ᠡᠳᠡᠭᠡᠷ ᠲᠠᠯᠠᠪᠤᠷ ᠤᠨ ᠭᠠᠯ ᠰᠡᠷᠭᠡᠶᠢᠯᠡᠬᠦ ᠠᠮᠤᠷ ᠲᠦᠪᠰᠢᠨ ᠳᠤ ᠨᠠᠷᠢᠨ ᠨᠢᠮᠪᠠᠢ ᠬᠠᠨᠳᠤᠬᠤ ᠬᠡᠷᠡᠭᠲᠡᠢ
ᠨᠡᠶᠢᠲᠡᠯᠡᠭᠰᠡᠨ ᠴᠠᠭ᠄
2024/1/31
      ᠡᠪᠦᠯ ᠤᠨ ᠠᠮᠠᠷᠠᠯᠲᠠ ᠶᠢᠨ ᠬᠤᠭᠤᠴᠠᠭᠠᠨ ᠳᠤ᠂ ᠬᠥᠮᠦᠨ ᠪᠠ ᠪᠣᠳᠠᠰ ᠤᠨ ᠭᠦᠢᠯᠭᠡᠭᠡ ᠨᠢᠭᠲᠠᠷᠠᠵᠤ᠂           ︽ᠶᠢᠰᠦᠨ ᠵᠢᠵᠢᠭ ᠲᠠᠯᠠᠪᠤᠷ︾ ᠢᠶᠠᠷ ᠣᠷᠣᠵᠤ ᠭᠠᠷᠬᠤ ᠳᠠᠪᠲᠠᠮᠵᠢ ᠨᠡᠮᠡᠭᠳᠡᠬᠦ ᠪᠣᠯᠤᠨ᠎ᠠ᠃ ︽ᠶᠢᠰᠦᠨ ᠵᠢᠵᠢᠭ           ᠲᠠᠯᠠᠪᠤᠷ︾ ᠲᠤᠬᠠᠶᠢᠯᠠᠪᠠᠯ᠂ ᠵᠢᠵᠢᠭ ᠬᠤᠳᠠᠯᠳᠤᠭᠠᠨ ᠤ ᠲᠠᠯᠠᠪᠤᠷ᠂ ᠵᠢᠵᠢᠭ ᠢᠳᠡᠭᠡᠨ ᠤᠮᠳᠠᠭᠠᠨ ᠤ ᠭᠠᠵᠠᠷ᠂ ᠵᠢᠵᠢᠭ ᠣᠯᠠᠨ ᠨᠡᠶᠢᠲᠡ ᠶᠢᠨ ᠵᠤᠭ᠎ᠠ ᠴᠡᠩᠭᠡᠯ ᠤᠨ ᠲᠠᠯᠠᠪᠤᠷ᠂ ᠵᠢᠵᠢᠭ ᠦᠢᠯᠡᠳᠪᠦᠷᠢᠯᠡᠵᠦ ᠪᠣᠯᠪᠠᠰᠤᠷᠠᠭᠤᠯᠬᠤ ᠠᠵᠤ ᠠᠬᠤᠶᠢᠯᠠᠯ᠂ ᠵᠢᠵᠢᠭ ᠪᠠᠭᠤᠳᠠᠯ᠂ ᠵᠢᠵᠢᠭ ᠰᠡᠯᠡᠭᠦᠴᠡᠵᠦ ᠪᠡᠶ᠎ᠡ ᠪᠣᠯᠪᠠᠰᠤᠷᠠᠭᠤᠯᠬᠤ ᠲᠠᠯᠠᠪᠤᠷ᠂ ᠵᠢᠵᠢᠭ ᠰᠦᠯᠵᠢᠶᠡᠨ ᠤ ᠪᠠᠭᠠᠷ᠂ ᠵᠢᠵᠢᠭ ᠵᠢᠭᠠᠨ ᠰᠤᠷᠭᠠᠯᠲᠠ ᠶᠢᠨ ᠪᠠᠶᠢᠭᠤᠯᠤᠮᠵᠢ᠂ ᠵᠢᠵᠢᠭ ᠡᠮᠨᠡᠯᠭᠡ ᠶᠢᠨ ᠭᠠᠵᠠᠷ ᠪᠣᠯᠤᠨ᠎ᠠ᠃      ︽ᠶᠢᠰᠦᠨ ᠵᠢᠵᠢᠭ ᠲᠠᠯᠠᠪᠤᠷ︾ ᠲᠤ ᠭᠠᠯ ᠰᠡᠷᠭᠡᠶᠢᠯᠡᠬᠦ ᠠᠮᠤᠷ ᠲᠦᠪᠰᠢᠨ ᠤ ᠰᠠᠨᠠᠭᠤᠯᠤᠮᠵᠢ      1. ᠵᠡᠭᠡᠯᠢ ᠳᠠᠭᠠᠤ ᠶᠢᠨ ᠡᠭᠦᠳᠡᠨ ᠳᠡᠯᠭᠡᠭᠦᠷ ᠪᠠ ︽ᠶᠢᠰᠦᠨ ᠵᠢᠵᠢᠭ ᠲᠠᠯᠠᠪᠤᠷ︾ ᠲᠤ ᠣᠷᠣᠬᠤ ᠦᠶ᠎ᠡ ᠳᠤ᠂ ᠭᠠᠯ ᠰᠡᠷᠭᠡᠶᠢᠯᠡᠬᠦ ᠠᠮᠤᠷ ᠲᠦᠪᠰᠢᠨ ᠢ ᠠᠩᠬᠠᠷᠬᠤ ᠬᠡᠷᠡᠭᠲᠡᠢ᠃ ᠲᠠᠮᠠᠬᠢ ᠳᠠᠲᠠᠵᠤ ᠪᠣᠯᠬᠤ ᠦᠭᠡᠢ᠂ ᠢᠯᠡ ᠭᠠᠯ ᠢ ᠬᠡᠷᠡᠭᠯᠡᠵᠦ ᠪᠣᠯᠬᠤ ᠦᠭᠡᠢ᠃      2. ᠠᠮᠢ ᠵᠢᠭᠤᠲᠠᠬᠤ ᠭᠤᠳᠤᠮ᠂ ᠠᠮᠤᠷ ᠲᠦᠪᠰᠢᠨ ᠭᠠᠷᠤᠴᠠ ᠶᠢᠨ ᠪᠣᠳᠠᠲᠠᠢ ᠣᠷᠣᠨ ᠪᠠᠶᠢᠷᠢ ᠶᠢ ᠣᠶᠢᠯᠠᠭᠠᠵᠤ᠂ ᠬᠡᠷᠪᠡ ᠭᠠᠯ ᠤᠨ ᠠᠶᠤᠯ ᠲᠣᠬᠢᠶᠠᠯᠳᠤᠪᠠᠯ᠂ ᠲᠠᠷᠬᠠᠭᠠᠨ ᠵᠠᠶᠢᠯᠠᠭᠤᠯᠬᠤ ᠵᠢᠭᠠᠯᠲᠠ ᠶᠢᠨ ᠲᠡᠮᠳᠡᠭ ᠪᠣᠯᠤᠨ ᠭᠠᠯ ᠰᠡᠷᠭᠡᠶᠢᠯᠡᠵᠦ ᠪᠠᠴᠢᠮ ᠪᠠᠶᠢᠳᠠᠯ ᠢ ᠠᠷᠭᠠᠴᠠᠬᠤ ᠷᠠᠳᠢᠣ᠋ ᠨᠡᠪᠲᠡᠷᠡᠭᠦᠯᠭᠡ ᠵᠢᠴᠢ ᠠᠬᠤᠢ ᠲᠠᠯᠠᠪᠠᠢ ᠶᠢᠨ ᠠᠵᠢᠯᠲᠠᠨ ᠤ ᠵᠢᠯᠣᠭᠤᠳᠤᠯᠭ᠎ᠠ ᠪᠠᠷ ᠵᠥᠪ᠂ ᠲᠦᠷᠭᠡᠨ᠂ ᠡᠮᠬᠢ ᠵᠢᠷᠤᠮ ᠲᠠᠢ ᠲᠠᠷᠬᠠᠨ ᠵᠠᠶᠢᠯᠠᠵᠤ ᠥᠪᠡᠷ ᠢ ᠪᠠᠨ ᠠᠪᠤᠷᠠᠬᠤ ᠬᠡᠷᠡᠭᠲᠡᠢ᠃      3. ᠭᠠᠯ ᠤᠨᠲᠠᠷᠠᠭᠠᠬᠤ ᠪᠡᠯᠡᠳᠬᠡᠮᠵᠢ ᠪᠠᠭᠠᠵᠢ ᠬᠡᠷᠡᠭᠰᠡᠯ᠂ ᠠᠮᠢ ᠵᠢᠭᠤᠲᠠᠬᠤ ᠲᠥᠬᠦᠭᠡᠷᠦᠮᠵᠢ ᠶᠢᠨ ᠣᠷᠣᠨ ᠪᠠᠶᠢᠷᠢ ᠪᠣᠯᠤᠨ ᠬᠡᠷᠡᠭᠯᠡᠬᠦ ᠠᠷᠭ᠎ᠠ ᠶᠢ ᠣᠶᠢᠯᠠᠭᠠᠨ ᠡᠵᠡᠮᠰᠢᠵᠦ᠂ ᠬᠡᠷᠪᠡ ᠭᠠᠯ ᠤᠨ ᠠᠶᠤᠯ ᠲᠣᠬᠢᠶᠠᠯᠳᠤᠪᠠᠯ᠂ ᠵᠥᠪ ᠣᠨᠣᠪᠴᠢᠲᠠᠢ ᠬᠡᠷᠡᠭᠯᠡᠵᠦ᠂ ᠠᠮᠤᠷ ᠲᠦᠪᠰᠢᠨ ᠢ ᠦᠨᠡᠨ ᠬᠦ ᠪᠠᠲᠤᠯᠠᠬᠤ ᠬᠡᠷᠡᠭᠲᠡᠢ᠃      ︽ᠶᠢᠰᠦᠨ ᠵᠢᠵᠢᠭ ᠲᠠᠯᠠᠪᠤᠷ︾ ᠲᠤ ᠭᠠᠯ ᠭᠠᠷᠤᠭᠰᠠᠨ ᠤ ᠳᠠᠷᠠᠭ᠎ᠠ ᠶᠠᠭᠠᠬᠢᠵᠤ ᠠᠮᠢ ᠵᠢᠭᠤᠲᠠᠬᠤ ᠪᠣᠢ      ᠲᠣᠭᠲᠠᠭᠤᠨ ᠪᠠᠶᠢᠬᠤ ᠬᠡᠷᠡᠭᠲᠡᠢ᠃ ᠭᠠᠯ ᠭᠠᠷᠤᠭᠰᠠᠨ ᠤ ᠳᠠᠷᠠᠭ᠎ᠠ᠂ ᠯᠠᠪᠳᠠᠭᠤᠨ ᠲᠣᠭᠲᠠᠭᠤᠨ ᠪᠠᠶᠢᠬᠤ ᠶᠢ ᠪᠠᠲᠤᠯᠠᠵᠤ᠂ ᠵᠥᠪ ᠠᠮᠢ ᠵᠢᠭᠤᠲᠠᠬᠤ ᠵᠠᠮ ᠢ ᠰᠣᠩᠭᠤᠵᠤ᠂ ᠶᠠᠭᠠᠬᠢᠭᠰᠠᠨ ᠴᠤ ᠰᠣᠬᠤᠷ ᠪᠠᠯᠠᠢ ᠪᠠᠷ ᠰᠠᠨᠳᠤᠷᠴᠤ ᠪᠣᠯᠬᠤ ᠦᠭᠡᠢ᠃      ᠡᠳ᠋ ᠪᠣᠳᠠᠰ ᠢ ᠪᠢᠲᠡᠭᠡᠢ ᠬᠠᠮᠢᠶᠠᠷ᠃ ᠭᠠᠯ ᠭᠠᠷᠤᠭᠰᠠᠨ ᠭᠠᠵᠠᠷ ᠠᠴᠠ ᠠᠯᠢ ᠴᠢᠳᠠᠬᠤ ᠪᠠᠷ ᠲᠦᠷᠭᠡᠨ ᠵᠠᠶᠢᠯᠠᠵᠤ᠂ ᠡᠳ᠋ ᠪᠣᠳᠠᠰ ᠤᠨ ᠲᠥᠯᠦᠭᠡ ᠠᠮᠢ ᠵᠢᠭᠤᠲᠠᠬᠤ ᠴᠠᠭ ᠲᠣᠬᠢᠶᠠᠯ ᠢ ᠠᠯᠳᠠᠵᠤ ᠪᠣᠯᠬᠤ ᠦᠭᠡᠢ᠃ ᠨᠢᠭᠡᠨᠲᠡ ᠭᠠᠯ ᠤᠨ ᠲᠠᠯᠠᠪᠤᠷ ᠠᠴᠠ ᠳᠤᠲᠠᠭᠠᠭᠰᠠᠨ ᠬᠥᠮᠦᠰ ᠳᠠᠬᠢᠨ ᠪᠤᠴᠠᠵᠤ ᠪᠣᠯᠬᠤ ᠦᠭᠡᠢ᠃      ᠤᠲᠤᠭ᠎ᠠ ᠮᠠᠨᠠᠨ ᠠᠴᠠ ᠵᠠᠶᠢᠯᠠ᠃ ᠠᠮᠢ ᠵᠢᠭᠤᠲᠠᠬᠤ ᠦᠶᠡᠰ ︽ᠭᠠᠯ ᠭᠠᠷᠤᠮᠠᠭᠴᠠ ᠬᠤᠷᠳᠤᠨ           ᠳᠤᠲᠠᠭᠠᠬᠤ︾ ᠶᠢ ᠪᠠᠲᠤ ᠴᠡᠭᠡᠵᠢᠯᠡᠵᠦ᠂ ᠭᠠᠯ ᠤᠨ ᠠᠶᠤᠯ ᠠᠴᠠ ᠲᠦᠷᠭᠡᠨ ᠵᠠᠶᠢᠯᠠᠨ᠎ᠠ᠃ ᠨᠢᠷᠤᠭᠤ ᠪᠠᠨ ᠪᠥᠬᠦᠶᠢᠯᠭᠡᠨ ᠣᠴᠣᠶᠢᠵᠤ᠂ ᠠᠮᠢᠰᠬᠤᠯ ᠴᠢᠬᠤᠯᠳᠠᠵᠤ ᠪᠠᠶᠢᠪᠠᠴᠤ ᠨᠣᠶᠢᠲᠠᠨ ᠠᠯᠴᠢᠭᠤᠷ ᠢ ᠠᠮᠠ ᠬᠠᠮᠠᠷ ᠠᠴᠠ ᠪᠠᠨ ᠰᠠᠯᠭᠠᠵᠤ ᠪᠣᠯᠬᠤ ᠦᠭᠡᠢ᠃      ᠠᠶᠤᠯ ᠠᠴᠠ ᠵᠦᠢ ᠵᠣᠬᠢᠰᠲᠠᠢ ᠵᠠᠶᠢᠯᠠᠨ᠎ᠠ ᠃ ᠭᠠᠯ ᠤᠨ ᠡᠭᠦᠰᠦᠯ ᠨᠢ ᠳᠡᠭᠡᠷ᠎ᠡ ᠳᠠᠪᠬᠤᠷᠭ᠎ᠠ ᠳᠤ ᠪᠠᠶᠢᠬᠤ ᠦᠶ᠎ᠡ ᠳᠤ᠂ ᠠᠰᠠᠷ ᠤᠨ ᠬᠤᠩᠬᠢᠯ ᠳᠤ ᠤᠲᠤᠭ᠎ᠠ ᠦᠭᠡᠢ ᠪᠣᠯ ᠠᠮᠢ ᠵᠢᠭᠤᠳᠠᠬᠤ ᠪᠥᠲᠡᠭᠡᠯᠭᠡ ᠶᠢ ᠳᠥᠭᠦᠮᠬᠡᠨ ᠵᠡᠭᠦᠬᠦ ᠪᠤᠶᠤ ᠨᠦᠢᠲᠠᠨ ᠠᠯᠴᠢᠭᠤᠷ ᠢᠶᠠᠷ ᠬᠠᠮᠠᠷ ᠢᠶᠠᠨ ᠪᠥᠭᠯᠡᠵᠦ᠂ ᠠᠰᠠᠷ ᠤᠨ ᠱᠠᠲᠤ ᠪᠠᠷ ᠳᠣᠷᠣᠭᠰᠢ ᠲᠦᠷᠭᠡᠨ ᠵᠢᠭᠤᠲᠠᠵᠤ᠂ ᠠᠰᠠᠷ ᠤᠨ ᠱᠠᠲᠤ ᠪᠠᠷ ᠥᠩᠭᠡᠷᠡᠬᠦ ᠦᠶ᠎ᠡ ᠳᠤ ᠭᠠᠷ ᠤᠨ ᠠᠶ᠎ᠠ ᠪᠠᠷ ᠭᠠᠯ ᠰᠡᠷᠭᠡᠶᠢᠯᠡᠬᠦ ᠡᠭᠦᠳᠡ ᠶᠢ ᠬᠠᠭᠠᠵᠤ᠂ ᠴᠠᠬᠢᠯᠭᠠᠨ ᠱᠠᠲᠤᠨ ᠳᠤ ᠰᠠᠭᠤᠵᠤ ᠪᠣᠯᠬᠤ ᠦᠭᠡᠢ᠃      ᠭᠤᠷᠪᠠ ᠶᠢ ᠴᠡᠪᠡᠷᠯᠡᠬᠦ ᠭᠤᠷᠪᠠ ᠶᠢ ᠬᠠᠭᠠᠬᠤ ᠭᠤᠷᠪᠠ ᠶᠢ ᠪᠠᠶᠢᠴᠠᠭᠠᠬᠤ ᠶᠢ ᠰᠠᠶᠢᠲᠤᠷ ᠬᠢᠨ᠎ᠡ      ᠲᠣᠭᠤᠭᠠᠨ ᠭᠡᠷ ᠢᠶᠠᠨ ᠴᠡᠪᠡᠷᠯᠡᠨ᠎ᠡ᠃ ᠲᠣᠭᠤᠭᠠᠨ ᠭᠡᠷ ᠪᠣᠯ ᠭᠡᠷ ᠪᠦᠯᠢ ᠶᠢᠨ ᠬᠠᠮᠤᠭ ᠤᠨ ᠠᠷᠪᠢᠨ ᠭᠠᠯ ᠬᠡᠷᠡᠭᠯᠡᠬᠦ ᠭᠠᠵᠠᠷ ᠪᠠᠶᠢᠵᠤ᠂ ᠲᠣᠭᠤᠭᠠᠨ ᠭᠡᠷ ᠢ ᠴᠡᠪᠡᠷᠯᠡᠬᠦ ᠶᠢᠨ ᠭᠤᠣᠯᠳᠠᠯᠭ᠎ᠠ ᠨᠢ ᠲᠣᠰᠣ᠂ ᠴᠠᠭᠠᠰᠤ᠂ ᠪᠥᠰ ᠵᠡᠷᠭᠡ ᠰᠢᠲᠠᠮᠠᠬᠠᠢ ᠪᠣᠳᠠᠰ ᠢ ᠵᠤᠤᠬ᠎ᠠ ᠵᠡᠷᠭᠡ ᠭᠠᠯ ᠤᠨ ᠡᠬᠢ  ᠠᠴᠠ ᠬᠤᠯᠠ ᠪᠠᠶᠢᠯᠭᠠᠨ᠎ᠠ᠃ ᠡᠭᠦᠨ ᠤ ᠬᠠᠮᠲᠤ ᠣᠲᠤᠭ᠎ᠠ ᠰᠤᠷᠤᠭᠴᠢ᠂ ᠰᠢᠲᠠᠮᠠᠬᠠᠢ ᠬᠡᠢ ᠶᠢᠨ ᠵᠤᠤᠬ᠎ᠠ ᠶᠢ ᠲᠣᠭᠲᠠᠮᠠᠯ ᠬᠤᠭᠤᠴᠠᠭ᠎ᠠ ᠲᠠᠢ ᠴᠡᠪᠡᠷᠯᠡᠨ᠎ᠡ᠃      ᠨᠠᠷᠠᠪᠴᠢ ᠪᠠᠨ ᠴᠡᠪᠡᠷᠯᠡᠨ᠎ᠡ᠃ ᠨᠠᠷᠠᠪᠴᠢᠨ ᠳᠡᠭᠡᠷᠡᠬᠢ ᠡᠯᠳᠡᠪ ᠶᠠᠭᠤᠮ᠎ᠠ᠂ ᠣᠨᠴᠠᠭᠠᠶᠢᠯᠠᠨ ᠴᠠᠭᠠᠰᠤᠨ ᠬᠠᠶᠢᠷᠴᠠᠭ᠂ ᠴᠠᠭᠠᠰᠤ᠂ ᠰᠦᠯᠢᠶᠣᠣ ᠵᠡᠷᠭᠡ ᠨᠣᠴᠣᠮᠠᠲᠠᠭᠠᠢ ᠪᠣᠳᠠᠰ ᠢ ᠴᠠᠭ ᠲᠤᠬᠠᠢ  ᠳᠤ ᠨᠢ ᠴᠡᠪᠡᠷᠯᠡᠬᠦ ᠬᠡᠷᠡᠭᠲᠡᠢ᠃ ᠤᠷᠲᠤ ᠬᠤᠭᠤᠴᠠᠭ᠎ᠠ ᠪᠠᠷ ᠭᠠᠳᠠᠭᠰᠢ ᠭᠠᠷᠬᠤ ᠳᠤ ᠪᠠᠨ ᠡᠭᠦᠳᠡ ᠴᠣᠩᠬᠤ ᠪᠠᠨ ᠬᠠᠭᠠᠵᠤ᠂ ᠭᠠᠯ ᠤᠨ ᠣᠴᠢ ᠭᠡᠷ ᠲᠤ ᠣᠷᠣᠵᠤ ᠭᠠᠯ ᠤᠨ ᠠᠶᠤᠯ ᠭᠠᠷᠬᠤ ᠠᠴᠠ ᠰᠡᠷᠭᠡᠶᠢᠯᠡᠬᠦ ᠬᠡᠷᠡᠭᠲᠡᠢ᠃      ᠠᠰᠠᠷ ᠤᠨ ᠬᠤᠩᠬᠢᠯ ᠢᠶᠠᠨ ᠴᠡᠪᠡᠷᠯᠡᠨ᠎ᠡ᠃ ᠠᠰᠠᠷ ᠤᠨ ᠬᠤᠩᠬᠢᠯ᠂ ᠠᠰᠠᠷ ᠤᠨ ᠱᠠᠲᠤᠨ ᠤ ᠥᠨᠴᠦᠭ ᠪᠤᠯᠤᠩ ᠵᠡᠷᠭᠡ ᠭᠠᠵᠠᠷ ᠲᠤ ᠡᠯᠳᠡᠪ ᠶᠠᠭᠤᠮ᠎ᠠ ᠣᠪᠣᠭᠠᠯᠠᠵᠤ ᠪᠣᠯᠬᠤ ᠦᠭᠡᠢ︔ ᠴᠠᠬᠢᠯᠭᠠᠨ ᠬᠥᠳᠡᠯᠭᠡᠭᠦᠷᠲᠦ ᠲᠡᠷᠭᠡ ᠶᠢ ᠠᠰᠠᠷ ᠤᠨ ᠱᠠᠲᠤᠨ ᠤ ᠬᠤᠭᠤᠷᠤᠨᠲᠤ᠂ ᠲᠠᠷᠬᠠᠭᠠᠨ ᠵᠠᠶᠢᠯᠠᠭᠤᠯᠬᠤ ᠵᠠᠮ᠂ ᠠᠮᠤᠷ ᠲᠦᠪᠰᠢᠨ ᠭᠠᠷᠤᠴᠠ ᠵᠡᠷᠭᠡ ᠭᠠᠵᠠᠷ ᠲᠤ ᠴᠡᠨᠡᠭᠯᠡᠵᠦ ᠪᠣᠯᠬᠤ ᠦᠭᠡᠢ᠂ ᠴᠠᠬᠢᠯᠭᠠᠨ ᠴᠡᠨᠡᠭᠯᠡᠬᠦ ᠳᠤ ᠪᠠᠨ ᠴᠠᠭ ᠨᠢ ᠬᠡᠳᠦ ᠤᠷᠲᠤ ᠪᠠᠶᠢᠵᠤ ᠪᠣᠯᠬᠤ ᠦᠭᠡᠢ᠂ ᠡᠷᠭᠢᠨ ᠲᠣᠭᠤᠷᠢᠨ ᠳᠤ ᠨᠢ ᠰᠢᠲᠠᠮᠠᠬᠠᠢ ᠪᠣᠳᠠᠰ ᠲᠠᠯᠪᠢᠵᠤ ᠪᠣᠯᠬᠤ ᠦᠭᠡᠢ᠃ ᠭᠠᠯ ᠤᠨᠲᠠᠷᠠᠭᠠᠬᠤ ᠨᠡᠪᠲᠡᠷᠡᠬᠦ ᠵᠠᠮ᠂ ᠠᠮᠤᠷ ᠲᠦᠪᠰᠢᠨ ᠭᠠᠷᠤᠴᠠ᠂ ᠲᠠᠷᠬᠠᠭᠠᠨ ᠵᠠᠶᠢᠯᠠᠭᠤᠯᠬᠤ ᠭᠤᠳᠤᠮ ᠤᠨ ᠰᠠᠭᠠᠳ ᠦᠭᠡᠢ ᠨᠡᠪᠲᠡᠷᠡᠬᠦ ᠶᠢ ᠪᠠᠲᠤᠯᠠᠵᠤ᠂ ᠴᠠᠬᠢᠯᠭᠠᠨ ᠳᠡᠭᠡᠰᠦᠨ ᠬᠤᠳᠳᠤᠭ ᠪᠣᠯᠤᠨ ᠴᠠᠬᠢᠯᠭᠠᠨ ᠱᠠᠲᠤᠨ ᠤ ᠬᠠᠰᠢᠯᠭ᠎ᠠ ᠳᠤ ᠡᠯᠳᠡᠪ ᠶᠠᠭᠤᠮ᠎ᠠ ᠣᠪᠤᠭᠠᠯᠠᠵᠤ ᠪᠣᠯᠬᠤ ᠦᠭᠡᠢ ᠃      ᠰᠢᠲᠠᠮᠠᠬᠠᠢ ᠬᠡᠢ ᠶᠢ ᠬᠠᠭᠠᠨ᠎ᠠ᠃ ᠰᠢᠲᠠᠮᠠᠬᠠᠢ ᠬᠡᠢ ᠶᠢ ᠬᠡᠷᠡᠭᠯᠡᠭᠰᠡᠨ ᠤ ᠳᠠᠷᠠᠭ᠎ᠠ ᠳᠠᠷᠤᠢ  ᠳᠤ ᠨᠢ ᠬᠡᠢ ᠶᠢᠨ ᠢᠷᠡᠯᠲᠡ ᠶᠢ ᠬᠠᠭᠠᠵᠤ᠂ ᠰᠢᠲᠠᠮᠠᠬᠠᠢ ᠬᠡᠢ ᠶᠢᠨ  ᠭᠤᠤᠷᠰᠤ ᠶᠢ ᠳᠤᠷ᠎ᠠ ᠪᠠᠷ ᠢᠶᠠᠨ ᠬᠤᠪᠢᠷᠠᠭᠤᠯᠬᠤ ᠦᠭᠡᠢ᠂ ᠰᠢᠲᠠᠮᠠᠬᠠᠢ ᠬᠡᠢ ᠶᠢᠨ ᠵᠥᠭᠡᠯᠡᠨ ᠭᠤᠤᠷᠰᠤ ᠬᠠᠭᠤᠴᠢᠷᠠᠭᠰᠠᠨ᠂ ᠮᠤᠯᠲᠤᠷᠤᠭᠰᠠᠨ᠂ ᠬᠡᠢ ᠭᠠᠷᠤᠭᠰᠠᠨ ᠵᠡᠷᠭᠡ ᠭᠡᠷ ᠪᠦᠯᠢ ᠶᠢᠨ ᠭᠠᠯ ᠤᠨ ᠠᠶᠤᠯ ᠤᠨ ᠳᠠᠯᠳᠠ ᠭᠡᠮ ᠣᠷᠣᠰᠢᠵᠤ ᠪᠠᠶᠢᠬᠤ ᠡᠰᠡᠬᠦ ᠶᠢ ᠲᠣᠭᠲᠠᠮᠠᠯ ᠬᠤᠭᠤᠴᠠᠭ᠎ᠠ ᠲᠠᠢ ᠪᠠᠶᠢᠴᠠᠭᠠᠬᠤ ᠬᠡᠷᠡᠭᠲᠡᠢ᠃      ᠴᠠᠬᠢᠯᠭᠠᠨ ᠢ ᠬᠠᠭᠠᠨ᠎ᠠ ᠃ ᠭᠡᠷ ᠤᠨ ᠡᠯ᠎ᠡ ᠵᠦᠢᠯ ᠤᠨ ᠴᠠᠬᠢᠯᠭᠠᠨ ᠬᠡᠷᠡᠭᠰᠡᠯ ᠰᠠᠭᠤᠭᠠᠯᠢ ᠠᠷᠠᠳ ᠲᠤ ᠳᠥᠭᠦᠮ ᠦᠵᠡᠭᠦᠯᠬᠦ ᠶᠢᠨ ᠬᠠᠮᠲᠤ ᠪᠠᠰᠠ ᠵᠣᠬᠢᠬᠤ ᠳᠠᠯᠳᠠ ᠭᠡᠮ ᠣᠷᠣᠰᠢᠳᠠᠭ᠂ ᠰᠠᠭᠤᠭᠠᠯᠢ ᠠᠷᠠᠳ ᠡᠷᠬᠡᠪᠰᠢ ᠬᠡᠷᠡᠭᠯᠡᠬᠦ ᠴᠠᠭ ᠪᠠ ᠬᠡᠷᠡᠭᠯᠡᠬᠦ ᠠᠷᠭ᠎ᠠ ᠶᠢ ᠠᠩᠬᠠᠷᠴᠤ᠂ ᠬᠡᠷᠡᠭᠯᠡᠬᠦ ᠦᠭᠡᠢ ᠦᠶ᠎ᠡ ᠳᠤ ᠳᠠᠷᠦ᠋ᠢᠬᠠᠨ ᠴᠠᠬᠢᠯᠭᠠᠨ ᠡᠭᠦᠰᠭᠡᠭᠴᠢ ᠠᠴᠠ ᠰᠠᠯᠭᠠᠬᠤ ᠬᠡᠷᠡᠭᠲᠡᠢ᠃      ᠭᠠᠯ ᠢ ᠤᠨᠲᠠᠷᠠᠭᠠᠨ᠎ᠠ ᠃ ᠣᠷᠣ ᠳᠡᠭᠡᠷ᠎ᠡ ᠪᠤᠶᠤ ᠱᠠᠹᠠ ᠳᠡᠭᠡᠷ᠎ᠡ ᠬᠡᠪᠲᠡᠭᠡᠳ ᠲᠠᠮᠠᠬᠢ ᠲᠠᠲᠠᠬᠤ ᠦᠭᠡᠢ᠂ ᠨᠣᠴᠣᠭᠠᠭᠤᠷ ᠵᠡᠷᠭᠡ ᠶᠢ ᠬᠡᠦᠬᠡᠳ ᠤᠨ ᠭᠠᠷ ᠬᠦᠷᠬᠦ ᠦᠭᠡᠢ ᠭᠠᠵᠠᠷ ᠲᠠᠯᠪᠢᠵᠤ᠂ ᠰᠫᠢᠷᠲ ᠵᠤᠤᠬ᠎ᠠ ᠵᠡᠷᠭᠡ ᠢᠯᠡ ᠭᠠᠯ ᠢ ᠬᠡᠷᠡᠭᠯᠡᠵᠦ ᠪᠠᠷᠠᠪᠠᠯ ᠬᠠᠭᠠᠨ᠎ᠠ᠃      ᠡᠬᠢ ᠡᠭᠦᠰᠦᠯ ᠢ ᠪᠠᠶᠢᠴᠠᠭᠠᠨ᠎ᠠ᠃ ᠴᠠᠬᠢᠯᠭᠠᠨ ᠬᠡᠷᠡᠭᠰᠡᠯ ᠤᠨ ᠲᠥᠬᠦᠭᠡᠷᠦᠮᠵᠢ ᠠᠴᠠ ᠭᠠᠯ ᠭᠠᠷᠬᠤ᠂ ᠬᠡᠦᠬᠡᠳ ᠭᠠᠯ ᠢᠶᠠᠷ ᠨᠠᠭᠠᠳᠬᠤ ᠵᠡᠷᠭᠡ ᠪᠣᠯ ᠭᠡᠷ ᠪᠦᠯᠢ ᠶᠢᠨ ᠭᠠᠯ ᠤᠨ ᠠᠶᠤᠯ ᠢ ᠡᠭᠦᠰᠭᠡᠬᠦ ᠴᠢᠬᠤᠯᠠ ᠰᠢᠯᠲᠠᠭᠠᠨ ᠤ ᠨᠢᠭᠡ ᠮᠥᠨ᠂ ᠬᠡᠦᠬᠡᠳ ᠢ ᠭᠠᠯ ᠢᠶᠠᠷ ᠨᠠᠭᠠᠳᠴᠤ ᠪᠣᠯᠬᠤ ᠦᠭᠡᠢ ᠭᠡᠵᠦ ᠬᠥᠮᠥᠵᠢᠭᠦᠯᠵᠦ ᠰᠠᠨᠠᠭᠤᠯᠤᠨ᠎ᠠ᠃ ᠡᠭᠦᠨ ᠤ ᠬᠠᠮᠲᠤ ᠴᠠᠬᠢᠯᠭᠠᠨ ᠤ ᠵᠠᠮ ᠢ ᠲᠣᠭᠲᠠᠮᠠᠯ ᠬᠤᠭᠤᠴᠠᠭ᠎ᠠ ᠲᠠᠢ ᠪᠠᠶᠢᠴᠠᠭᠠᠨ ᠵᠠᠰᠠᠵᠤ᠂ ᠭᠠᠯ ᠤᠨ ᠠᠶᠤᠯ ᠤᠨ ᠳᠠᠯᠳᠠ ᠭᠡᠮ ᠢ ᠡᠬᠢ ᠡᠭᠦᠰᠦᠯ ᠠᠴᠠ ᠨᠢ ᠪᠠᠭᠠᠰᠬᠠᠨ᠎ᠠ᠃      ᠳᠠᠯᠳᠠ ᠭᠡᠮ ᠢ ᠪᠠᠶᠢᠴᠠᠭᠠᠨ᠎ᠠ ᠃ ᠴᠢᠨᠠᠷ ᠮᠠᠭᠤᠲᠠᠢ᠂ ︽ᠭᠤᠷᠪᠠ ᠦᠭᠡᠢ︾ ᠶᠡᠭᠡ ᠴᠢᠳᠠᠮᠵᠢᠲᠤ ᠴᠠᠬᠢᠯᠭᠠᠨ ᠬᠡᠷᠡᠭᠰᠡᠯ ᠤᠨ ᠦᠢᠯᠡᠳᠬᠦᠨ ᠢ ᠬᠡᠷᠡᠭᠯᠡᠬᠦ ᠦᠭᠡᠢ᠂ ᠳᠤᠯᠠᠭᠠᠯᠠᠬᠤ ᠲᠥᠬᠦᠭᠡᠷᠦᠮᠵᠢ ᠪᠠ ᠨᠣᠴᠣᠮᠠᠲᠠᠭᠠᠢ ᠪᠣᠳᠠᠰ ᠤᠨ ᠠᠮᠤᠷ ᠲᠦᠪᠰᠢᠨ ᠤ ᠵᠠᠢ ᠶᠢ ᠪᠠᠲᠤᠯᠠᠬᠤ ᠬᠡᠷᠡᠭᠲᠡᠢ᠃ ᠣᠷᠣᠨ ᠳᠡᠭᠡᠷ᠎ᠡ ᠲᠠᠮᠠᠬᠢ ᠲᠠᠲᠠᠬᠤ ᠦᠭᠡᠢ᠂ ᠲᠠᠮᠠᠬᠢᠨ ᠶᠣᠵᠤᠭᠤᠷ ᠢᠶᠠᠨ ᠬᠠᠮᠢᠶ᠎ᠠ ᠦᠭᠡᠢ ᠬᠠᠶᠠᠬᠤ ᠦᠭᠡᠢ᠃ ᠡᠳᠦᠷ ᠲᠤᠲᠤᠮ ᠤᠨ ᠠᠷᠢᠭᠤᠳᠬᠠᠯ ᠬᠢᠬᠦ ᠳᠤ ᠤᠭᠯᠠᠭᠤᠷᠭ᠎ᠠ᠂ ᠴᠠᠬᠢᠯᠭᠠᠨ ᠬᠡᠷᠡᠭᠰᠡᠯ ᠵᠡᠷᠭᠡ ᠴᠠᠬᠢᠯᠭᠠᠨ ᠲᠠᠢ ᠲᠥᠬᠦᠭᠡᠷᠦᠮᠵᠢ ᠳᠤ ᠠᠷᠢᠭᠤᠳᠬᠠᠬᠤ ᠰᠢᠩᠭᠡᠨ ᠪᠡᠶᠡᠲᠦ ᠶᠢ ᠬᠡᠲᠦ ᠰᠠᠴᠤᠵᠤ ᠪᠣᠯᠬᠤ ᠦᠭᠡᠢ᠃      ᠴᠢᠳᠠᠪᠤᠷᠢ ᠶᠢ ᠪᠠᠶᠢᠴᠠᠭᠠᠨ᠎ᠠ᠃ ᠭᠠᠯ ᠤᠨ ᠠᠶᠤᠯ ᠠᠴᠠ ᠠᠮᠢ ᠵᠢᠭᠤᠲᠠᠵᠤ ᠥᠪᠡᠷ ᠢ ᠪᠠᠨ ᠠᠪᠤᠷᠠᠬᠤ ᠶᠡᠷᠦ ᠶᠢᠨ ᠮᠡᠳᠡᠯᠭᠡ ᠶᠢ ᠢᠳᠡᠪᠬᠢᠲᠡᠢ ᠰᠤᠷᠤᠯᠴᠠᠨ ᠡᠵᠡᠮᠰᠢᠵᠦ᠂ ᠭᠠᠯ ᠤᠨ ᠠᠶᠤᠯ  ᠳᠤ ᠲᠣᠬᠢᠶᠠᠯᠳᠤᠪᠠᠯ ᠯᠠᠪᠳᠠᠭᠤᠨ ᠲᠣᠭᠲᠠᠭᠤᠨ ᠪᠠᠶᠢᠵᠤ᠂ ᠶᠠᠭᠠᠷᠠᠵᠤ ᠰᠠᠨᠳᠤᠷᠬᠤ ᠪᠤᠶᠤ ᠡᠳ᠋ ᠪᠣᠳᠠᠰ ᠳᠤ ᠰᠢᠨᠤᠬᠠᠶᠢᠷᠠᠵᠤ ᠪᠣᠯᠬᠤ ᠦᠭᠡᠢ᠂ ᠵᠥᠪ ᠣᠨᠣᠪᠴᠢᠲᠠᠢ ᠠᠮᠢ ᠵᠢᠭᠤᠲᠠᠬᠤ ᠠᠷᠭ᠎ᠠ ᠪᠠᠷ ᠠᠯᠢ ᠲᠦᠷᠭᠡᠨ ᠢᠶᠠᠷ ᠠᠮᠢ ᠵᠢᠭᠤᠲᠠᠬᠤ ᠪᠤᠶᠤ ᠠᠪᠤᠷᠠᠨ ᠲᠤᠰᠠᠯᠠᠬᠤ ᠶᠢ ᠬᠦᠯᠢᠶᠡᠬᠦ ᠬᠡᠷᠡᠭᠲᠡᠢ᠃
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map