ᠠᠩᠬᠢ ᠶᠢᠨ ᠡᠷᠬᠢᠯᠡᠭᠴᠢ ᠶᠢᠨ ᠠᠵᠢᠯ ᠤᠨ ᠲᠤᠬᠠᠢ ᠡᠷᠬᠢᠴᠡᠬᠦᠯᠦᠯ
ᠨᠡᠶᠢᠲᠡᠯᠡᠭᠰᠡᠨ ᠴᠠᠭ᠄
2024/8/5
                      ᠤᠷᠠᠯᠢᠬ

班主任工作2.png

 

      ᠰᠤᠷᠭᠠᠭᠤᠯᠢ ᠶᠢᠨ ᠪᠦᠬᠦ ᠲᠠᠯ᠎ᠠ ᠶᠢᠨ ᠠᠵᠢᠯ ᠤᠨ ᠢᠯᠭᠤᠮ ᠤᠷᠤᠠᠠᠰᠢᠳᠠᠢ ᠶᠠᠪᠤᠠᠠᠳᠠᠬᠤ ᠡᠰᠡᠬᠦ ᠨᠢ ᠠᠩᠭᠢ ᠶᠢᠨ

ᠡᠷᠬᠢᠯᠡᠭᠴᠢ ᠶᠢᠨ ᠠᠵᠢᠯ ᠲᠠᠢ ᠰᠢᠭᠤᠳ ᠬᠤᠯᠪᠤᠭ᠎ᠠ ᠲᠠᠢ᠃ ᠠᠩᠭᠢ ᠶᠢᠨ ᠡᠷᠬᠢᠯᠡᠭᠴᠢᠳ ᠲᠤᠰ ᠲᠤᠰ ᠤᠨ

ᠠᠩᠭᠢ ᠶᠢᠨ ᠬᠠᠮᠢᠶᠠᠷᠤᠯᠳᠠ᠂ ᠰᠤᠷᠤᠯᠴᠠᠯᠭ᠎ᠠ ᠬᠦᠮᠦᠵᠢᠯ᠂ ᠰᠤᠷᠤᠠᠠᠴᠢᠳ ᠤᠨ ᠰᠤᠷᠤᠯᠴᠠᠵᠤ ᠠᠮᠢᠳᠤᠷᠠᠬᠤ ᠤᠪᠤᠷ

ᠢᠳᠡᠪᠬᠢᠵᠢᠯ ᠵᠡᠷᠭᠡ ᠶᠢ ᠰᠠᠶᠢᠳᠤᠷ ᠲᠠᠶᠢᠴᠢᠯᠠᠨ ᠵᠦᠪ ᠲᠤᠳᠤᠷᠬᠠᠢ ᠰᠤᠷᠤᠯᠴᠠᠬᠤ ᠦᠵᠡᠯᠳᠡ ᠲᠠᠨᠢᠯᠳᠠ ᠲᠠᠢ᠂

ᠦᠭᠡᠳᠡᠷᠭᠡᠭ ᠰᠡᠳᠬᠢᠯ ᠲᠠᠢ ᠬᠠᠮᠳᠤ ᠨᠢᠭᠡᠴᠢ ᠪᠤᠯᠭᠠᠨ ᠪᠦᠳᠦᠭᠡᠨ ᠪᠠᠶᠢᠭᠤᠯᠵᠤ ᠴᠢᠳᠠᠪᠠᠯ ᠨᠢᠭᠡᠨ ᠰᠤᠷᠭᠠᠭᠤᠯᠢ ᠶᠢᠨ

ᠡᠯ᠎ᠡ ᠲᠠᠯ᠎ᠠ ᠶᠢᠨ ᠠᠵᠢᠯ ᠯᠠᠪᠳᠠᠢ ᠦᠷ᠎ᠡ ᠪᠦᠳᠦᠮᠵᠢ ᠰᠠᠶᠢᠨ ᠪᠠᠶᠢᠵᠤ᠂ ᠵᠢᠩᠬᠢᠨᠢ ᠠᠷᠠᠳ ᠲᠦᠮᠡᠨ ᠳᠤ ᠬᠠᠨᠤᠮᠵᠢᠳᠠᠢ

ᠰᠤᠷᠭᠠᠨ ᠬᠦᠮᠤᠵᠢᠯ ᠢ ᠶᠠᠪᠤᠠᠠᠳᠠᠭᠤᠯᠬᠤ ᠳᠤ ᠲᠦᠯᠬᠢᠴᠡ ᠦᠢᠯᠡᠳᠤᠯ ᠦᠵᠡᠬᠦᠯᠵᠤ ᠴᠢᠳᠠᠨ᠎ᠠ᠃

      ᠲᠤᠤᠷ᠎ᠠ ᠪᠢ ︽ᠭᠤᠷᠪᠠ ᠶᠢ ᠴᠢᠬᠤᠯᠠᠴᠢᠯᠠᠨ ᠨᠢᠭᠡ ᠶᠢ ᠲᠠᠶ᠋ᠬᠠᠳᠠᠬᠤ︾ ᠠᠷᠭ᠎ᠠ ᠠᠪᠴᠠᠯ ᠢᠶᠠᠷ ᠠᠩᠭᠢ ᠪᠠᠨ

ᠡᠷᠬᠢᠯᠡᠵᠤ ᠢᠷᠡᠭᠰᠡᠨ ᠤᠯᠤᠯᠳᠠ ᠲᠦᠷᠦᠭᠳᠡᠯ ᠢᠶᠠᠨ ᠲᠠ ᠤᠯᠠᠨ ᠲᠠᠢ ᠪᠠᠨ ᠬᠤᠪᠢᠶᠠᠯᠴᠠᠶ᠎ᠠ᠃

      ᠨᠢᠭᠡ᠂ ᠰᠤᠷᠭᠠᠭᠤᠯᠢ ᠶᠢᠨ ᠤᠳᠤᠷᠢᠳᠤᠯᠭ᠎ᠠ ᠵᠢᠯᠤᠭᠤᠳᠤᠯᠭ᠎ᠠ ᠲᠤᠤᠷ᠎ᠠ ᠠᠩᠬᠢ ᠶᠢᠨ ᠡᠷᠬᠢᠯᠡᠭᠴᠢ ᠶᠢᠨ

ᠠᠵᠢᠯ ᠢᠶᠠᠨ ᠶᠠᠪᠤᠠᠠᠳᠠᠭᠤᠯᠬᠤ ᠨᠢ ᠲᠦᠢᠯ ᠤᠨ ᠴᠢᠬᠤᠯᠠ ᠪᠠᠶᠢᠳᠠᠭ᠃ ᠰᠤᠷᠭᠠᠭᠤᠯᠢ ᠶᠢᠨ ᠵᠦᠪ ᠤᠨᠤᠪᠴᠢᠳᠠᠢ

ᠤᠳᠤᠷᠢᠳᠤᠯᠭ᠎ᠠ᠂ ᠬᠤᠪᠢ ᠪᠡᠶ᠎ᠡ ᠶᠢᠨ ᠰᠤᠷᠤᠯᠴᠠᠯᠭ᠎ᠠ ᠴᠢᠷᠮᠠᠶᠢᠯᠭ᠎ᠠ᠂ ᠡᠯ᠎ᠡ ᠲᠦᠷᠦᠯ ᠤᠨ ᠬᠢᠴᠢᠶᠡᠯ ᠤᠨ ᠪᠠᠭᠰᠢ

ᠨᠠᠷ ᠤᠨ ᠬᠠᠮᠳᠤ ᠶᠢᠨ ᠴᠢᠷᠮᠠᠶᠢᠯᠭ᠎ᠠ ᠪᠠᠷ ᠪᠤᠯᠪᠠᠰᠤᠨ ᠰᠠᠶᠢᠬᠠᠨ ᠮᠤᠷᠠᠯ ᠰᠤᠷᠳᠠᠬᠤᠨ᠂ ᠵᠦᠪ ᠶᠢᠷᠳᠢᠨᠴᠤ ᠶᠢᠨ

ᠦᠵᠡᠯᠳᠡ᠂ ᠵᠦᠪ ᠠᠮᠢᠳᠤᠷᠠᠬᠤᠢ ᠶᠢᠨ ᠦᠵᠡᠯᠳᠡ᠂ ᠵᠦᠪ ᠦᠷᠳᠡᠭ ᠤᠨ ᠦᠵᠡᠯᠳᠡ᠂ ᠨᠠᠶᠢᠳᠠᠴᠢ ᠦᠵᠡᠯ ᠤᠬᠠᠮᠰᠠᠷ᠂

ᠤᠯᠤᠰ ᠤᠷᠤᠨ ᠢᠶᠠᠨ ᠬᠠᠶᠢᠷᠠᠯᠠᠬᠤ ᠬᠦᠮᠦᠵᠢᠯ ᠢ ᠡᠳᠤᠷ ᠲᠤᠳᠤᠮ ᠤᠨ ᠵᠢᠭᠠᠨ ᠰᠤᠷᠭᠠᠯᠳᠠ᠂ ᠬᠦᠳᠡᠯᠪᠤᠷᠢ

ᠠᠵᠢᠯᠯᠠᠭ᠎ᠠ ᠲᠤᠮᠳᠠ ᠦᠷᠬᠦᠯᠵᠢ ᠶᠢᠨ ᠴᠢᠨᠠᠷᠳᠠᠢ ᠦᠷᠨᠢᠬᠦᠯᠬᠦ ᠶᠢ ᠪᠠᠷᠢᠮᠳᠠᠯᠠᠬᠤ ᠬᠡᠷᠡᠭᠳᠠᠢ᠃ ᠵᠢᠱᠢᠶᠡᠯᠡᠪᠡᠯ᠂ ᠪᠠᠭᠰᠢ

ᠠᠬᠠᠮᠠᠳ ᠲᠠᠢ ᠪᠠᠨ ᠮᠡᠨᠳᠦᠴᠢᠯᠡᠬᠦ᠂ ᠨᠠᠶᠢᠵᠠ ᠨᠦᠬᠦᠳ ᠢᠶᠠᠨ ᠬᠠᠯᠠᠮᠵᠢᠯᠠᠨ ᠬᠠᠪᠰᠤᠷᠬᠤ᠂ ᠪᠡᠶ᠎ᠡ ᠰᠡᠳᠬᠢᠴᠡ ᠪᠠᠨ

ᠲᠤᠬᠢᠷᠠᠭᠤᠯᠬᠤ  ᠶᠢ ᠰᠤᠷᠬᠤ᠂ ᠨᠠᠮ ᠵᠢᠮ ᠬᠤᠭᠤᠯᠠᠯᠠᠵᠤ᠂ ᠪᠦᠷᠢᠯᠭᠡᠬᠦ ᠶᠢ ᠲᠡᠪᠴᠢᠬᠦ᠂ ᠠᠩᠭᠢ ᠶᠢᠨ ᠭᠡᠷ  ᠤᠨ ᠨᠠᠮ

ᠵᠢᠮ ᠢ ᠪᠠᠳᠤᠯᠠᠵᠤ ᠰᠤᠷᠤᠯᠴᠠᠯᠭ᠎ᠠ ᠶᠢ ᠲᠡᠭᠡᠳᠦᠯᠡᠬᠦ᠂ ᠦᠳᠡ ᠤᠷᠤᠢ ᠶᠢᠨ ᠠᠮᠠᠷᠠᠯᠳᠠ ᠳᠤ ᠨᠤᠮ ᠲᠠᠢ ᠬᠠᠨᠢᠯᠠᠬᠤ᠂

ᠭᠠᠷ ᠤᠨ ᠠᠶ᠎ᠠ ᠪᠠᠷ ᠬᠤᠭ ᠨᠤᠪᠰᠢ ᠶᠢ ᠲᠡᠬᠦᠵᠤ᠂ ᠴᠡᠪᠡᠷ ᠰᠠᠶᠢᠬᠠᠨ ᠰᠤᠷᠭᠠᠭᠤᠯᠢ ᠶᠢᠨ ᠬᠦᠷᠢᠶ᠎ᠡ ᠶᠢ ᠴᠤᠠᠠᠴᠠᠯᠠᠬᠤ ᠪᠠᠷ

ᠰᠤᠷᠤᠠᠠᠴᠢᠳ ᠢᠶᠠᠨ ᠱᠠᠭᠠᠷᠳᠠᠵᠤ᠂ ᠲᠤᠰ ᠵᠠᠷᠴᠢᠮ ᠤᠨ ᠴᠠᠭᠠᠨᠠᠬᠢ ᠤᠳᠬ᠎ᠠ ᠠᠭᠤᠯᠭ᠎ᠠ ᠶᠢ ᠨᠠᠷᠢᠨ ᠲᠠᠶᠢᠯᠪᠤᠷᠢᠯᠡᠵᠤ

ᠮᠦᠨ ᠪᠡᠶᠡᠴᠢᠯᠡᠨ ᠤᠶᠢᠯᠠᠭᠠᠭᠤᠯᠬᠤ ᠪᠠᠷ ᠲᠠᠮᠵᠢᠨ ᠰᠤᠷᠤᠠᠠᠴᠢᠳ ᠤᠨ ᠢᠶᠠᠨ ᠤᠶᠢᠯᠡ ᠠᠵᠢᠯᠯᠠᠭ᠎ᠠ ᠶᠢ ᠲᠦᠷᠢᠮᠵᠢᠬᠦᠯᠵᠤ᠂

ᠨᠢᠭᠡᠨ ᠪᠠᠭᠰᠢ ᠠᠬᠠᠮᠠᠳ ᠢᠶᠠᠨ ᠬᠦᠨᠳᠦᠳᠭᠡᠭᠰᠡᠨ᠂ ᠨᠠᠶᠢᠵᠠ ᠨᠦᠬᠦᠳ ᠲᠠᠢ ᠪᠠᠨ ᠡᠶ᠎ᠡ ᠪᠦᠯᠬᠦᠮᠳᠡᠯ ᠲᠠᠢ᠂ ᠨᠡᠶᠢᠭᠡᠮ

ᠨᠡᠶᠢᠳᠡ ᠶᠢᠨ ᠬᠠᠷᠢᠭᠤᠴᠠᠯᠭᠠᠳᠤ ᠰᠡᠳᠬᠢᠯ ᠢᠶᠠᠷ ᠴᠢᠩᠭ᠎ᠠ᠂ ᠵᠦᠪ ᠦᠵᠡᠯ ᠪᠤᠳᠤᠯ ᠲᠠᠢ᠂ ᠰᠤᠷᠤᠯᠭ᠎ᠠ

ᠠᠮᠢᠳᠤᠷᠠᠯ ᠳᠤ ᠪᠠᠨ ᠦᠭᠡᠳᠡᠷᠭᠡᠭ ᠦᠵᠡᠯ ᠲᠠᠢ ᠭᠦᠮᠦᠨ ᠪᠤᠯᠭᠠᠨ ᠬᠦᠮᠦᠵᠢᠭᠦᠯᠬᠦ ᠶᠢ ᠴᠢᠬᠤᠯᠠᠴᠢᠯᠠᠪᠠ᠃

      ᠬᠤᠶᠠᠷ᠂ ᠬᠢᠴᠢᠶᠡᠯᠯᠡᠭᠴᠢ ᠪᠠᠭᠰᠢ ᠨᠠᠷ ᠲᠠᠢ ᠪᠠᠨ ᠢᠳᠡᠪᠬᠢᠳᠠᠢ ᠬᠠᠮᠵᠢᠯᠴᠠᠬᠤ ᠶᠢ ᠴᠢᠬᠤᠯᠠᠴᠢᠯᠠᠨ ᠠᠩᠬᠠᠷᠬᠤ

ᠭᠡᠷᠡᠭᠳᠠᠢ᠃ ᠠᠩᠬᠢ ᠶᠢᠨ ᠡᠷᠬᠢᠯᠡᠭᠴᠢ ᠪᠤᠯᠤᠠᠠᠰᠠᠳ ᠡᠷᠭᠡᠪᠰᠢ ᠤᠬᠠᠮᠰᠠᠷ ᠠᠴᠠ ᠪᠠᠨ ᠢᠳᠡᠪᠬᠢᠳᠠᠢ ᠪᠠᠷ ᠡᠯ᠎ᠡ ᠬᠢᠴᠢᠶᠡᠯ

ᠲᠦᠷᠦᠯ ᠤᠨ ᠪᠠᠭᠰᠢ ᠨᠠᠷ ᠲᠠᠢ ᠪᠠᠨ ᠨᠢᠠᠠᠳᠠ ᠤᠶᠠᠯᠳᠤᠨ ᠬᠠᠮᠵᠢᠯᠴᠠᠬᠤ ᠶᠢ ᠬᠦᠨᠳᠤᠳᠭᠡᠨ ᠪᠠᠷᠢᠮᠳᠠᠯᠠᠪᠠᠯ          

ᠰᠠᠶᠢᠨ᠃ ᠪᠦᠬᠦ ᠬᠢᠴᠢᠶᠡᠯ ᠲᠦᠷᠦᠯ ᠤᠨ ᠪᠠᠭᠰᠢ ᠨᠠᠷ ᠲᠢ ᠪᠦᠯᠬᠦᠮᠳᠡᠨ ᠨᠢᠠᠠᠳᠠᠷᠠᠵᠤ ᠴᠢᠳᠠᠪᠠᠯ ᠲᠤᠰ ᠠᠩᠭᠢ  ᠶᠢᠨ

ᠡᠯ᠎ᠡ ᠲᠠᠯ᠎ᠠ ᠶᠢᠨ ᠬᠦᠮᠦᠵᠢᠯ ᠪᠤᠯᠪᠠᠰᠤᠷᠠᠯ᠂ ᠰᠤᠷᠤᠯᠭ᠎ᠠ ᠮᠤᠷᠠᠯ᠂ ᠪᠦᠬᠦ ᠲᠠᠯ᠎ᠠ ᠶᠢᠨ ᠠᠵᠢᠯ ᠠᠮᠵᠢᠯᠳᠠ ᠲᠠᠢ

ᠶᠠᠪᠤᠠᠠᠳᠠᠨ ᠰᠤᠷᠤᠠᠠᠴᠢᠳ ᠤᠨ ᠦᠰᠦᠨ ᠪᠤᠶᠢᠵᠢᠯᠳᠠ ᠳᠤ ᠲᠦᠢᠯ ᠤᠨ ᠰᠠᠶᠢᠨ ᠨᠦᠬᠦᠴᠡᠯ ᠪᠤᠯᠤᠮᠵᠢ ᠶᠢ ᠬᠠᠨᠭ᠍ᠭᠠᠬᠤ

ᠪᠤᠯᠤᠨ᠎ᠠ᠃ ᠪᠢ ᠡᠬᠢᠯᠡᠨ ᠠᠩᠭᠢ ᠶᠢᠨ ᠡᠷᠬᠢᠯᠡᠭᠴᠢ ᠪᠤᠯᠬᠤ ᠦᠶᠡᠰ᠂ ᠬᠠᠮᠢᠭ᠎ᠠ ᠠᠴᠠ ᠡᠬᠢᠯᠡᠨ ᠬᠡᠷᠬᠢᠨ ᠠᠵᠢᠯᠯᠠᠬᠤ᠂

ᠰᠤᠷᠤᠠᠠᠴᠢᠳ ᠢ ᠶᠠᠭᠠᠬᠢᠵᠤ ᠵᠢᠯᠤᠭᠤᠳᠬᠤ᠂ ᠭᠡᠷ ᠤᠨ ᠠᠬᠠᠮᠠᠳ ᠲᠠᠢ ᠬᠡᠷᠬᠢᠨ ᠬᠠᠷᠢᠴᠠᠬᠤ ᠵᠡᠷᠭᠡ ᠲᠤᠬᠠᠢ ᠶᠠᠮᠠᠷ ᠴᠤ

ᠲᠤᠷᠰᠢᠯᠭ᠎ᠠ ᠦᠭᠡᠢ ᠪᠠᠶᠢᠵᠠᠢ᠃ ᠠᠬᠠᠮᠠᠳ ᠪᠠᠭᠰᠢ ᠨᠠᠷ ᠠᠴᠠ ᠪᠠᠨ ᠠᠰᠠᠭᠤᠨ ᠰᠤᠷᠤᠯᠴᠠᠬᠤ ᠲᠤᠮᠳᠠ ᠠᠴᠠ ᠬᠡᠷᠬᠢᠨ

ᠰᠠᠶᠢᠨ ᠠᠩᠭᠢ ᠶᠢᠨ ᠡᠷᠬᠢᠯᠡᠭᠴᠢ ᠪᠤᠯᠬᠤ᠂ ᠦᠪᠡᠷᠮᠢᠴᠠ ᠤᠨᠴᠠᠯᠢᠭ ᠲᠠᠢ ᠰᠤᠷᠤᠠᠠᠴᠢ ᠶᠢ ᠬᠡᠷᠬᠢᠨ ᠬᠦᠮᠦᠵᠢᠬᠦᠯᠬᠦ᠂

ᠰᠡᠳᠬᠢᠴᠡ ᠶᠢᠨ ᠠᠰᠠᠭᠤᠳᠠᠯ ᠲᠠᠢ ᠰᠤᠷᠤᠠᠠᠴᠢ ᠶᠢ ᠭᠡᠷᠬᠢᠨ ᠵᠢᠯᠤᠭᠤᠳᠪᠠᠯ ᠦᠷ᠎ᠡ ᠠᠰᠢᠭ ᠰᠠᠶᠢᠨ ᠪᠤᠯᠬᠤ᠂

ᠰᠤᠷᠤᠠᠠᠴᠢᠳ ᠤᠨ ᠡᠯ᠎ᠡ ᠵᠦᠢᠯ ᠤᠨ ᠠᠰᠠᠭᠤᠯᠳᠠ ᠳᠤ ᠶᠠᠮᠠᠷ ᠬᠠᠷᠢᠭᠤᠯᠳᠠ ᠦᠭᠪᠡᠯ ᠬᠠᠮᠤᠭ ᠤᠨ ᠲᠤᠬᠢᠷᠠᠮᠵᠢᠳᠠᠢ

ᠪᠤᠯᠬᠤ᠂ ᠠᠩᠭᠢ ᠨᠢᠭᠡᠴᠢ ᠳᠤ ᠢᠯᠡᠷᠡᠭᠰᠡᠨ ᠠᠰᠠᠭᠤᠳᠠᠯ ᠢ ᠬᠡᠷᠬᠢᠨ ᠡᠪᠯᠢᠭ ᠰᠢᠢᠳᠪᠤᠷᠢᠯᠡᠬᠦ ᠬᠡᠬᠦ ᠮᠡᠳᠤ ᠤᠯᠠᠨ

ᠠᠰᠠᠭᠤᠳᠠᠯ ᠢ ᠬᠠᠮᠤᠭ ᠤᠨ ᠬᠢᠯᠪᠠᠷ ᠬᠠᠮᠤᠭ ᠤᠨ ᠵᠤᠬᠢᠴᠠᠩᠭᠤᠢ ᠠᠷᠭ᠎ᠠ ᠪᠠᠷᠢᠯ ᠢᠶᠠᠷ ᠰᠢᠢᠳᠪᠤᠷᠢᠯᠡᠬᠦ ᠶᠢ

ᠰᠤᠷᠤᠠᠠᠰᠠᠨ ᠠᠴᠠ ᠮᠢᠨᠤ ᠠᠩᠭᠢ ᠶᠢᠨ ᠠᠵᠢᠯ ᠤᠯᠠᠨ ᠪᠠᠭᠰᠢ ᠨᠠᠷ ᠤᠨ ᠬᠠᠶᠢᠷ᠎ᠠ ᠬᠠᠯᠠᠮᠵᠢ ᠬᠠᠯᠠᠰᠢᠷᠠᠯ ᠦᠬᠡᠢ

ᠬᠠᠪᠰᠤᠷᠤᠯᠭ᠎ᠠ ᠲᠤᠤᠷ᠎ᠠ ᠲᠤᠩ ᠢᠯᠭᠤᠮ ᠰᠠᠶᠢᠨ ᠶᠠᠪᠤᠠᠠᠳᠠᠭᠰᠠᠨ ᠪᠠᠶᠢᠨ᠎ᠠ᠃ ᠵᠢᠱᠢᠶᠡᠯᠡᠪᠡᠯ᠂ ᠬᠢᠴᠢᠶᠡᠯᠯᠡᠬᠦ ᠶᠠᠪᠤᠴᠠ

ᠲᠤᠮᠳᠠ ᠪᠤᠰᠤᠳ ᠠᠴᠠ ᠤᠨᠴᠠᠭᠠᠶᠢᠷᠠᠵᠤ ᠠᠭᠠᠰᠢᠯᠠᠳᠠᠭ ᠰᠤᠷᠤᠠᠠᠴᠢ ᠶᠢᠨ ᠠᠰᠠᠭᠤᠳᠠᠯ ᠢ ᠰᠢᠢᠳᠪᠤᠷᠢᠯᠡᠬᠦ ᠦᠶ᠎ᠡ ᠳᠤ

ᠵᠦᠪᠭᠡᠨ ᠲᠡᠬᠦᠨ ᠤ ᠠᠯᠳᠠᠭ᠎ᠠ ᠳᠤ ᠨᠢ ᠴᠢᠭᠯᠡᠬᠦᠯᠦᠨ ᠰᠢᠬᠦᠮᠵᠢᠯᠡᠬᠦ ᠪᠢᠰᠢ᠂ ᠬᠠᠷᠢᠨ ᠲᠤᠰ ᠰᠤᠷᠤᠠᠠᠴᠢ ᠶᠢᠨ ᠪᠠᠶ᠎ᠠ

ᠲᠡᠭᠡᠷ᠎ᠡ ᠡᠶᠢᠮᠤᠷᠬᠦᠤ ᠦᠵᠡᠭᠳᠡᠯ ᠢᠯᠡᠷᠡᠵᠤ ᠪᠠᠶᠢᠭ᠎ᠠ ᠶᠢᠨ ᠦᠨᠳᠤᠰᠤ ᠰᠢᠯᠳᠠᠭᠠᠨ ᠢ ᠨᠠᠷᠢᠨ ᠠᠵᠢᠠᠠᠯᠠᠵᠤ

ᠰᠦᠪᠡᠭᠴᠢᠯᠡᠵᠤ ᠪᠠᠶᠢᠮᠠᠨᠵᠢᠨ ᠪᠤᠳᠠᠳᠠᠢ ᠳᠤ ᠨᠢ ᠲᠤᠬᠢᠷᠬᠠᠰᠠᠨ ᠠᠷᠭ᠎ᠠ ᠠᠪᠴᠠᠯ ᠢ ᠠᠪᠤᠠᠠᠰᠠᠨ ᠵᠡᠷᠭᠡ ᠪᠤᠢ᠃

      ᠭᠤᠷᠪᠠ᠂ ᠭᠡᠷ ᠤᠨ ᠠᠬᠠᠮᠠᠳ ᠲᠠᠢ ᠨᠢᠠᠠᠳᠠ ᠤᠶᠠᠯᠳᠤᠬᠤ ᠶᠢ ᠠᠩᠬᠠᠷᠬᠤ ᠨᠢ ᠴᠢᠬᠤᠯᠠ᠃

      ᠠᠩᠬᠢ ᠶᠢᠨ ᠡᠷᠬᠢᠯᠡᠭᠴᠢ ᠶᠢᠨ ᠠᠵᠢᠯ ᠢ ᠰᠠᠶᠢᠳᠤᠷ ᠪᠡᠶᠡᠯᠡᠬᠦᠯᠬᠦ ᠳᠤ ᠦᠷᠭᠡᠨ ᠤᠯᠠᠨ ᠭᠡᠷ ᠤᠨ ᠠᠬᠠᠮᠠᠳ ᠤᠨ

ᠬᠠᠪᠰᠤᠷᠤᠯᠭ᠎ᠠ ᠲᠡᠮᠵᠢᠯᠭᠡ ᠳᠤ ᠲᠦᠰᠢᠭᠯᠡᠬᠦ ᠪᠤᠯ ᠲᠦᠢᠯ ᠤᠨ ᠴᠢᠬᠤᠯᠠ ᠪᠠᠶᠢᠳᠠᠭ᠃ ᠤᠳᠤᠬᠢ ᠤᠯᠠᠩᠬᠢ

ᠰᠤᠷᠤᠠᠠᠴᠢ ᠨᠢ ᠠᠶᠢᠯ ᠡᠷᠦᠭᠡ ᠶᠢᠨ ᠭᠠᠭᠴᠠ ᠬᠡᠥᠭᠡᠳ ᠪᠤᠶᠤ ᠬᠤᠶᠠᠷ ᠬᠡᠥᠭᠡᠳ ᠤᠨ ᠨᠢᠭᠡᠨ ᠪᠠᠶᠢᠭ᠎ᠠ᠃ ᠭᠡᠷ

ᠪᠦᠯᠢ ᠳᠤ ᠪᠠᠨ ᠡᠷᠭᠡ ᠲᠠᠩᠭᠢ᠂ ᠪᠤᠰᠤᠳ ᠲᠠᠢ ᠡᠪᠳᠠᠢ ᠰᠠᠶᠢᠬᠠᠨ ᠨᠠᠶᠢᠵᠠᠯᠠᠵᠤ ᠬᠤᠷᠰᠢᠬᠤ ᠲᠠᠯ᠎ᠠ ᠪᠠᠷ ᠪᠠᠷᠤᠠᠠᠳᠠᠢ᠂

ᠠᠵᠢᠯ ᠬᠦᠳᠡᠯᠮᠤᠷᠢ ᠶᠢᠨ ᠡᠪ ᠲᠦᠢ ᠶᠢ ᠡᠵᠡᠮᠰᠢᠭᠰᠡᠨ ᠲᠠᠯ᠎ᠠ ᠪᠠᠷ ᠠᠨᠠᠶᠢᠬᠠᠨ᠂ ᠲᠤᠰ ᠲᠤᠰ ᠤᠨ ᠦᠪᠡᠷᠮᠢᠴᠡ

ᠤᠨᠴᠠᠯᠢᠭ ᠵᠠᠩ ᠠᠷᠠᠨᠰᠢᠨ ᠲᠠᠢ᠂ ᠪᠤᠰᠤᠳ ᠢᠶᠠᠷ ᠬᠡᠯᠡᠬᠦᠯᠬᠦ ᠲᠤᠷ᠎ᠠ ᠦᠭᠡᠢ᠂ ᠰᠤᠷᠤᠯᠭ᠎ᠠ ᠠᠮᠢᠳᠤᠷᠠᠯ ᠳᠤ ᠬᠠᠨᠳᠤᠬᠤ

ᠤᠪᠤᠷ ᠦᠵᠡᠯᠳᠡ ᠠᠳᠠᠯᠢ ᠪᠤᠰᠤ᠂ ᠭᠡᠷ ᠪᠦᠯᠢ ᠶᠢᠨ ᠦᠰᠦᠨ ᠪᠤᠶᠢᠵᠢᠠᠠᠰᠠᠨ ᠤᠷᠴᠢᠨ ᠨᠦᠬᠦᠴᠡᠯ ᠵᠦᠷᠢᠶ᠎ᠡ ᠲᠠᠢ᠂

ᠦᠭᠡᠷ᠎ᠡ ᠪᠠᠷ ᠬᠡᠯᠡᠪᠡᠯ ︽ᠠᠪᠤ ᠶᠢᠨ ᠬᠦᠤ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ︾ ᠭᠡᠳᠡᠭᠴᠢᠯᠡᠨ

ᠡᠳᠡᠭᠡᠷ ᠰᠤᠷᠤᠠᠠᠴᠢ ᠶᠢ ᠨᠢᠭᠡ ᠠᠩᠭᠢ ᠶᠢᠨ ᠪᠠᠭᠰᠢ ᠵᠢᠯᠤᠭᠤᠳᠤᠨ ᠬᠦᠮᠦᠵᠢᠬᠦᠯᠬᠦ ᠪᠤᠯ ᠮᠠᠰᠢ ᠬᠦᠴᠢᠷ ᠲᠦᠪᠡᠭ ᠲᠠᠢ

ᠠᠵᠢᠯ ᠮᠦᠨ᠃ ᠡᠶᠢᠮᠤ ᠠᠴᠠ ᠵᠠᠪᠠᠯ ᠰᠤᠷᠤᠠᠠᠴᠢ ᠪᠦᠷᠢ ᠶᠢᠨ ᠭᠡᠷ ᠤᠨ ᠠᠬᠠᠮᠠᠳ ᠲᠠᠢ ᠨᠢᠠᠠᠳᠠ ᠤᠶᠠᠯᠳᠤᠨ ᠲᠡᠳᠡᠨ ᠢ

ᠢᠯᠡᠬᠦᠤ ᠰᠤᠷᠪᠤᠯᠵᠢᠯᠠᠵᠤ᠂ ᠠᠩᠭᠢ ᠶᠢᠨ ᠰᠤᠷᠤᠠᠠᠴᠢᠳ ᠤᠨ ᠢᠶᠠᠨ ᠪᠤᠳᠠᠳᠠᠢ ᠪᠠᠶᠢᠳᠠᠯ ᠢ ᠤᠶᠢᠯᠠᠭᠠᠨ ᠵᠠᠳᠠᠯᠵᠤ

ᠲᠠᠨᠢᠠᠠᠰᠠᠨ ᠰᠠᠭᠤᠷᠢᠨ ᠲᠡᠭᠡᠷ᠎ᠡ ᠰᠤᠷᠤᠭᠴᠢ ᠪᠠᠨ ᠬᠦᠮᠦᠵᠢᠬᠦᠯᠬᠦ ᠶᠢ ᠠᠩᠬᠠᠷᠤᠯ ᠳᠤ ᠪᠠᠨ ᠠᠪᠤᠪᠠᠯ ᠪᠢᠳᠡᠨ ᠤ ᠰᠤᠷᠭᠠᠨ

ᠬᠦᠮᠦᠵᠢᠯ ᠵᠢᠭᠠᠨ ᠰᠤᠷᠭᠠᠯᠳᠠ ᠶᠢᠨ ᠠᠵᠢᠯ ᠢᠶᠠᠨ ᠶᠠᠪᠤᠠᠠᠳᠠᠭᠤᠯᠬᠤ ᠳᠤ ᠲᠦᠢᠯ ᠤᠨ ᠠᠰᠢᠠᠠᠳᠠᠢ ᠶᠤᠮ᠃ ᠵᠢᠱᠢᠶᠡᠯᠡᠪᠡᠯ

᠂ ᠵᠠᠷᠢᠮ ᠰᠤᠷᠤᠠᠠᠴᠢ ᠲᠦᠷᠢᠮ ᠲᠤᠠᠠᠳᠠᠭᠠᠯ ᠢ ᠵᠦᠷᠢᠴᠡᠭᠰᠡᠨ ᠪᠤᠶᠤ ᠨᠦᠯᠦᠭᠡ ᠲᠤᠰᠬᠠᠯ ᠠᠨᠠᠢ ᠦᠢᠯᠡ ᠠᠵᠢᠯᠯᠠᠭ᠎ᠠ

ᠬᠢᠭᠰᠡᠨ ᠦᠶ᠎ᠡ ᠳᠤ ᠵᠦᠪᠭᠡᠨ ᠰᠤᠷᠤᠠᠠᠴᠢ ᠶᠢ ᠰᠢᠬᠦᠮᠵᠢᠯᠡᠬᠦ᠂ ᠰᠢᠢᠳᠭᠡᠨ ᠲᠤᠷᠭᠠᠬᠤ ᠵᠡᠷᠭᠡ ᠰᠢᠢᠳᠪᠤᠷᠢᠯᠡᠬᠦ ᠠᠷᠭ᠎ᠠ

ᠠᠪᠬᠤ ᠪᠢᠰᠢ᠂ ᠨᠡᠩ ᠴᠢᠬᠤᠯᠠ ᠨᠢ ᠡᠨᠡ ᠬᠦ ᠰᠤᠷᠤᠭᠴᠢ ᠶᠢᠨ ᠭᠡᠷ ᠤᠨ ᠠᠬᠠᠮᠠᠳ ᠲᠠᠢ ᠰᠠᠶᠢᠳᠤᠷ ᠶᠠᠷᠢᠯᠴᠠᠵᠤ᠂

ᠲᠤᠰ ᠰᠤᠷᠤᠭᠴᠢ ᠶᠢᠨ ᠦᠰᠦᠨ ᠪᠤᠶᠢᠵᠢᠭᠰᠠᠨ ᠦᠩᠭᠡᠷᠡᠯᠳᠡ᠂ ᠵᠠᠩ ᠠᠷᠠᠨᠰᠢᠨ᠂ ᠠᠶᠢᠯ ᠭᠡᠷ ᠲᠠᠬᠢ ᠶᠡᠷᠦᠩᠭᠡᠢ

ᠪᠠᠶᠢᠳᠠᠯ ᠢ ᠨᠢ ᠤᠶᠢᠯᠠᠭᠠᠨ ᠮᠡᠳᠡᠵᠤ᠂ ᠡᠭᠦᠨ ᠳᠤ ᠰᠠᠭᠤᠷᠢᠯᠠᠨ ᠦᠨᠳᠦᠰᠦ ᠰᠢᠯᠳᠠᠭᠠᠨ ᠳᠤ ᠨᠢ ᠴᠢᠭᠯᠡᠭᠦᠯᠦᠨ

ᠪᠤᠳᠠᠳᠠᠢ ᠪᠠᠷ ᠰᠢᠢᠳᠪᠦᠷᠢᠯᠡᠪᠡᠯ ᠰᠠᠶ᠋ᠢ ᠰᠤᠷᠭᠠᠨ ᠬᠦᠮᠦᠵᠢᠭᠦᠯᠬᠦ ᠵᠤᠷᠢᠯᠭ᠎ᠠ ᠳᠤ ᠪᠠᠨ ᠬᠦᠷᠴᠤ ᠴᠢᠳᠠᠨ᠎ᠠ᠃ ᠡᠰᠡ

ᠲᠡᠶᠢᠮᠦ ᠪᠤᠯ ᠬᠡᠳᠡᠷᠬᠦ ᠦᠢᠯᠡᠳᠦᠯ ᠦᠵᠡᠭᠦᠯᠬᠦ ᠮᠠᠭᠠᠳ᠃ ᠢᠢᠮᠦ ᠠᠴᠠ ᠰᠤᠷᠤᠭᠴᠢ ᠪᠤᠯᠭᠠᠨ ᠤ ᠤᠨᠴᠠᠯᠢᠭ ᠠᠴᠠ

ᠡᠭᠦᠰᠦᠨ ᠠᠰᠠᠭᠤᠳᠠᠯ ᠢ ᠰᠢᠢᠳᠪᠦᠷᠢᠯᠡᠬᠦ ᠨᠢ ᠪᠠᠰᠠ ᠴᠤ ᠵᠠᠩᠭᠢᠯᠠᠭ᠎ᠠ ᠪᠤᠯᠤᠨ᠎ᠠ᠃

      ᠲᠥᠷᠪᠡ᠂ ᠰᠤᠷᠤᠭᠴᠢᠳ ᠢ ᠠᠯᠪᠠᠳᠠᠨ ᠱᠠᠭᠠᠷᠳᠠᠬᠤ ᠠᠴᠠ ᠡᠷᠡᠰ ᠵᠠᠶᠢᠯᠠᠰᠬᠢᠬᠤ ᠬᠡᠷᠡᠭᠳᠠᠢ᠃ ︽ᠴᠠᠭ ᠦᠶ᠎ᠡ

ᠬᠦᠮᠦᠨ ᠢ ᠲᠦᠷᠦᠭᠦᠯᠳᠡᠭ︾ ᠬᠡᠳᠡᠭᠴᠢᠯᠡᠨ ᠤᠳᠤᠬᠢ ᠴᠠᠭ ᠦᠶ᠎ᠡ ᠶᠢᠨ ᠰᠤᠷᠤᠭᠴᠢ ᠶᠢᠨ ᠦᠵᠡᠯ ᠪᠤᠳᠤᠯ᠂

ᠠᠮᠢᠳᠤᠷᠠᠯ ᠤᠨ ᠲᠤᠷᠰᠢᠯᠭ᠎ᠠ᠂ ᠠᠯᠢᠪᠠ ᠪᠦᠭᠦᠨ ᠤᠤᠯ ᠤᠨ ᠰᠤᠷᠤᠭᠴᠢᠳ ᠠᠴᠠ ᠮᠠᠰᠢ ᠶᠡᠭᠡ ᠵᠦᠷᠢᠶ᠎ᠡ ᠲᠠᠢ

ᠪᠤᠯᠤᠭᠰᠠᠨ ᠢ ᠪᠠᠭᠰᠢ ᠪᠤᠯᠤᠭᠰᠠᠨ ᠪᠢᠳᠡ ᠵᠠᠪᠠᠯ ᠰᠡᠷᠡᠵᠤ ᠲᠠᠨᠢᠭᠰᠠᠨ ᠪᠠᠶᠢᠬᠤ ᠬᠡᠷᠡᠭᠳᠠᠢ᠃ ᠤᠳᠤ ᠶᠢᠨ ᠰᠤᠷᠤᠭᠴᠢᠳ

︽ᠪᠠᠭᠰᠢ ᠳᠤ ᠪᠠᠨ ᠪᠠᠭᠰᠢ ᠪᠤᠯᠵᠤ ᠴᠢᠳᠠᠬᠤ ᠲᠠᠪᠠᠭᠤᠯᠢᠭ ᠲᠠᠯ᠎ᠠ ᠤᠯᠠᠨ ᠪᠠᠶᠢᠳᠠᠭ︾ ᠢ ᠪᠢᠳᠡ ᠬᠦᠯᠢᠶᠡᠨ ᠠᠪᠴᠤ

ᠴᠢᠳᠠᠭᠰᠠᠨ ᠪᠠᠶᠢᠬᠤ ᠬᠡᠷᠡᠭᠳᠠᠢ᠃ ᠦᠭᠡᠷ᠎ᠡ ᠪᠠᠷ ᠬᠡᠯᠡᠪᠡᠯ ᠠᠯᠢ ᠨᠢᠬᠡᠨ ᠰᠤᠷᠤᠭᠴᠢ ᠨᠢ ᠠᠯᠢ ᠨᠢᠬᠡᠨ ᠲᠠᠯ᠎ᠠ ᠪᠠᠷ

ᠨᠠᠳᠠ ᠳᠤ ᠯᠠᠪᠳᠠᠢ ᠪᠠᠭᠰᠢ ᠪᠤᠯᠵᠤ ᠴᠢᠳᠠᠬᠤ ᠬᠢᠷᠢ ᠬᠡᠮ ᠪᠠᠶᠢᠳᠠᠭ ᠢ ᠪᠢᠳᠡ ᠦᠪᠡᠷ ᠢᠶᠠᠨ ᠰᠡᠷᠡᠵᠤ ᠮᠡᠳᠡᠷᠡᠵᠤ ᠪᠠᠶᠢᠪᠠᠯ

ᠰᠤᠷᠤᠭᠴᠢᠳ ᠢᠶᠠᠨ ᠬᠦᠮᠦᠵᠢᠭᠦᠯᠬᠦ ᠦᠶ᠎ᠡ ᠳᠤ ᠪᠢᠳᠡᠨ ᠤ ᠬᠠᠷᠠᠭᠠᠰᠦ ᠪᠠᠰᠠ ᠨᠢᠬᠡ ᠥᠭᠡᠷ᠎ᠡ ᠪᠤᠯᠬᠤ ᠨᠢ          

ᠯᠠᠪᠳᠠᠢ᠃ ᠢᠡᠭᠬᠢᠪᠠᠯ ᠪᠢᠳᠡ ᠰᠤᠷᠤᠭᠴᠢᠳ ᠢᠶᠠᠨ ︽ᠢᠩᠭᠢ ᠴᠢᠩᠭᠢ᠂ ᠪᠤᠯᠤᠨ᠎ᠠ ᠪᠤᠯᠬᠤ ᠦᠬᠡᠢ᠂ ᠵᠦᠪ          

ᠪᠤᠷᠤᠭᠤ︾ ᠬᠡᠬᠦ ᠮᠡᠳᠦ ᠱᠠᠭᠠᠷᠳᠠᠨ ᠠᠯᠪᠠᠳᠠᠬᠤ ᠶᠠᠪᠤᠳᠠᠯ ᠯᠠᠪᠳᠠᠢ ᠤᠷᠤᠰᠢᠬᠤ ᠦᠬᠡᠢ ᠪᠤᠯᠤᠨ᠎ᠠ᠃ ᠤᠴᠢᠷ ᠨᠢ ᠮᠢᠨᠤ

ᠰᠤᠷᠤᠭᠴᠢᠳ ᠪᠤᠯ ᠪᠠᠭ᠎ᠠ ᠨᠠᠰᠤᠨ ᠤ ᠬᠡᠤᠭᠡᠳ ᠪᠢᠰᠢ᠂ ᠬᠠᠷᠢᠨ ᠤᠬᠠᠮᠰᠠᠷ ᠲᠠᠨᠢᠯᠳᠡ ᠨᠡᠯᠢᠶᠡᠳ ᠦᠨᠳᠦᠷ᠂

ᠦᠪᠡᠷ ᠤᠨ ᠬᠡᠰᠡᠨ ᠦᠵᠡᠯ ᠪᠤᠳᠤᠯ ᠲᠠᠢ᠂ ᠵᠤᠬᠢᠬᠤ ᠬᠡᠮᠵᠢᠶᠡᠨ ᠤ ᠪᠤᠯᠪᠠᠰᠤᠷᠠᠯ ᠲᠠᠳᠬᠠᠯ ᠲᠠᠢ ᠲᠡᠭᠡᠳᠦ

ᠲᠤᠮᠳᠠᠳᠤ ᠶᠢᠨ ︽ᠲᠤᠮᠤ ᠬᠦᠮᠦᠰ︾ ᠪᠠᠶᠢᠭ᠎ᠠ᠃ ᠢᠢᠮᠦ ᠠᠴᠠ ᠪᠢ ᠡᠨᠡ ᠨᠢᠬᠡᠨ ᠦᠶ᠎ᠡ ᠶᠢᠨ ᠬᠢᠨ ᠢ ᠲᠠᠭᠠᠭᠤᠯᠤᠨ

ᠵᠢᠯᠤᠭᠤᠳᠬᠤ ᠳᠤ ᠪᠠᠨ ᠪᠠᠭ᠎ᠠ ᠰᠤᠷᠭᠠᠭᠤᠯᠢ ᠶᠢᠨ ᠰᠤᠷᠤᠭᠴᠢ ᠳᠤ ᠬᠠᠨᠳᠤᠵᠤ ᠪᠠᠶᠢᠭ᠎ᠠ ᠠᠳᠠᠯᠢ ︽ᠪᠤᠰ᠂ ᠰᠠᠭᠤ᠂

ᠪᠢᠴᠢ᠂ ᠤᠩᠰᠢ᠂ ᠢᠩᠭᠢ ᠴᠢᠩᠭᠢ︾ ᠬᠡᠬᠦ ᠮᠡᠳᠦᠴᠢᠯᠡᠨ ᠠᠯᠪᠠᠳᠠᠨ ᠱᠠᠭᠠᠷᠳᠠᠵᠤ ᠰᠤᠷᠭᠠᠨ ᠬᠦᠮᠦᠵᠢᠭᠦᠯᠬᠦ ᠠᠴᠠ

ᠬᠢᠴᠢᠶᠡᠪᠡ᠃ ᠦᠷᠭᠦᠯᠵᠢ ᠰᠤᠷᠤᠭᠴᠢᠳ ᠤᠨ ᠢᠶᠠᠨ ᠰᠠᠨᠠᠯ ᠪᠤᠳᠤᠯ ᠢ ᠰᠤᠨᠤᠰᠬᠤ᠂ ᠬᠤᠪᠢᠶᠠᠯᠴᠠᠬᠤ᠂ ᠬᠡᠷᠬᠢᠨ

ᠰᠢᠢᠳᠪᠦᠷᠢᠯᠡᠬᠦ ᠠᠷᠭ᠎ᠠ ᠪᠠᠷᠢᠯ ᠢ ᠪᠡᠶ᠎ᠡ ᠪᠠᠷ ᠨᠢ ᠲᠤᠭᠳᠠᠭᠠᠯᠭᠠᠬᠤ᠂ ᠨᠦᠬᠦᠳ ᠵᠠᠭᠤᠷ᠎ᠠ ᠪᠠᠨ ᠬᠡᠷᠬᠢᠨ ᠬᠠᠪᠰᠤᠷᠤᠯᠴᠠᠵᠤ

ᠬᠠᠯᠠᠮᠵᠢᠯᠠᠬᠤ᠂ ᠠᠯᠢ ᠲᠦᠷᠦᠯ ᠤᠨ ᠠᠵᠢᠯᠯᠠᠭ᠎ᠠ ᠬᠦᠳᠡᠯᠪᠦᠷᠢ ᠳᠤ ᠬᠡᠨ ᠰᠠᠶᠢᠨ ᠲᠤᠷ᠎ᠠ ᠠᠴᠠ ᠪᠠᠨ ᠤᠷᠤᠯᠴᠠᠬᠤ᠂

ᠬᠡᠷᠬᠢᠨ ᠤᠷᠤᠯᠴᠠᠬᠤ᠂ ᠰᠤᠷᠤᠯᠭ᠎ᠠ ᠠᠮᠢᠳᠤᠷᠠᠯ ᠤᠨ ᠪᠠᠶᠠᠷ ᠪᠠᠶᠠᠰᠤᠯ ᠢᠶᠠᠨ ᠬᠡᠷᠬᠢᠨ ᠬᠤᠪᠢᠶᠠᠯᠴᠠᠬᠤ᠂ ᠡᠶ᠎ᠡ ᠡᠪᠳᠠᠢ

ᠬᠤᠷᠰᠢᠨ ᠰᠤᠷᠤᠯᠴᠠᠬᠤ ᠠᠵᠠ ᠵᠢᠷᠭᠠᠯ ᠢ ᠭᠡᠷᠬᠢᠨ ᠮᠡᠳᠡᠷᠡᠬᠦ᠂ ᠬᠡᠷᠬᠢᠨ ᠨᠠᠨᠳᠢᠩᠨᠠᠬᠤ ᠬᠡᠬᠦ ᠮᠡᠳᠦ ᠠᠯᠢᠪᠠ ᠳᠤ

ᠰᠤᠷᠤᠭᠴᠢᠳ ᠤᠨ ᠪᠡᠶ᠎ᠡ ᠪᠠᠨ ᠲᠠᠭᠠᠭᠠᠬᠤ ᠶᠢ ᠭᠦᠨᠳᠤᠳᠭᠡᠵᠦ᠂ ᠪᠠᠭᠰᠢ ᠲᠡᠷᠭᠡᠳᠡ ᠠᠴᠠ ᠨᠢ ᠬᠦᠳᠦᠯᠦᠨ ᠰᠠᠨᠠᠭᠤᠯᠵᠤ

ᠰᠡᠩᠭᠡᠷᠡᠬᠦᠯᠵᠤ ᠢᠷᠡᠪᠡ᠃ ᠢᠢᠮᠦᠷᠬᠦᠤ ᠪᠤᠳᠠᠳᠠᠢ ᠠᠷᠭ᠎ᠠ ᠨᠤᠭᠤᠳ ᠢ ᠠᠪᠴᠤ ᠢᠷᠡᠭᠰᠡᠨ ᠠᠴᠠ ᠮᠠᠨ ᠤ ᠠᠩᠬᠢ ᠶᠢᠨ

ᠰᠤᠷᠤᠭᠴᠢᠳ ᠤᠨ ᠤᠯᠠᠨ ᠨᠡᠶᠢᠳᠡ ᠶᠢᠨ ᠠᠵᠢᠯᠯᠠᠭ᠎ᠠ ᠬᠦᠳᠡᠯᠪᠦᠷᠢ ᠳᠤ ᠤᠷᠤᠯᠴᠠᠬᠤ ᠤᠬᠠᠮᠰᠠᠷ ᠲᠠᠨᠢᠯᠳᠡ

ᠢᠳᠡᠪᠬᠢᠵᠢᠯ᠂ ᠤᠷᠤᠯᠴᠠᠭᠰᠠᠨ ᠤ ᠰᠡᠭᠦᠯᠡᠷᠬᠢ ᠤᠯᠤᠯᠳᠡ ᠪᠦᠷ ᠦᠪᠡᠷ ᠦᠪᠡᠷ ᠤᠨ ᠦᠩᠭᠡ ᠪᠤᠳᠤᠭ ᠲᠠᠢ ᠪᠠᠶᠢᠵᠤ᠂

ᠲᠡᠳᠡᠨ ᠤ ᠠᠮᠢᠳᠤᠷᠠᠯ ᠰᠤᠷᠤᠯᠴᠠᠯᠭ᠎ᠠ ᠳᠤ ᠬᠠᠨᠳᠤᠬᠤ ᠤᠪᠤᠷ ᠦᠵᠡᠯᠳᠡ ᠪᠠᠰᠠ ᠨᠢᠬᠡᠨ ᠲᠡᠭᠳᠡᠷ ᠲᠤ ᠬᠦᠷᠴᠦ

ᠴᠢᠳᠠᠭᠰᠠᠨ ᠢ ᠤᠯᠵᠤ ᠮᠡᠳᠡᠭᠰᠡᠨ ᠪᠠᠶᠢᠨ᠎ᠠ᠃ ᠵᠢᠱᠢᠶᠡᠯᠡᠪᠡᠯ᠂ ᠰᠤᠷᠭᠠᠭᠤᠯᠢ ᠠᠴᠠ ᠵᠤᠬᠢᠶᠠᠨ ᠪᠠᠶᠢᠭᠤᠯᠤᠭᠰᠠᠨ ᠶᠠᠮᠠᠷ

ᠨᠢᠬᠡᠨ ᠤᠷᠤᠯᠳᠤᠭᠠᠨ ᠮᠦᠷᠦ᠋ᠢᠴᠡᠭᠡᠨ ᠳᠤ ᠤᠷᠤᠯᠴᠠᠬᠤ ᠳᠤ ᠪᠢᠳᠡᠨ ᠤ ᠴᠢᠳᠠᠪᠤᠷᠢ ᠴᠢᠳᠠᠴᠠ᠂ ᠪᠤᠳᠠᠳᠠᠢ ᠰᠠᠭᠤᠷᠢ

ᠨᠦᠬᠦᠴᠡᠯ ᠪᠦᠷᠢᠮᠦᠰᠦᠨ ᠪᠤᠰᠤᠳ ᠢ ᠬᠦᠷᠬᠦ ᠦᠬᠡᠢ ᠪᠠᠶᠢᠵᠤ ᠪᠤᠯᠤᠨ᠎ᠠ᠂ ᠵᠠᠪᠠᠯ ᠲᠡᠷᠢᠭᠦᠨ ᠲᠡᠳ᠋ ᠢ ᠲᠡᠮᠡᠴᠡᠬᠦ ᠪᠠᠷ

ᠵᠤᠷᠢᠬᠤ ᠪᠢᠰᠢ᠂ ᠬᠠᠷᠢᠨ ᠡᠷᠭᠡᠪᠰᠢ ᠦᠪᠡᠷ ᠤᠨ ᠬᠢᠷᠢ ᠴᠢᠳᠠᠪᠤᠷᠢ ᠨᠦᠬᠦᠴᠡᠯ ᠪᠤᠯᠤᠯᠴᠠᠭᠠᠨ ᠲᠤᠳᠤᠷ᠎ᠠ ᠪᠠᠨ

ᠬᠠᠮᠤᠭ ᠤᠨ ᠶᠡᠭᠡ ᠴᠢᠳᠠᠯ ᠢᠶᠠᠷ ᠢᠶᠠᠨ ᠪᠤᠯᠪᠠᠰᠤᠷᠠᠵᠤ ᠴᠢᠷᠮᠠᠶᠢᠬᠤ ᠶᠢ ᠪᠠᠳᠤᠯᠠᠵᠤ᠂ ᠥᠪᠡᠷ ᠢ ᠪᠠᠨ ᠢᠯᠠᠨ

ᠲᠠᠪᠠᠭ᠋ᠤ ᠪᠠᠷ ᠴᠢᠷᠮᠠᠶᠢᠵᠤ ᠪᠠᠶᠢᠪᠠᠯ ᠡᠴᠦᠰ ᠤᠨ ᠦᠷ᠎ᠡ ᠳ᠋ᠦᠩ ᠶᠠᠮᠠᠷ ᠪᠠᠶᠢᠭᠰᠠᠨ ᠴᠦ ᠮᠠᠨ ᠤ ᠴᠢᠷᠮᠠᠶᠢᠯᠭ᠎ᠠ ᠦᠨ᠎ᠡ

ᠥᠷᠳᠡᠭ ᠲᠠᠢ ᠮᠦᠷᠳᠡᠭᠡᠨ ᠤᠳᠬ᠎ᠠ ᠠᠭᠤᠯᠭ᠎ᠠ ᠲᠠᠢ ᠬᠡᠭᠴᠢ ᠶᠢ ᠬᠠᠮᠳᠤ ᠪᠠᠷ ᠰᠡᠭᠡᠭᠡᠷᠡᠨ ᠤᠬᠠᠭᠠᠷᠠᠪᠠ᠃ ᠪᠠᠰᠠ

ᠵᠢᠱᠢᠶᠡᠯᠡᠪᠡᠯ᠂ ᠠᠯᠢ ᠨᠢᠬᠡᠨ ᠬᠦᠴᠢᠷᠳᠡᠯ ᠲᠠᠢ ᠨᠡᠶᠢᠵᠡ ᠪᠠᠨ ᠲᠡᠮᠵᠢᠬᠦ ᠪᠠᠷ ᠪᠤᠳᠤᠪᠠᠯ ᠬᠦᠮᠦᠨ ᠪᠦᠭᠦᠨ ᠵᠠᠪᠠᠯ ᠡᠬᠡᠬᠡ

ᠠᠳᠠᠯᠢᠬᠠᠨ ᠵᠤᠭᠤᠰ ᠮᠦᠩᠭᠦ ᠪᠠᠷ ᠲᠤᠰᠠᠯᠠᠬᠤ ᠪᠢᠰᠢ᠂ ᠵᠠᠷᠢᠮ ᠰᠤᠷᠤᠭᠴᠢ ᠶᠢᠨ ᠭᠡᠷ ᠤᠨ ᠠᠮᠢᠳᠤᠷᠠᠯ ᠨᠢ ᠲᠤᠰᠠᠯᠠᠮᠵᠢ

ᠬᠦᠷᠳᠡᠵᠤ ᠪᠠᠶᠢᠭ᠎ᠠ ᠨᠠᠶᠢᠵᠠ ᠠᠴᠠ ᠪᠠᠨ ᠪᠠᠰᠠ ᠬᠦᠴᠢᠷᠳᠠᠢ᠂ ᠲᠡᠭᠡᠪᠡᠯ ᠶᠠᠭᠠᠬᠢᠵᠤ ᠲᠡᠳᠡᠨ ᠢ ᠲᠤᠰᠠᠯᠠᠨ᠎ᠠ ᠪᠤᠢ︖

ᠬᠡᠪᠡᠯ᠂ ᠦᠪᠡᠷ ᠤᠨ ᠭᠠᠯ ᠬᠠᠯᠠᠭᠤᠨ ᠰᠡᠳᠬᠢᠯ ᠤᠨ ᠦᠬᠡ᠂ ᠦᠷᠦᠪᠴᠢ ᠵᠦᠭᠡᠯᠡᠨ ᠬᠠᠷᠠᠴᠠ᠂ ᠰᠠᠶᠢᠬᠠᠨ

ᠰᠠᠨᠠᠭ᠎ᠠ ᠪᠠᠷ ᠢᠶᠠᠨ ᠨᠠᠶᠢᠵᠠ ᠪᠠᠨ ᠲᠡᠮᠵᠢᠬᠦ ᠳᠤ ᠮᠥᠨ ᠤᠳᠬ᠎ᠠ ᠠᠭᠤᠯᠭ᠎ᠠ ᠲᠠᠢ᠂ ᠤᠶᠤᠨ ᠰᠠᠨᠠᠭᠠᠨ ᠤ ᠵᠤᠷᠢᠭ

ᠵᠢᠪᠬᠤᠭ᠎ᠠ ᠨᠡᠮᠡᠷᠢᠯᠡᠵᠤ᠂ ᠨᠠᠶᠢᠵᠠ ᠪᠠᠨ ᠬᠠᠯᠠᠮᠵᠢᠯᠡᠨ ᠬᠠᠪᠰᠤᠷᠤᠭᠰᠠᠨ ᠳᠤ ᠲᠤᠭᠠᠴᠠᠭᠳᠠᠨ᠎ᠠ ᠬᠡᠳᠡᠭ ᠢ ᠲᠡᠳᠡᠨ ᠳᠤ

ᠪᠤᠳᠠᠳᠠᠢ ᠠᠵᠢᠯᠯᠠᠭ᠎ᠠ ᠪᠠᠷ ᠢᠶᠠᠨ ᠰᠡᠷᠡᠨ ᠮᠡᠳᠡᠷᠡᠭᠦᠯᠪᠡ᠃

      ᠶᠡᠷᠦᠩᠭᠡᠶᠢᠯᠡᠭᠡᠳ ᠬᠡᠯᠡᠪᠡᠯ ᠠᠩᠭᠢ ᠶᠢᠨ ᠡᠷᠬᠢᠯᠡᠭᠴᠢ ᠶᠢᠨ ᠠᠵᠢᠯ ᠪᠤᠯ ᠲᠦᠢᠯ ᠤᠨ ᠶᠠᠳᠠᠷᠠᠯ ᠲᠠᠢ ᠮᠦᠷᠳᠡᠭᠡᠨ

ᠬᠠᠳᠠᠭᠤᠵᠢᠯ ᠲᠠᠢ ᠠᠵᠢᠯ ᠮᠥᠨ᠃ ᠮᠦᠨ ᠴᠦ ᠠᠵᠠ ᠵᠢᠷᠭᠠᠯ ᠲᠠᠢ ᠮᠦᠷᠳᠡᠭᠡᠨ ᠠᠭᠤᠤ ᠶᠡᠭᠡ ᠠᠵᠢᠯ ᠮᠥᠨ᠃ ᠡᠨᠡ

ᠬᠦ ᠠᠵᠢᠯ ᠢ ᠢᠯᠭᠤᠮ ᠰᠠᠶᠢᠬᠠᠨ ᠶᠠᠪᠤᠭᠳᠠᠭᠤᠯᠬᠤ ᠶᠢ ᠠᠩᠭᠢ ᠶᠢᠨ ᠡᠷᠬᠢᠯᠡᠭᠴᠢ ᠪᠤᠯᠤᠭᠰᠠᠳ ᠡᠷᠬᠡᠪᠰᠢ ᠰᠤᠷᠭᠠᠭᠤᠯᠢ᠂

ᠭᠡᠷ ᠪᠦᠯᠢ᠂ ᠬᠢᠴᠢᠶᠡᠯᠯᠡᠭᠴᠢ ᠪᠠᠭᠰᠢ ᠨᠢᠭᠡ ᠪᠦᠷᠢ ᠲᠠᠢ ᠨᠢᠠᠠᠳᠠ ᠤᠶᠠᠯᠳᠤᠨ ᠰᠤᠷᠤᠭᠴᠢ ᠨᠢᠭᠡ ᠪᠦᠷᠢ ᠶᠢᠨ ᠪᠤᠳᠠᠳᠠᠢ

ᠪᠠᠶᠢᠳᠠᠯ ᠢ ᠤᠶᠢᠯᠠᠭᠠᠨ ᠡᠵᠡᠮᠳᠡᠵᠤ᠂ ᠦᠪᠡᠷ ᠤᠨ ᠵᠢᠭᠠᠨ ᠰᠤᠷᠭᠠᠬᠤ ᠵᠢᠯᠤᠭᠤᠳᠤᠨ ᠲᠠᠭᠠᠭᠤᠯᠬᠤ ᠠᠷᠭ᠎ᠠ ᠪᠠᠷᠢᠯ ᠢᠶᠠᠨ

ᠵᠦᠪ ᠲᠤᠭᠳᠠᠭᠠᠵᠤ ᠦᠪᠡᠷ ᠤᠨ ᠪᠡᠶ᠎ᠡ ᠪᠠᠷ ᠢᠶᠠᠨ ᠵᠦᠪ ᠬᠡᠪ ᠲᠠᠭᠤᠷᠢᠶᠠᠯ ᠪᠤᠯᠵᠤ ᠲᠡᠳᠡᠨ ᠢ ᠢᠷᠡᠭᠡᠳᠦᠢ ᠳᠤ

ᠪᠤᠯᠪᠠᠰᠤᠨ ᠮᠤᠷᠠᠯ ᠰᠤᠷᠳᠠᠬᠤᠨ ᠲᠠᠢ᠂ ᠵᠦᠪ ᠦᠵᠡᠯ ᠪᠤᠳᠤᠯ ᠲᠠᠢ᠂ ᠵᠦᠪ ᠡᠨᠧᠷᠬᠢ ᠲᠠᠢ᠂ ᠪᠡᠶ᠎ᠡ ᠰᠡᠳᠬᠢᠴᠡ

ᠡᠷᠡᠭᠦᠯ ᠰᠠᠷᠠᠭᠤᠯ᠂ ᠤᠯᠤᠰ ᠦᠨᠳᠦᠰᠦᠳᠡᠨ ᠳᠤ ᠪᠠᠨ ᠬᠠᠶᠢᠷᠠᠳᠠᠢ ᠰᠢᠨ᠎ᠡ ᠴᠠᠭ ᠦᠶ᠎ᠡ ᠶᠢᠨ ᠬᠢᠷᠢ ᠲᠡᠩᠴᠡᠭᠰᠡᠨ

ᠡᠷᠭᠡᠳᠦ ᠠᠷᠠᠳ ᠪᠤᠯᠬᠤ ᠳᠤ ᠰᠠᠶᠢᠨ ᠰᠠᠭᠤᠷᠢ ᠶᠢ ᠲᠠᠯᠪᠢᠵᠤ ᠦᠭᠬᠦ ᠪᠠᠷ ᠬᠠᠮᠳᠤ ᠪᠠᠷ ᠴᠢᠷᠮᠠᠶᠢᠪᠠᠯ ᠵᠤᠬᠢᠨ᠎ᠠ᠃

       ᠠᠵᠢᠯᠯᠠᠵᠤ ᠪᠠᠶᠢᠭ᠎ᠠ ᠪᠠᠶᠢᠭᠤᠯᠭ᠎ᠠ᠄ ᠬᠦᠭᠡᠬᠤᠳᠠ ᠶᠢᠨ ᠭᠤᠴᠢᠳᠤᠭᠠᠷ 

                                  ᠲᠤᠮᠳᠠᠳᠤ ᠰᠤᠷᠭᠠᠭᠤᠯᠢ 

                                  ︵ᠠᠯᠳᠠᠨᠰᠦ᠋ᠭᠡ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map