ᠬᠠᠮᠲᠤ ᠪᠠᠷ ᠬᠢᠴᠢᠶᠡᠯ ᠪᠠᠯᠡᠳᠬᠡᠬᠦ ᠲᠤᠬᠠᠢ ᠦᠬᠦᠯᠡᠬᠦ ᠨᠢ
ᠨᠡᠶᠢᠲᠡᠯᠡᠭᠰᠡᠨ ᠴᠠᠭ᠄
2024/4/10
                             ᠬᠤᠩ ᠮᠸᠢ

工作研究1.png

 

      ᠰᠢᠨ᠎ᠡ ᠬᠢᠴᠢᠶᠡᠯᠯᠡᠭᠡ ᠶᠢᠨ ᠥᠭᠡᠷᠡᠴᠢᠯᠡᠯᠲᠡ ᠨᠢ ᠰᠤᠷᠤᠭᠴᠢᠳ ᠤᠨ ᠡᠵᠡᠨ ᠮᠡᠳᠡᠨ ᠰᠣᠷᠤᠯᠴᠠᠬᠤ᠂

ᠰᠦᠪᠡᠭᠴᠢᠯᠡᠨ ᠰᠣᠷᠤᠯᠴᠠᠬᠤ᠂ ᠬᠠᠮᠲᠤᠷᠠᠨ ᠰᠤᠷᠤᠯᠴᠠᠬᠤ ᠶᠢ ᠰᠠᠨᠠᠭᠠᠴᠢᠯᠠᠬᠤ ᠶᠢᠨ ᠬᠠᠮᠲᠤ ᠪᠠᠰᠠ ᠪᠠᠭᠰᠢ ᠨᠠᠷ ᠤᠨ

ᠬᠠᠮᠲᠤᠷᠠᠨ ᠬᠠᠶᠢᠨ ᠰᠦᠪᠡᠭᠴᠢᠯᠡᠵᠦ᠂ ᠰᠤᠳᠤᠯᠤᠨ ᠶᠠᠷᠢᠯᠴᠠᠬᠤ ᠠᠭᠤᠷ ᠠᠮᠢᠰᠬᠤᠯ ᠢ ᠪᠤᠢ ᠪᠣᠯᠭᠠᠵᠤ᠂ ᠬᠠᠮᠲᠤ ᠶᠢᠨ

ᠣᠶᠤᠨ ᠤᠬᠠᠭᠠᠨ ᠤ ᠳᠠᠪᠠᠭᠤᠯᠢᠭ ᠢ ᠪᠠᠳᠠᠷᠠᠭᠤᠯᠬᠤ ᠶᠢ ᠱᠠᠭᠠᠷᠳᠠᠵᠠᠢ᠃ ᠡᠶᠢᠮᠦ ᠠᠴᠠ ᠬᠠᠮᠲᠤ ᠪᠠᠷ ᠬᠢᠴᠢᠶᠡᠯ

ᠪᠡᠯᠡᠳᠬᠡᠬᠦ ᠠᠵᠢᠯᠯᠠᠭ᠎ᠠ ᠶᠢ ᠴᠣᠬᠤᠮ ᠬᠡᠷᠬᠢᠨ ᠦᠷᠨᠢᠭᠦᠯᠪᠡᠯ ᠰᠠᠶ᠋ᠢ ᠦᠨᠡᠨ ᠪᠤᠳᠡᠳᠡᠢ ᠮᠦᠷᠳᠡᠬᠡᠨ ᠦᠨᠳᠦᠷ ᠦᠷ᠎ᠡ

ᠠᠰᠢᠭ ᠤᠯᠵᠣ ᠴᠢᠳᠠᠬᠤ ᠪᠤᠢ︖ ᠬᠡᠳᠡᠭ ᠠᠰᠠᠭᠤᠯᠳᠠ ᠶᠢ ᠪᠠᠭᠰᠢ ᠪᠣᠯᠤᠭᠰᠠᠳ ᠨᠠᠷᠢᠨ ᠲᠤᠩᠭᠠᠵᠤ ᠨᠢᠮᠪᠡᠢ

ᠰᠡᠳᠬᠢᠬᠦ ᠴᠢᠬᠤᠯᠠᠲᠠᠢ ᠪᠠᠶᠢᠨ᠎ᠠ᠃ ᠴᠠᠭ ᠡᠷᠢᠨ ᠤ ᠰᠢᠬᠠᠯᠳᠠ ᠪᠢᠳᠠᠨ ᠤ ᠭᠦᠭᠵᠢᠯᠳᠡ ᠶᠢ ᠤᠷᠠᠶᠢᠯᠠᠵᠤ          

ᠪᠠᠶᠢᠨ᠎ᠠ᠃ ᠪᠢᠳᠠ ᠰᠢᠬᠠᠭᠳᠠᠵᠤ ᠪᠠᠶᠢᠭᠠᠳ ᠯᠠ ᠭᠦᠭᠵᠢᠨ᠎ᠡ᠃ ᠭᠦᠭᠵᠢᠬᠦ ᠦᠭᠡᠢ ᠪᠤᠯ ᠭᠦᠮᠦᠨ ᠠᠴᠠ ᠬᠤᠴᠤᠷᠴᠤ᠂

ᠲᠡᠤᠭᠡᠨ ᠡᠷᠭᠢᠯᠳᠡ ᠳᠤ ᠬᠠᠶᠠᠭᠳᠠᠨ᠎ᠠ᠃ ᠮᠠᠨ ᠤ ᠲᠡᠭᠡᠳᠦ ᠲᠤᠮᠳᠠᠳᠤ ᠶᠢᠨ ᠪᠠᠭᠰᠢ ᠨᠠᠷ ᠤᠨ ᠤᠷᠤᠯᠳᠤᠯᠭ᠎ᠠ ᠨᠡᠩ

ᠴᠢᠬᠤᠯᠠ ᠠᠴᠠ ᠴᠢᠬᠤᠯᠠ᠃ ᠪᠢᠳᠠ ᠲᠠᠭᠠᠭᠤᠯᠬᠤ ᠦᠢᠯᠡᠳᠦᠯ ᠭᠠᠷᠭᠠᠵᠤ᠂ ᠤᠯᠠᠨ ᠳᠤ ᠦᠯᠢᠭᠡᠷ ᠵᠢᠱᠢᠶ᠎ᠠ

ᠪᠤᠯᠬᠤ ᠪᠠᠷ ᠴᠢᠷᠮᠠᠶᠢᠬᠤ ᠭᠡᠷᠡᠭᠳᠡᠢ ᠪᠠᠶᠢᠨ᠎ᠠ᠃

      ᠨᠢᠭᠡ᠂ ᠬᠠᠮᠳᠤ ᠪᠠᠷ ᠬᠢᠴᠢᠶᠡᠯ ᠪᠡᠯᠡᠳᠬᠡᠬᠦ ᠶᠢᠨ ᠰᠢᠯᠳᠠᠭᠠᠨ

      ᠰᠢᠨ᠎ᠡ ᠴᠠᠭ ᠦᠶ᠎ᠡ ᠶᠢᠨ ᠪᠠᠭᠰᠢ ᠶᠢᠨ ᠡᠩᠨᠡᠭᠡᠨ ᠤ ᠪᠦᠳᠦᠭᠡᠨ ᠪᠠᠶᠢᠭᠤᠯᠤᠯᠳᠠ ᠶᠢ ᠴᠢᠩᠭᠠᠳᠬᠠᠨ᠂ ᠰᠢᠨ᠎ᠡ

ᠬᠢᠴᠢᠶᠡᠯ ᠤᠨ ᠪᠠᠷᠢᠮᠵᠢᠶᠠᠨ ᠤ ᠱᠠᠭᠠᠷᠳᠠᠯᠭ᠎ᠠ᠂ ᠡ᠊ᠩ ᠤᠨ ᠲᠠᠭᠡᠳᠤ ᠰᠤᠷᠭᠠᠭᠤᠯᠢ ᠶᠢᠨ ᠰᠤᠷᠤᠭᠴᠢ ᠡᠯᠰᠠᠭᠦ ᠪᠦᠭᠦ

ᠤᠯᠤᠰ ᠤᠨ ᠨᠢᠭᠡᠳᠤᠯᠳᠠᠢ ᠰᠢᠯᠭᠠᠯᠳᠠ ᠶᠢᠨ ᠦᠭᠡᠷᠡᠴᠢᠯᠡᠯᠳᠡ ᠳᠤ ᠵᠤᠬᠢᠴᠠᠭᠤᠯᠤᠨ᠂ ᠬᠠᠮᠳᠤ ᠨᠡᠶᠢᠳᠡ ᠶᠢᠨ

ᠵᠢᠭᠠᠬᠤ ᠶᠢ ᠰᠤᠳᠤᠯᠬᠤ ᠦᠢᠯᠡᠳᠦᠯ ᠢ ᠭᠦᠢᠴᠡᠳ ᠪᠠᠳᠠᠷᠠᠭᠤᠯᠤᠨ᠂ ᠪᠠᠭᠰᠢ ᠶᠢᠨ ᠬᠢᠴᠢᠶᠡᠯ ᠪᠡᠯᠡᠳᠬᠡᠬᠦ᠂ ᠬᠢᠴᠢᠶᠡᠯ

ᠤᠷᠤᠬᠤ ᠬᠢᠷᠢ ᠬᠡᠮᠵᠢᠶ᠎ᠡ ᠶᠢ ᠠᠯᠢ ᠲᠦᠷᠭᠡᠨ ᠢᠶᠠᠷ ᠳᠡᠭᠡᠭᠰᠢᠯᠡᠭᠦᠯᠵᠦ᠂ ᠵᠢᠭᠠᠨ ᠰᠤᠷᠭᠠᠯᠳᠠ ᠶᠢᠨ ᠶᠠᠰᠤ ᠴᠢᠨᠠᠷ ᠢ ᠶᠡᠭᠡ

ᠬᠡᠪᠴᠢᠶ᠎ᠡ ᠪᠠᠷ ᠳᠡᠭᠡᠭᠰᠢᠯᠡᠬᠦᠯᠬᠦ ᠶᠢᠨ ᠲᠦᠯᠦᠭᠡ᠂ ᠬᠠᠮᠳᠤ ᠪᠠᠷ ᠬᠢᠴᠢᠶᠡᠯ ᠪᠡᠯᠡᠳᠬᠡᠬᠦ ᠠᠵᠢᠯᠯᠠᠭᠠᠨ ᠢ ᠦᠨᠳᠦᠷ ᠦᠷ᠎ᠡ

ᠠᠰᠢᠭ ᠲᠠᠢ ᠮᠦᠷᠳᠡᠭᠡᠨ ᠦᠨᠡᠨ ᠪᠤᠳᠠᠳᠠᠢ ᠦᠷᠨᠢᠭᠦᠯᠬᠦ ᠶᠠᠪᠤᠳᠠᠯ ᠪᠠᠴᠢᠮ ᠲᠤᠯᠭᠠᠮ ᠱᠠᠭᠠᠷᠳᠠᠭᠳᠠᠵᠤ ᠪᠠᠶᠢᠨ᠎ᠠ᠃

      ᠬᠤᠶᠠᠷ᠂ ᠬᠠᠮᠳᠤ ᠪᠠᠷ ᠬᠢᠴᠢᠶᠡᠯ ᠪᠡᠯᠡᠳᠬᠡᠬᠦ ᠶᠠᠪᠤᠴᠠ

      ᠬᠠᠮᠲᠤ ᠪᠠᠷ ᠬᠢᠴᠢᠶᠡᠯ ᠪᠡᠯᠡᠳᠬᠡᠬᠦ ᠶᠠᠪᠤᠴᠠ ᠳᠤ ᠬᠤᠪᠢ ᠬᠦᠮᠦᠨ ᠭᠤᠤᠯᠯᠠᠨ ᠪᠡᠯᠡᠳᠬᠡᠬᠦ᠂ ᠬᠠᠮᠲᠤ ᠪᠠᠷ

ᠰᠤᠳᠤᠯᠤᠨ ᠶᠠᠷᠢᠯᠴᠠᠬᠤ᠂ ᠵᠢᠭᠠᠨ ᠰᠤᠷᠭᠠᠯᠲᠠ ᠶᠢᠨ ᠲᠦᠰᠦᠪ ᠲᠤ ᠵᠠᠰᠠᠪᠤᠷᠢ ᠣᠷᠣᠭᠤᠯᠬᠤ᠂ ᠪᠡᠯᠡᠳᠬᠡᠭᠴᠢ

ᠬᠢᠴᠢᠶᠡᠯᠯᠡᠭᠡ ᠬᠢᠵᠦ ᠬᠠᠮᠳᠤ ᠪᠠᠷ ᠰᠤᠨᠤᠰᠬᠤ᠂ ᠬᠢᠴᠢᠶᠡᠯ ᠤᠨ ᠳᠠᠷᠠᠭ᠎ᠠ ᠰᠣᠯᠢᠯᠴᠠᠬᠤ ᠵᠡᠷᠭᠡ ᠳᠠᠪᠤᠨ ᠠᠯᠬᠤᠮ

ᠪᠠᠭᠳᠠᠨ᠎ᠠ᠃

      ︵ᠨᠢᠭᠡ︶ ᠬᠤᠪᠢ ᠬᠦᠮᠦᠨ ᠭᠤᠤᠯᠯᠠᠨ ᠪᠡᠯᠡᠳᠬᠡᠬᠦ

      ᠬᠢᠴᠢᠶᠡᠯ ᠪᠡᠯᠡᠳᠬᠡᠬᠦ ᠳᠤᠭᠤᠶᠢᠯᠠᠩ ᠤᠨ ᠳᠠᠷᠤᠭ᠎ᠠ ᠠᠴᠠ ᠭᠠᠷᠠᠭ ᠤᠨ ᠡᠮᠦᠨ᠎ᠡ ᠪᠡᠯᠡᠳᠬᠡᠯ ᠠᠵᠢᠯ ᠢᠶᠠᠨ

ᠭᠠᠷᠳᠠᠨ ᠬᠢᠨ᠎ᠡ᠃

      1. ᠭᠤᠤᠯᠯᠠᠨ ᠪᠡᠯᠡᠳᠬᠡᠬᠦ ᠬᠤᠪᠢ ᠬᠦᠮᠦᠨ ᠢ ᠳᠤᠭᠳᠠᠭᠠᠬᠤ

      ︵1︶ ᠰᠢᠪᠠᠭ᠎ᠠ ᠰᠤᠭᠤᠯᠬᠤ ᠬᠡᠯᠪᠡᠷᠢ ᠪᠠᠷ ᠭᠤᠤᠯᠯᠠᠨ ᠪᠡᠯᠡᠳᠬᠡᠬᠦ ᠬᠤᠪᠢ ᠬᠦᠮᠦᠨ  ᠢ ᠳᠤᠭᠳᠠᠭᠠᠵᠤ

ᠪᠤᠯᠤᠨ᠎ᠠ᠃ ᠢᠩᠬᠢᠵᠦ ᠳᠤᠭᠳᠠᠭᠠᠬᠤ ᠨᠢ ᠠᠵᠢᠯ ᠳᠤ ᠳᠦᠭᠦᠮ ᠴᠦ ᠪᠠᠰᠠ ᠵᠠᠷᠢᠮ ᠦᠶ᠎ᠡ ᠳᠤ ᠲᠤᠬᠢᠷᠠᠮᠵᠢ ᠦᠭᠡᠢ

ᠪᠠᠶᠢᠳᠠᠭ᠂ ᠵᠢᠱᠢᠶᠡᠯᠡᠪᠡᠯ᠂ ᠠᠩᠬ᠎ᠠ ᠠᠵᠢᠯ ᠤᠨ ᠭᠠᠷᠤᠭ᠎ᠠ ᠪᠠᠨ ᠠᠪᠴᠤ ᠪᠠᠶᠢᠭ᠎ᠠ ᠰᠢᠨ᠎ᠡ ᠪᠠᠭᠰᠢ ᠬᠠᠮᠤᠭ ᠤᠨ

ᠤᠷᠢᠳ ᠢᠶᠠᠷ ᠳᠠᠭᠠᠷᠠᠪᠠᠯ᠂ ᠲᠤᠷᠰᠢᠯᠭ᠎ᠠ ᠳᠤᠳᠠᠮᠠᠭ ᠠᠴᠠ ᠪᠤᠯᠵᠤ ᠠᠩᠬᠠᠨ ᠤ ᠪᠡᠯᠡᠳᠬᠡᠯ ᠤᠨ ᠴᠢᠨᠠᠷ ᠢ ᠪᠠᠳᠤᠯᠠᠬᠤ ᠳᠤ

ᠬᠦᠴᠢᠷᠳᠡᠨ᠎ᠡ᠃

      ︵2︶ ᠬᠢᠴᠢᠶᠡᠯ ᠪᠡᠯᠡᠳᠬᠡᠬᠦ ᠳᠤᠭᠤᠶᠢᠯᠠᠩ ᠤᠨ ᠳᠠᠷᠤᠭ᠎ᠠ ᠠᠴᠠ ᠨᠠᠷᠢᠯᠢᠬ ᠲᠤᠩᠭᠠᠨ ᠨᠢᠮᠪᠠᠢ ᠰᠡᠳᠬᠢᠭᠡᠳ

ᠰᠢᠭᠤᠳ ᠳᠤᠭᠳᠠᠭᠠᠨ᠎ᠠ᠃ ᠢᠩᠬᠢᠵᠦ ᠳᠤᠭᠳᠠᠭᠠᠬᠤ ᠨᠢ ᠵᠤᠬᠢᠬᠤ ᠬᠡᠮᠵᠢᠶᠡᠨ ᠤ ᠬᠢᠵᠠᠭᠠᠷᠳᠠᠮᠠᠯ ᠴᠢᠨᠠᠷ ᠲᠠᠢ          

ᠪᠠᠶᠢᠳᠠᠭ᠃ ᠳᠤᠭᠤᠶᠢᠯᠠᠩ ᠤᠨ ᠳᠠᠷᠤᠭ᠎ᠠ ᠶᠢᠨ ᠬᠤᠪᠢ ᠬᠦᠮᠦᠨ ᠤ ᠤᠶᠤᠨ ᠤᠬᠠᠭᠠᠨ ᠳᠤ ᠳᠦᠰᠢᠭᠯᠡᠬᠦ ᠲᠤᠯᠠ᠂

ᠬᠦᠮᠦᠨ ᠪᠦᠬᠦᠨ ᠳᠤ ᠵᠤᠬᠢᠴᠠᠵᠤ ᠳᠡᠶᠢᠯᠬᠦ ᠦᠭᠡᠢ᠂ ᠰᠠᠨᠠᠯ ᠲᠠᠢ ᠨᠢᠭᠡ ᠨᠢ ᠢᠳᠡᠪᠬᠢᠯᠡᠨ ᠤᠷᠤᠯᠴᠠᠬᠤ ᠦᠭᠡᠢ ᠠᠴᠠ

ᠪᠤᠯᠵᠤ ᠬᠠᠮᠳᠤ ᠪᠠᠷ ᠬᠢᠴᠢᠶᠡᠯ ᠪᠡᠯᠡᠳᠬᠡᠬᠦ ᠴᠢᠨᠠᠷ ᠴᠢᠨᠰᠠᠭ᠎ᠠ ᠶᠢ ᠨᠦᠯᠦᠬᠡᠯᠡᠬᠦ ᠪᠤᠯᠤᠯᠴᠠᠭ᠎ᠠ ᠲᠠᠢ᠃

     ︵3︶ ᠬᠢᠴᠢᠶᠡᠯ ᠪᠡᠯᠡᠳᠬᠡᠬᠦ ᠳᠤᠭᠤᠶᠢᠯᠠᠩ ᠤᠨ ᠭᠡᠰᠢᠭᠦᠳ ᠤᠨ ᠰᠠᠶᠢᠨ ᠳᠤᠷ᠎ᠠ ᠶᠢ ᠦᠨᠳᠦᠰᠦᠯᠡᠨ

ᠠᠷᠠᠳᠴᠢᠯᠠᠯ ᠢᠶᠠᠷ ᠳᠤᠭᠳᠠᠭᠠᠨ᠎ᠠ᠃ ᠢᠩᠬᠢᠵᠦ ᠳᠤᠭᠳᠠᠭᠠᠬᠤ ᠨᠢ ᠬᠦᠮᠦᠡᠯᠢᠭ ᠪᠤᠯᠪᠠᠴᠤ᠂ ᠵᠠᠷᠢᠮ ᠪᠠᠶᠢᠳᠠᠯ ᠳᠤᠤᠷ᠎ᠠ

ᠪᠠᠰᠠ ᠨᠠᠵᠠᠭᠠᠢ ᠦᠵᠡᠭᠳᠡᠯ ᠢᠯᠡᠷᠡᠵᠦ ᠮᠡᠳᠡᠨ᠎ᠡ᠃ ᠬᠡᠷᠪᠡ ᠳᠤᠭᠤᠶᠢᠯᠠᠩ ᠤᠨ ᠪᠠᠭᠰᠢ ᠨᠠᠷ ᠤᠨ ᠢᠳᠡᠪᠬᠢᠵᠢᠯ ᠳᠤᠤᠷ᠎ᠠ

ᠪᠠᠶᠢᠵᠤ᠂ ᠬᠠᠮᠳᠤ ᠪᠠᠷ ᠬᠢᠴᠢᠶᠡᠯ ᠪᠡᠯᠡᠳᠬᠡᠬᠦ ᠠᠵᠢᠯᠯᠠᠭᠠᠨ ᠢ ᠳᠡᠮᠵᠢᠬᠦ ᠦᠭᠡᠢ ᠦᠶ᠎ᠡ ᠳᠤ ᠰᠠᠶᠢᠨ ᠳᠤᠷ᠎ᠠ ᠶᠢᠨ

ᠤᠷᠤᠯᠴᠠᠭᠴᠢ ᠦᠬᠡᠢ ᠪᠤᠯᠬᠤ ᠪᠤᠯᠤᠯᠴᠠᠭ᠎ᠠ ᠲᠠᠢ᠃

      ᠡᠶᠢᠮᠦ ᠠᠴᠠ ᠬᠠᠮᠲᠤ ᠪᠠᠷ ᠬᠢᠴᠢᠶᠡᠯ ᠪᠡᠯᠡᠳᠬᠡᠬᠦ ᠦᠶ᠎ᠡ ᠳᠤ ᠭᠤᠣᠯ ᠬᠢᠴᠢᠶᠡᠯ ᠪᠡᠯᠡᠳᠭᠡᠭᠴᠢ ᠶᠢ

ᠳᠤᠭᠳᠠᠭᠠᠬᠤ ᠳᠤ ᠪᠠᠨ ᠳᠡᠭᠡᠷᠡᠬᠢ ᠬᠡᠳᠦᠨ ᠠᠷᠭ᠎ᠠ ᠶᠢ ᠬᠠᠪᠰᠤᠷᠭᠠᠨ ᠠᠰᠢᠭᠯᠠᠵᠤ ᠪᠤᠯᠤᠨ᠎ᠠ᠃ ᠡᠩ ᠤᠨ ᠪᠠᠶᠢᠳᠠᠯ ᠳᠤ

ᠵᠢᠭᠠᠨ ᠰᠤᠷᠭᠠᠬᠤ ᠬᠢᠷᠢ ᠬᠡᠮᠵᠢᠶ᠎ᠡ ᠪᠠᠷ ᠥᠨᠳᠥᠷ ᠪᠠᠭᠰᠢ ᠪᠠᠷ ᠲᠤᠰᠢᠶᠠᠯ ᠡᠭᠦᠷᠭᠡᠯᠡᠭᠦᠯᠦᠨ᠎ᠡ᠂ ᠪᠠᠰᠠ ᠵᠠᠯᠠᠭᠤ

ᠪᠠᠭᠰᠢ ᠶᠢ ᠬᠢᠴᠢᠶᠡᠯ ᠪᠡᠯᠡᠳᠭᠡᠭᠴᠢ ᠪᠠᠷ ᠵᠣᠷᠢᠭᠲᠠᠶ ᠬᠡᠷᠡᠭᠯᠡᠬᠦ ᠬᠡᠷᠡᠭᠲᠡᠶ᠃ ᠢᠩᠭᠢᠵᠦ ᠬᠢᠬᠦ ᠨᠢ ᠵᠠᠯᠠᠭᠤ ᠪᠠᠭᠰᠢ

ᠨᠠᠷ ᠤᠨ ᠦᠳᠲᠡᠷ ᠲᠦᠷᠭᠡᠨ ᠦᠰᠦᠨ ᠪᠤᠶᠢᠵᠢᠬᠤ ᠳᠤ ᠠᠰᠢᠭᠲᠠᠶ ᠶᠤᠮ᠃ ᠬᠠᠮᠲᠤ ᠪᠠᠷ ᠬᠢᠴᠢᠶᠡᠯ ᠪᠡᠯᠡᠳᠬᠡᠬᠦ

ᠦᠶ᠎ᠡ ᠳᠤ ᠪᠠᠰᠠ ᠬᠢᠴᠢᠶᠡᠯ ᠪᠡᠯᠡᠳᠬᠡᠬᠦ ᠳᠣᠭᠤᠶᠢᠯᠠᠩ ᠤᠨ ᠭᠠᠳᠠᠨᠠᠬᠢ ᠪᠠᠶᠠᠯᠢᠭ ᠲᠤᠷᠰᠢᠯᠭ᠎ᠠ ᠲᠠᠢ ᠰᠢᠯᠢᠳᠡᠭ

ᠪᠠᠭᠰᠢ ᠶᠢ ᠤᠷᠢᠵᠤ ᠲᠤᠰᠬᠠᠶ ᠰᠡᠳᠦᠪᠲᠦ ᠲᠠᠶᠢᠯᠤᠮᠵᠢ ᠬᠢᠯᠭᠡᠵᠦ᠂ ᠳᠣᠭᠤᠶᠢᠯᠠᠩ ᠤᠨ ᠳᠣᠲᠣᠷᠠᠬᠢ ᠪᠠᠭᠰᠢ ᠶᠢᠨ

ᠬᠠᠷᠠᠭ᠎ᠠ ᠶᠢ ᠨᠡᠬᠡᠭᠡᠵᠦ᠂ ᠰᠣᠯᠢᠯᠴᠠᠭᠠᠨ ᠤ ᠣᠷᠣᠨ ᠵᠠᠶ ᠶᠢ ᠥᠷᠭᠡᠳᠬᠡᠵᠦ ᠪᠣᠯᠤᠨ᠎ᠠ᠃

      2. ᠠᠭᠤᠯᠭ᠎ᠠ ᠪᠠᠨ ᠳᠤᠭᠳᠠᠭᠠᠬᠤ

      ᠬᠠᠮᠳᠤ ᠪᠠᠷ ᠪᠡᠯᠡᠳᠬᠡᠬᠦ ᠬᠢᠴᠢᠶᠡᠯ ᠤᠨ ᠠᠭᠤᠯᠭ᠎ᠠ ᠳᠤ ᠬᠢᠴᠢᠶᠡᠯ ᠪᠤᠯᠭᠠᠨ ᠲᠤᠬᠢᠷᠠᠬᠤ ᠪᠢᠰᠢ᠂ ᠡᠨᠡ ᠨᠢ

ᠬᠢᠴᠢᠶᠡᠯ ᠤᠨ ᠠᠭᠤᠯᠭ᠎ᠠ᠂ ᠰᠤᠷᠤᠭᠴᠢ ᠶᠢᠨ ᠪᠤᠳᠠᠳᠠᠢ ᠪᠠᠶᠢᠳᠠᠯ᠂ ᠴᠠᠭ ᠤᠨ ᠬᠢᠵᠠᠭᠠᠷ ᠵᠡᠷᠭᠡ ᠠᠴᠠ

ᠰᠢᠯᠳᠠᠭᠠᠯᠠᠭᠳᠠᠨ᠎ᠠ᠃ ᠡᠶᠢᠮᠦ ᠠᠴᠠ ᠬᠢᠴᠢᠶᠡᠯ ᠪᠡᠯᠡᠳᠬᠡᠬᠦ ᠳᠤᠭᠤᠶᠢᠯᠠᠩ ᠤᠨ ᠳᠠᠷᠤᠭ᠎ᠠ ᠠᠴᠠ ᠲᠤᠰᠬᠠᠢ ᠨᠢᠭᠡ ᠴᠠᠭ

ᠳᠤᠭᠳᠠᠭᠠᠨ᠂ ᠳᠤᠭᠤᠶᠢᠯᠠᠩ ᠤᠨ ᠭᠡᠰᠢᠭᠦᠳ  ᠢᠶᠠᠨ ᠴᠤᠭᠯᠠᠭᠤᠯᠤᠨ ᠠᠭᠤᠯᠭ᠎ᠠ ᠳᠤᠭᠳᠠᠭᠠᠬᠤ ᠬᠤᠷᠠᠯ          

ᠬᠢᠨ᠎ᠡ᠃ ᠠᠭᠤᠯᠭ᠎ᠠ ᠳᠤᠭᠳᠠᠭᠠᠬᠤ ᠳᠤ ᠪᠠᠨ ᠪᠠᠭᠰᠢ ᠪᠤᠯᠭᠠᠨ ᠵᠠᠪᠠᠯ ᠬᠢᠴᠢᠶᠡᠯ ᠤᠨ ᠪᠠᠷᠢᠮᠵᠢᠶ᠎ᠡ ᠳᠤ ᠪᠠᠨ ᠨᠡᠪᠳᠡᠷᠡᠬᠦ

ᠮᠦᠷᠳᠡᠭᠡᠨ ᠰᠤᠷᠤᠭᠴᠢ ᠶᠢᠨ ᠪᠠᠶᠢᠳᠠᠯ ᠢᠶᠠᠨ ᠬᠦᠢᠴᠡᠳ ᠤᠶᠢᠯᠠᠭᠠᠭᠰᠠᠨ ᠤᠷᠢᠳᠠᠯ ᠳᠤᠤᠷ᠎ᠠ᠂ ᠲᠤᠰ ᠬᠢᠴᠢᠶᠡᠯ

ᠲᠦᠷᠦᠯ ᠤᠨ ᠨᠢᠭᠡ ᠬᠤᠭᠤᠴᠠᠭᠠᠨ ᠤ ᠬᠢᠴᠢᠶᠡᠯ ᠤᠨ ᠴᠠᠬ ᠢᠶᠠᠨ ᠦᠨᠳᠦᠰᠦᠯᠡᠵᠦ᠂ ᠰᠤᠷᠭᠠᠭᠤᠯᠢ ᠶᠢᠨ ᠬᠦᠳᠡᠯᠭᠡᠭᠡᠨ

ᠠᠵᠢᠯᠯᠠᠭ᠎ᠠ ᠵᠡᠷᠭᠡ ᠪᠤᠰᠤᠳᠴᠢ ᠰᠢᠯᠳᠠᠭᠠᠨ ᠢ ᠴᠦ ᠬᠦᠢᠴᠡᠳ ᠪᠤᠳᠤᠯᠬᠢᠯᠠᠭᠰᠠᠨ ᠰᠠᠭᠤᠷᠢᠨ ᠳᠡᠭᠡᠷ᠎ᠡ᠂ ᠠᠬᠠᠮᠠᠳ

ᠳᠤᠷᠰᠢᠯᠭ᠎ᠠ ᠲᠠᠢ ᠪᠠᠭᠰᠢ ᠨᠠᠷ ᠤᠨ ᠰᠠᠨᠠᠯ ᠢ ᠭᠤᠤᠯᠯᠠᠨ ᠠᠪᠴᠤ᠂ ᠵᠠᠯᠠᠭᠤ ᠪᠠᠭᠰᠢ ᠨᠠᠷ ᠤᠨ ᠦᠵᠡᠯᠳᠡ ᠶᠢ ᠴᠦ

ᠤᠮᠳᠤᠭᠠᠶᠢᠯᠠᠯ ᠦᠭᠡᠢ᠂ ᠬᠠᠮᠳᠤ ᠪᠠᠷ ᠰᠤᠳᠤᠯᠤᠨ ᠶᠠᠷᠢᠯᠴᠠᠬᠤ ᠪᠠᠷ ᠳᠠᠮᠵᠢᠨ ᠠᠭᠤᠯᠭ᠎ᠠ ᠪᠠᠨ ᠰᠢᠨᠵᠢᠯᠡᠬᠦ

ᠤᠬᠠᠭᠠᠨᠴᠢ ᠪᠠᠷ ᠳᠤᠳᠤᠷᠬᠠᠢ ᠳᠤᠭᠳᠠᠭᠠᠨ᠎ᠠ᠃

      ︵ᠬᠤᠶᠠᠷ︶ ᠬᠠᠮᠲᠤ ᠪᠠᠷ ᠰᠤᠳᠤᠯᠤᠨ ᠶᠠᠷᠢᠯᠴᠠᠬᠤ

      ᠪᠠᠭᠰᠢ ᠨᠢᠭᠡ ᠪᠦᠷᠢ ᠨᠢᠭᠡ ᠭᠠᠷᠠᠭ ᠤᠨ ᠡᠮᠦᠨ᠎ᠡ ᠠᠴᠠ ᠬᠢᠴᠢᠶᠡᠯ ᠪᠡᠯᠡᠳᠬᠡᠵᠦ᠂ ᠠᠯᠢ ᠴᠢᠳᠠᠬᠤ ᠪᠠᠷ

ᠥᠪᠡᠷᠮᠢᠴᠡ ᠪᠦᠲᠦᠭᠡᠯᠴᠢ ᠴᠢᠨᠠᠷᠲᠠᠶ ᠵᠢᠭᠠᠨ ᠰᠤᠷᠭᠠᠯᠲᠠ ᠶᠢᠨ ᠲᠦᠰᠦᠪ ᠢ ᠳᠤᠷᠠᠳᠤᠨ ᠭᠠᠷᠭᠠᠵᠤ᠂ ᠡᠬᠢ ᠪᠠᠶᠠᠯᠢᠭ ᠢ

ᠬᠠᠮᠲᠤ ᠪᠠᠷ ᠡᠳ᠋ᠯᠡᠬᠦ ᠳᠤ ᠳᠥᠭᠦᠮ ᠪᠣᠯᠭᠠᠬᠤ ᠬᠡᠷᠡᠭᠲᠡᠶ︔ ᠵᠢᠭᠠᠨ ᠰᠤᠷᠭᠠᠬᠤ ᠵᠠᠩᠭᠢᠯᠠᠭ᠎ᠠ ᠳᠤ ᠰᠢᠨ᠎ᠡ ᠶᠢ ᠡᠭᠦᠳᠴᠦ᠂

ᠵᠢᠭᠠᠨ ᠰᠤᠷᠭᠠᠬᠤ ᠬᠠᠷᠠᠯᠲᠠ ᠳᠤ ᠪᠠᠨ ᠲᠣᠬᠢᠷᠠᠭᠰᠠᠨ ᠪᠣᠳᠠᠲᠠᠶ ᠠᠷᠭ᠎ᠠ ᠶᠢ ᠪᠢᠴᠢᠵᠦ ᠭᠠᠷᠭᠠᠬᠤ ᠬᠡᠷᠡᠭᠲᠡᠶ᠃ ᠥᠪᠡᠷ 

 ᠤᠨ ᠮᠠᠳᠠᠭ ᠲᠠᠢ ᠭᠠᠵᠠᠷ ᠢᠶᠠᠨ ᠳᠤᠷᠠᠳᠴᠤ᠂ ᠬᠠᠮᠲᠤ ᠪᠠᠷ ᠶᠠᠷᠢᠯᠴᠠᠵᠤ᠂ ᠬᠦᠴᠢᠷ ᠠᠰᠠᠭᠤᠳᠠᠯ ᠢ ᠢᠯᠠᠨ ᠳᠠᠪᠠᠭ᠋ᠤ ᠳᠤ

ᠳᠥᠭᠦᠮ ᠪᠣᠯᠭᠠᠬᠤ ᠬᠡᠷᠡᠭᠲᠡᠶ᠃

      ᠬᠠᠮᠳᠤ ᠪᠠᠷ ᠬᠢᠴᠢᠶᠡᠯ ᠪᠡᠯᠡᠳᠬᠡᠬᠦ ᠦᠶᠡᠰ᠂ ᠪᠠᠭᠰᠢ ᠨᠠᠷ ᠬᠢᠴᠢᠶᠡᠯ ᠤᠨ ᠪᠠᠷᠢᠮᠵᠢᠶ᠎ᠠ᠂ ᠰᠢᠯᠭᠠᠯᠲᠠ ᠶᠢᠨ

ᠬᠥᠲᠥᠯᠪᠦᠷᠢ᠂ ᠵᠢᠭᠠᠬᠤ ᠮᠠᠲ᠋ᠧᠷᠢᠶᠠᠯ᠂ ᠵᠢᠭᠠᠨ ᠰᠤᠷᠭᠠᠯᠲᠠ ᠶᠢᠨ ᠯᠠᠪᠯᠠᠯᠲᠠ ᠶᠢᠨ ᠪᠢᠴᠢᠭ ᠵᠢᠴᠢ ᠪᠤᠰᠤᠳ ᠬᠠᠮᠢᠶ᠎ᠠ

ᠪᠦᠬᠦᠢ ᠮᠠᠲ᠋ᠧᠷᠢᠶᠠᠯ ᠢ ᠨᠠᠷᠢᠨ ᠬᠢᠨᠠᠮᠠᠭᠠᠶ ᠰᠤᠷᠤᠯᠴᠠᠨ ᠰᠤᠳᠤᠯᠤᠭᠰᠠᠨ ᠰᠠᠭᠤᠷᠢᠨ ᠳᠡᠭᠡᠷ᠎ᠡ᠂ ᠪᠣᠳᠠᠲᠠᠶ ᠵᠢᠭᠠᠨ

ᠰᠤᠷᠭᠠᠯᠲᠠ ᠶᠢᠨ ᠬᠠᠷᠠᠯᠲᠠ ᠶᠢ ᠳᠤᠷᠠᠳᠤᠨ ᠭᠠᠷᠭᠠᠨ᠎ᠠ᠃ ᠰᠤᠷᠤᠭᠴᠢᠳ ᠢ ᠭᠦᠨᠵᠡᠭᠡᠶ ᠣᠶᠢᠯᠠᠭᠠᠵᠤ᠂ ᠰᠤᠷᠤᠯᠭ᠎ᠠ ᠶᠢᠨ

ᠪᠠᠶᠢᠳᠠᠯ ᠢ ᠨᠢ ᠲᠣᠳᠣᠷᠬᠠᠶ ᠣᠶᠢᠯᠠᠭᠠᠵᠤ᠂ ᠰᠤᠷᠤᠭᠴᠢᠳ ᠤᠨ ᠣᠶᠤᠨ ᠤ ᠪᠤᠰᠤ ᠬᠦᠴᠦᠨ ᠵᠦᠢᠯ

︵ᠰᠤᠷᠤᠭᠴᠢᠳ ᠤᠨ ᠰᠤᠷᠤᠯᠴᠠᠬᠤ ᠤᠷᠮ᠎ᠠ ᠪᠠᠬ᠎ᠠ᠂ ᠰᠤᠷᠤᠯᠴᠠᠬᠤ ᠣᠪᠣᠷ ᠪᠠ ᠰᠤᠷᠤᠯᠴᠠᠬᠤ ᠳᠠᠳᠬᠠᠯ ᠵᠡᠷᠭᠡ︶ ᠢ

ᠰᠤᠳᠤᠯᠵᠤ᠂ ᠭᠤᠣᠯᠳᠠᠯᠭ᠎ᠠ ᠶᠢ ᠳᠣᠪᠤᠶᠢᠯᠭᠠᠬᠤ ᠠᠷᠭ᠎ᠠ ᠪᠠ ᠬᠦᠴᠢᠷᠳᠡᠯᠭᠡ ᠶᠢ ᠰᠢᠪᠲᠤᠯᠬᠤ ᠠᠷᠭ᠎ᠠ ᠪᠣᠳᠣᠯᠭ᠎ᠠ ᠶᠢ

ᠨᠠᠷᠢᠨ ᠨᠢᠮᠪᠠᠶ ᠪᠡᠯᠡᠳᠬᠡᠵᠦ᠂ ᠰᠤᠷᠤᠭᠴᠢᠳ ᠤᠨ ᠪᠡᠶ᠎ᠡ ᠪᠠᠨ ᠳᠠᠭᠠᠭᠠᠵᠤ ᠬᠠᠶᠢᠨ ᠰᠦᠪᠡᠭᠴᠢᠯᠡᠬᠦ ᠠᠵᠢᠯᠯᠠᠭᠠᠨ ᠤ

ᠲᠥᠰᠦᠯ ᠢ ᠲᠥᠯᠥᠪᠯᠡᠨ᠂ ᠬᠢᠴᠢᠶᠡᠯᠯᠡᠬᠦ ᠳᠤ ᠪᠠᠨ ᠠᠮᠢᠨ ᠭᠠᠵᠠᠷ ᠢ ᠨᠢ ᠣᠨᠣᠭᠠᠵᠤ᠂ ᠬᠦᠴᠢᠷᠲᠡᠶ ᠶᠢ ᠨᠢ

ᠬᠢᠯᠪᠠᠷᠴᠢᠯᠠᠵᠤ᠂ ᠰᠤᠷᠤᠭᠴᠢᠳ ᠤᠨ ᠰᠤᠷᠤᠯᠴᠠᠯᠭ᠎ᠠ ᠶᠢᠨ ᠳᠤᠮᠳᠠᠬᠢ ᠭᠤᠣᠯ ᠴᠣᠭᠴᠠ ᠶᠢᠨ ᠪᠠᠶᠢᠷᠢ ᠰᠠᠭᠤᠷᠢ ᠶᠢ

ᠳᠣᠪᠤᠶᠢᠯᠭᠠᠵᠤ᠂ ᠦᠨᠳᠦᠷ ᠦᠷ᠎ᠡ ᠠᠰᠢᠭ ᠲᠠᠢ ᠵᠢᠭᠠᠨ ᠰᠤᠷᠭᠠᠬᠤ ᠳᠤ ᠳᠥᠭᠦᠮ ᠪᠣᠯᠭᠠᠬᠤ ᠬᠡᠷᠡᠭᠲᠡᠶ᠃

      ᠬᠠᠮᠲᠤ ᠪᠠᠷ ᠬᠢᠴᠢᠶᠡᠯ ᠪᠡᠯᠡᠳᠬᠡᠬᠦ ᠳᠤ ᠪᠠᠨ ︽ᠬᠤᠪᠢ ᠬᠦᠮᠦᠨ — ᠬᠠᠮᠳᠤ ᠨᠡᠶᠢᠳᠡ — ᠬᠤᠪᠢ

ᠬᠦᠮᠦᠨ︾ ᠤ ᠰᠡᠳᠬᠢᠮᠵᠢ ᠶᠢ ᠵᠢᠷᠤᠮᠯᠠᠵᠤ᠂ ᠬᠠᠮᠤᠭ ᠤᠨ ᠲᠡᠷᠢᠬᠦᠨ ᠳᠤ ᠭᠤᠤᠯᠯᠠᠨ ᠪᠡᠯᠡᠳᠬᠡᠭᠰᠡᠨ ᠬᠤᠪᠢ ᠬᠦᠮᠦᠨ

ᠦᠪᠡᠷ ᠤᠨ ᠪᠡᠯᠡᠳᠬᠡᠭᠰᠡᠨ ᠲᠦᠰᠦᠪ ᠢᠶᠠᠨ ᠶᠠᠷᠢᠨ᠎ᠠ᠃ ᠳᠠᠷᠠᠭ᠎ᠠ ᠨᠢ ᠪᠤᠰᠤᠳ ᠪᠠᠭᠰᠢ ᠨᠠᠷ ᠠᠴᠠ ᠥᠪᠡᠷ ᠥᠪᠡᠷ ᠤᠨ

ᠬᠢᠴᠢᠶᠡᠯ ᠪᠡᠯᠡᠳᠭᠡᠭᠰᠡᠨ ᠲᠦᠰᠦᠪ ᠢᠶᠠᠨ ᠲᠤᠰ ᠲᠤᠰ ᠲᠣᠭᠠᠴᠢᠵᠤ᠂ ᠬᠠᠮᠤᠭ ᠤᠨ ᠰᠠᠶᠢᠨ ᠨᠢ ︽ᠬᠢᠴᠢᠶᠡᠯ          

ᠶᠠᠷᠢᠬᠤ︾ ᠬᠡᠯᠪᠡᠷᠢ ᠪᠠᠷ ᠬᠠᠷᠢᠴᠠᠭᠤᠯᠤᠯ ᠬᠢᠵᠦ᠂ ᠦᠵᠡᠯᠲᠡ ᠲᠠᠨᠢᠯᠲᠠ ᠪᠠᠨ ᠨᠢᠭᠡᠳᠭᠡᠪᠡᠯ ᠵᠣᠬᠢᠨ᠎ᠠ᠃ ᠬᠠᠮᠤᠭ ᠤᠨ

ᠰᠡᠭᠦᠯ ᠳᠤ ᠨᠢ ᠭᠤᠤᠯᠯᠠᠨ ᠪᠡᠯᠡᠳᠬᠡᠭᠴᠢ ᠠᠴᠠ ᠤᠯᠠᠨ ᠤ ᠰᠠᠨᠠᠯ ᠢ ᠨᠠᠷᠢᠯᠢᠬ ᠳᠡᠮᠳᠡᠭᠯᠡᠨ᠂ ᠬᠠᠮᠤᠭ ᠤᠨ ᠡᠴᠦᠰ ᠤᠨ

ᠨᠢᠭᠡᠳᠦᠮᠡᠯ ᠵᠦᠢᠯ ᠢ ᠬᠤᠷᠢᠶᠠᠩᠭᠤᠶᠢᠯᠠᠵᠤ ᠠᠪᠤᠨ᠎ᠠ᠃

      ︵ᠭᠤᠷᠪᠠ︶ ᠵᠢᠭᠠᠨ ᠰᠤᠷᠭᠠᠯᠳᠠ ᠶᠢᠨ ᠲᠦᠰᠦᠪ ᠲᠤ ᠵᠠᠰᠠᠪᠤᠷᠢ ᠤᠷᠤᠭᠤᠯᠬᠤ

      ᠰᠢᠯᠢᠳᠡᠭ ᠰᠠᠶᠢᠬᠠᠨ ᠵᠢᠭᠠᠨ ᠰᠣᠷᠭᠠᠯᠳᠠ ᠶᠢᠨ ᠲᠦᠰᠦᠪ ᠪᠢᠴᠢᠬᠦ ᠪᠣᠯ ᠬᠢᠴᠢᠶᠡᠯ ᠪᠡᠯᠡᠳᠭᠡᠬᠦ ᠶᠢᠨ ᠦᠨᠳᠦᠰᠦ᠂

ᠬᠢᠴᠢᠶᠡᠯ ᠢ ᠦᠷ᠎ᠡ ᠠᠰᠢᠭ ᠲᠠᠢ ᠶᠠᠪᠤᠭᠳᠠᠭᠤᠯᠬᠤ ᠶᠢᠨ ᠵᠢᠯᠣᠭᠤᠳᠣᠮᠵᠢ ᠮᠦᠨ᠃ ᠡᠶᠢᠮᠦ ᠠᠴᠠ ᠬᠠᠮᠳᠤ ᠪᠠᠷ

ᠰᠤᠳᠤᠯᠤᠨ ᠶᠠᠷᠢᠯᠴᠠᠵᠤ ᠪᠠᠷᠠᠭᠰᠠᠨ ᠤ ᠳᠠᠷᠠᠭ᠎ᠠ᠂ ᠭᠤᠤᠯᠯᠠᠨ ᠪᠡᠯᠡᠳᠬᠡᠭᠴᠢ ᠬᠠᠮᠳᠤ ᠶᠢᠨ ᠤᠶᠤᠨ ᠤᠬᠠᠭᠠᠨ ᠤ ᠤᠬᠢ

ᠰᠢᠯᠢᠳᠡᠭ ᠢ ᠨᠢ ᠰᠢᠷᠭᠠᠭᠠᠨ ᠨᠡᠶᠢᠯᠡᠭᠦᠯᠵᠦ᠂ ᠬᠠᠮᠤᠭ ᠤᠨ ᠪᠦᠷᠢᠨ ᠪᠦᠳᠦᠨ ᠳᠦᠰᠦᠪ ᠢ ᠡᠮᠬᠢᠯᠡᠨ ᠨᠠᠶᠢᠷᠠᠭᠤᠯᠵᠤ

ᠭᠠᠷᠭᠠᠨ᠂ ᠬᠢᠴᠢᠶᠡᠯᠯᠡᠬᠦ ᠳᠤ ᠪᠦᠷᠢᠨ ᠪᠡᠯᠡᠳᠬᠡᠯ ᠲᠠᠢ ᠪᠤᠯᠤᠨ᠎ᠠ᠃

      ︵ᠳᠦᠷᠪᠡ︶ ᠪᠡᠯᠡᠳᠬᠡᠭᠴᠢ ᠬᠢᠴᠢᠶᠡᠯᠯᠡᠭᠡ ᠬᠢᠵᠦ ᠬᠠᠮᠳᠤ ᠪᠠᠷ ᠰᠤᠨᠤᠰᠬᠤ

      ᠬᠢᠴᠢᠶᠡᠯ ᠪᠡᠯᠡᠳᠬᠡᠬᠦ ᠳᠤᠭᠤᠢᠢᠯᠠᠩ ᠤᠨ ᠰᠤᠳᠤᠯᠤᠨ ᠶᠠᠷᠢᠯᠴᠠᠭᠰᠠᠨ ᠵᠢᠭᠠᠨ ᠰᠤᠷᠭᠠᠯᠲᠠ ᠶᠢᠨ ᠲᠦᠰᠦᠪ

ᠪᠣᠯᠬᠤ ᠡᠰᠡᠬᠦ ᠶᠢ ᠰᠢᠯᠭᠠᠬᠤ ᠴᠤᠷᠢ ᠶᠢᠨ ᠭᠠᠭᠴᠠ ᠪᠠᠷᠢᠮᠵᠢᠶ᠎ᠡ ᠪᠤᠯ ᠦᠢᠯᠡᠳᠦᠯᠬᠡ ᠳᠤ ᠤᠷᠤᠯᠴᠠᠬᠤ ᠪᠤᠯᠤᠨ᠎ᠠ᠂

ᠳᠠᠷᠤᠢ ᠰᠤᠷᠤᠭᠴᠢᠳ ᠲᠤ ᠬᠢᠴᠢᠶᠡᠯᠯᠡᠭᠡ ᠬᠢᠨ᠎ᠡ᠃ ᠡᠶᠢᠮᠦ ᠠᠴᠠ ᠬᠢᠴᠢᠶᠡᠯ ᠢ ᠮᠥᠷᠳᠡᠨ ᠰᠣᠨᠤᠰᠴᠤ ᠰᠢᠯᠭᠠᠨ

ᠪᠠᠶᠢᠴᠠᠭᠠᠨ ᠳ᠋ᠦᠩᠨᠡᠨ ᠬᠤᠷᠢᠶᠠᠩᠭᠤᠶᠢᠯᠠᠬᠤ ᠬᠡᠷᠡᠭᠲᠡᠶ᠃ ᠬᠢᠴᠢᠶᠡᠯ ᠪᠡᠯᠡᠳᠬᠡᠬᠦ ᠳᠣᠭᠤᠶᠢᠯᠠᠩ ᠤᠨ ᠭᠡᠰᠢᠭᠦᠳ

ᠬᠤᠭᠤᠷᠣᠨᠳᠣ ᠪᠠᠨ ᠬᠠᠷᠢᠯᠴᠠᠨ ᠬᠢᠴᠢᠶᠡᠯ ᠰᠣᠨᠣᠰᠴᠤ᠂ ᠰᠠᠶᠢᠨ ᠲᠠᠯ᠎ᠠ ᠶᠢ ᠨᠢ ᠠᠪᠴᠤ ᠳᠤᠲᠠᠭᠳᠠᠯ ᠲᠠᠢ ᠲᠠᠯ᠎ᠠ ᠪᠠᠨ

ᠨᠥᠬᠦᠪᠥᠷᠢᠯᠡᠬᠦ ᠬᠡᠷᠡᠭᠲᠡᠶ᠃

      ︵ᠲᠠᠪᠤ︶ ᠬᠢᠴᠢᠶᠡᠯ ᠤᠨ ᠳᠠᠷᠠᠭᠠᠬᠢ ᠰᠣᠯᠢᠯᠴᠠᠭ᠎ᠠ

      ᠬᠢᠴᠢᠶᠡᠯ ᠤᠨ ᠳᠠᠷᠠᠭ᠎ᠠ ᠰᠣᠯᠢᠯᠴᠠᠬᠤ ᠨᠢ ᠬᠠᠮᠳᠤ ᠪᠠᠷ ᠬᠢᠴᠢᠶᠡᠯ ᠪᠡᠯᠡᠳᠬᠡᠬᠦ ᠶᠠᠪᠤᠴᠠ ᠶᠢᠨ ᠬᠠᠮᠤᠭ ᠤᠨ

ᠡᠴᠦᠰ ᠤᠨ ᠠᠯᠬᠤᠮ ᠮᠦᠷᠳᠡᠭᠡᠨ ᠮᠦᠨ ᠴᠦ ᠪᠠᠰᠠ ᠨᠢᠭᠡᠨ ᠴᠢᠬᠤᠯᠠ ᠵᠠᠩᠬᠢᠯᠠᠭ᠎ᠠ ᠶᠢᠨ ᠱᠠᠲᠤ ᠦᠶ᠎ᠡ          

ᠪᠣᠯᠤᠨ᠎ᠠ᠃ ᠭᠤᠣᠯ ᠪᠡᠯᠡᠳᠭᠡᠭᠴᠢ ᠬᠢᠴᠢᠶᠡᠯ ᠤᠷᠤᠭᠰᠠᠨ ᠤ ᠳᠠᠷᠠᠭ᠎ᠠ᠂ ᠪᠠᠭᠰᠢ ᠨᠠᠷ ᠬᠠᠮᠲᠤ ᠪᠠᠷ ᠰᠤᠳᠤᠯᠤᠨ

ᠶᠠᠷᠢᠯᠴᠠᠵᠤ᠂ ᠵᠢᠭᠠᠨ ᠰᠤᠷᠭᠠᠯᠲᠠ ᠪᠠᠨ ᠡᠷᠭᠢᠴᠡᠭᠦᠯᠦᠨ ᠲᠣᠩᠭᠠᠵᠤ ᠬᠠᠷᠢᠯᠴᠠᠨ ᠨᠥᠬᠦᠪᠥᠷᠢᠯᠡᠵᠦ᠂ ᠳᠠᠪᠠᠭᠤᠯᠢᠭ

ᠲᠠᠯ᠎ᠠ ᠪᠠᠨ ᠨᠤᠲᠠᠯᠠᠵᠤ᠂ ᠬᠦᠷᠦᠯᠴᠡᠬᠦ ᠦᠭᠡᠢ ᠲᠠᠯ᠎ᠠ ᠪᠠᠨ ᠵᠢᠭᠠᠨ ᠭᠠᠷᠭᠠᠵᠤ᠂ ᠵᠢᠭᠠᠨ ᠰᠤᠷᠭᠠᠬᠤ ᠠᠭᠤᠯᠭ᠎ᠠ ᠶᠢ

ᠨᠠᠩ ᠲᠡᠭᠦᠯᠳᠡᠷᠵᠢᠭᠦᠯᠦᠨ ᠴᠢᠨᠠᠷᠵᠢᠭᠤᠯᠵᠤ᠂ ᠬᠤᠶᠢᠰᠢᠳᠠ ᠶᠢᠨ ᠵᠢᠭᠠᠨ ᠰᠤᠷᠭᠠᠯᠲᠠ ᠶᠢᠨ ᠤᠯᠠᠮ ᠨᠢᠭᠡ ᠠᠯᠬᠤᠮ

ᠥᠷᠨᠢᠬᠦ ᠶᠢ ᠠᠬᠢᠭᠤᠯᠬᠤ ᠬᠡᠷᠡᠭᠲᠡᠶ᠃ ᠭᠡᠪᠡᠴᠦ ᠵᠢᠭᠠᠨ ᠰᠤᠷᠭᠠᠯᠲᠠ ᠶᠢᠨ ᠲᠦᠰᠦᠪ ᠢ ᠶᠠᠭᠠᠬᠢᠭᠰᠠᠨ ᠴᠤ ᠨᠢᠭᠡ ᠯᠠ

ᠠᠳᠠᠯᠢ ᠪᠠᠶᠢᠯᠭᠠᠵᠤ ᠪᠣᠯᠬᠤ ᠦᠭᠡᠢ᠂ ᠲᠡᠭᠡᠬᠦ ᠦᠭᠡᠢ ᠪᠣᠯ ᠪᠠᠭᠰᠢ ᠰᠣᠷᠤᠭᠴᠢ ᠶᠢᠨ ᠪᠣᠳᠠᠲᠤ ᠪᠠᠶᠢᠳᠠᠯ ᠳᠤ ᠲᠣᠬᠢᠷᠠᠬᠤ

ᠦᠭᠡᠢ ᠮᠦᠷᠲᠡᠭᠡᠨ ᠰᠢᠨ᠎ᠡ ᠶᠢ ᠡᠭᠦᠳᠬᠦ ᠵᠣᠷᠢᠭ ᠰᠠᠨᠠᠭ᠎ᠠ ᠦᠭᠡᠢ ᠪᠣᠯᠤᠨ᠎ᠠ᠃

      ᠭᠤᠷᠪᠠ᠂ ᠬᠠᠮᠳᠤ ᠪᠠᠷ ᠬᠢᠴᠢᠶᠡᠯ ᠪᠡᠯᠡᠳᠬᠡᠬᠦ ᠶᠢᠨ ᠨᠦᠯᠦᠭᠡ

      ︽ᠲᠡᠮ ᠲᠡᠮ ᠳᠤ ᠪᠠᠨ ᠲᠡᠭᠡᠰᠦ ᠡᠷᠴᠢᠮ ᠳᠤ ᠪᠠᠨ︾᠂ ︽ᠤᠯᠠᠨ ᠤ ᠭᠦᠴᠦᠨ ᠳᠤ ᠤᠪᠤᠭ᠎ᠠ

ᠭᠦᠳᠦᠯᠦᠭᠳᠡᠨ᠎ᠠ︾᠂ ︽ᠬᠤᠷᠳᠤᠨ ᠶᠠᠪᠤᠶ᠎ᠠ ᠭᠡᠪᠡᠯ ᠭᠠᠭᠴᠠ ᠪᠠᠷ ᠶᠠᠪᠤ᠂ ᠬᠤᠯᠠ ᠶᠠᠪᠤᠶ᠎ᠠ ᠭᠡᠪᠡᠯ ᠤᠯᠠᠭᠤᠯᠠ          

ᠶᠠᠪᠤ︾ ᠭᠡᠳᠡᠭ ᠢᠶᠠᠷ ᠮᠠᠨ ᠤ ᠮᠤᠩᠭᠤᠯ ᠤᠨ ᠵᠦᠢᠷ ᠰᠡᠴᠡᠨ ᠦᠭᠡᠨ ᠳᠤ ᠬᠠᠮᠳᠤ ᠶᠢᠨ ᠤᠶᠤᠨ ᠤᠬᠠᠭᠠᠨ ᠤ ᠴᠢᠬᠤᠯᠠ

ᠴᠢᠨᠠᠷ ᠤᠨ ᠲᠤᠬᠠᠢ ᠤᠯᠠᠨ ᠰᠠᠶᠢᠬᠠᠨ ᠬᠡᠯᠡᠴᠡ ᠪᠠᠶᠢᠳᠠᠭ᠃ ᠬᠠᠮᠲᠤ ᠪᠠᠷ ᠬᠢᠴᠢᠶᠡᠯ ᠪᠡᠯᠡᠳᠬᠡᠬᠦ ᠨᠢ ᠪᠠᠭᠰᠢ ᠶᠢᠨ

ᠬᠠᠮᠲᠤᠷᠠᠨ ᠠᠵᠢᠯᠯᠠᠬᠤ᠂ ᠰᠤᠳᠤᠯᠤᠨ ᠶᠠᠷᠢᠯᠴᠠᠬᠤ ᠨᠢᠭᠡ ᠵᠦᠢᠯ ᠤᠨ ᠪᠦᠲᠦᠮᠵᠢᠲᠡᠶ ᠬᠡᠯᠪᠡᠷᠢ ᠪᠣᠯᠤᠭᠰᠠᠨ  ᠤ

ᠬᠤᠪᠢ ᠳᠤ᠂ ᠤᠯᠠᠨ ᠳᠠᠯ᠎ᠠ ᠶᠢᠨ ᠳᠠᠪᠠᠭᠤᠯᠢᠭ ᠳᠠᠯ᠎ᠠ ᠪᠠᠶᠢᠳᠠᠭ᠃

      ︵ᠨᠢᠭᠡ︶ ᠪᠠᠭᠰᠢ ᠶᠢᠨ ᠪᠦᠯᠬᠦᠮ ᠨᠡᠶᠢᠲᠡ ᠶᠢᠨ ᠬᠠᠮᠲᠤᠷᠠᠨ ᠠᠵᠢᠯᠯᠠᠬᠤ ᠵᠣᠷᠢᠭ ᠰᠠᠨᠠᠭ᠎ᠠ ᠶᠢ ᠪᠠᠳᠠᠷᠠᠭᠤᠯᠵᠤ᠂

ᠣᠯᠠᠨ ᠤ ᠣᠶᠣᠨ ᠤᠬᠠᠭᠠᠨ ᠢ ᠲᠥᠪᠯᠡᠷᠡᠭᠦᠯᠦᠨ᠂ ᠵᠢᠭᠠᠨ ᠰᠤᠷᠭᠠᠯᠳᠠ ᠶᠢᠨ ᠴᠢᠨᠠᠷ ᠴᠢᠨᠰᠠᠭ᠎ᠠ ᠶᠢ

ᠳᠡᠭᠡᠭᠰᠢᠯᠡᠬᠦᠯᠬᠦ ᠳᠤ ᠠᠰᠢᠭᠳᠠᠢ᠃

      ︵ᠬᠤᠶᠠᠷ︶ ᠬᠠᠮᠳᠤ ᠪᠠᠷ ᠬᠠᠶᠢᠨ ᠰᠦᠪᠡᠭᠴᠢᠯᠡᠯᠳᠠ ᠬᠢᠬᠦ ᠢᠳᠡᠪᠭᠢ ᠤᠪᠤᠷ ᠲᠠᠢ᠂ ᠴᠢᠯᠦᠭᠡᠳᠦ

ᠰᠡᠳᠭᠢᠭᠦᠢ ᠲᠠᠢ᠂ ᠬᠠᠮᠵᠢᠯᠴᠠᠬᠤ ᠴᠢᠳᠠᠪᠤᠷᠢ ᠲᠠᠢ᠂ ᠬᠤᠯᠠ ᠶᠢᠨ ᠬᠠᠷᠠᠴᠠ ᠲᠠᠢ ᠰᠢᠯᠢᠳᠡᠭ ᠪᠠᠭᠰᠢ ᠶᠢᠨ ᠡᠩᠨᠡᠭᠡ ᠶᠢ

ᠪᠦᠳᠦᠭᠡᠨ ᠪᠠᠶᠢᠭᠤᠯᠬᠤ ᠳᠤ ᠠᠰᠢᠭᠳᠠᠢ᠃

      ︵ᠭᠤᠷᠪᠠ︶ ᠵᠢᠭᠠᠨ ᠰᠤᠷᠭᠠᠯᠳᠠ ᠶᠢᠨ ᠡᠬᠢ ᠪᠠᠶᠠᠯᠢᠭ ᠢ ᠬᠠᠮᠳᠤ ᠪᠠᠷ ᠡᠳ᠋ᠯᠡᠬᠦ ᠳᠤ ᠳᠦᠬᠦᠮ ᠠᠴᠠ

ᠪᠠᠭᠰᠢ ᠶᠢᠨ ᠬᠢᠴᠢᠶᠡᠯ ᠪᠡᠯᠡᠳᠬᠡᠬᠦ ᠶᠢ ᠤᠯᠠᠮ ᠴᠢᠨᠠᠷ ᠴᠢᠨᠰᠠᠭ᠎ᠠ ᠲᠠᠢ ᠪᠤᠯᠭᠠᠵᠤ᠂ ᠵᠤᠬᠢᠬᠤ ᠬᠡᠪᠴᠢᠶᠡᠨ ᠳᠤ

ᠠᠵᠢᠯ ᠤᠨ ᠳᠠᠷᠤᠭᠠᠰᠤ ᠶᠢ ᠨᠢ ᠬᠦᠩᠬᠡᠯᠡᠨ᠎ᠡ᠃

      ︵ᠳᠦᠷᠪᠡ︶ ᠬᠠᠮᠳᠤ ᠪᠠᠷ ᠬᠢᠴᠢᠶᠡᠯ ᠪᠡᠯᠡᠳᠬᠡᠬᠦ ᠶᠠᠪᠤᠴᠠ ᠳᠤ ᠰᠢᠨ᠎ᠡ ᠰᠡᠪᠡᠭᠦᠨ ᠰᠤᠳᠤᠯᠭᠠᠨ ᠤ ᠰᠡᠳᠦᠪ

ᠢᠯᠡᠷᠡᠭᠦᠯᠬᠦ ᠪᠤᠯᠤᠮᠵᠢ ᠶᠡᠭᠡ᠂ ᠲᠤᠰ ᠰᠤᠳᠤᠯᠭᠠᠨ ᠤ ᠰᠢᠨᠵᠢᠯᠡᠯ ᠨᠢ ᠨᠡᠩ ᠬᠦᠨᠵᠡᠭᠡᠢ᠂ ᠦᠷ᠎ᠡ ᠳ᠋ᠦᠩ ᠨᠢ ᠨᠡᠩ

ᠨᠦᠯᠦᠭᠡ ᠲᠠᠢ᠂ ᠰᠣᠳᠣᠯᠭᠠᠨ ᠤ ᠴᠢᠨᠠᠷ ᠢᠶᠠᠷ ᠨᠡᠩ ᠴᠢᠩᠭ᠎ᠠ ᠪᠠᠶᠢᠳᠠᠭ᠃

      ︵ᠲᠠᠪᠤ︶ ᠬᠠᠮᠳᠤ ᠪᠠᠷ ᠬᠢᠴᠢᠶᠡᠯ ᠪᠡᠯᠡᠳᠬᠡᠬᠦ ᠨᠢ ᠬᠢᠴᠢᠶᠡᠯᠯᠡᠭᠡ ᠶᠢᠨ ᠪᠦᠬᠦ ᠲᠠᠯ᠎ᠠ ᠶᠢ ᠡᠵᠡᠮᠰᠢᠬᠦ ᠳᠤ

ᠠᠰᠢᠭᠲᠠᠶ ᠮᠥᠷᠲᠡᠭᠡᠨ ᠪᠠᠭᠰᠢ ᠶᠢᠨ ᠬᠢᠴᠢᠶᠡᠯ ᠤᠨ ᠲᠠᠩᠬᠢᠮ ᠳᠤ ᠬᠡᠰᠡᠭ ᠰᠤᠷᠤᠭᠴᠢ ᠶᠢᠨ ᠤᠷᠢᠳᠴᠢᠯᠠᠨ

ᠰᠣᠷᠤᠯᠴᠠᠭᠰᠠᠨ ᠠᠴᠠ ᠪᠣᠯᠵᠤ ᠳᠤᠷᠠᠳᠤᠭᠰᠠᠨ ᠠᠰᠠᠭᠤᠳᠠᠯ ᠢ ᠰᠢᠢᠳᠪᠦᠷᠢᠯᠡᠬᠦ ᠳᠤ ᠴᠦ ᠠᠰᠢᠭᠲᠠᠶ ᠶᠤᠮ᠃

      ᠶᠡᠷᠦᠩᠬᠡᠶᠢᠯᠡᠬᠡᠳ ᠬᠡᠯᠡᠪᠡᠯ᠂ ᠬᠠᠮᠲᠤ ᠪᠠᠷ ᠰᠠᠶᠢᠲᠤᠷ ᠬᠢᠴᠢᠶᠡᠯ ᠪᠡᠯᠡᠳᠬᠡᠬᠦ ᠪᠣᠯ ᠰᠠᠶᠢᠨ ᠬᠢᠴᠢᠶᠡᠯ ᠤᠨ

ᠤᠷᠢᠲᠠᠯ ᠮᠥᠨ᠃ ᠬᠠᠮᠲᠤ ᠪᠠᠷ ᠬᠢᠴᠢᠶᠡᠯ ᠪᠡᠯᠡᠳᠬᠡᠬᠦ ᠪᠣᠯ ᠳᠠᠷᠤᠶ ᠪᠠᠭᠰᠢ ᠨᠠᠷ ᠬᠢᠴᠢᠶᠡᠯ ᠤᠨ ᠪᠠᠷᠢᠮᠵᠢᠶᠡᠨ ᠤ

ᠱᠠᠭᠠᠷᠳᠠᠯᠭ᠎ᠠ ᠪᠠ ᠵᠢᠭᠠᠬᠤ ᠮᠠᠲ᠋ᠧᠷᠢᠶᠠᠯ ᠤᠨ ᠣᠨᠴᠠᠯᠢᠭ ᠢ ᠦᠨᠳᠦᠰᠦᠯᠡᠨ᠂ ᠰᠣᠷᠤᠭᠴᠢᠳ ᠤᠨ ᠪᠣᠳᠠᠲᠤ ᠪᠠᠶᠢᠳᠠᠯ

 ᠲᠠᠢ ᠤᠶᠠᠯᠳᠤᠭᠤᠯᠤᠨ᠂ ᠬᠠᠮᠤᠭ ᠤᠨ ᠰᠢᠨᠵᠢᠯᠡᠬᠦ ᠤᠬᠠᠭᠠᠨᠴᠢ ᠵᠢᠭᠠᠬᠤ ᠠᠷᠭ᠎ᠠ ᠪᠠ ᠵᠢᠷᠤᠮ ᠢ ᠰᠣᠩᠭᠤᠵᠤ᠂

ᠬᠢᠴᠢᠶᠡᠯ ᠤᠨ ᠲᠠᠩᠬᠢᠮ ᠤᠨ ᠰᠢᠯᠢᠳᠡᠭ ᠪᠥᠭᠡᠳ ᠥᠨᠳᠥᠷ ᠪᠦᠲᠦᠮᠵᠢᠲᠡᠶ ᠵᠢᠭᠠᠨ ᠰᠤᠷᠭᠠᠯᠲᠠ ᠳᠤ ᠭᠦᠢᠴᠡᠳ

ᠪᠡᠯᠡᠳᠬᠡᠯ ᠬᠢᠬᠦ ᠶᠠᠪᠤᠳᠠᠯ ᠪᠣᠯᠤᠨ᠎ᠠ᠃ ᠬᠠᠮᠲᠤ ᠶᠢᠨ ᠣᠶᠣᠨ ᠤᠬᠠᠭᠠᠨ ᠢ ᠭᠦᠢᠴᠡᠳ ᠪᠠᠳᠠᠷᠠᠭᠤᠯᠵᠤ᠂ ᠠᠬᠠᠮᠠᠳ

ᠪᠠᠭᠰᠢ ᠪᠠᠷ ᠵᠠᠯᠠᠭᠤ ᠪᠠᠭᠰᠢ ᠶᠢ ᠳᠠᠭᠠᠭᠤᠯᠵᠤ᠂ ᠵᠠᠯᠠᠭᠤ ᠪᠠᠭᠰᠢ ᠪᠠᠷ ᠠᠬᠠᠮᠠᠳ ᠪᠠᠭᠰᠢ ᠶᠢ ᠠᠬᠢᠭᠤᠯᠵᠤ᠂ ᠣᠯᠠᠨ ᠤ

ᠣᠶᠣᠨ ᠤᠬᠠᠭᠠᠨ ᠢ ᠲᠥᠪᠯᠡᠷᠡᠭᠦᠯᠵᠦ᠂ ᠣᠯᠠᠨ ᠤ ᠰᠠᠶᠢᠨ ᠲᠠᠢ ᠲᠠᠯ᠎ᠠ ᠶᠢ ᠥᠷᠭᠡᠨ ᠢᠶᠠᠷ ᠰᠢᠩᠭᠡᠭᠡᠨ ᠠᠪᠴᠤ᠂ ᠡᠬᠢ

ᠪᠠᠶᠠᠯᠢᠭ ᠢ ᠬᠠᠮᠲᠤ ᠪᠠᠷ ᠡᠳ᠋ᠯᠡᠬᠦ ᠶᠢ ᠦᠨᠡᠨ ᠬᠦ ᠪᠡᠶᠡᠯᠡᠭᠦᠯᠵᠦ᠂ ᠪᠦᠬᠦ ᠪᠠᠭᠰᠢ ᠶᠢ ᠵᠢᠭᠠᠬᠤ ᠮᠠᠲ᠋ᠧᠷᠢᠶᠠᠯ ᠢ ᠪᠦᠬᠦᠯᠢ

ᠴᠣᠭᠴᠠ ᠠᠴᠠ ᠨᠢ ᠡᠵᠡᠮᠰᠢᠭᠦᠯᠬᠦ ᠶᠢᠨ ᠲᠥᠯᠥᠭᠡ ᠶᠤᠮ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠠᠷᠤ ᠬᠤᠷᠴᠢᠨ ᠬᠤᠰᠢᠭᠤᠨ ᠤ ᠴᠢᠪᠠᠭ᠎ᠠ ᠶᠢᠨ 

                                ᠬᠤᠶᠠᠳᠤᠭᠠᠷ ᠳᠤᠮᠳᠠᠳᠤ ᠰᠤᠷᠭᠠᠭᠤᠯᠢ 

                                ︵ᠮᠦᠡᠭᠭᠦᠨᠴᠢᠮᠡᠭ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map