ᠰᠤᠷᠭᠠᠨ ᠭᠦᠮᠦᠵᠢᠯ ᠤᠨ ᠲᠤᠬᠠᠢ ᠲᠠᠰᠤᠭ ᠪᠤᠰᠤᠬ ᠦᠵᠡᠯᠳᠡ
ᠨᠡᠶᠢᠲᠡᠯᠡᠭᠰᠡᠨ ᠴᠠᠭ᠄
2024/4/19
                     ᠪᠦᠷᠢᠨᠳᠦᠶᠠᠭ᠎ᠠ

教学论坛.png

      ᠪᠢ ᠪᠣᠯ ᠨᠢᠭᠡᠨ ᠪᠠᠭ᠎ᠠ ᠰᠤᠷᠭᠠᠭᠤᠯᠢ ᠶᠢᠨ ᠮᠣᠩᠭᠤᠯ ᠬᠡᠯᠡᠨ ᠤ ᠪᠠᠭᠰᠢ ᠶᠤᠮ᠃᠂ ᠯᠢ ᠰᠢ ᠬᠦᠢ ᠪᠠᠭᠰᠢ ᠶᠢᠨ

︽ᠴᠢᠯᠦᠭᠡᠳᠤ ᠠᠮᠢᠰᠬᠤᠯᠳᠤ ᠰᠤᠷᠭᠠᠨ ᠬᠥᠮᠦᠵᠢᠯ︾ ᠭᠡᠬᠦ ᠨᠣᠮ  ᠢ ᠤᠩᠰᠢᠭᠠᠳ ᠶᠡᠭᠡ ᠰᠡᠩᠬᠡᠷᠡᠭᠦᠯᠦᠯ ᠭᠦᠷᠳᠡᠵᠦ᠂

ᠶᠡᠭᠡ ᠣᠯᠤᠯᠲᠠ ᠲᠠᠢ ᠪᠣᠯᠤᠭᠰᠠᠨ ᠶᠤᠮ᠃ ᠲᠡᠷᠡ ᠨᠤᠮ ᠳᠤ ᠮᠠᠨ ᠤ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ

ᠨᠠᠷ ᠤᠨ ᠳᠡᠷᠭᠡᠳᠡ ᠭᠠᠷᠴᠤ ᠥᠩᠭᠡᠷᠡᠭᠰᠡᠨ ᠶᠠᠪᠤᠳᠠᠯ ᠤᠳ ᠢ ᠶᠠᠷᠢᠵᠤ᠂ ᠬᠡᠯᠡ ᠪᠢᠴᠢᠭ ᠢ ᠵᠢᠭᠠᠬᠤ ᠠᠷᠭ᠎ᠠ᠂

ᠰᠤᠷᠤᠭᠴᠢᠳ ᠤᠨ ᠰᠤᠷᠭᠠᠨ ᠬᠥᠮᠦᠵᠢᠯ ᠤᠨ ᠣᠶᠢᠯᠠᠭᠠᠭᠳᠠᠬᠤᠨ ᠪᠠ ᠪᠠᠭᠰᠢ ᠶᠢ ᠬᠥᠮᠦᠵᠢᠭᠦᠯᠬᠦ ᠠᠷᠭ᠎ᠠ ᠵᠡᠷᠭᠡ

ᠲᠠᠯ᠎ᠠ ᠪᠠᠷ ᠨᠠᠷᠢᠨ ᠨᠢᠮᠪᠠᠢ ᠶᠠᠷᠢᠭᠰᠠᠨ ᠪᠠᠶᠢᠳᠠᠭ᠃

      ᠨᠢᠭᠡ᠂ ᠮᠢᠨᠦ ᠨᠢᠳᠤᠨ ᠳᠠᠬᠢ ᠰᠤᠷᠭᠠᠨ ᠬᠥᠮᠦᠵᠢᠯ

      ᠯᠢ ᠰᠢ ᠬᠦᠶ ᠪᠠᠭᠰᠢ᠄ ︽ᠰᠤᠷᠭᠠᠨ ᠬᠥᠮᠦᠵᠢᠯ ᠪᠣᠯ ᠶᠡᠷᠦ ᠠᠴᠠ ᠪᠠᠨ ᠳᠥᠭᠦᠮᠬᠡᠨ ᠪᠠᠶᠢᠳᠠᠭ᠂

ᠰᠤᠷᠭᠠᠭᠤᠯᠢ ᠶᠢᠨ ᠬᠦᠷᠢᠶᠡᠨ ᠳᠤ ᠠᠷᠠᠳᠴᠢᠯᠠᠯ ᠲᠠᠢ᠂ ᠡᠷᠬᠡ ᠲᠡᠭᠰᠢ ᠠᠭᠤᠷ ᠠᠮᠢᠰᠬᠤᠯ ᠢ ᠪᠢᠯᠬᠠᠭᠤᠯᠵᠤ᠂ ᠪᠠᠭᠰᠢ᠂

ᠰᠤᠷᠤᠭᠴᠢᠳ ᠢ ᠰᠤᠷᠭᠠᠭᠤᠯᠢ ᠶᠢᠨ ᠬᠦᠷᠢᠶᠡᠨ ᠳᠤ ᠴᠢᠯᠥᠭᠡᠲᠡᠶ ᠠᠮᠢᠰᠬᠤᠭᠤᠯᠤᠨ᠎ᠠ︾ ᠬᠡᠵᠦ ᠪᠢᠴᠢᠭᠰᠡᠨ ᠪᠠᠶᠢᠳᠠᠭ᠃

      ᠤᠯᠠᠨ ᠤ ᠮᠡᠳᠡᠭᠡᠵᠢ ᠪᠠᠷ᠂ ᠰᠤᠷᠭᠠᠨ ᠬᠥᠮᠦᠵᠢᠯ ᠨᠢ ᠦᠨᠡᠨ ᠳᠤ ᠪᠠᠨ ᠭᠡᠷ ᠤᠨ ᠬᠥᠮᠦᠵᠢᠯ᠂ ᠰᠤᠷᠭᠠᠭᠤᠯᠢ ᠶᠢᠨ

ᠬᠥᠮᠦᠵᠢᠯ᠂ ᠨᠡᠶᠢᠭᠡᠮ ᠤᠨ ᠬᠥᠮᠦᠵᠢᠯ᠂ ᠥᠪᠡᠷ ᠤᠨ ᠬᠥᠮᠦᠵᠢᠯ ᠵᠡᠷᠭᠡ ᠳᠦᠷᠪᠡᠨ ᠬᠡᠰᠡᠭ ᠢᠶᠠᠷ ᠪᠦᠷᠢᠯᠳᠦᠳᠡᠭ᠂ ᠡᠨᠡ ᠭᠦ

ᠳᠦᠷᠪᠡᠨ ᠬᠡᠰᠡᠭ ᠤᠨ ᠭᠡᠰᠡᠭ ᠪᠦᠷᠢ ᠨᠢ ᠬᠡᠦᠬᠡᠳ ᠤᠨ ᠡᠷᠡᠭᠦᠯ ᠰᠠᠷᠠᠭᠤᠯ ᠦᠰᠦᠨ ᠪᠦᠢᠵᠢᠯᠳᠠ ᠳᠤ ᠭᠦᠨ ᠭᠦᠨᠵᠡᠭᠡᠶ

ᠨᠥᠯᠥᠭᠡ ᠦᠵᠡᠭᠦᠯᠳᠡᠭ᠃ ᠲᠠᠷᠠ ᠨᠢ ᠬᠠᠷᠢᠯᠴᠠᠨ ᠤᠶᠠᠯᠳᠤᠵᠦ᠂ ᠬᠠᠷᠢᠯᠴᠠᠨ ᠤᠶᠢᠯᠡᠴᠢᠯᠡᠪᠡᠯ ᠰᠠᠶ᠋ᠢ ᠢᠷᠡᠭᠡᠳᠦᠶ ᠶᠢᠨ

ᠬᠡᠷᠡᠭᠴᠡᠭᠡᠨ ᠳᠤ ᠳᠣᠭᠢᠷᠬᠠᠰᠠᠨ ᠴᠢᠳᠠᠪᠤᠷᠢᠲᠠᠨ ᠢ ᠬᠥᠮᠦᠵᠢᠭᠦᠯᠵᠦ ᠴᠢᠳᠠᠳᠠᠭ᠃

      1. ᠭᠡᠷ ᠤᠨ ᠬᠥᠮᠦᠵᠢᠯ

      ᠭᠡᠷ ᠤᠨ ᠬᠥᠮᠦᠵᠢᠯ ᠪᠣᠯ ᠬᠡᠦᠬᠡᠳ ᠤᠨ ᠬᠠᠶᠢᠷ᠎ᠠ ᠰᠡᠳᠬᠢᠯᠭᠡ ᠂ ᠵᠠᠩ ᠠᠭᠠᠰᠢ ᠶᠢ ᠬᠥᠮᠦᠵᠢᠭᠦᠯᠬᠦ ᠵᠠᠩᠭᠢᠯᠠᠭ᠎ᠠ

ᠮᠥᠨ᠃ ᠯᠢ ᠰᠢ ᠬᠦᠶ ᠪᠠᠭᠰᠢ᠄ ︽ᠰᠠᠶᠢᠨ ᠰᠠᠶᠢᠬᠠᠨ ᠬᠥᠮᠦᠨᠴᠢ ᠴᠢᠨᠠᠷ ᠢ ᠪᠣᠶ ᠪᠣᠯᠭᠠᠬᠤ ᠳᠤ ᠤᠨᠴᠠᠭᠠᠢ ᠰᠤᠷᠭᠠᠨ

ᠬᠥᠮᠦᠵᠢᠯ ᠤᠨ ᠠᠷᠭ᠎ᠠ ᠪᠠᠷᠢᠯ ᠬᠡᠷᠡᠭ ᠥᠬᠡᠶ᠂ ᠡᠶ᠎ᠡ ᠨᠠᠶᠢᠷᠲᠠᠶ ᠠᠭᠤᠷ ᠠᠮᠢᠰᠬᠤᠯ᠂ ᠡᠶ᠎ᠡ ᠵᠣᠬᠢᠴᠠᠯ ᠲᠠᠢ ᠬᠥᠮᠦᠨ ᠤ

ᠬᠤᠭᠤᠷᠣᠨᠳᠣᠬᠢ ᠬᠠᠷᠢᠴᠠᠭ᠎ᠠ᠂ ᠲᠤᠮᠤ ᠭᠦᠮᠤᠰ ᠤᠨ ᠴᠠᠶᠢᠯᠭᠠᠨ ᠰᠡᠳᠬᠢᠯ᠂ ᠠᠷᠠᠳᠴᠢᠯᠠᠯ᠂ ᠠᠭᠤᠳᠠᠮᠴᠢ ᠰᠡᠳᠬᠢᠯ᠂

ᠥᠷᠥᠰᠢᠶᠡᠯ ᠬᠠᠶᠢᠷ᠎ᠠ ᠵᠡᠷᠭᠡ ᠨᠢ ᠰᠠᠶᠢᠨ ᠰᠠᠶᠢᠬᠠᠨ ᠬᠥᠮᠦᠨᠴᠢ ᠴᠢᠨᠠᠷ ᠤᠨ ᠦᠰᠦᠨ ᠪᠤᠶᠢᠵᠢᠯᠲᠠ ᠶᠢᠨ ᠬᠠᠮᠤᠭ ᠤᠨ

ᠲᠣᠬᠢᠷᠠᠮᠵᠢᠲᠠᠶ ᠬᠥᠷᠥᠰᠥ ᠰᠢᠷᠣᠶ ᠮᠥᠨ᠃ ᠲᠡᠳᠡᠭᠡᠷ ᠢ ᠠᠯᠳᠠᠪᠠᠯ ᠶᠠᠮᠠᠷᠪᠠ ᠰᠤᠷᠭᠠᠨ ᠬᠥᠮᠦᠵᠢᠯ ᠴᠥᠮ ᠲᠠᠯᠠᠭᠠᠷ

ᠪᠣᠯᠤᠨ᠎ᠠ︾ ᠭᠡᠵᠦ ᠬᠡᠯᠡᠭᠰᠡᠨ ᠪᠠᠶᠢᠳᠠᠭ᠃ ᠵᠦᠢ ᠵᠣᠬᠢᠰᠲᠠᠶ ᠬᠡᠷ ᠤᠨ ᠬᠥᠮᠦᠵᠢᠯ ᠨᠢ ᠭᠡᠤᠬᠡᠳ ᠢ ᠢᠲᠡᠭᠡᠯ ᠲᠠᠢ᠂

ᠪᠡᠶ᠎ᠡ ᠪᠠᠨ ᠳᠠᠭᠠᠭᠠᠬᠤ ᠥᠪᠡᠷᠮᠢᠴᠡ ᠵᠠᠩ ᠠᠷᠠᠨᠰᠢᠨ ᠲᠠᠢ ᠪᠣᠯᠭᠠᠵᠤ ᠴᠢᠳᠠᠨ᠎ᠠ᠃ ᠭᠡᠷ ᠤᠨ ᠬᠥᠮᠦᠵᠢᠯ ᠳᠤᠲᠠᠭᠳᠠᠪᠠᠯ

ᠬᠡᠦᠬᠡᠳ ᠤᠨ ᠵᠠᠩ ᠴᠢᠨᠠᠷ ᠢ ᠦᠬᠡᠨᠴᠡ ᠲᠤᠷᠤᠢ ᠪᠣᠯᠭᠠᠬᠤ ᠪᠤᠶᠤ ᠤᠮᠤᠷᠬᠠᠭ ᠪᠠᠷᠳᠠᠮ ᠪᠤᠯᠭᠠᠵᠦ ᠮᠡᠳᠡᠬᠦ          

ᠶᠤᠮ᠃ ᠭᠡᠷ ᠤᠨ ᠠᠬᠠᠮᠠᠳ ᠬᠡᠤᠬᠡᠳ ᠢ ᠬᠡᠲᠦᠷᠬᠡᠶ ᠡᠩᠬᠦᠷᠡᠶᠢᠯᠡᠨ ᠬᠠᠶᠢᠷᠠᠯᠠᠪᠠᠯ ᠬᠡᠦᠬᠡᠳ ᠢᠶᠠᠨ ᠠᠮᠢᠨᠴᠢᠷ ᠪᠣᠯᠭᠠᠵᠤ᠂

ᠶᠠᠮᠠᠷ ᠴᠤ ᠰᠠᠯᠬᠢ ᠪᠣᠷᠣᠭᠠᠨ ᠳᠤ ᠴᠣᠬᠢᠭᠳᠠᠬᠤ ᠶᠢ ᠲᠠᠭᠠᠭᠠᠵᠦ ᠴᠢᠳᠠᠬᠤ ᠦᠭᠡᠢ ᠪᠣᠯᠭᠠᠳᠠᠭ ᠮᠦᠷᠳᠡᠭᠡᠨ ᠬᠠᠷᠢᠨ

ᠪᠤᠰᠤᠳ ᠢᠶᠠᠷ ᠬᠠᠶᠢᠷᠠᠯᠠᠭᠤᠯᠬᠤ ᠶᠢ ᠮᠡᠳᠡᠬᠡᠳ᠂ ᠪᠤᠰᠤᠳ ᠢ ᠬᠠᠶᠢᠷᠠᠯᠠᠬᠤ ᠰᠡᠳᠬᠢᠯ ᠦᠬᠡᠢ ᠪᠤᠯᠳᠠᠭ᠃ ᠭᠡᠷ ᠤᠨ

ᠠᠬᠠᠮᠠᠳ ᠬᠡᠦᠬᠡᠳ ᠢᠶᠠᠨ ᠭᠡᠷ ᠤᠨ ᠠᠵᠢᠯ ᠬᠢᠯᠭᠡᠬᠦ ᠦᠭᠡᠢ᠂ ᠶᠠᠮᠠᠷ ᠴᠤ ᠬᠥᠳᠡᠯᠮᠦᠷᠢ ᠳᠤ ᠣᠷᠣᠯᠴᠠᠭᠤᠯᠬᠤ ᠦᠭᠡᠢ

ᠪᠣᠯ ᠬᠡᠦᠬᠡᠳ ᠪᠡᠶ᠎ᠡ ᠪᠠᠨ ᠳᠠᠭᠠᠭᠠᠬᠤ ᠴᠢᠳᠠᠪᠤᠷᠢ ᠦᠬᠡᠢ ᠪᠤᠯᠤᠨ᠎ᠠ᠃ ᠬᠡᠦᠬᠡᠳ ᠤᠨ ᠰᠤᠷᠤᠯᠭ᠎ᠠ ᠶᠢ ᠬᠡᠲᠦᠷᠬᠡᠶ

ᠴᠢᠬᠤᠯᠠᠴᠢᠯᠠᠪᠠᠯ ᠰᠤᠷᠤᠯᠭ᠎ᠠ ᠶᠢᠨ ᠳᠠᠷᠤᠭᠠᠰᠤ ᠨᠢ ᠲᠡᠭᠦᠨ ᠤ ᠳᠠᠭᠠᠭᠠᠵᠤ ᠳᠡᠶᠢᠯᠬᠦ ᠴᠢᠳᠠᠪᠤᠷᠢ ᠠᠴᠠ ᠬᠡᠲᠦᠷᠡᠭᠰᠡᠨ

ᠦᠶ᠎ᠡ ᠳᠤ ᠬᠡᠦᠬᠡᠳ ᠰᠤᠷᠤᠯᠭ᠎ᠠ ᠳᠤ ᠳᠤᠷ᠎ᠠ ᠦᠭᠡᠶᠢᠴᠡᠳᠡᠭ᠃ ᠭᠡᠷ ᠤᠨ ᠠᠬᠠᠮᠠᠳ ᠬᠡᠦᠬᠡᠳ ᠤᠨ ᠢᠶᠠᠨ ᠡᠳ᠋

ᠪᠣᠳᠠᠰ ᠤᠨ ᠬᠦᠰᠡᠯ ᠢ ᠬᠡᠲᠦᠷᠬᠡᠶ ᠬᠠᠩᠭᠠᠪᠠᠯ ᠶᠡᠭᠡ ᠬᠡᠮᠵᠢᠶᠡᠨ ᠤ ᠵᠣᠭᠤᠰ ᠵᠠᠷᠤᠳᠠᠭ ᠬᠥᠮᠦᠨ ᠪᠣᠯᠳᠠᠭ᠃ ᠬᠡᠦᠬᠡᠳ

ᠬᠠᠷᠠᠬᠠᠨ ᠪᠠᠭ᠎ᠠ ᠠᠴᠠ ᠪᠠᠨ ᠠᠪᠤ ᠡᠵᠢ ᠶᠢᠨ ᠢᠶᠠᠨ ᠬᠠᠶᠢᠷ᠎ᠠ ᠬᠠᠯᠠᠮᠵᠢ ᠶᠢ ᠬᠦᠷᠲᠡᠵᠦ ᠴᠢᠳᠠᠭᠰᠠᠨ ᠦᠭᠡᠢ ᠪᠣᠯ

ᠬᠠᠶᠢᠷ᠎ᠠ ᠨᠠᠶᠢᠷ ᠦᠭᠡᠢ ᠬᠥᠮᠦᠨ ᠪᠣᠯᠤᠨ᠎ᠠ᠃ ᠬᠡᠦᠬᠡᠳ ᠢ ᠬᠡᠲᠦᠷᠬᠡᠶ ᠬᠠᠶᠢᠷᠠᠯᠠᠵᠤ ᠪᠣᠯᠬᠤ ᠦᠭᠡᠢ᠂ ᠨᠡᠩ ᠴᠤ

ᠬᠠᠶᠢᠷ᠎ᠠ ᠪᠠᠷ ᠲᠤᠳᠠᠭᠤᠯᠵᠦ ᠪᠣᠯᠬᠤ ᠦᠭᠡᠢ᠂

      2. ᠰᠤᠷᠭᠠᠭᠤᠯᠢ ᠶᠢᠨ ᠬᠥᠮᠦᠵᠢᠯ

      ᠮᠡᠳᠡᠯᠭᠡ ᠶᠢᠨ ᠬᠥᠮᠦᠵᠢᠯ ᠢ ᠭᠤᠣᠯᠳᠠᠭᠤ ᠰᠤᠷᠭᠠᠭᠤᠯᠢ ᠠᠴᠠ ᠪᠡᠶᠡᠯᠡᠭᠦᠯᠳᠡᠭ᠂ ᠰᠤᠷᠭᠠᠭᠤᠯᠢ ᠶᠢᠨ

ᠮᠡᠳᠡᠯᠭᠡ ᠶᠢᠨ ᠬᠥᠮᠦᠵᠢᠯ ᠪᠣᠯ ᠰᠢᠨᠵᠢᠯᠡᠭᠡᠨ ᠤ ᠰᠠᠯᠠᠭ᠎ᠠ ᠶᠢ ᠴᠢᠩᠭ᠎ᠠ ᠵᠢᠷᠤᠮᠯᠠᠨ ᠠᠩᠭᠢᠯᠠᠭᠰᠠᠨ ᠬᠡᠰᠡᠭᠴᠢᠯᠡᠭᠰᠡᠨ

ᠮᠡᠳᠡᠯᠭᠡ ᠪᠣᠯᠤᠨ᠎ᠠ᠃ ᠰᠣᠷᠣᠭᠰᠠᠨ ᠮᠡᠳᠡᠯᠭᠡ ᠪᠣᠯ ᠬᠠᠷᠢᠯᠴᠠᠨ ᠠᠭᠤᠰᠤᠯᠴᠠᠭᠰᠠᠨ ᠪᠦᠬᠦᠯᠢ ᠴᠣᠭᠴᠠ ᠶᠢᠨ ᠮᠡᠳᠡᠯᠭᠡ

ᠪᠢᠰᠢ᠃ ᠰᠤᠷᠭᠠᠭᠤᠯᠢ ᠶᠢᠨ ᠰᠤᠷᠭᠠᠨ ᠬᠥᠮᠦᠵᠢᠯ ᠳᠤ ᠬᠡᠳᠦ᠋ᠢᠪᠡᠷ ᠬᠡᠪ ᠴᠢᠨᠠᠷ ᠤᠨ ᠰᠤᠷᠭᠠᠨ ᠬᠥᠮᠦᠵᠢᠯ ᠢ

ᠴᠢᠬᠤᠯᠠᠴᠢᠯᠠᠳᠠᠭ ᠪᠣᠯᠪᠠᠴᠤ ᠶᠡᠷᠦᠩᠬᠡᠶ ᠳᠤ ᠪᠠᠨ ᠪᠠᠭ᠎ᠠ ᠰᠤᠷᠭᠠᠭᠤᠯᠢ ᠠᠴᠠ ᠡᠬᠢᠯᠡᠨ ᠮᠡᠳᠡᠯᠭᠡ ᠤᠯᠠᠮᠵᠢᠯᠠᠬᠤ ᠪᠠᠷ

ᠭᠤᠣᠯ ᠪᠣᠯᠭᠠᠵᠤ᠂ ᠰᠢᠯᠭᠠᠯᠲᠠ ᠶᠢᠨ ᠰᠤᠷᠭᠠᠨ ᠬᠥᠮᠦᠵᠢᠯ ᠢ ᠴᠢᠬᠤᠯᠠᠴᠢᠯᠠᠳᠠᠭ᠃ ᠰᠤᠷᠭᠠᠭᠤᠯᠢ ᠶᠢᠨ ᠰᠤᠷᠭᠠᠨ

ᠬᠥᠮᠦᠵᠢᠯ ᠳᠤ ᠯᠢ ᠰᠢ ᠭᠦᠢ ᠪᠠᠭᠰᠢ᠄ ︽ᠰᠤᠷᠤᠭᠴᠢᠳ ᠢ ᠢᠯᠡᠭᠦᠦ ᠰᠠᠶᠢᠰᠢᠶᠡᠵᠦ᠂ ᠲᠤᠳᠠᠭᠤ ᠰᠢᠭᠦᠮᠵᠢᠯᠡᠭᠦ︾ ᠶᠢ

ᠪᠠᠷᠢᠮᠳᠠᠯᠠᠬᠤ ᠬᠡᠷᠡᠭᠲᠡᠶ᠃ ᠢᠯᠠᠩᠭᠤᠶ᠎ᠠ ᠦᠰᠦᠨ ᠪᠤᠶᠢᠵᠢᠵᠤ ᠪᠠᠶᠢᠭ᠎ᠠ ᠳᠤᠮᠳᠠᠳᠤ᠂ ᠪᠠᠭ᠎ᠠ ᠰᠤᠷᠭᠠᠭᠤᠯᠢ ᠶᠢᠨ

ᠰᠤᠷᠤᠭᠴᠢᠳ ᠤᠨ ᠶᠠᠮᠠᠷ ᠨᠢᠭᠡᠨ ᠪᠠᠭᠰᠢ ᠠᠴᠠ ᠪᠠᠨ ᠤᠯᠤᠭᠰᠠᠨ ᠶᠠᠪ ᠴᠠᠪ ᠳᠣᠭᠢᠷᠬᠠᠰᠠᠨ ᠮᠠᠭᠲᠠᠭᠠᠯ ᠰᠠᠶᠢᠰᠢᠶᠠᠯ ᠨᠢ

ᠲᠡᠭᠦᠨ ᠤ ᠠᠮᠢᠳᠤᠷᠠᠯ ᠳᠤ ᠮᠠᠷᠲᠠᠭᠳᠠᠰᠢ ᠦᠭᠡᠢ ᠴᠢᠬᠤᠯᠠ ᠶᠡᠭᠡ ᠨᠥᠯᠥᠭᠡ ᠭᠠᠷᠭᠠᠵᠦ ᠮᠡᠳᠡᠨ᠎ᠡ᠃ ᠭᠡᠪᠡᠴᠦ ᠬᠡᠲᠦᠷᠬᠡᠶ

ᠮᠠᠭᠲᠠᠪᠠᠯ ᠪᠠᠰᠠ ᠡᠰᠡᠷᠭᠦ ᠦᠢᠯᠡᠳᠦᠯ ᠭᠠᠷᠭᠠᠨ᠎ᠠ᠃ ᠣᠳᠣᠬᠠᠨ ᠳᠤ ᠬᠡᠦᠬᠡᠳ ᠢ ᠶᠡᠭᠡ ᠪᠠᠷ ᠨᠦᠯᠦᠬᠡᠯᠡᠵᠦ ᠪᠠᠶᠢᠭ᠎ᠠ ᠨᠢ᠂

ᠪᠠᠭᠰᠢ ᠨᠠᠷ ᠶᠠᠮᠠᠷ ᠴᠤ ᠳᠦᠷᠢᠮ ᠭᠤᠷᠢᠮ ᠦᠭᠡᠢ᠂ ᠶᠠᠮᠠᠷ ᠴᠤ ᠦᠨᠳᠦᠰᠦ ᠪᠠᠷᠢᠮᠲᠠ ᠦᠭᠡᠢ ᠪᠠᠷ ᠰᠤᠷᠤᠭᠴᠢᠳ ᠢ

ᠮᠠᠭᠲᠠᠵᠤ᠂ ᠰᠤᠷᠤᠭᠴᠢᠳ ᠢ ᠪᠠᠭᠰᠢ ᠶᠢᠨ ᠢᠶᠠᠨ ᠮᠠᠭᠲᠠᠬᠤ ᠶᠢ ᠢᠲᠡᠭᠡᠬᠦ ᠦᠭᠡᠢ ᠪᠣᠯᠭᠠᠵᠤ᠂ ᠪᠠᠭᠰᠢ ᠨᠢ ᠲᠡᠳᠡᠨ ᠢ

︽ᠮᠡᠬᠡᠯᠡᠵᠦ ᠪᠠᠶᠢᠨ᠎ᠠ︾ ᠬᠡᠰᠡᠨ ᠪᠤᠳᠤᠯ ᠲᠦᠷᠦᠭᠳᠡᠭᠦᠯᠳᠡᠭ ᠪᠠᠶᠢᠨ᠎ᠠ᠃ ᠦᠨᠡᠨ ᠳᠤ ᠪᠠᠨ ᠰᠤᠷᠤᠭᠴᠢᠳ ᠤᠨ ᠡᠯ᠎ᠡ

ᠵᠦᠢᠯ ᠤᠨ ᠰᠠᠶᠢᠨ ᠰᠠᠶᠢᠬᠠᠨ ᠦᠢᠯᠡ ᠠᠵᠢᠯᠯᠠᠭ᠎ᠠ ᠶᠢ ᠪᠦᠷᠢᠮᠦᠰᠦᠨ ᠨᠣᠮᠯᠠᠯ ᠢᠶᠠᠷ ᠬᠥᠮᠦᠵᠢᠭᠦᠯᠵᠦ ᠭᠠᠷᠭᠠᠭᠰᠠᠨ ᠪᠢᠰᠢ᠂

ᠨᠡᠩ ᠴᠢᠬᠤᠯᠠ ᠨᠢ ᠪᠠᠭᠰᠢ ᠪᠠᠨ ᠳᠠᠭᠤᠷᠢᠶᠠᠬᠤ ᠪᠤᠶᠤ ᠲᠡᠭᠦᠨ ᠤ ᠰᠢᠳᠦᠨ ᠪᠢᠰᠢᠷᠡᠳᠡᠭ ᠬᠥᠮᠦᠨ ᠢ ᠳᠠᠭᠤᠷᠢᠶᠠᠵᠤ

ᠠᠭᠠᠵᠢᠮ ᠢᠶᠠᠷ ᠪᠦᠷᠢᠯᠳᠦᠭᠦᠯᠦᠭᠰᠡᠨ ᠶᠤᠮ᠃ ᠡᠶᠢᠮᠦ ᠠᠴᠠ ᠰᠤᠷᠭᠠᠭᠤᠯᠢ ᠳᠤ ᠰᠤᠷᠤᠭᠴᠢᠳ ᠢ ᠬᠥᠮᠦᠵᠢᠭᠦᠯᠬᠦ ᠰᠠᠶᠢᠨ

ᠰᠠᠶᠢᠬᠠᠨ ᠰᠤᠷᠤᠯᠴᠠᠬᠤ ᠠᠭᠤᠷ ᠠᠮᠢᠰᠬᠤᠯ ᠢ ᠪᠤᠶ ᠪᠣᠯᠭᠠᠬᠤ ᠨᠢ ᠲᠦᠢᠯ ᠤᠨ ᠴᠢᠬᠤᠯᠠ ᠶᠤᠮ᠃ ᠣᠷᠴᠢᠨ

ᠲᠣᠭᠤᠷᠢᠨ ᠪᠣᠯ ᠰᠠᠶ᠋ᠢ ᠵᠢᠩᠬᠢᠨᠢ ᠬᠥᠮᠦᠨ ᠢ ᠬᠥᠮᠦᠵᠢᠭᠦᠯᠬᠦ ᠪᠤᠳᠤᠭ ᠤᠨ ᠰᠠᠪᠠ ᠮᠥᠨ᠃ ᠬᠥᠮᠦᠨ ᠢ

ᠬᠥᠮᠦᠵᠢᠭᠦᠯᠬᠦ ᠳᠤ ᠠᠪᠴᠤ ᠬᠡᠯᠡᠪᠡᠯ ᠭᠡᠷ ᠪᠦᠯᠢ ᠶᠢᠨ ᠣᠷᠴᠢᠨ ᠲᠣᠭᠤᠷᠢᠨ᠂ ᠰᠤᠷᠭᠠᠭᠤᠯᠢ ᠶᠢᠨ ᠣᠷᠴᠢᠨ ᠲᠣᠭᠤᠷᠢᠨ᠂

ᠨᠡᠶᠢᠭᠡᠮ ᠤᠨ ᠣᠷᠴᠢᠨ ᠲᠣᠭᠤᠷᠢᠨ ᠪᠦᠷ ᠮᠠᠰᠢ ᠴᠢᠬᠤᠯᠠ ᠪᠠᠶᠢᠳᠠᠭ᠂ ᠬᠡᠷᠪᠡ ᠶᠠᠮᠠᠷ ᠨᠢᠭᠡᠨ ᠬᠡᠰᠡᠭ ᠲᠤ ᠠᠰᠠᠭᠤᠳᠠᠯ

ᠭᠠᠷᠪᠠᠯ ᠬᠥᠮᠦᠨ ᠤ ᠦᠵᠡᠯ ᠰᠠᠨᠠᠭ᠎ᠠ᠂ ᠦᠢᠯᠡ ᠠᠵᠢᠯᠯᠠᠭ᠎ᠠ ᠳᠤ ᠭᠦᠨ ᠭᠦᠨᠵᠡᠭᠡᠶ ᠨᠥᠯᠥᠭᠡ ᠦᠵᠡᠭᠦᠯᠬᠦ ᠪᠣᠯᠤᠨ᠎ᠠ᠃

      3. ᠨᠡᠶᠢᠭᠡᠮ ᠤᠨ ᠬᠥᠮᠦᠵᠢᠯ

      ᠨᠢᠭᠡ ᠨᠡᠶᠢᠭᠡᠮ ᠤᠨ ᠪᠦᠬᠦᠯᠢ ᠴᠣᠭᠴᠠ ᠨᠢ ᠰᠠᠶᠢᠨ ᠪᠣᠯ ᠲᠡᠭᠦᠨ ᠤ ᠪᠦᠭᠦᠢ ᠯᠡ ᠠᠷᠠᠳ ᠢᠷᠭᠡᠳ ᠤᠨ ᠬᠡᠪ

ᠴᠢᠨᠠᠷ ᠨᠢ ᠳᠠᠷᠤᠶ ᠨᠡᠯᠢᠶᠡᠳ ᠰᠠᠶᠢᠨ ᠭᠡᠳᠡᠭ ᠢ ᠪᠢᠳᠡ ᠪᠦᠷ ᠮᠡᠳᠡᠨ᠎ᠡ᠃ ᠢᠤᠢ ᠮᠢᠨ ᠬᠤᠩ ᠬᠡᠯᠡᠬᠦ ᠳᠤ          

 ᠪᠠᠨ᠄ ︽ᠪᠦᠭᠦᠢ ᠯᠡ ᠨᠡᠶᠢᠭᠡᠮ ᠤᠨ ᠰᠢᠰᠲ᠋ᠧᠮ ᠪᠣᠯ ᠬᠥᠮᠦᠰ ᠢ ᠰᠤᠷᠭᠠᠨ ᠬᠥᠮᠦᠵᠢᠭᠦᠯᠬᠦ ᠨᠢᠭᠡᠨ ᠶᠡᠭᠡ ᠪᠤᠳᠤᠭ ᠤᠨ

ᠭᠠᠩ ᠮᠥᠨ᠃ ᠡᠨᠡ ᠪᠤᠳᠤᠭ ᠤᠨ ᠭᠠᠩ ᠳᠤ ᠲᠠᠯᠪᠢᠭᠰᠠᠨ ᠤ ᠳᠠᠷᠠᠭ᠎ᠠ᠂ ᠬᠡᠷᠪᠡ ᠲᠡᠭᠦᠨ ᠤ ᠪᠦᠭᠦᠢ ᠯᠡ ᠪᠤᠳᠤᠭ ᠤᠨ

ᠭᠠᠩ ᠨᠢ ᠨᠣᠭᠤᠭᠠᠨ ᠦᠩᠭᠡ ᠲᠠᠢ ᠪᠤᠯ ᠴᠢ ᠨᠣᠭᠤᠭᠠᠨ ᠦᠩᠭᠡ ᠲᠠᠢ᠃ ᠬᠡᠷᠪᠡ ᠤᠯᠠᠭᠠᠨ ᠦᠩᠭᠡ ᠲᠠᠢ ᠪᠤᠯ ᠴᠢ

ᠤᠯᠠᠭᠠᠨ ᠦᠩᠭᠡ ᠲᠠᠢ᠃ ᠠᠯᠢᠪᠠ ᠰᠤᠷᠭᠠᠨ ᠬᠥᠮᠦᠵᠢᠯ ᠤᠨ ᠰᠢᠰᠲ᠋ᠧᠮ ᠨᠢ ᠪᠦᠷ ᠨᠡᠶᠢᠭᠡᠮ ᠤᠨ ᠪᠠᠶᠢᠭᠤᠯᠤᠯ ᠳᠤ

ᠰᠠᠭᠤᠷᠢᠯᠠᠳᠠᠭ ᠶᠤᠮ᠃ ᠨᠡᠶᠢᠭᠡᠮ ᠤᠨ ᠪᠠᠶᠢᠭᠤᠯᠤᠯ ᠤᠨ ᠰᠠᠶᠢᠨ ᠮᠠᠭᠤ ᠨᠢ ᠦᠨᠡᠨ ᠳᠤ ᠪᠠᠨ ᠮᠠᠨ ᠤ ᠪᠦᠭᠦᠢ ᠯᠡ

ᠰᠤᠷᠭᠠᠨ ᠬᠥᠮᠦᠵᠢᠯ ᠤᠨ ᠰᠢᠰᠲ᠋ᠧᠮ ᠶᠠᠮᠠᠷ ᠶᠠᠩᠵᠤ ᠶᠢᠨ ᠰᠠᠭᠤᠷᠢ ᠳᠡᠭᠡᠷ᠎ᠡ ᠣᠷᠣᠰᠢᠵᠤ ᠪᠠᠶᠢᠬᠤ ᠶᠢ ᠲᠣᠭᠲᠠᠭᠠᠳᠠᠭ

ᠶᠤᠮ᠃ ᠬᠡᠷᠪᠡ ᠨᠡᠶᠢᠭᠡᠮ ᠨᠢ ᠪᠠᠭᠲᠠᠭᠠᠮᠵᠢᠲᠠᠢ᠂ ᠡᠶ᠎ᠡ ᠵᠣᠬᠢᠴᠠᠩᠭᠤᠢ᠂ ᠡᠷᠬᠡ ᠲᠡᠭᠰᠢ ᠶᠤᠮ ᠪᠣᠯ ᠬᠥᠮᠦᠨ ᠪᠦᠬᠦᠨ

ᠮᠠᠰᠢ ᠴᠠᠶᠢᠯᠭᠠᠨ ᠰᠡᠳᠬᠢᠯ ᠲᠠᠢ᠂ ᠮᠠᠰᠢ ᠡᠶ᠎ᠡ ᠨᠠᠶᠢᠷᠰᠠᠭ ᠪᠣᠯᠤᠨ᠎ᠠ᠃

      4. ᠥᠪᠡᠷ ᠢ ᠪᠠᠨ ᠬᠥᠮᠦᠵᠢᠭᠦᠯᠬᠦ

      ᠹᠷᠠᠨᠼᠢ ᠶᠢᠨ ᠠᠯᠳᠠᠷᠲᠤ ᠰᠤᠷᠭᠠᠨ ᠬᠦᠮᠦᠵᠢᠯᠳᠡᠨ ᠯᠦ ᠵᠢᠶᠦ᠋ᠨ ᠬᠡᠯᠡᠬᠦ ᠳᠤ ᠪᠠᠨ᠄ ︽ᠭᠤᠷᠪᠠᠨ ᠵᠦᠢᠯ ᠤᠨ

ᠰᠤᠷᠭᠠᠨ ᠬᠥᠮᠦᠵᠢᠭᠦᠯᠬᠦ ᠠᠷᠭ᠎ᠠ ᠨᠢ ᠬᠡᠦᠬᠡᠳ ᠲᠤ ᠮᠠᠭᠤ ᠨᠥᠯᠥᠭᠡ ᠠᠪᠴᠢᠷᠠᠨ᠎ᠠ᠂ ᠲᠡᠳᠡᠭᠡᠷ ᠨᠢ ︿ᠶᠤᠰᠤ          

ᠶᠠᠷᠢᠬᠤ᠂ ᠠᠭᠤᠷᠯᠠᠬᠤ᠂ ᠵᠣᠷᠢᠭᠤᠳᠠ ᠰᠡᠳᠬᠢᠯ ᠬᠥᠳᠡᠯᠬᠦ﹀︾ ᠪᠣᠯᠤᠨ᠎ᠠ᠃ ᠦᠨᠡᠨ ᠳᠤ ᠪᠠᠨ ᠰᠤᠷᠭᠠᠨ          

ᠬᠥᠮᠦᠵᠢᠯ ᠤᠨ ᠬᠠᠮᠤᠭ ᠤᠨ ᠳᠡᠭᠡᠳᠦ ᠬᠡᠮᠵᠢᠶ᠎ᠡ ᠪᠣᠯ ᠬᠡᠦᠬᠡᠳ ᠢ ᠥᠪᠡᠷ ᠢ ᠪᠠᠨ ᠬᠥᠮᠦᠵᠢᠭᠦᠯᠬᠦ ᠶᠢ ᠰᠤᠷᠭᠠᠬᠤ ᠳᠤ

ᠣᠷᠣᠰᠢᠨ᠎ᠠ᠃ ᠰᠦᠬᠤᠮᠯᠢᠨ᠋ᠰᠺᠢ ᠬᠡᠯᠡᠬᠦ ᠳᠤ ᠪᠠᠨ᠄ ︽ᠭᠠᠭᠴᠠ ᠬᠦ ᠰᠤᠷᠤᠭᠴᠢᠳ ᠤᠨ ᠥᠪᠡᠷ ᠢ ᠪᠠᠨ ᠬᠥᠮᠦᠵᠢᠭᠦᠯᠬᠦ

ᠬᠥᠮᠦᠵᠢᠯ ᠬᠢᠬᠦ ᠶᠢ ᠤᠷᠮᠠᠰᠢᠭᠤᠯᠵᠤ ᠴᠢᠳᠠᠪᠠᠯ ᠰᠠᠶ᠋ᠢ ᠵᠢᠩᠬᠢᠨᠢ ᠬᠥᠮᠦᠵᠢᠯ ᠪᠣᠯᠤᠨ᠎ᠠ︾ ᠭᠡᠵᠡᠶ᠃ ᠡᠭᠦᠨ ᠠᠴᠠ

ᠦᠵᠡᠬᠦ ᠳᠤ᠂ ᠥᠪᠡᠷ ᠢ ᠪᠠᠨ ᠬᠥᠮᠦᠵᠢᠭᠦᠯᠬᠦ ᠨᠢ ᠬᠥᠮᠦᠨ ᠤ ᠦᠰᠦᠨ ᠪᠤᠶᠢᠵᠢᠯᠲᠠ ᠳᠤ ᠲᠦᠢᠯ ᠤᠨ ᠴᠢᠬᠤᠯᠠ ᠠᠴᠢ

ᠬᠤᠯᠪᠣᠭᠳᠠᠯ ᠲᠠᠢ ᠶᠤᠮ᠃ ᠠᠮᠵᠢᠯᠲᠠ ᠲᠠᠢ ᠭᠡᠷ ᠤᠨ ᠬᠥᠮᠦᠵᠢᠯ ᠪᠣᠯ ᠬᠡᠦᠬᠡᠳ ᠢ ᠬᠠᠪᠰᠤᠷᠴᠤ ᠥᠪᠡᠷ ᠢ ᠪᠠᠨ

ᠬᠥᠮᠦᠵᠢᠭᠦᠯᠬᠦ ᠴᠢᠳᠠᠪᠤᠷᠢ ᠶᠢ ᠨᠢ ᠳᠡᠭᠡᠭᠰᠢᠯᠡᠭᠦᠯᠬᠦ ᠴᠢᠳᠠᠨ᠎ᠠ᠃ ᠰᠤᠷᠭᠠᠭᠤᠯᠢ ᠶᠢᠨ ᠬᠥᠮᠦᠵᠢᠯ ᠳᠤ ᠰᠤᠷᠤᠭᠴᠢᠳ ᠤᠨ

ᠥᠪᠡᠷ ᠢ ᠪᠠᠨ ᠬᠥᠮᠦᠵᠢᠭᠦᠯᠬᠦ ᠴᠢᠳᠠᠪᠤᠷᠢ ᠪᠠ ᠤᠬᠠᠮᠰᠠᠷ ᠢ ᠴᠠᠭ ᠢᠮᠠᠭᠲᠠ ᠠᠩᠬᠠᠷᠬᠤ ᠬᠡᠷᠡᠭᠲᠡᠶ᠃

      ᠰᠤᠷᠭᠠᠨ ᠬᠥᠮᠦᠵᠢᠯ ᠨᠢ ᠦᠨᠡᠨ ᠳᠤ ᠪᠠᠨ ᠭᠤᠣᠯᠳᠠᠭᠤ ᠬᠥᠮᠦᠨ ᠤ ᠭᠤᠷᠪᠠᠨ ᠲᠠᠯ᠎ᠠ ᠶᠢᠨ ᠴᠢᠳᠠᠪᠤᠷᠢ ᠶᠢ

ᠬᠥᠮᠦᠵᠢᠭᠦᠯᠳᠡᠭ᠂ ① ᠪᠠᠶᠠᠰᠤᠩᠭᠤᠶ ᠪᠠᠷ ᠲᠡᠭᠦᠯᠳᠡᠷᠵᠢᠵᠦ᠂ ᠰᠠᠶᠢᠬᠠᠨ ᠰᠠᠨᠠᠭ᠎ᠠ ᠪᠠᠷ ᠢᠳᠡᠪᠬᠢᠯᠡᠨ ᠲᠠᠪᠰᠢᠬᠤ

ᠥᠪᠡᠷᠮᠢᠴᠡ ᠴᠢᠨᠠᠷ ᠤᠨ ᠰᠤᠷᠭᠠᠨ ᠬᠥᠮᠦᠵᠢᠯ ᠪᠣᠯᠤᠨ᠎ᠠ᠃ ② ᠶᠢᠷᠲᠢᠨᠴᠦ ᠶᠢ ᠬᠠᠶᠢᠨ ᠰᠦᠪᠡᠭᠴᠢᠯᠡᠵᠦ᠂

ᠥᠪᠡᠷ ᠢ ᠪᠠᠨ ᠲᠡᠭᠦᠯᠳᠡᠷᠵᠢᠭᠦᠯᠵᠦ᠂ ᠮᠡᠳᠡᠯᠭᠡ ᠶᠢ ᠤᠶᠤᠨ ᠤᠬᠠᠭᠠᠨ ᠂ ᠭᠦᠨ ᠤᠬᠠᠭᠠᠨ ᠤ ᠳᠠᠪᠬᠤᠷᠭ᠎ᠠ ᠳᠤ

ᠬᠦᠷᠭᠡᠵᠦ᠂ ᠲᠡᠷᠡᠴᠢᠯᠡᠨ ᠥᠪᠡᠷ ᠤᠨ ᠠᠮᠢ ᠨᠠᠰᠤ ᠪᠠᠨ ᠵᠢᠯᠣᠭᠤᠳᠴᠤ ᠴᠢᠳᠠᠨ᠎ᠠ᠃ ③ ᠨᠢᠭᠡ ᠬᠥᠮᠦᠨ ᠤ

ᠨᠡᠶᠢᠭᠡᠮ ᠳᠤ ᠬᠤᠪᠢ ᠨᠡᠮᠡᠷᠢ ᠦᠵᠡᠭᠦᠯᠬᠦ ᠴᠢᠳᠠᠪᠤᠷᠢ ᠶᠢ ᠬᠥᠮᠦᠵᠢᠭᠦᠯᠦᠨ᠎ᠡ᠃ 

      ᠬᠤᠶᠠᠷ᠂ ᠮᠢᠨᠦ ᠨᠢᠳᠦᠨ ᠳᠠᠬᠢ ᠰᠤᠷᠤᠭᠴᠢ

      ᠰᠤᠷᠤᠭᠴᠢ ᠨᠢᠭᠡ ᠪᠦᠷᠢ ᠴᠥᠮ ᠥᠪᠡᠷ ᠤᠨ ᠢᠶᠠᠨ ᠥᠪᠡᠷᠮᠢᠴᠡ ᠳᠠᠪᠠᠭᠤᠯᠢᠭ ᠲᠠᠯ᠎ᠠ  ᠲᠠᠢ᠂ ᠡᠶᠢᠮᠦ ᠠᠴᠠ

ᠪᠠᠭᠰᠢ ᠶᠢᠨ ᠰᠡᠳᠬᠢᠯ ᠳᠤ ᠮᠠᠭᠤ ᠰᠣᠷᠣᠭᠴᠢ ᠪᠠᠶᠢᠵᠤ ᠪᠣᠯᠬᠤ ᠥᠬᠡᠶ᠃

      ︽ᠬᠡᠦᠬᠡᠳ ᠤᠨ ᠲᠠᠯ᠎ᠠ ᠠᠴᠠ ᠠᠰᠠᠭᠤᠳᠠᠯ ᠢ ᠦᠵᠡᠬᠦ ᠪᠠᠷ ᠤᠷᠤᠯᠳᠤᠪᠠᠯ ᠬᠡᠦᠬᠡᠳ ᠤᠨ ᠨᠢᠳᠦᠨ ᠳᠠᠬᠢ

ᠶᠢᠷᠲᠢᠨᠴᠦ ᠠᠳᠠᠯᠢ ᠦᠭᠡᠢ ᠭᠡᠳᠡᠭ ᠢ ᠮᠡᠳᠡᠵᠦ᠂ ᠬᠡᠦᠬᠡᠳ ᠢ ᠣᠶᠢᠯᠠᠭᠠᠬᠤ ᠶᠢ ᠰᠤᠷᠴᠤ ᠴᠢᠳᠠᠨ᠎ᠠ︾ ᠭᠡᠵᠦ ᠯᠢ ᠰᠢ

ᠺᠦᠢ ᠪᠠᠭᠰᠢ ᠬᠡᠯᠡᠵᠦ ᠥᠩᠭᠡᠷᠡᠭᠰᠡᠨ ᠪᠢᠯᠡ᠃ ᠡᠨᠡ ᠠᠰᠠᠭᠤᠳᠠᠯ ᠢ ᠬᠡᠦᠬᠡᠳ ᠤᠨ ᠲᠠᠯ᠎ᠠ ᠠᠴᠠ ᠦᠵᠡᠬᠦ ᠳᠤ

ᠬᠡᠦᠬᠡᠳ ᠤᠨ ᠨᠢᠳᠦᠨ ᠳᠠᠬᠢ ᠶᠢᠷᠲᠢᠨᠴᠦ ᠠᠳᠠᠯᠢ ᠦᠭᠡᠢ ᠭᠡᠳᠡᠭ ᠢ ᠮᠡᠳᠡᠵᠦ ᠪᠣᠯᠤᠨ᠎ᠠ᠃ ᠬᠡᠦᠬᠡᠳ ᠤᠨ ᠭᠠᠷᠭᠠᠭᠰᠠᠨ

ᠠᠯᠳᠠᠭ᠎ᠠ ᠨᠢ ᠶᠡᠷᠦ ᠳᠤ ᠪᠠᠨ ︽ᠭᠤᠸ᠎ᠠ ᠰᠠᠶᠢᠬᠠᠨ ᠤ ᠠᠯᠳᠠᠭ᠎ᠠ︾᠂ ᠥᠰᠦᠨ ᠪᠤᠶᠢᠵᠢᠯᠲᠠ ᠶᠢᠨ ᠳᠤᠮᠳᠠᠬᠢ ᠵᠠᠶᠢᠯᠠᠰᠢ

ᠦᠭᠡᠢ ᠠᠯᠳᠠᠭ᠎ᠠ ᠪᠣᠯᠤᠨ᠎ᠠ᠃ ᠮᠠᠨ ᠤ ᠠᠵᠢᠯ ᠲᠣᠮᠣ ᠬᠥᠮᠦᠨ ᠤ ᠵᠣᠭᠰᠣᠯᠲᠠ ᠳᠤ ᠵᠣᠭᠰᠣᠵᠤ᠂ ᠲᠣᠮᠣ ᠬᠥᠮᠦᠨ ᠤ

ᠬᠠᠷᠠᠭᠠᠨ ᠠᠴᠠ ᠬᠡᠦᠬᠡᠳ ᠲᠤ ᠵᠦᠢᠯ ᠵᠦᠢᠯ ᠤᠨ ᠱᠠᠭᠠᠷᠳᠠᠯᠭ᠎ᠠ ᠳᠤᠷᠠᠳᠴᠤ᠂ ᠬᠠᠷᠠᠯᠲᠠ ᠪᠠᠨ ᠲᠣᠭᠲᠠᠭᠠᠨ᠂

ᠠᠯᠪᠠ ᠪᠠᠷ ᠰᠤᠷᠲᠠᠯᠴᠢᠯᠠᠬᠤ ᠳᠤ ᠵᠠᠩᠰᠢᠳᠠᠭ᠂ ᠢᠩᠭᠢᠪᠡᠯ ᠥᠪᠡᠷᠮᠢᠴᠡ ᠴᠢᠨᠠᠷ ᠢᠶᠠᠨ ᠠᠯᠳᠠᠭᠰᠠᠨ ᠬᠡᠦᠬᠡᠯᠳᠡᠢ ᠶᠢ

ᠪᠦᠲᠦᠭᠡᠵᠦ᠂ ᠰᠤᠷᠤᠭᠴᠢᠳ ᠤᠨ ᠰᠡᠳᠬᠢᠯ ᠰᠠᠨᠠᠭ᠎ᠠ ᠶᠢ ᠰᠡᠪᠲᠦᠭᠡᠵᠦ᠂ ᠴᠢᠨᠠᠭᠰᠢᠯᠠᠪᠠᠯ ᠨᠠᠰᠤᠨ ᠲᠤᠷᠰᠢᠳᠠ ᠶᠢᠨ

ᠡᠳᠡᠭᠡᠷᠡᠰᠢ ᠦᠭᠡᠢ ᠰᠢᠷᠬ᠎ᠠ ᠰᠣᠷᠪᠢ ᠶᠢ ᠪᠣᠢ ᠪᠣᠯᠭᠠᠨ᠎ᠠ᠃

      ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠨᠡᠶᠢᠲᠡᠯᠢᠭ ᠤᠨᠴᠠᠯᠢᠭ ᠪᠣᠯ ᠠᠰᠪᠤᠷ ᠴᠠᠭᠠᠪᠤᠷ᠂ ᠳᠠᠭᠤᠷᠢᠶᠠᠬᠤ

ᠴᠢᠨᠠᠷ ᠢᠶᠠᠷ ᠴᠢᠩᠭ᠎ᠠ᠂ ᠴᠣᠪᠣᠭᠤ ᠳᠡᠭᠵᠢᠨ᠂ ᠰᠣᠨᠢᠭᠤᠴᠢ ᠵᠠᠩ ᠲᠠᠢ᠂ ᠠᠯᠢᠶ᠎ᠠ ᠳᠡᠭᠵᠢᠨ ᠪᠠᠶᠢᠳᠠᠭ ᠪᠥᠭᠡᠳ

ᠠᠩᠭᠢ ᠶᠢᠨ ᠡᠷᠬᠢᠯᠡᠭᠴᠢ ᠪᠠᠭᠰᠢ ᠪᠠᠨ ᠮᠠᠰᠢ ᠢᠲᠡᠭᠡᠳᠡᠭ᠃ ᠪᠢᠳᠡ ᠬᠡᠦᠬᠡᠳ ᠢ ᠰᠤᠷᠭᠠᠬᠤ ᠳᠤ ᠪᠠᠨ ᠡᠳᠡᠭᠡᠷ

ᠣᠨᠴᠠᠯᠢᠭ ᠢ ᠨᠢ ᠪᠣᠳᠣᠯᠬᠢᠯᠠᠬᠤ ᠬᠡᠷᠡᠭᠲᠡᠶ᠃ ᠪᠠᠭᠰᠢ ᠦᠨᠡᠨ ᠰᠡᠳᠬᠢᠯ ᠠᠴᠠ ᠪᠠᠨ ᠬᠡᠦᠬᠡᠳ ᠤᠳ ᠲᠤ ᠠᠰᠪᠤᠷ

ᠴᠠᠭᠠᠪᠤᠷ ᠬᠠᠨᠳᠤᠵᠤ᠂ ᠬᠡᠦᠬᠡᠳ ᠢ ᠪᠢᠳᠡᠨ ᠳᠤ ᠢᠲᠡᠭᠡᠯ ᠠᠯᠳᠠᠭᠤᠯᠵᠤ ᠪᠣᠯᠬᠤ ᠦᠭᠡᠢ᠃ ᠮᠠᠨ ᠤ ᠠᠩᠭᠢ ᠶᠢᠨ

ᠰᠤᠷᠤᠭᠴᠢ ᠬᠤᠶᠠᠳᠤᠭᠠᠷ ᠣᠨ ᠪᠠᠶᠢᠬᠤ ᠳᠤ ᠮᠢᠨᠦ ᠬᠢᠴᠢᠶᠡᠯ ᠲᠡᠭᠡᠷ᠎ᠡ ᠨᠢᠭᠡ × × ᠭᠡᠳᠡᠭ ᠰᠤᠷᠤᠭᠴᠢ ᠲᠦᠢᠯ ᠤᠨ

ᠤᠷᠮ᠎ᠠ ᠮᠠᠭᠤᠳᠠᠢ᠂ ᠠᠩᠬᠠᠷᠤᠯ ᠲᠦᠪᠯᠡᠷᠡᠵᠦ ᠦᠭᠭᠦ ᠦᠬᠡᠢ ᠪᠠᠶᠢᠯ᠎ᠠ᠃ ᠲᠡᠷᠡ ᠰᠤᠷᠤᠭᠴᠢ ᠡᠩ ᠤᠨ ᠦᠶ᠎ᠡ ᠳᠤ

ᠬᠢᠴᠢᠶᠡᠯ ᠳᠡᠭᠡᠷ᠎ᠡ ᠲᠤᠩ ᠪᠠᠶᠠᠷ ᠬᠦᠷ  ᠲᠠᠢ᠂ ᠤᠷᠮ᠎ᠠ ᠵᠤᠷᠢᠭ ᠲᠠᠢ ᠪᠠᠶᠢᠳᠠᠭ᠃ ᠡᠨᠡ ᠪᠠᠶᠢᠳᠠᠯ ᠢ ᠦᠵᠡᠬᠡᠳ ᠪᠢ

ᠲᠡᠷᠬᠡᠳᠡ ᠨᠢ ᠭᠦᠷᠭᠦ ᠳᠤ ᠲᠡᠷᠡ ᠬᠥᠭᠡᠷᠦᠬᠦᠨ ᠬᠠᠷᠠᠴᠠ ᠪᠠᠷ ᠨᠠᠮ᠎ᠠ ᠶᠢ ᠰᠢᠷᠲᠡᠨ᠄ ︽ᠪᠠᠭᠰᠢ ᠡ᠂ ᠥᠨᠥᠳᠦᠷ ᠬᠢᠴᠢᠶᠡᠯ

ᠪᠠᠭᠤᠭᠰᠠᠨ ᠤ ᠲᠠᠷᠠᠭ᠎ᠠ ᠮᠠᠨ ᠤ ᠭᠡᠷ ᠲᠤ ᠣᠴᠢᠵᠤ ᠪᠣᠯᠬᠤ ᠦᠦ︖ ᠮᠢᠨᠦ ᠠᠪᠤ ᠡᠵᠢ ᠬᠡᠷᠡᠯᠳᠤᠬᠡᠳ ᠠᠪᠤ ᠪᠠᠰᠠ ᠡᠵᠢ

 ᠶᠢ ᠴᠤᠬᠢᠭᠰᠠᠨ᠂ ᠲᠠ ᠠᠪᠤ ᠶᠢ ᠨᠢᠭᠡ ᠰᠠᠶᠢᠨ ᠵᠠᠩᠨᠠᠭᠠᠳ ᠠᠯᠢ︕︾ ᠭᠡᠵᠦ ᠭᠤᠶᠤᠪᠠ᠃ ᠪᠢ ᠬᠡᠦᠬᠡᠳ ᠤᠨ ᠡᠨᠡ          

ᠭᠦ ᠠᠰᠪᠤᠷ ᠴᠠᠭᠠᠪᠤᠷ᠂ ᠢᠳᠡᠬᠡᠵᠦ ᠨᠠᠶᠢᠳᠠᠭᠰᠠᠨ ᠦᠬᠡ ᠶᠢ ᠰᠤᠨᠤᠰᠤᠭᠠᠳ ᠲᠡᠭᠦᠨ ᠤ ᠱᠠᠭᠠᠷᠳᠠᠯᠭ᠎ᠠ ᠶᠢ

ᠵᠥᠪᠰᠢᠶᠡᠷᠡᠪᠡ᠃ ᠤᠷᠤᠢ ᠬᠢᠴᠢᠶᠡᠯ ᠪᠠᠭᠤᠬᠤ ᠦᠶ᠎ᠡ ᠳᠤ ᠠᠪᠤ ᠨᠢ ᠲᠡᠭᠦᠨ ᠢ ᠲᠤᠰᠬᠤ ᠪᠠᠷ ᠢᠷᠡᠪᠠ᠃ ᠪᠢ ᠲᠡᠭᠦᠨ ᠢ

ᠬᠠᠷᠠᠬᠤ ᠳᠤ ᠠᠪᠤ ᠶᠢᠨ ᠢᠶᠠᠨ ᠭᠠᠷ ᠠᠴᠠ ᠬᠥᠲᠥᠯᠵᠦ᠂ ᠤᠷᠤᠭᠰᠢ ᠶᠠᠪᠤᠬᠤ ᠶᠢᠨ ᠳᠠᠭᠠᠤ ᠬᠤᠶᠢᠰᠢ ᠡᠷᠬᠢᠵᠦ ᠨᠠᠮ᠎ᠠ ᠶᠢ

ᠪᠠᠶᠢᠨ ᠪᠠᠶᠢᠨ ᠬᠠᠷᠠᠵᠤ᠂ ᠨᠢᠳᠦ ᠪᠠᠷ ᠢᠶᠠᠨ ︽ᠠᠪᠤ ᠶᠢ ᠵᠠᠩᠨᠠᠵᠦ ᠦᠭᠭᠦᠨ᠎ᠠ ᠦᠦ︖︾ ᠬᠡᠵᠦ ᠬᠡᠯᠡᠵᠦ ᠪᠠᠶᠢᠬᠤ ᠨᠢ

ᠦᠨᠡᠬᠡᠷ ᠦᠷᠦ ᠡᠪᠡᠳᠤᠮᠡᠷ ᠭᠦᠬᠡᠷᠦᠭᠦᠨ ᠪᠠᠶᠢᠯ᠎ᠠ᠃ ᠪᠢ ᠲᠡᠶᠢᠮᠦ ᠤᠯᠠᠨ ᠬᠡᠦᠬᠡᠳ ᠤᠨ ᠡᠮᠦᠨ᠎ᠡ ᠠᠪᠤ ᠶᠢ ᠨᠢ

ᠬᠡᠯᠡᠬᠦ ᠠᠴᠠ ᠪᠠᠨ ᠵᠤᠪᠠᠵᠦ᠂ ᠶᠠᠭᠤ ᠴᠦ ᠲᠤᠤᠭᠠᠷᠴᠦ ᠴᠢᠳᠠᠭᠰᠠᠨ ᠦᠬᠡᠢ᠂ ᠭᠡᠷ  ᠲᠤ ᠪᠠᠨ ᠬᠠᠷᠢᠬᠤ ᠵᠠᠮ ᠳᠤ ᠪᠠᠨ

ᠰᠦᠬᠤᠮᠯᠢᠨ᠋ᠰᠺᠢ ᠶᠢᠨ ︽ᠪᠠᠭᠰᠢ ᠨᠠᠷ ᠲᠤ ᠥᠭᠭᠦᠭᠰᠡᠨ ᠰᠠᠨᠠᠭᠤᠯᠭ᠎ᠠ︾ ᠤᠨ ᠲᠤᠳᠤᠷᠠᠬᠢ ︽ᠬᠠᠮᠤᠭ ᠤᠨ ᠡᠷᠬᠢᠮ

ᠨᠠᠨᠳᠢᠨ ᠡᠳ᠋ ᠬᠦᠷᠦᠩᠭᠡ ᠪᠠᠨ ᠬᠠᠶᠢᠷᠠᠯᠠᠬᠤ ᠰᠢᠬ ᠢᠶᠠᠷ ᠬᠡᠦᠬᠡᠳ ᠤᠨ ᠢᠲᠡᠭᠡᠯ ᠢ ᠬᠠᠶᠢᠷᠠᠯᠠᠨ ᠬᠠᠮᠠᠭᠠᠯᠠᠬᠤ          

ᠬᠡᠷᠡᠭᠲᠡᠶ︾ ᠭᠡᠰᠡᠨ ᠦᠭᠡ ᠶᠢ ᠰᠠᠨᠠᠵᠤ ᠣᠯᠤᠭᠰᠠᠨ ᠶᠤᠮ᠃ ᠢᠩᠬᠢᠬᠡᠳ ᠪᠢ ᠭᠡᠷ ᠲᠤ ᠪᠠᠨ ᠬᠠᠷᠢᠭᠰᠠᠨ ᠤ ᠳᠠᠷᠠᠭ᠎ᠠ

ᠲᠡᠭᠦᠨ ᠤ ᠠᠪᠤ ᠡᠵᠢ ᠳᠤ ᠨᠢᠭᠡ ᠬᠤᠪᠢ ᠵᠠᠬᠢᠳᠠᠯ ᠪᠢᠴᠢᠵᠦ ᠥᠭᠬᠦ ᠪᠠᠷ ᠰᠢᠢᠳᠪᠡ᠃ ᠵᠠᠬᠢᠳᠠᠯ ᠳᠤ ᠪᠠᠨ᠄

      ︽ᠦᠳᠡ ᠶᠢᠨ ᠬᠤᠶᠢᠨ᠎ᠠ ᠭᠦᠦ ᠴᠢᠨᠢ ᠮᠠᠰᠢ ᠤᠷᠮ᠎ᠠ ᠦᠬᠡᠢ ᠪᠠᠶᠢᠯ᠎ᠠ᠃ ᠲᠠᠨ ᠤ ᠬᠤᠶᠠᠷ ᠢ ᠦᠳᠠ ᠳᠤ

ᠬᠡᠷᠡᠭᠦᠯ ᠬᠢᠯ᠎ᠠ ᠬᠡᠳ ᠨᠠᠳᠠ ᠳᠤ ᠶᠠᠷᠢᠭᠠᠳ ᠨᠢᠳᠦ ᠲᠦᠭᠦᠷᠠᠩ ᠨᠢᠯᠪᠤᠰᠤ ᠪᠦᠮᠪᠦᠷᠢᠭᠦᠯᠵᠦ ᠪᠠᠶᠢᠯ᠎ᠠ᠃ ᠲᠡᠷᠡ

ᠮᠦᠷᠳᠡᠭᠡᠨ ︿ᠨᠠᠮ᠎ᠠ ᠶᠢ ᠬᠡᠷ ᠲᠤ ᠤᠴᠢᠭᠠᠳ ᠠᠪᠤ ᠶᠢ ᠰᠠᠶᠢᠨ ᠵᠠᠩᠨᠠᠭᠠᠳ ᠠᠯᠢ︕﹀ ᠬᠡᠵᠦ ᠭᠤᠶᠤᠵᠦ          

ᠪᠠᠶᠢᠯ᠎ᠠ᠃ ᠭᠦᠦ ᠶᠢᠨ ᠴᠢᠨᠢ ᠲᠡᠷᠡ ᠭᠦ ᠨᠢᠯᠪᠦᠰᠦᠳᠠᠢ ᠨᠢᠳᠦ᠂ ᠨᠠᠮ᠎ᠠ ᠶᠢ ᠭᠤᠶᠤᠭᠰᠠᠨ ᠦᠭᠡ᠂ ᠬᠠᠷᠠᠴᠨ          

ᠪᠦᠭᠦᠨ ᠦᠨᠡᠬᠡᠷ ᠭᠦᠬᠡᠷᠦᠭᠦᠢ ᠁ ᠲᠡᠶᠢᠮᠦ ᠯᠠ ᠴᠠᠭᠠᠪᠤᠷ᠂ ᠲᠡᠶᠢᠮᠦ ᠯᠠ ᠦᠨᠡᠨᠴᠢ ᠁ ᠭᠦᠬᠡᠷᠦᠭᠦᠨ

ᠪᠠᠶᠢᠯ᠎ᠠ᠃ ᠭᠦᠦ ᠶᠢ ᠴᠢᠨᠢ ᠪᠢ ᠰᠡᠳᠬᠢᠯ ᠠᠴᠠ ᠪᠠᠨ ᠬᠠᠶᠢᠷᠠᠯᠠᠵᠦ ᠦᠷᠦ ᠡᠪᠡᠳᠤᠯ᠎ᠠ᠃ ᠬᠡᠤᠬᠡᠳ ᠤᠨ ᠰᠡᠳᠬᠢᠯ

ᠬᠡᠵᠦ ᠮᠠᠰᠢ ᠨᠢᠯᠠᠭᠰᠠᠭ᠂ ᠡᠮᠵᠡᠭᠬᠡᠨ ᠪᠠᠶᠢᠳᠠᠭ ᠪᠤᠯᠬᠤᠷ ᠮᠢᠨᠦ ᠬᠤᠶᠠᠷ ᠲᠡᠭᠦᠦ ᠠᠭᠤᠷ ᠤᠮᠤᠭ ᠢᠶᠠᠨ ᠲᠠᠷᠤᠵᠦ᠂

ᠪᠢᠳᠡᠬᠡᠢ ᠬᠡᠷᠡᠭᠦᠯ ᠴᠤᠤᠬᠢᠶᠠᠨ ᠬᠢᠬᠡᠷᠠᠢ︕ ᠭᠦᠬᠡᠷᠦᠭᠦᠨ ᠴᠤᠪᠤᠭᠤ ᠬᠡᠤᠬᠡᠳ ᠤᠨ ᠰᠡᠳᠬᠢᠯ ᠳᠤ ᠪᠢᠳᠡᠬᠡᠢ ᠰᠢᠷᠬ᠎ᠠ

ᠰᠤᠷᠪᠢ ᠦᠯᠡᠳᠡᠭᠡᠷᠠᠢ᠃ ᠭᠦᠦ ᠴᠢᠨᠢ ᠭᠦᠮᠤᠨ ᠪᠦᠭᠦᠨ ᠤ ᠬᠠᠶᠢᠷ᠎ᠠ ᠶᠢ ᠲᠠᠳᠠᠭᠰᠠᠨ ᠮᠠᠰᠢ ᠬᠠᠶᠢᠷᠠᠯᠠᠯᠳᠠᠢ

ᠭᠦᠬᠡᠷᠦᠭᠦᠨ ᠭᠦᠦ ᠰᠢᠦ᠂ ᠭᠦᠬᠡᠷᠦᠭᠦᠨ ᠭᠦᠦ ᠶᠢᠨ ᠢᠶᠠᠨ ᠲᠦᠯᠦᠭᠡ ᠮᠢᠨᠦ ᠬᠤᠶᠠᠷ ᠲᠡᠭᠦᠦ ᠬᠡᠷᠡᠭᠦᠯ ᠤᠷᠤᠭᠤᠯ

ᠦᠬᠡᠢ ᠰᠠᠶᠢᠬᠠᠨ ᠠᠮᠢᠳᠤᠷᠠᠭᠠᠷᠠᠢ︕ ᠲᠠᠨ ᠤ ᠭᠡᠷ ᠪᠦᠯᠢ ᠳᠤ ᠠᠵᠠ ᠵᠢᠷᠭᠠᠯ ᠭᠦᠰᠡᠶ᠎ᠠ︕︾ ᠬᠡᠵᠦ ᠪᠢᠴᠢᠬᠡᠳ

ᠶᠠᠪᠤᠭᠤᠯᠬᠤ ᠳᠤ ᠠᠪᠤ ᠡᠵᠢ ᠨᠢ ᠲᠤᠤᠷ᠎ᠠ ᠪᠠᠨ ᠨᠠᠳᠠ ᠤᠳᠠᠰᠤ ᠢᠷᠡᠵᠦ᠂ ᠭᠦᠦ ᠶᠢᠨ ᠢᠶᠠᠨ ᠬᠠᠵᠠᠭᠤᠳᠠ ᠲᠠᠬᠢᠵᠦ

ᠬᠡᠷᠡᠭᠦᠯ ᠬᠢᠭᠦ ᠦᠬᠡᠢ ᠬᠡᠵᠦ ᠬᠡᠯᠡᠭᠰᠡᠨ ᠮᠦᠷᠳᠡᠭᠡᠨ ᠮᠠᠷᠭᠠᠰᠢ ᠨᠢ ᠲᠡᠷᠡ ᠰᠤᠷᠤᠭᠴᠢ

      ︽ᠪᠠᠭᠰᠢ᠂ ᠠᠪᠤ ᠡᠵᠢ ᠳᠤ ᠵᠠᠬᠢᠳᠠᠯ ᠪᠢᠴᠢᠵᠦ ᠵᠠᠩᠨᠠᠭᠰᠠᠨ ᠠᠴᠠ ᠠᠪᠤ ᠡᠵᠢ ᠰᠠᠶᠢᠨ ᠪᠤᠯᠤᠭᠰᠠᠨ᠂

ᠪᠠᠭᠰᠢ ᠳᠤ ᠪᠠᠨ ᠪᠠᠶᠠᠷᠯᠠᠯ᠎ᠠ︕︾ ᠭᠡᠵᠦ ᠪᠠᠶᠠᠷᠳᠠᠢ ᠶᠠᠷᠢᠵᠦ ᠪᠠᠶᠢᠯ᠎ᠠ᠃

      ᠬᠥᠮᠦᠨ ᠨᠢᠭᠡ ᠪᠦᠷᠢ ᠶᠢᠨ ᠴᠡᠭᠡᠵᠢᠯᠡᠬᠦ ᠴᠢᠳᠠᠪᠤᠷᠢ᠂ ᠠᠵᠢᠭᠯᠠᠬᠤ ᠴᠢᠳᠠᠪᠤᠷᠢ᠂ ᠠᠩᠬᠠᠷᠤᠯ ᠲᠦᠪᠯᠡᠷᠡᠭᠦ

ᠴᠢᠳᠠᠪᠤᠷᠢ᠂ ᠢᠯᠡᠳᠬᠡᠭᠦ ᠴᠢᠳᠠᠪᠤᠷᠢ᠂ ᠯᠣᠭᠢᠭ ᠰᠡᠳᠬᠢᠬᠦᠶ᠂ ᠳᠠᠭᠤᠤ ᠬᠥᠭᠵᠢᠮ ᠤᠨ ᠮᠡᠳᠡᠷᠡᠮᠵᠢ᠂ ᠣᠷᠣᠨ ᠵᠠᠶ ᠶᠢᠨ

ᠲᠥᠰᠦᠭᠡᠯᠡᠨ ᠪᠤᠳᠤᠯᠳᠠ᠂ ᠪᠡᠶ᠎ᠡ ᠶᠢᠨ ᠲᠠᠮᠢᠷ ᠤᠨ ᠬᠥᠳᠡᠯᠭᠡᠭᠡᠨ᠂ ᠬᠥᠮᠦᠰ ᠤᠨ ᠬᠤᠭᠤᠷᠣᠨᠳᠣᠬᠢ ᠬᠠᠷᠢᠯᠴᠠᠭ᠎ᠠ᠂

ᠪᠦᠲᠦᠭᠡᠯᠴᠢ ᠴᠢᠳᠠᠪᠤᠷᠢ᠂ ᠵᠣᠬᠢᠶᠠᠨ ᠪᠠᠶᠢᠭᠤᠯᠬᠤ ᠴᠢᠳᠠᠪᠤᠷᠢ᠂ ᠬᠡᠶᠢᠰᠪᠦᠷᠢ ᠰᠡᠳᠬᠢᠬᠦᠶ ᠵᠡᠷᠭᠡ ᠴᠢᠳᠠᠪᠤᠷᠢ ᠨᠢ

ᠲᠥᠷᠥᠯᠬᠢ ᠵᠥᠷᠢᠶ᠎ᠡ ᠲᠠᠢ ᠪᠠᠶᠢᠳᠠᠭ ᠢ ᠪᠢᠳᠡ ᠮᠡᠳᠡᠨ᠎ᠡ᠃ ᠳᠡᠯᠡᠬᠡᠶ ᠳᠡᠭᠡᠷ᠎ᠡ ᠶᠠᠮᠠᠷ ᠴᠤ ᠬᠥᠮᠦᠨ ᠤ ᠣᠶᠣᠨ ᠤ

ᠴᠢᠳᠠᠪᠤᠷᠢ ᠨᠢ ᠪᠦᠷ ᠥᠨᠳᠥᠷ ᠪᠢᠰᠢ᠃ ᠡᠶᠢᠮᠦ ᠠᠴᠠ ᠪᠠᠭᠰᠢ ᠪᠤᠯᠤᠭᠰᠠᠳ ᠬᠡᠦᠬᠡᠳ ᠤᠨ ᠣᠶᠣᠨ ᠴᠢᠳᠠᠪᠤᠷᠢ ᠶᠢᠨ

ᠳᠠᠪᠠᠭᠤᠯᠢᠭ ᠪᠠ ᠤᠨᠴᠠᠭᠠᠢ ᠴᠢᠳᠠᠪᠤᠷᠢ ᠶᠢ ᠡᠷᠲᠡᠬᠡᠨ ᠢᠯᠡᠷᠡᠭᠦᠯᠵᠦ᠂ ᠬᠡᠤᠬᠡᠳ ᠢ ᠢᠯᠡᠭᠦᠬᠡᠨ ᠵᠤᠷᠢᠬᠵᠢᠭᠤᠯᠵᠦ᠂

ᠢᠳᠡᠬᠡᠯ ᠪᠢᠰᠢᠷᠠᠯ ᠢ ᠨᠢ ᠨᠡᠮᠡᠭᠳᠡᠭᠦᠯᠵᠦ ᠴᠢᠳᠠᠪᠠᠯ ᠨᠡᠩ ᠤᠯᠠᠨ ᠬᠡᠤᠬᠡᠳ ᠢ ᠦᠨᠳᠤᠷ ᠠᠮᠵᠢᠯᠲᠠ ᠳᠤ ᠭᠦᠷᠬᠡᠵᠦ

ᠴᠢᠳᠠᠨ᠎ᠠ᠃

      ᠭᠤᠷᠪᠠ᠂ ᠮᠢᠨᠦ ᠨᠢᠳᠤᠨ ᠳᠠᠬᠢ ᠵᠢᠭᠠᠨ ᠰᠤᠷᠭᠠᠯᠲᠠ

      ᠰᠦᠬᠤᠮᠯᠢᠨ᠋ᠰᠺᠢ᠄ ︽ᠬᠢᠴᠢᠶᠡᠯ ᠤᠨ ᠭᠠᠳᠠᠨᠠᠬᠢ ᠤᠩᠰᠢᠯᠭ᠎ᠠ ᠶᠢ ᠳᠦᠷᠰᠦᠯᠢᠭ ᠦᠭᠡ ᠪᠠᠷ ᠬᠡᠯᠡᠪᠡᠯ᠂

ᠰᠡᠳᠬᠢᠨ ᠪᠣᠳᠣᠯᠬᠢᠯᠠᠳᠠᠭ ᠲᠣᠮᠣ ᠣᠩᠭᠤᠴᠠᠨ ᠤ ᠠᠶᠠᠯᠠᠯ ᠤᠨ ᠳᠠᠷᠪᠠᠭᠤᠯ ᠪᠣᠯᠬᠤ ᠪᠥᠭᠡᠳ ᠪᠠᠰᠠ ᠴᠤ ᠳᠠᠷᠪᠠᠭᠤᠯ

ᠳᠡᠪᠢᠰᠦᠨ ᠤᠷᠤᠭᠰᠢᠯᠠᠬᠤ ᠰᠠᠯᠬᠢ ᠪᠣᠯᠤᠨ᠎ᠠ᠂ ᠨᠣᠮ ᠤᠩᠰᠢᠬᠤ ᠦᠭᠡᠶ ᠪᠣᠯ ᠳᠠᠷᠪᠠᠭᠤᠯ ᠪᠠᠶᠢᠬᠤ ᠦᠭᠡᠶ᠂ ᠰᠠᠯᠬᠢ

ᠴᠤ ᠪᠠᠶᠢᠬᠤ ᠦᠭᠡᠶ᠂ ᠨᠣᠮ ᠤᠩᠰᠢᠬᠤ ᠪᠣᠯ ᠳᠠᠷᠤᠶ ᠮᠡᠳᠡᠯᠭᠡ ᠶᠢᠨ ᠳᠠᠯᠠᠶ ᠳᠤ ᠪᠡᠶ᠎ᠡ ᠪᠠᠨ ᠳᠠᠭᠠᠭᠠᠵᠤ ᠠᠶᠠᠯᠠᠬᠤ ᠶᠢ

ᠬᠡᠯᠡᠨ᠎ᠡ︾ ᠭᠡᠵᠦ ᠬᠡᠯᠡᠭᠰᠡᠨ ᠪᠠᠶᠢᠳᠠᠭ᠃ ᠯᠢ ᠰᠢ ᠬᠦᠶ ᠪᠠᠭᠰᠢ᠄ ︽ᠣᠷᠳᠣ ᠬᠤᠭᠤᠴᠠᠭᠠᠨ ᠤ ᠲᠤᠷᠰᠢ᠂ ᠲᠣᠭᠠᠨ ᠤ

ᠤᠬᠠᠭᠠᠨ᠂ ᠹᠢᠽᠢᠺ᠂ ᠬᠢᠮᠢ ᠶᠢᠨ ᠵᠢᠭᠠᠨ ᠰᠤᠷᠭᠠᠯᠲᠠ ᠶᠢᠨ ᠠᠷᠭ᠎ᠠ ᠪᠠᠷ ᠬᠡᠯᠡ ᠪᠢᠴᠢᠭ ᠤᠨ ᠬᠢᠴᠢᠶᠡᠯ ᠢ ᠵᠢᠭᠠᠪᠠᠯ

ᠬᠡᠯᠡ ᠪᠢᠴᠢᠭ ᠤᠨ ᠰᠤᠷᠤᠯᠴᠠᠯᠭ᠎ᠠ ᠶᠢᠨ ᠵᠢᠮ᠎ᠡ ᠶᠣᠰᠣ ᠶᠢ ᠬᠦᠨᠳᠦ ᠨᠣᠴᠢᠲᠠᠶ ᠵᠦᠷᠢᠴᠡᠨ᠎ᠠ᠃ ᠶᠡᠭᠡ ᠬᠡᠮᠵᠢᠶᠡᠨ ᠤ

ᠤᠶᠠᠩᠭᠠᠯᠠᠨ ᠤᠩᠰᠢᠬᠤ᠂ ᠨᠢᠳᠤᠯᠡᠨ ᠤᠩᠰᠢᠬᠤ᠂ ᠮᠡᠳᠡᠷᠡᠮᠵᠢ ᠪᠤᠯᠤᠨ ᠤᠶᠢᠯᠠᠭᠠᠯᠳᠠ ᠦᠬᠡᠢ ᠪᠤᠯ ᠬᠡᠯᠡ ᠪᠢᠴᠢᠭ ᠤᠨ

ᠬᠢᠷᠢ ᠲᠦᠪᠰᠢᠨ ᠨᠢ ᠲᠡᠬᠡᠭᠰᠢᠯᠡᠭᠦ ᠪᠤᠯᠤᠯᠴᠠᠭ᠎ᠠ ᠦᠬᠡᠢ︾ ᠭᠡᠵᠡᠶ᠃ ᠲᠡᠶᠢᠮᠦ ᠡ᠂ ᠮᠠᠨ ᠤ ᠮᠣᠩᠭᠤᠯ ᠬᠡᠯᠡ

ᠪᠢᠴᠢᠭ ᠤᠨ ᠵᠢᠭᠠᠨ ᠰᠤᠷᠭᠠᠯᠲᠠ ᠳᠤ ᠰᠣᠷᠣᠭᠰᠠᠨ ᠲᠡᠷᠡ ᠬᠡᠳᠦᠨ ᠬᠢᠴᠢᠶᠡᠯ ᠤᠨ ᠳᠡᠪᠲᠡᠷ ᠲᠡᠳᠦᠶ᠃ ᠵᠢᠭᠠᠬᠤ

ᠠᠷᠭ᠎ᠠ ᠨᠢ ᠬᠦᠨᠳᠦ ᠦᠭᠡᠰ ᠢ ᠲᠠᠶᠢᠯᠪᠤᠷᠢᠯᠠᠵᠤ᠂ ᠬᠢᠴᠢᠶᠡᠯ ᠤᠨ ᠪᠢᠴᠢᠭ ᠤᠨ ᠠᠭᠤᠯᠭ᠎ᠠ ᠶᠢ ᠲᠠᠶᠢᠯᠪᠤᠷᠢᠯᠠᠵᠤ᠂

ᠵᠠᠷᠢᠮ ᠳᠤ ᠪᠠᠨ ᠲᠣᠯᠢ ᠪᠢᠴᠢᠭ ᠡᠷᠢᠵᠦ ᠰᠤᠷᠤᠭᠴᠢᠳ ᠲᠤ ᠬᠦᠨᠳᠦ ᠦᠭᠡᠰ ᠤᠨ ᠬᠡᠳᠦᠨ ᠵᠦᠢᠯ ᠤᠨ ᠤᠳᠬ᠎ᠠ

ᠠᠭᠤᠯᠭ᠎ᠠ ᠶᠢ ᠲᠠᠶᠢᠯᠪᠤᠷᠢᠯᠠᠨ ᠥᠭᠴᠦ᠂ ᠰᠤᠷᠤᠭᠴᠢᠳ ᠲᠤ ᠬᠦᠨᠳᠦ ᠦᠭᠡᠰ ᠤᠨ ᠤᠳᠬ᠎ᠠ ᠠᠭᠤᠯᠭ᠎ᠠ ᠶᠢ

ᠦᠬᠦᠮᠡᠯ ᠢᠶᠠᠷ ᠴᠡᠭᠡᠵᠢᠯᠡᠭᠦᠯᠳᠡᠭ᠃ ᠢᠩᠬᠢᠵᠦ ᠵᠢᠭᠠᠬᠤ ᠨᠢ ᠰᠤᠷᠤᠭᠴᠢᠳ ᠪᠠᠷᠤᠭ ᠰᠣᠨᠣᠰᠴᠤ ᠪᠠᠷᠠᠮᠠᠭᠴᠠ

ᠮᠠᠷᠲᠠᠴᠢᠬᠠᠳᠠᠭ᠃ ᠡᠶᠢᠮᠦ ᠠᠴᠠ ᠪᠢᠳᠡ ᠬᠡᠦᠬᠡᠳ ᠲᠤ ︽ᠱᠠᠲᠤ ᠦᠶ᠎ᠡ ᠶᠢᠨ ᠤᠩᠰᠢᠯᠭ᠎ᠠ ᠶᠢᠨ ᠨᠣᠮ︾ ᠢ ᠬᠠᠩᠭᠠᠵᠤ᠂

ᠠᠳᠠᠯᠢ ᠪᠤᠰᠤ ᠣᠨ ᠳᠤ ᠠᠳᠠᠯᠢ ᠪᠤᠰᠤ ᠨᠣᠮ ᠤᠩᠰᠢᠭᠤᠯᠵᠤ᠂ ᠠᠳᠠᠯᠢ ᠪᠤᠰᠤ ᠱᠠᠲᠤᠨ ᠳᠤ ᠠᠳᠠᠯᠢ ᠪᠤᠰᠤ ᠵᠣᠬᠢᠶᠠᠯ

ᠤᠩᠰᠢᠭᠤᠯᠪᠠᠯ ᠵᠣᠬᠢᠨ᠎ᠠ᠃ ᠬᠥᠮᠦᠨ ᠤ ᠣᠶᠣᠨ ᠰᠠᠨᠠᠭᠠᠨ ᠤ ᠪᠤᠶᠢᠵᠢᠯᠲᠠ ᠪᠠ ᠹᠢᠽᠢᠣᠯᠣᠭᠢ ᠶᠢᠨ ᠪᠤᠶᠢᠵᠢᠯᠲᠠ ᠪᠣᠯ

ᠠᠳᠠᠯᠢᠬᠠᠨ ᠶᠤᠮ᠂ ︽ᠰᠢᠮ᠎ᠡ ᠲᠡᠵᠢᠭᠡᠯ︾ ᠢ ᠬᠡᠷᠡᠭᠰᠡᠬᠦ ᠱᠠᠭᠠᠷᠳᠠᠯᠭ᠎ᠠ ᠨᠢ ᠴᠦ ᠱᠠᠲᠤ ᠬᠤᠪᠢᠶᠠᠵᠤ ᠪᠠᠶᠢᠳᠠᠭ᠃ ᠬᠥᠮᠦᠨ

ᠣᠨᠴᠠᠭᠠᠶ ᠨᠠᠰᠤᠨ ᠤ ᠦᠶ᠎ᠡ ᠳᠤ ᠪᠠᠨ ᠳᠠᠷᠤᠶ ᠣᠨᠴᠠᠭᠠᠶ ᠨᠡᠷᠡᠲᠦ ᠬᠥᠮᠦᠰ ᠤᠨ ᠨᠡᠷᠡᠲᠦ ᠪᠦᠲᠦᠭᠡᠯ ᠢ ᠤᠩᠰᠢᠪᠠᠯ

ᠵᠣᠬᠢᠨ᠎ᠠ᠃ ᠬᠡᠷᠪᠡ ᠡᠨᠡ ᠬᠦ ᠤᠩᠰᠢᠯᠭ᠎ᠠ ᠶᠢᠨ ᠱᠠᠲᠤ ᠪᠠᠨ ᠠᠯᠳᠠᠪᠠᠯ᠂ ᠲᠡᠳᠡ ᠤᠩᠰᠢᠯᠭ᠎ᠠ ᠶᠢᠨ ᠬᠦᠰᠡᠯ ᠢᠶᠠᠨ

ᠠᠯᠳᠠᠬᠤ ᠪᠠᠷ ᠪᠠᠷᠠᠬᠤ ᠦᠭᠡᠢ ᠪᠠᠰᠠ ᠣᠨᠴᠠᠭᠠᠶ ᠪᠤᠶᠢᠵᠢᠯᠲᠠ ᠶᠢᠨ ᠱᠠᠲᠤᠨ ᠳᠤ ᠪᠠᠨ ᠬᠡᠷᠡᠭᠰᠡᠬᠦ ᠣᠶᠣᠨ ᠰᠠᠨᠠᠭᠠᠨ ᠤ

ᠰᠢᠮ᠎ᠡ ᠲᠡᠵᠢᠭᠡᠯ ᠢ ᠰᠢᠩᠭᠡᠭᠡᠨ ᠠᠪᠴᠤ ᠴᠢᠳᠠᠬᠤ ᠦᠭᠡᠢ ᠪᠣᠯᠤᠨ᠎ᠠ᠃

      ᠮᠢᠨᠦ ᠦᠵᠡᠬᠦ ᠪᠠᠷ ᠪᠠᠭ᠎ᠠ ᠰᠤᠷᠭᠠᠭᠤᠯᠢ ᠶᠢᠨ ᠦᠶ᠎ᠡ ᠶᠢᠨ ᠬᠢᠴᠢᠶᠡᠯ ᠨᠢ ᠬᠡᠦᠬᠡᠳ ᠢ ᠠᠮᠠᠷᠬᠠᠨ ᠢᠶᠠᠷ

ᠰᠤᠷᠤᠯᠴᠠᠭᠤᠯᠵᠤ᠂ ᠰᠤᠷᠤᠭᠴᠢᠳ ᠤᠨ ᠢᠲᠡᠭᠡᠯ ᠵᠣᠷᠢᠭ ᠪᠠ ᠰᠣᠨᠢᠭᠤᠴᠢ ᠰᠡᠳᠬᠢᠯ ᠢ ᠨᠢ ᠪᠠᠲᠤᠯᠠᠬᠤ ᠶᠢᠨ ᠬᠠᠮᠲᠤ

ᠪᠠᠭ᠎ᠠ ᠰᠤᠷᠭᠠᠭᠤᠯᠢ ᠶᠢᠨ ᠰᠤᠷᠤᠭᠴᠢᠳ ᠢ ᠨᠠᠰᠤ ᠬᠤᠷᠠᠭ ᠬᠡᠦᠬᠡᠳ ᠲᠠᠢ ᠨᠠᠭᠠᠳᠤᠭᠤᠯᠬᠤ ᠨᠡᠩ ᠢᠯᠡᠭᠦᠦ ᠴᠠᠭ ᠲᠠᠢ

ᠪᠣᠯᠭᠠᠬᠤ ᠬᠡᠷᠡᠭᠲᠡᠶ᠂ ᠡᠨᠡ ᠨᠢ ᠲᠡᠳᠡᠨ ᠤ ᠪᠡᠶ᠎ᠡ ᠰᠡᠳᠬᠢᠯ ᠤᠨ ᠡᠷᠡᠭᠦᠯ ᠮᠡᠨᠳᠦ ᠪᠠ ᠦᠰᠦᠨ ᠪᠤᠶᠢᠵᠢᠯᠲᠠ ᠳᠤ

ᠬᠠᠮᠤᠭ ᠤᠨ ᠠᠰᠢᠭᠲᠠᠶ ᠶᠤᠮ᠃ ᠲᠣᠭᠯᠠᠭᠠᠮ ᠤᠨ ᠳᠤᠮᠳᠠ᠂ ᠬᠡᠤᠬᠡᠳ ᠤᠳ ᠳᠠᠭᠤᠷᠢᠶᠠᠨ᠂ ᠪᠡᠶᠡᠴᠢᠯᠡᠨ ᠣᠶᠢᠯᠠᠭᠠᠵᠤ᠂

ᠡᠭᠦᠳᠦᠨ ᠪᠦᠲᠦᠭᠡᠵᠦ᠂ ᠬᠠᠮᠳᠤ ᠪᠠᠷ ᠣᠷᠣᠰᠢᠨ ᠲᠣᠭᠲᠠᠨᠢᠬᠤ ᠪᠠ ᠵᠠᠩᠭᠢᠯᠠᠭ᠎ᠠ ᠶᠢᠨ ᠴᠢᠳᠠᠪᠤᠷᠢ ᠶᠢ ᠰᠤᠷᠴᠤ

ᠡᠵᠡᠮᠰᠢᠭᠡᠳ᠂ ᠪᠠᠶᠢᠭᠠᠯᠢ ᠪᠠ ᠪᠤᠰᠤᠳ ᠬᠥᠮᠦᠨ᠂ ᠨᠡᠶᠢᠭᠡᠮ ᠲᠠᠢ ᠶᠠᠷᠢᠯᠴᠠᠬᠤ ᠠᠷᠭ᠎ᠠ ᠮᠠᠶ᠋ᠢᠭ ᠢ ᠰᠣᠷᠣᠭᠰᠠᠨ          

ᠪᠠᠶᠢᠨ᠎ᠠ᠃ ᠶᠠᠫᠣᠨ ᠤ ᠡᠷᠳᠡᠮᠲᠡᠨ ᠵᠢᠩ ᠱᠧᠨ ᠳ᠋ᠠ᠄ ︽ᠲᠣᠭᠯᠠᠭᠠᠮ ᠪᠣᠯ ᠬᠡᠤᠬᠡᠳ ᠤᠨ ᠬᠤᠶᠠᠳᠠᠬᠢ ᠠᠮᠢ ᠨᠠᠰᠤ ᠮᠥᠨ᠂

ᠬᠡᠤᠬᠡᠳ ᠤᠨ ᠨᠢᠭᠡ ᠰᠤᠷᠭᠠᠭᠤᠯᠢ ᠮᠥᠨ︾ ᠭᠡᠵᠦ ᠦᠵᠡᠳᠡᠭ᠃

      ᠪᠠᠭᠰᠢ ᠪᠣᠯᠤᠭᠰᠠᠨ ᠤ ᠬᠤᠪᠢ ᠳᠤ ᠬᠡᠦᠬᠡᠳ ᠤᠨ ᠳᠠᠯᠳᠠ ᠴᠢᠳᠠᠪᠤᠷᠢ ᠶᠢ ᠰᠡᠷᠭᠦᠭᠡᠬᠦ ᠶᠢ ᠣᠯᠵᠤ ᠮᠡᠳᠡᠬᠦ

ᠬᠡᠷᠡᠭᠲᠡᠶ᠃ ᠭᠠᠭᠴᠠ ᠬᠦ ᠣᠳᠣᠬᠠᠨ ᠤ ᠰᠢᠯᠭᠠᠯᠲᠠ ᠶᠢᠨ ᠬᠢᠷᠢ ᠪᠦᠲᠦᠮᠵᠢ ᠪᠠᠷ ᠨᠢᠭᠡ ᠰᠤᠷᠤᠭᠴᠢ ᠶᠢᠨ ᠪᠦᠬᠦ

ᠲᠠᠯ᠎ᠠ ᠶᠢ ᠦᠨᠡᠯᠡᠵᠦ ᠪᠣᠯᠬᠤ ᠦᠭᠡᠢ᠂ ᠬᠠᠷᠢᠨ ᠣᠯᠠᠨ ᠲᠠᠯ᠎ᠠ ᠠᠴᠠ ᠰᠤᠷᠤᠭᠴᠢ ᠶᠢᠨ ᠳᠠᠯᠳᠠ ᠴᠢᠳᠠᠪᠤᠷᠢ ᠶᠢ

ᠠᠵᠢᠭᠯᠠᠵᠤ᠂ ᠠᠯᠢ ᠴᠢᠳᠠᠬᠤ ᠪᠠᠷ ᠪᠦᠬᠦ ᠬᠡᠦᠬᠡᠳ ᠤᠨ ᠣᠨᠴᠠ ᠴᠢᠳᠠᠪᠤᠷᠢ ᠶᠢ ᠭᠦᠭᠵᠢᠭᠦᠯᠦᠨ᠎ᠡ᠃

      ᠦᠨᠡᠨ ᠳᠤ ᠪᠠᠨ ᠬᠡᠦᠬᠡᠳ ᠨᠢᠭᠡ ᠪᠦᠷᠢ ᠤᠯᠠᠨ ᠠᠴᠠ ᠣᠨᠴᠠᠭᠠᠶ ᠤᠷᠮ᠎ᠠ ᠪᠠᠬ᠎ᠠ᠂ ᠣᠨᠴᠠᠭᠠᠶ ᠠᠪᠢᠶᠠᠰ ᠲᠠᠢ

ᠪᠠᠶᠢᠵᠤ᠂ ᠬᠡᠦᠬᠡᠳ ᠤᠨ ᠥᠪᠡᠷᠮᠢᠴᠡ ᠴᠢᠨᠠᠷ᠂ ᠣᠨᠴᠠᠭᠠᠶ ᠠᠪᠢᠶᠠᠰ ᠢ ᠬᠦᠨᠳᠦᠳᠬᠡᠪᠡᠯ ᠳᠠᠷᠤᠶ ᠬᠡᠦᠬᠡᠳ ᠲᠤ

ᠴᠢᠯᠥᠭᠡᠲᠡᠶ ᠪᠥᠭᠡᠳ ᠥᠷᠭᠡᠨ ᠠᠭᠤᠳᠠᠮ ᠬᠥᠭᠵᠢᠯᠲᠡ ᠶᠢᠨ ᠣᠷᠣᠨ ᠵᠠᠶ ᠶᠢ ᠬᠠᠩᠭᠠᠨ ᠥᠭᠴᠦ᠂ ᠣᠶᠣᠨ ᠰᠠᠨᠠᠭᠠᠨ ᠤ

ᠠᠮᠢ ᠨᠠᠰᠤ ᠨᠢ ᠴᠢᠯᠥᠭᠡᠲᠡᠶ ᠠᠮᠢᠰᠬᠤᠵᠤ ᠴᠢᠳᠠᠬᠤ ᠶᠤᠮ᠃

      ︽ᠥᠨᠥᠳᠦᠷ ᠤᠨ ᠰᠤᠷᠤᠭᠴᠢᠳ ᠲᠤ ᠥᠭᠭᠦᠭᠰᠡᠨ ᠶᠠᠭᠤᠮ᠎ᠠ ᠶᠢ ᠬᠡᠵᠢᠶ᠎ᠡ ᠬᠡᠷᠡᠭᠯᠡᠵᠦ ᠪᠣᠯᠬᠤ ᠪᠤᠢ︖︾ ᠭᠡᠵᠦ

ᠪᠠᠭᠰᠢ ᠨᠠᠷ ᠡᠳᠦᠷ ᠪᠦᠷᠢ ᠥᠪᠡᠷ ᠤᠨ ᠪᠡᠶ᠎ᠡ ᠠᠴᠠ ᠪᠠᠨ ᠠᠰᠠᠭᠤᠪᠠᠯ ᠵᠣᠬᠢᠨ᠎ᠠ᠃

      ᠪᠠᠭᠰᠢ ᠵᠥᠪᠬᠡᠨ ᠰᠤᠷᠤᠭᠴᠢ ᠶᠢᠨ ᠬᠢᠷᠢ ᠪᠦᠲᠦᠮᠵᠢ ᠶᠢᠨ ᠲᠥᠯᠥᠭᠡ ᠠᠮᠢ ᠴᠦᠯᠡᠨ ᠴᠢᠷᠮᠠᠶᠢᠬᠤ ᠦᠶ᠎ᠡ ᠳᠤ᠂

ᠪᠠᠭᠰᠢ ᠪᠣᠯ ᠮᠢᠨᠦ ᠲᠥᠯᠥᠭᠡ ᠴᠢᠷᠮᠠᠶᠢᠬᠤ ᠪᠢᠰᠢ᠂ ᠬᠠᠷᠢᠨ ᠲᠡᠭᠦᠨ ᠤ ᠢᠷᠠᠭᠤ ᠠᠯᠳᠠᠷ ᠤᠨ ᠲᠥᠯᠥᠭᠡ ᠴᠢᠷᠮᠠᠶᠢᠳᠠᠭ ᠢ

ᠰᠤᠷᠤᠭᠴᠢᠳ ᠪᠠᠰᠠ ᠮᠡᠳᠡᠳᠡᠭ᠂ ᠵᠠᠷᠢᠮ ᠳᠤ ᠪᠠᠨ ᠰᠤᠷᠤᠭᠴᠢᠳ ᠴᠢᠨᠦ ᠵᠢᠭᠠᠨ ᠰᠤᠷᠭᠠᠯᠳᠠ ᠳᠤ ᠳᠤᠷ᠎ᠠ

ᠦᠭᠡᠶᠢᠴᠡᠳᠡᠭ ᠶᠤᠮ᠃

      ᠪᠠᠭᠰᠢ ᠪᠣᠯᠤᠭᠰᠠᠨ ᠤ ᠬᠤᠪᠢ ᠳᠤ ᠪᠢᠳᠡ ᠡᠷᠬᠡᠪᠰᠢ ᠡᠷᠬᠢᠮ ᠳᠡᠭᠡᠳᠦ ᠬᠥᠮᠦᠨ ᠴᠢᠨᠠᠷ ᠤᠨ ᠲᠠᠲᠠᠬᠤ

ᠬᠦᠴᠦᠨ ᠲᠠᠢ ᠪᠠᠶᠢᠬᠤ ᠬᠡᠷᠡᠭᠲᠡᠶ᠂ ᠢᠲᠡᠭᠡᠯ ᠪᠢᠰᠢᠷᠡᠯ ᠤᠨ ᠰᠠᠭᠤᠷᠢᠨ ᠳᠡᠭᠡᠷ᠎ᠡ ᠪᠠᠭᠰᠢ ᠶᠢᠨ ᠢᠶᠠᠨ ᠰᠤᠷᠭᠠᠨ

ᠬᠥᠮᠦᠵᠢᠯ ᠢ ᠬᠥᠷᠳᠡᠪᠡᠯ᠂ ᠰᠤᠷᠤᠭᠴᠢᠳ ᠤᠨ ᠬᠥᠷᠳᠡᠬᠦ ᠰᠤᠷᠭᠠᠨ ᠬᠥᠮᠦᠵᠢᠯ ᠨᠢ ᠨᠡᠩ ᠭᠦᠨᠵᠡᠭᠡᠶ ᠪᠤᠯᠵᠤ᠂ ᠦᠷ᠎ᠡ

ᠪᠦᠲᠦᠮᠵᠢ ᠨᠢ ᠴᠦ ᠨᠡᠩ ᠰᠠᠶᠢᠨ ᠪᠣᠯᠬᠤ ᠶᠤᠮ︕

      ᠳᠥᠷᠪᠡ᠂ ᠮᠢᠨᠦ ᠨᠢᠳᠦᠨ ᠳᠠᠬᠢ ᠰᠤᠷᠭᠠᠭᠤᠯᠢ

      ᠰᠦᠬᠤᠮᠯᠢᠨ᠋ᠰᠺᠢ ᠬᠡᠯᠡᠬᠦ ᠳᠤ ᠪᠠᠨ᠄ ︽ᠰᠤᠷᠭᠠᠭᠤᠯᠢ ᠶᠢ ᠤᠳᠤᠷᠢᠳᠬᠤ ᠳᠤ ᠪᠠᠨ ᠶᠠᠭᠤᠨ ᠤ ᠡᠮᠦᠨ᠎ᠡ ᠰᠤᠷᠭᠠᠨ

ᠬᠥᠮᠦᠵᠢᠯ ᠤᠨ ᠦᠵᠡᠯ ᠰᠠᠨᠠᠭ᠎ᠠ ᠶᠢ ᠤᠳᠤᠷᠢᠳᠴᠤ᠂ ᠲᠠᠷᠠᠭ᠎ᠠ ᠨᠢ ᠰᠠᠶ᠋ᠢ ᠵᠠᠰᠠᠭ ᠵᠠᠬᠢᠷᠭᠠᠨ ᠤ ᠲᠠᠯ᠎ᠠ ᠶᠢᠨ

ᠤᠳᠤᠷᠢᠳᠤᠯᠭ᠎ᠠ ᠶᠢ ᠤᠳᠤᠷᠢᠳᠬᠤ ᠬᠡᠷᠡᠭᠲᠡᠶ︾ ᠭᠡᠵᠡᠶ᠃

      ᠮᠡᠷᠺᠰ᠄ ︽ᠬᠥᠮᠦᠨ ᠤ ᠰᠡᠳᠬᠢᠯ ᠤᠨ ᠬᠠᠮᠢᠶᠠᠷᠤᠯᠲᠠ ᠶᠢ ᠡᠵᠡᠮᠳᠡᠶ᠎ᠡ︾ ᠭᠡᠳᠡᠭ ᠨᠣᠮ ᠳᠤ ᠪᠠᠨ᠄ ︽ᠬᠥᠮᠦᠨ

ᠪᠣᠯᠭᠠᠨ ᠥᠪᠡᠷ ᠢ ᠪᠠᠨ ᠴᠢᠬᠤᠯᠠ ᠬᠥᠮᠦᠨ ᠪᠣᠯᠬᠤ ᠶᠢ ᠬᠦᠰᠡᠳᠡᠭ᠂ ᠬᠠᠮᠢᠶᠠᠷᠤᠯᠲᠠ ᠶᠢᠨ ᠠᠮᠵᠢᠯᠲᠠ ᠨᠢ ᠬᠥᠮᠦᠨ

ᠪᠣᠯᠭᠠᠨ ᠳᠤ ᠥᠪᠡᠷ ᠢ ᠪᠠᠨ ᠴᠢᠬᠤᠯᠠ ᠭᠡᠳᠡᠭ ᠢ ᠮᠡᠳᠡᠷᠡᠭᠦᠯᠬᠦ ᠳᠤ ᠣᠷᠣᠰᠢᠨ᠎ᠠ︾ ᠭᠡᠰᠡᠨ ᠪᠠᠶᠢᠨ᠎ᠠ᠃

      ᠯᠢ ᠰᠢ ᠺᠦᠢ ᠪᠠᠭᠰᠢ ᠰᠤᠷᠭᠠᠭᠤᠯᠢ ᠶᠢᠨ ᠵᠠᠬᠢᠷᠤᠯ ᠪᠠᠶᠢᠬᠤ ᠳᠤ ᠪᠠᠨ ᠰᠤᠷᠭᠠᠭᠤᠯᠢ ᠶᠢᠨ ᠬᠠᠮᠢᠶᠠᠷᠤᠯᠲᠠ ᠶᠢᠨ

ᠲᠦᠷᠢᠮ ᠪᠠ ᠪᠠᠭᠰᠢ ᠶᠢᠨ ᠤᠳᠤᠷᠢᠳᠤᠯᠭ᠎ᠠ ᠶᠢᠨ ᠬᠡᠪ ᠴᠢᠨᠠᠷ ᠢ ᠣᠨᠴᠠᠭᠠᠶᠢᠯᠠᠨ ᠴᠢᠬᠤᠯᠠᠴᠢᠯᠠᠳᠠᠭ᠃ ᠤᠴᠢᠷ ᠨᠢ᠂

ᠰᠠᠶᠢᠨ ᠪᠠᠭᠰᠢ ᠲᠠᠢ ᠪᠣᠯᠪᠠᠯ ᠯᠠᠪᠲᠠᠶ ᠰᠠᠶᠢᠨ ᠰᠤᠷᠤᠭᠴᠢ ᠶᠢ ᠬᠥᠮᠦᠵᠢᠭᠦᠯᠦᠨ ᠭᠠᠷᠭᠠᠵᠤ ᠲᠠᠶᠢᠯᠤᠨ᠎ᠠ᠃ ᠡᠶᠢᠮᠦ ᠠᠴᠠ

ᠡᠯ᠎ᠡ ᠲᠠᠯ᠎ᠠ ᠶᠢᠨ ᠬᠠᠮᠢᠶᠠᠷᠤᠯᠲᠠ ᠶᠢᠨ ᠲᠦᠷᠢᠮ ᠢ ᠭᠦᠨᠳᠤᠳᠭᠡᠭᠦ ᠴᠢᠬᠤᠯᠠᠲᠠᠢ ᠶᠤᠮ᠃ ᠪᠠᠭᠰᠢ ᠨᠢᠭᠡ ᠪᠦᠷᠢ ᠳᠤ

ᠥᠪᠡᠷ ᠢ ᠪᠠᠨ ᠮᠠᠰᠢ ᠴᠢᠬᠤᠯᠠ ᠭᠡᠳᠡᠭ ᠢ ᠮᠡᠳᠡᠭᠦᠯᠵᠦ᠂ ᠪᠠᠭᠰᠢ ᠨᠢᠭᠡ ᠪᠦᠷᠢ ᠶᠢ ᠰᠤᠷᠤᠭᠴᠢᠳ ᠤᠨ ᠢᠶᠠᠨ ᠲᠥᠯᠥᠭᠡ

ᠪᠣᠳᠣᠯᠬᠢᠯᠠᠭᠤᠯᠬᠤ ᠬᠡᠷᠡᠭᠲᠡᠶ᠃ ᠭᠠᠭᠴᠠ ᠬᠦ ᠪᠠᠭᠰᠢ ︽ᠴᠢᠬᠤᠯᠠ ᠬᠥᠮᠦᠨ ᠪᠣᠯᠬᠤ︾ ᠬᠦᠰᠡᠯ ᠢ ᠳᠠᠶᠢᠴᠢᠯᠠᠪᠠᠯ ᠰᠠᠶ᠋ᠢ

ᠬᠥᠮᠦᠨ ᠤ ᠠᠮᠢᠳᠤᠷᠠᠯ ᠤᠨ ᠣᠷᠳᠣ ᠵᠠᠮ ᠳᠡᠭᠡᠷ᠎ᠡ ᠲᠡᠳᠡᠨ ᠢ ᠵᠣᠷᠢᠬᠵᠢᠭᠤᠯᠤᠨ ᠨᠠᠩ ᠥᠨᠳᠥᠷ ᠬᠠᠷᠠᠯᠲᠠ ᠵᠦᠭ

ᠲᠠᠰᠤᠷᠠᠯᠲᠠ ᠥᠬᠡᠶ ᠤᠷᠤᠭᠰᠢᠯᠠᠭᠤᠯᠵᠤ ᠴᠢᠳᠠᠨ᠎ᠠ᠃ ᠪᠠᠭᠰᠢ ᠶᠢᠨ ᠲᠡᠷᠢᠭᠦᠨ ᠵᠡᠷᠭᠡ ᠨᠢ ᠵᠥᠪᠬᠡᠨ ᠰᠤᠷᠭᠠᠭᠤᠯᠢ ᠶᠢᠨ

ᠵᠣᠷᠢᠭᠤᠳᠠ ᠬᠥᠮᠦᠵᠢᠭᠦᠯᠦᠯ ᠠᠴᠠ ᠢᠷᠡᠳᠡᠭ ᠪᠢᠰᠢ᠂ ᠬᠠᠷᠢᠨ ᠠᠮᠢ ᠨᠠᠰᠤᠨ ᠤ ᠠᠮᠢᠵᠢᠷᠠᠯ ᠤᠨ ᠬᠦᠴᠦᠨ ᠢ ᠬᠥᠭᠵᠢᠭᠡᠬᠦ

ᠲᠣᠭᠲᠠᠴᠠ ᠠᠴᠠ ᠢᠷᠡᠳᠡᠭ᠂ ᠪᠠᠭᠰᠢ ᠶᠢᠨ ᠥᠪᠡᠷ ᠤᠨ ᠬᠥᠭᠵᠢᠯᠲᠡ ᠶᠢᠨ ᠳᠣᠲᠣᠭᠠᠳᠤ ᠬᠥᠳᠡᠯᠭᠡᠬᠦ ᠬᠦᠴᠦᠨ ᠠᠴᠠ

ᠢᠷᠡᠳᠡᠭ᠃ ᠵᠥᠪᠬᠡᠨ ᠱᠠᠩᠨᠠᠵᠤ ᠲᠤᠷᠭᠠᠬᠤ ᠠᠷᠭ᠎ᠠ ᠳᠤ ᠲᠦᠰᠢᠭᠯᠡᠵᠦ᠂ ᠵᠥᠪᠬᠡᠨ ᠵᠢᠭᠠᠨ ᠰᠤᠷᠭᠠᠯᠲᠠ ᠶᠢᠨ ᠬᠢᠷᠢ

ᠪᠦᠲᠦᠮᠵᠢ ᠪᠠᠷ ᠪᠠᠭᠰᠢ ᠨᠠᠷ ᠢ ᠦᠨᠡᠯᠡᠬᠦ ᠨᠢ ᠪᠠᠭ᠋ᠠᠨ ᠥᠷᠥᠭᠡᠰᠦᠭᠡᠯ ᠪᠠᠶᠢᠳᠠᠭ᠃ ᠰᠤᠷᠭᠠᠭᠤᠯᠢ ᠶᠢ ᠬᠠᠶᠢᠷ᠎ᠠ

ᠰᠡᠳᠬᠢᠯᠭᠡ ᠪᠠᠷ ᠪᠢᠯᠬᠠᠮ᠎ᠠ᠂ ᠠᠮᠢᠳᠤ ᠴᠣᠪᠣᠭᠤᠯᠢᠭ ᠠᠮᠢᠳᠤᠷᠠᠯ ᠲᠠᠢ᠂ ᠡᠷᠳᠡᠮ ᠮᠡᠳᠡᠯᠭᠡ ᠰᠤᠷᠬᠤ ᠴᠡᠩᠭᠡᠯ ᠤᠨ

ᠬᠦᠷᠢᠶᠡᠯᠡᠩ ᠪᠣᠯᠭᠠᠨ ᠡᠷᠬᠢᠯᠡᠬᠦ ᠬᠡᠷᠡᠭᠲᠡᠶ᠃

      ᠪᠢᠳᠠ ᠯᠢ ᠰᠢ ᠬᠦᠢ ᠪᠠᠭᠰᠢ ᠶᠢᠨ ᠡᠷᠬᠢᠮ ᠨᠠᠨᠳᠢᠨ ᠥᠩᠭᠡᠷᠡᠯᠲᠡ ᠠᠴᠠ ᠲᠤᠷᠰᠢᠯᠭ᠎ᠠ ᠬᠤᠷᠠᠮᠳᠤᠭᠤᠯᠵᠤ᠂

ᠵᠣᠷᠢᠭᠲᠠᠢ ᠪᠠᠷ ᠰᠢᠨ᠎ᠡ ᠶᠢ ᠡᠭᠦᠳᠴᠦ᠂ ᠵᠣᠷᠢᠭᠲᠠᠢ ᠪᠠᠷ ᠰᠢᠨ᠎ᠡ ᠰᠣᠷᠭᠤᠭ ᠠᠭᠤᠷ ᠠᠮᠢᠰᠬᠤᠯ ᠢ ᠠᠮᠢᠰᠬᠤᠵᠤ᠂

ᠴᠢᠯᠥᠭᠡᠲᠦ ᠰᠤᠷᠭᠠᠨ ᠬᠥᠮᠦᠵᠢᠯ ᠢ ᠲᠤᠷᠰᠢᠵᠤ ᠦᠵᠡᠶ᠎ᠡ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠰᠢᠯᠤᠭᠤᠨ ᠬᠥᠬᠡ ᠬᠤᠰᠢᠭᠤᠨ ᠤ 

                                ᠨᠢᠬᠡᠳᠦᠭᠡᠷ ᠪᠠᠭ᠎ᠠ ᠰᠣᠷᠭᠠᠭᠤᠯᠢ 

                                ︵ᠠᠯᠳᠠᠨᠰᠦ᠋ᠭᠡ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map