ᠮᠣᠩᠭᠤᠯ ᠬᠡᠯᠡᠨ ᠤ ᠦᠭᠡ ᠶᠢ ᠦᠰᠦᠭ ᠢᠶᠠᠷ ᠰᠠᠯᠭᠠᠬᠤ ᠳᠤ ᠠᠩᠬᠠᠷᠬᠤ ᠵᠦᠢᠯ
ᠨᠡᠶᠢᠲᠡᠯᠡᠭᠰᠡᠨ ᠴᠠᠭ᠄
2024/8/16
                 ᠰᠡᠴᠡᠨᠰᠠᠶᠢᠬᠠᠨ   ᠯᠢ ᠠᠭᠤᠯᠠ

教学研究5.png

 

      ᠮᠣᠩᠭᠤᠯ ᠬᠡᠯᠡᠨ ᠤ ᠦᠭᠡ ᠶᠢ ᠦᠰᠦᠭ ᠢᠶᠠᠷ ᠰᠠᠯᠭᠠᠬᠤ ᠳᠤ ᠦᠨᠡᠨ ᠳᠤ ᠪᠠᠨ ᠲᠡᠶᠢᠮᠦ ᠬᠦᠴᠢᠷ ᠪᠢᠰᠢ          

ᠶᠤᠮ᠃ ᠭᠡᠪᠡᠴᠦ ᠮᠠᠨ ᠤ ᠪᠠᠭᠰᠢ ᠰᠤᠷᠤᠭᠴᠢ ᠮᠣᠩᠭᠤᠯ ᠬᠡᠯᠡᠨ ᠵᠦᠢ ᠶᠢᠨ ᠮᠡᠳᠡᠯᠭᠡ ᠶᠢ ᠲᠡᠳᠦᠢ ᠰᠠᠶᠢᠨ ᠰᠤᠷᠤᠭᠰᠠᠨ

ᠦᠭᠡᠢ ᠪᠤᠶᠤ ᠰᠤᠷᠤᠭᠰᠠᠨ ᠮᠡᠳᠡᠯᠭᠡ ᠪᠠᠨ ᠲᠡᠳᠦᠢ ᠰᠠᠶᠢᠬᠠᠨ ᠠᠮᠢᠳᠤᠯᠢᠭ ᠬᠡᠷᠡᠭᠯᠡᠵᠦ ᠴᠢᠳᠠᠬᠤ ᠦᠭᠡᠢ ᠠᠴᠠ ᠪᠣᠯᠵᠤ

ᠶᠡᠷᠦ ᠨᠢ ᠪᠤᠷᠤᠭᠤ ᠰᠠᠯᠭᠠᠵᠤ᠂ ᠬᠤᠪᠢ ᠠᠯᠳᠠᠳᠠᠭ ᠪᠠᠶᠢᠨ᠎ᠠ᠃ ᠮᠣᠩᠭᠤᠯ ᠬᠡᠯᠡᠨ ᠤ ᠦᠭᠡᠰ ᠢ ᠦᠰᠦᠭ ᠢᠶᠠᠷ

ᠰᠠᠯᠭᠠᠬᠤ ᠳᠤ ᠳᠣᠣᠷᠠᠬᠢ ᠬᠡᠳᠦᠨ ᠵᠦᠢᠯ ᠢ ᠠᠩᠬᠠᠷᠬᠤ ᠴᠢᠬᠤᠯᠠᠲᠠᠢ᠃

      ᠨᠢᠭᠡ᠂ ᠦᠭᠡ ᠶᠢᠨ ᠡᠬᠢᠨ ᠳᠤ ᠣᠷᠣᠭᠰᠠᠨ ᠡᠭᠡᠰᠢᠭ ᠢ ᠰᠠᠯᠭᠠᠬᠤ ᠦᠭᠡᠢ᠃ ᠵᠢᠱᠢᠶᠡᠯᠡᠪᠡᠯ᠂ ︽ᠠᠪᠤ᠂          

ᠡᠵᠢ᠂ ᠢᠷ᠎ᠡ᠂ ᠣᠴᠢ᠂ ᠤᠴᠢᠷ᠂ ᠥᠨᠥ᠂ ᠦᠷ᠎ᠡ︾ ᠭᠡᠬᠦ ᠦᠭᠡᠨ ᠳᠠᠬᠢ ᠦᠭᠡ ᠶᠢᠨ ᠡᠬᠢᠨ ᠳᠤ ᠣᠷᠣᠭᠰᠠᠨ          

︽ᠠ᠊᠂ ᠡ᠊᠂ ᠢ᠊᠂ ᠣ᠊᠂ ᠣ᠊᠂ ᠦ᠊᠂ ᠦ᠊︾ ᠵᠡᠷᠭᠡ ᠳᠠᠩ ᠡᠭᠡᠰᠢᠭ ᠢ ᠰᠠᠯᠭᠠᠳᠠᠭ ᠦᠭᠡᠢ᠃ ᠭᠡᠲᠡᠯ᠎ᠡ

ᠦᠭᠡ ᠶᠢᠨ ᠡᠬᠢᠨ᠂ ᠳᠤᠮᠳᠠ ᠪᠤᠶᠤ ᠠᠳᠠᠭ ᠲᠤ ᠣᠷᠣᠭᠰᠠᠨ ᠳᠠᠪᠬᠤᠷ ᠡᠭᠡᠰᠢᠭ ᠪᠤᠶᠤ ᠬᠤᠣᠰ ᠡᠭᠡᠰᠢᠭ ᠢ          

ᠬᠠᠷᠢᠨ ᠰᠠᠯᠭᠠᠳᠠᠭ ᠶᠤᠮ᠃ ᠵᠢᠱᠢᠶᠡᠯᠡᠪᠡᠯ᠂ ︽ᠠᠶᠢᠯ — ᠠ᠊ ᠵᠢ᠊ ‍ᠯ︾᠂ ︽ᠲ᠊ ‍ᠤᠤ᠋  ‍ᠯᠠ — ᠲ᠊  ‍ᠤ᠊ ‍ᠤ᠊ ‍ᠯ᠊

‍ᠠ︾᠂ ︽ᠭᠠᠷᠤᠢ — ᠭ᠊ ‍ᠠ᠊ ᠷ᠊ ‍ᠤ᠊ ᠢ︾ ᠭᠡᠵᠤ ᠲᠣᠰ ᠲᠣᠰ ᠲᠤ ᠪᠠᠨ ᠰᠠᠯᠳᠠᠭ ᠪᠠᠶᠢᠨ᠎ᠠ᠃

      ᠬᠤᠶᠠᠷ᠂ ᠳᠡᠪᠢᠰᠬᠡᠷ ᠦᠰᠦᠭ ᠢ ᠰᠠᠯᠭᠠᠳᠠᠭ ᠦᠭᠡᠢ᠃ ᠶᠡᠷᠦ ᠨᠢ ᠦᠭᠡ ᠶᠢ ᠦᠰᠦᠭ ᠢᠶᠠᠷ ᠰᠠᠯᠭᠠᠬᠤ ᠳᠤ

ᠦᠭᠡ ᠶᠢᠨ ᠳᠤᠮᠳᠠ ᠪᠤᠶᠤ ᠠᠳᠠᠭ ᠲᠤ ᠣᠷᠣᠭᠰᠠᠨ ᠳᠡᠪᠢᠰᠬᠡᠷ ᠦᠰᠦᠭ ᠢ ᠠᠯᠢ ᠶᠢ ᠨᠢ ᠴᠦ ᠰᠠᠯᠭᠠᠳᠠᠭ ᠦᠭᠡᠢ          

ᠶᠤᠮ᠃ ᠵᠢᠱᠢᠶᠡᠯᠡᠪᠡᠯ᠂ ︽ᠠ᠊ᠡᠭ᠊ᠴᠢᠨ — ᠠ᠊ ᠩ᠊ ᠴ᠊ ᠢ᠊ ‍ᠨ︾᠂ ︽ᠮᠥᠳᠳᠥ — ᠮ᠊ ‍ᠥ᠋᠊ ‍ᠳ᠊ ᠳ᠋᠊          

 ᠤ︾᠂ ︽ᠰᠠᠩ — ᠰ᠊ ‍ᠠ᠊ ‍ᠩ︾᠂ ︽ᠠᠷᠠᠳ — ᠠ᠊ ᠷ᠊ ‍ᠠ᠊ ᠤᠨ︾ ᠭᠡᠬᠦ ᠮᠡᠲᠦ ᠶᠢᠨ ᠳᠤᠮᠳᠠ ᠣᠷᠣᠬᠤ          

︽‍ᠳ᠊᠂ ᠩ᠊︾ ᠪᠠ ᠠᠳᠠᠭ ᠲᠤ ᠣᠷᠣᠬᠤ ︽ ᠤᠨ᠂ ‍ᠩ︾ ᠵᠡᠷᠭᠡ ᠳᠡᠪᠢᠰᠬᠡᠷ ᠦᠰᠦᠭ ᠢ ᠰᠠᠯᠭᠠᠵᠤ ᠪᠣᠯᠳᠠᠭ ᠦᠭᠡᠢ

ᠶᠤᠮ᠃

      ᠭᠤᠷᠪᠠ᠂ ᠦᠭᠡ ᠶᠢᠨ ᠤᠳᠬ᠎ᠠ ᠢᠯᠭᠠᠳᠠᠭ ᠵᠢᠭᠢᠷᠢᠭ ᠳᠦᠷᠰᠦ ᠶᠢ ᠨᠡᠶᠢᠯᠡᠭᠦᠯᠵᠦ ᠪᠢᠴᠢᠬᠦ ᠳᠤ ᠨᠡᠮᠡᠨ

ᠪᠢᠴᠢᠵᠦ᠂ ᠦᠰᠦᠭ ᠢᠶᠠᠷ ᠰᠠᠯᠭᠠᠬᠤ ᠳᠤ ᠣᠷᠬᠢᠵᠤ ᠪᠢᠴᠢᠳᠡᠭ᠃ ᠵᠢᠱᠢᠶᠡᠯᠡᠪᠡᠯ᠂ ︽ᠬᠢᠪᠡ — ᠊ᠭ᠊ ᠵ᠊ ᠪ᠊          

᠎ᠡ︾ ᠭᠡᠵᠤ ︽ᠪᠠ︾ ᠶᠢᠨ ᠠᠴᠤᠭ ︽‍ᠠ᠊︾ ᠢ ᠨᠡᠶᠢᠯᠡᠭᠦᠯᠵᠦ ᠪᠢᠴᠢᠬᠦ ᠦᠶᠡᠰ ᠨᠡᠮᠡᠨ ᠪᠢᠴᠢᠵᠦ᠂ ᠠᠪᠢᠶ᠎ᠠ ᠦᠰᠦᠭ

 ᠢᠶᠠᠷ ᠰᠠᠯᠭᠠᠬᠤ ᠳᠤ ᠶᠡᠷᠦ ᠪᠢᠴᠢᠳᠡᠭ ᠦᠭᠡᠢ ᠣᠷᠬᠢᠳᠠᠭ ᠪᠠᠶᠢᠨ᠎ᠠ᠃ ᠡ᠊ᠨᠳᠡ ᠨᠡᠮᠡᠭᠳᠡᠵᠦ ᠪᠢᠴᠢᠭᠳᠡᠵᠦ ᠪᠠᠶᠢᠭ᠎ᠠ          

︽‍ᠠ᠊︾ ᠡᠭᠡᠰᠢᠭ ︵ᠠᠴᠤᠭ︾ ᠨᠢ ᠵᠥᠪᠬᠡᠨ ᠦᠭᠡ ᠶᠢᠨ ᠠᠳᠠᠭ ᠲᠤ ᠣᠷᠣᠬᠤ ︽‍ᠭ︾ ᠳᠡᠪᠢᠰᠬᠡᠷ ᠦᠰᠦᠭ ᠠᠴᠠ

ᠤᠳᠬ᠎ᠠ ᠢᠯᠭᠠᠨ ᠬᠡᠷᠡᠭᠯᠡᠵᠦ ᠪᠠᠶᠢᠭ᠎ᠠ ᠤᠴᠢᠷ ᠪᠣᠯᠬᠤ ᠶᠤᠮ᠃ ᠨᠥᠭᠦᠭᠡᠳᠡᠬᠢ ᠨᠢ ︽ᠬᠤᠸᠠᠷ — ᠬ᠊ ‍ᠤ᠊ ‍ᠠ᠊          

‍ᠷ︾ ᠭᠡᠵᠤ ᠦᠭᠡ ᠶᠢᠨ ᠳᠤᠮᠳᠠ ᠣᠷᠣᠬᠤ ︽‍ᠤ᠊︾ ᠪᠣᠯᠣᠨ ︽‍ᠠ᠊︾ ᠶᠢᠨ ᠬᠤᠣᠰ ᠡᠭᠡᠰᠢᠭ ᠢ ᠳᠤᠮᠳᠠ ᠣᠷᠣᠬᠤ          

︽‍ᠳ᠊︾ ᠳᠡᠪᠢᠰᠬᠡᠷ ᠦᠰᠦᠭ ᠠᠴᠠ᠂ ︽ᠬᠤᠸᠠ — ᠬ᠊ ‍ᠤ᠊ ‍ᠠ︾ ᠭᠡᠵᠤ ᠦᠭᠡ ᠶᠢᠨ ᠠᠳᠠᠭ ᠲᠤ ᠣᠷᠣᠬᠤ         

︽‍ᠤ᠊︾ ᠪᠣᠯᠣᠨ ︽‍ᠠ︾ ᠶᠢᠨ ᠬᠤᠣᠰ ᠡᠭᠡᠰᠢᠭ ᠢ ᠠᠳᠠᠭ ᠲᠤ ᠣᠷᠣᠬᠤ ︽ ᠤᠨ︾ ᠳᠡᠪᠢᠰᠬᠡᠷ ᠦᠰᠦᠭ ᠠᠴᠠ

ᠳᠦᠷᠰᠦ ᠢᠯᠭᠠᠬᠤ ᠶᠢᠨ ᠲᠥᠯᠥᠭᠡ ᠬᠤᠭᠤᠷᠣᠨᠳᠤ ᠨᠢ ᠵᠢᠭᠢᠷᠢᠭ ᠳᠦᠷᠰᠦ ︽ᠸ᠊︾ ᠶᠢ ᠨᠡᠮᠡᠨ ᠪᠢᠴᠢᠵᠦ ᠢᠯᠭᠠᠳᠠᠭ

ᠪᠠᠶᠢᠨ᠎ᠠ᠃ ᠬᠠᠷᠢᠨ ᠡᠭᠦᠨ ᠢ ᠶᠠᠭᠠᠬᠢᠭᠰᠠᠨ ᠴᠦ ︽ᠬᠤᠸᠠᠷ — ᠬᠤ ᠸᠠᠷ︾᠂ ︽ᠬᠤᠸᠠ — ᠬᠤ          

ᠸᠠ︾ ᠭᠡᠵᠤ ᠦᠶ᠎ᠡ ᠪᠠᠷ ᠰᠠᠯᠳᠠᠭ ᠭᠡᠵᠤ ︽ᠸ᠊︾ ᠭᠡᠶᠢᠭᠦᠯᠦᠭᠴᠢ ᠲᠠᠢ ᠦᠰᠦᠭ ᠭᠡᠵᠤ ᠠᠨᠳᠠᠭᠤᠷᠠᠨ ᠵᠢᠭᠠᠵᠤ

ᠪᠣᠯᠳᠠᠭ ᠦᠭᠡᠢ ᠶᠤᠮ᠃ ᠢᠩᠭᠢᠵᠦ ᠦᠵᠡᠪᠡᠯ ︽ᠬᠤᠸᠠᠷ᠂ ᠬᠤᠸᠠ︾ ᠭᠡᠰᠡᠨ ᠬᠤᠶᠠᠷ ᠦᠭᠡ ᠶᠡᠷᠦ ᠦᠶ᠎ᠡ ᠪᠠᠷ

ᠰᠠᠯᠳᠠᠭ ᠦᠭᠡᠢ ᠭᠠᠭᠴᠠ ᠦᠶᠡᠲᠦ ᠬᠤᠣᠰ ᠡᠭᠡᠰᠢᠭ ᠲᠠᠢ ᠦᠭᠡ ᠪᠣᠯᠬᠤ ᠶᠤᠮ᠃

       ᠳᠥᠷᠪᠡ᠂ ᠳᠤᠰᠤᠯ ᠰᠡᠷᠭᠦᠭᠡᠵᠦ ᠪᠢᠴᠢᠬᠦ ᠲᠤᠬᠠᠢ᠂ ᠳᠠᠷᠤᠢ ︽ᠵᠢ᠊ ︵ᠢ᠊︶᠂ ᠢ︾ ᠡᠭᠡᠰᠢᠭ ᠤᠨ ᠡᠮᠦᠨ᠎ᠡ

ᠪᠢᠴᠢᠭᠳᠡᠬᠦ ︽ᠱ᠊︾ ᠭᠡᠶᠢᠭᠦᠯᠦᠭᠴᠢ ᠶᠢᠨ ᠳᠤᠰᠤᠯ ᠪᠣᠯᠣᠨ ︽ᠰ᠊᠂ ‍ᠳ᠊︾ ᠳᠡᠪᠢᠰᠬᠡᠷ ᠦᠰᠦᠭ ᠤᠨ ᠳᠠᠷᠠᠭ᠎ᠠ

ᠣᠷᠣᠭᠰᠠᠨ ︽‍ᠭᠠ᠊︾ ᠶᠢᠨ ᠳᠤᠰᠤᠯ ᠢ ᠨᠡᠶᠢᠯᠡᠭᠦᠯᠵᠦ ᠪᠢᠴᠢᠭᠰᠡᠭᠡᠷ ᠳᠤᠰᠤᠯ ᠢ ᠨᠢ ᠣᠷᠬᠢᠵᠤ᠂ ᠰᠠᠯᠭᠠᠵᠤ ᠪᠢᠴᠢᠭᠰᠡᠭᠡᠷ

ᠳᠤᠰᠤᠯ ᠢ ᠨᠢ ᠰᠡᠷᠭᠦᠭᠡᠵᠦ ᠪᠢᠴᠢᠳᠡᠭ ᠪᠠᠶᠢᠨ᠎ᠠ᠃ ᠵᠢᠱᠢᠶᠡᠯᠡᠪᠡᠯ᠂ ︽ᠰᠢᠳᠦ — ᠱ᠊ ᠢ᠊ ᠳ᠋᠊ ᠤ︾᠂ ︽ᠳᠠᠰᠬᠠ᠊ 

‍ᠯ — ᠲ᠊  ‍ᠠ᠊ ᠰ᠊ ‍ᠭᠠ᠊ ‍ᠯ︾᠂ ︽ᠳᠠᠳᠬᠠᠯ — ᠲ᠊ ‍ᠠ᠊ ‍ᠳ᠊ ᠬ᠋᠊ ‍ᠠ᠊ ‍ᠯ︾ ᠭᠡᠬᠦ ᠮᠡᠲᠦ᠃

      ᠡ᠊ᠨᠳᠡ ᠪᠢᠳᠠ ︽ᠰ᠊︾ ᠭᠡᠶᠢᠭᠦᠯᠦᠭᠴᠢ ᠨᠢ ᠮᠣᠩᠭᠤᠯ ᠬᠡᠯᠡᠨ ᠳᠤ ᠬᠡᠵᠢᠶᠡᠳᠡ ︽ᠢ᠊︾ ᠡᠭᠡᠰᠢᠭ ᠤᠨ ᠡᠮᠦᠨ᠎ᠡ

ᠪᠢᠴᠢᠭᠳᠡᠳᠡᠭ ᠦᠭᠡᠢ ᠶᠣᠰᠣ ᠶᠢ ᠪᠠᠲᠤ ᠴᠡᠭᠡᠵᠢᠯᠡᠵᠦ᠂ ᠡᠨᠡ ᠰᠠᠭᠤᠷᠢᠨ ᠳᠡᠭᠡᠷ᠎ᠡ ᠮᠣᠩᠭᠤᠯ ᠬᠡᠯᠡᠨ ᠳᠠᠬᠢ          

︽ᠢ᠊︾ ᠡᠭᠡᠰᠢᠭ ᠤᠨ ᠡᠮᠦᠨ᠎ᠡ ᠳᠤᠰᠤᠯ ᠦᠭᠡᠢ ᠪᠠᠷ ᠪᠢᠴᠢᠭᠳᠡᠵᠦ ︽ᠰᠢ᠊᠂ ᠰᠢ︾ ᠳᠦᠷᠰᠦ ᠨᠢ ᠪᠦᠷ          

︽ᠱ᠊︾ ᠭᠡᠶᠢᠭᠦᠯᠦᠭᠴᠢ ᠨᠢ ︽ᠢ᠊︾ ᠡᠭᠡᠰᠢᠭ ᠤᠨ ᠡᠮᠦᠨ᠎ᠡ ᠣᠷᠣᠬᠤ ︵ᠪᠢᠴᠢᠭᠳᠡᠬᠦ︶ ᠳᠤ ᠪᠠᠨ ᠳᠤᠰᠤᠯ ᠢᠶᠠᠨ

ᠣᠷᠬᠢᠵᠤ ᠪᠢᠴᠢᠭᠳᠡᠳᠡᠭ ᠭᠡᠰᠡᠨ ᠶᠣᠰᠣ ᠶᠢ ᠴᠦ ᠲᠣᠳᠣᠷᠬᠠᠢ ᠮᠡᠳᠡᠬᠦ ᠬᠡᠷᠡᠭᠲᠡᠢ᠃ ᠵᠢᠱᠢᠶᠡᠯᠡᠪᠡᠯ᠂ ︽ᠪᠢᠰᠢ᠂ ᠪᠠᠭᠰᠢ᠂

ᠪᠢᠰᠢᠷᠡᠬᠦ᠂ ᠰᠢᠢᠳᠪᠦᠷᠢ︾ ᠭᠡᠬᠦ ᠮᠡᠲᠦ ᠶᠢᠨ ᠪᠦᠷ ᠦᠭᠡ ᠶᠢᠨ ︽ᠱ᠊︾ ᠭᠡᠶᠢᠭᠦᠯᠦᠭᠴᠢ ᠨᠢ ︽ᠢ᠊︾ ᠡᠭᠡᠰᠢᠭ ᠤᠨ

ᠡᠮᠦᠨ᠎ᠡ ᠣᠷᠣᠬᠤ ︵ᠪᠢᠴᠢᠭᠳᠡᠬᠦ︶ ᠳᠤ ᠪᠠᠨ ᠳᠤᠰᠤᠯ ᠢᠶᠠᠨ ᠣᠷᠬᠢᠵᠤ ᠪᠢᠴᠢᠭᠳᠡᠳᠡᠭ ᠪᠠᠶᠢᠨ᠎ᠠ᠃ ᠡ᠊ᠨᠳᠡ ᠮᠣᠩᠭᠤᠯ

ᠬᠡᠯᠡᠨ ᠳᠤ ︽ᠱᠢ︾ ᠳᠦᠷᠰᠦ ᠪᠠᠷ ᠪᠢᠴᠢᠭᠳᠡᠬᠦ ᠦᠭᠡ ᠭᠡᠪᠡᠯ ︽ᠵᠢᠱᠢᠶ᠎ᠡ᠂ ᠱᠢᠷᠦ︾ ᠭᠡᠬᠦ ︽ᠵᠢᠰᠢᠶ᠎ᠡ︾ ᠠᠴᠠ

ᠳᠦᠷᠰᠦ ᠢᠯᠭᠠᠭᠰᠠᠨ ︽ᠵᠢᠱᠢᠶ᠎ᠡ︾ ᠪᠣᠯᠣᠨ ᠲᠣᠭᠲᠠᠭᠰᠠᠨ ᠪᠢᠴᠢᠯᠭᠡ ᠲᠠᠢ ︽ᠱᠢᠷᠦ︾ ᠭᠡᠬᠦ ᠬᠤᠶᠠᠷᠬᠠᠨ ᠣᠨᠴᠠᠭᠠᠢ

ᠦᠭᠡ ᠪᠠᠶᠢᠳᠠᠭ ᠢ ᠴᠦ ᠳᠤᠷᠠᠳᠤᠭᠤᠰᠢᠲᠠᠢ ᠪᠠᠶᠢᠨ᠎ᠠ᠃ ᠢᠩᠭᠢᠵᠦ ᠬᠡᠯᠡᠭᠰᠡᠭᠡᠷ ᠯᠡ ᠮᠣᠩᠭᠤᠯ ᠦᠭᠡᠨ ᠤ ᠴᠠᠭᠠᠨ

ᠲᠣᠯᠣᠭᠠᠢ ᠳᠤ ᠦᠨᠡᠨ ᠳᠤ ᠪᠠᠨ ︽ᠰᠠ᠂ ᠰᠡ᠂ ᠰᠢ᠂ ᠰᠤ᠂ ᠰᠤ᠂ ᠰᠦ᠂ ᠰᠦ︾ ᠳᠠᠬᠢ ︽ᠰᠢ︾ ᠳᠦᠷᠰᠦ

ᠪᠠᠶᠢᠳᠠᠭ ᠦᠭᠡᠢ᠃ ᠬᠠᠷᠢᠨ ᠡᠨᠡ ︽ᠰᠢ︾ ᠳᠦᠷᠰᠦ ᠨᠢ ᠦᠨᠡᠨ ᠳᠤ ᠪᠠᠨ ︽ᠱᠠ︾ ᠶᠢᠨ ᠠᠶᠢᠮᠠᠭ ᠤᠨ          

︽ᠰᠢ︾ ᠳᠦᠷᠰᠦ ᠪᠠᠶᠢᠵᠤ᠂ ︽ᠱᠠ︾ ᠶᠢᠨ ᠠᠶᠢᠮᠠᠭ ᠤᠨ ︽ᠱᠢ︾ ᠳᠦᠷᠰᠦ ᠨᠢ ᠦᠨᠡᠨ ᠳᠤ ᠪᠠᠨ ᠬᠢᠲᠠᠳ

ᠬᠡᠯᠡᠨ ᠳᠠᠬᠢ ︽ᡁᠢ᠂ ‍ᠣᠣᠢ᠂ ᠱᠢ᠂ ᠡᠯ︾ ᠶᠢᠨ ︽ᠱᠢ︾ ︵石︶ ᠶᠢ ᠲᠡᠮᠳᠡᠭᠯᠡᠳᠡᠭ ᠪᠢᠴᠢᠯᠭᠡ ᠪᠣᠯᠬᠤ ᠶᠤᠮ᠃

      ᠨᠥᠭᠦᠭᠡ ᠨᠢᠭᠡ ᠨᠢ ᠳᠠᠷᠤᠢ ︽ᠰ᠊᠂ ‍ᠳ᠊︾ ᠳᠡᠪᠢᠰᠬᠡᠷ ᠦᠰᠦᠭ ᠤᠨ ᠳᠠᠷᠠᠭ᠎ᠠ ᠣᠷᠣᠭᠰᠠᠨ ︽‍ᠭᠠ᠊︾ ᠶᠢᠨ

ᠳᠤᠰᠤᠯ ᠢ ᠨᠡᠶᠢᠯᠡᠭᠦᠯᠵᠦ ᠪᠢᠴᠢᠭᠰᠡᠭᠡᠷ ᠳᠤᠰᠤᠯ ᠢ ᠨᠢ ᠣᠷᠬᠢᠵᠤ᠂ ᠰᠠᠯᠭᠠᠵᠤ ᠪᠢᠴᠢᠭᠰᠡᠭᠡᠷ ᠳᠤᠰᠤᠯ ᠢ ᠨᠢ ᠰᠡᠷᠭᠦᠭᠡᠵᠦ

ᠪᠢᠴᠢᠳᠡᠭ ᠪᠠᠶᠢᠨ᠎ᠠ᠃ ︽ᠬᠤᠪᠢᠰᠬᠠᠯ᠂ ᠤᠷᠤᠰᠬᠠᠯ᠂ ᠠᠳᠬᠠᠭ᠂ ᠳᠤᠷᠠᠰᠬᠠᠯ᠂ ᠳᠤᠷᠠᠳᠬᠠᠯ᠂ ᠠᠳᠬᠤ᠂ ᠴᠠᠳᠬ᠎ᠠ᠂

ᠠᠳᠠᠰᠬ᠎ᠠ᠂ ᠲᠤᠷᠠᠰᠬ᠎ᠠ︾ ᠭᠡᠬᠦ ᠮᠡᠲᠦ ᠶᠢᠨ ᠦᠭᠡᠨ ᠳᠠᠬᠢ ︽ᠰ᠊᠂ ‍ᠳ᠊︾ ᠳᠡᠪᠢᠰᠬᠡᠷ ᠦᠰᠦᠭ ᠤᠨ ᠳᠠᠷᠠᠭ᠎ᠠ

ᠣᠷᠣᠭᠰᠠᠨ ︽‍ᠭᠠ᠊︾ ᠶᠢᠨ ᠳᠤᠰᠤᠯ ᠢ ᠪᠦᠬᠦᠯᠢ ᠦᠰᠦᠭ ᠢᠶᠠᠷ ᠪᠢᠴᠢᠬᠦ ᠳᠤ ᠨᠢ ᠣᠷᠬᠢᠵᠤ᠂ ᠦᠶ᠎ᠡ ᠪᠠᠷ ᠰᠠᠯᠭᠠᠬᠤ

ᠪᠤᠶᠤ ᠦᠰᠦᠭ ᠢᠶᠠᠷ ᠰᠠᠯᠭᠠᠬᠤ ᠳᠤ ᠰᠡᠷᠭᠦᠭᠡᠵᠦ ᠪᠢᠴᠢᠬᠦ ᠬᠡᠷᠡᠭᠲᠡᠢ᠃

      ᠲᠠᠪᠤ᠂ ᠦᠭᠡ ᠶᠢᠨ ᠳᠤᠮᠳᠠ ᠣᠷᠣᠬᠤ ︽ᠢ᠊︾ ᠶᠢᠨ ᠳᠠᠪᠬᠤᠷ ᠰᠢᠯᠪᠢ ᠲᠠᠢ ᠪᠣᠯᠣᠨ ᠳᠠᠩ ᠰᠢᠯᠪᠢ ᠲᠠᠢ

ᠳᠦᠷᠰᠦ ᠶᠢ ᠵᠥᠪ ᠰᠠᠯᠭᠠᠬᠤ ᠭᠡᠷᠡᠭᠳᠠᠢ᠃ ᠮᠣᠩᠭᠤᠯ ᠬᠡᠯᠡᠨ ᠤ ︽ᠢ︾ ᠡᠭᠡᠰᠢᠭ ᠨᠢ ᠦᠭᠡ ᠶᠢᠨ ᠳᠤᠮᠳᠠ ᠳᠠᠪᠬᠤᠷ

ᠰᠢᠯᠪᠢ ᠲᠠᠢ ︽ᠵᠢ᠊︾ ᠪᠣᠯᠣᠨ ᠳᠠᠩ ᠰᠢᠯᠪᠢ ᠲᠠᠢ ︽ᠢ᠊︾ ᠳᠦᠷᠰᠦ ᠪᠠᠷ ᠪᠢᠴᠢᠭᠳᠡᠵᠦ ᠲᠣᠰ ᠲᠣᠰ ᠤᠨ ᠢᠶᠠᠨ

ᠬᠡᠷᠡᠭᠯᠡᠭᠡ ᠲᠠᠢ ᠪᠠᠶᠢᠳᠠᠭ᠃ ᠳᠠᠷᠤᠢ ᠳᠠᠪᠬᠤᠷ ᠰᠢᠯᠪᠢ ᠲᠠᠢ ︽ᠵᠢ᠊︾ ᠶᠢ ᠭᠡᠶᠢᠭᠦᠯᠦᠭᠴᠢ ᠪᠣᠯᠣᠨ ᠰᠢᠯᠪᠢ ᠦᠭᠡᠢ

ᠡᠭᠡᠰᠢᠭ ︵ᠳᠠᠷᠤᠢ ᠠᠴᠤᠭ ᠪᠤᠶᠤ ᠭᠡᠳᠡᠰᠦ ᠲᠠᠢ ᠪᠢᠴᠢᠭᠳᠡᠳᠡᠭ ᠡᠭᠡᠰᠢᠭ︶ ︽ᠠ᠊᠂ ᠡ᠊᠂ ᠣ᠊᠂ ᠣ︾᠂ ᠳᠤᠮᠳᠠ

ᠣᠷᠣᠬᠤ ᠰᠢᠯᠪᠢᠲᠦ ᠡᠭᠡᠰᠢᠭ ︽ᠦ᠊︾ ᠶᠢᠨ ᠰᠢᠯᠪᠢ ᠦᠭᠡᠢ ᠪᠢᠴᠢᠭᠳᠡᠬᠦ ᠳᠦᠷᠰᠦ ︽‍ᠦ᠊︾ ᠶᠢᠨ ᠳᠠᠷᠠᠭ᠎ᠠ

ᠬᠡᠷᠡᠭᠯᠡᠵᠦ᠂ ᠳᠠᠩ ᠰᠢᠯᠪᠢ ᠲᠠᠢ ︽ᠢ᠊︾ ᠳᠦᠷᠰᠦ ᠶᠢ ᠰᠢᠯᠪᠢᠲᠦ ᠡᠭᠡᠰᠢᠭ ︵ᠳᠠᠷᠤᠢ ᠰᠢᠯᠪᠢ ᠲᠠᠢ ᠪᠢᠴᠢᠭᠳᠡᠳᠡᠭ

ᠡᠭᠡᠰᠢᠭ︶ ︽ᠢ᠊᠂ ᠦ᠊᠂ ᠦ᠊︾ ᠶᠢᠨ ᠳᠠᠷᠠᠭ᠎ᠠ ᠲᠣᠰ ᠲᠣᠰ ᠢᠯᠭᠠᠵᠤ ᠬᠡᠷᠡᠭᠯᠡᠳᠡᠭ᠃ ᠵᠢᠱᠢᠶᠡᠯᠡᠪᠡᠯ᠂          

︽ᠠᠶᠢᠯ︾ ᠭᠡᠵᠤ ︽ᠠ᠊︾ ᠭᠡᠬᠦ ᠰᠢᠯᠪᠢ ᠦᠭᠡᠢ ︵ᠠᠴᠤᠭ ᠲᠠᠢ︶ ᠡᠭᠡᠰᠢᠭ ᠤᠨ ᠳᠠᠷᠠᠭ᠎ᠠ ᠳᠤᠮᠳᠠ ᠣᠷᠣᠬᠤ

ᠳᠠᠪᠬᠤᠷ ᠰᠢᠯᠪᠢ ᠲᠠᠢ ︽ᠵᠢ᠊︾ ᠡᠭᠡᠰᠢᠭ ᠢ ᠬᠡᠷᠡᠭᠯᠡᠵᠦ᠂ ︽ᠭᠦᠳᠦ᠋ᠢᠬᠦ︾ ᠭᠡᠵᠤ ᠦᠭᠡ ᠶᠢᠨ ᠳᠤᠮᠳᠠ ᠣᠷᠣᠬᠤ

︽ ᠳᠤ︾ ᠶᠢᠨ ︽ᠦ᠊︾ ᠰᠢᠯᠪᠢᠲᠦ ᠡᠭᠡᠰᠢᠭ ︵ᠰᠢᠯᠪᠢ ᠦᠭᠡᠢ ᠭᠡᠳᠡᠰᠦ ᠲᠠᠢ ᠳᠦᠷᠰᠦ︶ ᠤᠨ ᠳᠠᠷᠠᠭ᠎ᠠ ᠳᠤᠮᠳᠠ

ᠣᠷᠣᠬᠤ ᠳᠠᠪᠬᠤᠷ ᠰᠢᠯᠪᠢ ᠲᠠᠢ ︽ᠵᠢ᠊︾ ᠡᠭᠡᠰᠢᠭ ᠢ ᠬᠡᠷᠡᠭᠯᠡᠵᠦ᠂ ︽ᠨᠢᠳᠦ︾ ᠭᠡᠵᠤ ︽ᠨ᠊︾ ᠭᠡᠶᠢᠭᠦᠯᠦᠭᠴᠢ ᠶᠢᠨ

ᠳᠠᠷᠠᠭ᠎ᠠ ᠦᠭᠡ ᠶᠢᠨ ᠳᠤᠮᠳᠠ ᠣᠷᠣᠬᠤ ᠳᠠᠩ ᠰᠢᠯᠪᠢ ᠲᠠᠢ ︽ᠢ᠊︾ ᠶᠢ ᠬᠡᠷᠡᠭᠯᠡᠨ ︽ᠨᠢ᠊︾ ᠦᠶ᠎ᠡ ᠶᠢ ᠪᠦᠲᠦᠭᠡᠵᠦ᠂

︽ᠦᠢᠯᠡ︾᠂ ︽ᠰᠢᠢᠳᠬᠦ︾ ᠭᠡᠵᠤ ᠰᠢᠯᠪᠢᠲᠦ ᠡᠭᠡᠰᠢᠭ ᠲᠠᠢ ︽ᠦ᠊︾᠂ ︽ᠰᠢ᠊︾ ᠶᠢᠨ ᠳᠠᠷᠠᠭ᠎ᠠ ᠳᠠᠩ

ᠰᠢᠯᠪᠢ ᠲᠠᠢ ︽ᠢ᠊︾ ᠶᠢ ᠬᠡᠷᠡᠭᠯᠡᠨ᠎ᠡ᠃ ᠡ᠊ᠨᠳᠡ ᠪᠢᠳᠠ ︽ᠰᠢᠢᠳᠬᠦ︾ ᠭᠡᠬᠦ ᠦᠭᠡ ᠶᠢᠨ ︽ᠰᠢᠢ᠊︾ ᠭᠡᠰᠡᠨ

ᠪᠢᠴᠢᠯᠭᠡ ᠨᠢ ︽ᠰᠢ᠊︾ ᠶᠢᠨ ᠳᠠᠷᠠᠭ᠎ᠠ ᠳᠠᠪᠬᠤᠷ ᠰᠢᠯᠪᠢ ᠲᠠᠢ ︽ᠵᠢ᠊︾ ᠶᠢ ᠬᠡᠷᠡᠭᠯᠡᠵᠦ ᠨᠡᠶᠢᠯᠡᠭᠦᠯᠵᠦ ᠪᠢᠴᠢᠭᠰᠡᠭᠡᠷ

ᠨᠢᠭᠡ ᠰᠢᠯᠪᠢ ᠨᠢ ᠭᠡᠭᠡᠭᠳᠡᠨ᠎ᠡ ᠭᠡᠵᠤ ᠵᠢᠭᠠᠪᠠᠯ ᠪᠤᠷᠤᠭᠤᠳᠠᠬᠤ ᠶᠤᠮ᠃ ᠤᠴᠢᠷ ᠨᠢ ᠮᠣᠩᠭᠤᠯ ᠬᠡᠯᠡᠨ ᠳᠤ ᠲᠡᠶᠢᠮᠦ

ᠶᠣᠰᠣ ᠪᠠᠶᠢᠳᠠᠭ ᠦᠭᠡᠢ᠃

      ᠵᠢᠷᠭᠤᠭ᠎ᠠ᠂ ᠦᠭᠡ ᠶᠢᠨ ᠠᠳᠠᠭ ᠲᠤ ᠣᠷᠣᠳᠠᠭ ︽ᠠᠪᠠ᠂ ᠡᠬᠡ︾ ᠳᠠᠬᠢ ᠤᠷᠤᠭᠰᠢᠯᠠᠭ᠎ᠠ ︽ᠠ᠂          

ᠡ︾ ᠶᠢᠨ ︽‍ᠡ︾ ᠳᠦᠷᠰᠦ ᠪᠣᠯᠣᠨ ᠦᠭᠡ ᠶᠢᠨ ᠠᠳᠠᠭ ᠲᠤ ᠣᠷᠣᠳᠠᠭ ︽ᠬ᠋᠊︾ ᠶᠢᠨ ᠬᠥᠨᠳᠡᠢ ᠳᠡᠪᠢᠰᠬᠡᠷ

ᠳᠦᠷᠰᠦ ︽‍ᠭ︾ ᠢ ᠡ᠊ᠨᠳᠡᠭᠦᠷᠡᠬᠦ ᠠᠴᠠ ᠬᠢᠴᠢᠶᠡᠬᠦ ᠭᠡᠷᠡᠭᠳᠠᠢ᠃ ᠪᠣᠳᠠᠲᠠᠢ ᠦᠰᠦᠭ ᠢᠶᠠᠷ ᠰᠠᠯᠭᠠᠬᠤ ᠶᠠᠪᠤᠴᠠ ᠳᠤ

ᠮᠠᠨ ᠤ ᠰᠤᠷᠤᠭᠴᠢᠳ ︽ᠰᠠᠪᠠ᠂ ᠥᠭ︾ ᠮᠡᠲᠦ ᠶᠢᠨ ᠦᠭᠡ ᠶᠢᠨ ᠦᠭᠡ ᠶᠢᠨ ᠠᠳᠠᠭ ᠲᠤ ᠣᠷᠣᠬᠤ ︽ᠪᠠ︾ ᠶᠢᠨ

︽᠎ᠡ︾ ᠳᠦᠷᠰᠦ ᠪᠣᠯᠣᠨ ︽‍ᠭ︾ ᠳᠡᠪᠢᠰᠬᠡᠷ ᠦᠰᠦᠭ ᠲᠠᠢ ᠬᠤᠳᠬᠤᠨ ︽ᠰᠠᠪᠠ︾ ᠭᠡᠬᠦ ᠦᠭᠡ ᠶᠢ ︽ᠰ᠊ ‍ᠠ᠊ ᠪ᠊

‍ᠠ︾ ᠭᠡᠵᠤ ᠦᠭᠡ ᠶᠢᠨ ᠠᠳᠠᠭ ᠲᠤ ᠣᠷᠣᠳᠠᠭ ᠤᠷᠤᠭᠰᠢᠯᠠᠭ᠎ᠠ ︽᠎ᠡ︾ ᠶᠢ ︽‍ᠭ᠌︾ ᠭᠡᠵᠤ ᠠᠴᠤᠭ ᠲᠠᠢ

ᠪᠤᠷᠤᠭᠤ ᠪᠠᠷ ᠰᠠᠯᠭᠠᠳᠠᠭ᠃

      ᠳᠣᠯᠤᠭ᠎ᠠ᠂ ᠵᠠᠷᠢᠮ ᠵᠢᠭᠡᠯᠡᠭᠡ ᠦᠭᠡ ᠶᠢᠨ ᠡᠴᠦᠰ ᠲᠤ ᠪᠢᠴᠢᠭᠳᠡᠬᠦ ᠭᠡᠶᠢᠭᠦᠯᠦᠭᠴᠢ ᠶᠢᠨ ᠠᠳᠠᠭ ᠲᠤ ᠣᠷᠣᠬᠤ

ᠳᠦᠷᠰᠦ ᠶᠢᠨ ᠲᠤᠬᠠᠢ ᠡ᠊ᠨᠳᠡᠭᠦᠷᠡᠯ ᠢ ᠲᠡᠪᠴᠢᠬᠦ ᠭᠡᠷᠡᠭᠳᠠᠢ᠃ ᠵᠢᠱᠢᠶᠡᠯᠡᠪᠡᠯ᠂ ︽ ᠬᠢ︾ ᠭᠡᠬᠦ ᠦᠭᠡ ︵ᠦᠶ᠎ᠡ︶ ᠶᠢ

︽ᠭ᠊ ᠢ ︵ ᠢ︶︾ ᠭᠡᠵᠤ ︽ᠭᠡᠶᠢᠭᠦᠯᠦᠭᠴᠢ ᠡᠭᠡᠰᠢᠭ ᠢᠶᠠᠷ ᠪᠦᠲᠦᠭᠰᠡᠨ︾ ᠦᠶ᠎ᠡ ᠪᠠᠷ ᠰᠠᠯᠭᠠᠵᠤ ᠪᠣᠯᠳᠠᠭ          

ᠪᠣᠯᠪᠠᠴᠤ ︽ᠨᠣᠲ︾ ᠭᠡᠬᠦ ᠮᠡᠲᠦ ᠶᠢᠨ ᠦᠭᠡᠨ ᠤ ︽‍ᠲ︾ ᠢ ᠬᠠᠷᠢᠨ ᠲᠡᠭᠡᠵᠦ ᠰᠠᠯᠭᠠᠵᠤ ᠪᠣᠯᠳᠠᠭ ᠦᠭᠡᠢ          

ᠶᠤᠮ᠃ ᠤᠴᠢᠷ ᠨᠢ ᠲᠣᠰ ᠦᠶ᠎ᠡ ᠳᠤ ᠡᠭᠡᠰᠢᠭ ᠪᠠᠶᠢᠬᠤ ᠦᠭᠡᠢ᠂ ᠵᠢᠭᠡᠯᠡᠭᠡ ᠦᠭᠡᠨ ᠳᠤ ᠬᠡᠷᠡᠭᠯᠡᠳᠡᠭ ᠪᠡᠶ᠎ᠡ ᠪᠠᠨ

ᠳᠠᠭᠠᠭᠠᠵᠤ ᠪᠢᠴᠢᠭᠳᠡᠳᠡᠭ ᠭᠡᠶᠢᠭᠦᠯᠦᠭᠴᠢ ᠦᠰᠦᠭ ᠪᠠᠶᠢᠭ᠎ᠠ ᠶᠤᠮ᠃

      ᠨᠠᠢᠮᠠ᠂ ᠦᠭᠡ ᠶᠢᠨ ᠳᠤᠮᠳᠠ ᠪᠢᠴᠢᠭᠳᠡᠬᠦ ︽ᠸ᠊︾ ᠳᠦᠷᠰᠦ ᠶᠢᠨ ᠲᠤᠬᠠᠢ᠃ ᠮᠠᠨ ᠤ ᠮᠣᠩᠭᠤᠯ ᠬᠡᠯᠡᠨ ᠳᠤ

ᠦᠭᠡ ᠶᠢᠨ ᠳᠤᠮᠳᠠ ᠪᠢᠴᠢᠭᠳᠡᠬᠦ ︽ᠸ᠊︾ ᠳᠦᠷᠰᠦ ᠨᠢ ︽ᠡ︾ ᠡᠭᠡᠰᠢᠭ ᠤᠨ ᠦᠭᠡ ᠶᠢᠨ ᠳᠤᠮᠳᠠ ᠣᠷᠣᠬᠤ

ᠵᠢᠭᠡᠯᠡᠭᠡ ᠦᠭᠡᠨ ᠳᠤ ᠬᠡᠷᠡᠭᠯᠡᠬᠦ ︽ᠸ᠊︾ ᠳᠦᠷᠰᠦ᠂ ︽ᠸ᠊︾ ᠭᠡᠶᠢᠭᠦᠯᠦᠭᠴᠢ ᠶᠢᠨ ᠦᠭᠡ ᠶᠢᠨ ᠳᠤᠮᠳᠠ ᠣᠷᠣᠬᠤ          

︽ᠸ᠊︾ ᠳᠦᠷᠰᠦ ᠪᠣᠯᠣᠨ ᠳᠦᠷᠰᠦ ᠢᠯᠭᠠᠳᠠᠭ ᠵᠢᠭᠢᠷᠢᠭ ︽ᠸ᠊︾ ᠵᠡᠷᠭᠡ ᠭᠤᠷᠪᠠᠨ ᠵᠦᠢᠯ ᠤᠨ ᠬᠡᠷᠡᠭᠯᠡᠭᠡ ᠲᠠᠢ

ᠪᠠᠶᠢᠳᠠᠭ ᠶᠤᠮ᠃ ᠡᠭᠦᠨ ᠳᠤ ︽ᠡ︾ ᠡᠭᠡᠰᠢᠭ ᠤᠨ ᠦᠭᠡ ᠶᠢᠨ ᠳᠤᠮᠳᠠ ᠣᠷᠣᠬᠤ ᠵᠢᠭᠡᠯᠡᠭᠡ ᠦᠭᠡᠨ ᠳᠤ ᠬᠡᠷᠡᠭᠯᠡᠬᠦ

︽ᠸ᠊︾ ᠳᠦᠷᠰᠦ᠂ ︽ᠸ᠊︾ ᠭᠡᠶᠢᠭᠦᠯᠦᠭᠴᠢ ᠶᠢᠨ ᠦᠭᠡ ᠶᠢᠨ ᠳᠤᠮᠳᠠ ᠣᠷᠣᠬᠤ ︽ᠸ᠊︾ ᠳᠦᠷᠰᠦ ᠨᠢ

ᠦᠰᠦᠭ ᠢᠶᠠᠷ ᠰᠠᠯᠭᠠᠬᠤ ᠳᠤ ᠲᠣᠰ ᠲᠣᠰ ᠲᠤ ᠪᠠᠨ ᠪᠡᠶ᠎ᠡ ᠪᠠᠨ ᠳᠠᠭᠠᠭᠠᠭᠰᠠᠨ ᠦᠰᠦᠭ ᠢᠶᠠᠷ ᠰᠠᠯᠳᠠᠬ ᠪᠣᠯᠪᠠᠴᠤ

ᠳᠦᠷᠰᠦ ᠢᠯᠭᠠᠳᠠᠭ ᠵᠢᠭᠢᠷᠢᠭ ︽ᠸ᠊︾ ᠳᠦᠷᠰᠦ ᠨᠢ ᠬᠠᠷᠢᠨ ᠨᠡᠶᠢᠯᠡᠭᠦᠯᠵᠦ ᠪᠢᠴᠢᠪᠡᠯ ᠰᠠᠶ᠋ᠢ ᠪᠢᠴᠢᠭᠳᠡᠵᠦ᠂

ᠰᠠᠯᠭᠠᠵᠤ ᠪᠢᠴᠢᠭᠰᠡᠭᠡᠷ ︵ᠦᠰᠦᠭ ᠢᠶᠠᠷ ᠰᠠᠯᠭᠠᠬᠤ ᠳᠤ︶ ᠣᠷᠬᠢᠭᠳᠠᠨ ᠭᠡᠭᠡᠭᠳᠡᠵᠦ᠂ ᠪᠢᠴᠢᠳᠡᠭ ᠦᠭᠡᠢ          

ᠶᠤᠮ᠃ ᠵᠢᠱᠢᠶᠡᠯᠡᠪᠡᠯ᠂ ︽ᠳ᠋ᠧᠩ — ᠳ᠋᠊ ᠸ᠊ ‍ᠩ᠂ ᠲᠠᠸᠠᠷ — ᠲ᠊ ‍ᠠ᠊ ᠸ᠊ ‍ᠠ᠊ ‍ᠷ︾ ᠭᠡᠵᠤ ︽ᠸ᠊︾ ᠳᠦᠷᠰᠦ ᠨᠢ

ᠲᠡᠷᠡ ᠬᠡᠪ ᠢᠶᠠᠷ ᠢᠶᠠᠨ ᠰᠠᠯᠭᠠᠵᠤ ᠪᠢᠴᠢᠭᠳᠡᠳᠡᠭ᠃ ᠭᠡᠲᠡᠯ᠎ᠡ ︽ᠭᠤᠸᠠ —  ᠭ᠊ ‍ᠤ᠊ ᠸ᠊ ‍ᠠ︾ ᠭᠡᠵᠤ ᠰᠠᠯᠭᠠᠳᠠᠭ

ᠦᠭᠡᠢ ᠬᠠᠷᠢᠨ ︽ᠭᠤᠸᠠ — ᠬ᠋᠊ ‍ᠤ᠊ ‍ᠠ︾ ᠭᠡᠵᠤ ᠰᠠᠯᠭᠠᠨ ᠵᠢᠭᠢᠷᠢᠭ ︽ᠸ᠊︾ ᠳᠦᠷᠰᠦ ᠶᠢ ᠪᠢᠴᠢᠳᠡᠭ ᠦᠭᠡᠢ

ᠣᠷᠬᠢᠳᠠᠭ ᠪᠠᠶᠢᠨ᠎ᠠ᠃ ᠤᠴᠢᠷ ᠨᠢ ᠦᠭᠡ ᠶᠢᠨ ᠳᠤᠮᠳᠠ ᠣᠷᠣᠬᠤ ︽‍ᠤ᠊︾ ᠪᠣᠯᠣᠨ ︽‍ᠠ᠊︾ ᠶᠢᠨ ᠬᠤᠣᠰ

ᠡᠭᠡᠰᠢᠭ ᠢ ᠳᠤᠮᠳᠠ ᠣᠷᠣᠬᠤ ︽‍ᠳ᠊︾ ᠳᠡᠪᠢᠰᠬᠡᠷ ᠦᠰᠦᠭ ᠠᠴᠠ ᠢᠯᠭᠠᠬᠤ ᠶᠢᠨ ᠲᠥᠯᠥᠭᠡ ᠨᠡᠶᠢᠯᠡᠭᠦᠯᠵᠦ

ᠪᠢᠴᠢᠭᠰᠡᠭᠡᠷ ᠵᠢᠭᠢᠷᠢᠭ ︽ᠸ᠊︾ ᠳᠦᠷᠰᠦ ᠶᠢ ᠵᠢᠭᠢᠷᠢᠭᠯᠡᠨ ᠪᠢᠴᠢᠳᠡᠭ ᠶᠤᠮ᠃ ᠡ᠊ᠨᠳᠡ ᠬᠠᠷᠢᠨ ᠡᠭᠦᠨ ᠢ ᠮᠥᠨ

ᠳᠤᠮᠳᠠ ᠣᠷᠣᠬᠤ ︽ᠸ᠊︾ ᠳᠦᠷᠰᠦ ᠭᠡᠵᠤ ᠲᠠᠰᠢᠶᠠᠷᠠᠵᠤ ᠪᠣᠯᠳᠠᠭ ᠦᠭᠡᠢ ᠶᠤᠮ᠃

      ᠶᠢᠰᠦ᠂ ᠦᠭᠡ ᠶᠢᠨ ᠳᠤᠮᠳᠠ ᠣᠷᠣᠬᠤ ︽ᠭ᠊︾ ᠳᠡᠪᠢᠰᠬᠡᠷ ᠪᠠ ︽ᠩ᠊︾ ᠳᠡᠪᠢᠰᠬᠡᠷ᠂ ᠦᠭᠡ ᠶᠢᠨ

ᠠᠳᠠᠭ ᠲᠤ ᠣᠷᠣᠳᠠᠭ ︽‍ᠭ︾ ᠳᠡᠪᠢᠰᠬᠡᠷ ᠪᠣᠯᠣᠨ ︽‍ᠩ︾ ᠳᠡᠪᠢᠰᠬᠡᠷ ᠢ ᠰᠠᠯᠭᠠᠬᠤ ᠭᠡᠷᠡᠭᠳᠠᠢ᠃ ᠦᠨᠡᠨ ᠢ

ᠬᠡᠯᠡᠬᠦ ᠳᠤ ᠡᠨᠡ ᠬᠤᠶᠠᠷ ᠳᠡᠪᠢᠰᠬᠡᠷ ᠦᠰᠦᠭ ᠢ ᠲᠡᠳᠦᠢ ᠡ᠊ᠨᠳᠡᠭᠦᠷᠡᠵᠦ ᠬᠤᠳᠬᠤᠯᠳᠤᠭᠤᠯᠬᠤ ᠤᠴᠢᠷ ᠦᠭᠡᠢ         

ᠶᠤᠮ᠃ ᠭᠡᠪᠡᠴᠦ ᠮᠠᠨ ᠤ ᠵᠠᠷᠢᠮ ᠰᠤᠷᠤᠭᠴᠢ ᠰᠠᠭᠤᠷᠢ ᠠᠨᠠᠢ ᠪᠤᠶᠤ ᠠᠯᠠᠩ ᠰᠠᠯᠠᠩ ᠠᠴᠠ ᠪᠤᠯᠵᠤ ᠶᠡᠷᠦ ᠨᠢ ᠡᠨᠡ

ᠬᠤᠶᠠᠷ ᠤᠨ ᠢᠯᠭᠠᠭ᠎ᠠ ᠵᠥᠷᠢᠶ᠎ᠡ ᠶᠢ ᠰᠠᠶᠢᠬᠠᠨ ᠮᠡᠳᠡᠬᠦ ᠦᠭᠡᠢ ᠪᠤᠶᠤ ᠦᠰᠦᠭ ᠢᠶᠠᠨ ᠰᠠᠶᠢᠲᠤᠷ ᠦᠵᠡᠭᠰᠡᠨ

ᠦᠭᠡᠢ ᠠᠴᠠ ᠪᠣᠯᠵᠤ ᠡ᠊ᠨᠳᠡᠭᠦᠷᠡᠳᠡᠭ ᠦᠵᠡᠭᠳᠡᠯ ᠭᠠᠷᠳᠠᠭ ᠪᠠᠶᠢᠨ᠎ᠠ᠃

      ᠦᠭᠡ ᠶᠢ ᠥᠰᠦᠭ ᠢᠶᠠᠷ ᠵᠥᠪ ᠰᠠᠯᠭᠠᠬᠤ ᠨᠢ ᠦᠭᠡ ᠶᠢ ᠵᠥᠪ ᠲᠠᠨᠢᠵᠤ᠂ ᠪᠢᠴᠢᠭᠦ᠂ ᠰᠤᠷᠬᠤ ᠶᠢᠨ ᠰᠠᠭᠤᠷᠢ

ᠪᠣᠯᠳᠠᠭ᠃ ᠡᠶᠢᠮᠦ ᠠᠴᠠ ᠪᠣᠳᠠᠲᠠᠢ ᠬᠡᠷᠡᠭᠯᠡᠭᠡᠨ ᠤ ᠶᠠᠪᠤᠴᠠ ᠳᠤ ᠪᠠᠨ ᠪᠢᠳᠠ ᠳᠡᠭᠡᠷᠡᠬᠢ ᠬᠡᠳᠦᠨ ᠵᠤᠷᠪᠤᠰ ᠢ ᠠᠩᠬᠠᠷᠴᠤ᠂

ᠮᠡᠳᠡᠵᠦ᠂ ᠣᠶᠢᠯᠠᠭᠠᠵᠤ᠂ ᠦᠭᠡ ᠶᠢ ᠵᠥᠪ ᠰᠠᠯᠭᠠᠵᠤ ᠬᠡᠷᠡᠭᠯᠡᠵᠤ ᠰᠤᠷᠬᠤ ᠭᠡᠷᠡᠭᠳᠠᠢ᠃

       ᠠᠵᠢᠯᠯᠠᠵᠤ ᠪᠠᠶᠢᠭ᠎ᠠ ᠪᠠᠶᠢᠭᠤᠯᠭ᠎ᠠ᠄ ᠵᠡᠭᠦᠨ ᠦᠵᠦᠮᠦᠴᠢᠨ ᠬᠤᠰᠢᠭᠤᠨ ᠤ 

                               ᠨᠢᠭᠡᠳᠦᠭᠡᠷ ᠳᠤᠮᠳᠠᠳᠤ ᠰᠤᠷᠭᠠᠭᠤᠯᠢ 

                               ︵ᠠᠯᠳᠠᠨᠰᠦ᠋ᠭᠡ ᠨᠠᠶᠢᠷᠠᠭᠤᠯᠪᠠ︶

 

 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map