠂ ᠦᠬᠡᠳᠡᠷᠬᠡᠭ ᠪᠣᠳᠣᠯ ᠲᠠᠢ᠂ ᠣᠷᠣᠭᠰᠢ ᠲᠠᠪᠰᠢᠬᠤ ᠬᠦᠰᠡᠯ ᠲᠠᠮᠡᠣᠯᠡᠯ ᠲᠠᠢ ᠬᠦᠮᠦᠨ ᠪᠤᠯᠬᠤ

ᠰᠠᠭᠤᠷᠢ ᠶᠢ ᠨᠢ ᠲᠠᠯᠪᠢᠵᠤ ᠴᠢᠳᠠᠨ᠎ᠠ︕

       ᠠᠵᠢᠯᠯᠠᠵᠤ ᠪᠠᠶᠢᠭ᠎ᠠ ᠪᠠᠶᠢᠭᠤᠯᠭ᠎ᠠ᠄  ᠬᠤᠷᠴᠢᠨ ᠵᠠᠭᠦᠨ ᠭᠠᠷᠤᠨ ᠲᠤᠮᠳᠠᠳᠤ ᠬᠤᠰᠢᠭᠤᠨ ᠤ

                                  ᠵᠢᠷᠤᠭᠡ ᠭᠤᠤᠯ ᠪᠠᠭ᠎ᠠ ᠰᠤᠷᠭᠠᠭᠤᠯᠢ

                                 ︵ᠠᠯᠳᠠᠨᠰᠦ᠋ᠭᠡ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map