ᠵᠦᠪ ᠦᠭᠡᠳᠡᠷᠬᠡᠭ ᠭᠡᠷ ᠤᠨ ᠬᠦᠮᠦᠵᠢᠯ ᠪᠣᠯ ᠬᠡᠣᠬᠡᠳ ᠤᠨ ᠡᠷᠡᠬᠦᠯ ᠦᠰᠦᠨ ᠪᠤᠶᠢᠵᠢᠯᠲᠠ ᠶᠢᠨ ᠦᠨᠳᠦᠰᠦ
ᠨᠡᠶᠢᠲᠡᠯᠡᠭᠰᠡᠨ ᠴᠠᠭ᠄
2024/4/10
                          ᠣᠷᠬᠢᠯ

幼儿教育1.png

      ︽ᠪᠡᠶ᠎ᠡ ᠪᠠᠨ ᠵᠠᠰᠠᠵᠦ ᠴᠢᠳᠠᠪᠠᠰᠣ ᠭᠡᠷ ᠢᠶᠠᠨ ᠵᠠᠰᠠᠵᠦ ᠴᠢᠳᠠᠮᠣᠢ᠂ ᠬᠡᠷ ᠢᠶᠠᠨ ᠵᠠᠰᠠᠵᠦ ᠴᠢᠳᠠᠪᠠᠰᠣ ᠣᠯᠣᠰ ᠢ

ᠵᠠᠰᠠᠵᠦ ᠴᠢᠳᠠᠮᠣᠢ︾ ᠭᠡᠳᠡᠭᠴᠢᠯᠠᠨ ᠬᠡᠷ ᠤᠨ ᠬᠦᠮᠦᠵᠢᠯ ᠨᠢ ᠣᠯᠣᠰ ᠣᠷᠣᠨ ᠤ ᠬᠦᠭᠵᠢᠯᠲᠠ ᠲᠠᠢ ᠴᠦ ᠰᠢᠭᠤᠳ

ᠬᠤᠯᠪᠣᠭ᠎ᠠ ᠲᠠᠢ ᠶᠤᠮ᠃ ᠮᠠᠨ ᠤ ᠦᠷ᠎ᠡ ᠬᠡᠣᠬᠡᠳ ᠪᠣᠯ ᠢᠷᠡᠭᠡᠳᠦᠢ ᠶᠢᠨ ᠣᠯᠣᠰ ᠣᠷᠣᠨ ᠤ ᠡᠵᠡᠨ᠂

ᠢᠷᠡᠬᠡᠳᠦᠢ ᠶᠢᠨ ᠣᠯᠣᠰ ᠣᠷᠣᠨ ᠤ ᠬᠦᠭᠵᠢᠯᠲᠠ ᠲᠠᠪᠰᠢᠯᠲᠠ ᠶᠢ ᠠᠭᠢᠭᠤᠯᠬᠤ ᠢᠷᠭᠡᠳ ᠮᠦᠨ᠃ ᠬᠡᠣᠬᠡᠳ ᠤᠨ

ᠬᠦᠮᠦᠵᠢᠯ ᠳᠤ ᠭᠡᠷ ᠤᠨ ᠬᠦᠮᠦᠵᠢᠯ᠂ ᠰᠣᠷᠭᠠᠭᠤᠯᠢ ᠶᠢᠨ ᠬᠦᠮᠦᠵᠢᠯ᠂ ᠨᠡᠶᠢᠭᠡᠮ ᠤᠨ ᠬᠦᠮᠦᠵᠢᠯ ᠵᠡᠷᠭᠡ ᠪᠦᠷ

ᠬᠤᠯᠪᠣᠭᠳᠠᠵᠦ ᠪᠠᠶᠢᠳᠠᠭ ᠴᠦ ᠡᠭᠦᠨ ᠳᠤ ᠦᠨᠳᠦᠰᠦ ᠪᠣᠯᠳᠠᠭ ᠨᠢ ᠬᠠᠰᠢ ᠯᠠ ᠬᠡᠷ ᠤᠨ ᠬᠦᠮᠦᠵᠢᠯ ᠮᠦᠨ᠃ ᠬᠡᠷ ᠤᠨ

ᠬᠦᠮᠦᠵᠢᠯ ᠨᠢ ᠳᠣᠯᠢᠳᠠᠪᠠᠯ ᠬᠡᠣᠬᠡᠳ ᠤᠨ ᠬᠦᠮᠦᠵᠢᠯ ᠨᠢ ᠦᠨᠳᠦᠰᠦ ᠦᠭᠡᠢ ᠮᠣᠲᠣ ᠮᠡᠲᠦ ᠰᠠᠭᠤᠷᠢ ᠪᠠᠷ ᠢᠶᠠᠨ

ᠭᠤᠶᠢᠪᠢᠯᠵᠠᠳᠠᠭ ᠶᠤᠮ᠃

      ᠮᠤᠩᠭᠤᠯᠴᠤᠳ ᠣᠯᠠᠮᠵᠢᠯᠠᠯᠲᠦ ᠶᠣᠰᠣ ᠵᠠᠩᠰᠢᠯ ᠢᠶᠠᠷ ᠢᠶᠠᠨ ᠦᠷ᠎ᠡ ᠬᠡᠣᠬᠡᠳ ᠢᠶᠠᠨ ᠰᠠᠮᠪᠠᠭᠠᠯᠢᠭ ᠮᠦᠷᠳᠡᠭᠡᠨ

ᠴᠢᠩᠭ᠎ᠠ ᠴᠢᠮᠪᠠᠢ ᠰᠣᠷᠭᠠᠨ ᠬᠦᠮᠦᠵᠢᠭᠦᠯᠵᠦ ᠢᠷᠡᠭᠰᠡᠨ ᠪᠣᠯᠪᠠᠰᠣᠨ ᠦᠨᠳᠦᠰᠦᠲᠡᠨ ᠶᠤᠮ᠃ ᠬᠡᠣᠬᠡᠳ ᠬᠦᠮᠦᠵᠢᠭᠦᠯᠬᠦ

ᠣᠯᠠᠮᠵᠢᠯᠠᠯᠲᠦ ᠵᠣᠷ᠂ ᠬᠡᠣᠬᠡᠳ ᠰᠣᠷᠭᠠᠬᠤ ᠣᠯᠠᠮᠵᠢᠯᠠᠯᠲᠦ ᠵᠢᠷᠭᠤᠭᠠᠨ ᠬᠤᠷᠢᠭ᠎ᠠ᠂ ᠬᠡᠣᠬᠡᠳ ᠰᠣᠷᠭᠠᠬᠤ

ᠣᠯᠠᠮᠵᠢᠯᠠᠯᠲᠦ ᠠᠷᠪᠠᠨ ᠴᠡᠭᠡᠷᠯᠡᠯ᠂ ᠬᠡᠣᠬᠡᠳ ᠰᠣᠷᠭᠠᠬᠤ ᠣᠯᠠᠮᠵᠢᠯᠠᠯᠲᠦ ᠠᠷᠪᠠᠨ ᠡᠷᠳᠡᠮ᠂ ᠬᠦᠪᠡᠬᠦᠨ ᠥᠬᠢᠳ ᠢᠶᠠᠨ

ᠰᠣᠷᠭᠠᠬᠤ ᠣᠯᠠᠮᠵᠢᠯᠠᠯᠲᠦ ᠶᠣᠰᠣᠨ᠂ ᠬᠡᠣᠬᠡᠳ ᠬᠦᠮᠦᠵᠢᠬᠦᠯᠬᠦ ᠣᠯᠠᠮᠵᠢᠯᠠᠯᠲᠦ ᠡᠶᠡᠷᠬᠦ ᠰᠦᠭᠡᠷᠬᠦ ᠠᠷᠭ᠎ᠠ᠂ ᠡᠴᠢᠭᠡ

ᠡᠭᠡ ᠪᠠ ᠦᠷ᠎ᠡ ᠬᠡᠣᠬᠡᠳ ᠤᠨ ᠲᠠᠪᠣᠨ ᠡᠭᠦᠷᠭᠡ᠂ ᠡᠴᠢᠭᠡ ᠶᠢᠨ ᠲᠠᠪᠣᠨ ᠡᠷᠳᠡᠮ᠂ ᠨᠠᠢᠮᠠᠨ ᠪᠠᠷᠢᠮᠲᠠᠯᠠᠯ᠂ ᠡᠬᠡ ᠶᠢᠨ

ᠲᠠᠪᠣᠨ ᠬᠤᠷᠢᠭᠯᠠᠯ ᠪᠠ ᠶᠢᠰᠦᠨ ᠡᠷᠳᠡᠮ᠂ ᠡᠷᠬᠢᠮ ᠰᠠᠶᠢᠨ ᠬᠦᠪᠡᠬᠦᠨ ᠤ ᠶᠣᠰᠣ ᠪᠠ ᠢᠷᠠᠭᠤ ᠰᠠᠶᠢᠨ ᠥᠬᠢᠨ ᠤ

ᠶᠣᠰᠣ᠂ ᠡᠭᠦᠷᠢᠳᠡ ᠮᠠᠭᠤ ᠬᠦᠪᠡᠬᠦᠨ ᠪᠠ ᠠᠳᠠᠭ ᠮᠠᠭᠤ ᠥᠬᠢᠨ ᠤ ᠰᠢᠨᠵᠢ ᠵᠡᠷᠭᠡ ᠣᠯᠠᠨ ᠶᠣᠰᠣ ᠵᠦᠢ ᠠᠷᠭ᠎ᠠ

ᠣᠬᠠᠭᠠᠨ ᠪᠣᠢ᠃

      ᠡᠬᠦᠨ ᠠᠴᠠ ᠭᠠᠳᠠᠨ᠎ᠠ ᠪᠦᠪᠡᠢ ᠶᠢᠨ ᠳᠠᠭᠤᠣ᠂ ᠣᠨᠢᠰᠤᠭ᠎ᠠ᠂ ᠬᠡᠯᠡ ᠵᠦᠭᠰᠢᠷᠡᠬᠦᠯᠬᠦ ᠦᠭᠡ᠂ ᠴᠡᠭᠡᠷ ᠰᠣᠷᠭᠠᠯ᠂

ᠵᠦᠢᠷ ᠰᠡᠴᠡᠨ ᠦᠭᠡ᠂ ᠶᠢᠷᠲᠢᠨᠴᠦ ᠶᠢᠨ ᠭᠤᠷᠪᠠ᠂ ᠬᠦᠨᠳᠦᠯᠡᠵᠦ ᠮᠡᠨᠳᠦᠯᠡᠬᠦ ᠶᠣᠰᠣᠨ ᠵᠡᠷᠭᠡ ᠣᠯᠠᠮᠵᠢᠯᠠᠯᠲᠦ

ᠰᠣᠶᠣᠯ᠂ ᠶᠣᠰᠣ ᠵᠠᠩᠰᠢᠯ ᠤᠨ ᠳᠣᠳᠣᠷ᠎ᠠ ᠣᠬᠠᠭᠠᠨᠳᠦ ᠠᠷᠠᠳ ᠲᠦᠮᠡᠨ ᠤ ᠦᠷ᠎ᠡ ᠬᠡᠣᠬᠡᠳ ᠢᠶᠠᠨ ᠰᠣᠷᠭᠠᠬᠤ ᠬᠦᠨ

ᠣᠬᠠᠭᠠᠨ ᠨᠢᠭᠤᠭᠳᠠᠵᠦ ᠪᠠᠶᠢᠳᠠᠭ ᠣᠴᠢᠷ ᠡᠩ ᠤᠨ ᠠᠮᠢᠳᠣᠷᠠᠯ ᠤᠨ ᠳᠣᠮᠳᠠ ᠡᠳᠡᠭᠡᠷ ᠢ ᠨᠡᠪᠴᠢᠭᠦᠯᠦᠨ ᠬᠡᠣᠬᠡᠳ ᠢᠶᠠᠨ

ᠰᠣᠷᠭᠠᠨ ᠬᠡᠯᠡᠬᠦ ᠨᠢ ᠬᠡᠣᠬᠡᠳ ᠤᠨ ᠶᠣᠰᠣ ᠨᠣᠮ ᠲᠠᠢ ᠪᠣᠯᠬᠤ ᠳᠤ ᠲᠣᠰᠠᠯᠠᠨ᠎ᠠ᠃

       ᠲᠡᠭᠡᠪᠡᠯ ᠲᠣᠣᠷ᠎ᠠ ᠭᠡᠷ ᠤᠨ ᠬᠦᠮᠦᠵᠢᠯ᠂ ᠬᠡᠷ ᠤᠨ ᠰᠣᠷᠭᠠᠯ ᠤᠨ ᠲᠣᠬᠠᠢ ᠪᠠᠷᠢᠮᠲᠠᠯᠠᠵᠦ᠂ ᠣᠯᠠᠮᠵᠢᠯᠠᠨ

ᠰᠣᠷᠭᠠᠳᠠᠭ ᠶᠣᠰᠣ ᠵᠠᠩᠰᠢᠯ᠂ ᠥᠯᠢᠭᠡᠷ ᠵᠢᠱᠢᠶᠠᠨ ᠠᠴᠠ ᠬᠡᠳᠦ ᠶᠢ ᠳᠣᠷᠠᠳᠪᠠᠯ᠄

      1. ᠪᠡᠶ᠎ᠡ ᠪᠠᠷ ᠬᠡᠪ ᠳᠠᠭᠤᠷᠢᠶᠠᠯ ᠪᠣᠯᠬᠤ ᠭᠡᠷᠡᠭᠳᠠᠢ᠃ ᠳᠠᠭᠤᠷᠢᠶᠠᠯ ᠤᠨ ᠬᠦᠴᠦᠨ ᠢ ᠪᠣᠰᠣᠳ ᠶᠠᠭᠤ ᠪᠠᠷ ᠴᠦ

ᠣᠷᠣᠯᠠᠭᠤᠯᠵᠦ ᠲᠡᠶᠢᠯᠬᠦ ᠦᠭᠡᠢ᠃ ︽ᠬᠡᠭᠡᠷ᠎ᠡ ᠠᠯᠠᠭ ᠠᠴᠠ ᠰᠢᠭᠢᠷ᠎ᠡ ᠠᠯᠠᠭ᠂ ᠬᠡᠯᠲᠡᠩ ᠭᠡᠬᠦᠦ ᠠᠴᠠ ᠰᠢᠪᠳᠣᠩ

ᠣᠨᠠᠭ᠎ᠠ︾᠂ ︽ᠥᠬᠢᠨ ᠢ ᠨᠢ ᠠᠪᠬᠤ ᠬᠦᠮᠦᠨ ᠡᠵᠢ ᠶᠢ ᠨᠢ ᠦᠵᠡ︾ ᠭᠡᠳᠡᠭ᠃ ᠡᠴᠢᠭᠡ ᠡᠬᠡ ᠪᠣᠯᠣᠭᠰᠠᠳ ᠦᠷ᠎ᠡ

ᠬᠡᠣᠬᠡᠳ ᠢᠶᠠᠨ ᠦᠩᠭᠡ ᠲᠠᠢ ᠦᠭᠡᠳᠡ ᠲᠠᠢ ᠰᠠᠶᠢᠨ ᠰᠠᠶᠢᠬᠠᠨ ᠶᠠᠪᠣᠬᠤ ᠶᠢ ᠬᠦᠰᠡᠬᠦ ᠦᠭᠡᠢ ᠬᠦᠮᠦᠨ ᠭᠡᠵᠦ ᠪᠠᠶᠢᠬᠤ

ᠦᠭᠡᠢ᠂ ᠭᠡᠪᠡᠴᠦ ᠲᠠᠨ ᠤ ᠬᠡᠣᠬᠡᠳ ᠬᠦᠰᠡᠭᠰᠡᠨ ᠰᠢᠭ ᠴᠢᠨᠢ ᠪᠢᠰᠢ᠂ ᠬᠦᠮᠦᠵᠢᠭᠦᠯᠦᠭᠰᠡᠨ ᠰᠢᠭ ᠴᠢᠨᠢ ᠭᠦᠮᠦᠨ

ᠪᠣᠯᠣᠨ᠎ᠠ᠃

      2. ᠬᠠᠶᠢᠷ᠎ᠡ ᠬᠠᠷᠢᠭᠤᠴᠠᠯᠭ᠎ᠠ ᠶᠢ ᠤᠶᠠᠯᠳᠤᠭᠤᠯᠬᠤ ᠭᠡᠷᠡᠭᠳᠠᠢ᠃ ︽ᠬᠠᠯᠠ ᠨᠢ ᠭᠠᠳᠠᠨ᠎ᠠ ᠪᠠᠨ ᠬᠠᠶᠢᠷ᠎ᠠ ᠨᠢ

ᠳᠣᠲᠣᠨ᠎ᠠ ᠪᠠᠨ︾ ᠭᠡᠳᠡᠭ ᠰᠢᠭ ᠬᠠᠶᠢᠷ᠎ᠠ ᠳᠤ ᠬᠡᠮ ᠬᠡᠮᠵᠢᠶ᠎ᠡ ᠪᠠᠶᠢᠬᠤ ᠬᠡᠷᠡᠭᠲᠠᠢ᠃ ᠬᠡᠣᠬᠡᠳ ᠤᠨ ᠶᠠᠭᠤ ᠬᠦᠰᠡᠭᠰᠡᠨ

ᠪᠦᠬᠦᠨ ᠢ ᠨᠢ ᠬᠦᠢᠴᠡᠳᠬᠡᠵᠦ ᠥᠭᠴᠦ ᠪᠣᠯᠬᠤ ᠦᠭᠡᠢ ᠬᠠᠷᠢᠨ ᠵᠣᠬᠢᠰᠲᠠᠢ ᠪᠣᠯ ᠵᠣᠷᠢᠬᠵᠢᠭᠤᠯᠵᠦ᠂ ᠶᠣᠰᠣ ᠪᠣᠰᠣ

ᠬᠦᠰᠡᠯ ᠱᠠᠭᠠᠷᠳᠠᠯᠭ᠎ᠠ ᠶᠢ ᠨᠢ ᠲᠠᠪᠴᠢᠭᠦ ᠬᠡᠷᠡᠭᠲᠠᠢ᠃

      3. ᠨᠣᠮ ᠣᠩᠰᠢᠬᠤ ᠶᠢ ᠳᠡᠭᠡᠳᠦᠯᠡᠪᠠᠯ ᠵᠤᠬᠢᠨ᠎ᠠ᠂ ᠡᠴᠢᠭᠡ ᠡᠬᠡ ᠨᠢ ᠨᠣᠮ ᠣᠩᠰᠢᠳᠠᠭ ᠪᠣᠯ ᠬᠡᠣᠬᠡᠳ ᠴᠦ

ᠱᠠᠭᠠᠷᠳᠠᠯᠭ᠎ᠠ ᠦᠭᠡᠢ ᠪᠠᠷ ᠨᠣᠮ ᠣᠩᠰᠢᠵᠦ ᠰᠣᠷᠳᠠᠭ᠃ ᠲᠣᠷᠠᠲᠠᠢ ᠨᠣᠮ ᠢ ᠨᠢ ᠠᠪᠴᠦ ᠥᠭᠴᠦ ᠯᠡ ᠪᠠᠢ᠂ ᠮᠦᠨ

ᠬᠡᠣᠬᠡᠳ ᠤᠨ ᠣᠩᠰᠢᠬᠤ ᠳᠤ ᠲᠣᠬᠢᠷᠠᠮᠵᠢᠲᠠᠢ ᠨᠣᠮ ᠢ ᠥᠷᠦᠭᠡᠨ ᠤ ᠪᠠᠨ ᠡᠯ᠎ᠡ ᠭᠠᠵᠠᠷ ᠭᠠᠷ ᠬᠦᠷᠬᠦ ᠶᠢᠨ ᠴᠢᠨᠡᠭᠡ ᠪᠠᠷ

ᠲᠠᠯᠪᠢᠵᠦ ᠪᠠᠶᠢᠭᠠᠷᠠᠢ᠃ ᠬᠡᠣᠬᠡᠳ ᠴᠢᠨᠢ ᠲᠣᠷᠠᠲᠠᠢ ᠴᠠᠭ ᠲᠤ ᠪᠠᠨ ᠠᠪᠴᠦ ᠣᠩᠰᠢᠭᠠᠳ ᠪᠠᠭ᠋ᠠᠲᠠᠢ ᠪᠣᠯᠣᠨ᠎ᠠ᠃

      4. ᠭᠡᠷ ᠪᠦᠯᠢ ᠡᠶ᠎ᠡ ᠨᠠᠶᠢᠷ ᠲᠠᠢ ᠪᠠᠶᠢᠬᠤ ᠶᠢ ᠡᠷᠬᠢᠮᠯᠡᠬᠦ ᠭᠡᠷᠡᠭᠳᠠᠢ᠃ ᠡᠴᠢᠭᠡ ᠡᠬᠡ ᠶᠢᠨ ᠠᠭᠤᠷ ᠬᠢᠯᠢᠩ ᠪᠣᠯ

ᠬᠡᠣᠬᠡᠳ ᠤᠨ ᠬᠦᠮᠦᠵᠢᠯ ᠤᠨ ᠬᠠᠮᠤᠭ ᠤᠨ ᠲᠣᠮᠣ ᠳᠠᠶᠢᠰᠣᠨ᠃ ᠡᠴᠢᠬᠡ ᠡᠬᠡ ᠪᠣᠯᠣᠭᠰᠠᠳ ᠦᠪᠡᠷ ᠤᠨ

ᠰᠡᠳᠬᠢᠯᠭᠡ ᠪᠠᠨ ᠡᠵᠡᠮᠳᠡᠵᠦ ᠴᠢᠳᠠᠬᠤ ᠬᠡᠷᠡᠭᠲᠠᠢ᠃ ᠡᠴᠢᠭᠡ ᠡᠬᠡ ᠨᠢ ᠬᠤᠭᠤᠷᠣᠨᠳᠦ ᠪᠠᠨ ᠬᠠᠶᠢᠷ᠎ᠠ ᠨᠠᠶᠢᠷ ᠲᠠᠢ᠂

ᠬᠡᠷᠡᠬᠦᠯ ᠬᠡᠯᠡᠯᠴᠡᠭᠡ ᠦᠭᠡᠢ ᠣᠷᠴᠢᠨ ᠳᠤ ᠦᠰᠦᠭᠰᠡᠨ ᠬᠡᠣᠬᠡᠳ ᠪᠡᠶ᠎ᠡ ᠳᠤ ᠪᠠᠨ ᠢᠳᠡᠭᠡᠯ ᠲᠠᠢ᠂ ᠠᠮᠣᠷ ᠲᠠᠶᠢᠪᠣᠩ

ᠰᠡᠳᠬᠢᠯᠭᠡ ᠲᠠᠢ ᠪᠠᠶᠢᠳᠠᠭ᠃ ᠬᠠᠷᠢᠨ ᠡᠰᠡᠷᠬᠦ ᠪᠠᠷ ᠪᠣᠯ ᠬᠡᠣᠬᠡᠳ ᠬᠤᠳᠠᠯᠴᠢ᠂ ᠬᠡᠷᠡᠬᠦᠯᠴᠢ᠂ ᠣᠶᠢᠳᠠᠮᠠᠲᠠᠭᠠᠢ᠂

ᠭᠤᠳᠣᠷᠠᠮᠠᠲᠠᠭᠠᠢ᠂ ᠪᠡᠶ᠎ᠡ ᠳᠤ ᠪᠠᠨ ᠢᠳᠡᠭᠡᠯ ᠦᠭᠡᠢ ᠪᠣᠶᠣ ᠲᠣᠭᠲᠠᠪᠣᠷᠢ ᠦᠭᠡᠢ ᠰᠡᠳᠬᠢᠯ ᠤᠨ ᠬᠡᠮ ᠲᠠᠢ          

ᠪᠣᠯᠳᠠᠭ᠃ ᠲᠡᠭᠡᠪᠡᠯ ᠡᠴᠢᠭᠡ ᠡᠬᠡ ᠨᠢ ᠬᠡᠣᠬᠡᠳ ᠲᠠᠢ ᠪᠠᠨ ᠬᠠᠷᠢᠴᠠᠬᠤ ᠳᠤ ᠰᠠᠨᠠᠭ᠎ᠠ ᠪᠣᠳᠣᠯ ᠢᠶᠠᠨ ᠵᠣᠷᠢᠭᠲᠠᠢ

ᠢᠯᠡᠷᠬᠡᠶᠢᠯᠡᠬᠦ ᠨᠢ ᠮᠠᠰᠢ ᠴᠢᠬᠤᠯᠠ ᠭᠡᠭᠴᠢ ᠶᠢ ᠪᠠᠭ᠎ᠠ ᠠᠴᠠ ᠨᠢ ᠣᠶᠢᠯᠠᠭᠠᠭᠤᠯᠵᠦ᠂ ᠡᠴᠢᠭᠡ ᠡᠬᠡ ᠳᠤ ᠪᠠᠨ ᠨᠢᠭᠤᠯ

ᠦᠭᠡᠢ ᠬᠡᠯᠡᠬᠦ᠂ ᠬᠠᠷᠢᠴᠠᠬᠤ ᠪᠣᠯᠭᠠᠪᠠᠯ ᠢᠳᠡᠭᠡᠯ ᠲᠠᠢ ᠵᠣᠷᠢᠭᠲᠠᠢ ᠪᠣᠯᠳᠠᠭ᠃ ᠡᠴᠢᠭᠡ ᠡᠬᠡ ᠨᠢ ᠪᠣᠷᠣᠭᠤ ᠪᠣᠯᠪᠠᠯ

ᠮᠡᠳᠡᠭᠰᠡᠨ ᠳᠠᠷᠣᠢ ᠬᠡᠣᠬᠡᠳ ᠲᠤ ᠪᠠᠨ ᠪᠣᠷᠣᠭᠤ ᠮᠡᠳᠡᠬᠦ ᠨᠢ ᠬᠡᠣᠬᠡᠳ ᠤᠨ ᠰᠡᠳᠬᠢᠯ ᠤᠨ ᠶᠡᠭᠡ ᠲᠠᠶᠢᠪᠣᠰᠢᠷᠠᠯ          

ᠪᠣᠯᠳᠠᠭ᠃

      5. ᠠᠵᠢᠯ ᠬᠦᠳᠡᠯᠮᠦᠷᠢ ᠳᠤ ᠣᠷᠣᠯᠴᠠᠬᠤ ᠶᠢ ᠵᠤᠷᠢᠬᠵᠢᠭᠤᠯᠬᠤ ᠭᠡᠷᠡᠭᠳᠠᠢ᠃ ᠡᠩ ᠤᠨ ᠦᠭᠡᠨ ᠳᠤ ︽ᠵᠢᠭᠠᠵᠦ

ᠰᠣᠷᠭᠠᠬᠤ ᠪᠠᠷ ᠵᠠᠷᠣᠵᠦ ᠰᠣᠷᠭ᠎ᠠ︾᠂ ︽ᠳᠦᠷᠪᠡᠨ ᠬᠦᠯ ᠲᠠᠢ ᠰᠢᠷᠡᠭᠡᠨ ᠤ ᠬᠠᠵᠠᠭᠤᠳᠠ ᠦᠰᠬᠦ ᠬᠡᠣᠬᠡᠳ ᠢᠳᠡᠬᠦ ᠶᠢ

ᠰᠣᠷᠣᠨ᠎ᠠ᠂ ᠲᠦᠷᠪᠡᠨ ᠬᠦᠯ ᠲᠠᠢ ᠮᠠᠯ ᠤᠨ ᠬᠠᠵᠠᠭᠤᠳᠠ ᠦᠰᠬᠦ ᠬᠡᠣᠬᠡᠳ ᠠᠮᠢᠳᠣᠷᠠᠬᠤ ᠣᠬᠠᠭᠠᠨ          

ᠰᠣᠷᠣᠨ᠎ᠠ︾ ᠭᠡᠳᠡᠭ᠃ ᠠᠮᠠᠷᠠᠯᠲᠠ ᠪᠣᠶᠣ ᠰᠣᠯᠠ ᠰᠡᠯᠡᠬᠦᠦ ᠴᠠᠭ ᠲᠤ ᠪᠠᠨ ᠬᠡᠣᠬᠡᠳ ᠢᠶᠠᠨ ᠬᠦᠳᠡᠭᠡ ᠭᠠᠳᠠᠭ᠎ᠠ

ᠶᠠᠪᠣᠭᠤᠯᠵᠦ᠂ ᠮᠠᠯ ᠠᠬᠤᠢ ᠲᠠᠢ ᠣᠶᠢᠷᠠᠲᠣᠭᠤᠯᠵᠦ᠂ ᠮᠠᠯ ᠠᠷᠠᠴᠢᠯᠠᠵᠦ ᠲᠣᠳᠣᠮᠳᠠᠬᠤ ᠣᠯᠠᠮᠵᠢᠯᠠᠯᠲᠦ ᠮᠠᠯᠵᠢᠬᠤ

ᠠᠮᠢᠳᠣᠷᠠᠯ ᠳᠤ ᠣᠷᠣᠯᠴᠠᠭᠤᠯᠣᠨ᠂ ᠮᠠᠯᠴᠢᠨ ᠬᠦᠮᠦᠨ ᠤ ᠮᠠᠯ ᠣᠨᠤᠭ᠎ᠠ ᠪᠠᠨ ᠬᠠᠶᠢᠷᠠᠯᠠᠳᠠᠭ᠂ ᠬᠦᠢᠲᠡᠨ ᠨᠦᠢᠲᠠᠨ ᠠᠴᠠ

ᠪᠡᠷᠬᠡᠰᠢᠶᠡᠯ ᠦᠭᠡᠢ ᠴᠢᠷᠮᠠᠶᠢᠨ ᠲᠡᠮᠡᠴᠡᠳᠡᠭ ᠬᠦᠴᠢᠷ ᠪᠡᠷᠭᠡ ᠶᠢ ᠢᠯᠠᠨ ᠳᠠᠪᠠᠭ᠋ᠣ ᠦᠨᠢ ᠶᠢᠨ ᠲᠡᠰᠪᠦᠷᠢ ᠲᠡᠪᠴᠢᠶᠡᠷᠢ ᠶᠢ

ᠰᠣᠷᠭᠠᠪᠠᠯ ᠬᠤᠵᠢᠮ ᠬᠤᠶᠢᠰᠢ ᠶᠢᠨ ᠡᠪ ᠲᠦᠢ ᠲᠠᠢ ᠠᠮᠢᠳᠣᠷᠠᠬᠤ ᠶᠢ ᠰᠣᠷᠭᠠᠭᠰᠠᠨ ᠶᠠᠪᠣᠳᠠᠯ ᠮᠦᠨ᠃ ᠬᠡᠣᠬᠡᠳ ᠲᠤ

ᠴᠢ ᠪᠣᠯ ᠡᠨᠡ ᠬᠡᠷ ᠪᠦᠯᠢ ᠶᠢᠨ ᠨᠢᠭᠡᠨ ᠭᠡᠰᠢᠬᠦᠨ ᠭᠡᠭᠴᠢ ᠶᠢᠨ ᠣᠶᠢᠯᠠᠭᠠᠭᠲᠠᠬᠤᠨ ᠲᠠᠢ ᠪᠣᠯᠭᠠᠵᠦ᠂ ᠭᠡᠷ ᠪᠦᠯᠢ ᠶᠢᠨ

ᠠᠵᠢᠯ ᠬᠦᠳᠡᠯᠮᠦᠷᠢ᠂ ᠬᠠᠶᠢᠷ᠎ᠠ ᠬᠠᠷᠢᠭᠤᠴᠠᠯᠭ᠎ᠠ ᠁ ᠠᠯᠢᠪᠠ ᠵᠦᠢᠯ ᠳᠤ ᠬᠡᠣᠬᠡᠳ ᠤᠨ ᠨᠢᠭᠡ ᠬᠤᠪᠢ ᠪᠠᠶᠢᠨ᠎ᠠ

ᠭᠡᠭᠴᠢ ᠶᠢ ᠲᠠᠨᠢᠭᠤᠯᠵᠦ᠂ ᠠᠳᠠᠭ ᠨᠢ ᠠᠶᠠᠭ᠎ᠠ ᠰᠠᠪᠬ᠎ᠠ ᠣᠬᠢᠶᠠᠵᠦ᠂ ᠭᠡᠷ ᠴᠡᠪᠡᠷᠯᠡᠵᠦ᠂ ᠦᠪᠡᠷ ᠤᠨ ᠬᠤᠪᠴᠠᠰᠦ

ᠬᠤᠨᠠᠷ ᠢᠶᠠᠨ ᠣᠬᠢᠶᠠᠵᠦ ᠰᠢᠯᠭᠡᠭᠡᠬᠦ ᠶᠢ ᠰᠣᠷᠭᠠᠬᠤ ᠬᠡᠷᠡᠭᠲᠠᠢ᠃ ᠢᠩᠬᠢᠵᠦ ᠰᠣᠷᠣᠭᠰᠠᠨ ᠬᠡᠣᠬᠡᠳ ᠡᠴᠢᠭᠡ

ᠡᠬᠡ ᠶᠢᠨ ᠢᠶᠠᠨ ᠬᠦᠴᠦ ᠬᠦᠳᠡᠯᠮᠦᠷᠢ ᠶᠢ ᠬᠦᠨᠳᠣᠳᠬᠡᠵᠦ᠂ ᠪᠣᠰᠣᠳ ᠤᠨ ᠬᠦᠴᠢᠷ ᠵᠣᠪᠠᠭᠤᠷᠢ ᠶᠢ ᠣᠶᠢᠯᠠᠭᠠᠬᠤ᠂

ᠠᠵᠢᠯ ᠦᠢᠯᠡ ᠶᠢᠨ ᠶᠣᠰᠣ ᠳᠡᠮ ᠢ ᠣᠯᠳᠠᠭ ᠣᠯᠪᠠᠭ᠎ᠠ ᠲᠠᠢ ᠨᠢᠭᠡᠨ ᠪᠣᠯᠵᠦ ᠬᠦᠮᠦᠵᠢᠳᠡᠭ᠃

      6. ᠬᠦᠴᠢᠷ ᠢ ᠳᠡᠰᠪᠦᠷᠢᠯᠡᠬᠦ᠂ ᠬᠦᠴᠢᠷ ᠢ ᠠᠮᠰᠠᠭᠤᠯᠬᠤ᠂ ᠬᠦᠴᠢᠷ ᠤᠨ ᠳᠣᠮᠳᠠ ᠠᠴᠠ ᠵᠣᠯ ᠵᠢᠷᠭᠠᠯ ᠢ

ᠮᠡᠳᠡᠷᠡᠬᠦᠯᠵᠦ ᠰᠣᠷᠭᠠᠬᠤ ᠬᠡᠷᠡᠭᠲᠠᠢ᠃ ᠣᠳᠣᠬᠢ ᠡᠪ ᠦᠭᠡᠢ ᠦᠵᠡᠭᠳᠡᠯ ᠪᠣᠯ ᠪᠢᠳᠡ ᠬᠡᠣᠬᠡᠳ ᠤᠨ ᠢᠶᠠᠨ

ᠡᠮᠦᠨ᠎ᠡ ᠠᠴᠠ ᠪᠠᠶᠢᠳᠠᠭ ᠢ ᠬᠢᠵᠦ ᠥᠭᠴᠢᠭᠡᠭᠡᠳ ᠬᠡᠣᠬᠡᠳ ᠴᠢᠨᠢ ᠬᠡᠳᠡᠷᠬᠦ ᠡ᠊ᠨᠡ ᠭᠦ ᠬᠦᠴᠢᠷ ᠢ ᠴᠢᠨᠢ ᠶᠠᠭ

ᠣᠶᠢᠯᠠᠭᠠᠳᠠᠭ ᠦᠭᠡᠢ ᠶᠠᠪᠣᠳᠠᠯ ᠮᠦᠨ᠃ ᠪᠠᠶᠠᠨ ᠬᠦᠮᠦᠨ ᠬᠡᠣᠬᠡᠳ ᠲᠤ ᠪᠠᠨ ᠬᠦᠴᠢᠷ ᠢ ᠠᠮᠰᠠᠭᠤᠯᠬᠤ ᠬᠦᠮᠦᠵᠢᠯ

ᠬᠢᠵᠦ ᠪᠠᠶᠢᠬᠤ ᠳᠤ᠂ ᠪᠢᠳᠡ ᠬᠠᠷᠢᠨ ᠶᠠᠳᠠᠭᠤ ᠬᠦᠴᠢᠷᠳᠠᠢ ᠪᠣᠶᠣ ᠲᠡᠳᠦᠢ ᠪᠠᠶᠠᠨ ᠲᠠᠷᠭᠤᠨ ᠪᠢᠰᠢ ᠪᠠᠶᠢᠭᠠᠳ

ᠬᠡᠣᠬᠡᠳ ᠢᠶᠠᠨ ᠬᠡᠳᠦ ᠪᠠᠶᠠᠨ ᠲᠠᠷᠭᠤᠨ ᠥᠶᠥᠭ ᠲᠠᠪᠠᠲᠠᠢ ᠨᠦᠬᠦᠴᠡᠯ ᠲᠠᠢ᠂ ᠰᠡᠳᠬᠢᠯᠭᠡ ᠲᠠᠢ ᠪᠣᠯᠭᠠᠨ ᠮᠠᠭᠤ

ᠰᠣᠷᠭᠠᠵᠦ ᠪᠠᠶᠢᠬᠤ ᠨᠢ ᠬᠠᠮᠤᠭ ᠤᠨ ᠬᠠᠷᠠᠮᠰᠠᠯᠲᠠᠢ ᠶᠠᠪᠣᠳᠠᠯ ᠮᠦᠨ᠃ ᠣᠯᠠᠩᠬᠢ ᠬᠡᠣᠬᠡᠳ ᠵᠣᠭᠤᠰ ᠮᠥᠩᠭᠦᠨ ᠤ

ᠲᠣᠬᠠᠢ ᠵᠦᠪ ᠦᠵᠡᠯᠲᠠ ᠲᠠᠨᠢᠯᠲᠠ ᠦᠭᠡᠢ᠂ ᠵᠣᠭᠤᠰ ᠮᠥᠩᠭᠦ ᠴᠢᠨᠢ ᠬᠦᠴᠦ ᠬᠦᠳᠡᠯᠮᠦᠷᠢ᠂ ᠬᠦᠯᠦᠰᠦ ᠴᠢᠰᠣ᠂

ᠠᠷᠭ᠎ᠠ ᠣᠬᠠᠭᠠᠨ᠂ ᠡᠷᠳᠡᠮ ᠴᠢᠳᠠᠪᠣᠷᠢ ᠪᠠᠷ ᠰᠣᠯᠢᠵᠦ ᠢᠷᠡᠵᠠᠢ ᠭᠡᠭᠴᠢ ᠶᠢ ᠲᠠᠨᠢᠬᠤ ᠦᠭᠡᠢ ᠪᠠᠶᠢᠬᠤ ᠨᠢ ᠠᠷᠭ᠎ᠠ

ᠦᠭᠡᠢ ᠲᠡᠳᠡᠨ ᠤ ᠪᠣᠷᠣᠭᠤ ᠪᠢᠰᠢ᠂ ᠬᠠᠷᠢᠨ ᠡ᠊ᠨᠡ ᠭᠦ ᠦᠵᠡᠯᠲᠡ ᠲᠠᠨᠢᠯᠲᠠ ᠶᠢ ᠣᠯᠠᠮᠵᠢᠯᠠᠵᠦ᠂ ᠬᠡᠪ ᠳᠠᠭᠤᠷᠢᠶᠠᠯ

ᠪᠣᠯᠵᠦ ᠬᠡᠯᠡᠵᠦ ᠰᠣᠷᠭᠠᠭᠰᠠᠨ ᠬᠦᠮᠦᠨ ᠦᠭᠡᠢ ᠪᠠᠶᠢᠬᠤ ᠨᠢ ᠭᠡᠴᠡᠬᠦᠦ ᠶᠠᠪᠣᠳᠠᠯ᠃

      7. ᠰᠣᠷᠣᠯᠭ᠎ᠠ ᠬᠢᠴᠢᠶᠡᠯ ᠪᠠᠨ ᠰᠣᠷᠴᠦ ᠡᠵᠡᠮᠰᠢᠬᠦ ᠳᠤ ᠨᠢ ᠴᠢᠳᠠᠯ ᠤᠨ ᠬᠢᠷᠢ ᠪᠠᠷ ᠢᠶᠠᠨ ᠨᠦᠬᠦᠴᠡᠯ

ᠪᠦᠷᠢᠯᠳᠣᠬᠦᠯᠵᠦ ᠥᠭᠬᠦᠭᠡᠷᠠᠢ᠃ ᠵᠢᠱᠢᠶᠡᠯᠡᠪᠡᠯ᠂ ᠨᠢᠭᠡ ᠲᠣᠰᠬᠠᠢ ᠨᠣᠮ ᠤᠨ ᠥᠷᠦᠭᠡ ᠭᠠᠷᠭᠠᠨ ᠪᠡᠶ᠎ᠡ ᠪᠠᠨ ᠳᠠᠭᠠᠭᠠᠨ

ᠲᠠᠪᠲᠠᠬᠤ᠂ ᠨᠣᠮ ᠦᠵᠡᠬᠦ ᠣᠷᠴᠢᠨ ᠲᠣᠭᠤᠷᠢᠨ ᠢ ᠪᠦᠷᠢᠯᠳᠦᠭᠦᠯᠵᠦ ᠥᠭᠬᠦ᠂ ᠳᠣᠷᠠᠲᠠᠢ ᠨᠣᠮ ᠢ ᠨᠢ ᠠᠪᠴᠦ ᠥᠭᠬᠦ᠂

ᠡᠯ᠎ᠡ ᠵᠦᠢᠯ ᠤᠨ ᠪᠢᠴᠢᠭ ᠤᠨ ᠬᠡᠷᠡᠭᠰᠡᠯ ᠢ ᠨᠢ ᠴᠠᠭ ᠳᠠᠷᠣᠢ ᠬᠠᠩᠭᠠᠵᠦ ᠥᠭᠬᠦ ᠵᠡᠷᠭᠡ᠃

      8. ᠠᠩᠬᠠᠷᠣᠯ ᠲᠦᠪᠯᠡᠷᠡᠬᠦᠯᠬᠦ ᠴᠢᠳᠠᠪᠣᠷᠢ ᠶᠢ ᠬᠠᠷ᠎ᠠ ᠪᠠᠭ᠎ᠠ ᠠᠴᠠ ᠨᠢ ᠪᠣᠯᠪᠠᠰᠣᠷᠠᠭᠤᠯᠵᠦ          

ᠪᠣᠯᠣᠨ᠎ᠠ᠃ ᠠᠩᠬᠠᠷᠣᠯ ᠲᠦᠪᠯᠡᠷᠡᠵᠦ ᠴᠢᠳᠠᠳᠠᠭ ᠬᠡᠣᠬᠡᠳ ᠰᠠᠶᠢᠨ ᠰᠣᠷᠴᠦ ᠴᠢᠳᠠᠳᠠᠭ᠃ ᠬᠡᠣᠬᠡᠳ ᠤᠨ

ᠰᠣᠨᠢᠷᠬᠠᠯ ᠤᠨ ᠰᠡᠳᠬᠢᠯᠭᠡ ᠲᠣᠣᠷ᠎ᠠ ᠪᠠᠨ ᠪᠠᠭᠤᠷᠠᠳᠠᠭ ᠣᠨᠴᠠᠯᠢᠭ ᠲᠠᠢ ᠣᠴᠢᠷ ᠠᠷᠭ᠎ᠠ ᠰᠦᠪᠡᠭᠴᠢᠯᠠᠨ ᠪᠣᠯᠪᠠᠰᠣᠷᠠᠯ

ᠬᠢᠪᠡᠯ ᠬᠡᠣᠬᠡᠳ ᠴᠢᠨᠢ ᠣᠳᠠᠯ ᠦᠭᠡᠢ ᠴᠢᠨᠣ ᠰᠠᠨᠠᠭᠰᠠᠨ ᠢᠶᠠᠷ ᠨᠡᠯᠢᠶᠡᠳ ᠣᠷᠲᠦ ᠬᠤᠭᠤᠴᠠᠭᠠᠨ ᠳᠤ ᠠᠩᠬᠠᠷᠣᠯ

ᠲᠦᠪᠯᠡᠷᠡᠳᠡᠭ ᠨᠢᠭᠡᠨ ᠪᠣᠯᠵᠦ ᠬᠦᠮᠦᠵᠢᠳᠡᠭ᠃ ᠦᠪᠡᠷ ᠤᠨ ᠨᠢᠭᠡᠨ ᠬᠦᠮᠦᠵᠢᠯ ᠤᠨ ᠵᠢᠱᠢᠶᠠᠨ ᠠᠴᠠ ᠲᠣᠷᠠᠳᠪᠠᠯ᠂

ᠮᠢᠨᠣ ᠥᠬᠢᠨ ᠲᠦᠭᠦᠭᠡ ᠣᠷᠣᠮᠠᠭᠴᠠ ᠬᠠᠮᠲᠦ ᠲᠣᠭᠯᠠᠵᠦ᠂ ᠠᠩᠬᠠᠷᠣᠯ ᠤᠨ ᠪᠣᠯᠪᠠᠰᠣᠷᠠᠯ ᠬᠢᠬᠦ ᠪᠣᠶᠣ ᠬᠤᠶᠠᠷ

ᠠᠳᠠᠯᠢᠬᠠᠨ ᠵᠢᠷᠤᠭ ᠤᠨ ᠢᠵᠢᠯ ᠪᠣᠰᠣ ᠲᠠᠯ᠎ᠠ ᠶᠢ ᠡᠷᠢᠬᠦ ᠲᠣᠭᠯᠠᠭᠠᠮ ᠲᠣᠭᠯᠠᠬᠤ᠂ ᠵᠢᠷᠤᠭ ᠵᠢᠷᠣᠬᠤ᠂ ᠦᠯᠢᠭᠡᠷ

ᠬᠡᠯᠡᠵᠦ ᠥᠭᠬᠦᠭᠡᠳ ᠳᠠᠬᠢᠨ ᠬᠡᠣᠬᠡᠳ ᠢᠶᠠᠷ ᠶᠠᠷᠢᠭᠤᠯᠬᠤ᠂ ᠦᠰᠦᠷᠬᠦ ᠰᠢᠲᠠᠷ᠎ᠠ ᠲᠣᠭᠯᠠᠬᠤ ᠵᠡᠷᠭᠡ ᠪᠠᠷ ᠰᠣᠷᠭᠠᠵᠦ᠂

ᠰᠠᠶ᠋ᠢ ᠴᠡᠴᠡᠷᠯᠢᠭ ᠲᠤ ᠣᠷᠣᠭᠰᠠᠨ ᠴᠠᠭ ᠠᠴᠠ ᠡᠳᠦᠷ ᠪᠦᠷᠢ ᠬᠠᠷᠢᠵᠦ ᠢᠷᠡᠮᠡᠭᠴᠡ ᠬᠡᠨ ᠲᠠᠢ ᠲᠣᠭᠯᠠᠭᠰᠠᠨ︖

ᠬᠡᠳᠦᠢ ᠨᠦᠬᠦᠳ ᠴᠢᠨᠢ ᠴᠡᠴᠡᠷᠯᠢᠭ ᠲᠤ ᠪᠠᠨ ᠢᠷᠡᠭᠰᠡᠨ︖ ᠬᠡᠨ ᠰᠠᠭᠠᠳᠣᠭᠰᠠᠨ︖ ᠶᠠᠮᠠᠷ ᠠᠮᠲᠠᠳᠦ ᠬᠤᠭᠤᠯᠠ

ᠢᠳᠡᠭᠰᠡᠨ︖ ᠪᠠᠭᠰᠢ ᠲᠠᠢ ᠪᠠᠨ ᠬᠡᠷᠬᠢᠨ ᠦᠩᠭᠡᠷᠡᠬᠦᠯᠦᠭᠰᠠᠨ︖ ᠪᠠᠭᠰᠢ ᠨᠢ ᠶᠠᠭᠤ ᠵᠢᠭᠠᠭᠰᠠᠨ᠂ ᠶᠠᠭᠤ ᠬᠡᠯᠡᠭᠰᠡᠨ︖

ᠦᠨᠦᠳᠦᠷ ᠶᠠᠮᠠᠷ ᠪᠡᠷᠭᠡᠰᠢᠶᠡᠯ ᠲᠠᠢ ᠶᠠᠪᠣᠳᠠᠯ ᠪᠣᠶᠣ ᠪᠠᠶᠠᠷᠲᠦ ᠣᠴᠢᠷ ᠬᠠᠷᠭᠤᠭᠰᠠᠨ ᠪᠣᠢ︖ ᠰᠢᠨ᠎ᠡ ᠰᠣᠨᠢᠨ

ᠵᠦᠢᠯ ᠶᠠᠭᠤ ᠪᠠᠶᠢᠨ᠎ᠡ︖ ᠵᠡᠷᠭᠡ ᠣᠯᠠᠨ ᠣᠯᠠᠨ ᠠᠰᠠᠭᠤᠯᠲᠠ ᠲᠠᠯᠪᠢᠵᠦ ᠬᠠᠷᠢᠭᠤᠯᠲᠠ ᠬᠦᠰᠡᠬᠦ ᠳᠤ

ᠣᠳᠠᠭᠠᠨ ᠳᠤ ᠪᠠᠨ ᠰᠣᠷᠭᠠᠭᠤᠯᠢ ᠳᠤ ᠦᠩᠭᠡᠷᠡᠬᠦᠯᠦᠭᠰᠡᠨ ᠢᠶᠠᠨ ᠪᠦᠬᠦᠨ ᠢ ᠠᠩᠬᠠᠷᠣᠯ ᠲᠠᠯᠪᠢᠨ ᠴᠡᠭᠡᠵᠢᠯᠡᠭᠡᠳ

ᠢᠷᠡᠳᠡᠭ ᠪᠣᠯᠣᠭᠰᠠᠨ ᠪᠠᠶᠢᠨ᠎ᠠ᠃ ᠡᠬᠦᠨ ᠢ ᠨᠢ ᠦᠰᠦᠨ ᠪᠤᠶᠢᠵᠢᠯᠲᠠ ᠤᠨ ᠲᠡᠮᠳᠡᠭᠯᠡᠯ ᠬᠢᠵᠦ ᠴᠡᠴᠡᠷᠯᠢᠭ ᠳᠡᠭᠦᠰᠲᠡᠯ᠎ᠡ

ᠪᠠᠷᠢᠮᠲᠠᠯᠠᠨ ᠪᠢᠴᠢᠭᠰᠡᠨ ᠠᠴᠠ ᠣᠳᠣ ᠴᠦ ᠬᠡᠰᠡᠨ ᠥᠬᠢᠨ ᠮᠢᠨᠢ ᠲᠡᠷᠡ ᠵᠣᠵᠠᠭᠠᠨ ᠲᠡᠮᠳᠡᠭᠯᠡᠯ ᠢ ᠪᠠᠶᠢᠨ ᠪᠠᠶᠢᠨ

ᠭᠠᠷᠭᠠᠨ ᠦᠵᠡᠵᠦ ᠪᠢ ᠪᠠᠭ᠎ᠠ ᠳᠤ ᠪᠠᠨ ᠡᠶᠢᠮᠦ ᠡᠶᠢᠮᠦ ᠪᠠᠶᠢᠭᠰᠠᠨ ᠭᠡᠵᠦ ᠲᠣᠷᠠᠰᠳᠠᠭ ᠶᠣᠮ᠃

      9. ︽ᠪᠣᠷᠮ᠎ᠠ ᠪᠠᠷ ᠲᠡᠳᠬᠦᠬᠦ ᠪᠠᠷ ᠣᠷᠮ᠎ᠠ ᠪᠠᠷ ᠲᠡᠳᠬᠦ︾᠂ ︽ᠣᠷᠮ᠎ᠠ ᠶᠢ ᠨᠢ ᠬᠤᠭᠤᠯᠬᠤ ᠪᠠᠷ

ᠣᠭᠤᠴᠠ ᠶᠢ ᠨᠢ ᠬᠤᠭᠤᠯ︾ ᠭᠡᠳᠡᠭᠴᠢᠯᠠᠨ ᠣᠷᠮᠠᠰᠢᠭᠤᠯᠣᠯ ᠵᠣᠷᠢᠬᠵᠢᠭᠤᠯᠣᠯ ᠤᠨ ᠬᠦᠴᠦᠨ ᠪᠣᠯ ᠬᠡᠮᠵᠢᠶᠡᠯᠡᠰᠢ

ᠦᠭᠡᠢ ᠶᠤᠮ᠃ ᠲᠣᠮᠣ ᠬᠦᠮᠦᠰ ᠴᠦ ᠮᠠᠭᠳᠠᠵᠦ ᠰᠠᠶᠢᠰᠢᠶᠠᠪᠠᠯ ᠪᠠᠶᠠᠷᠯᠠᠵᠦ ᠠᠩᠰᠠᠶᠢᠳᠠᠭ ᠶᠣᠮ ᠴᠢᠨᠢ᠂ ᠨᠠᠩ

ᠬᠡᠣᠬᠡᠳ ᠢ ᠬᠡᠯᠡᠬᠦ ᠬᠡᠷᠡᠭ ᠪᠠᠶᠢᠨ᠎ᠠ ᠦᠦ︕ ᠣᠷᠮᠠᠰᠢᠭᠤᠯᠬᠤ ᠳᠤ ᠴᠦ ᠳᠡᠮ ᠬᠡᠷᠡᠭᠲᠠᠢ᠂ ᠣᠷᠮᠠᠰᠢᠭᠤᠯᠵᠦ

ᠵᠣᠷᠢᠬᠵᠢᠭᠤᠯᠬᠤ ᠳᠤ ᠪᠠᠨ ᠵᠦᠪᠬᠡᠨ ᠦᠷ᠎ᠡ ᠳ᠋ᠦᠩ ᠢ ᠨᠢ ᠮᠠᠭᠲᠠᠵᠦ ᠰᠠᠶᠢᠰᠢᠶᠠᠬᠤ ᠪᠢᠰᠢ᠂ ᠬᠠᠷᠢᠨ ᠶᠠᠪᠣᠴᠠ ᠶᠢ ᠨᠢ

ᠮᠠᠭᠲᠠᠵᠦ ᠣᠷᠮᠠᠰᠢᠭᠤᠯᠪᠠᠯ ᠦᠷ᠎ᠡ ᠳ᠋ᠦᠩ ᠨᠢ ᠢᠯᠡᠷᠬᠡᠢ ᠰᠠᠶᠢᠨ ᠶᠤᠮ᠃ ᠰᠢᠯᠭᠠᠯᠲᠠ ᠳᠤ ᠪᠠᠨ ᠰᠠᠶᠢᠨ ᠳ᠋ᠦᠩ

ᠠᠪᠣᠭᠰᠠᠨ ᠴᠦ᠄ ︽ᠣᠷᠴᠢᠮ ᠬᠢᠴᠢᠶᠡᠯ ᠢᠶᠠᠨ ᠠᠩᠬᠠᠷᠣᠨ ᠰᠣᠨᠣᠰᠴᠦ᠂ ᠣᠷᠢᠳᠴᠢᠯᠠᠨ ᠲᠠᠪᠳᠠᠵᠦ ᠮᠡᠷᠡᠶᠢᠨ

ᠴᠢᠷᠮᠠᠶᠢᠭᠰᠠᠨ ᠠᠴᠠ ᠪᠣᠯᠣᠯ᠎ᠠ︕︾ ᠭᠡᠪᠡᠯ ᠬᠡᠣᠬᠡᠳ ᠴᠢᠨᠢ ᠡ᠊ᠨᠡ ᠭᠦ ᠴᠢᠷᠮᠠᠶᠢᠯᠭ᠎ᠠ ᠶᠢᠨ ᠶᠠᠪᠣᠴᠠ ᠨᠢ ᠭᠡᠴᠢᠨᠡᠭᠡᠨ

ᠴᠢᠬᠤᠯᠠ ᠭᠡᠭᠴᠢ ᠶᠢ ᠣᠶᠢᠯᠠᠭᠠᠬᠤ ᠪᠣᠯᠣᠨ᠎ᠠ᠃

      10. ᠪᠡᠶ᠎ᠡ ᠪᠠᠨ ᠳᠠᠭᠠᠭᠠᠬᠤ ᠴᠢᠳᠠᠪᠣᠷᠢ ᠶᠢ ᠬᠦᠮᠦᠵᠢᠬᠦᠯᠬᠦ ᠬᠡᠷᠡᠭᠲᠠᠢ᠃ ︽ᠠᠵᠢᠯ ᠬᠢᠪᠡᠯ ᠳᠠᠭᠤᠰᠲᠠᠯ᠎ᠠ᠂

ᠳᠠᠪᠣᠰᠣ ᠬᠢᠪᠡᠯ ᠠᠭᠤᠰᠲᠠᠯ᠎ᠠ︾ ᠬᠡᠭᠴᠢ ᠪᠠᠷ ᠶᠠᠮᠠᠷ ᠨᠢᠭᠡᠨ ᠠᠵᠢᠯ ᠦᠢᠯᠡ ᠶᠢ ᠪᠡᠶ᠎ᠡ ᠳᠠᠭᠠᠭᠠᠨ ᠬᠢᠵᠦ

ᠳᠠᠭᠤᠰᠬᠠᠬᠤ ᠳᠤ ᠨᠢ ᠲᠣᠰᠠᠯᠠᠨ ᠵᠣᠷᠢᠬᠵᠢᠭᠤᠯᠵᠦ ᠪᠠᠶᠢᠪᠠᠯ ᠦᠪᠡᠷ ᠢᠶᠠᠨ ᠣᠯᠠᠮ ᠵᠣᠷᠢᠭᠲᠠᠢ ᠪᠣᠯᠵᠦ᠂ ᠣᠯᠠᠨ

ᠵᠦᠢᠯ ᠢ ᠬᠢᠵᠦ ᠡᠵᠡᠮᠰᠢᠬᠦ ᠶᠢ ᠬᠦᠰᠡᠳᠡᠭ ᠪᠣᠯᠳᠠᠭ᠃ ᠮᠦᠨ ᠬᠢᠴᠢᠶᠡᠯ ᠰᠣᠷᠣᠯᠭ᠎ᠠ ᠶᠢᠨ ᠳᠠᠰᠬᠠᠯ ᠳᠠᠭᠠᠭᠠᠯᠭᠠᠪᠣᠷᠢ

ᠬᠢᠵᠦ ᠬᠦᠢᠴᠡᠳᠬᠡᠬᠦ ᠳᠤ ᠨᠢ ᠴᠦ ᠠᠳᠠᠯᠢᠬᠠᠨ᠂ ᠳᠠᠭᠤᠰᠬᠠᠭᠰᠠᠨ ᠤ ᠳᠠᠷᠠᠭ᠎ᠠ ᠰᠠᠶ᠋ᠢ ᠬᠢᠨᠠᠵᠦ ᠦᠭᠬᠦ ᠪᠣᠶᠣ

ᠣᠶᠢᠯᠠᠭᠠᠬᠤ ᠦᠭᠡᠢ ᠶᠢ ᠨᠢ ᠬᠡᠯᠡᠵᠦ ᠵᠢᠯᠣᠭᠤᠳᠪᠠᠯ ᠰᠠᠶᠢᠨ᠃ ᠳᠡᠭᠡᠬᠦ ᠦᠭᠡᠢ ᠪᠣᠯ ᠪᠠᠭ᠋ᠠᠨ ᠬᠦᠴᠢᠷ

ᠲᠣᠬᠢᠶᠠᠯᠳᠣᠮᠠᠭᠴᠠ ᠬᠠᠰᠢᠷᠠᠳᠠᠭ ᠬᠡᠮ ᠲᠠᠢ ᠪᠣᠯᠵᠦ᠂ ᠪᠣᠰᠣᠳ ᠢ ᠬᠠᠷᠠᠵᠦ᠂ ᠪᠣᠰᠣᠳ ᠢ ᠲᠦᠰᠢᠳᠡᠭ ᠪᠣᠯᠳᠠᠭ᠃

      11. ᠠᠮᠢᠳᠣᠷᠠᠯ ᠰᠣᠷᠣᠯᠭ᠎ᠠ ᠳᠤ ᠪᠠᠨ ᠲᠦᠰᠦᠪ ᠲᠦᠯᠦᠪᠯᠡᠭᠡ ᠲᠠᠢ ᠪᠠᠶᠢᠵᠦ᠂ ᠡᠬᠦᠨ ᠢᠶᠠᠨ ᠪᠠᠷᠢᠮᠲᠠᠯᠠᠬᠤ ᠶᠢ

ᠰᠣᠷᠭᠠᠬᠤ ᠭᠡᠷᠡᠭᠳᠠᠢ᠃ ᠠᠮᠢᠳᠣᠷᠠᠯ ᠰᠣᠷᠣᠯᠴᠠᠯᠭ᠎ᠠ ᠶᠢᠨ ᠳᠣᠮᠳᠠ ᠰᠣᠯᠠ ᠰᠡᠯᠡᠬᠦᠦ ᠴᠠᠭ ᠮᠣᠩ ᠦᠭᠡᠢ ᠣᠯᠳᠠᠳᠠᠭ᠂

ᠠᠮᠵᠢᠯᠲᠠ ᠪᠦᠳᠦᠮᠵᠢ ᠭᠠᠷᠭᠠᠭᠰᠠᠨ ᠬᠦᠮᠦᠰ ᠤᠨ ᠣᠯᠠᠩᠭᠢ ᠨᠢ ᠶᠠᠭ ᠡ᠊ᠨᠡ ᠭᠦ ᠴᠠᠭ ᠢ ᠪᠦᠲᠦᠮᠵᠢᠲᠠᠢ

ᠠᠰᠢᠭᠯᠠᠭᠰᠠᠨ ᠳᠤ ᠪᠠᠶᠢᠳᠠᠭ᠃ ᠡᠶᠢᠮᠦᠷᠬᠦᠤ ᠴᠠᠭ ᠢ ᠡᠪᠲᠠᠢ᠂ ᠲᠦᠰᠦᠪ ᠲᠦᠯᠦᠪᠯᠡᠭᠡ ᠲᠠᠢ ᠠᠰᠢᠭᠯᠠᠬᠤ ᠨᠢ

ᠴᠢᠮ᠎ᠠ ᠶᠢ ᠠᠮᠵᠢᠯᠲᠠ ᠳᠤ ᠬᠦᠷᠭᠡᠳᠡᠭ᠃ ᠬᠡᠣᠬᠡᠳ ᠲᠤ ᠪᠠᠨ ᠲᠦᠰᠦᠪ ᠲᠦᠯᠦᠪᠯᠡᠭᠡ ᠲᠣᠭᠲᠠᠭᠠᠬᠤ ᠠᠷᠭ᠎ᠠ ᠶᠢ

ᠰᠣᠷᠭᠠᠵᠦ ᠬᠠᠮᠲᠦ ᠪᠠᠷ ᠴᠢᠷᠮᠠᠶᠢᠵᠦ ᠡᠬᠦᠨ ᠢᠶᠠᠨ ᠬᠦᠢᠴᠡᠳᠬᠡᠵᠦ ᠴᠢᠳᠠᠪᠠᠯ ᠬᠡᠣᠬᠡᠳ ᠴᠢᠨᠢ ᠪᠠᠭ᠎ᠠ ᠪᠣᠰᠣ ᠣᠯᠣᠯᠲᠠ

ᠢᠳᠡᠭᠡᠯ ᠲᠠᠢ ᠪᠣᠯᠬᠤ ᠪᠣᠯᠣᠨ᠎ᠠ᠃

      12. ᠠᠴᠢ ᠲᠣᠰᠠ ᠶᠢ ᠮᠡᠳᠡᠷᠡᠬᠦ᠂ ᠲᠠᠯᠠᠷᠬᠠᠯ ᠤᠨ ᠰᠡᠳᠬᠢᠯᠭᠡ᠂ ᠠᠴᠢ ᠬᠠᠷᠢᠭᠤᠯᠠᠬᠤ ᠰᠡᠳᠬᠢᠯᠭᠡ ᠶᠢ

ᠬᠦᠮᠦᠵᠢᠬᠦᠯᠬᠦ ᠭᠡᠷᠡᠭᠳᠠᠢ᠃ ᠬᠤᠷᠠᠭ᠎ᠠ ᠢᠰᠢᠭᠡ ᠴᠦ ᠡᠬᠡ ᠪᠠᠨ ᠬᠦᠬᠦᠬᠦ ᠳᠤ ᠰᠦᠬᠦᠳᠴᠦ ᠪᠠᠶᠢᠭᠠᠳ ᠬᠦᠬᠦᠳᠡᠭ ᠰᠢᠭ

ᠬᠡᠣᠬᠡᠳ ᠲᠤ ᠲᠣᠰᠠ ᠬᠦᠷᠭᠡᠭᠰᠡᠨ ᠬᠦᠮᠦᠨ ᠤ ᠠᠴᠢ ᠶᠢ ᠰᠠᠨᠠᠵᠦ ᠶᠠᠪᠣᠬᠤ᠂ ᠬᠠᠷᠢᠭᠤᠯᠠᠬᠤ ᠲᠠᠯᠠᠷᠬᠠᠯ ᠤᠨ

ᠰᠡᠳᠬᠢᠯᠭᠡ ᠲᠠᠢ ᠪᠠᠶᠢᠬᠤ ᠶᠢ ᠰᠣᠷᠭᠠᠬᠤ ᠴᠢᠬᠤᠯᠠᠲᠠᠢ᠃ ᠬᠠᠷᠢᠨ ᠡᠰᠡᠷᠬᠦ ᠪᠠᠷ ᠪᠣᠯ ᠬᠡᠣᠬᠡᠳ ᠴᠢᠨᠢ ᠠᠴᠢ ᠲᠣᠰᠠ ᠶᠢ

ᠰᠡᠷᠡᠨ ᠣᠬᠠᠳᠠᠭ ᠦᠭᠡᠢ ᠬᠦᠢᠳᠡᠨ ᠴᠡᠪᠳᠡᠭ ᠰᠡᠳᠬᠢᠯ ᠲᠠᠢ ᠪᠣᠯᠵᠦ᠂ ᠣᠯᠠᠨ ᠳᠤ ᠭᠤᠯᠣᠭᠳᠠᠨ ᠵᠠᠶᠢᠳᠠᠵᠦ᠂

ᠰᠡᠭᠦᠯ ᠠᠴᠠ ᠪᠠᠨ ᠦᠭᠡᠷ᠎ᠡ ᠲᠠᠰᠢᠭᠤᠷ ᠦᠭᠡᠢ᠂ ᠰᠡᠭᠦᠳᠡᠷ ᠠᠴᠠ ᠪᠠᠨ ᠦᠭᠡᠷ᠎ᠡ ᠨᠥᠬᠦᠷ ᠦᠭᠡᠢ ᠪᠣᠯᠬᠤ ᠳᠤ

ᠬᠦᠷᠦᠨ᠎ᠡ᠃

      13. ᠨᠠᠶᠢᠷ ᠵᠢᠷᠣᠮ ᠢ ᠡᠷᠬᠢᠮᠯᠡᠵᠦ᠂ ᠪᠣᠰᠣᠳ ᠲᠠᠢ ᠡᠶ᠎ᠡ ᠨᠠᠶᠢᠷ ᠲᠠᠢ ᠶᠠᠪᠣᠵᠦ᠂ ᠬᠡᠷᠡᠭ ᠣᠴᠢᠷ

ᠲᠣᠬᠢᠶᠠᠯᠳᠣᠪᠠᠯ ᠯᠠᠪᠳᠠᠭᠤᠨ ᠰᠠᠭᠤᠷᠢ ᠲᠠᠢ ᠬᠠᠨᠳᠣᠵᠦ᠂ ᠠᠭᠤᠴᠢᠯᠠᠯ ᠢ ᠡᠷᠬᠢᠮᠯᠡᠬᠦ ᠭᠡᠷᠡᠭᠳᠠᠢ᠃

      14. ᠦᠨᠡᠨᠴᠢ ᠪᠠᠶᠢᠬᠤ ᠶᠢ ᠡᠷᠬᠢᠮᠯᠡᠪᠡᠯ ᠵᠤᠬᠢᠨ᠎ᠠ᠂ ᠡᠨᠡ ᠳᠡᠯᠡᠭᠡᠢ ᠳᠡᠭᠡᠷ᠎ᠡ ᠶᠠᠮᠠᠷ ᠴᠦ ᠦᠶ᠎ᠡ ᠳᠤ ᠡᠴᠢᠭᠡ

ᠡᠭᠡ ᠠᠴᠠ ᠨᠢ ᠢᠯᠡᠭᠦᠦ ᠭᠤᠶᠢᠪᠢᠰᠢ ᠦᠭᠡᠢ ᠪᠠᠳᠣ ᠬᠠᠶᠢᠷᠠᠯᠠᠨ ᠰᠠᠨᠠᠬᠤ ᠬᠦᠮᠦᠨ ᠦᠭᠡᠷ᠎ᠡ ᠬᠤᠣᠰ ᠦᠭᠡᠢ ᠭᠡᠭᠴᠢ ᠶᠢ

ᠮᠡᠳᠡᠭᠦᠯᠵᠦ᠂ ᠶᠠᠮᠠᠷ ᠶᠠᠪᠣᠳᠠᠯ᠂ ᠬᠦᠴᠢᠷ ᠲᠦᠪᠡᠭ᠂ ᠰᠡᠳᠬᠢᠯ ᠤᠨ ᠴᠣᠬᠢᠯᠲᠠ᠂ ᠳᠠᠷᠣᠯᠠᠯ ᠲᠣᠷᠣᠮᠵᠢᠯᠠᠯ ᠠᠮᠰᠠᠵᠦ

ᠪᠠᠶᠢᠭᠰᠠᠨ ᠴᠦ ᠨᠢᠭᠤᠯ ᠦᠭᠡᠢ ᠡᠴᠢᠭᠡ ᠡᠭᠡ ᠶᠢᠨ ᠢᠶᠠᠨ ᠠᠯᠢ ᠨᠢᠭᠡᠨ ᠳᠤ ᠨᠢ ᠬᠡᠯᠡᠵᠦ ᠪᠠᠶᠢᠬᠤ ᠴᠢᠬᠤᠯᠠᠲᠠᠢ ᠶᠤᠮ

ᠭᠡᠭᠴᠢ ᠶᠢ ᠣᠬᠠᠭᠠᠷᠠᠭᠤᠯᠵᠦ ᠰᠡᠩᠭᠡᠷᠡᠬᠦᠯᠬᠦ ᠬᠡᠷᠡᠭᠲᠠᠢ᠃

      15. ᠠᠮᠣᠷ ᠲᠦᠪᠰᠢᠨ ᠤ ᠬᠦᠮᠦᠵᠢᠯ ᠢ ᠪᠠᠶᠢᠩᠭᠤ ᠬᠢᠵᠦ ᠪᠠᠶᠢᠭᠠᠷᠠᠢ᠃ ᠠᠮᠣᠷ ᠲᠦᠪᠰᠢᠨ ᠤ ᠨᠢᠭᠤᠭᠳᠠᠮᠠᠯ

ᠬᠡᠮ ᠰᠣᠭᠤᠭ ᠬᠠᠮᠢᠭ᠎ᠠ ᠴᠦ ᠣᠷᠣᠰᠢᠵᠦ ᠪᠣᠢ᠃ ︽ᠪᠡᠶ᠎ᠡ ᠪᠠᠶᠢᠪᠠᠯ ᠪᠡᠭᠡᠵᠢᠩ︾ ᠭᠡᠳᠡᠭ ᠢᠶᠠᠷ ᠲᠡᠷᠭᠡ ᠣᠨᠤᠭ᠎ᠠ ᠵᠠᠮ

ᠬᠠᠷᠢᠯᠴᠠᠭᠠᠨ ᠤ ᠠᠶᠣᠯ᠂ ᠣᠰᠣ ᠴᠠᠬᠢᠯᠭᠠᠨ ᠤ ᠠᠶᠣᠯ᠂ ᠬᠡᠨᠡᠳᠲᠠ ᠶᠢᠨ ᠠᠶᠣᠯ ᠁ ᠭᠡᠳ ᠲᠦᠭᠡᠮᠡᠯ

ᠣᠷᠣᠰᠢᠵᠦ ᠪᠠᠶᠢᠬᠤ ᠠᠴᠠ ᠦᠷᠬᠦᠯᠵᠢ ᠪᠡᠶ᠎ᠡ ᠪᠠᠨ ᠬᠠᠮᠠᠭᠠᠯᠠᠬᠤ᠂ ᠠᠶᠣᠯ ᠢ ᠣᠷᠢᠳᠴᠢᠯᠠᠨ ᠰᠡᠷᠭᠡᠶᠢᠯᠡᠬᠦ ᠣᠬᠠᠭᠠᠨ ᠢ

ᠵᠢᠭᠠᠵᠦ ᠰᠣᠷᠭᠠᠬᠤ ᠨᠢ ᠦᠷ᠎ᠡ ᠬᠡᠣᠬᠡᠳ ᠢᠶᠠᠨ ᠰᠠᠷᠠᠭᠤᠯ ᠣᠬᠠᠭᠠᠨ ᠡᠷᠡᠬᠦᠯ ᠪᠡᠶ᠎ᠡ ᠲᠠᠢ ᠠᠮᠣᠷ ᠲᠠᠶᠢᠪᠣᠩ

ᠦᠰᠭᠡᠬᠦ ᠶᠢᠨ ᠲᠡᠷᠢᠬᠦᠨ ᠨᠦᠬᠦᠴᠡᠯ ᠮᠦᠨ᠃

      16. ᠪᠠᠭᠰᠢ ᠠᠬᠠᠮᠠᠳ ᠢᠶᠠᠨ ᠬᠦᠨᠳᠦᠯᠡᠬᠦ ᠶᠢ ᠰᠣᠷᠭᠠᠬᠤ ᠭᠡᠷᠡᠭᠳᠠᠢ᠃ ︽ᠴᠢᠩᠭ᠎ᠠ ᠪᠠᠭᠰᠢ ᠠᠴᠠ ᠬᠠᠳᠠᠭᠤ

ᠱᠠᠪᠢ︾ ᠭᠡᠳᠡᠭ᠃ ᠬᠡᠣᠬᠡᠳ ᠤᠨ ᠢᠶᠠᠨ ᠵᠠᠬ᠎ᠠ ᠳᠤ ᠪᠠᠭᠰᠢ ᠶᠢ ᠨᠢ ᠮᠠᠭᠤᠯᠠᠵᠦ ᠪᠣᠯᠬᠤ ᠦᠭᠡᠢ᠂ ᠶᠠᠮᠠᠷ ᠮᠠᠭᠤ ᠲᠠᠢ

ᠪᠠᠶᠢᠭᠰᠠᠨ ᠴᠦ ᠬᠡᠰᠡᠨ ᠢᠡᠭᠬᠢᠵᠤ ᠬᠢᠭᠦ ᠨᠢ ᠪᠤᠷᠤᠭᠤ ᠶᠤᠮ᠃ ᠣᠴᠢᠷ ᠨᠢ ᠭᠡᠷ ᠤᠨ ᠠᠬᠠᠮᠠᠳ ᠨᠢ ᠬᠦᠷᠳᠡᠯ᠎ᠡ

ᠦᠭᠡᠶᠢᠰᠭᠡᠭᠰᠡᠨ ᠪᠠᠭᠰᠢ ᠠᠴᠠ ᠦᠷ᠎ᠡ ᠬᠡᠣᠬᠡᠳ ᠨᠢ ᠶᠠᠭᠤᠮ᠎ᠠ ᠰᠣᠷᠴᠦ ᠲᠡᠶᠢᠯᠦᠨ᠎ᠡ ᠭᠡᠵᠦ ᠪᠠᠶᠢᠵᠦ ᠪᠣᠯᠵᠣᠰᠢ          

ᠦᠭᠡᠢ᠃ ᠪᠠᠭᠰᠢ ᠶᠢᠨ ᠬᠢᠨᠢ ᠲᠣᠬᠠᠢ ᠬᠦᠨᠳᠦᠳᠬᠡᠯ ᠪᠢᠰᠢᠷᠡᠯ ᠤᠨ ᠰᠡᠳᠬᠢᠯᠭᠡ ᠶᠢ ᠨᠢ ᠬᠡᠷ ᠤᠨ ᠠᠬᠠᠮᠠᠳ ᠨᠢ ᠡᠷᠬᠦᠵᠦ

ᠮᠠᠭᠳᠠᠵᠦ ᠳᠡᠭᠡᠭᠰᠢᠯᠡᠬᠦᠯᠵᠦ ᠶᠠᠪᠣᠪᠠᠯ ᠬᠡᠣᠬᠡᠳ ᠴᠢᠨᠢ ᠪᠠᠭᠰᠢ ᠳᠤ ᠪᠠᠨ ᠣᠯᠠᠮ ᠢᠳᠡᠭᠡᠯ ᠪᠢᠰᠢᠷᠡᠯ ᠲᠠᠢ ᠪᠣᠯᠵᠦ ᠣᠯᠠᠮ

ᠣᠷᠮᠠᠰᠢᠨ ᠬᠢᠴᠢᠶᠡᠨ ᠰᠣᠷᠴᠦ ᠰᠣᠨᠣᠰᠬᠤ ᠪᠣᠯᠣᠨ᠎ᠠ᠃

      17. ᠡᠬᠡ ᠬᠡᠯᠡᠨ ᠤ ᠬᠦᠮᠦᠵᠢᠯ ᠢ ᠰᠠᠶᠢᠳᠣᠷ ᠬᠢᠵᠦ᠂ ᠡᠬᠡ ᠬᠡᠯᠡᠨ ᠤ ᠬᠡᠪ ᠪᠣᠯᠪᠠᠰᠣᠷᠠᠯ ᠤᠨ ᠰᠠᠭᠤᠷᠢ ᠶᠢ ᠨᠢ

ᠪᠠᠲᠦ ᠲᠠᠯᠪᠢᠵᠦ ᠥᠭᠬᠦᠭᠡᠷᠠᠢ᠃ ᠶᠠᠫᠣᠨ ᠤ ᠨᠣᠫᠧᠯ ᠤᠨ ᠱᠠᠩᠨᠠᠯᠲᠦ ᠹᠢᠽᠢᠺᠴᠢ ᠲᠣᠰᠢᠾᠢᠳᠧ ᠮᠠᠰᠺᠠᠸᠠ᠄ ︽ᠶᠠᠫᠣᠨ

ᠬᠡᠣᠬᠡᠳ ᠤᠳ ᠲᠤ ᠪᠠᠭ᠎ᠠ ᠨᠠᠰᠣᠨ ᠠᠴᠠ ᠨᠢ ᠡᠬᠢᠯᠡᠭᠡᠳ ᠪᠦᠬᠦ ᠮᠡᠳᠡᠯᠭᠡ ᠶᠢ ᠶᠠᠫᠣᠨ ᠬᠡᠯᠡ ᠪᠠᠷ ᠣᠯᠭᠤᠵᠦ          

ᠪᠠᠶᠢᠨ᠎ᠠ᠃ ᠡᠬᠡ ᠬᠡᠯᠡ ᠪᠠᠷ ᠡᠬᠢᠯᠡᠵᠦ ᠣᠯᠵᠦ ᠠᠪᠣᠭᠰᠠᠨ ᠮᠡᠳᠡᠯᠭᠡ ᠬᠠᠮᠤᠭ ᠤᠨ ᠪᠠᠲᠣᠲᠠᠢ᠂ ᠴᠠᠭᠠᠰᠢ ᠬᠦᠭᠵᠢᠬᠦ

ᠪᠣᠯᠣᠯᠴᠠᠭ᠎ᠠ ᠢᠯᠡᠬᠦᠦ ᠪᠠᠶᠢᠳᠠᠭ︾ ᠬᠡᠵᠦ ᠬᠡᠯᠡᠰᠡᠨᠴᠢᠯᠠᠨ ᠡᠬᠡ ᠬᠡᠯᠡᠨ ᠤ ᠪᠣᠯᠪᠠᠰᠣᠷᠠᠯ ᠢ ᠬᠠᠮᠵᠢᠨ ᠰᠠᠶᠢᠳᠣᠷ ᠬᠢᠵᠦ

ᠪᠠᠳᠣ ᠰᠠᠭᠤᠷᠢ ᠶᠢ ᠨᠢ ᠲᠠᠯᠪᠢᠵᠦ ᠥᠭᠪᠡᠯ ᠬᠡᠣᠬᠡᠳ ᠴᠢᠨᠢ ᠪᠣᠰᠣᠳ ᠬᠡᠯᠡ ᠰᠣᠷᠣᠭᠰᠠᠨ ᠴᠦ ᠰᠠᠶᠢᠨ ᠰᠣᠷᠴᠦ

ᠲᠡᠶᠢᠯᠬᠦ ᠶᠤᠮ᠃ ᠣᠴᠢᠷ ᠨᠢ ᠡᠬᠡ ᠬᠡᠯᠡ ᠴᠢᠨᠢ ᠪᠣᠰᠣᠳ ᠮᠡᠳᠡᠯᠭᠡ ᠰᠣᠷᠬᠤ ᠳᠤ ᠬᠦᠭᠦᠷᠭᠡ ᠶᠢᠨ ᠣᠶᠢᠯᠡᠳᠦᠯ

ᠭᠠᠷᠭᠠᠵᠦ ᠲᠣᠯᠭᠠᠭᠤᠷᠢᠯᠠᠵᠦ ᠪᠠᠶᠢᠳᠠᠭ᠃ ᠡᠬᠦᠨ ᠳᠤ ᠬᠡᠷ ᠵᠠᠭᠤᠷ᠎ᠠ ᠪᠠᠨ ᠡᠬᠡ ᠬᠡᠯᠡ ᠪᠠᠷ ᠢᠶᠠᠨ ᠣᠷᠣᠰᠣᠮ᠎ᠠ ᠰᠠᠶᠢᠬᠠᠨ

ᠬᠠᠷᠢᠯᠴᠠᠵᠦ᠂ ᠬᠡᠣᠬᠡᠳ ᠲᠤ ᠪᠠᠨ ᠡᠳᠦᠷ ᠪᠦᠷᠢ ᠨᠣᠮ ᠰᠡᠳᠬᠦᠯ ᠣᠩᠰᠢᠵᠦ ᠥᠭᠬᠦ ᠨᠢ ᠡᠬᠡ ᠬᠡᠯᠡ ᠪᠠᠨ ᠰᠠᠶᠢᠨ

ᠰᠣᠷᠴᠦ ᠬᠡᠷᠡᠭᠯᠡᠬᠦ ᠪᠠ ᠬᠡᠯᠡ ᠰᠣᠶᠣᠯ ᠳᠤ ᠪᠠᠨ ᠬᠠᠶᠢᠷᠠᠲᠠᠢ ᠬᠠᠷᠢᠭᠤᠴᠠᠯᠭᠠᠲᠠᠢ ᠪᠣᠯᠵᠦ ᠬᠦᠮᠦᠵᠢᠬᠦ ᠳᠤ ᠨᠢ ᠲᠣᠰᠠ

ᠪᠣᠯᠳᠠᠭ᠃ ᠡᠰᠡᠷᠬᠦ ᠪᠠᠷ ᠨᠢᠭᠡ ᠬᠡᠣᠬᠡᠳ ᠢ ᠦᠭᠡᠢ ᠬᠢᠶ᠎ᠡ ᠭᠡᠪᠡᠯ ᠲᠡᠬᠦᠨ ᠳᠤ ᠭᠠᠷ ᠣᠳᠠᠰᠦ ᠥᠭᠬᠦᠭᠡᠳ

ᠲᠣᠷ᠎ᠠ ᠪᠠᠷ ᠨᠢ ᠲᠠᠯᠪᠢᠴᠢᠬ᠎ᠠ︕

      18. ᠡᠴᠢᠭᠡ ᠡᠬᠡ ᠪᠣᠯᠣᠭᠰᠠᠳ ᠦᠷ᠎ᠡ ᠬᠡᠣᠬᠡᠳ ᠢᠶᠠᠨ ᠰᠣᠷᠭᠠᠨ ᠬᠦᠮᠦᠵᠢᠬᠦᠯᠬᠦ ᠳᠤ ᠣᠶᠣᠨ ᠣᠬᠠᠭᠠᠨ᠂

ᠬᠦᠴᠦ ᠬᠦᠳᠡᠯᠮᠦᠷᠢ᠂ ᠠᠵᠣ ᠠᠬᠤᠢ ᠶᠢᠨ ᠪᠡᠯᠡ ᠣᠷᠣᠭᠤᠯᠬᠤ ᠪᠠᠷ ᠪᠠᠷᠠᠬᠤ ᠦᠭᠡᠢ ᠨᠡᠩ ᠴᠢᠬᠤᠯᠠ ᠨᠢ

ᠦᠪᠡᠷᠰᠡᠳ ᠲᠤ ᠪᠠᠨ ᠪᠡᠯᠡ ᠣᠷᠣᠭᠤᠯᠬᠤ ᠴᠢᠬᠤᠯᠠᠲᠠᠢ᠃ ᠣᠴᠢᠷ ᠨᠢ ᠦᠷ᠎ᠡ ᠬᠡᠣᠬᠡᠳ ᠲᠠᠢ ᠪᠣᠯᠣᠮᠠᠨᠵᠢᠨ ᠰᠠᠶ᠋ᠢ

ᠠᠩᠬᠠᠯᠠᠨ ᠡᠴᠢᠭᠡ ᠡᠬᠡ ᠪᠣᠯᠵᠦ ᠢᠳᠡᠭ ᠢᠳᠡᠭ ᠢᠶᠠᠷ ᠰᠣᠷᠭᠠᠵᠦ ᠬᠦᠮᠦᠵᠢᠬᠦᠯᠬᠦ ᠣᠬᠠᠭᠠᠨ ᠢ ᠰᠣᠷᠳᠠᠭ ᠣᠴᠢᠷ ᠬᠡᠨ

ᠪᠣᠯᠪᠠᠴᠦ ᠲᠣᠷᠰᠢᠯᠭ᠎ᠠ ᠮᠡᠬᠦᠰ ᠶᠣᠮ᠃ ᠡᠶᠢᠮᠦ ᠠᠴᠠ ᠬᠡᠣᠬᠡᠳ ᠤᠨ ᠬᠦᠮᠦᠵᠢᠯ ᠤᠨ ᠲᠣᠬᠠᠢ ᠨᠣᠮ ᠰᠡᠳᠬᠦᠯ ᠣᠩᠰᠢᠨ

ᠣᠷᠢᠳ ᠢᠶᠠᠷ ᠰᠢᠯᠢᠳᠡᠭ ᠡᠴᠢᠭᠡ ᠡᠭᠡ ᠪᠣᠯᠬᠤ ᠶᠢᠨ ᠶᠣᠰᠣ ᠵᠦᠢ᠂ ᠠᠷᠭ᠎ᠠ ᠣᠬᠠᠭᠠᠨ᠂ ᠡᠷᠳᠡᠮ ᠴᠢᠳᠠᠪᠣᠷᠢ᠂ ᠬᠡᠪ

ᠪᠣᠯᠪᠠᠰᠣᠷᠠᠯ᠂ ᠲᠣᠷᠰᠢᠯᠭ᠎ᠠ ᠰᠣᠷᠭᠠᠮᠵᠢ ᠶᠢ ᠬᠤᠷᠠᠮᠳᠣᠭᠤᠯᠣᠨ᠂ ᠳᠠᠭᠠᠣ ᠳᠤ ᠨᠢ ᠦᠢᠯᠡᠳᠦᠯᠭᠡᠵᠢᠭᠦᠯᠪᠡᠯ ᠦᠷ᠎ᠡ

ᠠᠰᠢᠭ ᠨᠢ ᠮᠡᠳᠡᠭᠳᠡᠮ᠎ᠡ ᠪᠣᠯᠳᠠᠭ᠃ ᠡᠬᠦᠨ ᠳᠤ ᠣᠯᠠᠮᠵᠢᠯᠠᠯᠲᠦ ᠶᠣᠰᠣ ᠵᠠᠩᠰᠢᠯ ᠤᠨ ᠲᠣᠬᠠᠢ᠂ ᠬᠡᠣᠬᠡᠳ ᠤᠨ

ᠬᠦᠮᠦᠵᠢᠯ ᠤᠨ ᠲᠣᠬᠠᠢ ᠣᠯᠠᠨ ᠰᠠᠶᠢᠬᠠᠨ ᠨᠣᠮ ᠰᠡᠳᠬᠦᠯ ᠭᠠᠷᠴᠦ ᠪᠣᠢ᠃ ᠴᠠᠭ ᠮᠥᠩᠬᠦ ᠪᠠᠨ ᠬᠠᠶᠢᠷᠠᠯᠠᠯ ᠦᠭᠡᠢ

ᠠᠪᠴᠦ ᠣᠶᠣᠨ ᠤ ᠪᠡᠯᠡ ᠣᠷᠣᠭᠤᠯᠵᠦ ᠪᠠᠶᠢᠭᠠᠷᠠᠢ᠃ ᠵᠢᠱᠢᠶᠡᠯᠡᠪᠡᠯ᠂ ︽ᠲᠣᠭᠲᠠᠮ ᠬᠦᠮᠦᠵᠢᠯ ᠬᠢᠭᠡᠳ ᠠᠪᠢᠶᠠᠰ

ᠪᠢᠯᠢᠭᠳᠡᠨ︾᠂ ︽ᠡᠵᠢ ᠬᠠᠮᠤᠭ ᠰᠠᠶᠢᠨ ᠪᠠᠭᠰᠢ︾᠂ ︽ᠬᠦᠪᠡᠭᠦᠳ ᠤᠨ ᠬᠦᠮᠦᠵᠢᠯ︾᠂ ︽ᠥᠬᠢᠳ ᠤᠨ

ᠬᠦᠮᠦᠵᠢᠯ︾ ᠁ ᠡᠬᠦᠨ ᠠᠴᠠ ᠭᠠᠳᠠᠨ᠎ᠠ ᠪᠤᠰᠤᠳ ᠬᠡᠪᠯᠡᠯ ᠤᠨ ᠣᠯᠠᠨ ᠰᠠᠶᠢᠬᠠᠨ ᠬᠡᠣᠬᠡᠳ ᠤᠨ ᠬᠦᠮᠦᠵᠢᠯ ᠤᠨ

ᠲᠣᠬᠠᠢ ᠨᠣᠮ ᠰᠡᠳᠬᠦᠯ ᠦᠯᠢᠭᠡᠷ ᠵᠢᠱᠢᠶ᠎ᠠ ᠪᠣᠢ᠃

      ᠬᠡᠣᠬᠡᠳ ᠢᠶᠠᠨ ᠪᠠᠭ᠎ᠠ ᠳᠤ ᠨᠢ ᠠᠮᠵᠢᠵᠦ ᠰᠠᠶᠢᠨ ᠰᠣᠷᠭ᠎ᠠ᠂ ᠲᠣᠮᠣ ᠪᠣᠯᠴᠢᠬᠠᠪᠠᠯ ᠴᠢᠨᠣ ᠦᠭᠡ ᠶᠢ ᠰᠣᠨᠣᠰᠬᠤ

ᠦᠭᠡᠢ ᠪᠣᠯᠴᠢᠬᠠᠬᠤ ᠣᠴᠢᠷ ᠰᠣᠷᠭᠠᠪᠠᠴᠦ ᠲᠠᠯᠠᠭᠠᠷ ᠪᠣᠯᠣᠨ᠎ᠠ᠂ ᠬᠡᠮᠰᠢᠪᠡᠴᠦ ᠣᠷᠦ᠋ᠢᠲᠠᠨ᠎ᠠ᠃ ᠣᠴᠢᠷ ᠨᠢ ᠬᠡᠣᠬᠡᠳ

ᠨᠠᠰᠣ ᠨᠢ ᠮᠥᠨᠦᠭᠡᠨ ᠬᠡᠳᠦᠭᠡᠨ ᠵᠢᠯ ᠰᠢᠣ ᠳ᠋ᠠ᠂ ᠬᠡᠣᠬᠡᠳ ᠨᠠᠰᠣᠨ ᠳᠤ ᠨᠢ ᠬᠡᠣᠬᠡᠳ ᠲᠤ ᠪᠠᠨ ᠪᠡᠶ᠎ᠡ ᠪᠠᠷ ᠢᠶᠠᠨ ᠬᠡᠪ

ᠳᠠᠭᠤᠷᠢᠶᠠᠯ ᠪᠣᠯᠵᠦ᠂ ᠭᠠᠷ ᠣᠳᠠᠰᠦ ᠪᠠᠨ ᠲᠠᠯᠪᠢᠵᠦ᠂ ᠬᠡᠣᠬᠡᠳ ᠲᠠᠢ ᠪᠠᠨ ᠢᠯᠡᠬᠦᠬᠡᠨ ᠴᠠᠭ ᠵᠠᠢ ᠭᠠᠷᠭᠠᠨ

ᠵᠣᠭᠤᠭᠳᠠᠵᠦ᠂ ᠬᠠᠮᠲᠦ ᠪᠠᠶᠢᠯᠴᠠᠵᠦ᠂ ᠣᠶᠢᠯᠠᠭᠠᠯᠴᠠᠵᠦ᠂ ᠢᠯᠡᠬᠦᠬᠡᠨ ᠳᠡᠮᠵᠢᠵᠦ ᠵᠣᠷᠢᠬᠵᠢᠭᠤᠯᠵᠦ᠂ ᠴᠣᠭᠭᠠᠷ

ᠦᠰᠦᠨ ᠪᠤᠶᠢᠵᠢᠪᠠᠯ ᠲᠠᠨ ᠤ ᠬᠡᠣᠬᠡᠳ ᠴᠢᠨᠢ ᠡᠶᠢᠮᠦ ᠡᠨᠡᠷᠢᠯᠲᠦ ᠡᠴᠢᠭᠡ ᠡᠬᠡ ᠲᠠᠢ ᠪᠣᠯᠣᠭᠰᠠᠨ ᠳᠤ ᠪᠠᠨ

ᠨᠠᠰᠣ ᠪᠠᠷ ᠢᠶᠠᠨ ᠣᠮᠣᠭᠰᠢᠵᠦ ᠠᠴᠢᠯᠠᠬᠤ ᠶᠤᠮ᠃

      ᠬᠡᠣᠬᠡᠳ ᠤᠨ ᠴᠢᠨᠢ ᠢᠷᠡᠭᠡᠳᠦᠢ ᠳᠤ ᠴᠠᠭ ᠦᠶ᠎ᠡ᠂ ᠨᠡᠶᠢᠭᠡᠮ ᠲᠠᠢ ᠵᠣᠬᠢᠴᠠᠭᠰᠠᠨ ᠵᠦᠪ ᠦᠭᠡᠳᠡᠷᠭᠡᠭ ᠬᠦᠮᠦᠨ

ᠪᠣᠯᠬᠤ ᠶᠢᠨ ᠦᠨᠳᠦᠰᠦᠨ ᠬᠦᠮᠦᠵᠢᠯ ᠨᠢ ᠲᠠ ᠪᠢᠳᠡ ᠦᠢ ᠲᠦᠮᠡᠨ ᠡᠴᠢᠭᠡ ᠡᠬᠡ ᠶᠢᠨ ᠦᠪᠡᠷ ᠤᠨ ᠬᠢᠨᠢ ᠬᠡᠪ

ᠪᠣᠯᠪᠠᠰᠣᠷᠠᠯ᠂ ᠬᠠᠳᠠᠭᠤ ᠪᠠᠷᠢᠮᠲᠠᠯᠠᠯ᠂ ᠭᠡᠷ ᠪᠦᠯᠢ ᠶᠢᠨ ᠰᠣᠷᠲᠠᠯ ᠰᠣᠷᠭᠠᠯ᠂ ᠰᠣᠶᠣᠯ ᠬᠦᠮᠦᠵᠢᠯ ᠠᠴᠠ

ᠰᠢᠯᠲᠠᠭᠠᠯᠠᠭᠳᠠᠬᠤ ᠶᠢᠨ ᠣᠴᠢᠷ ᠡᠴᠢᠬᠡ ᠡᠬᠡ᠂ ᠭᠡᠷ ᠤᠨ ᠠᠬᠠᠮᠠᠳ ᠪᠣᠯᠣᠭᠰᠠᠳ ᠬᠡᠣᠬᠡᠳ ᠠᠴᠠ ᠪᠠᠨ ᠡᠮᠦᠨ᠎ᠡ

ᠦᠪᠡᠷ ᠢ ᠪᠠᠨ ᠰᠠᠶᠢᠨ ᠪᠡᠯᠡᠳᠬᠦ ᠬᠡᠷᠡᠭᠲᠠᠢ᠃

      ︽ᠬᠡᠣᠬᠡᠳ ᠢᠶᠠᠨ ᠬᠠᠶᠢᠷᠠᠯᠠᠪᠠᠰᠣ ᠬᠤᠷ ᠮᠢᠬᠠᠲᠦ ᠪᠣᠯᠭᠠᠭᠳᠣᠨ᠂ ᠬᠠᠶᠢᠷᠠᠯᠠᠪᠠᠴᠣ ᠬᠠᠯᠠᠳᠣᠨ         

ᠰᠣᠷᠭᠠᠭᠳᠣᠨ︕︾ ᠭᠡᠰᠡᠨ ᠪᠢᠯᠢᠭ ᠰᠣᠶᠣᠷᠬᠠᠯ ᠢ ᠰᠠᠨᠠᠵᠦ ᠶᠠᠪᠣᠶ᠎ᠠ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠳ᠋ᠠᠪᠠᠨ ᠤ ᠮᠣᠩᠭᠤᠯ ᠦᠨᠳᠦᠰᠦᠲᠡᠨ ᠤ 

                                ᠳᠣᠮᠳᠠᠳᠦ ᠰᠣᠷᠭᠠᠭᠤᠯᠢ 

                                ︵ᠮᠦᠡᠭᠭᠦᠨᠴᠢᠮᠡᠭ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map