ᠰᠢᠨ᠎ᠡ ᠪᠠᠭᠰᠢ ᠶᠢ ᠬᠦᠮᠦᠵᠢᠭᠦᠯᠦᠨ ᠪᠤᠯᠪᠠᠰᠣᠷᠠᠭᠤᠯᠬᠤ ᠠᠵᠢᠯ ᠢ ᠬᠦᠨᠳᠣᠳᠭᠡᠨ ᠠᠳᠬᠤᠬᠤ ᠶᠢᠨ ᠴᠢᠬᠤᠯᠠ ᠴᠢᠨᠠᠷ
ᠨᠡᠶᠢᠲᠡᠯᠡᠭᠰᠡᠨ ᠴᠠᠭ᠄
2024/8/15
                   ᠰᠡᠴᠡᠨᠴᠢᠮᠡᠭ   ᠰᠣᠳᠣᠴᠡᠴᠡᠭ

教师风采1.png

 

      ᠰᠤᠷᠭᠠᠭᠤᠯᠢ ᠶᠢᠨ ᠭᠤᠣᠯ ᠠᠵᠢᠯ ᠪᠣᠯ ᠰᠣᠷᠭᠠᠨ ᠬᠦᠮᠦᠵᠢᠯ ᠵᠢᠭᠠᠨ ᠰᠣᠷᠭᠠᠯᠳᠠ ᠶᠢᠨ ᠠᠵᠢᠯ ᠮᠦᠨ᠃ ᠡᠨᠡ

ᠬᠦ ᠠᠵᠢᠯ ᠢ ᠪᠠᠭᠰᠢ ᠨᠠᠷ ᠭᠠᠷᠳᠠᠨ ᠬᠦᠢᠴᠡᠳᠭᠡᠳᠡᠭ᠃ ᠨᠢᠭᠡᠨ ᠰᠢᠯᠢᠳᠡᠭ ᠪᠠᠭᠰᠢ᠂ ᠢᠳᠡᠷ ᠵᠠᠯᠠᠭᠤ ᠪᠠᠭᠰᠢ᠂ ᠭᠠᠯ

ᠵᠠᠯᠠᠭᠤ ᠪᠠᠭᠰᠢ ᠶᠢᠨ ᠡᠩᠨᠡᠭᠡ ᠪᠠᠶᠢᠮᠠᠨᠵᠢᠨ ᠰᠠᠶ᠋ᠢ ᠨᠢᠭᠡᠨ ᠰᠤᠷᠭᠠᠭᠤᠯᠢ ᠶᠢ ᠥᠭᠡᠳᠡ ᠨᠢ ᠳᠠᠳᠠᠵᠤ᠂ ᠡᠬᠦᠷᠭᠡ

ᠬᠠᠷᠢᠭᠤᠴᠠᠯᠭ᠎ᠠ ᠪᠠᠨ ᠬᠢᠯᠠᠰ ᠪᠡᠶᠡᠯᠡᠬᠦᠯᠦᠨ ᠠᠷᠠᠳ ᠲᠦᠮᠡᠨ ᠳᠤ ᠬᠠᠨᠤᠮᠵᠢᠳᠠᠢ ᠰᠤᠷᠭᠠᠨ ᠬᠦᠮᠦᠵᠢᠯ ᠢ ᠡᠷᠬᠢᠯᠡᠵᠣ

ᠴᠢᠳᠠᠨ᠎ᠠ᠃ ᠲᠡᠷᠣᠢ ᠨᠢᠭᠡᠨ ᠪᠦᠯᠦᠭ ᠬᠠᠷᠢᠭᠤᠴᠠᠯᠭᠠᠳᠤ ᠰᠡᠳᠬᠢᠯᠭᠡ ᠬᠢᠭᠡᠳ ᠲᠤᠷᠰᠢᠯᠭ᠎ᠠ ᠬᠦᠢᠴᠡᠳ ᠠᠬᠠᠮᠠᠳ

ᠪᠠᠭᠰᠢ ᠶᠢᠨ ᠡᠩᠨᠡᠭᠡ᠂ ᠰᠣᠷᠴᠤ ᠰᠤᠳᠤᠯᠬᠤ ᠲᠣᠷᠠᠳᠠᠢ᠂ ᠠᠵᠢᠯ ᠦᠢᠯᠡᠰ ᠢᠶᠠᠨ ᠬᠠᠶᠢᠷᠠᠯᠠᠨ ᠳᠡᠭᠡᠳᠦᠯᠡᠵᠣ᠂

ᠤᠬᠠᠮᠰᠠᠷ ᠠᠴᠠ ᠪᠠᠨ ᠢᠳᠡᠪᠬᠢᠳᠠᠢ ᠠᠵᠢᠯᠯᠠᠵᠤ ᠵᠢᠭᠠᠨ ᠰᠣᠷᠭᠠᠯᠳᠠ ᠪᠠᠨ ᠥᠷᠭᠦᠯᠵᠢ ᠡᠷᠬᠢᠴᠡᠭᠦᠯᠦᠨ ᠵᠠᠳᠠᠯᠵᠤ᠂

ᠰᠢᠨᠡᠳᠭᠡᠨ ᠦᠭᠡᠷᠡᠴᠢᠯᠡᠵᠣ ᠴᠢᠳᠠᠳᠠᠭ ᠢᠳᠡᠷ ᠨᠠᠰᠤᠨ ᠤ ᠪᠠᠭᠰᠢ ᠶᠢᠨ ᠡᠩᠨᠡᠭᠡ ᠪᠠᠰᠠ ᠤᠨᠴᠠᠭᠠᠶᠢᠯᠠᠨ ᠰᠢᠨ᠎ᠡ ᠴᠠᠭ

ᠦᠶ᠎ᠡ ᠶᠢᠨ ᠮᠡᠳᠡᠯᠭᠡ ᠮᠡᠷᠭᠡᠰᠢᠯ ᠦᠨᠳᠦᠷ᠂ ᠣᠳᠣᠬᠢᠴᠢᠯᠠᠭᠰᠠᠨ ᠪᠠᠭᠠᠵᠢ ᠲᠤᠨᠤᠭᠯᠠᠯ ᠳᠤ ᠲᠠᠳᠮᠠᠭᠠᠢ᠂ ᠰᠢᠨ᠎ᠡ ᠶᠢ

ᠡᠭᠦᠳᠬᠦ ᠤᠬᠠᠮᠰᠠᠷ ᠵᠣᠷᠢᠭ ᠲᠠᠢ᠂ ᠴᠠᠭ ᠦᠶ᠎ᠡ ᠲᠠᠢ ᠵᠡᠷᠭᠡᠴᠡᠨ ᠣᠷᠣᠭᠰᠢᠯᠠᠵᠤ ᠴᠢᠳᠠᠬᠤ ᠵᠠᠯᠠᠭᠤ ᠪᠠᠭᠰᠢ ᠶᠢᠨ

ᠡᠩᠨᠡᠭᠡ ᠪᠠᠶᠢᠬᠤ ᠬᠡᠷᠡᠭᠳᠡᠢ᠃ ᠢᠩᠭᠢᠮᠡᠨᠵᠢᠨ ᠰᠠᠶ᠋ᠢ ᠨᠢᠭᠡᠨ ᠰᠤᠷᠭᠠᠭᠤᠯᠢ ᠠᠮᠢᠵᠢᠷᠠᠯ ᠤᠨ ᠬᠦᠴᠦᠨ ᠢᠶᠠᠷ ᠪᠢᠯᠬᠠᠵᠣ᠂

ᠢᠳᠡᠷᠡᠭᠦᠨ ᠢᠶᠠᠷ ᠤᠷᠤᠭᠰᠢᠯᠠᠨ ᠲᠠᠪᠰᠢᠵᠣ ᠴᠢᠳᠠᠨ᠎ᠠ᠃ ᠡᠭᠦᠨ ᠳᠤ ᠰᠠᠶ᠋ᠢᠬᠠᠨ ᠠᠵᠢᠯ ᠤᠨ ᠪᠠᠶᠢᠷᠢᠨ ᠳᠤ ᠭᠠᠷᠤᠭᠰᠠᠨ

ᠵᠠᠯᠠᠭᠤ ᠪᠠᠭᠰᠢ ᠨᠠᠷ ᠢ ᠬᠦᠮᠦᠵᠢᠭᠦᠯᠦᠨ ᠪᠤᠯᠪᠠᠰᠣᠷᠠᠭᠤᠯᠬᠤ ᠠᠵᠢᠯ ᠢ ᠣᠮᠳᠤᠭᠠᠶᠢᠯᠠᠵᠣ ᠪᠤᠯᠬᠤ ᠦᠭᠡᠢ᠂ ᠬᠠᠷᠢᠨ

ᠬᠦᠨᠳᠤᠳᠭᠡᠨ ᠠᠳᠬᠤᠵᠤ᠂ ᠦᠨᠳᠦᠷ ᠦᠷ᠎ᠡ ᠠᠰᠢᠭ ᠢ ᠡᠭᠦᠳᠴᠣ᠂ ᠰᠤᠷᠭᠠᠭᠤᠯᠢ ᠶᠢᠨ ᠡᠷᠡᠭᠦᠯ ᠪᠤᠯᠪᠠᠰᠣᠨ

ᠬᠦᠭᠵᠢᠯᠳᠡ ᠶᠢ ᠠᠬᠢᠭᠤᠯᠬᠤ ᠪᠣᠯ ᠰᠤᠷᠭᠠᠭᠤᠯᠢ ᠶᠢᠨ ᠵᠢᠭᠠᠨ ᠰᠤᠷᠭᠠᠯᠳᠠ ᠶᠢ ᠨᠠᠩ ᠢᠯᠠᠭᠦᠦ ᠬᠢᠷᠢ ᠲᠦᠪᠰᠢᠨ ᠵᠦᠭ

ᠲᠦᠯᠬᠢᠨ ᠠᠬᠢᠭᠤᠯᠬᠤ ᠳᠤ ᠲᠤᠳᠠᠭᠳᠠᠵᠤ ᠪᠤᠯᠤᠰᠢ ᠦᠭᠡᠢ ᠶᠤᠮ᠃

      ᠲᠤᠤᠷ᠎ᠠ ᠪᠢᠳᠡ ᠬᠤᠷᠢᠭᠠᠳ ᠵᠢᠯ ᠪᠠᠭ᠎ᠠ ᠰᠤᠷᠭᠠᠭᠤᠯᠢ ᠶᠢᠨ ᠰᠤᠷᠭᠠᠨ ᠬᠦᠮᠦᠵᠢᠯ ᠵᠢᠭᠠᠨ ᠰᠤᠷᠭᠠᠯᠳᠠ ᠶᠢᠨ

ᠠᠵᠢᠯ ᠢ ᠭᠤᠤᠯᠯᠠᠨ ᠬᠠᠷᠢᠭᠤᠴᠠᠵᠣ ᠵᠠᠯᠠᠭᠤ ᠪᠠᠭᠰᠢ ᠨᠠᠷ ᠢ ᠬᠦᠮᠦᠵᠢᠭᠦᠯᠦᠨ ᠪᠤᠯᠪᠠᠰᠣᠷᠠᠭᠤᠯᠵᠤ ᠢᠷᠡᠭᠰᠡᠨ

ᠤᠯᠤᠯᠳᠠ ᠪᠠᠨ ᠲᠠ ᠣᠯᠠᠨ ᠲᠠᠢ ᠪᠠᠨ ᠬᠤᠪᠢᠶᠠᠯᠴᠠᠶ᠎ᠠ᠃

      ᠨᠢᠭᠡ᠂ ᠰᠢᠨ᠎ᠡ ᠪᠠᠭᠰᠢ ᠨᠠᠷ ᠤᠨ ᠣᠨᠤᠯ ᠤᠨ ᠲᠠᠯ᠎ᠠ ᠶᠢᠨ ᠰᠣᠷᠤᠯᠭ᠎ᠠ ᠪᠤᠯᠪᠠᠰᠣᠷᠠᠯ ᠢ ᠴᠢᠩᠭᠠᠳᠬᠠᠬᠤ

ᠭᠡᠷᠡᠭᠳᠡᠢ᠃

      ᠰᠠᠶ᠋ᠢᠬᠠᠨ ᠠᠵᠢᠯ ᠤᠨ ᠪᠠᠶᠢᠷᠢᠨ ᠳᠤ ᠭᠠᠷᠣᠭᠰᠠᠨ ᠵᠠᠯᠠᠭᠤ ᠪᠠᠭᠰᠢ ᠨᠠᠷ ᠬᠡᠳᠦ᠋ᠢᠪᠡᠷ ᠰᠣᠷᠤᠯᠭ᠎ᠠ ᠶᠢᠨ ᠨᠠᠮᠲᠠᠷ

ᠦᠨᠳᠦᠷ᠂ ᠣᠳᠤᠬᠢᠴᠢᠯᠠᠭᠰᠠᠨ ᠮᠠᠰᠢᠨ ᠲᠤᠨᠣᠭᠯᠠᠯ ᠳᠤ ᠲᠠᠳᠮᠠᠭᠠᠢ ᠭᠡᠳᠡᠭ ᠪᠤᠯᠪᠠᠴᠣ ᠲᠡᠳᠡᠨ ᠤ ᠰᠤᠷᠭᠠᠭᠤᠯᠢ ᠶᠢᠨ

ᠬᠦᠷᠢᠶᠡᠨ ᠳᠤ ᠰᠣᠷᠤᠭᠰᠠᠨ ᠣᠨᠤᠯ ᠤᠨ ᠮᠡᠳᠡᠯᠭᠡ ᠮᠡᠳᠡᠴᠡ ᠨᠢ ᠪᠤᠳᠠᠳᠠᠢ ᠵᠢᠭᠠᠨ ᠰᠣᠷᠭᠠᠯᠳᠠ ᠠᠴᠠ ᠨᠡᠯᠢᠶᠡᠳ

ᠰᠠᠯᠤᠩᠬᠢᠳᠠ ᠪᠤᠶᠤ ᠦᠢᠯᠡᠳᠦᠯᠭᠡ ᠳᠤ ᠪᠠᠷᠢᠨ ᠬᠡᠷᠡᠭᠯᠡᠬᠦ ᠳᠤ ᠬᠦᠴᠢᠷᠳᠡᠳᠡᠭ ᠣᠯᠠᠨ ᠪᠠᠭᠤᠷᠠᠢ ᠲᠠᠯ᠎ᠠ ᠲᠠᠢ          

ᠪᠠᠶᠢᠳᠠᠭ᠃ ᠡᠶᠢᠮᠦ ᠠᠴᠠ ᠵᠠᠪᠠᠯ ᠤᠯᠣᠰ ᠤᠨ ᠬᠠᠤᠯᠢ ᠲᠦᠷᠢᠮ᠂ ᠨᠠᠮ ᠲᠦᠷᠤ ᠶᠢᠨ ᠪᠣᠳᠤᠯᠭ᠎ᠠ ᠰᠤᠷᠭᠠᠨ

ᠬᠦᠮᠦᠵᠢᠯ ᠤᠨ ᠲᠤᠬᠠᠢ ᠠᠯᠢ ᠣᠯᠠᠨ ᠪᠢᠴᠢᠭ ᠮᠠᠲ᠋ᠧᠷᠢᠶᠠᠯ ᠵᠢᠭᠠᠪᠤᠷᠢ ᠱᠠᠭᠠᠷᠳᠠᠯᠭ᠎ᠠ ᠵᠡᠷᠭᠡ ᠶᠢ ᠲᠤᠭᠤᠰᠢᠳᠠᠢ ᠰᠠᠶᠢᠨ

ᠰᠤᠷᠤᠯᠴᠠᠭᠤᠯᠤᠨ᠎ᠠ᠃ ᠰᠤᠷᠭᠠᠭᠤᠯᠢ ᠶᠢᠨ ᠬᠠᠮᠳᠤ ᠶᠢᠨ ᠰᠣᠷᠣᠯᠴᠠᠯᠭ᠎ᠠ ᠠᠴᠠ ᠭᠠᠳᠠᠨ᠎ᠠ ᠭᠤᠤᠯᠳᠠᠭᠤ ᠬᠤᠪᠢ

ᠬᠦᠮᠦᠨ ᠤ ᠪᠡᠶᠡᠴᠢ ᠰᠤᠷᠤᠯᠴᠠᠯᠭ᠎ᠠ ᠶᠢ ᠴᠢᠩᠭᠠᠳᠬᠠᠨ ᠪᠠᠭᠰᠢ ᠶᠢᠨ ᠲᠤᠬᠠᠶᠢᠯᠠᠭᠰᠠᠨ ᠠᠵᠢᠯ ᠤᠨ ᠮᠤᠷᠠᠯ

ᠰᠣᠷᠳᠠᠬᠤᠨ ᠠᠴᠠ ᠡᠬᠢᠯᠡᠨ ᠠᠵᠢᠯ ᠦᠢᠯᠡᠰ ᠤᠨ ᠢᠶᠠᠨ ᠠᠯᠤᠰ ᠭᠡᠳᠤ ᠶᠢᠨ ᠠᠴᠢ ᠬᠤᠯᠪᠤᠭᠳᠠᠯ ᠢ ᠤᠶᠢᠯᠠᠭᠠᠬᠤ᠂

ᠦᠪᠡᠷ ᠤᠨ ᠦᠨ᠎ᠡ ᠥᠷᠳᠡᠭ ᠢᠶᠠᠨ ᠬᠡᠷᠬᠢᠨ ᠪᠠᠳᠠᠷᠠᠭᠤᠯᠬᠤ᠂ ᠵᠥᠪ ᠦᠵᠡᠯ ᠪᠤᠳᠤᠯ ᠲᠠᠢ᠂ ᠪᠡᠶ᠎ᠡ ᠰᠡᠳᠬᠢᠴᠡ ᠡᠷᠡᠭᠦᠯ

ᠰᠠᠷᠠᠭᠤᠯ ᠬᠦᠮᠦᠨ ᠢ ᠲᠠᠭᠠᠭᠤᠯᠤᠨ ᠬᠦᠮᠦᠵᠢᠬᠦᠯᠬᠦ᠂ ᠠᠵᠢᠯ ᠦᠢᠯᠡᠰ ᠢᠶᠠᠨ ᠬᠠᠶᠢᠷᠠᠯᠠᠬᠤ ᠰᠡᠳᠬᠢᠯ ᠢ ᠴᠢᠩᠭᠠᠷᠠᠭᠤᠯᠵᠤ᠂

ᠨᠢᠭᠡ ᠰᠡᠳᠬᠢᠯ ᠢᠶᠠᠷ ᠪᠢᠴᠢᠭ ᠵᠢᠭᠠᠵᠣ ᠬᠦᠮᠦᠨ ᠬᠦᠮᠦᠵᠢᠬᠦᠯᠬᠦ᠂ ᠪᠠᠭᠰᠢ ᠬᠦᠮᠦᠨ ᠤ ᠡᠷᠬᠢᠮ ᠨᠠᠨᠳᠢᠨ ᠡᠭᠦᠷᠭᠡ

ᠬᠠᠷᠢᠭᠤᠴᠠᠯᠭ᠎ᠠ ᠪᠠᠨ ᠣᠰᠣᠯᠳᠤᠯ ᠦᠬᠡᠢ ᠪᠡᠶᠡᠯᠡᠭᠦᠯᠦᠨ ᠬᠠᠷᠢᠭᠤᠴᠠᠯᠭ᠎ᠠ ᠶᠢ ᠲᠠᠨᠢᠵᠣ᠂ ᠨᠢᠭᠡᠨ ᠬᠢᠷᠢ ᠲᠡᠩᠴᠡᠭᠰᠡᠨ

ᠰᠢᠨ᠎ᠡ ᠴᠠᠭ ᠦᠶ᠎ᠡ ᠶᠢᠨ ᠰᠢᠯᠢᠳᠡᠭ ᠪᠠᠭᠰᠢ ᠪᠤᠯᠬᠤ ᠳᠤ ᠰᠠᠶᠢᠨ ᠰᠠᠭᠤᠷᠢ ᠶᠢ ᠲᠠᠯᠪᠢᠪᠠᠯ ᠵᠣᠬᠢᠨ᠎ᠠ᠃

      ᠬᠤᠶᠠᠷ᠂ ᠰᠢᠨ᠎ᠡ ᠪᠠᠭᠰᠢ ᠨᠠᠷ ᠤᠨ ᠲᠤᠬᠠᠶᠢᠯᠠᠭᠰᠠᠨ ᠠᠵᠢᠯ ᠤᠨ ᠰᠣᠷᠣᠯᠴᠠᠯᠭ᠎ᠠ ᠪᠤᠯᠪᠠᠰᠣᠷᠠᠯ ᠢ

ᠬᠦᠨᠵᠡᠭᠡᠶᠢᠷᠡᠬᠦᠯᠭᠦ ᠴᠢᠬᠤᠯᠠᠲᠠᠢ᠃

      ᠲᠤᠤᠷ᠎ᠠ ᠪᠠᠭ᠎ᠠ ᠰᠤᠷᠭᠠᠭᠤᠯᠢ ᠶᠢᠨ ᠲᠣᠭᠠᠨ ᠤ ᠤᠬᠠᠭᠠᠨ ᠤ ᠪᠠᠭᠰᠢ ᠶᠢ ᠬᠦᠮᠦᠵᠢᠭᠦᠯᠦᠨ

ᠪᠤᠯᠪᠠᠰᠣᠷᠠᠭᠤᠯᠤᠭᠰᠠᠨ ᠪᠤᠳᠠᠳᠠᠢ ᠵᠢᠱᠢᠶ᠎ᠡ ᠠᠴᠠ ᠲᠤᠷᠠᠳᠣᠶ᠎ᠠ᠃ ᠶᠠᠭᠤᠨ ᠤ ᠤᠷᠢᠳ ᠪᠠᠭ᠎ᠠ ᠰᠣᠷᠭᠠᠭᠤᠯᠢ ᠶᠢᠨ

ᠲᠣᠭᠠᠨ ᠤ ᠣᠬᠠᠭᠠᠨ ᠤ ᠬᠢᠴᠢᠶᠡᠯ ᠤᠨ ᠪᠠᠷᠢᠮᠵᠢᠶ᠎ᠠ ᠶᠢ ᠲᠠᠭᠠᠭᠤᠯᠤᠨ ᠰᠣᠷᠣᠯᠴᠠᠬᠤ᠂ ᠲᠡᠭᠦᠨ ᠤ ᠲᠣᠳᠣᠷᠠᠬᠢ

ᠭᠤᠤᠯᠳᠠᠯᠭ᠎ᠠ ᠶᠢ ᠨᠠᠩ ᠢᠯᠡᠭᠦᠦ ᠲᠤᠪᠤᠶᠢᠯᠭᠠᠨ ᠰᠣᠷᠣᠯᠴᠠᠬᠤ᠂ ᠪᠠᠭ᠎ᠠ ᠰᠤᠷᠭᠠᠭᠤᠯᠢ ᠶᠢᠨ ᠨᠢᠭᠡ ᠠᠴᠠ ᠵᠢᠷᠭᠤᠳᠣᠭᠠᠷ

ᠣᠨ ᠤ ᠪᠦᠬᠦ ᠠᠷᠪᠠᠨ ᠬᠤᠶᠠᠷ ᠲᠡᠪᠳᠡᠷ ᠬᠢᠴᠢᠶᠡᠯ ᠤᠨ ᠠᠭᠤᠯᠭ᠎ᠠ ᠶᠢ ᠲᠠᠭᠠᠭᠤᠯᠤᠨ ᠰᠣᠷᠣᠯᠴᠠᠬᠤ᠂

ᠰᠣᠷᠣᠯᠴᠠᠭᠰᠠᠨ ᠤ ᠲᠠᠷᠠᠭᠠᠬᠢ ᠣᠯᠤᠯᠳᠠ ᠪᠠᠨ ᠬᠤᠪᠢᠶᠠᠯᠴᠠᠬᠤ᠂ ᠣᠯᠤᠯᠳᠠ ᠪᠠᠨ ᠪᠢᠴᠢᠵᠣ ᠲᠠᠮᠳᠡᠭᠯᠡᠬᠦ᠂ ᠬᠠᠮᠳᠤᠪᠡᠷ

ᠵᠠᠳᠠᠯᠣᠨ ᠶᠠᠷᠢᠯᠴᠠᠬᠤ ᠭᠡᠬᠦ ᠮᠡᠳᠤ ᠠᠵᠢᠯᠯᠠᠭ᠎ᠠ ᠪᠠᠷ ᠲᠠᠮᠵᠢᠭᠤᠯᠤᠨ ᠲᠡᠳᠡᠨ ᠤ ᠲᠤᠬᠠᠶᠢᠯᠠᠭᠰᠠᠨ ᠠᠵᠢᠯ ᠤᠨ ᠮᠡᠳᠡᠯᠭᠡ

ᠮᠡᠳᠡᠴᠡ ᠶᠢ ᠵᠣᠷᠢᠯᠭ᠎ᠠ ᠲᠠᠢ ᠪᠠᠷ ᠲᠡᠭᠡᠭᠰᠢᠯᠡᠬᠦᠯᠦᠨ᠎ᠡ᠃ ᠪᠠᠭ᠎ᠠ ᠰᠣᠷᠭᠠᠭᠤᠯᠢ ᠶᠢᠨ ᠲᠤᠭᠠᠨ ᠤ ᠤᠬᠠᠭᠠᠨ ᠤ ᠵᠢᠭᠠᠬᠤ

ᠠᠭᠤᠯᠭ᠎ᠠ ᠶᠢᠨ ᠪᠦᠬᠦᠯᠢ ᠴᠤᠭᠴᠠ ᠶᠢᠨ ᠵᠢᠭᠠᠨ ᠰᠤᠷᠭᠠᠯᠳᠠ ᠳᠤ ᠤᠯᠠᠮ ᠲᠠᠨᠢᠭᠳᠠᠯᠳᠠᠢ ᠪᠤᠯᠭᠠᠨ ᠪᠤᠳᠠᠳᠠᠢ ᠵᠢᠭᠠᠨ

ᠰᠤᠷᠭᠠᠯᠳᠠ ᠳᠤ ᠣᠷᠤᠯᠴᠠᠬᠤ ᠳᠤ ᠪᠦᠬᠦ ᠲᠠᠯ᠎ᠠ ᠶᠢᠨ ᠪᠡᠯᠡᠳᠭᠡᠯ ᠬᠢᠨ᠎ᠡ᠃

      ᠭᠤᠷᠪᠠ᠂ ᠰᠢᠨ᠎ᠡ ᠪᠠᠭᠰᠢ ᠨᠠᠷ ᠤᠨ ᠭᠠᠳᠠᠭᠰᠢ ᠭᠠᠷᠴᠤ ᠬᠦᠭᠵᠢᠭᠰᠡᠨ ᠭᠠᠵᠠᠷ ᠣᠷᠤᠨ ᠤ ᠵᠢᠭᠠᠨ

ᠰᠤᠷᠭᠠᠯᠳᠠ ᠶᠢᠨ ᠰᠢᠯᠢᠳᠡᠭ ᠲᠤᠷᠰᠢᠯᠭ᠎ᠠ ᠶᠢ ᠪᠡᠶ᠎ᠡ ᠪᠠᠷ ᠢᠶᠠᠨ ᠥᠵᠡᠵᠤ ᠬᠠᠷᠠᠵᠣ ᠰᠤᠷᠤᠯᠴᠠᠵᠣ ᠦᠪᠡᠷ ᠢ ᠪᠠᠨ

ᠬᠦᠭᠵᠢᠭᠦᠯᠬᠦ ᠳᠤ ᠨᠦᠬᠦᠴᠡᠯ ᠬᠠᠩᠭᠠᠬᠤ ᠴᠢᠬᠤᠯᠠᠳᠠᠢ᠃

      ︽ᠭᠤᠷᠪᠡ ᠰᠤᠨᠣᠰᠤᠭᠰᠠᠨ ᠠᠴᠠ ᠨᠢᠭᠡ ᠦᠵᠡᠭᠰᠡᠨ ᠲᠡᠭᠡᠷ᠎ᠡ︾ ᠭᠡᠳᠡᠭᠴᠢᠯᠡᠨ ᠰᠢᠨ᠎ᠡ ᠪᠠᠭᠰᠢ ᠨᠠᠷ ᠢ

ᠵᠤᠬᠢᠶᠠᠨ ᠪᠠᠶᠢᠭᠤᠯᠤᠨ ᠭᠠᠳᠠᠭᠰᠢ ᠭᠠᠷᠴᠤ ᠰᠣᠷᠣᠯᠴᠠᠭᠤᠯᠬᠤ᠂ ᠪᠡᠶ᠎ᠡ ᠪᠠᠷ ᠨᠢ ᠦᠵᠡᠭᠦᠯᠦᠨ ᠲᠠᠨᠢᠭᠤᠯᠵᠣ

ᠰᠡᠩᠭᠡᠷᠡᠬᠦᠯᠦᠨ ᠤᠯᠣᠯᠳᠠ ᠲᠠᠢ ᠪᠤᠯᠭᠠᠪᠠᠯ ᠲᠡᠳᠡᠨ ᠤ ᠦᠪᠡᠷᠮᠢᠴᠡ ᠬᠦᠭᠵᠢᠯᠳᠡ ᠳᠤ ᠲᠤᠩ ᠠᠰᠢᠭᠳᠠᠢ᠃

      ᠲᠥᠷᠪᠡ᠂ ᠰᠢᠯᠢᠳᠡᠭ ᠲᠤᠷᠰᠢᠯᠭ᠎ᠠ ᠲᠠᠢ ᠠᠬᠠᠮᠠᠳ ᠪᠠᠭᠰᠢ ᠪᠠᠷ ᠰᠢᠨ᠎ᠡ ᠪᠠᠭᠰᠢ ᠶᠢ ᠲᠠᠭᠠᠭᠤᠯᠤᠨ

ᠵᠢᠯᠣᠭᠤᠳᠬᠤ ᠠᠵᠢᠯ ᠢ ᠨᠠᠷᠢᠨ ᠪᠠᠶᠢᠷᠢᠯᠠᠭᠤᠯᠵᠣ᠂ ᠲᠦᠯᠦᠪᠯᠡᠭᠡ ᠲᠠᠢ ᠪᠠᠷ ᠶᠠᠪᠤᠭᠳᠠᠭᠤᠯᠬᠤ ᠴᠢᠬᠤᠯᠠᠳᠠᠢ᠃

      ᠰᠤᠷᠭᠠᠭᠤᠯᠢ ᠠᠴᠠ ᠨᠢᠭᠡ ᠰᠢᠨ᠎ᠡ ᠪᠠᠭᠰᠢ ᠶᠢ ᠨᠢᠭᠡ ᠠᠬᠠᠮᠠᠳ ᠪᠠᠭᠰᠢ ᠵᠢᠯᠤᠭᠤᠳᠣᠨ ᠳᠠᠭᠠᠭᠤᠯᠬᠤ ᠲᠦᠰᠦᠯ ᠢ

ᠪᠠᠶᠢᠭᠤᠯᠣᠨ ᠨᠢᠭᠡ ᠰᠤᠷᠤᠯᠭ᠎ᠠ ᠶᠢᠨ ᠬᠤᠭᠤᠴᠠᠭ᠎ᠠ ᠪᠤᠶᠤ ᠨᠢᠭᠡ ᠰᠣᠷᠤᠯᠭ᠎ᠠ ᠶᠢᠨ ᠵᠢᠯ ᠢᠶᠠᠷ ᠨᠢᠭᠡᠴᠢᠯᠡᠨ ᠵᠢᠭᠠᠨ

ᠵᠢᠯᠤᠭᠤᠳᠬᠤ ᠶᠢ ᠪᠠᠷᠢᠮᠳᠠᠯᠠᠪᠠᠯ ᠲᠠᠳᠠ ᠰᠢᠨ᠎ᠡ ᠪᠠᠭᠰᠢ ᠶᠢᠨ ᠲᠤᠬᠠᠶᠢᠯᠠᠭᠰᠠᠨ ᠠᠵᠢᠯ ᠳᠤ ᠪᠠᠨ ᠲᠦᠷᠭᠡᠨ ᠳᠠᠳᠴᠤ᠂

ᠬᠤᠪᠢᠳᠠᠨ ᠬᠠᠷᠢᠭᠤᠴᠠᠭᠰᠠᠨ ᠡᠭᠦᠷᠭᠡ ᠪᠠᠨ ᠬᠢᠯᠠᠷᠠᠳᠠᠯ᠎ᠠ ᠪᠡᠶᠡᠯᠡᠬᠦᠯᠵᠤ ᠬᠠᠭᠤᠴᠢᠨ ᠪᠠᠭᠰᠢ ᠶᠢᠨ ᠡᠩᠨᠡᠭᠡᠨ ᠳᠤ

ᠠᠯᠬᠤᠨ ᠣᠷᠤᠬᠤ ᠳᠤ ᠲᠤᠩ ᠬᠢᠯᠪᠠᠷᠬᠠᠨ ᠪᠤᠯᠤᠨ᠎ᠠ᠃ ᠠᠬᠠᠮᠠᠳ ᠪᠠᠭᠰᠢ ᠠᠴᠠ ᠲᠡᠳᠡᠨ ᠢ ᠵᠢᠯᠣᠭᠤᠳᠬᠤ ᠳᠤ

ᠲᠤᠤᠷᠠᠬᠢ ᠮᠡᠳᠦ ᠬᠡᠳᠤᠨ ᠲᠠᠯ᠎ᠠ ᠶᠢ ᠠᠩᠬᠠᠷᠤᠨ ᠪᠠᠷᠢᠮᠳᠠᠯᠠᠪᠠᠯ ᠰᠠᠶᠢᠨ᠃

      1. ᠰᠣᠷᠤᠭᠴᠢ ᠪᠠᠨ ᠬᠠᠶᠢᠷᠠᠯᠠᠬᠤ᠂ ᠰᠤᠷᠤᠭᠴᠢᠳ ᠲᠤ ᠠᠳᠠᠯᠢ ᠲᠡᠭᠰᠢ ᠪᠠᠷ ᠬᠠᠨᠳᠤᠬᠤ᠂ ᠰᠤᠷᠤᠭᠴᠢ ᠳᠤ

ᠦᠷᠭᠡᠨ ᠴᠢᠯᠦᠭᠡᠲᠠᠢ ᠬᠦᠭᠵᠢᠬᠦ ᠣᠷᠤᠨ ᠵᠠᠢ ᠶᠢ ᠣᠯᠭᠤᠬᠤ᠂ ᠪᠠᠭᠰᠢ ᠶᠢᠨ ᠵᠢᠯᠤᠭᠤᠳᠬᠤ ᠦᠢᠯᠡᠳᠦᠯ ᠢᠶᠠᠨ

ᠪᠦᠷᠢᠮᠦᠰᠦᠨ ᠪᠠᠳᠠᠷᠠᠭᠤᠯᠬᠤ ᠶᠢ ᠰᠠᠨᠠᠭᠠᠴᠢᠯᠠᠨ ᠠᠩᠬᠠᠷᠤᠭᠤᠯᠣᠨ᠎ᠠ᠃

      2. ᠰᠤᠷᠤᠯᠭ᠎ᠠ ᠶᠢᠨ ᠬᠤᠭᠤᠴᠠᠭᠠᠨ ᠤ ᠵᠢᠭᠠᠨ ᠰᠤᠷᠭᠠᠬᠤ ᠠᠬᠢᠴᠠ ᠲᠦᠯᠦᠪᠯᠡᠭᠡ ᠭᠠᠷᠭᠠᠬᠤ ᠶᠢ ᠲᠠᠭᠠᠭᠤᠯᠣᠨ

ᠰᠣᠷᠭᠠᠨ᠎ᠠ᠃ ᠵᠢᠱᠢᠶᠡᠯᠡᠪᠡᠯ᠂ ᠪᠠᠭ᠎ᠠ ᠰᠤᠷᠭᠠᠭᠤᠯᠢ ᠶᠢᠨ ᠲᠣᠭᠠᠨ ᠤ ᠤᠬᠠᠭᠠᠨ ᠤ ᠭᠤᠷᠪᠠᠳᠣᠭᠠᠷ ᠣᠨ ᠤ ᠲᠡᠭᠡᠳᠦ

ᠲᠡᠪᠳᠡᠷ ᠲᠤ ᠨᠡᠶᠢᠲᠡ ᠠᠷᠪᠠᠨ ᠨᠢᠭᠡᠴᠡ ᠵᠢᠭᠠᠬᠤ ᠠᠭᠤᠯᠭ᠎ᠠ ᠲᠠᠢ᠂ ᠡᠭᠦᠨ ᠳᠤ ᠲᠦᠮᠡ ᠲᠤᠳᠤᠷᠠᠬᠢ ᠨᠡᠮᠡᠬᠦ ᠦᠢᠯᠡᠳᠦᠯ

ᠪᠡ ᠬᠠᠰᠣᠬᠤ ᠦᠢᠯᠡᠳᠦᠯ ︵ᠨᠢᠭᠡ ᠬᠤᠶᠠᠷ︶᠂ ᠲᠠᠬᠢᠨ ᠤ ᠳᠠᠨᠢᠯᠳᠡ᠂ ᠣᠯᠠᠨ ᠤᠷᠤᠨᠳᠣ ᠲᠤᠭ᠎ᠠ ᠶᠢ ᠨᠢᠭᠡ

ᠣᠷᠤᠨᠳᠣ ᠲᠤᠭ᠎ᠠ ᠪᠠᠷ ᠦᠷᠡᠵᠢᠬᠦᠯᠭᠦ᠂ ᠣᠷᠳᠣ ᠲᠦᠷᠪᠡᠯᠵᠢᠨ ᠪᠠ ᠲᠡᠭᠰᠢ ᠲᠦᠷᠪᠡᠯᠵᠢᠨ᠂ ᠪᠣᠳᠠᠷᠬᠠᠢ ᠶᠢᠨ ᠠᠩᠬ᠎ᠠ

ᠠᠯᠬᠤᠮ ᠤᠨ ᠲᠠᠨᠢᠯᠲᠠ ᠵᠡᠷᠭᠡ ᠭᠤᠣᠯ ᠪᠤᠯᠬᠤ ᠠᠭᠤᠯᠭ᠎ᠠ ᠪᠠᠶᠢᠬᠤ ᠪᠦᠭᠡᠳ ᠠᠭᠤᠯᠭ᠎ᠠ ᠶᠢ ᠵᠢᠷᠠᠨ ᠬᠤᠶᠠᠷ

ᠬᠢᠴᠢᠶᠡᠯ ᠤᠨ ᠴᠠᠭ ᠲᠤ ᠵᠢᠭᠠᠵᠣ ᠪᠠᠷᠠᠭᠠᠬᠤ ᠡᠭᠦᠷᠬᠡ ᠲᠠᠢ᠂ ᠪᠢᠳᠡ ᠦᠪᠡᠷ ᠤᠨ ᠰᠤᠷᠤᠭᠴᠢᠳ ᠤᠨ ᠪᠤᠳᠠᠳᠠᠢ ᠠᠴᠠ

ᠡᠭᠦᠰᠦᠨ ᠠᠮᠢᠳᠤᠯᠢᠭ ᠪᠦᠳᠦᠬᠡᠯᠴᠢ ᠪᠠᠷ ᠳᠣᠬᠢᠷᠠᠭᠤᠯᠵᠤ ᠪᠤᠯᠬᠤ ᠵᠡᠷᠭᠡ ᠶᠢ ᠨᠢᠭᠡᠳ ᠨᠢᠭᠡ ᠪᠠᠷ ᠵᠢᠯᠤᠭᠤᠳᠤᠨ

ᠰᠣᠷᠭᠠᠨ᠎ᠠ᠃

      3. ᠬᠡᠷᠬᠢᠨ ᠬᠢᠴᠢᠶᠡᠯ ᠪᠡᠯᠡᠳᠭᠡᠬᠦ ᠶᠢ ᠳᠦᠷᠢᠮᠴᠢᠯᠡᠨ ᠦᠵᠡᠬᠦᠯᠵᠣ ᠵᠢᠯᠣᠭᠤᠳᠣᠨ᠎ᠠ᠃ ᠲᠣᠰ ᠴᠠᠭ ᠤᠨ

ᠬᠢᠴᠢᠶᠡᠯ ᠤᠨ ᠠᠭᠤᠯᠭ᠎ᠠ ᠠᠴᠠ ᠭᠠᠷᠲᠠᠨ ᠵᠢᠭᠠᠬᠤ ᠬᠠᠷᠠᠯᠲᠠ᠂ ᠵᠢᠭᠠᠬᠤ ᠭᠤᠤᠯᠳᠠᠯᠭ᠎ᠠ᠂ ᠵᠢᠭᠠᠬᠤ ᠬᠦᠴᠢᠷᠲᠡᠯᠭᠡ

ᠵᠡᠷᠭᠡ ᠶᠢ ᠰᠤᠷᠤᠯᠴᠠᠨ ᠲᠠᠨᠢᠭᠰᠠᠨ ᠤ ᠲᠠᠷᠠᠭ᠎ᠠ ᠰᠤᠷᠤᠭᠴᠢ ᠪᠠᠨ ᠰᠣᠳᠣᠯᠤᠨ᠎ᠠ᠃ ᠲᠡᠳᠡᠨ ᠳᠤ ᠲᠤᠬᠢᠷᠠᠬᠤ          

ᠵᠢᠭᠠᠬᠤ ᠠᠷᠭ᠎ᠠ ᠶᠢ ᠰᠣᠳᠣᠯᠤᠨ ᠴᠤᠬᠤᠮ ᠶᠠᠮᠠᠷ ᠠᠷᠭ᠎ᠠ ᠪᠠᠷ ᠵᠢᠭᠠᠪᠠᠯ ᠰᠢᠨ᠎ᠡ ᠬᠢᠴᠢᠶᠡᠯ ᠤᠨ ᠪᠠᠷᠢᠮᠵᠢᠶᠠᠨ ᠤ

ᠱᠠᠭᠠᠷᠳᠠᠯᠭ᠎ᠠ ᠳᠤ ᠨᠡᠶᠢᠴᠡᠬᠦ ᠪᠦᠬᠦ ᠰᠤᠷᠤᠭᠴᠢ ᠶᠢ ᠬᠠᠷᠠᠭᠠᠯᠵᠠᠵᠣ ᠴᠢᠳᠠᠬᠤ — ᠲᠡᠳᠡᠨ  ᠤ ᠪᠡᠶᠡᠴᠢᠯᠡᠨ

ᠰᠤᠷᠤᠯᠴᠠᠬᠤ ᠴᠢᠳᠠᠪᠤᠷᠢ᠂ ᠰᠤᠷᠬᠤ ᠳᠤᠷ᠎ᠠ ᠪᠠᠬ᠎ᠠ ᠶᠢ ᠬᠦᠮᠦᠵᠢᠬᠦᠯᠦᠨ ᠰᠤᠷᠴᠣ ᠴᠢᠳᠠᠬᠤ ᠲᠡᠰᠢ ᠬᠠᠨᠳᠣᠯᠭᠠᠳᠠᠢ ᠪᠠᠷ

ᠪᠡᠯᠡᠳᠭᠡᠨ᠎ᠡ᠃ ᠭᠦᠴᠢᠷᠳᠡᠬᠦ ᠭᠤᠭᠴᠣᠭᠠᠨ ᠳᠤ ᠰᠢᠨ᠎ᠡ ᠮᠡᠷᠭᠡᠵᠢᠯ ᠰᠢᠨ᠎ᠡ ᠪᠠᠭᠠᠵᠢ ᠲᠦᠭᠦᠭᠡᠷᠦᠮᠵᠢ ᠶᠢ ᠬᠡᠷᠬᠢᠨ

ᠠᠰᠢᠭᠯᠠᠬᠤ᠂ ᠶᠠᠮᠠᠷ ᠪᠠᠭᠠᠵᠢ ᠶᠢ ᠭᠡᠷᠡᠭᠯᠡᠬᠦ ᠵᠡᠷᠭᠡ ᠠᠴᠠ ᠭᠠᠳᠠᠨ᠎ᠠ ᠪᠠᠭᠰᠢ ᠠᠴᠠ ᠠᠯᠢ ᠦᠶ᠎ᠡ ᠳᠤ ᠶᠠᠮᠠᠷ

ᠵᠢᠯᠤᠭᠤᠳᠤᠯᠭ᠎ᠠ ᠬᠢᠭᠦ᠂ ᠬᠢᠴᠢᠶᠡᠯᠯᠡᠭᠡ ᠳᠤ ᠡᠭᠦᠰᠴᠤ ᠮᠡᠳᠡᠬᠦ ᠭᠠᠷᠴᠤ ᠮᠡᠳᠡᠬᠦ ᠵᠡᠷᠢᠮ ᠠᠰᠠᠭᠤᠳᠠᠯ ᠤᠳ ᠢ ᠬᠦᠷᠳᠡᠯ᠎ᠡ

ᠣᠷᠢᠳᠴᠢᠯᠠᠨ ᠲᠦᠰᠦᠪᠯᠡᠨ ᠪᠡᠯᠡᠳᠭᠡᠬᠦ ᠶᠢ ᠲᠠᠭᠠᠭᠤᠯᠣᠨ ᠵᠢᠯᠤᠭᠤᠳᠣᠨ᠎ᠠ᠃

      4. ᠰᠢᠨ᠎ᠡ ᠪᠠᠭᠰᠢ ᠶᠢᠨ ᠬᠢᠴᠢᠶᠡᠯ ᠢ ᠲᠠᠭᠠᠨ ᠰᠣᠨᠣᠰᠴᠤ ᠵᠢᠯᠤᠭᠤᠳᠤᠯᠭ᠎ᠠ ᠬᠢᠭᠦ ᠶᠢ ᠡᠬᠢᠨ ᠤ ᠬᠡᠰᠡᠭ

ᠬᠤᠭᠤᠴᠠᠭᠠᠨ ᠳᠤ ᠦᠷᠬᠦᠯᠵᠢᠯᠡᠭᠦᠯᠦᠨ ᠪᠠᠷᠢᠮᠳᠠᠯᠠᠨ᠎ᠠ᠂ ᠨᠠᠭᠠᠳᠣ ᠵᠠᠬ᠎ᠠ ᠨᠢ ᠭᠤᠷᠪᠠᠨ ᠭᠠᠷᠠᠭ ᠤᠨ ᠬᠢᠴᠢᠶᠡᠯ ᠢ

ᠬᠠᠮᠳᠣᠪᠡᠷ ᠰᠣᠷᠤᠯᠴᠠᠨ ᠪᠡᠯᠡᠳᠭᠡᠵᠣ᠂ ᠬᠢᠴᠢᠶᠡᠯ ᠢ ᠨᠢ ᠲᠠᠭᠠᠨ ᠰᠤᠨᠣᠰᠴᠣ ᠵᠢᠯᠤᠭᠤᠳᠪᠡᠯ ᠲᠡᠳᠡᠨ ᠤ

ᠲᠡᠭᠡᠭᠰᠢᠯᠡᠯᠳᠡ ᠳᠤ ᠲᠤᠩ ᠠᠰᠢᠭᠳᠠᠢ᠃ ᠬᠢᠴᠢᠶᠡᠯ ᠤᠨ ᠲᠠᠩᠬᠢᠮ ᠪᠣᠯ ᠰᠣᠷᠤᠭᠴᠢ ᠶᠢ ᠬᠦᠮᠦᠵᠢᠭᠦᠯᠬᠦ ᠰᠠᠭᠤᠷᠢᠨ

ᠭᠠᠵᠠᠷ ᠮᠦᠨ᠃ ᠬᠢᠴᠢᠶᠡᠯ ᠤᠨ ᠲᠠᠩᠬᠢᠮ ᠤᠨ ᠲᠦᠴᠢᠨ ᠮᠢᠨᠦ᠋ᠲ ᠤᠨ ᠦᠷ᠎ᠡ ᠠᠰᠢᠭ ᠢ ᠲᠡᠭᠡᠭᠰᠢᠯᠡᠭᠦᠯᠬᠦ ᠪᠣᠯ ᠮᠠᠨ ᠤ

ᠪᠠᠭᠰᠢ ᠪᠣᠯᠤᠭᠰᠠᠳ ᠤᠨ ᠡᠷᠭᠡᠪᠰᠢ ᠪᠡᠶᠡᠯᠡᠬᠦᠯᠭᠦ ᠲᠤᠬᠠᠶᠢᠯᠠᠭᠰᠠᠨ ᠠᠵᠢᠯ ᠤᠨ ᠴᠢᠬᠤᠯᠠ ᠭᠤᠭᠴᠤᠭ᠎ᠠ ᠶᠤᠮ᠃ ᠰᠢᠨ᠎ᠡ

ᠪᠠᠭᠰᠢ ᠶᠢᠨ ᠬᠢᠴᠢᠶᠡᠯ ᠢ ᠰᠣᠨᠣᠰᠣᠭᠰᠠᠨ ᠤ ᠲᠠᠷᠠᠭ᠎ᠠ ᠶᠠᠭᠤᠨ ᠤ ᠤᠷᠢᠳ ᠦᠪᠡᠷ ᠤᠨ ᠬᠢᠨᠢ ᠤᠯᠣᠯᠳᠠ ᠲᠦᠷᠦᠭᠳᠡᠯ᠂

ᠲᠠᠪᠠᠭᠤᠯᠢᠭ ᠲᠠᠯ᠎ᠠ᠂ ᠤᠷᠤᠰᠢᠵᠤ ᠪᠠᠶᠢᠭ᠎ᠠ ᠠᠰᠠᠭᠤᠳᠠᠯ ᠵᠡᠷᠭᠡ ᠶᠢ ᠪᠡᠶ᠎ᠡ ᠪᠠᠷ ᠨᠢ ᠡᠷᠬᠢᠴᠡᠭᠦᠯᠦᠨ ᠳ᠋ᠦᠩᠨᠡᠭᠦᠯᠵᠦ

ᠲᠠᠷᠠᠭ᠎ᠠ ᠨᠢ ᠵᠢᠯᠤᠭᠤᠳᠤᠭᠴᠢ ᠪᠠᠭᠰᠢ ᠠᠴᠠ ᠰᠠᠨᠠᠯ ᠵᠦᠪᠯᠡᠯᠭᠡ ᠪᠠᠨ ᠶᠠᠷᠢᠵᠤ᠂ ᠬᠠᠮᠳᠤᠪᠡᠷ ᠬᠢᠴᠢᠶᠡᠯ ᠤᠨ

ᠲᠠᠩᠬᠢᠮ ᠢᠶᠠᠨ ᠵᠠᠳᠠᠯᠣᠨ ᠰᠣᠳᠣᠯᠤᠨ᠎ᠠ᠃ ᠬᠠᠮᠤᠭ ᠤᠨ ᠰᠠᠶᠢᠨ ᠨᠢ ᠰᠢᠨ᠎ᠡ ᠪᠠᠭᠰᠢ ᠦᠪᠡᠷ ᠤᠨ ᠤᠯᠵᠣ

ᠠᠯᠳᠠᠭᠰᠠᠨ ᠢᠶᠠᠨ ᠡᠷᠭᠢᠴᠡᠭᠦᠯᠦᠨ ᠣᠯᠵᠤ ᠴᠢᠳᠠᠪᠠᠯ ᠬᠠᠮᠤᠭ ᠤᠨ ᠰᠠᠶᠢᠨ᠂ ᠣᠯᠵᠤ ᠴᠢᠳᠠᠬᠤ ᠦᠭᠡᠢ ᠴᠤ ᠬᠠᠮᠢᠶ᠎ᠠ

ᠦᠬᠡᠢ᠂ ᠵᠢᠯᠤᠭᠤᠳᠤᠭᠴᠢ ᠪᠠᠭᠰᠢ ᠠᠴᠠ ᠪᠦᠬᠦ ᠶᠠᠪᠤᠴᠠ ᠶᠢ ᠵᠠᠳᠠᠯᠤᠨ ᠡᠷᠭᠢᠴᠡᠭᠦᠯᠵᠣ ᠵᠢᠭᠠᠨ ᠵᠢᠯᠤᠭᠤᠳᠴᠣ

ᠦᠭᠬᠦᠨ᠎ᠡ᠃ ᠡᠶᠢᠮᠦᠷᠬᠦᠤ ᠠᠷᠭ᠎ᠠ ᠠᠪᠴᠠᠯ ᠢᠶᠠᠷ ᠲᠠᠮᠵᠢᠭᠤᠯᠣᠨ ᠰᠢᠨ᠎ᠡ ᠪᠠᠭᠰᠢ ᠲᠠᠢ ᠬᠠᠮᠳᠤ ᠬᠠᠮᠵᠢᠯᠴᠠᠨ ᠬᠢᠴᠢᠶᠡᠯ

ᠪᠡᠯᠡᠳᠭᠡᠭᠦ᠂ ᠬᠢᠴᠢᠶᠡᠯ ᠢ ᠨᠢ ᠲᠠᠭᠠᠨ ᠰᠤᠨᠣᠰᠬᠤ᠂ ᠬᠠᠮᠳᠤᠪᠡᠷ ᠵᠠᠳᠠᠯᠣᠨ ᠡᠷᠬᠢᠴᠡᠭᠦᠯᠬᠦ᠂ ᠪᠠᠭᠰᠢ ᠶᠢᠨ ᠵᠢᠭᠠᠨ

ᠰᠤᠷᠭᠠᠯᠳᠠ ᠶᠢᠨ ᠠᠷᠭ᠎ᠠ ᠪᠠᠷᠢᠯ ᠢ ᠵᠠᠳᠠᠯᠬᠤ᠂ ᠰᠤᠷᠤᠭᠴᠢ ᠶᠢ ᠵᠠᠳᠠᠯᠬᠤ᠂ ᠬᠢᠴᠢᠶᠡᠯ ᠲᠡᠭᠡᠷ᠎ᠡ ᠢᠯᠡᠷᠡᠭᠰᠡᠨ

︵ᠬᠢᠴᠢᠶᠡᠯ ᠠᠴᠠ ᠡᠮᠦᠨ᠎ᠡ ᠪᠡᠯᠡᠳᠭᠡᠭᠰᠡᠨ ᠠᠴᠠ ᠭᠠᠳᠠᠨ᠎ᠠ︶ ᠠᠰᠠᠭᠤᠳᠠᠯ ᠳᠤ ᠴᠢᠭᠯᠡᠬᠦᠯᠦᠨ ᠵᠠᠳᠠᠯᠤᠯᠳᠠ ᠬᠢᠭᠦ ᠵᠡᠷᠭᠡ

ᠨᠠᠷᠢᠨ ᠶᠠᠪᠤᠴᠠ ᠪᠠᠷ ᠲᠠᠮᠵᠢᠭᠤᠯᠤᠨ ᠰᠢᠨ᠎ᠡ ᠪᠠᠭᠰᠢ ᠶᠢᠨ ᠬᠢᠴᠢᠶᠡᠯ ᠤᠨ ᠲᠠᠩᠬᠢᠮ ᠤᠨ ᠵᠢᠭᠠᠨ ᠰᠣᠷᠭᠠᠯᠳᠠ ᠶᠢ

ᠵᠢᠯᠤᠭᠤᠳᠤᠨ ᠲᠡᠭᠡᠭᠰᠢᠯᠡᠬᠦᠯᠦᠨ᠎ᠡ᠃

      5. ᠰᠢᠨ᠎ᠡ ᠪᠠᠭᠰᠢ ᠶᠢ ᠵᠢᠯᠣᠭᠤᠳᠤᠨ ᠵᠢᠭᠠᠨ ᠰᠤᠷᠭᠠᠯᠳᠠ ᠶᠢᠨ ᠲᠡᠮᠳᠡᠭᠯᠡᠯ ᠢ ᠰᠠᠶᠢᠳᠤᠷ ᠬᠢᠪᠡᠯ ᠲᠡᠳᠡᠨ ᠤ

ᠥᠰᠦᠨ ᠪᠤᠶᠢᠵᠢᠯᠲᠡ ᠳᠤ ᠲᠤᠩ ᠠᠰᠢᠭᠳᠠᠢ᠃ ᠲᠡᠳᠡᠨ ᠤ ᠤᠨᠣᠯ ᠤᠨ ᠰᠣᠷᠤᠯᠴᠠᠯᠭ᠎ᠠ᠂ ᠲᠤᠷᠰᠢᠯᠭ᠎ᠠ ᠶᠢᠨ

ᠰᠣᠷᠤᠯᠴᠠᠯᠭ᠎ᠠ᠂ ᠠᠬᠠᠮᠠᠳ ᠪᠠᠭᠰᠢ ᠶᠢᠨ ᠵᠢᠯᠤᠭᠤᠳᠣᠯᠭ᠎ᠠ ᠵᠡᠷᠭᠡ ᠪᠦᠬᠦ᠋ᠢᠯᠡ ᠠᠵᠢᠯ ᠤᠨ ᠶᠠᠪᠣᠴᠠ ᠳᠠᠬᠢ ᠲᠡᠮᠳᠡᠭᠯᠡᠯ᠂

ᠡᠷᠭᠢᠴᠡᠬᠦᠯᠦᠯ ᠵᠠᠳᠠᠯᠣᠯᠳᠠ ᠶᠢ ᠡᠮᠬᠢᠯᠡᠨ ᠪᠢᠴᠢᠭᠦᠯᠵᠣ᠂ ᠦᠪᠡᠷ ᠤᠨ ᠦᠰᠤᠨ ᠪᠤᠶᠢᠵᠢᠭ᠎ᠠ ᠤᠯᠠ ᠮᠦᠷ ᠢᠶᠠᠨ

ᠡᠷᠬᠢᠴᠡᠭᠦᠯᠬᠦ ᠶᠢ ᠰᠣᠷᠭᠠᠨ᠎ᠠ᠃ ᠡᠭᠦᠪᠡᠷ ᠲᠠᠮᠵᠢᠭᠤᠯᠣᠨ ᠰᠢᠨ᠎ᠡ ᠪᠠᠭᠰᠢ ᠨᠠᠷ ᠤᠨ ᠠᠵᠢᠯ ᠦᠢᠯᠡᠰ ᠢᠶᠠᠨ ᠬᠠᠶᠢᠷᠠᠯᠠᠬᠤ

ᠰᠡᠳᠬᠢᠯ ᠢ ᠴᠢᠩᠭᠠᠷᠠᠭᠤᠯᠬᠤ᠂ ᠦᠪᠡᠷ ᠤᠨ ᠪᠡᠶ᠎ᠡ ᠳᠤ ᠪᠠᠨ ᠢᠲᠡᠭᠡᠯ ᠲᠠᠢ ᠪᠤᠯᠭᠠᠬᠤ᠂ ᠠᠵᠢᠯ ᠳᠤ ᠪᠠᠨ ᠬᠢᠨᠠᠭᠤᠷ

ᠨᠢᠮᠪᠠᠢ ᠪᠤᠯᠬᠤ ᠵᠡᠷᠭᠡ ᠶᠢ ᠠᠶᠠᠨᠳᠠᠭᠠᠨ ᠢᠶᠠᠷ ᠬᠦᠮᠦᠵᠢᠭᠦᠯᠬᠦ ᠪᠤᠯᠣᠨ᠎ᠠ᠃

      6. ᠪᠣᠯᠪᠠᠰᠣᠷᠠᠯ ᠲᠠᠰᠬᠠᠯ ᠢ ᠪᠠᠶᠢᠷᠢᠯᠠᠭᠤᠯᠬᠤ᠂ ᠦᠵᠡᠵᠤ ᠬᠢᠨᠠᠵᠣ ᠴᠣᠬᠤᠯᠪᠤᠷᠢᠯᠠᠬᠤ᠂ ᠰᠣᠷᠣᠭᠴᠢ ᠶᠢ

ᠬᠡᠷᠭᠢᠨ ᠵᠢᠯᠤᠭᠤᠳᠬᠤ ᠵᠡᠷᠭᠡ ᠡᠳᠦᠷ ᠲᠤᠳᠤᠮ ᠤᠨ ᠬᠡᠪ ᠤᠨ ᠵᠢᠭᠠᠨ ᠰᠤᠷᠭᠠᠯᠳᠠ ᠶᠢᠨ ᠬᠢᠪᠡᠰᠣ ᠵᠣᠬᠢᠬᠤ ᠠᠵᠢᠯ ᠤᠨ

ᠲᠠᠯ᠎ᠠ ᠶᠢᠨ ᠵᠢᠯᠤᠭᠤᠳᠤᠯᠭ᠎ᠠ ᠶᠢ ᠰᠢᠨ᠎ᠡ ᠪᠠᠭᠰᠢ ᠨᠠᠷ ᠲᠤ ᠮᠡᠳᠡᠭᠦᠯᠵᠤ ᠲᠠᠨᠢᠭᠤᠯᠬᠤ ᠴᠢᠬᠤᠯᠠᠳᠠᠢ᠃ ᠤᠴᠢᠷ ᠨᠢ

ᠣᠷᠴᠢᠮ ᠤᠨ ᠵᠢᠯ ᠤᠨ ᠡᠯᠰᠡᠭᠳᠡᠨ ᠬᠤᠪᠢᠶᠠᠭᠳᠠᠭᠰᠠᠨ ᠰᠢᠨ᠎ᠡ ᠪᠠᠭᠰᠢ ᠨᠠᠷ ᠤᠨ ᠰᠤᠷᠭᠠᠭᠤᠯᠢ ᠳᠤ ᠪᠠᠨ ᠪᠠᠶᠢᠬᠤ

ᠦᠶ᠎ᠡ ᠶᠢᠨ ᠳᠠᠳᠣᠯᠭ᠎ᠠ ᠪᠤᠯᠪᠠᠰᠣᠷᠠᠯ ᠶᠡᠭᠡᠳᠡ ᠲᠤᠳᠠᠭᠳᠠᠵᠣ ᠪᠠᠶᠢᠬᠤ ᠶᠢ ᠪᠢᠳᠡ ᠪᠦᠷ ᠮᠡᠳᠡᠨ᠎ᠡ᠃ ᠨᠠᠶᠠᠭᠠᠳ ᠣᠨ ᠤ

ᠪᠠᠭᠰᠢ ᠶᠢᠨ ᠰᠤᠷᠭᠠᠭᠤᠯᠢ ᠶᠢᠨ ᠰᠤᠷᠤᠭᠴᠢᠳ ᠤᠨ ᠲᠠᠳᠣᠯᠭ᠎ᠠ ᠶᠢ ᠥᠨᠡᠨ ᠬᠦ ᠴᠢᠨᠠᠷᠳᠠᠢ᠂ ᠣᠷᠤᠨ ᠪᠠᠶᠢᠷᠢ ᠳᠤᠨᠢ

ᠬᠦᠷᠳᠡᠯ᠎ᠡ ᠰᠠᠶᠢᠨ ᠬᠢᠵᠤ ᠪᠠᠶᠢᠭᠰᠠᠨ ᠢ ᠪᠢᠳᠡ ᠣᠳᠣ ᠶᠢᠨ ᠲᠡᠭᠦᠰᠴᠤ ᠪᠠᠶᠢᠭ᠎ᠠ ᠰᠤᠷᠤᠭᠴᠢᠳ ᠲᠠᠢ ᠬᠠᠷᠢᠴᠠᠭᠤᠯᠤᠨ

ᠤᠯᠵᠣ ᠮᠡᠳᠡᠪᠡ᠃ ᠡᠶᠢᠮᠦ ᠠᠴᠠ ᠰᠢᠨ᠎ᠡ ᠪᠠᠭᠰᠢ ᠨᠠᠷ ᠲᠤ ᠵᠢᠭᠠᠨ ᠰᠤᠷᠭᠠᠯᠳᠠ ᠶᠢᠨ ᠬᠠᠮᠤᠭ ᠤᠨ ᠦᠨᠳᠣᠰᠤᠨ

ᠬᠦᠢᠴᠡᠳᠭᠡᠬᠦ ᠠᠵᠢᠯ ᠤᠳ ᠢ ᠴᠤ ᠨᠢᠭᠡᠳ ᠨᠢᠭᠡ ᠪᠠᠷ ᠵᠢᠯᠤᠭᠤᠳᠣᠨ ᠲᠠᠨᠢᠭᠤᠯᠬᠤ ᠨᠢ ᠴᠢᠬᠤᠯᠠ ᠪᠠᠶᠢᠨ᠎ᠠ᠃

      ᠲᠠᠪᠤ᠂ ᠰᠢᠨ᠎ᠡ ᠪᠠᠭᠰᠢ ᠨᠠᠷ ᠤᠨ ᠦᠰᠤᠨ ᠪᠤᠶᠢᠵᠢᠯᠳᠠ ᠳᠤ ᠰᠤᠷᠭᠠᠭᠤᠯᠢ ᠶᠢᠨ ᠲᠠᠯ᠎ᠠ ᠶᠢᠨ ᠬᠠᠯᠠᠮᠵᠢᠯᠠᠯ

ᠵᠤᠷᠢᠬᠵᠢᠭᠤᠯᠤᠯ ᠢ ᠦᠷᠭᠦᠯᠵᠢ ᠶᠢᠨ ᠴᠢᠨᠠᠷᠳᠠᠢ ᠬᠢᠭᠦ ᠴᠢᠬᠤᠯᠠᠳᠠᠢ᠃

      ᠪᠢᠳᠡᠨ ᠤ ᠬᠡᠯᠡᠭᠡᠳ ᠪᠠᠶᠢᠬᠤ ᠰᠢᠨ᠎ᠡ ᠪᠠᠭᠰᠢ ᠪᠣᠯ ᠰᠠᠶ᠋ᠢᠬᠠᠨ ᠶᠡᠭᠡ ᠰᠤᠷᠭᠠᠭᠤᠯᠢ ᠪᠠᠨ ᠲᠡᠭᠦᠰᠴᠤ ᠭᠠᠷᠤᠭᠰᠠᠨ

ᠬᠤᠷᠢᠭᠠᠳ ᠨᠠᠰᠤᠳᠠᠢ ᠣᠶᠤᠳᠠᠳ ᠮᠦᠨ᠂ ᠰᠤᠷᠭᠠᠭᠤᠯᠢ ᠳᠤ ᠠᠪᠴᠣ ᠬᠡᠯᠡᠪᠡᠯ ᠶᠠᠮᠠᠷᠴᠤ ᠠᠵᠢᠯ ᠤᠨ      

ᠲᠤᠷᠰᠢᠯᠭ᠎ᠠ ᠦᠬᠡᠢ᠂ ᠪᠠᠭᠰᠢᠯᠠᠬᠤ ᠵᠦᠭ ᠴᠢᠭ ᠢᠶᠠᠨ ᠣᠯᠤᠭᠠᠳᠣᠢ᠂ ᠮᠠᠨ ᠤ ᠰᠤᠷᠤᠭᠴᠢᠳ ᠲᠠᠢ ᠨᠢᠭᠡ ᠯᠡ          

ᠠᠳᠠᠯᠢ ᠬᠡᠤᠭᠡᠳ ᠪᠠᠶᠢᠭ᠎ᠠ᠂ ᠲᠡᠳᠡᠨ ᠳᠤ ᠬᠠᠯᠠᠮᠵᠢᠯᠠᠯ ᠵᠤᠷᠢᠬᠵᠢᠭᠤᠯᠣᠯ ᠣᠷᠮᠠᠰᠢᠭᠤᠯᠣᠯ ᠴᠢᠬᠤᠯᠠ ᠱᠠᠭᠠᠷᠳᠠᠭᠳᠠᠵᠤ

ᠪᠤᠢ᠃ ᠡᠶᠢᠮᠤ ᠠᠴᠠ ᠰᠢᠨ᠎ᠡ ᠪᠠᠭᠰᠢ ᠶᠢ ᠣᠷᠮᠠᠰᠢᠭᠤᠯᠣᠨ ᠵᠣᠷᠢᠬᠵᠢᠭᠤᠯᠵᠣ᠂ ᠠᠮᠢᠳᠣᠷᠠᠯ ᠰᠣᠷᠤᠯᠭ᠎ᠠ ᠠᠵᠢᠯ ᠤᠨ

ᠲᠠᠯ᠎ᠠ ᠪᠠᠷ ᠪᠤᠰᠤᠳ ᠠᠴᠠ ᠢᠯᠡᠭᠦᠦ ᠬᠠᠯᠠᠮᠵᠢᠯᠠᠨ ᠠᠩᠬᠠᠷᠴᠤ᠂ ᠠᠮᠢᠳᠣᠷᠠᠯ ᠰᠣᠷᠤᠯᠭ᠎ᠠ ᠶᠢᠨ ᠨᠦᠭᠦᠴᠡᠯ

ᠪᠤᠯᠤᠮᠵᠢ ᠶᠢ ᠨᠢ ᠰᠠᠶᠢᠵᠢᠷᠠᠭᠤᠯᠣᠨ ᠲᠡᠳᠡᠨ ᠤ ᠰᠡᠳᠬᠢᠯ ᠲᠠᠶᠢᠪᠤᠩ ᠠᠵᠢᠯ ᠦᠢᠯᠡᠰ ᠲᠤ ᠪᠠᠨ ᠰᠢᠭᠤᠷᠬᠠᠶᠢᠯᠠᠨ

ᠣᠷᠤᠬᠤ ᠳᠤ ᠨᠢ ᠲᠤᠰᠠ ᠳᠡᠮ ᠪᠤᠯᠪᠠᠯ ᠲᠡᠳᠡᠨ ᠤ ᠵᠥᠪ ᠦᠭᠡᠳᠡᠷᠭᠡᠭ ᠲᠦᠷᠭᠡᠨ ᠬᠦᠭᠵᠢᠯᠳᠡ ᠶᠢ ᠯᠠᠪᠳᠠᠢ

ᠠᠬᠢᠭᠤᠯᠵᠣ ᠴᠢᠳᠠᠨ᠎ᠠ᠃ ᠤᠴᠢᠷ ᠨᠢ ᠲᠤᠮᠤᠴᠤᠣᠯ ᠬᠦᠷᠳᠡᠯ᠎ᠡ ᠮᠠᠭᠳᠠᠭᠠᠯ ᠣᠷᠮᠠᠰᠢᠭᠤᠯᠤᠯ ᠳᠤ ᠲᠤᠷᠠᠳᠠᠢ ᠪᠠᠶᠢᠳᠠᠭ᠂

ᠤᠳᠣ ᠶᠢᠨ ᠰᠢᠨ᠎ᠡ ᠪᠠᠭᠰᠢ ᠨᠠᠷ ᠴᠤ ᠰᠢᠨ᠎ᠡ ᠴᠠᠭ ᠦᠶ᠎ᠡ ᠶᠢᠨ ᠠᠶᠢᠯ ᠡᠷᠣᠭᠡ ᠶᠢᠨ ᠭᠠᠭᠴᠠ ᠬᠤᠶᠠᠷ ᠬᠡᠤᠭᠡᠳ ᠤᠨ

ᠨᠢᠭᠡᠨ ᠪᠠᠶᠢᠵᠤ᠂ ᠮᠦᠨ ᠯᠡ ᠡᠷᠭᠢ ᠲᠠᠩᠬᠢ᠂ ᠨᠢᠯᠲᠠ ᠨᠤᠮᠤᠢ ᠪᠠᠶᠢᠳᠠᠭ ᠶᠤᠮ᠃ ᠡᠶᠢᠮᠦ ᠪᠠᠶᠢᠳᠠᠯ ᠲᠤᠤᠷ᠎ᠠ ᠡᠳᠡᠭᠡᠷ

ᠪᠠᠭᠰᠢ ᠶᠢ ᠬᠦᠮᠦᠵᠢᠭᠦᠯᠦᠨ ᠪᠤᠯᠪᠠᠰᠣᠷᠠᠭᠤᠯᠬᠤ ᠳᠤ ᠪᠠᠰᠠ ᠣᠯᠠᠨ ᠲᠠᠯ᠎ᠠ ᠶᠢᠨ ᠭᠠᠳᠠᠭᠠᠳᠣ ᠲᠣᠳᠤᠭᠠᠳᠣ

ᠨᠦᠭᠦᠴᠡᠯ ᠤᠳ ᠢ ᠠᠩᠬᠠᠷᠤᠨ ᠠᠰᠢᠭᠯᠠᠬᠤ ᠴᠢᠬᠤᠯᠠᠲᠠᠢ ᠪᠠᠶᠢᠨ᠎ᠠ᠃

      ᠵᠢᠷᠭᠤᠭ᠎ᠠ᠂ ᠰᠢᠨ᠎ᠡ ᠪᠠᠭᠰᠢ ᠨᠠᠷ ᠤᠨ ᠠᠵᠢᠯ ᠢ ᠦᠨᠡᠯᠡᠬᠦ ᠰᠢᠰᠲ᠋ᠧᠮ ᠢ ᠪᠠᠶᠢᠭᠤᠯᠣᠨ ᠲᠡᠭᠦᠯᠳᠡᠷᠵᠢᠭᠦᠯᠪᠡᠯ

ᠲᠡᠳᠡᠨ ᠤ ᠭᠦᠭᠵᠢᠯᠳᠡ ᠳᠤ ᠠᠰᠢᠭᠳᠠᠢ᠂ ᠮᠦᠨᠴᠤ ᠰᠣᠷᠭᠠᠭᠤᠯᠢ ᠶᠢᠨ ᠬᠤᠶᠢᠰᠢᠲᠠ ᠶᠢᠨ ᠡᠷᠡᠭᠦᠯ ᠪᠤᠯᠪᠠᠰᠣᠨ

ᠭᠦᠭᠵᠢᠯᠳᠡ ᠳᠤ ᠲᠤᠩ ᠠᠰᠢᠭᠳᠠᠢ᠃

      ᠰᠢᠨ᠎ᠡ ᠪᠠᠭᠰᠢ ᠨᠠᠷ ᠢ ᠨᠢᠭᠡ ᠤᠳᠠᠭ᠎ᠠ ᠶᠢᠨ ᠠᠵᠢᠯᠯᠠᠭ᠎ᠠ ᠬᠦᠳᠡᠯᠪᠤᠷᠢ᠂ ᠡᠰᠡᠬᠦᠯ᠎ᠡ ᠰᠣᠷᠤᠯᠭ᠎ᠠ ᠶᠢᠨ

ᠬᠤᠭᠤᠴᠠᠭ᠎ᠠ ᠪᠠᠷ ᠨᠢᠭᠡᠴᠢᠯᠡᠨ ᠲᠡᠳᠡᠨ ᠤ ᠠᠵᠢᠯ ᠢ ᠦᠨᠡᠯᠡᠨ ᠰᠠᠶᠢᠰᠢᠶᠠᠬᠤ ᠪᠠᠷ ᠭᠤᠤᠯᠳᠠᠵᠣ᠂ ᠱᠠᠭᠠᠷᠳᠠᠯᠭ᠎ᠠ

ᠰᠠᠨᠠᠭᠤᠯᠭ᠎ᠠ ᠪᠠᠨ ᠲᠣᠳᠣᠷᠬᠠᠢ ᠲᠠᠯᠪᠢᠵᠣ ᠵᠢᠭᠠᠨ ᠵᠢᠯᠤᠭᠤᠳᠬᠤ ᠶᠢ ᠪᠠᠷᠢᠮᠳᠠᠯᠠᠪᠠᠯ ᠲᠡᠳᠡ ᠯᠠᠪᠳᠠᠢ ᠤᠬᠤᠷ

ᠬᠤᠭᠤᠴᠠᠭᠠᠨ ᠳᠤ ᠬᠦᠮᠦᠵᠢᠭᠳᠡᠨ ᠪᠤᠯᠪᠠᠰᠣᠷᠠᠵᠣ᠂ ᠪᠡᠶ᠎ᠡ ᠪᠠᠨ ᠲᠠᠭᠠᠭᠠᠨ ᠬᠤᠪᠢᠳᠠᠨ ᠬᠠᠷᠢᠭᠤᠴᠠᠭᠰᠠᠨ ᠡᠭᠦᠷᠭᠡ

ᠬᠠᠷᠢᠭᠤᠴᠠᠯᠭ᠎ᠠ ᠪᠠᠨ ᠬᠦᠢᠴᠡᠳᠭᠡᠬᠦ ᠳᠤ ᠬᠦᠴᠢᠷᠳᠡᠬᠦ ᠦᠬᠡᠢ ᠪᠠᠶᠢᠵᠣ᠂ ᠰᠤᠷᠭᠠᠭᠤᠯᠢ ᠶᠢᠨ ᠪᠦᠬᠦ ᠲᠠᠯ᠎ᠠ ᠶᠢᠨ

ᠠᠵᠢᠯ ᠤᠨ ᠣᠷᠤᠭᠰᠢᠳᠠᠢ ᠶᠠᠪᠤᠭᠳᠠᠬᠤ ᠳᠤ ᠬᠤᠪᠢ ᠨᠡᠮᠡᠭᠦᠷᠢ ᠪᠠᠨ ᠡᠷᠭᠦᠵᠤ ᠴᠢᠳᠠᠬᠤ ᠪᠤᠯᠣᠨ᠎ᠠ᠃ ᠮᠦᠨ ᠴᠤ

ᠠᠵᠢᠯ ᠳᠤ ᠪᠠᠨ ᠲᠦᠷᠭᠡᠨ ᠲᠠᠰᠴᠤ᠂ ᠬᠢᠴᠢᠶᠡᠯ ᠢᠶᠠᠨ ᠰᠠᠶᠢᠨ ᠣᠷᠤᠵᠣ᠂ ᠤᠳᠤᠷᠢᠳᠤᠯᠭ᠎ᠠ ᠶᠢᠨ ᠲᠡᠳᠡᠨ ᠢ

ᠬᠠᠶᠢᠷᠠᠯᠠᠳᠠᠭ ᠤᠨ ᠠᠳᠠᠯᠢ ᠰᠤᠷᠤᠭᠴᠢ ᠪᠠᠨ ᠬᠠᠶᠢᠷᠠᠯᠠᠨ᠂ ᠰᠠᠶᠢᠨ ᠪᠠᠭᠰᠢ ᠪᠤᠯᠬᠤ ᠰᠠᠭᠤᠷᠢ ᠪᠠᠨ ᠪᠠᠳᠦ ᠲᠠᠯᠪᠢᠵᠤ

ᠴᠢᠳᠠᠨ᠎ᠠ᠃

      ᠰᠢᠨ᠎ᠡ ᠪᠠᠭᠰᠢ ᠨᠠᠷ ᠢᠶᠠᠨ ᠵᠢᠯᠤᠭᠤᠳᠣᠨ ᠲᠠᠭᠠᠭᠤᠯᠵᠤ᠂ ᠲᠤᠷᠰᠢᠯᠭ᠎ᠠ ᠲᠠᠢ ᠪᠠᠭᠰᠢ ᠶᠢᠨ ᠡᠩᠨᠡᠭᠡᠨ ᠳᠤ

ᠣᠷᠤᠭᠤᠯᠬᠤ ᠪᠣᠯ ᠰᠣᠷᠭᠠᠭᠤᠯᠢ ᠶᠢᠨ ᠰᠤᠷᠭᠠᠨ ᠬᠦᠮᠦᠵᠢᠯ ᠵᠢᠭᠠᠨ ᠰᠤᠷᠭᠠᠯᠳᠠ ᠶᠢᠨ ᠠᠵᠢᠯ ᠤᠨ ᠨᠢᠭᠡᠨ ᠴᠢᠬᠤᠯᠠ

ᠭᠡᠰᠡᠭ ᠮᠦᠨ᠃ ᠭᠡᠷᠪᠡ ᠡᠨᠡ ᠬᠦ ᠠᠵᠢᠯ ᠢ ᠬᠦᠨᠳᠣᠳᠭᠡᠨ ᠠᠳᠬᠤᠬᠤ ᠦᠬᠡᠢ ᠬᠠᠰᠢ ᠶᠠᠰᠢ ᠬᠠᠨᠳᠤᠬᠤ ᠳᠤ ᠬᠦᠷᠪᠡᠯ

ᠨᠢᠭᠡᠨ ᠪᠦᠯᠦᠭ ᠵᠠᠯᠠᠭᠤ ᠪᠠᠭᠰᠢ ᠨᠠᠷ ᠤᠨ ᠦᠰᠦᠨ ᠪᠤᠶᠢᠵᠢᠯᠳᠡ ᠶᠢ ᠰᠢᠭᠤᠳ ᠨᠦᠯᠦᠭᠡᠯᠡᠨ᠂ ᠲᠡᠭᠦᠪᠡᠷ ᠲᠡᠮᠵᠢᠨ

ᠰᠣᠷᠭᠠᠭᠤᠯᠢ ᠶᠢᠨ ᠶᠡᠷᠦᠩᠬᠡᠢ ᠭᠦᠭᠵᠢᠯᠳᠡ ᠶᠢ ᠬᠠᠷᠰᠢᠯᠠᠬᠤ ᠪᠤᠯᠣᠨ᠎ᠠ᠃ ᠰᠤᠷᠭᠠᠭᠤᠯᠢ ᠶᠢᠨ ᠣᠳᠣᠷᠢᠳᠤᠯᠭ᠎ᠠ

ᠪᠤᠯᠤᠭᠰᠠᠳ ᠰᠢᠨ᠎ᠡ ᠪᠠᠭᠰᠢ ᠨᠠᠷ ᠤᠨ ᠤᠯᠠᠨ ᠲᠠᠪᠠᠭᠤᠯᠢᠭ ᠲᠠᠯ᠎ᠠ ᠶᠢ ᠣᠬᠠᠮᠰᠠᠷ ᠠᠴᠠ ᠪᠠᠨ ᠮᠡᠳᠡᠷᠡᠵᠤ᠂ ᠲᠡᠳᠡᠨ ᠢ

ᠢᠯᠡᠭᠦᠭᠡᠨ ᠬᠠᠯᠠᠮᠵᠢᠯᠠᠵᠣ᠂ ᠤᠶᠢᠯᠠᠭᠠᠵᠤ᠂ ᠵᠢᠯᠤᠭᠤᠳᠴᠣ᠂ ᠣᠷᠮᠠᠰᠢᠭᠤᠯᠵᠣ ᠪᠠᠶᠢᠭᠠᠳ ᠣᠬᠤᠷᠬᠠᠨ

ᠬᠤᠭᠤᠴᠠᠭᠠᠨ ᠳᠤ ᠠᠵᠢᠯ ᠳᠤ ᠨᠢ ᠲᠠᠰᠬᠠᠨ ᠵᠠᠯᠠᠭᠤᠴᠣᠳ ᠤᠨ ᠤᠷᠬᠢᠯᠤᠮ᠎ᠠ ᠬᠠᠯᠠᠭᠤᠨ ᠰᠡᠳᠬᠢᠯᠭᠡ ᠪᠠᠷ

ᠠᠵᠢᠯ ᠳᠤ ᠪᠠᠨ ᠤᠷᠤᠯᠴᠠᠵᠣ᠂ ᠤᠮᠤᠭ ᠵᠣᠷᠢᠭ ᠲᠠᠢ ᠠᠮᠢᠳᠤᠯᠢᠭ ᠪᠦᠳᠦᠭᠡᠯᠴᠢ ᠪᠠᠷ ᠰᠤᠷᠤᠯᠴᠠᠵᠣ ᠠᠵᠢᠯᠯᠠᠬᠤ ᠡᠯ᠎ᠡ

ᠲᠠᠯ᠎ᠠ ᠶᠢᠨ ᠤᠷ᠎ᠠ ᠠᠪᠢᠶᠠᠰ ᠢ ᠪᠠᠳᠠᠷᠠᠭᠤᠯᠣᠨ ᠠᠰᠢᠭᠯᠠᠵᠣ ᠪᠤᠯᠬᠤᠶᠢᠴᠠ ᠰᠤᠷᠭᠠᠨ ᠬᠦᠮᠦᠵᠢᠯ ᠤᠨ ᠡᠬᠢ ᠪᠠᠶᠠᠯᠢᠭ ᠢ

ᠦᠷᠭᠡᠨ ᠢᠶᠠᠷ ᠨᠡᠭᠡᠭᠡᠨ ᠠᠰᠢᠭᠯᠠᠵᠣ ᠨᠡᠩ ᠤᠯᠠᠨ ᠰᠤᠷᠤᠭᠴᠢᠳ ᠲᠤ ᠴᠢᠯᠦᠭᠡᠲᠡᠢ ᠬᠦᠭᠵᠢᠭᠦ ᠣᠷᠴᠢᠨ ᠲᠤᠭᠤᠷᠢᠨ

ᠤᠷᠤᠨ ᠵᠠᠢ ᠶᠢ ᠬᠠᠩᠭᠠᠨ ᠦᠭᠴᠦ᠂ ᠰᠣᠷᠭᠠᠭᠤᠯᠢ ᠶᠢᠨ ᠭᠦᠷᠢᠶᠡᠨ ᠤ ᠰᠤᠶᠤᠯ ᠤᠨ ᠠᠮᠢᠳᠤᠷᠠᠯ ᠢ ᠬᠦᠭᠵᠢᠭᠡᠵᠦ

ᠴᠢᠳᠠᠬᠤ ᠪᠤᠯᠣᠨ᠎ᠠ᠃ ᠮᠦᠨ ᠴᠤ ᠦᠪᠡᠷ ᠤᠨ ᠪᠠᠭᠰᠢ ᠪᠠᠨ ᠦᠪᠡᠷᠳᠡᠭᠡᠨ ᠬᠦᠮᠦᠵᠢᠭᠦᠯᠵᠣ᠂ ᠲᠡᠳᠡᠨ ᠤ ᠦᠰᠦᠨ

ᠪᠤᠶᠢᠵᠢᠯᠳᠠ  ᠳᠤ ᠬᠠᠷᠢᠭᠤᠴᠠᠯᠭ᠎ᠠ ᠪᠠᠨ ᠬᠦᠢᠴᠡᠳᠭᠡᠭᠰᠡᠨ ᠶᠠᠪᠤᠳᠠᠯ ᠪᠤᠯᠣᠨ᠎ᠠ᠃

       ᠠᠵᠢᠯᠯᠠᠵᠤ ᠪᠠᠶᠢᠭ᠎ᠠ ᠪᠠᠶᠢᠭᠤᠯᠭ᠎ᠠ᠄ ᠬᠦᠪᠡᠭᠡᠳᠣ ᠰᠢᠷ᠎ᠠ ᠬᠤᠰᠢᠭᠤᠨ ᠤ

                                  ᠨᠢᠭᠡᠳᠦᠭᠡᠷ ᠪᠠᠭ᠎ᠠ ᠰᠣᠷᠭᠠᠭᠤᠯᠢ

                                  ︵ᠠᠯᠳᠠᠨᠰᠦ᠋ᠭᠡ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map