ᠰᠤᠷᠤᠭᠴᠢᠳ ᠤᠨ ᠲᠠᠶᠢᠰᠠᠨ ᠳᠤ ᠳᠠᠭᠤᠯᠠᠬᠤ ᠦᠶᠡᠰ ᠤᠨ ᠰᠡᠳᠬᠢᠴᠡ ᠶᠢᠨ ᠬᠠᠷᠰᠢ ᠶᠢ ᠠᠷᠢᠯᠭᠠᠬᠤ ᠲᠤᠬᠠᠢ ᠦᠭᠦᠯᠡᠬᠦ ᠨᠢ
ᠨᠡᠶᠢᠲᠡᠯᠡᠭᠰᠡᠨ ᠴᠠᠭ᠄
2024/8/16
                    ᠰᠤᠶᠤᠯᠴᠡᠴᠡᠭ

教学研究6.png

 

      ᠰᠤᠷᠤᠭᠴᠢᠳ ᠲᠠᠶᠢᠰᠠᠨ ᠳᠤ ᠭᠠᠷᠴᠤ ᠳᠠᠭᠤᠯᠠᠵᠤ ᠣᠷᠣᠯᠳᠣᠬᠤ ᠦᠶᠡᠰ ᠲᠡᠭᠦᠨ ᠤ ᠮᠡᠷᠭᠡᠵᠢᠯ ᠴᠢᠳᠠᠪᠤᠷᠢ ᠶᠢᠨ

ᠪᠤᠯᠪᠠᠰᠤᠷᠠᠯ ᠨᠢ ᠰᠢᠯᠭᠠᠯᠲᠠ ᠬᠦᠯᠢᠶᠡᠬᠦ ᠮᠦᠷᠲᠡᠭᠡᠨ ᠨᠡᠩ ᠴᠦ ᠰᠡᠳᠬᠢᠴᠡ ᠶᠢᠨ ᠪᠤᠯᠪᠠᠰᠤᠷᠠᠯ ᠤᠨ ᠬᠡᠮᠵᠢᠶ᠎ᠡ ᠨᠢ

ᠰᠢᠯᠭᠠᠯᠲᠠ ᠬᠦᠯᠢᠶᠡᠳᠡᠭ᠃ ᠶᠡᠷᠦ ᠶᠢᠨ ᠭᠤᠴᠢᠯᠠᠯ ᠳᠠᠭᠤᠤ ᠳᠠᠭᠤᠯᠠᠬᠤ ᠤᠷᠤᠯᠳᠤᠭᠠᠨ ᠳᠤ ᠤᠷᠤᠯᠴᠠᠬᠤ ᠪᠠᠷ ᠠᠪᠴᠤ

ᠬᠡᠯᠡᠪᠡᠯ᠂ ᠤᠷᠤᠯᠳᠤᠭᠴᠢ ᠡᠮᠦᠨᠡᠬᠢ ᠡᠵᠡᠮᠰᠢᠭᠰᠡᠨ ᠳᠠᠭᠤᠯᠠᠬᠤ ᠠᠷᠭ᠎ᠠ ᠮᠡᠷᠭᠡᠰᠢᠯ᠂ ᠤᠷ᠎ᠠ ᠴᠢᠳᠠᠪᠤᠷᠢ ᠪᠠᠨ ᠠᠰᠢᠭᠯᠠᠨ

ᠲᠠᠶᠢᠰᠠᠨ ᠳᠤ ᠭᠠᠷᠴᠤ ᠳᠠᠭᠤᠯᠠᠵᠤ ᠤᠷᠤᠯᠳᠤᠨ᠎ᠠ᠃ ᠣᠷᠣᠯᠳᠤᠭᠠᠨ ᠠᠴᠠ ᠡᠮᠦᠨ᠎ᠡ ᠣᠷᠣᠯᠳᠣᠭᠴᠢ ᠦᠷᠭᠦᠯᠵᠢ

ᠪᠤᠯᠪᠠᠰᠤᠷᠠᠵᠤ᠂ ᠰᠠᠶᠢᠨ ᠬᠢᠷᠢ ᠪᠦᠲᠦᠮᠵᠢ ᠤᠯᠬᠤ ᠪᠠᠷ ᠴᠢᠷᠮᠠᠶᠢᠳᠠᠭ᠃ ᠭᠡᠲᠡᠯ᠎ᠡ ᠤᠷᠤᠯᠳᠤᠭᠠᠨ ᠳᠤ ᠵᠠᠷᠢᠮ

ᠤᠷᠤᠯᠳᠤᠭᠴᠢ ᠶᠢᠨ ᠬᠢᠷᠢ ᠪᠦᠲᠦᠮᠵᠢ ᠨᠢ ᠵᠦᠭᠡᠷ᠂ ᠵᠠᠷᠢᠮ ᠨᠡᠯᠢᠶᠡᠳ ᠰᠠᠶᠢᠨ ᠬᠢᠷᠢ ᠪᠦᠲᠦᠮᠵᠢ ᠤᠯᠬᠤ

ᠪᠤᠯᠤᠯᠴᠠᠭ᠎ᠠ ᠲᠠᠢ ᠪᠠᠶᠢᠭᠰᠠᠨ ᠤᠷᠤᠯᠳᠤᠭᠴᠢ ᠨᠢ ᠬᠠᠷᠢᠨ ᠰᠠᠨᠠᠭᠠᠨ ᠠᠴᠠ ᠭᠠᠳᠠᠭᠤᠷ ᠪᠠᠶᠢᠳᠠᠯ ᠭᠠᠷᠴᠤ ᠠᠨᠠᠢ ᠬᠢᠷᠢ

ᠪᠦᠲᠦᠮᠵᠢ ᠤᠯᠳᠠᠭ ᠦᠵᠡᠭᠳᠡᠯ ᠭᠠᠷᠳᠠᠭ᠃ ᠵᠢᠱᠢᠶᠡᠯᠡᠪᠡᠯ᠂ ᠤᠷᠤᠯᠳᠤᠭᠴᠢ ᠲᠠᠶᠢᠰᠠᠨ ᠳᠤ ᠭᠠᠷᠤᠭᠰᠠᠨ ᠤ ᠳᠠᠷᠠᠭ᠎ᠠ

ᠳᠠᠭᠤᠤ ᠶᠢᠨ ᠦᠭᠡ ᠪᠠᠨ ᠮᠠᠷᠲᠠᠬᠤ᠂ ᠬᠠᠪᠰᠤᠷᠤᠯ ᠬᠦᠭᠵᠢᠮ ᠠᠴᠠ ᠰᠠᠯᠬᠤ᠂ ᠳᠠᠭᠤᠤ ᠪᠠᠨ ᠰᠠᠶᠢᠬᠠᠨ ᠳᠠᠭᠤᠯᠠᠵᠤ

ᠳᠡᠶᠢᠯᠬᠦ ᠦᠭᠡᠢ᠂ ᠰᠡᠳᠬᠢᠯᠭᠡ ᠪᠠᠨ ᠰᠠᠶᠢᠬᠠᠨ ᠢᠯᠡᠷᠡᠭᠦᠯᠵᠦ ᠴᠢᠳᠠᠬᠤ ᠦᠭᠡᠢ ᠭᠡᠬᠦ ᠮᠡᠲᠦ ᠶᠢᠨ ᠤᠷᠤᠯᠳᠤᠭᠠᠨ ᠠᠴᠠ

ᠡᠮᠦᠨᠡᠬᠢ ᠪᠤᠯᠪᠠᠰᠤᠷᠠᠯ ᠤᠨ ᠪᠠᠶᠢᠳᠠᠯ ᠢᠶᠠᠨ ᠬᠦᠷᠬᠦ ᠦᠭᠡᠢ ᠦᠵᠡᠭᠳᠡᠯ ᠭᠠᠷᠳᠠᠭ᠃ ᠡᠨᠡ ᠪᠤᠯ ᠭᠤᠤᠯᠳᠠᠭᠤ

ᠤᠷᠤᠯᠳᠤᠭᠴᠢ ᠶᠢᠨ ᠬᠡᠲᠦᠷᠬᠡᠢ ᠶᠡᠭᠡ ᠪᠠᠴᠢᠮᠳᠠᠨ ᠰᠠᠨᠳᠤᠷᠴᠤ᠂ ᠦᠪᠡᠷ ᠤᠨ ᠰᠡᠳᠭᠢᠴᠡ ᠪᠠᠨ ᠡᠵᠡᠮᠳᠡᠵᠦ

ᠳᠡᠶᠢᠯᠦᠭᠰᠡᠨ ᠦᠭᠡᠢ ᠠᠴᠠ ᠪᠤᠯᠵᠠᠢ᠃ ᠰᠡᠳᠬᠢᠴᠡ ᠶᠢᠨ ᠬᠡᠪ ᠴᠢᠨᠠᠷ ᠨᠢ ᠤᠷᠤᠯᠳᠤᠭᠠᠨ ᠤ ᠬᠢᠷᠢ ᠪᠦᠲᠦᠮᠵᠢ ᠶᠢ

ᠰᠢᠭᠤᠳ ᠨᠥᠯᠥᠭᠡᠯᠡᠳᠡᠭ᠃ ᠤᠷᠤᠯᠳᠤᠭᠴᠢ ᠬᠡᠷᠪᠡ ᠰᠡᠳᠬᠢᠴᠡ ᠶᠢᠨ ᠲᠠᠯ᠎ᠠ ᠶᠢᠨ ᠬᠡᠪ ᠴᠢᠨᠠᠷ ᠰᠠᠶᠢᠨ ᠪᠤᠯ

ᠤᠷᠤᠯᠳᠤᠭᠠᠨ ᠤ ᠠᠬᠤᠢ ᠲᠠᠯᠠᠪᠠᠢ ᠳᠤ ᠡᠮᠦᠨᠡᠬᠢ ᠪᠤᠯᠪᠠᠰᠤᠷᠠᠯ ᠤᠨ ᠦᠶ᠎ᠡ ᠶᠢᠨ ᠪᠠᠶᠢᠳᠠᠯ ᠢᠶᠠᠨ ᠪᠠᠲᠤᠯᠠᠵᠤ ᠴᠢᠳᠠᠨ᠎ᠠ᠂

ᠢᠩᠬᠢᠪᠡᠯ ᠰᠠᠶᠢᠨ ᠬᠢᠷᠢ ᠪᠦᠲᠦᠮᠵᠢ ᠤᠯᠬᠤ ᠪᠤᠯᠤᠮᠵᠢ ᠶᠡᠭᠡ ᠪᠠᠶᠢᠳᠠᠭ᠂᠂ ᠤᠷᠤᠯᠳᠤᠭᠴᠢ ᠰᠡᠳᠬᠢᠴᠡ ᠶᠢᠨ ᠬᠡᠪ

ᠴᠢᠨᠠᠷ ᠠᠨᠠᠢ ᠪᠠᠶᠢᠵᠤ᠂ ᠣᠷᠣᠯᠳᠤᠭᠠᠨ ᠤ ᠠᠬᠤᠢ ᠲᠠᠯᠠᠪᠠᠢ ᠳᠤ ᠳᠠᠭᠤᠯᠠᠵᠤ ᠤᠷᠤᠯᠳᠤᠬᠤ ᠦᠶ᠎ᠡ ᠳᠤ ᠰᠡᠳᠬᠢᠴᠡ ᠨᠢ

ᠬᠠᠷᠰᠢ ᠲᠠᠢ ᠪᠤᠯ ᠲᠤᠬᠠᠢ ᠶᠢᠨ ᠲᠠᠯᠠᠪᠠᠢ ᠳᠤ ᠪᠤᠯᠪᠠᠰᠤᠷᠠᠯ ᠤᠨ ᠦᠶ᠎ᠡ ᠶᠢᠨ ᠪᠠᠶᠢᠳᠠᠯ ᠢᠶᠠᠨ ᠬᠦᠷᠬᠦ ᠦᠭᠡᠢ ᠪᠤᠯᠵᠤ᠂

ᠰᠠᠶᠢᠨ ᠬᠢᠷᠢ ᠪᠦᠲᠦᠮᠵᠢ ᠤᠯᠵᠤ ᠴᠢᠳᠠᠬᠤ ᠦᠭᠡᠢ ᠪᠤᠯᠤᠨ᠎ᠠ᠃ ᠡᠶᠢᠮᠦ ᠠᠴᠠ ᠳᠠᠰᠬᠠᠯᠵᠢᠭᠤᠯᠤᠭᠴᠢ ᠪᠠᠭᠰᠢ ᠠᠴᠠ

ᠤᠷᠤᠯᠳᠤᠬᠤ ᠰᠤᠷᠤᠭᠴᠢ ᠶᠢᠨ ᠢᠶᠠᠨ ᠪᠠᠶᠢᠳᠠᠯ ᠢ ᠠᠵᠢᠭᠯᠠᠨ᠂ ᠳᠠᠭᠤᠯᠠᠬᠤ ᠦᠶᠡᠰ ᠰᠡᠳᠭᠢᠴᠡ ᠨᠢ ᠬᠠᠷᠰᠢ ᠪᠠᠶᠢᠬᠤ

ᠡᠰᠡᠬᠦ ᠶᠢ ᠨᠢ ᠦᠵᠡᠵᠦ ᠭᠠᠷᠬᠤ ᠮᠦᠷᠲᠡᠭᠡᠨ ᠰᠡᠳᠭᠢᠴᠡ ᠶᠢᠨ ᠬᠠᠷᠰᠢ ᠶᠢ ᠨᠢ ᠠᠷᠢᠯᠭᠠᠬᠤ ᠠᠵᠢᠯ ᠢ ᠰᠠᠶᠢᠲᠤᠷ ᠬᠢᠬᠦ

ᠴᠢᠬᠤᠯᠠ ᠲᠠᠢ᠃ ᠳᠤᠤᠷ᠎ᠠ ᠤᠷᠤᠯᠳᠤᠭᠴᠢ ᠳᠤ ᠰᠡᠳᠬᠢᠴᠡ ᠶᠢᠨ ᠬᠠᠷᠰᠢ ᠲᠠᠢ ᠪᠠᠶᠢᠬᠤ ᠢᠯᠡᠷᠡᠯ ᠪᠠ ᠡᠶᠢᠮᠦᠷᠬᠦᠤ

ᠰᠡᠳᠭᠢᠴᠡ ᠶᠢᠨ ᠬᠠᠷᠰᠢ ᠶᠢ ᠬᠡᠷᠬᠢᠨ ᠠᠷᠢᠯᠭᠠᠬᠤ ᠲᠤᠬᠠᠢ ᠵᠦᠪᠯᠡᠮᠵᠢ ᠥᠭᠭᠦᠶ᠎ᠡ᠃

      ᠨᠢᠭᠡ᠂ ᠲᠠᠶᠢᠰᠠᠨ ᠳᠤ ᠣᠷᠣᠯᠳᠣᠬᠤ ᠰᠤᠷᠤᠭᠴᠢ ᠶᠢᠨ ᠳᠠᠭᠤᠯᠠᠬᠤ ᠦᠶᠡᠰ ᠤᠨ ᠰᠡᠳᠬᠢᠴᠡ ᠶᠢᠨ ᠬᠠᠷᠰᠢ ᠶᠢᠨ

ᠢᠯᠡᠷᠡᠯ

      ᠣᠷᠣᠯᠳᠣᠬᠤ ᠰᠤᠷᠤᠭᠴᠢ ᠶᠢᠨ ᠰᠡᠳᠬᠢᠴᠡ ᠶᠢᠨ ᠬᠠᠷᠰᠢ ᠲᠠᠢ ᠪᠠᠶᠢᠬᠤ ᠪᠠᠶᠢᠳᠠᠯ ᠤᠨ ᠢᠯᠡᠷᠡᠯ ᠨᠢ

ᠲᠠᠶᠢᠰᠠᠨ ᠳᠤ ᠭᠠᠷᠬᠤ ᠠᠴᠠ ᠡᠮᠦᠨ᠎ᠡ ᠪᠠ ᠲᠠᠶᠢᠰᠠᠨ ᠳᠤ ᠭᠠᠷᠤᠭᠰᠠᠨ ᠤ ᠳᠠᠷᠠᠭ᠎ᠠ ᠪᠦᠷ ᠢᠯᠡᠷᠡᠳᠡᠭ᠃

ᠳᠠᠰᠬᠠᠯᠵᠢᠭᠤᠯᠤᠭᠴᠢ ᠪᠠᠭᠰᠢ ᠠᠴᠠ ᠪᠡᠯᠡᠳᠭᠡᠯ ᠪᠤᠯᠪᠠᠰᠤᠷᠠᠯ ᠪᠤᠶᠤ ᠳᠠᠭᠤᠷᠢᠶᠠᠮᠠᠯ ᠤᠷᠤᠯᠳᠤᠭᠠᠨ ᠬᠢᠵᠦ

ᠤᠷᠤᠯᠳᠤᠭᠴᠢ ᠶᠢᠨ ᠰᠡᠳᠭᠢᠴᠡ ᠶᠢᠨ ᠬᠠᠷᠰᠢ ᠲᠠᠢ ᠡᠰᠡᠬᠦ ᠶᠢ ᠤᠷᠢᠳᠴᠢᠯᠠᠨ ᠮᠡᠳᠡᠵᠦ᠂ ᠬᠡᠷᠪᠡ          

ᠰᠡᠳᠭᠢᠴᠡ ᠶᠢᠨ ᠬᠠᠷᠰᠢ ᠲᠠᠢ ᠪᠠᠶᠢᠪᠠᠯ᠂ ᠡᠨᠡ ᠬᠦ ᠬᠠᠷᠰᠢ ᠶᠢ ᠠᠷᠢᠯᠭᠠᠬᠤ ᠪᠤᠳᠠᠲᠠᠢ ᠠᠷᠭ᠎ᠠ ᠠᠪᠬᠤ ᠴᠢᠬᠤᠯᠠ          

 ᠲᠠᠢ᠃ ᠤᠷᠤᠯᠳᠤᠬᠴᠢ ᠶᠢᠨ ᠰᠡᠳᠭᠢᠴᠡ ᠶᠢᠨ ᠬᠠᠷᠰᠢ ᠶᠢᠨ ᠵᠠᠷᠢᠮ ᠨᠢ ᠲᠠᠶᠢᠰᠠᠨ ᠳᠤ ᠭᠠᠷᠬᠤ ᠠᠴᠠ ᠡᠮᠦᠨ᠎ᠡ

ᠢᠯᠡᠷᠡᠳᠡᠭ᠂ ᠵᠠᠷᠢᠮ  ᠨᠢ ᠲᠠᠶᠢᠰᠠᠨ ᠳᠤ ᠭᠠᠷᠤᠭᠰᠠᠨ ᠠᠴᠠ ᠰᠡᠭᠦᠯᠡᠷ ᠢᠯᠡᠷᠡᠳᠡᠭ᠃

      ︵ᠨᠢᠭᠡ︶ ᠲᠠᠶᠢᠰᠠᠨ ᠳᠤ ᠭᠠᠷᠬᠤ ᠠᠴᠠ ᠡᠮᠦᠨᠡᠬᠢ ᠰᠡᠳᠬᠢᠴᠡ ᠶᠢᠨ ᠬᠠᠷᠰᠢ ᠶᠢᠨ ᠢᠯᠡᠷᠡᠯ

      1. ᠲᠠᠶᠢᠰᠠᠨ ᠳᠤ ᠭᠠᠷᠬᠤ ᠠᠴᠠ ᠡᠮᠦᠨ᠎ᠡ ᠪᠡᠶ᠎ᠡ ᠵᠠᠰᠠᠬᠤ ᠤᠯᠠᠳᠠᠬᠤ᠃ ᠤᠷᠤᠯᠳᠤᠭᠴᠢ ᠲᠠᠶᠢᠰᠠᠨ ᠳᠤ ᠭᠠᠷᠴᠤ

ᠳᠠᠭᠤᠯᠠᠬᠤ ᠣᠶᠢᠷᠠᠲᠤᠭᠰᠠᠭᠠᠷ ᠶᠡᠷᠦ ᠶᠢᠨ ᠴᠠᠭ ᠠᠴᠠ ᠪᠠᠨ ᠣᠯᠠᠨ ᠪᠡᠶ᠎ᠡ ᠵᠠᠰᠠᠬᠤ ᠴᠢᠬᠤᠯᠠ ᠲᠠᠢ ᠪᠤᠯᠵᠤ᠂

ᠤᠬᠤᠷᠬᠠᠨ ᠴᠠᠭ ᠲᠤ ᠨᠢᠭᠡ ᠯᠡ ᠤᠳᠠᠭ᠎ᠠ ᠪᠢᠰᠢ ᠬᠡᠳᠦ ᠤᠳᠠᠭ᠎ᠠ ᠵᠤᠷᠯᠤᠩ ᠳᠤ ᠤᠴᠢᠳᠠᠭ᠃ ᠡᠨᠡ ᠨᠢ

ᠲᠠᠶᠢᠰᠠᠨ ᠳᠤ ᠭᠠᠷᠴᠤ ᠳᠠᠭᠤᠯᠠᠬᠤ  ᠠᠴᠠ ᠠᠶᠤᠵᠤ ᠪᠠᠶᠢᠭ᠎ᠠ ᠰᠡᠳᠭᠢᠴᠡ ᠶᠢᠨ ᠢᠯᠡᠷᠡᠯ ᠮᠥᠨ᠃ ᠲᠠᠶᠢᠰᠠᠨ ᠳᠤ

ᠭᠠᠷᠴᠤ ᠳᠠᠭᠤᠯᠠᠬᠤ ᠠᠴᠠ ᠪᠠᠨ ᠡᠮᠦᠨ᠎ᠡ ᠰᠡᠳᠭᠢᠴᠡ ᠨᠢ ᠲᠤᠭᠲᠠᠪᠤᠷᠢ ᠠᠯᠳᠠᠵᠤ᠂ ᠲᠠᠶᠢᠰᠠᠨ ᠳᠤ ᠭᠠᠷᠬᠤ ᠦᠶᠡᠰ

ᠲᠤᠭᠲᠠᠪᠤᠷᠢᠵᠢᠵᠦ ᠳᠡᠶᠢᠯᠬᠦ ᠦᠭᠡᠢ᠃ ᠲᠠᠶᠢᠰᠠᠨ ᠳᠤ ᠭᠠᠷᠤᠭᠰᠠᠭᠠᠷ ᠨᠡᠩ ᠪᠠᠴᠢᠮᠳᠠᠨ ᠰᠠᠨᠳᠤᠷᠤᠨ᠎ᠠ᠃ ᠡᠶᠢᠮᠦ

ᠰᠡᠳᠬᠢᠴᠡ ᠨᠢ ᠣᠷᠣᠯᠳᠣᠭᠴᠢ ᠶᠢᠨ ᠤᠷᠤᠯᠳᠤᠭᠠᠨ ᠤ ᠠᠬᠤᠢ ᠲᠠᠯᠠᠪᠠᠢ ᠳᠤ ᠳᠠᠭᠤᠯᠠᠬᠤ ᠬᠢᠷᠢ ᠪᠦᠲᠦᠮᠵᠢ ᠶᠢ ᠲᠤᠩ

ᠶᠡᠭᠡ ᠨᠥᠯᠥᠭᠡᠯᠡᠨ᠎ᠡ᠃

      2. ᠲᠠᠶᠢᠰᠠᠨ ᠳᠤ ᠭᠠᠷᠬᠤ ᠠᠴᠠ ᠡᠮᠦᠨ᠎ᠡ ᠪᠡᠶ᠎ᠡ ᠴᠡᠴᠡᠷᠬᠢᠯᠡᠬᠦ᠂ ᠳᠠᠭᠤ ᠴᠡᠴᠡᠷᠬᠢᠯᠡᠬᠦ᠂ ᠵᠠᠷᠢᠮ ᠳᠤ ᠪᠠᠨ

ᠤᠷᠤᠭᠤᠯ ᠨᠢ ᠬᠦᠷᠲᠡᠯ᠎ᠡ ᠴᠡᠴᠡᠷᠬᠢᠯᠡᠬᠦ᠃ ᠣᠷᠣᠯᠳᠤᠭᠴᠢ ᠲᠠᠶᠢᠰᠠᠨ ᠳᠤ ᠭᠠᠷᠴᠤ ᠳᠠᠭᠤᠯᠠᠬᠤ ᠤᠶᠢᠷᠠᠲᠤᠭᠰᠠᠭᠠᠷ

ᠰᠠᠨᠳᠤᠷᠬᠤ ᠪᠠᠶᠢᠳᠠᠯ ᠢᠯᠡᠷᠡᠵᠦ᠂ ᠣᠯᠠᠮ ᠤᠶᠢᠷᠠᠳᠬᠤ ᠳᠤᠲᠤᠮ ᠣᠯᠠᠮ ᠰᠠᠨᠳᠤᠷᠴᠤ ᠪᠡᠶ᠎ᠡ ᠨᠢ ᠴᠡᠴᠡᠷᠬᠢᠯᠡᠬᠦ᠂

ᠵᠤᠭᠤᠭ ᠬᠡᠯᠡᠯᠴᠡᠬᠦ ᠳᠤ ᠳᠠᠭᠤ ᠨᠢ ᠴᠡᠴᠡᠷᠬᠢᠯᠡᠬᠦ᠂ ᠨᠡᠩ ᠵᠠᠷᠢᠮ ᠨᠢ ᠦᠭᠡ ᠵᠤᠭᠤᠭ ᠬᠡᠯᠡᠬᠦ ᠦᠭᠡᠢ ᠪᠠᠶᠢᠲᠠᠯ᠎ᠠ

ᠤᠷᠤᠭᠤᠯ ᠨᠢ ᠬᠦᠷᠲᠡᠯ᠎ᠡ ᠴᠡᠴᠡᠷᠬᠢᠯᠡᠳᠡᠭ᠃ ᠡᠨᠡ ᠨᠢ ᠲᠠᠶᠢᠰᠠᠨ ᠳᠤ ᠭᠠᠷᠴᠤ ᠳᠠᠭᠤᠯᠠᠬᠤ ᠠᠴᠠ ᠲᠤᠩ ᠶᠡᠭᠡ ᠠᠶᠤᠵᠤ

ᠪᠠᠶᠢᠭ᠎ᠠ ᠶᠢᠨ ᠢᠯᠡᠷᠡᠯ ᠮᠥᠨ᠃ ᠣᠷᠣᠯᠳᠤᠭᠴᠢ ᠶᠢᠨ ᠰᠡᠳᠭᠢᠴᠡ ᠶᠢᠨ ᠭᠦᠳᠡᠯᠭᠡᠭᠡᠨ ᠲᠤᠩ ᠶᠡᠭᠡ ᠪᠠᠶᠢᠭ᠎ᠠ ᠶᠢᠨ

ᠢᠯᠡᠷᠡᠯ ᠮᠥᠨ᠃ ᠲᠠᠶᠢᠰᠠᠨ ᠳᠤ ᠭᠠᠷᠴᠤ ᠳᠠᠭᠤᠯᠠᠬᠤ ᠦᠶᠡᠰ ᠨᠡᠩ ᠢᠯᠡᠭᠦᠦ ᠠᠶᠤᠵᠤ ᠰᠠᠨᠳᠤᠷᠴᠤ          

ᠮᠡᠳᠡᠨ᠎ᠡ᠃ ᠤᠷᠤᠯᠳᠤᠭᠴᠢ ᠶᠢᠨ ᠬᠢᠷᠢ ᠪᠦᠲᠦᠮᠵᠢ ᠨᠢ ᠶᠠᠷᠢᠶᠠᠨ ᠦᠭᠡᠢ ᠲᠤᠩ ᠶᠡᠭᠡ ᠳᠤᠷᠤᠭᠰᠢᠯᠠᠨ᠎ᠠ᠃

      ︵ᠬᠤᠶᠠᠷ︶ ᠲᠠᠶᠢᠰᠠᠨ ᠳᠠᠬᠢ ᠰᠡᠳᠬᠢᠴᠡ ᠶᠢᠨ ᠬᠠᠷᠰᠢ ᠶᠢᠨ ᠢᠯᠡᠷᠡᠯ

      1. ᠲᠠᠶᠢᠰᠠᠨ ᠳᠤ ᠭᠠᠷᠤᠭᠠᠳ ᠬᠡᠪ ᠤᠨ ᠪᠠᠶᠢᠳᠠᠯ ᠢᠶᠠᠨ ᠠᠯᠳᠠᠬᠤ᠃ ᠤᠷᠤᠯᠳᠤᠭᠴᠢ ᠲᠠᠶᠢᠰᠠᠨ ᠳᠤ ᠭᠠᠷᠴᠤ

ᠳᠠᠭᠤᠯᠠᠬᠤ ᠦᠶᠡᠰ ᠳᠠᠭᠤ ᠶᠢᠨ ᠦᠭᠡ ᠪᠠᠨ ᠮᠠᠷᠲᠠᠬᠤ ᠶᠤᠮ ᠤᠤ ᠡᠰᠭᠦᠯ᠎ᠡ ᠳᠠᠭᠤᠯᠠᠬᠤ ᠳᠤ ᠪᠠᠨ ᠡᠮᠦᠨ᠎ᠡ ᠬᠤᠶᠢᠨ᠎ᠠ

ᠪᠠᠳᠠᠭ ᠢ ᠰᠣᠯᠢᠵᠣ ᠳᠠᠭᠤᠯᠠᠬᠤ᠂ ᠪᠤᠷᠤᠭᠤ ᠠᠶ᠎ᠠ ᠪᠠᠷ ᠳᠠᠭᠤᠯᠠᠬᠤ᠂ ᠠᠶᠠᠯᠭᠤ ᠠᠯᠳᠠᠬᠤ᠂ ᠠᠶᠢᠵᠠᠮ ᠴᠤᠬᠢᠯᠭ᠎ᠠ

ᠪᠤᠷᠤᠭᠤᠳᠠᠬᠤ ᠵᠡᠷᠭᠡ ᠬᠡᠪ ᠤᠨ ᠪᠠᠶᠢᠳᠠᠯ ᠢᠶᠠᠨ ᠠᠯᠳᠠᠬᠤ ᠦᠵᠡᠭᠳᠡᠯ ᠭᠠᠷᠳᠠᠭ᠃ ᠨᠡᠩ ᠴᠢᠨᠠᠭᠰᠢᠯᠠᠪᠠᠯ᠂ ᠤᠯᠠᠨ ᠤ

ᠡᠮᠦᠨ᠎ᠡ ᠭᠠᠷᠤᠭᠠᠳ ᠶᠠᠭᠠᠬᠢᠵᠦ ᠡᠬᠢᠯᠡᠵᠦ ᠳᠠᠭᠤᠯᠠᠬᠤ ᠪᠠᠨ ᠴᠦ ᠮᠠᠷᠲᠠᠬᠤ᠂ ᠳᠠᠭᠤᠯᠠᠵᠤ ᠳᠡᠶᠢᠯᠬᠦ ᠦᠭᠡᠢ ᠪᠤᠶᠤ

ᠳᠠᠭᠤᠯᠠᠬᠤ ᠭᠡᠳ ᠳᠠᠭᠤ ᠨᠢ ᠭᠠᠷᠬᠤ ᠦᠭᠡᠢ ᠪᠠᠶᠢᠳᠠᠯ ᠴᠦ ᠭᠠᠷᠳᠠᠭ᠃ ᠡᠶᠢᠮᠦᠷᠬᠦᠤ ᠦᠵᠡᠭᠳᠡᠯ ᠨᠢ

ᠤᠷᠤᠯᠳᠤᠭᠴᠢ ᠶᠢᠨ ᠰᠡᠳᠭᠢᠴᠡ ᠬᠠᠷᠰᠢ ᠲᠠᠢ ᠪᠠᠶᠢᠵᠤ᠂ ᠰᠡᠳᠬᠢᠴᠡ ᠶᠢᠨ ᠬᠡᠪ ᠴᠢᠨᠠᠷ ᠲᠤᠩ ᠠᠨᠠᠢ ᠪᠠᠶᠢᠭ᠎ᠠ ᠶᠢᠨ

ᠢᠯᠡᠷᠡᠯ ᠮᠥᠨ᠃ ᠤᠷᠤᠯᠳᠤᠭᠴᠢ ᠶᠢᠨ ᠲᠠᠶᠢᠰᠠᠨ ᠳᠠᠬᠢ ᠤᠷᠤᠯᠳᠤᠭᠠᠨ ᠤ ᠬᠢᠷᠢ ᠪᠦᠲᠦᠮᠵᠢ ᠬᠡᠯᠡᠯᠭᠡᠨ ᠦᠭᠡᠢ

ᠶᠡᠭᠡ ᠪᠠᠷ ᠨᠥᠯᠥᠭᠡᠯᠡᠭᠳᠡᠵᠦ᠂ ᠶᠡᠷᠦ ᠶᠢᠨ ᠴᠠᠭ ᠤᠨ ᠪᠤᠯᠪᠠᠰᠤᠷᠠᠯ ᠤᠨ ᠦᠶ᠎ᠡ ᠶᠢᠨ ᠪᠠᠶᠢᠳᠠᠯ ᠲᠠᠢ ᠬᠠᠷᠢᠴᠠᠭᠤᠯᠪᠠᠯ

ᠬᠤᠯᠠ ᠠᠨᠠᠢ ᠪᠤᠯᠤᠨ᠎ᠠ᠃

      2. ᠲᠠᠶᠢᠰᠠᠨ ᠳᠤ ᠭᠠᠷᠤᠭᠠᠳ ᠬᠠᠴᠠᠷ ᠤᠯᠠᠶᠢᠵᠦ᠂ ᠵᠢᠷᠦᠬᠡᠨ ᠲᠦᠭᠰᠢᠯᠲᠡ ᠰᠢᠷᠦᠭᠦᠰᠬᠦ᠂ ᠮᠠᠩᠨᠠᠢ ᠪᠤᠶᠤ

ᠭᠠᠷ ᠤᠨ ᠠᠯᠠᠭᠠᠨ ᠠᠴᠠ ᠨᠢ ᠬᠦᠢᠲᠡᠨ ᠬᠦᠯᠦᠰᠦ ᠭᠠᠷᠬᠤ᠃ ᠤᠷᠤᠯᠳᠤᠭᠴᠢ ᠲᠠᠶᠢᠰᠠᠨ ᠳᠤ ᠭᠠᠷᠬᠤ ᠠᠴᠠ ᠡᠮᠦᠨ᠎ᠡ

ᠳᠡᠮᠡᠢ ᠪᠠᠴᠢᠮᠳᠠᠨ ᠰᠠᠨᠳᠤᠷᠤᠭᠰᠠᠨ ᠪᠠᠶᠢᠳᠠᠯ ᠮᠡᠳᠡᠭᠳᠡᠬᠦ ᠦᠭᠡᠢ᠃ ᠭᠡᠪᠡᠴᠦ ᠲᠠᠶᠢᠰᠠᠨ ᠳᠤ ᠭᠠᠷᠤᠭᠰᠠᠭᠠᠷ ᠬᠠᠴᠠᠷ ᠨᠢ

ᠤᠯᠠᠶᠢᠵᠦ᠂ ᠵᠢᠷᠦᠬᠡᠨ ᠲᠦᠭᠰᠢᠯᠲᠡ ᠨᠢ ᠰᠢᠷᠦᠭᠦᠰᠬᠦ᠂ ᠮᠠᠩᠨᠠᠢ ᠪᠤᠶᠤ ᠭᠠᠷ ᠤᠨ ᠠᠯᠠᠭᠠᠨ ᠠᠴᠠ ᠨᠢ ᠬᠦᠢᠲᠡᠨ

ᠬᠦᠯᠦᠰᠦ ᠭᠠᠷᠬᠤ ᠦᠵᠡᠭᠳᠡᠯ ᠭᠠᠷᠳᠠᠭ᠃ ᠢᠩᠬᠢᠵᠦ ᠪᠠᠴᠢᠮᠳᠠᠨ ᠰᠠᠨᠳᠤᠷᠬᠤ ᠨᠢ ᠤᠷᠤᠯᠳᠤᠭᠴᠢ ᠶᠢ ᠲᠠᠶᠢᠰᠠᠨ ᠤ

ᠠᠬᠤᠢ ᠲᠠᠯᠠᠪᠠᠢ ᠳᠤ ᠳᠠᠭᠤᠯᠠᠬᠤ ᠡᠵᠡᠮᠰᠢᠯ ᠢᠶᠠᠨ ᠠᠯᠳᠠᠬᠤ ᠪᠤᠯᠭᠠᠵᠤ᠂ ᠤᠷᠤᠯᠳᠤᠭᠠᠨ ᠳᠤ ᠳᠠᠭᠤᠯᠠᠬᠤ ᠨᠢ

ᠪᠤᠯᠪᠠᠰᠤᠷᠠᠯ ᠤᠨ ᠦᠶ᠎ᠡ ᠶᠢᠨ ᠲᠤᠭᠲᠠᠩᠭᠤᠢ ᠪᠠᠶᠢᠳᠠᠯ ᠢᠶᠠᠨ ᠬᠤᠯᠠ ᠬᠦᠷᠬᠦ ᠦᠭᠡᠢ ᠪᠤᠯᠭᠠᠳᠠᠭ᠃ ᠲᠡᠭᠦᠨ ᠤ

ᠤᠷᠤᠯᠳᠤᠭᠠᠨ ᠤ ᠬᠢᠷᠢ ᠪᠦᠲᠦᠮᠵᠢ ᠶᠠᠷᠢᠶᠠᠨ ᠦᠭᠡᠢ ᠨᠥᠯᠥᠭᠡᠯᠡᠭᠳᠡᠵᠦ ᠶᠡᠷᠦ ᠶᠢᠨ ᠴᠠᠭ ᠤᠨ ᠪᠤᠯᠪᠠᠰᠤᠷᠠᠯ ᠤᠨ

ᠦᠶ᠎ᠡ ᠶᠢᠨ ᠪᠠᠶᠢᠳᠠᠯ ᠢᠶᠠᠨ ᠪᠠᠲᠤᠯᠠᠵᠤ ᠳᠡᠶᠢᠯᠬᠦ ᠦᠭᠡᠢ᠃ ᠡᠨᠡ ᠨᠢ ᠤᠷᠤᠯᠳᠤᠭᠴᠢ ᠶᠢᠨ ᠰᠡᠳᠭᠢᠴᠡ ᠨᠢ ᠬᠠᠷᠰᠢ ᠲᠠᠢ

ᠪᠠᠶᠢᠬᠤ ᠶᠢᠨ ᠢᠯᠡᠷᠡᠯ ᠮᠥᠨ᠃

      ᠬᠤᠶᠠᠷ᠂ ᠤᠷᠤᠯᠳᠤᠭᠴᠢ ᠶᠢᠨ ᠤᠷᠤᠯᠳᠤᠬᠤ ᠦᠶᠡᠰ ᠤᠨ ᠰᠡᠳᠬᠢᠴᠡ ᠶᠢᠨ ᠬᠠᠷᠰᠢ ᠶᠢ ᠠᠷᠢᠯᠭᠠᠬᠤ ᠲᠣᠬᠠᠢ

      ᠳᠠᠰᠬᠠᠯᠵᠢᠭᠤᠯᠤᠭᠴᠢ ᠪᠠᠭᠰᠢ ᠤᠷᠤᠯᠳᠤᠬᠤ ᠰᠤᠷᠤᠭᠴᠢ ᠶᠢᠨ ᠰᠡᠳᠭᠢᠴᠡ ᠶᠢᠨ ᠪᠠᠶᠢᠳᠠᠯ ᠢ ᠤᠷᠢᠳ ᠢᠶᠠᠷ

ᠣᠶᠢᠯᠠᠭᠠᠬᠤ ᠴᠢᠬᠤᠯᠠ ᠲᠠᠢ᠃ ᠤᠷᠤᠯᠳᠤᠬᠤ ᠰᠤᠷᠤᠭᠴᠢ ᠪᠠᠨ ᠤᠷᠤᠯᠳᠤᠬᠤ ᠲᠠᠶᠢᠰᠠᠨ ᠳᠤ ᠭᠠᠷᠬᠤ ᠠᠴᠠ ᠡᠮᠦᠨ᠎ᠡ

ᠳᠠᠭᠤᠷᠢᠶᠠᠮᠠᠯ ᠤᠷᠤᠯᠳᠤᠭᠠᠨ ᠬᠢᠬᠦ ᠪᠤᠶᠤ ᠣᠯᠠᠨ ᠬᠦᠮᠦᠨ ᠤ ᠡᠮᠦᠨ᠎ᠡ ᠳᠠᠭᠤᠯᠠᠭᠤᠯᠵᠤ᠂ ᠲᠤᠰ ᠤᠷᠤᠯᠳᠤᠭᠴᠢ ᠶᠢᠨ

ᠰᠡᠳᠭᠢᠴᠡ ᠶᠠᠮᠠᠷ ᠵᠠᠷᠭᠡ ᠶᠢ ᠤᠶᠢᠯᠠᠭᠠᠵᠤ᠂ ᠪᠠᠶᠢᠳᠠᠯ ᠳᠤ ᠨᠢ ᠲᠤᠬᠢᠷᠠᠭᠤᠯᠤᠨ ᠰᠡᠳᠭᠢᠴᠡ ᠶᠢᠨ ᠬᠠᠷᠰᠢ ᠶᠢ

ᠠᠷᠢᠯᠭᠠᠬᠤ ᠵᠢᠯᠤᠭᠤᠳᠤᠯᠭ᠎ᠠ ᠬᠢᠨ᠎ᠡ᠃ ᠰᠡᠳᠭᠢᠴᠡ ᠶᠢᠨ ᠪᠠᠶᠢᠳᠠᠯ ᠵᠦᠭᠡᠷ ᠴᠦ ᠭᠡᠰᠡᠨ᠂ ᠠᠨᠠᠢ ᠴᠦ ᠭᠡᠰᠡᠨ ᠵᠠᠪᠠᠯ

ᠰᠡᠳᠭᠢᠴᠡ ᠶᠢᠨ ᠵᠢᠯᠤᠭᠤᠳᠤᠯᠭ᠎ᠠ ᠬᠢᠵᠦ᠂ ᠤᠷᠤᠯᠳᠤᠭᠠᠨ ᠤ ᠬᠢᠷᠢ ᠪᠦᠲᠦᠮᠵᠢ ᠶᠢ ᠨᠢ ᠪᠠᠲᠤᠯᠠᠬᠤ ᠪᠠᠷ          

ᠪᠡᠯᠡᠳᠭᠡᠨ᠎ᠡ᠃ ᠬᠡᠯᠡᠯᠭᠡᠨ ᠦᠭᠡᠢ ᠰᠡᠳᠭᠢᠴᠡ ᠨᠢ ᠬᠠᠷᠰᠢ ᠲᠠᠢ ᠤᠷᠤᠯᠳᠤᠭᠴᠢ ᠳᠤ ᠰᠡᠳᠭᠢᠴᠡ ᠶᠢᠨ

ᠵᠢᠯᠤᠭᠤᠳᠤᠯᠭ᠎ᠠ ᠶᠢ ᠬᠠᠨᠳᠤᠯᠭ᠎ᠠ ᠲᠠᠢ᠂ ᠨᠠᠷᠢᠯᠢᠬ ᠬᠢᠵᠦ ᠰᠡᠳᠭᠢᠴᠡ ᠶᠢᠨ ᠬᠠᠷᠰᠢ ᠶᠢ ᠨᠢ ᠠᠷᠢᠯᠭᠠᠵᠤ᠂ ᠰᠠᠶᠢᠨ

ᠰᠡᠳᠭᠢᠴᠡ ᠲᠠᠢ ᠪᠤᠯᠭᠠᠬᠤ ᠴᠢᠬᠤᠯᠠ ᠲᠠᠢ᠃ ᠳᠤᠤᠷᠠᠬᠢ ᠠᠷᠭ᠎ᠠ ᠪᠠᠷ ᠤᠷᠤᠯᠳᠤᠭᠴᠢ ᠶᠢᠨ ᠰᠡᠳᠭᠢᠴᠡ ᠶᠢᠨ

ᠬᠠᠷᠰᠢ ᠶᠢ ᠠᠷᠢᠯᠭᠠᠵᠤ ᠪᠤᠯᠤᠨ᠎ᠠ᠃

      1. ᠳᠠᠭᠤᠯᠠᠬᠤ ᠪᠤᠯᠪᠠᠰᠣᠷᠠᠯ ᠢ ᠴᠢᠩᠭᠠᠳᠬᠠᠵᠤ ᠰᠡᠳᠭᠢᠴᠡ ᠶᠢᠨ ᠬᠠᠷᠰᠢ ᠶᠢ ᠠᠷᠢᠯᠭᠠᠬᠤ

      ᠶᠡᠷᠦ ᠶᠢᠨ ᠴᠠᠭ ᠤᠨ ᠳᠠᠭᠤᠯᠠᠵᠤ ᠪᠤᠯᠪᠠᠰᠤᠷᠠᠬᠤ ᠦᠶᠡᠰ ᠠᠮᠢᠰᠬᠤᠭ᠎ᠠ ᠠᠪᠬᠤ ᠪᠤᠯᠪᠠᠰᠤᠷᠠᠯ ᠢ ᠰᠠᠶᠢᠲᠤᠷ

ᠬᠢᠯᠭᠡᠵᠦ᠂ ᠳᠠᠭᠤᠤ ᠪᠠᠨ ᠰᠠᠶᠢᠬᠠᠨ ᠳᠠᠭᠤᠯᠠᠬᠤ ᠪᠠᠲᠤᠯᠠᠭ᠎ᠠ ᠲᠠᠢ ᠪᠤᠯᠭᠠᠨ᠎ᠠ᠂ ᠳᠠᠭᠤᠯᠠᠬᠤ ᠳᠤᠮᠳᠠ ᠪᠠᠨ ᠦᠨᠡᠨ

ᠳᠠᠭᠤ ᠪᠠ ᠬᠠᠭᠤᠷᠮᠠᠭ ᠳᠠᠭᠤ ᠶᠢ ᠴᠢᠳᠠᠮᠠᠭᠠᠢ ᠠᠰᠢᠭᠯᠠᠨ ᠳᠠᠭᠤᠯᠠᠬᠤ ᠤᠷ᠎ᠠ ᠮᠠᠷᠭᠡᠰᠢᠯ ᠢ ᠨᠢ ᠭᠦᠢᠴᠡᠳ ᠨᠠᠷᠢᠯᠢᠬ

ᠪᠠᠶᠢᠯᠭᠠᠨ᠎ᠠ᠃ ᠶᠡᠷᠦ ᠶᠢᠨ ᠪᠠᠶᠢᠳᠠᠯ ᠳᠤ ᠦᠨᠳᠦᠷ ᠳᠠᠭᠤᠤ ᠳᠠᠭᠤᠯᠠᠬᠤ ᠦᠶᠡᠰ ᠬᠠᠭᠤᠷᠮᠠᠭ ᠳᠠᠭᠤ ᠬᠡᠷᠡᠭᠯᠡᠳᠡᠭ ᠨᠢ

ᠤᠯᠠᠨ᠂ ᠡᠰᠡᠷᠭᠦ ᠪᠠᠷ ᠳᠤᠤᠷ᠎ᠠ ᠳᠠᠭᠤᠤ ᠳᠠᠭᠤᠯᠠᠬᠤ ᠦᠶᠡᠰ ᠦᠨᠡᠨ ᠳᠠᠭᠤ ᠬᠡᠷᠡᠭᠯᠡᠳᠡᠭ ᠨᠢ ᠤᠯᠠᠨ          

ᠪᠠᠶᠢᠳᠠᠭ᠃ ᠳᠤᠮᠳᠠᠬᠢ ᠳᠠᠭᠤᠨ ᠳᠤ ᠨᠢ ᠦᠨᠡᠨ ᠳᠠᠭᠤ ᠪᠠ ᠬᠠᠭᠤᠷᠮᠠᠭ ᠳᠠᠭᠤ ᠨᠢ ᠠᠳᠠᠯᠢ ᠪᠠᠷ          

ᠬᠡᠷᠡᠭᠯᠡᠭᠳᠡᠨ᠎ᠡ᠃ ᠳᠠᠰᠬᠠᠯᠵᠢᠭᠤᠯᠤᠭᠴᠢ ᠤᠷᠤᠯᠳᠤᠭᠴᠢ ᠶᠢᠨ ᠳᠠᠭᠤᠯᠠᠬᠤ ᠦᠶᠡᠰ  ᠤᠨ ᠠᠮᠢᠰᠬᠤᠭ᠎ᠠ ᠪᠠᠨ ᠬᠡᠷᠬᠢᠨ

ᠠᠪᠬᠤ᠂ ᠠᠯᠢ ᠬᠡᠰᠡᠭ ᠲᠤ ᠨᠢ ᠶᠠᠮᠠᠷ ᠳᠠᠭᠤ ᠪᠠᠷ ᠳᠠᠭᠤᠯᠠᠬᠤ ᠵᠡᠷᠭᠡ ᠮᠡᠷᠭᠡᠰᠢᠯ ᠤᠨ ᠪᠤᠯᠪᠠᠰᠤᠷᠠᠯ ᠢ ᠨᠠᠷᠢᠯᠢᠬ

ᠵᠢᠯᠤᠭᠤᠳᠴᠤ᠂ ᠰᠠᠶᠢᠲᠤᠷ ᠪᠤᠯᠪᠠᠰᠣᠷᠠᠭᠤᠯᠤᠨ᠎ᠠ᠃ ᠢᠩᠭᠢᠵᠦ ᠳᠠᠭᠤᠯᠠᠬᠤ ᠪᠤᠯᠪᠠᠰᠤᠷᠠᠯ ᠢ ᠴᠢᠩᠭᠠᠳᠬᠠᠬᠤ ᠨᠢ

ᠤᠷᠤᠯᠳᠤᠭᠴᠢ ᠶᠢ ᠪᠡᠶ᠎ᠡ ᠳᠤ ᠪᠠᠨ ᠢᠲᠡᠭᠡᠯ ᠲᠠᠢ ᠪᠤᠯᠬᠤ ᠳᠤ ᠨᠢ ᠲᠤᠰᠠ ᠪᠤᠯᠤᠨ᠎ᠠ᠃ ᠲᠡᠭᠦᠨ ᠤ ᠰᠡᠳᠭᠢᠴᠡ ᠶᠢᠨ

ᠬᠠᠷᠰᠢ ᠨᠢ ᠠᠶᠠᠨᠳᠠᠭᠠᠨ ᠵᠦᠭᠡᠷ ᠪᠤᠯᠬᠤ ᠪᠤᠶᠤ ᠦᠭᠡᠢ ᠪᠤᠯᠵᠤ ᠪᠤᠯᠤᠨ᠎ᠠ᠃

      2. ᠠᠩᠬᠠᠷᠤᠯ ᠲᠥᠪᠯᠡᠷᠡᠭᠦᠯᠬᠦ ᠠᠷᠭ᠎ᠠ ᠪᠠᠷ ᠰᠡᠳᠬᠢᠴᠡ ᠶᠢᠨ ᠬᠠᠷᠰᠢ ᠶᠢ ᠠᠷᠢᠯᠭᠠᠬᠤ

      ᠤᠷᠤᠯᠳᠤᠭᠴᠢ ᠪᠦᠬᠦ ᠤᠶᠤᠨ ᠴᠢᠳᠠᠯ᠂ ᠪᠦᠬᠦ ᠰᠡᠳᠬᠢᠯ ᠢᠶᠠᠨ ᠦᠪᠡᠷ ᠤᠨ ᠳᠠᠭᠤᠯᠠᠬᠤ ᠠᠵᠢᠯᠯᠠᠭ᠎ᠠ ᠳᠤ ᠪᠠᠨ

ᠲᠦᠪᠯᠡᠷᠡᠭᠦᠯᠦᠭᠰᠡᠨ ᠪᠠᠶᠢᠵᠤ᠂ ᠪᠤᠰᠤᠳ ᠶᠠᠮᠠᠷ ᠴᠦ ᠵᠦᠢᠯ ᠢ ᠠᠩᠬᠠᠷᠬᠤ ᠦᠭᠡᠢ᠃ ᠦᠪᠡᠷ ᠤᠨ ᠳᠠᠭᠤᠯᠠᠬᠤ

ᠤᠷᠮ᠎ᠠ ᠪᠠᠨ ᠥᠴᠦᠬᠡᠨ ᠴᠦ ᠨᠥᠯᠥᠭᠡᠯᠡᠬᠦ ᠦᠭᠡᠢ᠃ ᠳᠠᠷᠤᠢ ᠲᠠᠶᠢᠰᠠᠨ ᠤ ᠳᠤᠤᠷ᠎ᠠ ᠪᠠᠶᠢᠭ᠎ᠠ ᠦᠵᠡᠭᠴᠢᠳ ᠢ

ᠠᠩᠬᠠᠷᠬᠤ ᠦᠭᠡᠢ᠂ ᠬᠢᠨᠠᠨ ᠰᠢᠭᠦᠭᠴᠢ ᠨᠠᠷ ᠢ ᠴᠦ ᠠᠩᠬᠠᠷᠬᠤ ᠦᠭᠡᠢ᠂ ᠵᠦᠪᠬᠡᠨ ᠦᠪᠡᠷ ᠤᠨ ᠳᠠᠭᠤᠯᠠᠬᠤ ᠳᠤ ᠪᠠᠨ

ᠯᠠ ᠰᠡᠳᠭᠢᠯ ᠲᠠᠯᠪᠢᠨ ᠠᠩᠬᠠᠷᠴᠤ᠂ ᠲᠤᠬᠠᠢ ᠶᠢᠨ ᠦᠶ᠎ᠡ ᠳᠤ ᠳᠠᠭᠤᠯᠠᠬᠤ ᠦᠷ᠎ᠡ ᠳ᠋ᠦᠩ ᠶᠠᠮᠠᠷ ᠪᠤᠯᠬᠤ ᠶᠢ ᠴᠦ

ᠪᠤᠳᠤᠯᠬᠢᠯᠠᠬᠤ ᠦᠭᠡᠢ᠂ ᠲᠡᠭᠦᠨ ᠤ ᠲᠥᠯᠥᠭᠡ ᠰᠠᠨᠠᠭ᠎ᠠ ᠪᠤᠯᠬᠤ ᠦᠭᠡᠢ᠃ ᠪᠦᠬᠦ ᠠᠩᠬᠠᠷᠤᠯ ᠢᠶᠠᠨ ᠳᠠᠭᠤᠯᠠᠬᠤ

ᠠᠵᠢᠯᠯᠠᠭ᠎ᠠ ᠳᠤ ᠪᠠᠨ ᠯᠠ ᠲᠥᠪᠯᠡᠷᠡᠭᠦᠯᠦᠨ᠎ᠡ᠃ ᠢᠩᠬᠢᠪᠡᠯ ᠰᠡᠳᠭᠢᠴᠡ ᠶᠢᠨ ᠬᠠᠷᠰᠢ ᠲᠡᠭᠦᠨ ᠤ ᠲᠠᠶᠢᠰᠠᠨ ᠳᠤ

ᠳᠠᠭᠤᠯᠠᠬᠤ ᠠᠵᠢᠯᠯᠠᠭ᠎ᠠ ᠶᠢ ᠨᠥᠯᠥᠭᠡᠯᠡᠬᠦ ᠪᠤᠯᠤᠯᠴᠠᠭ᠎ᠠ ᠨᠢ ᠲᠤᠩ ᠪᠠᠭ᠎ᠠ ᠪᠤᠯᠬᠤ ᠶᠤᠮ ᠤᠤ ᠡᠰᠡᠭᠦᠯ᠎ᠡ ᠨᠥᠯᠥᠭᠡᠯᠡᠬᠦ

ᠦᠭᠡᠢ ᠪᠤᠯᠬᠤ ᠶᠤᠮ᠃ ᠲᠠᠰᠬᠠᠯᠵᠢᠭᠤᠯᠤᠭᠴᠢ ᠪᠠᠭᠰᠢ ᠠᠴᠠ ᠤᠷᠤᠯᠳᠤᠭᠴᠢ ᠶᠢ ᠰᠠᠶᠢᠲᠤᠷ ᠵᠢᠯᠤᠭᠤᠳᠴᠤ

ᠠᠩᠬᠠᠷᠤᠯ ᠢᠶᠠᠨ ᠲᠥᠪᠯᠡᠷᠡᠭᠦᠯᠬᠦ ᠠᠷᠭ᠎ᠠ ᠪᠠᠷ ᠰᠡᠳᠭᠢᠴᠡ ᠶᠢᠨ ᠬᠠᠷᠰᠢ ᠶᠢ ᠠᠷᠢᠯᠭᠠᠬᠤ ᠶᠢ ᠮᠡᠳᠡᠭᠦᠯᠵᠦ᠂ ᠲᠤᠰ

ᠠᠷᠭ᠎ᠠ ᠪᠠᠷ ᠰᠡᠳᠭᠢᠴᠡ ᠪᠠᠨ ᠲᠤᠭᠲᠠᠭᠤᠨ ᠪᠤᠯᠭᠠᠵᠤ ᠤᠷᠤᠯᠳᠤᠭᠠᠨ ᠤ ᠬᠢᠷᠢ ᠪᠦᠲᠦᠮᠵᠢ ᠪᠠᠨ ᠪᠠᠲᠤᠯᠠᠵᠤ ᠪᠤᠯᠬᠤ ᠶᠢ

ᠮᠡᠳᠡᠭᠦᠯᠦᠨ᠎ᠡ᠃

      3. ᠦᠢᠯᠡᠳᠦᠯᠭᠡ ᠳᠤ ᠢᠯᠡᠭᠦᠦ ᠣᠷᠣᠯᠴᠠᠭᠤᠯᠵᠤ ᠰᠡᠳᠬᠢᠴᠡ ᠶᠢᠨ ᠬᠠᠷᠰᠢ ᠶᠢ ᠠᠷᠢᠯᠭᠠᠬᠤ

      ᠶᠡᠷᠦ ᠶᠢᠨ ᠴᠠᠭ ᠲᠤ ᠲᠠᠶᠢᠰᠠᠨ ᠳᠤ ᠭᠠᠷᠬᠤ ᠦᠢᠯᠡᠳᠦᠯᠭᠡ ᠳᠤ ᠢᠯᠡᠭᠦᠬᠡᠨ ᠤᠷᠤᠯᠴᠠᠭᠤᠯᠬᠤ ᠴᠢᠬᠤᠯᠠ          

 ᠲᠠᠢ᠃ ᠤᠷᠤᠯᠳᠤᠭᠠᠨ ᠤ ᠪᠤᠰᠤ ᠲᠠᠶᠢᠰᠠᠨ ᠳᠤ ᠭᠠᠷᠴᠤ ᠳᠠᠭᠤᠯᠠᠬᠤ᠂ ᠪᠦᠵᠢᠭᠯᠡᠬᠦ᠂ ᠤᠶᠠᠩᠭᠠᠯᠠᠬᠤ ᠠᠵᠢᠯᠯᠠᠭ᠎ᠠ ᠳᠤ

ᠤᠷᠤᠯᠴᠠᠬᠤ᠂ ᠶᠠᠷᠢᠶ᠎ᠠ ᠢᠯᠡᠳᠭᠡᠯ ᠤᠨ ᠲᠤᠭᠯᠠᠯᠲᠠ ᠳᠤ ᠤᠷᠤᠯᠴᠠᠬᠤ ᠵᠡᠷᠭᠡ ᠤᠯᠠᠨ ᠲᠤᠭᠯᠠᠯᠲᠠ ᠳᠤ

ᠤᠷᠤᠯᠴᠠᠭᠤᠯᠵᠤ᠂ ᠲᠤᠭᠯᠠᠯᠲᠠ ᠶᠢᠨ ᠳᠤᠮᠳᠠ ᠲᠡᠳᠡᠨ ᠳᠤ ᠲᠠᠶᠢᠰᠠ ᠶᠢ ᠲᠠᠨᠢᠭᠤᠯᠵᠤ᠂ ᠦᠵᠡᠭᠴᠢᠳ ᠢ

ᠤᠶᠢᠯᠠᠭᠠᠭᠤᠯᠬᠤ ᠶᠢᠨ ᠳᠠᠭᠠᠤ ᠦᠪᠡᠷ ᠤᠨ ᠬᠢᠨᠢ ᠵᠤᠷᠢᠭ ᠰᠠᠨᠠᠭ᠎ᠠ᠂ ᠢᠲᠡᠭᠡᠯ ᠵᠤᠷᠢᠭ ᠢ ᠨᠢ ᠳᠠᠪᠲᠠᠨ

ᠪᠤᠯᠪᠠᠰᠤᠷᠠᠭᠤᠯᠤᠨ᠎ᠠ᠃ ᠡᠨᠡ ᠬᠦ ᠶᠠᠪᠤᠴᠠ ᠳᠤ ᠤᠷᠤᠯᠳᠤᠭᠴᠢ ᠶᠢᠨ ᠢᠳᠡᠪᠬᠢᠲᠡᠢ ᠳᠠᠭᠤᠯᠠᠬᠤ ᠰᠡᠳᠬᠢᠴᠡ ᠶᠢᠨ

ᠪᠤᠯᠪᠠᠰᠤᠷᠠᠯ ᠬᠦᠮᠦᠵᠢᠭᠳᠡᠨ᠎ᠡ᠃ ᠢᠩᠬᠢᠭᠡᠳ ᠲᠠᠶᠢᠰᠠ ᠶᠢ ᠲᠠᠨᠢᠵᠤ᠂ ᠲᠠᠶᠢᠰᠠ ᠶᠢ ᠤᠶᠢᠯᠠᠭᠠᠨ᠂ ᠲᠠᠶᠢᠰᠠ ᠲᠠᠢ

ᠳᠠᠰᠤᠯ ᠪᠤᠯᠤᠨ᠎ᠠ᠂ ᠳᠤᠤᠷ᠎ᠠ ᠪᠠᠶᠢᠭ᠎ᠠ ᠦᠵᠡᠭᠴᠢᠳ ᠠᠴᠠ ᠴᠦ ᠡᠮᠢᠶᠡᠬᠦ ᠦᠭᠡᠢ ᠪᠤᠯᠴᠢᠬᠠᠨ᠎ᠠ᠃ ᠢᠩᠬᠢᠪᠡᠯ

ᠤᠷᠤᠯᠳᠤᠭᠴᠢ ᠲᠠᠶᠢᠰᠠᠨ ᠳᠤ ᠭᠠᠷᠴᠤ ᠳᠠᠭᠤᠯᠠᠬᠤ ᠦᠶᠡᠰ ᠰᠡᠳᠭᠢᠴᠡ ᠶᠢᠨ ᠬᠠᠷᠰᠢ ᠳᠤ ᠤᠴᠠᠷᠠᠬᠤ ᠠᠴᠠ

ᠵᠠᠶᠢᠯᠠᠰᠬᠢᠵᠦ ᠪᠤᠯᠤᠨ᠎ᠠ᠃

      4. ᠰᠤᠯᠠᠳᠬᠠᠬᠤ ᠠᠷᠭ᠎ᠠ ᠪᠠᠷ ᠰᠡᠳᠭᠢᠴᠡ ᠶᠢᠨ ᠬᠠᠷᠰᠢ ᠶᠢ ᠠᠷᠢᠯᠭᠠᠬᠤ

      ᠤᠷᠤᠯᠳᠤᠭᠴᠢ ᠦᠪᠡᠷ ᠢ ᠪᠠᠨ ᠰᠤᠯᠠᠳᠬᠠᠬᠤ ᠠᠷᠭ᠎ᠠ ᠪᠠᠷ ᠰᠡᠳᠬᠢᠴᠡ ᠶᠢᠨ ᠬᠠᠷᠰᠢ ᠪᠠᠨ ᠠᠷᠢᠯᠭᠠᠵᠤ

ᠰᠡᠳᠬᠢᠴᠡ ᠶᠢᠨ ᠬᠡᠪ ᠤᠨ ᠪᠠᠶᠢᠳᠠᠯ ᠢᠶᠠᠨ ᠪᠠᠲᠤᠯᠠᠵᠤ ᠪᠤᠯᠤᠨ᠎ᠠ᠃ ᠳᠠᠷᠣᠢ ᠲᠠᠶᠢᠰᠠᠨ ᠳᠤ ᠭᠠᠷᠬᠤ ᠠᠴᠠ ᠡᠮᠦᠨ᠎ᠡ

ᠦᠪᠡᠷ ᠢ ᠪᠠᠨ ᠦᠪᠡᠷ ᠢᠶᠠᠨ ᠵᠤᠷᠢᠬᠵᠢᠭᠤᠯᠤᠨ᠂ ᠪᠡᠶ᠎ᠡ ᠳᠤ ᠪᠠᠨ ᠢᠲᠡᠭᠡᠯ ᠡᠷᠴᠢ ᠬᠦᠴᠦ ᠥᠭᠭᠦᠨ᠎ᠡ᠃ ᠵᠢᠱᠢᠶᠡᠯᠡᠪᠡᠯ᠂

︽ᠪᠢ ᠬᠠᠮᠤᠭ ᠤᠨ ᠰᠠᠶᠢᠨ᠂ ᠪᠢ ᠯᠠᠪᠲᠠᠢ ᠠᠮᠵᠢᠯᠲᠠ ᠤᠯᠵᠤ ᠳᠡᠶᠢᠯᠦᠨ᠎ᠡ᠂ ᠪᠢ ᠯᠠᠪᠲᠠᠢ ᠰᠠᠶᠢᠬᠠᠨ ᠳᠠᠭᠤᠯᠠᠵᠤ

ᠳᠡᠶᠢᠯᠦᠨ᠎ᠡ᠂ ᠪᠢ ᠡᠨᠡ ᠤᠳᠠᠭᠠᠨ ᠤ ᠤᠷᠤᠯᠳᠤᠭᠠᠨ ᠳᠤ ᠤᠷᠤᠯᠴᠠᠬᠤ ᠪᠠᠷ ᠪᠦᠷᠢᠨ ᠭᠦᠢᠴᠡᠳ ᠪᠡᠯᠡᠳᠬᠡᠭᠰᠡᠨ᠂

ᠯᠠᠪᠲᠠᠢ ᠰᠠᠶᠢᠨ ᠬᠢᠷᠢ ᠪᠦᠲᠦᠮᠵᠢ ᠤᠯᠵᠤ ᠴᠢᠳᠠᠨ᠎ᠠ ᠁︾ ᠭᠡᠵᠦ ᠦᠪᠡᠷ ᠤᠨ ᠪᠡᠶ᠎ᠡ ᠪᠠᠨ ᠵᠤᠷᠢᠬᠵᠢᠭᠤᠯᠵᠤ᠂

ᠦᠪᠡᠷ ᠢ ᠪᠠᠨ ᠲᠠᠶᠢᠳᠬᠤᠷᠠᠭᠤᠯᠤᠨ᠎ᠠ᠃ ᠤᠷᠤᠯᠳᠤᠭᠠᠨ ᠳᠤ ᠤᠷᠤᠯᠴᠠᠬᠤ ᠭᠡᠰᠡᠨ ᠳᠠᠷᠤᠭᠠᠰᠤ ᠲᠠᠢ ᠰᠡᠳᠭᠢᠴᠡ ᠪᠠᠨ

ᠰᠤᠯᠠᠳᠬᠠᠬᠤ ᠠᠷᠭ᠎ᠠ  ᠨᠢ ᠤᠷᠤᠯᠳᠤᠭᠴᠢ ᠶᠢᠨ ᠲᠠᠶᠢᠰᠠᠨ ᠳᠤ ᠳᠠᠭᠤᠯᠠᠬᠤ ᠬᠡᠪ ᠤᠨ ᠪᠠᠶᠢᠳᠠᠯ ᠢ ᠪᠠᠲᠤᠯᠠᠵᠤ᠂ ᠤᠷᠮ᠎ᠠ

ᠰᠡᠳᠬᠢᠯᠭᠡ ᠶᠢ ᠨᠢ ᠬᠦᠭᠵᠢᠭᠡᠵᠦ᠂ ᠳᠠᠭᠤᠤ ᠬᠦᠭᠵᠢᠮ ᠤᠨ ᠭᠤᠸ᠎ᠠ ᠰᠠᠶᠢᠬᠠᠨ ᠳᠦᠷᠢ ᠳᠦᠷᠬᠦ ᠶᠢ ᠪᠦᠲᠦᠭᠡᠵᠦ ᠮᠡᠳᠡᠬᠦ

ᠶᠤᠮ᠃ ᠡᠨᠡ ᠨᠢ ᠰᠡᠳᠭᠢᠴᠡ ᠶᠢᠨ ᠬᠠᠷᠰᠢ ᠶᠢ ᠠᠷᠢᠯᠭᠠᠵᠤ᠂ ᠤᠷᠤᠯᠳᠤᠭᠠᠨ ᠳᠤ ᠰᠠᠶᠢᠨ ᠬᠢᠷᠢ ᠪᠦᠲᠦᠮᠵᠢ ᠤᠯᠬᠤ

 ᠳᠤ ᠶᠡᠭᠡ ᠲᠤᠰᠠ ᠪᠤᠯᠤᠨ᠎ᠠ᠃

      5. ᠤᠮᠳᠤᠭᠠᠶᠢᠯᠠᠬᠤ ᠠᠷᠭ᠎ᠠ ᠪᠠᠷ ᠰᠡᠳᠬᠢᠴᠡ ᠶᠢᠨ ᠬᠠᠷᠰᠢ ᠶᠢ ᠠᠷᠢᠯᠭᠠᠬᠤ

      ᠡᠨᠡ ᠠᠷᠭ᠎ᠠ ᠨᠢ ᠭᠤᠤᠯᠳᠠᠭᠤ ᠲᠠᠶᠢᠰᠠᠨ ᠲᠤᠤᠷᠠᠬᠢ ᠦᠵᠡᠭᠴᠢᠳ᠂ ᠬᠢᠨᠠᠨ ᠰᠢᠭᠦᠭᠴᠢ ᠪᠠ ᠤᠷᠴᠢᠨ

ᠲᠤᠭᠤᠷᠢᠨ ᠢ ᠤᠮᠳᠤᠭᠠᠶᠢᠯᠠᠵᠤ᠂ ᠲᠡᠳᠡᠨ ᠢ ᠣᠶᠢᠰᠢᠶᠠᠬᠤ ᠦᠭᠡᠢ᠂ ᠤᠷᠤᠯᠳᠤᠭᠴᠢ ᠭᠠᠭᠴᠠ ᠬᠦ ᠳᠠᠭᠤᠤ ᠪᠠᠨ

ᠶᠠᠭᠠᠬᠢᠵᠤ ᠳᠠᠭᠤᠯᠠᠬᠤ᠂ ᠳᠠᠭᠤᠤ ᠶᠢᠨ ᠭᠤᠶᠢᠳᠠ ᠰᠠᠶᠢᠬᠠᠨ ᠢ ᠬᠡᠷᠬᠢᠨ ᠢᠯᠡᠷᠡᠭᠦᠯᠬᠦ ᠶᠢ ᠪᠤᠳᠤᠨ᠎ᠠ᠃ ᠬᠠᠵᠠᠭᠤ

ᠬᠠᠪᠢ ᠳᠤ ᠨᠢ ᠥᠭᠡᠷ᠎ᠡ ᠬᠦᠮᠦᠨ ᠦᠭᠡᠢ᠂ ᠭᠠᠭᠴᠠᠭᠠᠷ ᠢᠶᠠᠨ ᠲᠠᠶᠢᠰᠠᠨ ᠳᠤ ᠳᠠᠭᠤᠯᠠᠵᠤ ᠪᠠᠶᠢᠬᠤ ᠭᠡᠵᠦ          

ᠪᠤᠳᠤᠨ᠎ᠠ᠃ ᠪᠤᠳᠤᠯ ᠰᠡᠳᠬᠢᠯ ᠢᠶᠠᠨ ᠳᠠᠭᠤᠯᠠᠬᠤ ᠠᠵᠢᠯᠯᠠᠭ᠎ᠠ ᠳᠤ ᠪᠠᠨ ᠲᠠᠯᠪᠢᠵᠤ᠂ ᠪᠤᠰᠤᠳ ᠵᠦᠢᠯ ᠢ ᠬᠠᠮᠢᠶ᠎ᠠ

ᠦᠭᠡᠢ ᠵᠢᠵᠢᠭᠬᠡᠨ ᠶᠠᠪᠤᠳᠠᠯ ᠭᠡᠵᠦ ᠪᠤᠳᠤᠨ᠎ᠠ᠃ ᠢᠩᠬᠢᠵᠦ ᠦᠵᠡᠭᠴᠢᠳ ᠪᠠ ᠤᠷᠴᠢᠨ ᠲᠤᠭᠤᠷᠢᠨ ᠢ ᠤᠮᠳᠤᠭᠠᠶᠢᠯᠠᠬᠤ

ᠠᠷᠭ᠎ᠠ ᠪᠠᠷ ᠰᠡᠳᠭᠢᠴᠡ ᠶᠢᠨ ᠬᠠᠷᠰᠢ ᠪᠠᠨ ᠠᠷᠢᠯᠭᠠᠬᠤ ᠨᠢ ᠤᠷᠤᠯᠳᠣᠭᠴᠢ ᠳᠤ ᠠᠪᠴᠤ ᠬᠡᠯᠡᠪᠡᠯ ᠮᠠᠰᠢ ᠶᠡᠭᠡ

ᠪᠦᠲᠦᠮᠵᠢᠲᠠᠢ ᠶᠤᠮ᠃ ᠡᠶᠢᠮᠦ ᠪᠠᠶᠢᠳᠠᠯ ᠳᠤᠤᠷ᠎ᠠ ᠰᠡᠳᠭᠢᠴᠡ ᠶᠢᠨ ᠬᠠᠷᠰᠢ ᠲᠡᠭᠦᠨ ᠠᠴᠠ ᠵᠠᠶᠢᠳᠠᠵᠤ᠂ ᠲᠡᠭᠦᠨ ᠤ

ᠲᠠᠶᠢᠰᠠᠨ ᠳᠤ ᠳᠠᠭᠤᠯᠠᠬᠤ ᠶᠢ ᠨᠥᠯᠥᠭᠡᠯᠡᠵᠦ ᠳᠡᠶᠢᠯᠬᠦ ᠦᠭᠡᠢ᠃

      6. ᠠᠶ᠎ᠠ ᠳᠠᠭᠤᠤ ᠶᠢᠨ ᠢᠶᠠᠨ ᠰᠠᠨᠠᠭ᠎ᠠ ᠠᠬᠤᠢ ᠶᠢ ᠰᠠᠶᠢᠲᠤᠷ ᠣᠶᠢᠯᠠᠭᠠᠵᠤ᠂ ᠳᠠᠭᠤᠯᠠᠬᠤ ᠪᠠ ᠰᠡᠳᠭᠢᠯᠭᠡ᠂

ᠬᠦᠳᠡᠯᠥᠯ ᠢᠶᠠᠨ ᠪᠦᠷ ᠳᠠᠭᠤᠤ ᠳᠤ ᠪᠠᠨ ᠠᠭᠤᠰᠬᠠᠵᠤ ᠰᠡᠳᠬᠢᠴᠡ ᠶᠢᠨ ᠬᠠᠷᠰᠢ ᠶᠢ ᠠᠷᠢᠯᠭᠠᠬᠤ

      ᠪᠢᠳᠡ ᠨᠢᠭᠡ ᠰᠢᠨ᠎ᠡ ᠳᠠᠭᠤᠤ ᠡᠬᠢᠯᠡᠵᠦ ᠳᠠᠭᠤᠯᠠᠬᠤ ᠳᠤ ᠤᠷᠢᠳ ᠢᠶᠠᠷ ᠳᠠᠭᠤᠤ ᠶᠢᠨ ᠢᠶᠠᠨ ᠠᠭᠤᠯᠭ᠎ᠠ᠂

ᠠᠶᠠᠰ᠂ ᠠᠶᠠᠰ ᠤᠨ ᠨᠤᠲ᠂ ᠠᠶᠢᠵᠠᠮ ᠬᠡᠮᠨᠡᠯ ᠭᠡᠬᠦ ᠮᠡᠲᠦ ᠶᠢ ᠣᠶᠢᠯᠠᠭᠠᠵᠤ᠂ ᠳᠠᠷᠠᠭ᠎ᠠ ᠳᠤ ᠨᠢ ᠳᠠᠭᠤᠨ ᠤ ᠦᠭᠡ ᠶᠢ

ᠴᠡᠭᠡᠵᠢᠯᠡᠬᠦ᠂ ᠵᠠᠳᠠᠯᠠᠬᠤ ᠵᠡᠷᠭᠡ ᠰᠠᠨᠠᠭ᠎ᠠ ᠠᠬᠤᠢ ᠶᠢ ᠤᠶᠢᠯᠠᠭᠠᠭᠰᠠᠨ ᠰᠠᠭᠤᠷᠢᠨ ᠳᠡᠭᠡᠷ᠎ᠡ ᠰᠠᠶ᠋ᠢ ᠶᠠᠭᠠᠬᠢᠵᠤ ᠳᠠᠭᠤᠯᠠᠬᠤ᠂

ᠶᠠᠭᠠᠬᠢᠵᠤ ᠰᠠᠨᠠᠭ᠎ᠠ ᠠᠬᠤᠢ ᠶᠢ ᠢᠯᠡᠷᠡᠭᠦᠯᠬᠦ᠂ ᠶᠠᠭᠠᠬᠢᠵᠦ ᠰᠡᠳᠬᠢᠯᠭᠡ ᠶᠢ ᠢᠯᠡᠷᠡᠭᠦᠯᠬᠦ᠂ ᠬᠦᠮᠦᠰ ᠤᠨ ᠲᠠᠭᠠᠰᠢᠶᠠᠯ ᠢ

ᠬᠡᠷᠬᠢᠨ ᠣᠯᠬᠤ ᠲᠤᠬᠠᠢ ᠰᠥᠪᠡᠭᠴᠢᠯᠡᠳᠡᠭ᠃ ᠢᠩᠬᠢᠵᠦ ᠠᠶ᠎ᠠ ᠳᠠᠭᠤᠤ ᠶᠢᠨ ᠢᠶᠠᠨ ᠰᠠᠨᠠᠭ᠎ᠠ ᠠᠬᠤᠢ ᠶᠢ

ᠣᠶᠢᠯᠠᠭᠠᠭᠰᠠᠨ ᠰᠠᠭᠤᠷᠢᠨ ᠳᠡᠭᠡᠷ᠎ᠡ᠂ ᠲᠠᠶᠢᠰᠠᠨ ᠳᠤ ᠭᠠᠷᠴᠤ ᠳᠠᠭᠤᠯᠠᠬᠤ ᠳᠤ ᠪᠠᠨ ᠠᠶ᠎ᠠ ᠳᠠᠭᠤᠤ ᠳᠤ ᠪᠠᠨ ᠪᠦᠬᠦ

ᠰᠡᠳᠭᠢᠯ ᠢᠶᠠᠷ ᠢᠶᠠᠨ ᠠᠭᠤᠰᠴᠤ᠂ ᠳᠠᠭᠤᠨ ᠤ ᠰᠠᠨᠠᠭ᠎ᠠ ᠠᠬᠤᠢ ᠶᠢ ᠦᠪᠡᠷ ᠤᠨ ᠳᠠᠭᠤᠨ ᠬᠤᠭᠤᠯᠠᠢ ᠪᠠᠷ ᠢᠶᠠᠨ᠂

ᠬᠦᠳᠡᠯᠦᠯ ᠪᠠᠷᠢᠯ ᠢᠶᠠᠷ ᠢᠶᠠᠨ᠂ ᠣᠷᠭᠢᠯᠤᠮ᠎ᠠ ᠰᠡᠳᠬᠢᠯᠭᠡ ᠪᠠᠷ ᠢᠶᠠᠨ ᠭᠦᠢᠴᠡᠳ ᠰᠠᠶᠢᠨ ᠢᠯᠡᠷᠡᠭᠦᠯᠦᠨ᠎ᠡ᠃ ᠳᠠᠷᠣᠢ

ᠢᠷᠠᠭᠤ ᠰᠠᠶᠢᠬᠠᠨ ᠳᠠᠭᠤ ᠬᠤᠭᠤᠯᠡᠢ ᠪᠠᠷ ᠢᠶᠠᠨ ᠯᠠ ᠳᠠᠭᠤᠯᠠᠬᠤ ᠪᠢᠰᠢ᠂ ᠤᠷᠭᠢᠯᠤᠮ᠎ᠠ ᠬᠠᠯᠠᠭᠤᠨ

ᠰᠡᠳᠭᠢᠯᠭᠡ ᠪᠠᠷ ᠢᠶᠠᠨ᠂ ᠣᠷᠠᠨ ᠭᠤᠶᠢᠳᠠ ᠬᠦᠳᠡᠯᠥᠯ ᠢᠶᠠᠷ ᠢᠶᠠᠨ᠂ ᠪᠦᠬᠦ ᠤᠶᠤᠨ ᠤᠬᠠᠭᠠᠨ ᠢᠶᠠᠷ ᠢᠶᠠᠨ          

ᠳᠠᠭᠤᠯᠠᠨ᠎ᠠ᠃ ᠡᠨᠡ ᠦᠶᠡᠰ ᠰᠡᠳᠭᠢᠴᠡ ᠶᠢᠨ ᠬᠠᠷᠰᠢ ᠤᠷᠤᠯᠳᠤᠭᠴᠢ ᠠᠴᠠ ᠬᠤᠯᠠ ᠵᠠᠶᠢᠳᠠᠵᠤ᠂ ᠲᠡᠭᠦᠨ ᠤ

ᠲᠠᠶᠢᠰᠠᠨ ᠳᠠᠬᠢ ᠳᠠᠭᠤᠯᠠᠬᠤ ᠠᠵᠢᠯᠯᠠᠭ᠎ᠠ ᠴᠢᠯᠥᠭᠡᠲᠡᠢ᠂ ᠲᠠᠯᠪᠢᠭᠤᠨ᠂ ᠲᠤᠭᠲᠠᠭᠤᠨ᠂ ᠰᠤᠨᠤᠰᠪᠤᠷᠢᠲᠠᠢ ᠪᠤᠯᠵᠤ᠂

ᠭᠠᠳᠠᠷ ᠳᠦᠷᠢ ᠲᠥᠷᠬᠦ ᠨᠢ ᠵᠢᠪᠬᠤᠭᠠᠯᠢᠭ᠂ ᠦᠵᠡᠰᠭᠦᠯᠡᠩ ᠭᠤᠸ᠎ᠠ ᠪᠤᠯᠴᠢᠬᠠᠭᠰᠠᠨ ᠪᠠᠶᠢᠵᠤ ᠮᠡᠳᠡᠬᠦ          

ᠶᠤᠮ᠃ ᠢᠡᠭᠬᠢᠭᠡᠳ ᠰᠡᠳᠭᠢᠴᠡ ᠶᠢᠨ ᠬᠠᠷᠰᠢ ᠥᠯᠥ ᠮᠡᠳᠡᠬᠦ ᠶᠢᠨ ᠳᠤᠮᠳᠠ ᠬᠤᠯᠠ ᠶᠠᠪᠤᠴᠢᠬᠠᠭᠰᠠᠨ ᠪᠠᠶᠢᠵᠤ

ᠮᠡᠳᠡᠨ᠎ᠡ᠃

      ᠣᠷᠣᠯᠳᠤᠭᠴᠢ ᠲᠠᠶᠢᠰᠠᠨ ᠳᠤ ᠭᠠᠷᠴᠤ ᠳᠠᠭᠤᠯᠠᠵᠤ ᠤᠷᠤᠯᠳᠤᠬᠤ ᠳᠤ ᠵᠥᠪᠬᠡᠨ ᠳᠠᠭᠤᠤ ᠳᠠᠭᠤᠯᠠᠬᠤ

ᠮᠡᠷᠭᠡᠵᠢᠯ ᠳᠤ ᠪᠠᠨ ᠯᠡ ᠲᠦᠰᠢᠭᠡᠳ ᠪᠤᠯᠴᠢᠬᠠᠬᠤ ᠪᠢᠰᠢ᠂ ᠪᠠᠰᠠ ᠰᠡᠳᠬᠢᠴᠡ ᠶᠢᠨ ᠬᠡᠪ ᠪᠤᠯᠪᠠᠰᠤᠷᠠᠯ ᠳᠤ ᠲᠥᠰᠢᠭᠯᠡᠬᠦ

ᠴᠢᠬᠤᠯᠠ ᠲᠠᠢ᠃ ᠨᠡᠩ ᠢᠯᠠᠩᠭᠤᠶ᠎ᠠ ᠲᠡᠳᠡᠭᠡᠷ ᠰᠡᠳᠭᠢᠴᠡ ᠶᠢᠨ ᠬᠡᠪ ᠴᠢᠨᠠᠷ ᠠᠨᠠᠢ᠂ ᠰᠡᠳᠭᠢᠴᠡ ᠨᠢ ᠬᠠᠷᠰᠢ ᠲᠠᠢ

ᠤᠷᠤᠯᠳᠤᠭᠴᠢ ᠵᠠᠪᠠᠯ ᠰᠡᠳᠭᠢᠴᠡ ᠶᠢᠨ ᠬᠠᠷᠰᠢ ᠪᠠᠨ ᠠᠷᠢᠯᠭᠠᠵᠤ᠂ ᠰᠠᠶᠢᠨ ᠰᠡᠳᠭᠢᠴᠡ ᠲᠠᠢ ᠪᠤᠯᠬᠤ ᠴᠢᠬᠤᠯᠠ          

 ᠲᠠᠢ᠃ ᠡᠭᠦᠨ ᠳᠤ ᠳᠠᠰᠬᠠᠯᠵᠢᠭᠤᠯᠤᠭᠴᠢ ᠪᠠᠭᠰᠢ ᠠᠴᠠ ᠤᠷᠤᠯᠳᠤᠭᠴᠢ ᠶᠢᠨ ᠰᠡᠳᠭᠢᠴᠡ ᠶᠢᠨ ᠪᠠᠶᠢᠳᠠᠯ ᠢ

ᠤᠷᠢᠳᠴᠢᠯᠠᠨ ᠣᠶᠢᠯᠠᠭᠠᠵᠤ᠂ ᠰᠡᠳᠭᠢᠴᠡ ᠶᠢᠨ ᠬᠠᠷᠰᠢ ᠶᠢ ᠨᠢ ᠠᠷᠢᠯᠭᠠᠬᠤ ᠪᠤᠳᠠᠲᠠᠢ ᠠᠷᠭ᠎ᠠ ᠠᠪᠴᠤ᠂

ᠪᠤᠯᠪᠠᠰᠤᠷᠠᠭᠤᠯᠤᠨ᠂ ᠤᠷᠤᠯᠳᠤᠭᠠᠨ ᠠᠴᠠ ᠡᠮᠦᠨ᠎ᠡ ᠤᠷᠤᠯᠳᠤᠭᠴᠢ ᠶᠢ ᠰᠠᠨᠠᠭ᠎ᠠ ᠠᠭᠤᠵᠢᠭᠤ ᠪᠤᠯᠭᠠᠬᠤ ᠪᠤᠶᠤ

ᠰᠡᠳᠭᠢᠴᠡ ᠶᠢᠨ ᠬᠠᠷᠰᠢ ᠪᠠᠨ ᠠᠷᠢᠯᠭᠠᠵᠤ ᠴᠢᠳᠠᠬᠤ ᠪᠤᠯᠭᠠᠬᠤ ᠴᠢᠬᠤᠯᠠ ᠲᠠᠢ᠃ ᠰᠡᠳᠭᠢᠴᠡ ᠶᠢᠨ ᠬᠡᠪ ᠴᠢᠨᠠᠷ ᠨᠢ

ᠳᠠᠭᠤᠯᠠᠬᠤ ᠳᠤ ᠯᠠ ᠪᠢᠰᠢ᠂ ᠬᠤᠶᠢᠰᠢᠲᠠ ᠶᠢᠨ ᠠᠮᠢᠳᠤᠷᠠᠯ ᠤᠨ ᠡᠯ᠎ᠡ ᠭᠤᠭᠴᠤᠭᠠᠨ ᠳᠤ ᠴᠢᠬᠤᠯᠠ ᠦᠢᠯᠡᠳᠦᠯ

ᠦᠵᠡᠭᠦᠯᠦᠨ᠎ᠡ᠃ ᠳᠠᠰᠬᠠᠯᠵᠢᠭᠤᠯᠤᠭᠴᠢ ᠶᠢᠨ ᠰᠡᠳᠭᠢᠴᠡ ᠶᠢᠨ ᠵᠢᠯᠤᠭᠤᠳᠤᠯᠭ᠎ᠠ ᠨᠢ ᠤᠷᠤᠯᠳᠤᠭᠴᠢ ᠳᠤ ᠠᠪᠴᠤ

ᠬᠡᠯᠡᠪᠡᠯ᠂ ᠠᠪᠤᠨ ᠳᠤᠤᠷ᠎ᠠ ᠪᠠᠨ ᠡᠶᠡᠷᠬᠦ ᠦᠢᠯᠡᠳᠦᠯ ᠦᠵᠡᠭᠦᠯᠬᠦ ᠮᠦᠷᠲᠡᠭᠡᠨ ᠠᠯᠤᠰ ᠬᠡᠳᠦ ᠳᠤ ᠴᠦ ᠡᠶᠡᠷᠬᠦ

ᠦᠢᠯᠡᠳᠦᠯ ᠦᠵᠡᠬᠦᠯᠬᠦ ᠶᠤᠮ᠃ ᠲᠠᠶᠢᠰᠠᠨ ᠳᠤ ᠳᠠᠭᠤᠤ ᠳᠠᠭᠤᠯᠠᠬᠤ ᠦᠶ᠎ᠡ ᠶᠢᠨ ᠡᠷᠡᠭᠦᠯ ᠰᠠᠶᠢᠨ ᠰᠡᠳᠭᠢᠴᠡ ᠨᠢ

ᠪᠤᠰᠤᠳ ᠵᠦᠢᠯ ᠤᠨ ᠠᠵᠢᠯ ᠰᠤᠷᠤᠯᠭ᠎ᠠ ᠶᠢᠨ ᠦᠶ᠎ᠡ ᠶᠢᠨ ᠰᠡᠳᠭᠢᠴᠡ ᠶᠢᠨ ᠬᠡᠪ ᠪᠤᠯᠪᠠᠰᠤᠷᠠᠯ ᠢ          

ᠨᠥᠯᠥᠭᠡᠯᠡᠨ᠎ᠠ᠃ ᠰᠡᠳᠭᠢᠴᠡ ᠶᠢᠨ ᠪᠤᠯᠪᠠᠰᠣᠷᠠᠯ ᠤᠨ ᠳᠡᠭᠡᠭᠰᠢᠯᠡᠯᠲᠡ ᠨᠢ ᠬᠦᠮᠦᠨ ᠤ ᠨᠢᠭᠡ ᠨᠠᠰᠤ ᠶᠢ ᠨᠥᠯᠥᠭᠡᠯᠡᠨ

ᠠᠵᠢᠯ ᠦᠢᠯᠡᠰ ᠢ ᠨᠢ ᠠᠮᠵᠢᠯᠲᠠ ᠤᠷᠤᠭᠤ ᠣᠶᠢᠷᠠᠲᠤᠭᠤᠯᠬᠤ ᠨᠢ ᠵᠠᠶᠢᠯᠠᠰᠢ ᠦᠭᠡᠢ᠃ ᠡᠶᠢᠮᠦ ᠠᠴᠠ

ᠲᠠᠰᠬᠠᠯᠵᠢᠭᠤᠯᠤᠭᠴᠢ ᠤᠷᠤᠯᠳᠤᠭᠴᠢ ᠶᠢᠨ ᠪᠠᠶᠢᠳᠠᠯ ᠳᠤ ᠲᠤᠬᠢᠷᠠᠭᠤᠯᠤᠨ ᠳᠠᠭᠤᠯᠠᠬᠤ ᠮᠡᠷᠭᠡᠵᠢᠯ ᠤᠨ ᠵᠢᠯᠤᠭᠤᠳᠤᠯᠭ᠎ᠠ

ᠬᠢᠬᠦ ᠮᠦᠷᠲᠡᠭᠡᠨ ᠵᠠᠪᠠᠯ ᠰᠡᠳᠭᠢᠴᠡ ᠶᠢᠨ ᠵᠢᠯᠤᠭᠤᠳᠤᠯᠭ᠎ᠠ ᠬᠢᠨ᠎ᠡ᠃ ᠰᠡᠳᠭᠢᠴᠡ ᠶᠢᠨ ᠬᠠᠷᠰᠢ ᠲᠠᠢ ᠰᠤᠷᠤᠭᠴᠢ ᠶᠢ

ᠲᠡᠭᠦᠨ ᠳᠤ ᠲᠤᠬᠢᠷᠠᠭᠰᠠᠨ ᠠᠷᠭ᠎ᠠ ᠪᠠᠷ ᠵᠢᠯᠤᠭᠤᠳᠴᠤ ᠰᠡᠳᠭᠢᠴᠡ ᠶᠢᠨ ᠬᠠᠷᠰᠢ ᠶᠢ ᠨᠢ ᠠᠯᠢ ᠴᠢᠳᠠᠬᠤ ᠪᠠᠷ

ᠠᠷᠢᠯᠭᠠᠬᠤ ᠴᠢᠬᠤᠯᠠ ᠲᠠᠢ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠤᠡᠭᠨᠢᠭᠤᠳ ᠬᠤᠰᠢᠭᠤᠨ ᠤ ᠭᠡᠷᠰᠡᠩ 

                               ᠭᠤᠤᠯ ᠪᠠᠭ᠎ᠠ ᠰᠤᠷᠭᠠᠭᠤᠯᠢ 

                               ︵ᠠᠯᠳᠠᠨᠰᠦ᠋ᠭᠡ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map