ᠰᠢᠨ᠎ᠡ ᠤᠯᠤᠰ ᠤᠨ ᠰᠢᠯᠭᠠᠯᠲᠠ ᠳᠤ ᠰᠠᠭᠤᠷᠢᠯᠠᠭᠰᠠᠨ ᠠᠮᠢᠳᠤ ᠪᠣᠳᠠᠰ ᠤᠨ ᠵᠢᠭᠠᠨ ᠰᠤᠷᠭᠠᠯᠲᠠ ᠳᠠᠬᠢ ᠬᠢᠴᠢᠶᠡᠯ ᠳᠤ ᠬᠥᠲᠥᠯᠬᠦ ᠶᠢᠨ ᠴᠢᠬᠤᠯᠠ ᠴᠢᠨᠠᠷ ᠢ ᠥᠭᠦᠯᠡᠬᠦ ᠨᠢ
ᠨᠡᠶᠢᠲᠡᠯᠡᠭᠰᠡᠨ ᠴᠠᠭ᠄
2023/12/18
                           ᠯᠢ ᠶᠠᠩ ᠶᠠᠩ

教学研究10.png

      ᠶᠡᠷᠦ ᠶᠢᠨ ᠦᠭᠡᠨ ᠳᠤ ︽ᠲᠦᠮᠡᠨ ᠠᠯᠬᠤᠮ ᠤᠨ ᠲᠦᠷᠦᠭᠦᠦ ᠠᠯᠬᠤᠮ ᠨᠢ ᠬᠦᠴᠢᠷ︾ ᠭᠡᠳᠡᠭ᠃ ᠨᠢᠭᠡᠨ ᠰᠠᠶᠢᠨ

ᠡᠬᠢᠯᠡᠯᠲᠡ ᠨᠢ ᠶᠠᠮᠠᠷ ᠶᠠᠪᠤᠳᠠᠯ ᠳᠤ ᠴᠦ ᠭᠡᠰᠡᠨ ᠪᠠᠭ᠎ᠠ ᠬᠦᠴᠦ ᠵᠠᠷᠤᠴᠠᠭᠤᠯᠵᠤ ᠶᠡᠭᠡ ᠠᠮᠵᠢᠯᠲᠠ ᠣᠯᠬᠤ ᠦᠢᠯᠡᠳᠦᠯ

ᠦᠵᠡᠭᠦᠯᠳᠡᠭ᠃ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠲᠠ ᠳᠤ ᠴᠦ ᠡᠶᠢᠮᠦᠷᠬᠦᠦ ᠪᠠᠶᠢᠳᠠᠭ᠃ ᠬᠢᠴᠢᠶᠡᠯ ᠢ

ᠠᠮᠢᠳᠤᠯᠢᠭ ᠪᠥᠭᠡᠳ ᠰᠣᠨᠢᠷᠬᠠᠯᠲᠠᠢ ᠬᠥᠲᠥᠯᠵᠦ ᠣᠷᠣᠬᠤ ᠪᠣᠯ ᠵᠢᠭᠠᠨ ᠰᠤᠷᠭᠠᠯᠲᠠ ᠶᠢᠨ ᠤᠷᠠᠯᠢᠭ ᠮᠥᠨ᠂

ᠰᠤᠷᠤᠭᠴᠢᠳ ᠤᠨ ᠬᠢᠴᠢᠶᠡᠯ ᠤᠨ ᠵᠠᠪᠰᠠᠷᠯᠠᠭ᠎ᠠ ᠳᠤ ᠳᠡᠪᠬᠡᠷᠡᠭᠰᠡᠨ ᠰᠡᠳᠬᠢᠯ ᠢ ᠨᠢ ᠬᠤᠷᠢᠶᠠᠵᠤ ᠠᠪᠴᠢᠷᠠᠬᠤ ︽ᠬᠤᠷᠴᠠ

ᠵᠡᠪᠰᠡᠭ︾ ᠮᠥᠨ᠂ ᠡᠨᠡ ᠨᠢ ᠰᠤᠷᠤᠭᠴᠢᠳ ᠢ ᠮᠡᠳᠡᠯᠭᠡ ᠶᠢ ᠬᠠᠶᠢᠨ ᠰᠦᠪᠡᠭᠴᠢᠯᠡᠬᠦ ᠤᠷᠮ᠎ᠠ ᠪᠠᠬ᠎ᠠ ᠲᠠᠢ ᠪᠣᠯᠭᠠᠵᠦ᠂

ᠮᠡᠳᠡᠯᠭᠡ ᠶᠢᠨ ᠳᠠᠯᠠᠢ ᠳᠤ ᠬᠠᠯᠢᠨ ᠳᠡᠭᠦᠯᠢᠭᠦᠯᠬᠦ ᠪᠣᠯᠣᠨ᠎ᠠ᠃

      ᠰᠢᠨ᠎ᠡ ᠤᠯᠤᠰ ᠤᠨ ᠰᠢᠯᠭᠠᠯᠲᠠ᠂ ᠰᠢᠨ᠎ᠡ ᠵᠢᠭᠠᠬᠤ ᠮᠠᠲ᠋ᠧᠷᠢᠶᠠᠯ᠂ ᠰᠢᠨ᠎ᠡ ᠥᠭᠡᠷᠡᠴᠢᠯᠡᠯᠲᠡ ᠶᠢ ᠠᠯᠬᠤᠮ

ᠠᠯᠬᠤᠮ ᠢᠶᠠᠷ ᠲᠦᠯᠬᠢᠨ ᠠᠬᠢᠭᠤᠯᠵᠤ ᠪᠠᠶᠢᠭ᠎ᠠ ᠶᠡᠭᠡ ᠠᠬᠤᠢ ᠪᠠᠶᠢᠳᠠᠯ  ᠤᠨ ᠳᠣᠣᠷ᠎ᠠ ᠪᠠᠭᠰᠢ ᠨᠠᠷ ᠴᠦ

ᠥᠪᠡᠷ ᠤᠨ ᠢᠶᠠᠨ ᠲᠤᠬᠠᠶᠢᠯᠠᠭᠰᠠᠨ ᠠᠵᠢᠯ ᠤᠨ ᠬᠢᠷᠢ ᠲᠦᠪᠰᠢᠨ ᠢᠶᠠᠨ ᠦᠷᠭᠦᠯᠵᠢᠯᠡᠨ ᠳᠡᠭᠡᠭᠰᠢᠯᠡᠭᠦᠯᠵᠦ᠂ ᠰᠢᠨ᠎ᠡ

ᠵᠢᠭᠠᠨ ᠰᠤᠷᠭᠠᠯᠲᠠ ᠶᠢᠨ ᠠᠷᠭ᠎ᠠ ᠮᠠᠶ᠋ᠢᠬ ᠢᠶᠠᠷ ᠬᠢᠴᠢᠶᠡᠯ ᠵᠢᠭᠠᠵᠤ᠂ ᠬᠡᠪ ᠴᠢᠨᠠᠷ ᠤᠨ ᠰᠤᠷᠭᠠᠨ ᠬᠥᠮᠦᠵᠢᠯ ᠢ

ᠴᠢᠬᠤᠯᠠᠴᠢᠯᠠᠨ᠂ ᠰᠤᠷᠤᠭᠴᠢᠳ ᠤᠨ ᠰᠢᠨ᠎ᠡ ᠶᠢ ᠡᠭᠦᠳᠬᠦ ᠰᠢᠨᠵᠢᠯᠡᠬᠦ ᠤᠬᠠᠭᠠᠨᠴᠢ ᠰᠡᠳᠬᠢᠬᠦᠢ ᠶᠢ ᠪᠣᠢ ᠪᠣᠯᠭᠠᠬᠤ ᠪᠠᠷ

ᠵᠣᠷᠢᠯᠲᠠ ᠪᠣᠯᠭᠠᠬᠤ ᠴᠢᠬᠤᠯᠠᠲᠠᠢ᠃ ᠤᠯᠠᠮᠵᠢᠯᠠᠯᠲᠤ ᠰᠤᠷᠭᠠᠨ ᠬᠥᠮᠦᠵᠢᠯ ᠤᠨ ᠵᠢᠭᠠᠨ ᠰᠤᠷᠭᠠᠯᠲᠠ ᠪᠣᠯ ᠪᠠᠭᠰᠢ ᠠᠴᠠ

ᠶᠠᠷᠢᠵᠤ᠂ ᠰᠤᠷᠤᠭᠴᠢ ᠰᠣᠨᠣᠰᠴᠤ ᠲᠡᠮᠳᠡᠭᠯᠡᠵᠦ ᠴᠡᠭᠡᠵᠢᠯᠡᠬᠦ ᠬᠡᠯᠪᠡᠷᠢ ᠪᠣᠯᠣᠨ᠎ᠠ᠃ ᠪᠦᠬᠦ᠋ᠢᠯᠡ ᠵᠢᠭᠠᠨ

ᠰᠤᠷᠭᠠᠯᠲᠠ ᠶᠢᠨ ᠶᠠᠪᠤᠴᠠ ᠳᠤ ᠰᠤᠷᠤᠭᠴᠢ ᠶᠢᠨ ᠣᠷᠤᠯᠴᠠᠯᠭ᠎ᠠ ᠳᠤᠩ ᠳᠣᠣᠷ᠎ᠠ᠂ ᠪᠦᠬᠦ᠋ᠢᠯᠡ ᠬᠢᠴᠢᠶᠡᠯ ᠪᠦᠷ

ᠪᠠᠭᠰᠢ ᠶᠢᠨ ᠬᠢ ᠪᠠᠶᠢᠵᠠᠢ᠃ ᠡᠶᠢᠮᠦᠷᠬᠦᠦ ᠵᠢᠭᠠᠨ ᠰᠤᠷᠭᠠᠯᠲᠠ ᠶᠢᠨ ᠬᠡᠪ ᠵᠠᠭᠪᠤᠷ ᠨᠢ ᠨᠢᠭᠡᠨᠲᠡ ᠬᠡᠳᠦᠨ ᠮᠢᠩᠭᠠᠨ ᠵᠢᠯ

ᠤᠯᠠᠮᠵᠢᠯᠠᠭᠳᠠᠵᠤ᠂ ᠴᠠᠭ ᠬᠤᠭᠤᠴᠠᠭᠠᠨ ᠤ ᠤᠯᠠᠷᠢᠬᠤ᠂ ᠰᠢᠨᠵᠢᠯᠡᠬᠦ ᠤᠬᠠᠭᠠᠨ ᠤ ᠬᠥᠭᠵᠢᠯᠲᠡ ᠶᠢ ᠳᠠᠭᠠᠯᠳᠤᠨ᠂

ᠤᠯᠤᠰ ᠠᠴᠠ ᠬᠡᠪ ᠴᠢᠨᠠᠷ ᠤᠨ ᠰᠤᠷᠭᠠᠨ ᠬᠥᠮᠦᠵᠢᠯ ᠢ ᠲᠠᠰᠤᠷᠠᠯᠲᠠ ᠦᠭᠡᠢ ᠲᠦᠭᠡᠮᠡᠯᠵᠢᠭᠦᠯᠭᠦ ᠶᠢᠨ ᠲᠠᠭᠠᠤ

ᠤᠯᠠᠮᠵᠢᠯᠠᠯᠲᠤ ᠰᠤᠷᠭᠠᠨ ᠬᠥᠮᠦᠵᠢᠯ ᠤᠨ ᠠᠷᠭ᠎ᠠ ᠨᠢ ᠨᠢᠭᠡᠨᠲᠡ ᠣᠳᠣ ᠶᠢᠨ ᠵᠢᠭᠠᠨ ᠰᠤᠷᠭᠠᠯᠲᠠ ᠶᠢᠨ

ᠱᠠᠭᠠᠷᠳᠠᠯᠭ᠎ᠠ ᠳᠤ ᠵᠣᠬᠢᠴᠠᠵᠤ ᠲᠡᠶᠢᠯᠭᠦ ᠦᠭᠡᠢ ᠪᠣᠯᠵᠠᠢ᠃ ᠣᠳᠣ ᠶᠢᠨ ᠰᠤᠷᠭᠠᠨ ᠬᠥᠮᠦᠵᠢᠯ ᠪᠣᠯ ᠰᠤᠷᠤᠭᠴᠢᠳ ᠲᠤ

ᠮᠡᠳᠡᠯᠭᠡ ᠤᠯᠠᠮᠵᠢᠯᠠᠬᠤ ᠪᠠᠷ ᠪᠠᠷᠠᠬᠤ ᠦᠭᠡᠢ ᠪᠠᠰᠠ ᠰᠤᠷᠤᠭᠴᠢᠳ ᠤᠨ ᠴᠢᠳᠠᠪᠤᠷᠢ ᠶᠢ ᠳᠡᠭᠡᠭᠰᠢᠯᠡᠭᠦᠭᠦ ᠶᠢ ᠱᠠᠭᠠᠷᠳᠠᠵᠤ

ᠪᠠᠶᠢᠨ᠎ᠠ᠃ ᠡᠨᠡ ᠨᠢ ᠳᠠᠷᠤᠢ ᠪᠢᠲᠡᠨ ᠢ ᠰᠢᠨ᠎ᠡ ᠵᠢᠭᠠᠨ ᠰᠤᠷᠭᠠᠯᠲᠠ ᠶᠢᠨ ᠣᠶᠢᠯᠠᠭᠠᠭᠳᠠᠬᠤᠨ᠂ ᠰᠢᠨ᠎ᠡ ᠵᠢᠭᠠᠨ

ᠰᠤᠷᠭᠠᠯᠲᠠ ᠶᠢᠨ ᠠᠷᠭ᠎ᠠ ᠲᠠᠢ ᠪᠠᠶᠢᠬᠤ ᠶᠢ ᠱᠠᠭᠠᠷᠳᠠᠵᠤ᠂ ᠰᠢᠨ᠎ᠡ ᠥᠭᠡᠷᠡᠴᠢᠯᠡᠯᠲᠡ ᠳᠤ ᠵᠣᠬᠢᠯᠳᠤᠭᠰᠠᠨ ᠰᠢᠨ᠎ᠡ

ᠮᠠᠶ᠋ᠢᠬ ᠤᠨ ᠬᠢᠴᠢᠶᠡᠯ ᠲᠥᠰᠥᠪᠯᠡᠬᠦ ᠶᠢ ᠱᠠᠭᠠᠷᠳᠠᠬᠤ ᠪᠣᠯᠵᠤ ᠪᠠᠶᠢᠨ᠎ᠠ᠃ ᠡᠭᠦᠨ ᠳᠤ ᠤᠯᠠᠨ ᠵᠠᠭᠤᠴᠢᠳᠤ ᠮᠡᠲᠦ ᠶᠢᠨ

ᠰᠢᠨ᠎ᠡ ᠵᠢᠭᠠᠬᠤ ᠪᠠᠭᠠᠵᠢ ᠶᠢ ᠠᠰᠢᠭᠯᠠᠨ᠂ ᠨᠢᠭᠡᠨ ᠰᠠᠶᠢᠨ ᠬᠢᠴᠢᠶᠡᠯ ᠤᠨ ᠡᠬᠢᠯᠡᠯᠲᠡ ᠲᠥᠰᠥᠪᠯᠡᠬᠦ ᠪᠣᠯ ᠲᠦᠢᠯ ᠤᠨ

ᠴᠢᠬᠤᠯᠠᠲᠠᠢ ᠶᠤᠮ᠃

      ᠰᠤᠷᠭᠠᠨ ᠬᠥᠮᠦᠵᠢᠯ ᠤᠨ ᠤᠷᠠᠯᠢᠭ ᠪᠣᠯ ᠮᠡᠳᠡᠯᠭᠡ ᠤᠯᠠᠮᠵᠢᠯᠠᠬᠤ ᠳᠤ ᠪᠠᠶᠢᠬᠤ ᠪᠢᠰᠢ᠂ ᠬᠠᠷᠢᠨ

ᠰᠤᠷᠤᠭᠴᠢᠳ ᠢ ᠤᠷᠮᠠᠰᠢᠭᠤᠯᠬᠤ᠂ ᠰᠡᠩᠬᠡᠷᠡᠭᠦᠯᠬᠦ᠂ ᠵᠣᠷᠢᠬᠵᠢᠭᠤᠯᠬᠤ ᠳᠤ ᠪᠠᠶᠢᠳᠠᠭ᠃ ᠰᠢᠨ᠎ᠡ ᠥᠭᠡᠷᠡᠴᠢᠯᠡᠯᠲᠡ ᠶᠢ

ᠲᠦᠯᠬᠢᠨ ᠠᠬᠢᠭᠤᠯᠵᠤ ᠪᠠᠶᠢᠭ᠎ᠠ ᠣᠳᠣ ᠶᠢᠨ ᠰᠢᠨ᠎ᠡ ᠵᠢᠭᠠᠨ ᠰᠤᠷᠭᠠᠯᠲᠠ ᠶᠢᠨ ᠱᠠᠭᠠᠷᠳᠠᠯᠭ᠎ᠠ ᠨᠡᠩ ᠢᠯᠡᠭᠦᠦ

ᠰᠤᠷᠤᠭᠴᠢᠳ ᠤᠨ ᠴᠢᠳᠠᠪᠤᠷᠢ᠂ ᠰᠡᠳᠬᠢᠬᠦᠢ᠂ ᠬᠡᠪ ᠴᠢᠨᠠᠷ ᠤᠨ ᠳᠡᠭᠡᠭᠰᠢᠯᠡᠯᠲᠡ ᠵᠡᠷᠭᠡ ᠪᠦᠬᠦ ᠲᠠᠯ᠎ᠠ ᠶᠢ

ᠬᠥᠮᠥᠵᠢᠭᠦᠯᠬᠦ ᠶᠢ ᠱᠠᠭᠠᠷᠳᠠᠵᠤ ᠪᠠᠶᠢᠨ᠎ᠠ᠃ ᠡᠶᠢᠮᠦ ᠠᠴᠠ ᠪᠠᠭᠰᠢ ᠨᠠᠷ ᠬᠢᠴᠢᠶᠡᠯ ᠢᠶᠠᠨ ᠪᠡᠯᠡᠳᠬᠡᠵᠦ᠂ ᠬᠢᠴᠢᠶᠡᠯ ᠢᠶᠠᠨ

ᠣᠷᠣᠬᠤ ᠦᠶ᠎ᠡ ᠳᠤ ᠡᠭᠦᠨ ᠢ ᠠᠩᠬᠠᠷᠬᠤ ᠴᠢᠬᠤᠯᠠᠲᠠᠢ᠂ ᠬᠢᠴᠢᠶᠡᠯ ᠳᠤ ᠬᠥᠲᠥᠯᠬᠦ ᠶᠢ ᠬᠦᠨᠳᠦᠳᠬᠡᠨ ᠦᠵᠡᠬᠦ

ᠴᠢᠬᠤᠯᠠᠲᠠᠢ᠃ ᠭᠡᠪᠡᠴᠦ ᠪᠣᠳᠠᠲᠠᠢ ᠵᠢᠭᠠᠨ ᠰᠤᠷᠭᠠᠯᠲᠠ ᠶᠢᠨ ᠶᠠᠪᠤᠴᠠ ᠳᠤ᠂ ᠵᠠᠷᠢᠮ ᠪᠠᠭᠰᠢ ᠬᠢᠴᠢᠶᠡᠯ ᠳᠤ

ᠬᠥᠲᠥᠯᠬᠦ ᠶᠢᠨ ᠲᠤᠬᠠᠢ ᠲᠠᠨᠢᠯᠲᠠ ᠳᠤᠲᠠᠮᠠᠭ ᠪᠠᠶᠢᠵᠤ᠂ ᠦᠷᠭᠦᠯᠵᠢ ᠬᠢᠴᠢᠶᠡᠯ ᠳᠤ ᠬᠥᠲᠥᠯᠬᠦ ᠶᠠᠪᠤᠴᠠ ᠶᠢ

ᠣᠮᠲᠣᠭᠠᠶᠢᠯᠠᠨ᠎ᠠ᠂ ᠰᠢᠭᠤᠳ ︽ᠥᠨᠥᠳᠥᠷ ᠪᠢᠳᠡ × × × ᠠᠭᠤᠯᠭ᠎ᠠ ᠶᠢ ᠰᠤᠷᠤᠯᠴᠠᠶ᠎ᠠ︾ ᠭᠡᠬᠦ ᠮᠡᠲᠦ ᠶᠢᠨ

ᠬᠡᠯᠪᠡᠷᠢ ᠪᠠᠷ ᠰᠢᠨ᠎ᠡ ᠬᠢᠴᠢᠶᠡᠯ ᠳᠤ ᠣᠷᠣᠵᠤ᠂ ᠬᠢᠴᠢᠶᠡᠯ ᠤᠨ ᠡᠬᠢᠯᠡᠯᠲᠡ ᠶᠢ ᠴᠢᠬᠤᠯᠠᠴᠢᠯᠠᠬᠤ ᠦᠭᠡᠢ᠂ ᠬᠢᠴᠢᠶᠡᠯ ᠳᠤ

ᠬᠥᠲᠥᠯᠬᠦ ᠶᠠᠪᠤᠴᠠ ᠶᠢ ᠢᠯᠡᠭᠦᠴᠡ ᠭᠡᠵᠦ ᠪᠣᠳᠤᠳᠠᠭ᠃ ᠪᠠᠰᠠ ᠵᠠᠷᠢᠮ ᠪᠠᠭᠰᠢ ᠬᠢᠴᠢᠶᠡᠯ  ᠳᠤ ᠬᠥᠲᠥᠯᠬᠦ ᠠᠷᠭ᠎ᠠ ᠪᠠ

ᠤᠷ᠎ᠠ ᠳᠡᠮ ᠢ ᠣᠶᠢᠯᠠᠭᠠᠬᠤ ᠦᠭᠡᠢ ᠪᠤᠶᠤ ᠡᠵᠡᠮᠰᠢᠭᠰᠡᠨ ᠦᠭᠡᠢ ᠠᠴᠠ ᠶᠠᠭᠠᠬᠢᠵᠤ ᠬᠢᠴᠢᠶᠡᠯ ᠳᠤ ᠬᠥᠲᠥᠯᠬᠦ ᠶᠢ ᠣᠯᠵᠤ

ᠶᠠᠳᠠᠨ᠂ ᠡᠭᠦᠨ ᠤ ᠤᠯᠠᠮ ᠠᠴᠠ ᠬᠢᠴᠢᠶᠡᠯ ᠳᠤ ᠬᠥᠲᠥᠯᠬᠦ ᠦᠭᠡᠢ ᠪᠠᠷ ᠰᠢᠭᠤᠳ ᠡᠬᠢᠯᠡᠭᠦᠯᠳᠡᠭ ᠪᠠᠶᠢᠨ᠎ᠠ᠃ ᠡᠳᠡᠭᠡᠷ

ᠠᠰᠠᠭᠤᠳᠠᠯ ᠢ ᠰᠠᠶᠢᠲᠤᠷ ᠰᠢᠢᠳᠪᠦᠷᠢᠯᠡᠬᠦ ᠶᠢᠨ ᠲᠥᠯᠥᠭᠡ᠂ ᠬᠢᠴᠢᠶᠡᠯ ᠬᠥᠲᠥᠯᠬᠦ ᠶᠢᠨ ᠦᠢᠯᠡᠳᠦᠯ ᠪᠠ ᠴᠢᠬᠤᠯᠠ

ᠴᠢᠨᠠᠷ ᠢ ᠪᠣᠳᠠᠲᠤ ᠵᠢᠱᠢᠶ᠎ᠡ ᠲᠠᠢ ᠤᠶᠠᠯᠳᠤᠭᠤᠯᠤᠨ ᠲᠣᠳᠣᠷᠬᠠᠶᠢᠯᠠᠬᠤ ᠴᠢᠬᠤᠯᠠ ᠲᠠᠢ ᠪᠠᠶᠢᠨ᠎ᠠ᠃

      ᠨᠢᠭᠡ᠂ ᠠᠮᠢᠳᠤ ᠪᠣᠳᠠᠰ ᠤᠨ ᠵᠢᠭᠠᠨ ᠰᠤᠷᠭᠠᠯᠲᠠ ᠳᠠᠬᠢ ᠬᠢᠴᠢᠶᠡᠯ ᠳᠤ ᠬᠥᠲᠥᠯᠬᠦ ᠶᠢᠨ ᠦᠢᠯᠡᠳᠦᠯ

      ᠲᠤᠰ ᠵᠣᠬᠢᠶᠠᠯ ᠳᠤ ᠭᠤᠣᠯᠳᠠᠭᠤ ᠲᠡᠭᠡᠳᠤ ᠵᠡᠷᠭᠡ ᠶᠢᠨ ᠳᠤᠮᠳᠠᠳᠦ ᠰᠤᠷᠭᠠᠭᠤᠯᠢ ᠶᠢᠨ ᠠᠮᠢᠳᠤ ᠪᠣᠳᠠᠰ ᠤᠨ

ᠬᠢᠴᠢᠶᠡᠯ ᠤᠨ ᠵᠠᠪᠠᠯ ᠰᠤᠷᠬᠤ ᠨᠢᠭᠡᠳᠦᠭᠡᠷ ᠳᠡᠪᠲᠡᠷ ᠤᠨ ᠵᠠᠷᠢᠮ ᠠᠭᠤᠯᠭ᠎ᠠ ᠪᠠᠷ ᠵᠢᠱᠢᠶᠡᠯᠡᠵᠦ ᠬᠢᠴᠢᠶᠡᠯ ᠳᠤ

ᠬᠥᠲᠥᠯᠬᠦ ᠶᠢᠨ ᠴᠢᠬᠤᠯᠠ ᠦᠢᠯᠡᠳᠦᠯ ᠢ ᠥᠭᠦᠯᠡᠨ᠎ᠠ᠃ ᠵᠠᠪᠠᠯ ᠰᠤᠷᠬᠤ ᠨᠢᠭᠡᠳᠦᠭᠡᠷ ᠳᠡᠪᠲᠡᠷ ᠤᠨ ᠠᠭᠤᠯᠭ᠎ᠠ ᠳᠤ

ᠮᠣᠯᠧᠺᠦ᠋ᠯ ᠤᠨ ᠪᠦᠷᠢᠯᠳᠦᠯ᠂ ᠡᠰ ᠤᠨ ᠪᠦᠲᠦᠴᠡ᠂ ᠡᠰ ᠤᠨ ᠰᠣᠯᠢᠯᠴᠠᠭ᠎ᠠ᠂ ᠡᠰ ᠤᠨ ᠦᠷᠡᠵᠢᠯ ᠵᠢᠴᠢ ᠡᠰ ᠤᠨ

ᠢᠯᠭᠠᠷᠠᠯ᠂ ᠥᠲᠡᠯᠬᠦ ᠪᠠ ᠦᠬᠦᠬᠦ ᠵᠡᠷᠭᠡ ᠠᠭᠤᠯᠭ᠎ᠠ ᠪᠠᠭᠲᠠᠨ᠎ᠠ᠃ ᠲᠤᠰ ᠬᠡᠰᠡᠭ ᠨᠢ ᠡᠰ ᠤᠨ ᠠᠮᠢᠳᠤ ᠪᠣᠳᠠᠰ ᠤᠨ

ᠤᠬᠠᠭᠠᠨ ᠤ ᠲᠠᠯ᠎ᠠ ᠶᠢᠨ ᠬᠠᠮᠤᠭ ᠤᠨ ᠦᠨᠳᠦᠰᠦᠨ ᠮᠡᠳᠡᠯᠭᠡ ᠪᠠᠶᠢᠵᠤ᠂ ᠪᠤᠰᠤᠳ ᠬᠡᠰᠡᠭ ᠢ ᠰᠤᠷᠤᠯᠴᠠᠬᠤ ᠰᠠᠭᠤᠷᠢ

ᠪᠣᠯᠣᠨ᠎ᠠ᠃ ᠰᠤᠷᠤᠭᠴᠢᠳ ᠲᠤᠰ ᠬᠡᠰᠡᠭ ᠤᠨ ᠰᠤᠷᠤᠯᠴᠠᠯᠭ᠎ᠠ ᠪᠠᠷ ᠳᠠᠮᠵᠢᠨ ᠬᠤᠮᠠᠬᠢ ᠲᠠᠯ᠎ᠠ ᠠᠴᠠ ᠠᠮᠢ ᠨᠠᠰᠤᠨ ᠤ

ᠮᠥᠨ ᠴᠢᠨᠠᠷ ᠢ ᠨᠡᠩ ᠭᠦᠨᠵᠡᠭᠡᠢ ᠣᠶᠢᠯᠠᠭᠠᠬᠤ ᠪᠣᠯᠣᠨ᠎ᠠ᠃ ᠡᠨᠡ ᠨᠢ ᠰᠤᠷᠤᠭᠴᠢᠳ ᠤᠨ ᠰᠢᠨᠵᠢᠯᠡᠬᠦ ᠤᠬᠠᠭᠠᠨᠴᠢ

ᠰᠡᠳᠬᠢᠬᠦᠢ ᠪᠠ ᠠᠮᠢ ᠶᠢᠨ ᠦᠵᠡᠯᠲᠡ ᠶᠢᠨ ᠪᠦᠷᠢᠯᠳᠦᠬᠦ ᠳᠤ ᠠᠰᠢᠭᠲᠠᠢ ᠶᠤᠮ᠃ ᠡᠶᠢᠮᠦ ᠠᠴᠠ ᠲᠤᠰ ᠬᠡᠰᠡᠭ ᠲᠠᠢ

ᠬᠠᠮᠢᠶ᠎ᠠ ᠲᠠᠢ ᠬᠢᠴᠢᠶᠡᠯ ᠢ ᠰᠠᠶᠢᠲᠤᠷ ᠲᠥᠰᠥᠪᠯᠡᠨ᠂ ᠠᠮᠵᠢᠯᠲᠠ ᠲᠠᠢ ᠬᠥᠲᠥᠯᠬᠦ ᠪᠣᠯ ᠮᠠᠰᠢ ᠴᠢᠬᠤᠯᠠ ᠶᠤᠮ᠃

      1. ᠰᠤᠷᠤᠭᠴᠢᠳ ᠤᠨ ᠠᠩᠬᠠᠷᠤᠯ ᠢ ᠲᠠᠲᠠᠨ᠎ᠠ

      ᠰᠠᠶᠢᠨ ᠬᠢᠴᠢᠶᠡᠯ ᠤᠨ ᠡᠬᠢᠯᠡᠯᠲᠡ ᠪᠣᠯ ᠰᠣᠷᠢᠨᠵᠢᠨ ᠮᠡᠲᠦ ᠪᠠᠶᠢᠵᠤ᠂ ᠪᠦᠬᠦ ᠰᠤᠷᠤᠭᠴᠢ ᠶᠢᠨ ᠪᠦᠬᠦ

ᠠᠩᠬᠠᠷᠤᠯ ᠢ ᠨᠢᠭᠡ ᠯᠡ ᠳᠣᠣᠷ᠎ᠠ ᠲᠥᠪᠯᠡᠷᠡᠭᠦᠯᠵᠦ ᠲᠡᠶᠢᠯᠦᠨ᠎ᠡ᠃ ᠰᠤᠷᠤᠭᠴᠢᠳ ᠬᠢᠴᠢᠶᠡᠯ ᠤᠨ ᠵᠠᠪᠰᠠᠷᠯᠠᠭ᠎ᠠ ᠳᠤ

ᠲᠦᠷ ᠠᠮᠠᠷᠠᠭᠰᠠᠨ ᠤ ᠳᠠᠷᠠᠭ᠎ᠠ ᠰᠢᠨ᠎ᠡ ᠬᠢᠴᠢᠶᠡᠯ ᠳᠤ ᠣᠷᠣᠬᠤ ᠦᠶ᠎ᠡ ᠳᠤ ᠲᠦᠷᠦᠭᠦᠦ ᠬᠡᠳᠦᠨ ᠮᠢᠨᠦ᠋ᠲ ᠲᠤ

ᠠᠩᠬᠠᠷᠤᠯ ᠢᠶᠠᠨ ᠲᠥᠪᠯᠡᠷᠡᠭᠦᠯᠵᠦ ᠲᠡᠶᠢᠯᠭᠦ ᠦᠭᠡᠢ ᠪᠠᠶᠢᠵᠤ᠂ ᠰᠡᠳᠬᠢᠯ ᠰᠠᠨᠠᠭ᠎ᠠ ᠲᠣᠭᠲᠠᠪᠤᠷᠢ ᠦᠭᠡᠢ ᠪᠠᠶᠢᠳᠠᠭ᠂ ᠪᠠᠰᠠ

ᠵᠠᠷᠢᠮ ᠦᠶ᠎ᠡ ᠳᠤ ᠰᠤᠷᠤᠭᠴᠢᠳ ᠬᠢᠴᠢᠶᠡᠯ ᠤᠨ ᠵᠠᠪᠰᠠᠷᠯᠠᠭ᠎ᠠ ᠳᠤ ᠵᠣᠭᠤᠭᠳᠠᠵᠤ ᠪᠠᠷᠠᠭᠰᠠᠨ ᠦᠭᠡᠢ ᠵᠣᠭᠤᠭ ᠢᠶᠠᠨ

ᠬᠢᠴᠢᠶᠡᠯ ᠲᠡᠭᠡᠷ᠎ᠡ ᠵᠠᠯᠭᠠᠭᠠᠳ ᠵᠣᠭᠤᠭᠳᠠᠳᠠᠭ᠃ ᠡᠨᠡ ᠦᠶ᠎ᠡ ᠳᠤ ᠬᠡᠷᠪᠡ ᠲᠣᠬᠢᠷᠠᠮᠵᠢᠲᠠᠢ ᠠᠷᠭ᠎ᠠ ᠮᠠᠶ᠋ᠢᠬ ᠢᠶᠠᠷ ᠨᠢᠭᠡᠨ

ᠬᠢᠴᠢᠶᠡᠯ ᠤᠨ ᠡᠬᠢᠯᠡᠯᠲᠡ ᠲᠥᠰᠥᠪᠯᠡᠭᠰᠡᠨ ᠪᠠᠶᠢᠪᠠᠯ᠂ ᠰᠤᠷᠤᠭᠴᠢᠳ ᠤᠨ ᠠᠩᠬᠠᠷᠤᠯ ᠢ ᠲᠠᠲᠠᠵᠤ᠂ ᠲᠡᠳᠡᠨ ᠢ ᠲᠤᠩ

ᠲᠦᠷᠭᠡᠨ ᠢᠶᠠᠷ ᠰᠢᠨ᠎ᠡ ᠬᠢᠴᠢᠶᠡᠯ ᠤᠨ ᠠᠭᠤᠯᠭ᠎ᠠ ᠳᠤ ᠲᠠᠳᠠᠵᠤ ᠠᠪᠴᠢᠷᠠᠵᠤ ᠪᠤᠯᠤᠨ᠎ᠠ᠃

      2. ᠰᠤᠷᠤᠭᠴᠢᠳ ᠤᠨ ᠰᠤᠷᠤᠯᠴᠠᠬᠤ ᠤᠷᠮ᠎ᠠ ᠪᠠᠬ᠎ᠠ ᠶᠢ ᠬᠥᠭᠵᠢᠭᠡᠨ᠎ᠡ

      ᠰᠤᠷᠭᠠᠨ ᠬᠥᠮᠦᠵᠢᠯ ᠤᠨ ᠰᠡᠳᠬᠢᠴᠡ ᠶᠢᠨ ᠵᠤᠭᠰᠤᠴᠠ ᠠᠴᠠ ᠠᠪᠴᠤ ᠦᠵᠡᠪᠡᠯ᠂ ᠰᠤᠷᠬᠤᠢ ᠶᠢᠨ ᠤᠷᠮ᠎ᠠ

ᠪᠠᠬ᠎ᠠ ᠪᠣᠯ ᠨᠢᠭᠡ ᠬᠥᠮᠥᠨ ᠤ ᠲᠠᠨᠢᠯᠲᠠ ᠳᠤ ᠬᠡᠯᠪᠠᠶᠢᠵᠦ᠂ ᠶᠠᠮᠠᠷ ᠨᠢᠭᠡᠨ ᠮᠡᠳᠡᠯᠭᠡ ᠶᠢ ᠰᠤᠳᠤᠯᠤᠨ ᠣᠯᠬᠤ

ᠰᠡᠳᠬᠢᠴᠡ ᠶᠢᠨ ᠣᠨᠴᠠᠯᠢᠭ ᠪᠠᠶᠢᠵᠤ᠂ ᠬᠥᠮᠥᠰ ᠤᠨ ᠮᠡᠳᠡᠯᠭᠡ ᠰᠤᠷᠬᠤ ᠶᠢ ᠠᠬᠢᠭᠤᠯᠳᠠᠭ ᠨᠢᠭᠡ ᠵᠦᠢᠯ ᠤᠨ

ᠳᠣᠲᠣᠭᠠᠳᠤ ᠬᠦᠴᠦᠨ ᠪᠣᠯᠣᠨ᠎ᠠ᠃ ᠰᠤᠷᠤᠭᠴᠢ ᠶᠠᠮᠠᠷ ᠨᠢᠭᠡᠨ ᠰᠢᠨᠵᠢᠯᠡᠭᠡᠨ ᠤ ᠰᠠᠯᠠᠭ᠎ᠠ ᠳᠤ ᠰᠣᠨᠢᠷᠬᠠᠯ ᠲᠠᠢ ᠪᠣᠯ

ᠳᠠᠷᠤᠢ ᠦᠷᠭᠦᠯᠵᠢᠯᠡᠨ ᠰᠡᠳᠬᠢᠯ ᠲᠠᠯᠪᠢᠨ ᠰᠤᠳᠤᠯᠵᠤ᠂ ᠡᠭᠦᠨ ᠤ ᠤᠯᠠᠮ ᠠᠴᠠ ᠰᠤᠷᠤᠯᠭ᠎ᠠ ᠶᠢᠨ ᠦᠷ᠎ᠡ ᠪᠦᠲᠦᠮᠵᠢ ᠶᠢ

ᠳᠡᠭᠡᠭᠰᠢᠯᠡᠭᠦᠯᠳᠡᠭ᠃ ᠬᠡᠷᠪᠡ ᠶᠠᠮᠠᠷ ᠨᠢᠭᠡᠨ ᠲᠥᠷᠦᠯ ᠤᠨ ᠬᠢᠴᠢᠶᠡᠯ ᠳᠤ ᠰᠣᠨᠢᠷᠬᠠᠯ ᠦᠭᠡᠢ ᠪᠣᠯ ᠪᠠᠭᠰᠢ ᠠᠴᠠ ᠬᠡᠳᠦᠢ

ᠴᠢᠷᠮᠠᠶᠢᠯ᠎ᠠ ᠴᠦ ᠭᠡᠰᠡᠨ ᠰᠤᠷᠤᠭᠴᠢ ᠶᠢᠨ ᠰᠤᠷᠤᠯᠭ᠎ᠠ  ᠶᠢᠨ ᠦᠷ᠎ᠡ ᠪᠦᠳᠤᠮᠵᠢ ᠳᠡᠭᠡᠭᠰᠢᠯᠡᠵᠦ ᠲᠡᠶᠢᠯᠭᠦ ᠦᠭᠡᠢ          

ᠪᠠᠶᠢᠳᠠᠭ᠃ ᠡᠶᠢᠮᠦ ᠠᠴᠠ ᠰᠤᠷᠤᠭᠴᠢᠳ ᠤᠨ ᠰᠤᠷᠤᠯᠴᠠᠬᠤ ᠤᠷᠮ᠎ᠠ ᠪᠠᠬ᠎ᠠ ᠶᠢ ᠬᠥᠭᠵᠢᠭᠡᠬᠦ ᠪᠣᠯ ᠴᠢᠬᠤᠯᠠ

ᠦᠢᠯᠡᠳᠦᠯ ᠲᠠᠢ᠃ ᠣᠳᠣᠬᠠᠨ ᠳᠤ ᠮᠠᠰᠢ ᠤᠯᠠᠨ ᠰᠤᠷᠤᠭᠴᠢ ᠰᠤᠷᠤᠯᠭ᠎ᠠ ᠳᠤ ᠪᠠᠨ ᠰᠣᠨᠢᠷᠬᠠᠯ ᠦᠭᠡᠢ᠂ ᠰᠤᠷᠤᠯᠴᠠᠬᠤ

ᠪᠠᠬ᠎ᠠ ᠦᠭᠡᠢ ᠪᠠᠶᠢᠨ᠎ᠠ᠃ ᠲᠡᠭᠡᠪᠡᠯ ᠨᠢᠭᠡᠨ ᠠᠮᠢᠳᠤᠯᠢᠭ ᠮᠥᠷᠲᠡᠭᠡᠨ ᠰᠣᠨᠢᠷᠬᠠᠯ ᠲᠠᠢ ᠬᠢᠴᠢᠶᠡᠯ ᠤᠨ ᠡᠬᠢᠯᠡᠯᠲᠡ ᠶᠢ

ᠠᠰᠢᠭᠯᠠᠨ ᠰᠤᠷᠤᠭᠴᠢᠳ ᠤᠨ ᠤᠷᠮ᠎ᠠ ᠪᠠᠬ᠎ᠠ ᠶᠢ ᠬᠥᠭᠵᠢᠭᠡᠵᠦ᠂ ᠰᠤᠷᠤᠭᠴᠢᠳ ᠤᠨ ᠰᠠᠨᠠᠭᠠᠴᠢᠯᠠᠭᠠᠲᠦ ᠴᠢᠨᠠᠷ ᠪᠠ

ᠢᠳᠡᠪᠬᠢᠵᠢᠯ ᠢ ᠳᠠᠶᠢᠴᠢᠯᠡᠵᠦ᠂ ᠰᠤᠷᠤᠭᠴᠢᠳ ᠢ ᠠᠮᠢᠳᠤ ᠪᠣᠳᠠᠰ ᠤᠨ ᠬᠢᠴᠢᠶᠡᠯ ᠣᠷᠣᠬᠤ ᠳᠤᠷᠠᠲᠠᠢ᠂ ᠰᠤᠳᠤᠯᠬᠤ

ᠳᠤᠷᠠᠲᠠᠢ ᠪᠣᠯᠭᠠᠨ᠎ᠠ᠃

      3. ᠤᠷᠢᠳᠤᠬᠢ ᠶᠢ ᠵᠠᠯᠭᠠᠮᠵᠢᠯᠠᠨ ᠬᠤᠶᠢᠨᠠᠬᠢ ᠶᠢ ᠰᠡᠩᠬᠡᠷᠡᠭᠦᠯᠵᠦ᠂ ᠰᠤᠷᠤᠭᠴᠢᠳ ᠢ ᠪᠡᠯᠡᠳᠬᠡᠯ ᠲᠠᠢ᠂

ᠵᠣᠷᠢᠯᠭ᠎ᠠ ᠲᠠᠢ ᠪᠠᠷ ᠬᠢᠴᠢᠶᠡᠯ ᠳᠤ ᠣᠷᠣᠬᠤ ᠪᠣᠯᠭᠠᠨ᠎ᠠ

      ᠰᠠᠶᠢᠨ ᠬᠢᠴᠢᠶᠡᠯ ᠤᠨ ᠡᠬᠢᠯᠡᠯᠲᠡ ᠪᠣᠯ ᠬᠠᠭᠤᠴᠢᠨ ᠮᠡᠳᠡᠯᠭᠡ ᠶᠢ ᠳᠠᠪᠲᠠᠵᠤ᠂ ᠰᠢᠨ᠎ᠡ ᠮᠡᠳᠡᠯᠭᠡ ᠶᠢ

ᠤᠳᠤᠷᠢᠳᠴᠤ᠂ ᠰᠢᠨ᠎ᠡ ᠬᠠᠭᠤᠴᠢᠨ ᠮᠡᠳᠡᠯᠭᠡ ᠶᠢ ᠬᠤᠯᠪᠣᠬᠤ ᠦᠢᠯᠡᠳᠦᠯ ᠦᠵᠡᠭᠦᠯᠵᠦ᠂ ᠰᠤᠷᠤᠭᠴᠢᠳ ᠲᠤ

ᠮᠡᠳᠡᠯᠭᠡ ᠶᠢᠨ ᠬᠥᠭᠦᠷᠭᠡ ᠲᠠᠪᠢᠰᠤᠨ ᠦᠭᠴᠦ᠂ ᠰᠤᠷᠤᠭᠴᠢᠳ ᠢ ᠬᠠᠪᠰᠤᠷᠤᠨ ᠮᠡᠳᠡᠯᠭᠡ ᠶᠢᠨ ᠬᠤᠯᠪᠣᠭᠳᠠᠯ ᠢ

ᠲᠣᠳᠣᠷᠬᠠᠢ ᠪᠣᠯᠭᠠᠵᠦ᠂ ᠰᠤᠷᠤᠭᠴᠢᠳ ᠤᠨ ᠰᠢᠨᠵᠢᠯᠡᠬᠦ ᠤᠬᠠᠭᠠᠨᠴᠢ ᠰᠡᠳᠬᠢᠬᠦᠢ ᠶᠢᠨ ᠪᠤᠢ ᠪᠣᠯᠬᠤ ᠳᠤ ᠨᠥᠬᠦᠴᠡᠯ

ᠬᠠᠩᠭᠠᠵᠦ᠂ ᠪᠦᠬᠦ᠋ᠢᠯᠡ ᠬᠢᠴᠢᠶᠡᠯ ᠤᠨ ᠰᠤᠷᠤᠯᠴᠠᠯᠭ᠎ᠠ ᠳᠤ ᠪᠡᠯᠡᠳᠬᠡᠯ ᠪᠠ ᠰᠠᠭᠤᠷᠢ ᠲᠠᠯᠪᠢᠵᠤ ᠥᠭᠭᠦᠨ᠎ᠡ᠃

      4. ᠰᠢᠨ᠎ᠡ ᠬᠢᠴᠢᠶᠡᠯ ᠤᠨ ᠠᠭᠤᠯᠭ᠎ᠠ ᠳᠤ ᠰᠤᠷᠤᠯᠴᠠᠯᠭ᠎ᠠ ᠶᠢᠨ ᠠᠬᠤᠢ ᠪᠠᠶᠢᠳᠠᠯ ᠢ ᠬᠠᠩᠭᠠᠨ᠎ᠠ

      ᠣᠳᠤ ᠶᠢᠨ ᠰᠤᠷᠤᠭᠴᠢᠳ ᠰᠢᠨ᠎ᠡ ᠮᠡᠳᠡᠯᠭᠡ ᠶᠢ ᠰᠤᠷᠬᠤ᠂ ᠡᠵᠡᠮᠰᠢᠬᠦ ᠤᠷᠮ᠎ᠠ ᠰᠡᠳᠬᠢᠯᠭᠡ ᠶᠡᠷᠦ ᠳᠤ ᠪᠠᠨ

ᠲᠡᠳᠦᠢ ᠥᠨᠳᠥᠷ ᠪᠢᠰᠢ ᠪᠠᠶᠢᠳᠠᠭ᠂ ᠡᠨᠡ ᠦᠶᠡᠰ ᠲᠤ ᠬᠠᠪᠤᠯᠢᠭ ᠲᠣᠬᠢᠷᠠᠮᠵᠢᠲᠠᠢ ᠬᠢᠴᠢᠶᠡᠯ ᠤᠨ ᠡᠬᠢᠯᠡᠯᠲᠡ ᠪᠠᠷ

ᠳᠠᠮᠵᠢᠨ ᠰᠢᠨ᠎ᠡ ᠠᠭᠤᠯᠭ᠎ᠠ ᠶᠢᠨ ᠰᠤᠷᠤᠯᠴᠠᠯᠭ᠎ᠠ ᠶᠢᠨ ᠠᠬᠤᠢ ᠪᠠᠶᠢᠳᠠᠯ ᠢ ᠬᠠᠩᠭᠠᠵᠦ᠂ ᠰᠤᠷᠤᠭᠴᠢᠳ ᠤᠨ ᠰᠢᠨ᠎ᠡ

ᠮᠡᠳᠡᠯᠭᠡ ᠶᠢ ᠰᠤᠷᠴᠤ ᠰᠤᠳᠤᠯᠬᠤ ᠤᠷᠮ᠎ᠠ ᠵᠣᠷᠢᠭ ᠢ ᠨᠢ ᠬᠥᠭᠵᠢᠭᠡᠪᠡᠯ ᠲᠡᠳᠡᠨ ᠢ ᠨᠡᠩ ᠲᠦᠷᠭᠡᠨ ᠮᠥᠷᠲᠡᠭᠡᠨ

ᠤᠷᠤᠭᠰᠢᠲᠠᠢ ᠪᠠᠷ ᠰᠢᠨ᠎ᠡ ᠬᠢᠴᠢᠶᠡᠯ ᠤᠨ ᠵᠢᠭᠠᠨ ᠰᠤᠷᠭᠠᠯᠲᠠ ᠳᠤ ᠠᠭᠤᠰᠬᠠᠵᠤ ᠲᠡᠶᠢᠯᠭᠦ ᠪᠣᠯᠣᠨ᠎ᠠ᠃

      5. ᠰᠤᠷᠤᠭᠴᠢᠳ ᠤᠨ ᠡᠭᠦᠳᠦᠨ ᠪᠦᠲᠦᠭᠡᠬᠦ ᠰᠡᠳᠬᠢᠬᠦᠢ ᠶᠢ ᠪᠣᠯᠪᠠᠰᠣᠷᠠᠭᠤᠯᠵᠦ᠂ ᠮᠡᠳᠡᠯᠭᠡ ᠶᠢᠨ ᠬᠠᠷᠠᠭ᠎ᠠ

ᠬᠡᠪᠴᠢᠶ᠎ᠡ ᠶᠢ ᠥᠷᠭᠡᠳᠬᠡᠨ᠎ᠡ

      ᠬᠢᠴᠢᠶᠡᠯ ᠢ ᠠᠮᠵᠢᠯᠲᠠ ᠲᠠᠢ ᠬᠥᠲᠥᠯᠵᠦ ᠣᠷᠣᠬᠤ ᠪᠣᠯ ᠰᠤᠷᠤᠭᠴᠢᠳ ᠤᠨ ᠰᠡᠳᠬᠢᠬᠦᠢ ᠶᠢ ᠨᠡᠭᠡᠭᠡᠭᠳᠡᠭᠦᠯᠬᠦ

ᠡᠬᠢᠯᠡᠯᠲᠡ ᠮᠥᠨ᠃ ᠰᠤᠷᠤᠭᠴᠢᠳ ᠤᠨ ᠠᠰᠠᠭᠤᠳᠠᠯ ᠢ ᠢᠯᠡᠷᠡᠭᠦᠯᠬᠦ᠂ ᠠᠰᠠᠭᠤᠳᠠᠯ ᠢ ᠳᠤᠷᠠᠳᠬᠤ᠂ ᠠᠰᠠᠭᠤᠳᠠᠯ ᠢ

ᠰᠠᠨᠠᠭᠠᠴᠢᠯᠠᠭ᠎ᠠ ᠲᠠᠢ ᠪᠠᠷ ᠵᠠᠳᠠᠯᠵᠤ ᠳ᠋ᠦᠩᠨᠡᠬᠦ ᠳᠠᠳᠬᠠᠯ ᠢ ᠪᠤᠢ ᠪᠣᠯᠭᠠᠬᠤ ᠪᠣᠯᠣᠨ᠎ᠠ᠃ ᠰᠤᠷᠤᠭᠴᠢᠳ

ᠥᠪᠡᠷ ᠲᠤ ᠪᠠᠨ ᠠᠰᠠᠭᠤᠳᠠᠯ ᠢ ᠳᠤᠷᠠᠳᠴᠤ᠂ ᠢᠯᠡᠷᠡᠭᠦᠯᠵᠦ ᠲᠡᠶᠢᠯᠵᠦ ᠪᠠᠶᠢᠪᠠᠯ ᠰᠠᠶ᠋ᠢ ᠠᠰᠠᠭᠤᠳᠠᠯ ᠢ ᠵᠠᠳᠠᠯᠵᠤ

ᠬᠤᠷᠢᠶᠠᠩᠭᠤᠶᠢᠯᠠᠬᠤ ᠴᠢᠳᠠᠪᠤᠷᠢ ᠲᠠᠢ ᠪᠣᠯᠵᠤ ᠲᠡᠶᠢᠯᠦᠨ᠎ᠡ᠂ ᠰᠠᠶ᠋ᠢ ᠰᠢᠨ᠎ᠡ ᠮᠡᠳᠡᠯᠭᠡ ᠶᠢ ᠰᠤᠷᠬᠤ ᠰᠤᠳᠤᠯᠬᠤ

ᠰᠣᠨᠢᠷᠬᠠᠯ ᠲᠠᠢ ᠪᠣᠯᠵᠤ᠂ ᠰᠢᠨ᠎ᠡ ᠮᠡᠳᠡᠯᠭᠡ ᠶᠢ ᠣᠶᠢᠯᠠᠭᠠᠵᠤ ᠡᠵᠡᠮᠰᠢᠵᠦ ᠲᠡᠶᠢᠯᠭᠦ ᠪᠣᠯᠣᠨ᠎ᠠ᠃ ᠬᠡᠷᠪᠡ

ᠰᠤᠷᠤᠭᠴᠢᠳ ᠤᠨ ᠣᠶᠢᠯᠠᠭᠠᠬᠤ ᠦᠭᠡᠢ᠂ ᠮᠡᠳᠡᠬᠦ ᠦᠭᠡᠢ ᠵᠠᠷᠢᠮ ᠵᠦᠢᠯ ᠢᠶᠠᠷ ᠬᠢᠴᠢᠶᠡᠯ ᠳᠤ ᠬᠥᠲᠥᠯᠪᠡᠯ

ᠰᠤᠷᠤᠭᠴᠢᠳ ᠤᠨ ᠠᠩᠬᠠᠷᠤᠯ ᠢ ᠲᠠᠲᠠᠬᠤ ᠮᠥᠷᠲᠡᠭᠡᠨ ᠰᠤᠷᠤᠭᠴᠢᠳ ᠤᠨ ᠮᠡᠳᠡᠯᠭᠡ ᠶᠢᠨ ᠬᠦᠷᠢᠶ᠎ᠡ ᠬᠡᠪᠴᠢᠶ᠎ᠡ ᠪᠠ

ᠮᠡᠳᠡᠯᠭᠡ ᠶᠢᠨ ᠬᠠᠷᠠᠭ᠎ᠠ ᠶᠢ ᠥᠷᠭᠡᠳᠬᠡᠨ᠂ ᠰᠤᠷᠤᠭᠴᠢᠳ ᠤᠨ ᠰᠤᠷᠤᠯᠴᠠᠬᠤ ᠤᠷᠮ᠎ᠠ ᠪᠠᠬ᠎ᠠ ᠶᠢ ᠲᠠᠲᠠᠬᠤ ᠪᠣᠯᠣᠨ᠎ᠠ᠃

      ᠬᠤᠶᠠᠷ᠂ ᠠᠮᠢᠳᠤ ᠪᠣᠳᠠᠰ ᠤᠨ ᠵᠢᠭᠠᠨ ᠰᠤᠷᠭᠠᠯᠲᠠ ᠳᠠᠬᠢ ᠬᠢᠴᠢᠶᠡᠯ ᠳᠤ ᠬᠥᠲᠥᠯᠬᠦ ᠶᠢᠨ ᠪᠣᠳᠠᠲᠤ ᠵᠢᠱᠢᠶ᠎ᠡ

      1. ᠠᠰᠠᠭᠤᠯᠲᠠ ᠶᠢᠨ ᠬᠡᠯᠪᠡᠷᠢ ᠪᠠᠷ ᠬᠢᠴᠢᠶᠡᠯ ᠳᠤ ᠬᠥᠲᠥᠯᠬᠦ

      ᠰᠣᠨᠢᠭᠤᠴᠢ ᠰᠡᠳᠬᠢᠯ ᠬᠥᠮᠥᠨ ᠪᠦᠬᠦᠨ ᠳᠤ ᠪᠠᠶᠢᠳᠠᠭ᠃ ᠠᠰᠠᠭᠤᠯᠲᠠ ᠶᠢᠨ ᠬᠡᠯᠪᠡᠷᠢ ᠪᠠᠷ ᠬᠢᠴᠢᠶᠡᠯ ᠳᠤ

ᠬᠥᠲᠥᠯᠬᠦ ᠨᠢ ᠬᠡᠳᠦ᠋ᠢᠪᠡᠷ ᠲᠥᠬᠦᠮ ᠠᠪᠰᠠᠷ ᠮᠥᠷᠲᠡᠭᠡᠨ ᠤᠳᠠᠭᠠᠨ ᠬᠡᠷᠡᠭᠯᠡᠭᠳᠡᠭᠰᠡᠭᠡᠷ ᠢᠷᠡᠭᠰᠡᠨ ︽ᠬᠠᠭᠤᠴᠢᠨ

ᠠᠷᠭ᠎ᠠ︾ ᠪᠣᠯᠪᠠᠴᠦ ᠰᠤᠷᠤᠭᠴᠢ ᠶᠢᠨ ᠰᠣᠨᠢᠭᠤᠴᠢ ᠰᠡᠳᠬᠢᠯ ᠢ ᠠᠰᠢᠭᠯᠠᠨ᠂ ᠬᠢᠴᠢᠶᠡᠯ ᠲᠠᠢ ᠬᠠᠮᠢᠶ᠎ᠠ ᠲᠠᠢ ᠬᠡᠳᠦᠨ

ᠠᠰᠠᠭᠤᠯᠲᠠ ᠲᠥᠰᠥᠪᠯᠡᠨ᠂ ᠠᠰᠠᠭᠤᠯᠲᠠ ᠪᠠᠷ ᠳᠠᠮᠵᠢᠨ ᠰᠤᠷᠤᠭᠴᠢᠳ ᠢ ᠰᠡᠳᠬᠢᠭᠦᠯᠬᠦ ᠶᠢᠨ ᠬᠠᠮᠲᠤ ᠰᠤᠷᠤᠯᠴᠠᠬᠤ

ᠤᠷᠮ᠎ᠠ ᠪᠠᠬ᠎ᠠ ᠶᠢ ᠬᠥᠭᠵᠢᠭᠡᠵᠦ᠂ ᠡᠭᠦᠨ ᠤ ᠤᠯᠠᠮ ᠠᠴᠠ ᠰᠢᠨ᠎ᠡ ᠬᠢᠴᠢᠶᠡᠯ ᠤᠨ ᠵᠢᠭᠠᠨ ᠰᠤᠷᠭᠠᠯᠲᠠ ᠪᠠᠨ

ᠤᠷᠤᠭᠰᠢᠲᠠᠢ ᠡᠬᠢᠯᠡᠭᠦᠯᠵᠦ ᠲᠡᠶᠢᠯᠭᠦ ᠪᠣᠯᠣᠨ᠎ᠠ᠃

      ᠵᠢᠱᠢᠶᠡᠯᠡᠪᠡᠯ᠂ ᠵᠠᠪᠠᠯ ᠰᠤᠷᠬᠤ ᠨᠢᠭᠡᠳᠦᠭᠡᠷ ᠳᠡᠪᠲᠡᠷ ᠤᠨ ᠬᠤᠶᠠᠳᠤᠭᠠᠷ ᠪᠦᠯᠦᠭ ᠤᠨ ᠭᠤᠷᠪᠠᠳᠤᠭᠠᠷ

ᠬᠡᠰᠡᠭ ᠤᠨ ᠰᠢᠬᠢᠷ ᠤᠨ ᠵᠦᠢᠯ ᠤᠨ ᠠᠭᠤᠯᠭ᠎ᠠ ᠶᠢ ᠬᠥᠲᠥᠯᠬᠦ ᠦᠶᠡᠰ ᠲᠤ ︽ᠡᠳᠦᠷ ᠲᠤᠳᠤᠮ ᠤᠨ ᠠᠮᠢᠳᠤᠷᠠᠯ

ᠳᠤᠮᠳᠠ ᠰᠢᠬᠢᠷ ᠭᠡᠭᠰᠡᠭᠡᠷ ᠪᠦᠷ ᠰᠢᠬᠢᠷᠯᠢᠭ ᠠᠮᠲᠠ ᠲᠠᠢ ᠪᠠᠶᠢᠳᠠᠭ᠂ ᠲᠡᠭᠡᠪᠡᠯ ᠠᠮᠢᠳᠤ ᠪᠣᠳᠠᠰ ᠤᠨ ᠪᠡᠶ᠎ᠡ ᠶᠢ

ᠪᠦᠷᠢᠯᠳᠦᠭᠦᠯᠦᠭᠰᠡᠨ ᠰᠢᠬᠢᠷ ᠤᠨ ᠵᠦᠢᠯ ᠪᠦᠬᠦᠨ ᠢᠶᠠᠷ ᠢᠶᠠᠨ ᠴᠥᠮ ᠰᠢᠬᠢᠷᠯᠢᠭ ᠠᠮᠲᠠ ᠲᠠᠢ ᠤᠤ︖︾ ᠭᠡᠬᠦ

ᠠᠰᠠᠭᠤᠯᠲᠠ ᠪᠠᠷ ᠳᠠᠮᠵᠢᠨ ᠰᠤᠷᠤᠭᠴᠢᠳ ᠤᠨ ᠠᠩᠬᠠᠷᠤᠯ ᠢ ᠲᠠᠲᠠᠨ ᠬᠢᠴᠢᠶᠡᠯ ᠡᠬᠢᠯᠡᠭᠦᠯᠵᠦ ᠪᠣᠯᠣᠨ᠎ᠠ᠃ ᠪᠠᠰᠠ

ᠵᠢᠱᠢᠶᠡᠯᠡᠪᠡᠯ᠂ ᠵᠢᠷᠭᠤᠳᠤᠭᠠᠷ ᠪᠦᠯᠦᠭ ᠤᠨ ᠨᠢᠭᠡᠳᠦᠭᠡᠷ ᠬᠡᠰᠡᠭ ᠤᠨ ᠡᠰ ᠤᠨ ᠨᠡᠮᠡᠭᠳᠡᠨ ᠦᠷᠡᠵᠢᠬᠦ ᠭᠡᠬᠦ ᠠᠭᠤᠯᠭ᠎ᠠ ᠶᠢ

ᠰᠤᠷᠬᠤ ᠦᠶᠡᠰ ᠲᠤ᠂ ᠪᠢᠳᠡ ᠬᠢᠴᠢᠶᠡᠯ ᠤᠨ ᠪᠢᠴᠢᠭ ᠳᠡᠭᠡᠷᠡᠬᠢ ︽ᠵᠠᠭᠠᠨ ᠪᠠ ᠬᠤᠯᠤᠭᠠᠨ᠎ᠠ ᠶᠢᠨ ᠪᠡᠶ᠎ᠡ ᠪᠢᠯᠳᠠᠷ ᠤᠨ

ᠵᠥᠷᠢᠶ᠎ᠡ ᠨᠢ ᠲᠡᠳᠡᠭᠡᠷ ᠢ ᠪᠦᠷᠢᠯᠳᠦᠭᠦᠯᠦᠭᠰᠡᠨ ᠡᠰ ᠤᠨ ᠡᠵᠡᠯᠡᠬᠦᠨ ᠤ ᠵᠥᠷᠢᠶᠡᠨ ᠠᠴᠠ ᠪᠣᠯᠤᠭᠰᠠᠨ ᠤᠤ︖︾ ᠭᠡᠬᠦ

ᠲᠥᠬᠦᠮ ᠠᠰᠠᠭᠤᠯᠲᠠ ᠪᠠᠷ ᠳᠠᠮᠵᠢᠨ ᠬᠢᠴᠢᠶᠡᠯ ᠳᠤ ᠬᠥᠲᠥᠯᠵᠦ ᠪᠣᠯᠣᠨ᠎ᠠ᠃ ᠡᠭᠦᠨ ᠢᠶᠠᠷ ᠳᠠᠮᠵᠢᠨ ᠰᠤᠷᠤᠭᠴᠢᠳ ᠤᠨ

ᠰᠦᠪᠡᠭᠴᠢᠯᠡᠬᠦ ᠤᠷᠮ᠎ᠠ ᠪᠠᠬ᠎ᠠ ᠶᠢ ᠲᠠᠲᠠᠵᠤ᠂ ᠰᠢᠨ᠎ᠡ ᠬᠢᠴᠢᠶᠡᠯ ᠤᠨ ᠠᠭᠤᠯᠭ᠎ᠠ ᠶᠢᠨ ᠰᠤᠷᠤᠯᠴᠠᠯᠭ᠎ᠠ ᠳᠤ ᠣᠷᠣᠵᠤ

ᠪᠣᠯᠣᠨ᠎ᠠ᠃ ᠡᠶᠢᠮᠦᠷᠬᠦᠦ ᠠᠰᠠᠭᠤᠯᠲᠠ ᠪᠠᠷ ᠳᠠᠮᠵᠢᠨ ᠬᠢᠴᠢᠶᠡᠯ ᠳᠤ ᠬᠥᠲᠥᠯᠬᠦ ᠬᠡᠯᠪᠡᠷᠢ ᠬᠡᠳᠦ᠋ᠢᠪᠡᠷ ᠳᠥᠭᠦᠮ

ᠪᠤᠯᠪᠠᠴᠦ᠂ ᠰᠢᠨ᠎ᠡ ᠰᠡᠪᠡᠭᠦᠨ᠂ ᠰᠤᠷᠤᠭᠴᠢ ᠶᠢᠨ ᠠᠩᠬᠠᠷᠤᠯ ᠢ ᠲᠠᠲᠠᠭᠰᠠᠨ ᠠᠰᠠᠭᠤᠯᠲᠠ ᠲᠥᠰᠥᠪᠯᠡᠪᠡᠯ ᠲᠥᠬᠦᠮ

ᠠᠷᠭ᠎ᠠ ᠪᠠᠷ ᠥᠨᠳᠥᠷ ᠦᠷ᠎ᠡ ᠠᠰᠢᠭ ᠣᠯᠬᠤ ᠪᠣᠯᠣᠨ᠎ᠠ᠃

      2. ᠤᠷᠮ᠎ᠠ ᠪᠠᠭ᠋ᠠᠲᠦ ᠬᠡᠯᠪᠡᠷᠢ ᠪᠠᠷ ᠬᠢᠴᠢᠶᠡᠯ ᠳᠤ ᠬᠥᠲᠥᠯᠬᠦ

      ᠥᠨᠥ ᠶᠢᠨ ᠰᠤᠷᠤᠭᠴᠢᠳ ᠤᠯᠠᠨ ᠲᠠᠯ᠎ᠠ ᠶᠢᠨ ᠠᠪᠢᠶᠠᠰ ᠲᠠᠢ ᠪᠠᠶᠢᠳᠠᠭ᠂ ᠮᠥᠨ ᠴᠦ ᠤᠯᠠᠨ ᠵᠦᠢᠯ ᠤᠨ

ᠵᠤᠭ᠎ᠠ ᠴᠡᠩᠭᠡᠯ ᠤᠨ ᠬᠥᠳᠡᠯᠭᠡᠭᠡᠨ ᠳᠤ ᠳᠤᠷ᠎ᠠ ᠪᠠᠬ᠎ᠠ ᠲᠠᠢ ᠪᠠᠶᠢᠳᠠᠭ᠂ ᠡᠭᠦᠨ ᠢ ᠠᠰᠢᠭᠯᠠᠨ ᠨᠢᠭᠡᠨ ᠬᠢᠴᠢᠶᠡᠯ ᠤᠨ

ᠡᠬᠢᠯᠡᠯᠲᠡ ᠲᠥᠰᠥᠪᠯᠡᠵᠦ ᠪᠣᠯᠣᠨ᠎ᠠ᠃ ᠵᠢᠱᠢᠶᠡᠯᠡᠪᠡᠯ᠂ ᠦᠯᠢᠭᠡᠷ ᠶᠠᠷᠢᠬᠤ᠂ ᠣᠨᠢᠰᠤᠭ᠎ᠠ ᠲᠠᠭᠠᠬᠤ᠂ ᠳᠠᠭᠤᠤ

ᠰᠣᠨᠤᠰᠬᠤ ᠵᠡᠷᠭᠡ ᠠᠷᠭ᠎ᠠ ᠮᠠᠶ᠋ᠢᠬ ᠪᠠᠶᠢᠵᠤ ᠪᠣᠯᠣᠨ᠎ᠠ᠃ DNA ᠪᠠ RNA ᠶᠢᠨ ᠠᠭᠤᠯᠭ᠎ᠠ ᠶᠢ ᠶᠠᠷᠢᠬᠤ

ᠦᠶᠡᠰ ᠲᠤ ᠳᠠᠷᠤᠢ DNA ᠶᠢ ᠬᠠᠷᠢᠴᠠᠭᠤᠯᠬᠤ ᠪᠠᠷ ᠳᠠᠮᠵᠢᠨ ᠴᠢᠰᠤᠨ ᠲᠥᠷᠦᠯ ᠤᠨ ᠬᠠᠷᠢᠴᠠᠭ᠎ᠠ ᠶᠢ ᠲᠣᠭᠲᠠᠭᠠᠬᠤ

ᠪᠤᠶᠤ ᠶᠠᠯ᠎ᠠ ᠬᠢᠭᠰᠡᠨ ᠡᠲᠡᠭᠡᠳ ᠢ ᠴᠠᠭᠳᠠᠨ ᠪᠠᠶᠢᠴᠠᠭᠠᠬᠤ ᠵᠡᠷᠭᠡ ᠦᠯᠢᠭᠡᠷ ᠢᠶᠠᠷ ᠳᠠᠮᠵᠢᠨ ᠬᠢᠴᠢᠶᠡᠯ ᠳᠤ ᠬᠥᠲᠥᠯᠵᠦ          

ᠪᠣᠯᠣᠨ᠎ᠠ᠃ ᠪᠠᠰᠠ ᠵᠢᠱᠢᠶᠡᠯᠡᠪᠡᠯ᠂ ᠭᠤᠷᠪᠠᠳᠤᠭᠠᠷ ᠪᠦᠯᠦᠭ ᠤᠨ ᠬᠤᠶᠠᠳᠤᠭᠠᠷ ᠬᠡᠰᠡᠭ ᠤᠨ ᠡᠰ ᠤᠨ ᠡᠷᠬᠡᠲᠡᠨ ᠤ ᠠᠵᠢᠯ

ᠬᠤᠪᠢᠶᠠᠷᠢᠯᠠᠨ ᠬᠠᠮᠵᠢᠯᠴᠠᠬᠤ ᠠᠭᠤᠯᠭ᠎ᠠ ᠶᠢ ᠶᠠᠷᠢᠬᠤ ᠦᠶᠡᠰ ᠲᠤ᠂ ᠪᠠᠺᠲ᠋ᠧᠷᠢ ᠪᠠ ᠰᠢᠷᠬᠡᠭᠯᠢᠭ ᠮᠥᠬᠦᠯᠢᠭ ᠪᠡᠶ᠎ᠡ ᠶᠢᠨ

ᠦᠯᠢᠭᠡᠷ ᠢ ᠰᠤᠷᠤᠭᠴᠢ ᠪᠠᠷ ᠤᠩᠰᠢᠭᠤᠯᠵᠤ ᠶᠠᠷᠢᠭᠤᠯᠬᠤ ᠪᠠᠷ ᠳᠠᠮᠵᠢᠨ ᠬᠢᠴᠢᠶᠡᠯ ᠳᠤ ᠬᠥᠲᠥᠯᠵᠦ          

ᠪᠣᠯᠣᠨ᠎ᠠ᠃ ᠢᠩᠭᠢᠬᠦ ᠨᠢ ᠰᠤᠷᠤᠭᠴᠢᠳ ᠤᠨ ᠰᠤᠷᠤᠯᠴᠠᠬᠤ᠂ ᠰᠦᠪᠡᠭᠴᠢᠯᠡᠬᠦ ᠤᠷᠮ᠎ᠠ ᠪᠠᠬ᠎ᠠ ᠶᠢ ᠲᠠᠲᠠᠵᠤ ᠪᠣᠯᠬᠤ ᠪᠠᠷ

ᠪᠠᠷᠠᠬᠤ ᠦᠭᠡᠢ ᠪᠠᠰᠠ ᠰᠤᠷᠤᠭᠴᠢᠳ ᠤᠨ ᠶᠡᠷᠦ  ᠶᠢᠨ ᠮᠡᠳᠡᠯᠭᠡ ᠶᠢ ᠨᠡᠮᠡᠭᠳᠡᠭᠦᠯᠵᠦ᠂ ᠰᠤᠷᠤᠭᠰᠠᠨ ᠠᠮᠢᠳᠤ ᠪᠣᠳᠠᠰ ᠤᠨ

ᠮᠡᠳᠡᠯᠭᠡ ᠪᠠᠨ ᠪᠣᠳᠠᠲᠤ ᠠᠮᠢᠳᠤᠷᠠᠯ ᠳᠤ ᠬᠡᠷᠡᠭᠯᠡᠵᠦ ᠰᠤᠷᠬᠤ ᠳᠤ ᠨᠢ ᠠᠰᠢᠭᠲᠠᠢ ᠪᠠᠶᠢᠳᠠᠭ᠃

      3. ᠰᠢᠭᠤᠳ ᠦᠵᠡᠭᠦᠯᠬᠦ ᠮᠠᠶ᠋ᠢᠬ ᠢᠶᠠᠷ ᠬᠢᠴᠢᠶᠡᠯ ᠳᠤ ᠬᠥᠲᠥᠯᠬᠦ

      ᠬᠢᠴᠢᠶᠡᠯ ᠤᠨ ᠠᠭᠤᠯᠭ᠎ᠠ ᠲᠠᠢ ᠪᠠᠨ ᠬᠠᠮᠢᠶ᠎ᠠ ᠲᠠᠢ ᠵᠢᠷᠤᠭ᠂ ᠰᠡᠭᠦᠳᠡᠷ᠂ ᠣᠬᠤᠷ ᠹᠢᠯᠢᠮ ᠡᠰᠡᠬᠦᠯ᠎ᠡ ᠪᠤᠰᠤᠳ

ᠵᠢᠭᠠᠬᠤ ᠪᠠᠭᠠᠵᠢ ᠶᠢ ᠰᠤᠷᠤᠭᠴᠢᠳ ᠲᠤ ᠰᠢᠭᠤᠳ ᠦᠵᠡᠭᠦᠯᠬᠦ ᠪᠠᠷ ᠳᠠᠮᠵᠢᠨ ᠬᠢᠴᠢᠶᠡᠯ ᠳᠤ ᠬᠥᠲᠥᠯᠵᠦ          

ᠪᠣᠯᠣᠨ᠎ᠠ᠃ ᠵᠢᠱᠢᠶᠡᠯᠡᠪᠡᠯ᠂ ᠵᠢᠷᠭᠤᠳᠤᠭᠠᠷ ᠪᠦᠯᠦᠭ ᠤᠨ ᠭᠤᠷᠪᠠᠳᠤᠭᠠᠷ ᠬᠡᠰᠡᠭ ᠤᠨ ᠡᠰ ᠤᠨ ᠥᠲᠡᠯᠬᠦ ᠪᠠ ᠦᠬᠦᠬᠦ

ᠠᠭᠤᠯᠭ᠎ᠠ ᠶᠢ ᠵᠢᠭᠠᠬᠤ ᠦᠶᠡᠰ ᠲᠤ ᠰᠤᠷᠤᠭᠴᠢᠳ ᠲᠤ ᠥᠲᠡᠯᠦᠭᠰᠡᠨ ᠬᠥᠮᠥᠨ ᠤ ᠵᠢᠷᠤᠭ ᠰᠡᠭᠦᠳᠡᠷ ᠢ ᠦᠵᠡᠭᠦᠯᠵᠦ᠂

ᠬᠥᠮᠥᠨ ᠤ ᠥᠲᠡᠯᠬᠦ ᠣᠨᠴᠠᠯᠢᠭ ᠢ ᠶᠠᠷᠢᠯᠴᠠᠭᠤᠯᠬᠤ ᠪᠠᠷ ᠳᠠᠮᠵᠢᠨ ᠬᠢᠴᠢᠶᠡᠯ ᠳᠤ ᠬᠥᠲᠥᠯᠵᠦ ᠪᠣᠯᠣᠨ᠎ᠠ᠃ ᠪᠠᠰᠠ

ᠵᠢᠱᠢᠶᠡᠯᠡᠪᠡᠯ᠂ ᠳᠥᠷᠪᠡᠳᠦᠭᠡᠷ ᠪᠦᠯᠦᠭ ᠤᠨ ᠨᠢᠭᠡᠳᠦᠭᠡᠷ ᠬᠡᠰᠡᠭ ᠤᠨ ᠢᠳᠡᠪᠬᠢ ᠪᠤᠰᠤ ᠵᠥᠭᠡᠭᠡᠯᠲᠡ ᠶᠢ ᠵᠢᠭᠠᠬᠤ

ᠦᠶᠡᠰ ᠲᠤ ᠴᠢᠯᠦᠭᠡᠲᠦ ᠲᠠᠷᠬᠠᠯᠲᠠ ᠪᠠ ᠬᠠᠪᠰᠤᠷᠤᠯᠲᠦ ᠲᠠᠷᠬᠠᠯᠲᠠ ᠶᠢ ᠲᠥᠰᠦᠭᠡᠳᠦᠭᠦᠯᠦᠭᠰᠡᠨ ᠲᠡᠷᠭᠡ ᠪᠠᠷ ᠪᠠᠷᠠᠭ᠎ᠠ

ᠲᠡᠭᠡᠭᠡᠵᠦ ᠪᠠᠶᠢᠭ᠎ᠠ ᠣᠬᠤᠷ ᠹᠢᠯᠢᠮ ᠦᠵᠡᠭᠦᠯᠬᠦ ᠪᠠᠷ ᠳᠠᠮᠵᠢᠨ ᠬᠢᠴᠢᠶᠡᠯ ᠳᠤ ᠬᠥᠲᠥᠯᠵᠦ ᠪᠣᠯᠣᠨ᠎ᠠ᠃ ᠡᠶᠢᠮᠦᠷᠬᠦᠦ

ᠬᠢᠴᠢᠶᠡᠯ ᠳᠤ ᠬᠥᠲᠥᠯᠬᠦ ᠠᠷᠭ᠎ᠠ ᠨᠢ ᠰᠤᠷᠤᠭᠴᠢᠳ ᠲᠤ ᠵᠢᠷᠤᠭ ᠰᠡᠭᠦᠳᠡᠷ ᠪᠤᠶᠤ ᠪᠠᠭᠠᠵᠢ ᠬᠡᠷᠡᠭᠰᠡᠯ ᠢ ᠰᠢᠭᠤᠳ

ᠬᠠᠩᠭᠠᠵᠦ᠂ ᠰᠢᠭᠤᠳ ᠦᠵᠡᠭᠦᠯᠵᠦ ᠪᠠᠶᠢᠭ᠎ᠠ ᠪᠣᠯᠬᠤᠷ ᠨᠡᠩ ᠢᠯᠡᠭᠦᠦ ᠰᠤᠷᠤᠭᠴᠢᠳ ᠤᠨ ᠠᠩᠬᠠᠷᠤᠯ ᠢ ᠲᠠᠲᠠᠵᠤ

ᠲᠡᠶᠢᠯᠦᠨ᠎ᠡ᠃

      4. ᠲᠤᠷᠰᠢᠯᠲᠠ ᠶᠢᠨ ᠬᠡᠯᠪᠡᠷᠢ ᠪᠠᠷ ᠬᠢᠴᠢᠶᠡᠯ ᠳᠤ ᠬᠥᠲᠥᠯᠬᠦ

      ᠠᠮᠢᠳᠤ ᠪᠣᠳᠠᠰ ᠤᠨ ᠰᠤᠳᠤᠯᠤᠯ ᠪᠣᠯ ᠲᠤᠷᠰᠢᠯᠲᠠ ᠶᠢᠨ ᠴᠢᠨᠠᠷ ᠢᠶᠠᠷ ᠮᠠᠰᠢ ᠴᠢᠩᠭ᠎ᠠ ᠰᠢᠨᠵᠢᠯᠡᠭᠡᠨ ᠤ ᠬᠢᠴᠢᠶᠡᠯ

ᠲᠥᠷᠦᠯ ᠪᠣᠯᠣᠨ᠎ᠠ᠃ ᠠᠮᠢᠳᠤ ᠪᠣᠳᠠᠰ ᠤᠨ ᠵᠢᠭᠠᠨ ᠰᠤᠷᠭᠠᠯᠲᠠ ᠶᠢᠨ ᠶᠠᠪᠤᠴᠠ ᠳᠤ ᠦᠷᠭᠦᠯᠵᠢ ᠡᠯ᠎ᠡ ᠵᠦᠢᠯ ᠤᠨ

ᠲᠤᠷᠰᠢᠯᠲᠠ ᠲᠥᠰᠥᠪᠯᠡᠵᠦ ᠬᠢᠬᠦ ᠴᠢᠬᠤᠯᠠᠲᠠᠢ᠃ ᠡᠶᠢᠮᠦ ᠠᠴᠠ ᠲᠤᠷᠰᠢᠯᠲᠠ ᠶᠢ ᠠᠰᠢᠭᠯᠠᠨ ᠬᠢᠴᠢᠶᠡᠯ ᠳᠤ ᠰᠢᠭᠤᠳ

ᠬᠥᠲᠥᠯᠵᠦ ᠪᠣᠯᠣᠨ᠎ᠠ᠃ ᠡᠨᠡ ᠨᠢ ᠰᠤᠷᠤᠭᠴᠢᠳ ᠤᠨ ᠭᠠᠷ ᠬᠥᠳᠡᠯᠬᠦ ᠴᠢᠳᠠᠪᠤᠷᠢ᠂ ᠬᠠᠶᠢᠨ ᠰᠦᠪᠡᠭᠴᠢᠯᠡᠬᠦ ᠴᠢᠳᠠᠪᠤᠷᠢ

ᠪᠠ ᠰᠢᠨᠵᠢᠯᠡᠬᠦ ᠤᠬᠠᠭᠠᠨᠴᠢ ᠰᠡᠳᠬᠢᠬᠦᠢ ᠶᠢ ᠪᠣᠯᠪᠠᠰᠤᠷᠠᠭᠤᠯᠬᠤ ᠳᠤ ᠴᠢᠬᠤᠯᠠ ᠦᠢᠯᠡᠳᠦᠯ                

ᠦᠵᠡᠭᠦᠯᠦᠨ᠎ᠡ᠃ ᠵᠢᠱᠢᠶᠡᠯᠡᠪᠡᠯ᠂ ᠡᠰ ᠤᠨ ᠠᠮᠢᠰᠬᠤᠯ ᠤᠨ ᠤᠭᠶᠣᠰᠤ ᠪᠠ ᠬᠡᠷᠡᠭᠯᠡᠯᠲᠡ ᠶᠢᠨ ᠠᠭᠤᠯᠭ᠎ᠠ ᠶᠢ ᠶᠠᠷᠢᠬᠤ

ᠦᠶᠡᠰ ᠲᠤ ᠰᠤᠷᠤᠭᠴᠢᠳ ᠢ ᠤᠯᠠᠨ ᠤᠳᠠᠭ᠎ᠠ ᠭᠦᠨ ᠠᠮᠢᠰᠬᠤᠭ᠎ᠠ ᠠᠪᠤᠭᠤᠯᠵᠤ᠂ ᠡᠭᠦᠨ ᠤ ᠤᠯᠠᠮ ᠠᠴᠠ ᠠᠮᠢᠰᠬᠤᠨ

ᠣᠷᠣᠭᠤᠯᠤᠭᠰᠠᠨ ᠬᠦᠴᠢᠯᠲᠥ᠋ᠷᠥᠭᠴᠢ ᠬᠡᠢ ᠨᠢ ᠬᠡᠷᠬᠢᠨ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠪᠣᠯᠵᠤ

ᠬᠤᠪᠢᠷᠠᠵᠤ ᠪᠠᠶᠢᠬᠤ  ᠶᠢ ᠰᠡᠳᠬᠢᠭᠦᠯᠵᠦ ᠰᠢᠨ᠎ᠡ ᠬᠢᠴᠢᠶᠡᠯ ᠳᠤ ᠬᠥᠲᠥᠯᠵᠦ ᠪᠣᠯᠣᠨ᠎ᠠ᠃ ᠪᠠᠰᠠ ᠵᠢᠱᠢᠶᠡᠯᠡᠪᠡᠯ᠂ ᠭᠡᠷᠡᠯ ᠤᠨ

ᠨᠡᠶᠢᠯᠡᠯᠭᠡ ᠶᠢᠨ ᠶᠠᠪᠤᠴᠠ ᠶᠢ ᠶᠠᠷᠢᠬᠤ ᠦᠶᠡᠰ ᠲᠤ ᠬᠡᠢ ᠶᠢ ᠨᠢ ᠰᠣᠷᠣᠭᠤᠯᠵᠤ ᠭᠠᠷᠭᠠᠭᠰᠠᠨ ᠨᠠᠪᠴᠢ ᠪᠠᠷ ᠮᠠᠲ᠋ᠧᠷᠢᠶᠠᠯ

ᠪᠤᠯᠭᠠᠵᠦ ᠤᠷᠭᠤᠮᠠᠯ ᠭᠡᠷᠡᠯ ᠤᠨ ᠨᠡᠶᠢᠯᠡᠯᠭᠡ ᠶᠢᠨ ᠦᠢᠯᠡᠳᠦᠯ ᠢᠶᠠᠷ ᠳᠠᠮᠵᠢᠨ ᠬᠦᠴᠢᠯᠲᠥ᠋ᠷᠥᠭᠴᠢ ᠬᠡᠢ ᠢᠯᠭᠠᠷᠠᠭᠤᠯᠵᠤ

ᠪᠣᠯᠬᠤ ᠶᠢ ᠰᠤᠷᠤᠭᠴᠢᠳ  ᠲᠤ ᠦᠵᠡᠭᠦᠯᠬᠦ ᠶᠢᠨ ᠬᠠᠮᠲᠤ ᠰᠢᠨ᠎ᠡ ᠬᠢᠴᠢᠶᠡᠯ ᠳᠤ ᠬᠥᠲᠥᠯᠥᠨ᠎ᠡ᠃ ᠡᠶᠢᠮᠦᠷᠬᠦᠦ ᠳᠥᠭᠦᠮ

ᠲᠤᠷᠰᠢᠯᠲᠠ ᠲᠥᠰᠥᠪᠯᠡᠬᠦ ᠪᠠᠷ ᠳᠠᠮᠵᠢᠨ ᠬᠢᠴᠢᠶᠡᠯ ᠳᠤ ᠬᠥᠲᠥᠯᠬᠦ ᠨᠢ ᠰᠤᠷᠤᠭᠴᠢᠳ ᠲᠤ ᠠᠮᠢᠳᠤ ᠪᠣᠳᠠᠰ ᠤᠨ ᠤᠷᠠᠨ

ᠭᠠᠶᠢᠬᠠᠮᠰᠢᠭᠲᠤ ᠲᠠᠯ᠎ᠠ ᠶᠢ ᠮᠡᠳᠡᠭᠦᠯᠵᠦ᠂ ᠰᠤᠷᠤᠭᠴᠢᠳ ᠤᠨ ᠮᠡᠳᠡᠯᠭᠡ ᠡᠵᠡᠮᠰᠢᠬᠦ ᠬᠦᠰᠡᠯ ᠢ ᠬᠥᠪᠴᠢᠯᠡᠵᠦ᠂

ᠲᠡᠳᠡᠨ ᠤ ᠰᠢᠨᠵᠢᠯᠡᠬᠦ ᠤᠬᠠᠭᠠᠨᠴᠢ ᠰᠡᠳᠬᠢᠬᠦᠢ ᠶᠢ ᠪᠣᠯᠪᠠᠰᠤᠷᠠᠭᠤᠯᠬᠤ ᠪᠥᠭᠡᠳ ᠰᠢᠨᠵᠢᠯᠡᠨ ᠰᠦᠪᠡᠭᠴᠢᠯᠡᠬᠦ ᠤᠷᠮ᠎ᠠ

ᠪᠠᠬ᠎ᠠ ᠶᠢ ᠪᠠᠰᠠ ᠬᠥᠮᠥᠵᠢᠭᠦᠯᠵᠦ ᠪᠣᠯᠣᠨ᠎ᠠ᠃

      ᠭᠠᠷᠮᠠᠭᠠᠢ ᠰᠠᠶᠢᠨ ᠬᠢᠴᠢᠶᠡᠯ ᠬᠥᠲᠥᠯᠬᠦ ᠤᠷᠠᠯᠢᠭ ᠪᠣᠯ ᠪᠠᠭᠰᠢ ᠪᠣᠯᠣᠭᠰᠠᠳ ᠤᠨ ᠨᠢᠭᠡ ᠵᠦᠢᠯ ᠤᠨ

ᠡᠭᠦᠳᠦᠯᠲᠡ ᠮᠥᠨ᠂ ᠪᠠᠭᠰᠢ ᠶᠢᠨ ᠣᠶᠤᠨ ᠤᠬᠠᠭᠠᠨ ᠪᠠ ᠲᠤᠷᠰᠢᠯᠭ᠎ᠠ ᠶᠢᠨ ᠣᠬᠢ ᠰᠢᠯᠢᠳᠡᠭ ᠪᠦᠲᠦᠭᠡᠯ          

ᠮᠥᠨ᠃ ᠪᠠᠭᠰᠢ ᠪᠣᠯᠣᠭᠰᠠᠳ ᠤᠨ ᠪᠦᠷᠢᠯᠳᠦᠭᠦᠯᠬᠦ ᠴᠢᠬᠤᠯᠠᠲᠠᠢ ᠨᠢᠭᠡ ᠵᠦᠢᠯ ᠤᠨ ᠣᠨᠴᠠᠭᠠᠢ ᠴᠢᠳᠠᠪᠤᠷᠢ          

ᠪᠣᠯᠣᠨ᠎ᠠ᠃ ᠮᠥᠨ ᠴᠦ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠲᠠ ᠳᠠᠬᠢ ᠴᠢᠬᠤᠯᠠ ᠨᠢᠭᠡ ᠭᠤᠭᠴᠤᠭ᠎ᠠ ᠪᠣᠯᠵᠤ

ᠪᠠᠶᠢᠳᠠᠭ᠃ ᠬᠢᠴᠢᠶᠡᠯ ᠳᠤ ᠬᠥᠲᠥᠯᠵᠦ ᠴᠢᠳᠠᠬᠤ ᠦᠭᠡᠢ ᠪᠠᠭᠰᠢ ᠪᠣᠯ ᠶᠠᠭ ᠯᠡ ᠳᠠᠭᠤᠤ ᠳᠠᠭᠤᠯᠠᠵᠤ ᠴᠢᠳᠠᠬᠤ ᠦᠭᠡᠢ

ᠳᠠᠭᠤᠴᠢᠨ ᠮᠡᠲᠦ᠂ ᠪᠥᠵᠢᠭ ᠪᠥᠵᠢᠭᠯᠡᠵᠦ ᠴᠢᠳᠠᠬᠤ ᠦᠭᠡᠢ ᠪᠥᠵᠢᠭᠴᠢᠨ ᠮᠡᠲᠦ᠂ ᠵᠦᠴᠦᠭᠡ ᠲᠣᠭᠯᠠᠵᠤ ᠴᠢᠳᠠᠬᠤ

ᠦᠭᠡᠢ ᠲᠣᠭᠯᠠᠭᠴᠢ ᠮᠡᠲᠦ ᠪᠠᠶᠢᠵᠤ᠂ ᠥᠪᠡᠷ ᠤᠨ ᠲᠤᠬᠠᠶᠢᠯᠠᠭᠰᠠᠨ ᠠᠵᠢᠯ ᠳᠤ ᠪᠠᠨ ᠬᠢᠷᠢ ᠲᠡᠩᠴᠡᠵᠦ ᠲᠡᠶᠢᠯᠵᠦ

ᠦᠭᠡᠢ ᠶᠤᠮ᠃ ᠬᠢᠴᠢᠶᠡᠯ ᠳᠤ ᠬᠥᠲᠥᠯᠬᠦ ᠶᠢ ᠰᠠᠶᠢᠲᠤᠷ ᠰᠤᠳᠤᠯᠤᠨ᠂ ᠵᠣᠬᠢᠰᠲᠠᠢ ᠬᠡᠷᠡᠭᠯᠡᠵᠦ ᠴᠢᠳᠠᠪᠠᠯ ᠪᠦᠬᠦ᠋ᠢᠯᠡ

ᠬᠢᠴᠢᠶᠡᠯ ᠤᠨ ᠵᠢᠭᠠᠨ ᠰᠤᠷᠭᠠᠯᠲᠠ ᠳᠤ ᠣᠷᠣᠯᠠᠵᠤ ᠪᠣᠯᠣᠰᠢ ᠦᠭᠡᠢ ᠦᠢᠯᠡᠳᠦᠯ ᠦᠵᠡᠭᠦᠯᠬᠦ ᠪᠥᠭᠡᠳ ᠵᠢᠭᠠᠨ

ᠰᠤᠷᠭᠠᠯᠲᠠ ᠶᠢᠨ ᠦᠷ᠎ᠡ ᠠᠰᠢᠭ ᠢ ᠲᠦᠢᠯ ᠤᠨ ᠶᠡᠭᠡ ᠪᠠᠷ ᠳᠡᠭᠡᠭᠰᠢᠯᠡᠭᠦᠯᠬᠦ ᠪᠣᠯᠣᠨ᠎ᠠ᠃ ᠡᠶᠢᠮᠦ ᠠᠴᠠ ᠪᠠᠭᠰᠢ

ᠪᠣᠯᠤᠭᠰᠠᠨ ᠪᠢᠳᠡ ᠡᠷᠬᠡᠪᠰᠢ ᠬᠢᠴᠢᠶᠡᠯ ᠳᠤ ᠬᠥᠲᠥᠯᠬᠦ ᠶᠠᠪᠤᠴᠠ ᠶᠢ ᠴᠢᠬᠤᠯᠠᠴᠢᠯᠠᠨ ᠦᠵᠡᠵᠦ᠂ ᠬᠢᠴᠢᠶᠡᠯ ᠳᠤ

ᠬᠥᠲᠥᠯᠬᠦ ᠶᠢ ᠰᠠᠶᠢᠲᠤᠷ ᠰᠤᠷᠴᠤ ᠰᠤᠳᠤᠯᠵᠤ᠂ ᠥᠪᠡᠷ ᠢ ᠪᠠᠨ ᠲᠠᠰᠤᠷᠠᠯᠲᠠ ᠦᠭᠡᠢ ᠳᠡᠭᠡᠭᠰᠢᠯᠡᠭᠦᠯᠬᠦ          

ᠴᠢᠬᠤᠯᠠᠲᠠᠢ᠃ ︽ᠬᠡᠭᠡᠷ᠎ᠡ ᠶᠢᠨ ᠭᠠᠯᠠᠭᠤ ᠨᠢᠰᠦᠭᠡᠳ ᠬᠦᠷᠬᠦ ᠦᠭᠡᠢ ᠭᠠᠵᠠᠷ ᠠᠴᠠ ᠬᠥᠮᠥᠨ ᠤ ᠬᠦᠦ ᠡᠷᠳᠡᠮ

ᠡᠪᠦᠷᠯᠡᠭᠡᠳ ᠬᠠᠷᠢᠨ᠎ᠠ︾ ᠭᠡᠳᠡᠭ ᠢᠶᠠᠷ ᠰᠤᠷᠤᠶ᠎ᠠ᠂ ᠮᠡᠳᠡᠶ᠎ᠠ ᠭᠡᠵᠦ ᠴᠢᠷᠮᠠᠶᠢᠵᠤ ᠶᠠᠪᠤᠵᠤ ᠪᠠᠶᠢᠭ᠎ᠠ ᠰᠤᠷᠤᠭᠴᠢᠳ ᠢ

ᠬᠥᠰᠡᠷᠳᠡᠭᠦᠯᠬᠦ ᠦᠭᠡᠢ ᠪᠠᠷ ᠪᠠᠭᠰᠢ ᠨᠠᠷ ᠮᠥᠨ ᠴᠦ ᠮᠡᠷᠡᠶᠢᠨ ᠴᠢᠷᠮᠠᠶᠢᠬᠤ ᠴᠢᠬᠤᠯᠠᠲᠠᠢ᠂ ᠡᠭᠦᠨ  ᠳᠤ ᠬᠢᠴᠢᠶᠡᠯ ᠳᠤ

ᠬᠥᠲᠥᠯᠬᠦ ᠶᠢ ᠬᠦᠨᠳᠦᠳᠬᠡᠨ᠂ ᠬᠢᠴᠢᠶᠡᠯ ᠳᠤ ᠬᠥᠲᠥᠯᠬᠦ ᠶᠢ ᠴᠢᠬᠤᠯᠠᠴᠢᠯᠠᠨ ᠰᠤᠳᠤᠯᠬᠤ ᠪᠠᠷ ᠡᠬᠢᠯᠡᠯᠲᠡ ᠶᠢᠨ ᠴᠡᠭ

ᠪᠤᠯᠭᠠᠵᠦ ᠪᠣᠯᠣᠨ᠎ᠠ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠠᠷᠤ ᠬᠤᠷᠴᠢᠨ ᠬᠤᠰᠢᠭᠤᠨ ᠤ ᠴᠢᠪᠠᠭ᠎ᠠ ᠶᠢᠨ 

                                ᠬᠤᠶᠠᠳᠤᠭᠠᠷ ᠲᠤᠮᠳᠠᠳᠤ ᠰᠤᠷᠭᠠᠭᠤᠯᠢ

                                ︵ᠠᠯᠳᠠᠨᠰᠦ᠋ᠭᠡ ᠨᠠᠶᠢᠷᠠᠭᠤᠯᠪᠠ︶

                                2023.5 ᠳ᠋ᠤᠭᠠᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map