ᠦᠯᠢᠬᠡᠷ ᠢᠶᠠᠷ ᠲᠠᠮᠵᠢᠭᠤᠯᠤᠨ ᠰᠢᠠᠵᠢᠯᠡᠬᠦ ᠤᠬᠠᠭᠠᠨ ᠤ ᠬᠢᠴᠢᠶᠡᠯᠯᠡᠭᠡ ᠶᠢ ᠦᠷ᠎ᠠ ᠳ᠋ᠦᠩ ᠲᠠᠢ ᠪᠤᠯᠭᠠᠬᠤ ᠨᠢ
ᠨᠡᠶᠢᠲᠡᠯᠡᠭᠰᠡᠨ ᠴᠠᠭ᠄
2024/8/16
                      ᠵᠢᠷᠣᠭᠮ᠎ᠠ

教学研究4.png

      ᠪᠠᠭ᠎ᠠ ᠪᠡᠯᠴᠢᠷ ᠨᠠᠰᠤᠨ ᠤ ᠬᠡᠣᠬᠡᠣᠨ ᠤᠨ ᠲᠦᠰᠣᠬᠡᠯᠡᠬᠦ ᠴᠢᠳᠠᠪᠣᠷᠢ ᠶᠢᠨ ᠬᠦᠭᠵᠢᠯᠳᠡ ᠬᠤᠶᠠᠷ ᠵᠦᠢᠯ ᠤᠨ

ᠣᠨᠴᠠᠯᠢᠭ ᠲᠠᠢ ᠪᠠᠶᠢᠳᠠᠭ᠄ ᠨᠢᠬᠡ ᠨᠢ ᠬᠦᠮᠤᠨᠴᠢᠯᠡᠬᠦ ᠲᠤᠷᠠᠳᠠᠢ᠂ ᠨᠦᠬᠦᠬᠡ ᠨᠢ ᠬᠡᠶᠢᠰᠪᠤᠷᠢᠯᠡᠨ ᠰᠡᠳᠬᠢᠬᠦ ᠲᠤᠷᠠᠳᠠᠢ

ᠪᠠᠶᠢᠳᠠᠭ᠃ ᠵᠢᠱᠢᠶᠡᠯᠡᠪᠡᠯ᠂ ᠦᠯᠢᠬᠡᠷ ᠲᠠᠬᠢ ᠨᠤᠬᠠᠢ᠂ ᠭᠠᠭ᠋ᠠᠢ᠂ ᠮᠤᠤᠷ᠂ ᠰᠢᠷᠡᠭᠡ ᠰᠠᠠᠳᠠᠯᠢ᠂ ᠨᠤᠮ ᠲᠡᠪᠳᠡᠷ

ᠵᠡᠷᠬᠡ ᠶᠢ ᠴᠤ ᠬᠦᠮᠤᠠᠴᠢᠯᠠᠵᠤ ᠶᠠᠷᠢᠪᠠᠯ ᠦᠢᠯᠠᠭᠠᠯᠳᠠ ᠲᠤᠳᠤ ᠪᠠᠶᠢᠳᠠᠭ ᠮᠦᠷᠳᠡᠬᠡᠨ ᠦᠯᠢᠬᠡᠷ ᠤᠨ ᠶᠠᠪᠤᠴᠨ ᠲᠤᠮᠳᠠ

ᠶᠠᠮᠠᠷ ᠨᠢᠬᠡᠨ ᠬᠠᠷᠰᠢ ᠰᠠᠭᠠᠳ᠂ ᠶᠠᠷᠰᠢᠭ ᠲᠦᠪᠡᠭ ᠲᠤᠬᠢᠶᠠᠯᠳᠤᠪᠠᠯ ᠬᠡᠨᠡᠤᠨᠳᠠ ᠨᠢᠬᠡᠨ ᠰᠠᠬᠢᠭᠤᠯᠰᠣᠨ ᠪᠤᠶᠤ

ᠬᠤᠪᠢᠯᠭᠠᠨ ᠭᠠᠷᠴᠣ ᠢᠷᠡᠬᠦᠯᠤᠨ ᠲᠤᠰᠠᠯᠠᠭᠤᠯᠬᠤ ᠬᠡᠬᠦ ᠮᠡᠳᠣ ᠪᠠᠷ ᠬᠡᠶᠢᠰᠪᠤᠷᠢᠯᠡᠨ ᠪᠤᠳᠣᠳᠠᠭ᠃

      ᠡᠶᠢᠮᠤ ᠠᠴᠠ ᠦᠯᠢᠬᠡᠷ ᠨᠢ ᠪᠠᠭ᠎ᠠ ᠬᠡᠣᠬᠡᠣᠨ ᠤᠨ ᠬᠦᠮᠤᠨᠴᠢ ᠰᠡᠤᠨᠬᠢᠯᠬᠡ ᠶᠢ ᠬᠦᠭᠵᠢᠬᠦᠯᠤᠨ᠂ ᠮᠡᠳᠡᠯᠬᠡ ᠶᠢ ᠨᠢ

ᠦᠷᠬᠡᠤᠨᠬᠡᠬᠦ ᠪᠠᠷ ᠪᠠᠷᠠᠬᠤ ᠦᠬᠡᠢ ᠨᠡᠩ ᠴᠢᠬᠤᠯᠠ ᠨᠢ ᠬᠡᠤᠬᠡᠤᠨ ᠤᠨ ᠰᠤᠨᠤᠰᠬᠤ᠂ ᠤᠶᠢᠯᠠᠭᠠᠬᠤ᠂ ᠠᠩᠬᠠᠷᠬᠤ᠂ ᠤᠢ

ᠲᠤᠭᠳᠠᠭᠠᠯᠳᠤ᠂ ᠰᠡᠳᠬᠢᠨ ᠪᠤᠳᠤᠬᠤ ᠴᠢᠳᠠᠪᠤᠷᠢ ᠪᠤᠯᠤᠨ ᠲᠦᠰᠢᠭᠯᠡᠬᠦ ᠴᠢᠳᠠᠪᠤᠷᠢ ᠶᠢ ᠨᠢ ᠬᠦᠮᠤᠵᠢᠬᠦᠯᠵᠦ ᠬᠡᠤᠬᠡᠳ ᠲᠤ

ᠡᠷᠳᠡᠴᠢ ᠰᠤᠷᠭᠠᠨ ᠬᠦᠮᠤᠵᠢᠯ ᠢ ᠨᠢᠬᠡᠨ ᠪᠦᠳᠤᠮᠵᠢᠲᠠᠢ ᠠᠷᠭ᠎ᠠ ᠪᠠᠷᠢᠯ ᠪᠤᠯᠳᠠᠭ᠃

      ᠲᠤᠤᠷ᠎ᠠ ᠭᠡᠤᠭᠡᠳ ᠤᠨ ᠴᠡᠴᠡᠷᠯᠢᠭ ᠤᠨ ᠪᠠᠭ᠎ᠠ ᠠᠩᠬᠢ ᠶᠢᠨ ᠰᠢᠠᠵᠢᠯᠡᠬᠦ ᠤᠬᠠᠭᠠᠨ ᠤ ᠬᠢᠴᠢᠶᠡᠯ ᠢ ᠦᠯᠢᠬᠡᠷ

ᠶᠠᠷᠢᠬᠤ ᠬᠡᠯᠪᠡᠷᠢ ᠪᠠᠷ ᠬᠡᠷᠬᠢᠨ ᠬᠢᠴᠢᠶᠡᠯᠯᠡᠵᠤ᠂ ᠶᠠᠮᠠᠷ ᠵᠡᠷᠭᠡ ᠤᠯᠤᠯᠳᠠ ᠤᠯᠤᠭᠰᠠᠨ ᠲᠤᠬᠠᠢ ᠪᠠᠨ ᠲᠦᠬᠦᠮ

ᠦᠬᠦᠯᠡᠶ᠎ᠠ᠃

      ᠵᠢᠱᠢᠶ᠎ᠡ ᠨᠢᠬᠡ —

      ᠬᠡᠤᠬᠡᠳ ᠤᠳ ᠲᠤ ᠴᠠᠰᠤ ᠶᠢ ᠲᠡᠨᠢᠭᠤᠯᠬᠤ ᠳᠤ ᠪᠠᠨ ︽ᠭᠠᠶᠢᠬᠠᠮᠰᠢᠭᠳᠤ ᠴᠠᠰᠤ︾ ᠬᠡᠬᠦ ᠦᠯᠢᠬᠡᠷ ᠢ ᠶᠠᠷᠢᠵᠤ

ᠦᠭᠬᠦᠭᠰᠠᠨ ᠪᠠᠶᠢᠨ᠎ᠠ᠂ ᠡᠬᠦᠨ ᠳᠤ ᠲᠤᠮᠤ ᠬᠡᠯᠪᠡᠷᠢ ᠶᠢᠨ ᠬᠦᠰᠢᠬᠡᠨ ᠤ ᠵᠢᠷᠤᠭᠳᠤ ᠦᠵᠡᠬᠦᠯᠤᠮᠵᠢ᠂ ᠰᠢᠷ᠎ᠠ ᠬᠦᠯᠤᠬᠡ᠂

ᠠᠯᠠᠭ ᠮᠤᠤᠷ᠂ ᠡᠮᠡᠭᠴᠢᠨ ᠲᠠᠬᠢᠶ᠎ᠠ ᠪᠤᠯᠤᠨ ᠬᠦᠪᠤᠩ ᠲᠡᠪᠡᠯ᠂ ᠨᠤᠤᠰᠤᠨ ᠮᠠᠯᠠᠭᠠᠢ᠂ ᠵᠤᠵᠠᠭᠠᠨ ᠭᠤᠳᠤᠯ ᠲᠠᠢ ᠬᠦᠤ

ᠬᠡᠤᠬᠡᠨ ᠵᠡᠷᠬᠡ ᠶᠢᠨ ᠬᠦᠳᠡᠯᠬᠡᠬᠡᠳᠤ ᠵᠢᠷᠤᠭᠳᠤ ᠦᠵᠡᠬᠦᠯᠤᠮᠵᠢ ᠶᠢ ᠠᠰᠢᠭᠯᠠᠨ ᠦᠯᠢᠬᠡᠷ ᠢ ᠲᠠᠭᠤᠨ ᠦᠩᠬᠡ ᠶᠢᠨ

ᠬᠤᠪᠢᠷᠠᠯᠳᠠ ᠲᠠᠢ ᠶᠠᠷᠢᠭᠰᠠᠨ ᠠᠴᠠ ᠲᠡᠳᠡᠨ ᠤ ᠰᠤᠨᠢᠭᠤᠴᠢ ᠰᠡᠳᠬᠢᠬᠦᠢ ᠳᠤ ᠵᠤᠬᠢᠴᠠᠨ᠂ ᠬᠢᠴᠢᠶᠡᠯᠯᠡᠭᠡ ᠳᠤ

ᠤᠷᠤᠯᠴᠠᠬᠤ ᠤᠷᠮ᠎ᠠ ᠪᠠᠬ᠎ᠠ ᠶᠢ ᠨᠢ ᠬᠦᠭᠵᠢᠬᠡᠵᠤ᠂ ᠲᠤᠷ᠎ᠠ ᠰᠤᠨᠢᠷᠬᠠᠯ᠂ ᠠᠩᠬᠠᠷᠤᠯ ᠢ ᠨᠢ ᠲᠠᠳᠠᠵᠤ ᠴᠢᠳᠠᠭᠰᠠᠨ

ᠪᠠᠶᠢᠨ᠎ᠠ᠃ ᠦᠯᠢᠬᠡᠷ ᠲᠤ ᠰᠢᠷ᠎ᠠ ᠬᠦᠯᠤᠬᠡ᠂ ᠠᠯᠠᠭ ᠮᠤᠤᠷ ᠤᠨ ︽ᠴᠠᠭᠠᠨ ᠰᠢᠬᠢᠷ︾᠂ ︽ᠴᠠᠭᠠᠨ ᠲᠠᠪᠤᠰᠤ︾ ᠬᠡᠵᠤ

ᠮᠠᠷᠭᠤᠯᠳᠤᠬᠤ ᠳᠤ ᠡᠮᠡᠭᠴᠢᠨ ᠲᠠᠬᠢᠶ᠎ᠠ ᠬᠦᠷᠴᠤ ᠢᠷᠡᠬᠡᠳ ᠴᠠᠭᠠᠨ ᠴᠠᠰᠤᠨ ᠴᠡᠴᠡᠭ ᠢ ᠠᠮᠳᠠᠯᠠᠵᠤ ᠦᠵᠡᠬᠡᠳ᠄ ︽ᠬᠦ᠋᠂

ᠬᠦ᠋᠂ ᠬᠦ᠋ ᠡᠨ᠋ᠨ ᠴᠢᠨᠢ ᠲᠠᠪᠤᠰᠤ ᠪᠢᠰᠢ᠂ ᠰᠢᠬᠢᠷ ᠴᠤ ᠪᠢᠰᠢ᠂ ᠠᠮᠳᠠᠳᠠᠢ ᠴᠤ ᠪᠢᠰᠢ᠂ ᠱᠤᠷᠪᠤᠭ ᠴᠤ ᠪᠢᠰᠢ᠂

ᠠᠮᠠᠨ ᠳᠤ ᠤᠷᠤᠪᠠᠯ ᠬᠦᠢᠳᠠᠨ ᠪᠠᠶᠢᠳᠠᠭ ᠪᠠᠶᠢᠨ᠎ᠠ︾ ᠬᠡᠳᠡᠭ ᠢ ᠶᠠᠷᠢᠭᠤᠯᠤᠨ᠎ᠠ᠃ ᠶᠠᠭ ᠡᠨ᠋ᠨ ᠦᠶ᠎ᠠ ᠳᠤ ᠵᠤᠵᠠᠭᠠᠨ

ᠬᠤᠪᠴᠠᠰᠤᠯᠠᠭᠰᠠᠨ ᠬᠦᠤ ᠬᠡᠤᠬᠡᠨ ᠬᠤᠶᠠᠭᠤᠯᠨ ᠨᠠᠭᠠᠳᠤᠬᠢ ᠬᠡᠷ ᠠᠴᠠ ᠭᠠᠷ ᠬᠤᠯᠪᠤᠨ ᠭᠠᠷᠴᠤ ᠢᠷᠡᠬᠡᠳ᠄ ︽ᠦᠨᠡᠬᠡᠷ

ᠵᠤᠵᠠᠭᠠᠨ ᠴᠠᠰᠤ ᠪᠠᠭᠤᠯ᠎ᠠ᠂ ᠪᠢᠳᠠ ᠪᠦᠬᠦᠳᠡᠬᠡᠷ ᠴᠠᠰᠤᠨ ᠬᠦᠮᠤᠨ ᠪᠠᠷᠢᠶ᠎ᠠ︾ ᠬᠡᠵᠤ ᠰᠢᠷ᠎ᠠ ᠬᠦᠯᠤᠬᠡ᠂ ᠠᠯᠠᠭ ᠮᠤᠤᠷ᠂

ᠡᠮᠡᠭᠴᠢᠨ ᠲᠠᠬᠢᠶ᠎ᠠ ᠶᠢ ᠲᠠᠭᠤᠳᠠᠨ᠎ᠠ᠃

      ᠲᠤᠰ ᠦᠯᠢᠬᠡᠷ ᠢᠶᠠᠷ ᠲᠠᠮᠵᠢᠭᠤᠯᠤᠨ᠂ ᠬᠡᠤᠬᠡᠳ ᠤᠳ ᠲᠤ ᠴᠠᠰᠤᠨ ᠤ ᠤᠡᠴᠠᠯᠢᠭ ᠰᠢᠠᠵᠢ ︵ᠦᠩᠬᠡ᠂

ᠦᠨᠤᠷ᠂ ᠠᠮᠳᠠ᠂ ᠬᠡᠯᠪᠡᠷᠢ ᠲᠦᠷᠰᠣ︶ ᠶᠢ ᠲᠠᠨᠢᠭᠤᠯᠬᠤ ᠶᠢᠨ ᠬᠠᠮᠳᠣ᠂ ᠴᠠᠰᠤ ᠬᠡᠳᠦ᠋ᠢᠪᠡᠷ ᠴᠠᠭᠠᠨ ᠦᠩᠬᠡ ᠲᠠᠢ

ᠪᠤᠯᠪᠠᠴᠤ ᠲᠠᠪᠤᠰᠤ ᠰᠢᠬ ᠱᠤᠷᠪᠤᠭ ᠪᠢᠰᠢ᠂ ᠰᠢᠬᠢᠷ ᠰᠢᠭ ᠠᠮᠳᠠᠳᠠᠢ ᠴᠤ ᠪᠢᠰᠢ᠂ ᠠᠮᠠᠨ ᠳᠤ ᠤᠷᠤᠪᠠᠯ ᠬᠦᠢᠳᠠᠨ

ᠪᠠᠶᠢᠳᠠᠭ ᠮᠦᠷᠳᠡᠬᠡᠨ ᠠᠮᠠᠷᠬᠠᠨ ᠬᠠᠶᠢᠯᠤᠭᠠᠳ ᠰᠢᠩᠬᠡᠨ ᠪᠡᠶᠠᠳᠤ ᠪᠤᠯᠴᠢᠬᠠᠳᠠᠭ ᠬᠡᠳᠡᠭ ᠢ ᠨᠢ ᠤᠶᠢᠯᠠᠭᠠᠭᠤᠯᠬᠤ ᠶᠢᠨ

ᠬᠠᠮᠳᠣ ᠴᠠᠰᠣᠨ ᠤ ᠪᠦᠷᠢᠯᠳᠣᠯ ᠤᠨ ᠶᠠᠪᠤᠴᠠ ᠶᠢ ᠮᠡᠳᠡᠬᠦᠯᠵᠤ᠂ ᠲᠡᠳᠡᠨ ᠳᠤ ᠬᠠᠷᠠᠬᠠᠨ ᠪᠠᠭ᠎ᠠ ᠠᠴᠠ ᠨᠢ ᠰᠢᠨᠵᠢᠯᠡᠬᠦ

ᠣᠬᠠᠭᠠᠨ ᠢ ᠪᠠᠭ᠋ᠠᠷᠬᠠᠬᠤ᠂ ᠰᠢᠨᠵᠢᠯᠡᠬᠦ ᠣᠬᠠᠭᠠᠨ ᠳᠤ ᠪᠠᠭ᠋ᠠᠳᠠᠢ ᠪᠤᠯᠬᠤ᠂ ᠰᠢᠨᠵᠢᠯᠡᠬᠦ ᠤᠬᠠᠭᠠᠨ ᠢ ᠬᠠᠶᠢᠷᠠᠯᠠᠬᠤ

ᠬᠦᠮᠤᠵᠢᠯ ᠢ ᠬᠦᠷᠳᠡᠬᠡᠭᠰᠡᠨ ᠪᠠᠶᠢᠨ᠎ᠠ᠃

      ᠵᠢᠱᠢᠶ᠎ᠠ ᠬᠤᠶᠠᠷ —

      ︽ᠰᠡᠬᠦᠯ ᠵᠢᠬᠡᠯᠡᠭᠰᠡᠨ ᠨᠢ︾ ᠬᠡᠳᠡᠭ ᠦᠯᠢᠬᠡᠷ ᠢ ᠮᠦᠠ ᠴᠤ ᠲᠤᠮᠤ ᠬᠡᠯᠪᠡᠷᠢ ᠶᠢᠨ ᠬᠦᠰᠢᠬᠡᠨ ᠤ ᠵᠢᠷᠤᠭᠳᠤ

ᠦᠵᠡᠬᠦᠯᠤᠮᠵᠢ ᠪᠤᠯᠤᠨ ᠪᠢᠴᠢᠬᠠᠨ ᠪᠦᠵᠦᠩ᠂ ᠲᠠᠤᠯᠠᠢ᠂ ᠢᠮᠵᠢ᠂ ᠰᠠᠮᠵᠨ᠂ ᠦᠬᠡᠷ᠂ ᠦᠨᠡᠭᠡ᠂ ᠰᠢᠪᠠᠭᠤ ᠵᠡᠷᠬᠡ

ᠠᠮᠢᠳᠠᠨ ᠤ ᠬᠦᠳᠡᠯᠬᠡᠬᠡᠨᠳᠤ ᠵᠢᠷᠤᠭᠳᠤ ᠦᠵᠡᠬᠦᠯᠤᠮᠵᠢ ᠵᠡᠷᠬᠡ ᠶᠢ ᠠᠰᠢᠭᠯᠠᠨ ᠶᠠᠷᠢᠵᠤ᠂ ᠦᠯᠢᠬᠡᠷ ᠲᠠᠬᠢ ᠪᠢᠴᠢᠬᠠᠨ

ᠪᠦᠵᠦᠩ ᠤᠨ ᠢᠮᠵᠢ ᠡᠵᠢ᠂ ᠰᠠᠮᠵᠨ ᠡᠬᠡᠴᠢ᠂ ᠦᠬᠡᠷ ᠠᠪᠠᠭ᠎ᠠ᠂ ᠦᠨᠡᠭᠡ ᠠᠪᠤᠭᠠᠢ᠂ ᠰᠢᠪᠠᠭᠤ ᠵᠡᠷᠬᠡ

ᠠᠮᠢᠳᠠᠨ ᠠᠴᠠ ᠰᠡᠬᠦᠯ ᠵᠢᠬᠡᠯᠡᠬᠦ ᠬᠡᠰᠡᠨ ᠶᠠᠷᠢᠯᠴᠠᠭ᠎ᠠ ᠪᠠᠷ ᠲᠠᠮᠵᠢᠭᠤᠯᠤᠨ᠂ ᠬᠡᠤᠬᠡᠳ ᠤᠳ ᠲᠤ ᠡᠳᠡᠬᠡᠷ ᠠᠮᠢᠳᠠᠨ ᠤ

ᠰᠡᠬᠦᠯ ᠤᠨ ᠤᠠᠴᠠᠯᠢᠭ ᠰᠢᠠᠵᠢ ᠪᠡ ᠲᠤᠰ ᠲᠤᠰ ᠤᠨ ᠬᠢᠨᠢ ᠬᠡᠷᠡᠭᠴᠡᠭᠡ ᠦᠢᠯᠡᠳᠤᠯ ᠢ ᠨᠢ ᠲᠤᠳᠤᠷᠬᠠᠢ

ᠦᠢᠯᠠᠭᠠᠭᠤᠯᠵᠤ ᠴᠢᠳᠠᠭᠰᠠᠨ ᠪᠠᠶᠢᠨ᠎ᠠ᠃ ᠡᠨᠡ ᠬᠦ ᠦᠯᠢᠬᠡᠷ ᠢ ᠶᠠᠷᠢᠬᠤ ᠶᠠᠪᠤᠴᠠ ᠳᠤ ᠬᠡᠤᠬᠡᠳ ᠤᠨ ᠰᠡᠳᠬᠢᠯ ᠶᠡᠬᠡᠳᠠ

ᠬᠦᠬᠡᠷᠴᠤ ᠬᠦᠭᠵᠢᠨ ᠪᠠᠶᠠᠰᠬᠤ ᠶᠢᠨ ᠲᠠᠭᠠᠤ᠂ ᠠᠮᠢᠳᠠᠳ ᠤᠨ ᠰᠡᠬᠦᠯ ᠤᠨ ᠬᠡᠷᠡᠭᠴᠡᠭᠡ ᠦᠢᠯᠡᠳᠤᠯ ᠢ ᠮᠠᠰᠢ ᠤᠬᠤᠷ

ᠬᠤᠭᠤᠴᠠᠭᠠᠨ ᠳᠤ ᠢᠯᠭᠠᠨ ᠲᠠᠨᠢᠵᠤ᠂ ᠶᠠᠷᠢᠵᠤ ᠴᠢᠳᠠᠬᠤ ᠪᠤᠯᠤᠭᠰᠠᠨ ᠠᠴᠠ ᠦᠵᠡᠬᠦ ᠳᠤ ᠦᠯᠢᠬᠡᠷ ᠨᠢ ᠬᠡᠤᠬᠡᠳ ᠲᠤ

ᠬᠢᠷᠢ ᠵᠡᠷᠬᠡ ᠶᠢᠨ ᠤᠶᠢᠯᠠᠭᠠᠮᠵᠢ ᠲᠠᠢ᠂ ᠬᠦᠨ ᠰᠠᠭᠤᠭᠳᠠᠯ ᠲᠠᠢ᠂ ᠠᠴᠢ ᠲᠤᠰᠨ ᠲᠠᠢ ᠪᠠᠶᠢᠭ᠎ᠠ ᠬᠡᠳᠡᠭ ᠨᠢ

ᠮᠡᠳᠡᠷᠡᠭᠳᠡᠵᠤ ᠪᠠᠶᠢᠯ᠎ᠠ᠃

      ᠡᠶᠢᠮᠤᠷᠬᠦᠤ ᠮᠠᠶ᠋ᠢᠭ ᠤᠨ ᠬᠢᠴᠢᠶᠡᠯᠯᠡᠭᠡ ᠨᠢ ᠪᠠᠭ᠎ᠠ ᠬᠡᠣᠬᠡᠣᠨ ᠤᠳ ᠲᠤ ᠨᠢᠬᠡᠨ ᠬᠡᠷᠡᠭ ᠣᠴᠢᠷ᠂ ᠤᠶᠢᠯᠡ

ᠶᠠᠪᠣᠳᠠᠯ ᠢ ᠰᠢᠭᠤᠤᠨ ᠤᠨᠤᠯ ᠤᠨ ᠬᠡᠯᠪᠡᠷᠢ ᠪᠠᠷ ᠶᠠᠷᠢᠵᠤ᠂ ᠤᠯᠠᠮᠵᠢᠯᠠᠬᠤ ᠶᠢ ᠪᠤᠳᠣᠪᠠᠯ ᠪᠠᠭ᠎ᠠ ᠬᠡᠣᠬᠡᠣᠨ ᠤᠨ

ᠤᠶᠢᠯᠠᠭᠠᠨ ᠬᠦᠯᠢᠶᠡᠨ ᠠᠪᠴᠣ ᠴᠡᠬᠡᠵᠢᠯᠡᠬᠦ ᠳᠤ ᠲᠦᠢᠯ ᠤᠨ ᠲᠦᠬᠦᠮ ᠪᠠᠶᠢᠳᠠᠭ᠂ ᠮᠦᠠ ᠴᠤ ᠡᠨᠡ ᠨᠢ ᠬᠡᠣᠬᠡᠣᠨ ᠤᠨ

ᠰᠡᠤᠨᠬᠢᠴᠡ᠂ ᠬᠦᠯᠢᠶᠡᠨ ᠠᠪᠬᠤ ᠴᠢᠳᠠᠪᠤᠷᠢ ᠳᠤ ᠨᠢ ᠴᠠᠪ ᠲᠤᠬᠢᠷᠠᠵᠤ ᠪᠠᠶᠢᠳᠠᠭ᠃ ᠰᠣᠷᠭᠠᠨ ᠬᠦᠮᠤᠵᠢᠯ ᠤᠨ

ᠬᠠᠮᠤᠭ ᠤᠨ ᠦᠨᠳᠣᠰᠣᠨ ᠠᠷᠭ᠎ᠠ ᠪᠤᠯ ᠬᠡᠣᠬᠡᠣᠨ ᠤᠨ ᠤᠨᠴᠠᠯᠢᠭ ᠲᠤ ᠨᠢ ᠲᠤᠬᠢᠷᠠᠭᠤᠯᠤᠨ ᠵᠢᠭᠠᠬᠤ ᠶᠠᠪᠤᠳᠠᠯ

ᠪᠤᠯᠤᠨ᠎ᠠ᠃ ᠬᠡᠣᠬᠡᠣᠨ ᠤᠳ ᠲᠤ ᠲᠡᠳᠡᠨ ᠤ ᠬᠦᠯᠢᠶᠡᠨ ᠠᠪᠬᠤ ᠬᠡᠮᠵᠢᠶᠡᠨ ᠠᠴᠠ ᠬᠡᠳᠣᠷᠡᠭᠰᠡᠨ ᠵᠦᠢᠯ ᠢ ᠵᠢᠭᠠᠪᠠᠯ᠂

ᠬᠦᠯᠢᠶᠡᠨ ᠠᠪᠴᠣ ᠲᠡᠶᠢᠯᠬᠦ ᠦᠬᠡᠢ ᠮᠦᠷᠳᠡᠬᠡᠨ ᠰᠣᠷᠣᠯᠴᠠᠬᠤ ᠤᠷᠮ᠎ᠠ ᠵᠤᠷᠢᠭ ᠢ ᠨᠢ ᠴᠤ ᠬᠤᠭᠤᠯᠵᠤ ᠮᠠᠳᠠᠨ᠎ᠠ᠃

      ᠴᠡᠴᠡᠷᠯᠢᠭ ᠤᠨ ᠬᠡᠤᠬᠡᠳ ᠲᠤ ᠡᠨ᠋ᠨ ᠮᠡᠳᠤ ᠦᠯᠢᠬᠡᠷ ᠢᠶᠠᠷ ᠲᠠᠮᠵᠢᠭᠤᠯᠤᠨ ᠰᠢᠠᠵᠢᠯᠡᠬᠦ ᠤᠬᠠᠭᠠᠨ ᠤ ᠬᠢᠴᠢᠶᠡᠯ ᠢ

ᠤᠷᠤᠬᠤ ᠨᠢ ᠬᠡᠤᠬᠡᠳ ᠤᠳ ᠤᠨ ᠬᠢᠴᠢᠶᠡᠯ ᠳᠤ ᠤᠷᠤᠯᠴᠠᠬᠤ ᠤᠷᠮ᠎ᠠ ᠪᠠᠬ᠎ᠠ ᠶᠢ ᠨᠢ ᠲᠠᠳᠠᠵᠤ ᠴᠢᠳᠠᠬᠤ ᠪᠠᠷ ᠦᠯᠤ

ᠪᠠᠷᠠᠨ ᠬᠢᠴᠢᠶᠠᠯᠯᠡᠭᠡ ᠨᠢ ᠬᠠᠷᠠᠯᠳᠠ ᠵᠤᠷᠢᠯᠳᠠ ᠳᠤ ᠪᠠᠨ ᠲᠤᠩ ᠠᠮᠠᠷᠬᠠᠨ ᠬᠦᠷᠴᠤ᠂ ᠨᠡᠯᠢᠶᠡᠳ ᠰᠠᠶᠢᠨ ᠦᠷ᠎ᠠ

ᠳ᠋ᠦᠩ ᠲᠠᠢ ᠪᠤᠯᠵᠤ ᠴᠢᠳᠠᠨ᠎ᠠ᠃

      ᠡᠶᠢᠮᠤ ᠠᠴᠠ ᠦᠷᠬᠡᠨ ᠤᠯᠠᠨ ᠪᠠᠭᠰᠢ ᠨᠠᠷ ᠮᠡᠬᠦᠰ ᠮᠢᠨᠤ ᠠᠵᠢᠯ ᠤᠨ ᠡᠨᠡ ᠭᠦ ᠦᠴᠣᠬᠡᠨ ᠤᠯᠤᠯᠳᠠ᠂

ᠲᠤᠷᠰᠢᠯᠭ᠎ᠠ ᠠᠴᠠ ᠬᠡᠷᠡᠭᠴᠡᠭᠡ ᠪᠦᠬᠦᠢ ᠵᠦᠢᠯᠡᠰ ᠢ ᠰᠤᠩᠭᠤᠨ ᠠᠪᠴᠤ ᠦᠪᠡᠷ ᠤᠨ ᠵᠢᠭᠠᠨ ᠰᠣᠷᠭᠠᠯᠳᠠ ᠳᠤ ᠪᠠᠨ

ᠠᠭᠤᠰᠬᠠᠨ ᠰᠢᠩᠬᠡᠭᠡᠵᠤ ᠤᠶᠢᠯᠡᠴᠢᠯᠡᠬᠦᠯᠤᠨ᠂ ᠮᠦᠠ ᠴᠤ ᠦᠪᠡᠷ ᠤᠨ ᠵᠢᠭᠠᠨ ᠰᠣᠷᠭᠠᠯᠳᠠ ᠶᠢᠨ ᠠᠵᠢᠯ ᠳᠤ ᠪᠠᠨ

ᠪᠠᠭ᠎ᠠ ᠴᠣ᠋ ᠬᠡᠰᠡᠨ ᠲᠤᠰᠠ ᠲᠡᠮᠵᠢᠯᠬᠡ ᠪᠤᠯᠭᠠᠬᠤ ᠪᠤᠯᠪᠠᠤ︕

      ᠠᠵᠢᠯᠯᠠᠵᠤ ᠪᠠᠶᠢᠭ᠎ᠠ ᠪᠠᠶᠢᠭᠤᠯᠭ᠎ᠠ᠄ ᠬᠦᠪᠡᠭᠡᠳᠣ ᠰᠢᠷ᠎ᠠ ᠬᠤᠰᠢᠭᠤᠨ ᠤ

                                ᠨᠢᠭᠡᠳᠣᠭᠡᠷ ᠬᠡᠣᠬᠡᠣᠨ ᠤᠨ ᠴᠡᠴᠡᠷᠯᠢᠭ 

                                ︵ᠠᠯᠳᠠᠨᠰᠦ᠋ᠭᠡ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map