ᠪᠠᠭᠰᠢ ᠶᠢᠨ ᠶᠣᠰᠤ ᠰᠤᠷᠲᠠᠬᠤᠨ ᠤ ᠠᠰᠠᠭᠤᠳᠠᠯ ᠳᠤ
ᠨᠡᠶᠢᠲᠡᠯᠡᠭᠰᠡᠨ ᠴᠠᠭ᠄
2024/8/15
                   ᠳᠠᠪᠰᠢᠯᠲᠦ

教师风采2.png

      ᠡᠨᠡᠷᠢᠯ ᠤᠨ ᠳᠡᠭᠷᠢ ᠡᠵᠢ ᠬᠦᠮᠦᠨ ᠲᠠᠢ ᠡᠩ ᠵᠡᠷᠭᠡᠴᠡᠬᠦ ᠨᠢ ᠪᠠᠭᠰᠢ ᠬᠦᠮᠦᠨ

      ᠡᠨᠡᠬᠡᠨ ᠨᠠᠰᠣᠨ ᠤ ᠠᠮᠢᠳᠣᠷᠠᠯ ᠤᠨ ᠵᠢᠯᠣᠭᠤ ᠶᠢ ᠵᠢᠭᠠᠵᠦ ᠳᠣᠬᠢᠳᠠᠭ ᠨᠢ ᠪᠠᠭᠰᠢ ᠬᠦᠮᠦᠨ

      ᠦᠷᠦᠭᠡᠯ ᠤᠨ ᠬᠡᠦᠬᠡᠳ ᠲᠤ ᠵᠢᠷᠦᠬᠡ ᠦᠨᠳᠡᠯᠵᠡᠳᠡᠭ ᠨᠢ ᠪᠠᠭᠰᠢ ᠬᠦᠮᠦᠨ

      ᠦᠰᠪᠦᠷᠢ ᠶᠢᠨ ᠬᠡᠦᠬᠡᠳ ᠲᠤ ᠬᠠᠶᠢᠷ᠎ᠠ ᠪᠠᠨ ᠶᠡᠭᠦᠯᠡᠳᠡᠭ ᠨᠢ ᠪᠠᠭᠰᠢ ᠬᠦᠮᠦᠨ

      ᠡ᠊ᠨᠡ ᠭᠦ ᠪᠠᠳᠠᠭ ᠦᠭᠡᠨ ᠠᠴᠠ ᠪᠠᠭᠰᠢ ᠬᠦᠮᠦᠨ ᠪᠤᠯ ᠠᠭᠤᠣ ᠶᠡᠭᠡ ᠮᠦᠷᠲᠡᠯ᠎ᠡ ᠪᠠᠨ ᠪᠠᠭᠰᠢ ᠬᠦᠮᠦᠨ ᠤ

ᠮᠦᠷᠦᠨ ᠳᠤ ᠳᠠᠯᠪᠢᠬᠳᠠᠵᠦ ᠪᠠᠶᠢᠭ᠎ᠠ ᠡᠭᠦᠷᠭᠡ ᠪᠤᠯ ᠦᠩᠭᠡ ᠭᠡᠷᠡᠯ ᠲᠠᠢ ᠬᠦᠨᠳᠦ ᠴᠢᠬᠤᠯᠠ ᠭᠡᠳᠡᠭ ᠢ ᠦᠵᠡᠵᠦ

ᠭᠠᠷᠣᠨ᠎ᠠ᠃ ᠪᠠᠭᠰᠢ ᠬᠦᠮᠦᠨ ᠶᠠᠭ ᠡᠶᠢᠮᠦᠷᠬᠦᠤ ᠠᠭᠤᠤ ᠶᠡᠭᠡ ᠡᠭᠦᠷᠭᠡ ᠶᠢ ᠡᠭᠦᠷᠭᠡᠯᠡᠵᠦ ᠪᠠᠶᠢᠭ᠎ᠠ ᠶᠢᠨ ᠣᠴᠢᠷ᠂

ᠪᠠᠭᠰᠢ ᠶᠢᠨ ᠠᠵᠢᠯ ᠳᠤ ᠪᠠᠭᠰᠢ ᠶᠢᠨ ᠶᠣᠰᠣ ᠰᠣᠷᠳᠠᠬᠤᠨ ᠴᠢᠬᠤᠯᠠ ᠱᠠᠭᠠᠷᠳᠠᠭᠳᠠᠨ᠎ᠠ᠃ ᠳᠠᠷᠠᠭ᠎ᠠ ᠨᠢ ᠪᠢ

ᠪᠠᠭᠰᠢ ᠶᠢᠨ ᠶᠣᠰᠣ ᠰᠣᠷᠳᠠᠬᠤᠨ ᠤ ᠳᠣᠬᠠᠢ ᠦᠪᠡᠷ ᠤᠨ ᠦᠴᠦᠬᠡᠨ ᠣᠢᠢᠯᠠᠭᠠᠯᠲᠠ ᠪᠠᠨ ᠲᠠ ᠪᠦᠬᠦᠨ ᠲᠠᠢ ᠪᠠᠨ

ᠬᠤᠪᠢᠶᠠᠯᠴᠠᠶ᠎ᠠ᠃

      ᠪᠠᠭᠰᠢ ᠬᠦᠮᠦᠨ ᠪᠤᠯ ᠬᠦᠮᠦᠨ ᠲᠦᠷᠦᠯᠬᠢᠳᠡᠨ ᠤ ᠣᠶᠣᠨ ᠤ ᠢᠨᠵᠧᠨᠧᠷ᠂ ᠪᠠᠭᠰᠢ ᠬᠦᠮᠦᠨ ᠪᠤᠯ ᠪᠢᠷ

ᠪᠡᠬᠡᠰ ᠢᠶᠠᠷ ᠪᠠᠭᠠᠴᠣᠳ ᠬᠡᠦᠬᠡᠳ ᠤᠨ ᠣᠶᠣᠨ ᠢ ᠨᠡᠭᠡᠭᠡᠬᠦ ᠪᠠᠷ ᠠᠵᠢᠯ ᠤᠨ ᠡᠭᠦᠷᠭᠡ ᠪᠠᠨ ᠪᠤᠯᠭᠠᠬᠰᠠᠭᠠᠷ ᠢᠷᠡᠭᠰᠡᠨ

ᠡᠭᠡᠯ ᠶᠡᠷᠦᠮᠳᠡᠭ ᠮᠦᠷᠳᠡᠯ᠎ᠡ ᠪᠠᠨ ᠡᠷᠬᠢᠮ ᠳᠡᠭᠡᠳᠦ ᠬᠦᠮᠦᠨ ᠶᠣᠮ᠃ ᠪᠠᠭᠰᠢ ᠬᠦᠮᠦᠨ ᠪᠤᠯ ᠠᠭᠤᠳᠠᠯᠤᠭᠠᠳ ᠪᠠᠷᠠᠰᠢ

ᠦᠭᠡᠢ ᠮᠡᠳᠡᠯᠭᠡ᠂ ᠣᠨᠳᠣᠷᠣᠭᠠᠳ ᠳᠠᠭᠤᠰᠣᠰᠢ ᠦᠭᠡᠢ ᠡᠯᠢᠭᠡᠨ ᠬᠠᠶᠢᠷ᠎ᠠ ᠪᠠᠷ ᠢᠶᠠᠨ ᠦᠶ᠎ᠡ ᠶᠢᠨ ᠦᠶ᠎ᠡ ᠶᠢᠨ

ᠦᠰᠪᠦᠷᠢ ᠶᠢᠨ ᠬᠡᠦᠬᠡᠳ ᠢᠶᠠᠨ ᠬᠠᠶᠢᠷᠠᠯᠠᠨ ᠬᠦᠮᠦᠵᠢᠭᠦᠯᠦᠭᠰᠡᠭᠡᠷ ᠢᠷᠡᠭᠰᠡᠨ ᠠᠴᠢᠳᠦ ᠬᠦᠮᠦᠨ ᠶᠤᠮ᠃ ᠶᠠᠭ ᠡ᠊ᠨᠡ ᠭᠦ

ᠠᠭᠤᠣ ᠶᠡᠭᠡ ᠦᠢᠯᠡ ᠪᠠᠨ ᠣᠷᠳᠦ ᠬᠤᠭᠤᠴᠠᠭ᠎ᠠ ᠪᠠᠷ ᠪᠠᠷᠢᠮᠳᠠᠯᠠᠬᠰᠠᠭᠠᠷ ᠢᠷᠡᠭᠰᠡᠨ ᠵᠤᠷᠢᠭ ᠰᠬᠠᠭ᠎ᠠ ᠨᠢ ᠳᠦᠢᠯ ᠤᠨ

ᠶᠡᠭᠡ ᠰᠣᠷᠣᠯᠴᠠᠭᠤᠰᠢᠳᠠᠢ ᠶᠤᠮ᠃ ᠡ᠊ᠨᠡ ᠭᠦ ᠠᠭᠤᠣ ᠶᠡᠭᠡ ᠵᠤᠷᠢᠭ ᠰᠠᠨᠠᠭ᠎ᠠ ᠶᠢ ᠳᠣᠯᠭᠠᠭᠤᠷᠢᠯᠠᠵᠦ ᠪᠠᠶᠢᠭ᠎ᠠ ᠬᠦᠴᠦᠨ

ᠪᠤᠯ ᠳᠠᠷᠤᠢ ᠪᠠᠭᠰᠢ ᠬᠦᠮᠦᠨ ᠤ ᠡᠷᠬᠢᠮ ᠳᠡᠭᠡᠳᠦ ᠶᠣᠰᠣ ᠮᠣᠷᠠᠯ ᠪᠤᠯᠤᠨ ᠬᠡᠪ ᠰᠣᠷᠳᠠᠯ᠂ ᠳᠠᠷᠣᠢ ᠪᠠᠭᠰᠢ ᠶᠢᠨ ᠶᠣᠰᠣ

ᠰᠣᠷᠳᠠᠬᠤᠨ ᠭᠡᠵᠦ ᠪᠢ ᠦᠵᠡᠨ᠎ᠡ᠃ ᠪᠠᠭᠰᠢ ᠶᠢᠨ ᠶᠤᠰᠣ ᠰᠣᠷᠳᠠᠬᠤᠨ ᠪᠤᠯ ᠪᠠᠭᠰᠢ ᠪᠤᠯᠤᠬᠰᠠᠳ ᠤᠨ

ᠪᠦᠷᠢᠯᠳᠦᠭᠦᠯᠪᠡᠰᠦ ᠵᠤᠬᠢᠬᠤ ᠬᠠᠮᠤᠭ ᠤᠨ ᠨᠠᠭᠠᠳᠦ ᠵᠠᠬ᠎ᠠ ᠶᠢᠨ᠂ ᠬᠠᠮᠤᠭ ᠤᠨ ᠦᠨᠳᠦᠰᠦᠨ ᠶᠣᠰᠣ ᠰᠣᠷᠳᠠᠬᠤᠨ ᠤ

ᠬᠡᠪ ᠴᠢᠨ᠋ᠨᠷ ᠢ ᠬᠡᠯᠡᠵᠦ ᠪᠤᠢ᠃ ᠳᠡᠭᠡᠪᠡᠯ ᠮᠠᠨ ᠤ ᠦᠷᠭᠦᠯᠵᠢ ᠶᠠᠷᠢᠳᠠᠭ ᠪᠠᠭᠰᠢ ᠶᠢᠨ ᠶᠣᠰᠣ ᠰᠣᠷᠳᠠᠬᠤᠨ ᠭᠡᠳᠡᠭ ᠨᠢ

ᠭᠤᠣᠯᠳᠠᠭᠤ ᠪᠠᠭᠰᠢ ᠶᠢᠨ ᠳᠣᠬᠠᠢᠢᠯᠠᠬᠰᠠᠨ ᠠᠵᠢᠯ ᠤᠨ ᠶᠤᠰᠣ ᠰᠣᠷᠳᠠᠬᠤᠨ ᠢ ᠵᠢᠭᠠᠵᠦ ᠪᠠᠶᠢᠭ᠎ᠠ ᠶᠤᠮ᠃ ᠳᠠᠷᠣᠢ

ᠪᠠᠭᠰᠢ ᠪᠤᠯᠤᠨ ᠠᠯᠢᠪᠠ ᠰᠣᠷᠭᠠᠨ ᠬᠦᠮᠦᠵᠢᠯ ᠤᠨ ᠠᠵᠢᠯᠳᠠᠨ ᠤ ᠵᠢᠭᠠᠨ ᠰᠣᠷᠭᠠᠯᠳᠠ ᠶᠢᠨ ᠠᠵᠢᠯ ᠤᠨ ᠳᠣᠮᠳᠠ          

 ᠪᠠᠨ ᠡᠷᠬᠡᠪᠰᠢ ᠵᠢᠷᠣᠮᠯᠠᠬᠤ ᠴᠢᠬᠤᠯᠠᠳᠠᠢ ᠶᠣᠰᠣ ᠰᠣᠷᠳᠠᠬᠤᠨ ᠪᠤᠯᠤᠨ ᠦᠢᠯᠡ ᠠᠵᠢᠯᠯᠠᠭᠠᠨ ᠤ ᠳᠦᠷᠢᠮᠵᠢᠯ          

ᠪᠤᠯᠤᠨ᠎ᠠ᠃ ᠪᠠᠭᠰᠢ ᠶᠢᠨ ᠳᠣᠬᠠᠢᠢᠯᠠᠬᠰᠠᠨ ᠠᠵᠢᠯ ᠤᠨ ᠶᠣᠰᠦ ᠰᠣᠷᠳᠠᠬᠤᠨ ᠳᠤ ᠣᠯᠣᠰ ᠢᠶᠠᠨ ᠬᠠᠶᠢᠷᠠᠯᠠᠬᠤ᠂ ᠡᠪ

ᠬᠠᠮᠳᠦ ᠨᠠᠮ ᠢᠶᠠᠨ ᠬᠦᠷᠢᠶᠡᠯᠡᠬᠦ᠂ ᠰᠣᠷᠣᠬᠴᠢ ᠪᠠᠨ ᠬᠠᠶᠢᠷᠠᠯᠠᠬᠤ᠂ ᠪᠤᠰᠣᠳ ᠲᠤ ᠬᠡᠪ ᠳᠠᠭᠤᠷᠢᠶᠠᠯ ᠪᠤᠯᠬᠤ᠂ ᠪᠢᠴᠢᠭ

ᠵᠢᠭᠠᠵᠤ ᠬᠦᠮᠦᠨ ᠢ ᠬᠦᠮᠦᠵᠢᠭᠦᠯᠬᠦ᠂ ᠨᠠᠰᠣᠨ ᠳᠣᠷᠰᠢᠳᠠ ᠰᠣᠷᠣᠯᠴᠠᠬᠤ ᠵᠡᠷᠭᠡ ᠣᠯᠠᠨ ᠳᠠᠯ᠎ᠠ ᠶᠢᠨ ᠦᠷᠭᠡᠨ ᠳᠡᠯᠭᠡᠷ

ᠠᠭᠤᠯᠭ᠎ᠠ ᠶᠢ ᠪᠠᠭᠳᠠᠭᠠᠨ᠎ᠠ᠃

      ᠮᠢᠨᠤ ᠳᠡᠭᠡᠷ᠎ᠡ ᠶᠠᠷᠢᠬᠰᠠᠨ ᠪᠤᠯ ᠪᠠᠭᠰᠢ ᠶᠢᠨ ᠳᠣᠬᠠᠢᠢᠯᠠᠬᠰᠠᠨ ᠠᠵᠢᠯ ᠲᠠᠢ ᠬᠤᠯᠪᠤᠬᠳᠠᠬᠰᠠᠨ ᠶᠣᠰᠣ

ᠰᠣᠷᠳᠠᠬᠤᠨ ᠤ ᠠᠭᠤᠯᠭ᠎ᠠ ᠪᠤᠯᠤᠨ᠎ᠠ᠃ ᠳᠡᠭᠡᠪᠡᠯ ᠪᠢᠳᠡ ᠦᠪᠡᠷ ᠤᠨ ᠬᠡᠦᠬᠡᠳ᠂ ᠦᠪᠡᠷ ᠤᠨ ᠰᠣᠷᠣᠬᠴᠢᠳ ᠲᠤ ᠪᠠᠨ

ᠡᠨᠡ ᠳᠣᠬᠠᠢ ᠮᠤᠷᠠᠯ ᠤᠨ ᠬᠦᠮᠦᠵᠢᠯ ᠬᠢᠬᠦ ᠦᠶ᠎ᠡ ᠳᠤ᠂ ᠶᠠᠭᠤᠨ ᠤ ᠡᠮᠦᠨ᠎ᠡ ᠠᠪᠤ ᠡᠵᠢ ᠪᠠᠨ ᠬᠠᠶᠢᠷᠠᠯᠠᠬᠤ ᠳᠣᠬᠠᠢ

ᠬᠦᠮᠦᠵᠢᠯ ᠢ ᠣᠯᠭᠤᠪᠠᠯ ᠵᠤᠬᠢᠨ᠎ᠠ᠃ ᠣᠴᠢᠷ ᠨᠢ ᠠᠪᠤ ᠡᠵᠢ ᠬᠤᠶᠠᠷ ᠪᠤᠯ ᠬᠦᠮᠦᠨ ᠪᠦᠬᠦᠨ ᠤ ᠬᠠᠮᠤᠭ ᠤᠨ ᠳᠡᠭᠡᠳᠦ

ᠠᠮᠢᠳᠦ ᠶᠢᠨ ᠪᠤᠷᠬᠠᠨ ᠶᠣᠮ᠃ ᠠᠪᠤ ᠡᠵᠢ ᠶᠢᠨ ᠬᠠᠶᠢᠷ᠎ᠠ ᠪᠤᠯ ᠠᠯᠢᠪᠠ ᠬᠠᠶᠢᠷ᠎ᠠ ᠶᠢᠨ ᠳᠡᠭᠡᠳᠦ᠂ ᠠᠯᠢᠪᠠ

ᠬᠠᠶᠢᠷ᠎ᠠ ᠶᠢᠨ ᠡᠬᠢ ᠡᠭᠦᠰᠦᠯ ᠮᠦᠷᠳᠡᠭᠡᠨ ᠪᠠᠳᠦ ᠰᠠᠭᠤᠷᠢ ᠨᠢ ᠮᠦᠨ᠃ ᠡᠶᠢᠮᠦ ᠠᠴᠠ ᠦᠪᠡᠷ ᠤᠨ ᠠᠪᠤ ᠡᠵᠢ ᠪᠠᠨ

ᠬᠠᠶᠢᠷᠠᠯᠠᠬᠤ ᠦᠭᠡᠢ᠂ ᠨᠡᠩ ᠴᠠᠭᠠᠰᠢᠯᠠᠨ ᠠᠪᠤ ᠡᠵᠢ ᠪᠠᠨ ᠠᠴᠢᠯᠠᠨ ᠳᠡᠭᠡᠳᠦᠯᠡᠬᠦ ᠶᠢ ᠮᠡᠳᠡᠳᠡᠭ ᠦᠭᠡᠢ ᠬᠦᠮᠦᠨ

ᠪᠤᠰᠣᠳ ᠵᠦᠢᠯ ᠳᠤ ᠬᠠᠶᠢᠷᠠᠳᠠᠢ ᠪᠤᠯᠬᠤ ᠪᠤᠯᠤᠯᠴᠠᠭ᠎ᠠ ᠶᠠᠭ ᠪᠠᠶᠢᠬᠤ ᠦᠭᠡᠢ᠃ ᠠᠪᠤ ᠡᠵᠢ ᠶᠢᠨ ᠬᠠᠶᠢᠷ᠎ᠠ ᠶᠢ

ᠮᠡᠳᠡᠷᠡᠵᠦ ᠴᠢᠳᠠᠪᠠᠯ ᠰᠠᠶ᠋ᠢ ︽ᠬᠠᠶᠢᠷ᠎ᠠ︾ ᠭᠡᠳᠡᠭ ᠦᠭᠡ ᠶᠢᠨ ᠣᠬᠠᠭᠠᠨ ᠢ ᠡᠬᠢᠯᠡᠵᠦ ᠣᠢᠢᠯᠠᠭᠠᠨ᠎ᠠ᠃

      ᠳᠡᠭᠡᠪᠠᠯ ᠶᠠᠭᠠᠬᠢᠭᠠᠳ ᠪᠠᠭᠰᠢ ᠶᠢᠨ ᠶᠣᠰᠦ ᠰᠣᠷᠳᠠᠬᠤᠨ ᠤ ᠪᠦᠳᠦᠭᠡᠨ ᠪᠠᠶᠢᠭᠤᠯᠣᠯᠳᠠ ᠡᠶᠢᠮᠦᠷᠬᠦᠤ ᠴᠢᠬᠤᠯᠠ

ᠪᠠᠶᠢᠷᠢᠨ ᠳᠤ ᠪᠠᠶᠢᠭ᠎ᠠ ᠪᠤᠢ ᠭᠡᠪᠡᠯ᠂ ᠡᠨᠡ ᠪᠤᠯ ᠪᠠᠭᠰᠢ ᠶᠢᠨ ᠬᠤᠪᠢ ᠬᠦᠮᠦᠨ ᠤ ᠬᠦᠭᠵᠢᠯᠳᠡ ᠶᠢᠨ ᠵᠠᠶᠢᠯᠠᠰᠢ          

ᠦᠭᠡᠢ ᠣᠷᠢᠳᠠᠯ ᠨᠦᠬᠦᠴᠡᠯ ᠪᠤᠯᠬᠤ ᠪᠠᠷ ᠪᠠᠷᠠᠬᠤ ᠦᠭᠡᠢ ᠵᠢᠭᠠᠨ ᠰᠣᠷᠭᠠᠬᠤ ᠠᠵᠢᠯ ᠤᠨ ᠬᠢᠨᠢ ᠭᠤᠣᠯᠳᠠᠯᠭ᠎ᠠ          

ᠪᠤᠯᠤᠨ᠎ᠠ᠃ ᠶᠠᠭᠠᠬᠢᠭᠠᠳ ᠢᠩᠬᠢᠵᠦ ᠶᠠᠷᠢᠵᠦ ᠪᠠᠶᠢᠨ᠎ᠠ ᠪᠤᠢ ᠭᠡᠬᠦ ᠪᠠᠷ᠂ ᠪᠠᠭᠰᠢ ᠬᠦᠮᠦᠨ ᠤ ᠬᠠᠮᠤᠭ ᠤᠨ ᠭᠤᠣᠯ

ᠠᠵᠢᠯ ᠪᠤᠯ ᠪᠢᠴᠢᠭ ᠵᠢᠭᠠᠵᠦ ᠬᠦᠮᠦᠨ ᠢ ᠬᠦᠮᠦᠵᠢᠭᠦᠯᠬᠦ ᠠᠵᠢᠯ ᠪᠤᠯᠤᠨ᠎ᠠ᠃ ᠳᠠᠷᠣᠢ ᠪᠢᠴᠢᠭ ᠡᠷᠳᠡᠮ ᠢ ᠵᠢᠭᠠᠬᠤ ᠪᠠᠷ

ᠳᠠᠮᠵᠢᠭᠤᠯᠤᠨ ᠰᠤᠷᠤᠭᠴᠢᠳ ᠢᠶᠠᠨ ᠬᠦᠮᠦᠨ ᠪᠤᠯᠭᠠᠨ ᠬᠦᠮᠦᠵᠢᠭᠦᠯᠦᠨ᠎ᠡ᠃ ᠪᠢᠴᠢᠭ ᠡᠷᠳᠡᠮ ᠵᠢᠭᠠᠵᠦ ᠪᠠᠶᠢᠭ᠎ᠠ ᠶᠢᠨ

ᠬᠠᠮᠤᠭ ᠤᠨ ᠡᠴᠦᠰ ᠤᠨ ᠵᠤᠷᠢᠯᠭ᠎ᠠ ᠨᠢ ᠵᠢᠭᠠᠬᠤ ᠪᠢᠴᠢᠭ ᠲᠤ ᠳᠣᠬᠢᠷᠠᠭᠤᠯᠣᠬᠰᠠᠨ ᠬᠢᠴᠢᠶᠡᠯ ᠪᠦᠬᠦᠨ ᠢ ᠣᠷᠣᠰᠣᠮ᠎ᠠ

ᠳᠣᠳᠣ ᠤᠩᠰᠢᠭᠤᠯᠣᠭᠠᠳ᠂ ᠰᠡᠳᠦᠪ ᠪᠦᠬᠦᠨ ᠢ ᠵᠦᠪ ᠣᠨᠣᠪᠴᠢᠳᠠᠢ ᠪᠤᠳᠣᠵᠦ ᠴᠢᠳᠠᠭᠤᠯᠣᠭᠠᠳ ᠯᠠ ᠪᠤᠯᠴᠢᠬᠠᠬᠤ

ᠪᠢᠰᠢ᠂ ᠬᠠᠷᠢᠨ ᠡᠭᠦᠨ ᠢᠶᠠᠷ ᠳᠠᠮᠵᠢᠨ ᠬᠡᠦᠬᠡᠳ ᠢᠶᠠᠨ ᠬᠦᠮᠦᠨ ᠪᠤᠯᠭᠠᠨ ᠬᠦᠮᠦᠵᠢᠭᠦᠯᠦᠨ᠎ᠡ᠂ ᠳᠡᠳᠡ ᠨᠠᠷ ᠲᠤ

ᠠᠮᠢᠳᠣᠷᠠᠬᠤ ᠶᠢᠨ ᠠᠷᠭ᠎ᠠ ᠣᠬᠠᠭᠠᠨ ᠢ ᠵᠢᠭᠠᠨ᠎ᠠ᠂ ᠣᠷᠣᠰᠢᠨ ᠲᠤᠭᠳᠠᠨᠢᠬᠤ ᠶᠢᠨ ᠣᠷ᠎ᠠ ᠮᠡᠷᠭᠡᠰᠢᠯ ᠢ ᠰᠣᠶᠣᠷᠬᠠᠬᠤ ᠨᠢ

ᠴᠢᠬᠤᠯᠠ ᠠᠴᠠ ᠴᠢᠬᠤᠯᠠ ᠶᠤᠮ᠃ ᠦᠩᠭᠡᠷᠡᠭᠰᠡᠨ ᠳᠤ ᠮᠠᠨ ᠤ ᠡᠪᠦᠭᠡᠨ ᠪᠤᠭᠤᠷᠤᠯᠴᠣᠳ ᠳᠠᠩᠳᠠ ︽ᠰᠣᠷᠭᠠᠭᠤᠯᠢ

ᠰᠣᠶᠣᠯ ᠤᠨ ᠮᠦᠷ ᠢᠶᠠᠨ ᠳᠣᠳᠠᠭᠤ ᠳᠣᠷᠭᠤᠨ ᠵᠤᠬᠰᠣᠵᠦ ᠪᠤᠯᠬᠤ ᠦᠭᠡᠢ᠂ ᠨᠤᠮ ᠢ ᠨᠢ ᠰᠣᠷᠬᠤ ᠦᠭᠡᠢ ᠳᠤ

ᠨᠤᠮᠤᠬᠠᠨ ᠢ ᠨᠢ ᠰᠣᠷᠬᠤ ᠦᠭᠡᠢ ᠦᠦ ᠳ᠋ᠠ︾ ᠭᠡᠵᠦ ᠬᠠᠭᠤᠴᠢᠯᠠᠳᠠᠭ ᠪᠠᠶᠢᠬᠰᠠᠨ᠃ ᠡ᠊ᠨᠳᠡ ᠶᠠᠷᠢᠵᠦ ᠪᠠᠶᠢᠭ᠎ᠠ

︽ᠨᠣᠮᠣᠬᠠᠨ︾ ᠭᠡᠳᠡᠭ ᠳᠠᠷᠣᠢ ᠶᠤᠰᠣ ᠮᠣᠷᠠᠯ᠂ ᠬᠡᠪ ᠰᠣᠷᠳᠠᠯ ᠢ ᠶᠠᠷᠢᠵᠦ ᠪᠠᠶᠢᠨ᠎ᠠ᠃ ᠲᠡᠭᠡᠪᠡᠯ ᠮᠢᠨᠦ ᠦᠵᠡᠬᠦ ᠪᠠᠷ ᠨᠢᠭᠡᠨ

ᠪᠣᠯᠪᠠᠰᠤᠨ ᠮᠤᠷᠠᠯ ᠲᠠᠢ ᠪᠠᠭᠰᠢ ᠪᠤᠯᠵᠦ ᠬᠥᠮᠦᠵᠢᠭᠳᠡᠬᠦ ᠳᠤ ᠡᠩ ᠲᠡᠷᠢᠭᠦᠨ ᠳᠤ ᠳᠠᠷᠠᠭᠠᠬᠢ ᠬᠤᠶᠠᠷ ᠲᠠᠯ᠎ᠠ ᠶᠢ

ᠠᠩᠬᠠᠷᠬᠤ ᠴᠢᠬᠤᠯᠠᠲᠠᠢ ᠪᠠᠶᠢᠨ᠎ᠠ᠃

      ᠨᠢᠭᠡ᠂ ᠰᠣᠷᠣᠬᠴᠢᠳ ᠲᠤ ᠪᠠᠨ ᠳᠠᠭᠠᠯᠠᠬᠳᠠᠬᠰᠠᠨ ᠪᠠᠭᠰᠢ ᠪᠤᠯᠬᠤ

      ᠦᠪᠡᠷ ᠤᠨ ᠬᠦᠭᠡᠷᠦᠬᠦᠨ ᠴᠣᠪᠣᠭᠤᠯᠢᠭ ᠬᠡᠦᠬᠡᠳ ᠲᠤ ᠪᠠᠨ ᠳᠠᠭᠠᠯᠠᠬᠳᠠᠬᠰᠠᠨ᠂ ᠪᠢᠰᠢᠷᠡᠭᠳᠡᠭᠰᠡᠨ᠂

ᠬᠦᠨᠳᠦᠳᠭᠡᠭᠳᠡᠭᠰᠡᠨ ᠪᠠᠭᠰᠢ ᠪᠤᠯᠤᠨ᠎ᠠ ᠭᠡᠳᠡᠭ ᠪᠤᠯ ᠪᠠᠭᠰᠢ ᠪᠤᠯᠤᠬᠰᠠᠨ ᠬᠦᠮᠦᠨ ᠪᠦᠬᠦᠳᠡ ᠶᠢᠨ ᠬᠠᠷᠠᠯᠳᠠ ᠪᠠᠶᠢᠵᠦ

ᠳᠠᠭᠠᠷᠠᠨ᠎ᠠ᠃ ᠳᠠᠷᠣᠢ ᠰᠣᠷᠣᠬᠴᠢ ᠶᠢᠨ ᠢᠶᠠᠨ ᠠᠩᠬᠠᠷᠣᠯ ᠢ ᠳᠠᠳᠠᠬᠰᠠᠨ᠂ ᠰᠣᠷᠣᠬᠴᠢᠳ ᠲᠤ ᠪᠠᠨ ᠰᠣᠷᠢᠨᠵᠢᠨ ᠲᠡᠮᠦᠷ

ᠮᠡᠳᠦ ᠰᠣᠷᠣᠬᠳᠠᠬᠰᠠᠨ ᠪᠠᠭᠰᠢ ᠪᠤᠯᠬᠤ ᠬᠡᠷᠡᠭᠳᠡᠢ᠃ ᠳᠡᠭᠡᠪᠡᠯ ᠶᠠᠭᠤ ᠪᠠᠷ ᠢᠶᠠᠨ ᠳᠠᠳᠠᠬᠳᠠᠬᠤ ᠪᠤᠢ︖ ᠶᠠᠭᠤ ᠪᠠᠷ ᠢᠶᠠᠨ

ᠰᠣᠷᠣᠬᠳᠠᠬᠤ ᠪᠤᠢ︖ ᠭᠠᠩᠭᠠᠩ ᠭᠡᠭᠡᠨᠴᠢᠷ ᠭᠠᠳᠠᠷ ᠳᠦᠷᠬᠦ ᠪᠠᠷ ᠢᠶᠠᠨ ᠦᠦ︖ ᠪᠢᠰᠢ᠂ ᠬᠠᠷᠢᠨ ᠪᠠᠭᠰᠢ ᠦᠪᠡᠷ ᠤᠨ

ᠰᠢᠯᠢᠳᠡᠭ ᠰᠠᠶᠢᠨ ᠬᠡᠪ ᠪᠤᠯᠪᠠᠰᠣᠷᠠᠯ ᠢᠶᠠᠷ ᠢᠶᠠᠨ ᠪᠣᠰᠣᠳ ᠢ ᠨᠦᠯᠦᠭᠡᠯᠡᠬᠦ  ᠳᠤ ᠣᠷᠣᠰᠢᠨ᠎ᠠ᠃ ᠰᠢᠯᠢᠳᠡᠭ ᠰᠠᠶᠢᠨ ᠬᠡᠪ

ᠪᠤᠯᠪᠠᠰᠣᠷᠠᠯ ᠬᠡᠬᠦ ᠠᠴᠠ ᠪᠠᠭᠰᠢ ᠶᠢᠨ ᠦᠭᠡ ᠶᠠᠷᠢᠶ᠎ᠠ᠂ ᠦᠢᠯᠡ ᠬᠦᠳᠡᠯᠦᠯ᠂ ᠵᠠᠩ ᠠᠷᠠᠨᠰᠢᠨ ᠴᠦᠮ ᠡᠭᠦᠨ ᠳᠤ

ᠪᠠᠭᠳᠠᠵᠦ ᠪᠤᠯᠤᠨ᠎ᠠ᠃ ᠲᠡᠭᠡᠭᠦ ᠮᠦᠷᠳᠡᠭᠡᠨ ᠪᠠᠭᠰᠢ ᠬᠦᠮᠦᠨ ᠤ ᠡᠳᠦᠷ ᠳᠣᠳᠣᠮ ᠤᠨ ᠵᠢᠵᠢᠭ ᠰᠠᠵᠢᠭ ᠬᠦᠳᠡᠯᠦᠯ ᠪᠠᠷᠢᠯ᠂

ᠦᠢᠯᠡ ᠠᠵᠢᠯᠯᠠᠭ᠎ᠠ᠂ ᠦᠭᠡ ᠶᠠᠷᠢᠶ᠎ᠠ ᠵᠢᠴᠢ ᠬᠢᠴᠢᠶᠡᠯ ᠤᠨ ᠳᠠᠩᠬᠢᠮ ᠠᠵᠢᠯᠯᠠᠭ᠎ᠠ ᠪᠦᠬᠦᠨ ᠳᠤ ᠴᠦᠮ ᠰᠣᠷᠭᠠᠨ

ᠬᠦᠮᠦᠵᠢᠯ ᠤᠨ ᠣᠬᠠᠭᠠᠨ ᠬᠦᠨ ᠠᠴᠠ ᠬᠦᠨ ᠳᠣᠳᠣ ᠠᠴᠠ ᠳᠣᠳᠣ ᠨᠡᠪᠴᠢᠵᠦ ᠪᠠᠶᠢᠳᠠᠭ ᠪᠢᠯᠡ᠃ ᠡᠶᠢᠮᠦ ᠠᠴᠠ

ᠪᠠᠭᠰᠢ ᠪᠤᠯᠤᠬᠰᠠᠨ ᠪᠢᠳᠡ ᠨᠠᠷ ᠡᠩ ᠤᠨ ᠴᠠᠭ ᠤᠨ ᠠᠵᠢᠯ ᠰᠣᠷᠣᠯᠴᠠᠯᠭ᠎ᠠ ᠳᠣᠮᠳᠠ ᠪᠠᠨ ᠦᠪᠡᠷ ᠤᠨ ᠦᠢᠯᠡ

ᠠᠵᠢᠯᠯᠠᠭ᠎ᠠ᠂ ᠦᠭᠡ ᠶᠠᠷᠢᠶ᠎ᠠ ᠪᠠᠨ ᠳᠦᠷᠢᠮᠵᠢᠭᠦᠯᠦᠨ ᠡᠷᠭᠢᠨ ᠳᠣᠭᠤᠷᠢᠨ ᠳᠠᠬᠢ ᠬᠦᠮᠦᠰ ᠲᠤ ᠪᠠᠨ ᠬᠡᠪ ᠳᠠᠭᠤᠷᠢᠶᠠᠯ

ᠪᠣᠯᠬᠤ ᠭᠡᠷᠡᠭᠳᠡᠢ᠃ ᠳᠡᠭᠡᠪᠡᠯ ᠵᠢᠩᠬᠢᠨᠢ ᠪᠣᠰᠣᠳ ᠤᠨ ᠬᠦᠷᠢᠶᠡᠯᠡᠯ ᠢ ᠣᠯᠣᠬᠰᠠᠨ ᠰᠠᠶᠢᠨ ᠪᠠᠭᠰᠢ ᠪᠤᠯᠤᠶ᠎ᠠ ᠭᠡᠪᠡᠯ᠂

ᠳᠡᠭᠡᠷᠡᠬᠢ ᠬᠡᠳᠦᠨ ᠵᠦᠢᠯ ᠢ ᠠᠩᠬᠠᠷᠣᠭᠠᠳ ᠯᠠ ᠭᠦᠢᠴᠡᠬᠦ ᠪᠢᠰᠢ᠂ ᠬᠠᠷᠢᠨ ᠳᠡᠳᠡᠭᠡᠷ ᠬᠦᠮᠦᠨ ᠤ ᠰᠡᠳᠬᠢᠯ ᠢ ᠣᠯᠬᠤ

ᠬᠡᠷᠡᠭᠳᠡᠢ᠂ ᠳᠡᠳᠡᠭᠡᠷ ᠬᠦᠮᠦᠨ ᠲᠠᠢ ᠰᠡᠳᠬᠢᠯ ᠢᠶᠠᠷ ᠢᠶᠠᠨ ᠨᠠᠶᠢᠵᠢᠯᠠᠬᠤ ᠬᠡᠷᠡᠭᠳᠡᠢ᠂ ᠳᠡᠳᠡᠭᠡᠷ ᠬᠦᠮᠦᠨ ᠢ ᠬᠦᠮᠦᠨ

ᠴᠢᠨᠠᠷ ᠢᠶᠠᠷ ᠢᠶᠠᠨ ᠨᠦᠯᠦᠭᠡᠯᠡᠬᠦ ᠬᠡᠷᠡᠭᠳᠡᠢ᠃ ᠢᠩᠭᠢᠪᠡᠯ ᠰᠠᠶ᠋ᠢ ᠨᠢᠭᠡᠨ ᠵᠢᠩᠬᠢᠨᠢ ᠪᠤᠰᠣᠳ ᠲᠤ ᠬᠦᠨᠳᠦᠯᠡᠭᠳᠡᠭᠰᠡᠨ᠂

ᠪᠢᠰᠢᠷᠡᠭᠳᠡᠭᠰᠡᠨ ᠰᠠᠶᠢᠨ ᠪᠠᠭᠰᠢ ᠪᠤᠯᠵᠦ ᠴᠢᠳᠠᠨ᠎ᠠ᠃ ᠢᠩᠬᠢᠭᠡᠳ ᠪᠢᠳᠡ ᠨᠠᠷ ᠬᠡᠷᠪᠡ ᠦᠨᠡᠬᠡᠷ ᠰᠣᠷᠣᠬᠴᠢ

ᠪᠦᠬᠦᠨ ᠤ ᠪᠠᠨ ᠰᠡᠳᠬᠢᠯ ᠳᠤ ᠳᠠᠭᠠᠯᠠᠬᠳᠠᠬᠰᠠᠨ᠂ ᠰᠣᠷᠣᠬᠴᠢ ᠪᠦᠬᠦᠨ ᠳᠤ ᠪᠠᠨ ᠪᠢᠰᠢᠷᠡᠭᠳᠡᠭᠰᠡᠨ᠂ ᠬᠦᠨᠳᠦᠯᠡᠭᠳᠡᠭᠰᠡᠨ

ᠪᠠᠭᠰᠢ ᠪᠤᠯᠴᠢᠬᠠᠪᠠᠯ ᠮᠠᠨ ᠤ ᠰᠣᠷᠭᠠᠨ ᠬᠦᠮᠦᠵᠢᠯ ᠤᠨ ᠠᠵᠢᠯ ᠨᠢ ᠠᠩᠬᠠᠨ ᠤ ᠠᠯᠬᠤᠮ ᠢᠶᠠᠨ ᠠᠮᠵᠢᠯᠳᠠ ᠲᠠᠢ

ᠠᠯᠬᠤᠬᠰᠠᠨ ᠶᠠᠪᠤᠳᠠᠯ ᠪᠤᠯᠤᠨ᠎ᠠ᠃ ᠡ᠊ᠨᠡ ᠭᠦ ᠠᠩᠬᠠᠨ ᠤ ᠠᠯᠬᠤᠮ ᠢ ᠠᠮᠵᠢᠯᠳᠠ ᠲᠠᠢ ᠠᠯᠬᠤᠭᠠᠳ ᠴᠢᠳᠠᠴᠢᠬᠠᠪᠠᠯ

ᠬᠤᠶᠢᠰᠢᠳᠡ ᠶᠢᠨ ᠵᠢᠭᠠᠨ ᠰᠣᠷᠭᠠᠯᠳᠠ ᠶᠢᠨ ᠠᠯᠢᠪᠠ ᠠᠵᠢᠯ ᠬᠢᠳᠡᠯ ᠲᠠᠨᠢ ᠢᠯᠭᠤᠮ ᠣᠷᠣᠬᠰᠢᠳᠠᠢ ᠪᠤᠯᠬᠤ ᠪᠠᠷ ᠪᠠᠷᠠᠬᠤ

ᠦᠭᠡᠢ ᠦᠶ᠎ᠡ ᠶᠢᠨ ᠦᠶ᠎ᠡ ᠬᠦᠮᠦᠵᠢᠭᠦᠯᠦᠨ ᠰᠣᠷᠭᠠᠬᠰᠠᠨ ᠦᠷ᠎ᠡ ᠬᠤᠶᠢᠴᠢᠰ᠂ ᠰᠣᠷᠣᠬᠴᠢᠳ ᠴᠢᠨᠢ ᠲᠠᠨ ᠤ ᠠᠴᠢ

ᠡᠨᠡᠷᠢᠯ ᠢ ᠴᠢᠨᠢ ᠦᠨᠢᠳᠡ ᠳᠤᠷᠠᠰᠬᠤ ᠨᠢ ᠯᠠᠪᠳᠠᠢ ᠶᠤᠮ᠃

      ᠬᠤᠶᠠᠷ᠂ ᠠᠭᠤᠳᠠᠮ ᠪᠠᠭᠳᠠᠭᠠᠮᠵᠢᠳᠠᠢ ᠪᠠᠭᠰᠢ ᠪᠤᠯᠬᠤ

      ᠠᠯᠳᠠᠨ ᠨᠠᠷᠠᠨ ᠤ ᠡᠶᠡᠪᠡᠷᠬᠦᠦ ᠳᠣᠶᠠᠭ᠎ᠠ ᠶᠢᠷᠳᠢᠨᠴᠦ ᠶᠢᠨ ᠠᠮᠢᠳᠠᠨ ᠪᠤᠳᠠᠰ ᠪᠦᠬᠦᠨ ᠢ ᠬᠡᠷᠡᠯᠳᠦᠭᠦᠯᠦᠨ

ᠬᠡᠶᠢᠭᠦᠯᠬᠦ ᠲᠠᠢ ᠠᠳᠠᠯᠢ ᠪᠠᠷ ᠬᠦᠮᠦᠨ ᠳᠦᠷᠦᠯᠬᠢᠳᠡᠨ ᠤ ᠣᠶᠣᠨ ᠤ ᠢᠨᠵᠧᠨᠧᠷ ᠪᠤᠯᠤᠬᠰᠠᠨ ᠪᠠᠭᠰᠢ ᠨᠠᠷ ᠪᠢᠳᠡ

ᠬᠠᠶᠢᠷ᠎ᠠ ᠡᠨᠡᠷᠢᠯ ᠢᠶᠠᠨ ᠰᠣᠷᠣᠬᠴᠢ ᠪᠦᠬᠦᠨ ᠳᠤ ᠪᠠᠨ ᠠᠳᠠᠯᠢ ᠳᠡᠭᠰᠢ ᠪᠠᠷ ᠢᠪᠡᠭᠡᠬᠦ ᠬᠡᠷᠡᠭᠳᠡᠢ᠃ ᠨᠡᠩ ᠢᠯᠠᠩᠭᠤᠶ᠎ᠠ

ᠳᠡᠳᠡᠭᠡᠷ ᠣᠨᠴᠠᠭᠠᠢ ᠰᠣᠷᠣᠬᠴᠢ ︵ᠰᠣᠷᠤᠯᠭ᠎ᠠ ᠳᠤ ᠪᠠᠨ ᠬᠦᠴᠢᠷᠳᠡᠬᠦ ᠰᠣᠷᠣᠬᠴᠢ᠂ ᠬᠡᠷ ᠪᠦᠯᠢ ᠨᠢ ᠠᠰᠠᠭᠤᠳᠠᠯ ᠲᠠᠢ

ᠰᠣᠷᠣᠬᠴᠢ᠂ ᠦᠨᠦᠴᠢᠨ ᠦᠷᠦᠭᠡᠰᠦᠨ ᠬᠡᠦᠬᠡᠳ᠂ ᠣᠶᠣᠨ ᠤ ᠠᠷᠬᠠᠭ ᠲᠠᠢ ᠬᠡᠦᠬᠡᠳ ᠵᠡᠷᠭᠡ︶ ᠪᠠᠨ ᠪᠤᠰᠣᠳ

ᠰᠣᠷᠣᠬᠴᠢ ᠲᠠᠢ ᠪᠠᠨ ᠠᠳᠠᠯᠢ ᠪᠠᠷ ᠬᠠᠶᠢᠷᠠᠯᠠᠬᠤ ᠶᠢ ᠣᠨᠴᠠ ᠠᠩᠬᠠᠷᠬᠤ ᠬᠡᠷᠡᠭᠳᠡᠢ᠃ ︽ᠠᠳᠣᠭᠤᠨ ᠤ ᠠᠯᠠᠭ

ᠰᠠᠶᠢᠬᠠᠨ᠂ ᠠᠶᠠᠭᠠᠨ ᠤ ᠠᠯᠠᠭ ᠮᠠᠭᠤᠬᠠᠢ︾ ᠭᠡᠳᠡᠭᠴᠢᠯᠡᠨ ᠰᠣᠷᠣᠬᠴᠢ ᠪᠦᠬᠦᠨ ᠳᠤ ᠪᠠᠨ ᠠᠳᠠᠯᠢ ᠳᠡᠭᠰᠢ ᠪᠠᠷ

ᠬᠠᠨᠳᠣᠬᠤ ᠪᠤᠯ ᠪᠠᠭᠰᠢ ᠬᠦᠮᠦᠨ ᠤ ᠵᠢᠷᠣᠮᠯᠠᠪᠠᠰᠦ ᠵᠤᠬᠢᠬᠤ ᠬᠡᠪ ᠰᠣᠷᠳᠠᠯ ᠪᠤᠯᠤᠨ᠎ᠠ᠃

      ᠳᠡᠭᠡᠷ᠎ᠡ ᠶᠠᠷᠢᠭᠰᠠᠨ ᠠᠴᠠ ᠪᠢᠳᠡ ᠰᠣᠷᠭᠠᠨ ᠬᠦᠮᠦᠵᠢᠯ ᠭᠡᠳᠡᠭ ᠪᠤᠯ ᠪᠢᠴᠢᠭ ᠵᠢᠭᠠᠵᠦ ᠬᠦᠮᠦᠨ ᠢ

ᠬᠦᠮᠦᠵᠢᠭᠦᠯᠬᠦ ᠪᠠᠷ ᠠᠵᠢᠯ ᠤᠨ ᠢᠶᠠᠨ ᠭᠤᠣᠯᠳᠠᠯᠭ᠎ᠠ ᠪᠠᠨ ᠪᠤᠯᠭᠠᠵᠦ ᠰᠣᠷᠣᠬᠴᠢᠳ  ᠲᠤ ᠡᠷᠳᠡᠮ ᠮᠡᠳᠡᠯᠭᠡ ᠶᠢ ᠪᠠᠳᠣᠳᠠᠢ

ᠡᠵᠡᠮᠰᠢᠭᠦᠯᠦᠨ ᠬᠥᠮᠦᠨ ᠪᠣᠯᠬᠤ ᠳᠤ ᠨᠢ ᠪᠠᠳᠦ ᠪᠠᠬᠢ ᠰᠠᠭᠤᠷᠢ ᠶᠢ ᠳᠠᠯᠪᠢᠬᠤ ᠪᠠᠷ ᠠᠵᠢᠯ ᠤᠨ ᠢᠶᠠᠨ ᠴᠢᠭᠯᠡᠭᠦᠷ

ᠪᠤᠯᠭᠠᠬᠤ ᠬᠡᠷᠡᠭᠳᠡᠢ ᠭᠡᠳᠡᠭ ᠢ ᠣᠯᠠᠮ ᠨᠢᠭᠡ ᠠᠯᠬᠤᠮ ᠭᠦᠨᠵᠡᠭᠡᠢ ᠣᠢᠢᠯᠠᠭᠠᠵᠦ ᠮᠡᠳᠡᠵᠤ ᠪᠤᠯᠤᠨ᠎ᠠ᠃

      ᠰᠣᠷᠭᠠᠭᠤᠯᠢ ᠳᠤ ᠥᠨᠳᠦᠷ ᠰᠦᠷᠯᠢᠭ ᠠᠰᠠᠷ ᠳᠠᠬᠳᠦ ᠴᠢᠬᠤᠯᠠ ᠪᠢᠰᠢ᠂ ᠬᠠᠷᠢᠨ ᠳᠦᠢᠯ ᠤᠨ ᠡᠭᠡᠯ

ᠪᠤᠷᠤᠬᠵᠢᠭᠤᠨ ᠪᠠᠷᠢᠯᠭ᠎ᠠ᠂ ᠡᠶᠡᠪᠡᠷᠭᠦᠦ ᠨᠠᠮᠵᠢᠭᠤᠨ ᠰᠣᠷᠣᠯᠭ᠎ᠠ ᠶᠢᠨ ᠣᠷᠴᠢᠨ᠂ ᠦᠨᠳᠦᠷ ᠳᠦᠪᠰᠢᠨ ᠪᠦᠬᠦᠢ

ᠡᠷᠳᠡᠮᠳᠡᠨ ᠪᠠᠭᠰᠢ ᠨᠠᠷ ᠴᠢᠬᠤᠯᠠ ᠠᠴᠠ ᠴᠢᠬᠤᠯᠠ᠂ ᠡᠷᠬᠢᠮ ᠠᠴᠠ ᠡᠷᠬᠢᠮ ᠦᠨᠠᠳᠤ ᠨᠠᠨᠳᠢᠨ ᠦᠪ ᠬᠦᠷᠦᠩᠭᠡ          

ᠮᠦᠨ᠃ ᠰᠣᠷᠭᠠᠭᠤᠯᠢ ᠳᠤ ᠪᠠᠭᠰᠢ ᠶᠢᠨ ᠰᠣᠷᠣᠯᠭ᠎ᠠ ᠶᠢᠨ ᠨᠠᠮᠳᠠᠷ᠂ ᠪᠠᠭᠰᠢᠷᠠᠬᠰᠠᠨ ᠣᠯᠠᠨ ᠦᠨᠡᠮᠯᠡᠯ ᠤᠨ ᠳᠡᠪᠳᠡᠷ

ᠳᠡᠶᠢᠮᠦ ᠴᠢᠬᠤᠯᠠ ᠪᠢᠰᠢ᠂ ᠬᠠᠷᠢᠨ ᠪᠠᠭᠰᠢ ᠶᠢᠨ ᠬᠢᠷᠢ ᠬᠡᠮ᠂ ᠬᠡᠪ ᠪᠤᠯᠪᠠᠰᠣᠷᠠᠯ ᠴᠢᠬᠤᠯᠠ᠂ ᠠᠵᠢᠯ ᠢᠶᠠᠨ ᠭᠡᠰᠡᠨ

ᠬᠠᠯᠠᠭᠤᠨ ᠰᠡᠳᠬᠢᠯᠭᠡ᠂ ᠦᠢᠯᠡᠰ ᠢᠶᠠᠨ ᠭᠡᠰᠡᠨ ᠬᠠᠷᠢᠭᠤᠴᠠᠯᠭᠠᠳᠦ ᠤᠪᠣᠷ ᠬᠠᠮᠤᠭ ᠠᠴᠠ ᠴᠢᠬᠤᠯᠠ ᠶᠤᠮ᠃

      ᠨᠢᠭᠡ ᠬᠦᠮᠦᠨ ᠰᠠᠶᠢᠨ ᠪᠠᠭᠰᠢ ᠲᠠᠢ ᠳᠣᠬᠢᠶᠠᠯᠳᠣᠪᠠᠯ ᠨᠢᠭᠡ ᠨᠠᠰᠣᠨ ᠤ ᠠᠵᠠ ᠵᠢᠷᠭᠠᠯ᠂ ᠵᠤᠯ          

ᠵᠠᠪᠰᠢᠶᠠᠨ᠃ ᠨᠢᠭᠡ ᠰᠣᠷᠭᠠᠭᠤᠯᠢ ᠨᠢ ᠰᠢᠯᠢᠳᠡᠭ ᠪᠠᠭᠰᠢ ᠲᠠᠢ ᠪᠤᠯ ᠰᠣᠷᠭᠠᠭᠤᠯᠢ ᠶᠢᠨ ᠦᠩᠭᠡ ᠭᠡᠷᠡᠯ᠂ ᠢᠷᠠᠭᠤ

ᠠᠯᠳᠠᠷ᠃ ᠨᠢᠭᠡ ᠦᠨᠳᠦᠰᠦᠳᠡᠨ ᠣᠯᠠᠨ ᠣᠯᠠᠨ ᠰᠢᠯᠢᠳᠡᠭ ᠪᠠᠭᠰᠢ ᠲᠠᠢ ᠪᠤᠯ ᠦᠨᠳᠦᠰᠦᠳᠡᠨ ᠤ ᠢᠷᠡᠭᠡᠳᠦᠢ ᠭᠡᠭᠡᠨ

ᠰᠠᠷᠠᠭᠤᠯ ᠪᠤᠯᠤᠨ᠎ᠠ᠃

      ︽ᠰᠤᠷᠭᠠᠨ ᠬᠥᠮᠦᠵᠢᠯ︾ ᠬᠡᠮᠡᠬᠦ ᠲᠣᠮᠤᠬᠠᠨ ᠡᠩᠨᠡᠭᠡᠨ ᠳᠤ ᠨᠢᠷᠤᠭᠤ ᠭᠡᠳᠠᠶᠢᠨ ᠵᠤᠬᠰᠣᠵᠦ ᠪᠠᠶᠢᠭ᠎ᠠ ᠪᠠᠭᠰᠢ

ᠨᠠᠷ ᠪᠢᠳᠡ᠂ ᠡᠷᠬᠢᠮ ᠦᠢᠯᠡᠰ ᠢᠶᠠᠨ ᠳᠡᠭᠡᠳᠦᠯᠡᠵᠦ ᠶᠠᠪᠤᠶ᠎ᠠ᠂ ᠡᠪᠡᠢ ᠬᠡᠦᠬᠡᠳ ᠢᠶᠠᠨ ᠬᠠᠶᠢᠷᠠᠯᠠᠵᠦ ᠶᠠᠪᠤᠶ᠎ᠠ᠂ ᠠᠷᠠᠯ ᠤᠨ

ᠱᠠᠷ ᠰᠢᠬ ᠵᠢᠳᠭᠦᠵᠦ ᠶᠠᠪᠤᠶ᠎ᠠ᠂ ᠠᠯᠠᠭ ᠦᠭᠡᠢ ᠰᠡᠳᠭᠢᠯ ᠢᠶᠠᠷ ᠴᠢᠷᠮᠠᠶᠢᠨ ᠠᠵᠢᠯᠯᠠᠵᠠᠭᠠᠶ᠎ᠠ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠪᠠᠭᠠᠷᠢᠨ ᠵᠡᠭᠦᠨ ᠬᠤᠰᠢᠭᠤᠨ ᠤ 

                               ᠵᠢᠭᠠᠬᠤ ᠶᠢ ᠰᠤᠳᠤᠯᠬᠤ ᠲᠥᠪ

                               ︵ᠠᠯᠳᠠᠨᠰᠦ᠋ᠭᠡ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map