ᠭᠡᠦᠭᠡᠳ ᠢ ᠰᠠᠶᠢᠨ ᠰᠠᠶᠢᠬᠠᠨ ᠳᠠᠳᠬᠠᠯ ᠲᠠᠢ ᠪᠤᠯᠭᠠᠨ ᠬᠦᠮᠤᠵᠢᠬᠦᠯᠬᠦ ᠳᠤ
ᠨᠡᠶᠢᠲᠡᠯᠡᠭᠰᠡᠨ ᠴᠠᠭ᠄
2024/8/15
                     ᠲ᠊ · ᠱᠢᠷᠤᠨᠴᠢᠮᠡᠭ

儿童教育2.png

  

      ᠰᠠᠶᠢᠨ ᠰᠠᠶᠢᠬᠠᠨ ᠳᠠᠳᠬᠠᠯ ᠨᠢ ᠨᠢᠭᠡ ᠬᠦᠮᠤᠨ ᠤ ᠦᠰᠦᠯᠳᠠ ᠪᠤᠶᠢᠵᠢᠯᠳᠠ ᠳᠤ ᠭᠦᠨ ᠭᠦᠨᠵᠡᠭᠡᠢ ᠨᠦᠯᠦᠭᠡ

ᠦᠵᠠᠭᠦᠯᠳᠡᠭ᠃ ᠳᠠᠭᠡᠪᠠᠯ ᠰᠠᠶᠢᠨ ᠰᠠᠶᠢᠬᠠᠨ ᠳᠠᠳᠬᠠᠯ ᠬᠠᠮᠢᠭ᠎ᠠ ᠠᠴᠠ ᠢᠷᠡᠳᠡᠭ ᠪᠤᠢ︖

      ᠨᠢᠭᠡ᠂ ᠭᠡᠦᠭᠡᠳ ᠤᠨ ᠰᠠᠶᠢᠨ ᠳᠠᠳᠬᠠᠯ ᠲᠠᠢ ᠪᠤᠯᠵᠦ ᠬᠦᠮᠦᠵᠢᠭᠳᠡᠬᠦ ᠳᠤ ᠭᠡᠷ ᠪᠦᠯᠢ  ᠶᠢᠨ ᠦᠵᠠᠬᠦᠯᠬᠦ

ᠨᠦᠯᠤᠭᠡ

      ᠭᠡᠷ ᠪᠦᠯᠢ ᠶᠢᠨ ᠬᠦᠮᠤᠵᠢᠯ ᠨᠢ ᠭᠡᠦᠭᠡᠳ ᠤᠨ ᠰᠠᠶᠢᠨ ᠳᠠᠳᠬᠠᠯ ᠲᠠᠢ ᠪᠤᠯᠵᠦ ᠬᠦᠮᠦᠵᠢᠭᠳᠡᠬᠦ ᠳᠤ ᠬᠠᠮᠤᠭ ᠤᠨ

ᠦᠨᠳᠤᠰᠤᠨ ᠮᠦᠷᠳᠠᠭᠡᠨ ᠰᠢᠢᠳᠪᠤᠷᠢᠯᠠᠬᠦ ᠴᠢᠨᠠᠷ ᠲᠠᠢ ᠨᠦᠯᠦᠭᠡ ᠦᠵᠠᠭᠦᠯᠳᠡᠭ᠃ ︽ᠰᠤᠷᠤᠭᠰᠠᠠ ᠵᠠᠩ ᠢ ᠰᠤᠷ ᠢᠶᠠᠷ

ᠪᠤᠭᠤᠭᠠᠳ ᠳᠠᠶᠢᠯᠬᠦ ᠦᠭᠡᠢ︾ ᠭᠡᠳᠡᠭᠴᠢᠯᠠᠨ ᠭᠡᠤᠭᠡᠳ ᠤᠨ 0-3 ᠨᠠᠰᠤᠨ ᠤ ᠬᠤᠭᠤᠷᠤᠨᠳᠤ ᠪᠦᠷᠢᠯᠳᠦᠭᠰᠠᠠ ᠮᠠᠭᠤ

ᠮᠠᠭᠤᠬᠠᠢ ᠳᠠᠳᠬᠠᠯ ᠢ ᠬᠠᠯᠠᠨ ᠵᠠᠰᠠᠬᠤ ᠳᠤ ᠵᠤᠬᠢᠬᠤ ᠴᠠᠭ᠂ ᠵᠤᠬᠢᠬᠤ ᠬᠦᠴᠤ ᠵᠠᠷᠤᠴᠠᠭᠤᠯᠬᠤ ᠪᠤᠶᠤ ᠴᠢᠨᠠᠭᠰᠢᠯᠠᠪᠠᠯ

ᠬᠠᠯᠠᠨ ᠵᠠᠰᠠᠵᠦ ᠴᠢᠳᠠᠬᠤ ᠦᠭᠡᠢ ᠪᠠᠶᠢᠳᠠᠭ᠃ ᠡᠶᠢᠮᠤ ᠳᠤ ᠪᠠᠨ ᠰᠠᠶᠢᠨ ᠰᠠᠶᠢᠬᠠᠨ ᠳᠠᠳᠬᠠᠯ ᠨᠢ ᠨᠢᠭᠡ ᠬᠦᠮᠤᠨ ᠤ

ᠨᠠᠰᠤᠨ ᠳᠤᠷᠰᠢᠳᠠ ᠶᠢᠨ ᠦᠪᠯᠠᠵᠦ ᠶᠠᠪᠤᠬᠤ ᠡᠷᠬᠢᠮ ᠨᠠᠨᠳᠢᠨ ᠵᠦᠢᠯ ᠪᠠᠶᠢᠳᠠᠭ ᠭᠡᠵᠦ ᠦᠵᠠᠵᠦ ᠪᠠᠶᠢᠭ᠎ᠠ ᠶᠤᠮ᠃

      1. ᠡᠴᠢᠭᠡ ᠡᠭᠡ ᠪᠤᠯᠤᠭᠰᠠᠳ ︽ᠴᠢᠬᠢ ᠵᠦᠭᠡᠯᠠᠨ︾ ᠭᠡᠦᠭᠡᠳ ᠬᠦᠮᠤᠵᠢᠬᠦᠯᠬᠦ ᠶᠢ ᠶᠠᠭᠤᠨ ᠳᠠᠷᠢᠬᠦᠨ ᠳᠤ

ᠠᠩᠬᠠᠷᠬᠤ

      ᠮᠤᠩᠭᠤᠯᠴᠤᠳ ᠤᠤᠯ ᠠᠴᠠ ᠪᠠᠨ ᠠᠬᠠᠮᠠᠳ ᠪᠤᠭᠤᠷᠤᠯ ᠨᠢ ᠭᠡᠯᠠᠵᠦ᠂ ᠠᠩᠭ᠎ᠠ ᠪᠠᠭᠠᠴᠤᠤᠯ ᠨᠢ ᠰᠤᠨᠤᠰᠤᠨ

ᠵᠦᠪ ᠪᠤᠷᠤᠭᠤ ᠶᠢ ᠢᠯᠭᠠᠨ ᠳᠠᠨᠢᠬᠤ᠂ ᠪᠤᠰᠤᠳ ᠲᠠᠢ ᠬᠠᠷᠢᠯᠴᠠᠬᠤ᠂ ᠠᠬᠠᠮᠠᠳ ᠢᠶᠠᠨ ᠬᠦᠨᠳᠤᠯᠠᠬᠦ᠂ ᠡᠴᠢᠭᠡ

ᠡᠭᠡ ᠶᠢᠨ ᠢᠶᠠᠨ ᠦᠭᠡ ᠠᠴᠠ ᠵᠦᠷᠢᠬᠦ ᠦᠭᠡᠢ᠂ ᠤᠴᠢᠷ ᠶᠠᠪᠤᠳᠠᠯ ᠢ ᠵᠦᠪ ᠰᠢᠢᠳᠪᠤᠷᠢᠯᠠᠵᠦ ᠴᠢᠳᠠᠳᠠᠭ ᠭᠡᠦᠭᠡᠳ ᠢ

ᠬᠦᠮᠤᠵᠢᠬᠦᠯᠬᠦ ᠶᠢ ᠦᠶ᠎ᠠ ᠳᠠᠮᠵᠢᠨ ᠪᠠᠷᠢᠮᠳᠠᠯᠠᠭᠰᠠᠭᠠᠷ ᠢᠷᠡᠭᠰᠠᠠ ᠶᠤᠮ᠃ ᠡᠴᠢᠭᠡ ᠡᠭᠡ ᠶᠢᠨ ᠡᠷᠭᠡ ᠰᠦᠷ᠂ ᠪᠠᠶᠢᠷᠢ

ᠰᠠᠭᠤᠷᠢ ᠨᠢᠭᠡ ᠭᠡᠷ ᠪᠦᠯᠢ ᠳᠤ ᠶᠠᠮᠠᠷ ᠪᠠᠶᠢᠳᠠᠭ ᠢ ᠭᠡᠦᠭᠡᠳ ᠪᠠᠭ᠎ᠠ ᠠᠴᠠ ᠪᠠᠨ ᠦᠵᠠᠵᠦ ᠦᠰᠦᠭᠰᠠᠠ ᠢᠶᠠᠷ ᠬᠦᠨᠳᠤᠯᠠᠬᠦ᠂

ᠳᠠᠭᠡᠳᠤᠯᠠᠬᠦ᠂ ᠬᠠᠶᠢᠷᠠᠯᠠᠬᠤ᠂ ᠬᠠᠯᠠᠮᠵᠢᠯᠠᠬᠤ ᠦᠪᠠᠷᠮᠢᠴᠠ ᠰᠠᠳᠬᠢᠯᠭᠡ ᠲᠠᠢ ᠬᠦᠮᠤᠨ ᠪᠤᠯᠵᠦ ᠬᠦᠮᠤᠵᠢᠳᠡᠭ          

ᠪᠠᠶᠢᠨ᠎ᠠ᠃ ᠭᠡᠳᠠᠯ᠎ᠠ ᠤᠳᠤ ᠶᠢᠨ ᠭᠡᠦᠭᠡᠳ ᠶᠠᠭ ᠡᠬᠦᠨ ᠤ ᠡᠰᠠᠷᠬᠦ ᠡᠴᠢᠭᠡ ᠡᠭᠡ ᠶᠢᠨ ᠢᠶᠠᠨ ᠦᠭᠡ ᠶᠢ ᠤᠶᠢᠰᠢᠶᠠᠬᠤ

ᠦᠭᠡᠢ᠂ ᠠᠬᠠᠮᠠᠳ ᠪᠤᠭᠤᠷᠤᠯ ᠤᠨ ᠢᠶᠠᠨ ᠦᠭᠡ ᠶᠢ ᠴᠤ ᠢᠨᠢᠶᠠᠳᠤᠮ ᠱᠤᠭ ᠪᠤᠯᠭᠠᠨ ᠦᠩᠭᠡᠷᠠᠭᠡᠬᠦ ᠦᠵᠡᠭᠳᠠᠯ

ᠵᠦᠩᠳᠠᠭᠡᠨ ᠪᠤᠯᠤᠭᠰᠠᠠ᠃ ᠬᠠᠮᠳᠤ ᠨᠦᠬᠦᠳ ᠬᠤᠭᠤᠷᠤᠨᠳᠤ ᠪᠠᠨ ᠡᠶ᠎ᠡ ᠡᠪᠳᠠᠢ ᠬᠠᠷᠢᠯᠴᠠᠵᠦ ᠴᠢᠳᠠᠬᠤ ᠦᠭᠡᠢ

ᠭᠡᠷᠠᠬᠦᠯ ᠮᠠᠷᠭᠤᠭᠠᠨ ᠡᠬᠦᠰᠭᠡᠨ᠂ ᠭᠡᠷ ᠤᠨ ᠠᠬᠠᠮᠠᠳ ᠲᠤ ᠪᠠᠨ ᠭᠤᠮᠤᠳᠠᠯ ᠢᠶᠠᠨ ᠳᠤᠭᠠᠴᠢᠨ ᠡᠴᠢᠭᠡ ᠡᠭᠡ ᠪᠠᠷ ᠢᠶᠠᠨ

ᠳᠤᠰ ᠭᠡᠦᠭᠡᠳ ᠠᠴᠠ ︽ᠦᠰᠢᠶ᠎ᠠ︾ ᠠᠪᠤᠭᠤᠯᠤᠨ ᠬᠤᠶᠠᠷ ᠭᠡᠷ ᠪᠦᠯᠢ ᠶᠢᠨ ᠬᠤᠭᠤᠷᠤᠨᠳᠤᠬᠢ ᠵᠦᠷᠢᠴᠠᠯ

ᠮᠠᠷᠭᠤᠭᠠᠨ ᠢ ᠡᠬᠦᠰᠭᠡᠨ ᠨᠠᠶᠢᠭᠡᠮ ᠨᠠᠶᠢᠳᠠ ᠳᠤ ᠨᠠᠵᠠᠭᠠᠢ ᠨᠦᠯᠤᠭᠡ ᠳᠤᠰᠬᠠᠯ ᠲᠠᠢ ᠦᠵᠡᠭᠳᠠᠯ ᠪᠠᠶᠢᠩᠭᠤ ᠬᠠᠷᠠᠭᠳᠠᠬᠤ

ᠪᠤᠯᠤᠭᠰᠠᠠ ᠨᠢ ᠶᠠᠭ ᠯᠠ ︽ᠪᠢ ᠯᠠ ᠭᠡᠯᠠᠪᠠᠯ ᠳᠡᠭᠷᠢ ᠳᠤᠤᠭᠠᠷᠤᠭᠰᠠᠠ ᠠᠳᠠᠯᠢ︾ ᠦᠵᠠᠯ ᠪᠤᠳᠤᠯ ᠲᠠᠢ ᠪᠤᠯᠵᠦ

ᠬᠦᠮᠦᠵᠢᠭᠳᠡᠵᠦ ᠪᠠᠶᠢᠭ᠎ᠠ᠃ ᠡᠬᠦᠨ ᠤ ᠦᠷ᠎ᠠ ᠳ᠋ᠦᠩ ᠳᠤ ᠭᠡᠦᠭᠡᠳ ᠡᠴᠢᠭᠡ ᠡᠭᠡ᠂ ᠪᠠᠭᠰᠢ ᠠᠬᠠᠮᠠᠳ ᠠᠴᠠ

ᠪᠤᠷᠤᠭᠤ ᠶᠢ ᠨᠢ ᠰᠠᠨᠠᠭᠤᠯᠵᠦ ᠭᠡᠯᠠᠬᠦ ᠦᠭᠡ ᠶᠢ ᠴᠤ ᠬᠦᠯᠢᠶᠠᠨ ᠵᠦᠪᠰᠢᠶᠠᠷᠠᠵᠦ ᠳᠠᠶᠢᠯᠬᠦ ᠦᠭᠡᠢ ᠡᠰᠠᠷᠬᠦᠴᠠᠬᠦ

ᠴᠢᠨᠠᠭᠰᠢᠯᠠᠭᠠᠳ ᠠᠮᠢ ᠪᠠᠶ᠎ᠠ ᠪᠠᠨ ᠡᠴᠤᠰᠯᠠᠬᠦᠯᠬᠦ ᠬᠠᠷᠠᠰᠠᠯᠳᠤ ᠤᠴᠢᠷ ᠢ ᠴᠤ ᠦᠢᠯᠠᠳᠬᠦ ᠪᠤᠯᠤᠭᠰᠠᠠ᠃ ᠡᠨᠠ ᠨᠢ

ᠭᠡᠷ ᠤᠨ ᠠᠬᠠᠮᠠᠳ ᠭᠡᠦᠭᠡᠳ ᠢᠶᠠᠨ ᠠᠬᠠᠮᠠᠳ ᠳᠤᠮᠤᠭᠠᠳᠠᠨ᠂ ᠡᠴᠢᠭᠡ ᠡᠭᠡ ᠶᠢᠨ ᠢᠶᠠᠨ ᠦᠭᠡ ᠶᠢ ᠰᠤᠨᠤᠰᠬᠤ ︽ᠴᠢᠬᠢ

ᠵᠦᠭᠡᠯᠠᠨ︾ ᠭᠡᠦᠭᠡᠳ ᠪᠤᠯᠭᠠᠨ ᠬᠦᠮᠤᠵᠢᠬᠦᠯᠵᠦ ᠴᠢᠳᠠᠭᠰᠠᠠ ᠦᠭᠡᠢ ᠶᠢᠨ ᠢᠯᠠᠷᠠᠯ ᠪᠤᠯᠤᠨ᠎ᠠ᠃ ᠳᠠᠷᠤᠢ

ᠭᠡᠦᠭᠡᠳ ᠤᠨ ᠢᠶᠠᠨ ᠠᠶ᠎ᠠ ᠶᠢ ᠭᠡᠳᠤ ᠳᠠᠭᠠᠵᠦ᠂ ᠶᠠᠭᠠᠬᠢᠨ᠎ᠠ ᠭᠡᠪᠠᠯ ᠳᠠᠭᠡᠵᠦ᠂ ᠶᠠᠭᠤ ᠠᠪᠤᠨ᠎ᠠ᠂ ᠶᠠᠭᠤ ᠬᠢᠨ᠎ᠠ ᠭᠡᠬᠦ

ᠤᠴᠢᠷ ᠶᠠᠪᠤᠳᠠᠯ ᠪᠦᠬᠦᠨ ᠳᠤ ᠭᠡᠦᠭᠡᠳ ᠤᠨ ᠢᠶᠠᠨ ᠦᠭᠡ ᠶᠢ ᠰᠤᠨᠤᠰᠤᠨ᠂ ᠳᠠᠭᠡᠵᠦ ᠪᠤᠯᠬᠤ ᠦᠭᠡᠢ᠂ ᠢᠩᠬᠢᠵᠦ

ᠪᠤᠯᠬᠤ ᠦᠭᠡᠢ ᠭᠡᠬᠦ ᠵᠦᠪ ᠪᠤᠷᠤᠭᠤ ᠶᠢ ᠢᠯᠭᠠᠵᠦ ᠳᠠᠨᠢᠭᠤᠯᠤᠨ ᠭᠡᠯᠠᠵᠦ ᠰᠤᠷᠭᠠᠬᠤ ᠶᠢ ᠤᠮᠠᠷᠳᠠᠭᠰᠠᠠ ᠠᠴᠠ ᠪᠤᠯᠵᠦ

ᠭᠡᠦᠭᠡᠳ ᠤᠴᠢᠷ ᠶᠠᠪᠤᠳᠠᠯ ᠪᠦᠬᠦᠨ ᠳᠤ ᠵᠦᠪ ᠴᠤ ᠪᠤᠷᠤᠭᠤ ᠴᠤ ᠦᠪᠠᠷ ᠤᠨ ᠪᠤᠳᠤᠯ ᠢᠶᠠᠷ ᠢᠶᠠᠨ ᠶᠠᠪᠤᠬᠤ

ᠳᠠᠳᠬᠠᠯ ᠲᠠᠢ ᠪᠤᠯᠵᠦ ᠬᠦᠮᠦᠵᠢᠭᠳᠡᠵᠦ ᠪᠠᠶᠢᠭ᠎ᠠ᠃ ᠡᠶᠢᠮᠤ ᠠᠴᠠ ᠡᠴᠢᠭᠡ ᠡᠭᠡ ᠪᠤᠯᠤᠭᠰᠠᠳ ᠤᠨᠴᠠᠭᠠᠶᠢᠯᠠᠨ ᠵᠠᠯᠠᠭᠤ

ᠡᠴᠢᠭᠡ ᠡᠭᠡ ᠪᠤᠯᠤᠭᠰᠠᠳ ᠭᠡᠦᠭᠡᠳ ᠢᠶᠠᠨ ᠵᠦᠪ ᠪᠤᠷᠤᠭᠤ ᠶᠢ ᠢᠯᠭᠠᠨ ᠳᠠᠨᠢᠵᠦ ᠴᠢᠳᠠᠬᠤ᠂ ᠬᠦᠮᠤᠨ ᠤ ᠭᠡᠯᠠᠬᠦ ᠶᠢ

ᠰᠤᠨᠤᠰᠤᠨ ᠦᠪᠠᠷ ᠤᠨ ᠪᠤᠷᠤᠭᠤ ᠪᠠᠨ ᠮᠠᠳᠠᠷᠠᠵᠦ ᠬᠠᠯᠠᠵᠦ ᠵᠠᠰᠠᠵᠦ ᠴᠢᠳᠠᠬᠤ᠂ ᠪᠤᠰᠤᠳ ᠲᠠᠢ ᠡᠶ᠎ᠡ ᠡᠪᠳᠠᠢ

ᠬᠠᠷᠢᠯᠴᠠᠨ ᠪᠦᠯᠬᠦᠮᠳᠠᠵᠦ ᠴᠢᠳᠠᠬᠤ ᠭᠡᠦᠭᠡᠳ ᠪᠤᠯᠭᠠᠨ ᠬᠦᠮᠤᠵᠢᠬᠦᠯᠬᠦ ᠶᠢ ᠠᠩᠬᠠᠷᠤᠨ᠂ ︽ᠬᠠᠶᠢᠷᠠᠯᠠᠵᠦ

ᠬᠦᠮᠤᠵᠢᠬᠦᠯᠤᠨ᠎ᠠ︾ ᠭᠡᠬᠦ ᠬᠤᠶᠠᠷ ᠦᠭᠡ ᠶᠢᠨ ᠤᠳᠬ᠎ᠠ ᠠᠭᠤᠯᠭ᠎ᠠ ᠶᠢ ᠬᠦᠢᠴᠠᠳ ᠤᠶᠢᠯᠠᠭᠠᠨ᠂ ᠭᠠᠭᠴᠠ

ᠬᠠᠶᠢᠷᠠᠯᠠᠭᠠᠳ ᠬᠦᠮᠤᠵᠢᠬᠦᠯᠬᠦ ᠡᠬᠦᠷᠭᠡ ᠪᠠᠨ ᠳᠠᠶᠠᠭᠳᠠᠬᠤ ᠦᠵᠡᠭᠳᠠᠯ ᠢ ᠶᠠᠭᠠᠬᠢᠭᠰᠠᠠ ᠴᠤ ᠤᠮᠳᠤᠭᠠᠶᠢᠯᠠᠵᠦ ᠪᠤᠯᠬᠤ

ᠦᠭᠡᠢ ᠭᠡᠳᠡᠭ ᠢ ᠵᠦᠪᠳᠠᠮᠠᠷ ᠪᠠᠶᠢᠨ᠎ᠠ᠃

      2. ᠡᠴᠢᠭᠡ ᠡᠭᠡ ᠪᠤᠯᠤᠭᠰᠠᠳ ᠭᠡᠦᠭᠡᠳ ᠢᠶᠠᠨ ᠪᠠᠶ᠎ᠠ ᠪᠠᠨ ᠳᠠᠭᠠᠭᠠᠬᠤ ᠴᠢᠳᠠᠪᠤᠷᠢ ᠲᠠᠢ ᠪᠤᠯᠭᠠᠵᠦ

ᠬᠦᠮᠤᠵᠢᠬᠦᠯᠬᠦ ᠶᠢ ᠠᠩᠬᠠᠷᠬᠤ

      ᠪᠠᠶ᠎ᠠ ᠪᠠᠨ ᠳᠠᠭᠠᠭᠠᠵᠦ ᠰᠤᠷᠬᠤ ᠨᠢ ᠭᠡᠦᠭᠡᠳ ᠤᠨ ᠬᠦᠮᠤᠨ ᠪᠤᠯᠵᠦ ᠬᠦᠮᠦᠵᠢᠭᠳᠡᠬᠦ ᠳᠤ ᠰᠠᠭᠤᠷᠢᠯᠠᠭᠴᠢ

ᠪᠦᠭᠡᠳ ᠭᠤᠤᠯᠯᠠᠭᠴᠢ ᠦᠢᠯᠠᠳᠤᠯ ᠦᠵᠠᠬᠦᠯᠳᠡᠭ᠃ ᠮᠠᠨ ᠤ ᠬᠢᠨ ᠶᠠᠷᠤ ᠨᠢ ᠭᠡᠦᠭᠡᠳ ᠢᠶᠠᠨ ᠬᠤᠪᠴᠠᠰᠤ

ᠬᠤᠨᠠᠷ ᠢᠶᠠᠨ ᠦᠪᠠᠷ ᠢᠶᠠᠨ ᠡᠮᠤᠰᠴᠤ᠂ ᠬᠤᠭᠤᠯᠠ ᠤᠮᠳᠠ ᠪᠠᠨ ᠦᠪᠠᠷ ᠢᠶᠠᠨ ᠢᠳᠠᠬᠦ᠂ ᠨᠢᠭᠤᠷ ᠭᠠᠷ᠂ ᠭᠡᠵᠢᠭᠡ

ᠦᠰᠤ ᠪᠠᠨ ᠦᠪᠠᠷ ᠢᠶᠠᠨ ᠤᠬᠢᠶᠠᠵᠦ ᠰᠠᠮᠨᠠᠵᠦ ᠤᠷᠤᠯᠳᠤᠬᠤ ᠪᠤᠯᠪᠠᠯ ᠮᠢᠨᠤ ᠬᠦᠤ ︵ᠭᠡᠦᠭᠡᠨ︶ ᠪᠠᠶ᠎ᠠ ᠪᠠᠨ

ᠵᠦᠪᠯᠠᠬᠦ ᠲᠠᠢ ᠪᠤᠯᠤᠭᠰᠠᠠ ᠭᠡᠵᠦ ᠪᠦᠷ ᠪᠠᠶ᠎ᠠ ᠶᠢ ᠨᠢ ᠳᠠᠭᠠᠭᠠᠯᠭᠠᠨ ᠪᠦᠬᠦ ᠵᠦᠢᠯ ᠢᠶᠠᠨ ᠦᠪᠠᠷ ᠢᠶᠠᠨ ᠬᠢᠬᠦ ᠶᠢ ᠮᠠᠭᠳᠠᠨ

ᠵᠤᠷᠢᠬᠵᠢᠭᠤᠯᠵᠦ᠂ ᠭᠡᠦᠭᠡᠳ ᠢ ᠪᠠᠶ᠎ᠠ ᠳᠤ ᠪᠠᠨ ᠢᠳᠠᠭᠡᠯ ᠲᠠᠢ᠂ ᠬᠦᠴᠢᠷ ᠢ ᠳᠠᠭᠠᠭᠠᠬᠤ ᠳᠠᠰᠪᠤᠷᠢ ᠵᠤᠷᠢᠭ ᠲᠠᠢ᠂

ᠦᠪᠠᠷ ᠢᠶᠠᠨ ᠬᠢᠵᠦ ᠰᠤᠷᠬᠤ ᠶᠠᠪᠤᠴᠠ ᠠᠴᠠ ᠪᠠᠶᠠᠷ ᠵᠢᠷᠭᠠᠯ ᠢ ᠡᠳ᠋ᠯᠠᠨ ᠤᠯᠠᠮ ᠴᠢᠷᠮᠠᠶᠢᠨ ᠳᠠᠪᠰᠢᠬᠤ ᠪᠤᠳᠤᠯ ᠰᠠᠳᠬᠢᠯ᠂

ᠬᠦᠰᠠᠯ ᠳᠠᠮᠠᠤᠯᠤᠯ ᠤᠨ ᠰᠠᠳᠬᠢᠯᠭᠡ ᠲᠠᠢ ᠪᠤᠯᠭᠠᠵᠦ ᠬᠦᠮᠤᠵᠢᠬᠦᠯᠳᠡᠭ᠃ ᠢᠩᠬᠢᠭᠰᠡᠠ ᠢᠶᠠᠷ ᠭᠡᠦᠭᠡᠳ ᠡᠷᠳᠠ

ᠳᠤᠮᠤᠭᠠᠵᠢᠵᠦ᠂ ᠦᠪᠠᠷ ᠤᠨ ᠬᠢᠬᠦ ᠵᠦᠢᠯ ᠢᠶᠠᠨ ᠦᠪᠠᠷ ᠢᠶᠠᠨ ᠬᠢᠬᠦ ᠬᠠᠷᠢᠭᠤᠴᠠᠯᠭᠠᠳᠤ ᠰᠠᠳᠬᠢᠯᠭᠡ᠂ ᠭᠡᠷᠡᠭ

ᠪᠤᠳᠠᠰ ᠲᠤ ᠵᠦᠪ ᠬᠠᠨᠳᠤᠬᠤ ᠤᠪᠤᠷ ᠰᠠᠳᠬᠢᠯᠭᠡ᠂ ᠤᠴᠢᠷ ᠶᠠᠪᠤᠳᠠᠯ ᠢ ᠵᠦᠪ ᠰᠢᠢᠳᠪᠤᠷᠢᠯᠠᠬᠦ ᠪᠦᠳᠤᠭᠡᠯᠴᠢ

ᠰᠠᠳᠬᠢᠭᠦᠢ ᠲᠠᠢ ᠪᠤᠯᠵᠦ ᠬᠦᠮᠦᠵᠢᠭᠳᠡᠵᠦ ᠴᠢᠳᠠᠳᠠᠭ ᠢᠶᠠᠷ ᠬᠤᠵᠢᠮ ᠬᠤᠶᠢᠰᠢᠳᠠ ᠶᠢᠨ ᠠᠵᠢᠯ ᠠᠮᠢᠳᠤᠷᠠᠯ ᠳᠤ ᠪᠠᠨ

ᠵᠦᠪ᠂ ᠦᠨᠠᠨᠴᠢ᠂ ᠬᠠᠷᠢᠭᠤᠴᠠᠯᠭ᠎ᠠ ᠲᠠᠢ ᠰᠠᠳᠬᠢᠯᠭᠡ ᠪᠠᠷ ᠬᠠᠨᠳᠤᠨ ᠤᠴᠢᠷ ᠶᠠᠪᠤᠳᠠᠯ ᠤᠨ ᠵᠦᠪ ᠪᠤᠷᠤᠭᠤ ᠬᠤᠶᠠᠷ

ᠳᠠᠯ᠎ᠠ ᠶᠢ ᠢᠯᠭᠠᠨ ᠰᠠᠯᠭᠠᠵᠦ ᠰᠢᠢᠳᠪᠤᠷᠢᠯᠠᠬᠦ ᠪᠦᠳᠤᠭᠡᠯᠴᠢ ᠴᠢᠳᠠᠪᠤᠷᠢ ᠲᠠᠢ ᠪᠠᠶᠢᠵᠦ᠂ ᠠᠵᠢᠯ ᠠᠮᠢᠳᠤᠷᠠᠯ ᠢᠶᠠᠨ

ᠦᠭᠡᠳᠠ ᠦᠩᠭᠡ ᠲᠠᠢ ᠠᠪᠴᠤ ᠶᠠᠪᠤᠵᠦ ᠴᠢᠳᠠᠳᠠᠭ᠃ ᠭᠡᠳᠠᠯ᠎ᠠ ᠤᠳᠤ ᠶᠢᠨ ᠵᠠᠯᠠᠭᠤ ᠡᠴᠢᠭᠡ ᠡᠭᠡᠴᠤᠤᠯ

ᠭᠡᠦᠭᠡᠳ ᠢᠶᠠᠨ ︽ᠬᠠᠶᠢᠷ᠎ᠠ ᠶᠢᠨ ᠳᠠᠯᠠᠢ ᠳᠤ ᠤᠮᠪᠠᠭᠤᠯᠤᠨ᠂ ᠪᠦᠬᠦ ᠵᠦᠢᠯ  ᠢ ᠤᠷᠤᠯᠠᠨ ᠬᠢᠵᠦ︾ ᠦᠰᠭᠡᠬᠦ

ᠪᠤᠯᠤᠭᠰᠠᠠ ᠢᠶᠠᠷ ᠭᠡᠦᠭᠡᠳ ᠤᠨ ᠪᠠᠶ᠎ᠠ ᠪᠠᠨ ᠳᠠᠭᠠᠭᠠᠬᠤ ᠴᠢᠳᠠᠪᠤᠷᠢ ᠳᠤᠩ ᠳᠤᠷᠤᠢ ᠪᠠᠶᠢᠵᠦ᠂ ᠪᠠᠭ᠎ᠠ ᠰᠤᠷᠭᠠᠭᠤᠯᠢ ᠳᠤ

ᠤᠷᠤᠴᠢᠬᠠᠭᠠᠳ ᠬᠤᠪᠴᠠᠰᠤ ᠬᠤᠨᠠᠷ ᠢᠶᠠᠨ ᠦᠪᠠᠷ ᠢᠶᠠᠨ ᠡᠮᠤᠰᠴᠤ ᠴᠢᠳᠠᠬᠤ ᠦᠭᠡᠢ᠂ ᠬᠠᠷᠠᠨᠳᠠ ᠪᠠᠨ ᠴᠤ

ᠵᠤᠷᠭᠤᠵᠦ ᠴᠢᠳᠠᠬᠤ ᠦᠭᠡᠢ᠂ ᠪᠢᠴᠢᠭ ᠤᠨ ᠭᠡᠷᠡᠭᠰᠠᠯ ᠤᠨ ᠵᠦᠢᠯ ᠢᠶᠠᠨ ᠦᠪᠠᠷ ᠢᠶᠠᠨ ᠵᠦᠪᠯᠠᠵᠦ ᠪᠤᠭᠴᠤᠯᠠᠵᠦ

ᠴᠢᠳᠠᠬᠤ ᠦᠭᠡᠢ ᠭᠡᠦᠭᠡᠳ ᠵᠦᠩᠳᠠᠭᠡᠨ ᠬᠠᠷᠠᠭᠳᠠᠬᠤ ᠪᠤᠯᠤᠭᠰᠠᠠ᠃ ᠡᠨᠠ ᠨᠢ ᠭᠡᠳᠠᠷᠬᠦ ᠪᠠᠨ ︽ᠬᠠᠶᠢᠷ᠎ᠠ ᠨᠢ          

ᠬᠠᠯᠠ︾ ᠪᠤᠯᠵᠦ ᠭᠡᠦᠭᠡᠳ ᠢ ᠪᠤᠰᠤᠳ ᠲᠤ ᠳᠦᠰᠢᠬᠦ ᠨᠠᠶᠢᠳᠠᠮᠠᠳᠠᠭᠠᠢ᠂ ᠦᠪᠠᠷ ᠤᠨ ᠦᠵᠠᠯ ᠪᠤᠳᠤᠯ ᠦᠭᠡᠢ᠂

ᠤᠴᠢᠷ ᠶᠠᠪᠤᠳᠠᠯ ᠢ ᠰᠢᠢᠳᠪᠤᠷᠢᠯᠠᠬᠦ ᠴᠢᠳᠠᠪᠤᠷᠢ ᠳᠤᠷᠤᠢ᠂ ᠪᠠᠶ᠎ᠠ ᠳᠤ ᠪᠠᠨ ᠢᠳᠠᠭᠡᠯ ᠦᠭᠡᠢ᠂ ᠬᠠᠷᠢᠭᠤᠴᠠᠯᠭᠠᠳᠤ

ᠰᠠᠳᠬᠢᠯᠭᠡ ᠦᠭᠡᠢ᠂ ᠶᠠᠪᠤᠳᠠᠯ ᠪᠦᠬᠦᠨ ᠳᠤ ᠬᠦᠮᠤᠨ ᠤ ᠴᠢᠷᠠᠢ ᠬᠠᠷᠠᠬᠤ ᠦᠵᠠᠯᠳᠠ ᠵᠤᠭᠰᠤᠯᠳᠠ ᠦᠭᠡᠢ ᠬᠦᠮᠤᠨ

ᠪᠤᠯᠭᠠᠨ ᠬᠦᠮᠤᠵᠢᠬᠦᠯᠵᠦ ᠪᠠᠶᠢᠭ᠎ᠠ ᠶᠢᠨ ᠪᠤᠳᠠᠳᠤ ᠢᠯᠠᠷᠠᠯ ᠪᠤᠯᠤᠨ᠎ᠠ᠃ ᠤᠳᠤᠬᠠᠨ ᠤ ᠨᠢᠳᠤᠨ ᠡᠮᠤᠨ᠎ᠠ ᠦᠵᠡᠭᠳᠠᠨ

ᠶᠠᠷᠢᠭᠳᠠᠵᠦ ᠨᠠᠶᠢᠭᠡᠮ ᠤᠨ ᠬᠦᠨᠳᠤ ᠴᠢᠬᠤᠯᠠ ᠠᠰᠠᠭᠤᠳᠠᠯ ᠪᠤᠯᠵᠦ ᠪᠠᠶᠢᠭ᠎ᠠ ︽ᠤᠳᠤ ᠶᠢᠨ ᠭᠡᠦᠭᠡᠳ ᠤᠳ ᠭᠡᠴᠠᠬᠦᠤ

ᠪᠤᠯᠵᠠᠢ᠂ ᠪᠦᠷ ᠪᠠᠯᠠᠨ ᠢ ᠢᠳᠠᠵᠦ ᠵᠠᠯᠠᠨ ᠢ ᠭᠡᠷᠡᠭᠯᠠᠨ ᠠᠮᠢᠳᠤᠷᠠᠬᠤ ᠪᠤᠯᠤᠭᠰᠠᠠ᠂ ᠬᠤᠵᠢᠮ ᠶᠠᠭᠠᠬᠢᠳᠠᠭ ᠶᠤᠮ ᠮᠠᠳᠠᠬᠦ

ᠦᠭᠡᠢ︾ ᠭᠡᠳᠡᠭ ᠤᠨ ᠭᠤᠤᠯ ᠦᠨᠳᠤᠰᠤ ᠨᠢ ᠡᠴᠢᠭᠡ ᠡᠭᠡ ᠪᠤᠯᠤᠭᠰᠠᠳ ᠭᠡᠦᠭᠡᠳ ᠢᠶᠠᠨ ᠭᠡᠳᠤ ᠬᠠᠶᠢᠷᠠᠯᠠᠨ᠂ ᠤᠴᠢᠷ

ᠶᠠᠪᠤᠳᠠᠯ ᠪᠦᠬᠦᠨ ᠢ ᠨᠢ ᠤᠷᠤᠯᠠᠨ ᠬᠦᠢᠴᠠᠳᠭᠡᠬᠦ ᠪᠤᠯᠤᠭᠰᠠᠠ ᠠᠴᠠ ᠪᠠᠶ᠎ᠠ ᠪᠠᠨ ᠳᠠᠭᠠᠭᠠᠬᠤ ᠴᠢᠳᠠᠪᠤᠷᠢ ᠦᠭᠡᠢ᠂

ᠨᠠᠶᠢᠭᠡᠮ ᠤᠷᠴᠢᠨ ᠳᠤ ᠵᠤᠬᠢᠴᠠᠬᠤ ᠴᠢᠳᠠᠪᠤᠷᠢ ᠳᠤᠷᠤᠢ᠂ ᠦᠪᠠᠷ ᠤᠨ ᠭᠡᠰᠠᠠ ᠦᠵᠠᠯᠳᠠ ᠪᠤᠳᠤᠯ ᠦᠭᠡᠢ ᠬᠦᠮᠤᠨ

ᠪᠤᠯᠭᠠᠨ ᠬᠦᠮᠤᠵᠢᠬᠦᠯᠵᠦ ᠪᠠᠶᠢᠬᠤ ᠠᠴᠠ ᠪᠤᠯᠤᠭᠰᠠᠠ᠃ ︽ᠬᠠᠯᠠ ᠨᠢ ᠭᠠᠳᠠᠨ᠎ᠠ ᠪᠠᠨ᠂ ᠬᠠᠶᠢᠷ᠎ᠠ ᠨᠢ ᠳᠤᠳᠤᠨ᠎ᠠ          

 ᠪᠠᠨ︾ ᠭᠡᠬᠦ ᠮᠠᠷᠭᠡᠨ ᠦᠭᠡ ᠪᠠᠶᠢᠳᠠᠭ ᠰᠢᠤ︕ ᠭᠡᠦᠭᠡᠳ ᠢᠶᠠᠨ ᠵᠦᠪ ᠬᠦᠮᠤᠨ ᠪᠤᠯᠭᠠᠨ ᠬᠦᠮᠤᠵᠢᠬᠦᠯᠬᠦ ᠳᠤ ᠡᠴᠢᠭᠡ

ᠡᠭᠡ ᠪᠤᠯᠤᠭᠰᠠᠳ ᠦᠪᠠᠷ ᠢᠶᠠᠨ ᠤᠯᠠᠮᠵᠢᠯᠠᠯᠳᠤ ᠭᠡᠷ ᠤᠨ ᠰᠤᠷᠭᠠᠯ ᠢᠶᠠᠨ ᠮᠠᠷᠳᠠᠵᠦ ᠪᠤᠯᠬᠤ ᠦᠭᠡᠢ ᠭᠡᠳᠡᠭ ᠢ

ᠰᠠᠨᠠᠭᠤᠯᠤᠮᠠᠷ ᠪᠠᠶᠢᠨ᠎ᠠ᠃

      3. ᠡᠴᠢᠭᠡ ᠡᠭᠡ ᠪᠤᠯᠤᠭᠰᠠᠳ ᠭᠡᠦᠭᠡᠳ ᠢᠶᠠᠨ ᠬᠠᠶᠢᠷ᠎ᠠ ᠡᠨᠠᠷᠢᠯ ᠤᠨ ᠰᠠᠳᠬᠢᠯᠭᠡ ᠲᠠᠢ ᠪᠤᠯᠭᠠᠵᠦ

ᠬᠦᠮᠤᠵᠢᠬᠦᠯᠬᠦ ᠶᠢ ᠤᠮᠳᠤᠭᠠᠶᠢᠯᠠᠵᠦ ᠪᠤᠯᠬᠤ ᠦᠭᠡᠢ

      ᠮᠤᠩᠭᠤᠯᠴᠤᠳ ᠤᠤᠯ ᠠᠴᠠ ᠪᠠᠨ ᠨᠢᠭᠡ ᠨᠢ ᠵᠤᠪᠠᠪᠠᠯ ᠨᠠᠶᠢᠳᠠ ᠪᠠᠷ ᠢᠶᠠᠨ ᠳᠠᠮᠵᠢᠵᠦ ᠶᠠᠪᠤᠳᠠᠭ ᠰᠠᠶᠢᠬᠠᠨ

ᠤᠯᠠᠮᠵᠢᠯᠠᠯ ᠲᠠᠢ ᠦᠨᠳᠤᠰᠤᠳᠠᠨ ᠪᠢᠯᠠ᠃ ᠦᠨᠢᠷ ᠪᠠᠶᠠᠨ ᠦᠪ ᠰᠤᠶᠤᠯ ᠢᠶᠠᠨ ᠳᠠᠭᠡᠳᠤᠯᠠᠨ ︽ᠬᠠᠮᠳᠤ ᠶᠢᠨ

ᠬᠦᠴᠤᠨ ᠳᠤ ᠬᠠᠳᠠ ᠴᠢᠯᠠᠭᠤ ᠴᠤ ᠬᠠᠶᠢᠯᠤᠨ᠎ᠠ︾ ᠭᠡᠳᠡᠭ ᠪᠠᠳᠤ ᠵᠤᠷᠢᠭ ᠢᠶᠠᠷ ᠬᠠᠷᠢᠯᠴᠠᠨ ᠳᠠᠮᠵᠢᠯᠴᠠᠬᠦ᠂ ᠬᠠᠷᠢᠯᠴᠠᠨ

ᠳᠦᠰᠢᠯᠴᠠᠬᠦ ᠬᠠᠶᠢᠷ᠎ᠠ ᠡᠨᠠᠷᠢᠯ ᠤᠨ ᠬᠦᠴᠤᠨ ᠳᠤ ᠠᠮᠢᠳᠤᠷᠠᠯ ᠤᠨ ᠠᠯᠢᠪᠠ ᠬᠦᠴᠢᠷ ᠵᠤᠪᠠᠯᠠᠩ ᠢ ᠠᠵᠢᠭ ᠴᠤ ᠦᠭᠡᠢ

ᠳᠤᠭᠤᠯᠤᠨ ᠦᠨᠤᠳᠤᠷ ᠬᠦᠷᠴᠤ ᠢᠷᠡᠭᠰᠠᠠ ᠳᠠᠦᠭᠡ ᠲᠠᠢ᠃ ᠮᠤᠩᠭᠤᠯᠴᠤᠳ ᠡᠷᠳᠠᠨ ᠠᠴᠠ ᠪᠠᠨ ︽ᠤᠳᠠᠰᠤ ᠵᠠᠬᠦᠨ ᠤ

ᠠᠴᠢ ᠶᠢ ᠠᠭᠤᠯᠠ ᠪᠠᠷ ᠬᠠᠷᠢᠭᠤᠯᠠᠬᠤ︾ ᠰᠠᠶᠢᠬᠠᠨ ᠵᠠᠩᠰᠢᠯ ᠲᠠᠢ ᠠᠴᠠ ᠪᠤᠰᠤᠳ ᠤᠨ ᠠᠴᠢ ᠡᠨᠠᠷᠢᠯ ᠬᠠᠶᠢᠷ᠎ᠠ

ᠬᠠᠯᠠᠮᠵᠢ ᠶᠢ ᠨᠠᠰᠤᠨ ᠳᠤᠷᠰᠢᠳᠠ ᠮᠠᠷᠳᠠᠯ ᠦᠭᠡᠢ ᠦᠶ᠎ᠠ ᠵᠠᠯᠭᠠᠨ ᠤᠯᠠᠮᠵᠢᠯᠠᠵᠦ ᠶᠠᠪᠤᠳᠠᠭ ᠠᠷᠢᠭᠤᠨ ᠵᠠᠩᠰᠢᠯ ᠲᠠᠢ

ᠦᠨᠳᠤᠰᠤᠳᠠᠨ ᠶᠤᠮ᠃ ᠭᠡᠳᠠᠯ᠎ᠠ ᠤᠳᠤ ᠪᠤᠯᠬᠤ ᠳᠤ ᠭᠡᠦᠭᠡᠳ ᠪᠠᠭᠠᠴᠤᠤᠯ ᠭᠡᠳᠤ ᠬᠤᠪᠢᠨᠴᠢᠷ᠂ ᠬᠠᠷᠠᠮᠴᠢ ︽ᠪᠠᠶ᠎ᠠ

ᠳᠦᠪᠳᠤ︾ ᠬᠦᠮᠤᠨ ᠪᠤᠯᠵᠦ ᠪᠠᠶᠢᠭ᠎ᠠ ᠨᠢ ᠭᠡᠷ ᠤᠨ ᠠᠬᠠᠮᠠᠳ ᠤᠨ ᠬᠦᠮᠤᠵᠢᠯ ᠳᠤᠳᠤᠮᠳᠠᠯᠭ᠎ᠠ ᠳᠤᠳᠠᠭᠤ ᠪᠤᠯᠵᠦ

ᠪᠠᠶᠢᠭ᠎ᠠ ᠶᠢᠨ ᠪᠠᠰᠠ ᠨᠢᠭᠡ ᠠᠯᠳᠠᠭ᠎ᠠ ᠭᠡᠵᠦ ᠦᠵᠠᠵᠦ ᠪᠤᠢ᠃ ᠪᠠᠭ᠎ᠠ ᠭᠡᠦᠭᠡᠳ ᠤᠴᠢᠷ ᠶᠤᠰᠤ ᠤᠶᠢᠯᠠᠭᠠᠬᠤ ᠦᠭᠡᠢ

ᠪᠠᠶᠢᠬᠤ ᠨᠢ ᠮᠠᠳᠠᠭᠡᠵᠢ᠂ ᠡᠴᠢᠭᠡ ᠡᠭᠡ ᠪᠤᠯᠤᠭᠰᠠᠳ ᠡᠩ ᠤᠨ ᠠᠮᠢᠳᠤᠷᠠᠯ ᠳᠤᠮᠳᠠ ᠪᠠᠨ ᠡᠴᠢᠭᠡ ᠡᠭᠡ᠂ ᠠᠬᠠᠮᠠᠳ

ᠳᠤᠮᠤᠭᠠᠳᠠᠨ ᠢᠶᠠᠨ ᠬᠦᠨᠳᠤᠯᠠᠨ ᠬᠠᠶᠢᠷᠠᠯᠠᠬᠤ᠂ ᠠᠴᠢᠯᠠᠵᠦ ᠡᠨᠠᠷᠢᠬᠦ ᠪᠤᠳᠠᠳᠤ ᠦᠢᠯᠠᠳᠤᠯᠭᠡ ᠪᠠᠷ ᠢᠶᠠᠨ ᠳᠠᠭᠤᠷᠢᠶᠠᠯ

ᠪᠤᠯᠵᠦ ᠭᠡᠦᠭᠡᠳ ᠢᠶᠠᠨ ᠪᠤᠰᠤᠳ ᠢ ᠳᠠᠮᠵᠢᠬᠦ᠂ ᠪᠤᠰᠤᠳ ᠢ ᠬᠦᠨᠳᠤᠳᠭᠡᠨ ᠬᠠᠯᠠᠮᠵᠢᠯᠠᠬᠤ ᠬᠠᠶᠢᠷ᠎ᠠ ᠡᠨᠠᠷᠢᠯ ᠤᠨ

ᠰᠠᠳᠬᠢᠯᠭᠡ ᠲᠠᠢ ᠪᠤᠯᠭᠠᠵᠦ ᠬᠦᠮᠤᠵᠢᠬᠦᠯᠬᠦ ᠶᠢ ᠠᠩᠬᠠᠷᠬᠤ ᠭᠡᠷᠡᠭᠳᠠᠢ᠃ ᠢᠩᠬᠢᠮᠠᠨᠵᠢᠨ ᠬᠦᠴᠢᠷ ᠵᠤᠪᠠᠯᠠᠩ ᠢᠶᠠᠨ

ᠬᠠᠮᠳᠤᠳᠬᠠᠭᠰᠠᠠ ᠰᠠᠳᠬᠢᠯ ᠤᠨ ᠰᠠᠶᠢᠬᠠᠨ ᠨᠠᠶᠢᠵᠠ ᠲᠠᠢ᠂ ᠬᠠᠶᠢᠷ᠎ᠠ ᠡᠨᠠᠷᠢᠯ ᠢᠶᠠᠷ ᠰᠠᠭᠤᠷᠢᠯᠠᠭᠰᠠᠠ ᠠᠮᠢᠳᠤᠷᠠᠯ ᠤᠨ

ᠰᠠᠶᠢᠬᠠᠨ ᠳᠦᠰᠢᠭ ᠲᠠᠢ ᠪᠤᠯᠵᠦ᠂ ᠠᠵᠢᠯ ᠰᠤᠷᠤᠯᠭ᠎ᠠ᠂ ᠠᠮᠢᠳᠤᠷᠠᠯ ᠦᠢᠯᠠᠰ ᠢᠶᠠᠨ ᠠᠮᠵᠢᠯᠳᠠ ᠲᠠᠢ ᠴᠤᠭᠴᠠᠯᠠᠨ

ᠪᠦᠳᠤᠭᠡᠵᠦ᠂ ᠨᠠᠶᠢᠭᠡᠮ ᠨᠠᠶᠢᠳᠠ ᠳᠤ ᠭᠡᠷᠡᠭᠴᠡᠭᠡ ᠲᠠᠢ ᠬᠦᠮᠤᠨ ᠪᠤᠯᠵᠦ ᠴᠢᠳᠠᠨ᠎ᠠ ᠭᠡᠵᠦ ᠦᠵᠠᠵᠦ ᠪᠤᠢ᠃

      ᠬᠤᠶᠠᠷ᠂ ᠭᠡᠦᠭᠡᠳ ᠤᠨ ᠰᠠᠶᠢᠨ ᠳᠠᠳᠬᠠᠯ ᠲᠠᠢ ᠪᠤᠯᠵᠦ ᠬᠦᠮᠦᠵᠢᠭᠳᠡᠬᠦ ᠳᠤ ᠪᠠᠭᠰᠢ ᠶᠢᠨ ᠦᠵᠠᠬᠦᠯᠬᠦ ᠨᠦᠯᠤᠭᠡ

      ᠰᠤᠷᠬᠤ ᠶᠢᠨ ᠰᠠᠶᠢᠬᠠᠨ ᠬᠦᠰᠠᠯ ᠢᠶᠠᠷ ᠰᠤᠷᠭᠠᠭᠤᠯᠢ ᠶᠢᠨ ᠪᠤᠱᠤᠭ᠎ᠠ ᠠᠯᠬᠤᠭᠰᠠᠠ ᠴᠠᠭ ᠠᠴᠠ ᠪᠠᠭᠰᠢ ᠭᠡᠳᠡᠭ

ᠡᠷᠬᠢᠮ ᠠᠯᠳᠠᠷ ᠢ ᠡᠷᠬᠦᠨ᠂ ᠪᠠᠭᠰᠢ ᠶᠢᠨ ᠭᠡᠯᠡᠭᠰᠠᠠ ︽ᠵᠠᠷᠯᠢᠭ︾ ᠢ ᠡᠴᠢᠭᠡ ᠡᠭᠡ ᠶᠢᠨ ᠦᠭᠡ ᠠᠴᠠ ᠴᠤ ᠦᠨᠠᠴᠢᠯᠠᠨ᠂

ᠵᠦᠷᠢᠴᠠᠯ ᠦᠭᠡᠢ ᠪᠠᠶᠠᠯᠠᠬᠦᠯᠵᠦ ᠶᠠᠪᠤᠬᠤ ᠭᠭᠢᠷ ᠦᠭᠡᠢ ᠰᠠᠶᠢᠬᠠᠨ ᠰᠠᠳᠬᠢᠯ ᠲᠠᠢ ᠭᠡᠦᠭᠡᠳ ᠲᠤ ᠪᠠᠭᠰᠢ ᠶᠢᠨ

ᠦᠵᠠᠬᠦᠯᠬᠦ ᠨᠦᠯᠤᠭᠡ ᠪᠠᠰᠠ ᠴᠢᠬᠤᠯᠠ ᠦᠢᠯᠠᠳᠤᠯ ᠦᠵᠠᠬᠦᠯᠳᠡᠭ᠃

      1. ᠪᠠᠭᠰᠢ ᠶᠢᠨ ᠦᠭᠡ ᠶᠠᠷᠢᠶ᠎ᠠ᠂ ᠦᠢᠯᠠ ᠠᠵᠢᠯᠯᠠᠭ᠎ᠠ ᠭᠡᠦᠭᠡᠳ ᠤᠨ ᠬᠦᠮᠤᠵᠢᠯ ᠳᠤ ᠵᠤᠬᠢᠬᠤ ᠨᠦᠯᠤᠭᠡ

ᠦᠵᠠᠬᠦᠯᠳᠡᠭ᠃

      ᠭᠡᠦᠭᠡᠳ ᠤᠨ ᠰᠠᠳᠬᠢᠯ ᠳᠤ ᠪᠠᠭᠰᠢ ᠪᠤᠯ ᠬᠠᠮᠤᠭ ᠤᠨ ᠡᠷᠬᠢᠮ ᠬᠦᠮᠤᠨ ᠪᠠᠶᠢᠵᠦ ᠦᠨᠳᠤᠷ ᠪᠠᠶᠢᠷᠢ ᠰᠠᠭᠤᠷᠢ

ᠡᠵᠠᠯᠠᠵᠦ ᠪᠠᠶᠢᠳᠠᠭ᠃ ᠪᠠᠭᠰᠢ ᠶᠢᠨ ᠭᠡᠯᠡᠭᠰᠠᠠ ᠦᠭᠡ᠂ ᠬᠢᠳᠠᠯ ᠪᠠᠷᠢᠯ ᠨᠢ ᠪᠦᠷ ᠰᠤᠷᠤᠭᠴᠢᠳ ᠤᠨ ᠳᠠᠭᠠᠵᠦ

ᠰᠤᠷᠤᠯᠴᠠᠬᠤ ᠪᠠᠷᠢᠮᠵᠢᠶ᠎ᠠ ᠵᠦᠭᠯᠠᠬᠦᠷ ᠪᠤᠯᠳᠠᠭ ᠤᠴᠢᠷ ᠠᠴᠠ ᠪᠠᠭᠰᠢ ᠪᠤᠯᠤᠭᠰᠠᠳ ᠦᠪᠠᠷ ᠤᠨ ᠭᠡᠯᠡᠭᠰᠠᠠ

ᠦᠭᠡᠨ ᠳᠤ ᠪᠠᠨ ᠬᠦᠷᠴᠤ᠂ ᠬᠢᠭᠰᠡᠠ ᠠᠵᠢᠯᠯᠠᠭ᠎ᠠ ᠳᠤ ᠪᠠᠨ ᠡᠵᠠᠨ ᠰᠠᠭᠤᠬᠤ ᠬᠠᠷᠢᠭᠤᠴᠠᠯᠭᠠᠳᠤ ᠰᠠᠳᠬᠢᠯᠭᠡ ᠲᠠᠢ

ᠪᠠᠶᠢᠬᠤ ᠭᠡᠷᠡᠭᠳᠠᠢ᠃ ᠡᠰᠠ ᠳᠠᠶᠢᠮᠤ ᠪᠤᠯ ᠭᠡᠦᠭᠡᠳ ᠤᠨ ᠪᠠᠶ᠎ᠠ ᠳᠤ ᠬᠤᠳᠠᠯ ᠭᠡᠯᠠᠬᠦ᠂ ᠴᠠᠭ ᠤᠨ ᠠᠵᠢᠯ ᠢᠶᠠᠨ

ᠴᠠᠭ ᠲᠤ ᠪᠠᠨ ᠪᠠᠶᠠᠯᠠᠬᠦᠯᠬᠦ ᠦᠭᠡᠢ ᠠᠯᠠᠩ ᠰᠠᠯᠠᠩ ᠵᠠᠩ ᠠᠶᠠᠨᠳᠠᠭᠠᠨ ᠢᠯᠠᠷᠠᠵᠦ᠂ ︽ᠰᠢᠳᠤᠨ ᠪᠢᠰᠢᠷᠡᠭᠴᠢ︾ ᠪᠠᠨ

ᠳᠠᠭᠠᠵᠦ ᠪᠠᠶᠢᠬᠤ ᠶᠤᠮ ᠴᠢᠨᠢ ᠪᠤᠷᠤᠭᠤᠳᠠᠬᠤ ᠶᠤᠰᠤ ᠦᠭᠡᠢ ᠭᠡᠮᠠᠨ ᠰᠢᠯᠤᠭᠤᠬᠠᠨ ᠤᠷᠤᠭᠰᠢᠯᠠᠵᠦ ᠡᠴᠤᠰ ᠲᠤ ᠪᠠᠨ

ᠭᠡᠯᠡᠭᠰᠠᠠ ᠦᠭᠡᠨ ᠳᠤ ᠪᠠᠨ ᠡᠵᠠᠨ ᠰᠠᠭᠤᠬᠤ ᠦᠨᠠᠨᠴᠢ ᠢᠳᠠᠭᠡᠮᠵᠢ ᠦᠭᠡᠢ᠂ ᠬᠢᠭᠰᠡᠠ ᠦᠢᠯᠠ ᠳᠤ ᠪᠠᠨ

ᠬᠠᠷᠢᠭᠤᠴᠠᠯᠭ᠎ᠠ ᠡᠬᠦᠷᠭᠡᠯᠠᠬᠦ ᠵᠤᠷᠢᠭ ᠰᠦᠰᠤ ᠦᠭᠡᠢ ᠶᠠᠳᠠᠩᠬᠢ ᠳᠤᠷᠤᠢ ᠬᠦᠮᠤᠨ ᠪᠤᠯᠵᠦ ᠬᠦᠮᠦᠵᠢᠭᠳᠡᠬᠦ

ᠪᠤᠯᠤᠮᠵᠢ ᠲᠠᠢ ᠪᠠᠶᠢᠳᠠᠭ᠃ ᠡᠶᠢᠮᠤ ᠠᠴᠠ ᠪᠠᠭᠰᠢ ᠪᠤᠯᠤᠭᠰᠠᠳ ᠨᠢᠭᠡ ᠵᠤᠷᠢᠭ ᠦᠨᠠᠨᠴᠢ ᠰᠠᠳᠬᠢᠯᠭᠡ ᠪᠠᠷ ᠪᠠᠶ᠎ᠠ ᠪᠠᠨ

ᠴᠢᠩᠭ᠎ᠠ ᠱᠠᠭᠠᠷᠳᠠᠨ᠂ ᠵᠦᠪ ᠪᠤᠯᠪᠠᠰᠤᠨ ᠳᠠᠭᠤᠷᠢᠶᠠᠯ ᠤᠨ ᠦᠢᠯᠠᠳᠤᠯ ᠦᠵᠠᠬᠦᠯᠤᠨ ᠦᠨᠳᠤᠰᠤᠳᠠᠨ ᠤ ᠪᠠᠨ ᠬᠤᠶᠢᠴᠢ

ᠦᠶ᠎ᠠ ᠶᠢᠨ ᠮᠠᠨᠳᠤᠯ ᠬᠦᠭᠵᠢᠯ ᠳᠤ ᠦᠪᠠᠷ ᠤᠨ ᠠᠯᠢᠪᠠ ᠪᠠᠨ ᠦᠷᠡᠭᠳᠠᠬᠦᠯᠬᠦ ᠠᠷᠢᠭᠤᠨ ᠴᠢᠭᠡᠴᠢ ︽ᠯᠠ︾ ᠪᠤᠯᠵᠦ

ᠭᠡᠷᠠᠯᠳᠤᠬᠦ ᠶᠢ ᠪᠠᠶᠠᠯᠠᠬᠦᠯᠬᠦ ᠭᠡᠷᠡᠭᠳᠠᠢ᠃

      2. ᠪᠠᠭᠰᠢ ᠶᠢᠨ ᠡᠨᠠᠷᠢᠩᠬᠦᠢ ᠵᠦᠭᠡᠯᠠᠨ ᠰᠠᠳᠬᠢᠯ᠂ ᠨᠠᠶᠢᠳᠠᠴᠢ ᠦᠵᠠᠯ ᠪᠤᠳᠤᠯ ᠨᠢ ᠭᠡᠦᠭᠡᠳ ᠤᠨ

ᠬᠦᠮᠤᠵᠢᠯ ᠳᠤ ᠳᠠᠭᠤᠷᠢᠶᠠᠯ ᠦᠢᠯᠠᠳᠤᠯ ᠦᠵᠠᠬᠦᠯᠳᠡᠭ᠃

      ᠨᠠᠰᠤᠨ ᠤ ᠤᠨᠴᠠᠯᠢᠭ ᠠᠴᠠ ᠪᠠᠨ ᠪᠤᠯᠵᠦ ᠪᠠᠭ᠎ᠠ ᠭᠡᠦᠭᠡᠳ ᠤᠨ ᠳᠠᠭᠤᠷᠢᠶᠠᠬᠤ ᠰᠤᠷᠬᠤ ᠴᠢᠳᠠᠪᠤᠷᠢ ᠮᠠᠰᠢ

ᠴᠢᠩᠭ᠎ᠠ ᠪᠠᠶᠢᠳᠠᠭ᠃ ᠪᠠᠭ᠎ᠠ ᠰᠤᠷᠭᠠᠭᠤᠯᠢ ᠶᠢᠨ ᠰᠤᠷᠤᠭᠴᠢ ᠪᠠᠭᠰᠢ ᠶᠢᠨ ᠢᠶᠠᠨ ᠦᠭᠡ ᠶᠠᠷᠢᠶ᠎ᠠ᠂ ᠬᠦᠳᠠᠯᠤᠯ ᠪᠠᠷᠢᠯ᠂

ᠡᠮᠤᠰᠴᠤ ᠵᠠᠬᠦᠬᠦ᠂ ᠵᠠᠰᠠᠵᠦ ᠭᠤᠶᠤᠬᠤ ᠶᠢ ᠬᠦᠷᠳᠠᠯ᠎ᠠ ᠳᠠᠭᠤᠷᠢᠶᠠᠨ ᠵᠢᠩᠬᠢᠨᠢ ᠰᠢᠳᠤᠨ ᠪᠢᠰᠢᠷᠡᠭᠴᠢ ᠪᠠᠨ ᠪᠤᠯᠭᠠᠵᠦ

ᠬᠦᠨᠳᠤᠳᠭᠡᠨ ᠳᠤᠳᠤᠨᠤ ᠬᠦᠮᠤᠨ ᠢᠶᠠᠷ ᠰᠠᠳᠬᠢᠯ ᠳᠤ ᠪᠠᠨ ᠦᠨᠳᠤᠷ ᠪᠠᠶᠢᠷᠢ ᠳᠤ ᠳᠠᠯᠪᠢᠳᠠᠭ᠃ ᠡᠶᠢᠮᠤ ᠠᠴᠠ

ᠤᠨᠴᠠᠭᠠᠶᠢᠯᠠᠨ ᠪᠠᠭ᠎ᠠ ᠰᠤᠷᠭᠠᠭᠤᠯᠢ ᠶᠢᠨ ᠪᠠᠭᠰᠢ ᠪᠤᠯᠤᠭᠰᠠᠳ ᠰᠤᠷᠤᠭᠴᠢ ᠶᠢᠨ ᠳᠠᠷᠭᠡᠳᠠᠬᠢ ᠦᠭᠡ ᠶᠠᠷᠢᠶ᠎ᠠ᠂ ᠦᠢᠯᠠ

ᠬᠦᠳᠠᠯᠤᠯ᠂ ᠠᠭᠠᠰᠢ ᠵᠠᠩ ᠢᠶᠠᠨ ᠬᠦᠷᠳᠠᠯ᠎ᠠ ᠳᠦᠪ ᠡᠷᠬᠢᠮᠰᠦᠭ ᠪᠠᠶᠢᠯᠭᠠᠬᠤ ᠶᠢ ᠠᠩᠬᠠᠷᠬᠤ ᠭᠡᠷᠡᠭᠳᠠᠢ᠃ ᠨᠢᠭᠡ

ᠰᠢᠯᠢᠳᠡᠭ ᠰᠠᠶᠢᠨ ᠪᠠᠭᠰᠢ ᠨᠢ ᠰᠤᠷᠤᠭᠴᠢ ᠳᠤ ᠪᠠᠨ ᠡᠷᠭᠡ ᠳᠡᠭᠰᠢ ᠬᠠᠨᠳᠤᠨ ᠰᠤᠷᠤᠯᠭ᠎ᠠ ᠰᠠᠶᠢᠨ᠂ ᠰᠤᠷᠤᠯᠭ᠎ᠠ ᠠᠨᠠᠢ

ᠭᠡᠦᠭᠡᠳ ᠢ ᠢᠯᠭᠠᠨ ᠰᠠᠯᠭᠠᠵᠦ ᠦᠵᠠᠬᠦ ᠦᠭᠡᠢ᠂ ᠬᠠᠷᠢᠨ ᠰᠤᠷᠤᠯᠭ᠎ᠠ ᠠᠮᠢᠳᠤᠷᠠᠯ ᠳᠤ ᠪᠠᠨ ᠬᠦᠴᠢᠷᠳᠠᠯᠳᠠᠢ

ᠭᠡᠦᠭᠡᠳ ᠢ ᠤᠯᠠᠮ ᠢᠯᠠᠬᠦᠤ ᠬᠠᠯᠠᠮᠵᠢᠯᠠᠨ᠂ ᠡᠨᠠᠷᠢᠩᠬᠦᠢ ᠵᠦᠭᠡᠯᠠᠨ ᠬᠠᠨᠳᠤᠵᠦ᠂ ᠦᠪᠠᠷ ᠤᠨ ᠦᠷᠤ ᠵᠦᠭᠡᠯᠠᠨ᠂

ᠭᠤᠶᠠᠴᠢ ᠦᠭᠡᠢ ᠰᠠᠳᠬᠢᠯᠭᠡ ᠪᠠᠷ ᠢᠶᠠᠨ ᠳᠠᠳᠠᠨ ᠳᠤ ᠰᠠᠳᠬᠢᠯ ᠤᠨ ᠳᠦᠰᠢᠭ ᠪᠤᠯᠵᠦ᠂ ᠬᠤᠵᠢᠮ ᠤᠨ ᠠᠵᠢᠯ

ᠠᠮᠢᠳᠤᠷᠠᠯ ᠳᠤ ᠳᠠᠭᠤᠷᠢᠶᠠᠯ ᠪᠤᠯᠬᠤ ᠵᠢᠱᠢᠶᠠᠴᠢ ᠦᠢᠯᠠᠳᠤᠯ ᠢᠶᠠᠨ ᠪᠠᠳᠠᠷᠠᠭᠤᠯᠵᠦ ᠴᠢᠳᠠᠳᠠᠭ ᠪᠠᠶᠢᠨ᠎ᠠ᠃ ᠡᠶᠢᠮᠤ ᠠᠴᠠ

ᠪᠠᠭᠰᠢ ᠪᠤᠯᠤᠭᠰᠠᠳ ᠶᠠᠭᠤᠨ ᠤ ᠳᠠᠷᠢᠬᠦᠨ ᠳᠤ ᠡᠯ᠎ᠠ ᠳᠠᠯ᠎ᠠ ᠶᠢᠨ ᠭᠡᠪ ᠪᠤᠯᠪᠠᠰᠤᠷᠠᠯ ᠦᠨᠳᠤᠷ ᠪᠠᠶᠢᠵᠦ᠂ ᠬᠠᠶᠢᠷ᠎ᠠ

ᠬᠠᠷᠢᠭᠤᠴᠠᠯᠭ᠎ᠠ ᠶᠢᠨ ᠰᠠᠳᠬᠢᠯᠭᠡ ᠲᠠᠢ᠂ ᠡᠨᠠᠷᠢᠩᠬᠦᠢ ᠵᠦᠭᠡᠯᠠᠨ᠂ ᠦᠪᠠᠷ ᠢ ᠪᠠᠨ ᠦᠷᠡᠭᠳᠠᠬᠦᠯᠬᠦ ᠭᠤᠶᠠᠴᠢ ᠦᠭᠡᠢ

ᠰᠠᠳᠬᠢᠯᠭᠡ ᠲᠠᠢ᠂ ᠤᠴᠢᠷ ᠶᠠᠪᠤᠳᠠᠯ ᠪᠦᠬᠦᠨ ᠳᠤ ᠤᠯᠠᠨ ᠨᠠᠶᠢᠳᠠ ᠶᠢᠨ ᠡᠮᠤᠨ᠎ᠠ ᠠᠴᠠ ᠪᠤᠳᠤᠵᠦ᠂ ᠦᠵᠠᠯᠳᠠ

ᠳᠤᠳᠤᠷᠬᠠᠢ᠂ ᠵᠤᠭᠰᠤᠯᠳᠠ ᠪᠠᠳᠤ᠂ ᠴᠢᠩ ᠦᠨᠠᠨᠴᠢ  ᠪᠠᠷ ᠨᠠᠶᠢᠭᠡᠮ ᠤᠨ ᠮᠠᠨᠳᠤᠯ ᠬᠦᠭᠵᠢᠯ ᠤᠨ ᠳᠦᠯᠤᠭᠡᠨ᠎ᠠ

ᠦᠪᠠᠷ ᠤᠨ ᠬᠤᠪᠢ ᠨᠠᠮᠠᠷᠢ ᠪᠠᠨ ᠦᠵᠠᠬᠦᠯᠬᠦ ᠡᠷᠬᠢᠮ ᠨᠠᠨᠳᠢᠨ ᠬᠠᠶᠢᠷ᠎ᠠ᠂ ᠬᠠᠷᠢᠭᠤᠴᠠᠯᠭᠠᠳᠤ ᠰᠠᠳᠬᠢᠯᠭᠡ ᠲᠠᠢ

ᠪᠠᠶᠢᠬᠤ ᠶᠢ ᠪᠠᠶᠠᠯᠠᠬᠦᠯᠬᠦ ᠭᠡᠷᠡᠭᠳᠠᠢ᠃ ᠢᠩᠬᠢᠮᠠᠨᠵᠢᠨ ᠭᠡᠦᠭᠡᠳ ᠢ ᠵᠦᠪ ᠠᠮᠢᠳᠤᠷᠠᠯ ᠤᠨ ᠦᠵᠠᠯᠳᠠ᠂ ᠶᠢᠷᠳᠢᠨᠴᠤ ᠶᠢᠨ

ᠦᠵᠠᠯᠳᠠ᠂ ᠦᠷᠳᠡᠭ ᠤᠨ ᠦᠵᠠᠯᠳᠠ ᠲᠠᠢ ᠬᠦᠮᠤᠨ ᠪᠤᠯᠭᠠᠨ ᠬᠦᠮᠤᠵᠢᠬᠦᠯᠬᠦ ᠠᠩᠬᠠᠨ ᠤ ᠰᠠᠭᠤᠷᠢ ᠶᠢ ᠪᠠᠳᠤ

ᠳᠠᠯᠪᠢᠵᠦ᠂ ᠤᠯᠤᠰ ᠦᠨᠳᠤᠰᠤᠳᠠᠨ ᠤ ᠪᠠᠨ ᠬᠦᠭᠵᠢᠯ ᠪᠠᠳᠠᠷᠠᠯ ᠳᠤ ᠬᠦᠴᠤᠨ ᠴᠢᠳᠠᠯ ᠢᠶᠠᠨ ᠡᠷᠬᠦᠵᠦ ᠴᠢᠳᠠᠬᠤ ᠵᠦᠪ

ᠬᠦᠮᠤᠨ ᠢ ᠬᠦᠮᠤᠵᠢᠬᠦᠯᠵᠦ ᠴᠢᠳᠠᠨ᠎ᠠ ᠭᠡᠵᠦ ᠦᠵᠠᠵᠦ ᠪᠠᠶᠢᠨ᠎ᠠ᠃

      ᠭᠤᠷᠪᠠ᠂ ᠨᠠᠶᠢᠭᠡᠮ ᠤᠨ ᠭᠡᠪ ᠤᠨ ᠪᠤᠰᠤ ᠦᠵᠡᠭᠳᠠᠯ ᠨᠢ ᠭᠡᠦᠭᠡᠳ ᠤᠨ ᠬᠦᠮᠤᠵᠢᠯ ᠳᠤ ᠵᠤᠬᠢᠬᠤ ᠨᠦᠯᠤᠭᠡ

ᠦᠵᠠᠬᠦᠯᠵᠦ ᠪᠤᠢ᠃

      ᠨᠠᠶᠢᠭᠡᠮ ᠤᠨ ᠨᠢᠰᠬᠦ ᠮᠠᠳᠤ ᠳᠦᠷᠭᠡᠨ ᠬᠦᠭᠵᠢᠯᠳᠠ ᠶᠢ ᠳᠠᠭᠠᠯᠳᠤᠨ᠂ ᠬᠦᠮᠤᠰ ᠤᠨ ᠠᠮᠢᠳᠤᠷᠠᠯ ᠰᠢᠨ᠎ᠠ

ᠵᠠᠭᠤᠴᠢᠯᠠᠭᠤᠷ ᠮᠠᠷᠭᠡᠵᠢᠯ ᠳᠦᠭᠡᠮᠠᠯᠵᠢᠵᠦ᠂ ᠭᠡᠦᠭᠡᠳ ᠪᠠᠭ᠎ᠠ ᠠᠴᠠ ᠪᠠᠨ ᠭᠠᠷ ᠤᠳᠠᠰᠤ᠂ ᠲᠧᠯᠸᠢᠰ ᠦᠵᠠᠬᠦ ᠪᠠᠷ

ᠬᠠᠨᠢ ᠪᠤᠯᠭᠠᠨ ᠠᠮᠢᠳᠤᠷᠠᠬᠤ ᠳᠠᠳᠬᠠᠯ ᠲᠠᠢ ᠪᠤᠯᠤᠭᠰᠠᠠ ᠢᠶᠠᠷ ᠳᠠᠳᠠᠭᠡᠷ ᠨᠠᠶᠢᠭᠡᠮ ᠤᠨ ᠭᠡᠪ ᠤᠨ ᠪᠤᠰᠤ ᠦᠵᠡᠭᠳᠠᠯ

ᠨᠢᠯᠬ᠎ᠠ ᠤᠶᠤᠨ ᠳᠤ ᠨᠢ ᠬᠠᠷ᠎ᠠ ᠳᠤᠯᠪᠤ ᠪᠤᠯᠵᠦ ᠦᠯᠠᠳᠠᠨ᠂ ᠳᠦᠪ ᠪᠤᠰᠤ ᠭᠡᠦᠭᠡᠳ ᠪᠤᠯᠵᠦ ᠬᠦᠮᠦᠵᠢᠭᠳᠡᠬᠦ ᠳᠤ

ᠵᠤᠬᠢᠬᠤ ᠨᠦᠯᠤᠭᠡ ᠦᠵᠠᠬᠦᠯᠵᠦ᠂ ᠵᠠᠯᠠᠭᠤ ᠪᠠᠭ᠎ᠠ ᠭᠡᠦᠭᠡᠳ ᠤᠳ ᠵᠤᠷᠢᠯᠭ᠎ᠠ ᠲᠠᠢ ᠡᠪᠳᠠᠯᠭᠡ ᠬᠢᠬᠦ ᠵᠢᠴᠢ

ᠴᠢᠨᠠᠭᠰᠢᠯᠠᠭᠠᠳ ᠬᠠᠤᠯᠢ ᠠᠴᠠ ᠵᠦᠷᠢᠴᠠᠬᠦ ᠦᠵᠡᠭᠳᠠᠯ ᠵᠦᠩᠳᠠᠭᠡᠨ ᠭᠠᠷᠬᠤ ᠪᠤᠯᠤᠭᠰᠠᠠ᠃

      ᠭᠡᠦᠭᠡᠳ ᠤᠨ ᠬᠦᠮᠤᠨ ᠪᠤᠯᠵᠦ ᠬᠦᠮᠦᠵᠢᠭᠳᠡᠬᠦ ᠳᠤ ᠭᠡᠷ ᠪᠦᠯᠢ᠂ ᠰᠤᠷᠭᠠᠭᠤᠯᠢ᠂ ᠨᠠᠶᠢᠭᠡᠮ ︽ᠭᠤᠷᠪᠠ

ᠤᠶᠠᠯᠳᠤᠭᠰᠠᠠ︾ ᠰᠤᠷᠭᠠᠨ ᠬᠦᠮᠤᠵᠢᠯ ᠴᠢᠬᠤᠯᠠ ᠦᠢᠯᠠᠳᠤᠯ ᠦᠵᠠᠬᠦᠯᠵᠦ ᠪᠠᠶᠢᠳᠠᠭ ᠢ ᠪᠢᠳᠠ ᠪᠦᠬᠦᠨ          

ᠮᠠᠳᠠᠳᠡᠭ᠃ ᠭᠡᠬᠦ ᠳᠤ ᠪᠠᠨ ᠭᠡᠷ ᠤᠨ ᠬᠦᠮᠤᠵᠢᠯ ᠤᠨ ᠰᠠᠭᠤᠷᠢᠯᠠᠭᠴᠢ᠂ ᠭᠤᠤᠯᠯᠠᠭᠴᠢ ᠦᠢᠯᠠᠳᠤᠯ ᠢ ᠡᠴᠢᠭᠡ ᠡᠭᠡ

ᠪᠤᠯᠤᠭᠰᠠᠳ ᠶᠠᠭᠠᠬᠢᠭᠰᠠᠠ ᠴᠤ ᠤᠮᠳᠤᠭᠠᠶᠢᠯᠠᠵᠦ ᠪᠤᠯᠬᠤ ᠦᠭᠡᠢ ᠪᠦᠭᠡᠳ ᠭᠡᠷ ᠤᠨ ᠬᠦᠮᠤᠵᠢᠯ ᠭᠡᠦᠭᠡᠳ ᠤᠨ ᠰᠠᠶᠢᠨ

ᠰᠠᠶᠢᠬᠠᠨ ᠳᠠᠳᠬᠠᠯ ᠤᠨ ᠬᠦᠮᠤᠵᠢᠯ ᠳᠤ ᠦᠵᠠᠬᠦᠯᠬᠦ ᠬᠠᠮᠤᠭ ᠤᠨ ᠠᠩᠬᠠᠨ ᠤ ᠮᠦᠷᠳᠠᠭᠡᠨ ᠰᠢᠢᠳᠪᠤᠷᠢᠯᠡᠭᠴᠢ

ᠦᠢᠯᠠᠳᠤᠯ ᠲᠠᠢ ᠪᠠᠶᠢᠳᠠᠭ ᠢ ᠬᠦᠨᠵᠠᠭᠡᠢ ᠤᠶᠢᠯᠠᠭᠠᠵᠦ᠂ ᠬᠤᠶᠢᠴᠢ ᠨᠢᠭᠡ ᠦᠶ᠎ᠠ ᠶᠢᠨ ᠬᠢᠨ ᠢᠶᠠᠨ ᠮᠤᠷᠠᠯ ᠰᠤᠷᠳᠠᠯ᠂

ᠮᠠᠳᠠᠯᠭᠡ ᠪᠤᠯᠪᠠᠰᠤᠷᠠᠯ ᠡᠯ᠎ᠠ ᠳᠠᠯ᠎ᠠ ᠪᠠᠷ ᠬᠦᠭᠵᠢᠭᠰᠡᠠ᠂ ᠦᠵᠠᠯᠳᠠ ᠳᠠᠨᠢᠯᠳᠠ ᠳᠠᠪᠰᠢᠩᠭᠤᠢ ᠵᠦᠪ ᠬᠦᠮᠤᠨ ᠪᠤᠯᠭᠠᠨ

ᠬᠦᠮᠤᠵᠢᠬᠦᠯᠬᠦ ᠶᠢ ᠡᠭᠦᠷᠢᠳᠠ ᠪᠠᠷᠢᠮᠳᠠᠯᠠᠬᠤ ᠭᠡᠷᠡᠭᠳᠠᠢ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠬᠦᠪᠡᠭᠡᠳᠤ ᠰᠢᠷ᠎ᠠ ᠬᠤᠰᠢᠭᠤᠨ ᠤ 

                               ᠨᠢᠭᠡᠳᠤᠭᠡᠷ ᠪᠠᠭ᠎ᠠ ᠰᠤᠷᠭᠠᠭᠤᠯᠢ 

                               ︵ᠠᠯᠳᠠᠨᠰᠦ᠋ᠭᠡ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map