ᠬᠢᠴᠢᠶᠠᠯ ᠤᠨ ᠭᠠᠳᠠᠨᠠᠬᠢ ᠤᠩᠰᠢᠯᠭ᠎ᠠ ᠪᠠᠷ ᠰᠤᠷᠤᠭᠴᠢᠳ ᠤᠨ ᠦᠭᠡᠰ ᠤᠨ ᠬᠤᠷᠠᠮᠳᠤᠭᠤᠯᠤᠯ ᠢ ᠨᠡᠮᠡᠭᠳᠡᠭᠦᠯᠵᠤ᠂ ᠭᠡᠯᠡᠨ ᠤ ᠬᠡᠷᠡᠭᠯᠡᠭᠡᠨ ‍ᠤ‌‍ᠴᠢᠳᠠᠪᠤᠷᠢ ᠶᠢ ᠳᠡᠭᠡᠭᠰᠢᠯᠡᠭᠦᠯᠬᠦ ᠲᠤᠬᠠᠢ ᠮᠦᠴᠢᠳ ᠦᠭᠦᠯᠡᠬᠦ ᠨᠢ
ᠨᠡᠶᠢᠲᠡᠯᠡᠭᠰᠡᠨ ᠴᠠᠭ᠄
2023/12/18
                              ᠵᠠᠩ ᠴᠢᠩ ᠴᠢᠤᠸᠠᠨ

教学研究4.png

      ᠤᠩᠰᠢᠯᠭ᠎ᠠ ᠳᠤ ᠬᠢᠴᠢᠶᠠᠯ ᠲᠡᠭᠡᠷᠡᠬᠢ ᠤᠡᠭᠰᠢᠯᠭ᠎ᠠ ᠪᠤᠯᠤᠨ ᠬᠢᠴᠢᠶᠡᠯ ᠤᠨ ᠭᠠᠳᠠᠨᠠᠬᠢ ᠤᠡᠭᠰᠢᠯᠭ᠎ᠠ ᠭᠡᠵᠦ

ᠪᠠᠶᠢᠳᠠᠬ᠃ ᠤᠡᠭᠰᠢᠯᠭ᠎ᠠ ᠶᠢᠨ ᠬᠢᠷᠢ ᠭᠡᠮᠵᠢᠶ᠎ᠠ ᠶᠢ ᠲᠡᠭᠡᠭᠰᠢᠯᠠᠭᠦᠯᠭᠦ ᠳᠤ ᠵᠦᠪᠭᠡᠨ ᠬᠢᠴᠢᠶᠡᠯ ᠲᠠᠭᠡᠷᠡᠬᠢ ᠤᠡᠭᠰᠢᠯᠭ᠎ᠠ ᠳᠤ

ᠲᠦᠰᠢᠭᠯᠡᠭᠡᠳ ᠪᠤᠯᠬᠤ ᠦᠭᠡᠢ᠂ ᠪᠠᠰᠠ ᠬᠢᠴᠢᠶᠡᠯ ᠤᠨ ᠭᠠᠳᠠᠨᠠᠬᠢ ᠤᠡᠭᠰᠢᠯᠭ᠎ᠠ ᠶᠢ ᠶᠠᠪᠤᠭᠳᠠᠭᠤᠯᠬᠤ          

ᠭᠡᠷᠡᠭᠳᠠᠢ᠃ ᠤᠳᠤᠬᠠᠨ ᠳᠤ ᠰᠤᠷᠤᠭᠴᠢᠳ ᠤᠨ ᠤᠶᠢᠯᠠᠭᠠᠬᠤ᠂ ᠶᠠᠷᠢᠬᠤ᠂ ᠪᠢᠴᠢᠬᠦ ᠴᠢᠳᠠᠪᠤᠷᠢ ᠮᠠᠰᠢ ᠠᠨᠠᠢ ᠪᠦᠭᠡᠳ

ᠬᠡᠯᠡᠨ ᠤ ᠮᠡᠳᠡᠷᠡᠮᠵᠢ ᠲᠦᠢᠯ ᠤᠨ ᠲᠤᠷᠤᠢ ᠪᠠᠶᠢᠵᠤ᠂ ᠦᠭᠡᠰ ᠤᠨ ᠰᠠᠩ ᠤᠨ ᠬᠤᠷᠠᠮᠲᠤᠭᠤᠯᠭ᠎ᠠ ᠴᠦᠭᠡᠨ ᠪᠤᠶᠤ ᠵᠠᠷᠢᠮ

ᠦᠭᠡ᠂ ᠦᠬᠦᠯᠡᠪᠤᠷᠢ ᠶᠢᠨ ᠰᠠᠨᠠᠭ᠎ᠠ ᠤᠳᠬ᠎ᠠ ᠶᠢ ᠬᠦᠢᠴᠡᠳ ᠤᠶᠢᠯᠠᠭᠠᠵᠦ ᠴᠢᠳᠠᠬᠤ ᠦᠭᠡᠢ ᠪᠠᠶᠢᠨ᠎ᠠ᠃ ᠲᠠᠶᠢᠮᠦ

ᠪᠤᠯᠬᠤᠷ ᠰᠤᠷᠤᠭᠴᠢᠳ ᠢ ᠬᠢᠴᠢᠶᠡᠯ ᠤᠨ ᠭᠠᠳᠠᠨ᠎ᠠ ᠨᠤᠮ ᠵᠤᠬᠢᠶᠠᠯ ᠢ ᠢᠯᠡᠬᠦᠤ ᠤᠩᠰᠢᠭᠤᠯᠪᠠᠯ ᠭᠡᠯᠡ ᠪᠢᠴᠢᠭ ᠤᠨ

ᠡᠯ᠎ᠠ ᠲᠠᠯ᠎ᠠ ᠶᠢᠨ ᠴᠢᠳᠠᠪᠤᠷᠢ ᠲᠡᠭᠡᠭᠰᠢᠯᠡᠬᠦ ᠳᠤ ᠨᠢ ᠲᠦᠢᠯ ᠤᠨ ᠴᠢᠬᠤᠯᠠ ᠦᠢᠯᠡᠲᠦᠯ ᠦᠵᠡᠬᠦᠯᠬᠦ ᠨᠢ ᠲᠠᠮᠵᠢᠭ ᠦᠭᠡᠢ 

ᠶᠤᠮ᠃ ᠲᠤᠤᠷ᠎ᠠ ᠬᠢᠴᠢᠶᠡᠯ ᠤᠨ ᠭᠠᠳᠠᠨᠠᠭᠢ ᠤᠩᠰᠢᠯᠭ᠎ᠠ ᠶᠢ ᠵᠢᠯᠤᠭᠤᠳᠤᠭᠰᠠᠨ ᠶᠠᠪᠤᠴᠠ ᠪᠠᠨ ᠶᠠᠷᠢᠶ᠎ᠠ᠃

      ᠨᠢᠭᠡᠲᠦᠭᠡᠷ ᠱᠠᠲᠤ᠄ 2021.6 — 2022.8

      1. ᠭᠠᠷᠠᠭ ᠤᠨ ᠰᠡᠭᠦᠯᠴᠢ ᠶᠢ ᠠᠰᠢᠭᠯᠠᠵᠤ ᠰᠤᠷᠤᠭᠴᠢᠳ ᠢ ᠨᠤᠮ ᠤᠩᠰᠢᠬᠤ ᠳᠤ ᠭᠦᠳᠦᠯᠦᠭᠰᠡᠨ

      ᠰᠤᠷᠤᠭᠴᠢᠳ ᠢ ᠵᠤᠬᠢᠶᠠᠨ ᠪᠠᠶᠢᠭᠤᠯᠵᠤ ᠬᠢᠴᠢᠶᠡᠯ ᠤᠨ ᠭᠠᠳᠠᠨ᠎ᠠ ᠨᠤᠮ ᠤᠡᠭᠰᠢᠬᠤ ᠬᠦᠳᠡᠯᠭᠡᠭᠡᠨ ᠢ ᠠᠩᠬ᠎ᠠ

ᠦᠷᠨᠢᠬᠦᠯᠭᠦ ᠳᠤ ᠲᠤᠷᠰᠢᠯᠭ᠎ᠠ ᠠᠨᠠᠢ ᠪᠠᠶᠢᠵᠠᠢ᠃ ᠰᠤᠷᠤᠭᠴᠢᠳ ᠢᠶᠠᠨ ᠬᠤᠶᠠᠷ ᠲᠤᠭᠤᠶᠢᠯᠠᠩ ᠬᠤᠪᠢᠶᠠᠭᠠᠳ ᠭᠠᠷᠠᠭ ᠤᠨ

ᠵᠢᠷᠭᠤᠭᠠᠨ ᠤ ᠦᠳᠡ ᠶᠢᠨ ᠬᠤᠶᠢᠨ᠎ᠠ ᠪᠤᠯᠭᠠᠨ ᠬᠤᠶᠠᠷ ᠲᠤᠭᠤᠶᠢᠯᠠᠩ ᠡᠭᠡᠯᠵᠢᠯᠡᠨ ᠰᠤᠩᠭᠤᠵᠤ ᠲᠤᠭᠳᠠᠭᠰᠠᠨ 23

ᠨᠤᠮ ᠢ ᠤᠩᠰᠢᠨ᠎ᠠ᠃ ᠰᠤᠩᠭᠤᠭᠰᠠᠨ ᠨᠤᠮ ᠤᠨ ᠲᠤᠳᠤᠷ᠎ᠠ ᠲᠡᠥᠭᠡᠨ ᠵᠤᠬᠢᠶᠠᠯ᠂ ᠤᠷᠠᠨ ᠵᠤᠬᠢᠶᠠᠯ᠂ ᠰᠢᠨᠵᠢᠯᠡᠬᠦ

ᠤᠬᠠᠭᠠᠨ ᠤ ᠮᠡᠳᠡᠯᠭᠡ᠂ ᠨᠠᠮᠳᠠᠷ ᠴᠠᠳᠢᠭ ᠵᠡᠷᠭᠡ ᠶᠢ ᠪᠠᠭᠳᠠᠭᠠᠭᠰᠠᠨ ᠪᠦᠭᠡᠳ ᠬᠠᠭᠤᠳᠠᠰᠤ ᠭᠡᠮᠵᠢᠶ᠎ᠠ ᠨᠢ ᠠᠳᠠᠯᠢ          

ᠪᠤᠰᠤ᠃ ᠡᠨᠡ ᠭᠦ 23 ᠨᠤᠮ ᠨᠢ ᠰᠤᠷᠤᠭᠴᠢᠳ ᠤᠨ ᠨᠤᠮ ᠤᠩᠰᠢᠬᠤ ᠰᠤᠨᠢᠷᠬᠠᠯ ᠢ ᠪᠦᠷᠢᠮᠦᠰᠦᠨ ᠬᠠᠩᠭᠠᠵᠦ ᠴᠢᠳᠠᠬᠤ

ᠦᠭᠡᠢ ᠪᠤᠯᠪᠠᠴᠦ ᠰᠤᠷᠤᠭᠴᠢᠳ ᠤᠨ ᠨᠤᠮ ᠤᠩᠰᠢᠬᠤ ᠤᠷᠮ᠎ᠠ ᠪᠠᠬ᠎ᠠ ᠶᠢ ᠭᠦᠨᠳᠠᠵᠤ ᠴᠢᠳᠠᠵᠠᠢ᠃ ᠮᠢᠨᠤ ᠵᠤᠷᠢᠯᠭ᠎ᠠ

ᠴᠦ ᠡᠬᠦᠨ ᠳᠤ ᠪᠠᠶᠢᠳᠠᠭ᠃ ᠲᠠᠷᠤᠢ ᠰᠤᠷᠤᠭᠴᠢᠳ ᠤᠨ ᠲᠤᠷ᠎ᠠ ᠪᠠᠬ᠎ᠠ᠂ ᠲᠤᠷ᠎ᠠ ᠰᠤᠨᠢᠷᠬᠠᠯ ᠢ ᠬᠦᠨᠳᠡᠪᠡᠯ ᠲᠡᠳᠡ

ᠠᠶᠠᠨᠳᠠᠭᠠᠨ ᠦᠪᠡᠷ ᠤᠨ ᠤᠬᠠᠮᠰᠠᠷ ᠠᠴᠠ ᠪᠠᠨ ᠮᠤᠩᠭᠤᠯ ᠭᠡᠯᠡ ᠪᠢᠴᠢᠭ ᠰᠤᠷᠬᠤ ᠲᠤᠷᠠᠲᠠᠢ ᠪᠤᠯᠳᠠᠭ᠃ ᠤᠴᠢᠷ ᠨᠢ

︽ᠲᠤᠷ᠎ᠠ ᠳᠤ ᠰᠢᠷ᠎ᠠ ᠦᠭᠡᠢ︾ ᠭᠡᠳᠡᠭ ᠪᠢᠰᠢ ᠤᠤ︖

      2. ᠨᠤᠮ ᠤᠩᠰᠢᠯᠭ᠎ᠠ ᠶᠢᠨ ᠰᠠᠭᠤᠷᠢᠨ ᠳᠤ ︽ᠵᠤᠬᠢᠶᠠᠨ ᠪᠢᠴᠢᠬᠦ ᠲᠤᠭᠤᠶᠢᠯᠠᠩ︾ ᠢ ᠵᠤᠬᠢᠶᠠᠨ          

ᠪᠠᠶᠢᠭᠤᠯᠤᠭᠰᠠᠨ

      ︽ᠨᠤᠮ ᠪᠢᠴᠢᠭ ᠢ ᠲᠦᠮᠡᠨ ᠪᠤᠳᠢ ᠤᠩᠰᠢᠪᠠᠰᠤ ᠪᠢᠷ ᠤᠨ ᠦᠵᠦᠭᠦᠷ ᠰᠢᠳᠢ ᠤᠷᠤᠰᠢᠮᠤᠢ︾᠂ ︽ᠮᠤᠩᠬᠠᠭ ᠤᠨ

ᠴᠦᠯ ᠢ ᠮᠤᠷᠢ ᠪᠠᠷ ᠪᠢᠰᠢ ᠨᠤᠮ ᠢᠶᠠᠷ ᠲᠤᠭᠤᠯᠳᠠᠭ︾᠂ ︽ᠪᠢ ᠬᠡᠳᠦᠢ ᠤᠯᠠᠨ ᠨᠤᠮ ᠤᠩᠰᠢᠬᠤ ᠲᠤᠲᠤᠮ

ᠦᠪᠡᠷ ᠤᠨ ᠮᠡᠳᠡᠯᠭᠡ ᠮᠡᠬᠦᠰ ᠢᠶᠠᠨ ᠰᠡᠷᠡᠵᠦ ᠮᠡᠳᠡᠳᠡᠭ︾ ᠬᠡᠬᠦ ᠮᠡᠲᠦᠴᠢᠯᠡᠨ ᠡᠷᠲᠡᠨ ᠡᠳᠦᠭᠡ᠂ ᠭᠠᠳᠠᠭᠠᠳᠤ

ᠲᠤᠲᠤᠭᠠᠲᠤ ᠶᠢᠨ ᠡᠷᠳᠡᠮᠲᠡᠨ ᠮᠡᠷᠭᠡᠳ ᠢᠶᠠᠷ ᠤᠩᠰᠢᠯᠭ᠎ᠠ ᠶᠢᠨ ᠦᠨ᠎ᠡ ᠴᠡᠨ᠎ᠡ ᠶᠢᠨ ᠲᠤᠬᠠᠢ ᠮᠠᠰᠢ ᠳᠦᠷᠰᠦᠯᠢᠭ

ᠰᠡᠴᠡᠯᠡᠭᠰᠡᠨ ᠪᠠᠶᠢᠳᠠᠭ᠃ ᠡᠭᠦᠨ ᠠᠴᠠ ᠦᠵᠡᠬᠦ ᠳᠤ ᠤᠩᠰᠢᠬᠤ ᠪᠠ ᠵᠤᠬᠢᠶᠠᠬᠤ ᠬᠤᠶᠠᠷ ᠪᠤᠯ ᠨᠦᠭᠦᠴᠡᠯ ᠪᠠ ᠦᠷ᠎ᠡ

ᠳ᠋ᠦᠩ ᠤᠨ ᠬᠠᠷᠢᠴᠠᠭ᠎ᠠ ᠲᠠᠢ ᠲᠤᠯᠠ ᠨᠢᠭᠲᠠ ᠤᠶᠠᠯᠳᠤᠭᠤᠯᠤᠭᠰᠠᠨ ᠪᠠᠶᠢᠬᠤ ᠬᠡᠷᠡᠭᠲᠡᠢ᠃ ᠤᠴᠢᠷ ᠨᠢ ᠦᠭᠡ

ᠬᠡᠯᠡᠯᠭᠡ ᠶᠢᠨ ᠦᠪ ᠬᠦᠷᠦᠩᠭᠡ ᠪᠠᠶᠠᠯᠢᠭ ᠪᠠᠶᠢᠮᠠᠨᠵᠢᠨ ᠰᠠᠶ᠋ᠢ ᠵᠤᠬᠢᠶᠠᠨ ᠪᠢᠴᠢᠯᠭᠡ ᠶᠢᠨ ᠨᠡᠯᠦᠭᠡᠷ ᠳᠠᠯᠠᠢ ᠳᠤ

ᠤᠩᠭᠤᠴᠠ ᠰᠡᠯᠢᠵᠦ᠂ ᠠᠯᠤᠰ ᠤᠨ ᠠᠶᠠᠨ  ᠤ ᠳᠠᠷᠪᠠᠭᠤᠯ ᠢᠶᠠᠨ ᠳᠡᠯᠭᠡᠵᠦ ᠳᠡᠶᠢᠯᠳᠡᠭ᠃ ᠤᠩᠰᠢᠭᠰᠠᠨ ᠵᠦᠢᠯ ᠢᠶᠠᠨ

ᠪᠤᠲᠠᠲᠠᠢ ᠳᠤ ᠬᠡᠷᠡᠭᠯᠡᠵᠦ ᠴᠢᠳᠠᠬᠤ ᠨᠢ ᠮᠠᠨ ᠤ ᠡᠴᠤᠰ ᠤᠨ ᠵᠤᠷᠢᠯᠭ᠎ᠠ ᠪᠤᠯᠬᠤ ᠶᠤᠮ᠃ ᠡᠶᠢᠮᠦ ᠠᠴᠠ ᠬᠤᠷᠠᠮᠳᠤᠭᠤᠯᠤᠯ

ᠪᠠ ᠬᠡᠷᠡᠭᠯᠡᠯᠲᠡ ᠶᠢ ᠬᠠᠮᠲᠤ ᠳᠤ ᠨᠢ ᠠᠩᠬᠠᠷᠤᠭᠰᠠᠨ ᠪᠠᠶᠢᠬᠤ ᠬᠡᠷᠡᠭᠲᠡᠢ᠃ ᠰᠤᠷᠤᠭᠴᠢᠳ ᠤᠨ ᠤᠩᠰᠢᠯᠭ᠎ᠠ ᠶᠢᠨ ᠪᠠᠲᠤ

ᠰᠠᠭᠤᠷᠢ ᠲᠡᠭᠡᠷ᠎ᠡ ᠬᠤᠷᠠᠮᠳᠤᠭᠤᠯᠵᠤ ᠤᠯᠤᠭᠰᠠᠨ ᠦᠭᠡᠰ  ᠤᠨ ᠰᠠᠩ ᠤᠨ ᠪᠠᠶᠠᠯᠢᠬᠵᠢᠯ ᠨᠢ ᠲᠡᠷᠡ ᠴᠡᠭ ᠢᠶᠠᠷ ᠢᠶᠠᠨ

ᠲᠠᠳᠠᠨ ᠤ ᠵᠤᠬᠢᠶᠠᠨ ᠪᠢᠴᠢᠬᠦ ᠰᠡᠳᠬᠢᠬᠦᠢ ᠶᠢ ᠨᠢ ᠬᠦᠭᠵᠢᠭᠡᠵᠦ᠂ ᠬᠡᠯᠡᠨ ᠤ ᠮᠡᠳᠡᠷᠡᠮᠵᠢ ᠶᠢ ᠨᠢ ᠳᠡᠭᠡᠭᠰᠢᠯᠡᠭᠦᠯᠳᠡᠭ

ᠲᠤᠯᠠ ᠤᠩᠰᠢᠯᠭ᠎ᠠ ᠶᠢᠨ ᠰᠠᠭᠤᠷᠢ ᠳᠡᠭᠡᠷ᠎ᠡ ᠵᠤᠬᠢᠶᠠᠨ ᠪᠢᠴᠢᠬᠦ ᠶᠢ ᠴᠢᠩᠭᠠᠳᠬᠠᠪᠠ᠃

      ᠨᠤᠮ ᠤᠩᠰᠢᠭᠰᠠᠨ ᠰᠠᠭᠤᠷᠢᠨ ᠳᠤ ︽ᠵᠤᠬᠢᠶᠠᠨ ᠪᠢᠴᠢᠬᠦ ᠲᠤᠭᠤᠶᠢᠯᠠᠩ︾ ᠢ ᠵᠤᠬᠢᠶᠠᠨ ᠪᠠᠶᠢᠭᠤᠯᠤᠭᠰᠠᠨ

ᠪᠠᠶᠢᠨ᠎ᠠ᠃ ᠰᠣᠷᠤᠭᠴᠢᠳ ᠰᠠᠶᠢᠨ ᠲᠤᠷ᠎ᠠ ᠠᠴᠠ ᠪᠠᠨ ᠡᠨᠡ ᠬᠦ ᠲᠤᠭᠤᠶᠢᠯᠠᠩ  ᠳᠤ ᠤᠷᠤᠯᠴᠠᠨ᠎ᠠ᠃ ᠭᠡᠬᠦ ᠳᠤ ᠪᠠᠨ

ᠬᠤᠶᠠᠷ ᠭᠠᠷᠠᠭ ᠲᠤ ᠪᠠᠭᠰᠢ ᠳᠤ ᠬᠦᠮᠦᠨ ᠪᠦᠬᠦᠨ ᠵᠠᠪᠠᠯ ᠨᠢᠭᠡ ᠬᠤᠪᠢ ᠵᠤᠬᠢᠶᠠᠯ ᠲᠤᠰᠢᠶᠠᠭᠰᠠᠨ ᠪᠠᠶᠢᠬᠤ          

ᠭᠡᠷᠡᠭᠲᠠᠢ᠃ ᠵᠤᠬᠢᠶᠠᠯ ᠢᠶᠠᠨ ᠲᠤᠰᠢᠶᠠᠬᠤ ᠦᠶ᠎ᠡ ᠳᠤ ᠵᠠᠪᠠᠯ ᠬᠤᠶᠠᠷ ᠠᠴᠠ ᠲᠡᠭᠡᠭᠰᠢ ᠬᠠᠮᠲᠦ ᠨᠦᠬᠦᠳ ᠨᠢ ᠵᠤᠬᠢᠶᠠᠯ

ᠵᠠᠰᠠᠭᠰᠠᠨ ᠴᠤᠬᠤᠯᠠᠪᠤᠷᠢ ᠦᠯᠡᠳᠡᠭᠡᠬᠦ ᠬᠡᠷᠡᠭᠲᠠᠢ ᠭᠡᠵᠦ ᠴᠢᠩᠭ᠎ᠠ ᠱᠠᠭᠠᠷᠳᠠᠭᠰᠠᠨ ᠪᠠᠶᠢᠨ᠎ᠠ᠃ ᠡᠬᠢᠨ ᠳᠤ ᠪᠠᠨ

ᠰᠤᠷᠤᠭᠴᠢᠳ ᠵᠢᠭᠠᠬᠠᠨ ᠬᠦᠴᠢᠷᠳᠡᠵᠦ ᠪᠠᠶᠢᠭᠰᠠᠨ ᠴᠦ ᠰᠡᠬᠦᠯᠳᠡᠵᠦ ᠢᠷᠡᠭᠡᠳ ᠤᠯᠠᠩᠬᠢ ᠰᠤᠷᠤᠭᠴᠢ ᠵᠤᠬᠢᠶᠠᠯ

ᠪᠢᠴᠢᠬᠦ ᠳᠤ ᠲᠤᠯᠤᠭᠠᠢ ᠲᠤᠬᠢᠬᠤ ᠪᠤᠯᠤᠭᠠᠳ ᠲᠤᠯᠤᠭᠠᠢ ᠰᠠᠵᠢᠵᠦ ᠮᠠᠭᠠᠵᠢᠬᠤ ᠪᠠᠨ ᠪᠤᠯᠢᠭᠰᠠᠨ ᠪᠠᠶᠢᠨ᠎ᠠ᠃ ᠡᠨᠡ ᠬᠦ

ᠬᠤᠭᠤᠴᠠᠭᠠᠨ ᠳᠤ × × ᠭᠡᠬᠦ ᠰᠤᠷᠤᠭᠴᠢ ︽ᠠᠯᠲᠠᠨ ᠦᠨᠲᠦᠰᠦ︾ ᠬᠤᠨᠳᠠᠭᠠᠲᠦ ᠵᠤᠬᠢᠶᠠᠯ ᠤᠨ ᠤᠷᠤᠯᠲᠤᠭᠠᠨ ᠳᠤ

ᠤᠷᠤᠯᠴᠠᠭᠠᠳ ᠬᠤᠶᠠᠳᠤᠭᠠᠷ ᠲᠠᠰ ᠤᠨ ᠱᠠᠩᠨᠠᠯ ᠬᠦᠷᠳᠡᠭᠰᠡᠨ ᠪᠠ ᠲᠡᠬᠦᠨ ᠤ ︽ᠡᠵᠢ ᠮᠢᠨᠢ︾ ᠭᠡᠬᠦ ᠵᠤᠬᠢᠶᠠᠯ ᠨᠢ

︽ᠵᠢᠷᠢᠮ ᠤᠨ ᠤᠷᠠᠨ ᠵᠤᠬᠢᠶᠠᠯ︾ ᠳᠤ ᠨᠡᠶᠢᠳᠡᠯᠡᠭᠳᠡᠭᠰᠡᠨ ᠪᠠᠶᠢᠨ᠎ᠠ᠃ ᠡᠶᠢᠨ ᠬᠦ ᠰᠤᠷᠤᠭᠴᠢᠳ ᠤᠨ ᠤᠩᠰᠢᠯᠭ᠎ᠠ ᠪᠠ

ᠵᠤᠬᠢᠶᠠᠨ ᠪᠢᠴᠢᠬᠦ ᠶᠢᠨ ᠬᠦᠳᠡᠯᠭᠡᠭᠡᠨ ᠢᠳᠡ ᠬᠦᠴᠦ ᠲᠠᠢ ᠶᠠᠪᠤᠭᠳᠠᠵᠦ ᠪᠠᠶᠢᠭᠰᠠᠨ ᠦᠶ᠎ᠡ ᠳᠤ ᠮᠠᠨ ᠤ

ᠠᠩᠬᠢ ᠪᠠᠷ ᠢᠶᠠᠨ ︽ᠵᠤᠬᠢᠶᠠᠨ ᠪᠢᠴᠢᠬᠦ ᠲᠤᠭᠤᠶᠢᠯᠠᠩ︾ ᠤᠨ ᠭᠡᠰᠢᠬᠦᠳ ᠤᠨ ᠵᠤᠬᠢᠶᠠᠯ ᠢ ᠪᠦᠬᠦᠨ ᠢ ᠡᠮᠬᠢᠯᠡᠨ ᠵᠠᠰᠠᠭᠠᠳ

ᠲᠦᠩᠯᠢᠶᠤᠤ ᠮᠤᠩᠭᠤᠯ ᠰᠤᠷᠭᠠᠭᠤᠯᠢ ᠶᠢᠨ ᠠᠩᠬᠠᠳᠠᠭᠴᠢ ᠠᠩᠬᠢ ᠶᠢᠨ ᠵᠤᠬᠢᠶᠠᠯ ᠤᠨ ᠰᠤᠩᠭᠤᠮᠠᠯ ᠪᠤᠯᠬᠤ 96

ᠵᠤᠬᠢᠶᠠᠯ ᠪᠦᠬᠦᠢ ︽ᠠᠬᠢ ᠦᠨᠦᠷᠲᠦᠭᠰᠡᠨ ᠲᠠᠯ᠎ᠠ︾ ᠭᠡᠮᠡᠬᠦ ᠨᠤᠮ ᠢ ᠰᠤᠷᠭᠠᠭᠤᠯᠢ ᠶᠢᠨ ᠤᠳᠤᠷᠢᠳᠤᠯᠭ᠎ᠠ ᠶᠢᠨ ᠲᠡᠮᠵᠢᠯᠭᠡ

ᠲᠤᠤᠷ᠎ᠠ ᠲᠠᠷᠤᠮᠠᠯᠯᠠᠵᠦ᠂ ᠰᠤᠷᠤᠭᠴᠢ ᠪᠦᠬᠦᠨ ᠳᠤ ᠨᠢᠭᠡ ᠬᠤᠪᠢ ᠦᠯᠡᠳᠡᠭᠡᠵᠦ ᠲᠤᠷᠠᠰᠬᠠᠯ ᠪᠤᠯᠭᠠᠭᠰᠠᠨ        

ᠪᠠᠶᠢᠨ᠎ᠠ᠃ ᠡᠨᠡ ᠬᠦ ᠰᠣᠷᠣᠭᠴᠢᠳ ᠤᠨ ᠰᠤᠲᠤᠨ ᠵᠤᠬᠢᠶᠠᠯ ᠤᠨ ᠰᠤᠩᠭᠤᠮᠠᠯ ᠨᠢ ᠭᠡᠷ ᠤᠨ ᠠᠬᠠᠮᠠᠳ ᠪᠤᠯᠤᠨ

ᠰᠤᠷᠭᠠᠭᠤᠯᠢ ᠶᠢᠨ ᠤᠯᠠᠩᠬᠢ ᠪᠠᠭᠰᠢ ᠨᠠᠷ ᠤᠨ ᠰᠠᠶᠢᠰᠢᠶᠠᠯ ᠬᠦᠷᠢᠶᠠᠯᠡᠯ ᠢ ᠬᠦᠷᠳᠡᠪᠡ᠃

      3. ᠰᠤᠷᠤᠭᠴᠢᠳ ᠲᠤ ᠮᠤᠩᠭᠤᠯ ᠲᠠᠭᠤᠤ ᠵᠢᠭᠠᠵᠦ ᠦᠭᠡᠰ ᠤᠨ ᠰᠠᠩ ᠢ ᠪᠠᠶᠠᠯᠢᠬᠵᠢᠭᠤᠯᠤᠭᠰᠠᠨ

      ᠲᠠᠭᠤᠤ ᠶᠢᠨ ᠦᠭᠡ ᠪᠤᠯ ᠲᠡᠷᠡ ᠴᠡᠭ ᠢᠶᠠᠷ ᠢᠶᠠᠨ ᠰᠢᠯᠦᠭ ᠮᠦᠨ᠃ ᠲᠡᠭᠦᠨ ᠳᠤ ᠠᠭᠤᠳᠠᠯᠤᠭᠠᠳ ᠪᠠᠷᠠᠰᠢ

ᠦᠭᠡᠢ ᠳᠠᠯᠠᠢ ᠪᠠᠶᠠᠨ ᠦᠭᠡᠰ ᠤᠨ ᠡᠷᠳᠡᠨᠢ ᠬᠠᠳᠠᠭᠠᠯᠠᠭᠳᠠᠵᠤ ᠪᠤᠢ᠃ ᠮᠤᠩᠭᠤᠯ ᠳᠠᠭᠤᠤ ᠤᠷᠠᠯᠢᠭ ᠤᠨ ᠢᠶᠠᠨ

ᠬᠦᠩᠬᠢᠨᠡᠭᠦᠨ ᠰᠠᠶᠢᠬᠠᠨ ᠭᠦᠭ ᠠᠶᠠᠰ ᠢᠶᠠᠷ ᠨᠢ ᠰᠡᠳᠬᠢᠯ ᠰᠠᠨᠠᠭ᠎ᠠ ᠪᠠᠨ ᠴᠡᠪᠡᠷᠰᠢᠭᠦᠯᠵᠦ᠂ ᠰᠡᠳᠬᠢᠯ ᠢ ᠬᠦᠨᠳᠡᠬᠦ᠋ᠢᠴᠡ

ᠦᠭᠡᠰ ᠤᠨ ᠡᠷᠳᠡᠨᠢ ᠠᠴᠠ ᠨᠢ ᠲᠡᠭᠦᠵᠦ ᠶᠠᠪᠤᠬᠤ ᠭᠡᠵᠦ ᠶᠤᠰᠤᠲᠠᠢ ᠨᠢᠭᠡᠨ ᠭᠤᠸ᠎ᠠ ᠰᠠᠶᠢᠬᠠᠨ ᠤ ᠬᠦᠷᠲᠡᠭᠡᠯ ᠤᠨ

ᠶᠠᠪᠤᠴᠠ ᠪᠤᠯᠬᠤ ᠪᠢᠯᠡ᠃ ᠰᠤᠷᠤᠭᠴᠢ ᠶᠢᠨ ᠢᠶᠠᠨ ᠦᠭᠡᠰ ᠤᠨ ᠰᠠᠩ ᠢ ᠪᠠᠶᠠᠯᠢᠬᠵᠢᠭᠤᠯᠵᠤ ᠬᠡᠯᠡᠨ ᠤ

ᠮᠡᠳᠡᠷᠡᠮᠵᠢ ᠶᠢ ᠨᠢ ᠳᠡᠭᠡᠭᠰᠢᠯᠡᠭᠦᠯᠬᠦ ᠶᠢᠨ ᠲᠤᠰᠠᠲᠠ᠂ ᠮᠦᠨ ᠴᠦ ᠰᠤᠷᠤᠭᠴᠢᠳ ᠤᠨ ᠢᠶᠠᠨ ᠭᠤᠸ᠎ᠠ ᠰᠠᠶᠢᠬᠠᠨ ᠤ

ᠮᠡᠳᠡᠷᠡᠮᠵᠢ ᠶᠢ ᠭᠦᠮᠦᠵᠢᠭᠦᠯᠭᠦ ᠶᠢᠨ ᠲᠤᠰᠠᠲᠠ ᠬᠤᠶᠠᠷ ᠭᠠᠷᠠᠭ ᠲᠤ ᠨᠢᠭᠡ ᠮᠤᠩᠭᠤᠯ ᠲᠠᠭᠤᠤ ᠶᠢ ᠰᠤᠷᠭᠠᠬᠤ ᠪᠠᠷ

ᠴᠢᠷᠮᠠᠶᠢᠪᠠ᠃ ᠡᠬᠦᠨ ᠳᠤ ᠤᠯᠠᠩᠬᠢ ᠨᠢ ᠠᠪᠤ ᠡᠵᠢ ᠪᠠᠨ ᠰᠠᠨᠠᠵᠦ ᠮᠦᠷᠦᠭᠡᠲᠦᠭᠰᠡᠨ᠂ ᠨᠤᠳᠤᠭ ᠤᠰᠤ ᠪᠠᠨ

ᠪᠠᠭ᠋ᠠᠷᠬᠠᠵᠦ ᠮᠠᠭᠳᠠᠭᠰᠠᠨ ᠲᠠᠭᠤᠤ ᠶᠢ ᠰᠦᠯᠵᠢᠶᠡᠨ ᠠᠴᠠ ᠪᠠᠭᠤᠯᠭᠠᠵᠦ᠂ ᠦᠭᠡ ᠶᠢ ᠨᠢ ᠲᠠᠷᠤᠮᠠᠯᠯᠠᠨ ᠲᠠᠷᠬᠠᠭᠠᠵᠤ᠂

ᠲᠦᠷᠰᠤ ᠰᠢᠩᠭᠡᠭᠡᠯᠲᠡ ᠶᠢ ᠨᠢ ᠰᠤᠨᠢᠷᠬᠠᠭᠤᠯᠵᠦ ᠪᠠᠶᠢᠭᠠᠳ ᠰᠤᠷᠭᠠᠭᠰᠠᠨ ᠪᠠᠶᠢᠨ᠎ᠠ᠃ ᠮᠤᠩᠭᠤᠯ ᠳᠠᠭᠤᠤ

ᠤᠷᠠᠯᠢᠭ ᠤᠨ ᠷᠢᠳᠢ ᠰᠢᠳᠢ ᠭᠡᠵᠦ ᠶᠤᠰᠤᠲᠠᠢ ᠨᠢᠭᠡᠨ ᠭᠠᠶᠢᠬᠠᠮᠰᠢᠭ ᠪᠢᠯᠡ᠃ ᠳᠠᠭᠤᠤ ᠰᠤᠨᠢᠷᠬᠠᠬᠤ ᠶᠠᠪᠤᠴᠠ ᠳᠤ

ᠰᠤᠷᠤᠭᠴᠢᠳ ᠤᠨ ᠰᠡᠳᠬᠢᠯ ᠰᠠᠨᠠᠭ᠎ᠠ ᠨᠢ ᠤᠬᠢᠶᠠᠭᠳᠠᠵᠤ ᠰᠤᠷᠤᠯᠭ᠎ᠠ ᠶᠢᠨ ᠳᠠᠷᠤᠭᠠᠰᠤ ᠨᠢ ᠬᠦᠩᠭᠡᠷᠡᠭᠰᠡᠨ ᠨᠢ ᠪᠠᠰᠠ

ᠨᠢᠭᠡ ᠪᠠᠶᠠᠷᠯᠠᠭᠤᠰᠢᠲᠠᠢ ᠤᠴᠢᠷ ᠪᠤᠯᠤᠭᠰᠠᠨ ᠪᠠᠶᠢᠨ᠎ᠠ᠃

      4. ᠲᠤᠰ ᠱᠠᠳᠤᠨ ᠳᠤ ᠤᠯᠤᠭᠰᠠᠨ ᠠᠮᠵᠢᠯᠲᠠ

      ᠬᠤᠶᠠᠷ ᠵᠢᠯ ᠤᠨ ᠴᠢᠷᠮᠠᠶᠢᠯᠭ᠎ᠠ ᠪᠠᠷ ᠲᠠᠮᠵᠢᠨ ᠮᠠᠨ ᠤ ᠠᠩᠬᠢ ᠶᠢᠨ ᠰᠤᠷᠤᠭᠴᠢᠳ ᠤᠨ ᠮᠤᠩᠭᠤᠯ ᠬᠡᠯᠡᠨ ᠤ

ᠮᠡᠳᠡᠯᠭᠡ ᠴᠢᠳᠠᠪᠤᠷᠢ᠂ ᠭᠡᠯᠡᠨ ᠤ ᠮᠡᠳᠡᠷᠠᠮᠵᠢ ᠪᠤᠰᠤᠳ ᠠᠩᠬᠢ ᠠᠴᠠ ᠮᠡᠳᠡᠭᠳᠡᠬᠦ᠋ᠢᠴᠡ ᠰᠠᠶᠢᠵᠢᠷᠠᠨ᠂ ᠬᠤᠳᠠ᠂

ᠰᠤᠷᠭᠠᠭᠤᠯᠢ ᠶᠢᠨ ᠱᠠᠳᠤᠨ ᠤ ᠵᠤᠬᠢᠶᠠᠨ ᠪᠢᠴᠢᠯᠭᠡ ᠶᠢᠨ ᠤᠷᠤᠯᠳᠤᠭᠠᠨ᠂ ᠰᠢᠯᠦᠭ ᠤᠨ ᠤᠷᠤᠯᠲᠤᠭᠠᠨ᠂ ᠶᠠᠷᠢᠶᠠᠨ ᠤ

ᠤᠷᠤᠯᠲᠤᠭᠠᠨ ᠪᠦᠬᠦᠨ ᠳᠤ ᠲᠡᠷᠢᠬᠦᠯᠡᠵᠦ ᠰᠤᠷᠭᠠᠭᠤᠯᠢ ᠶᠢᠨ ᠤᠳᠤᠷᠢᠳᠤᠯᠭ᠎ᠠ᠂ ᠪᠠᠭᠰᠢ ᠰᠤᠷᠤᠭᠴᠢᠳ᠂ ᠭᠡᠷ ᠤᠨ

ᠠᠬᠠᠮᠠᠳ ᠤᠨ ᠮᠠᠭᠳᠠᠭᠠᠯ ᠰᠠᠶᠢᠰᠢᠶᠠᠯ ᠢ ᠤᠯᠪᠠ᠃

      ᠬᠤᠶᠠᠳᠤᠭᠠᠷ ᠱᠠᠲᠦ᠄ 2022.9 — 2023.5

      1. ᠨᠤᠮ ᠤᠩᠰᠢᠭᠤᠯᠤᠨ ᠪᠤᠳᠤᠯ ᠲᠦᠷᠦᠭᠳᠡᠯ ᠢ ᠨᠢ ᠰᠤᠯᠢᠯᠴᠠᠭᠤᠯᠤᠭᠰᠠᠨ

      ᠲᠤᠰ ᠱᠠᠲᠤᠨ ᠠᠴᠠ ᠡᠬᠢᠯᠡᠨ ᠰᠤᠷᠤᠭᠴᠢ ᠪᠦᠬᠦᠨ ᠨᠢᠭᠡ ᠬᠤᠭᠤᠴᠠᠭ᠎ᠠ ᠦᠪᠡᠷ ᠢᠶᠠᠨ ᠵᠤᠭᠤᠰ ᠭᠠᠷᠭᠠᠵᠦ

ᠪᠠᠶᠢᠭᠠᠳ ᠨᠤᠮ ᠬᠤᠳᠠᠯᠲᠤᠨ ᠠᠪᠤᠨ᠎ᠠ᠃ ᠬᠤᠳᠠᠯᠳᠤᠨ ᠠᠪᠤᠭᠰᠠᠨ ᠨᠤᠮ ᠢᠶᠠᠨ ᠭᠠᠷᠠᠭ ᠤᠨ ᠵᠢᠷᠭᠤᠭᠠᠨ ᠤ

ᠦᠳᠡ ᠶᠢᠨ ᠬᠤᠶᠢᠨ᠎ᠠ ᠪᠦᠬᠦᠳᠡᠭᠡᠷ ᠢᠶᠠᠨ ᠤᠩᠰᠢᠨ᠎ᠠ᠃ ᠤᠩᠰᠢᠬᠤ ᠦᠶ᠎ᠡ ᠶᠢᠨ ᠱᠠᠭᠠᠷᠳᠠᠯᠭ᠎ᠠ ᠨᠢ ᠦᠪᠡᠷ ᠤᠨ

ᠲᠤᠭᠤᠵᠦ ᠪᠠᠭ᠋ᠠᠷᠬᠠᠭᠰᠠᠨ ᠦᠭᠡ ᠭᠡᠯᠡᠯᠭᠡ᠂ ᠦᠬᠦᠯᠡᠪᠦᠷᠢ᠂ ᠭᠡᠯᠡᠴᠡ ᠶᠢᠨ ᠠᠷᠤ ᠳᠤ ᠨᠢ ᠬᠠᠷᠠᠨᠳᠠ ᠪᠠᠷ ᠵᠢᠷᠦᠵᠦ

ᠲᠠᠯᠪᠢᠨ᠎ᠠ᠃ ᠡᠪᠦᠯ ᠵᠤᠨ ᠤ ᠠᠮᠠᠷᠠᠯᠳᠠ ᠶᠢᠨ ᠳᠠᠰᠬᠠᠯ ᠪᠣᠯ ᠨᠤᠮ ᠤᠩᠰᠢᠵᠦ᠂ ᠨᠤᠮ ᠤᠩᠰᠢᠭᠰᠠᠨ ᠲᠡᠮᠳᠡᠭᠯᠡᠯ          

ᠬᠢᠨ᠎ᠡ᠃ ᠨᠤᠮ ᠤᠩᠰᠢᠬᠰᠠᠨ ᠲᠡᠮᠳᠡᠭᠯᠡᠯ ᠤᠨ ᠲᠡᠪᠲᠡᠷ ᠤᠨ ᠡᠮᠦᠨ᠎ᠡ ᠨᠢᠭᠤᠷ ᠲᠤ᠂ ᠤᠩᠰᠢᠭᠰᠠᠨ ᠨᠤᠮ ᠤᠨ ᠭᠠᠷᠴᠠᠭ᠂

ᠵᠤᠬᠢᠶᠠᠭᠴᠢ᠂ ᠵᠤᠬᠢᠶᠠᠭᠴᠢ ᠶᠢᠨ ᠤᠯᠤᠰ ᠤᠷᠤᠨ ᠵᠢᠴᠢ ᠤᠩᠰᠢᠬᠴᠢ ᠶᠢᠨ ᠨᠡᠷ᠎ᠡ᠂ ᠡᠬᠢᠯᠡᠵᠦ ᠤᠩᠰᠢᠭᠰᠠᠨ ᠴᠠᠭ ᠪᠠ

ᠤᠩᠰᠢᠵᠦ ᠲᠡᠬᠦᠰᠦᠭᠰᠡᠨ ᠴᠠᠭ  ᠢᠶᠠᠨ ᠲᠤᠳᠤᠷᠬᠠᠢ ᠪᠢᠴᠢᠨ᠎ᠡ᠃ ᠰᠤᠷᠭᠠᠭᠤᠯᠢ ᠡᠬᠢᠯᠡᠬᠦ ᠦᠶ᠎ᠡ ᠳᠤ ᠪᠠᠭᠰᠢ ᠳᠤ

ᠲᠤᠰᠢᠶᠠᠵᠦ ᠪᠠᠶᠢᠴᠠᠭᠠᠯᠭᠠᠨ᠎ᠠ᠃ ᠰᠤᠷᠤᠭᠴᠢᠳ ᠨᠤᠮ ᠢᠶᠠᠨ ᠬᠠᠷᠢᠯᠴᠠᠨ ᠰᠤᠯᠢᠵᠤ ᠤᠩᠰᠢᠨ᠎ᠠ᠃ ᠲᠤᠰᠬᠠᠢ ᠴᠠᠭ

ᠭᠠᠷᠭᠠᠵᠤ ᠤᠩᠰᠢᠭᠰᠠᠨ ᠪᠠᠶᠠᠰᠤᠯ ᠢ ᠨᠢ ᠬᠤᠪᠢᠶᠠᠯᠴᠠᠭᠤᠯᠪᠠ᠃ ᠬᠤᠶᠠᠷ ᠵᠢᠯ ᠤᠨ ᠲᠤᠷᠰᠢ ᠮᠠᠨ ᠤ ᠰᠤᠷᠤᠭᠴᠢᠳ ᠤᠨ

ᠬᠤᠳᠠᠯᠳᠤᠨ ᠠᠪᠴᠤ ᠤᠡᠭᠰᠢᠭ᠌ᠰᠠᠨ ᠨᠤᠮ ᠭᠡᠪᠡᠯ᠂ ︵1︶ ᠲᠠᠶᠢᠴᠢᠭᠤᠳ ᠮᠠᠨᠰᠠᠩ ᠤᠨ ᠰᠢᠨ᠎ᠠ ᠪᠠᠷ ᠤᠷᠴᠢᠭᠤᠯᠵᠤ

ᠲᠠᠶᠢᠯᠪᠤᠷᠢᠯᠠᠭᠰᠠᠨ ︽ᠮᠤᠩᠭᠤᠯ ᠤᠨ ᠨᠢᠭᠤᠴᠠ ᠲᠤᠪᠴᠢᠶᠠᠨ︾᠂ ︵2︶ ᠴ᠊ · ᠯᠤᠳᠦ᠋ᠢᠳᠠᠮᠪᠠ ᠶᠢᠨ ︽ᠲᠤᠩᠭᠠᠯᠠᠭ

ᠲᠠᠮᠢᠷ︾᠂ ︵3︶ ᠪ᠊ · ᠠᠯᠲᠠᠨᠴᠡᠴᠡᠭ ᠤᠨ ︽ᠡᠷᠬᠢᠵᠦ ᠰᠠᠨᠠᠭᠳᠠᠬᠤ ᠪᠠᠭ᠎ᠠ ᠨᠠᠰᠤ︾᠂ ︵4︶ ︽ᠯ᠊ · ᠤᠳᠽᠠᠷ ᠤᠨ

ᠵᠤᠬᠢᠶᠠᠯ ᠤᠨ ᠰᠤᠩᠭᠤᠮᠠᠯ︾᠂ ︵5︶ ︽ᠯᠦ ᠶᠤᠤ ᠶᠢᠨ ᠵᠤᠬᠢᠶᠠᠯ︾᠂ ︵6︶ ᠭᠤ · ᠠᠯᠲᠠᠨᠰᠠᠩ ᠤᠨ ︽ᠪᠠᠭ᠋ᠠᠷᠬᠠᠯ

ᠭᠡᠮᠦᠷᠬᠡᠯ︾᠂ ︵7︶ ᠰᠠᠩᠳᠠᠢ ᠶᠢᠨ ︽ᠬᠤᠷᠴᠢᠨ ᠠᠷᠠᠳ ᠤᠨ ᠠᠮᠠᠨ ᠦᠯᠢᠭᠡᠷ︾᠂ ︵8︶ ᠨ᠊ · ᠦᠯᠵᠡᠶᠢᠪᠠᠲᠤ ᠶᠢᠨ

︽ᠠᠪᠤ ᠨᠤᠲᠤᠭ ᠬᠤᠶᠠᠷ︾᠂ ︵9︶ ᠳᠤᠯᠠᠭᠠᠨ ᠤ ᠤᠷᠴᠢᠭᠤᠯᠤᠭᠰᠠᠨ ︽ᠡᠪᠦᠭᠡᠨ ᠪᠠ ᠳᠠᠯᠠᠢ︾᠂ ︵10︶ ᠳ᠋᠊ ·

ᠭᠠᠷᠮ᠎ᠠ ᠶᠢᠨ ︽ᠬᠠᠷᠠᠭᠤᠯ ᠠᠯᠲᠠᠢ︾᠂ ︵11︶ ᠮ᠊ · ᠬᠠᠰᠪᠠᠭᠠᠨ᠎ᠠ ᠶᠢᠨ ︽ᠲᠡᠷᠡ ᠬᠤᠯᠠ ᠶᠢᠨ ᠪᠠᠷ᠎ᠠ︾ ᠵᠡᠷᠭᠡ 11

ᠢᠵᠢ ᠨᠤᠮ ᠪᠤᠯᠤᠨ᠎ᠠ᠃

      ᠡᠳᠡᠭᠡᠷ ᠨᠤᠮ ᠵᠤᠬᠢᠶᠠᠯ ᠢ ᠰᠤᠷᠤᠭᠴᠢᠳ ᠠᠩᠬ᠎ᠠ ᠤᠩᠰᠢᠬᠤ ᠳᠤ ᠬᠦᠴᠢᠷᠳᠡᠵᠦ᠂ ᠦᠢᠯᠠᠭᠠᠮᠵᠢ ᠮᠠᠭᠤᠳᠠᠢ

ᠪᠠᠶᠢᠵᠦ ᠮᠡᠳᠡᠨ᠎ᠡ᠃ ᠭᠡᠪᠡᠴᠦ ᠤᠳᠠᠭᠠᠨ ᠲᠠᠭᠠᠭᠠᠮᠠᠭᠠᠢ ᠤᠩᠰᠢᠭᠠᠳ ᠪᠠᠶᠢᠪᠠᠯ ᠠᠶᠠᠨᠳᠠᠭᠠᠨ ᠪᠠᠭ᠋ᠠᠨ ᠳᠤ ᠨᠢ ᠤᠷᠤᠵᠤ

ᠪᠤᠯᠤᠨ᠎ᠠ᠃ ᠭᠡᠷᠪᠡ ᠪᠢᠳᠡ ᠬᠦᠴᠢᠷᠲᠠᠢ᠂ ᠤᠶᠢᠯᠠᠭᠠᠮᠵᠢ ᠦᠭᠡᠢ ᠭᠡᠳ ᠤᠩᠰᠢᠬᠤ ᠦᠭᠡᠢ ᠪᠣᠯ ᠬᠡᠵᠢᠶᠡᠳᠡ ᠪᠠᠨ

ᠤᠶᠢᠯᠠᠭᠠᠬᠤ ᠦᠭᠡᠢ᠃ ᠬᠤᠶᠠᠷ ᠵᠢᠯ ᠤᠨ ᠬᠢᠴᠢᠶᠡᠯ ᠤᠨ ᠭᠠᠳᠠᠨᠠᠬᠢ ᠤᠩᠰᠢᠯᠭ᠎ᠠ ᠪᠠᠷ ᠲᠠᠮᠵᠢᠨ ᠰᠤᠷᠤᠭᠴᠢᠳ ᠤᠨ

ᠬᠡᠯᠡᠨ ᠤ ᠲᠤᠬᠠᠢ ᠤᠢᠢᠯᠠᠭᠠᠯᠳᠠ ᠨᠡᠮᠡᠭᠳᠠᠵᠤ᠂ ᠦᠭᠡ ᠬᠡᠯᠡᠯᠭᠡ ᠬᠤᠷᠠᠮᠳᠤᠭᠤᠯᠵᠤ ᠦᠭᠡᠰ ᠤᠨ ᠰᠠᠩ ᠢ ᠨᠢ

ᠪᠠᠶᠠᠯᠢᠬᠵᠢᠭᠤᠯᠬᠤ ᠳᠤ ᠢᠯᠡᠳᠳᠡ ᠦᠢᠯᠡᠲᠦᠯ ᠭᠠᠷᠭᠠᠭᠰᠠᠨ ᠪᠠᠶᠢᠳᠠᠭ᠃ ᠨᠠᠭᠠᠲᠦ ᠵᠠᠬ᠎ᠠ ᠨᠢ ᠲᠠᠷᠠᠭᠠᠴᠢ ᠪᠠᠷ ᠪᠠᠭᠰᠢ

ᠨᠠᠷ ᠠᠴᠠ ᠲᠡᠭᠡᠷᠡᠬᠢ ᠨᠤᠮ ᠵᠤᠬᠢᠶᠠᠯ ᠢ ᠲᠤᠷᠠᠳᠬᠤ ᠦᠶ᠎ᠡ ᠳᠤ ᠪᠢᠳᠡ ᠡᠨᠡ ᠨᠤᠮ ᠢ ᠤᠡᠭᠰᠢᠵᠤ ᠦᠩᠭᠡᠷᠡᠪᠡ ᠭᠡᠰᠡᠨ

ᠤᠮᠤᠷᠬᠠᠯ ᠪᠠᠭ᠋ᠠᠷᠬᠠᠯ ᠲᠦᠷᠦᠭᠳᠡᠭᠦ ᠨᠢ ᠯᠠᠪᠳᠠᠢ᠃

      2. ᠲᠤᠰ ᠱᠠᠲᠦᠨ ᠳᠤ ᠰᠢᠯᠦᠭ ᠴᠡᠭᠡᠵᠢᠯᠡᠭᠦᠯᠭᠦ ᠬᠦᠳᠡᠯᠭᠡᠭᠡᠨ ᠦᠷᠨᠢᠬᠦᠯᠵᠦ᠂ ᠰᠢᠯᠦᠭ ᠤᠨ ᠤᠩᠰᠢᠯᠭ᠎ᠠ ᠶᠢ

ᠤᠨᠴᠠᠭᠠᠶᠢᠯᠠᠨ ᠴᠢᠩᠭ᠎ᠠ ᠠᠳᠬᠤᠵᠦ ᠴᠢᠬᠤᠯᠠᠴᠢᠯᠠᠵᠠᠢ᠃

      ᠭᠠᠷᠠᠭ ᠪᠦᠷᠢ ᠶᠢᠨ 2᠂ 4 ᠤ ᠦᠷᠯᠦᠭᠡᠨ ᠤ ᠤᠩᠰᠢᠯᠭ᠎ᠠ ᠶᠢᠨ ᠴᠠᠭ ᠲᠤ᠂ ᠰᠤᠷᠬᠤ ᠪᠢᠴᠢᠭ᠂ ᠤᠩᠰᠢᠬᠤ

ᠪᠢᠴᠢᠭ ᠤᠨ ᠰᠢᠯᠦᠭ ᠠᠴᠠ ᠪᠤᠰᠤᠳ ᠮᠠᠰᠢ ᠤᠯᠠᠨ ᠰᠢᠯᠦᠭ ᠵᠤᠬᠢᠶᠠᠯ ᠢ ᠲᠠᠷᠤᠮᠠᠯᠯᠠᠨ ᠲᠠᠷᠬᠠᠭᠠᠵᠦ᠂ ᠵᠠᠷᠢᠮ

ᠰᠢᠯᠦᠭ ᠢ ᠨᠢ ᠵᠠᠪᠠᠯ ᠴᠡᠭᠡᠵᠢᠯᠡᠬᠦᠯᠦᠭᠰᠡᠨ ᠪᠠᠶᠢᠨ᠎ᠠ᠃ ᠭᠤᠷᠪᠠᠨ ᠵᠢᠯ ᠳᠤ ᠮᠠᠨ ᠤ ᠰᠤᠷᠤᠭᠰᠠᠨ᠂ ᠴᠡᠭᠡᠵᠢᠯᠡᠭᠰᠡᠨ ᠰᠢᠯᠦᠭ

ᠵᠤᠬᠢᠶᠠᠯ ᠭᠡᠪᠡᠯ᠄ ︵1︶ ᠱ᠊ · ᠬᠦᠷᠦᠪᠠᠽᠠᠷ ᠤᠨ ︽ᠪᠢ ᠮᠤᠩᠭᠤᠯ ᠢᠶᠠᠷ ᠢᠶᠠᠨ ᠭᠤᠶᠤᠳᠠᠭ︾᠂ ︵2︶ ᠪ᠊· ᠶᠠᠪᠤᠭᠤᠬᠤᠯᠠᠨ

 ᠤᠨ ︽ᠠᠯᠠᠭ ᠲᠡᠯᠡᠭᠡᠢ ᠳᠤ ᠲᠦᠷᠦᠭᠰᠡᠨ ᠮᠢᠨᠢ ᠤᠴᠢᠷᠲᠠᠢ︾᠂ ︵3︶ ᠳ᠋᠊·ᠨᠠᠴᠤᠭᠳᠤᠷᠵᠢ ᠶᠢᠨ ︽ᠮᠢᠨᠦ          

ᠨᠤᠲᠤᠭ︾᠂ ︵4︶ ᠤ · ᠲᠠᠰᠢᠪᠠᠯᠪᠠᠷ ᠤᠨ ︽ᠵᠠᠯᠠᠭᠤᠰ ᠲᠡᠬᠦᠤ ᠨᠠᠷ ᠲᠤ ᠪᠠᠨ ᠡᠷᠬᠦᠬᠦ ᠰᠢᠯᠦᠭ︾᠂ ︽ᠠᠮᠢᠳᠤ ᠳᠤ ᠪᠠᠨ

ᠪᠠᠶ᠎ᠠ ᠪᠠᠶ᠎ᠠ ᠪᠠᠨ ᠬᠠᠶᠢᠷᠠᠯᠠ ᠭᠦᠮᠦᠰ ᠡ︾᠂ ︽ᠲᠡᠭᠷᠢ ᠰᠢᠭ ᠪᠠᠢ︾᠂ ︵5︶ ᠭᠠ᠊ · ᠴᠢᠩᠪᠠᠭᠠᠲᠦᠷ ᠤᠨ ︽ᠵᠤᠷᠢᠭ

ᠱᠠᠩᠨᠠᠬᠤ ᠪᠠᠳᠠᠭ︾᠂ ︵6︶ ᠮᠦᠩᠬᠡ ᠶᠢᠨ ᠪᠢᠯᠢᠭᠰᠡᠶᠢᠬᠠᠨ ᠤ ︽ᠭᠡᠭᠡᠨ ᠮᠤᠩᠭᠤᠯ︾᠂ ︵7︶ ᠮ᠊ · ᠴᠠᠳᠠᠨᠳᠤᠷᠵᠢ ᠶᠢᠨ

︽ᠮᠤᠷᠢᠨ ᠬᠤᠭᠤᠷ︾᠂ ︵8︶ ᠷ᠊ · ᠴᠦᠢᠨᠤᠮ ᠤᠨ ︽ᠠᠽᠢᠶ᠎ᠠ ᠶᠢᠨ ᠲᠤᠬᠠᠢ ᠪᠠᠷᠳᠠᠮᠨᠠᠯ︾᠂ ︵9︶ ᠳ᠋᠊ ·

ᠰᠡᠷᠡᠩᠸᠠᠩᠵᠢᠯ ᠤᠨ ︽ᠭᠠᠳᠠᠨ᠎ᠠ ᠪᠠᠨ ᠮᠤᠷᠢ ᠲᠠᠢ ᠠᠶᠢᠯ︾᠂ ︵10︶ ᠯ᠊ · ᠤᠳᠽᠠᠷ ᠤᠨ ︽ᠨᠢᠯᠬ᠎ᠠ ᠭᠡᠯᠡᠨ ᠤ          

ᠰᠠᠯᠬᠢ︾᠂ ︽ᠲᠠᠯᠭᠡᠷ ᠽᠠᠨᠳᠠᠨ ᠮᠤᠳᠤ︾᠂  ︵11︶ ᠠᠷᠳᠠᠢ ᠶᠢᠨ ︽ᠨᠦᠬᠦᠳ ᠤᠨ ᠬᠠᠶᠢᠷ᠎ᠠ︾᠂ ︵12︶ ᠰᠤᠰᠤᠷᠪᠠᠷᠠᠮ

 ᠤᠨ ︽ᠪᠢ ᠬᠠᠮᠢᠭ᠎ᠠ ᠲᠦᠷᠦᠭᠡ ᠪᠤᠢ︾᠂ ︵13︶ ᠲᠠ᠊ · ᠸᠴᠢᠷᠬᠦᠤ ᠶᠢᠨ ︽ᠤᠷᠮ᠎ᠠ ᠬᠠᠶᠢᠷᠠᠯᠠ︾᠂ ︵14︶ ᠪ᠊ ·

ᠯᠾᠬᠠᠪᠠᠰᠦ᠋ᠷᠦᠩ ᠤᠨ ︽ᠢᠵᠢᠢ ᠲᠠᠢ ᠪᠠᠨ ᠪᠠᠶᠢᠬᠤ ᠳᠤ ᠪᠢ ᠪᠠᠶᠠᠨ ᠪᠠᠶᠢᠭᠰᠠᠨ︾᠂ ︵15︶ ᠨᠠ᠊ · ᠦᠯᠵᠡᠶᠢᠳᠡᠯᠭᠡᠷ ᠤᠨ

︽ᠮᠤᠩᠭᠤᠯ ᠬᠡᠯᠡ︾᠂ ︵16︶ ᠭ᠊ · ᠪᠤᠶᠠᠨᠪᠠᠲᠦ ᠶᠢᠨ ︽ᠡᠵᠢ ᠡ᠂ ᠪᠢ ᠲᠠᠨ ᠤᠷᠤᠭᠤ ᠶᠠᠪᠤᠵᠦ          

ᠪᠠᠶᠢᠨ᠎ᠠ︾᠂ ︵17︶ ᠨᠤᠯᠮᠠᠰᠡᠷᠡᠩ ᠤᠨ ︽ᠡᠵᠢ ᠶᠢᠨ ᠪᠠᠷ᠎ᠠ︾᠂ ︵18︶ ᠡᠩᠭᠡᠬᠠᠳᠠ ᠶᠢᠨ ︽ᠠᠪᠤ ᠳᠤ ᠪᠠᠨ

ᠰᠤᠨᠤᠰᠬᠠᠬᠤ ᠠᠭᠤᠯᠠ ᠶᠢᠨ ᠤᠶᠠᠩᠭ᠎ᠠ︾᠂ ︽ᠤᠶᠠᠭᠠᠨ ᠤ ᠵᠦᠭᠡᠯᠡᠨ ᠰᠢᠷᠦᠢ︾᠂ ︽ᠡᠵᠢ ᠳᠤ ᠪᠠᠨ ᠪᠢ

ᠰᠤᠭᠳᠤᠭᠤ ᠬᠠᠷᠠᠭᠳᠠᠬᠤ ᠦᠭᠡᠢ︾᠂ ︽ᠰᠦᠨᠢ ᠪᠤᠤ ᠢᠰᠭᠡᠷ ᠮᠢᠨᠤ ᠬᠦᠤ︾᠂ ︽ᠡᠵᠢ ᠬᠤᠳᠳᠤᠭ︾᠂ ︵19︶

ᠪ᠊ · ᠪᠦᠷᠢᠨᠪᠠᠬᠢ ᠶᠢᠨ ︽ᠰᠠᠨᠠᠭ᠎ᠠ ᠪᠠᠷ ᠢᠶᠠᠨ ᠳᠤᠪᠲᠤᠯ ᠳ᠋ᠡ ᠲᠡᠷᠭᠡ ᠮᠢᠨᠢ︾ ᠵᠡᠷᠭᠡ 19 ᠰᠢᠯᠦᠭᠴᠢ ᠶᠢᠨ 26

ᠰᠢᠯᠦᠭ ᠢ ᠰᠦᠯᠵᠢᠶ᠎ᠠ᠂ ᠰᠢᠯᠦᠭ ᠤᠨ ᠲᠡᠬᠦᠪᠦᠷᠢ ᠠᠴᠠ ᠰᠢᠯᠢᠨ ᠰᠤᠩᠭᠤᠵᠦ ᠠᠩᠬ᠎ᠠ ᠵᠡᠷᠭᠡ ᠶᠢᠨ ᠲᠤᠮᠳᠠᠲᠦ

ᠰᠤᠷᠭᠠᠭᠤᠯᠢ ᠶᠢᠨ ᠰᠤᠷᠤᠭᠴᠢᠳ ᠤᠨ ᠪᠤᠳᠠᠲᠦ ᠪᠠᠶᠢᠳᠠᠯ ᠪᠠ ᠰᠤᠷᠴᠦ ᠦᠢᠯᠠᠭᠠᠬᠤ ᠴᠢᠳᠠᠪᠤᠷᠢ ᠳᠤ ᠨᠢ ᠴᠢᠭᠯᠡᠬᠦᠯᠵᠦ

ᠲᠤᠬᠢᠷᠠᠭᠤᠯᠤᠭᠰᠠᠨ ᠪᠠᠶᠢᠨ᠎ᠠ᠃ 

      3. ︽ᠤᠷᠠᠨ ᠤᠩᠰᠢᠯᠭ᠎ᠠ᠂ ᠨᠤᠮ ᠤᠩᠰᠢᠭᠰᠠᠨ ᠲᠦᠷᠦᠭᠳᠡᠯ︾ ᠤᠨ ᠤᠷᠤᠯᠳᠤᠭᠠᠨ  ᠢ ᠦᠷᠨᠢᠭᠦᠯᠦᠭᠰᠡᠨ

      ᠰᠤᠷᠤᠭᠴᠢᠳ ᠤᠨ ᠨᠤᠮ ᠤᠩᠰᠢᠭᠰᠠᠨ ᠲᠡᠮᠳᠡᠭᠯᠡᠯ ᠪᠠ ᠰᠢᠯᠦᠭ ᠴᠡᠭᠡᠵᠢᠯᠡᠭᠰᠡᠨ᠂ ᠰᠢᠯᠦᠭ ᠤᠩᠰᠢᠬᠤ

ᠴᠢᠳᠠᠪᠤᠷᠢ ᠶᠢ ᠪᠠᠶᠢᠴᠠᠭᠠᠬᠤ ᠶᠢᠨ ᠲᠦᠯᠦᠭᠡ ᠠᠩᠬᠢ ᠨᠢᠭᠡᠴᠢ ᠶᠢᠨ ᠲᠤᠮᠳᠠ  ᠪᠠᠨ ᠨᠢᠭᠡ ᠰᠠᠷ᠎ᠠ ᠨᠢᠭᠡᠨ ᠤᠳᠠᠭᠠᠨ ᠤ

︽ᠤᠷᠠᠨ ᠤᠩᠰᠢᠯᠭ᠎ᠠ᠂ ᠨᠤᠮ ᠤᠩᠰᠢᠭᠰᠠᠨ ᠲᠦᠷᠦᠭᠳᠡᠯ︾ ᠤᠨ ᠤᠷᠤᠯᠳᠤᠭᠠᠨ ᠦᠷᠨᠢᠬᠦᠯᠦᠭᠰᠡᠨ ᠠᠴᠠ

ᠰᠤᠷᠤᠭᠴᠢᠳ ᠤᠨ ᠬᠢᠴᠢᠶᠡᠯ ᠤᠨ ᠭᠠᠳᠠᠨᠠᠬᠢ ᠤᠩᠰᠢᠯᠭ᠎ᠠ ᠶᠢᠨ ᠤᠷᠮ᠎ᠠ ᠪᠠᠬ᠎ᠠ ᠪᠠ ᠲᠤᠷ᠎ᠠ ᠰᠤᠨᠢᠷᠬᠠᠯ ᠢ ᠬᠦᠢᠴᠡᠳ

ᠲᠠᠶᠢᠴᠢᠯᠠᠨ᠂ ᠮᠤᠩᠭᠤᠯ ᠭᠡᠯᠡ ᠪᠢᠴᠢᠭ ᠤᠨ ᠵᠢᠭᠠᠨ ᠰᠤᠷᠭᠠᠯᠳᠠ ᠳᠤ ᠴᠢᠬᠤᠯᠠ ᠪᠦᠬᠦᠢ ᠰᠠᠭᠤᠷᠢ ᠲᠠᠯᠪᠢᠨ ᠦᠭᠬᠦᠭᠰᠠᠨ

ᠪᠠᠶᠢᠨ᠎ᠠ᠃ ᠡᠶᠢᠨ ᠬᠦ ᠵᠢᠯ ᠪᠦᠷᠢ ᠶᠢᠨ ᠮᠠᠨ ᠤ ᠰᠤᠷᠭᠠᠭᠤᠯᠢ ᠶᠢᠨ ︽ᠨᠤᠮ ᠤᠨ ᠬᠤᠷ᠎ᠠ︾ ᠶᠠᠷᠢᠶᠠᠨ ᠤ ᠤᠷᠤᠯᠳᠤᠭᠠᠨ ᠳᠤ

ᠮᠠᠨ ᠤ ᠠᠩᠬᠢ ᠶᠢᠨ ᠬᠢᠨ ᠤᠳᠠᠭ᠎ᠠ ᠲᠠᠷᠠᠭᠠᠯᠠᠨ ᠤᠨ ᠨᠢᠭᠡᠴᠢ ᠳᠤ ᠪᠠᠨ ᠲᠡᠷᠢᠬᠦᠯᠡᠭᠰᠡᠨ ᠪᠠᠶᠢᠳᠠᠭ᠃

      4. ᠰᠤᠷᠤᠭᠴᠢ ᠶᠢᠨ ᠵᠤᠬᠢᠶᠠᠨ ᠪᠢᠴᠢᠯᠭᠡ ᠶᠢᠨ ᠴᠢᠳᠠᠪᠤᠷᠢ ᠶᠢ ᠲᠡᠭᠡᠭᠰᠢᠯᠠᠭᠦᠯᠭᠦ ᠶᠢ ᠠᠩᠬᠠᠷᠤᠭᠰᠠᠨ

      ᠪᠦᠲᠦᠨ ᠬᠤᠶᠠᠷ ᠵᠢᠯ ᠤᠨ ᠨᠤᠮ ᠤᠩᠰᠢᠯᠭ᠎ᠠ ᠪᠠᠷ ᠲᠠᠮᠵᠢᠨ᠂ ᠰᠤᠷᠤᠭᠴᠢᠳ ᠤᠨ ᠰᠡᠳᠬᠢᠬᠦᠢ ᠲᠠᠯᠡᠨ

ᠦᠷᠭᠡᠳᠴᠦ᠂ ᠦᠭᠡ ᠬᠡᠯᠡᠯᠭᠡ ᠪᠠᠶᠠᠯᠢᠬᠵᠢᠨ᠂ ᠭᠡᠯᠡᠨ ᠤ ᠮᠡᠳᠡᠷᠡᠮᠵᠢ ᠤᠨᠴᠠ ᠰᠠᠶᠢᠵᠢᠷᠠᠵᠦ᠂ ᠵᠤᠬᠢᠶᠠᠨ ᠪᠢᠴᠢᠬᠦ ᠳᠤ

ᠤᠷᠮ᠎ᠠ ᠪᠠᠬ᠎ᠠ ᠲᠠᠢ ᠪᠤᠯᠤᠭᠰᠠᠨ ᠨᠢ ᠪᠠᠶᠠᠷᠯᠠᠭᠤᠰᠢᠲᠠᠢ᠃

      ᠭᠤᠷᠪᠠᠳᠤᠭᠠᠷ ᠱᠠᠲᠦ᠄ 2023.5 —

      ᠡᠨᠡ ᠬᠦ ᠱᠠᠲᠦ ᠪᠣᠯ ᠤᠳᠤ ᠶᠠᠭ ᠶᠠᠪᠤᠭᠳᠠᠵᠦ ᠪᠠᠶᠢᠨ᠎ᠠ᠃ ᠲᠤᠰ ᠱᠠᠲᠦᠨ ᠳᠤ᠄

      1. ᠰᠤᠷᠤᠭᠴᠢ ᠪᠦᠬᠦᠨ ᠤᠩᠰᠢᠬᠤ ᠨᠤᠮ ᠢᠶᠠᠨ ᠪᠦᠷᠢᠳᠭᠡᠨ᠎ᠡ᠃ ᠤᠳᠤᠬᠠᠨ ᠪᠤᠯᠳᠠᠯ᠎ᠠ ᠲᠠᠪᠤᠨ ᠨᠤᠮ          

ᠪᠤᠢ᠃ ᠲᠤᠬᠠᠢᠢᠯᠠᠪᠠᠯ᠂ ︵1︶ ᠴ᠊ · ᠲᠠᠮᠳᠢᠨᠰᠦ᠋ᠷᠦᠩ ᠤᠨ ᠤᠷᠴᠢᠭᠤᠯᠤᠭᠰᠠᠨ ︽ᠮᠤᠩᠭᠤᠯ ᠤᠨ ᠨᠢᠭᠤᠴᠠ          

ᠲᠤᠪᠴᠢᠶᠠᠨ︾ ᠤ ᠵᠠᠯᠠᠭᠤᠴᠤᠳ ᠪᠠᠭᠠᠴᠤᠳ ᠤᠨ ᠪᠠᠷ᠂ ︵2︶ ᠴ᠊ · ᠯᠤᠳᠦ᠋ᠢᠳᠠᠮᠪᠠ ᠶᠢᠨ ︽ᠲᠤᠩᠭᠠᠯᠠᠭ          

ᠲᠠᠮᠢᠷ︾᠂ ︵3︶ ᠵ᠊ · ᠰᠠᠨᠳᠠᠭ ᠤᠨ ︽ᠱᠠᠯᠲᠠᠷ ᠪᠤᠯᠲᠠᠷ ᠨᠠᠰᠤ︾᠂ ︵4︶ ᠳ᠋᠊ · ᠨᠠᠮᠰᠠᠷᠠᠢ ᠶᠢᠨ ︽ᠬᠠᠨ ᠠᠭᠤᠯᠠ ᠶᠢᠨ

ᠢᠷᠭᠤᠢ︾᠂ ︵5︶ ᠳ᠋᠊ · ᠬᠠᠳᠠᠨᠪᠠᠭᠠᠲᠤᠷ ᠤᠨ ︽ᠡᠵᠢ ᠳᠤ ᠪᠠᠨ ᠵᠠᠬᠢᠳᠠᠯ ᠪᠢᠴᠢᠭᠡᠷᠡᠢ︾ ᠪᠤᠯᠤᠨ᠎ᠠ᠃ 

      ᠮᠤᠩᠭᠤᠯ ᠭᠡᠯᠡᠨ ᠤ ᠤᠷᠠᠨ ᠪᠠᠶᠠᠯᠢᠭ᠂ ᠢᠷᠠᠭᠤ ᠤᠷᠤᠰᠤᠮ᠎ᠠ᠂ ᠬᠦᠮᠦᠨ ᠤ ᠰᠡᠳᠬᠢᠯ‌‍ᠤᠨ ᠬᠦᠪᠴᠢ ᠶᠢ

ᠲᠤᠷᠬᠢᠭᠤᠯᠵᠦ᠂ ᠦᠭᠡ ᠬᠡᠯᠡᠨ ᠤ ᠡᠴᠢᠨ᠎ᠡ ᠬᠦᠨ ᠤᠪᠠᠳᠢᠰ ᠭᠠᠶᠢᠬᠠᠮᠰᠢᠭ ᠢ ᠮᠡᠳᠡᠶ᠎ᠡ ᠭᠡᠪᠡᠯ ᠵᠠᠪᠠᠯ ︽ᠲᠤᠩᠭᠠᠯᠠᠭ

ᠲᠠᠮᠢᠷ︾ ᠢ ᠤᠩᠰᠢᠬᠤ ᠭᠡᠷᠡᠭᠲᠠᠢ᠃ ᠡᠨᠡ ᠮᠡᠲᠦ ᠪᠠᠷ ᠮᠤᠩᠭᠤᠯ ᠤᠨ ᠨᠡᠷᠡᠲᠦ ᠵᠤᠬᠢᠶᠠᠯᠴᠢ ᠰᠢᠯᠦᠭᠴᠢᠳ ᠤᠨ ᠵᠤᠬᠢᠶᠠᠯ

ᠪᠦᠳᠦᠭᠡᠯ ᠢ ᠤᠳᠠᠭ᠎ᠠ ᠲᠠᠷᠠᠭᠠᠯᠠᠨ ᠤᠩᠰᠢᠭᠤᠯᠬᠤ ᠪᠤᠯᠤᠨ᠎ᠠ᠃

      2. ᠤᠩᠰᠢᠬᠤ ᠴᠠᠭ ᠢ ᠵᠤᠬᠢᠰᠲᠠᠢ ᠲᠤᠬᠢᠷᠠᠭᠤᠯᠬᠤ

      ᠰᠤᠷᠤᠭᠴᠢ ᠶᠢᠨ ᠬᠢᠴᠢᠶᠡᠯ ᠲᠦᠷᠦᠯ ᠤᠯᠠᠨ᠂ ᠰᠤᠷᠤᠯᠴᠠᠯᠭ᠎ᠠ ᠪᠠᠴᠢᠮ ᠪᠠᠶᠢᠳᠠᠯ ᠳᠤᠤᠷ᠎ᠠ ᠭᠠᠷᠠᠭ ᠤᠨ

ᠵᠢᠷᠭᠤᠭᠠᠨ ᠤ ᠦᠳᠡ ᠶᠢᠨ ᠬᠤᠶᠢᠨ᠎ᠠ ᠪᠠ ᠠᠮᠠᠷᠠᠯᠳᠠ ᠶᠢᠨ ᠬᠤᠭᠤᠴᠠᠭᠠᠨ ᠳᠤ ᠨᠤᠮ ᠤᠩᠰᠢᠯᠭ᠎ᠠ ᠶᠢ

ᠲᠤᠬᠢᠷᠠᠭᠤᠯᠬᠤ ᠨᠢ ᠲᠤᠬᠢᠷᠠᠮᠵᠢᠲᠠᠢ ᠪᠠᠶᠢᠳᠠᠭ᠃ ᠵᠤᠨ ᠡᠪᠦᠯ ᠤᠨ ᠠᠮᠠᠷᠠᠯᠲᠠ ᠶᠢᠨ ᠳᠠᠰᠬᠠᠯ ᠢ ᠬᠤᠳᠠᠯᠲᠤᠨ

ᠠᠪᠤᠭᠰᠠᠨ ᠨᠤᠮ ᠢᠶᠠᠨ ᠰᠠᠶᠢᠲᠦᠷ ᠤᠩᠰᠢᠵᠦ᠂ ᠭᠤᠶᠢᠳᠠ ᠰᠠᠶᠢᠬᠠᠨ ᠦᠭᠡ ᠦᠬᠦᠯᠡᠪᠦᠷᠢ ᠶᠢᠨ ᠠᠷᠤ ᠳᠤ

ᠬᠠᠷᠠᠨᠳᠠ ᠪᠠᠷ ᠵᠢᠷᠤᠵᠦ ᠲᠠᠯᠪᠢᠭᠠᠳ ᠬᠠᠭᠤᠯᠤᠨ ᠲᠡᠮᠳᠡᠭᠯᠡᠭᠦᠯᠬᠦ ᠳᠠᠰᠬᠠᠯ ᠦᠯᠡᠳᠡᠭᠡᠵᠦ ᠪᠤᠯᠤᠨ᠎ᠠ᠃

      3. ᠲᠡᠮᠳᠡᠭᠯᠡᠯ ᠢ ᠨᠠᠷᠢᠨ ᠬᠦᠢᠴᠡᠳ ᠬᠢᠯᠭᠡᠭᠦ

      ᠲᠡᠮᠳᠡᠭᠯᠡᠯ ᠢ ᠨᠠᠷᠢᠨ ᠬᠦᠢᠴᠡᠳ ᠬᠢᠯᠭᠡᠨ᠎ᠡ᠃ ᠡᠬᠦᠨ ᠳᠤ ᠬᠤᠶᠠᠷ ᠲᠡᠮᠳᠡᠭᠯᠡᠯ ᠵᠠᠪᠠᠯ ᠪᠠᠶᠢᠬᠤ ᠭᠡᠷᠡᠭᠲᠠᠢ᠃

      ︵1︶ ᠨᠢᠭᠡ ᠨᠢ ᠨᠤᠮ ᠤᠩᠰᠢᠭᠰᠠᠨ ᠲᠡᠮᠳᠡᠭᠯᠡᠯ ︵ᠵᠤᠬᠢᠶᠠᠯ᠂ ᠵᠤᠬᠢᠶᠠᠭᠴᠢ᠂ ᠤᠯᠤᠰ᠂ ᠤᠩᠰᠢᠵᠦ

ᠡᠬᠢᠯᠡᠭᠰᠡᠨ ᠡᠲᠦᠷ — ᠲᠡᠬᠦᠰᠦᠭᠰᠡᠨ ᠡᠲᠦᠷ︶

      ︵2︶ ᠭᠡᠯᠡᠴᠡ᠂ ᠰᠤᠩᠭᠤᠳᠠᠭ ᠪᠠᠳᠠᠭ ᠤᠨ ᠲᠡᠮᠳᠡᠭᠯᠡᠯ᠂ ᠡᠨᠡ ᠬᠦ ᠲᠡᠮᠳᠡᠭᠯᠡᠯ ᠨᠢ ᠭᠤᠤᠯᠳᠠᠭᠤ ᠰᠤᠷᠬᠤ

ᠪᠢᠴᠢᠭ᠂ ᠤᠩᠰᠢᠬᠤ ᠪᠢᠴᠢᠭ᠂ ᠦᠰᠦᠭ ᠪᠢᠴᠢᠯᠭᠡ᠂ ᠠᠯᠳᠠᠨ ᠤᠨᠠᠭ᠎ᠠ ᠪᠤᠯᠪᠠᠰᠤᠷᠠᠯ ᠤᠨ ᠲᠤᠮᠳᠠᠬᠢ ᠵᠦᠢᠷ ᠦᠭᠡ᠂

ᠰᠡᠴᠡᠨ ᠦᠭᠡ᠂ ᠭᠡᠯᠡᠴᠨ᠂ ᠰᠤᠩᠭᠤᠳᠠᠭ ᠪᠠᠳᠠᠭ ᠢ ᠡᠬᠢ ᠲᠠᠷᠠᠭᠠᠯᠠᠨ ᠲᠠᠮᠳᠡᠭᠯᠡᠨ᠎ᠡ᠃

      ᠡᠨᠡ ᠬᠦ ᠬᠤᠶᠠᠷ ᠲᠡᠮᠳᠡᠭᠯᠡᠯ ᠢ ᠨᠢᠭᠡ ᠰᠠᠷ᠎ᠠ ᠳᠤ ᠨᠢᠭᠡ ᠤᠳᠠᠭ᠎ᠠ ᠬᠤᠷᠢᠶᠠᠨ ᠠᠪᠤᠭᠠᠳ ᠨᠠᠷᠢᠨ ᠨᠢᠠᠠᠳᠠ

ᠪᠠᠶᠢᠴᠠᠭᠠᠨ ᠦᠨᠡᠯᠡᠨ᠎ᠡ᠃ ᠰᠠᠶᠢᠨ ᠬᠢᠭᠰᠡᠨ ᠢ ᠤᠯᠠᠨ ᠤ ᠡᠮᠦᠨ᠎ᠡ ᠦᠵᠡᠬᠦᠯᠵᠦ ᠰᠠᠶᠢᠰᠢᠶᠠᠨ ᠬᠦᠬᠢᠬᠦᠯᠦᠨ᠎ᠡ᠃

︵ᠭᠤᠤᠯᠳᠠᠭᠤ ᠨᠤᠮ ᠬᠤᠳᠠᠯᠲᠤᠨ ᠠᠪᠴᠦ ᠱᠠᠩᠨᠠᠨ᠎ᠠ︶

      4. ᠰᠢᠯᠦᠭ ᠤᠨ ᠤᠩᠰᠢᠯᠭ᠎ᠠ ᠶᠢ ᠦᠷᠭᠦᠯᠵᠢᠯᠡᠨ ᠬᠦᠨᠳᠦᠳᠭᠡᠭᠦ

      ᠳᠡᠭᠡᠷ᠎ᠡ ᠶᠠᠷᠢᠭᠰᠠᠨ ᠰᠢᠯᠦᠭ ᠢᠶᠠᠨ ᠦᠷᠬᠦᠯᠵᠢᠯᠡᠨ ᠲᠠᠷᠤᠮᠠᠯᠯᠠᠬᠤ ᠶᠢᠨ ᠲᠠᠭᠠᠤ᠂ ᠠᠩᠬᠢ ᠶᠢᠨ ᠭᠡᠷ ᠤᠨ ᠤᠯᠠᠨ

ᠵᠠᠭᠤᠴᠢᠲᠦ ᠶᠢ ᠠᠰᠢᠭᠯᠠᠨ᠂ ᠨᠡᠷᠡᠲᠦ ᠢᠷᠠᠭᠤ ᠨᠠᠶᠢᠷᠠᠭᠴᠢ᠂ ᠵᠤᠬᠢᠶᠠᠯᠴᠢ ᠶᠢᠨ ᠤᠩᠰᠢᠭᠰᠠᠨ ᠲᠦᠷᠰᠤ

ᠰᠢᠩᠭᠡᠭᠡᠯᠲᠡ ᠶᠢ ᠰᠤᠨᠢᠷᠬᠠᠭᠤᠯᠤᠨ᠎ᠠ᠃ ᠢᠩᠬᠢᠬᠦ ᠨᠢ ᠰᠤᠷᠤᠭᠴᠢᠳ ᠲᠤ ᠦᠭᠬᠦ ᠰᠠᠭᠤᠭᠳᠠᠯ ᠤᠯᠠᠮ ᠬᠦᠨ ᠪᠤᠯᠵᠦ᠂

ᠠᠮᠠᠷᠬᠠᠨ ᠴᠡᠭᠡᠵᠢᠯᠡᠭᠳᠡᠬᠦ ᠪᠤᠯᠤᠨ᠎ᠠ᠃ ᠡᠬᠦᠨ ᠳᠤ ᠤᠷᠠᠨ ᠲᠤᠳᠤ ᠤᠶᠠᠩᠭᠠᠯᠠᠯ ︽ᠪᠠᠶᠠᠷᠬᠦᠤ ᠶᠢᠨ

ᠢᠳᠰᠢᠠᠬᠤᠷᠯᠤ ᠶᠢᠨ ᠢᠷᠠᠭᠤ ᠨᠠᠶᠢᠷᠠᠭ ᠤᠳ︾᠂ ᠤᠯᠤᠰᠮᠠᠨᠳᠠ ᠶᠢᠨ ᠨᠠᠶᠢᠷᠠᠭᠤᠯᠤᠭᠰᠠᠨ᠂ ᠲᠤᠮᠲᠠᠲᠦ

ᠰᠤᠷᠭᠠᠭᠤᠯᠢ ᠶᠢᠨ ᠰᠤᠷᠤᠭᠴᠢᠳ ᠤᠨ ᠡᠭᠡ ᠭᠡᠯᠡᠨ ᠤ ᠤᠷᠠᠨ ᠤᠩᠰᠢᠯᠭ᠎ᠠ ᠶᠢᠨ ᠤᠬᠠᠭᠠᠷᠠᠯ ᠳᠤ ᠵᠤᠷᠢᠭᠤᠯᠤᠭᠰᠠᠨ

CD ᠪᠢᠴᠢᠯᠭᠡ ︽ᠲᠤᠷᠭᠠᠨ ᠭᠡᠯᠡ ᠲᠠᠩᠰᠤᠭ ᠠᠶᠠᠯᠭᠤ︾᠂ ︽ᠰᠤᠯᠤᠩᠭᠠᠨ ᠡᠭᠡᠰᠢᠭ ᠠᠮᠢᠨ ᠭᠡᠯᠡ ᠲᠤᠮᠲᠠᠲᠦ

ᠪᠠᠭ᠎ᠠ ᠰᠤᠷᠭᠠᠭᠤᠯᠢ ᠶᠢᠨ ᠮᠤᠩᠭᠤᠯ ᠭᠡᠯᠡᠨ ᠤ ᠤᠩᠰᠢᠯᠭ᠎ᠠ ᠶᠢᠨ ᠰᠢᠩᠭᠡᠭᠡᠯᠳᠡ︾ ᠶᠢ ᠰᠤᠨᠢᠷᠬᠠᠭᠤᠯᠤᠨ᠎ᠠ᠃

      5. ᠠᠩᠬᠢ ᠶᠢᠨ ᠭᠡᠷ ᠤᠨ ᠬᠠᠨ᠎ᠠ ᠶᠢ ᠬᠦᠢᠴᠡᠳ ᠰᠠᠶᠢᠨ ᠠᠰᠢᠠᠠᠯᠠᠬᠤ

      ᠰᠦᠯᠵᠢᠶ᠎ᠠ᠂ ᠸᠢᠴᠠᠲ ᠠᠴᠠ ᠰᠢᠨ᠎ᠡ ᠰᠢᠨ᠎ᠡ ᠵᠦᠢᠷ ᠰᠡᠴᠡᠨ ᠦᠭᠡ᠂ ᠰᠤᠩᠭᠤᠳᠠᠭ ᠭᠡᠯᠡᠴᠡ᠂ ᠰᠢᠯᠦᠭ ᠤᠨ

ᠰᠤᠩᠭᠤᠳᠠᠭ ᠪᠠᠳᠠᠭ᠂ ᠪᠢᠯᠢᠭ ᠰᠤᠷᠭᠠᠯ ᠵᠡᠷᠭᠡ ᠶᠢ ᠪᠠᠭᠤᠯᠭᠠᠨ ᠲᠠᠷᠤᠮᠠᠯᠯᠠᠵᠦ᠂ ᠠᠩᠬᠢ ᠶᠢᠨ ᠭᠡᠷ ᠤᠨ ᠢᠶᠠᠨ

ᠬᠠᠨ᠎ᠠ ᠳᠤ ᠨᠠᠭᠠᠵᠦ ᠲᠠᠯᠪᠢᠵᠦ ᠪᠤᠢ᠃ ᠳᠠᠬᠢᠨ ᠬᠢᠴᠢᠶᠠᠯ ᠠᠴᠠ ᠡᠮᠦᠨ᠎ᠡ ᠡᠲᠦᠷ ᠪᠦᠷᠢ ᠬᠠᠨ᠎ᠠ ᠳᠤ ᠨᠠᠭᠠᠭᠰᠠᠨ ᠰᠤᠷᠭᠠᠯ

ᠦᠭᠡ᠂ ᠵᠦᠢᠷ ᠰᠡᠴᠡᠨ ᠦᠭᠡ ᠵᠡᠷᠭᠡ ᠠᠴᠠ ᠬᠤᠶᠠᠷ ᠢ ᠴᠡᠭᠡᠵᠢᠯᠡᠬᠦᠯᠵᠦ᠂ ᠰᠣᠷᠤᠭᠴᠢᠳ ᠤᠨ ᠭᠡᠯᠡᠨ ᠤ

ᠬᠤᠷᠠᠮᠳᠤᠭᠤᠯᠭ᠎ᠠ ᠶᠢ ᠨᠡᠮᠡᠭᠳᠡᠬᠦᠯᠦᠨ᠎ᠡ᠃

      ᠬᠡᠯᠡ ᠪᠢᠴᠢᠭ ᠪᠤᠯ ᠬᠦᠮᠦᠰ ᠤᠨ ᠬᠠᠷᠢᠯᠴᠠᠭᠠᠨ ᠤ ᠪᠠᠭᠠᠵᠢ᠂ ᠰᠡᠳᠬᠢᠬᠦᠢ ᠶᠢᠨ ᠵᠡᠪᠰᠡᠭ ᠪᠦᠭᠡᠳ ᠬᠦᠮᠦᠨ

ᠲᠦᠷᠦᠯᠬᠢᠲᠡᠨ ᠤ ᠰᠤᠶᠤᠯ ᠤᠨ ᠴᠢᠬᠤᠯᠠ ᠪᠦᠷᠢᠯᠳᠦᠭᠦᠨ ᠬᠡᠰᠡᠭ᠂ ᠡᠯ᠎ᠡ ᠲᠦᠷᠦᠯ ᠤᠨ ᠰᠤᠶᠤᠯ ᠰᠢᠨᠵᠢᠯᠡᠬᠦ

ᠤᠬᠠᠭᠠᠨ ᠢ ᠰᠤᠷᠴᠤ ᠡᠵᠡᠮᠰᠢᠬᠦ ᠶᠢᠨ ᠪᠠᠭᠠᠵᠢ ᠮᠦᠨ᠃ ᠬᠡᠯᠡ ᠪᠢᠴᠢᠭ ᠤᠨ ᠬᠢᠴᠢᠶᠡᠯᠯᠡᠭᠡ ᠳᠤ ᠵᠢᠭᠠᠨ

ᠰᠤᠷᠭᠠᠯᠲᠠ ᠶᠢᠨ ᠦᠷ᠎ᠡ ᠪᠦᠲᠦᠮᠵᠢ ᠪᠠᠨ ᠳᠡᠭᠡᠭᠰᠢᠯᠡᠭᠦᠯᠦᠶ᠎ᠡ ᠭᠡᠪᠡᠯ ᠠᠩᠬ᠎ᠠ ᠳᠤᠮᠳᠠᠳᠤ ᠶᠢᠨ ᠬᠤᠭᠤᠴᠠᠭᠠᠨ ᠳᠤ

ᠰᠤᠷᠤᠭᠴᠢᠳ ᠤᠨ ᠦᠭᠡᠰ ᠬᠤᠷᠠᠮᠳᠤᠭᠤᠯᠬᠤ ᠪᠠ ᠬᠡᠷᠡᠭᠯᠡᠬᠦ ᠳᠠᠳᠬᠠᠯ ᠤᠨ ᠬᠦᠮᠦᠵᠢᠯ ᠢ ᠴᠢᠩᠭᠠᠳᠬᠠᠬᠤ          

ᠬᠡᠷᠡᠭᠲᠡᠢ᠃ ᠬᠡᠯᠡᠨ ᠤ ᠬᠤᠷᠠᠮᠳᠤᠭᠤᠯᠤᠯ ᠢ ᠴᠢᠩᠭᠠᠳᠬᠠᠵᠤ ᠪᠠᠶᠠᠯᠢᠭ ᠦᠪ ᠬᠦᠷᠦᠩᠭᠡ ᠲᠠᠢ ᠪᠤᠯᠭᠠᠨ ᠬᠡᠯᠡᠨ ᠤ

ᠮᠡᠳᠡᠷᠡᠮᠵᠢ ᠶᠢ ᠨᠢ ᠳᠡᠭᠡᠭᠰᠢᠯᠡᠭᠦᠯᠵᠦ ᠴᠢᠳᠠᠪᠠᠯ ᠳᠠᠷᠤᠢ ᠰᠤᠷᠤᠭᠴᠢᠳ ᠤᠨ ᠬᠡᠪ ᠴᠢᠨᠠᠷ ᠢ ᠪᠦᠬᠦ ᠲᠠᠯ᠎ᠠ ᠪᠠᠷ

ᠳᠡᠭᠡᠭᠰᠢᠯᠡᠭᠦᠯᠬᠦ ᠶᠢᠨ ᠰᠢᠪᠲᠤᠯᠤᠯᠲᠠ ᠶᠢᠨ ᠴᠡᠭ ᠢ ᠤᠯᠵᠦ ᠴᠢᠳᠠᠨ᠎ᠠ᠃ ᠡᠭᠦᠨ ᠳᠤ ᠤᠩᠰᠢᠯᠭ᠎ᠠ ᠪᠤᠯ ᠵᠠᠩᠬᠢᠯᠠᠭ᠎ᠠ

ᠮᠦᠨ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠲᠦᠩᠯᠢᠶᠤᠤ ᠬᠤᠲᠠ ᠶᠢᠨ ᠮᠤᠩᠭᠤᠯ 

                                 ᠦᠨᠳᠦᠰᠦᠲᠡᠨ ᠤ ᠰᠤᠷᠭᠠᠭᠤᠯᠢ

                                 ︵ᠠᠯᠳᠠᠨᠰᠦ᠋ᠭᠡ ᠨᠠᠶᠢᠷᠠᠭᠤᠯᠪᠠ︶

                                 2023.5 ᠳ᠋ᠤᠭᠠᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map