ᠡᠪᠦᠯ ᠤᠨ ᠠᠮᠠᠷᠠᠯᠲᠠ ᠶᠢᠨ ᠬᠤᠭᠤᠴᠠᠭᠠᠨ ᠳᠤ ᠨᠢᠳᠦ ᠪᠠᠨ ᠬᠠᠮᠠᠭᠠᠯᠠᠬᠤ ᠰᠠᠨᠠᠭᠤᠯᠤᠮᠵᠢ
ᠨᠡᠶᠢᠲᠡᠯᠡᠭᠰᠡᠨ ᠴᠠᠭ᠄
2024/1/31
      ᠡᠪᠦᠯ ᠤᠨ ᠠᠮᠠᠷᠠᠯᠲᠠ ᠬᠦᠷᠴᠦ ᠢᠷᠡᠯ᠎ᠡ᠂ ᠰᠤᠷᠤᠭᠴᠢᠳ ᠰᠤᠷᠤᠯᠴᠠᠬᠤ᠂ ᠠᠮᠠᠷᠠᠬᠤ᠂ ᠵᠤᠭᠠᠴᠠᠬᠤ᠂ ᠬᠥᠳᠡᠯᠭᠡᠭᠡᠨ ᠬᠢᠬᠦ ᠶᠢ ᠵᠣᠬᠢᠰᠲᠠᠢ ᠲᠣᠬᠢᠷᠠᠭᠤᠯᠬᠤ ᠶᠢᠨ ᠬᠠᠮᠲᠤ ᠡᠷᠬᠡᠪᠰᠢ ᠬᠠᠷᠠᠭ᠎ᠠ ᠪᠠᠨ ᠬᠠᠮᠠᠭᠠᠯᠠᠬᠤ ᠶᠢ ᠠᠩᠬᠠᠷᠬᠤ ᠬᠡᠷᠡᠭᠲᠡᠢ᠃ ᠬᠠᠷᠪᠢᠨ ᠬᠤᠲᠠ ᠶᠢᠨ ᠰᠤᠷᠭᠠᠨ ᠬᠥᠮᠦᠵᠢᠯ ᠤᠨ ᠲᠣᠪᠴᠢᠶ᠎ᠠ ᠪᠣᠯᠤᠨ ᠬᠠᠷᠠᠮᠥ᠋ᠷᠡᠨ ᠮᠤᠵᠢ ᠶᠢᠨ ᠨᠢᠳᠦᠨ ᠤ ᠡᠮᠨᠡᠯᠭᠡ ᠶᠢᠨ ᠬᠤᠷᠢᠶ᠎ᠠ ᠠᠴᠠ ᠬᠠᠮᠲᠤᠷᠠᠨ ᠲᠣᠭᠲᠠᠭᠠᠭᠰᠠᠨ ᠡᠪᠦᠯ ᠤᠨ ᠠᠮᠠᠷᠠᠯᠲᠠ ᠶᠢᠨ ᠬᠤᠭᠤᠴᠠᠭᠠᠨ ᠳᠤ ᠨᠢᠳᠦᠨ ᠪᠠᠨ ᠬᠠᠮᠠᠭᠠᠯᠠᠬᠤ ᠰᠠᠨᠠᠭᠤᠯᠤᠮᠵᠢ ᠶᠢ ᠦᠵᠡᠵᠡᠭᠡᠶ᠎ᠡ︕      ᠡᠳᠦᠷ ᠲᠤᠲᠤᠮ ᠤᠨ ᠨᠢᠳᠦᠨ ᠤ ᠡᠷᠡᠭᠦᠯ ᠬᠠᠮᠠᠭᠠᠯᠠᠯ ᠢ ᠡᠷᠬᠡᠪᠰᠢ ᠴᠢᠬᠤᠯᠠᠴᠢᠯᠠᠬᠤ ᠬᠡᠷᠡᠭᠲᠡᠢ      1. ᠨᠢᠳᠦ ᠬᠡᠷᠡᠭᠯᠡᠬᠦ ᠡᠷᠡᠭᠦᠯ ᠬᠠᠮᠠᠭᠠᠯᠠᠯ ᠢ ᠠᠩᠬᠠᠷᠴᠤ᠂ ᠨᠢᠳᠦᠨ ᠤ ᠡᠪᠡᠳᠴᠢᠨ ᠢ ᠰᠡᠷᠭᠡᠶᠢᠯᠡᠬᠦ           ᠬᠡᠷᠡᠭᠲᠡᠢ᠃ ᠡᠪᠦᠯ ᠤᠨ ᠠᠮᠠᠷᠠᠯᠲᠠ ᠶᠢᠨ ᠬᠤᠭᠤᠴᠠᠭᠠᠨ ᠳᠤ ᠬᠡᠦᠬᠡᠳ ᠭᠠᠳᠠᠨ᠎ᠠ ᠭᠠᠷᠴᠤ ᠨᠠᠭᠠᠳᠬᠤ ᠣᠯᠠᠰᠢᠷᠠᠬᠤ ᠪᠣᠯᠬᠤᠷ ᠭᠠᠷ ᠢᠶᠠᠨ ᠦᠷᠭᠦᠯᠵᠢ ᠤᠬᠢᠶᠠᠨ᠂ ᠨᠢᠳᠦ ᠪᠠᠨ ᠳᠤᠷ᠎ᠠ ᠪᠠᠷ  ᠢᠶᠠᠨ ᠨᠤᠬᠤᠯᠠᠬᠤ ᠦᠭᠡᠢ ᠪᠠᠶᠢᠵᠤ᠂ ᠰᠠᠯᠢᠰᠤᠲᠤ ᠪᠦᠷᠬᠦᠪᠴᠢ ᠶᠢᠨ ᠦᠷᠪᠢᠰᠦᠯ᠂ ᠨᠢᠳᠦᠨ ᠤ ᠬᠥᠰᠢᠶ᠎ᠡ ᠡᠪᠡᠳᠴᠢᠨ ᠵᠡᠷᠭᠡ ᠨᠢᠳᠦᠨ ᠤ ᠰᠠᠯᠠᠭᠠᠨ ᠤ ᠡᠪᠡᠳᠴᠢᠨ ᠣᠯᠬᠤ ᠶᠢ ᠰᠡᠷᠭᠡᠶᠢᠯᠡᠬᠦ ᠬᠡᠷᠡᠭᠲᠡᠢ᠃      2. ᠨᠢᠳᠦ ᠬᠠᠭᠤᠷᠠᠶᠢᠳᠤᠬᠤ ᠠᠴᠠ ᠰᠡᠷᠭᠡᠶᠢᠯᠡᠨ᠎ᠡ᠃ ᠭᠡᠷ ᠲᠤ ᠪᠠᠨ ᠪᠠᠶᠢᠬᠤ ᠬᠤᠭᠤᠴᠠᠭᠠᠨ ᠳᠤ᠂ ᠬᠡᠦᠬᠡᠳ ᠭᠠᠷ ᠤᠲᠠᠰᠤ᠂ ᠺᠣᠮᠫᠢᠦ᠋ᠲ᠋ᠧᠷ ᠵᠡᠷᠭᠡ ᠡᠯᠧᠺᠲᠷᠣᠨ ᠦᠢᠯᠡᠳᠬᠦᠨ ᠢ ᠦᠵᠡᠬᠦ ᠨᠢ ᠣᠯᠠᠰᠢᠷᠠᠨ ᠬᠡᠦᠬᠡᠳ ᠤᠨ ᠬᠡᠪ ᠤᠨ ᠨᠢᠳᠦ ᠴᠠᠪᠴᠢᠬᠤ ᠤᠳᠠᠭ᠎ᠠ ᠶᠢ ᠶᠡᠭᠡ ᠪᠠᠷ ᠪᠠᠭᠤᠷᠠᠭᠤᠯᠵᠤ᠂ ᠠᠮᠠᠷᠬᠠᠨ ᠨᠢᠳᠦ ᠬᠠᠳᠠᠬᠤ ᠶᠢᠨ ᠬᠠᠮᠲᠤ ᠶᠠᠳᠠᠷᠠᠬᠤ ᠪᠣᠯᠬᠤᠷ᠂ ᠬᠡᠦᠬᠡᠳ ᠤᠨ ᠡᠯᠧᠺᠲᠷᠣᠨ ᠦᠢᠯᠡᠳᠬᠦᠨ ᠢ ᠬᠡᠷᠡᠭᠯᠡᠬᠦ ᠴᠠᠭ ᠢ ᠴᠢᠩᠭ᠎ᠠ ᠡᠵᠡᠮᠳᠡᠬᠦ ᠬᠡᠷᠡᠭᠲᠡᠢ᠃      3. ᠨᠢᠳᠦ ᠪᠠᠨ ᠬᠡᠲᠦ ᠬᠡᠷᠡᠭᠯᠡᠬᠦ ᠶᠢ ᠰᠡᠷᠭᠡᠶᠢᠯᠡᠨ᠂ ᠰᠤᠷᠤᠯᠴᠠᠬᠤ ᠲᠥᠯᠥᠪᠯᠡᠭᠡ ᠵᠣᠬᠢᠰᠲᠠᠢ ᠲᠣᠭᠲᠠᠭᠠᠬᠤ ᠬᠡᠷᠡᠭᠲᠡᠢ᠃ ᠬᠡᠪ ᠤᠨ ᠬᠢᠴᠢᠶᠡᠯ ᠲᠥᠷᠥᠯ ᠤᠨ ᠰᠤᠷᠤᠯᠴᠠᠯᠭ᠎ᠠ ᠶᠢᠨ ᠡᠭᠦᠷᠭᠡ ᠠᠴᠠ ᠭᠠᠳᠠᠨᠠᠬᠢ᠂ ᠬᠡᠦᠬᠡᠳ ᠤᠨ ᠳᠤᠷ᠎ᠠ ᠰᠣᠨᠢᠷᠬᠠᠯ ᠤᠨ ᠬᠢᠴᠢᠶᠡᠯ ᠳᠡᠭᠡᠷ᠎ᠡ ᠨᠢᠳᠦ ᠬᠡᠷᠡᠭᠯᠡᠬᠦ ᠶᠢ ᠠᠩᠬᠠᠷᠬᠤ ᠬᠡᠷᠡᠭᠲᠡᠢ᠂ ᠵᠢᠱᠢᠶᠡᠯᠡᠪᠡᠯ᠄ ᠲᠡᠭᠦᠯᠳᠡᠷ ᠬᠥᠭᠵᠢᠮ᠂ ᠵᠢᠷᠤᠭ ᠵᠢᠷᠤᠬᠤ᠂ ᠤᠷᠠᠨ ᠪᠢᠴᠢᠯᠭᠡ᠂ ᠮᠢᠭᠮᠠᠨ ᠰᠢᠲᠠᠷ᠎ᠠ᠂ ᠯᠧ ᠭᠤᠣ ᠵᠡᠷᠭᠡ ᠣᠶᠢᠷ᠎ᠠ ᠵᠠᠢ ᠳᠤ ᠨᠢᠳᠦ ᠬᠡᠷᠡᠭᠯᠡᠬᠦ ᠨᠢ ᠮᠠᠰᠢ ᠠᠮᠠᠷᠬᠠᠨ ᠬᠠᠷᠠᠭ᠎ᠠ ᠶᠢ ᠶᠠᠳᠠᠷᠠᠭᠤᠯᠵᠤ᠂ ᠬᠡᠦᠬᠡᠳ ᠢ ᠣᠶᠢᠷ᠎ᠠ ᠬᠠᠷᠠᠭ᠎ᠠ ᠲᠠᠢ ᠪᠣᠯᠭᠠᠬᠤ ᠪᠤᠶᠤ ᠣᠶᠢᠷ᠎ᠠ ᠬᠠᠷᠠᠭ᠎ᠠ ᠶᠢ ᠬᠦᠨᠳᠦᠷᠡᠭᠦᠯᠦᠨ᠎ᠡ᠃      4. ᠡᠳᠦᠷ ᠪᠦᠷᠢ ᠨᠢᠳᠦᠨ ᠤ ᠡᠷᠡᠭᠦᠯᠵᠢᠯ ᠤᠨ ᠲᠠᠮᠢᠷ ᠬᠢᠬᠦ ᠶᠢ ᠪᠠᠲᠤᠯᠠᠬᠤ ᠬᠡᠷᠡᠭᠲᠡᠢ᠃ ᠭᠡᠷ ᠲᠤ ᠪᠠᠨ ᠰᠤᠷᠤᠯᠴᠠᠬᠤ ᠬᠤᠭᠤᠴᠠᠭᠠᠨ ᠳᠤ ᠡᠳᠦᠷ ᠪᠦᠷᠢ ᠶᠢᠨ ᠦᠳᠡ ᠶᠢᠨ ᠡᠮᠦᠨ᠎ᠡ ᠪᠠ ᠦᠳᠡ ᠶᠢᠨ ᠬᠤᠶᠢᠨ᠎ᠠ ᠲᠤᠰ ᠲᠤᠰ ᠨᠢᠭᠡ ᠤᠳᠠᠭ᠎ᠠ ᠨᠢᠳᠦᠨ ᠤ ᠡᠷᠡᠭᠦᠯᠵᠢᠯ ᠤᠨ ᠲᠠᠮᠢᠷ ᠬᠢᠬᠦ ᠶᠢ ᠪᠠᠷᠢᠮᠲᠠᠯᠠᠬᠤ ᠶᠢᠨ ᠬᠠᠮᠲᠤ ᠬᠥᠳᠡᠯᠭᠡᠭᠡᠨ ᠪᠠ ᠪᠠᠯᠴᠢᠷ ᠤᠨ ᠪᠠᠶᠢᠷᠢ ᠶᠢ ᠵᠥᠪ ᠡᠵᠡᠮᠳᠡᠪᠡᠯ ᠰᠠᠶ᠋ᠢ ᠨᠢᠳᠦᠨ ᠤ ᠴᠢᠯᠡᠭᠡ ᠶᠢ ᠨᠠᠮᠳᠠᠭᠤᠯᠬᠤ ᠦᠢᠯᠡᠳᠦᠯ ᠦᠵᠡᠭᠦᠯᠦᠨ᠎ᠡ᠃      5. ᠨᠢᠳᠦᠨ ᠤ ᠡᠮ ᠢ ᠪᠣᠯᠭᠤᠮᠵᠢᠲᠠᠢ ᠬᠡᠷᠡᠭᠯᠡᠬᠦ ᠬᠡᠷᠡᠭᠲᠡᠢ᠃ ᠭᠡᠷ ᠲᠤ ᠪᠠᠨ ᠪᠠᠶᠢᠬᠤ ᠦᠶ᠎ᠡ ᠳᠤ ᠨᠢᠳᠦ ᠡᠪ ᠦᠭᠡᠢ ᠪᠣᠯᠪᠠᠯ ᠤᠷᠢᠳ ᠢᠶᠠᠷ ᠨᠢᠳᠦ ᠪᠠᠨ ᠠᠮᠠᠷᠠᠭᠤᠯᠤᠨ᠎ᠠ᠂ ᠳᠤᠷ᠎ᠠ ᠪᠠᠷ ᠢᠶᠠᠨ ᠨᠢᠳᠦᠨ ᠡᠮ ᠳᠤᠰᠤᠭᠠᠵᠤ ᠪᠣᠯᠬᠤ ᠦᠭᠡᠢ᠂ ᠣᠯᠠᠩᠬᠢ ᠨᠢᠳᠦᠨ ᠤ ᠡᠮ ᠪᠦᠷ ᠢᠯᠵᠠᠷᠠᠬᠤ ᠶᠢ ᠰᠡᠷᠭᠡᠶᠢᠯᠡᠬᠦ ᠡᠳ᠋ ᠠᠭᠤᠯᠵᠤ᠂ ᠵᠣᠬᠢᠰ ᠦᠭᠡᠢ ᠬᠡᠷᠡᠭᠯᠡᠪᠡᠯ ᠨᠢᠳᠦ ᠪᠠᠨ ᠳᠠᠬᠢᠨᠲᠠ ᠭᠡᠮᠲᠦᠭᠡᠨ᠎ᠡ᠂ ᠬᠡᠷᠪᠡ ᠨᠠᠮᠳᠠᠬᠤ ᠦᠭᠡᠢ ᠪᠣᠯ ᠴᠠᠭ ᠲᠤᠬᠠᠢ ᠳᠤ ᠨᠢ ᠡᠮᠨᠡᠭᠦᠯᠬᠦ ᠬᠡᠷᠡᠭᠲᠡᠢ᠃      ᠣᠶᠢᠷ᠎ᠠ ᠬᠠᠷᠠᠭ᠎ᠠ ᠶᠢ ᠤᠷᠢᠳᠴᠢᠯᠠᠨ ᠰᠡᠷᠭᠡᠶᠢᠯᠡᠬᠦ ᠶᠢ ᠡᠷᠬᠡᠪᠰᠢ ᠪᠠᠷᠢᠮᠲᠠᠯᠠᠬᠤ ᠬᠡᠷᠡᠭᠲᠡᠢ      1. ᠰᠤᠷᠤᠭᠴᠢ ᠶᠢᠨ ᠨᠢᠳᠦᠨ ᠤ ᠪᠠᠶᠢᠴᠠᠭᠠᠯᠲᠠ ᠶᠢᠨ ᠳ᠋ᠦᠩ ᠢ ᠴᠢᠬᠤᠯᠠᠴᠢᠯᠠᠨ᠎ᠠ      ᠡᠯ᠎ᠡ ᠰᠤᠷᠭᠠᠭᠤᠯᠢ ᠨᠢᠭᠡᠨᠲᠡ ᠰᠤᠷᠤᠭᠴᠢᠳ ᠤᠨ ᠨᠠᠮᠤᠷ ᠤᠨ ᠤᠯᠠᠷᠢᠯ ᠤᠨ ᠰᠤᠷᠤᠯᠭ᠎ᠠ ᠶᠢᠨ ᠬᠤᠭᠤᠴᠠᠭᠠᠨ ᠤ ᠬᠠᠷᠠᠭᠠᠨ ᠤ ᠪᠠᠶᠢᠴᠠᠭᠠᠯᠲᠠ ᠶᠢ ᠥᠷᠨᠢᠭᠦᠯᠪᠡ᠂ ᠭᠡᠷ ᠤᠨ ᠠᠬᠠᠮᠠᠳ ᠰᠤᠷᠭᠠᠭᠤᠯᠢ ᠶᠢᠨ ᠬᠠᠷᠢᠭᠤ ᠲᠤᠰᠬᠠᠭᠰᠠᠨ ᠬᠡᠦᠬᠡᠳ ᠤᠨ ᠬᠠᠷᠠᠭᠠᠨ ᠤ ᠪᠠᠶᠢᠴᠠᠭᠠᠯᠲᠠ ᠶᠢᠨ ᠦᠷ᠎ᠡ ᠳ᠋ᠦᠩ ᠵᠢᠴᠢ ᠬᠡᠦᠬᠡᠳ ᠤᠨ ᠬᠠᠷᠠᠭᠠᠨ ᠤ ᠬᠤᠪᠢᠷᠠᠯᠲᠠ ᠶᠢᠨ ᠪᠠᠶᠢᠳᠠᠯ ᠢ ᠴᠢᠬᠤᠯᠠᠴᠢᠯᠠᠵᠤ᠂ ᠠᠩᠬ᠎ᠠ ᠠᠯᠬᠤᠮ ᠤᠨ ᠰᠠᠨᠠᠭᠤᠯᠭ᠎ᠠ ᠪᠠ ᠰᠡᠷᠡᠮᠵᠢᠯᠡᠭᠦᠯᠬᠦ ᠰᠠᠨᠠᠭᠤᠯᠤᠮᠵᠢ ᠶᠢ ᠨᠠᠷᠢᠨ ᠨᠢᠮᠪᠠᠢ ᠤᠩᠰᠢᠵᠤ᠂ ᠬᠡᠪ ᠤᠨ ᠪᠤᠰᠤ ᠪᠠᠶᠢᠳᠠᠯ ᠢ ᠣᠯᠵᠤ ᠮᠡᠳᠡᠪᠡᠯ ᠴᠠᠭ ᠲᠤᠬᠠᠢ ᠳᠤ ᠨᠢ ᠦᠵᠡᠭᠦᠯᠬᠦ ᠬᠡᠷᠡᠭᠲᠡᠢ᠃      2. ᠭᠠᠳᠠᠨᠠᠬᠢ ᠬᠥᠳᠡᠯᠭᠡᠭᠡᠨ ᠪᠠ ᠪᠡᠶ᠎ᠡ ᠶᠢᠨ ᠲᠠᠮᠢᠷ ᠤᠨ ᠪᠣᠯᠪᠠᠰᠤᠷᠠᠯ ᠢ ᠵᠣᠬᠢᠰᠲᠠᠢ ᠬᠢᠯᠭᠡᠬᠦ ᠶᠢ ᠪᠠᠲᠤᠯᠠᠨ᠎ᠠ      ᠪᠠᠶᠢᠭᠠᠯᠢ ᠶᠢᠨ ᠭᠡᠷᠡᠯ ᠬᠠᠷᠠᠭᠠᠨ ᠤ ᠲᠣᠣᠷᠯᠢᠭ ᠪᠦᠷᠬᠦᠪᠴᠢ ᠶᠢᠨ ᠳᠣᠲᠣᠷᠠᠬᠢ ᠳ᠋ᠥᠸᠧ ᠪᠠ ᠠᠨ ᠤ ᠱᠦᠭᠦᠷᠡᠯᠲᠡ ᠶᠢ ᠠᠬᠢᠭᠤᠯᠵᠤ᠂ ᠨᠢᠳᠦᠨ ᠤ ᠲᠡᠩᠭᠡᠯᠢᠭ ᠤᠷᠲᠤᠰᠬᠤ ᠶᠢ ᠤᠳᠠᠭᠠᠰᠢᠷᠠᠭᠤᠯᠵᠤ᠂ ᠣᠶᠢᠷ᠎ᠠ ᠬᠠᠷᠠᠭ᠎ᠠ  ᠲᠠᠢ ᠪᠣᠯᠬᠤ ᠪᠠ ᠣᠶᠢᠷ᠎ᠠ ᠬᠠᠷᠠᠭ᠎ᠠ ᠬᠦᠨᠳᠦᠷᠡᠬᠦ ᠶᠢ ᠤᠳᠠᠭᠠᠰᠢᠷᠠᠭᠤᠯᠳᠠᠭ᠃ ᠰᠤᠷᠤᠯᠭ᠎ᠠ ᠶᠢᠨ  ᠴᠢᠯᠦᠭᠡᠨ ᠳᠤ᠂ ᠬᠡᠦᠬᠡᠳ ᠡᠳᠦᠷ ᠪᠣᠯᠭᠠᠨ ᠭᠠᠳᠠᠨ᠎ᠠ ᠭᠠᠷᠴᠤ ᠬᠥᠳᠡᠯᠭᠡᠭᠡᠨ ᠬᠢᠬᠦ  ᠪᠤᠶᠤ ᠪᠡᠶ᠎ᠡ ᠶᠢᠨ ᠲᠠᠮᠢᠷ ᠤᠨ ᠪᠣᠯᠪᠠᠰᠤᠷᠠᠯ ᠬᠢᠵᠦ᠂ ᠠᠯᠤᠰ ᠢ ᠪᠠᠷᠠᠯᠠᠬᠤ ᠬᠡᠷᠡᠭᠲᠡᠢ᠃ ᠡᠪᠦᠯ ᠤᠨ ᠤᠯᠠᠷᠢᠯ ᠠᠯᠢ ᠴᠢᠳᠠᠬᠤ ᠪᠠᠷ ᠬᠡᠦᠬᠡᠳ ᠢ ᠴᠣᠩᠬᠤ ᠪᠠᠷ ᠠᠯᠤᠰ ᠢ ᠬᠠᠷᠠᠭᠤᠯᠵᠤ᠂ ᠭᠡᠷ ᠳᠣᠲᠣᠷ᠎ᠠ ᠵᠣᠬᠢᠰᠲᠠᠢ ᠬᠥᠳᠡᠯᠭᠡᠭᠡᠨ ᠬᠢᠯᠭᠡᠬᠦ ᠬᠡᠷᠡᠭᠲᠡᠢ᠃      3. ᠤᠩᠰᠢᠵᠤ ᠪᠢᠴᠢᠬᠦ ᠳᠤ ᠪᠠᠨ ᠳᠡᠭᠰᠢᠭᠡᠨ‌‍ᠰᠠᠭᠤᠬᠤ ᠶᠢ ᠪᠠᠲᠤᠯᠠᠨ᠎ᠠ      ᠨᠢᠳᠦᠨ ᠤ ᠵᠣᠬᠢᠴᠠᠭᠤᠯᠬᠤ ᠬᠡᠮᠵᠢᠶ᠎ᠡ ᠪᠣᠯᠤᠨ ᠬᠠᠷᠠᠭᠠᠨ ᠤ ᠵᠠᠢ ᠶᠢᠨ ᠣᠶᠢᠷ᠎ᠠ ᠬᠤᠯᠠ ᠰᠢᠭᠤᠳ ᠬᠤᠯᠪᠣᠭ᠎ᠠ ᠲᠠᠢ ᠪᠠᠶᠢᠵᠤ᠂ ᠤᠩᠰᠢᠵᠤ ᠪᠢᠴᠢᠬᠦ ᠳᠤ ᠪᠠᠨ ᠳᠡᠭᠰᠢᠭᠡᠨ ᠰᠠᠭᠤᠬᠤ ᠶᠢ ᠪᠠᠲᠤᠯᠠᠪᠠᠯ ᠨᠢᠳᠦᠨ ᠤ ᠳᠠᠷᠤᠭᠠᠰᠤ ᠶᠢ ᠪᠠᠭᠤᠷᠠᠭᠤᠯᠵᠤ᠂ ᠬᠠᠷᠠᠭᠠᠨ ᠤ ᠶᠠᠳᠠᠷᠠᠵᠤ ᠬᠦᠨᠳᠦᠷᠡᠬᠦ ᠶᠢ ᠰᠡᠷᠭᠡᠶᠢᠯᠡᠵᠦ ᠴᠢᠳᠠᠨ᠎ᠠ᠃ ︽ᠭᠤᠷᠪᠠᠨ ᠨᠢᠭᠡ ᠶᠢᠨ ᠵᠠᠷᠴᠢᠮ︾᠂ ᠲᠤᠬᠠᠶᠢᠯᠠᠪᠠᠯ ︽ᠨᠢᠳᠦ ᠨᠣᠮ ᠪᠢᠴᠢᠭ ᠠᠴᠠ ᠨᠢᠭᠡ ᠲᠣᠬᠤᠢ ᠵᠠᠶᠢᠲᠠᠢ ᠪᠠᠶᠢᠬᠤ᠂ ᠴᠡᠭᠡᠵᠢ ᠪᠢᠴᠢᠭ ᠤᠨ ᠰᠢᠷᠡᠭᠡᠨ ᠠᠴᠠ ᠨᠢᠭᠡ ᠨᠢᠳᠤᠷᠭ᠎ᠠ ᠬᠤᠯᠠ ᠪᠠᠶᠢᠬᠤ᠂ ᠭᠠᠷ ᠪᠢᠷ ᠤᠨ ᠦᠵᠦᠭᠦᠷ ᠠᠴᠠ ᠨᠢᠭᠡ ᠢᠮᠠᠬᠤ ᠬᠤᠯᠠ ᠪᠠᠶᠢᠬᠤ︾ ᠶᠢ ᠪᠠᠷᠢᠮᠲᠠᠯᠠᠬᠤ ᠬᠡᠷᠡᠭᠲᠡᠢ᠃      4. ᠣᠶᠢᠷ᠎ᠠ ᠵᠠᠢ ᠳᠤ ᠤᠳᠠᠭᠠᠨ ᠴᠠᠭ ᠨᠢᠳᠦ ᠬᠡᠷᠡᠭᠯᠡᠬᠦ ᠶᠢ ᠪᠠᠭᠠᠰᠬᠠᠨ᠎ᠠ      ᠣᠶᠢᠷ᠎ᠠ ᠵᠠᠢ ᠳᠤ ᠣᠩᠰᠢᠵᠤ ᠪᠢᠴᠢᠬᠦ ᠴᠠᠭ ᠢ 40 ᠮᠢᠨᠦ᠋ᠲ ᠠᠴᠠ ᠬᠡᠲᠦᠷᠡᠭᠦᠯᠵᠦ ᠪᠣᠯᠬᠤ ᠦᠭᠡᠢ᠂ 40 ᠮᠢᠨᠦ᠋ᠲ ᠪᠦᠷᠢ ᠳᠤ 10 ᠮᠢᠨᠦ᠋ᠲ ᠠᠮᠠᠷᠠᠵᠤ᠂ ᠴᠣᠩᠬᠤ ᠪᠠᠷ ᠠᠯᠤᠰ ᠢ ᠪᠠᠷᠠᠯᠠᠵᠤ ︵6 ᠮᠧᠲᠷ ᠤᠨ ᠬᠤᠯᠠ︶ ᠨᠢᠳᠦᠨ ᠤ ᠶᠠᠳᠠᠷᠠᠭ᠎ᠠ ᠪᠠᠨ ᠲᠠᠶᠢᠯᠬᠤ ᠬᠡᠷᠡᠭᠲᠡᠢ᠃      5. ᠡᠯᠧᠺᠲᠷᠣᠨ ᠦᠢᠯᠡᠳᠬᠦᠨ ᠢ ᠬᠡᠷᠡᠭᠯᠡᠬᠦ ᠴᠠᠭ ᠢ ᠵᠣᠬᠢᠰᠲᠠᠢ ᠬᠢᠵᠠᠭᠠᠷᠯᠠᠨ᠎ᠠ      6 ᠨᠠᠰᠤᠨ ᠠᠴᠠ ᠳᠣᠷᠤᠭᠰᠢᠬᠢ ᠬᠡᠦᠬᠡᠳ ᠲᠤ ᠠᠯᠢ ᠴᠢᠳᠠᠬᠤ ᠪᠠᠷ ᠭᠠᠷ ᠤᠲᠠᠰᠤ ᠪᠠ ᠺᠣᠮᠫᠢᠦ᠋ᠲ᠋ᠧᠷ ᠢ ᠬᠡᠷᠡᠭᠯᠡᠭᠦᠯᠬᠦ ᠠᠴᠠ ᠵᠠᠶᠢᠯᠠᠰᠬᠢᠬᠤ ᠬᠡᠷᠡᠭᠲᠡᠢ᠂ ᠬᠡᠷᠪᠡ ᠡᠯᠧᠺᠲᠷᠣᠨ ᠦᠢᠯᠡᠳᠬᠦᠨ ᠬᠡᠷᠡᠭᠯᠡᠬᠦ  ᠳᠤ ᠬᠦᠷᠪᠡᠯ᠂ ᠶᠡᠭᠡ ᠳᠡᠯᠭᠡᠴᠡᠲᠦ ᠡᠯᠧᠺᠲᠷᠣᠨ ᠪᠦᠲᠦᠭᠡᠭᠳᠡᠬᠦᠨ ᠢ ᠰᠣᠩᠭᠤᠵᠤ᠂ ᠬᠤᠯᠠ ᠠᠴᠠ ᠦᠵᠡᠭᠦᠯᠬᠦ ᠬᠡᠷᠡᠭᠲᠡᠢ᠃ ᠡᠳᠦᠷ ᠪᠦᠷᠢ ᠶᠢᠨ ᠡᠯᠧᠺᠲᠷᠣᠨ ᠦᠢᠯᠡᠳᠬᠦᠨ ᠬᠡᠷᠡᠭᠯᠡᠬᠦ ᠴᠠᠭ ᠢ 1 ᠴᠠᠭ ᠠᠴᠠ ᠬᠡᠲᠦᠷᠡᠭᠦᠯᠵᠦ ᠪᠣᠯᠬᠤ ᠦᠭᠡᠢ᠂ 15 ᠮᠢᠨᠦ᠋ᠲ ᠬᠡᠷᠡᠭᠯᠡᠬᠦ ᠪᠦᠷᠢ 5 ᠮᠢᠨᠦ᠋ᠲ ᠠᠮᠠᠷᠠᠭᠤᠯᠬᠤ ᠬᠡᠷᠡᠭᠲᠡᠢ᠃      6. ᠭᠡᠷᠡᠯ ᠰᠠᠶᠢᠨ ᠣᠷᠴᠢᠨ ᠳᠤ ᠨᠢᠳᠦ ᠪᠠᠨ ᠬᠡᠷᠡᠭᠯᠡᠨ᠎ᠡ      ᠨᠣᠮ ᠤᠩᠰᠢᠵᠤ ᠪᠢᠴᠢᠬᠦ ᠳᠤ ᠪᠠᠨ ᠭᠡᠷᠡᠯ ᠢ ᠵᠡᠭᠦᠨ ᠡᠮᠦᠨ᠎ᠡ ᠲᠠᠯ᠎ᠠ ᠠᠴᠠ ᠳᠤᠰᠬᠠᠵᠤ ︵ᠵᠢᠱᠢᠶᠡᠯᠡᠪᠡᠯ ᠵᠡᠭᠦᠨ ᠭᠠᠷ ᠢᠶᠠᠷ ᠢᠶᠠᠨ ᠦᠰᠦᠭ ᠪᠢᠴᠢᠪᠡᠯ᠂ ᠭᠡᠷᠡᠯ ᠢ ᠪᠠᠷᠠᠭᠤᠨ ᠡᠮᠦᠨ᠎ᠡ ᠲᠠᠯ᠎ᠠ ᠠᠴᠠ ᠳᠤᠰᠬᠠᠨ᠎ᠠ︶᠂ ᠰᠡᠭᠦᠳᠡᠷ ᠬᠠᠷᠠᠭ᠎ᠠ ᠶᠢ ᠬᠠᠯᠬᠠᠯᠠᠬᠤ ᠠᠴᠠ ᠵᠠᠶᠢᠯᠠᠰᠬᠢᠨ᠎ᠡ︔ ᠲᠠᠯᠪᠢᠭᠤᠷ ᠳ᠋ᠧᠩ ᠢ ᠬᠡᠷᠡᠭᠯᠡᠬᠦ ᠦᠶ᠎ᠡ ᠳᠤ᠂ ᠰᠢᠷᠡᠭᠡᠨ ᠨᠢᠭᠤᠷ ᠤᠨ ᠭᠡᠷᠡᠯ ᠤᠨ ᠲᠤᠰᠤᠯᠲᠠ ᠢ ᠵᠢᠭᠳᠡ ᠪᠠᠶᠢᠯᠭᠠᠵᠤ᠂ ᠭᠡᠷ ᠤᠨ ᠳ᠋ᠧᠩ ᠢ ᠵᠡᠷᠭᠡ ᠳᠤ ᠨᠢ ᠨᠡᠭᠡᠭᠡᠨ᠎ᠡ ︵ᠥᠩᠭᠡᠲᠦ ᠳ᠋ᠧᠩ ᠢ ᠬᠡᠷᠡᠭᠯᠡᠬᠦ ᠦᠭᠡᠢ︶︔ ᠲᠧᠯᠸᠢᠰ ᠦᠵᠡᠬᠦ ᠦᠶ᠎ᠡ ᠳᠤ᠂ ᠵᠣᠬᠢᠰᠲᠠᠢ ᠵᠠᠢ ᠶᠢ ᠪᠠᠷᠢᠮᠲᠠᠯᠠᠵᠤ᠂ ᠲᠧᠯᠸᠢᠰ ᠤᠨ ᠳᠡᠯᠭᠡᠴᠡ ᠶᠢᠨ ᠥᠨᠳᠦᠷᠴᠡ ᠬᠥᠮᠦᠨ ᠤ ᠬᠠᠷᠠᠭᠠᠨ ᠱᠤᠭᠤᠮ ᠲᠠᠢ ᠵᠡᠷᠭᠡᠴᠡᠬᠦ ᠪᠤᠶᠤ ᠪᠠᠭ᠎ᠠ ᠳᠣᠣᠷ᠎ᠠ ᠪᠠᠶᠢᠬᠤ ᠶᠢ ᠪᠠᠲᠤᠯᠠᠬᠤ ᠬᠡᠷᠡᠭᠲᠡᠢ᠃      7. ᠰᠢᠮ᠎ᠡ ᠲᠡᠵᠢᠭᠡᠯ ᠢ ᠲᠡᠩᠴᠡᠭᠦᠯᠵᠦ᠂ ᠰᠢᠬᠢᠷᠯᠢᠭ ᠢᠳᠡᠭᠡᠨ ᠪᠠᠭ᠎ᠠ ᠢᠳᠡᠨ᠎ᠡ      ᠲᠤᠷᠰᠢᠯᠲᠠ ᠠᠴᠠ ᠰᠢᠬᠢᠷᠯᠢᠭ ᠢᠳᠡᠭᠡᠨ ᠢ ᠰᠢᠩᠭᠡᠭᠡᠬᠦ ᠶᠠᠪᠤᠴᠠ ᠳᠤ ᠬᠦᠴᠢᠯᠯᠢᠭ ᠡᠳ᠋ ᠪᠠ ᠱᠥᠯᠲᠦᠯᠢᠭ ᠡᠳ᠋ ᠴᠢᠰᠤᠨ ᠤ ᠺᠠᠯᠼᠢ ᠶᠢ ᠰᠠᠭᠠᠷᠮᠠᠭᠵᠢᠭᠤᠯᠵᠤ᠂ ᠴᠢᠰᠤᠨ ᠤ ᠺᠠᠯᠼᠢ ᠪᠠᠭᠠᠰᠤᠨ᠂ ᠺᠠᠯᠼᠢ ᠳᠤᠲᠠᠬᠤ ᠨᠢ ᠨᠢᠳᠦᠨ ᠤ ᠴᠡᠴᠡᠬᠡᠢ ᠶᠢᠨ ᠤᠶᠠᠨ ᠬᠠᠳᠠᠨ ᠴᠢᠨᠠᠷ ᠪᠠᠭᠤᠷᠠᠭᠤᠯᠵᠤ᠂ ᠨᠢᠳᠦᠨ ᠤ ᠲᠡᠩᠭᠡᠯᠢᠭ ᠠᠮᠠᠷᠬᠠᠨ ᠤᠷᠲᠤᠰᠴᠤ᠂ ᠣᠶᠢᠷ᠎ᠠ ᠬᠠᠷᠠᠭ᠎ᠠ ᠲᠠᠢ ᠪᠣᠯᠬᠤ ᠪᠤᠶᠤ ᠬᠦᠨᠳᠦᠷᠡᠨ᠎ᠡ ᠭᠡᠳᠡᠭ ᠢ ᠭᠡᠷᠡᠴᠢᠯᠡᠪᠡ᠃ ᠬᠡᠦᠬᠡᠳ ᠬᠤᠭᠤᠯᠠ ᠭᠤᠯᠤᠬᠤ ᠦᠭᠡᠢ᠂ ᠬᠤᠭᠤᠯᠠ ᠢᠯᠭᠠᠬᠤ ᠦᠭᠡᠢ᠂ ᠢᠯᠡᠭᠦᠬᠡᠨ ᠵᠢᠮᠢᠰ ᠪᠠ ᠢᠳᠡᠰᠢᠨ ᠨᠣᠭᠤᠭ᠎ᠠ ᠢᠳᠡᠵᠦ᠂ ᠰᠢᠬᠢᠷᠯᠢᠭ ᠢᠳᠡᠭᠡᠨ ᠳᠤᠲᠠᠭᠤ ᠢᠳᠡᠵᠦ᠂ ᠰᠢᠬᠢᠷᠯᠢᠭ ᠤᠮᠳᠠᠭᠠᠨ ᠳᠤᠲᠠᠭᠤ ᠤᠤᠭᠤᠬᠤ ᠬᠡᠷᠡᠭᠲᠡᠢ᠃      8. ᠭᠦᠢᠴᠡᠳ ᠤᠨᠲᠠᠬᠤ ᠶᠢ ᠪᠠᠲᠤᠯᠠᠨ᠎ᠠ      ᠭᠦᠢᠴᠡᠳ ᠤᠨᠲᠠᠬᠤ ᠨᠢ ᠣᠶᠢᠷ᠎ᠠ ᠬᠠᠷᠠᠭ᠎ᠠ ᠶᠢ ᠰᠡᠷᠭᠡᠶᠢᠯᠡᠵᠦ ᠴᠢᠳᠠᠨ᠎ᠠ ᠭᠡᠳᠡᠭ ᠢ ᠰᠣᠳᠤᠯᠭᠠᠨ           ᠬᠠᠷᠠᠭᠤᠯᠵᠠᠢ᠃ ᠪᠠᠭ᠎ᠠ ᠰᠤᠷᠭᠠᠭᠤᠯᠢ ᠶᠢᠨ ᠰᠤᠷᠤᠭᠴᠢ ᠡᠳᠦᠷ ᠪᠦᠷᠢ 10 ᠴᠠᠭ᠂ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢ 9 ᠴᠠᠭ᠂ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢ 8 ᠴᠠᠭ ᠤᠨᠲᠠᠬᠤ ᠶᠢ ᠪᠠᠲᠤᠯᠬᠠᠤ ᠬᠡᠷᠡᠭᠲᠡᠢ᠃         ᠠᠰᠠᠭᠤᠳᠠᠯ ᠲᠠᠢ ᠪᠣᠯ ᠵᠠᠪᠠᠯ ᠡᠮᠨᠡᠭᠦᠯᠬᠦ ᠬᠡᠷᠡᠭᠲᠡᠢ      1. ᠡᠪᠦᠯ ᠤᠨ ᠠᠮᠠᠷᠠᠯᠲᠠ ᠶᠢᠨ ᠬᠤᠭᠤᠴᠠᠭᠠᠨ ᠳᠤ᠂ ᠬᠡᠷᠪᠡ ᠬᠡᠦᠬᠡᠳ ᠤᠨ ᠨᠢᠳᠦ ᠤᠯᠠᠶᠢᠵᠤ ᠬᠠᠪᠤᠳᠬᠤ᠂ ᠡᠪᠡᠳᠬᠦ᠂ ᠭᠡᠷᠡᠯ ᠠᠴᠠ ᠠᠶᠤᠬᠤ᠂ ᠨᠢᠯᠪᠤᠰᠤ ᠭᠤᠭᠤᠵᠢᠬᠤ ᠵᠡᠷᠭᠡ ᠪᠠᠶᠢᠳᠠᠯ ᠢᠯᠡᠷᠡᠪᠡᠯ ᠥᠪᠡᠰᠦᠪᠡᠨ ᠡᠮᠨᠡᠬᠦ ᠦᠭᠡᠢ᠂ ᠴᠠᠭ ᠲᠤᠬᠠᠢ ᠳᠤ ᠨᠢ ᠵᠢᠩᠬᠢᠨᠢ ᠨᠢᠳᠦᠨ ᠤ ᠡᠮᠨᠡᠯᠭᠡ ᠳᠤ ᠬᠦᠴᠦ ᠡᠮᠨᠡᠭᠦᠯᠬᠦ ᠬᠡᠷᠡᠭᠲᠡᠢ᠃      2. ᠢᠷᠲᠦ ᠡᠳ᠋ ᠪᠠᠷᠢᠵᠤ ᠲᠣᠭᠯᠠᠵᠤ ᠪᠣᠯᠬᠤ ᠦᠭᠡᠢ᠂ ᠴᠢᠩᠭ᠎ᠠ ᠬᠦᠴᠢᠯᠯᠢᠭ᠂ ᠴᠢᠩᠭ᠎ᠠ ᠱᠥᠯᠲᠦᠯᠢᠭ ᠤᠬᠢᠶᠠᠯᠭ᠎ᠠ ᠶᠢᠨ ᠡᠳ᠋ ᠲᠠᠢ ᠣᠶᠢᠷᠠᠳᠬᠤ ᠠᠴᠠ ᠵᠠᠶᠢᠯᠠᠰᠬᠢᠨ᠎ᠠ᠃ ᠨᠢᠳᠦᠨ ᠳᠤ ᠶᠠᠭᠤᠮ᠎ᠠ ᠣᠷᠣᠪᠠᠯ᠂ ᠨᠢᠳᠦ ᠪᠠᠨ ᠰᠢᠭᠤᠳ ᠨᠤᠬᠤᠯᠠᠬᠤ ᠦᠭᠡᠢ᠂ ᠨᠢᠳᠦ ᠪᠠᠨ ᠪᠠᠭ᠎ᠠ ᠠᠠᠨᠢᠵᠤ᠂ ᠣᠷᠣᠭᠰᠠᠨ ᠶᠠᠭᠤᠮ᠎ᠠ ᠶᠢ ᠨᠢᠳᠦᠨ ᠨᠢᠯᠪᠤᠰᠤ ᠪᠠᠨ ᠤᠷᠤᠰᠬᠠᠨ ᠭᠠᠷᠭᠠᠨ᠎ᠠ᠂ ᠬᠡᠷᠪᠡ ᠠᠶᠠᠷ ᠢᠶᠠᠨ ᠭᠠᠷᠬᠤ ᠦᠭᠡᠢ ᠪᠤᠶᠤ ᠣᠨᠳᠣᠤ ᠢᠯᠡᠷᠡᠯ ᠲᠠᠢ ᠪᠣᠯ ᠴᠠᠭ ᠲᠤᠬᠠᠢ ᠳᠤ  ᠨᠢ ᠡᠮᠨᠡᠭᠦᠯᠬᠦ ᠬᠡᠷᠡᠭᠲᠡᠢ᠃      3. ᠭᠡᠷ ᠤᠨ ᠠᠬᠠᠮᠠᠳ ᠬᠡᠦᠬᠡᠳ ᠤᠨ ᠢᠶᠠᠨ ᠲᠣᠯᠤᠭᠠᠢ ᠪᠠᠨ ᠭᠢᠯᠵᠢᠢᠯᠭᠡᠨ ᠶᠠᠭᠤᠮ᠎ᠠ ᠬᠠᠷᠠᠬᠤ᠂ ᠦᠷᠭᠦᠯᠵᠢ ᠨᠢᠳᠦ ᠪᠠᠨ ᠰᠡᠶᠢᠮᠡᠶᠢᠯᠭᠡᠬᠦ᠂ ᠨᠢᠳᠦ ᠪᠠᠨ ᠰᠢᠬᠠᠬᠤ ᠵᠡᠷᠭᠡ ᠢᠯᠡᠷᠡᠯ ᠢ ᠣᠯᠵᠤ ᠮᠡᠳᠡᠪᠡᠯ᠂ ᠳᠠᠷᠤᠢ ᠳᠤ ᠨᠢ ᠵᠣᠬᠢᠰᠲᠠᠢ ᠠᠮᠠᠷᠠᠭᠤᠯᠬᠤ ᠪᠠ ᠬᠥᠳᠡᠯᠭᠡᠭᠡᠨ ᠬᠢᠯᠭᠡᠵᠦ᠂ ᠠᠮᠠᠷᠠᠯᠲᠠ ᠶᠢᠨ ᠬᠤᠭᠤᠴᠠᠭ᠎ᠠ ᠶᠢ ᠠᠰᠢᠭᠯᠠᠨ ᠵᠢᠩᠬᠢᠨᠢ ᠨᠢᠳᠦᠨ ᠤ ᠡᠮᠨᠡᠯᠭᠡ ᠶᠢᠨ ᠬᠤᠷᠢᠶᠠᠨ ᠳᠤ ᠬᠦᠷᠴᠦ ᠪᠠᠶᠢᠴᠠᠭᠠᠯᠭᠠᠵᠤ ᠵᠠᠰᠠᠭᠤᠯᠤᠨ᠎ᠠ ᠂ ᠬᠡᠷᠪᠡ ᠣᠶᠢᠷ᠎ᠠ ᠬᠠᠷᠠᠭ᠎ᠠ ᠪᠣᠯᠤᠭᠰᠠᠨ ᠪᠣᠯ ᠴᠠᠭ ᠲᠤᠬᠠᠢ ᠳᠤ  ᠨᠢ ᠵᠠᠰᠠᠭᠤᠯᠬᠤ ᠪᠣᠯ ᠣᠶᠢᠷ᠎ᠠ ᠬᠠᠷᠠᠭ᠎ᠠ ᠬᠦᠨᠳᠦᠷᠡᠬᠦ ᠶᠢ ᠬᠤᠷᠢᠭᠯᠠᠬᠤ ᠬᠠᠮᠤᠭ ᠤᠨ ᠵᠥᠪ ᠪᠥᠭᠡᠳ ᠪᠦᠲᠦᠮᠵᠢᠲᠡᠢ ᠠᠷᠭ᠎ᠠ ᠮᠠᠶ᠋ᠢᠭ ᠪᠣᠯᠤᠨ᠎ᠠ᠃      4. ᠴᠠᠭᠠᠨ ᠰᠠᠷ᠎ᠠ ᠶᠢᠨ ᠬᠤᠭᠤᠴᠠᠭᠠᠨ ᠳᠤ᠂ ᠬᠤᠸᠠᠷ ᠫᠤᠤᠵᠢᠩ ᠲᠠᠯᠪᠢᠵᠤ ᠨᠢᠳᠦ ᠪᠠ ᠪᠡᠶ᠎ᠡ ᠮᠠᠬᠠᠪᠣᠳ ᠢᠶᠠᠨ ᠰᠢᠷᠬᠠᠳᠤᠭᠤᠯᠬᠤ ᠪᠠᠶᠢᠳᠠᠯ ᠦᠷᠭᠦᠯᠵᠢ ᠭᠠᠷᠳᠠᠭ᠂ ᠭᠡᠷ ᠤᠨ ᠠᠬᠠᠮᠠᠳ ᠡᠷᠬᠡᠪᠰᠢ ᠬᠡᠦᠬᠡᠳ ᠤᠨ ᠠᠮᠤᠷ ᠲᠦᠪᠰᠢᠨ ᠤ ᠬᠥᠮᠦᠵᠢᠯ ᠪᠠ ᠬᠠᠮᠠᠭᠠᠯᠠᠯᠲᠠ ᠶᠢ ᠰᠠᠶᠢᠲᠤᠷ ᠬᠢᠵᠦ᠂ ᠰᠠᠨᠠᠭᠠᠨ ᠳᠤ ᠦᠭᠡᠢ ᠭᠡᠮᠲᠦᠯ ᠭᠠᠷᠬᠤ ᠠᠴᠠ ᠵᠠᠶᠢᠯᠠᠰᠬᠢᠬᠤ ᠬᠡᠷᠡᠭᠲᠡᠢ᠃ 
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map