ᠰᠤᠷᠤᠭᠴᠢᠳ ᠤᠨ ᠬᠢᠴᠢᠶᠡᠯ ᠤᠨ ᠲᠠᠩᠭᠢᠮ ᠤᠨ ᠲᠠᠳᠬᠠᠯ ᠤᠨ ᠬᠦᠮᠤᠵᠢᠯ ᠢ ᠬᠡᠷᠬᠢᠨ ᠬᠢᠬᠦ ᠲᠤᠬᠠᠢ ᠥᠬᠦᠯᠡᠬᠦ ᠨᠢ
ᠨᠡᠶᠢᠲᠡᠯᠡᠭᠰᠡᠨ ᠴᠠᠭ᠄
2024/8/15
                   ᠰᠠᠷᠠᠨᠰᠤᠪᠤᠳ

儿童教育1.png

 

       ᠪᠠᠭᠰᠢ ᠪᠤᠯ ᠪᠢᠴᠢᠭ ᠵᠢᠭᠠᠵᠤ ᠭᠦᠮᠤᠨ ᠭᠦᠮᠦᠵᠢᠭᠦᠯᠭᠦ ᠤᠶᠤᠨ ᠤ ᠢᠨᠵᠧᠨᠧᠷ ᠮᠥᠨ᠃ ᠪᠢᠲᠡ ᠡᠨᠡ ᠭᠦ

ᠡᠬᠦᠷᠬᠡ ᠪᠠᠨ ᠰᠠᠶᠢᠳᠤᠷ ᠪᠡᠶᠡᠯᠡᠬᠦᠯᠤᠶ᠎ᠠ ᠭᠡᠪᠡᠯ ᠶᠠᠭᠤᠨ ᠤ ᠡᠮᠤᠨ᠎ᠡ ᠰᠤᠷᠤᠭᠴᠢᠳ ᠤᠨ ᠲᠠᠳᠬᠠᠯ ᠤᠨ ᠬᠦᠮᠤᠵᠢᠯ ᠢ

ᠰᠠᠶᠢᠳᠤᠷ ᠠᠳᠬᠤᠬᠤ ᠬᠡᠷᠡᠭᠲᠠᠢ᠃ ᠤᠴᠢᠷ ᠨᠢ ᠪᠠᠭ᠎ᠠ ᠰᠤᠷᠭᠠᠭᠤᠯᠢ ᠶᠢᠨ ᠱᠠᠳᠤ ᠪᠤᠯ ᠰᠤᠷᠤᠭᠴᠢᠳ ᠤᠨ

ᠲᠠᠳᠬᠠᠯ ᠤᠨ ᠪᠥᠷᠢᠯᠳᠤᠯ ᠤᠨ ᠴᠢᠬᠤᠯᠠ ᠱᠠᠳᠤ ᠥᠶ᠎ᠡ ᠮᠦᠨ᠂ ᠰᠤᠷᠤᠭᠴᠢᠳ ᠰᠢᠯᠢᠲᠡᠭ ᠰᠠᠶᠢᠨ ᠲᠠᠳᠬᠠᠯ

ᠪᠥᠷᠢᠯᠳᠤᠬᠦᠯᠴᠢᠬᠡᠬᠦ ᠳᠤ ᠬᠥᠷᠪᠡᠯ ᠪᠠᠭᠰᠢ ᠠᠴᠠ ᠠᠵᠢᠯ ᠢᠶᠠᠨ ᠥᠷᠨᠢᠬᠦᠯᠬᠦ ᠳᠤ ᠲᠦᠢᠯ ᠤᠨ ᠠᠮᠠᠷᠬᠠᠨ          

ᠪᠤᠯᠴᠢᠬᠠᠲᠠᠭ᠃ ᠡᠨᠡ ᠭᠦ ᠠᠰᠠᠭᠤᠳᠠᠯ ᠢ ᠪᠢ ᠥᠪᠡᠷ ᠤᠨ ᠵᠢᠭᠠᠨ ᠰᠤᠷᠭᠠᠯᠲᠠ ᠶᠢᠨ ᠠᠵᠢᠯ ᠤᠨ ᠢᠶᠠᠨ ᠪᠤᠲᠠᠲᠠᠢ

ᠪᠠᠶᠢᠲᠠᠯ ᠲᠠᠢ ᠤᠶᠠᠯᠳᠤᠭᠤᠯᠤᠨ ᠲᠤᠤᠷᠠᠬᠢ ᠮᠡᠳᠤ ᠬᠡᠳᠤᠨ ᠲᠠᠯ᠎ᠠ ᠪᠠᠷ ᠶᠠᠷᠢᠶ᠎ᠠ᠃

      ᠨᠢᠭᠡ᠂ ᠭᠡᠷᠬᠢᠨ ᠵᠦᠪ ᠰᠠᠶᠢᠬᠠᠨ ᠰᠤᠷᠤᠯᠴᠠᠯᠭ᠎ᠠ ᠶᠢᠨ ᠲᠠᠳᠬᠠᠯ ᠢ ᠭᠦᠮᠦᠵᠢᠭᠦᠯᠭᠦ ᠪᠤᠢ

      1. ᠵᠥᠪ ᠪᠢᠴᠢᠯᠭᠡ ᠶᠢᠨ ᠲᠠᠳᠬᠠᠯ ᠢ ᠬᠥᠮᠤᠵᠢᠭᠦᠯᠤᠭ᠍ᠰᠠᠨ ᠲᠠᠯ᠎ᠠ ᠪᠠᠷ᠄

      ᠰᠤᠷᠤᠭᠴᠢᠳ ᠥᠰᠦᠭ ᠢᠶᠠᠨ ᠪᠤᠷᠤᠭᠤ ᠪᠢᠴᠢᠨ᠂ ᠲᠠᠰᠬᠠᠯ ᠢᠶᠠᠨ ᠪᠤᠵᠠᠷ ᠬᠢᠲᠡᠭ᠃ ᠢᠩᠭᠢᠭᠡᠳ ᠪᠢ

ᠠᠩᠭᠢ ᠶᠢᠨ ᠰᠤᠷᠤᠭᠴᠢᠳ ᠢᠶᠠᠨ ᠨᠢᠭᠡᠳᠤᠭᠡᠷ ᠤᠨ ᠠᠴᠠ ᠡᠬᠢᠯᠡᠨ ᠪᠠᠯᠠᠯᠤᠭᠤᠷ ᠵᠠᠷᠤᠭᠤᠯᠬᠤ ᠥᠭᠡᠢ ᠪᠠᠷ

ᠤᠷᠤᠯᠳᠤᠲᠠᠭ᠃ ᠭᠤᠷᠪᠠᠲᠤᠭᠠᠷ ᠤᠨ ᠪᠤᠯᠤᠭᠠᠳ ᠮᠠᠨ ᠤ ᠰᠤᠷᠤᠭᠴᠢᠳ ᠪᠤᠯᠤᠤᠨ ᠪᠢᠷ ᠡᠬᠢᠯᠡᠵᠤ ᠵᠠᠷᠤᠬᠤ

ᠥᠶ᠎ᠡ ᠳᠤ ᠨᠢᠭᠡ ᠠᠷᠪᠢᠨ ᠪᠤᠷᠤᠭᠤ ᠶᠢ ᠵᠠᠯᠠᠷᠠᠭᠤᠯᠬᠤ ᠨᠠᠭᠠᠯᠲᠠ ᠮᠡᠳᠤ ᠵᠦᠢᠯ ᠢ ᠴᠤᠭᠯᠠᠭᠤᠯᠴᠢᠬᠠᠭᠰᠠᠨ          

ᠪᠠᠶᠢᠪᠠ᠃ ᠲᠡᠭᠡᠭᠡᠳ ᠲᠡᠷᠡ ᠥᠶ᠎ᠡ ᠳᠤ ᠪᠤᠷᠤᠭᠤ ᠥᠰᠦᠭ ᠪᠢᠴᠢᠪᠡᠯ ᠤᠷᠠᠵᠤ ᠬᠠᠶᠠᠬᠤ᠂ ᠡᠰᠡᠪᠡᠯ ᠠᠷᠤ ᠳᠤ  ᠨᠢ

ᠪᠠᠭ᠎ᠠ ᠯᠡ ᠵᠢᠷᠤᠬᠤ ᠬᠡᠬᠦ ᠮᠡᠳᠤ ᠶᠢᠨ ᠠᠷᠭ᠎ᠠ ᠬᠡᠷᠡᠭᠯᠡᠭᠰᠡᠨ ᠠᠴᠠ ᠰᠤᠷᠤᠭᠴᠢᠳ ᠭᠤᠷᠪᠡᠨ ᠭᠠᠷᠠᠭ ᠤᠨ ᠲᠤᠳᠤᠷ᠎ᠠ

ᠪᠤᠯᠤᠳ ᠪᠢᠷ ᠤᠨ ᠪᠢᠴᠢᠯᠭᠡ ᠳᠤ ᠪᠠᠨ ᠲᠠᠳᠴᠢᠬᠠᠭᠰᠠᠨ ᠶᠤᠮ᠃

      2. ᠤᠩᠰᠢᠯᠭ᠎ᠠ ᠶᠢᠨ ᠲᠠᠳᠬᠠᠯ ᠢ ᠬᠦᠮᠤᠵᠢᠬᠦᠯᠤᠭ᠍ᠰᠠᠨ ᠲᠠᠯ᠎ᠠ ᠪᠠᠷ᠄

      ︵1︶ ᠤᠩᠰᠢᠯᠭ᠎ᠠ ᠶᠢᠨ ᠲᠠᠰᠬᠠᠯ ᠥᠯᠡᠳᠡᠭᠡᠵᠤ ᠸᠢᠴᠠᠲ ᠲᠡᠭᠡᠷ᠎ᠡ ᠤᠡᠭᠰᠢᠨ᠎ᠠ᠃ ᠪᠠᠭᠰᠢ ᠠᠴᠠ

ᠰᠤᠷᠤᠭᠴᠢᠳ ᠤᠨ ᠤᠡᠭᠰᠢᠵᠤ ᠪᠠᠶᠢᠭ᠎ᠠ ᠪᠠᠶᠢᠳᠠᠯ ᠳᠤ ᠵᠤᠬᠢᠴᠠᠭᠤᠯᠤᠨ ᠵᠤᠬᠢᠬᠤ ᠬᠤᠪᠢ ᠤᠯᠭᠤᠨ᠎ᠠ᠃ ᠰᠤᠷᠤᠭᠴᠢᠳ

ᠸᠢᠴᠠᠲ ᠲᠡᠭᠡᠷ᠎ᠡ ᠤᠩᠰᠢᠬᠤ ᠥᠶᠡᠰ ᠭᠠᠭᠴᠠᠬᠠᠨ ᠬᠠᠮᠳᠤ ᠨᠠᠶᠢᠵᠠ ᠳᠤ ᠪᠠᠨ ᠪᠢᠰᠢ ᠴᠤᠭᠯᠠᠷᠠᠯ ᠲᠤᠳᠤᠷ᠎ᠠ ᠪᠠᠶᠢᠬᠤ

ᠭᠡᠷ ᠤᠨ ᠠᠬᠠᠮᠠᠳ ᠤᠳ ᠪᠠᠰᠠ ᠰᠤᠨᠤᠰᠬᠤ ᠤᠴᠢᠷ ᠠᠴᠠ ︽ᠬᠦᠮᠤᠨ ᠤ ᠨᠢᠭᠤᠷ ᠬᠠᠯᠠᠭᠤᠨ ᠲᠠᠢ᠂ ᠪᠤᠷᠬᠠᠨ ᠤ ᠨᠢᠭᠤᠷ

ᠠᠯᠲᠠ ᠲᠠᠢ︾ ᠭᠡᠳᠡᠭᠴᠢᠯᠡᠨ ᠭᠡᠷ ᠤᠨ ᠠᠬᠠᠮᠠᠳ ᠰᠤᠷᠤᠭᠴᠢᠳ ᠪᠥᠷ ᠬᠥᠴᠤ ᠤᠷᠤᠭᠤᠯᠵᠤ ᠪᠤᠯᠪᠠᠰᠤᠷᠠᠴᠢᠬᠠᠭᠠᠳ

ᠰᠠᠶ᠋ᠢ ᠤᠩᠰᠢᠲᠠᠭ ᠠᠴᠠ ᠤᠩᠰᠢᠯᠭ᠎ᠠ ᠶᠢᠨ ᠲᠠᠯ᠎ᠠ ᠪᠠᠷ ᠶᠡᠬᠡᠬᠡᠨ ᠲᠡᠭᠡᠭᠰᠢᠯᠡᠯᠲᠡ ᠲᠠᠢ ᠪᠤᠯᠵᠠᠢ᠃

     ︵2︶ ᠬᠢᠴᠢᠶᠡᠯ ᠲᠡᠭᠡᠷ᠎ᠡ ᠲᠤᠭᠤᠶᠢᠯᠠᠩ ᠢᠶᠠᠷ ᠠᠳᠠᠯᠢᠳᠬᠠᠵᠤ ᠤᠩᠰᠢᠭᠤᠯᠵᠠᠢ᠃ ᠵᠢᠱᠢᠶᠡᠯᠡᠪᠡᠯ᠂ ᠨᠢᠭᠡ

ᠲᠤᠭᠤᠶᠢᠯᠡᠩ ᠨᠢ ᠨᠢᠭᠡ ᠰᠤᠷᠤᠭᠴᠢ ᠪᠠᠨ ᠰᠤᠩᠭᠤᠴᠢᠬᠠᠨ᠎ᠠ᠂ ᠢᠩᠭᠢᠭᠰᠡᠨ ᠤ ᠰᠡᠭᠦᠯᠡᠷ ᠲᠠᠨ ᠤ ᠲᠤᠭᠤᠶᠢᠯᠠᠩ ᠠᠴᠠ

ᠬᠡᠨ ᠲᠤᠯᠵᠤ ᠪᠠᠶᠢᠯᠳᠤᠨ᠎ᠠ ᠪᠤᠢ︖ ᠭᠡᠵᠤ ᠰᠠᠶᠢᠨ ᠤᠩᠰᠢᠭᠰᠠᠨ ᠳᠤ ᠨᠢ ᠱᠠᠩᠨᠡᠯ ᠭᠠᠷᠳᠠᠭᠤᠯᠤᠭᠰᠠᠨ ᠠᠴᠠ

ᠬᠠᠷᠢᠯᠴᠠᠨ ᠠᠲᠠᠭᠠᠷᠬᠠᠵᠤ᠂ ᠪᠤᠰᠤᠳ ᠬᠦᠮᠤᠨ ᠤᠩᠰᠢᠵᠤ ᠪᠠᠶᠢᠭ᠎ᠠ ᠳᠤ ᠪᠠᠰᠠ ᠪᠤᠯᠪᠠᠰᠤᠷᠠᠵᠤ ᠰᠠᠭᠤᠲᠠᠭ᠃ ᠪᠠᠭ᠎ᠠ

ᠲᠡᠭᠡᠭᠰᠢᠯᠡᠪᠡᠯ ᠰᠠᠶᠢᠨ ᠤᠩᠰᠢᠵᠤ ᠪᠠᠶᠢᠭ᠎ᠠ ᠲᠠᠢ ᠤᠴᠢᠵᠤ ᠤᠷᠤᠯᠳᠤᠨ᠎ᠠ᠂ ᠥᠪᠡᠷ ᠤᠨ ᠤᠩᠰᠢᠯᠭ᠎ᠠ ᠰᠠᠶᠢᠨ ᠪᠤᠯᠵᠤ

ᠪᠠᠶᠢᠭ᠎ᠠ ᠪᠠᠨ ᠤᠯᠠᠨ ᠲᠠᠢ ᠪᠠᠨ ᠬᠤᠪᠢᠶᠠᠯᠴᠠᠨ᠎ᠠ ᠬᠡᠭᠦ ᠮᠡᠳᠤ ᠪᠠᠷ ᠤᠩᠰᠢᠯᠭ᠎ᠠ ᠶᠢ ᠵᠢᠯᠤᠭᠤᠳᠴᠤ ᠪᠠᠶᠢᠭ᠎ᠠ          

ᠶᠤᠮ᠃ ᠢᠩᠭᠢᠭᠰᠡᠨ ᠠᠴᠠ ᠰᠤᠷᠤᠭᠴᠢᠳ ᠤᠯᠠᠩᠭᠢ ᠬᠢᠴᠢᠶᠡᠯ ᠢ ᠪᠥᠬᠦᠨ ᠢ ᠴᠡᠭᠡᠵᠢᠯᠡᠭᠰᠡᠨ ᠮᠥᠷᠲᠡᠭᠡᠨ

ᠤᠩᠰᠢᠯᠭ᠎ᠠ ᠠᠴᠠ ᠤᠷᠦ᠋ᠢᠲᠠᠬᠤ ᠠᠴᠠ ᠶᠡᠭᠡ ᠠᠶᠤᠲᠠᠭ᠃

      ︵3︶ ᠨᠤᠮ ᠤᠩᠰᠢᠬᠤ ᠲᠠᠳᠬᠠᠯ ᠢ ᠬᠦᠮᠤᠵᠢᠬᠦᠯᠵᠤ ᠪᠠᠶᠢᠭ᠎ᠠ ᠲᠠᠯ᠎ᠠ ᠪᠠᠷ᠄

      ᠨᠤᠮ ᠪᠤᠯ ᠶᠢᠷᠲᠢᠨᠴᠤ ᠶᠢ ᠬᠠᠷᠠᠬᠤ ᠴᠤᠩᠬᠤ᠃ ᠰᠤᠷᠤᠭᠴᠢᠳ ᠵᠥᠪᠬᠡᠨ ᠬᠢᠴᠢᠶᠡᠯ ᠤᠨ ᠨᠤᠮ ᠳᠤ

ᠬᠢᠵᠠᠭᠠᠷᠯᠠᠭᠲᠠᠪᠠᠯ ᠲᠡᠳᠡᠨ ᠤ ᠮᠡᠳᠡᠬᠦ ᠴᠢᠲᠠᠬᠤ ᠵᠥᠢᠯ ᠬᠢᠵᠠᠭᠠᠷᠲᠠᠮᠠᠯ ᠪᠤᠯᠴᠢᠬᠠᠨ᠎ᠠ᠃ ᠲᠡᠭᠡᠭᠡᠳ ᠪᠢ

ᠰᠤᠷᠤᠭᠴᠢᠳ ᠤᠨ ᠨᠤᠮ ᠤᠩᠰᠢᠯᠭ᠎ᠠ ᠶᠢᠨ ᠲᠠᠳᠬᠠᠯ ᠢ ᠬᠥᠮᠤᠵᠢᠬᠦᠯᠬᠦ ᠶᠢᠨ ᠲᠤᠰᠠᠲᠠ ᠨᠤᠮ ᠤᠩᠰᠢᠭᠰᠠᠨ

ᠲᠥᠷᠤᠭ᠍ᠲᠡᠯ ᠢ ᠶᠠᠷᠢᠭᠤᠯᠵᠤ᠂ ᠰᠢᠯᠢᠲᠡᠭ ᠰᠠᠶᠢᠨ ᠨᠤᠮ ᠤᠩᠰᠢᠭᠰᠠᠨ ᠲᠡᠮᠳᠡᠭᠯᠡᠯ ᠢ ᠤᠯᠠᠨ ᠤ ᠡᠮᠤᠨ᠎ᠡ ᠰᠤᠨᠢᠷᠬᠠᠭᠤᠯᠵᠤ᠂

ᠪᠠᠭᠰᠢ ᠠᠴᠠ ᠥᠪᠡᠷ ᠤᠨ ᠤᠩᠰᠢᠵᠤ ᠥᠩᠭᠡᠷᠡᠭᠰᠡᠨ ᠨᠤᠮ ᠤᠨ ᠠᠭᠤᠯᠭ᠎ᠠ ᠶᠢ ᠲᠠᠨᠢᠯᠴᠠᠭᠤᠯᠬᠤ᠂ ᠰᠤᠷᠤᠭᠴᠢᠳ ᠤᠨ

ᠥᠭᠡᠰ ᠤᠨ ᠬᠤᠷᠠᠮᠲᠤᠭᠤᠯᠤᠯ ᠢ ᠬᠢᠴᠢᠶᠡᠯ ᠲᠡᠭᠡᠷ᠎ᠡ ᠬᠡᠷᠡᠭᠯᠡᠬᠦ᠂ ᠪᠠᠭᠰᠢ ᠰᠤᠷᠤᠭᠴᠢᠳ ᠲᠠᠢ ᠬᠠᠮᠳᠤ ᠠᠳᠠᠯᠢᠬᠠᠨ ᠨᠤᠮ

ᠤᠩᠰᠢᠵᠤ ᠬᠠᠷᠢᠯᠴᠠᠨ ᠬᠤᠪᠢᠶᠠᠯᠴᠠᠬᠤ ᠵᠡᠷᠭᠡ ᠠᠷᠭ᠎ᠠ ᠶᠢ ᠠᠪᠤᠪᠠ᠃ ᠢᠩᠭᠢᠭᠰᠡᠭᠡᠷ ᠬᠡᠤᠬᠡᠳ ᠤᠳ ᠤᠨ ᠨᠤᠮ

ᠤᠩᠰᠢᠬᠤ ᠤᠷᠮ᠎ᠠ ᠪᠠᠬ᠎ᠠ ᠠᠶᠠᠨᠲᠠᠭᠠᠨ ᠲᠠᠶᠢᠴᠢᠯᠠᠭᠲᠠᠭᠠᠳ ᠢᠷᠡᠴᠢᠭᠡᠨ᠎ᠡ᠃ ᠤᠳᠤ ᠪᠤᠯᠬᠤ ᠳᠤ ᠮᠠᠨ ᠤ ᠠᠩᠭᠢ ᠶᠢᠨ

ᠰᠤᠷᠤᠭᠴᠢᠳ ᠨᠤᠮ ᠤᠩᠰᠢᠬᠤ ᠶᠡᠭᠡ ᠲᠤᠷ᠎ᠠ ᠲᠠᠢ ᠪᠤᠯᠵᠤ ᠨᠤᠮ ᠤᠩᠰᠢᠯᠭ᠎ᠠ ᠶᠢᠨ ᠲᠠᠰᠬᠠᠯ ᠥᠯᠡᠳᠡᠭᠡᠬᠦ ᠥᠭᠡᠢ ᠪᠤᠯ

ᠨᠡᠬᠡᠬᠦ ᠪᠠᠶᠢᠲᠠᠯ ᠲᠠᠢ ᠪᠤᠯᠵᠠᠢ᠃

      ︵4︶ ᠲᠠᠰᠬᠠᠯ ᠲᠠᠭᠠᠭᠠᠯᠭᠠᠪᠤᠷᠢ ᠪᠠᠨ ᠴᠠᠭ ᠲᠤᠬᠠᠢ ᠳᠤ ᠨᠢ ᠪᠡᠶᠡᠯᠡᠬᠦᠯᠬᠦ ᠲᠠᠳᠬᠠᠯ ᠢ ᠬᠦᠮᠤᠵᠢᠬᠦᠯᠬᠦ

ᠲᠠᠯ᠎ᠠ ᠪᠠᠷ᠄

      ᠲᠠᠰᠬᠠᠯ ᠪᠤᠯ ᠰᠤᠷᠤᠭᠴᠢᠳ ᠬᠢᠴᠢᠶᠡᠯ ᠲᠡᠭᠡᠷ᠎ᠡ ᠰᠤᠷᠤᠭᠰᠠᠨ ᠢᠶᠠᠨ ᠪᠤᠲᠠᠲᠠᠢ ᠥᠢᠯᠡᠳᠤᠯᠭᠡ ᠳᠤ ᠭᠡᠷᠡᠭᠯᠡᠬᠦ ᠪᠠᠷ

ᠲᠠᠮᠵᠢᠨ ᠪᠠᠳᠤᠳᠬᠠᠵᠤ ᠪᠠᠶᠢᠭ᠎ᠠ ᠨᠢᠭᠡ ᠬᠡᠯᠪᠡᠷᠢ ᠮᠥᠨ᠃ ᠡᠶᠢᠮᠤ ᠠᠴᠠ ᠰᠤᠷᠤᠭᠴᠢᠳ ᠤᠨ ᠲᠠᠰᠬᠠᠯ ᠢᠶᠠᠨ ᠴᠡᠪᠡᠷ

ᠲᠡᠭᠰᠢ ᠮᠥᠷᠲᠡᠭᠡᠨ ᠪᠥᠷᠢᠨ ᠪᠥᠳᠤᠨ ᠬᠢᠬᠦ ᠲᠠᠳᠬᠠᠯ ᠢ ᠬᠦᠮᠤᠵᠢᠬᠦᠯᠬᠦ ᠪᠤᠯ ᠬᠠᠮᠤᠭ ᠤᠨ ᠴᠢᠬᠤᠯᠡ᠃ ᠲᠡᠭᠡᠭᠡᠳ ᠪᠢ

ᠲᠤᠰ ᠬᠤᠭᠤᠴᠠᠭ᠎ᠠ  ᠠᠴᠠ ᠡᠬᠢᠯᠡᠨ ᠰᠤᠷᠤᠭᠴᠢᠳ ᠤᠨ ᠪᠥᠬᠦ ᠬᠢᠴᠢᠶᠡᠯ ᠲᠥᠷᠤᠯ ᠤᠨ ᠭᠡᠷ ᠤᠨ ᠲᠠᠰᠬᠠᠯ ᠢ ᠬᠡᠷᠬᠢᠨ

ᠪᠡᠶᠡᠯᠡᠬᠦᠯᠵᠤ ᠪᠠᠶᠢᠭ᠎ᠠ ᠶᠢ ᠤᠩᠰᠢᠯᠭ᠎ᠠ ᠶᠢᠨ ᠴᠠᠭ ᠲᠤ ᠪᠠᠨ ᠪᠠᠶᠢᠴᠠᠭᠠᠵᠤ ᠥᠵᠡᠨ᠎ᠡ᠃ ᠪᠠᠰᠠ ᠰᠤᠷᠤᠭᠴᠢᠳ ᠤᠨ

ᠪᠤᠰᠤᠳ ᠬᠢᠴᠢᠶᠡᠯ ᠤᠨ ᠲᠠᠰᠬᠠᠯ ᠤᠨ ᠪᠠᠶᠢᠲᠠᠯ ᠢ ᠥᠨᠳᠤᠰᠤᠯᠡᠵᠤ ᠥᠪᠡᠷ ᠤᠨ ᠲᠠᠰᠬᠠᠯ ᠢᠶᠠᠨ ᠥᠯᠡᠳᠡᠭᠡᠵᠤ

ᠬᠡᠤᠬᠡᠳ ᠤᠳ ᠴᠤ ᠲᠠᠰᠬᠠᠯ ᠢᠶᠠᠨ ᠴᠡᠪᠡᠷ ᠲᠡᠭᠰᠢ ᠪᠥᠷᠢᠨ ᠪᠡᠶᠡᠯᠡᠬᠦᠯᠬᠦ ᠪᠤᠯᠤᠭᠰᠠᠨ ᠪᠠᠶᠢᠨ᠎ᠠ᠃

      ︵5︶ ᠬᠠᠮᠵᠢᠯᠴᠠᠨ ᠰᠤᠷᠤᠯᠴᠠᠬᠤ ᠲᠠᠳᠬᠠᠯ ᠢ ᠬᠦᠮᠤᠵᠢᠬᠦᠯᠬᠦ ᠲᠠᠯ᠎ᠠ ᠪᠠᠷ᠄

      ᠬᠠᠮᠵᠢᠯᠴᠠᠨ ᠰᠤᠷᠬᠤ ᠪᠤᠯ ᠪᠠᠰᠠ ᠨᠢᠭᠡᠨ ᠤᠳᠬ᠎ᠠ ᠠᠭᠤᠯᠭ᠎ᠠ ᠲᠠᠢ ᠰᠤᠷᠤᠯᠴᠠᠭᠠᠨ ᠤ ᠬᠡᠯᠪᠡᠷᠢ          

ᠪᠤᠯᠤᠨ᠎ᠠ᠃ ᠰᠤᠷᠤᠭᠴᠢᠳ ᠬᠢᠴᠢᠶᠡᠯ ᠲᠡᠭᠡᠷ᠎ᠡ ᠰᠤᠷᠤᠭᠰᠠᠨ ᠮᠡᠳᠡᠯᠭᠡ ᠪᠠᠨ ᠬᠠᠮᠵᠢᠯᠴᠠᠬᠤ ᠪᠠᠷ ᠲᠠᠮᠵᠢᠨ

ᠬᠦᠴᠢᠷᠳᠡᠯᠭᠡ ᠶᠢ ᠰᠶᠢᠳᠪᠤᠷᠢᠯᠡᠵᠤ᠂ ᠬᠢᠴᠢᠶᠡᠯ ᠤᠨ ᠠᠭᠤᠯᠭ᠎ᠠ ᠪᠠᠨ ᠠᠮᠢᠳᠤᠯᠢᠭ ᠪᠤᠯᠭᠠᠵᠤ ᠬᠠᠷᠢᠯᠴᠠᠨ ᠲᠡᠭᠡᠭᠰᠢᠯᠡᠬᠦ

ᠶᠠᠪᠤᠴᠠ ᠪᠤᠯᠤᠨ᠎ᠠ᠃ ᠡᠨᠡ ᠭᠦ ᠰᠤᠷᠤᠯᠴᠠᠯᠭ᠎ᠠ ᠪᠠᠷ ᠲᠠᠮᠵᠢᠨ ᠤᠨᠴᠠ ᠰᠤᠷᠤᠭᠴᠢ ᠶᠢ ᠬᠥᠮᠤᠵᠢᠬᠦᠯᠴᠢᠭᠡᠳᠡᠭ

ᠮᠥᠷᠳᠡᠭᠡᠨ ᠬᠥᠴᠢᠷᠳᠡᠵᠤ ᠪᠠᠶᠢᠭ᠎ᠠ ᠰᠤᠷᠤᠭᠴᠢᠳ ᠢ ᠴᠤ ᠠᠮᠠᠷᠬᠠᠨ ᠲᠡᠭᠡᠭᠰᠢᠯᠡᠬᠦᠯᠴᠢᠭᠡᠳᠡᠭ᠃

      ᠬᠤᠶᠠᠷ᠂ ᠭᠡᠷᠬᠢᠨ ᠵᠦᠪ ᠰᠠᠶᠢᠬᠠᠨ ᠰᠤᠷᠤᠭᠴᠢᠳ ᠤᠨ ᠠᠮᠢᠳᠤᠷᠠᠯ ᠤᠨ ᠲᠠᠳᠬᠠᠯ ᠢ ᠬᠥᠮᠤᠵᠢᠬᠦᠯᠭᠦ ᠪᠤᠢ

      ᠪᠠᠭᠰᠢ ᠪᠤᠯᠤᠭᠰᠠᠳ ᠰᠤᠷᠤᠭᠴᠢᠳ ᠤᠨ ᠪᠥᠬᠦ ᠲᠠᠯ᠎ᠠ ᠳᠤ ᠬᠥᠨᠵᠡᠭᠡᠶᠢᠷᠡᠵᠤ ᠠᠮᠢᠳᠤᠷᠠᠯ ᠤᠨ ᠲᠠᠳᠬᠠᠯ ᠠᠴᠠ

ᠰᠤᠷᠤᠯᠭ᠎ᠠ ᠶᠢᠨ ᠲᠠᠳᠬᠠᠯ ᠢ ᠬᠡᠷᠬᠢᠨ ᠨᠥᠯᠤᠬᠡᠯᠡᠵᠤ ᠪᠠᠶᠢᠬᠤ ᠶᠢ ᠠᠩᠬᠠᠷᠴᠤ ᠡᠩ ᠤᠨ ᠴᠠᠭ ᠤᠨ ᠲᠠᠳᠬᠠᠯ

ᠬᠥᠮᠤᠵᠢᠯ ᠳᠤ ᠴᠤ ᠬᠥᠴᠤ ᠲᠠᠯᠪᠢᠨ᠂ ᠵᠢᠵᠢᠭ ᠰᠠᠵᠢᠭ ᠵᠦᠢᠯ ᠠᠴᠠ ᠡᠬᠢᠯᠡᠵᠤ ᠬᠥᠮᠤᠵᠢᠯ ᠬᠢᠬᠦ ᠬᠡᠷᠡᠭᠲᠠᠢ᠃

      ︵1︶ ᠪᠠᠭᠰᠢ ᠠᠬᠠᠮᠠᠳ ᠢᠶᠠᠨ ᠬᠥᠨᠳᠤᠳᠭᠡᠬᠦ ᠲᠠᠳᠬᠠᠯ ᠢ ᠬᠥᠮᠤᠵᠢᠬᠦᠯᠤᠨ᠎ᠠ᠃

      ︽ᠬᠥᠮᠤᠨ ᠳᠤ ᠠᠬ᠎ᠠ ᠲᠠᠢ᠂ ᠲᠡᠪᠡᠯ ᠳᠤ ᠵᠠᠬ᠎ᠠ ᠲᠠᠢ︾ ᠭᠡᠳᠡᠭᠴᠢᠯᠡᠨ ᠰᠤᠷᠤᠭᠴᠢᠳ ᠭᠡᠷ ᠲᠤ ᠪᠠᠨ

ᠠᠬᠠᠮᠠᠳ ᠢᠶᠠᠨ ᠬᠥᠨᠳᠤᠳᠭᠡᠵᠤ ᠥᠪᠡᠷ ᠤᠨ ᠬᠢᠵᠤ ᠲᠡᠶᠢᠯᠬᠦ ᠠᠵᠢᠯ ᠢᠶᠠᠨ ᠭᠠᠷ ᠬᠥᠳᠡᠯᠳ ᠬᠢᠵᠤ᠂ ᠰᠤᠷᠭᠠᠭᠤᠯᠢ ᠳᠤ

ᠪᠠᠭᠰᠢ ᠪᠠᠨ ᠬᠥᠨᠳᠤᠯᠡᠨ᠂ ᠡᠯ᠎ᠡ ᠬᠢᠴᠢᠶᠡᠯ ᠲᠥᠷᠤᠯ ᠢᠯᠭᠠᠬᠤ ᠥᠭᠡᠢ ᠪᠠᠶᠢᠬᠤ ᠶᠢ ᠴᠠᠭ ᠥᠷᠬᠦᠯᠵᠢ          

ᠱᠠᠭᠠᠷᠲᠠᠲᠠᠭ᠃ ᠡᠬᠦᠨ ᠳᠤ ︽ᠡᠬᠡ ᠶᠢᠨ ᠬᠠᠶᠢᠷ᠎ᠠ︾ ︽ᠪᠠᠭᠰᠢ ᠳᠤ ᠪᠠᠨ ᠬᠡᠯᠡᠬᠦ ᠰᠡᠳᠬᠢᠯ ᠤᠨ ᠥᠭᠡ︾ ᠬᠡᠬᠦ

ᠮᠡᠳᠤ ᠶᠢᠨ ᠬᠠᠶᠢᠷ᠎ᠠ ᠶᠢᠨ ᠰᠡᠳᠤᠪᠳᠤ ᠵᠤᠬᠢᠶᠠᠯ ᠪᠢᠴᠢᠬᠦᠯᠪᠡ᠃

      ︵2︶ ᠠᠷᠢᠭᠤᠨ ᠴᠡᠪᠡᠷ ᠢ ᠡᠷᠬᠢᠮᠯᠡᠬᠦ ᠲᠠᠳᠬᠠᠯ ᠢ ᠬᠥᠮᠤᠵᠢᠬᠦᠯᠤᠨ᠎ᠠ᠃

      ᠰᠤᠷᠤᠯᠴᠠᠬᠤ ᠤᠷᠴᠢᠨ ᠢ ᠴᠡᠪᠡᠷ ᠴᠡᠮᠴᠡᠭᠡᠷ ᠪᠠᠶᠢᠯᠭᠠᠬᠤ ᠨᠢ ᠬᠥᠮᠤᠰ ᠤᠨ ᠰᠡᠳᠬᠢᠯ ᠰᠠᠨᠠᠭ᠎ᠠ ᠶᠢ ᠠᠭᠤᠵᠢᠭᠤ

ᠲᠠᠯᠪᠢᠭᠤ ᠪᠤᠯᠭᠠᠬᠤ ᠮᠥᠷᠲᠡᠭᠡᠨ ᠪᠡᠶ᠎ᠡ ᠰᠡᠳᠬᠢᠯ ᠤᠨ ᠡᠷᠡᠬᠦᠯ ᠴᠢᠬᠢᠷᠠᠭ ᠢ ᠰᠢᠭᠤᠳ ᠨᠥᠯᠤᠭᠡᠯᠡᠨ᠎ᠡ᠃ ᠢᠩᠭᠢᠭᠡᠳ

ᠪᠢ ᠰᠤᠷᠤᠭᠴᠢᠳ ᠢ ᠪᠢᠴᠢᠭ ᠲᠡᠪᠲᠡᠷ ᠲᠠᠯᠪᠢᠬᠤ ᠠᠴᠠ ᠡᠬᠢᠯᠡᠭᠡᠳ᠂ ᠬᠤᠷᠭᠤ ᠠᠪᠲᠠᠷ᠎ᠠ ᠪᠠᠨ ᠲᠡᠷᠢ ᠲᠡᠭᠰᠢ

ᠪᠠᠶᠢᠯᠭᠠᠬᠤ᠂ ᠠᠩᠭᠢ ᠶᠢᠨ ᠭᠡᠷ᠂ ᠬᠤᠪᠢ ᠬᠥᠮᠤᠨ ᠤ ᠡᠷᠡᠬᠦᠯ ᠬᠠᠮᠠᠭᠠᠯᠠᠯ ᠵᠡᠷᠭᠡ ᠪᠠᠨ ᠴᠡᠪᠡᠷ ᠬᠢᠬᠦ᠂ ᠲᠠᠰᠬᠠᠯ ᠢᠶᠠᠨ

ᠴᠡᠪᠡᠷ ᠰᠠᠶᠢᠬᠠᠨ ᠪᠡᠶᠡᠯᠡᠬᠦᠯᠬᠦ ᠲᠤᠬᠠᠢ ᠴᠢᠩᠭ᠎ᠠ ᠱᠠᠭᠠᠷᠳᠠᠳᠠᠭ ᠮᠥᠷᠳᠡᠭᠡᠨ ᠲᠤᠰᠬᠠᠢ ᠪᠠᠶᠢᠴᠠᠭᠠᠯᠲᠠ ᠬᠢᠳᠡᠭ᠃

      ︵3︶ ᠴᠠᠭ ᠢ ᠪᠠᠷᠢᠮᠲᠠᠯᠠᠬᠤ ᠲᠠᠳᠬᠠᠯ ᠢ ᠬᠥᠮᠤᠵᠢᠬᠦᠯᠤᠨ᠎ᠡ᠃

      ︽ᠴᠠᠭ ᠪᠤᠯ ᠠᠮᠢ ᠨᠠᠰᠤ︾ ︽ᠴᠠᠭ ᠢ ᠰᠢᠵᠢᠷ ᠠᠯᠲᠠ ᠪᠠᠷ ᠴᠤ ᠰᠤᠯᠢᠵᠤ ᠲᠡᠶᠢᠯᠬᠦ ᠥᠭᠡᠢ︾ ᠭᠡᠳᠡᠭ ᠢ

ᠰᠤᠷᠤᠭᠴᠢᠳ ᠲᠤ ᠮᠡᠳᠡᠬᠦᠯᠤᠨ ᠴᠠᠭ ᠢ ᠨᠠᠨᠳᠢᠩᠨᠠᠬᠤ᠂ ᠴᠠᠭ ᠢ ᠲᠠᠯᠠᠭᠠᠷ ᠰᠥᠢᠳᠭᠡᠬᠦ ᠥᠭᠡᠢ ᠪᠠᠶᠢᠬᠤ ᠬᠥᠮᠤᠵᠢᠯ ᠢ

ᠥᠷᠬᠦᠯᠵᠢ ᠬᠢᠳᠡᠭ᠃ ᠢᠩᠭᠢᠭᠡᠳ ᠰᠤᠷᠤᠭᠴᠢᠳ ᠡᠷᠲᠡ ᠤᠷᠤᠢ ᠶᠢᠨ ᠰᠤᠯᠡ ᠰᠡᠯᠡᠬᠦᠤ ᠴᠠᠭ ᠢᠶᠠᠨ ᠠᠰᠢᠭᠯᠠᠨ

ᠥᠪᠡᠷ ᠤᠨ ᠬᠤᠴᠤᠷᠴᠤ ᠪᠠᠶᠢᠭ᠎ᠠ ᠵᠦᠢᠯ ᠢᠶᠠᠨ ᠬᠢᠵᠤ ᠤᠷᠤᠯᠳᠤᠬᠤ ᠲᠠᠳᠬᠠᠯ ᠲᠠᠢ ᠪᠤᠯᠵᠤ ᠪᠠᠶᠢᠨ᠎ᠠ᠃

      ︵4︶ ᠭᠡᠷ ᠤᠨ ᠰᠤᠷᠭᠠᠯ ᠲᠠᠢ ᠨᠢᠭᠲᠠ ᠤᠶᠠᠯᠳᠤᠭᠤᠯᠤᠨ᠎ᠠ᠃

      ᠭᠡᠷ ᠤᠨ ᠰᠤᠷᠭᠠᠯ ᠪᠤᠯ ᠬᠡᠤᠬᠡᠳ ᠤᠨ ᠲᠠᠳᠬᠠᠯ ᠤᠨ ᠬᠦᠮᠤᠵᠢᠯ ᠳᠤ ᠰᠢᠭᠤᠳ ᠨᠥᠯᠤᠭᠡ          

ᠥᠵᠡᠬᠦᠯᠤᠨ᠎ᠡ᠃ ᠡᠳᠡᠭᠡᠷ ᠲᠠᠯ᠎ᠠ ᠶᠢ ᠭᠡᠷ ᠤᠨ ᠠᠬᠠᠮᠠᠳ ᠲᠤ ᠮᠡᠳᠡᠬᠦᠯᠵᠤ᠂ ᠬᠡᠤᠬᠡᠳ  ᠲᠤ ᠪᠠᠨ ᠥᠪᠡᠷ ᠢᠶᠠᠨ

ᠲᠥᠷᠢᠮ ᠥᠵᠡᠬᠦᠯᠬᠦ᠂ ᠬᠡᠤᠬᠡᠳ ᠢᠶᠠᠨ ᠰᠤᠷᠭᠠᠬᠤ ᠳᠤ ᠥᠵᠡᠯᠲᠡ ᠨᠢᠭᠡ ᠪᠠᠶᠢᠬᠤ᠂ ᠬᠡᠤᠬᠡᠳ ᠢᠶᠠᠨ ᠪᠤᠷᠬᠠᠨ ᠰᠢᠬ

ᠲᠠᠬᠢᠵᠤ ᠪᠤᠯᠬᠤ ᠥᠭᠡᠢ ᠬᠠᠷᠢᠨ ᠬᠥᠮᠤᠨ ᠢᠶᠠᠷ ᠥᠵᠡᠵᠤ ᠵᠠᠷᠤᠬᠤ ᠭᠡᠬᠦ ᠮᠡᠳᠤ ᠶᠢᠨ ᠵᠦᠢᠯ ᠢ ᠰᠠᠨᠠᠭᠤᠯᠵᠤ

ᠬᠡᠤᠬᠡᠳ ᠤᠨ ᠬᠥᠮᠤᠵᠢᠯ ᠳᠤ ᠪᠠᠭᠰᠢ ᠲᠠᠢ ᠨᠢᠭᠡ ᠯᠡ ᠰᠡᠳᠬᠢᠯ ᠲᠠᠢ ᠪᠠᠶᠢᠬᠤ ᠶᠢ ᠤᠬᠠᠭᠤᠯᠤᠨ᠎ᠠ᠃ ᠤᠯᠠᠮᠵᠢᠯᠠᠯᠳᠤ

ᠭᠡᠷ ᠤᠨ ᠰᠤᠷᠭᠠᠯ ᠢ ᠬᠠᠮᠳᠤ ᠪᠠᠷ ᠰᠤᠷᠤᠯᠴᠠᠵᠤ ᠲᠤᠰᠬᠠᠢ ᠨᠤᠮ ᠲᠠᠨᠢᠯᠴᠠᠭᠤᠯᠤᠨ᠎ᠠ᠃

      ᠶᠡᠷᠤᠲᠠ ᠶᠢᠨ ᠰᠤᠷᠤᠯᠭ᠎ᠠ ᠠᠮᠢᠳᠤᠷᠠᠯ ᠲᠤᠮᠲᠠ ᠲᠡᠭᠡᠷᠡᠬᠢ ᠭᠡᠳᠤᠨ ᠲᠠᠯ᠎ᠠ ᠠᠴᠠ ᠰᠤᠷᠤᠭᠴᠢᠳ ᠢᠶᠠᠨ

ᠱᠠᠭᠠᠷᠲᠠᠵᠤ ᠢᠷᠡᠭᠰᠡᠨ ᠠᠴᠠ ᠤᠳᠤ ᠪᠤᠯᠬᠤ ᠳᠤ ᠰᠤᠷᠤᠯᠴᠠᠯᠭ᠎ᠠ ᠶᠢᠨ ᠲᠠᠯ᠎ᠠ ᠪᠠᠷ ᠴᠤ ᠭᠡᠰᠡᠨ ᠨᠡᠯᠢᠶᠡᠳ ᠰᠠᠶᠢᠨ

ᠲᠠᠳᠬᠠᠯ ᠲᠠᠢ ᠪᠤᠯᠵᠤ ᠴᠢᠲᠠᠵᠠᠢ᠃ ᠨᠡᠩ ᠢᠯᠠᠩᠭᠤᠶ᠎ᠠ ᠬᠡᠤᠬᠡᠳ ᠤᠳ ᠤᠨ ᠨᠤᠮ ᠤᠩᠰᠢᠬᠤ ᠲᠠᠯ᠎ᠠ ᠶᠢᠨ ᠤᠷᠮ᠎ᠠ

ᠪᠠᠬ᠎ᠠ ᠮᠠᠰᠢ ᠲᠡᠭᠡᠭᠰᠢᠯᠡᠵᠤ ᠢᠷᠡᠪᠡ᠃ ︽ᠠᠪᠤ ᠶᠢᠨ ᠬᠥᠤ ᠠᠳᠠᠯᠢ ᠥᠭᠡᠢ᠂ ᠠᠷᠪᠠᠨ ᠬᠤᠷᠤᠭᠤ ᠲᠡᠭᠰᠢ          

ᠥᠭᠡᠢ︾ ᠬᠡᠳᠡᠭᠴᠢᠯᠡᠨ ᠬᠥᠮᠤᠨ ᠪᠤᠯᠭᠠᠨ ᠤ ᠵᠠᠩ ᠠᠷᠠᠨᠰᠢᠨ᠂ ᠲᠤᠷ᠎ᠠ ᠪᠠᠬ᠎ᠠ᠂ ᠠᠪᠢᠶᠠᠰᠯᠢᠭ ᠲᠠᠯ᠎ᠠ ᠠᠳᠠᠯᠢ ᠥᠭᠡᠢ

ᠪᠠᠶᠢᠲᠠᠭ᠃ ᠡᠶᠢᠮᠤ ᠠᠴᠠ ᠰᠤᠷᠤᠭᠴᠢ ᠶᠢ ᠢᠯᠡᠬᠦᠬᠡᠨ ᠤᠶᠢᠯᠠᠭᠠᠵᠤ᠂ ᠰᠤᠷᠤᠯᠭ᠎ᠠ ᠠᠮᠢᠳᠤᠷᠠᠯ ᠤᠨ ᠲᠠᠳᠬᠠᠯ ᠤᠨ

ᠬᠥᠮᠤᠵᠢᠯ ᠢ ᠬᠥᠴᠤ ᠲᠠᠯᠪᠢᠨ ᠠᠳᠬᠤᠵᠤ᠂ ᠰᠤᠷᠤᠭᠴᠢ ᠶᠢᠨ ᠢᠶᠠᠨ ᠪᠤᠲᠠᠲᠠᠢ ᠪᠠᠶᠢᠲᠠᠯ ᠳᠤ ᠨᠡᠶᠢᠴᠡᠬᠦᠯᠤᠨ ᠲᠠᠳᠡᠨ ᠢ

ᠢᠯᠡᠬᠦᠬᠡᠨ ᠵᠤᠷᠢᠬᠵᠢᠭᠤᠯᠪᠠᠯ ᠵᠤᠬᠢᠨ᠎ᠠ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠵᠡᠬᠦᠨ ᠥᠵᠤᠮᠤᠴᠢᠨ ᠬᠤᠰᠢᠭᠤᠨ ᠤ 

                               ᠬᠤᠶᠠᠳᠤᠭᠠᠷ ᠪᠠᠭ᠎ᠠ ᠰᠤᠷᠭᠠᠭᠤᠯᠢ 

                               ︵ᠠᠯᠳᠠᠨᠰᠦ᠋ᠭᠡ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map