ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠶᠠᠷᠢᠶ᠎ᠠ ᠬᠠᠷᠢᠯᠴᠠᠭᠠᠨ ᠤ ᠴᠢᠲᠠᠪᠦᠷᠢ ᠶᠢ ᠲᠡᠭᠡᠭᠰᠢᠯᠡᠬᠦᠯᠬᠦ ᠳᠤ
ᠨᠡᠶᠢᠲᠡᠯᠡᠭᠰᠡᠨ ᠴᠠᠭ᠄
2024/4/11
                 ᠤᠷᠢᠬᠠᠨ

教学研究4.png

      ᠦᠭᠡ ᠬᠡᠯᠡ᠂ ᠦᠰᠦᠭ ᠪᠢᠴᠢᠭ ᠪᠣᠯ ᠬᠦᠮᠦᠨ ᠲᠥᠷᠦᠯᠬᠢᠲᠡᠨ ᠤ ᠬᠠᠮᠤᠭ ᠤᠨ ᠴᠢᠬᠤᠯᠠ ᠬᠠᠷᠢᠯᠴᠠᠭᠠᠨ ᠤ

ᠪᠠᠭᠠᠵᠢ ᠮᠦᠨ᠃ ᠪᠠᠭ᠎ᠠ ᠰᠤᠷᠭᠠᠭᠤᠯᠢ ᠶᠢᠨ ᠬᠤᠭᠤᠴᠠᠭᠠᠨ ᠳᠤ ᠶᠠᠷᠢᠶ᠎ᠠ ᠬᠠᠷᠢᠯᠴᠠᠭᠠᠨ ᠤ ᠴᠢᠲᠠᠪᠦᠷᠢ ᠶᠢᠨ

ᠬᠦᠮᠦᠵᠢᠯ ᠢ ᠴᠢᠬᠤᠯᠠᠴᠢᠯᠠᠵᠦ ᠪᠤᠲᠤᠵᠦ ᠰᠠᠨᠠᠭᠰᠠᠨ ᠢᠶᠠᠨ ᠵᠤᠷᠢᠭᠲᠠᠢ ᠪᠠᠷ ᠶᠠᠷᠢᠵᠦ ᠢᠯᠡᠳᠭᠡᠬᠦ ᠴᠢᠲᠠᠪᠦᠷᠢ ᠲᠠᠢ

ᠪᠤᠯᠭᠠᠬᠤ ᠶᠢ ᠠᠩᠬᠠᠷᠴᠤ ᠡᠶ᠎ᠡ ᠡᠪᠲᠠᠢ ᠪᠤᠯᠪᠠᠰᠤᠨ ᠶᠤᠰᠤᠷᠬᠠᠭ ᠢᠶᠠᠷ ᠪᠤᠰᠤᠳ ᠲᠠᠢ ᠬᠠᠷᠢᠯᠴᠠᠬᠤ ᠲᠠᠳᠬᠠᠯ

ᠪᠤᠯᠪᠠᠰᠤᠷᠠᠯ ᠲᠠᠢ ᠪᠤᠯᠭᠠᠬᠤ ᠪᠣᠯ ᠮᠠᠰᠢ ᠵᠦᠪ᠃

      ᠪᠠᠭ᠎ᠠ ᠰᠤᠷᠭᠠᠭᠤᠯᠢ ᠶᠢᠨ ᠬᠤᠭᠤᠴᠠᠭᠠᠨ ᠤ ᠬᠡᠯᠡ ᠪᠢᠴᠢᠭ ᠤᠨ ᠵᠢᠭᠠᠨ ᠰᠤᠷᠭᠠᠯᠲᠠ ᠶᠢᠨ ᠶᠠᠷᠢᠶ᠎ᠠ

ᠬᠠᠷᠢᠯᠴᠠᠭᠠᠨ ᠤ ᠴᠢᠲᠠᠪᠦᠷᠢ ᠶᠢᠨ ᠪᠣᠯᠪᠠᠰᠤᠷᠠᠯ ᠳᠡᠭᠡᠭᠰᠢᠯᠡᠭᠦᠯᠦᠯᠲᠡ ᠳᠤ ᠲᠠᠷᠠᠭᠠᠬᠢ ᠬᠡᠲᠤᠨ ᠲᠠᠯ᠎ᠠ ᠪᠠᠷ

ᠰᠤᠷᠤᠭᠴᠢᠳ ᠢᠶᠠᠨ ᠵᠢᠯᠤᠭᠤᠳᠪᠠᠯ ᠵᠤᠬᠢᠨ᠎ᠡ᠃

      ᠨᠢᠭᠡ᠂ ᠪᠠᠭᠰᠢ ᠦᠪᠡᠷ ᠤᠨ ᠪᠡᠶ᠎ᠡ ᠪᠠᠷ ᠢᠶᠠᠨ ᠲᠠᠭᠤᠷᠢᠶᠠᠯ ᠪᠣᠯᠬᠤ ᠬᠡᠷᠡᠭᠲᠡᠢ᠃ ᠪᠠᠭᠰᠢ ᠦᠷᠬᠦᠯᠵᠢ ᠪᠠᠷᠢᠮᠵᠢᠶ᠎ᠠ

ᠠᠪᠢᠶ᠎ᠠ ᠤᠷᠠᠨ ᠤᠡᠭᠰᠢᠯᠭ᠎ᠠ ᠳᠤ ᠠᠩᠬᠠᠷᠤᠯ ᠲᠠᠯᠪᠢᠵᠦ ᠴᠠᠭ ᠢᠮᠠᠭᠲᠠ ᠦᠪᠡᠷ ᠢ ᠪᠠᠨ ᠴᠢᠩᠭ᠎ᠠ ᠱᠠᠭᠠᠷᠲᠠᠵᠦ᠂

ᠤᠷᠤᠰᠤᠮ᠎ᠠ ᠪᠣᠯᠪᠠᠰᠤᠷᠠᠩᠭᠤᠢ᠂ ᠠᠮᠢᠲᠤᠯᠢᠭ ᠴᠣᠪᠤᠭᠤ ᠶᠠᠷᠢᠵᠦ ᠢᠯᠡᠳᠭᠡᠬᠦ ᠨᠢ ᠰᠤᠷᠤᠭᠴᠢᠳ ᠢ ᠡᠲᠤᠷ ᠳᠤᠲᠤᠮ

ᠨᠥᠯᠦᠭᠡᠯᠡᠵᠦ ᠠᠶᠠᠨᠲᠠᠭᠠᠨ ᠰᠠᠳᠬᠢᠯ ᠢ ᠨᠢ ᠲᠠᠲᠠᠵᠦ ᠰᠤᠷᠤᠭᠴᠢᠳ ᠤᠨ ᠶᠠᠷᠢᠵᠦ ᠢᠯᠡᠳᠭᠡᠬᠦ ᠤᠷᠮᠠᠰ ᠢ ᠨᠢ ᠪᠤᠢ

ᠪᠤᠯᠭᠠᠵᠦ ᠴᠢᠲᠠᠲᠠᠭ᠃ ᠮᠦᠨ ᠴᠤ ᠬᠡᠯᠡ ᠪᠢᠴᠢᠭ ᠤᠨ ᠪᠠᠭᠰᠢ ᠬᠢᠴᠢᠶᠡᠯ ᠶᠠᠷᠢᠬᠤ ᠪᠣᠶᠤ ᠤᠷᠠᠨ ᠢᠯᠡᠳᠭᠡᠯ᠂ ᠶᠠᠷᠢᠶ᠎ᠠ

ᠢᠯᠡᠳᠭᠡᠯ ᠬᠢᠬᠦ ᠳᠤ ᠪᠠᠨ ᠴᠦᠮ ᠲᠠᠭᠤᠷᠢᠶᠠᠯ ᠪᠣᠯᠬᠤ ᠪᠠᠷ ᠴᠢᠷᠮᠠᠶᠢᠬᠤ ᠬᠡᠷᠡᠭᠲᠡᠢ᠃

      ᠬᠤᠶᠠᠷ᠂ ᠤᠡᠭᠰᠢᠯᠭ᠎ᠠ ᠶᠢᠨ ᠪᠤᠯᠪᠠᠰᠤᠷᠠᠯ ᠳᠤ ᠰᠠᠭᠤᠷᠢᠯᠠᠬᠤ ᠬᠡᠷᠡᠭᠲᠡᠢ᠃ ᠪᠠᠭ᠎ᠠ ᠰᠤᠷᠭᠠᠭᠤᠯᠢ ᠶᠢᠨ

ᠱᠠᠲᠤᠨ ᠳᠤ ᠲᠤᠤᠷ᠎ᠠ ᠣᠨ ᠠᠴᠠ ᠨᠢ ᠡᠬᠢᠯᠡᠵᠦ ᠬᠡᠯᠡ ᠵᠥᠭᠰᠢᠷᠡᠬᠦᠯᠬᠦ ᠦᠭᠡ᠂ ᠬᠡᠯᠡᠴᠡ᠂ ᠣᠬᠤᠷ ᠳᠥᠭᠦᠮ ᠰᠢᠯᠦᠭ

ᠤᠡᠭᠰᠢᠵᠦ ᠴᠡᠭᠡᠵᠢᠯᠡᠬᠦᠯᠬᠦ ᠪᠠᠷ ᠲᠠᠮᠵᠢᠵᠦ ᠰᠤᠷᠤᠭᠴᠢᠳ ᠤᠨ ᠬᠡᠯᠡ ᠶᠠᠷᠢᠶᠠᠨ ᠤ ᠴᠢᠲᠠᠪᠦᠷᠢ ᠶᠢ ᠲᠡᠭᠡᠭᠰᠢᠯᠡᠬᠦᠯᠬᠦ ᠶᠢ

ᠴᠢᠬᠤᠯᠠᠴᠢᠯᠠᠬᠤ ᠭᠡᠷᠡᠭᠲᠡᠢ᠃ ᠰᠤᠷᠤᠭᠴᠢᠳ ᠤᠨ ᠶᠠᠷᠢᠵᠦ ᠬᠠᠷᠢᠯᠴᠠᠬᠤ ᠴᠢᠲᠠᠪᠦᠷᠢ ᠶᠢ ᠲᠡᠭᠡᠭᠰᠢᠯᠡᠬᠦᠯᠬᠦ ᠳᠤ ᠠᠲᠠᠯᠢ

ᠪᠤᠰᠤ ᠶᠢᠨ ᠱᠠᠲᠤᠨ ᠳᠤ ᠠᠲᠠᠯᠢ ᠪᠤᠰᠤ ᠶᠢᠨ ᠦᠨᠡᠯᠡᠵᠦ ᠪᠠᠶᠢᠴᠠᠭᠠᠬᠤ ᠠᠷᠭ᠎ᠠ ᠪᠠᠷ ᠢᠲᠡᠪᠬᠢᠵᠢᠯ ᠢ ᠨᠢ ᠳᠠᠶᠢᠴᠢᠯᠠᠵᠦ

ᠪᠤᠯᠤᠨ᠎ᠠ᠃ ᠮᠣᠩᠭᠤᠯ ᠲᠦᠮᠡᠨ ︽ᠬᠡᠯᠡᠭᠡᠢ ᠪᠣᠯ ᠤᠬᠠᠭᠠᠨ ᠲᠤᠲᠠᠮᠠᠭ︾ ᠭᠡᠵᠦ ᠦᠵᠡᠲᠡᠭ ᠲᠤᠯᠠ ︽ᠬᠡᠯᠡ

ᠲᠤᠭᠤᠯᠬᠤ ᠪᠠᠷ ᠬᠥᠯ ᠲᠤᠭᠤᠯ︾ ᠬᠡᠮᠡᠨ ᠠᠪᠢᠶ᠎ᠠ ᠪᠣᠯᠭᠠᠨ ᠢ ᠵᠥᠪ ᠲᠣᠲᠤ ᠬᠡᠯᠡᠬᠦᠯᠵᠦ ᠰᠤᠷᠭᠠᠬᠤ ᠶᠢ ᠮᠠᠰᠢ ᠶᠡᠭᠡ

ᠠᠩᠬᠠᠷᠲᠠᠭ᠃ ᠬᠡᠯᠡ ᠵᠥᠭᠰᠢᠷᠡᠭᠦᠯᠬᠦ ᠦᠭᠡ ᠨᠢ ᠬᠡᠯᠡ ᠶᠠᠷᠢᠶᠠᠨ ᠤ ᠬᠦᠭᠵᠢᠯᠲᠡ ᠳᠤ ᠴᠢᠬᠤᠯᠠ ᠪᠠᠶᠢᠷᠢ ᠶᠢ

ᠡᠵᠡᠯᠡᠲᠡᠭ ᠠᠴᠠ ᠪᠢ ᠰᠤᠷᠤᠭᠴᠢᠳ ᠢ ᠨᠢᠭᠡᠲᠤᠭᠡᠷ ᠣᠨ ᠳᠤ ᠤᠷᠤᠵᠦ ᠢᠷᠡᠮᠡᠭᠴᠡ ᠤᠷᠤᠰᠤᠮ᠎ᠠ᠂ ᠬᠤᠷᠲᠤᠨ

ᠲᠥᠷᠭᠡᠨ ᠶᠠᠷᠢᠵᠦ ᠴᠢᠲᠠᠬᠤ ᠶᠢ ᠱᠠᠭᠠᠷᠲᠠᠲᠠᠭ᠃ ︽ᠬᠡᠯᠡᠭᠰᠡᠭᠡᠷ ᠪᠠᠶᠢᠵᠦ ᠤᠷᠠᠨ ᠪᠤᠯᠤᠨ᠎ᠠ︾ ᠭᠡᠲᠡᠭ ᠢᠶᠠᠷ

ᠰᠤᠷᠤᠭᠴᠢ ᠪᠣᠯᠭᠠᠨ ᠤ ᠳᠤᠷ᠎ᠠ ᠪᠠᠬ᠎ᠠ ᠳᠤ ᠨᠢ ᠵᠤᠬᠢᠴᠠᠭᠤᠯᠵᠦ ᠤᠷᠮ᠎ᠠ ᠪᠠᠬ᠎ᠠ ᠣᠷᠭᠤᠭᠤᠯᠵᠦ ᠢᠲᠡᠭᠡᠯ ᠵᠣᠷᠢᠭ ᠢ ᠨᠢ

ᠨᠡᠮᠡᠭᠲᠡᠬᠦᠯᠲᠡᠭ᠃ ᠲᠡᠭᠡᠷ᠎ᠡ ᠣᠨ ᠤ ᠱᠠᠲᠤᠨ ᠳᠤ ᠦᠭᠡᠴᠢᠯᠡᠵᠦ ᠣᠡᠭᠰᠢᠬᠤ ᠪᠠᠷ ᠭᠤᠣᠯ ᠪᠤᠯᠭᠠᠵᠦ ᠶᠠᠷᠢᠶ᠎ᠠ ᠢᠯᠡᠳᠭᠡᠯ᠂

ᠰᠣᠩᠭᠤᠲᠠᠭ ᠪᠥᠲᠦᠭᠡᠯ ᠰᠢᠯᠦᠭ ᠵᠤᠬᠢᠶᠠᠯ ᠨᠠᠶᠢᠷᠠᠭᠤᠯᠤᠯ᠂ ᠤᠡᠭᠰᠢᠵᠦ ᠴᠡᠭᠡᠵᠢᠯᠡᠬᠦᠯᠬᠦ ᠪᠠᠷ ᠲᠠᠮᠵᠢᠵᠦ ᠶᠠᠷᠢᠶ᠎ᠠ

ᠬᠠᠷᠢᠯᠴᠠᠭᠠᠨ ᠤ ᠴᠢᠲᠠᠪᠦᠷᠢ ᠶᠢ ᠨᠢ ᠲᠡᠭᠡᠭᠰᠢᠯᠡᠭᠦᠯᠲᠡᠭ᠃

      ᠭᠤᠷᠪᠡ᠂ ᠨᠣᠮ ᠤᠡᠭᠰᠢᠯᠭ᠎ᠠ ᠶᠢ ᠴᠢᠬᠤᠯᠠᠴᠢᠯᠠᠵᠦ ᠬᠤᠷᠠᠮᠲᠤᠭᠤᠯᠤᠯ ᠬᠢᠬᠦ ᠶᠢ ᠪᠠᠷᠢᠮᠲᠠᠯᠠᠬᠤ          

ᠭᠡᠷᠡᠭᠲᠡᠢ᠃ ︽ᠨᠣᠮ ᠢ ᠲᠦᠮᠡᠨᠲᠡ ᠤᠡᠭᠰᠢᠪᠠᠰᠤ ᠪᠢᠷ ᠤᠨ ᠦᠵᠦᠬᠦᠷ ᠰᠢᠳᠢ ᠤᠷᠤᠰᠢᠮᠦᠢ︾ ᠭᠡᠲᠡᠭ ᠢᠶᠠᠷ ᠨᠣᠮ

ᠤᠡᠭᠰᠢᠯᠭ᠎ᠠ ᠪᠠᠷ ᠲᠠᠮᠵᠢᠨ ᠬᠦᠮᠦᠨ ᠤ ᠰᠡᠳᠬᠢᠯ ᠰᠡᠷᠭᠦᠨ ᠪᠢᠯᠢᠭ ᠨᠡᠭᠡᠭᠡᠭᠲᠡᠵᠦ ᠬᠡᠯᠡ ᠶᠠᠷᠢᠶᠠᠨ ᠤ ᠴᠢᠲᠠᠮᠵᠢ

ᠪᠦᠷᠢᠯᠲᠦᠵᠦ ᠲᠤᠭᠲᠠᠲᠠᠭ᠃ ᠨᠣᠮ ᠢ ᠤᠯᠠᠨ ᠤᠡᠭᠰᠢᠵᠦ ᠭᠤᠴᠤ ᠬᠡᠯᠡᠯᠭᠡ᠂ ᠰᠣᠩᠭᠤᠲᠠᠭ ᠬᠡᠰᠡᠭᠯᠡᠯ ᠢ ᠲᠡᠮᠳᠡᠭᠯᠡᠯ

ᠬᠢᠵᠦ ᠤᠢ ᠪᠤᠲᠤᠯ ᠳᠤ ᠪᠠᠨ ᠰᠢᠩᠭᠡᠭᠡᠵᠦ ᠦᠵᠡᠯ ᠰᠡᠳᠬᠢᠯ ᠳᠤ ᠪᠠᠨ ᠠᠮᠢᠯᠠᠭᠤᠯᠵᠦ ᠴᠢᠲᠠᠪᠡᠯ ᠤᠬᠠᠭᠠᠨ ᠴᠢᠳᠠᠯ

ᠪᠤᠯᠲᠠᠭ᠃ ᠶᠠᠷᠦ ᠨᠢ ᠬᠦᠮᠦᠰ ︽ᠤᠬᠠᠭᠠᠨ ᠳᠤ ᠨᠢ ᠦᠭᠡᠢ ᠪᠣᠯ ᠤᠷᠤᠭᠤᠯ  ᠳᠤ ᠨᠢ ᠦᠭᠡᠢ︾ ᠭᠡᠵᠦ          

ᠶᠠᠷᠢᠲᠠᠭ᠃ ᠶᠠᠭ ᠡᠶᠢᠮᠦ ᠠᠴᠠ ᠰᠤᠷᠤᠭᠴᠢ ᠡᠬᠢᠯᠡᠵᠦ ᠪᠦᠬᠦᠯᠢ ᠦᠰᠦᠭ ᠲᠠᠨᠢᠵᠦ ᠴᠢᠳᠠᠮᠠᠭᠴᠠ᠂ ᠲᠡᠳᠡᠨ ᠢ ᠨᠣᠮ

ᠤᠡᠭᠰᠢᠬᠤ ᠲᠠᠳᠬᠠᠯ ᠲᠠᠢ ᠪᠤᠯᠭᠠᠵᠦ ᠢᠷᠡᠭᠰᠡᠨ᠃ ᠠᠩᠬ᠎ᠠ ᠡᠬᠢᠯᠡᠬᠦ ᠪᠠᠷ ᠲᠤᠤᠷ᠎ᠠ ᠣᠨ ᠤ ᠬᠤᠭᠤᠴᠠᠭᠠᠨ ᠳᠤ ᠨᠣᠮ

ᠵᠤᠬᠢᠶᠠᠯ ᠤᠨ ᠭᠠᠷᠴᠠᠭ ᠴᠡᠭᠡᠵᠢᠯᠡᠵᠦ ᠬᠤᠷᠠᠮᠲᠤᠭᠤᠯᠵᠦ ᠪᠠᠶᠢᠭᠰᠠᠨ ᠠᠴᠠ ᠦᠯᠢᠭᠡᠷ ᠶᠠᠷᠢᠬᠤ᠂ ᠨᠣᠮ ᠲᠠᠨᠢᠯᠴᠠᠭᠤᠯᠬᠤ᠂

ᠨᠣᠮ ᠤᠡᠭᠰᠢᠭ᠌ᠰᠠᠨ ᠲᠥᠷᠦᠭᠲᠡᠯ ᠪᠢᠴᠢᠬᠦ ᠪᠣᠯᠭᠠᠵᠦ ᠡᠬᠦᠨ ᠢ ᠪᠠᠨ ᠤᠯᠠᠨ ᠤ ᠲᠤᠮᠲᠠ ᠪᠠᠨ ᠶᠠᠷᠢᠵᠦ ᠰᠤᠨᠢᠷᠬᠠᠭᠤᠯᠬᠤ

ᠠᠷᠭ᠎ᠠ ᠪᠠᠷ ᠰᠤᠷᠤᠭᠴᠢᠳ ᠢ ᠤᠷᠮᠠᠰᠢᠭᠤᠯᠵᠦ ᠵᠤᠷᠢᠬᠵᠢᠭᠤᠯᠲᠠᠭ᠃ ︽ᠨᠠᠷᠠᠨ ᠵᠦᠭ ᠤᠨ ᠬᠡᠤᠬᠡᠳ︾ ᠨᠣᠮ

ᠤᠡᠭᠰᠢᠯᠭ᠎ᠠ ᠶᠢᠨ ᠠᠵᠢᠯᠯᠠᠭ᠎ᠠ ᠪᠠᠨ ᠲᠤᠤᠷ᠎ᠠ ᠣᠨ ᠠᠴᠠ ᠲᠡᠭᠡᠷ᠎ᠡ ᠣᠨ ᠤ ᠬᠤᠭᠤᠴᠠᠭᠠᠨ ᠳᠤ ᠬᠦᠷᠲᠡᠯ᠎ᠡ ᠰᠢᠷᠢᠰ

ᠠᠵᠢᠯᠯᠠᠭᠠᠨ ᠪᠤᠯᠭᠠᠵᠦ ᠰᠤᠷᠤᠭᠴᠢ ᠪᠤᠯᠭᠠᠨ ᠢ ᠨᠣᠮ ᠳᠤ ᠪᠠᠭ᠋ᠠᠲᠠᠢ᠂ ᠬᠡᠯᠡ ᠤᠷᠠᠨ ᠪᠤᠯᠭᠠᠬᠤ ᠪᠠᠷ ᠭᠤᠣᠯ

ᠬᠠᠷᠠᠯᠲᠠ ᠪᠠᠨ ᠪᠤᠯᠭᠠᠵᠦ ᠢᠷᠡᠵᠡᠢ᠃

      ᠳᠥᠷᠪᠡ᠂ ᠪᠤᠲᠠᠲᠠᠢ ᠦᠢᠯᠡᠳᠦᠯᠭᠡ ᠳᠤ ᠤᠷᠤᠯᠴᠠᠭᠤᠯᠵᠦ᠂ ᠬᠡᠯᠡᠨ ᠶᠠᠷᠢᠶᠠᠨ ᠤ ᠠᠪᠢᠶᠠᠰ ᠢ ᠨᠢ ᠪᠠᠳᠠᠷᠠᠭᠤᠯᠬᠤ

ᠬᠡᠷᠡᠭᠲᠡᠢ᠃ ᠬᠢᠴᠢᠶᠡᠯ ᠤᠨ ᠭᠠᠲᠠᠨᠠᠬᠢ ᠬᠥᠲᠡᠯᠭᠡᠭᠡᠨ ᠲᠠᠢ ᠤᠶᠠᠯᠲᠤᠭᠤᠯᠵᠦ ᠤᠯᠠᠨ ᠬᠡᠯᠪᠡᠷᠢ ᠶᠢᠨ ᠤᠷᠤᠯᠲᠤᠭᠠᠨ

ᠮᠦᠷᠦ᠋ᠢᠴᠡᠭᠡᠨ ᠠᠵᠢᠯᠯᠠᠭ᠎ᠠ ᠬᠥᠲᠡᠯᠭᠡᠭᠡᠨ ᠢ ᠵᠤᠬᠢᠶᠠᠨ ᠪᠠᠶᠢᠭᠤᠯᠵᠦ ᠶᠠᠷᠢᠵᠦ ᠢᠯᠡᠳᠭᠡᠬᠦ ᠤᠷᠮᠠᠰᠢᠯ ᠢ ᠬᠦᠭᠵᠢᠭᠡᠵᠦ

ᠴᠢᠲᠠᠪᠦᠷᠢ ᠶᠢ ᠨᠢ ᠲᠡᠭᠡᠭᠰᠢᠯᠡᠭᠦᠯᠦᠨ᠎ᠡ᠃ ᠡᠬᠦᠨ ᠳᠤ ᠬᠡᠯᠡᠴᠡ ᠶᠢᠨ ᠤᠳᠬ᠎ᠠ ᠶᠢ ᠶᠠᠷᠢᠭᠤᠯᠬᠤ᠂ ᠵᠢᠷᠤᠭ ᠠᠵᠢᠭᠯᠠᠵᠤ

ᠶᠠᠷᠢᠭᠤᠯᠬᠤ᠂ ᠰᠡᠲᠤᠪ ᠦᠭᠴᠦ ᠮᠠᠷᠭᠤᠯᠳᠤᠭᠤᠯᠬᠤ ᠮᠡᠲᠤ ᠶᠢᠨ ᠪᠤᠲᠠᠲᠠᠢ ᠦᠢᠯᠡᠲᠦᠯᠭᠡ  ᠳᠤ ᠤᠷᠤᠯᠴᠠᠭᠤᠯᠬᠤ

ᠬᠡᠯᠪᠡᠷᠢ ᠪᠠᠷ ᠬᠡᠯᠡᠨ ᠤ ᠴᠢᠲᠠᠪᠦᠷᠢ ᠶᠢᠨ ᠬᠦᠭᠵᠢᠯᠲᠠ ᠳᠤ ᠦᠢᠯᠡᠴᠢᠯᠡᠭᠦᠯᠦᠨ᠎ᠡ᠃

      ᠲᠠᠪᠤ᠂ ᠡᠬᠡ ᠬᠡᠯᠡ ᠪᠠᠷ ᠢᠶᠠᠨ ᠰᠡᠳᠬᠢᠵᠦ ᠦᠨᠲᠦᠰᠦᠲᠡᠨ ᠤ ᠪᠠᠨ ᠬᠡᠯᠡᠨ ᠤ ᠪᠠᠶᠠᠯᠢᠭ ᠢ ᠲᠠᠨᠢᠵᠦ ᠮᠡᠲᠡᠷᠡᠬᠦ

ᠲᠤᠬᠢᠶᠠᠯ ᠤᠯᠭᠤᠨ᠎ᠠ᠃ ᠮᠣᠩᠭᠤᠯᠴᠤᠳ ᠡᠷᠲᠡ ᠲᠡᠭᠡᠲᠤ ᠦᠶ᠎ᠡ ᠠᠴᠠ ᠪᠠᠨ ᠶᠠᠷᠢᠶᠠᠴᠢ᠂ ᠬᠡᠯᠡᠮᠦᠷᠴᠢ ᠪᠠᠷ ᠢᠶᠠᠨ

ᠠᠯᠲᠠᠷᠲᠠᠢ᠃ ᠶᠠᠷᠢᠬᠤ ᠨᠢ ᠢᠷᠠᠭᠤ ᠨᠠᠶᠢᠷᠠᠭ᠂ ᠲᠠᠭᠤᠯᠠᠬᠤ ᠨᠢ ᠭᠦᠨ ᠤᠬᠠᠭᠠᠨ ᠬᠡᠯᠲᠡᠢ᠃ ᠦᠭᠡ ᠬᠡᠯᠡᠨ ᠤ

ᠪᠠᠶᠠᠯᠢᠭ ᠢ ᠮᠡᠲᠡᠷᠡᠵᠦ ᠦᠭᠡ  ᠶᠢᠨ ᠤᠳᠬ᠎ᠠ ᠶᠢ ᠤᠬᠠᠭᠠᠷᠠᠵᠦ᠂ ᠠᠮᠢᠲᠤᠷᠠᠯ ᠳᠤ ᠪᠠᠨ ᠵᠦᠪ ᠰᠠᠶᠢᠬᠠᠨ ᠬᠡᠷᠡᠭᠯᠡᠵᠦ

︽ᠨᠣᠮ ᠳᠤ ᠮᠡᠷᠭᠡᠨ᠂ ᠦᠬᠡᠨ ᠳᠤ ᠴᠡᠴᠡᠨ︾ ᠪᠠᠶᠢᠬᠤ ᠶᠢ ᠡᠷᠬᠢᠮᠯᠡᠵᠦ ᠡᠲᠤᠷ ᠲᠤᠲᠦᠮ ᠤᠨ ᠶᠠᠷᠢᠶ᠎ᠠ ᠬᠠᠷᠢᠯᠴᠠᠭᠠᠨ ᠤ

ᠴᠢᠲᠠᠪᠦᠷᠢ ᠶᠢᠨ ᠬᠦᠭᠵᠢᠯᠲᠡ ᠶᠢ ᠴᠢᠩᠭᠠᠳᠬᠠᠵᠦ ᠢᠷᠠᠭᠤ ᠰᠤᠨᠤᠰᠬᠤᠯᠠᠩ  ᠲᠠᠢ᠂ ᠤᠷᠤᠰᠤᠮ᠎ᠠ ᠲᠣᠳᠤ ᠶᠠᠷᠢᠵᠦ

ᠢᠯᠡᠳᠭᠡᠬᠦ᠂ ᠪᠤᠲᠤᠯ ᠰᠠᠨᠠᠯ ᠢᠶᠠᠨ ᠪᠤᠯᠪᠠᠰᠤᠨ ᠶᠤᠰᠤᠷᠬᠠᠭ ᠢᠶᠠᠷ ᠰᠤᠯᠢᠯᠴᠠᠬᠤ ᠵᠦᠭ ᠬᠦᠲᠦᠯᠪᠠ᠃ ᠢᠡᠭᠬᠢᠬᠦ ᠳᠤ

ᠬᠢᠴᠢᠶᠡᠯ ᠠᠴᠠ ᠡᠮᠦᠨᠡᠬᠢ ᠭᠤᠷᠪᠠᠨ ᠮᠢᠨᠦ᠋ᠲ ᠤᠨ ᠶᠠᠷᠢᠶᠠᠨ ᠤ ᠴᠠᠭ ᠢ ᠦᠷ᠎ᠡ ᠪᠦᠲᠦᠮᠵᠢᠲᠠᠢ ᠠᠰᠢᠭᠯᠠᠵᠤ

ᠶᠠᠷᠢᠬᠤ ᠳᠤ ᠪᠠᠨ ᠤᠷᠤᠰᠤᠮ᠎ᠠ ᠢᠷᠠᠭᠤ᠂ ᠤᠳᠬ᠎ᠠ ᠰᠠᠨᠠᠭ᠎ᠠ ᠤᠶᠢᠯᠠᠭᠠᠮᠵᠢᠲᠠᠢ ᠪᠠᠶᠢᠬᠤ ᠶᠢ ᠱᠠᠭᠠᠷᠲᠠᠨ᠎ᠠ᠃ ᠰᠢᠨ᠎ᠡ

ᠣᠨ ᠢᠶᠠᠨ ᠤᠭᠲᠤᠬᠤ ᠤᠷᠠᠨ ᠰᠠᠶᠢᠬᠠᠨ ᠤ ᠲᠤᠭᠯᠠᠯᠲᠠ᠂ ᠰᠢᠯᠦᠭ ᠲᠠᠭᠤᠤ ᠶᠢᠨ ᠦᠵᠡᠭᠦᠯᠭᠡ᠂ ᠪᠢᠴᠢᠯᠭᠡ ᠶᠢᠨ

ᠰᠤᠷᠢᠭᠠᠨ᠂ ᠤᠶᠤᠨ ᠤ ᠮᠥᠷᠦ᠋ᠢᠴᠡᠭᠡᠨ᠂ ᠶᠠᠷᠢᠶ᠎ᠠ ᠢᠯᠡᠳᠭᠡᠯ ᠤᠨ ᠤᠷᠤᠯᠲᠤᠭᠠᠨ ᠵᠡᠷᠭᠡ ᠶᠢ ᠠᠰᠢᠭᠯᠠᠨ ᠪᠢᠴᠢᠬᠠᠨ

ᠬᠦᠲᠦᠯᠦᠭᠴᠢ ᠨᠠᠪᠲᠠᠷᠠᠭᠦᠯᠦᠭᠴᠢ ᠶᠢ ᠪᠤᠯᠪᠠᠰᠤᠷᠠᠭᠤᠯᠵᠦ ᠰᠤᠷᠤᠭᠴᠢᠳ ᠲᠤ ᠣᠢ ᠠᠪᠢᠶᠠᠰ ᠢᠶᠠᠨ ᠰᠤᠷᠢᠬᠤ ᠠᠵᠠ

ᠲᠤᠬᠢᠶᠠᠯ ᠢ ᠢᠯᠡᠬᠦᠬᠡᠨ ᠤᠯᠭᠤᠪᠠ᠃

      ᠵᠢᠷᠭᠤᠭ᠎ᠠ᠂ ᠴᠠᠭ ᠲᠤᠬᠠᠢ ᠳᠤ ᠨᠢ ᠵᠦᠪ ᠤᠨᠤᠪᠴᠢᠲᠠᠢ ᠦᠨᠡᠯᠡᠯᠲᠡ ᠦᠭᠬᠦᠭᠰᠡᠨ ᠪᠠᠶᠢᠬᠤ          

ᠬᠡᠷᠡᠭᠲᠡᠢ᠃ ᠦᠨᠡᠯᠡᠯᠲᠡ ᠶᠢᠨ ᠵᠣᠷᠢᠯᠭ᠎ᠠ ᠨᠢ ᠰᠤᠷᠤᠭᠴᠢᠳ ᠤᠨ ᠶᠠᠷᠢᠶ᠎ᠠ ᠬᠠᠷᠢᠯᠴᠠᠭᠠᠨ ᠤ ᠴᠢᠲᠠᠪᠦᠷᠢ ᠶᠢ

ᠲᠡᠭᠡᠭᠰᠢᠯᠡᠬᠦᠯᠬᠦ ᠪᠠ ᠪᠠᠭᠰᠢ ᠶᠢᠨ ᠵᠢᠭᠠᠨ ᠰᠤᠷᠭᠠᠯᠲᠠ ᠪᠠᠨ ᠬᠠᠯᠠᠨ ᠰᠠᠶᠢᠵᠢᠷᠠᠭᠤᠯᠬᠤ ᠳᠤ ᠠᠰᠢᠭᠲᠠᠢ᠃ ᠡᠶᠢᠮᠦ ᠠᠴᠠ

ᠰᠤᠷᠤᠭᠴᠢᠳ ᠤᠨ ᠢᠯᠡᠷᠡᠯ᠂ ᠴᠢᠷᠮᠠᠶᠢᠯᠭ᠎ᠠ ᠲᠠᠪᠰᠢᠯᠲᠠ ᠳᠤ ᠴᠠᠭ ᠲᠤᠬᠠᠢ ᠳᠤ ᠨᠢ ᠵᠦᠪ ᠣᠨᠤᠪᠴᠢᠲᠠᠢ ᠦᠨᠡᠯᠡᠯᠲᠡ

ᠥᠭᠬᠦ  ᠨᠢ ᠲᠡᠳᠡᠨ ᠤ ᠰᠠᠶᠢᠨᠲᠠᠢ ᠲᠠᠯ᠎ᠠ ᠪᠠᠨ ᠤᠯᠠᠮ ᠪᠠᠲᠠᠷᠠᠭᠤᠯᠤᠨ ᠳᠤᠲᠠᠭᠲᠠᠯ ᠢᠶᠠᠨ ᠨᠥᠭᠦᠪᠦᠷᠢᠯᠠᠬᠦ ᠳᠤ ᠲᠤᠰᠠᠯᠠᠮᠵᠢ

ᠪᠤᠯᠲᠠᠭ᠃

      ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠶᠠᠷᠢᠶ᠎ᠠ ᠬᠠᠷᠢᠯᠴᠠᠭᠠᠨ ᠤ ᠴᠢᠳᠠᠪᠦᠷᠢ ᠶᠢ ᠲᠡᠭᠡᠭᠰᠢᠯᠡᠬᠦᠯᠬᠦ ᠨᠢ

ᠬᠡᠯᠡ ᠪᠢᠴᠢᠭ ᠤᠨ ᠬᠡᠪ ᠪᠣᠯᠪᠠᠰᠤᠷᠠᠯ ᠢ ᠪᠦᠬᠦ ᠲᠠᠯ᠎ᠠ ᠪᠠᠷ ᠲᠡᠭᠡᠭᠰᠢᠯᠡᠬᠦᠯᠬᠦ ᠳᠤ ᠰᠠᠭᠤᠷᠢ ᠲᠠᠯᠪᠢᠵᠦ ᠴᠢᠳᠠᠨ᠎ᠠ᠃

      ᠶᠠᠷᠢᠶ᠎ᠠ ᠬᠠᠷᠢᠯᠴᠠᠭᠠᠨ ᠤ ᠴᠢᠳᠠᠪᠦᠷᠢ ᠶᠢ ᠲᠡᠭᠡᠭᠰᠢᠯᠡᠬᠦᠯᠬᠦ ᠨᠢ ᠰᠤᠷᠤᠭᠴᠢᠳ ᠤᠨ ᠴᠠᠭ ᠦᠶ᠎ᠡ ᠲᠠᠢ ᠬᠠᠮᠲᠤ ᠪᠠᠷ

ᠤᠷᠤᠭᠰᠢᠯᠠᠵᠦ ᠲᠡᠯᠭᠡᠷ ᠬᠠᠷᠠᠭ᠎ᠠ ᠲᠠᠢ ᠨᠡᠬᠡᠬᠡᠯᠲᠡᠯᠢᠭ ᠣᠪᠤᠷ᠂ ᠪᠦᠲᠦᠭᠡᠯᠴᠢ ᠰᠡᠳᠬᠢᠬᠦᠢ ᠲᠠᠢ ᠰᠢᠨ᠎ᠡ ᠶᠢ ᠡᠬᠦᠳᠬᠦ

ᠬᠦᠰᠡᠯ ᠢ ᠬᠦᠮᠦᠵᠢᠬᠦᠯᠬᠦ ᠳᠤ ᠠᠰᠢᠭᠲᠠᠢ᠃ ᠮᠦᠨ ᠴᠦ ᠰᠤᠷᠤᠭᠴᠢᠳ ᠤᠨ ᠨᠡᠶᠢᠭᠡᠮ ᠪᠠᠶᠢᠭᠠᠯᠢ ᠠᠮᠢᠲᠤᠷᠠᠯ ᠢ

ᠠᠩᠬᠠᠷᠴᠤ ᠠᠵᠢᠭᠯᠠᠬᠤ᠂ ᠪᠤᠰᠤᠳ ᠤᠨ ᠬᠡᠯᠡᠵᠦ ᠶᠠᠷᠢᠬᠤ ᠶᠢ ᠨᠢᠮᠪᠠᠢ ᠰᠤᠨᠤᠰᠬᠤ᠂ ᠨᠣᠮ ᠵᠤᠬᠢᠶᠠᠯ ᠠᠴᠠ ᠴᠡᠭᠡᠵᠢᠯᠡᠵᠦ

ᠲᠤᠭᠲᠠᠭᠠᠬᠤ ᠪᠤᠲᠤᠯ ᠰᠡᠳᠭᠢᠭᠲᠡᠯ ᠢ ᠨᠢ ᠠᠮᠢᠲᠤᠯᠢᠭ ᠴᠢᠯᠦᠭᠡᠲᠡᠢ ᠪᠤᠯᠭᠠᠵᠦ ᠴᠢᠳᠠᠨ᠎ᠠ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠪᠠᠭᠠᠷᠢᠨ ᠵᠠᠬᠦᠨ ᠬᠤᠰᠢᠭᠤᠨ ᠤ ᠴᠠᠭᠠᠠᠬᠠᠲᠠ 

                               ᠮᠣᠩᠭᠤᠯ ᠦᠨᠳᠦᠰᠦᠲᠡᠨ ᠤ ᠪᠠᠭ᠎ᠠ ᠰᠤᠷᠭᠠᠭᠤᠯᠢ

                               ︵ᠮᠦᠡᠭᠭᠦᠨᠴᠢᠮᠡᠭ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map