ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠲᠢᠩᠬᠢᠮ ᠨᠠᠮ ᠤᠨ ᠤᠳᠤᠷᠢᠳᠬᠤ ᠳᠤᠭᠤᠶᠢᠯᠠᠩ ᠤᠨ ᠥᠷᠭᠡᠳᠬᠡᠭᠰᠡᠨ ᠬᠤᠷᠠᠯ ᠢ ᠬᠤᠷᠠᠯᠳᠤᠭᠤᠯᠵᠤ ᠪᠦᠬᠦ ᠤᠯᠤᠰ ᠤᠨ ᠬᠤᠶᠠᠷ ᠬᠤᠷᠠᠯ ᠤᠨ ᠵᠣᠷᠢᠭ ᠰᠠᠨᠠᠭ᠎ᠠ ᠶᠢ ᠤᠯᠠᠮᠵᠢᠯᠠᠵᠤ  ᠰᠤᠷᠤᠯᠴᠠᠵᠤ ᠲᠤᠭᠤᠰᠢᠯᠠᠭᠤᠯᠪᠠ
ᠨᠡᠶᠢᠲᠡᠯᠡᠭᠰᠡᠨ ᠴᠠᠭ᠄
2024/3/14
      3 ᠳ᠋ᠤᠭᠠᠷ ᠰᠠᠷ᠎ᠠ ᠶᠢᠨ 13 ᠤ ᠡᠳᠦᠷ᠂ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ           ᠲᠢᠩᠬᠢᠮ ᠨᠠᠮ ᠤᠨ ᠤᠳᠤᠷᠢᠳᠬᠤ ᠳᠤᠭᠤᠶᠢᠯᠠᠩ ᠤᠨ ᠥᠷᠭᠡᠳᠬᠡᠭᠰᠡᠨ ᠬᠤᠷᠠᠯ ᠢ ᠬᠤᠷᠠᠯᠳᠤᠭᠤᠯᠵᠤ᠂ ᠪᠦᠬᠦ ᠤᠯᠤᠰ ᠤᠨ ᠬᠤᠶᠠᠷ ᠬᠤᠷᠠᠯ ᠤᠨ ᠵᠣᠷᠢᠭ ᠰᠠᠨᠠᠭ᠎ᠠ ᠪᠠ ᠪᠦᠬᠦ ᠣᠷᠣᠨ  ᠤ ᠺᠠᠳ᠋ᠷᠴᠤᠳ ᠤᠨ ᠶᠡᠭᠡ ᠬᠤᠷᠠᠯ ᠤᠨ ᠵᠣᠷᠢᠭ ᠰᠠᠨᠠᠭ᠎ᠠ ᠶᠢ ᠣᠯᠠᠮᠵᠢᠯᠠᠵᠤ ᠰᠤᠷᠤᠯᠴᠠᠨ ᠲᠤᠭᠤᠰᠢᠯᠠᠭᠤᠯᠵᠤ᠂ ᠳᠠᠷᠠᠭ᠎ᠠ ᠠᠯᠬᠤᠮ ᠤᠨ ᠠᠵᠢᠯ ᠢ ᠲᠣᠬᠢᠷᠠᠭᠤᠯᠤᠨ ᠪᠠᠶᠢᠷᠢᠯᠠᠭᠤᠯᠪᠠ᠃ ᠥᠪᠡᠷᠲᠡᠭᠡᠨ ᠵᠠᠰᠠᠬᠤ ᠣᠷᠣᠨ ᠤ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠰᠤᠷᠭᠠᠨ ᠬᠥᠮᠦᠵᠢᠯ ᠤᠨ ᠠᠵᠢᠯ ᠤᠨ ᠬᠤᠷᠢᠶᠠᠨ ᠤ ᠱᠦᠵᠢ᠂ ᠰᠤᠷᠭᠠᠨ ᠬᠥᠮᠦᠵᠢᠯ ᠤᠨ ᠲᠢᠩᠬᠢᠮ ᠤᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠲᠢᠩᠬᠢᠮ ᠤᠨ ᠳᠠᠷᠤᠭ᠎ᠠ ᠶᠠᠩ ᠵᠢᠶᠧ ᠶᠠᠷᠢᠶ᠎ᠠ ᠲᠠᠯᠪᠢᠪᠠ᠃      ᠬᠤᠷᠠᠯ ᠠᠴᠠ᠂ ᠡᠨᠡ ᠵᠢᠯ ᠤᠨ ᠪᠦᠬᠦ ᠤᠯᠤᠰ ᠤᠨ ᠬᠤᠶᠠᠷ ᠬᠤᠷᠠᠯ ᠪᠣᠯ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ 75 ᠵᠢᠯ ᠤᠨ ᠣᠢ᠂ ︽ᠠᠷᠪᠠᠨ ᠳᠥᠷᠪᠡᠳᠦᠭᠡᠷ ᠲᠠᠪᠤᠨ ᠵᠢᠯ︾ ᠤᠨ ᠲᠥᠯᠥᠪᠵᠢᠭᠦᠯᠭᠡ ᠶᠢᠨ ᠬᠠᠷᠠᠯᠲᠠ ᠪᠠ ᠡᠭᠦᠷᠭᠡ ᠶᠢ ᠪᠡᠶᠡᠯᠡᠭᠦᠯᠬᠦ ᠵᠠᠩᠭᠢᠯᠠᠭ᠎ᠠ ᠶᠢᠨ ᠨᠢᠭᠡ ᠵᠢᠯ ᠳᠤ ᠬᠤᠷᠠᠯᠳᠤᠭᠰᠠᠨ ᠴᠢᠬᠤᠯᠠ ᠬᠤᠷᠠᠯ ᠪᠣᠯᠤᠨ᠎ᠠ᠃ ᠪᠦᠬᠦ ᠣᠷᠣᠨ ᠤ ᠰᠤᠷᠭᠠᠨ ᠬᠥᠮᠦᠵᠢᠯ ᠤᠨ ᠰᠢᠰᠲ᠋ᠧᠮ ᠤᠨ ᠨᠠᠮ ᠤᠨ ᠭᠡᠰᠢᠭᠦᠨ ᠺᠠᠳ᠋ᠷᠴᠤᠳ ᠪᠦᠬᠦ ᠤᠯᠤᠰ ᠤᠨ ᠬᠤᠶᠠᠷ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠬᠤ ᠶᠢ ᠶᠡᠷᠦᠩᠬᠡᠢ ᠱᠦᠵᠢ ᠰᠢ ᠶᠢᠨ ᠫᠢᠩ ᠤᠨ ᠰᠤᠷᠭᠠᠨ ᠬᠥᠮᠦᠵᠢᠯ ᠤᠨ ᠲᠤᠬᠠᠢ ᠴᠢᠬᠤᠯᠠ ᠥᠭᠦᠯᠡᠯᠲᠡ ᠪᠣᠯᠤᠨ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠬᠤ ᠲᠠᠢ ᠤᠶᠠᠯᠳᠤᠭᠤᠯᠵᠤ᠂ ᠰᠤᠷᠭᠠᠨ ᠬᠥᠮᠦᠵᠢᠯ ᠤᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠵᠦ ᠳᠡᠰ ᠳᠡᠪᠰᠢᠭᠦᠯᠬᠦ ᠠᠵᠢᠯᠯᠠᠭᠠᠨ ᠤ ᠲᠥᠯᠥᠪᠯᠡᠭᠡ ᠶᠢ ᠬᠡᠷᠡᠭᠵᠢᠭᠦᠯᠬᠦ ᠠᠴᠠ ᠭᠠᠷᠳᠠᠵᠤ᠂ ᠡᠯ᠎ᠡ ᠵᠦᠢᠯ ᠤᠨ ᠲᠥᠷᠥ ᠶᠢᠨ ᠪᠣᠳᠣᠯᠭ᠎ᠠ ᠶᠢ ᠪᠣᠳᠠᠲᠠᠶᠢᠵᠢᠭᠤᠯᠤᠨ ᠨᠠᠶᠢᠳᠠᠪᠤᠷᠢᠵᠢᠭᠤᠯᠬᠤ ᠶᠢ ᠪᠦᠬᠦ ᠲᠠᠯ᠎ᠠ ᠪᠠᠷ ᠡᠮᠬᠢᠯᠡᠨ ᠠᠬᠢᠭᠤᠯᠵᠤ᠂ ᠰᠤᠷᠭᠠᠨ ᠬᠥᠮᠦᠵᠢᠯ ᠤᠨ ᠬᠥᠭᠵᠢᠯᠲᠡ ᠶᠢᠨ ᠬᠦᠷᠦᠯᠴᠡᠬᠦ ᠦᠭᠡᠢ ᠲᠠᠯ᠎ᠠ ᠪᠠᠭᠤᠷᠠᠢ ᠲᠠᠯ᠎ᠠ ᠶᠢ ᠨᠥᠬᠦᠪᠦᠷᠢᠯᠡᠨ᠂ ᠴᠢᠨᠠᠷᠯᠢᠭ ᠰᠤᠷᠭᠠᠨ ᠬᠥᠮᠦᠵᠢᠯ ᠤᠨ ᠳᠣᠭᠲᠠᠯᠴᠠᠭ᠎ᠠ ᠶᠢ ᠥᠳᠲᠡᠷ ᠲᠦᠷᠭᠡᠨ ᠪᠠᠶᠢᠭᠤᠯᠬᠤ ᠬᠡᠷᠡᠭᠲᠡᠢ ᠭᠡᠵᠦ ᠴᠢᠬᠤᠯᠠᠴᠢᠯᠠᠪᠠ᠃      ᠬᠤᠷᠠᠯ ᠠᠴᠠ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠪᠠᠷ ᠠᠵᠢᠯ ᠤᠨ ᠭᠤᠣᠯ ᠰᠢᠵᠢᠮ ᠪᠣᠯᠭᠠᠵᠤ᠂ ᠶᠣᠰᠣ ᠰᠤᠷᠲᠠᠬᠤᠨ ᠢ ᠪᠣᠢ ᠪᠣᠯᠭᠠᠨ ᠬᠥᠮᠦᠨ ᠬᠥᠮᠦᠵᠢᠭᠦᠯᠬᠦ ᠦᠨᠳᠦᠰᠦᠨ ᠡᠭᠦᠷᠭᠡ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠶᠡᠭᠡ ᠳᠡᠭᠡᠳᠦ ᠰᠤᠷᠭᠠᠭᠤᠯᠢ ᠳᠤᠮᠳᠠᠳᠤ ᠪᠠᠭ᠎ᠠ ᠰᠤᠷᠭᠠᠭᠤᠯᠢ ᠶᠢᠨ ᠦᠵᠡᠯ ᠰᠠᠨᠠᠭ᠎ᠠ ᠤᠯᠤᠰ ᠲᠥᠷᠥ ᠶᠢᠨ ᠬᠥᠮᠦᠵᠢᠯ ᠢ ᠨᠢᠭᠡ ᠴᠣᠭᠴᠠᠵᠢᠭᠤᠯᠬᠤ ᠪᠠᠶᠢᠭᠤᠯᠤᠯᠲᠠ ᠶᠢ ᠠᠬᠢᠭᠤᠯᠤᠨ᠂ ᠶᠣᠰᠣ ᠰᠤᠷᠲᠠᠬᠤᠨ᠂ ᠣᠶᠤᠨ ᠤᠬᠠᠭᠠᠨ᠂ ᠪᠡᠶ᠎ᠡ ᠮᠠᠬᠠᠪᠣᠳ᠂ ᠭᠤᠸ᠎ᠠ ᠰᠠᠶᠢᠬᠠᠨ᠂ ᠬᠥᠳᠡᠯᠮᠦᠷᠢ ᠵᠡᠷᠭᠡ ᠪᠦᠬᠦ ᠲᠠᠯ᠎ᠠ ᠪᠠᠷ ᠬᠥᠭᠵᠢᠭᠰᠡᠨ ᠨᠡᠶᠢᠭᠡᠮ ᠵᠢᠷᠤᠮ ᠤᠨ ᠪᠦᠲᠦᠭᠡᠨ ᠪᠠᠶᠢᠭᠤᠯᠤᠭᠴᠢ ᠪᠠ ᠵᠠᠯᠭᠠᠮᠵᠢᠯᠠᠭᠴᠢ ᠶᠢ ᠬᠥᠮᠦᠵᠢᠭᠦᠯᠬᠦ ᠬᠡᠷᠡᠭᠲᠡᠢ᠃ ᠰᠤᠷᠭᠠᠭᠤᠯᠢ ᠶᠢᠨ ᠬᠦᠷᠢᠶᠡᠨ ᠤ ᠰᠣᠶᠣᠯ ᠤᠨ ᠪᠠᠶᠢᠭᠤᠯᠤᠯᠲᠠ ᠶᠢ ᠴᠢᠩᠭᠠᠳᠬᠠᠵᠤ᠂ ᠤᠳᠬ᠎ᠠ ᠰᠠᠨᠠᠭ᠎ᠠ ᠭᠦᠨ ᠭᠦᠨᠵᠡᠭᠡᠢ᠂ ᠠᠭᠤᠯᠤᠭᠳᠠᠬᠤᠨ ᠡᠯᠪᠡᠭ ᠪᠠᠶᠠᠯᠢᠭ᠂ ᠬᠠᠮᠲᠤ ᠳᠤ ᠪᠠᠨ ᠬᠤᠪᠢᠶᠠᠯᠴᠠᠨ ᠡᠳ᠋ᠯᠡᠬᠦ ᠳᠤᠮᠳᠠᠳᠤ ᠶᠢᠨ ᠰᠣᠶᠣᠯ ᠤᠨ ᠲᠡᠮᠳᠡᠭ ᠪᠠ ᠳᠦᠷᠢ ᠲᠥᠷᠬᠦ ᠶᠢ ᠢᠯᠡᠷᠡᠭᠦᠯᠬᠦ ᠬᠡᠷᠡᠭᠲᠡᠢ᠃ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠤᠨ ᠲᠦᠭᠡᠮᠡᠯ ᠬᠠᠷᠠᠭᠠᠯᠵᠠᠯᠲᠤ ᠬᠥᠭᠵᠢᠯᠲᠡ ᠶᠢ ᠠᠬᠢᠭᠤᠯᠵᠤ᠂ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠴᠢᠨᠠᠷᠯᠢᠭ ᠲᠡᠩᠴᠡᠭᠦᠷᠢᠲᠡᠢ ᠬᠥᠭᠵᠢᠯᠲᠡ ᠪᠠ ᠬᠤᠲᠠ ᠬᠥᠳᠡᠭᠡ ᠶᠢ ᠨᠢᠭᠡ ᠴᠣᠭᠴᠠᠵᠢᠭᠤᠯᠬᠤ ᠶᠢ ᠲᠦᠷᠭᠡᠳᠬᠡᠨ᠂ ᠰᠢᠶᠠᠨ ᠤ ᠬᠡᠪᠴᠢᠶᠡᠨ ᠤ ᠡᠩ ᠤᠨ  ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠵᠤ᠂ ︽ᠬᠤᠶᠠᠷ ᠢ ᠬᠥᠩᠭᠡᠷᠡᠭᠦᠯᠬᠦ︾ ᠠᠵᠢᠯ ᠢ ᠦᠷᠭᠦᠯᠵᠢᠯᠡᠨ ᠭᠦᠨᠵᠡᠭᠡᠶᠢᠷᠡᠭᠦᠯᠵᠦ᠂ ᠠᠷᠠᠳ ᠣᠯᠠᠨ ᠤ ᠪᠠᠴᠢᠮᠳᠠᠵᠤ ᠱᠠᠭᠠᠷᠳᠠᠭᠳᠠᠵᠤ ᠬᠦᠰᠡᠵᠦ ᠪᠠᠶᠢᠭ᠎ᠠ ᠵᠦᠢᠯ ᠳᠤ ᠠᠩᠬᠠᠷᠤᠯ ᠢᠶᠠᠨ ᠬᠠᠨᠳᠤᠭᠤᠯᠤᠨ᠂ ᠮᠠᠨ  ᠤ ᠣᠷᠣᠨ ᠤ ᠦᠨᠳᠦᠰᠦᠨ ᠣᠯᠠᠨ ᠨᠡᠶᠢᠲᠡ ᠶᠢᠨ ᠰᠤᠷᠭᠠᠨ ᠬᠥᠮᠦᠵᠢᠯ ᠤᠨ ᠦᠢᠯᠡᠴᠢᠯᠡᠭᠡᠨ ᠤ ᠬᠢᠷᠢ ᠲᠦᠪᠰᠢᠨ ᠢ ᠪᠦᠬᠦ ᠲᠠᠯ᠎ᠠ ᠪᠠᠷ ᠳᠡᠭᠡᠭᠰᠢᠯᠡᠭᠦᠯᠵᠦ᠂ ᠣᠨᠴᠠᠭᠠᠢ ᠰᠤᠷᠭᠠᠨ ᠬᠥᠮᠦᠵᠢᠯ᠂ ᠦᠷᠭᠦᠯᠵᠢᠯᠡᠯ ᠰᠤᠷᠭᠠᠨ ᠬᠥᠮᠦᠵᠢᠯ ᠢ ᠰᠠᠶᠢᠲᠤᠷ ᠡᠷᠬᠢᠯᠡᠨ᠂ ᠠᠷᠠᠳ ᠠᠴᠠ ᠡᠷᠬᠢᠯᠡᠭᠰᠡᠨ ᠰᠤᠷᠭᠠᠨ ᠬᠥᠮᠦᠵᠢᠯ ᠤᠨ ᠬᠥᠭᠵᠢᠯᠲᠡ ᠶᠢ ᠬᠥᠲᠥᠯᠥᠨ ᠵᠢᠯᠣᠭᠤᠳᠴᠤ ᠵᠢᠷᠤᠮᠵᠢᠭᠤᠯᠤᠨ᠂ ᠠᠵᠢᠯ ᠮᠡᠷᠭᠡᠵᠢᠯ ᠤᠨ ᠰᠤᠷᠭᠠᠨ ᠬᠥᠮᠦᠵᠢᠯ ᠤᠨ ᠴᠢᠨᠠᠷ ᠴᠢᠨᠰᠠᠭ᠎ᠠ ᠶᠢ ᠶᠡᠭᠡ ᠪᠠᠷ ᠳᠡᠭᠡᠭᠰᠢᠯᠡᠭᠦᠯᠬᠦ ᠬᠡᠷᠡᠭᠲᠡᠢ᠃ ᠶᠡᠭᠡ ᠳᠡᠭᠡᠳᠦ ᠰᠤᠷᠭᠠᠭᠤᠯᠢ ᠶᠢᠨ ᠳᠡᠰ ᠳᠡᠪᠰᠢᠬᠦ ᠶᠢ ᠦᠷᠭᠦᠯᠵᠢᠯᠡᠨ ᠠᠬᠢᠭᠤᠯᠵᠤ᠂ ᠬᠤᠪᠣᠷ ᠰᠢᠷᠣᠢ᠂ ᠰᠦᠨ ᠤ ᠦᠢᠯᠡᠰ᠂ ᠡᠨᠧᠷᠭᠢ᠂ ᠲᠡᠷᠢᠭᠦᠨ ᠤ ᠦᠢᠯᠡᠳᠬᠡᠯ᠂ ᠮᠠᠲ᠋ᠧᠷᠢᠶᠠᠯ ᠵᠡᠷᠭᠡ ᠬᠠᠮᠢᠶ᠎ᠠ ᠪᠦᠬᠦᠢ ᠰᠢᠨᠵᠢᠯᠡᠭᠡᠨ ᠤ ᠰᠠᠯᠠᠭᠠᠨ ᠤ ᠲᠤᠰᠬᠠᠢ ᠮᠡᠷᠭᠡᠵᠢᠯ ᠤᠨ ᠪᠠᠶᠢᠭᠤᠯᠤᠯᠲᠠ ᠶᠢ ᠴᠢᠩᠭᠠᠳᠬᠠᠨ᠂ ᠴᠢᠳᠠᠪᠤᠷᠢᠲᠠᠨ ᠢ ᠣᠷᠣᠭᠤᠯᠤᠨ ᠠᠪᠴᠢᠷᠠᠬᠤ ᠡᠷᠴᠢᠮ ᠢᠶᠠᠨ ᠴᠢᠩᠭᠠᠷᠠᠭᠤᠯᠵᠤ᠂ ᠣᠯᠠᠨ ᠤᠯᠤᠰ ᠤᠨ ᠰᠣᠯᠢᠯᠴᠠᠭ᠎ᠠ ᠬᠠᠮᠲᠤᠷᠠᠯᠴᠠᠭ᠎ᠠ ᠶᠢ ᠴᠢᠩᠭᠠᠳᠬᠠᠨ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠪᠠᠷ ᠲᠤᠯᠭᠠᠭᠤᠷᠢᠯᠠᠯ ᠪᠣᠯᠭᠠᠵᠤ᠂ ᠰᠢᠨ᠎ᠡ ᠴᠢᠨᠠᠷ ᠤᠨ ᠦᠢᠯᠡᠳᠪᠦᠷᠢᠯᠡᠯ ᠤᠨ ᠬᠦᠴᠦᠨ ᠢ ᠲᠦᠷᠭᠡᠳᠬᠡᠨ ᠬᠥᠭᠵᠢᠭᠦᠯᠵᠦ᠂ ᠥᠪᠡᠷᠲᠡᠭᠡᠨ ᠵᠠᠰᠠᠬᠤ ᠣᠷᠣᠨ ᠤ ᠠᠵᠤ ᠠᠬᠤᠢ ᠨᠡᠶᠢᠭᠡᠮ ᠤᠨ ᠴᠢᠨᠠᠷᠯᠢᠭ ᠬᠥᠭᠵᠢᠯᠲᠡ ᠳᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠪᠠ ᠴᠢᠳᠠᠪᠤᠷᠢᠲᠠᠨ ᠤ ᠲᠤᠯᠭᠠᠭᠤᠷᠢᠯᠠᠯ ᠬᠠᠩᠭᠠᠬᠤ ᠬᠡᠷᠡᠭᠲᠡᠢ᠃ ᠰᠠᠨᠠᠭᠤᠯᠭ᠎ᠠ ᠪᠠ ᠰᠠᠨᠠᠯ ᠢ ᠰᠢᠢᠳᠪᠦᠷᠢᠯᠡᠬᠦ ᠠᠵᠢᠯ ᠳᠤ ᠳᠡᠭᠡᠳᠦ ᠬᠡᠮᠵᠢᠶᠡᠨ ᠤ ᠬᠠᠷᠢᠭᠤᠴᠠᠯᠭᠠᠲᠤ ᠰᠡᠳᠬᠢᠯᠭᠡ ᠡᠪᠦᠷᠯᠡᠨ᠂ ᠰᠠᠨᠠᠭᠤᠯᠭ᠎ᠠ ᠪᠠ ᠰᠠᠨᠠᠯ  ᠢ ᠰᠢᠢᠳᠪᠦᠷᠢᠯᠡᠬᠦ ᠶᠢ ᠵᠢᠯ ᠤᠨ ᠭᠤᠣᠯᠳᠠᠯᠭ᠎ᠠ ᠲᠠᠢ ᠠᠵᠢᠯ ᠲᠠᠢ ᠤᠶᠠᠯᠳᠤᠭᠤᠯᠵᠤ᠂ ᠰᠤᠷᠭᠠᠨ ᠬᠥᠮᠦᠵᠢᠯ ᠤᠨ ᠥᠭᠡᠷᠡᠴᠢᠯᠡᠯᠲᠡ ᠬᠥᠭᠵᠢᠭᠦᠯᠦᠯᠲᠡ ᠶᠢᠨ ᠬᠠᠷᠠᠯᠲᠠ ᠪᠠ ᠠᠷᠭ᠎ᠠ ᠵᠠᠮ ᠲᠠᠢ ᠤᠶᠠᠯᠳᠤᠭᠤᠯᠤᠨ᠂ ᠪᠣᠳᠠᠲᠤ ᠠᠰᠠᠭᠤᠳᠠᠯ ᠢ ᠰᠢᠢᠳᠪᠦᠷᠢᠯᠡᠬᠦ ᠶᠢ ᠴᠢᠬᠤᠯᠠᠴᠢᠯᠠᠵᠤ᠂ ᠠᠵᠢᠯ ᠤᠨ ᠪᠣᠳᠠᠲᠤ ᠦᠷ᠎ᠡ ᠪᠦᠲᠦᠮᠵᠢ ᠣᠯᠬᠤ ᠶᠢ ᠠᠬᠢᠭᠤᠯᠬᠤ ᠬᠡᠷᠡᠭᠲᠡᠢ᠃ ᠦᠨᠡᠨ ᠬᠦ ᠠᠳᠬᠤᠨ ᠪᠣᠳᠠᠲᠠᠢ ᠠᠵᠢᠯᠯᠠᠵᠤ᠂ ᠰᠢᠨ᠎ᠡ ᠵᠠᠮ ᠢ           ᠨᠡᠭᠡᠭᠡᠬᠦ᠂ ᠳᠤᠮᠳᠠ ᠲᠦᠪᠰᠢᠨ ᠳᠤ ᠣᠷᠣᠬᠤ ᠬᠠᠷᠠᠯᠲᠠ ᠪᠠᠨ ᠰᠤᠯᠠᠷᠠᠭᠤᠯᠬᠤ ᠦᠭᠡᠢ ᠪᠠᠶᠢᠵᠤ᠂ ᠥᠪᠡᠷᠲᠡᠭᠡᠨ           ᠵᠠᠰᠠᠬᠤ ᠣᠷᠣᠨ ᠤ ᠨᠠᠮ ᠤᠨ ᠬᠤᠷᠢᠶᠠᠨ ᠤ ︽ᠲᠠᠪᠤ  ᠶᠢ ᠪᠠᠶᠢᠭᠤᠯᠬᠤ︾ ᠪᠠ ︽ᠵᠢᠷᠤᠮᠵᠢᠭᠤᠯᠬᠤ᠂ ᠴᠣᠮᠬᠠᠳᠬᠠᠬᠤ᠂ ᠲᠦᠷᠭᠡᠳᠬᠡᠬᠦ︾ ᠱᠠᠭᠠᠷᠳᠠᠯᠭ᠎ᠠ ᠳᠤ ᠠᠩᠬᠠᠷᠤᠯ ᠢᠶᠠᠨ ᠬᠠᠨᠳᠤᠭᠤᠯᠤᠨ᠂ ᠬᠡᠯᠪᠡᠷᠢᠴᠢ ᠦᠵᠡᠯ ᠢ ᠴᠡᠭᠴᠡᠯᠡᠨ ᠵᠠᠰᠠᠵᠤ ᠦᠨᠳᠦᠰᠦᠨ ᠱᠠᠲᠤᠨ ᠤ ᠳᠠᠷᠤᠭᠠᠰᠤ ᠶᠢ ᠬᠥᠩᠭᠡᠷᠡᠭᠦᠯᠬᠦ ᠶᠢ ᠡᠷᠡᠰ ᠴᠡᠭᠴᠡᠯᠡᠨ ᠵᠠᠰᠠᠵᠤ᠂ ᠨᠡᠶᠢᠭᠡᠮ ᠤᠨ ᠬᠡᠷᠡᠭ ᠶᠠᠪᠤᠳᠠᠯ ᠪᠠᠭᠰᠢ ᠶᠢᠨ ᠳᠠᠷᠤᠭᠠᠰᠤ ᠶᠢ ᠬᠦᠨᠳᠦᠷᠡᠭᠦᠯᠬᠦ ᠶᠢ ᠬᠦᠴᠦᠯᠡᠨ ᠵᠠᠯᠠᠷᠠᠭᠤᠯᠵᠤ᠂ ︽ᠭᠤᠷᠪᠠᠨ ᠤᠯᠠᠨ ᠭᠤᠷᠪᠠᠨ ᠴᠥᠭᠡᠨ ᠭᠤᠷᠪᠠᠨ ᠤᠳᠠᠭᠠᠨ︾ ᠪᠠ ︽ᠤᠳᠠᠭᠠᠨ ᠪᠦᠳᠦᠭᠦᠯᠢᠭ ᠬᠠᠭᠤᠷᠮᠠᠭ︾ ᠵᠡᠷᠭᠡ ᠠᠰᠠᠭᠤᠳᠠᠯ ᠢ ᠢᠯᠠᠨ ᠳᠠᠪᠠᠵᠤ᠂ ᠪᠣᠳᠠᠲᠠᠢ ᠶᠢ ᠡᠷᠬᠢᠮᠯᠡᠬᠦ ᠠᠵᠢᠯ ᠤᠨ ᠰᠤᠷᠲᠠᠯ ᠢ ᠪᠣᠢ ᠪᠣᠯᠭᠠᠬᠤ ᠬᠡᠷᠡᠭᠲᠡᠢ ᠭᠡᠵᠦ ᠱᠠᠭᠠᠷᠳᠠᠪᠠ᠃      ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠲᠢᠩᠬᠢᠮ ᠤᠨ ᠨᠠᠮ ᠤᠨ ᠤᠳᠤᠷᠢᠳᠬᠤ ᠳᠤᠭᠤᠶᠢᠯᠠᠩ ᠤᠨ ᠭᠡᠰᠢᠭᠦᠨ᠂ ᠨᠢᠭᠡᠳᠦᠭᠡᠷ ᠬᠤᠶᠠᠳᠤᠭᠠᠷ ᠳᠡᠰ ᠤᠨ ᠲᠣᠭᠤᠷᠢᠨ ᠪᠠᠶᠢᠴᠠᠭᠠᠭᠴᠢ᠂ ᠲᠢᠩᠬᠢᠮ ᠳᠤ ᠰᠠᠭᠤᠭ᠎ᠠ ᠰᠠᠬᠢᠯᠭ᠎ᠠ ᠪᠠᠲᠤ ᠶᠢ ᠪᠠᠶᠢᠴᠠᠭᠠᠬᠤ ᠬᠢᠨᠠᠨ ᠪᠠᠶᠢᠴᠠᠭᠠᠬᠤ ᠳᠤᠭᠤᠶᠢᠯᠠᠩ᠂ ᠲᠢᠩᠬᠢᠮ ᠤᠨ ᠪᠠᠶᠢᠭᠤᠯᠭ᠎ᠠ ᠵᠢᠴᠢ ᠰᠢᠭᠤᠳ ᠬᠠᠷᠢᠶ᠎ᠠ ᠠᠵᠢᠯ ᠦᠢᠯᠡᠰ ᠤᠨ ᠨᠢᠭᠡᠴᠢ ᠶᠢᠨ ᠭᠤᠣᠯ ᠬᠠᠷᠢᠭᠤᠴᠠᠯᠭᠠᠲᠠᠨ ᠬᠤᠷᠠᠯ ᠳᠤ ᠣᠷᠣᠯᠴᠠᠵᠠᠢ᠃
 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map