ᠬᠤᠴᠤᠷᠤᠩᠭᠤᠢ ᠰᠤᠷᠤᠬᠴᠢ ᠶᠢ ᠡᠩᠬᠦᠷᠡᠶᠢᠯᠡᠨ ᠬᠠᠶᠢᠷᠠᠯᠠᠶ᠎ᠠ
ᠨᠡᠶᠢᠲᠡᠯᠡᠭᠰᠡᠨ ᠴᠠᠭ᠄
2024/4/12
                     ᠦᠵᠡᠰᠬᠦᠯᠠᠩ

幼儿教育3.png

      ᠤᠳᠤᠬᠠᠨ ᠤ ᠵᠢᠭᠠᠨ ᠰᠤᠷᠭᠠᠬᠤ ᠪᠤᠳᠠᠳᠤ ᠦᠢᠯᠡᠳᠤᠯᠭᠡ ᠶᠢᠨ ᠲᠤᠮᠳᠠ ᠵᠠᠷᠢᠮ ᠰᠤᠷᠤᠭᠴᠢ ᠶᠢᠨ ᠪᠠᠶ᠎ᠠ ᠲᠡᠭᠡᠷ᠎ᠠ

ᠰᠤᠷᠤᠯᠴᠠᠬᠤ ᠲᠤᠷ᠎ᠠ ᠦᠭᠡᠢ ᠦᠵᠡᠭᠳᠡᠯ ᠲᠦᠭᠡᠮᠡᠯ ᠬᠠᠷᠠᠭᠳᠠᠵᠤ᠂ ᠪᠠᠭᠰᠢ ᠪᠤᠯᠤᠬᠰᠠᠳ ᠤᠨ ᠲᠤᠯᠤᠭᠠᠢ ᠶᠢ

ᠡᠪᠡᠳᠭᠡᠵᠦ᠂ ᠶᠠᠭᠠᠬᠢᠬᠤ ᠶᠢᠨ ᠠᠷᠭ᠎ᠠ ᠦᠭᠡᠢ ᠪᠤᠯᠭᠠᠳᠠᠭ᠃ ᠵᠦᠪ ᠲᠠᠯ᠎ᠠ ᠠᠴᠠ ᠵᠢᠭᠠᠵᠤ ᠰᠤᠷᠭᠠᠬᠤ᠂

ᠰᠤᠷᠤᠯᠭ᠎ᠠ ᠶᠢᠨ ᠰᠡᠳᠤᠪ ᠪᠤᠯᠪᠠᠰᠤᠷᠠᠯ᠂ ᠲᠠᠰᠬᠠᠯ ᠲᠠᠭᠠᠭᠠᠯᠭᠠᠪᠤᠷᠢ ᠶᠢᠨ ᠭᠦᠴᠤᠯᠡᠴᠡ ᠶᠢ ᠨᠡᠮᠡᠭᠳᠡᠬᠦᠯᠦᠭᠰᠡᠨ ᠴᠦ

ᠦᠷ᠎ᠡ ᠠᠰᠢᠭ ᠢᠶᠠᠷ ᠪᠠᠷᠣᠬᠳᠠᠢ᠃ ᠴᠢᠨᠠᠭᠰᠢᠯᠠᠪᠠᠯ ᠨᠠᠵᠠᠭᠠᠢ ᠦᠢᠯᠡᠳᠣᠯ ᠭᠠᠷᠭᠠᠬᠤ ᠭᠡᠮᠵᠢᠶᠠᠨ ᠳᠤ ᠬᠦᠷᠴᠤ ᠪᠠᠶᠢᠳᠠᠭ᠂

ᠰᠢᠬᠦᠮᠵᠢᠯᠡᠵᠤ ᠰᠤᠷᠭᠠᠪᠠᠯ ᠤᠯᠠᠮ ᠴᠤ ᠵᠦᠷᠢᠯᠳᠤᠵᠤ᠂ ᠦᠨᠡᠭᠡᠷ ᠴᠤ ᠠᠷᠭ᠎ᠠ ᠠᠯᠳᠠᠷᠠᠵᠤ ᠬᠤᠶᠠᠷ ᠭᠠᠷ ᠢᠶᠠᠨ

ᠨᠤᠬᠤᠯᠠᠭᠠᠳ ᠰᠠᠭᠤᠬᠤ ᠠᠴᠠ ᠦᠭᠡᠷ᠎ᠠ ᠠᠷᠭ᠎ᠠ ᠦᠭᠡᠢ ᠰᠠᠨᠠᠭᠳᠠᠳᠠᠭ᠃ ᠨᠠᠩ ᠢᠯᠠᠩᠭᠤᠶ᠎ᠠ ᠴᠦᠭᠡᠨ ᠲᠤᠭᠠᠨ ᠤ

ᠰᠤᠷᠤᠬᠴᠢ ᠶᠢᠨ ᠬᠦᠳᠡᠯᠬᠦ ᠲᠤᠷ᠎ᠠ ᠦᠭᠡᠢ ᠵᠠᠯᠬᠠᠭᠤ ᠪᠠᠶᠢᠳᠠᠯ ᠲᠠᠢ᠂ ᠶᠠᠮᠠᠷ ᠨᠢᠭᠡᠨ ᠬᠦᠮᠤᠨ ᠲᠠᠬᠦᠨ ᠤ ᠡᠮᠤᠨ᠎ᠠ ᠠᠴᠠ

ᠤᠴᠢᠵᠤ ᠬᠢᠵᠤ ᠪᠠᠶᠠᠯᠠᠬᠦᠯᠬᠦ ᠶᠢ ᠬᠦᠰᠡᠭᠰᠡᠨ ᠴᠢᠷᠠᠢ ᠲᠠᠢ ᠬᠦᠯᠢᠶᠡᠵᠤ ᠰᠠᠭᠤᠳᠠᠭ ᠨᠢ ᠭᠡᠴᠡᠬᠦᠤ ᠶᠤᠮ᠃ ᠡ᠊ᠨᠡ ᠭᠦ

ᠠᠰᠠᠭᠤᠳᠠᠯ ᠨᠢ ᠪᠠᠭᠰᠢ ᠶᠢᠨ ᠰᠤᠷᠭᠠᠨ ᠬᠦᠮᠤᠵᠢᠬᠦᠯᠬᠦ ᠠᠷᠭ᠎ᠠ ᠮᠠᠷᠭᠡᠵᠢᠯ ᠤᠷ᠎ᠠ ᠲᠠᠮ ᠲᠠᠢ ᠬᠤᠯᠪᠤᠬᠳᠠᠬᠤ ᠪᠤᠯᠪᠠᠴᠤ

ᠬᠤᠴᠤᠷᠤᠩᠭᠤᠢ ᠰᠤᠷᠤᠬᠴᠢᠳ ᠤᠨ ᠰᠤᠷᠤᠯᠴᠠᠬᠤ ᠤᠪᠤᠷ᠂ ᠦᠵᠡᠯ ᠰᠠᠨᠠᠭ᠎ᠠ᠂ ᠤᠷᠮ᠎ᠠ ᠵᠤᠷᠢᠭ ᠢ ᠬᠦᠪᠴᠢᠯᠡᠬᠦ ᠨᠢ

ᠲᠦᠢᠯ ᠤᠨ ᠴᠢᠬᠤᠯᠠ ᠪᠢᠯᠠ᠃

      ᠶᠠᠭᠤᠨ ᠤ ᠲᠠᠷᠢᠬᠦᠨ ᠳᠤ ᠲᠠᠳᠡᠭᠡᠷ ᠰᠤᠷᠤᠯᠴᠠᠬᠤ ᠲᠤᠷ᠎ᠠ ᠦᠭᠡᠢ ᠵᠠᠯᠬᠠᠭᠤᠷᠠᠵᠤ ᠰᠠᠭᠤᠳᠠᠭ ᠰᠤᠷᠤᠬᠴᠢᠳ ᠢ

ᠲᠡᠪᠰᠢᠭᠤᠯᠤᠨ ᠲᠡᠭᠡᠭᠰᠢᠯᠡᠬᠦᠯᠬᠦ ᠨᠢ ᠴᠢᠬᠤᠯᠠ᠃ ᠵᠢᠭᠠᠨ ᠰᠤᠷᠭᠠᠬᠤ ᠶᠠᠪᠤᠴᠠ ᠲᠤᠮᠳᠠ ᠲᠡᠳᠡᠭᠡᠷ ᠰᠤᠷᠤᠯᠴᠠᠬᠤ          

ᠲᠤᠷ᠎ᠠ ᠦᠭᠡᠢ ᠪᠤᠶᠤ ᠵᠠᠯᠬᠠᠭᠤᠷᠠᠵᠤ ᠰᠠᠭᠤᠳᠠᠭ ᠰᠤᠷᠤᠬᠴᠢᠳ ᠢ ᠠᠵᠢᠬᠯᠠᠬᠤ ᠳᠤ ᠦᠨᠡᠭᠡᠷ ᠰᠡᠳᠬᠢᠯ ᠢ

ᠰᠢᠮᠰᠢᠷᠡᠬᠦᠯᠳᠡᠭ᠃ ᠭᠤᠤᠯ ᠨᠢ ᠲᠠᠳᠡᠨᠤᠰ ᠤᠨ ᠰᠠᠳᠬᠢᠯ ᠰᠠᠨᠠᠭ᠎ᠠ ᠨᠢ ᠭᠡᠪ ᠤᠨ ᠪᠤᠰᠤ ᠤᠨᠴᠠᠯᠢᠭ ᠲᠠᠢ᠂ ᠵᠤᠵᠢᠭ

ᠵᠦᠷᠢᠬᠦᠳ᠂ ᠭᠠᠭᠴᠠᠭᠠᠷᠳᠠᠮᠠᠯ᠂ ᠡᠰᠡᠬᠦᠯ᠎ᠠ ᠲᠡᠩᠳᠡᠬᠦᠤ ᠡᠷᠭᠡ ᠲᠠᠩᠬᠢ᠂ ᠪᠠᠭᠰᠢ ᠪᠤᠶᠤ ᠬᠠᠮᠳᠤ ᠨᠦᠬᠦᠳ ᠲᠤ ᠪᠠᠨ

ᠭᠡᠯᠡᠭᠳᠡᠬᠦ ᠲᠤᠷ᠎ᠠ ᠦᠭᠡᠢ᠂ ᠠᠩᠬᠢ ᠶᠢᠨ ᠰᠤᠷᠤᠬᠴᠢᠳ ᠲᠠᠢ ᠪᠠᠨ ᠶᠠᠪᠤᠯᠴᠠᠬᠤ ᠦᠭᠡᠢ᠂ ᠢᠨᠢᠶᠡᠬᠦ ᠶᠢ ᠮᠡᠳᠡᠬᠦ ᠦᠭᠡᠢ᠂

ᠤᠬᠢᠯᠠᠬᠤ ᠶᠢ ᠴᠤ ᠮᠡᠳᠡᠬᠦ ᠦᠭᠡᠢ᠂ ᠡᠰᠡᠬᠦᠯ᠎ᠠ ᠤᠬᠢᠯᠠᠭᠠᠳ ᠵᠤᠬᠰᠤᠬᠤ ᠦᠭᠡᠢ᠂ ᠵᠢᠮᠡᠯᠡᠵᠤ ᠰᠢᠬᠦᠮᠵᠢᠯᠡᠬᠦ ᠠᠴᠠ ᠴᠤ

ᠠᠶᠤᠬᠤ ᠦᠭᠡᠢ᠃ ᠶᠠᠮᠠᠷ ᠴᠤ ᠰᠡᠳᠬᠢᠯᠭᠡ ᠦᠭᠡᠢ ᠮᠤᠳᠤᠨ ᠬᠦᠮᠤᠨ ᠭᠡᠮᠠᠷ᠃ ᠲᠠᠰᠬᠠᠯ ᠪᠤᠯᠪᠠᠰᠤᠷᠠᠯ ᠢᠶᠠᠨ ᠬᠢᠬᠦ

ᠦᠭᠡᠢ ᠬᠢᠴᠢᠶᠠᠯ ᠲᠡᠭᠡᠷ᠎ᠠ ᠠᠩᠬᠠᠷᠬᠤ ᠦᠭᠡᠢ᠂ ᠶᠠᠭᠤᠮ᠎ᠠ ᠤᠷᠤᠯᠳᠤᠭᠠᠳ ᠰᠠᠭᠤᠨ᠎ᠠ᠂ ᠭᠡᠷ ᠤᠨ ᠠᠬᠠᠮᠠᠳ ᠨᠢ ᠴᠤ

ᠬᠠᠮᠢᠶᠠᠷᠬᠤ ᠦᠭᠡᠢ ᠪᠠᠶᠢᠳᠠᠭ᠃ ᠡᠶᠢᠮᠤ ᠬᠡᠤᠭᠡᠳ ᠢ ᠴᠢᠩᠭ᠎ᠠ ᠤᠷᠤᠯᠳᠤᠭᠠᠳ᠂ ᠲᠠᠷᠤᠯᠳᠠ ᠦᠭᠬᠦᠪᠡᠴᠤ ᠠᠰᠢᠭ ᠠᠨᠠᠢ᠂

ᠬᠠᠷᠢᠨ ᠵᠦᠭᠡᠯᠡᠨ ᠢᠶᠠᠷ ᠤᠷᠤᠯᠳᠤᠵᠤ᠂ ᠠᠷᠭᠠᠳᠠᠵᠤ᠂ ᠨᠠᠩ ᠴᠤ ᠡᠩᠬᠦᠷᠡᠶᠢᠯᠡᠵᠤ ᠬᠠᠶᠢᠷᠠᠯᠠᠬᠤ ᠰᠡᠳᠬᠢᠯ ᠢᠶᠠᠷ

ᠬᠠᠨᠳᠤᠪᠠᠯ ᠨᠠᠯᠢᠶᠠᠳ ᠦᠷ᠎ᠠ ᠠᠰᠢᠭ ᠪᠠ ᠬᠤᠪᠢᠷᠠᠯᠳᠠ ᠲᠠᠢ ᠪᠤᠯᠳᠠᠭ᠃

      ᠡᠩᠬᠦᠷᠡᠶᠢᠯᠡᠨ ᠬᠠᠶᠢᠷᠠᠯᠠᠬᠤ ᠪᠤᠯ ᠰᠤᠷᠤᠬᠴᠢᠳ ᠲᠤ ᠨᠢᠭᠡᠨ ᠵᠦᠢᠯ ᠤᠨ ᠲᠡᠭᠡᠳᠤ ᠡᠨᠧᠷᠬᠢ᠂ ᠡᠶᠠᠷᠬᠦ ᠡᠨᠧᠷᠬᠢ᠂

ᠰᠠᠶᠢᠨ ᠰᠠᠶᠢᠬᠠᠨ ᠡᠨᠧᠷᠬᠢ ᠶᠢ ᠬᠦᠷᠳᠡᠭᠡᠵᠤ᠂ ᠡᠰᠡᠷᠬᠦ ᠪᠠᠷ ᠡᠭ᠍ᠳᠡᠬᠦᠴᠡᠵᠤ ᠠᠭᠤᠷᠯᠠᠬᠤ ᠪᠤᠯ ᠬᠠᠷᠢᠨ ᠨᠢᠭᠡᠨ ᠵᠦᠢᠯ ᠤᠨ

ᠲᠤᠤᠷᠠᠳᠤ ᠡᠨᠧᠷᠬᠢ᠂ ᠰᠦᠭᠡᠷᠬᠦ ᠡᠨᠧᠷᠬᠢ᠂ ᠮᠠᠭᠤ ᠮᠠᠭᠤᠬᠠᠢ ᠡᠨᠧᠷᠬᠢ ᠶᠢ ᠤᠯᠭᠤᠵᠤ ᠪᠠᠶᠢᠳᠠᠭ᠃ ᠪᠢ ᠡ᠊ᠨᠡ ᠭᠦ

ᠨᠢᠭᠡᠨ ᠵᠦᠢᠯ ᠤᠨ ᠰᠡᠳᠬᠢᠬᠦ ᠠᠷᠭ᠎ᠠ ᠪᠠᠨ ᠪᠤᠳᠠᠳᠠᠶᠢᠴᠢᠯᠠᠨ ᠪᠠᠶᠠᠯᠠᠬᠦᠯᠵᠤ᠂ ᠬᠠᠶᠢᠷ᠎ᠠ ᠡᠩᠬᠦᠷᠡᠶᠢᠯᠡᠯ ᠢᠶᠠᠨ ᠬᠠᠷᠠᠮ

ᠦᠭᠡᠢ ᠬᠦᠷᠭᠡᠪᠡ᠃ ᠡᠴᠢᠭᠡ ᠡᠭᠡ ᠶᠢᠨ ᠬᠠᠶᠢᠷ᠎ᠠ ᠪᠤᠯ ᠠᠮᠢᠨ ᠬᠠᠶᠢᠷ᠎ᠠ᠂ ᠦᠪᠠᠷ ᠤᠨ ᠬᠡᠤᠭᠡᠳ ᠢᠶᠠᠨ ᠯᠠ

ᠪᠠᠭᠳᠠᠭᠠᠬᠰᠠᠨ ᠬᠠᠶᠢᠷ᠎ᠠ᠂ ᠭᠡᠬᠦ ᠳᠤ ᠪᠠᠭᠰᠢ ᠶᠢᠨ ᠬᠠᠶᠢᠷ᠎ᠠ ᠪᠤᠯ ᠲᠦᠭᠡᠮᠡᠯ ᠬᠠᠶᠢᠷ᠎ᠠ᠂ ᠶᠡᠭᠡ ᠬᠠᠶᠢᠷ᠎ᠠ᠂ ᠦᠪᠠᠷ ᠤᠨ

ᠬᠡᠤᠭᠡᠳ ᠢᠶᠠᠨ ᠮᠠᠷᠳᠠᠵᠤ ᠦᠷᠤᠭᠡᠯ ᠢ ᠬᠠᠶᠢᠷᠠᠯᠠᠬᠤ ᠬᠠᠶᠢᠷ᠎ᠠ᠂ ᠪᠠᠭᠳᠠᠭᠠᠮᠵᠢ ᠨᠢ ᠶᠡᠭᠡ ᠪᠠᠶᠢᠳᠠᠭ᠃

      ᠨᠢᠭᠡ᠂ ᠬᠤᠴᠤᠷᠤᠩᠭᠤᠢ ᠰᠤᠷᠤᠬᠴᠢ ᠶᠢᠨ ᠪᠠᠶᠢᠳᠠᠯ

      1. ᠦᠩᠭᠡᠷᠡᠭᠰᠡᠨ ᠤ ᠲᠡᠬᠦᠰᠦᠭᠰᠡᠨ ᠠᠩᠬᠢ ᠶᠢᠨ ᠬᠤᠴᠤᠷᠤᠩᠭᠤᠢ ᠰᠤᠷᠤᠬᠴᠢ ᠶᠢ ᠵᠢᠯᠤᠭᠤᠳᠤᠬᠰᠠᠨ

ᠦᠡᠭᠭᠡᠷᠡᠯᠳᠠ

      ᠮᠢᠨᠤ ᠦᠩᠭᠡᠷᠡᠭᠰᠡᠨ ᠤ ᠬᠢᠴᠢᠶᠠᠯᠯᠡᠵᠤ ᠪᠠᠶᠢᠭᠰᠠᠨ ᠠᠩᠬᠢ ᠳᠤ ᠨᠢᠭᠡᠨ ᠤᠨᠴᠠᠭᠠᠢ ᠰᠤᠷᠤᠭᠴᠢ ᠪᠠᠶᠢᠳᠠᠭ᠂

ᠲᠠᠰᠬᠠᠯ ᠪᠤᠯᠪᠠᠰᠤᠷᠠᠯ ᠢ ᠶᠠᠷᠤ ᠬᠢᠳᠡᠭ ᠦᠭᠡᠢ᠂ ᠠᠮᠢᠳᠤᠷᠠᠯ ᠨᠢ ᠭᠦᠴᠢᠷᠳᠠᠯᠳᠠᠢ᠂ ᠵᠠᠮᠳᠡᠭ ᠠᠬ᠎ᠠ ᠲᠠᠢ᠂ ᠨᠢᠭᠡᠨ

ᠦᠷᠤ ᠡᠪᠡᠳᠤᠮᠠᠷ ᠬᠡᠤᠭᠡᠳ ᠶᠤᠮ᠂ ᠪᠢ ᠡᠨᠡ ᠭᠡᠤᠭᠡᠳ ᠢ ᠦᠷᠭᠦᠯᠵᠢ ᠵᠤᠷᠢᠬᠵᠢᠭᠤᠯᠤᠨ ᠬᠠᠶᠢᠷᠠᠯᠠᠵᠤ᠂ ᠴᠠᠭ

ᠤᠯᠳᠠᠪᠠᠯ ᠠᠮᠳᠠᠳᠤ ᠬᠤᠭᠤᠯᠠ ᠢᠳᠡᠬᠦᠯᠳᠡᠭ᠃ ᠢᠡᠭᠬᠢᠭᠰᠡᠨ ᠤ ᠮᠢᠨᠢ ᠬᠠᠷᠢᠭᠤ ᠳᠤ ᠲᠠᠷᠠ ᠬᠡᠤᠭᠡᠨ ᠤ ᠪᠠᠶ᠎ᠠ ᠲᠡᠭᠡᠷ᠎ᠠ

ᠢᠨᠢᠶᠡᠳᠤ ᠬᠠᠨᠢᠶᠠᠳᠤ ᠲᠠᠢ᠂ ᠴᠤᠪᠤᠭᠤ ᠲᠡᠭᠵᠢᠨ᠂ ᠬᠢᠴᠢᠶᠠᠯ ᠢᠶᠠᠨ ᠰᠠᠶᠢᠳᠤᠷ ᠰᠤᠨᠤᠰᠴᠤ᠂ ᠲᠠᠰᠬᠠᠯ

ᠪᠤᠯᠪᠠᠰᠤᠷᠠᠯ ᠢᠶᠠᠨ ᠰᠠᠨᠠᠭᠠᠴᠢᠯᠠᠭ᠎ᠠ ᠠᠴᠠ ᠪᠠᠨ ᠰᠠᠶᠢᠨ ᠰᠠᠶᠢᠬᠠᠨ ᠬᠢᠵᠤ᠂ ᠭᠡᠷ ᠲᠡᠭᠡᠨ ᠬᠠᠷᠢᠭᠠᠳ ︽ᠮᠠᠨ ᠤ

ᠲᠤᠭᠠᠨ ᠤ ᠪᠠᠭᠰᠢ ᠲᠤᠩ ᠰᠠᠶᠢᠨ︕︾ ᠭᠡᠳᠡᠭ ᠭᠡᠨ᠎ᠠ᠃ ᠲᠠᠷᠠ ᠮᠢᠨᠤ ᠵᠢᠭᠠᠳᠠᠭ ᠲᠤᠭᠠᠨ ᠤ ᠬᠢᠴᠢᠶᠡᠯ ᠢ ᠴᠤ

ᠰᠠᠶᠢᠨ ᠰᠤᠷᠬᠤ ᠪᠤᠯᠵᠠᠢ᠃ ᠲᠡᠭᠡᠭᠡᠳ ᠠᠩᠬᠢ ᠳᠤ ᠪᠠᠨ ︽ᠠᠩᠬᠢ ᠶᠢᠨ ᠴᠡᠴᠡᠭ︾ ᠭᠡᠳᠡᠭ ᠰᠠᠶᠢᠬᠠᠨ ᠴᠤᠯᠠ ᠲᠠᠢ

ᠬᠡᠤᠭᠡᠨ ᠪᠤᠯᠤᠬᠰᠠᠨ ᠶᠤᠮ᠃ ᠡᠶᠢᠮᠤᠷᠬᠦᠤ ᠦᠨᠡᠨ ᠪᠤᠳᠠᠳᠠᠢ ᠰᠡᠳᠬᠢᠯ ᠢ ᠪᠠᠶᠠᠰᠬᠠᠮ᠎ᠠ ᠵᠢᠱᠢᠶ᠎ᠠ ᠨᠢᠭᠡ ᠬᠤᠶᠠᠷ ᠢᠶᠠᠷ

ᠵᠤᠬᠰᠤᠬᠤ ᠦᠭᠡᠢ᠂ ᠶᠡᠷᠦᠩᠭᠡᠢ ᠳᠤ ᠨᠢ ᠦᠵᠠᠭᠦ ᠳᠤ᠂ ᠬᠤᠴᠤᠷᠤᠩᠭᠤᠢ ᠰᠤᠷᠤᠭᠴᠢ ᠶᠢ ᠡᠨᠠᠷᠢᠯ ᠬᠠᠶᠢᠷ᠎ᠠ᠂

ᠬᠠᠯᠠᠭᠤᠨ ᠰᠡᠳᠬᠢᠯᠭᠡ᠂ ᠦᠨᠠᠨᠴᠢ ᠵᠤᠷᠢᠬᠵᠢᠭᠤᠯᠤᠯ ᠢᠶᠠᠷ ᠬᠤᠪᠢᠷᠠᠭᠠᠵᠤ ᠪᠤᠯᠬᠤ ᠶᠤᠮ᠃

      2. ᠤᠳᠤ ᠶᠢᠨ ᠬᠢᠴᠢᠶᠠᠯᠯᠡᠵᠤ ᠪᠠᠶᠢᠭ᠎ᠠ ᠠᠩᠬᠢ ᠶᠢᠨ ᠬᠤᠴᠤᠷᠤᠩᠭᠤᠢ ᠰᠤᠷᠤᠬᠴᠢ ᠶᠢ ᠵᠢᠯᠤᠭᠤᠳᠤᠬᠰᠠᠨ

ᠦᠡᠭᠭᠡᠷᠡᠯᠳᠠ

      ᠮᠢᠨᠤ ᠤᠳᠤ ᠶᠢᠨ ᠬᠢᠴᠢᠶᠠᠯᠯᠡᠵᠤ ᠪᠠᠶᠢᠭ᠎ᠠ ᠠᠩᠬᠢ ᠳᠤ ᠨᠢᠭᠡᠨ ᠬᠦᠤ ᠪᠠᠶᠢᠳᠠᠭ᠂ ᠰᠤᠷᠭᠠᠭᠤᠯᠢ ᠳᠤ ᠠᠩᠬ᠎ᠠ

ᠢᠷᠡᠬᠦ ᠦᠶ᠎ᠠ ᠳᠤ ᠡᠷᠭᠡ ᠲᠠᠩᠬᠢ ᠮᠦᠷᠳᠡᠭᠡᠨ ᠠᠭᠤᠷ ᠶᠡᠭᠡᠳᠠᠢ᠂ ᠲᠠᠰᠬᠠᠯ ᠪᠤᠯᠪᠠᠰᠤᠷᠠᠯ ᠢ ᠪᠠᠶᠠᠯᠠᠬᠦᠯᠬᠦ ᠶᠢ ᠪᠠᠶᠢᠳᠤᠭᠠᠢ

ᠬᠢᠴᠢᠶᠠᠯ ᠲᠡᠭᠡᠷ᠎ᠠ ᠴᠤ ᠲᠤᠭ᠎ᠠ ᠪᠢᠴᠢᠬᠦ ᠲᠤᠷ᠎ᠠ ᠦᠭᠡᠢ᠂ ᠲᠤᠭ᠎ᠠ ᠪᠤᠳᠤᠬᠤ ᠲᠤᠷ᠎ᠠ ᠦᠭᠡᠢ᠂ ᠰᠢᠬᠦᠮᠵᠢᠯᠡᠪᠡᠯ

ᠪᠠᠭᠰᠢ ᠶᠢᠨ ᠦᠭᠡᠳᠡ ᠠᠴᠠ ᠪᠤᠴᠠᠭᠠᠳ ᠵᠠᠩᠳᠤᠷᠤᠨ ᠠᠭᠤᠷᠯᠠᠵᠤ᠂ ᠬᠤᠩᠬ᠎ᠠ ᠲᠤᠤᠭᠠᠷᠪᠠᠯ ᠡᠪᠰᠢᠶᠠᠵᠤ ᠰᠠᠭᠤᠳᠠᠭ

ᠮᠦᠷᠳᠡᠭᠡᠨ ᠰᠠᠯᠠᠩ ᠭᠡᠳᠡᠭ ᠨᠢ ᠠᠷᠭ᠎ᠠ ᠦᠭᠡᠢ᠂ ᠨᠢᠭᠡ ᠬᠠᠷᠠᠨᠳᠠ ᠦᠭᠡᠢ᠂ ᠪᠠᠯᠠᠯᠤᠭᠤᠷ ᠦᠭᠡᠢ᠂ ᠲᠠᠪᠳᠠᠷ          

ᠦᠭᠡᠢ ᠢᠷᠡᠳᠡᠭ ᠤᠳᠠᠭ᠎ᠠ ᠴᠤ ᠤᠯᠠᠨ ᠪᠠᠶᠢᠵᠤ᠂ ᠪᠠᠭᠰᠢ ᠶᠢᠨ ᠠᠷᠭ᠎ᠠ  ᠶᠢ ᠪᠠᠷᠠᠭᠳᠠᠭᠤᠯᠤᠮᠠᠷ ᠬᠦᠤ ᠪᠠᠶᠢᠬᠰᠠᠨ          

ᠶᠤᠮ᠃ ᠡ᠊ᠨᠡ ᠭᠦ ᠪᠠᠶᠢᠳᠠᠯ ᠳᠤ ᠴᠢᠭᠯᠡᠬᠦᠯᠤᠨ ᠪᠢ ᠨᠢᠭᠡ ᠭᠡᠰᠡᠭ ᠬᠤᠭᠤᠴᠠᠭ᠎ᠠ ᠲᠤᠰᠬᠠᠢ ᠴᠠᠭ ᠭᠠᠷᠭᠠᠵᠤ᠂ ᠲᠤᠰ

ᠬᠡᠤᠭᠡᠳ ᠢ ᠠᠵᠢᠬᠯᠠᠭᠰᠠᠨ ᠤ ᠰᠡᠬᠦᠯᠠᠷ ᠲᠠᠬᠦᠨ ᠳᠤ ᠡᠨᠡᠷᠢᠩᠬᠦᠢ ᠰᠡᠳᠬᠢᠯ ᠤᠨ ᠵᠦᠭᠡᠯᠡᠨ ᠲᠤᠯᠠᠭᠠᠨ ᠬᠠᠶᠢᠷ᠎ᠠ ᠶᠢ

ᠬᠦᠷᠳᠡᠭᠡᠵᠤ ᠲᠠᠬᠦᠨ ᠤ ᠲᠤᠬᠯᠠᠵᠤ ᠪᠠᠶᠢᠭ᠎ᠠ ᠠᠵᠢᠯᠯᠠᠭ᠎ᠠ ᠬᠦᠳᠡᠯᠭᠡᠭᠡᠨ ᠨᠢᠭᠡ ᠪᠦᠷᠢ ᠶᠢ ᠵᠦᠪ ᠢᠶᠠᠷ ᠦᠨᠡᠯᠡᠨ᠂

ᠵᠦᠪ ᠢᠶᠠᠷ ᠰᠤᠷᠭᠠᠵᠤ᠂ ᠲᠠᠬᠦᠨ ᠢ ᠲᠤᠰᠬᠠᠢ ᠦᠮᠦᠭᠯᠡᠨ᠂ ᠪᠤᠷᠤᠭᠤ ᠠᠵᠢᠯᠯᠠᠭ᠎ᠠ ᠶᠢ ᠨᠢ ᠨᠠᠭᠠᠳᠤᠮ ᠲᠤᠬᠯᠠᠭᠠᠮ ᠤᠨ

ᠲᠤᠮᠳᠠ ᠰᠢᠢᠳᠪᠤᠷᠢᠯᠡᠨ᠂ ᠲᠤᠰ ᠬᠡᠤᠭᠡᠳ ᠲᠠᠢ ᠦᠢᠷᠠᠳᠤᠨ ᠶᠠᠷᠢᠯᠴᠠᠵᠤ᠂ ᠮᠠᠭᠳᠠᠬᠤ᠂ ᠲᠤᠯᠤᠭᠠᠢ ᠶᠢ ᠨᠢ ᠢᠯᠪᠢᠬᠦ᠂

ᠪᠤᠷᠤᠭᠤ ᠪᠤᠳᠤᠬᠰᠠᠨ ᠰᠡᠳᠤᠪ ᠢ ᠨᠢ ᠨᠢᠭᠡ ᠨᠢᠭᠡ ᠪᠠᠷ ᠵᠠᠰᠠᠨ ᠦᠭᠴᠤ ᠲᠤᠳᠤᠨᠤᠴᠢᠯᠠᠨ᠂ ᠵᠠᠪᠰᠢᠶᠠᠨ ᠢ ᠠᠰᠢᠬᠯᠠᠨ

ᠦᠨᠡᠮᠯᠡᠯ ᠭᠠᠷᠳᠠᠭᠤᠯᠬᠤ ᠵᠠᠷᠭᠡ ᠠᠵᠢᠯᠯᠠᠭ᠎ᠠ ᠠᠪᠤᠬᠰᠠᠨ ᠠᠴᠠ ᠲᠠᠷᠠ ᠮᠠᠨᠢ ᠲᠤᠭᠠᠨ ᠤ ᠪᠤᠳᠤᠯᠭ᠎ᠠ ᠳᠤ ᠪᠠᠨ

ᠠᠩᠬᠢ ᠳᠤ ᠪᠠᠨ ᠲᠤᠮᠳᠠ ᠵᠠᠷᠭᠡ ᠶᠢᠨ ᠭᠡᠮᠵᠢᠶᠠᠨ ᠳᠤ ᠬᠦᠷᠴᠤ᠂ ᠨᠢᠳᠤᠨᠤᠨ ᠡᠪᠤᠯ ᠤᠨ ᠬᠤᠭᠤᠴᠠᠭ᠎ᠠ ᠡᠴᠤᠰ ᠤᠨ

ᠲᠤᠭᠠᠨ ᠤ ᠰᠢᠯᠭᠠᠯᠳᠠ ᠳᠤ ᠪᠠᠨ 87 ᠬᠤᠪᠢ ᠤᠯᠤᠬᠰᠠᠨ ᠪᠢᠯᠠ᠃ ᠭᠡᠳᠦ᠋ᠢᠪᠠᠷ ᠬᠢᠴᠢᠶᠠᠯ ᠲᠡᠭᠡᠷ᠎ᠠ ᠭᠠᠷ ᠬᠦᠳᠡᠯᠵᠤ

ᠤᠷᠤᠯᠳᠤᠯᠭ᠎ᠠ ︵ᠵᠢᠷᠤᠬᠤ︶ ᠬᠢᠬᠦ ᠦᠭᠡᠢ ᠪᠤᠯᠪᠠᠴᠤ ᠪᠤᠳᠤᠯᠭ᠎ᠠ ᠶᠢ ᠲᠤᠩ ᠰᠠᠶᠢᠨ ᠪᠤᠳᠤᠳᠠᠭ ᠬᠡᠤᠭᠡᠳ ᠪᠤᠯᠤᠬᠰᠠᠨ

ᠶᠤᠮ᠃ ᠲᠤᠰ ᠬᠡᠤᠭᠡᠳ ᠪᠤᠰᠤᠳ ᠰᠤᠷᠤᠬᠴᠢ ᠲᠠᠢ ᠭᠡᠷᠡᠯᠳᠤᠬᠦ ᠦᠶ᠎ᠠ ᠳᠤ ᠲᠡᠬᠦᠨ ᠢ ᠵᠤᠷᠢᠯᠭ᠎ᠠ ᠲᠠᠢ ᠭᠡᠳᠤ ᠤᠳᠠᠭ᠎ᠠ

ᠦᠮᠦᠭᠯᠡᠵᠤ ᠵᠦᠪ ᠢ ᠤᠯᠭᠤᠨ ᠰᠡᠳᠬᠢᠯ ᠢ ᠨᠢ ᠲᠠᠳᠠᠵᠤ ᠤᠷᠤᠯᠳᠤᠵᠤ ᠪᠠᠶᠢᠬᠰᠠᠨ ᠠᠴᠠ ᠤᠳᠤ ᠪᠤᠯᠬᠤ ᠳᠤ ᠲᠤᠰ

ᠬᠡᠤᠭᠡᠳ ᠰᠤᠷᠤᠯᠭ᠎ᠠ ᠶᠢᠨ ᠲᠠᠯ᠎ᠠ ᠪᠠᠷ ᠤᠨᠴᠠ ᠲᠡᠭᠡᠭᠰᠢᠯᠡᠯᠳᠠ ᠲᠠᠢ ᠮᠦᠷᠳᠡᠭᠡᠨ ᠨᠠᠮᠠᠢᠢ ᠦᠵᠡᠪᠡᠯ ᠪᠠᠭᠰᠢ ᠪᠠᠨ

ᠦᠮᠦᠭ ᠲᠦᠰᠢᠭ ᠢᠶᠠᠷ ᠰᠠᠨᠠᠵᠤ᠂ ᠤᠯᠠᠨ ᠤ ᠲᠤᠳᠤᠷ᠎ᠠ ᠠᠴᠠ ᠢᠨᠢᠶᠡᠳᠤ ᠲᠤᠳᠤᠷᠠᠭᠰᠠᠨ ᠰᠠᠶᠢᠬᠠᠨ ᠬᠠᠷᠠᠴᠠ

ᠬᠦᠶᠤᠯᠭᠡᠨ ᠵᠢᠭᠠᠬᠠᠨ ᠭᠠᠷ ᠢᠶᠠᠷ ᠲᠡᠷᠡᠬᠦᠭᠡᠨ ᠳᠤ ᠪᠠᠨ ᠬᠦᠳᠡᠯᠭᠡᠨ ᠲᠤᠬᠢᠶ᠎ᠠ ᠦᠭᠳᠡᠭ ᠨᠢ ᠦᠨᠡᠭᠡᠷ ᠬᠠᠶᠢᠷᠠᠯᠠᠯᠳᠠᠢ

ᠪᠢᠯᠠ᠃ ᠮᠦᠨ ᠴᠤ ᠠᠰᠠᠭᠤᠳᠠᠯ ᠢ ᠰᠢᠢᠳᠪᠤᠷᠢᠯᠡᠬᠦ ᠰᠡᠳᠤᠪ ᠢ ᠰᠠᠮᠪᠠᠷ᠎ᠠ ᠳᠤ ᠭᠠᠷᠭᠠᠵᠤ ᠬᠢᠬᠦ ᠳᠤ ᠪᠠᠨ ᠶᠡᠭᠡ

ᠵᠤᠷᠢᠭ ᠲᠠᠢ ᠲᠦᠢᠯ ᠤᠨ ᠰᠠᠶᠢᠬᠠᠨ ᠲᠤᠭᠠᠴᠢᠨ ᠶᠠᠷᠢᠵᠤ ᠴᠢᠳᠠᠳᠠᠭ ᠪᠤᠯᠤᠬᠰᠠᠨ ᠶᠤᠮ᠃ ᠡᠨᠡ ᠮᠡᠳᠤ ᠪᠠᠷ ᠪᠢ

ᠦᠪᠠᠷ ᠤᠨ ᠬᠢᠴᠢᠶᠠᠯᠯᠡᠵᠤ ᠪᠠᠶᠢᠭ᠎ᠠ ᠵᠠᠷᠭᠡᠯᠡᠳᠡᠭᠡ ᠬᠤᠶᠠᠷ ᠠᠩᠬᠢ ᠶᠢᠨ ᠢᠶᠠᠨ ᠰᠤᠷᠤᠯᠭ᠎ᠠ ᠶᠢᠨ ᠲᠠᠯ᠎ᠠ ᠪᠠᠷ

ᠬᠤᠴᠤᠷᠤᠩᠭᠤᠢ ᠪᠠᠶᠢᠳᠠᠭ ᠰᠤᠷᠤᠬᠴᠢ ᠲᠠᠢ ᠦᠷᠬᠦᠯᠵᠢ ᠦᠢᠷᠡᠳᠤᠵᠤ᠂ ᠲᠠᠳᠠᠨ ᠲᠠᠢ ᠨᠠᠭᠠᠳᠴᠤ᠂ ᠲᠠᠳᠠᠨ ᠢ

ᠵᠤᠷᠢᠬᠵᠢᠭᠤᠯᠵᠤ᠂ ᠦᠬᠦᠭᠡᠷᠳᠤᠵᠤ᠂ ᠪᠠᠶᠠᠷ ᠬᠦᠷᠭᠡᠵᠤ᠂ ᠡᠳᠡᠭᠡᠷ ᠰᠤᠷᠤᠬᠴᠢ ᠳᠤ ᠪᠤᠰᠤᠳ ᠭᠡᠤᠭᠡᠳ ᠠᠴᠠ ᠢᠯᠡᠬᠦᠤ

ᠨᠢᠭᠡ ᠴᠤ ᠰᠡᠳᠤᠪ ᠬᠢᠯᠭᠡᠵᠤ ᠤᠷᠤᠯᠳᠤᠬᠰᠠᠨ ᠦᠭᠡᠢ ᠪᠠᠶᠢᠳᠠᠯ ᠲᠤᠤᠷ᠎ᠠ ᠬᠠᠶᠢᠷ᠎ᠠ ᠶᠢᠨ ᠬᠦᠮᠤᠵᠢᠯ ᠢᠶᠠᠷ ᠲᠠᠮᠵᠢᠨ

ᠬᠤᠴᠤᠷᠤᠩᠭᠤᠢ ᠪᠠᠶᠢᠭ᠎ᠠ ᠬᠡᠤᠭᠡᠳ ᠤᠳ ᠮᠢᠨᠢ ᠰᠤᠷᠤᠯᠭ᠎ᠠ ᠶᠢᠨ ᠬᠢᠷᠢ ᠪᠦᠳᠤᠮᠵᠢ ᠨᠢ ᠮᠡᠳᠡᠭᠳᠡᠮ᠎ᠠ

ᠲᠡᠭᠡᠭᠰᠢᠯᠡᠯᠳᠠ ᠲᠠᠢ ᠪᠤᠯᠵᠤ ᠴᠢᠳᠠᠭᠰᠠᠨ ᠢᠶᠠᠷ ᠪᠠᠷᠠᠬᠤ ᠦᠭᠡᠢ ᠰᠤᠷᠤᠯᠴᠠᠬᠤ ᠦᠵᠡᠯ ᠰᠠᠨᠠᠭ᠎ᠠ᠂ ᠤᠪᠤᠷ ᠰᠤᠷᠳᠠᠯ ᠤᠨ

ᠲᠠᠯ᠎ᠠ ᠪᠠᠷ ᠰᠢᠨ᠎ᠠ ᠨᠢᠭᠡᠨ ᠲᠡᠭᠳᠡᠷ ᠲᠤ ᠬᠦᠷᠴᠤ ᠴᠢᠳᠠᠭᠰᠠᠨ ᠪᠠᠶᠢᠨ᠎ᠠ᠃

      ᠬᠤᠶᠠᠷ᠂ ᠬᠠᠶᠢᠷ᠎ᠠ ᠶᠢᠨ ᠬᠦᠮᠤᠵᠢᠯ ᠤᠨ ᠦᠢᠯᠡᠳᠤᠯ ᠢ ᠪᠠᠳᠠᠷᠠᠭᠤᠯᠬᠤ ᠦᠢᠯᠠᠭᠠᠯᠳᠠ

      ᠬᠠᠶᠢᠷ᠎ᠠ ᠶᠢᠨ ᠬᠦᠮᠤᠵᠢᠯ ᠨᠢ ᠬᠤᠴᠤᠷᠤᠩᠭᠤᠢ ᠰᠤᠷᠤᠬᠴᠢᠳ ᠤᠨ ᠰᠤᠷᠤᠯᠭ᠎ᠠ ᠶᠢᠨ ᠬᠢᠷᠢ ᠭᠡᠮᠵᠢᠶ᠎ᠠ ᠶᠢ

ᠦᠳᠳᠠᠷ ᠲᠦᠷᠭᠡᠨ ᠲᠡᠭᠡᠭᠰᠢᠯᠡᠬᠦᠯᠬᠦ ᠮᠠᠰᠢ ᠪᠦᠳᠤᠮᠵᠢᠳᠠᠢ ᠭᠠᠶᠢᠬᠠᠮᠰᠢᠭ ᠲᠠᠢ ᠠᠷᠭ᠎ᠠ ᠪᠠᠷᠢᠯ ᠪᠤᠯᠬᠤ ᠶᠢ ᠪᠢ ᠲᠠᠨᠢᠵᠤ

ᠤᠢᠢᠯᠠᠭᠠᠪᠠ᠃

      1. ᠬᠠᠶᠢᠷ᠎ᠠ ᠢᠪᠡᠭᠡᠯ ᠪᠤᠯ ᠬᠤᠴᠤᠷᠤᠩᠭᠤᠢ ᠰᠤᠷᠤᠬᠴᠢᠳ ᠤᠨ ᠰᠤᠷᠤᠯᠭ᠎ᠠ ᠶᠢ ᠲᠡᠭᠡᠭᠰᠢᠯᠡᠬᠦᠯᠬᠦ ᠰᠦᠨᠡᠰᠤ

ᠮᠦᠨ᠃ ᠶᠠᠷᠤ ᠶᠢᠨ ᠦᠭᠡᠨ ᠳᠤ ᠠᠮᠢᠳᠤᠷᠠᠯ ᠬᠠᠶᠢᠷ᠎ᠠ ᠲᠡᠭᠡᠷ᠎ᠠ ᠲᠤᠬᠳᠠᠳᠠᠭ ᠭᠡᠵᠤ ᠶᠠᠷᠢᠳᠠᠭ᠃ ᠰᠤᠷᠭᠠᠨ ᠬᠦᠮᠤᠵᠢᠯ

ᠴᠤ ᠮᠦᠨ ᠨᠢᠭᠡᠨ ᠬᠠᠶᠢᠷ᠎ᠠ ᠪᠠᠷ ᠦᠨᠳᠤᠰᠤ ᠪᠤᠯᠭᠠᠵᠤ ᠬᠠᠶᠢᠷ᠎ᠠ ᠲᠡᠭᠡᠷ᠎ᠠ ᠲᠤᠬᠳᠠᠳᠠᠭ᠃ ᠠᠯᠳᠠᠷᠳᠤ ᠡᠷᠳᠡᠮᠳᠠᠨ

ᠠᠶᠢᠠᠰᠲ᠋ᠧᠨ ᠭᠡᠯᠡᠬᠦ ᠳᠤ ᠪᠠᠨ᠄ ︽ᠭᠠᠭᠴᠠ ᠭᠦ ᠬᠠᠶᠢᠷ᠎ᠠ ᠪᠤᠯ ᠰᠠᠶ᠋ᠢ ᠬᠠᠮᠤᠭ ᠤᠨ ᠰᠠᠶᠢᠨ ᠪᠠᠭᠰᠢ ᠮᠦᠨ᠂ ᠲᠠᠷᠠ ᠨᠢ

ᠬᠠᠷᠢᠭᠤᠴᠠᠯᠭ᠎ᠠ ᠠᠴᠠ ᠬᠤᠯᠠ ᠲᠠᠪᠠᠳᠠᠭ ᠶᠤᠮ︾ ᠭᠡᠰᠡᠨ ᠪᠦᠭᠡᠳ ᠠᠭᠤᠤ ᠶᠡᠭᠡ ᠤᠳᠬ᠎ᠠ ᠵᠤᠬᠢᠶᠠᠯᠴᠢ ᠯᠤ᠋ ᠰᠢᠶᠦ᠋ᠨ

ᠪᠠᠰᠠ᠄ ︽ᠰᠤᠷᠭᠠᠨ ᠬᠦᠮᠤᠵᠢᠯ ᠨᠢ ᠬᠠᠶᠢᠷ᠎ᠠ ᠪᠠᠷ ᠦᠨᠳᠤᠰᠤᠯᠠᠵᠤ ᠤᠷᠭᠤᠳᠠᠭ ᠶᠤᠮ︾ ᠭᠡᠵᠤ ᠭᠡᠯᠡᠭᠰᠡᠨ ᠨᠢ

ᠭᠡᠴᠢᠨᠡᠭᠡᠨ ᠤᠨᠤᠪᠴᠢᠳᠠᠢ ᠦᠭᠡ ᠪᠤᠯᠬᠤ ᠠᠵᠢ᠃ ᠪᠠᠭᠰᠢ ᠪᠤᠯᠤᠬᠰᠠᠳ ᠦᠪᠠᠷᠰᠠᠳ ᠢᠶᠠᠨ ᠦᠢ ᠤᠯᠠᠨ ᠬᠦᠮᠤᠨ ᠤ

ᠦᠷ᠎ᠠ ᠬᠡᠤᠭᠡᠳ ᠢ ᠬᠦᠮᠤᠵᠢᠬᠦᠯᠬᠦ ᠲᠡᠭᠡᠳᠤ ᠭᠡᠮᠵᠢᠶᠠᠨ ᠤ ᠬᠠᠷᠢᠭᠤᠴᠠᠯᠭ᠎ᠠ ᠪᠠᠶᠢᠬᠤ ᠶᠤᠰᠤᠳᠠᠢ᠃ ᠦᠷᠤᠴᠡ

ᠴᠡᠭᠡᠵᠢᠨ ᠳᠤ ᠪᠠᠨ ᠶᠡᠭᠡ ᠬᠠᠶᠢᠷ᠎ᠠ ᠠᠭᠤᠯᠵᠣ ᠲᠠᠬᠦᠨ ᠢ ᠰᠤᠷᠤᠬᠴᠢᠳ ᠲᠤ ᠬᠦᠷᠭᠡᠬᠦ ᠭᠡᠷᠡᠭᠳᠠᠢ ᠪᠠᠶᠢᠳᠠᠭ ᠶᠤᠮ᠃

      2. ᠬᠠᠶᠢᠷ᠎ᠠ ᠢᠪᠡᠭᠡᠯ ᠤᠨ ᠡᠬᠢ ᠰᠤᠷᠪᠤᠯᠵᠢ ᠪᠤᠯ ᠪᠠᠭᠰᠢ ᠬᠦᠮᠤᠨ ᠤ ᠦᠪᠠᠷ ᠢ ᠪᠠᠨ ᠮᠠᠷᠳᠠᠨ

ᠰᠤᠷᠤᠬᠴᠢᠳ ᠤᠨ ᠲᠦᠯᠤᠭᠡ ᠵᠢᠳᠬᠦᠬᠦ ᠡᠷᠬᠢᠮ ᠲᠡᠭᠡᠳᠤ ᠰᠤᠷᠳᠠᠯ ᠠᠴᠠ ᠤᠨᠳᠤᠷᠤᠨ ᠢᠷᠡᠳᠡᠭ᠃ ᠪᠠᠭᠰᠢ ᠬᠦᠮᠤᠨ

ᠬᠤᠴᠤᠷᠤᠩᠭᠤᠢ ᠰᠤᠷᠤᠬᠴᠢᠳ ᠢᠶᠠᠨ ᠬᠠᠶᠢᠷᠠᠯᠠᠬᠤ ᠳᠤ ᠬᠠᠷᠠᠮᠴᠢ ᠰᠡᠳᠬᠢᠯ᠂ ᠬᠤᠪᠢᠨᠴᠢᠷ ᠰᠡᠳᠬᠢᠯ ᠢ ᠡᠷᠡᠰ

ᠲᠠᠪᠴᠢᠬᠦ ᠭᠡᠷᠡᠭᠳᠠᠢ᠂ ᠭᠡᠷᠪᠡ ᠠᠮᠢᠨᠴᠢᠷ ᠬᠤᠪᠢᠨᠴᠢᠷ ᠰᠡᠳᠬᠢᠯ ᠲᠠᠢ ᠶᠤᠮ ᠪᠤᠯ ᠰᠡᠳᠬᠢᠯ ᠵᠢᠷᠤᠭᠡᠨ ᠤ ᠬᠦᠨ ᠳᠠᠬᠢ

ᠬᠠᠶᠢᠷ᠎ᠠ ᠰᠡᠳᠬᠢᠯᠭᠡ ᠨᠢ ᠠᠶᠠᠨᠳᠠᠭᠠᠨ ᠤᠨᠳᠤᠷᠤᠨ ᠭᠠᠷᠴᠤ ᠢᠷᠡᠬᠦ ᠦᠭᠡᠢ᠂ ᠶᠠᠮᠠᠷ ᠨᠢᠭᠡᠨ ᠡᠬᠦᠷᠭᠡ ᠪᠠᠶᠠᠯᠠᠬᠦᠯᠬᠦ᠂

ᠠᠯᠪᠠᠳᠠᠯᠭ᠎ᠠ ᠶᠢᠨ ᠴᠢᠨᠠᠷ ᠲᠠᠢ᠂ ᠡᠰᠡᠬᠦᠯ᠎ᠠ ᠨᠠᠷ᠎ᠠ ᠲᠦᠷᠤ ᠶᠢᠨ ᠲᠦᠯᠤᠭᠡ᠂ ᠠᠰᠢᠭ ᠬᠤᠵᠢᠶ᠎ᠠ ᠤᠯᠬᠤ ᠨᠠᠵᠠᠭᠠᠢ

ᠬᠤᠶᠢᠷᠭᠤ ᠰᠡᠳᠬᠢᠴᠡ ᠲᠠᠢ ᠶᠤᠮ ᠪᠤᠯ ᠬᠠᠶᠢᠷ᠎ᠠ ᠠᠶᠠᠨᠳᠠᠭᠠᠨ ᠤᠨᠳᠤᠷᠤᠨ ᠭᠠᠷᠬᠤ ᠦᠭᠡᠢ᠂ ᠵᠤᠬᠢᠶᠠᠮᠠᠯ ᠴᠢᠨᠠᠷ ᠲᠠᠢ

ᠲᠣᠭᠯᠠᠭᠴᠢ ᠶᠢᠨ ᠬᠠᠭᠤᠷᠮᠠᠭ ᠶᠠᠩᠵᠤ ᠲᠠᠢ ᠪᠤᠯᠴᠢᠬᠠᠬᠤ ᠮᠠᠭᠠᠳ᠂ ᠡᠶᠢᠮᠤᠷᠬᠦᠤ ᠨᠠᠵᠠᠭᠠᠢ ᠰᠡᠳᠬᠢᠴᠡ ᠠᠴᠠ

ᠲᠠᠭᠠᠭᠤᠯᠤᠬᠴᠢ ᠬᠦᠮᠤᠨ ᠤ ᠦᠢᠯᠡᠳᠤᠯ ᠨᠢ ᠲᠤᠷᠤᠢ ᠪᠠᠭᠤᠷᠠᠢ ᠪᠤᠯᠵᠤ᠂ ᠬᠠᠶᠢᠷ᠎ᠠ ᠶᠢᠨ ᠤᠨᠳᠤᠷᠤᠯ ᠨᠢ ᠬᠢᠵᠠᠭᠠᠷ ᠲᠠᠢ

ᠪᠤᠯ ᠬᠤᠴᠤᠷᠤᠩᠭᠤᠢ ᠰᠤᠷᠤᠬᠴᠢᠳ ᠨᠢ ᠤᠷᠭᠤᠵᠤ ᠪᠠᠶᠢᠭ᠎ᠠ ᠨᠢᠯᠬ᠎ᠠ ᠬᠤᠸᠠᠷ ᠴᠡᠴᠡᠭ ᠮᠠᠳᠤ ᠪᠠᠷ ᠬᠤᠷ᠎ᠠ ᠪᠤᠷᠤᠭᠠᠨ

ᠨᠠᠷᠠᠨ ᠤ ᠭᠡᠷᠡᠯ ᠲᠤᠳᠠᠭᠳᠠᠵᠤ᠂ ᠠᠮᠢᠵᠢᠷᠠᠯ ᠠᠯᠳᠠᠬᠤ ᠪᠤᠯᠤᠨ᠎ᠠ᠃

      3. ᠬᠠᠶᠢᠷ᠎ᠠ ᠢᠪᠡᠭᠡᠯ ᠪᠤᠯ ᠢᠳᠡᠭᠡᠯ ᠪᠠ ᠰᠦᠰᠤ ᠵᠤᠷᠢᠭ ᠢᠶᠠᠷ ᠬᠦᠴᠤᠨ ᠢᠶᠠᠨ ᠨᠡᠮᠡᠭᠳᠡᠬᠦᠯᠳᠡᠭ᠃ ᠪᠠᠭᠰᠢ

ᠪᠤᠯᠤᠬᠰᠠᠳ ᠬᠤᠴᠤᠩᠭᠤᠢ ᠰᠤᠷᠤᠬᠴᠢ ᠪᠠᠨ ᠤᠷᠤᠬᠰᠢᠯᠠᠨ ᠲᠠᠪᠰᠢᠭᠤᠯᠬᠤ ᠳᠤ ᠬᠠᠮᠤᠭ ᠤᠨ ᠲᠡᠷᠢᠬᠦᠨ ᠳᠤ

ᠦᠪᠠᠷ ᠤᠨ ᠪᠠᠶ᠎ᠠ ᠳᠤ ᠪᠠᠨ ᠢᠳᠡᠭᠡᠯ ᠪᠠ ᠰᠦᠰᠤ ᠵᠤᠷᠢᠭ ᠲᠠᠢ ᠪᠠᠶᠢᠬᠤ ᠭᠡᠷᠡᠭᠳᠠᠢ᠃ ᠤᠳᠤ ᠦᠶ᠎ᠠ ᠶᠢᠨ

ᠰᠡᠳᠭᠢᠴᠡ ᠶᠢᠨ ᠵᠦᠢ ᠶᠢᠨ ᠰᠤᠳᠤᠯᠤᠬᠰᠠᠨ ᠢᠶᠠᠷ ᠬᠦᠮᠤᠨ ᠤ ᠡᠷᠡᠬᠦᠯ ᠮᠡᠨᠳᠤ ᠡᠰᠡᠬᠦ ᠨᠢ ᠪᠦᠷ ᠬᠦᠮᠤᠨ ᠤ

ᠢᠳᠡᠭᠡᠯ ᠲᠠᠢ ᠰᠢᠭᠤᠳ ᠬᠤᠯᠪᠤᠭ᠎ᠠ ᠲᠠᠢ ᠪᠠᠶᠢᠳᠠᠭ ᠤᠨ ᠠᠳᠠᠯᠢ ᠪᠠᠷ ᠪᠢᠳᠠ ᠬᠤᠴᠤᠷᠤᠩᠭᠤᠢ ᠰᠤᠷᠤᠬᠴᠢ ᠪᠠᠨ

ᠲᠠᠪᠰᠢᠭᠤᠯᠬᠤ ᠳᠤ ᠪᠡᠶ᠎ᠠ ᠳᠤ ᠪᠠᠨ ᠪᠠᠳᠤ ᠢᠳᠡᠭᠡᠯ ᠲᠠᠢ ᠪᠠᠶᠢᠬᠤ ᠭᠡᠷᠡᠭᠳᠠᠢ᠃ ᠪᠠᠳᠤ ᠴᠢᠩᠭ᠎ᠠ ᠢᠳᠡᠭᠡᠯ ᠤᠨ ᠲᠠᠭᠠᠤ

ᠭᠤᠶᠢᠪᠢᠰᠢ ᠦᠭᠡᠢ ᠰᠦᠰᠤ ᠵᠤᠷᠢᠭ ᠪᠠᠶᠢᠬᠤ ᠴᠢᠬᠤᠯᠠᠳᠠᠢ᠃ ᠡᠨᠡ ᠨᠢ ᠬᠠᠶᠢᠷ᠎ᠠ ᠢᠪᠡᠭᠡᠯ ᠢ ᠲᠠᠰᠤᠷᠠᠰᠢ ᠦᠭᠡᠢ

ᠤᠨᠳᠤᠷᠤᠭᠤᠯᠬᠤ ᠴᠠᠬᠢᠯᠭᠠᠨ ᠴᠠᠨᠡᠭ ᠲᠠᠢ ᠠᠳᠠᠯᠢᠬᠠᠨ ᠪᠠᠶᠢᠳᠠᠭ᠃

      4. ᠬᠠᠶᠢᠷ᠎ᠠ ᠢᠪᠡᠭᠡᠯ ᠨᠢ ᠬᠤᠴᠤᠷᠤᠩᠭᠤᠢ ᠰᠤᠷᠤᠬᠴᠢᠳ ᠢ ᠵᠠᠩᠳᠤᠷᠴᠤ ᠠᠬᠰᠤᠷᠤᠨ ᠲᠠᠷᠤᠯᠳᠠ ᠦᠵᠡᠬᠦᠯᠬᠦ

ᠬᠠᠷᠰᠢᠯᠠᠯ ᠤᠴᠠᠷᠠᠭᠤᠯᠳᠠᠭ ᠪᠢᠰᠢ᠂ ᠪᠠᠭᠰᠢ ᠬᠡᠤᠭᠡᠳ ᠢ ᠵᠠᠩᠳᠤᠷᠴᠤ ᠠᠬᠰᠤᠷᠬᠤ᠂ ᠬᠠᠳᠠᠭᠤ ᠪᠠᠷ ᠠᠯᠪᠠᠳᠠᠨ

ᠰᠢᠬᠦᠮᠵᠢᠯᠡᠬᠦ ᠡᠰᠡᠬᠦᠯ᠎ᠠ ᠰᠦᠷᠳᠡᠬᠦᠯᠬᠦ ᠨᠢ ᠪᠠᠭᠰᠢ ᠶᠢᠨ ᠬᠠᠶᠢᠷ᠎ᠠ ᠢᠪᠡᠭᠡᠯ ᠢ ᠬᠠᠷᠰᠢᠯᠡᠵᠤ᠂ ᠪᠠᠭᠰᠢ ᠰᠤᠷᠤᠬᠴᠢᠳ ᠢ

ᠡᠰᠡᠷᠬᠦᠴᠡᠯᠳᠤᠬᠦ ᠪᠠᠶᠢᠳᠠᠯ ᠳᠤ ᠤᠷᠤᠭᠤᠯᠵᠤ ᠵᠢᠭᠠᠨ ᠰᠤᠷᠭᠠᠯᠳᠠ ᠶᠢᠨ ᠦᠷ᠎ᠠ ᠠᠰᠢᠭ ᠤᠯᠵᠤ ᠴᠢᠳᠠᠬᠤ ᠦᠭᠡᠢ᠂

ᠹᠢᠽᠢᠺ ᠤᠨ ᠬᠢᠴᠢᠶᠠᠯ ᠤᠨ ᠬᠦᠴᠤᠨ ᠤ ᠤᠬᠠᠭᠠᠨ ᠳᠤ ᠨᠢᠭᠡᠨ ᠪᠠᠶ᠎ᠠ ᠳᠤ ᠬᠦᠴᠤ ᠦᠢᠯᠡᠴᠢᠯᠡᠬᠦ ᠳᠤ ᠲᠠᠬᠦᠨ ᠲᠠᠢ

ᠠᠳᠠᠯᠢ ᠭᠡᠮᠵᠢᠶᠠᠨ ᠤ ᠡᠰᠡᠷᠬᠦ ᠬᠦᠴᠤᠨ ᠡᠬᠦᠰᠬᠦ ᠶᠢ ᠮᠡᠳᠡᠨ᠎ᠠ᠃ ᠭᠡᠷᠪᠡ ᠪᠢᠳᠠ ᠰᠤᠷᠤᠬᠴᠢᠳ ᠢᠶᠠᠨ ᠬᠦᠴᠤ ᠪᠠᠷ

ᠲᠠᠷᠤᠬᠤ᠂ ᠬᠠᠳᠠᠭᠤ ᠵᠢᠮᠠᠯᠠᠬᠦ᠂ ᠴᠢᠨᠠᠭᠰᠢᠯᠠᠪᠠᠯ ᠠᠶᠤᠯᠭᠠᠵᠤ ᠰᠦᠷᠳᠡᠬᠦᠯᠬᠦ ᠠᠷᠭ᠎ᠠ ᠭᠡᠷᠡᠭᠯᠡᠬᠦ ᠶᠤᠮ ᠪᠤᠯ ᠴᠢ ᠰᠠᠶᠢᠨ

ᠪᠤᠯᠭᠠᠨ᠎ᠠ ᠭᠡᠵᠤ ᠪᠤᠳᠤᠬᠰᠠᠨ ᠤ ᠪᠠᠨ ᠡᠰᠡᠷᠬᠦ ᠮᠠᠭᠤ ᠦᠷ᠎ᠠ ᠳ᠋ᠦᠩ ᠢ ᠠᠪᠴᠢᠷᠠᠨ᠎ᠠ᠂ ᠪᠠᠭᠰᠢ ᠠᠷᠪᠠᠨ ᠬᠤᠪᠢ ᠶᠢᠨ

ᠬᠦᠴᠤ ᠪᠠᠷ ᠲᠠᠷᠤᠵᠤ ᠵᠢᠮᠡᠯᠡᠬᠦ ᠳᠤ ᠰᠤᠷᠤᠬᠴᠢᠳ ᠤᠨ ᠰᠡᠳᠬᠢᠴᠡ ᠠᠴᠠ ᠠᠷᠪᠠᠨ ᠬᠤᠪᠢ ᠶᠢᠨ ᠡᠰᠡᠷᠬᠦ ᠴᠢᠭᠯᠡᠯ ᠲᠠᠢ

ᠬᠦᠴᠤ ᠢᠷᠡᠬᠦ ᠪᠤᠯᠤᠨ᠎ᠠ᠂ ᠰᠤᠷᠤᠬᠴᠢ ᠤᠯᠠᠮ ᠵᠦᠷᠢᠴᠡᠯᠳᠤᠵᠤ ᠤᠯᠠᠮ ᠠᠭᠤᠷᠯᠠᠵᠤ᠂ ᠶᠠᠮᠠᠷ ᠰᠡᠳᠤᠪ ᠢᠶᠠᠨ ᠲᠦᠷᠭᠡᠨ

ᠪᠦᠭᠡᠳ ᠵᠦᠪ ᠪᠤᠳᠤᠬᠤ ᠪᠢᠯᠠ᠃

      5. ᠬᠠᠶᠢᠷ᠎ᠠ ᠢᠪᠡᠭᠡᠯ ᠳᠤ ᠤᠯᠠᠨ ᠵᠦᠢᠯ ᠤᠨ ᠭᠡᠯᠪᠠᠷᠢ ᠪᠠᠶᠢᠳᠠᠭ᠃ ᠰᠤᠷᠤᠭᠴᠢ ᠶᠢ ᠬᠠᠶᠢᠷᠠᠯᠠᠬᠤ ᠭᠡᠯᠪᠠᠷᠢ

ᠴᠤ ᠤᠯᠠᠨ ᠵᠦᠢᠯ ᠪᠠᠶᠢᠳᠠᠭ᠃ ᠪᠢᠳᠠ ᠬᠤᠴᠤᠷᠤᠩᠭᠤᠢ ᠰᠤᠷᠤᠬᠴᠢᠳ ᠲᠠᠢ ᠨᠠᠶᠢᠵᠠ ᠪᠤᠯᠵᠤ᠂ ᠦᠪᠠᠷ ᠤᠨ

ᠭᠡᠣᠭᠡᠳ ᠲᠠᠢ ᠪᠠᠨ ᠠᠳᠠᠯᠢ ᠪᠠᠷ ᠬᠠᠶᠢᠷᠠᠯᠠᠵᠤ᠂ ᠨᠠᠩ ᠴᠢᠨᠠᠭᠰᠢᠯᠠᠪᠠᠯ ᠦᠪᠠᠷ ᠤᠨ ᠬᠡᠤᠭᠡᠳ ᠠᠴᠠ ᠪᠠᠨ ᠢᠯᠡᠬᠦᠤ

ᠬᠠᠶᠢᠷᠠᠯᠠᠬᠤ ᠭᠡᠷᠡᠭᠳᠠᠢ ᠪᠠᠶᠢᠳᠠᠭ᠃ ᠨᠢᠳᠤ ᠪᠤᠯ ᠰᠡᠳᠬᠢᠯ ᠤᠨ ᠴᠤᠩᠬᠤ ᠪᠤᠯᠳᠠᠭ᠂ ᠪᠢᠳᠠ ᠰᠤᠷᠤᠬᠴᠢᠳ ᠢᠶᠠᠨ

ᠬᠠᠶᠢᠷ᠎ᠠ ᠶᠢᠨ ᠬᠠᠯᠠᠭᠤᠨ ᠨᠢᠳᠤ ᠪᠠᠷ ᠰᠢᠷᠳᠡᠨ ᠪᠠᠭ᠋ᠠᠷᠬᠠᠵᠤ ᠪᠤᠯᠤᠨ᠎ᠠ᠂ ᠦᠭᠡ ᠪᠤᠯ ᠰᠡᠳᠬᠢᠯ ᠤᠨ ᠲᠠᠭᠤᠨ ᠴᠤᠤᠷᠢᠶ᠎ᠠ

ᠮᠦᠨ᠂ ᠪᠢᠳᠠ ᠰᠤᠷᠤᠬᠴᠢᠳ ᠢᠶᠠᠨ ᠦᠷᠬᠦᠯᠵᠢ ᠮᠠᠭᠳᠠᠨ ᠰᠠᠶᠢᠰᠢᠶᠠᠨ᠎ᠠ᠂ ᠪᠤᠰᠤᠳ ᠠᠴᠠ ᠦᠮᠦᠭᠯᠡᠨ ᠬᠠᠮᠠᠭᠠᠯᠠᠨ᠎ᠠ᠂

ᠲᠤᠳᠤᠨᠤ ᠨᠠᠶᠢᠵᠠ ᠨᠢ ᠪᠤᠯᠤᠨ᠎ᠠ᠂ ᠲᠠᠰᠬᠠᠯ ᠤᠨ ᠴᠤᠬᠤᠯᠠᠪᠤᠷᠢ ᠪᠠᠷ ᠵᠤᠷᠢᠬᠵᠢᠭᠤᠯᠤᠨ᠎ᠠ᠂ ᠭᠠᠷᠠᠭ ᠤᠨ ᠤᠳᠤᠨ᠂

ᠰᠠᠷ᠎ᠠ ᠶᠢᠨ ᠤᠳᠤᠳ᠂ ᠬᠤᠭᠤᠴᠠᠭᠠᠨ ᠤ ᠤᠳᠤᠨ ᠤ ᠱᠠᠩᠨᠠᠯ ᠤᠯᠭᠤᠨ᠎ᠠ᠂ ᠪᠢᠷ ᠲᠠᠪᠳᠠᠷ ᠴᠠᠭᠠᠰᠤ ᠬᠦᠷᠭᠡᠨ᠎ᠠ᠂

ᠦᠪᠠᠷ ᠤᠨ ᠬᠡᠤᠭᠡᠳ ᠲᠠᠢ ᠬᠠᠮᠳᠤ ᠨᠠᠭᠠᠳᠤᠭᠤᠯᠵᠤ ᠲᠡᠯᠭᠡᠬᠦᠷ ᠲᠤᠭᠤᠷᠢᠭᠤᠯᠤᠨ᠎ᠠ ᠁ ᠢᠩᠬᠢᠬᠦ ᠲᠤᠰᠤᠮ ᠪᠠᠭᠰᠢ

ᠬᠦᠮᠤᠨ ᠳᠤ ᠨᠢᠳᠤᠨ ᠳᠤ ᠦᠯᠤ ᠦᠵᠡᠭᠳᠡᠬᠦ ᠰᠡᠳᠬᠢᠯ ᠤᠨ ᠰᠤᠷᠢᠨᠵᠢᠨ ᠡᠬᠦᠰᠴᠤ᠂ ᠰᠤᠷᠤᠬᠴᠢᠳ ᠴᠤ ᠨᠠᠳᠠ ᠲᠠᠢ

ᠨᠠᠭᠠᠳᠬᠤ ᠭᠡᠳ ᠪᠠᠶ᠎ᠠ ᠪᠠᠶ᠎ᠠ ᠪᠠᠨ ᠲᠦᠯᠬᠢᠯᠴᠡᠨ ᠲᠠᠷᠭᠡᠳᠡᠭᠦᠷ ᠮᠢᠨᠢ ᠰᠠᠯᠤᠰᠢ ᠦᠭᠡᠢ ᠡᠷᠬᠢᠯᠳᠤᠭᠡᠳ ᠴᠠᠭᠠᠨ᠎ᠠ ᠪᠠᠨ

ᠨᠢᠭᠡ ᠯᠠ ᠬᠦᠭᠡᠷᠤᠬᠦᠨ ᠪᠠᠶᠢᠳᠠᠭ ᠨᠢ ᠠᠷᠭ᠎ᠠ ᠦᠭᠡᠢ ᠪᠠᠶᠠᠷ ᠪᠠᠶᠠᠰᠤᠯ ᠲᠦᠷᠦᠭᠳᠡᠳᠡᠭ᠃ ᠡᠩᠬᠦᠷᠡᠶᠢᠯᠡᠨ ᠬᠠᠶᠢᠷᠠᠯᠠᠬᠤ

ᠶᠠᠪᠤᠴᠠ ᠳᠤ ᠪᠠᠭᠰᠢ ᠪᠠ ᠰᠤᠷᠤᠬᠴᠢ ᠶᠢᠨ ᠬᠠᠷᠢᠴᠠᠭ᠎ᠠ ᠤᠯᠠᠮ ᠨᠢᠬᠳᠠᠷᠠᠨ ᠵᠤᠵᠠᠭᠠᠷᠠᠵᠤ ᠰᠦ ᠪᠠ ᠴᠠᠢ ᠰᠢᠬ

ᠤᠶᠠᠰᠤᠨ ᠠᠭᠤᠰᠴᠤ᠂ ᠰᠤᠷᠤᠭᠴᠢᠳ ᠢᠶᠠᠨ ᠰᠤᠷᠭᠠᠨ ᠬᠦᠮᠤᠵᠢᠬᠦᠯᠵᠤ ᠴᠢᠳᠠᠪᠤᠷᠢᠳᠠᠨ ᠪᠤᠯᠬᠤ ᠵᠠᠮ ᠢᠶᠠᠷ

ᠶᠠᠪᠤᠭᠤᠯᠬᠤ ᠵᠤᠷᠢᠯᠭ᠎ᠠ ᠳᠤ ᠪᠠᠨ ᠬᠦᠷᠴᠤ ᠪᠤᠯᠳᠠᠭ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠭᠦᠪᠡᠭᠡᠳᠤ ᠰᠢᠷ᠎ᠠ ᠬᠤᠰᠢᠭᠤᠨ ᠤ 

                               ᠨᠢᠭᠡᠳᠤᠭᠡᠷ ᠪᠠᠭ᠎ᠠ ᠰᠤᠷᠭᠠᠭᠤᠯᠢ

                               ︵ᠮᠦᠡᠭᠭᠦᠨᠴᠢᠮᠡᠭ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map