ᠰᠢᠨ᠎ᠠ ᠴᠠᠭ ᠡᠷᠢᠨ ᠤ ᠬᠡᠤᠭᠡᠳ ᠢ ᠵᠦᠪ ᠬᠦᠮᠦᠵᠢᠬᠦᠯᠬᠦ ᠲᠤᠬᠠᠢ
ᠨᠡᠶᠢᠲᠡᠯᠡᠭᠰᠡᠨ ᠴᠠᠭ᠄
2024/8/15
                       ᠰᠡᠴᠡᠨᠴᠢᠮᠡᠭ

儿童教育4.png

 

      ᠰᠢᠨ᠎ᠠ ᠮᠢᠩᠭᠠᠨ ᠤ ᠰᠢᠨ᠎ᠠ ᠴᠠᠭ ᠦᠶ᠎ᠡ ᠳᠤ ᠡᠴᠢᠭᠡ ᠡᠭᠡᠴᠤᠤᠯ ᠬᠡᠤᠭᠡᠳ ᠤᠨ ᠢᠶᠠᠨ ᠪᠡᠶ᠎ᠡ ᠰᠡᠳᠬᠢᠯ ᠤᠨ

ᠡᠷᠡᠬᠦᠯ ᠮᠡᠨᠳᠦ ᠶᠢᠨ ᠪᠤᠯᠪᠠᠰᠤᠷᠠᠯ ᠢ ᠲᠡᠷᠢᠬᠦᠨ ᠪᠠᠶᠢᠷᠢᠨ ᠳᠤ ᠲᠠᠯᠪᠢᠨ᠂ ᠬᠡᠤᠭᠡᠳ ᠨᠢᠭᠡ ᠪᠦᠷᠢ ᠪᠤᠯ ᠨᠢᠭᠡᠨ ᠪᠤᠳᠠᠭᠠᠯᠢ

ᠪᠡᠶ᠎ᠡ ᠪᠤᠯᠬᠤ ᠶᠢ ᠬᠦᠨᠳᠤᠳᠭᠡᠵᠤ᠂ ᠲᠡᠳᠡᠨ ᠤ ᠦᠪᠡᠷ ᠦᠪᠡᠷ ᠤᠨ ᠤᠨᠴᠠᠯᠢᠭ ᠰᠢᠨᠵᠢ ᠲᠠᠢ᠂ ᠦᠰᠤᠨ ᠪᠤᠶᠢᠵᠢᠬᠤ

ᠶᠠᠪᠤᠴᠠ᠂ ᠤᠷᠤᠨ ᠵᠠᠢ ᠲᠠᠢ᠂ ᠰᠡᠳᠬᠢᠬᠦᠢ᠂ ᠮᠡᠳᠡᠷᠡᠮᠵᠢ ᠲᠠᠢ ᠭᠡᠳᠡᠭ ᠢ ᠦᠢᠯᠠᠭᠠᠨ᠂ ᠲᠡᠳᠡᠨ ᠤ ᠲᠤᠳᠤᠭᠠᠳᠦ

ᠭᠡᠷᠡᠭᠴᠡᠭᠡ ᠶᠢ ᠬᠠᠩᠭᠠᠵᠤ᠂ ᠠᠮᠢ ᠨᠠᠰᠤᠨ ᠤ ᠤᠷᠤᠰᠬᠠᠯ ᠠᠶᠢᠵᠠᠮ ᠢᠶᠠᠷ ᠠᠮᠢᠳᠤᠷᠠᠭᠤᠯᠤᠨ᠂ ᠬᠡᠤᠭᠡᠳ ᠤᠨ

ᠲᠡᠷᠢᠬᠢ ᠶᠢ ᠬᠦᠭᠵᠢᠬᠦᠯᠵᠦ᠂ ᠤᠶᠤᠨ ᠰᠠᠨᠠᠭ᠎ᠠ ᠰᠡᠳᠬᠢᠬᠦᠢ ᠶᠢ ᠪᠤᠶᠢᠵᠢᠭᠤᠯᠬᠤ ᠳᠤ ᠰᠠᠶᠢᠨ ᠰᠠᠭᠤᠷᠢ ᠶᠢ ᠲᠠᠯᠪᠢᠬᠤ

ᠴᠢᠬᠤᠯᠠᠳᠠᠢ᠃

      ᠤᠳᠤᠬᠠᠨ ᠤ ᠡᠵᠢ ᠠᠪᠤ ᠪᠤᠯᠤᠬᠰᠠᠳ ᠬᠡᠤᠭᠡᠳ ᠢᠶᠠᠨ ᠦᠰᠬᠡᠨ ᠬᠦᠮᠦᠵᠢᠬᠦᠯᠬᠦ ᠲᠠᠯ᠎ᠠ ᠳᠤ ᠮᠠᠰᠢ ᠤᠯᠠᠨ

ᠠᠰᠠᠭᠤᠳᠠᠯ ᠤᠷᠤᠰᠢᠵᠤ᠂ ᠭᠠᠴᠢᠬᠳᠠᠯ ᠲᠦᠪᠡᠭ ᠲᠤ ᠤᠴᠠᠷᠠᠵᠤ ᠪᠠᠶᠢᠭ᠎ᠠ ᠪᠠᠶᠢᠳᠠᠯ ᠳᠤ ᠴᠢᠭᠯᠡᠬᠦᠯᠦᠨ᠂ ᠰᠢᠨ᠎ᠠ ᠴᠠᠭ

ᠡᠷᠢᠨ ᠤ ᠬᠡᠤᠭᠡᠳ ᠢ ᠶᠠᠭᠠᠬᠢᠵᠤ ᠵᠦᠪ ᠬᠦᠮᠦᠵᠢᠬᠦᠯᠬᠦ ᠲᠤᠬᠠᠢ ᠬᠡᠳᠤᠨ ᠲᠠᠯ᠎ᠠ ᠪᠠᠷ ᠲᠦᠬᠦᠮ ᠶᠡᠷᠢᠶ᠎ᠠ᠃

      1. ᠬᠡᠤᠭᠡᠳ ᠢᠶᠠᠨ ᠵᠦᠪ ᠬᠠᠶᠢᠷᠠᠯᠠᠬᠤ ᠭᠡᠷᠡᠭᠳᠡᠢ

      ᠬᠡᠤᠭᠡᠳ ᠪᠤᠯ ᠠᠪᠤ ᠡᠵᠢ ᠠᠴᠠ ᠪᠠᠨ ᠬᠠᠮᠤᠭ ᠤᠨ ᠶᠡᠭᠡ ᠡᠨᠧᠷᠬᠢ ᠠᠪᠤᠨ᠎ᠠ᠃ ᠡᠶᠢᠮᠤ  ᠠᠴᠠ ᠠᠪᠤ ᠡᠵᠢ

ᠪᠤᠯᠤᠬᠰᠠᠳ ᠬᠡᠤᠭᠡᠳ ᠢ ᠰᠡᠳᠬᠢᠯᠭᠡ ᠪᠠᠷ ᠢᠶᠠᠨ ᠤᠴᠢᠵᠤ ᠬᠦᠮᠤᠵᠢᠬᠦᠯᠵᠦ ᠬᠠᠶᠢᠷᠠᠯᠠᠬᠤ ᠭᠡᠷᠡᠭᠳᠡᠢ᠃ ᠲᠡᠷᠤᠢ

ᠬᠡᠤᠭᠡᠳ ᠲᠤ ᠪᠠᠨ ᠬᠠᠶᠢᠷᠠᠳᠠᠢ ᠭᠡᠳᠡᠭ ᠢᠶᠠᠨ ᠵᠦᠪ ᠮᠡᠳᠡᠷᠡᠬᠦᠯᠵᠦ ᠰᠤᠷᠬᠤ ᠭᠡᠷᠡᠭᠳᠡᠢ᠃ ᠤᠴᠢᠷ ᠨᠢ ᠰᠢᠨ᠎ᠠ ᠡᠷᠢᠨ ᠤ

ᠬᠡᠤᠭᠡᠳ ᠤᠳ ᠮᠡᠳᠡᠷᠡᠮᠵᠢ ᠨᠢ ᠬᠠᠮᠤᠭ ᠤᠨ ᠶᠡᠭᠡ ᠴᠡᠪᠠᠷᠰᠢᠭ᠍ᠰᠡᠨ ᠤᠴᠢᠷ ᠠᠴᠠ ᠲᠡᠳᠡᠨ ᠢ ᠵᠦᠪᠬᠡᠨ ᠰᠠᠶᠢᠨ ᠢ

ᠢᠳᠡᠬᠦᠯᠵᠦ᠂ ᠰᠠᠶᠢᠬᠠᠨ ᠢ ᠡᠮᠤᠰᠬᠡᠬᠦ ᠠᠴᠠ ᠬᠠᠶᠢᠷ᠎ᠠ ᠶᠢ ᠮᠡᠳᠡᠷᠡᠵᠤ ᠲᠡᠶᠢᠯᠬᠦ ᠦᠭᠡᠢ᠃ ᠬᠠᠷᠢᠨ ᠦᠪᠡᠷ  ᠤᠨ ᠦᠭᠡ

ᠶᠠᠷᠢᠶ᠎ᠠ ᠦᠢᠯᠡ ᠠᠵᠢᠯᠯᠠᠭ᠎ᠠ᠂ ᠤᠪᠤᠷ ᠬᠠᠨᠳᠤᠯᠭ᠎ᠠ ᠪᠠᠷ ᠤᠴᠢᠵᠤ ᠲᠡᠳᠡᠨ ᠤ ᠰᠡᠳᠬᠢᠯ ᠳᠤ ᠨᠢ ᠦᠷᠬᠦᠯᠵᠢ ᠲᠠᠭᠠᠳᠠᠢ

ᠮᠡᠳᠡᠷᠡᠮᠵᠢ ᠶᠢ ᠤᠯᠭᠤᠨ᠎ᠠ᠃ ᠵᠢᠱᠢᠶᠠᠯᠠᠪᠠᠯ᠂ ᠬᠡᠤᠭᠡᠳ ᠤᠨ ᠢᠶᠠᠨ ᠲᠤᠯᠤᠭᠠᠢ ᠶᠢ ᠢᠯᠪᠢᠵᠦ ᠠᠪᠤ ᠡᠵᠢ ᠨᠢ ᠬᠠᠶᠢᠷᠠᠳᠠᠢ

ᠭᠡᠳᠡᠭ ᠢᠶᠠᠨ ᠬᠡᠯᠡᠵᠤ ᠢᠯᠡᠳᠭᠡᠬᠦ᠂ ᠲᠡᠪᠡᠷᠢᠵᠤ ᠦᠨᠤᠰᠬᠦ᠂ ᠰᠠᠶᠢᠨᠳᠠᠢ ᠲᠠᠪᠠᠭᠤᠯᠢᠭ ᠲᠠᠯ᠎ᠠ ᠶᠢ ᠤᠯᠵᠦ ᠦᠵᠡᠨ᠂

ᠬᠡᠤᠭᠡᠳ ᠢᠶᠠᠷ ᠢᠶᠠᠨ ᠪᠠᠭ᠋ᠠᠷᠬᠠᠬᠤ᠂ ᠪᠦᠬᠦ ᠶᠠᠭᠤᠮ᠎ᠠ ᠶᠢ ᠤᠷᠮᠠᠰᠢᠭᠤᠯᠵᠤ ᠵᠤᠷᠢᠬᠵᠢᠭᠤᠯᠤᠨ᠂ ᠡᠶᠡᠷᠬᠦ ᠰᠠᠶᠢᠨᠳᠠᠢ

ᠲᠠᠯ᠎ᠠ ᠠᠴᠠ ᠨᠢ ᠢᠯᠡᠬᠦᠤ ᠶᠠᠷᠢᠵᠤ᠂ ᠵᠦᠪ ᠲᠡᠶᠢᠰᠢ ᠦᠭᠡᠳᠡᠷᠭᠡᠭ ᠢᠶᠠᠷ ᠲᠠᠭᠠᠭᠤᠯᠵᠤ ᠴᠢᠭᠯᠡᠬᠦᠯᠦᠨ᠎ᠡ᠃

      2. ᠬᠡᠤᠭᠡᠳ ᠢᠶᠠᠨ ᠵᠦᠪ ᠦᠢᠯᠠᠭᠠᠬᠤ ᠭᠡᠷᠡᠭᠳᠡᠢ

      ᠡᠴᠢᠭᠡ ᠡᠬᠡ ᠪᠤᠯᠤᠬᠰᠠᠳ ᠬᠡᠤᠭᠡᠳ ᠢᠶᠠᠨ ᠴᠠᠭ ᠢᠮᠠᠭᠳᠠ ᠠᠩᠬᠠᠷᠴᠤ ᠬᠠᠯᠠᠮᠵᠢᠯᠠᠨ ᠪᠡᠶ᠎ᠡ ᠮᠠᠬᠠᠪᠤᠳ ᠪᠠ

ᠰᠡᠳᠬᠢᠴᠡ ᠶᠢᠨ ᠦᠰᠤᠯᠳᠠ ᠬᠦᠭᠵᠢᠯᠳᠡ᠂ ᠬᠤᠪᠢᠷᠠᠯᠳᠠ ᠪᠠᠶᠢᠳᠠᠯ ᠢ ᠵᠦᠪ ᠦᠢᠯᠠᠭᠠᠨ᠂ ᠲᠠᠳᠡᠨ ᠤ ᠠᠳᠠᠯᠢ ᠪᠤᠰᠤ

ᠨᠠᠰᠤᠨ ᠤ ᠬᠢ ᠦᠰᠤᠨ ᠪᠤᠶᠢᠵᠢᠯᠳᠡ ᠶᠢᠨ ᠵᠢᠮ᠎ᠡ ᠶᠤᠰᠤ ᠶᠢ ᠮᠡᠳᠡᠵᠤ ᠬᠦᠮᠤᠵᠢᠬᠦᠯᠵᠦ ᠬᠦᠭᠵᠢᠬᠦᠯᠦᠨ᠎ᠡ᠃ ᠲᠠᠳᠡᠨ          

 ᠢ ᠪᠠᠶᠢᠭ᠎ᠠ ᠪᠠᠷ ᠨᠢ ᠬᠦᠯᠢᠶᠡᠨ ᠵᠦᠪᠰᠢᠶᠡᠷᠡᠵᠦ᠂ ᠠᠭᠤᠴᠢᠯᠠᠨ ᠪᠠᠭᠳᠠᠭᠠᠵᠦ᠂ ᠰᠡᠳᠬᠢᠯ ᠢ ᠨᠢ ᠵᠦᠪ

ᠪᠤᠯᠪᠠᠰᠤᠷᠠᠭᠤᠯᠤᠨ᠎ᠠ᠃ ᠵᠢᠱᠢᠶᠠᠯᠠᠪᠠᠯ᠂ ᠴᠢᠨᠤ ᠬᠡᠤᠭᠡᠳ ᠴᠢᠨᠢ ᠰᠢᠯᠭᠠᠯᠳᠠ ᠳᠤ ᠪᠠᠨ ᠠᠨᠠᠢ ᠬᠤᠪᠢ ᠠᠪᠤᠬᠰᠠᠨ ᠴᠤ

ᠵᠦᠪ ᠬᠦᠯᠢᠶᠡᠨ ᠠᠪᠴᠤ ᠪᠠᠭᠳᠠᠭᠠᠵᠤ ᠰᠤᠷᠬᠤ ᠭᠡᠷᠡᠭᠳᠡᠢ᠃ ᠲᠠᠷᠤᠢ ᠠᠨᠠᠢ ᠬᠤᠪᠢ ᠠᠪᠤᠬᠰᠠᠨ ᠰᠢᠯᠳᠠᠭᠠᠨ ᠢ ᠡᠷᠢᠵᠤ᠂

ᠲᠠᠷᠠᠭᠠᠴᠢ ᠪᠠᠷ ᠠᠯᠬᠤᠮ ᠲᠠᠪᠰᠢᠬᠤ ᠳᠤ ᠨᠢ ᠵᠤᠷᠢᠬᠵᠢᠭᠤᠯᠤᠯ ᠬᠦᠴᠤ ᠦᠭᠬᠦ ᠭᠡᠷᠡᠭᠳᠡᠢ᠃

      3. ᠬᠡᠤᠭᠡᠳ ᠲᠠᠢ ᠪᠠᠨ ᠵᠦᠪ ᠬᠠᠷᠢᠴᠠᠭ᠎ᠠ ᠶᠢ ᠪᠠᠶᠢᠭᠤᠯᠬᠤ ᠭᠡᠷᠡᠭᠳᠡᠢ

      ᠪᠦᠬᠦ ᠬᠦᠮᠦᠨ ᠳᠤ ᠠᠳᠠᠯᠢᠬᠠᠨ ᠦᠭᠬᠦᠭᠳᠡᠭᠰᠡᠨ ᠨᠢᠭᠡ ᠵᠦᠢᠯ ᠪᠤᠯ ᠭᠡᠷ ᠪᠦᠯᠢ ᠪᠠᠶᠢᠳᠠᠭ᠃ ᠭᠡᠷ ᠪᠦᠯᠢ ᠶᠢᠨ

ᠤᠷᠴᠢᠨ᠂ ᠡᠴᠢᠭᠡ ᠡᠬᠡ ᠶᠢᠨ ᠠᠩᠬᠠᠷᠤᠯ ᠬᠠᠯᠠᠮᠵᠢ ᠬᠡᠬᠦ ᠮᠡᠳᠦ ᠶᠢᠨ ᠤᠯᠠᠨ ᠵᠦᠢᠯ ᠠᠴᠠ ᠰᠢᠯᠳᠠᠭᠠᠯᠠᠭᠳᠠᠨ ᠲᠤᠰ

ᠬᠦᠮᠦᠨ ᠨᠢ ᠨᠠᠶᠢᠭᠡᠮ ᠳᠤ ᠶᠠᠮᠠᠷ ᠬᠦᠮᠦᠨ ᠪᠤᠯᠵᠤ ᠦᠰᠴᠤ ᠲᠤᠷᠨᠢᠬᠤ ᠶᠢ ᠨᠦᠯᠤᠭᠡᠯᠡᠳᠡᠭ᠃

      ᠭᠡᠷ ᠪᠦᠯᠢ ᠳᠤ ᠪᠠᠨ ᠡᠶ᠎ᠡ ᠨᠠᠶᠢᠷᠠᠮᠳᠠᠭᠤ᠂ ᠬᠠᠶᠢᠷ᠎ᠠ ᠪᠢᠯᠬᠠᠬᠰᠠᠨ ᠤᠷᠴᠢᠨ ᠢ ᠪᠤᠢ ᠪᠤᠯᠭᠠᠵᠤ᠂

ᠬᠡᠤᠭᠡᠳ ᠲᠠᠢ ᠪᠠᠨ ᠬᠡᠵᠢᠶᠡᠳᠡ ᠡᠶᠡᠷᠬᠦ ᠪᠠᠷ ᠵᠦᠪ ᠬᠠᠷᠢᠯᠴᠠᠨ᠂ ᠤᠷᠢᠳ ᠢᠶᠠᠷ ᠲᠠᠳᠡᠨ ᠤ ᠰᠠᠨᠠᠯ ᠪᠤᠳᠤᠯ ᠢ

ᠬᠦᠨᠳᠤᠳᠭᠡᠨ ᠰᠤᠨᠤᠰᠴᠤ᠂ ᠲᠠᠷᠠᠭ᠎ᠠ ᠨᠢ ᠭᠡᠷ ᠤᠨ ᠠᠬᠠᠮᠠᠳ ᠠᠴᠠ ᠦᠪᠡᠷ ᠤᠨ ᠰᠠᠨᠠᠯ ᠰᠠᠨᠠᠭᠤᠯᠤᠮᠵᠢ ᠪᠠᠨ ᠢᠯᠡᠳᠬᠡᠨ᠂

ᠬᠠᠷᠢᠯᠴᠠᠨ ᠦᠢᠯᠠᠭᠠᠯᠴᠠᠵᠤ᠂ ᠡᠴᠢᠭᠡ ᠡᠬᠡ ᠪᠤᠯᠤᠬᠰᠠᠳ᠂ ᠦᠪᠡᠷ ᠤᠨ ᠰᠠᠨᠠᠭ᠎ᠠ ᠪᠤᠳᠤᠯ ᠢᠶᠠᠨ ᠬᠡᠤᠭᠡᠳ ᠲᠤ ᠲᠤᠬᠤᠬᠤ᠂

ᠲᠠᠳᠡᠨ ᠢ ᠤᠷᠤᠯᠡᠨ ᠰᠢᠢᠳᠪᠤᠷᠢ ᠭᠠᠷᠭᠠᠬᠤ᠂ ᠲᠡᠳᠡᠨ ᠢ ᠠᠯᠪᠠᠳᠠᠨ ᠦᠪᠡᠷ ᠤᠨ ᠰᠠᠨᠠᠭ᠎ᠠ ᠪᠠᠷ ᠢᠶᠠᠨ ᠶᠠᠪᠤᠭᠤᠯᠬᠤ ᠠᠴᠠ

ᠵᠠᠶᠢᠯᠠᠰᠬᠢᠬᠤ ᠭᠡᠷᠡᠭᠳᠡᠢ᠃ ᠠᠯᠢᠪᠠ ᠤᠴᠢᠷ ᠲᠤ ᠰᠢᠢᠳᠪᠤᠷᠢ ᠭᠠᠷᠭᠠᠬᠤ ᠡᠷᠭᠡ ᠶᠢ ᠲᠡᠳᠡᠨ ᠳᠤ ᠦᠭᠬᠦ ᠬᠡᠷᠡᠭᠳᠡᠢ᠃

      ᠭᠡᠷ ᠪᠦᠯᠢ ᠶᠢᠨ ᠠᠵᠠ ᠵᠢᠷᠭᠠᠯ ᠢ ᠮᠡᠳᠡᠷᠡᠬᠦᠯᠵᠦ᠂ ᠬᠡᠤᠭᠡᠳ ᠲᠤ ᠦᠰᠤᠨ ᠪᠤᠶᠢᠵᠢᠬᠤ ᠲᠤᠬᠢᠶᠡᠯ ᠨᠦᠬᠦᠴᠡᠯ᠂

ᠤᠷᠴᠢᠨ ᠢ ᠬᠠᠩᠭᠠᠵᠤ᠂ ᠡᠴᠢᠬᠡ ᠡᠬᠡ ᠪᠠ ᠬᠡᠤᠭᠡᠳ ᠤᠨ ᠵᠦᠪ ᠬᠠᠷᠢᠴᠠᠭ᠎ᠠ ᠶᠢ ᠪᠠᠶᠢᠭᠤᠯᠤᠨ᠎ᠠ᠃

      4. ᠬᠡᠤᠭᠡᠳ ᠲᠤ ᠪᠠᠨ ᠢᠳᠡᠭᠡᠯ ᠵᠤᠷᠢᠭ ᠢ ᠤᠯᠭᠤᠨ᠎ᠠ

      ᠬᠡᠤᠭᠡᠳ ᠢᠳᠡᠭᠡᠯ ᠢ ᠬᠠᠮᠤᠭ ᠤᠨ ᠦᠢᠷ᠎ᠠ ᠬᠦᠮᠤᠨ ᠠᠴᠠ ᠪᠠᠨ ᠠᠪᠳᠠᠭ᠃ ᠡᠶᠢᠮᠤ ᠠᠴᠠ ᠡᠴᠢᠭᠡ ᠡᠬᠡᠴᠦᠤᠯ

ᠵᠠᠭᠤᠨ ᠤ ᠵᠠᠭᠤ ᠪᠠᠷ ᠬᠡᠤᠭᠡᠳ ᠢᠶᠠᠨ ᠢᠳᠡᠭᠡᠵᠤ᠂ ᠬᠡᠤᠭᠡᠳ ᠢ ᠦᠪᠡᠷ ᠢ ᠪᠠᠨ ᠢᠳᠡᠬᠡᠬᠦ ᠢᠳᠡᠭᠡᠯ ᠲᠠᠢ᠂ ᠵᠤᠷᠢᠭ

ᠰᠦᠰᠤ ᠲᠠᠢ ᠪᠤᠯᠭᠠᠨ ᠬᠦᠮᠦᠵᠢᠬᠦᠯᠦᠨ᠎ᠠ᠃ ᠪᠠᠭ᠎ᠠ ᠠᠴᠠ ᠨᠢ ᠦᠪᠡᠷ ᠤᠨ ᠬᠢᠵᠤ ᠲᠡᠶᠢᠯᠬᠦ ᠵᠦᠢᠯᠡᠰ ᠢ ᠪᠡᠶ᠎ᠡ ᠶᠢ ᠨᠢ

ᠲᠠᠭᠠᠭᠠᠯᠭᠠᠨ ᠬᠢᠯᠭᠡᠵᠤ᠂ ᠦᠪᠡᠷ ᠤᠨ ᠪᠡᠶ᠎ᠡ ᠪᠠᠷ ᠨᠢ ᠦᠰᠤᠨ ᠪᠤᠶᠢᠵᠢᠬᠤ ᠶᠠᠪᠤᠴᠠ ᠠᠷᠭ᠎ᠠ ᠶᠢ ᠪᠡᠶᠡᠴᠢᠯᠡᠨ

ᠦᠩᠭᠡᠷᠡᠭᠡᠵᠤ ᠮᠡᠳᠡᠷᠡᠬᠦᠯᠤᠨ᠎ᠠ᠃ ᠶᠡᠷᠤᠨᠢ ︽ᠵᠢᠭᠠᠵᠤ ᠰᠤᠷᠭᠠᠬᠤ ᠪᠠᠷ ᠵᠠᠷᠤᠵᠦ ᠰᠤᠷᠭ᠎ᠠ᠂ ᠬᠡᠯᠡᠵᠤ ᠰᠤᠷᠭᠠᠬᠤ ᠪᠠᠷ

ᠬᠢᠵᠤ ᠰᠤᠷᠭ᠎ᠠ︾ ᠭᠡᠳᠡᠭ ᠰᠢᠤ᠃

      ᠪᠢᠳᠠ ᠬᠡᠤᠭᠡᠳ ᠲᠤ ᠪᠠᠨ ︽ᠪᠢ ᠪᠤᠯᠵᠤ ᠪᠠᠶᠢᠨ᠎ᠠ︾᠂ ︽ᠪᠢ ᠶᠠᠭᠤ ᠬᠢᠭᠰᠡᠨ ᠴᠦ ᠴᠢᠳᠠᠨ᠎ᠠ︾ ᠬᠡᠬᠦ

ᠢᠳᠡᠭᠡᠯ ᠵᠤᠷᠢᠭ ᠢ ᠴᠠᠭ ᠢᠮᠠᠭᠳᠠ ᠤᠯᠭᠤᠵᠤ ᠪᠠᠶᠢᠪᠠᠯ ᠲᠡᠳᠡᠨ ᠤ ᠬᠤᠶᠢᠰᠢᠳᠠ ᠶᠢᠨ ᠦᠰᠤᠨ ᠪᠤᠶᠢᠵᠢᠯᠳᠡ᠂

ᠬᠦᠭᠵᠢᠯᠳᠡ ᠬᠤᠪᠢᠷᠠᠯᠳᠠ ᠳᠤ ᠴᠢᠬᠤᠯᠠ ᠦᠢᠯᠡᠳᠤᠯ ᠦᠵᠡᠬᠦᠯᠤᠨ᠂ ᠦᠪᠡᠷ ᠤᠨ ᠪᠡᠶ᠎ᠡ ᠳᠤ ᠪᠠᠨ ᠢᠳᠡᠭᠡᠯ

ᠲᠦᠬᠦᠷᠠᠩ ᠤᠷᠤᠬᠰᠢ ᠲᠠᠪᠰᠢᠵᠤ ᠲᠡᠶᠢᠯᠤᠨ᠎ᠠ᠃

      5. ᠬᠡᠤᠭᠡᠳ ᠢ ᠬᠦᠰᠡᠯ ᠲᠡᠮᠡᠤᠯᠤᠯ ᠲᠠᠢ ᠪᠤᠯᠭᠠᠨ᠎ᠠ

      ᠬᠡᠤᠭᠡᠳ ᠤᠨ ᠨᠢᠭᠡ ᠨᠠᠰᠤᠨ ᠳᠤ ᠪᠠᠨ ᠬᠠᠳᠠᠭᠠᠯᠠᠵᠤ ᠶᠠᠪᠤᠬᠤ ᠡᠷᠳᠡᠨᠢ — ᠡᠷᠬᠢᠮ ᠨᠠᠨᠳᠢᠨ ᠵᠦᠢᠯ ᠪᠤᠯ

ᠬᠦᠰᠡᠯ ᠪᠤᠯᠤᠨ᠎ᠠ᠃ ᠬᠡᠤᠭᠡᠳ ᠤᠨ ᠦᠪᠡᠷ ᠤᠨ ᠬᠢᠨᠢ ᠰᠤᠨᠢᠷᠬᠠᠯ᠂ ᠲᠤᠷ᠎ᠡ ᠪᠠᠬ᠎ᠠ ᠶᠢ ᠨᠢ ᠨᠡᠭᠡᠭᠡᠨ ᠢᠯᠡᠷᠡᠬᠦᠯᠵᠦ᠂

ᠬᠦᠰᠡᠯ ᠮᠦᠷᠤᠭᠡᠳᠤᠯ ᠲᠠᠢ ᠪᠤᠯᠭᠠᠨ᠎ᠠ᠃

      ᠬᠡᠤᠭᠡᠳ ᠤᠨ ᠦᠪᠡᠷ ᠤᠨ ᠬᠦᠰᠡᠯ ᠲᠡᠮᠡᠤᠯᠤᠯ ᠢᠶᠠᠷ ᠠᠮᠢᠳᠤᠷᠠᠬᠤ ᠴᠢᠭᠯᠡᠬᠦᠷ ᠵᠤᠷᠢᠯᠭ᠎ᠠ ᠲᠠᠢ ᠪᠤᠯᠭᠠᠪᠠᠯ᠂

ᠲᠡᠳᠡ ᠦᠪᠡᠷ ᠤᠨ ᠲᠤᠷᠠᠳᠠᠢ ᠵᠦᠢᠯ ᠢᠶᠠᠨ ᠬᠢᠬᠦ ᠡᠷᠴᠢ ᠬᠦᠴᠦ ᠨᠢ ᠨᠡᠮᠡᠭᠳᠡᠵᠦ᠂ ᠬᠦᠰᠡᠯ ᠲᠡᠮᠡᠤᠯᠤᠯ ᠤᠨ ᠢᠶᠠᠨ

ᠲᠦᠯᠤᠭᠡ ᠲᠡᠮᠡᠴᠡᠬᠦ ᠬᠠᠷᠠᠯᠳᠡ ᠲᠤᠳᠤᠷᠬᠠᠢ ᠪᠤᠯᠵᠤ ᠠᠮᠵᠢᠯᠳᠠ ᠤᠯᠵᠦ ᠴᠢᠳᠠᠨ᠎ᠠ᠃

      ᠵᠢᠱᠢᠶᠠᠯᠠᠪᠠᠯ᠂ ᠨᠢᠭᠡ ᠬᠡᠤᠭᠡᠳ ᠵᠢᠷᠤᠬᠴᠢᠨ ᠪᠤᠯᠬᠤ ᠬᠦᠰᠡᠯ ᠲᠠᠢ ᠪᠤᠯ ᠵᠢᠷᠤᠭ ᠵᠢᠷᠤᠬᠤ ᠲᠤᠷᠠᠳᠠᠢ᠂ ᠨᠠᠷᠡᠳᠦ

ᠵᠢᠷᠤᠬᠴᠢᠨ ᠤ ᠪᠦᠳᠤᠭᠡᠯ ᠢ ᠰᠤᠨᠢᠷᠬᠠᠳᠠᠭ᠂ ᠶᠠᠮᠠᠷ ᠵᠢᠷᠤᠭ ᠤᠨ ᠮᠠᠷᠭᠡᠵᠢᠯ ᠢ ᠰᠤᠷᠤᠯᠴᠠᠬᠤ ᠨᠢ ᠨᠠᠳᠠ ᠳᠤ ᠲᠤᠬᠢᠷᠠᠬᠤ

ᠵᠠᠷᠭᠡ ᠶᠢ ᠪᠦᠷ ᠦᠪᠡᠷ ᠢᠶᠠᠨ ᠰᠤᠳᠤᠯᠵᠤ ᠰᠤᠩᠭᠤᠵᠤ ᠲᠡᠶᠢᠯᠳᠡᠭ ᠮᠦᠷᠳᠡᠭᠡᠨ ᠡᠬᠦᠨ ᠤ ᠲᠦᠯᠤᠭᠡ ᠴᠢᠷᠮᠠᠶᠢᠨ

ᠲᠡᠮᠡᠴᠡᠵᠤ ᠦᠨᠡᠨ ᠬᠦ ᠠᠮᠵᠢᠯᠳᠠ ᠪᠦᠳᠤᠭᠡᠯ ᠢ ᠤᠯᠵᠦ ᠴᠢᠳᠠᠨ᠎ᠠ᠃

      6. ᠬᠡᠤᠭᠡᠳ ᠢ ᠵᠦᠪ ᠲᠠᠳᠬᠠᠯ ᠲᠠᠢ ᠪᠤᠯᠭᠠᠨ᠎ᠠ

      ᠰᠠᠶᠢᠨ ᠰᠠᠶᠢᠬᠠᠨ ᠲᠠᠳᠬᠠᠯ ᠤᠨ ᠬᠦᠮᠤᠵᠢᠯ ᠨᠢ ᠨᠠᠰᠤᠨ ᠲᠤᠷᠰᠢᠳᠡ ᠶᠢᠨ ᠰᠠᠶᠢᠨ ᠰᠠᠶᠢᠬᠠᠨ          

ᠦᠢᠯᠡ ᠠᠵᠢᠯᠯᠠᠭᠠᠨ ᠤ ᠲᠠᠳᠬᠠᠯ ᠲᠠᠢ ᠪᠤᠯᠭᠠᠬᠤ ᠪᠠᠷ ᠵᠤᠷᠢᠯᠳᠡ ᠪᠠᠨ ᠪᠤᠯᠭᠠᠳᠠᠭ ᠠᠴᠠ ᠬᠡᠤᠭᠡᠳ ᠢ ᠵᠦᠪ          

ᠠᠮᠢᠳᠤᠷᠠᠬᠤ ᠲᠠᠳᠬᠠᠯ ᠲᠠᠢ ᠪᠤᠯᠭᠠᠬᠤ ᠡᠩ ᠤᠨ ᠴᠠᠭ ᠤᠨ ᠠᠷᠰᠠᠷ ᠪᠠᠭ᠎ᠠ ᠶᠠᠪᠤᠳᠠᠯ ᠠᠴᠠ ᠭᠠᠷᠳᠠᠨ          

ᠬᠦᠮᠦᠵᠢᠬᠦᠯᠤᠨ᠎ᠠ᠃ ᠵᠢᠱᠢᠶᠠᠯᠠᠪᠠᠯ᠂ ᠬᠡᠤᠭᠡᠳ ᠢ ᠲᠤᠬᠳᠠᠭᠰᠠᠨ ᠴᠠᠭ ᠲᠤ ᠤᠨᠳᠠᠵᠤ ᠠᠮᠠᠷᠠᠭᠤᠯᠬᠤ᠂ ᠡᠷᠡᠬᠦᠯ ᠢᠶᠠᠷ

ᠬᠤᠭᠤᠯᠠᠯᠠᠬᠤ᠂ ᠡᠳᠤᠷ ᠪᠦᠷᠢ ᠠᠷᠪᠠᠨ ᠲᠠᠪᠤᠨ ᠮᠢᠨᠦ᠋ᠲ ᠨᠤᠮ ᠤᠩᠰᠢᠬᠤ᠂ ᠪᠡᠶ᠎ᠡ ᠶᠢᠨ ᠲᠡᠮᠢᠷ ᠤᠨ ᠬᠦᠳᠡᠯᠭᠡᠭᠡᠨ ᠳᠤ

ᠤᠷᠤᠯᠴᠠᠬᠤ ᠮᠡᠳᠦ ᠪᠠᠷ ᠪᠠᠭ᠎ᠠ ᠵᠦᠢᠯ ᠢ ᠬᠢᠵᠤ ᠲᠡᠶᠢᠯᠦᠭᠰᠡᠨ ᠢᠶᠠᠷ ᠬᠤᠵᠢᠮ ᠶᠡᠭᠡ ᠶᠢ ᠪᠦᠳᠤᠭᠡᠬᠦ ᠰᠠᠶᠢᠬᠠᠨ ᠲᠠᠳᠬᠠᠯ

ᠤᠬᠠᠮᠰᠠᠷ ᠲᠤ ᠰᠠᠶᠢᠨ ᠰᠠᠭᠤᠷᠢ ᠲᠠᠢ ᠪᠤᠯᠵᠤ᠂ ᠨᠠᠰᠤᠨ ᠲᠤᠷᠰᠢᠳᠡ ᠶᠢᠨ ᠠᠮᠢᠳᠤᠷᠠᠯ ᠳᠤ ᠨᠢ ᠵᠦᠪ ᠨᠦᠯᠤᠭᠡ ᠶᠢ

ᠠᠪᠴᠢᠷᠠᠵᠤ ᠲᠡᠶᠢᠯᠤᠨ᠎ᠠ᠃

      7. ᠬᠡᠤᠭᠡᠳ ᠲᠤ ᠵᠦᠪ ᠤᠷᠴᠢᠨ ᠢ ᠬᠠᠩᠭᠠᠵᠤ ᠦᠭᠬᠦᠨ᠎ᠡ

      ᠬᠡᠤᠭᠡᠳ ᠢ ᠪᠠᠭ᠎ᠠ ᠠᠴᠠ ᠨᠢ ᠡᠴᠢᠬᠡ ᠡᠬᠡ ᠨᠢ ᠦᠭᠡᠳᠡᠷᠭᠡᠭ ᠵᠦᠪ ᠠᠮᠢᠳᠤᠷᠠᠳᠠᠭ᠂ ᠰᠤᠷᠤᠯᠴᠠᠬᠤ ᠲᠤᠷᠠᠳᠠᠢ᠂

ᠪᠤᠰᠤᠳ ᠢ ᠬᠠᠯᠠᠮᠵᠢᠯᠠᠵᠤ ᠬᠠᠪᠰᠤᠷᠤᠨ ᠬᠦᠨᠳᠤᠳᠭᠡᠳᠡᠭ ᠭᠡᠷ ᠪᠦᠯᠢ ᠶᠢᠨ ᠵᠦᠪ ᠡᠷᠡᠬᠦᠯ ᠤᠷᠴᠢᠨ ᠢ ᠪᠤᠢ ᠪᠤᠯᠭᠠᠨ᠂

ᠲᠠᠭᠤᠷᠢᠶᠠᠯ ᠤᠨ ᠦᠢᠯᠡᠳᠤᠯ ᠢᠶᠠᠷ ᠬᠡᠤᠭᠡᠳ ᠢ ᠲᠠᠭᠠᠭᠤᠯᠵᠤ᠂ ᠭᠡᠷ ᠪᠦᠯᠢ ᠶᠢᠨ ᠰᠤᠶᠤᠯ ᠤᠨ ᠤᠷᠴᠢᠨ

ᠲᠤᠭᠤᠷᠢᠨ ᠢᠶᠠᠷ ᠬᠡᠤᠭᠡᠳ ᠤᠨ ᠲᠤᠳᠤᠷ᠎ᠠ ᠪᠠᠶᠢᠭ᠎ᠠ ᠤᠶᠤᠨ ᠰᠠᠨᠠᠭ᠎ᠠ ᠶᠢ ᠬᠦᠭᠵᠢᠬᠦᠯᠦᠨ ᠪᠤᠶᠢᠵᠢᠭᠤᠯᠵᠤ

ᠤᠷᠭᠤᠭᠤᠯᠤᠨ᠎ᠠ᠃ ᠡᠰᠡᠬᠦᠯ᠎ᠠ ᠡᠬᠡ ᠪᠠᠶᠢᠭᠠᠯᠢ ᠳᠤ ᠨᠢ ᠦᠢᠷᠠᠳᠤᠭᠤᠯᠤᠨ ᠮᠤᠩᠭᠤᠯ ᠠᠮᠢᠳᠤᠷᠠᠯ᠂ ᠮᠠᠯᠵᠢᠬᠤ ᠰᠤᠶᠤᠯ

ᠠᠬᠤᠢ ᠶᠢ ᠦᠢᠯᠠᠭᠠᠭᠤᠯᠤᠨ᠂ ᠬᠦᠮᠤᠵᠢᠯ ᠬᠦᠷᠳᠡᠭᠡᠵᠤ ᠪᠤᠯᠤᠨ᠎ᠠ᠃ ᠵᠢᠱᠢᠶᠠᠯᠠᠪᠠᠯ᠂ ᠮᠠᠯᠵᠢᠬᠤ ᠰᠤᠶᠤᠯ ᠤᠨ

ᠬᠠᠮᠳᠦ ᠶᠢᠨ ᠵᠤᠰᠠᠯᠠᠩ ᠤᠨ ᠠᠵᠢᠯᠯᠠᠭ᠎ᠠ ᠳᠤ ᠤᠷᠤᠯᠴᠠᠬᠤ ᠲᠤᠮᠳᠠ ᠡᠬᠡ ᠪᠠᠶᠢᠭᠠᠯᠢ ᠳᠤ ᠴᠢᠯᠤᠭᠡᠳᠡᠢ ᠨᠠᠭᠠᠳᠴᠤ

ᠲᠤᠬᠯᠠᠭᠤᠯᠬᠤ᠂ ᠪᠤᠰᠤᠳ ᠲᠠᠢ ᠬᠠᠷᠢᠯᠴᠠᠵᠤ ᠰᠤᠷᠬᠤ᠂ ᠮᠤᠩᠭᠤᠯ ᠠᠮᠢᠳᠤᠷᠠᠯ ᠳᠤ ᠪᠡᠶᠡᠴᠢᠯᠡᠨ ᠤᠷᠤᠯᠴᠠᠵᠤ

ᠪᠤᠯᠤᠨ᠎ᠠ᠃

      8. ᠬᠡᠤᠭᠡᠳ ᠲᠤ ᠠᠵᠠ ᠵᠢᠷᠭᠠᠯ ᠢ ᠮᠡᠳᠡᠷᠡᠬᠦᠯᠵᠦ ᠰᠤᠷᠭᠠᠨ᠎ᠠ

      ᠬᠡᠤᠭᠡᠳ ᠢ ᠦᠷᠬᠦᠯᠵᠢ ᠦᠭᠡᠳᠡᠷᠭᠡᠭ ᠪᠠᠶᠢᠯᠭᠠᠵᠤ᠂ ᠪᠠᠶᠠᠷ ᠪᠠᠶᠠᠰᠤᠯ ᠢᠶᠠᠨ ᠬᠤᠪᠢᠶᠠᠯᠴᠠᠬᠤ᠂ ᠪᠤᠰᠤᠳ ᠤᠨ

ᠰᠠᠶᠢᠨ ᠲᠠᠯ᠎ᠠ ᠶᠢ ᠢᠯᠡᠬᠦᠤ ᠬᠠᠷᠠᠵᠤ᠂ ᠰᠠᠭᠠᠳ ᠪᠠᠷᠭᠡᠰᠢᠶᠠᠯ ᠢ ᠡᠶᠡᠷᠬᠦ ᠪᠠᠷ ᠬᠦᠯᠢᠶᠠᠨ ᠠᠪᠬᠤ᠂ ᠵᠤᠷᠢᠭ ᠰᠦᠰᠤ᠂

ᠲᠡᠰᠪᠤᠷᠢ ᠲᠡᠪᠴᠢᠶᠠᠷᠢᠳᠡᠢ ᠪᠠᠶᠢᠬᠤ᠂ ᠪᠤᠰᠤᠳ ᠢ ᠠᠭᠤᠴᠢᠯᠠᠵᠤ ᠪᠠᠭᠳᠠᠭᠠᠬᠤ᠂ ᠲᠠᠯᠠᠷᠬᠠᠵᠤ ᠬᠠᠶᠢᠷᠠᠯᠠᠵᠤ

ᠰᠤᠷᠬᠤ ᠠᠴᠠ ᠠᠮᠢᠳᠤᠷᠠᠯ ᠤᠨ ᠠᠵᠠ ᠵᠢᠷᠭᠠᠯ ᠢ ᠮᠡᠳᠡᠷᠡᠬᠦᠯᠵᠦ ᠰᠤᠷᠭᠠᠨ᠎ᠠ᠃

      ᠡᠨᠡ ᠮᠡᠳᠦ ᠪᠠᠷ ᠬᠡᠤᠭᠡᠳ ᠢ ᠠᠮᠢᠳᠤᠷᠠᠯ ᠢ ᠬᠠᠶᠢᠷᠠᠯᠠᠬᠤ᠂ ᠠᠮᠢᠳᠤᠷᠠᠯ ᠢ ᠡᠷᠬᠢᠮᠯᠡᠨ ᠲᠡᠭᠡᠳᠤᠯᠡᠬᠦ᠂

ᠦᠪᠡᠷ ᠢ ᠪᠠᠨ ᠦᠨᠡᠯᠡᠬᠦ᠂ ᠦᠪᠡᠷ ᠤᠨ ᠪᠡᠶ᠎ᠡ ᠳᠤ ᠪᠠᠨ ᠢᠳᠡᠭᠡᠯᠳᠡᠢ᠂ ᠤᠬᠠᠭᠠᠯᠢᠭ ᠪᠠᠶᠢᠬᠤ ᠵᠦᠪ ᠬᠦᠮᠤᠨ ᠪᠤᠯᠤᠨ

ᠬᠦᠮᠤᠵᠢᠬᠦ ᠳᠤ ᠰᠠᠶᠢᠨ ᠰᠠᠭᠤᠷᠢ ᠶᠢ ᠲᠡᠯᠪᠢᠵᠦ ᠲᠡᠶᠢᠯᠬᠦ ᠮᠦᠷᠳᠡᠭᠡᠨ ᠮᠡᠳᠡᠯᠭᠡ᠂ ᠰᠢᠳᠤᠷᠭᠤ ᠶᠤᠰᠤ᠂ ᠬᠦᠮᠤᠨ ᠴᠢᠨᠠᠷ᠂

ᠠᠪᠢᠶᠠᠰ ᠴᠢᠳᠠᠪᠤᠷᠢ ᠵᠠᠷᠭᠡ ᠪᠦᠬᠦ ᠲᠡᠯ᠎ᠠ ᠶᠢ ᠨᠢ ᠲᠡᠩᠴᠡᠬᠦᠷᠢ ᠲᠠᠢ ᠬᠦᠭᠵᠢᠬᠦᠯᠵᠦ ᠲᠡᠶᠢᠯᠬᠦ ᠨᠢ ᠯᠠᠪᠳᠠᠢ ᠶᠤᠮ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠬᠦᠪᠡᠭᠡᠳᠤ ᠰᠢᠷ᠎ᠠ ᠬᠤᠰᠢᠭᠤᠨ ᠤ 

                              ᠨᠢᠭᠡᠳᠤᠭᠡᠷ ᠪᠠᠭ᠎ᠠ ᠰᠤᠷᠭᠠᠭᠤᠯᠢ

                              ︵ᠠᠯᠳᠠᠨᠰᠦ᠋ᠭᠡ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map