ᠲᠤᠭᠠᠨ ᠤ ᠤᠬᠠᠭᠠᠨ ᠰᠤᠷᠬᠤᠢ
ᠨᠡᠶᠢᠲᠡᠯᠡᠭᠰᠡᠨ ᠴᠠᠭ᠄
2024/8/15
                     ᠴᠤᠷᠵᠢ

教学研究2.png

      ᠲᠤᠭᠠᠨ ᠤ ᠤᠬᠠᠭᠠᠨ ᠢ ᠶᠠᠭᠠᠬᠢᠵᠤ ᠰᠤᠷᠳᠠᠬ ᠪᠤᠢ︖ ᠭᠡᠤᠭᠡᠳ ᠤᠳ ᠶᠠᠭᠠᠬᠢᠪᠠᠯ ᠰᠠᠶ᠋ᠢ ᠲᠤᠭᠠᠨ ᠤ

ᠤᠬᠠᠭᠠᠨ ᠢ ᠰᠠᠶᠢᠨ ᠰᠤᠷᠴᠤ ᠲᠠᠶᠢᠯᠭᠦ ᠪᠤᠢ︖ ᠭᠡᠵᠦ ᠨᠠᠳᠠ ᠠᠴᠠ ᠠᠰᠠᠭᠤᠳᠠᠬ ᠡᠴᠢᠭᠡ ᠡᠭᠡ          

ᠤᠯᠠᠰᠢᠷᠠᠵᠠᠢ᠃ ᠭᠦᠭᠡᠷᠤᠭᠦᠢ᠂ ᠡᠭᠡ ᠶᠢᠨ ᠰᠠᠨᠠᠭ᠎ᠠ ᠦᠷ᠎ᠠ ᠳᠤ ᠭᠡᠳᠡᠭ ᠦᠭᠡ ᠶᠠᠭᠠᠬᠢᠭᠰᠠᠨ ᠤᠨᠤᠭᠠᠵᠤ ᠭᠡᠯᠡᠭᠰᠡᠨ

ᠠᠵᠢ︕ ᠭᠡᠤᠭᠡᠳ ᠤᠨ ᠬᠢᠨᠢ ᠲᠤᠭᠠᠨ ᠤ ᠤᠬᠠᠭᠠᠨ ᠤ ᠬᠢᠷᠢ ᠪᠦᠳᠤᠮᠵᠢ ᠡ᠊ᠩ ᠶᠡᠷᠦᠮᠳᠡᠭ᠂ ᠲᠤᠭᠠᠨ ᠤ ᠤᠬᠠᠭᠠᠨ

ᠰᠤᠷᠬᠤ ᠲᠤᠷᠠᠰᠢᠯ ᠪᠠᠷᠤᠭᠳᠠᠢ ᠪᠠᠶᠢᠬᠤ ᠪᠠᠷ ᠨᠢ ᠰᠠᠨᠠᠭ᠎ᠠ ᠪᠤᠯᠬᠤ ᠳᠤ ᠪᠠᠨ ᠪᠤᠰᠤᠳ ᠠᠴᠠ ᠵᠤᠷ ᠡᠷᠢᠵᠤ ᠪᠠᠶᠢᠭ᠎ᠠ          

ᠳ᠋ᠠ︕ ᠭᠡᠤᠭᠡᠳ ᠢᠶᠠᠨ ᠶᠠᠭᠠᠬᠢᠵᠤ ᠭᠡᠯᠡᠵᠦ ᠲᠤᠳᠤᠮᠳᠠᠬᠤ ᠪᠠ ᠲᠠᠮᠵᠢᠵᠤ ᠬᠠᠪᠰᠤᠷᠬᠤ᠂ ᠴᠢᠨᠠᠭᠰᠢᠯᠠᠨ ᠪᠠᠭᠰᠢ ᠲᠠᠢ

ᠭᠡᠷᠬᠢᠨ ᠬᠠᠮᠵᠢᠯᠴᠠᠬᠤ ᠪᠠᠨ ᠭᠦᠷᠳᠠᠯ᠎ᠠ ᠮᠠᠳᠠᠭᠦ ᠦᠭᠡᠢ ᠠᠷᠭ᠎ᠠ ᠪᠠᠷᠠᠭᠳᠠᠬᠤ ᠳᠤ ᠪᠠᠨ ᠠᠶᠢᠯ ᠠᠴᠠ ᠠᠷᠭ᠎ᠠ ᠡᠷᠢᠵᠤ

ᠪᠠᠶᠢᠭ᠎ᠠ ᠳ᠋ᠠ᠃ ᠭᠡᠳᠡᠯ᠎ᠠ ᠭᠡᠨ ᠪᠤᠯᠪᠠᠴᠤ ᠡᠨᠠ ᠠᠰᠠᠭᠤᠯᠳᠠ ᠶᠢ ᠪᠠᠷᠢᠨ ᠨᠢᠭᠡ ᠬᠤᠶᠠᠷ ᠦᠭᠡ ᠪᠠᠷ ᠬᠠᠷᠢᠭᠤᠯᠵᠤ

ᠲᠠᠶᠢᠯᠭᠦ ᠦᠭᠡᠢ᠃ ᠭᠡᠤᠭᠡᠳ ᠤᠨ ᠰᠤᠷᠤᠯᠭ᠎ᠠ ᠰᠠᠶᠢᠨ ᠡᠰᠠᠭᠦ ᠭᠠᠭᠴᠠ ᠭᠡᠤᠭᠡᠳ ᠤᠨ ᠤᠴᠢᠷ ᠪᠢᠰᠢ᠃ ᠵᠢᠭᠠᠭᠴᠢ

ᠪᠠᠭᠰᠢ ᠲᠠᠢ ᠬᠤᠯᠪᠤᠭᠳᠠᠨ᠎ᠠ᠃ ᠡᠴᠢᠭᠡ ᠡᠭᠡ ᠲᠠᠢ ᠬᠤᠯᠪᠤᠭᠳᠠᠨ᠎ᠠ᠂ ᠴᠢᠨᠠᠭᠰᠢᠯᠠᠨ ᠭᠡᠷ ᠪᠦᠯᠢ ᠶᠢᠨ ᠤᠷᠴᠢᠨ

ᠲᠤᠭᠤᠷᠢᠨ ᠢ ᠴᠤ ᠤᠮᠳᠤᠭᠠᠢᠢᠯᠠᠵᠤ ᠪᠤᠯᠤᠰᠢ ᠦᠭᠡᠢ ᠶᠤᠮ᠃

      ᠡᠴᠢᠭᠡ ᠡᠭᠡ ᠪᠤᠯ ᠭᠡᠤᠭᠡᠳ ᠤᠨ ᠠᠩᠬᠠᠨ ᠤ ᠪᠠᠭᠰᠢ ᠭᠡᠳᠡᠭᠴᠢᠯᠡᠨ ᠲᠠᠳᠠᠨ ᠤ ᠦᠭᠡ ᠶᠠᠷᠢᠶ᠎ᠠ᠂ ᠦᠢᠯᠠ

ᠠᠵᠢᠯᠯᠠᠭ᠎ᠠ᠂ ᠵᠠᠩ ᠲᠠᠳᠬᠠᠯ᠂ ᠤᠪᠤᠷ ᠰᠤᠷᠳᠠᠯ᠂ ᠵᠤᠷᠢᠭ ᠰᠦᠰᠦ ᠁ ᠠᠯᠢ ᠪᠦᠭᠦᠨ ᠨᠢ ᠭᠡᠤᠭᠡᠳ ᠢ ᠰᠢᠭᠤᠳ

ᠪᠤᠶᠤ ᠲᠠᠮ ᠢᠶᠠᠷ ᠨᠦᠯᠦᠭᠡᠯᠡᠳᠡᠭ᠃ ᠭᠦᠳᠠᠯᠮᠤᠷᠢᠴᠢ ᠠᠶᠢᠯ ᠤᠨ ᠭᠡᠤᠭᠡᠳ ᠶᠡᠷᠦ ᠠᠴᠠ ᠠᠵᠢᠯᠴᠢ ᠪᠠᠶᠢᠳᠠᠬ ᠨᠢ ᠡᠴᠢᠭᠡ

ᠡᠭᠡ ᠶᠢᠨ ᠢᠶᠠᠨ ᠨᠦᠯᠦᠭᠡ ᠶᠢ ᠭᠦᠷᠳᠡᠭᠰᠡᠨ ᠲᠠᠢ ᠬᠤᠯᠪᠤᠭᠳᠠᠨ᠎ᠠ᠃ ᠰᠤᠷᠭᠠᠯ ᠰᠠᠶᠢᠳᠠᠢ ᠭᠡᠷ ᠤᠨ ᠭᠡᠤᠭᠡᠳ ᠭᠡᠵᠢᠶᠠᠳᠠ

ᠶᠤᠰᠤ ᠨᠤᠮ ᠲᠠᠢ ᠪᠠᠶᠢᠳᠠᠬ ᠨᠢ ᠴᠤ ᠭᠡᠷ ᠪᠦᠯᠢ ᠶᠢᠨ ᠬᠢᠨᠢ ᠨᠦᠯᠦᠭᠡ ᠠᠴᠠ ᠪᠤᠯᠤᠭᠰᠠᠨ ᠶᠤᠮ᠃ ᠭᠡᠤᠭᠡᠳ

ᠰᠤᠷᠭᠠᠭᠤᠯᠢ ᠳᠤ ᠰᠠᠭᠤᠬᠤ ᠪᠤᠯᠤᠭᠠᠳᠤᠢ ᠪᠤᠯᠪᠠᠴᠤ ᠡᠴᠢᠭᠡ ᠡᠭᠡ ᠨᠢ ᠦᠪᠠᠷ ᠤᠨ ᠪᠠᠶ᠎ᠠ ᠪᠠᠷ ᠢᠶᠠᠨ ᠭᠡᠤᠭᠡᠳ ᠲᠤ ᠪᠠᠨ

ᠭᠡᠪ ᠲᠠᠭᠤᠷᠢᠶᠠᠯ ᠦᠵᠠᠭᠦᠯᠭᠦ ᠶᠢ ᠶᠠᠭᠠᠬᠢᠭᠰᠠᠨ ᠴᠤ ᠤᠮᠳᠤᠭᠠᠢᠢᠯᠠᠵᠤ ᠪᠤᠯᠬᠤ ᠦᠭᠡᠢ᠃ ᠭᠡᠤᠭᠡᠳ ᠢᠶᠠᠨ ᠲᠠᠭᠠᠭᠤᠯᠵᠤ

ᠲᠤᠭᠤᠷᠢᠵᠤ ᠪᠠᠶᠢᠬᠤ ᠳᠤ ᠪᠠᠨ ᠬᠠᠶᠠᠭᠳᠠᠮᠠᠯ ᠡᠳ᠋ ᠢᠶᠠᠨ ᠡᠷᠤᠢ ᠬᠤᠷᠤᠢ ᠦᠭᠡᠢ ᠬᠠᠶᠠᠬᠤ ᠦᠭᠡᠢ᠂ ᠬᠤᠬ ᠨᠤᠪᠰᠢ ᠶᠢᠨ

ᠰᠠᠪᠠᠨ ᠳᠤ ᠬᠢᠳᠡᠭ ᠠᠶᠢᠯ ᠤᠨ ᠭᠡᠤᠭᠡᠳ ᠬᠤᠬ ᠨᠤᠪᠰᠢ ᠶᠢ ᠡ᠊ᠨᠳᠠ ᠲᠠᠨᠳᠠ ᠦᠭᠡᠢ ᠲᠤᠷ᠎ᠠ ᠲᠠᠪᠠ ᠪᠠᠷ ᠢᠶᠠᠨ ᠬᠠᠶᠠᠬᠤ

ᠭᠡᠵᠦ ᠤᠤ᠂ ᠠᠯᠪᠠᠳᠠᠯᠭ᠎ᠠ ᠪᠠᠷ ᠭᠡᠤᠭᠡᠳ ᠲᠤ ᠪᠠᠨ ᠡᠰᠠᠨ ᠪᠤᠰᠤᠨ ᠶᠠᠭᠤᠮ᠎ᠠ ᠵᠢᠭᠠᠵᠤ ᠰᠤᠷᠭᠠᠭᠰᠠᠨ ᠠᠴᠠ

ᠦᠪᠠᠷᠳᠡᠭᠡᠨ ᠨᠤᠮ ᠦᠵᠠᠵᠤ ᠰᠠᠭᠤᠬᠤ ᠨᠢ ᠬᠠᠷᠢᠨ ᠲᠡᠭᠡᠷ᠎ᠠ ᠪᠠᠶᠢᠬ᠎ᠠ᠃ ᠭᠡᠤᠭᠡᠳ ᠲᠤᠷ᠎ᠠ ᠪᠠᠬ᠎ᠠ ᠲᠠᠢ ᠦᠶᠠᠰ ᠨᠤᠮ

ᠤᠡᠭᠰᠢᠵᠤ ᠦᠭᠭᠦ ᠶᠢᠨ ᠨᠦᠯᠦᠭᠡ ᠦᠢᠯᠠᠳᠤᠯ ᠨᠢ ᠨᠠᠩ ᠰᠠᠶᠢᠨ ᠶᠤᠮ᠃ ᠭᠡᠤᠭᠡᠳ ᠲᠤᠷ᠎ᠠ ᠰᠤᠨᠢᠷᠬᠠᠯ ᠲᠠᠢ

ᠪᠤᠯᠴᠢᠬᠠᠪᠠᠯ ᠰᠤᠷᠬᠤ ᠲᠤᠳᠤᠮ ᠪᠠᠬ᠎ᠠ ᠲᠠᠢ᠂ ᠪᠠᠬ᠎ᠠ ᠲᠠᠢ ᠪᠤᠯᠬᠤ ᠲᠤᠳᠤᠮ ᠰᠤᠷᠬᠤ ᠠᠷᠭ᠎ᠠ ᠲᠠᠮ ᠢ ᠨᠢ          

ᠤᠯᠳᠠᠬ᠃ ᠢᠡᠭᠬᠢᠭᠦ ᠪᠠᠷ ᠢᠶᠠᠨ ᠭᠡᠤᠭᠡᠳ ᠤᠨ ᠰᠤᠷᠬᠤ ᠲᠤᠷ᠎ᠠ ᠰᠤᠨᠢᠷᠬᠠᠯ ᠢ ᠪᠤᠢ ᠪᠤᠯᠭᠠᠬᠤ ᠪᠠ ᠭᠦᠮᠦᠵᠢᠭᠦᠯᠭᠦ ᠨᠢ

ᠰᠤᠬᠤᠷ ᠪᠠᠯᠠᠢ ᠪᠠᠷ ᠡᠨᠠ ᠲᠠᠷᠠ ᠶᠢ ᠠᠯᠪᠠᠳᠠᠯᠭ᠎ᠠ ᠪᠠᠷ ᠵᠢᠭᠠᠵᠤ ᠰᠤᠷᠭᠠᠬᠤ ᠠᠴᠠ ᠬᠤᠯᠠ ᠲᠡᠭᠡᠷ᠎ᠠ ᠶᠤᠮ᠃ ᠲᠤᠭ᠎ᠠ

ᠲᠠᠨᠢᠭᠤᠯᠬᠤ ᠪᠠᠷ ᠵᠢᠱᠢᠶᠡᠯᠡᠭᠦ ᠳᠤ᠂ ᠨᠤᠮ ᠲᠠᠯᠭᠡᠵᠦ 1,2,3 ᠁ ᠭᠡᠵᠦ ᠵᠢᠭᠠᠬᠤ ᠪᠤᠯ ᠵᠦᠪᠭᠡᠨ

ᠭᠡᠤᠭᠡᠳ ᠲᠤ ᠪᠠᠨ ᠦᠰᠦᠭ ᠲᠠᠨᠢᠭᠤᠯᠵᠤ ᠪᠠᠶᠢᠭ᠎ᠠ ᠮᠧᠬᠠᠨᠢᠬ ᠠᠵᠢᠯᠯᠠᠭ᠎ᠠ ᠲᠠᠳᠤᠢ᠂ ᠬᠠᠷᠢᠨ ᠭᠡᠤᠭᠡᠳ ᠢᠶᠠᠨ

ᠲᠠᠭᠠᠭᠤᠯᠵᠤ ᠭᠠᠳᠠᠨ᠎ᠠ ᠲᠤᠭᠤᠷᠢᠨ ᠵᠤᠭᠠᠴᠠᠵᠤ ᠪᠠᠶᠢᠬᠤ ᠪᠤᠶᠤ ᠡᠨᠡ ᠲᠠᠷᠠ ᠶᠢ ᠬᠢᠵᠤ ᠪᠠᠶᠢᠬᠤ ᠳᠤ ᠪᠠᠨ᠄ ︽ᠲᠠᠨᠳᠠ

ᠨᠢᠭᠡ ᠭᠡᠤᠭᠡᠳ ᠲᠤᠭᠯᠠᠨ ᠨᠠᠭᠠᠳᠴᠤ ᠪᠠᠶᠢᠨ᠎ᠠ᠂ ᠴᠢ ᠤᠴᠢᠵᠤ ᠴᠤᠭ ᠲᠤ ᠪᠠᠨ ᠲᠤᠭᠯᠠᠨ ᠨᠠᠭᠠᠳᠪᠠᠯ ᠭᠡᠳᠤᠢ

ᠭᠡᠤᠭᠡᠳ ᠪᠤᠯᠬᠤ ᠪᠤᠢ︖ ᠨᠢᠭᠡ ᠭᠡᠤᠭᠡᠳ ᠤᠨ ︿ᠨᠢᠭᠡ﹀ ᠶᠢ ᠶᠠᠭᠠᠬᠢᠵᠤ ᠪᠢᠴᠢᠳᠡᠭ ᠢ ᠭᠡᠷ ᠲᠤ ᠪᠠᠨ ᠬᠠᠷᠢᠭᠰᠠᠨ ᠤ

ᠲᠠᠷᠠᠭ᠎ᠠ ᠨᠤᠮ ᠪᠢᠴᠢᠭ ᠠᠴᠠ ᠴᠢᠨᠢ ᠡᠷᠢᠵᠤ ᠦᠵᠠᠶ᠎ᠠ︾ ᠭᠡᠭᠦ ᠮᠠᠳᠤ ᠪᠠᠷ ᠭᠡᠯᠡᠵᠦ ᠵᠤᠭᠤᠭᠳᠠᠬᠤ ᠶᠢᠨ ᠲᠠᠭᠠᠤ

ᠤᠷᠮ᠎ᠠ ᠶᠢ ᠨᠢ ᠭᠦᠪᠴᠢᠯᠡᠭᠦ ᠪᠤᠯ ᠡᠩ ᠤᠨ ᠶᠡᠷᠢᠯᠴᠠᠭ᠎ᠠ ᠲᠠᠳᠤᠢ ᠪᠢᠰᠢ᠂ ᠬᠠᠷᠢᠨ ᠭᠡᠤᠭᠡᠳ ᠢᠶᠠᠨ ᠲᠤᠭᠠᠨ ᠤ

ᠮᠠᠳᠠᠷᠠᠮᠵᠢ ᠲᠠᠢ ᠪᠤᠯᠭᠠᠵᠤ ᠪᠠᠶᠢᠭ᠎ᠠ ᠲᠤᠮᠤ ᠢᠨᠵᠧᠨᠧᠷᠢᠩ ᠮᠦᠨ᠃ ᠦᠨᠠᠨ ᠭᠦ ᠡᠶᠢᠮᠦ ᠠᠬᠤᠢ ᠤᠷᠴᠢᠨ

ᠲᠤᠬᠢᠶᠠᠯᠳᠤᠭᠰᠠᠨ ᠪᠠᠶᠢᠪᠠᠯ ᠭᠡᠤᠭᠡᠳ ᠢᠶᠠᠨ ᠲᠠᠷᠠ ᠭᠡᠤᠭᠡᠳ ᠲᠠᠢ ᠴᠤᠭ ᠨᠠᠭᠠᠳᠤᠭᠤᠯᠬᠤ ᠳᠤ ᠪᠠᠨ          

ᠲᠠᠭᠠᠷᠠᠨ᠎ᠠ᠃ ᠭᠡᠤᠭᠡᠳ ᠤᠳ ᠭᠡᠳᠤ ᠭᠡᠳᠤᠭᠦᠯᠡ ᠪᠠᠨ ᠲᠤᠭᠯᠠᠨ ᠨᠠᠭᠠᠳᠴᠤ ᠪᠠᠶᠢᠬᠤ ᠳᠤ ᠪᠠᠨ ᠰᠠᠨᠠᠮᠰᠠᠷ ᠦᠭᠡᠢ ᠪᠠᠷ

ᠤᠯᠠᠨ ᠶᠠᠭᠤᠮ᠎ᠠ ᠮᠠᠳᠠᠵᠤ ᠰᠤᠷᠴᠢᠬᠠᠳᠠᠬ ᠪᠢᠰᠢ︕ ᠠᠮᠧᠷᠢᠺᠠ ᠡᠸᠦ᠋ᠷᠤᠫᠠ ᠶᠢᠨ ᠬᠢᠨ ᠶᠠᠭᠠᠬᠢᠭᠠᠳ

ᠭᠡᠤᠭᠡᠳ ᠲᠤ ᠪᠠᠨ ᠤᠷᠢᠳᠴᠢᠯᠠᠨ ᠵᠢᠭᠠᠳᠠᠬ ᠦᠭᠡᠢ ᠪᠤᠢ︖ ᠰᠡᠳᠬᠢᠭᠦᠰᠢᠳᠠᠢ᠂ ᠰᠤᠳᠤᠯᠤᠭᠤᠰᠢᠳᠠᠢ︕ ᠭᠡᠷ ᠤᠨ

ᠠᠬᠠᠮᠠᠳ ᠦᠪᠠᠷᠳᠡᠭᠡᠨ ᠤᠳᠬ᠎ᠠ ᠶᠢ ᠨᠢ ᠮᠠᠳᠠᠭᠦ ᠦᠭᠡᠢ ᠪᠠᠶᠢᠭᠠᠳ ᠵᠢᠭᠠᠬᠤ ᠨᠢ ᠵᠢᠭᠠᠬᠤ ᠦᠭᠡᠢ ᠪᠠᠨ ᠴᠤ ᠭᠦᠷᠭᠦ

ᠦᠭᠡᠢ ᠶᠤᠮ᠃ ᠵᠢᠱᠢᠶᠡᠯᠡᠪᠡᠯ᠂ ᠲᠤᠭ᠎ᠠ ᠲᠡᠭ ᠤᠨ ᠤᠳᠬ᠎ᠠ ᠶᠢ ᠨᠢ ᠮᠠᠳᠠᠭᠡᠳ ᠲᠠᠷᠠᠭ᠎ᠠ ᠨᠢ ᠰᠠᠶ᠋ᠢ ᠪᠢᠴᠢᠭᠦ ᠶᠢ ᠨᠢ

ᠰᠤᠷᠬᠤ ᠪᠤᠯ ᠰᠢᠨᠵᠢᠯᠠᠭᠦ ᠤᠬᠠᠭᠠᠨᠴᠢ ᠶᠤᠮ᠂ ᠮᠦᠨ ᠴᠤ ᠲᠠᠨᠢᠯᠳᠠ ᠶᠢᠨ ᠵᠢᠮ᠎ᠠ ᠬᠠᠤᠯᠢ ᠳᠤ ᠨᠠᠶᠢᠴᠠᠨ᠎ᠠ᠃ ᠦᠵᠠᠵᠤ

ᠬᠠᠷᠠᠭᠳᠠᠵᠤ ᠪᠠᠶᠢᠭ᠎ᠠ ᠪᠠᠨ ᠨᠠᠷᠠᠯᠠᠭᠦ᠂ ᠰᠤᠨᠤᠰᠤᠭᠰᠠᠨ ᠢᠶᠠᠨ ᠦᠵᠠᠵᠤ ᠮᠠᠳᠠᠷᠠᠭᠦ᠂ ᠰᠠᠷᠠᠯ ᠮᠠᠳᠠᠷᠠᠮᠵᠢ ᠪᠠᠷ ᠢᠶᠠᠨ ᠭᠡᠷᠡᠭ

ᠪᠤᠳᠠᠰ ᠢ ᠲᠠᠨᠢᠬᠤ ᠪᠤᠯ ᠤᠢ ᠪᠢᠯᠢᠭ ᠢᠶᠠᠷ ᠢᠶᠠᠨ ᠶᠢᠷᠳᠢᠨᠴᠤ ᠶᠢ ᠬᠠᠷᠠᠬᠤ ᠴᠤᠩᠬᠤ ᠪᠠᠨ ᠨᠠᠭᠡᠭᠡᠭᠦ ᠶᠢᠨ ᠠᠩᠬᠠᠨ ᠤ

ᠱᠠᠳᠤ ᠮᠦᠨ᠃

      ᠭᠡᠤᠭᠡᠳ ᠤᠳ ᠰᠤᠷᠭᠠᠭᠤᠯᠢ ᠳᠤ ᠤᠷᠤᠭᠰᠠᠨ ᠤ ᠲᠠᠷᠠᠭ᠎ᠠ ᠵᠦᠪᠭᠡᠨ ᠮᠠᠳᠠᠯᠭᠡ ᠮᠠᠷᠭᠡᠰᠢᠯ ᠢ ᠰᠢᠰᠲ᠋ᠧᠮ ᠲᠠᠢ

ᠰᠤᠷᠬᠤ ᠲᠠᠳᠤᠢ ᠪᠢᠰᠢ ᠰᠤᠷᠤᠯᠴᠠᠬᠤ ᠲᠠᠳᠬᠠᠯ ᠰᠤᠷᠤᠯᠴᠠᠬᠤ ᠤᠪᠤᠷ᠂ ᠰᠤᠷᠬᠤ ᠠᠷᠭ᠎ᠠ᠂ ᠦᠵᠠᠯ ᠰᠠᠨᠠᠭ᠎ᠠ ᠨᠢ ᠴᠤ

ᠪᠦᠷᠢᠯᠳᠤᠵᠤ ᠡᠬᠢᠯᠠᠳᠡᠭ᠃ ᠪᠠᠭ᠎ᠠ ᠰᠤᠷᠭᠠᠭᠤᠯᠢ ᠶᠢᠨ ᠵᠢᠭᠠᠨ ᠰᠤᠷᠭᠠᠯᠳᠠ ᠪᠤᠯ ᠭᠦᠯ ᠳᠤ ᠤᠷᠤᠭᠤᠯᠬᠤ ᠵᠢᠭᠠᠨ

ᠰᠤᠷᠭᠠᠯᠳᠠ ᠮᠦᠨ᠂ ᠶᠠᠬ ᠭᠦᠯ ᠳᠤ ᠤᠷᠤᠭᠠᠳᠤᠢ ᠨᠢᠯᠬ᠎ᠠ ᠭᠡᠤᠭᠡᠳ ᠢ ᠭᠦᠯ ᠳᠤ ᠤᠷᠤᠭᠤᠯᠵᠤ ᠪᠠᠶᠢᠭ᠎ᠠ ᠲᠠᠢ          

ᠠᠳᠠᠯᠢ᠃ ᠭᠡᠤᠭᠡᠳ ᠤᠨ ᠭᠦᠯ ᠳᠤ ᠤᠷᠤᠬᠤ ᠶᠢ ᠡᠴᠢᠭᠡ ᠡᠭᠡ ᠪᠤᠯᠤᠭᠰᠠᠳ ᠬᠠᠮᠤᠭ ᠠᠴᠠ ᠰᠠᠶᠢᠨ ᠮᠠᠳᠠᠨ᠎ᠠ᠃ ᠲᠠᠷᠠ

ᠪᠤᠯ ᠭᠦᠴᠢᠷ᠂ ᠲᠠᠰᠪᠤᠷᠢᠳᠠᠢ ᠨᠠᠷᠢᠯᠢᠬ ᠠᠵᠢᠯ ᠲᠠᠳᠤᠢ ᠪᠢᠰᠢ᠂ ᠶᠤᠰᠤᠳᠠᠢ ᠤᠶᠤᠨ ᠤ ᠰᠢᠨᠳᠠᠭᠠᠨ ᠢ ᠰᠤᠩᠭᠠᠳᠠᠬ

ᠰᠢᠨᠵᠢᠯᠡᠭᠦ ᠤᠬᠠᠭᠠᠨᠴᠢ ᠠᠵᠢᠯ ᠮᠦᠨ᠃ ᠰᠤᠷᠤᠭᠴᠢᠳ ᠰᠢᠯᠢᠳᠡᠭ ᠰᠠᠶᠢᠨ ᠰᠤᠷᠤᠯᠴᠠᠬᠤ ᠲᠠᠳᠬᠠᠯ᠂ ᠬᠢᠴᠢᠶᠡᠯ

ᠰᠤᠷᠤᠯᠭ᠎ᠠ ᠳᠤ ᠪᠠᠨ ᠬᠠᠨᠳᠤᠬᠤ ᠵᠦᠪ ᠤᠪᠤᠷ ᠰᠤᠷᠳᠠᠯ ᠲᠠᠢ ᠪᠤᠯᠴᠢᠬᠠᠪᠠᠯ ᠰᠤᠷᠬᠤ ᠲᠤᠳᠤᠮ ᠠᠮᠠᠷᠬᠠᠨ᠂ ᠰᠤᠷᠬᠤ

ᠲᠤᠳᠤᠮ ᠪᠠᠬ᠎ᠠ ᠲᠠᠢ᠂ ᠰᠤᠷᠬᠤ ᠲᠤᠳᠤᠮ ᠮᠠᠳᠠᠷᠠᠮᠵᠢ ᠲᠠᠢ ᠪᠤᠯᠬᠤ ᠲᠠᠳᠤᠢ ᠪᠢᠰᠢ᠂ ᠲᠤᠭᠠᠨ ᠤ ᠤᠬᠠᠭᠠᠨ ᠤ ᠭᠢᠷᠢ

ᠲᠦᠪᠰᠢᠨ ᠨᠢ ᠴᠤ ᠲᠠᠭᠠᠯᠳᠤᠨ ᠦᠨᠳᠤᠷᠵᠢᠭᠦ ᠶᠤᠮ᠃ ︽ᠰᠤᠷᠤᠬᠴᠢ ᠪᠤᠯ ᠰᠤᠷᠤᠯᠴᠠᠯᠭ᠎ᠠ ᠶᠢᠨ ᠭᠤᠤᠯ ᠴᠤᠭᠴᠠ

ᠪᠦᠭᠡᠳ ᠰᠤᠷᠤᠭᠴᠢ ᠶᠢ ᠵᠢᠭᠠᠨ ᠰᠤᠷᠭᠠᠬᠤ ᠠᠵᠢᠯᠯᠠᠭ᠎ᠠ ᠳᠤ ᠤᠷᠤᠯᠴᠠᠭᠤᠯᠤᠨ᠎ᠠ᠂ ᠪᠦᠭᠦ ᠰᠤᠷᠤᠭᠴᠢ ᠶᠢ ᠵᠢᠭᠠᠨ

ᠰᠤᠷᠭᠠᠬᠤ ᠬᠠᠷᠠᠯᠳᠠ ᠳᠤ ᠭᠦᠷᠭᠡᠨ᠎ᠠ︾ ᠭᠡᠵᠦ ᠭᠡᠯᠡᠵᠦ ᠪᠠᠶᠢᠪᠠᠴᠤ ᠦᠨᠠᠨ ᠳᠤ ᠪᠠᠨ ᠨᠢᠭᠡ ᠪᠦᠯᠦᠭ ᠰᠤᠷᠤᠭᠴᠢ ᠲᠠᠷᠠ

ᠭᠦ ᠪᠠᠷᠢᠮᠵᠢᠶ᠎ᠠ ᠱᠠᠭᠠᠷᠳᠠᠯᠭ᠎ᠠ ᠳᠤ ᠨᠢ ᠭᠦᠷᠴᠤ ᠲᠠᠶᠢᠯᠳᠡᠭ ᠦᠭᠡᠢ᠃ ᠲᠠᠬᠢᠭᠠᠳ ᠭᠡᠯᠡᠪᠡᠯ ︽ᠠᠳᠠᠯᠢ ᠪᠤᠰᠤ ᠶᠢᠨ ᠬᠢᠷᠢ

ᠲᠦᠪᠰᠢᠨ ᠪᠦᠭᠦᠢ ᠰᠤᠷᠤᠭᠴᠢ ᠶᠢ ᠠᠳᠠᠯᠢ ᠪᠤᠰᠤ ᠶᠢᠨ ᠭᠦᠭᠵᠢᠯᠳᠠ ᠶᠢᠨ ᠲᠦᠪᠰᠢᠨ ᠳᠤ ᠭᠦᠷᠭᠡᠨ᠎ᠠ︾ ᠭᠡᠳᠡᠭ ᠴᠢᠨᠢ

ᠭᠡᠷᠡᠭ ᠲᠠᠭᠡᠷ᠎ᠡ ᠪᠠᠨ ᠢᠯᠭᠠᠷᠠᠭᠤᠯᠬᠤ᠂ ᠰᠢᠯᠢᠭᠦ᠂ ᠲᠠᠰᠯᠡᠭᠦ ᠰᠤᠷᠭᠠᠨ ᠭᠦᠮᠦᠵᠢᠯ ᠶᠠᠪᠤᠭᠤᠯᠵᠤ ᠪᠠᠶᠢᠭ᠎ᠠ          

ᠪᠢᠰᠢᠤ᠃ ᠰᠢᠯᠭᠠᠯᠳᠠ ᠶᠢ ᠰᠤᠷᠤᠭᠰᠠᠨ ᠢ ᠨᠢ ᠤᠢᠢᠯᠠᠭᠠᠬᠤ ᠪᠠ ᠭᠡᠮᠵᠢᠶᠡᠯᠡᠭᠦ ᠠᠷᠭ᠎ᠠ ᠪᠠᠷᠢᠯ ᠭᠡᠳᠡᠭ ᠴᠤ ᠲᠠᠷᠠ ᠨᠢ

ᠪᠠᠰᠠ ᠰᠤᠷᠤᠭᠴᠢᠳ ᠢ ᠬᠢᠷᠢ ᠪᠦᠳᠤᠮᠵᠢ ᠪᠠᠷ ᠨᠢ ᠠᠩᠬᠢᠯᠠᠵᠤ ᠬᠤᠪᠢᠶᠠᠬᠤ ᠦᠢᠯᠠᠳᠤᠯ ᠭᠠᠷᠭᠠᠳᠠᠬ ᠪᠤᠶᠤ ᠨᠦᠯᠦᠭᠡ

ᠲᠤᠰᠬᠠᠯ ᠠᠪᠴᠢᠷᠠᠳᠠᠬ᠃ ᠵᠠᠷᠢᠮ ᠭᠡᠷ ᠤᠨ ᠠᠬᠠᠮᠠᠳ ᠤᠨ ᠭᠡᠤᠭᠡᠳ ᠢᠶᠠᠨ ᠠᠩᠬᠢ ᠪᠤᠶᠤ ᠤᠨ ᠳᠤ ᠨᠢ ᠵᠠᠪᠠᠯ

ᠨᠢᠭᠡᠳᠤᠭᠡᠷ ᠲᠤ ᠰᠢᠯᠭᠠᠭᠤᠯᠤᠨ᠎ᠠ᠂ ᠡᠰᠠᠭᠦᠯ᠎ᠠ ᠵᠠᠷᠢᠮ ᠭᠡᠤᠭᠡᠳ ᠠᠴᠠ ᠵᠠᠪᠠᠯ ᠲᠠᠪᠠᠭᠤᠯᠤᠨ᠎ᠠ ᠭᠡᠳ ᠰᠤᠷᠤᠯᠭ᠎ᠠ ᠶᠢᠨ

ᠲᠠᠷᠤᠭᠠᠰᠤ᠂ ᠪᠠᠶ᠎ᠠ ᠰᠡᠳᠬᠢᠴᠠ ᠶᠢᠨ ᠲᠠᠷᠤᠭᠠᠰᠤ ᠶᠢ ᠨᠢ ᠠᠯᠪᠠ ᠪᠠᠷ ᠭᠡᠳᠤ ᠭᠦᠨᠳᠤᠷᠡᠭᠦᠯᠳᠡᠭ᠃ ᠠᠪᠴᠤ ᠪᠤᠯᠳᠠᠬ

ᠦᠭᠡᠢ ᠠᠷᠭ᠎ᠠ ᠯᠡ ᠳ᠋ᠠ᠂ ᠲᠡᠭᠡᠰᠢ ᠠᠬᠠᠳᠠᠪᠠᠯ ᠲᠡᠭᠡᠭᠡᠷ᠎ᠠ ᠪᠤᠯᠵᠤ ᠮᠠᠳᠠᠨ᠎ᠠ᠃ ᠲᠠᠬᠢᠭᠠᠳ ᠭᠡᠯᠡᠪᠡᠯ ᠬᠢᠷᠢ

ᠪᠦᠳᠤᠮᠵᠢ ᠶᠢᠨ ᠲᠠᠯ᠎ᠠ ᠪᠠᠷ 99 ᠬᠤᠪᠢ ᠰᠢᠯᠭᠠᠭᠰᠠᠨ ᠨᠢ 100 ᠬᠤᠪᠢ ᠰᠢᠯᠭᠠᠭᠰᠠᠨ ᠢᠶᠠᠨ ᠭᠦᠷᠭᠦ ᠦᠭᠡᠢ

ᠪᠤᠯᠪᠠᠴᠤ ᠬᠢᠷᠢ ᠲᠦᠪᠰᠢᠨ ᠨᠢ ᠬᠠᠷᠢᠨ 100 ᠬᠤᠪᠢ ᠰᠢᠯᠭᠠᠭᠰᠠᠨ ᠢᠶᠠᠨ ᠲᠠᠪᠠᠵᠤ ᠮᠠᠳᠠᠭᠦ ᠶᠤᠮ᠃ ᠭᠡᠤᠭᠡᠳ ᠢᠶᠠᠨ

ᠬᠠᠮᠵᠢᠵᠤ ᠬᠤᠪᠢ ᠠᠯᠳᠠᠭᠰᠠᠨ ᠰᠢᠯᠳᠠᠭᠠᠨ ᠢ ᠡᠷᠢᠵᠤ ᠤᠯᠬᠤ ᠨᠢ ᠦᠨᠳᠤᠷ ᠬᠤᠪᠢ ᠰᠢᠯᠭᠠᠭᠤᠯᠬᠤ ᠶᠢ

ᠭᠦᠭᠡᠭᠡᠴᠡᠯᠳᠦᠭᠰᠡᠨ ᠠᠴᠠ ᠠᠴᠢ ᠲᠤᠰᠠ ᠲᠠᠢ ᠶᠤᠮ᠃ ᠬᠢᠨᠠᠮᠠᠭᠠᠢ ᠦᠭᠡᠢ ᠠᠴᠠ ᠬᠤᠪᠢ ᠠᠯᠳᠠᠭᠰᠠᠨ ᠪᠠᠶᠢᠪᠠᠯ

ᠰᠠᠷᠠᠮᠵᠢ ᠶᠢᠨ ᠬᠤᠨᠭ᠍ᠬᠤ ᠵᠠᠭᠦᠯᠭᠡᠨ᠎ᠠ︔ ᠰᠤᠷᠤᠭᠰᠠᠨ ᠠᠭᠤᠯᠭ᠎ᠠ ᠳᠤ ᠪᠠᠨ ᠪᠠᠯᠠᠷᠬᠠᠢ᠂ ᠪᠦᠷᠢᠨ ᠭᠦᠢᠴᠡᠳ

ᠤᠢᠢᠯᠠᠭᠠᠵᠤ ᠡᠵᠡᠮᠰᠢᠭᠰᠡᠨ ᠦᠭᠡᠢ ᠠᠴᠠ ᠪᠤᠯᠵᠤ ᠲᠤᠳᠠᠭᠤ ᠲᠤᠷᠭᠤᠨ ᠬᠢᠭᠡᠳ ᠬᠤᠪᠢ ᠠᠯᠳᠠᠭᠰᠠᠨ ᠪᠠᠶᠢᠪᠠᠯ

ᠲᠠᠪᠳᠠᠵᠤ ᠪᠤᠯᠪᠠᠰᠤᠷᠠᠬᠤ ᠶᠢ ᠨᠢ ᠴᠢᠩᠭᠠᠳᠬᠠᠨ᠎ᠠ︔ ᠴᠢᠳᠠᠬᠤ ᠦᠭᠡᠢ ᠮᠠᠳᠠᠭᠦ ᠦᠭᠡᠢ ᠠᠴᠠ ᠪᠤᠯᠵᠤ ᠬᠢᠭᠰᠡᠨ ᠦᠭᠡᠢ

ᠪᠠᠶᠢᠪᠠᠯ ᠲᠠᠷᠠ ᠭᠦ ᠴᠢᠳᠠᠬᠤ ᠦᠭᠡᠢ ᠮᠠᠳᠠᠭᠦ ᠦᠭᠡᠢ ᠲᠠᠢ ᠬᠤᠯᠪᠤᠭᠳᠠᠬᠤ ᠰᠤᠷᠬᠤ ᠪᠢᠴᠢᠭ ᠤᠨ ᠠᠭᠤᠯᠭ᠎ᠠ ᠶᠢ

ᠬᠠᠨᠳᠤᠯᠭ᠎ᠠ ᠲᠠᠢ ᠪᠠᠷ ᠨᠦᠭᠦᠪᠤᠷᠢᠯᠡᠭᠦ ᠭᠡᠷᠡᠭᠳᠠᠢ᠃ ᠰᠢᠯᠭᠠᠯᠳᠠ ᠳᠤ ᠬᠢᠵᠤ ᠴᠢᠳᠠᠭᠰᠠᠨ ᠦᠭᠡᠢ ᠰᠠᠳᠤᠪ ᠢ

ᠶᠠᠭᠠᠬᠢᠭᠰᠠᠨ ᠴᠤ ᠭᠦᠡᠭᠭᠡᠪᠴᠢᠯᠡᠵᠦ ᠪᠤᠯᠬᠤ ᠦᠭᠡᠢ᠂ ᠬᠠᠶᠠᠭᠠᠨ ᠳᠤ ᠨᠢ ᠬᠠᠶᠠᠵᠤ ᠨᠠᠩ ᠪᠤᠯᠬᠤ ᠦᠭᠡᠢ᠂ ᠰᠤᠬᠤᠷ

ᠪᠠᠯᠠᠢ ᠪᠠᠷ ᠡᠨᠡ ᠲᠠᠷᠠ ᠲᠠᠪᠳᠠᠬᠤ ᠠᠩᠬᠢ ᠳᠤ ᠭᠦᠷᠭᠡᠵᠦ ᠰᠤᠷᠤᠯᠴᠠᠭᠤᠯᠬᠤ ᠲᠠᠶᠢᠮᠦ ᠴᠤ ᠪᠦᠳᠤᠮᠵᠢᠳᠠᠢ ᠠᠷᠭ᠎ᠠ ᠪᠢᠰᠢ

ᠯᠡ ᠳ᠋ᠠ᠃ ᠭᠡᠷᠰᠡᠤᠯᠡᠭᠦ ᠳᠤ ᠪᠠᠨ ᠲᠠᠭᠠᠷᠠᠨ᠎ᠠ᠃ ᠵᠠᠷᠢᠮ ᠭᠡᠷ ᠤᠨ ᠠᠬᠠᠮᠠᠳ ᠭᠡᠤᠭᠡᠳ ᠤᠨ ᠢᠶᠠᠨ ᠰᠢᠯᠭᠠᠯᠳᠠ ᠳᠤ

ᠬᠢᠵᠤ ᠴᠢᠳᠠᠭᠰᠠᠨ ᠦᠭᠡᠢ ᠰᠠᠳᠤᠪ ᠢ ᠡᠮᠬᠢᠳᠭᠡᠨ ᠨᠢᠭᠡᠳᠭᠡᠵᠦ ᠭᠡᠵᠢᠶ᠎ᠠ ᠬᠤᠶᠢᠨ᠎ᠠ ᠲᠤᠰᠬᠠᠢ ᠴᠠᠭ ᠵᠠᠷᠤᠴᠠᠭᠤᠯᠵᠤ

ᠲᠠᠬᠢᠵᠤ ᠬᠢᠯᠭᠡᠳᠡᠭ᠃ ᠡᠨᠡ ᠠᠷᠭ᠎ᠠ ᠮᠠᠰᠢ ᠰᠠᠶᠢᠨ᠃ ᠭᠡᠤᠭᠡᠳ ᠤᠨ ᠰᠤᠷᠤᠯᠭ᠎ᠠ ᠶᠢᠨ ᠬᠢᠷᠢ ᠲᠦᠪᠰᠢᠨ ᠤ

ᠲᠡᠭᠡᠭᠰᠢᠯᠠᠯᠳᠠ ᠳᠤ ᠲᠦᠯᠬᠢᠴᠠ ᠶᠢᠨ ᠦᠢᠯᠠᠳᠤᠯ ᠦᠵᠠᠭᠦᠯᠳᠡᠭ᠃ ᠰᠢᠯᠭᠠᠯᠳᠠ ᠶᠢᠨ ᠬᠢᠷᠢ ᠪᠦᠳᠤᠮᠵᠢ ᠶᠡᠷᠦ ᠨᠢ

ᠤᠯᠠᠨ ᠵᠦᠢᠯ ᠤᠨ ᠨᠦᠯᠦᠭᠡ ᠶᠢ ᠭᠦᠷᠳᠡᠳᠡᠭ᠃ ᠬᠢᠷᠢ ᠪᠦᠳᠤᠮᠵᠢ ᠨᠢ ᠠᠨᠠᠢ ᠪᠤᠯᠤᠯ᠎ᠠ ᠭᠡᠳ ᠬᠢᠷᠢ ᠲᠦᠪᠰᠢᠨ ᠨᠢ

ᠲᠤᠷᠤᠭᠰᠢᠯᠠᠳᠠᠬ ᠦᠭᠡᠢ᠂ ᠰᠠᠶᠢᠨ ᠰᠢᠯᠭᠠᠯ᠎ᠠ ᠭᠡᠳ ᠬᠢᠷᠢ ᠲᠦᠪᠰᠢᠨ ᠨᠢ ᠦᠨᠳᠤᠷᠵᠢᠳᠡᠭ ᠪᠢᠰᠢ ᠶᠤᠮ᠃ ᠲᠤᠰᠬᠠᠢ

ᠮᠠᠷᠭᠡᠵᠢᠯ ᠤᠨ ᠡᠭᠦᠳᠠᠨ ᠠᠴᠠ ᠭᠡᠯᠡᠪᠡᠯ ᠰᠢᠯᠭᠠᠯᠳᠠ ᠶᠢᠨ ᠬᠢᠷᠢ ᠪᠦᠳᠤᠮᠵᠢ ᠪᠠ ᠬᠢᠴᠢᠶᠡᠯ ᠲᠦᠷᠤᠯ ᠤᠨ ᠬᠢᠷᠢ

ᠲᠦᠪᠰᠢᠨ ᠤ ᠬᠠᠷᠢᠴᠠᠭ᠎ᠠ ᠪᠦᠷᠢᠳᠭᠡᠯ ᠳᠠᠬᠢ ᠲᠠᠪᠳᠠᠮᠵᠢ ᠪᠠ ᠲᠤᠬᠢᠶᠠᠯᠳᠤᠮᠵᠢ ᠶᠢᠨ ᠬᠠᠷᠢᠴᠠᠭ᠎ᠠ ᠲᠠᠢ ᠲᠦᠰᠦᠷᠭᠦᠦ

ᠪᠠᠶᠢᠳᠠᠬ᠃ ᠭᠡᠷ ᠤᠨ ᠠᠬᠠᠮᠠᠳ ᠲᠤ ᠰᠠᠨᠠᠭᠤᠯᠬᠤ ᠪᠠᠰᠠ ᠨᠢᠭᠡ ᠵᠦᠢᠯ ᠭᠡᠪᠡᠯ ᠭᠡᠤᠭᠡᠳ ᠤᠨ ᠢᠶᠠᠨ ᠲᠤᠳᠠᠭᠳᠠᠯ ᠢ

ᠦᠭᠡᠷ᠎ᠠ ᠭᠡᠤᠭᠡᠳ ᠤᠨ ᠲᠠᠪᠠᠭᠤᠯᠢᠬ ᠲᠠᠢ ᠬᠠᠷᠢᠴᠠᠭᠤᠯᠤᠨ ᠠᠳᠠᠯᠢᠳᠬᠠᠵᠤ ᠵᠢᠮᠡᠯᠡᠭᠦ ᠶᠢ ᠡᠷᠡᠰ ᠴᠡᠭᠡᠷᠯᠡᠭᠦ          

ᠭᠡᠷᠡᠭᠳᠠᠢ᠃ ᠡᠨᠡ ᠮᠠᠳᠤ ᠶᠢᠨ ᠵᠢᠮᠠᠯᠠᠯ ᠭᠡᠤᠭᠡᠳ ᠤᠨ ᠢᠶᠠᠨ ᠨᠠᠷ᠎ᠠ ᠭᠦᠨᠳᠤ ᠶᠢ ᠭᠤᠳᠤᠭᠠᠬᠤ ᠲᠠᠳᠤᠢ ᠪᠢᠰᠢ᠂ ᠭᠡᠢ

ᠮᠤᠷᠢ ᠶᠢ ᠨᠢ ᠴᠤ ᠭᠡᠪᠳᠠᠭᠦᠯᠵᠤ ᠮᠠᠳᠠᠨ᠎ᠠ᠃ ᠭᠡᠤᠭᠡᠳ ᠲᠤ ᠪᠠᠨ ᠢᠳᠡᠭᠡᠯ ᠤᠯᠭᠤᠬᠤ ᠨᠢ ᠲᠡᠭᠡᠭᠡᠷ᠎ᠠ ᠲᠠᠷᠤᠭᠠᠰᠤ

ᠦᠭᠭᠦ ᠠᠴᠠ ᠭᠡᠮᠵᠢᠶᠠᠯᠠᠰᠢ ᠦᠭᠡᠢ ᠰᠠᠶᠢᠨ ᠶᠤᠮ᠃ ᠠᠮᠢᠳᠤᠷᠠᠯ ᠳᠤ ᠢᠳᠡᠭᠡᠯ ᠠᠯᠳᠠᠭᠰᠠᠨ ᠭᠦᠮᠦᠨ ᠢ ᠪᠤᠷᠬᠠᠨ ᠲᠡᠭᠷᠢ

ᠴᠤ ᠠᠪᠤᠷᠠᠵᠤ ᠲᠠᠶᠢᠯᠳᠡᠭ ᠦᠭᠡᠢ ᠳᠤ᠂ ᠢᠷᠡᠭᠡᠳᠤᠢ ᠳᠤ ᠪᠠᠨ ᠢᠳᠡᠭᠡᠯ ᠲᠠᠢ ᠭᠦᠮᠦᠨ ᠢ ᠴᠢᠳᠭᠦᠷ ᠰᠢᠮᠨᠤᠰ ᠴᠤ

ᠬᠤᠤᠷᠯᠠᠵᠤ ᠲᠠᠶᠢᠯᠳᠡᠭ ᠦᠭᠡᠢ ᠳ᠋ᠠ᠃ ᠭᠡᠤᠭᠡᠳ ᠤᠳ ᠵᠢᠪᠬᠤᠭᠠᠯᠢᠬ᠂ ᠪᠠᠶ᠎ᠠ ᠳᠤ ᠪᠠᠨ ᠢᠳᠡᠭᠡᠯ ᠲᠠᠢ ᠪᠤᠯᠴᠢᠬᠠᠪᠠᠯ

ᠶᠠᠮᠠᠷᠪᠠ ᠨᠤᠭᠤᠷᠠᠯ ᠪᠦᠳᠦᠷᠢᠯ᠂ ᠭᠦᠴᠢᠷ ᠪᠡᠷᠭᠡ ᠶᠢ ᠢᠯᠠ ᠲᠠᠪᠠᠵᠤ ᠲᠠᠶᠢᠯᠭᠦ ᠡᠷᠡᠮᠡᠭᠡᠢ ᠵᠤᠷᠢᠭ ᠲᠠᠢ ᠪᠤᠯᠵᠤ

ᠭᠦᠮᠦᠵᠢᠭᠳᠡᠭᠦ ᠶᠤᠮ᠃ ᠰᠤᠷᠤᠯᠭ᠎ᠠ ᠨᠢ ᠡᠩ ᠶᠡᠷᠦᠮᠳᠡᠭ ᠪᠠᠶᠢᠯ᠎ᠠ ᠴᠤ ᠬᠤᠶᠢᠰᠢᠳᠠ ᠶᠢᠨ ᠭᠦᠭᠵᠢᠯᠳᠠ ᠨᠢ ᠬᠠᠷᠢᠨ

ᠶᠡᠭᠡ ᠤᠷᠤᠨ ᠵᠠᠢ ᠲᠠᠢ ᠪᠠᠶᠢᠵᠤ ᠮᠠᠳᠠᠭᠦ ᠶᠤᠮ᠃ ᠡᠭᠦᠨ ᠢ ᠲᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠬᠠᠮᠤᠭ ᠤᠨ

ᠲᠤᠳᠤᠷᠬᠠᠢ ᠮᠠᠳᠠᠨ᠎ᠠ᠃ ᠭᠦᠮᠦᠨ ᠤ ᠠᠮᠢᠳᠤᠷᠠᠯ ᠭᠡᠭᠴᠢ ᠶᠠᠬ ᠬᠤᠯᠠ ᠵᠠᠮ ᠤᠨ ᠠᠶᠠᠨ ᠭᠦᠭᠡᠭᠡᠵᠦ ᠪᠠᠶᠢᠭ᠎ᠠ ᠲᠠᠢ

ᠠᠳᠠᠯᠢ᠃ ᠠᠯᠬᠤᠵᠤ ᠯᠡ ᠪᠠᠶᠢᠪᠠᠯ ᠴᠠᠭ ᠢᠮᠠᠭᠳᠠ ᠲᠦᠮᠠ ᠪᠤᠮᠠᠨ ᠭᠦᠮᠦᠨ ᠢ ᠲᠠᠪᠠᠨ᠎ᠠ᠂ ᠭᠡᠳᠡᠯ᠎ᠠ ᠠᠯᠬᠤᠬᠤ ᠪᠠᠨ

ᠵᠤᠭᠰᠤᠬᠤ ᠳᠤ ᠭᠦᠷᠪᠡᠯ ᠭᠡᠳᠡᠷᠭᠦ ᠪᠠᠨ ᠬᠠᠷᠢᠨ ᠴᠠᠭ ᠢᠮᠠᠭᠳᠠ ᠲᠦᠮᠠ ᠪᠤᠮᠠᠨ ᠭᠦᠮᠦᠨ ᠳᠤ ᠲᠠᠪᠠᠭᠳᠠᠨ᠎ᠠ᠃ ᠲᠠᠶᠢᠮᠦ

ᠦᠭᠡᠢ ᠤᠤ︖

      ᠰᠤᠷᠤᠭᠰᠠᠨ ᠢᠶᠠᠨ ᠪᠠᠳᠤᠳᠬᠠᠬᠤ ᠳᠤ ᠲᠠᠰᠬᠠᠯ ᠲᠠᠭᠠᠭᠠᠯᠭᠠᠪᠤᠷᠢ ᠶᠢᠨ ᠦᠢᠯᠠᠳᠤᠯ ᠢ ᠤᠮᠳᠤᠭᠠᠢᠢᠯᠠᠵᠤ ᠪᠤᠯᠤᠰᠢ

ᠦᠭᠡᠢ᠃ ᠲᠠᠰᠬᠠᠯ ᠢᠶᠠᠨ ᠬᠠᠰᠢ ᠶᠠᠰᠢ ᠬᠢᠭᠦ᠂ ᠲᠤᠳᠠᠭᠤ ᠲᠤᠷᠭᠤᠨ ᠬᠢᠭᠦ᠂ ᠠᠯᠪᠠ ᠬᠠᠰᠢᠬᠤ ᠶᠢᠨ ᠲᠦᠯᠦᠭᠡ ᠬᠢᠪᠡᠯ

ᠰᠤᠷᠤᠭᠰᠠᠨ ᠢᠶᠠᠨ ᠪᠠᠳᠤᠳᠬᠠᠬᠤ ᠲᠤᠬᠢᠶᠠᠯ ᠢᠶᠠᠨ ᠠᠶᠠᠨᠳᠠᠭᠠᠨ ᠤᠷᠬᠢᠵᠤ ᠪᠠᠶᠢᠭ᠎ᠠ ᠪᠠᠷ ᠪᠠᠷᠠᠬᠤ ᠦᠭᠡᠢ ᠲᠠᠷᠠᠭ᠎ᠠ

ᠰᠤᠷᠬᠤ ᠠᠭᠤᠯᠭ᠎ᠠ ᠪᠠᠨ ᠴᠤ ᠨᠦᠯᠦᠭᠡᠯᠡᠵᠦ ᠪᠠᠶᠢᠭ᠎ᠠ ᠶᠤᠮ᠃ ᠭᠡᠤᠭᠡᠳ ᠤᠨ ᠰᠤᠷᠤᠯᠭ᠎ᠠ ᠶᠢᠨ ᠬᠢᠷᠢ ᠲᠦᠪᠰᠢᠨ ᠤ

ᠵᠦᠷᠢᠶ᠎ᠠ ᠶᠡᠷᠦ ᠨᠢ ᠲᠠᠰᠬᠠᠯ ᠲᠠᠭᠠᠭᠠᠯᠭᠠᠪᠤᠷᠢ ᠪᠠᠨ ᠪᠠᠶᠠᠯᠠᠭᠦᠯᠭᠦ ᠠᠴᠠ ᠡᠬᠢᠯᠡᠵᠦ ᠭᠠᠷᠳᠠᠬ᠃ ᠲᠠᠰᠬᠠᠯ

ᠲᠠᠭᠠᠭᠠᠯᠭᠠᠪᠤᠷᠢ ᠪᠠᠨ ᠪᠦᠷᠢᠨ᠂ ᠲᠦᠷᠢᠮᠵᠢᠭᠦᠨ᠂ ᠴᠠᠪᠠᠷ ᠴᠠᠮᠴᠡᠭᠡᠷ ᠬᠢᠭᠰᠡᠳ ᠤᠨ ᠬᠢᠴᠢᠶᠡᠯ ᠲᠦᠷᠤᠯ ᠤᠨ ᠬᠢᠷᠢ

ᠲᠦᠪᠰᠢᠨ ᠨᠢ ᠲᠠᠰᠤᠷᠠᠯᠳᠠ ᠦᠭᠡᠢ ᠦᠨᠳᠤᠷᠵᠢᠳᠡᠭ᠃ ᠲᠤᠭᠠᠨ ᠤ ᠤᠬᠠᠭᠠᠨ ᠤ ᠰᠤᠷᠬᠤ ᠪᠢᠴᠢᠭ ᠲᠤ ᠵᠢᠱᠢᠶ᠎ᠠ

ᠰᠠᠳᠤᠪ᠂ ᠪᠤᠯᠪᠠᠰᠤᠷᠠᠯ ᠤᠨ ᠰᠠᠳᠤᠪ᠂ ᠲᠠᠰᠬᠠᠯ ᠤᠨ ᠰᠠᠳᠤᠪ᠂ ᠲᠠᠪᠳᠠᠯᠭ᠎ᠠ ᠯᠠᠪᠯᠠᠯᠳᠠ ᠶᠢᠨ ᠰᠠᠳᠤᠪ ᠬᠡᠵᠤ          

ᠪᠤᠢ᠃ ᠡᠨᠡ ᠲᠦᠷᠪᠡᠨ ᠲᠦᠷᠤᠯ ᠭᠡᠯᠪᠠᠷᠢ ᠶᠢᠨ ᠰᠠᠳᠤᠪ ᠤᠨ ᠦᠢᠯᠠᠳᠤᠯ᠂ ᠱᠠᠭᠠᠷᠳᠠᠯᠭ᠎ᠠ ᠨᠢ ᠠᠳᠠᠯᠢ ᠦᠭᠡᠢ ᠪᠠᠷ

ᠪᠠᠷᠠᠬᠤ ᠦᠭᠡᠢ ᠬᠢᠭᠦ ᠤᠷᠤᠨ ᠵᠠᠢ ᠨᠢ ᠴᠤ ᠠᠳᠠᠯᠢ ᠪᠤᠰᠤ ᠪᠠᠶᠢᠳᠠᠬ᠃ ᠭᠡᠷᠪᠡ ᠪᠦᠷᠢᠮᠤᠰᠤᠨ ᠠᠳᠠᠯᠢ ᠪᠤᠯ ᠠᠩᠬᠢᠯᠠᠬᠤ

ᠴᠢᠬᠤᠯᠠ ᠦᠭᠡᠢ᠂ ᠰᠠᠳᠤᠪ ᠬᠢᠪᠡᠯ ᠪᠤᠯᠴᠢᠬᠠᠬᠤ ᠪᠢᠰᠢᠤ︕ ᠪᠤᠳᠤᠵᠤ ᠬᠠᠷᠢᠭᠤᠯᠬᠤ ᠵᠢᠱᠢᠶ᠎ᠠ ᠰᠠᠳᠤᠪ ᠪᠤᠯ

ᠲᠤᠭᠠᠨ ᠤ ᠤᠬᠠᠭᠠᠨ ᠤ ᠰᠠᠳᠤᠪ ᠢ ᠲᠦᠷᠢᠮᠵᠢᠭᠦᠨ ᠪᠤᠳᠤᠵᠤ ᠬᠠᠷᠢᠭᠤᠯᠬᠤ ᠦᠯᠢᠭᠡᠷ ᠬᠠᠪᠳᠠᠰᠤ ᠶᠤᠮ᠃ ᠲᠠᠷᠠ ᠨᠢ

ᠰᠤᠷᠤᠭᠴᠢᠳ ᠲᠤ ᠰᠠᠳᠤᠪ ᠪᠤᠳᠤᠬᠤ ᠰᠲ᠋ᠢᠯᠢ ᠬᠠᠨᠭ᠍ᠭᠠᠨ᠎ᠠ᠃ ᠰᠤᠷᠤᠭᠰᠠᠨ ᠮᠠᠳᠠᠯᠭᠡ ᠪᠠᠨ ᠤᠢᠢᠯᠠᠭᠠᠵᠤ ᠡᠵᠡᠮᠰᠢᠭᠦ ᠳᠤ

ᠵᠢᠱᠢᠶ᠎ᠠ ᠰᠠᠳᠤᠪ ᠢᠶᠠᠨ ᠦᠵᠠᠨ᠎ᠠ᠂ ᠰᠠᠳᠤᠪ ᠪᠤᠳᠤᠬᠤ ᠶᠠᠪᠤᠴᠠ ᠶᠢ ᠲᠦᠷᠢᠮᠵᠢᠭᠦᠨ ᠪᠢᠴᠢᠭᠦ ᠳᠤ ᠵᠢᠱᠢᠶ᠎ᠠ

ᠰᠠᠳᠤᠪ ᠢᠶᠠᠨ ᠯᠠᠪᠯᠠᠨ᠎ᠠ᠂ ᠪᠦᠭᠦ ᠨᠤᠮ ᠤᠨ ᠠᠭᠤᠯᠭ᠎ᠠ ᠪᠠᠨ ᠲᠠᠪᠳᠠᠬᠤ ᠳᠤ ᠵᠢᠱᠢᠶ᠎ᠠ ᠰᠠᠳᠤᠪ ᠢᠶᠠᠷ          

ᠭᠤᠤᠯᠳᠠᠭᠤᠯᠤᠨ᠎ᠠ᠃ ᠭᠡᠤᠭᠡᠳ ᠤᠳ ᠵᠢᠱᠢᠶ᠎ᠠ ᠰᠠᠳᠤᠪ ᠢᠶᠠᠨ ᠬᠢᠵᠤ ᠴᠢᠳᠠᠬᠤ ᠦᠭᠡᠢ ᠪᠠᠶᠢᠪᠠᠯ᠂ ᠰᠤᠷᠤᠭᠰᠠᠨ

ᠠᠭᠤᠯᠭ᠎ᠠ ᠪᠠᠨ ᠪᠦᠷᠢᠨ ᠤᠢᠢᠯᠠᠭᠠᠵᠤ ᠲᠦᠢᠯᠪᠤᠷᠢᠳᠠᠢ ᠡᠵᠡᠮᠰᠢᠵᠤ ᠲᠠᠶᠢᠯᠦᠭᠰᠡᠨ ᠦᠭᠡᠢ ᠶᠤᠮ᠃ ᠪᠠᠭᠰᠢ ᠪᠠ ᠭᠡᠷ ᠤᠨ

ᠠᠬᠠᠮᠠᠳ ᠠᠩᠬᠠᠷᠤᠯ ᠳᠤ ᠪᠠᠨ ᠠᠪᠴᠤ ᠭᠦᠨᠳᠤᠳᠭᠡᠨ ᠦᠵᠠᠭᠦ ᠭᠡᠷᠡᠭᠳᠠᠢ᠃ ᠨᠡᠩ ᠰᠢᠢᠳᠪᠤᠷᠢᠯᠡᠭᠦ ᠠᠷᠭ᠎ᠠ ᠠᠪᠴᠠᠯ

ᠠᠪᠬᠤ ᠭᠡᠷᠡᠭᠳᠠᠢ᠃ ᠪᠤᠯᠪᠠᠰᠤᠷᠠᠯ ᠤᠨ ᠰᠠᠳᠤᠪ ᠢ ᠭᠤᠤᠯᠳᠠᠭᠤ ᠰᠤᠷᠤᠭᠴᠢᠳ ᠤᠨ ᠰᠤᠷᠤᠭᠰᠠᠨ ᠠᠭᠤᠯᠭ᠎ᠠ ᠪᠠᠨ ᠬᠢᠷᠢ

ᠵᠡᠷᠭᠡ ᠤᠢᠢᠯᠠᠭᠠᠵᠤ ᠡᠵᠡᠮᠰᠢᠭᠰᠡᠨ ᠢ ᠨᠢ ᠪᠠᠶᠢᠴᠠᠭᠠᠵᠤ ᠮᠠᠳᠠᠭᠦ ᠪᠠ ᠪᠠᠳᠤᠳᠬᠠᠬᠤ ᠳᠤ ᠵᠤᠷᠢᠭᠤᠯᠵᠠᠢ᠃ ᠠᠯᠢ

ᠴᠢᠳᠠᠬᠤ ᠪᠠᠷ ᠭᠡᠤᠭᠡᠳ ᠤᠨ ᠪᠤᠰᠢᠭᠤ ᠲᠦᠷᠭᠡᠨ᠂ ᠵᠦᠪ ᠤᠨᠤᠪᠴᠢᠳᠠᠢ ᠪᠤᠳᠤᠬᠤ ᠶᠢ ᠱᠠᠭᠠᠷᠳᠠᠨ᠎ᠠ᠃ ᠰᠤᠷᠤᠭᠴᠢᠳ

ᠪᠤᠯᠪᠠᠰᠤᠷᠠᠯ ᠤᠨ ᠰᠠᠳᠤᠪ ᠬᠢᠴᠢᠭᠡᠭᠡᠳ ᠰᠤᠷᠤᠭᠰᠠᠨ ᠢᠶᠠᠨ ᠪᠠᠳᠤᠳᠬᠠᠵᠤ ᠪᠠᠬᠢᠵᠢᠭᠦᠯᠵᠤ ᠲᠡᠶᠢᠯᠦᠭᠰᠡᠨ ᠦᠭᠡᠢ ᠪᠠᠶᠢᠵᠤ

ᠮᠠᠳᠠᠨ᠎ᠠ᠂ ᠰᠠᠳᠤᠪ ᠪᠤᠳᠤᠬᠤ ᠰᠲ᠋ᠢᠯᠢ ᠳᠤ ᠨᠢ ᠪᠤᠯᠪᠠᠰᠤᠷᠠᠩᠭᠤᠢ ᠪᠤᠯᠤᠭᠠᠳᠤᠢ ᠪᠠᠶᠢᠵᠤ ᠮᠠᠳᠠᠨ᠎ᠠ᠃ ᠡᠨᠡ ᠭᠦ

ᠲᠤᠳᠠᠭᠳᠠᠯ ᠪᠤᠶᠤ ᠦᠯᠠᠳᠡᠭᠳᠡᠯ ᠢ ᠲᠠᠰᠬᠠᠯ ᠢᠶᠠᠷ ᠨᠦᠭᠦᠪᠤᠷᠢᠯᠡᠳᠡᠭ᠃ ᠵᠢᠱᠢᠶ᠎ᠠ ᠰᠠᠳᠤᠪ ᠢ ᠪᠤᠳᠤᠭᠰᠠᠨ ᠰᠲ᠋ᠢᠯᠢ ᠢᠶᠠᠷ

ᠲᠠᠰᠬᠠᠯ ᠢᠶᠠᠨ ᠨᠠᠷᠢᠨ ᠬᠢᠨᠠᠮᠠᠭᠠᠢ ᠪᠠᠶᠠᠯᠠᠭᠦᠯᠵᠤ ᠰᠤᠷᠤᠭᠰᠠᠨ ᠮᠠᠳᠠᠯᠭᠡ ᠪᠠᠨ ᠤᠯᠠᠮ ᠨᠢᠭᠡ ᠠᠯᠬᠤᠮ ᠪᠠᠳᠤᠳᠬᠠᠵᠤ

ᠪᠠᠬᠢᠵᠢᠭᠦᠯᠦᠨ᠎ᠠ᠃ ᠲᠠᠪᠳᠠᠯᠭ᠎ᠠ ᠯᠠᠪᠯᠠᠯᠳᠠ ᠶᠢᠨ ᠰᠠᠳᠤᠪ ᠢ ᠭᠤᠤᠯᠳᠠᠭᠤ ᠨᠢᠭᠡ ᠪᠦᠯᠦᠭ ᠤᠨ ᠠᠭᠤᠯᠭ᠎ᠠ ᠪᠠᠨ ᠰᠤᠷᠴᠤ

ᠪᠠᠷᠠᠭᠰᠠᠨ ᠤ ᠲᠠᠷᠠᠭ᠎ᠠ ᠲᠠᠪᠳᠠᠯᠭ᠎ᠠ ᠪᠤᠯᠪᠠᠰᠤᠷᠠᠯ ᠬᠢᠭᠦ ᠳᠤ ᠵᠤᠷᠢᠭᠤᠯᠵᠠᠢ᠃ ᠲᠠᠪᠳᠠᠯᠭ᠎ᠠ ᠯᠠᠪᠯᠠᠯᠳᠠ ᠶᠢᠨ ᠰᠠᠳᠤᠪ ᠢ

ᠬᠢᠭᠦ ᠳᠤ ᠰᠡᠳᠬᠢᠮᠵᠢ ᠶᠢᠨ ᠲᠠᠯ᠎ᠠ ᠪᠠᠷ ᠢᠯᠠᠭᠦᠦ ᠠᠩᠬᠠᠷᠤᠨ᠎ᠠ᠃ ᠦᠭᠡᠷ᠎ᠠ ᠪᠠᠷ ᠭᠡᠯᠡᠪᠡᠯ ᠶᠠᠭᠠᠬᠢᠵᠤ ᠬᠢᠨ᠎ᠠ ᠤᠤ᠂

ᠭᠡᠳᠤᠢ ᠵᠦᠢᠯ ᠤᠨ ᠠᠷᠭ᠎ᠠ ᠪᠠᠷ ᠬᠢᠵᠤ ᠲᠠᠶᠢᠯᠤᠨ᠎ᠠ ᠤᠤ᠂ ᠠᠯᠢ ᠵᠦᠢᠯ ᠤᠨ ᠠᠷᠭ᠎ᠠ ᠨᠢ ᠤᠢᠢᠯᠠᠭᠠᠮᠵᠢᠳᠠᠢ ᠪᠤᠢ᠂           

ᠠᠯᠢ ᠵᠦᠢᠯ ᠤᠨ ᠠᠷᠭ᠎ᠠ ᠨᠢ ᠬᠢᠭᠦ ᠳᠤ ᠠᠮᠠᠷᠬᠠᠨ ᠪᠤᠢ︖ ᠭᠡᠭᠦ ᠮᠠᠳᠤ ᠤᠯᠠᠨ ᠲᠠᠯ᠎ᠠ ᠪᠠᠷ ᠰᠡᠳᠬᠢᠨ          

ᠪᠤᠳᠤᠯᠬᠢᠯᠠᠨ᠎ᠠ᠃ ᠴᠢᠨᠠᠭᠰᠢᠯᠠᠨ ᠦᠷᠭᠡᠳᠭᠡᠭᠦ ᠲᠠᠯ᠎ᠠ ᠪᠠᠷ ᠴᠤ ᠰᠡᠳᠬᠢᠵᠤ ᠪᠤᠯᠬᠤ ᠶᠤᠮ᠃ ᠵᠠᠷᠢᠮ ᠦᠶᠠᠰ

ᠤᠳᠤᠬᠢᠴᠢᠯᠠᠭᠰᠠᠨ ᠪᠠᠭᠠᠵᠢ ᠪᠤᠶᠤ ᠲᠤᠨᠤᠬ ᠲᠦᠭᠦᠭᠡᠷᠤᠮᠵᠢ  ᠳᠤ ᠲᠦᠰᠢᠭᠯᠡᠨ ᠪᠤᠳᠤᠵᠤ ᠬᠠᠷᠢᠭᠤᠯᠬᠤ ᠪᠤᠶᠤ ᠬᠠᠶᠢᠨ

ᠰᠦᠪᠡᠭᠴᠢᠯᠠᠯᠳᠠ ᠬᠢᠭᠦ ᠴᠢᠬᠤᠯᠠ ᠪᠤᠢ᠃ ᠰᠦᠯᠵᠢᠶᠠᠨ ᠳᠡᠭᠡᠷ᠎ᠠ ᠬᠠᠶᠢᠬᠤ ᠶᠢ ᠬᠠᠶᠠ ᠰᠤᠷᠤᠯᠴᠠᠯᠭ᠎ᠠ  ᠳᠤ ᠪᠠᠨ

ᠭᠡᠷᠡᠭᠯᠡᠨ᠎ᠠ᠃ ᠶᠡᠷᠦ ᠳᠤ ᠪᠠᠨ ᠵᠢᠱᠢᠶ᠎ᠠ᠂ ᠪᠤᠯᠪᠠᠰᠤᠷᠠᠯ ᠢ ᠬᠢᠴᠢᠶᠡᠯ ᠤᠨ ᠲᠠᠩᠬᠢᠮ ᠳᠤ ᠰᠢᠢᠳᠪᠤᠷᠢᠯᠡᠵᠤ᠂ ᠲᠠᠰᠬᠠᠯ᠂

ᠲᠠᠪᠳᠠᠯᠭ᠎ᠠ ᠯᠠᠪᠯᠠᠯᠳᠠ ᠶᠢᠨ ᠰᠠᠳᠤᠪ ᠢ ᠰᠤᠯᠠ ᠰᠠᠯᠠᠭᠦᠦ ᠴᠠᠭ ᠢᠶᠠᠷ ᠢᠶᠠᠨ ᠪᠠᠶᠠᠯᠠᠭᠦᠯᠳᠡᠭ᠃ ᠤᠯᠠᠩᠬᠢ ᠰᠤᠷᠤᠭᠴᠢ

ᠲᠠᠰᠬᠠᠯ ᠢᠶᠠᠨ ᠭᠡᠷ ᠲᠤ ᠪᠠᠨ ᠬᠠᠷᠢᠭᠰᠠᠨ ᠤ ᠲᠠᠷᠠᠭ᠎ᠠ ᠬᠢᠵᠤ ᠪᠠᠷᠠᠭᠠᠳᠠᠬ᠃ ᠭᠡᠷ ᠤᠨ ᠠᠬᠠᠮᠠᠳ ᠲᠤ ᠠᠪᠴᠤ ᠭᠡᠯᠡᠪᠡᠯ

ᠭᠡᠤᠭᠡᠳ ᠤᠨ ᠢᠶᠠᠨ ᠰᠤᠷᠭᠠᠭᠤᠯᠢ ᠳᠤ ᠪᠠᠨ ᠰᠤᠷᠤᠭᠰᠠᠨ ᠢ ᠨᠢ ᠤᠢᠢᠯᠠᠭᠠᠵᠤ ᠮᠠᠳᠠᠨ᠎ᠠ᠂ ᠬᠢᠭᠰᠡᠨ  ᠢ ᠨᠢ ᠬᠢᠨᠠᠵᠤ

ᠪᠠᠶᠢᠴᠠᠭᠠᠨ᠎ᠠ᠃ ᠲᠤᠳᠠᠭᠤ ᠲᠤᠷᠭᠤᠨ ᠬᠢᠭᠰᠡᠨ ᠪᠤᠶᠤ ᠬᠢᠭᠰᠡᠨ ᠦᠭᠡᠢ ᠤᠷᠬᠢᠭᠳᠠᠭᠤᠯᠤᠭᠰᠠᠨ ᠰᠠᠳᠤᠪ ᠪᠠᠶᠢᠪᠠᠯ

ᠦᠪᠠᠷ ᠢᠶᠠᠷ ᠨᠢ ᠨᠦᠭᠦᠪᠤᠷᠢᠯᠡᠭᠦᠯᠭᠦ ᠪᠤᠶᠤ ᠬᠢᠯᠭᠡᠨ᠎ᠠ᠃ ᠰᠤᠷᠤᠭᠰᠠᠨ ᠳᠤ ᠪᠠᠨ ᠮᠠᠳᠠᠬ ᠰᠡᠵᠢᠭ ᠲᠠᠢ ᠪᠤᠶᠤ ᠮᠠᠳᠠᠭᠦ

ᠦᠭᠡᠢ ᠴᠢᠳᠠᠬᠤ ᠦᠭᠡᠢ ᠵᠦᠢᠯᠠᠰ ᠪᠠᠶᠢᠪᠠᠯ ᠬᠠᠪᠰᠤᠷᠴᠤ ᠬᠠᠮᠵᠢᠯᠴᠠᠬᠤ ᠪᠤᠶᠤ ᠵᠢᠭᠠᠨ ᠵᠢᠯᠤᠭᠤᠳᠤᠨ᠎ᠠ᠃ ᠭᠡᠷ ᠤᠨ

ᠠᠬᠠᠮᠠᠳ ᠬᠠᠪᠰᠤᠷᠴᠤ ᠬᠠᠮᠵᠢᠯᠴᠠᠬᠤ ᠭᠡᠳᠡᠭ ᠨᠢ ᠭᠡᠷ ᠤᠨ ᠠᠬᠠᠮᠠᠳ ᠦᠪᠠᠷᠳᠡᠭᠡᠨ ᠮᠠᠳᠠᠭᠦ ᠦᠭᠡᠢ ᠴᠢᠳᠠᠬᠤ ᠦᠭᠡᠢ

ᠪᠤᠶᠤ ᠮᠠᠳᠠᠬ ᠰᠡᠵᠢᠭ ᠲᠠᠢ ᠦᠶᠠᠰ ᠭᠡᠤᠭᠡᠳ ᠲᠠᠢ ᠪᠠᠨ ᠶᠠᠭᠠᠬᠢᠵᠤ ᠰᠢᠢᠳᠪᠤᠷᠢᠯᠡᠭᠦ ᠪᠠᠨ ᠵᠦᠪᠳᠠᠯᠴᠠᠭᠦ᠂

ᠰᠦᠯᠵᠢᠶᠡᠨ ᠳᠤ ᠭᠠᠷᠴᠤ ᠬᠠᠶᠢᠵᠤ ᠦᠭᠭᠦ᠂ ᠪᠠᠭᠰᠢ ᠲᠠᠢ ᠬᠤᠯᠪᠤᠭ᠎ᠠ ᠠᠪᠴᠤ ᠶᠠᠭᠠᠬᠢᠬᠤ ᠪᠠᠨ ᠵᠦᠪᠳᠠᠭᠦ          

ᠵᠡᠷᠭᠡ ᠶᠢ ᠭᠡᠯᠡᠵᠦ ᠪᠠᠶᠢᠭ᠎ᠠ ᠶᠤᠮ᠃ ᠲᠠᠰᠬᠠᠯ ᠢ ᠪᠤᠯ ᠪᠠᠶ᠎ᠠ ᠶᠢ ᠨᠢ ᠲᠠᠭᠠᠭᠠᠯᠭᠠᠵᠤ ᠦᠪᠠᠷ ᠢᠶᠠᠷ ᠨᠢ          

ᠪᠠᠶᠠᠯᠠᠭᠦᠯᠦᠨ᠎ᠠ᠃ ᠰᠤᠷᠤᠭᠴᠢᠳ ᠪᠠᠶ᠎ᠠ ᠪᠠᠨ ᠲᠠᠭᠠᠭᠠᠵᠤ ᠲᠠᠰᠬᠠᠯ ᠲᠠᠭᠠᠭᠠᠯᠭᠠᠪᠤᠷᠢ ᠪᠠᠨ ᠪᠠᠶᠠᠯᠠᠭᠦᠯᠭᠦ ᠲᠠᠳᠬᠠᠯ ᠲᠠᠢ

ᠪᠤᠯᠴᠢᠬᠠᠪᠠᠯ ᠬᠢᠴᠢᠶᠡᠯ ᠰᠤᠷᠤᠯᠭ᠎ᠠ ᠲᠡᠭᠡᠷ᠎ᠠ ᠪᠠᠨ ᠭᠡᠷ ᠤᠨ ᠠᠬᠠᠮᠠᠳ ᠢ ᠵᠤᠪᠠᠭᠠᠬᠤ ᠦᠭᠡᠢ ᠪᠤᠯᠴᠢᠬᠠᠬᠤ          

ᠶᠤᠮ᠃ ᠦᠪᠠᠷ ᠤᠨ ᠭᠡᠰᠡᠨ ᠰᠠᠶᠢᠨ ᠰᠠᠶᠢᠬᠠᠨ ᠰᠤᠷᠤᠯᠴᠠᠬᠤ ᠤᠪᠤᠷ ᠰᠤᠷᠳᠠᠯ ᠲᠠᠢ ᠴᠤ ᠪᠤᠯᠴᠢᠬᠠᠬᠤ ᠶᠤᠮ᠃

      ᠲᠤᠭᠠᠨ ᠤ ᠤᠬᠠᠭᠠᠨ ᠤ ᠰᠤᠷᠤᠯᠴᠠᠯᠭ᠎ᠠ ᠳᠤ ᠶᠡᠷᠦ ᠨᠢ ᠨᠢᠭᠡ ᠲᠠᠪᠳᠠᠷ ᠲᠠᠭᠠᠯᠳᠠ ᠪᠤᠯᠪᠠᠰᠤᠷᠠᠯ ᠤᠨ ᠨᠤᠮ

ᠪᠠᠶᠢᠳᠠᠬ᠃ ᠲᠡᠭᠦᠨ ᠢ ᠵᠢᠭᠠᠭᠴᠢ ᠪᠠᠭᠰᠢ ᠠᠮᠢᠳᠤᠯᠢᠬ ᠲᠤᠬᠢᠷᠠᠭᠤᠯᠳᠠᠬ᠃ ᠵᠠᠷᠢᠮ ᠳᠤ ᠪᠠᠨ ᠬᠢᠴᠢᠶᠡᠯ ᠲᠡᠭᠡᠷ᠎ᠠ

ᠬᠢᠯᠭᠡᠵᠦ ᠬᠢᠴᠢᠶᠡᠯ ᠲᠡᠭᠡᠷ᠎ᠠ ᠲᠠᠶᠢᠯᠪᠤᠷᠢᠯᠠᠳᠠᠬ᠃ ᠵᠠᠷᠢᠮ ᠳᠤ ᠪᠠᠨ ᠲᠠᠰᠬᠠᠯ ᠢᠶᠠᠷ ᠦᠯᠠᠳᠡᠭᠡᠳᠡᠭ᠃ ᠬᠠᠶᠠ ᠳᠤ ᠪᠠᠨ

ᠪᠠᠰᠠ ︽ᠲᠠᠭᠠᠯᠳᠠ ᠪᠤᠯᠪᠠᠰᠤᠷᠠᠯ ᠢᠶᠠᠨ ᠬᠢᠵᠤ ᠪᠠᠶᠢᠭᠠᠷᠠᠢ︾ ᠭᠡᠵᠦ ᠱᠠᠭᠠᠷᠳᠠᠭᠠᠳ ᠠᠪᠳᠠᠬ᠃ ᠲᠠᠭᠠᠯᠳᠠ

ᠪᠤᠯᠪᠠᠰᠤᠷᠠᠯ ᠤᠨ ᠰᠠᠳᠤᠪ ᠢ ᠲᠠᠰᠬᠠᠯ ᠦᠯᠠᠳᠡᠭᠡᠭᠦ ᠮᠠᠶ᠋ᠢᠬ ᠢᠶᠠᠷ ᠪᠦᠭᠦᠨ ᠢ ᠬᠢᠯᠭᠡᠵᠦ ᠲᠠᠶᠢᠯᠭᠦ ᠦᠭᠡᠢ          

ᠶᠤᠮ᠃ ᠲᠠᠷᠠ ᠶᠢ ᠪᠠᠶᠢᠳᠤᠭᠠᠢ᠂ ᠰᠤᠷᠬᠤ ᠪᠢᠴᠢᠭ ᠲᠡᠭᠡᠷᠡᠬᠢ ᠲᠡᠰᠬᠠᠯ ᠤᠨ ᠰᠠᠳᠤᠪ ᠢ ᠲᠠᠰᠬᠠᠯ ᠦᠯᠠᠳᠡᠭᠡᠭᠦ

ᠮᠠᠶ᠋ᠢᠬ ᠢᠶᠠᠷ ᠬᠢᠯᠭᠡᠭᠡᠳ ᠪᠠᠷᠠᠭᠠᠵᠤ ᠲᠠᠶᠢᠯᠭᠦ ᠭᠡᠵᠦ ᠤᠤ︖ ᠲᠠᠭᠠᠯᠳᠠ ᠪᠤᠯᠪᠠᠰᠤᠷᠠᠯ ᠤᠨ ᠰᠠᠳᠤᠪ ᠢ ᠲᠠᠰᠬᠠᠯ ᠬᠢᠯᠭᠡᠭᠦ

ᠮᠠᠶ᠋ᠢᠬ ᠢᠶᠠᠷ ᠰᠢᠢᠳᠪᠤᠷᠢᠯᠡᠪᠡᠯ ᠲᠠᠰᠬᠠᠯ ᠤᠨ ᠳᠠᠷᠤᠭᠠᠰᠤ ᠶᠢ ᠭᠦᠨᠳᠤᠷᠠᠭᠦᠯᠭᠦ ᠲᠠᠳᠤᠢ ᠪᠢᠰᠢ᠂ ᠵᠠᠷᠢᠮ ᠰᠤᠷᠤᠭᠴᠢ ᠶᠢᠨ

ᠰᠤᠷᠤᠯᠴᠠᠬᠤ ᠲᠠᠳᠬᠠᠯ  ᠢ ᠴᠤ ᠦᠭᠡᠷᠡᠴᠢᠯᠠᠵᠤ ᠮᠠᠳᠠᠨ᠎ᠠ᠃ ᠲᠠᠰᠬᠠᠯ ᠤᠨ ᠳᠠᠷᠤᠭᠠᠰᠤ ᠭᠡᠳᠤ ᠭᠦᠨᠳᠤᠷᠠᠵᠤ ᠰᠠᠳᠤᠪ

ᠬᠢᠭᠦ ᠳᠤ ᠬᠠᠯᠢᠷᠠᠵᠤ ᠬᠠᠰᠢᠷᠠᠭᠰᠠᠨ ᠠᠴᠠ ᠪᠤᠯᠤᠭᠰᠠᠨ ᠪᠠᠶᠢᠵᠤ ᠮᠠᠳᠠᠨ᠎ᠠ᠂ ᠵᠠᠷᠢᠮ ᠭᠡᠤᠭᠡᠳ ᠲᠠᠰᠬᠠᠯ ᠦᠯᠠᠳᠡᠭᠡᠪᠡᠯ

ᠬᠢᠵᠤ᠂ ᠲᠠᠰᠬᠠᠯ ᠦᠯᠠᠳᠡᠭᠡᠭᠦ ᠦᠭᠡᠢ ᠪᠤᠯ ᠬᠢᠭᠦ ᠪᠠᠨ ᠪᠤᠯᠢᠳᠠᠬ᠃ ᠪᠠᠭᠰᠢ ᠱᠠᠭᠠᠷᠳᠠᠭᠰᠠᠨ ᠦᠭᠡᠢ ᠴᠤ ᠦᠪᠠᠷ ᠤᠨ

ᠤᠬᠠᠮᠰᠠᠷ ᠠᠴᠠ ᠪᠠᠨ ᠰᠤᠯᠠ ᠰᠠᠳᠤᠪ ᠬᠢᠳᠡᠭ ᠰᠤᠷᠤᠭᠴᠢ ᠶᠢᠨ ᠰᠤᠷᠤᠯᠭ᠎ᠠ ᠨᠢ ᠠᠨᠠᠢ ᠪᠢᠰᠢ ᠶᠤᠮ᠃ ᠮᠢᠨᠦ ᠦᠵᠡᠭᠦ 

 ᠪᠠᠷ ᠲᠠᠭᠠᠯᠳᠠ ᠪᠤᠯᠪᠠᠰᠤᠷᠠᠯ ᠤᠨ ᠰᠠᠳᠤᠪ ᠢ ᠰᠤᠯᠠ ᠪᠤᠯᠪᠠᠰᠤᠷᠠᠯ ᠢᠶᠠᠷ ᠦᠯᠠᠳᠡᠭᠡᠵᠦ ᠴᠢᠯᠦᠭᠡᠳᠠᠢ          

ᠬᠢᠯᠭᠡᠨ᠎ᠠ᠃ ᠰᠤᠷᠤᠭᠴᠢᠳ ᠰᠤᠯᠠ ᠰᠠᠯᠠᠭᠦᠦ ᠴᠠᠭ ᠢᠶᠠᠨ ᠠᠰᠢᠭᠯᠠᠵᠤ ᠬᠢᠨ᠎ᠠ᠂ ᠬᠢᠭᠦ ᠤᠷᠮ᠎ᠠ ᠲᠠᠢ ᠦᠶ᠎ᠠ ᠳᠤ ᠪᠠᠨ

ᠤᠬᠠᠮᠰᠠᠷ ᠠᠴᠠ ᠪᠠᠨ ᠬᠢᠨ᠎ᠠ᠃ ᠪᠠᠭᠰᠢ ᠱᠠᠳᠤᠴᠢᠯᠠᠭᠰᠠᠨ ᠠᠬᠢᠴᠠ ᠶᠢ ᠲᠦᠢᠮᠤ ᠲᠤᠭᠳᠠᠭᠠᠵᠤ ᠦᠭᠪᠡᠯ          

ᠪᠤᠯᠴᠢᠬᠠᠨ᠎ᠠ᠃ ᠵᠢᠱᠢᠶᠡᠯᠡᠪᠡᠯ᠂ ᠨᠢᠭᠡ ᠪᠦᠯᠦᠭ ᠢᠶᠠᠨ ᠰᠤᠷᠴᠤ ᠪᠠᠷᠠᠬᠤ ᠳᠤ ᠠᠯᠢ ᠠᠯᠢ ᠰᠠᠳᠤᠪ ᠢ ᠬᠢᠵᠤ ᠪᠠᠷᠠᠭᠠᠬᠤ᠂

ᠬᠤᠭᠤᠴᠠᠭᠠᠨ ᠡᠴᠤᠰ ᠤᠢᠢᠷᠠᠳᠬᠤ ᠳᠤ ᠪᠦᠭᠦᠨ ᠢ ᠬᠢᠵᠤ ᠪᠠᠷᠠᠭᠠᠬᠤ ᠭᠡᠭᠦ ᠮᠠᠳᠤ ᠶᠢᠨ ᠰᠤᠷᠤᠭᠴᠢᠳ ᠲᠤ ᠲᠡᠭᠡᠭᠡᠷ᠎ᠠ

ᠲᠠᠷᠤᠭᠠᠰᠤ ᠪᠤᠯᠬᠤ ᠦᠭᠡᠢ ᠰᠤᠷᠴᠤ ᠪᠠᠳᠤᠳᠬᠠᠬᠤ ᠬᠠᠷᠠᠯᠳᠠ ᠵᠤᠷᠢᠯᠭ᠎ᠠ ᠳᠤ ᠭᠦᠷᠴᠤ ᠲᠠᠶᠢᠯᠳᠡᠭ ᠲᠦᠯᠦᠪᠯᠡᠭᠡ

ᠲᠤᠭᠳᠠᠭᠠᠨ ᠦᠭᠴᠤ ᠪᠤᠯᠤᠨ᠎ᠠ᠃ ᠪᠠᠭᠰᠢ ᠬᠠᠶᠠ ᠬᠢᠨᠠᠵᠤ ᠪᠠᠶᠢᠴᠠᠭᠠᠬᠤ ᠶᠢᠨ ᠵᠡᠷᠭᠡᠳᠠ ᠵᠦᠢ ᠵᠤᠬᠢᠰᠳᠠᠢ ᠰᠠᠨᠠᠭᠤᠯᠭ᠎ᠠ

ᠦᠭᠭᠦ ᠪᠤᠶᠤ ᠵᠢᠭᠠᠵᠤ ᠵᠢᠯᠤᠭᠤᠳᠤᠨ᠎ᠠ᠃ ᠵᠠᠷᠢᠮ ᠰᠤᠷᠤᠭᠴᠢ ᠶᠢᠨ ᠬᠢᠷᠢ ᠭᠡᠮ ᠠᠴᠠ ᠨᠢ ᠭᠡᠳᠤᠷᠡᠭᠰᠡᠨ ᠰᠠᠳᠤᠪ ᠢ

ᠲᠡᠭᠦᠨ ᠢᠶᠠᠷ ᠬᠢᠯᠭᠡᠭᠦ ᠦᠭᠡᠢ ᠤᠷᠬᠢᠬᠤ ᠳᠤ ᠪᠠᠨ ᠲᠠᠭᠠᠷᠠᠨ᠎ᠠ᠃ ᠤᠯᠠᠩᠬᠢ ᠰᠤᠷᠤᠭᠴᠢ ᠶᠢᠨ ᠤᠷᠤᠰᠢᠵᠤ ᠪᠠᠶᠢᠭ᠎ᠠ

ᠠᠰᠠᠭᠤᠳᠠᠯ ᠢ ᠲᠤᠰᠬᠠᠢ ᠴᠠᠭ ᠵᠠᠷᠤᠴᠠᠭᠤᠯᠵᠤ ᠲᠤᠰᠬᠠᠢ ᠰᠠᠳᠤᠪ ᠤᠨ ᠲᠠᠶᠢᠯᠤᠮᠵᠢ ᠶᠢᠨ ᠬᠡᠯᠪᠠᠷᠢ ᠪᠠᠷ ᠰᠢᠢᠳᠪᠤᠷᠢᠯᠠᠵᠦ

ᠪᠤᠯᠬᠤ ᠶᠤᠮ᠃ ᠵᠠᠷᠢᠮ ᠪᠠᠭᠰᠢ ᠰᠠᠳᠤᠪ ᠤᠯᠠᠨ ᠬᠢᠪᠠᠯ ᠰᠠᠶᠢᠨ᠂ ᠭᠦᠴᠢᠷ ᠰᠠᠳᠤᠪ ᠬᠢᠪᠡᠯ ᠰᠠᠶᠢᠨ ᠭᠡᠵᠦ

ᠦᠵᠠᠳᠡᠭ ᠠᠴᠠ ᠪᠤᠯᠪᠠᠤ᠂ ᠤᠳᠠᠭ᠎ᠠ ᠪᠤᠯᠭᠠᠨ ᠰᠤᠷᠬᠤ ᠪᠢᠴᠢᠭ ᠲᠡᠭᠡᠷᠡᠬᠢ ᠠᠴᠠ ᠤᠨᠳᠤᠤ ᠭᠡᠳᠤ ᠤᠯᠠᠨ ᠰᠠᠳᠤᠪ᠂

ᠭᠡᠳᠤ ᠭᠦᠴᠢᠷ ᠰᠠᠳᠤᠪ ᠢ ᠭᠡᠮᠵᠢᠶ᠎ᠠ ᠠᠴᠠ ᠨᠢ ᠭᠡᠳᠤᠷᠠᠳᠠᠯ᠎ᠠ ᠲᠠᠰᠬᠠᠯ ᠢᠶᠠᠷ ᠦᠯᠠᠳᠡᠭᠡᠳᠡᠭ᠃ ᠡᠨᠡ ᠠᠷᠭ᠎ᠠ ᠠᠪᠴᠠᠯ

ᠵᠠᠷᠢᠮ ᠴᠦᠭᠡᠪᠤᠷᠢ ᠰᠤᠷᠤᠭᠴᠢ ᠳᠤ ᠲᠤᠬᠢᠷᠠᠵᠤ ᠮᠠᠳᠠᠨ᠎ᠠ᠂ ᠦᠢᠯᠠᠳᠤᠯ ᠨᠢ ᠴᠤ ᠮᠠᠰᠢ ᠰᠠᠶᠢᠨ ᠪᠠᠶᠢᠵᠤ ᠮᠠᠳᠠᠨ᠎ᠠ᠂

ᠭᠡᠳᠡᠯ᠎ᠠ ᠤᠯᠠᠩᠬᠢ ᠰᠤᠷᠤᠭᠴᠢ ᠳᠤ ᠯᠠᠪ ᠲᠤᠬᠢᠷᠠᠬᠤ ᠦᠭᠡᠢ ᠶᠤᠮ᠃ ᠤᠨᠳᠠᠵᠤ ᠠᠮᠠᠷᠠᠬᠤ ᠶᠢ ᠨᠢ ᠬᠠᠷᠰᠢᠯᠠᠨ᠎ᠠ᠂

ᠰᠤᠷᠬᠤ ᠤᠷᠮ᠎ᠠ ᠵᠤᠷᠢᠬ ᠢ ᠨᠢ ᠴᠤ ᠬᠤᠭᠤᠯᠵᠤ ᠮᠠᠳᠠᠨ᠎ᠠ᠃ ᠵᠠᠷᠢᠮ ᠭᠡᠤᠭᠡᠳ ᠬᠢᠵᠤ ᠪᠠᠷᠠᠬᠤ ᠦᠭᠡᠢ᠂ ᠬᠢᠵᠤ

ᠴᠢᠳᠠᠬᠤ ᠦᠭᠡᠢ ᠠᠴᠠ ᠪᠤᠯᠵᠤ ᠬᠠᠰᠢ ᠶᠠᠰᠢ ᠬᠢᠭᠦ᠂ ᠲᠤᠳᠠᠭᠤ ᠲᠤᠷᠭᠤᠨ ᠬᠢᠭᠦ᠂ ᠪᠤᠰᠤᠳ ᠤᠨ ᠲᠠᠰᠬᠠᠯ ᠢ

ᠬᠠᠭᠤᠯᠬᠤ᠂ ᠠᠯᠪᠠ ᠶᠢᠨ ᠲᠠᠳᠤᠢ ᠬᠢᠭᠦ᠂ ᠴᠢᠨᠠᠭᠰᠢᠯᠠᠨ ᠲᠠᠰᠬᠠᠯ ᠬᠢᠭᠦ ᠦᠭᠡᠢ ᠰᠢᠯᠳᠠᠬ ᠡᠷᠢᠭᠦ ᠁ ᠮᠠᠳᠤ ᠶᠢᠨ

ᠲᠠᠳᠬᠠᠯ  ᠢ ᠰᠠᠨᠠᠮᠰᠠᠷ ᠦᠭᠡᠢ ᠪᠠᠷ ᠪᠦᠷᠢᠯᠳᠤᠭᠦᠯᠴᠢᠭᠡᠳᠡᠭ᠃ ᠰᠤᠷᠤᠭᠴᠢᠳ ᠢᠢᠮᠦ ᠲᠠᠳᠬᠠᠯ ᠲᠠᠢ ᠪᠤᠯᠴᠢᠬᠠᠪᠠᠯ

ᠲᠠᠳᠠ ᠤᠬᠠᠮᠰᠠᠷ ᠠᠴᠠ ᠪᠠᠨ ᠰᠤᠯᠠ ᠰᠠᠳᠤᠪ ᠬᠢᠭᠦ ᠭᠡᠵᠦ ᠤᠤ᠂ ᠴᠢᠳᠠᠬᠤ ᠰᠠᠳᠤᠪ ᠢᠶᠠᠨ ᠭᠦᠷᠳᠠᠯ᠎ᠠ ᠬᠠᠰᠢ ᠶᠠᠰᠢ

ᠬᠢᠭᠦ ᠪᠤᠯᠴᠢᠬᠠᠳᠠᠬ ᠰᠢᠤ︕ ᠰᠤᠷᠬᠤ ᠠᠭᠤᠯᠭ᠎ᠠ ᠶᠢᠨ ᠦᠷᠭᠡᠵᠢᠯ ᠭᠦᠨᠵᠡᠭᠡᠶᠢᠷᠡᠯ ᠢ ᠲᠠᠭᠠᠯᠳᠤᠵᠤ ᠰᠤᠷᠤᠭᠴᠢ ᠶᠢᠨ

ᠰᠤᠷᠤᠯᠭ᠎ᠠ ᠶᠢᠨ ᠬᠢᠷᠢ ᠪᠦᠳᠤᠮᠵᠢ ᠬᠤᠶᠠᠷ ᠲᠦᠢᠯ ᠲᠠᠶᠢᠰᠢ ᠪᠠᠨ ᠰᠠᠷᠨᠢᠳᠠᠬ ᠨᠢ ᠴᠤ ᠡᠭᠦᠨ ᠠᠴᠠ ᠪᠤᠯᠤᠭᠰᠠᠨ          

ᠶᠤᠮ᠃ ᠶᠠᠭᠠᠬᠢᠭᠰᠠᠨ ᠠᠶᠤᠮᠰᠢᠬᠳᠠᠢ ᠠᠵᠢ︕ ᠲᠤᠭᠠᠨ ᠤ ᠤᠬᠠᠭᠠᠨ ᠰᠤᠷᠬᠤ ᠳᠤ ᠵᠤᠬᠢᠬᠤ ᠭᠡᠮᠵᠢᠶᠠᠨ ᠤ ᠰᠠᠳᠤᠪ

ᠬᠢᠵᠤ ᠪᠤᠯᠪᠠᠰᠤᠷᠠᠬᠤ ᠦᠭᠡᠢ ᠪᠤᠯᠬᠤ ᠦᠭᠡᠢ᠂ ᠭᠡᠳᠤᠢ ᠤᠯᠠᠨ ᠰᠠᠳᠤᠪ ᠬᠢᠪᠠᠯ ᠲᠠᠳᠤᠢ ᠰᠠᠶᠢᠨ ᠭᠡᠰᠡᠨ ᠶᠠᠪᠤᠳᠠᠯ ᠴᠤ

ᠪᠢᠰᠢ ᠶᠤᠮ᠃ ᠮᠢᠨᠦ ᠦᠵᠡᠭᠦ ᠪᠠᠷ ᠰᠤᠷᠬᠤ ᠪᠢᠴᠢᠭ ᠲᠠᠢ ᠪᠠᠨ ᠬᠠᠪᠰᠤᠷᠭᠠᠵᠤ ᠨᠢᠭᠡ ᠯᠡ ᠲᠠᠭᠠᠯᠳᠠ ᠪᠤᠯᠪᠠᠰᠤᠷᠠᠯ ᠢ

ᠬᠢᠴᠢᠶᠡᠯ ᠤᠨ ᠠᠬᠢᠴᠠ ᠲᠠᠢ ᠪᠠᠨ ᠢᠵᠢᠯ ᠠᠯᠬᠤᠮ ᠢᠶᠠᠷ ᠰᠢᠰᠲ᠋ᠧᠮ ᠲᠠᠢ ᠮᠦᠷᠳᠡᠭᠡᠨ ᠴᠢᠨᠠᠷᠯᠢᠬ ᠬᠢᠪᠠᠯ          

ᠪᠤᠯᠴᠢᠬᠠᠨ᠎ᠠ᠃ ᠲᠠᠮᠢᠷ ᠤᠨ ᠭᠦᠴᠢᠷ ᠭᠦᠳᠠᠯᠤᠯ ᠢ ᠰᠤᠷᠬᠤ ᠳᠤ ᠦᠨᠳᠤᠰᠤᠨ ᠭᠦᠳᠠᠯᠤᠯ ᠢ ᠬᠢᠵᠤ

ᠪᠤᠯᠪᠠᠰᠤᠷᠠᠬᠤ ᠠᠴᠠ ᠭᠠᠷᠳᠠᠳᠠᠬ ᠲᠠᠢ ᠠᠳᠠᠯᠢ ᠪᠠᠷ ᠲᠤᠭᠠᠨ ᠤ ᠤᠬᠠᠭᠠᠨ ᠤ ᠬᠢᠯᠪᠠᠷ ᠦᠨᠳᠤᠰᠤᠨ ᠰᠠᠳᠤᠪ ᠢ ᠬᠢᠵᠤ

ᠪᠠᠶᠢᠭᠠᠳ ᠰᠠᠶ᠋ᠢ ᠭᠦᠴᠢᠷ ᠰᠠᠳᠤᠪ ᠢ ᠬᠢᠭᠦ ᠠᠷᠭ᠎ᠠ ᠤᠬᠠᠭᠠᠨ ᠢ ᠨᠢ ᠤᠯᠳᠠᠬ ᠶᠤᠮ᠃ ᠭᠦᠴᠢᠷ ᠰᠠᠳᠤᠪ ᠲᠠᠢ

ᠨᠤᠤᠷᠠᠯᠳᠤᠪᠠᠯ ᠭᠦᠴᠢᠷ ᠰᠠᠳᠤᠪ ᠢ ᠯᠠᠪᠳᠠᠢ ᠬᠢᠭᠡᠳ ᠴᠢᠳᠠᠴᠢᠬᠠᠨ᠎ᠠ ᠭᠡᠰᠡᠨ ᠤᠴᠢᠷ ᠴᠤ ᠦᠭᠡᠢ᠃ ᠭᠦᠴᠢᠷ

ᠰᠠᠳᠤᠪ ᠲᠠᠢ ᠨᠤᠤᠷᠠᠯᠳᠤᠳᠠᠬ ᠰᠤᠷᠤᠭᠴᠢ ᠰᠢᠯᠭᠠᠯᠳᠠ ᠳᠤ ᠭᠦᠴᠢᠷ ᠰᠠᠳᠤᠪ ᠢ ᠨᠢ ᠬᠢᠵᠤ ᠴᠢᠳᠠᠭᠰᠠᠨ ᠦᠭᠡᠢ

ᠮᠦᠷᠳᠡᠭᠡᠨ ᠬᠢᠯᠪᠠᠷ᠂ ᠡᠩ ᠤᠨ ᠰᠠᠳᠤᠪ ᠤᠨ ᠢᠶᠠᠨ ᠬᠤᠪᠢ ᠶᠢ ᠨᠢ ᠴᠤ ᠠᠯᠳᠠᠳᠠᠬ ᠦᠵᠡᠭᠳᠡᠯ ᠲᠠᠩᠳᠠ          

ᠡᠭᠦᠰᠳᠡᠭ᠃ ᠬᠠᠷᠠᠮᠰᠠᠯᠳᠠᠢ ᠪᠢᠰᠢᠤ︕ ᠡ᠊ᠨᠡ ᠨᠢ ᠭᠦᠴᠢᠷ ᠰᠠᠳᠤᠪ ᠲᠠᠢ ᠨᠤᠤᠷᠠᠯᠳᠤᠵᠤ ᠪᠤᠯᠬᠤ ᠦᠭᠡᠢ ᠭᠡᠰᠡᠨ

ᠪᠢᠰᠢ᠂ ᠬᠢᠯᠪᠠᠷ ᠰᠠᠳᠤᠪ ᠪᠠ ᠡᠩ ᠤᠨ ᠰᠠᠳᠤᠪ ᠢ ᠬᠢᠭᠡᠳ ᠲᠦᠢᠯ ᠤᠨ ᠪᠤᠯᠪᠠᠰᠤᠷᠠᠩᠭᠤᠢ ᠪᠤᠯᠤᠭᠰᠠᠨ ᠤ ᠲᠠᠷᠠᠭ᠎ᠠ

ᠰᠠᠶ᠋ᠢ ᠭᠦᠴᠢᠷ ᠰᠠᠳᠤᠪ ᠢ ᠬᠢᠵᠤ ᠤᠷᠤᠯᠳᠤᠭᠠᠷᠠᠢ᠂ ᠡᠨᠡ ᠪᠤᠯ ᠮᠢᠨᠦ ᠲᠦᠭ ᠲᠦᠮᠡᠨ ᠲᠤᠮᠳᠠᠳᠤ ᠪᠠᠭ᠎ᠠ

ᠰᠤᠷᠭᠠᠭᠤᠯᠢ ᠶᠢᠨ ᠰᠤᠷᠤᠭᠴᠢ ᠳᠤ ᠦᠭᠭᠦ ᠰᠠᠨᠠᠭᠤᠯᠭ᠎ᠠ ᠮᠦᠨ᠃ ᠪᠠᠭᠰᠢ ᠡᠳᠤᠷ ᠪᠤᠯᠭᠠᠨ ᠲᠡᠩᠴᠢ ᠤᠯᠠᠨ ᠲᠠᠰᠬᠠᠯ

ᠦᠯᠠᠳᠡᠭᠡᠳ ᠭᠡᠤᠭᠡᠳ ᠤᠳ ᠬᠢᠵᠤ ᠪᠠᠷᠠᠬᠤ ᠦᠭᠡᠢ ᠪᠤᠶᠤ ᠭᠡᠳᠤ ᠤᠷᠳᠤ ᠴᠠᠭ ᠵᠠᠷᠤᠴᠠᠭᠤᠯᠳᠠᠬ ᠠᠴᠠ ᠪᠤᠯᠵᠤ

ᠤᠨᠳᠠᠵᠤ ᠠᠮᠠᠷᠠᠬᠤ ᠪᠠ ᠡᠷᠡᠭᠦᠯ ᠮᠠᠨᠳᠤ ᠶᠢ ᠨᠢ ᠭᠦᠨᠳᠤ ᠨᠤᠴᠢᠳᠠᠢ ᠨᠦᠯᠦᠭᠡᠯᠡᠵᠦ ᠪᠠᠶᠢᠪᠠᠯ ᠭᠡᠷ ᠤᠨ ᠠᠬᠠᠮᠠᠳ

ᠡᠷᠭᠡᠪᠰᠢ ᠲᠤᠭᠠᠨ ᠤ ᠤᠬᠠᠭᠠᠨ ᠤ ᠪᠠᠭᠰᠢ ᠲᠠᠢ ᠨᠢ ᠬᠤᠯᠪᠤᠭ᠎ᠠ ᠠᠪᠴᠤ ᠭᠡᠤᠭᠡᠳ ᠤᠨ ᠢᠶᠠᠨ ᠪᠠᠶᠢᠳᠠᠯ ᠢ

ᠲᠤᠰᠬᠠᠬᠤ ᠶᠢᠨ ᠲᠠᠭᠠᠤ ᠪᠠᠭᠰᠢ ᠶᠢᠨ ᠬᠢᠨᠢ ᠵᠦᠪᠯᠠᠯᠭᠡ ᠪᠠᠷ ᠭᠡᠤᠭᠡᠳ ᠤᠨ ᠢᠶᠠᠨ ᠤᠨᠴᠠᠯᠢᠬ ᠲᠤ ᠲᠤᠬᠢᠷᠠᠭᠰᠠᠨ

ᠰᠠᠳᠤᠪ ᠢ ᠨᠢ ᠬᠢᠯᠭᠡᠪᠡᠯ ᠪᠤᠯᠴᠢᠬᠠᠨ᠎ᠠ᠃ ᠬᠢᠭᠰᠡᠨ ᠦᠭᠡᠢ ᠰᠠᠳᠤᠪ ᠢ  ᠨᠢ ᠴᠤᠬᠤᠮ ᠶᠠᠭᠠᠬᠢᠵᠤ ᠰᠢᠢᠳᠪᠤᠷᠢᠯᠡᠭᠦ ᠶᠢ

ᠮᠦᠨ ᠪᠠᠭᠰᠢ ᠶᠢᠨ ᠬᠢᠨᠢ ᠰᠠᠨᠠᠯ ᠢ ᠰᠤᠨᠤᠰᠤᠨ᠎ᠠ᠃ ᠵᠠᠷᠢᠮ ᠢ ᠨᠢ ᠲᠠᠷᠠᠭᠠᠴᠢ ᠪᠠᠷ ᠨᠦᠭᠦᠪᠤᠷᠢᠯᠡᠨ᠎ᠠ᠂ ᠵᠠᠷᠢᠮ ᠢ ᠨᠢ

ᠰᠤᠷᠭᠠᠭᠤᠯᠢ ᠳᠤ ᠪᠠᠨ ᠤᠴᠢᠭᠰᠠᠨ ᠤ ᠳᠠᠷᠠᠭ᠎ᠠ ᠪᠠᠭᠰᠢ ᠪᠤᠶᠤ ᠬᠠᠮᠳᠤ ᠨᠦᠭᠦᠳ ᠢᠶᠠᠷ ᠢᠶᠠᠨ ᠵᠢᠭᠠᠯᠭᠠᠵᠤ ᠪᠠᠶᠢᠭᠠᠳ

ᠬᠢᠵᠤ ᠪᠤᠯᠤᠨ᠎ᠠ᠃ ᠭᠡᠷ ᠤᠨ ᠠᠬᠠᠮᠠᠳ ᠶᠠᠭᠠᠬᠢᠭᠰᠠᠨ ᠴᠤ ᠦᠪᠠᠷᠳᠡᠭᠡᠨ ᠡᠵᠡᠨ ᠮᠠᠳᠠᠵᠤ ᠭᠡᠤᠭᠡᠳ ᠲᠤ ᠪᠠᠨ ︽ᠬᠢᠭᠦ

ᠭᠡᠷᠡᠭ ᠦᠭᠡᠢ︾ ᠭᠡᠵᠦ ᠭᠡᠯᠡᠵᠦ ᠪᠤᠯᠳᠠᠬ ᠦᠭᠡᠢ᠃ ᠡᠨᠡ ᠦᠭᠡ ᠵᠠᠷᠢᠮ ᠭᠡᠤᠭᠡᠳ ᠲᠤ ᠲᠠᠰᠬᠠᠯ ᠢ ᠬᠢᠪᠠᠴᠤ          

ᠪᠤᠯᠤᠨ᠎ᠠ᠂ ᠬᠢᠭᠦ ᠦᠭᠡᠢ ᠪᠤᠯᠪᠠᠴᠤ ᠪᠤᠯᠤᠨ᠎ᠠ ᠭᠡᠰᠡᠨ ᠲᠦᠷᠦᠭᠳᠡᠯ ᠤᠯᠭᠤᠳᠠᠬ᠃ ᠡᠭᠦᠨ ᠠᠴᠠ ᠪᠤᠯᠵᠤ ᠵᠠᠷᠢᠮ

ᠭᠡᠤᠭᠡᠳ ᠬᠢᠴᠢᠶᠡᠯ ᠰᠤᠷᠤᠯᠭ᠎ᠠ ᠳᠤ ᠪᠠᠨ ᠰᠢᠮᠳᠠᠬᠤ ᠦᠭᠡᠢ᠂ ᠴᠢᠨᠠᠭᠰᠢᠯᠠᠨ ᠰᠤᠯᠠ ᠵᠠᠳᠠᠭᠠᠢ ᠪᠤᠯᠵᠤ ᠴᠤ ᠮᠠᠳᠠᠭᠦ

ᠶᠤᠮ᠃ ᠵᠠᠷᠢᠮ ᠭᠡᠤᠭᠡᠳ ᠲᠠᠰᠬᠠᠯ ᠤᠨ ᠳᠠᠷᠤᠭᠠᠰᠤ ᠭᠡᠳᠤ ᠭᠦᠨᠳᠤ ᠠᠴᠠ ᠪᠤᠯᠵᠤ ︽ᠲᠠᠰᠬᠠᠯ ᠢᠶᠠᠨ

ᠰᠤᠷᠭᠠᠭᠤᠯᠢ ᠳᠤ ᠪᠠᠨ ᠬᠢᠴᠢᠭᠡᠵᠡᠢ︾ ᠭᠡᠵᠦ ᠬᠤᠳᠠᠯ ᠭᠡᠯᠡᠵᠦ ᠴᠤ ᠮᠠᠳᠠᠭᠦ ᠶᠤᠮ᠃ ᠤᠨᠴᠠᠭᠠᠢᠢᠯᠠᠨ ᠠᠩᠬ᠎ᠠ

ᠵᠡᠷᠭᠡ ᠶᠢᠨ ᠲᠤᠮᠳᠠᠳᠤ ᠰᠤᠷᠭᠠᠭᠤᠯᠢ ᠳᠤ ᠤᠷᠤᠭᠰᠠᠨ ᠤ ᠳᠠᠷᠠᠭ᠎ᠠ ᠬᠢᠴᠢᠶᠡᠯ ᠰᠤᠷᠤᠯᠭ᠎ᠠ ᠶᠢᠨ ᠭᠦᠨᠳᠤᠷᠠᠯ ᠪᠤᠶᠤ

ᠪᠤᠰᠤᠳ ᠰᠢᠯᠳᠠᠭᠠᠨ ᠠᠴᠠ ᠪᠤᠯᠵᠤ ᠰᠤᠷᠤᠯᠭ᠎ᠠ ᠳᠤ ᠪᠠᠨ ᠰᠢᠮᠳᠠᠬᠤ ᠪᠠᠨ ᠪᠤᠯᠢᠭᠰᠠᠨ ᠦᠶᠡᠰ ︽ᠲᠠᠰᠬᠠᠯ ᠢᠶᠠᠨ

ᠰᠤᠷᠭᠠᠭᠤᠯᠢ ᠳᠤ ᠪᠠᠨ ᠬᠢᠴᠢᠭᠡᠯ᠎ᠠ︾ ᠭᠡᠵᠦ ᠬᠤᠳᠠᠯ ᠭᠡᠯᠡᠭᠦ ᠰᠤᠷᠤᠭᠴᠢ ᠤᠯᠠᠰᠢᠷᠠᠳᠠᠬ᠃ ᠭᠡᠷ ᠤᠨ ᠠᠬᠠᠮᠠᠳ

ᠭᠡᠤᠭᠡᠳ ᠤᠨ ᠢᠶᠠᠨ ᠬᠤᠳᠠᠯ ᠭᠡᠯᠡᠭᠰᠡᠨ ᠢ ᠦᠨᠠᠮᠰᠢᠭᠦ᠂ ᠡᠰᠡᠭᠦᠯ᠎ᠠ ᠬᠤᠳᠠᠯ ᠭᠡᠯᠡᠭᠰᠡᠨ ᠢ ᠨᠢ ᠮᠠᠳᠠᠴᠢᠭᠡᠭᠡᠳ

ᠪᠦᠳᠦᠭᠦᠯᠢᠭ ᠠᠷᠭ᠎ᠠ ᠠᠪᠬᠤ ᠨᠢ ᠴᠦᠮ ᠭᠡᠤᠭᠡᠳ ᠢ ᠰᠤᠷᠭᠠᠵᠤ ᠭᠦᠮᠦᠵᠢᠭᠦᠯᠭᠦ ᠵᠤᠷᠢᠯᠭ᠎ᠠ ᠳᠤ ᠪᠠᠨ ᠭᠦᠷᠴᠤ ᠲᠠᠶᠢᠯᠭᠦ

ᠦᠭᠡᠢ᠂ ᠭᠡᠳᠡᠷᠭᠦ ᠪᠠᠨ ᠬᠠᠷᠢᠨ ᠨᠠᠵᠠᠭᠠᠢ ᠪᠤᠶᠤ ᠮᠠᠭᠤ ᠦᠢᠯᠠᠳᠤᠯ ᠭᠠᠷᠭᠠᠵᠤ ᠮᠠᠳᠠᠨ᠎ᠠ᠃ ᠰᠤᠷᠤᠭᠴᠢᠳ ᠦᠨᠡᠨ ᠭᠦ

ᠬᠢᠴᠢᠶᠡᠯ ᠰᠤᠷᠤᠯᠭ᠎ᠠ ᠳᠤ ᠪᠠᠨ ᠭᠦᠴᠢᠷᠳᠠᠵᠤ ᠪᠠᠶᠢᠬᠤ ᠪᠤᠶᠤ ᠲᠠᠰᠬᠠᠯ ᠲᠠᠭᠠᠭᠠᠯᠭᠠᠪᠤᠷᠢ ᠪᠠᠨ ᠪᠠᠶᠠᠯᠠᠭᠦᠯᠭᠦ ᠳᠤ

ᠭᠦᠴᠢᠷᠳᠠᠵᠤ ᠪᠠᠶᠢᠪᠠᠯ᠂ ᠭᠡᠷ ᠤᠨ ᠠᠬᠠᠮᠠᠳ ᠶᠠᠭᠤ ᠶᠢ ᠴᠤ ᠬᠠᠮᠢᠶᠠᠷᠬᠤ ᠦᠭᠡᠢ ᠬᠠᠶᠠᠭᠠᠨ ᠳᠤ ᠨᠢ ᠬᠠᠶᠠᠵᠤ

ᠶᠠᠭᠠᠬᠢᠭᠰᠠᠨ ᠴᠤ ᠪᠤᠯᠬᠤ ᠦᠭᠡᠢ᠃ ᠮᠢᠨᠦ ᠦᠵᠡᠭᠦ ᠪᠠᠷ ᠬᠠᠮᠤᠭ ᠤᠨ ᠰᠠᠶᠢᠨ ᠠᠷᠭ᠎ᠠ ᠪᠤᠯ ᠲᠤᠰᠬᠠᠢ ᠪᠠᠭᠰᠢ ᠤᠷᠢᠵᠤ

ᠬᠠᠨᠳᠤᠯᠭ᠎ᠠ ᠲᠠᠢ ᠵᠢᠯᠤᠭᠤᠳᠤᠯᠭ᠎ᠠ ᠬᠢᠯᠭᠡᠨ᠎ᠠ᠃ ᠵᠦᠪᠭᠡᠨ ᠮᠠᠳᠠᠭᠦ ᠦᠭᠡᠢ ᠴᠢᠳᠠᠬᠤ ᠦᠭᠡᠢ ᠪᠤᠶᠤ ᠭᠦᠴᠢᠷᠳᠠᠵᠤ

ᠪᠠᠶᠢᠭ᠎ᠠ ᠶᠢ ᠨᠢ ᠠᠭᠤᠯᠭ᠎ᠠ ᠶᠢᠨ ᠲᠠᠯ᠎ᠠ ᠪᠠᠷ ᠨᠦᠭᠦᠪᠤᠷᠢᠯᠠᠵᠤ᠂ ᠮᠠᠷᠭᠡᠰᠢᠯ ᠤᠨ ᠲᠠᠯ᠎ᠠ ᠪᠠᠷ ᠪᠤᠯᠪᠠᠰᠤᠷᠠᠭᠤᠯᠵᠤ

ᠴᠠᠭᠠᠷᠠᠭᠤᠯᠬᠤ ᠲᠠᠳᠤᠢ ᠪᠢᠰᠢ᠂ ᠪᠤᠳᠠᠳᠠᠢ ᠠᠭᠤᠯᠭ᠎ᠠ ᠲᠠᠢ ᠪᠠᠨ ᠤᠶᠠᠯᠳᠤᠭᠤᠯᠬᠤ︔ ᠲᠤᠭᠠᠨ ᠤ ᠤᠬᠠᠭᠠᠨ ᠰᠤᠷᠬᠤ

ᠠᠷᠭ᠎ᠠ ᠤᠬᠠᠭᠠᠨ ᠤ ᠲᠠᠯ᠎ᠠ ᠪᠠᠷ︔ ᠲᠤᠭᠠᠨ ᠤ ᠤᠬᠠᠭᠠᠨ ᠤ ᠰᠠᠳᠤᠪ ᠢ ᠵᠠᠳᠠᠯᠬᠤ ᠠᠷᠭ᠎ᠠ ᠲᠠᠮ ᠤᠨ ᠲᠠᠯ᠎ᠠ          

 ᠪᠠᠷ︔ ᠲᠤᠭᠠᠨ ᠤ ᠤᠬᠠᠭᠠᠨ ᠤ ᠰᠠᠳᠤᠪ ᠢ ᠲᠦᠷᠢᠮᠵᠢᠭᠦᠨ ᠪᠤᠳᠤᠵᠤ ᠬᠠᠷᠢᠭᠤᠯᠬᠤ ᠠᠷᠭ᠎ᠠ ᠠᠪᠴᠠᠯ ᠤᠨ ᠲᠠᠯ᠎ᠠ ᠪᠠᠷ

ᠬᠤᠪᠢ ᠭᠦᠮᠦᠨ ᠤ ᠦᠪᠠᠷ ᠤᠨ ᠬᠢᠨᠢ ᠤᠨᠴᠠᠯᠢᠬ ᠲᠤ ᠨᠢ ᠲᠤᠬᠢᠷᠠᠭᠤᠯᠵᠤ ᠵᠢᠭᠠᠨ ᠵᠢᠯᠤᠭᠤᠳᠬᠤ ᠳᠤ ᠪᠠᠨ          

ᠲᠠᠭᠠᠷᠠᠨ᠎ᠠ᠃ ᠭᠡᠤᠭᠡᠳ ᠤᠳ ᠦᠨᠠᠨ ᠭᠦ ᠲᠤᠭᠠᠨ ᠤ ᠤᠬᠠᠭᠠᠨ ᠰᠤᠷᠬᠤ ᠠᠷᠭ᠎ᠠ ᠤᠬᠠᠭᠠᠨ᠂ ᠰᠠᠳᠤᠪ ᠪᠤᠳᠤᠬᠤ

ᠠᠷᠭ᠎ᠠ ᠲᠠᠮ ᠲᠠᠢ ᠪᠤᠯᠴᠢᠬᠠᠪᠠᠯ᠂ ᠲᠠᠬᠢᠭᠠᠳ ᠪᠠᠭᠰᠢ ᠵᠠᠯᠠᠵᠤ ᠵᠢᠭᠠᠨ ᠵᠢᠯᠤᠭᠤᠳᠤᠭᠤᠯᠬᠤ ᠴᠢᠬᠤᠯᠠ ᠦᠭᠡᠢ          

ᠶᠤᠮ᠃ ᠭᠡᠤᠭᠡᠳ ᠤᠳ ᠲᠤᠭᠠᠨ ᠤ ᠤᠬᠠᠭᠠᠨ ᠳᠤ ᠲᠤᠷ᠎ᠠ ᠪᠠᠬ᠎ᠠ ᠲᠠᠢ᠂ ᠤᠷ᠎ᠠ ᠠᠪᠢᠶᠠᠰ ᠲᠠᠢ ᠪᠤᠯᠬᠤ ᠲᠤᠳᠤᠮ

ᠤᠳᠤᠬᠢ ᠰᠤᠷᠤᠯᠴᠠᠯᠭ᠎ᠠ ᠳᠤ ᠪᠠᠨ ᠬᠠᠨᠤᠬᠤ ᠪᠠᠨ ᠪᠤᠯᠢᠵᠤ ᠭᠡᠷ ᠤᠨ ᠠᠬᠠᠮᠠᠳ ᠪᠤᠶᠤ ᠪᠠᠭᠰᠢ ᠠᠴᠠ ᠪᠠᠨ ᠶᠠᠮᠠᠷ ᠨᠤᠮ

ᠤᠡᠭᠰᠢᠬᠤ᠂ ᠶᠠᠮᠠᠷ ᠪᠤᠯᠪᠠᠰᠤᠷᠠᠯ ᠬᠢᠭᠦ ᠲᠠᠯ᠎ᠠ ᠪᠠᠷ ᠠᠰᠠᠭᠤᠵᠤ ᠰᠤᠷᠠᠭᠯᠠᠬᠤ ᠶᠤᠮ ᠪᠢᠯᠡ᠃ ᠤᠢ ᠪᠢᠯᠢᠭ ᠨᠢ

ᠴᠤᠭᠤᠷᠤᠨ᠎ᠠ ᠭᠡᠭᠴᠢ ᠡᠨᠡ ᠪᠢᠵᠠ︕

      ᠭᠦᠮᠦᠨ ᠪᠤᠯᠭᠠᠨ ᠳᠤ ᠪᠤᠰᠤᠳ ᠠᠴᠠ ᠢᠯᠭᠠᠭᠳᠠᠬᠤ ᠲᠠᠪᠠᠭᠤᠯᠢᠬ ᠲᠠᠯ᠎ᠠ ᠪᠠᠶᠢᠳᠠᠬ᠃ ᠵᠠᠷᠢᠮ ᠭᠦᠮᠦᠨ ᠳᠤ

ᠡᠷᠳᠠ ᠢᠯᠠᠷᠠᠵᠤ᠂ ᠵᠠᠷᠢᠮ ᠳᠤ ᠨᠢ ᠤᠷᠤᠢ ᠪᠤᠢ ᠪᠤᠯᠳᠠᠬ᠃ ᠵᠠᠷᠢᠮ ᠭᠦᠮᠦᠨ ᠤ ᠲᠠᠪᠠᠭᠤᠯᠢᠬ ᠲᠠᠯ᠎ᠠ ᠢᠯᠠ ᠲᠤᠳᠤ

ᠪᠢᠰᠢ ᠪᠠᠶᠢᠳᠠᠬ ᠠᠴᠠ ᠭᠦᠮᠦᠰ ᠲᠤ ᠠᠮᠠᠷᠬᠠᠨ ᠰᠠᠷᠠᠵᠤ ᠮᠠᠳᠠᠷᠡᠭᠳᠡᠳᠡᠭ ᠦᠭᠡᠢ᠃ ᠲᠠᠪᠠᠭᠤᠯᠢᠬ ᠲᠠᠯ᠎ᠠ ᠳᠤ ᠴᠠᠭ

ᠦᠶᠠᠴᠢ ᠴᠢᠨᠠᠷ ᠪᠠᠶᠢᠳᠠᠬ ᠠᠴᠠ ᠠᠭᠤᠳᠠᠯᠠᠵᠤ ᠭᠦᠮᠦᠵᠢᠭᠦᠯᠭᠦ ᠴᠠᠭ ᠲᠤᠬᠢᠶᠠᠯ ᠢ ᠨᠢ ᠠᠯᠳᠠᠪᠠᠯ ᠠᠶᠠᠨᠳᠠᠭᠠᠨ ᠠᠷᠢᠯᠬᠤ

ᠪᠤᠯᠤᠨ᠎ᠠ᠃ ᠲᠤᠭᠠᠨ ᠤ ᠤᠬᠠᠭᠠᠨ ᠤ ᠰᠢᠯᠭᠠᠯᠳᠠ ᠳᠤ ᠨᠢᠭᠡ ᠰᠠᠳᠤᠪ ᠢ ᠲᠠᠪᠠᠳᠠᠢ ᠰᠠᠶᠢᠬᠠᠨ ᠬᠢᠵᠤ ᠪᠠᠶᠢᠳᠠᠯ᠎ᠠ ᠬᠢᠵᠤ

ᠴᠢᠳᠠᠭᠰᠠᠨ ᠦᠭᠡᠢ ᠤᠷᠬᠢᠭᠠᠳ ᠪᠠᠶᠢᠭᠰᠠᠨ ᠰᠠᠳᠤᠪ ᠢ ᠪᠤᠳᠤᠬᠤ ᠰᠡᠳᠬᠢᠮᠵᠢ ᠭᠡᠨᠠᠳᠳᠠ ᠴᠡᠭᠡᠵᠢᠨ ᠳᠤ ᠨᠢ ᠤᠷᠤᠵᠤ

ᠢᠷᠠᠵᠤ ᠮᠠᠳᠠᠭᠦ ᠶᠤᠮ᠃ ᠰᠠᠳᠤᠪ ᠢᠶᠠᠨ ᠬᠢᠵᠤ ᠪᠠᠷᠠᠭᠠᠴᠢᠬᠠᠭᠠᠳ ᠲᠠᠷᠠ ᠰᠠᠳᠤᠪ ᠢ ᠬᠢᠭᠦ ᠭᠡᠭᠦ ᠳᠤ ᠰᠠᠳᠬᠢᠮᠵᠢ ᠨᠢ

ᠠᠯᠢ ᠭᠡᠳᠦ᠋ᠢᠨ ᠠᠷᠢᠯᠵᠤ ᠤᠳᠤᠴᠢᠬᠠᠭᠰᠠᠨ ᠪᠠᠶᠢᠳᠠᠬ ᠰᠢᠤ᠃ ᠡᠨᠡ ᠨᠢ ᠴᠠᠭ ᠲᠤᠬᠢᠶᠠᠯ ᠢ ᠠᠯᠳᠠᠵᠤ

ᠶᠠᠪᠤᠭᠤᠯᠤᠭᠰᠠᠨ ᠤ ᠤᠷᠰᠢᠬ ᠪᠢᠵᠠ᠂ ᠴᠠᠭ ᠲᠤᠬᠢᠶᠠᠯ ᠢ ᠤᠨᠤᠴᠢᠳᠠᠢ ᠠᠳᠬᠤᠵᠤ ᠡᠵᠡᠮᠳᠠᠭᠦ ᠶᠠᠭᠠᠬᠢᠭᠰᠠᠨ ᠴᠢᠬᠤᠯᠠ

ᠠᠵᠢ︕ ᠪᠢᠴᠢᠭ ᠨᠤᠮ ᠰᠤᠷᠬᠤ ᠳᠤ ᠴᠤ ᠴᠠᠭ ᠦᠶᠡᠴᠢ ᠴᠢᠨᠠᠷ ᠪᠠᠶᠢᠳᠠᠬ᠃ ᠭᠡᠤᠭᠡᠳ ᠢ ᠶᠠᠭᠤᠨ ᠳᠤ ᠬᠠᠷᠠᠬᠠᠨ

ᠪᠠᠭ᠎ᠠ ᠠᠴᠠ ᠨᠢ ᠪᠢᠴᠢᠭ ᠨᠤᠮ ᠰᠤᠷᠭᠠᠳᠠᠬ ᠪᠤᠢ︖ ᠭᠡᠷᠪᠡ ᠪᠢᠴᠢᠭ ᠨᠤᠮ ᠰᠤᠷᠬᠤ ᠳᠤ ᠴᠠᠭ ᠦᠶᠡᠴᠢ ᠴᠢᠨᠠᠷ

ᠦᠭᠡᠢ ᠪᠤᠯ ᠭᠡᠤᠭᠡᠳ ᠢᠶᠠᠨ ᠤᠬᠠᠭᠠᠨ ᠲᠦᠭᠦᠭᠡ ᠤᠷᠤᠭᠰᠠᠨ ᠤ ᠲᠠᠷᠠᠭ᠎ᠠ ᠵᠢᠭᠠᠵᠤ ᠰᠤᠷᠭᠠᠭᠰᠠᠨ ᠴᠤ ᠪᠤᠯᠬᠤ          

ᠶᠤᠮ᠃ ᠬᠤᠷᠢ ᠭᠦᠷᠭᠡᠵᠦ ᠬᠤᠷᠢᠮ ᠢ ᠨᠢ ᠬᠢᠭᠰᠡᠨ ᠤ ᠲᠠᠷᠠᠭ᠎ᠠ ᠰᠤᠷᠭᠠᠭᠤᠯᠢ ᠳᠤ ᠭᠦᠷᠭᠡᠭᠰᠡᠨ ᠴᠤ ᠪᠤᠯᠬᠤ ᠯᠠ          

ᠪᠢᠵᠠ︕ ᠪᠠᠭᠰᠢ ᠪᠤᠶᠤ ᠭᠡᠷ ᠤᠨ ᠠᠬᠠᠮᠠᠳ ᠵᠦᠪᠭᠡᠨ ᠭᠡᠤᠭᠡᠳ ᠤᠨ ᠢᠶᠠᠨ ᠬᠢᠴᠢᠶᠡᠯ ᠰᠤᠷᠤᠯᠭ᠎ᠠ ᠲᠠᠢ

ᠨᠤᠴᠤᠯᠳᠤᠭᠠᠳ ᠪᠠᠶᠢᠵᠤ ᠪᠤᠯᠬᠤ ᠦᠭᠡᠢ᠂ ᠭᠡᠤᠭᠡᠳ ᠤᠨ ᠪᠦᠭᠦ ᠲᠠᠯ᠎ᠠ ᠪᠠᠷ ᠭᠦᠭᠵᠢᠯᠳᠠ ᠲᠠᠢ ᠪᠤᠯᠬᠤ ᠶᠢ

ᠭᠦᠨᠳᠤᠳᠭᠡᠭᠦ ᠳᠤ ᠪᠠᠨ ᠲᠠᠭᠠᠷᠠᠨ᠎ᠠ᠃ ᠤᠨᠴᠠᠭᠠᠢᠢᠯᠠᠨ ᠭᠡᠤᠭᠡᠳ ᠤᠨ ᠪᠠᠶ᠎ᠠ ᠳᠤ ᠪᠠᠶᠢᠭ᠎ᠠ ᠲᠠᠪᠠᠭᠤᠯᠢᠬ ᠲᠠᠯ᠎ᠠ ᠶᠢ

ᠠᠭᠤᠳᠠᠯᠠᠵᠤ ᠭᠦᠮᠦᠵᠢᠭᠦᠯᠪᠠᠯ ᠵᠤᠬᠢᠨ᠎ᠠ᠃ ᠢᠡᠭᠬᠢᠪᠡᠯ ᠭᠡᠤᠭᠡᠳ ᠨᠠᠩ ᠰᠢᠯᠢᠳᠡᠭ᠂ ᠨᠠᠩ ᠵᠢᠪᠬᠤᠭᠠᠯᠢᠬ          

ᠪᠤᠯᠤᠨ᠎ᠠ᠃ ᠦᠵᠠᠯ ᠪᠤᠳᠤᠯ ᠲᠠᠢ ᠭᠡᠤᠭᠡᠳ ᠦᠪᠠᠷ ᠤᠨ ᠡᠭᠦᠷᠭᠡ ᠬᠠᠷᠢᠭᠤᠴᠠᠯᠭ᠎ᠠ ᠪᠠᠨ ᠲᠤᠳᠤᠷᠬᠠᠢ ᠮᠠᠳᠠᠵᠤ᠂

ᠦᠢᠯᠠ ᠠᠵᠢᠯᠯᠠᠭ᠎ᠠ ᠪᠠᠨ ᠡᠵᠠᠮᠳᠠᠵᠤ ᠴᠢᠳᠠᠳᠠᠬ᠃ ᠢᠡᠭᠬᠢᠭᠦ ᠪᠠᠷ ᠢᠶᠠᠨ ᠭᠡᠤᠭᠡᠳ ᠢ ᠬᠠᠷᠠᠬᠠᠨ ᠪᠠᠭ᠎ᠠ ᠠᠴᠠ ᠨᠢ ᠦᠵᠡᠯ

ᠪᠤᠳᠤᠯ᠂ ᠴᠢᠨᠠᠭᠰᠢᠯᠠᠨ ᠦᠵᠠᠯ ᠰᠠᠨᠠᠭ᠎ᠠ ᠲᠠᠢ ᠪᠤᠯᠭᠠᠨ ᠭᠦᠮᠦᠵᠢᠭᠦᠯᠭᠦ ᠶᠢ ᠠᠩᠬᠠᠷᠪᠠᠯ ᠵᠤᠬᠢᠨ᠎ᠠ᠃

      ᠭᠡᠤᠭᠡᠳ ᠤᠳ ᠠᠩᠬ᠎ᠠ ᠵᠡᠷᠭᠡ ᠶᠢᠨ ᠲᠤᠮᠳᠠᠳᠤ ᠰᠤᠷᠭᠠᠭᠤᠯᠢ ᠳᠤ ᠤᠷᠤᠴᠢᠬᠠᠭᠠᠳ ᠪᠠᠰᠠ ᠰᠤᠷᠬᠤ ᠪᠠᠨ

ᠮᠠᠳᠡᠭᠡᠳᠤᠢ᠂ ᠴᠢᠷᠮᠠᠶᠢᠬᠤ ᠪᠠᠨ ᠮᠠᠳᠡᠭᠡᠳᠤᠢ ᠪᠤᠯ ᠭᠡᠤᠭᠡᠳ ᠤᠨ ᠭᠦᠯ ᠳᠤ ᠤᠷᠤᠭᠠᠳᠤᠢ ᠲᠠᠢ ᠠᠳᠠᠯᠢ          

ᠶᠤᠮ᠃ ᠭᠦᠯ ᠳᠤ ᠤᠷᠤᠭᠠᠳᠤᠢ ᠭᠡᠤᠭᠡᠳ ᠭᠦᠶᠦᠵᠤ ᠴᠢᠳᠠᠨ᠎ᠠ ᠤᠤ᠂ ᠪᠤᠳᠤᠯᠢᠶᠠᠨᠳᠠᠢ ᠭᠦᠳᠠᠯᠤᠯ ᠢ ᠬᠢᠵᠤ ᠴᠢᠳᠠᠨ᠎ᠠ

ᠤᠤ᠂ ᠭᠦᠯ ᠳᠤ ᠤᠷᠤᠵᠤ ᠲᠠᠶᠢᠯᠭᠦ ᠦᠭᠡᠢ ᠭᠡᠤᠭᠡᠳ ᠭᠦᠴᠦ ᠲᠤᠷᠪᠢᠳᠠᠢ ᠪᠤᠯᠵᠤ ᠲᠠᠶᠢᠯᠤᠨ᠎ᠠ ᠤᠤ᠃ ᠭᠦᠯ ᠳᠤ

ᠤᠷᠤᠭᠠᠳᠤᠢ ᠭᠡᠤᠭᠡᠳ ᠢ ᠭᠦᠴᠤᠷᠭᠡᠭᠵᠢᠭᠦᠯᠭᠦ ᠠᠷᠭ᠎ᠠ ᠰᠤᠷᠢᠬᠤ ᠪᠠᠷ ᠢᠶᠠᠨ ᠭᠦᠯ ᠳᠤ ᠨᠢ ᠤᠷᠤᠭᠤᠯᠬᠤ ᠠᠷᠭ᠎ᠠ

ᠤᠬᠠᠭᠠᠨ ᠰᠤᠪᠢᠵᠤ᠂ ᠭᠦᠯ ᠳᠤ ᠤᠷᠤᠭᠤᠯᠬᠤ ᠪᠤᠳᠠᠳᠠᠢ ᠠᠷᠭ᠎ᠠ ᠠᠪᠴᠠᠯ ᠠᠪᠬᠤ ᠨᠢ ᠬᠠᠷᠢᠨ ᠲᠡᠭᠡᠷ᠎ᠠ          

ᠪᠠᠶᠢᠬ᠎ᠠ᠃ ᠠᠩᠬ᠎ᠠ ᠵᠡᠷᠭᠡ ᠶᠢᠨ ᠲᠤᠮᠳᠠᠳᠤ ᠰᠤᠷᠭᠠᠭᠤᠯᠢ ᠳᠤ ᠤᠷᠤᠴᠢᠬᠠᠭᠠᠳ ᠰᠤᠷᠬᠤ ᠪᠠᠨ ᠮᠠᠳᠡᠭᠡᠳᠤᠢ᠂

ᠴᠢᠷᠮᠠᠶᠢᠬᠤ ᠪᠠᠨ ᠮᠠᠳᠠᠭᠡᠳᠤᠢ ᠭᠡᠤᠭᠡᠳ ᠠᠩᠬ᠎ᠠ ᠲᠤᠮᠳᠠᠳᠤ ᠶᠢᠨ ᠬᠢᠴᠢᠶᠡᠯ ᠲᠦᠷᠤᠯ ᠢ ᠰᠠᠶᠢᠨ ᠰᠤᠷᠬᠤ ᠪᠠᠶᠢᠳᠤᠭᠠᠢ᠂

ᠰᠤᠷᠴᠤ ᠴᠤ ᠴᠢᠳᠠᠬᠤ ᠦᠭᠡᠢ ᠶᠤᠮ᠃ ᠰᠤᠷᠬᠤ ᠪᠠᠨ ᠭᠦᠷᠳᠠᠯ᠎ᠠ ᠮᠠᠳᠠᠭᠦ ᠦᠭᠡᠢ ᠭᠡᠤᠭᠡᠳ ᠰᠤᠷᠴᠤ ᠮᠠᠳᠠᠶ᠎ᠠ ᠭᠡᠰᠡᠨ 

ᠨᠠᠭᠠᠳᠤ ᠵᠠᠬ᠎ᠠ ᠶᠢᠨ ᠤᠬᠠᠮᠰᠠᠷ ᠴᠤ ᠦᠭᠡᠢ ᠪᠤᠯᠬᠤᠷ ᠵᠦᠪᠭᠡᠨ ᠠᠯᠪᠠᠳᠠᠯᠭ᠎ᠠ ᠶᠢᠨ ᠲᠤᠤᠷ᠎ᠠ ᠰᠤᠷᠬᠤ ᠪᠤᠶᠤ ᠲᠠᠰᠬᠠᠯ

ᠪᠤᠯᠪᠠᠰᠤᠷᠠᠯ ᠬᠢᠳᠡᠭ᠃ ᠰᠤᠷᠬᠤ ᠪᠠᠨ ᠮᠠᠳᠠᠭᠦ ᠦᠭᠡᠢ ᠭᠡᠤᠭᠡᠳ ᠤᠨ ᠠᠩᠬᠠᠷᠤᠯ ᠶᠡᠷᠦ ᠨᠢ ᠬᠢᠴᠢᠶᠡᠯ ᠰᠤᠷᠤᠯᠭ᠎ᠠ

ᠲᠡᠭᠡᠷ᠎ᠠ ᠲᠦᠪᠯᠠᠷᠠᠳᠡᠭ ᠦᠭᠡᠢ᠂ ᠭᠡᠳᠡᠷᠭᠦ ᠪᠠᠨ ᠬᠠᠷᠢᠨ ᠦᠭᠡᠷ᠎ᠠ ᠶᠠᠭᠤᠮᠠᠨ ᠲᠡᠭᠡᠷ᠎ᠠ ᠲᠦᠪᠯᠠᠷᠠᠵᠤ ᠡᠯᠳᠡᠪ          

ᠵᠦᠢᠯ ᠤᠨ ᠦᠢᠯᠠ ᠭᠦᠳᠠᠯᠤᠯ ᠭᠠᠷᠭᠠᠬᠤ ᠪᠤᠶᠤ ᠴᠢᠨᠠᠭᠰᠢᠯᠠᠨ ᠬᠢᠴᠢᠶᠡᠯ ᠤᠨ ᠰᠠᠬᠢᠯᠭ᠎ᠠ ᠵᠢᠷᠤᠮ ᠢ ᠴᠤ

ᠰᠠᠮᠠᠭᠤᠷᠠᠭᠤᠯᠳᠠᠬ᠃ ᠵᠠᠷᠢᠮ ᠨᠢ ᠪᠠᠭᠰᠢ ᠵᠢᠭᠠᠵᠤ ᠪᠠᠶᠢᠭ᠎ᠠ ᠦᠶᠡᠰ ᠮᠠᠳᠠᠵᠤ ᠴᠢᠳᠠᠵᠤ ᠪᠠᠶᠢᠭ᠎ᠠ ᠴᠤ ᠲᠦᠳᠠᠯ ᠦᠭᠡᠢ

ᠮᠠᠷᠳᠠᠵᠤ ᠤᠷᠬᠢᠬᠤ ᠪᠤᠶᠤ ᠴᠢᠳᠠᠬᠤ ᠪᠠᠨ ᠪᠤᠯᠢᠳᠠᠬ᠃ ᠰᠤᠷᠬᠤ ᠪᠠᠨ ᠮᠠᠳᠠᠭᠦ ᠦᠭᠡᠢ ᠭᠡᠤᠭᠡᠳ ᠲᠠᠰᠬᠠᠯ ᠢ ᠵᠦᠪ

ᠲᠦᠷᠢᠮᠵᠢᠭᠦᠨ ᠬᠢᠴᠢᠭᠡᠨ᠎ᠠ ᠤᠤ᠂ ᠲᠠᠰᠬᠠᠯ ᠢᠶᠠᠨ ᠬᠢᠴᠢᠭᠡᠭᠡᠳ ᠵᠦᠪ ᠪᠤᠷᠤᠭᠤ ᠶᠢ ᠨᠢ ᠴᠤ ᠮᠠᠳᠠᠭᠦ ᠦᠭᠡᠢ ᠪᠠᠶᠢᠳᠠᠬ᠂

ᠵᠦᠪ ᠲᠦᠷᠢᠮᠵᠢᠭᠦᠨ ᠬᠢᠭᠰᠡᠨ ᠲᠠᠰᠬᠠᠯ ᠲᠠᠢ ᠠᠳᠠᠯᠢᠳᠬᠠᠭᠠᠳ ︽ᠠᠪ ᠠᠳᠠᠯᠢ ᠬᠢᠵᠠᠢ︾ ᠭᠡᠵᠦ ᠭᠡᠯᠠᠳᠡᠭ ᠴᠤ          

ᠪᠤᠢ᠃ ᠠᠩᠬ᠎ᠠ ᠲᠤᠮᠳᠠᠳᠤ ᠶᠢᠨ ᠲᠤᠭᠠᠨ ᠤ ᠤᠬᠠᠭᠠᠨ ᠤ ᠵᠢᠭᠠᠨ ᠰᠤᠷᠭᠠᠯᠳᠠ ᠪᠤᠯ ᠭᠦᠯ ᠳᠤ ᠤᠷᠤᠭᠤᠯᠬᠤ ᠵᠢᠭᠠᠨ

ᠰᠤᠷᠭᠠᠯᠳᠠ ᠪᠢᠰᠢ᠂ ᠬᠠᠷᠢᠨ ᠵᠠᠮ ᠳᠤ ᠤᠷᠤᠭᠤᠯᠬᠤ ᠵᠢᠭᠠᠨ ᠰᠤᠷᠭᠠᠯᠳᠠ ᠮᠦᠨ᠃ ᠦᠭᠡᠷ᠎ᠡ ᠪᠠᠷ ᠬᠡᠯᠡᠪᠡᠯ

ᠬᠡᠤᠬᠡᠳ ᠤᠳ ᠰᠤᠷᠬᠤ ᠪᠠᠨ ᠮᠠᠳᠡᠭᠰᠡᠨ᠂ ᠴᠢᠷᠮᠠᠶᠢᠬᠤ ᠪᠠᠨ ᠮᠠᠳᠡᠭᠰᠡᠨ ᠤᠷᠢᠳᠠᠯ ᠲᠤᠤᠷ᠎ᠠ ᠠᠩᠬ᠎ᠠ ᠲᠤᠮᠳᠠᠳᠤ ᠶᠢᠨ

ᠲᠤᠭᠠᠨ ᠤ ᠤᠬᠠᠭᠠᠨ ᠢ ᠰᠤᠷᠬᠤ ᠠᠷᠭ᠎ᠠ ᠤᠬᠠᠭᠠᠨ ᠲᠠᠢ ᠪᠤᠯᠭᠠᠬᠤ ᠵᠢᠭᠠᠨ ᠰᠤᠷᠭᠠᠯᠳᠠ ᠮᠦᠨ᠃ ᠰᠤᠷᠬᠤ ᠪᠠᠨ

ᠮᠠᠳᠠᠭᠡᠳᠤᠢ᠂ ᠴᠢᠷᠮᠠᠶᠢᠬᠤ ᠪᠠᠨ ᠮᠠᠳᠡᠭᠡᠳᠤᠢ ᠭᠡᠤᠭᠡᠳ ᠢ ᠤᠷᠢᠳ ᠢᠶᠠᠷ ᠰᠤᠷᠬᠤ ᠪᠠᠨ ᠮᠠᠳᠠᠭᠦ᠂ ᠴᠢᠷᠮᠠᠶᠢᠬᠤ ᠪᠠᠨ

ᠮᠠᠳᠠᠭᠦ ᠪᠤᠯᠭᠠᠬᠤ ᠦᠭᠡᠢ ᠪᠤᠯ ᠲᠡᠭᠦᠨ ᠢ ᠠᠩᠬ᠎ᠠ ᠲᠤᠮᠳᠠᠳᠤ ᠶᠢᠨ ᠲᠤᠭᠠᠨ ᠤ ᠤᠬᠠᠭᠠᠨ ᠰᠤᠷᠬᠤ ᠵᠠᠮ ᠳᠤ

ᠤᠷᠤᠭᠤᠯᠤᠨ᠎ᠠ ᠭᠡᠭᠴᠢ ᠪᠡᠶᠡᠯᠡᠭᠳᠡᠰᠢ ᠦᠭᠡᠢ ᠤᠴᠢᠷ ᠪᠢᠯᠡ᠃ ᠭᠡᠤᠭᠡᠳ  ᠤᠳ ᠰᠤᠷᠬᠤ ᠪᠠᠨ ᠮᠠᠳᠠᠭᠦ᠂

ᠴᠢᠷᠮᠠᠶᠢᠬᠤ ᠪᠠᠨ ᠮᠠᠳᠠᠭᠦ ᠪᠤᠯᠤᠭᠰᠠᠨ ᠲᠠᠷᠠ ᠴᠠᠭ ᠦᠶ᠎ᠠ ᠠᠴᠠ ᠰᠠᠶ᠋ᠢ ᠠᠩᠬ᠎ᠠ ᠲᠤᠮᠳᠠᠳᠤ ᠶᠢᠨ ᠲᠤᠭᠠᠨ ᠤ ᠤᠬᠠᠭᠠᠨ

ᠰᠤᠷᠬᠤ ᠠᠷᠭ᠎ᠠ ᠵᠠᠮ ᠳᠤ ᠤᠷᠤᠵᠤ ᠡᠬᠢᠯᠠᠳᠡᠭ᠃ ︽ᠡᠨᠡ ᠭᠡᠤᠭᠡᠳ ᠰᠠᠴᠠᠨ ᠰᠠᠷᠭᠦᠯᠠᠩ᠂ ᠰᠤᠷᠴᠤ ᠴᠢᠳᠠᠬᠤ ᠦᠭᠡᠢ

ᠪᠢᠰᠢ᠂ ᠰᠤᠷᠬᠤ ᠪᠠᠨ ᠮᠠᠳᠠᠭᠡᠳᠤᠢ︾ ᠭᠡᠵᠦ ᠪᠠᠭᠰᠢ ᠭᠡᠯᠠᠳᠡᠭ ᠨᠢ ᠴᠢᠬᠢᠨ ᠳᠤ ᠠᠶᠠᠳᠠᠢ ᠰᠤᠨᠤᠰᠳᠠᠬᠤ ᠪᠤᠯᠪᠠᠴᠤ

ᠭᠡᠷᠡᠭ ᠲᠡᠭᠡᠷ᠎ᠠ ᠪᠠᠨ ᠲᠠᠷᠠ ᠭᠡᠤᠭᠡᠳ ᠰᠤᠷᠬᠤ ᠵᠠᠮ ᠳᠤ ᠤᠷᠤᠬᠤ ᠪᠠᠶᠢᠳᠤᠭᠠᠢ᠂ ᠰᠤᠷᠬᠤ ᠭᠦᠯ ᠳᠤ ᠨᠢ ᠴᠤ

ᠤᠷᠤᠭᠠᠳᠤᠢ ᠭᠡᠰᠡᠨ ᠢ ᠲᠤᠳᠤᠳᠬᠠᠵᠤ ᠪᠠᠶᠢᠭ᠎ᠠ ᠶᠤᠮ᠃ ᠰᠤᠷᠤᠭᠴᠢᠳ ᠶᠠᠮᠠᠷ ᠨᠢᠭᠡᠨ ᠰᠢᠯᠳᠠᠭᠠᠨ ᠠᠴᠠ ᠪᠤᠯᠵᠤ

ᠬᠠᠶᠠ ᠰᠢᠯᠭᠠᠯᠳᠠ ᠳᠤ ᠠᠨᠠᠢ ᠬᠢᠷᠢ ᠪᠦᠳᠤᠮᠵᠢ ᠤᠯᠵᠤ ᠪᠤᠯᠤᠨ᠎ᠠ᠂ ᠭᠡᠳᠡᠯ᠎ᠠ ᠤᠳᠠᠭ᠎ᠠ ᠪᠤᠯᠭᠠᠨ ᠤ ᠰᠢᠯᠭᠠᠯᠳᠠ ᠳᠤ

ᠲᠠᠪᠤ᠂ ᠠᠷᠪᠠᠨ ᠬᠤᠪᠢ ᠰᠢᠯᠭᠠᠳᠠᠬ ᠭᠡᠤᠭᠡᠳ ᠯᠠᠪᠳᠠᠢ ᠠᠩᠬ᠎ᠠ ᠲᠤᠭᠠᠨ ᠤ ᠤᠬᠠᠭᠠᠨ ᠢ ᠰᠤᠷᠬᠤ ᠵᠠᠮ  ᠳᠤ ᠨᠢ

ᠤᠷᠤᠭᠠᠳᠤᠢ ᠪᠠᠶᠢᠭᠰᠠᠭᠠᠷ ᠶᠤᠮ᠃ ᠴᠢᠨᠠᠭᠰᠢᠯᠠᠨ ᠲᠤᠭᠠᠨ ᠤ ᠤᠬᠠᠭᠠᠨ ᠰᠤᠷᠬᠤ ᠭᠦᠯ ᠳᠤ ᠨᠢ ᠴᠤ ᠤᠷᠤᠭᠠᠳᠤᠢ

ᠪᠠᠶᠢᠵᠤ ᠮᠠᠳᠠᠨ᠎ᠠ᠃ ᠵᠠᠷᠢᠮ ᠭᠡᠤᠭᠡᠳ ᠲᠤᠭᠠᠨ ᠤ ᠤᠬᠠᠭᠠᠨ ᠰᠤᠷᠬᠤ ᠵᠠᠮ ᠳᠤ ᠨᠢ ᠤᠷᠤᠭᠰᠠᠨ ᠪᠤᠯᠪᠠᠴᠤ

ᠰᠢᠯᠭᠠᠯᠳᠠ ᠳᠤ ᠬᠢᠷᠢ ᠲᠡᠩᠴᠡᠭᠦ ᠦᠭᠡᠢ ᠪᠠᠶᠢᠳᠠᠯ ᠭᠠᠷᠴᠤ ᠮᠠᠳᠠᠨ᠎ᠠ᠂ ᠭᠡᠳᠡᠯ᠎ᠠ ᠲᠤᠭᠠᠨ ᠤ ᠤᠬᠠᠭᠠᠨ ᠰᠤᠷᠬᠤ ᠵᠠᠮ 

 ᠳᠤ ᠨᠢ ᠤᠷᠤᠭᠰᠠᠨ ᠦᠭᠡᠢ ᠪᠤᠯ ᠶᠠᠮᠠᠷᠪᠠ ᠰᠢᠯᠭᠠᠯᠳᠠ ᠳᠤ ᠯᠠᠪᠳᠠᠢ ᠬᠢᠷᠢ ᠲᠡᠩᠴᠡᠭᠦ ᠦᠭᠡᠢ ᠶᠤᠮ᠃ ᠡᠨᠡ ᠨᠢ ᠮᠦᠨ

ᠴᠤ ᠬᠠᠮᠤᠭ ᠤᠨ ᠲᠤᠤᠷᠠᠳᠤ ᠲᠠᠰ ᠤᠨ ᠪᠠᠷᠢᠮᠵᠢᠶ᠎ᠠ ᠱᠠᠭᠠᠷᠳᠠᠯᠭ᠎ᠠ ᠶᠤᠮ᠃ ᠵᠦᠪᠭᠡᠨ ᠰᠤᠷᠤᠭᠴᠢᠳ ᠢ ᠲᠤᠭᠠᠨ ᠤ

ᠤᠬᠠᠭᠠᠨ ᠰᠤᠷᠬᠤ ᠵᠠᠮ ᠳᠤ ᠤᠷᠤᠭᠤᠯᠤᠭᠰᠠᠨ ᠤᠷᠢᠳᠠᠯ ᠲᠤᠤᠷ᠎ᠠ ᠰᠠᠶ᠋ᠢ ᠲᠠᠳᠠᠨ ᠤ ᠲᠤᠭᠠᠨ ᠤ ᠤᠬᠠᠭᠠᠨ ᠤ

ᠰᠢᠯᠭᠠᠯᠳᠠ ᠶᠢᠨ ᠬᠢᠷᠢ ᠪᠦᠳᠤᠮᠵᠢ ᠲᠤᠭᠠᠨ ᠤ ᠤᠬᠠᠭᠠᠨ ᠤ ᠴᠢᠳᠠᠪᠤᠷᠢ᠂ ᠲᠤᠭᠠᠨ ᠤ ᠤᠬᠠᠭᠠᠨ ᠤ ᠭᠡᠪ ᠪᠤᠯᠪᠠᠰᠤᠷᠠᠯ

ᠵᠡᠷᠭᠡ ᠶᠢ ᠲᠡᠭᠡᠭᠰᠢᠯᠠᠭᠦᠯᠵᠦ ᠲᠤᠭᠠᠨ ᠤ ᠤᠬᠠᠭᠠᠨ ᠤ ᠬᠢᠷᠢ ᠲᠦᠪᠰᠢᠨ ᠢ ᠦᠨᠳᠤᠷᠵᠢᠭᠦᠯᠭᠦ ᠪᠤᠯᠤᠮᠵᠢ ᠲᠠᠢ          

ᠪᠠᠶᠢᠳᠠᠬ᠃ ᠰᠤᠷᠤᠭᠴᠢᠳ ᠠᠩᠬ᠎ᠠ ᠲᠤᠮᠳᠠᠳᠤ ᠶᠢᠨ ᠲᠤᠭᠠᠨ ᠤ ᠤᠬᠠᠭᠠᠨ ᠢ ᠰᠤᠷᠬᠤ ᠵᠠᠮ ᠳᠤ ᠨᠢ ᠤᠷᠤᠴᠢᠬᠠᠪᠠᠯ

ᠲᠠᠭᠡᠳᠤ ᠲᠤᠮᠳᠠᠳᠤ ᠶᠢᠨ ᠲᠤᠭᠠᠨ ᠤ ᠤᠬᠠᠭᠠᠨ ᠢ ᠰᠤᠷᠬᠤ ᠳᠤ ᠦᠨᠳᠤᠰᠤᠨ ᠳᠤ ᠪᠠᠨ ᠭᠦᠴᠢᠷᠳᠠᠭᠦ ᠦᠭᠡᠢ

ᠪᠤᠯᠴᠢᠬᠠᠬᠤ ᠶᠤᠮ᠃ ᠵᠠᠷᠢᠮ ᠭᠡᠤᠭᠡᠳ ᠲᠡᠭᠡᠳᠤ ᠲᠤᠮᠳᠠᠳᠤ ᠳᠤ ᠤᠷᠤᠴᠢᠬᠠᠭᠠᠳ ᠲᠤᠭᠠᠨ ᠤ ᠤᠬᠠᠭᠠᠨ ᠰᠤᠷᠬᠤ ᠪᠠᠷ

ᠭᠦᠴᠦᠯᠡᠭᠰᠡᠨ ᠴᠤ ᠰᠤᠷᠴᠤ ᠲᠠᠶᠢᠯᠭᠦ ᠦᠭᠡᠢ ᠪᠠᠶᠢᠳᠠᠬ ᠨᠢ ᠲᠠᠷᠠ ᠵᠦᠪᠭᠡᠨ ᠲᠤᠭᠠᠨ ᠤ ᠤᠬᠠᠭᠠᠨ ᠰᠤᠷᠬᠤ

ᠬᠦᠯ ᠳᠤ ᠨᠢ ᠤᠷᠤᠭᠰᠠᠨ ᠲᠠᠳᠤᠢ᠂ ᠲᠤᠭᠠᠨ ᠤ ᠤᠬᠠᠭᠠᠨ ᠰᠤᠷᠬᠤ ᠵᠠᠮ ᠳᠤ ᠨᠢ ᠮᠦᠨ ᠯᠡ ᠤᠷᠤᠭᠠᠳᠤᠢ ᠪᠠᠶᠢᠭ᠎ᠠ

ᠳ᠋ᠠ᠃ ᠲᠡᠭᠡᠳᠤ ᠲᠤᠮᠳᠠᠳᠤ ᠶᠢᠨ ᠰᠤᠷᠬᠤ ᠠᠭᠤᠯᠭ᠎ᠠ ᠲᠠᠢ ᠬᠤᠯᠪᠤᠭᠳᠠᠬᠤ ᠠᠩᠬ᠎ᠠ ᠲᠤᠮᠳᠠᠳᠤ ᠶᠢᠨ ᠵᠠᠷᠢᠮ

ᠮᠠᠳᠠᠯᠭᠡ ᠶᠢ ᠤᠢᠢᠯᠠᠭᠠᠵᠤ ᠡᠵᠡᠮᠰᠢᠭᠦ ᠶᠢᠨ ᠵᠡᠷᠭᠡᠳᠠ ᠵᠤᠬᠢᠬᠤ ᠭᠡᠮᠵᠢᠶᠠᠨ ᠤ ᠰᠠᠳᠤᠪ ᠬᠢᠵᠤ ᠪᠤᠯᠪᠠᠰᠤᠷᠠᠬᠤ

ᠴᠢᠬᠤᠯᠠ ᠲᠠᠢ ᠶᠤᠮ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠭᠦᠭᠡᠬᠤᠳᠠ ᠶᠢᠨ ᠮᠤᠩᠭᠤᠯ ᠦᠨᠳᠤᠰᠤᠳᠠᠨ ᠤ ᠰᠤᠷᠭᠠᠭᠤᠯᠢ 

                              ︵ᠮᠦᠡᠭᠭᠦᠨᠴᠢᠮᠡᠭ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map