ᠬᠡᠯᠡ ᠪᠢᠴᠢᠭ ᠤᠨ ᠵᠢᠭᠠᠨ ᠰᠤᠷᠭᠠᠯᠳᠠ ᠲᠤᠮᠳᠠᠬᠢ ᠤᠩᠰᠢᠯᠭ᠎ᠠ ᠶᠢᠨ ᠴᠢᠬᠤᠯᠠ ᠴᠢᠨᠠᠷ
ᠨᠡᠶᠢᠲᠡᠯᠡᠭᠰᠡᠨ ᠴᠠᠭ᠄
2023/12/18
                         ᠬᠠᠶᠢᠷᠬᠠᠨ

教学研究2.png

      ᠬᠡᠯᠡ ᠪᠢᠴᠢᠭ ᠤᠨ ᠬᠢᠴᠢᠶᠡᠯ ᠤᠨ ᠪᠠᠷᠢᠮᠵᠢᠶ᠎ᠠ ᠳᠤ ︽ᠤᠩᠰᠢᠯᠭ᠎ᠠ ᠪᠤᠯ ᠬᠡᠯᠡᠨ ᠤ ᠮᠡᠳᠡᠷᠡᠮᠵᠢ ᠲᠠᠢ ᠪᠤᠯᠬᠤ᠂

ᠮᠡᠳᠡᠭᠡ ᠵᠠᠩᠬᠢ ᠴᠤᠭᠯᠠᠭᠤᠯᠵᠤ ᠰᠢᠢᠳᠪᠤᠷᠢᠯᠡᠬᠦ᠂ ᠶᠢᠷᠳᠢᠨᠴᠦ ᠶᠢ ᠲᠠᠨᠢᠬᠤ᠂ ᠰᠡᠳᠬᠢᠬᠦᠢ ᠪᠠᠨ ᠭᠦᠭᠵᠢᠭᠦᠯᠭᠦ᠂ ᠭᠤᠸ᠎ᠠ

ᠰᠠᠶᠢᠬᠠᠨ ᠢ ᠪᠡᠶᠡᠴᠢᠯᠡᠨ ᠤᠶᠢᠯᠠᠭᠠᠬᠤ ᠶᠢᠨ ᠴᠢᠬᠤᠯᠠ ᠠᠷᠭ᠎ᠠ ᠵᠠᠮ︾ ᠭᠡᠰᠡᠨ ᠪᠠᠶᠢᠨ᠎ᠠ᠃ ᠤᠩᠰᠢᠯᠭ᠎ᠠ ᠶᠢᠨ

ᠴᠢᠳᠠᠪᠤᠷᠢ ᠶᠢᠨ ᠲᠡᠭᠡᠭᠰᠢᠯᠡᠯᠳᠡ ᠨᠢ ᠰᠤᠷᠤᠭᠴᠢᠳ ᠤᠨ ᠬᠢᠷᠢ ᠪᠦᠳᠤᠮᠵᠢ ᠶᠢ ᠲᠡᠭᠡᠭᠰᠢᠯᠡᠭᠦᠯᠭᠦ ᠶᠢᠨ ᠵᠠᠩᠬᠢᠯᠠᠭ᠎ᠠ ᠪᠤᠯᠬᠤ

ᠪᠦᠭᠡᠳ ᠳᠠᠷᠠᠭᠠᠴᠢ ᠶᠢᠨ ᠰᠤᠷᠤᠯᠴᠠᠯᠭ᠎ᠠ ᠳᠤ ᠨᠢ ᠪᠠᠳᠤ ᠪᠠᠬᠢ ᠰᠠᠭᠤᠷᠢ ᠶᠢ ᠲᠠᠯᠪᠢᠳᠠᠬ᠃ ᠲᠤᠤᠷ᠎ᠠ ᠪᠢ

ᠤᠶᠢᠯᠡᠳᠤᠯᠭᠡ ᠲᠠᠢ ᠪᠠᠨ ᠤᠶᠠᠯᠳᠤᠭᠤᠯᠤᠨ ᠭᠡᠯᠡ ᠪᠢᠴᠢᠭ ᠤᠨ ᠤᠡᠭᠰᠢᠯᠭ᠎ᠠ ᠶᠢᠨ ᠲᠤᠬᠠᠢ ᠦᠪᠠᠷ ᠤᠨ ᠦᠵᠡᠯᠳᠡ ᠪᠠᠨ

ᠲᠦᠭᠦᠮ ᠶᠠᠷᠢᠶ᠎ᠠ᠃

      ᠨᠢᠭᠡ᠂ ᠠᠩᠬ᠎ᠠ ᠲᠤᠮᠳᠠᠳᠤ ᠶᠢᠨ ᠭᠡᠯᠡ ᠪᠢᠴᠢᠭ ᠤᠨ ᠵᠢᠭᠠᠨ ᠰᠤᠷᠭᠠᠯᠳᠠ ᠳᠤ ᠤᠷᠤᠰᠢᠵᠤ ᠪᠠᠶᠢᠭ᠎ᠠ

ᠠᠰᠠᠭᠤᠳᠠᠯ

      1. ᠬᠢᠴᠢᠶᠡᠯᠯᠡᠭᠡ ᠳᠤ ᠰᠤᠷᠤᠭᠴᠢ ᠶᠢᠨ ᠭᠤᠤᠯ ᠴᠤᠭᠴᠠ ᠶᠢᠨ ᠤᠶᠢᠯᠡᠳᠤᠯ ᠢ ᠭᠦᠢᠴᠡᠳ ᠪᠠᠳᠠᠷᠠᠭᠤᠯᠵᠤ

ᠴᠢᠳᠠᠭᠰᠠᠨ ᠦᠭᠡᠢ᠃ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠳᠠ  ᠨᠢ ᠪᠠᠭᠰᠢ ᠪᠤᠯᠤᠨ ᠰᠤᠷᠤᠭᠴᠢ ᠬᠠᠷᠢᠯᠴᠠᠨ

ᠭᠦᠨᠳᠤᠳᠭᠡᠵᠤ ᠡᠷᠬᠡ ᠲᠡᠭᠰᠢ ᠪᠠᠷ ᠬᠠᠮᠳᠣᠷᠠᠯᠴᠠᠵᠣ᠂ ᠰᠣᠷᠣᠭᠴᠢᠳ ᠰᠡᠳᠬᠢᠨ ᠪᠣᠳᠣᠬᠤ ᠴᠢᠯᠦᠭᠡᠳᠡᠢ᠂ ᠶᠠᠷᠢᠵᠣ ᠬᠡᠯᠡᠬᠦ

ᠴᠢᠯᠦᠭᠡᠳᠡᠢ᠂ ᠭᠠᠷ ᠪᠡᠶ᠎ᠡ ᠶᠢᠨ ᠣᠷᠣᠯᠴᠠᠯᠭ᠎ᠠ ᠴᠢᠯᠦᠭᠡᠳᠡᠢ ᠪᠠᠶᠢᠬᠤ ᠶᠢ ᠪᠠᠶᠡᠯᠡᠭᠦᠯᠦᠨ᠎ᠠ᠃ ᠰᠢᠨ᠎ᠡ ᠬᠢᠴᠢᠶᠡᠯ  ᠤᠨ

ᠪᠠᠷᠢᠮᠵᠢᠶ᠎ᠠ ᠪᠠᠷ ᠤᠨᠤᠯ ᠤᠨ ᠰᠠᠭᠤᠷᠢ ᠪᠤᠯᠭᠠᠵᠤ ᠰᠤᠷᠤᠭᠴᠢᠳ ᠢᠶᠠᠷ ᠬᠢᠴᠢᠶᠡᠯ ᠤᠨ ᠲᠠᠩᠬᠢᠮ ᠤᠨ ᠵᠢᠩᠬᠢᠨᠢ          

ᠡᠵᠡᠨ ᠪᠤᠯᠭᠠᠨ ᠰᠤᠷᠤᠭᠴᠢᠳ ᠢ ᠪᠡᠶ᠎ᠡ ᠪᠠᠨ ᠲᠠᠭᠠᠭᠠᠨ ᠰᠦᠪᠡᠭᠴᠢᠯᠡᠨ ᠰᠤᠷᠤᠯᠴᠠᠬᠤ ᠳᠤ ᠬᠦᠳᠦᠯᠬᠦ          

ᠭᠡᠷᠡᠭᠳᠠᠢ᠃ ᠣᠳᠣᠬᠠᠨ ᠳᠤ ᠰᠢᠨ᠎ᠡ ᠬᠢᠴᠢᠶᠡᠯ ᠤᠨ ᠪᠠᠷᠢᠮᠵᠢᠶ᠎ᠠ ᠶᠢᠨ ᠱᠠᠭᠠᠷᠳᠠᠯᠭ᠎ᠠ ᠨᠢᠭᠡᠨᠳᠡ ᠲᠤᠭᠳᠠᠭᠰᠠᠨ ᠪᠤᠯᠪᠠᠴᠤ

ᠬᠡᠯᠡ ᠪᠢᠴᠢᠭ ᠤᠨ ᠵᠢᠭᠠᠨ ᠰᠤᠷᠭᠠᠯᠳᠠ ᠮᠦᠨ ᠯᠡ ᠰᠠᠨᠠᠭᠠᠴᠢᠯᠠᠭᠠᠳᠤ ᠪᠤᠰᠤ᠂ ᠨᠡᠪᠳᠡᠷᠡᠭᠦᠯᠭᠦ ᠮᠠᠶ᠋ᠢᠭ ᠤᠨ ᠬᠡᠪᠰᠢᠮᠡᠯ

ᠵᠢᠭᠠᠬᠤ ᠠᠷᠭ᠎ᠠ ᠪᠠᠷ  ᠢᠶᠠᠨ ᠪᠠᠶᠢᠨ᠎ᠠ᠃ ᠠᠩᠬ᠎ᠠ ᠲᠤᠮᠳᠠᠳᠤ ᠶᠢᠨ ᠬᠡᠯᠡ ᠪᠢᠴᠢᠭ ᠤᠨ ᠵᠢᠭᠠᠨ ᠰᠤᠷᠭᠠᠯᠳᠠ ᠳᠤ

ᠪᠠᠭᠰᠢ ᠠᠴᠠ ᠲᠠᠰᠤᠷᠠᠯᠳᠠ ᠦᠭᠡᠢ ᠰᠡᠳᠤᠪ ᠪᠤᠯᠪᠠᠰᠤᠷᠠᠯ ᠬᠢᠯᠭᠡᠵᠤ᠂ ᠬᠢᠴᠢᠶᠡᠯᠯᠡᠭᠡ ᠨᠢ ᠪᠠᠭᠰᠢ ᠪᠤᠯᠤᠨ

ᠰᠤᠷᠤᠭᠴᠢ ᠶᠢᠨ ᠬᠤᠭᠤᠷᠤᠨᠳᠦᠬᠢ ᠲᠠᠩ ᠴᠤᠯᠭᠤᠢ ᠠᠰᠠᠭᠤᠯᠳᠠ ᠬᠠᠷᠢᠭᠤᠯᠳᠠ ᠶᠢᠨ ᠬᠡᠯᠪᠡᠷᠢ ᠪᠠᠷ ᠶᠠᠪᠣᠭᠳᠠᠵᠣ᠂

ᠪᠠᠭᠰᠢ ᠶᠢᠨ ᠶᠠᠷᠢᠭᠰᠠᠨ ᠶᠠᠭᠤᠮ᠎ᠠ ᠶᠢ ᠰᠤᠷᠤᠭᠴᠢ ᠴᠡᠭᠡᠵᠢᠯᠡᠵᠤ᠂ ᠨᠡᠩ ᠴᠦᠬᠡᠨ ᠪᠤᠰᠤ ᠪᠠᠭᠰᠢ ᠰᠡᠳᠤᠪ ᠤᠨ

ᠬᠡᠯᠪᠡᠷᠢ ᠪᠠᠷ ᠪᠠᠳᠣᠳᠬᠠᠬᠤ᠂ ᠰᠡᠳᠤᠪ ᠬᠠᠷᠢᠭᠤᠯᠬᠤ ᠮᠠᠶ᠋ᠢᠭ ᠢᠶᠠᠷ ᠰᠢᠯᠭᠠᠯᠳᠠ ᠶᠢ ᠠᠷᠭᠠᠴᠠᠭᠠᠵᠤ ᠪᠠᠶᠢᠨ᠎ᠠ᠃

ᠡᠶᠢᠮᠤᠷᠬᠦᠤ ᠵᠢᠭᠠᠨ ᠰᠣᠷᠭᠠᠯᠳᠠ ᠠᠴᠠ ᠪᠤᠯᠵᠤ ᠰᠤᠷᠤᠭᠴᠢᠳ ᠤᠨ ᠰᠡᠳᠬᠢᠭᠦᠢ ᠨᠢ ᠬᠡᠪᠰᠢᠵᠤ᠂ ᠰᠤᠷᠤᠭᠴᠢᠳ ᠤᠨ

ᠲᠦᠰᠤᠭᠡᠯᠡᠬᠦᠢ ᠶᠢᠨ ᠤᠷᠤᠨ ᠵᠠᠢ ᠬᠢᠵᠠᠭᠠᠷᠯᠠᠭᠳᠠᠵᠤ᠂ ᠵᠢᠩᠬᠢᠨᠢ ᠤᠳᠬ᠎ᠠ ᠶᠢᠨ ᠤᠩᠰᠢᠯᠭ᠎ᠠ ᠶᠢᠨ ᠤᠶᠢᠯᠡᠳᠤᠯ ᠢ

ᠪᠠᠳᠠᠷᠠᠭᠤᠯᠵᠤ ᠴᠢᠳᠠᠬᠤ ᠦᠭᠡᠢ ᠪᠠᠶᠢᠳᠠᠯ ᠢᠯᠡᠷᠡᠵᠡᠢ᠃

      2. ᠣᠩᠰᠢᠯᠭ᠎ᠠ ᠳᠤ ᠰᠡᠳᠭᠢᠯᠭᠡ ᠶᠢᠨ ᠲᠤᠬᠠᠢ ᠤᠢᠢᠯᠠᠭᠠᠯᠳᠠ ᠲᠤᠳᠠᠭᠳᠠᠵᠤ ᠪᠠᠶᠢᠨ᠎ᠠ᠃ ᠵᠢᠭᠠᠨ

ᠰᠣᠷᠭᠠᠯᠳᠠ ᠶᠢᠨ ᠶᠠᠪᠤᠴᠠ ᠳᠤ ᠪᠠᠭᠰᠢ ᠠᠴᠠ ᠤᠩᠰᠢᠯᠭ᠎ᠠ ᠪᠠᠷ ᠳᠠᠮᠵᠢᠭᠤᠯᠤᠨ ᠰᠡᠳᠬᠢᠯᠭᠡ ᠶᠢ          

ᠮᠡᠳᠡᠷᠡᠭᠦᠯᠤᠨ᠎ᠡ᠃ ᠵᠢᠭᠠᠨ ᠰᠤᠷᠭᠠᠬᠤ ᠶᠠᠪᠤᠴᠠ ᠳᠤ ᠪᠠᠭᠰᠢ ᠨᠠᠷ ᠤᠯᠠᠨ ᠵᠠᠭᠤᠴᠢᠳᠤ ᠪᠠᠷ ᠬᠢᠴᠢᠶᠡᠯ ᠤᠷᠤᠵᠤ          

ᠪᠠᠶᠢᠨ᠎ᠠ᠃ ᠤᠯᠠᠨ ᠵᠠᠭᠤᠴᠢᠳᠤ ᠶᠢᠨ ᠵᠢᠭᠠᠨ ᠰᠤᠷᠭᠠᠯᠳᠠ ᠨᠢ ᠪᠠᠭᠰᠢ ᠪᠠ ᠰᠤᠷᠤᠭᠴᠢᠳ ᠲᠤ ᠪᠦᠷ ᠲᠦᠭᠦᠮ ᠢ

ᠠᠪᠴᠢᠷᠠᠭᠰᠠᠨ ᠪᠤᠯᠪᠠᠴᠤ ᠪᠠᠰᠠ ᠵᠤᠬᠢᠬᠤ ᠬᠡᠮᠵᠢᠶᠡᠨ ᠤ ᠬᠢᠵᠠᠭᠠᠷᠳᠠᠮᠠᠯ ᠲᠠᠯ᠎ᠠ ᠲᠠᠢ᠂ ᠤᠯᠠᠨ ᠵᠠᠭᠤᠴᠢᠲᠤ ᠶᠢᠨ

ᠦᠵᠡᠭᠦᠯᠭᠡ ᠨᠢ ᠰᠤᠷᠤᠭᠴᠢᠳ ᠢ ᠵᠤᠬᠢᠶᠠᠯ ᠠᠴᠠ ᠪᠠᠨ ᠰᠡᠳᠬᠢᠯᠭᠡ ᠶᠢ ᠬᠦᠯᠢᠶᠡᠨ ᠠᠪᠬᠤ ᠴᠢᠳᠠᠪᠣᠷᠢ ᠶᠢ ᠲᠤᠳᠠᠮᠠᠭ

ᠪᠤᠯᠭᠠᠵᠠᠢ᠃ ᠪᠠᠭᠰᠢ ᠤᠯᠠᠨ ᠵᠠᠭᠤᠴᠢᠳᠤ ᠶᠢᠨ ᠵᠢᠭᠠᠨ ᠰᠤᠷᠭᠠᠯᠳᠠ ᠶᠢ ᠬᠡᠷᠡᠭᠯᠡᠬᠦ ᠶᠢᠨ ᠬᠠᠮᠳᠤ ᠪᠠᠰᠠ ᠰᠤᠷᠤᠭᠴᠢ ᠶᠢ

ᠤᠩᠰᠢᠯᠭ᠎ᠠ ᠠᠴᠠ ᠰᠠᠯᠭᠠᠬᠤ ᠦᠭᠡᠢ ᠪᠠᠶᠢᠬᠤ ᠶᠢ ᠴᠢᠬᠤᠯᠠᠴᠢᠯᠠᠬᠤ ᠬᠡᠷᠡᠭᠳᠠᠢ᠂ ᠰᠤᠷᠤᠭᠴᠢ ᠶᠢᠨ ᠬᠡᠯᠡ ᠪᠢᠴᠢᠭ ᠤᠨ

ᠤᠩᠰᠢᠯᠭ᠎ᠠ ᠶᠢᠨ ᠲᠠᠳᠬᠠᠯ ᠢ ᠨᠡᠩ ᠰᠠᠶᠢᠨ ᠬᠦᠮᠤᠵᠢᠭᠦᠯᠭᠦ ᠶᠢᠨ ᠲᠦᠯᠦᠭᠡ ᠪᠠᠭᠰᠢ ᠠᠴᠠ ᠳᠣᠬᠢᠳᠠᠢ ᠠᠷᠭ᠎ᠠ ᠪᠠᠷᠢᠯ ᠢ

ᠰᠦᠪᠡᠭᠴᠢᠯᠡᠬᠦ ᠨᠢ ᠴᠢᠬᠤᠯᠠ ᠪᠠᠶᠢᠨ᠎ᠠ᠃

      3. ᠰᠤᠷᠤᠭᠴᠢᠳ ᠤᠨ ᠪᠦᠳᠤᠭᠡᠯᠴᠢ ᠴᠢᠳᠠᠪᠤᠷᠢ ᠶᠢ ᠭᠦᠮᠤᠵᠢᠭᠦᠯᠭᠦ ᠶᠢ ᠤᠮᠳᠤᠭᠠᠶᠢᠯᠠᠵᠤ᠂ ᠵᠢᠭᠠᠨ

ᠰᠤᠷᠭᠠᠯᠳᠠ ᠶᠢᠨ ᠪᠦᠷᠢᠨ ᠪᠦᠳᠦᠨ ᠰᠢᠰᠲ᠋ᠧᠮ ᠢ ᠪᠦᠷᠢᠯᠳᠤᠭᠦᠯᠭᠦ ᠳᠤ ᠬᠦᠴᠢᠷᠳᠠᠢ ᠪᠠᠶᠢᠨ᠎ᠠ᠃ ᠤᠳᠤᠬᠠᠨ ᠤ

ᠨᠡᠶᠢᠭᠡᠮ ᠳᠤ ᠴᠢᠳᠠᠪᠤᠷᠢᠳᠠᠨ ᠬᠡᠷᠡᠭᠰᠡᠭᠦ ᠨᠦᠬᠦᠴᠡᠯ ᠨᠢ ᠵᠦᠪᠬᠡᠨ ᠣᠷᠢᠭᠳᠠᠭᠴᠢ ᠶᠢᠨ ᠬᠡᠳᠦᠢ ᠮᠡᠳᠡᠯᠭᠡ ᠲᠠᠢ

ᠪᠠᠶᠢᠬᠤ ᠶᠢ ᠠᠩᠬᠠᠷᠬᠤ ᠲᠡᠳᠦᠢ ᠪᠢᠰᠢ᠂ ᠬᠠᠷᠢᠨ ᠶᠠᠮᠠᠷ ᠴᠢᠳᠠᠪᠤᠷᠢᠳᠠᠢ ᠪᠠᠶᠢᠬᠤ ᠶᠢ ᠴᠢᠬᠤᠯᠠᠴᠢᠯᠠᠨ ᠦᠵᠡᠵᠤ᠂

ᠰᠢᠨ᠎ᠡ ᠶᠢ ᠡᠭᠦᠳᠭᠦ ᠴᠢᠳᠠᠪᠤᠷᠢ ᠲᠠᠢ ᠪᠠᠶᠢᠬᠤ ᠶᠢ ᠨᠡᠩ ᠴᠢᠬᠤᠯᠠᠴᠢᠯᠠᠨ ᠦᠵᠡᠵᠤ ᠪᠠᠶᠢᠨ᠎ᠠ᠃ ᠭᠡᠪᠡᠴᠤ ᠪᠠᠭᠰᠢ

ᠪᠤᠯᠤᠭᠰᠠᠳ ᠤᠩᠰᠢᠯᠭ᠎ᠠ ᠶᠢᠨ ᠵᠢᠭᠠᠨ ᠰᠤᠷᠭᠠᠯᠳᠠ ᠬᠢᠬᠦ ᠶᠠᠪᠤᠴᠠ ᠳᠤ ᠪᠠᠨ ᠵᠦᠪᠬᠡᠨ ᠰᠤᠷᠤᠭᠴᠢᠳ ᠤᠨ

ᠰᠤᠷᠭᠠᠭᠤᠯᠢ ᠳᠤ ᠳᠠᠪᠰᠢᠭᠦ ᠶᠢ ᠯᠠ ᠪᠤᠳᠤᠯᠬᠢᠯᠠᠵᠤ᠂ ᠬᠡᠯᠡ ᠪᠢᠴᠢᠭ ᠤᠨ ᠠᠯᠣᠰ ᠬᠡᠳᠦ ᠶᠢᠨ ᠬᠡᠷᠡᠭᠴᠡᠭᠡ ᠶᠢ

ᠪᠤᠳᠤᠯᠬᠢᠯᠠᠭᠰᠠᠨ ᠦᠭᠡᠢ᠃ ᠰᠤᠷᠤᠭᠴᠢᠳ ᠤᠨ ᠴᠢᠳᠠᠪᠤᠷᠢ ᠶᠢ ᠬᠦᠳᠤᠯᠦᠨ ᠵᠢᠯᠤᠭᠤᠳᠬᠤ ᠪᠠ ᠬᠦᠮᠤᠵᠢᠭᠦᠯᠭᠦ ᠶᠢ

ᠤᠮᠳᠤᠭᠠᠶᠢᠯᠠᠵᠤ᠂ ᠰᠤᠷᠤᠭᠴᠢᠳ ᠤᠨ ᠰᠢᠨ᠎ᠡ  ᠶᠢ ᠡᠭᠦᠳᠭᠦ ᠴᠢᠳᠠᠪᠤᠷᠢ ᠶᠢ ᠠᠯᠳᠠᠭᠤᠯᠵᠠᠢ᠃ ᠢᠩᠬᠢᠬᠦ ᠨᠢ

ᠰᠤᠷᠤᠭᠴᠢᠳ ᠤᠨ ᠦᠰᠤᠨ ᠪᠤᠶᠢᠵᠢᠯᠳᠠ ᠳᠤ ᠠᠰᠢᠭ ᠦᠭᠡᠢ᠂ ᠤᠯᠤᠰ ᠨᠡᠶᠢᠭᠡᠮ ᠳᠤ ᠴᠢᠨᠠᠷ ᠰᠠᠶᠢᠳᠠᠢ

ᠴᠢᠳᠠᠪᠤᠷᠢᠳᠠᠨ ᠢ ᠬᠠᠩᠭᠠᠵᠤ ᠴᠢᠳᠠᠬᠤ ᠦᠭᠡᠢ᠃

      ᠬᠤᠶᠠᠷ᠂ ᠤᠩᠰᠢᠯᠭ᠎ᠠ ᠶᠢᠨ ᠵᠢᠭᠠᠨ ᠰᠤᠷᠭᠠᠯᠳᠠ ᠶᠢᠨ ᠦᠷ᠎ᠡ ᠪᠦᠳᠤᠮᠵᠢ ᠶᠢ ᠲᠡᠭᠡᠭᠰᠢᠯᠡᠭᠦᠯᠭᠦ ᠠᠷᠭ᠎ᠠ ᠪᠤᠳᠤᠯᠭ᠎ᠠ

      1. ᠰᠤᠷᠤᠭᠴᠢᠳ ᠤᠨ ᠤᠩᠰᠢᠬᠤ ᠠᠭᠤᠯᠭ᠎ᠠ ᠶᠢ ᠰᠢᠰᠲ᠋ᠧᠮ ᠲᠠᠢ ᠲᠦᠯᠤᠪᠵᠢᠭᠦᠯᠦᠨ᠎ᠡ᠃ ᠪᠠᠭᠰᠢ ᠵᠢᠭᠠᠨ

ᠰᠤᠷᠭᠠᠬᠤ ᠲᠦᠯᠦᠪᠯᠡᠭᠡ ᠪᠠᠨ ᠲᠦᠯᠤᠪᠯᠡᠭᠦ ᠳᠤ ᠪᠠᠨ ᠵᠢᠭᠠᠬᠤ ᠮᠠᠲ᠋ᠧᠷᠢᠶᠠᠯ ᠪᠠ ᠲᠤᠷ᠎ᠠ ᠰᠤᠨᠢᠷᠬᠠᠯ ᠭᠡᠬᠦ ᠡᠨᠡ ᠬᠤᠶᠠᠷ

ᠵᠠᠩᠭᠢᠯᠠᠭ᠎ᠠ ᠶᠢᠨ ᠡᠯᠧᠮᠧᠨ᠋ᠲ ᠢ ᠬᠦᠢᠴᠡᠳ ᠪᠤᠳᠤᠯᠬᠢᠯᠠᠪᠠᠯ ᠵᠤᠬᠢᠨ᠎ᠠ᠃ ᠤᠴᠢᠷ ᠨᠢ ᠵᠢᠭᠠᠬᠤ ᠮᠠᠲ᠋ᠧᠷᠢᠶᠠᠯ ᠪᠤᠯ

ᠰᠤᠷᠤᠭᠴᠢᠳ ᠤᠨ ᠰᠤᠷᠤᠯᠴᠠᠬᠤ ᠠᠭᠤᠯᠭ᠎ᠠ ᠶᠢᠨ ᠶᠡᠷᠤᠩᠭᠢ ᠭᠦᠳᠤᠯᠪᠤᠷᠢ ᠮᠦᠨ᠂ ᠲᠤᠷ᠎ᠠ ᠰᠤᠨᠢᠷᠬᠠᠯ ᠪᠤᠯ ᠵᠢᠭᠠᠨ

ᠰᠤᠷᠭᠠᠬᠤ ᠠᠵᠢᠯᠯᠠᠭᠠᠨ ᠢ ᠦᠷᠨᠢᠭᠦᠯᠭᠦ ᠶᠢᠨ ᠰᠠᠭᠤᠷᠢ ᠮᠦᠨ᠃ ᠶᠠᠮᠠᠷᠪᠠ ᠬᠦᠮᠤᠰ ᠦᠪᠡᠷ ᠤᠨ ᠲᠤᠷ᠎ᠠ ᠰᠤᠨᠢᠷᠬᠠᠯ ᠲᠠᠢ

ᠵᠦᠢᠯ ᠢᠶᠠᠨ ᠤᠷᠮ᠎ᠠ ᠪᠠᠬ᠎ᠠ ᠲᠠᠢ ᠬᠢᠭᠦ ᠦᠶᠡᠰ ᠰᠡᠳᠬᠢᠯ ᠠᠯᠭᠠᠰᠠᠳᠠᠭ ᠦᠭᠡᠢ ᠮᠦᠷᠳᠡᠭᠡᠨ ᠰᠡᠳᠭᠢᠯ ᠰᠠᠨᠠᠭᠠᠨ ᠤ

ᠪᠠᠶᠠᠷ ᠪᠠᠭ᠋ᠠᠳᠤᠯ ᠤᠯᠳᠠᠭ᠃ ᠵᠢᠱᠢᠶᠡᠯᠡᠪᠡᠯ᠂ ᠪᠠᠭᠰᠢ ᠠᠴᠠ ︽ᠠᠷᠤ ᠶᠢᠨ ᠪᠠᠷ᠎ᠠ︾ ᠬᠡᠬᠦ ᠬᠢᠴᠢᠶᠡᠯ ᠢ ᠵᠢᠭᠠᠭᠰᠨᠨ ᠤ

ᠲᠠᠷᠠᠭ᠎ᠠ᠂ ᠰᠤᠷᠤᠭᠴᠢᠳ ᠢ ᠵᠤᠬᠢᠶᠠᠨ ᠪᠠᠶᠢᠭᠤᠯᠵᠤ ︽ᠵᠤ᠋ ᠼᠢ ᠴᠢᠩ ᠤᠨ ᠨᠠᠶᠢᠷᠠᠭᠤᠯᠤᠯ ᠤᠨ ᠲᠡᠭᠦᠪᠤᠷᠢ︾ ᠶᠢᠨ

ᠲᠤᠭᠤᠷᠢᠨ ᠳᠤ ᠭᠤᠤᠯ ᠰᠡᠳᠤᠪᠳᠤ ᠤᠩᠰᠢᠯᠭ᠎ᠠ ᠶᠢᠨ ᠠᠵᠢᠯᠯᠠᠭ᠎ᠠ ᠦᠷᠨᠢᠭᠦᠯᠵᠤ᠂ ᠬᠢᠴᠢᠶᠡᠯ  ᠤᠨ ᠠᠭᠤᠯᠭ᠎ᠠ ᠶᠢ

ᠵᠤᠬᠢᠶᠠᠭᠴᠢ ᠶᠢᠨ ᠪᠤᠰᠤᠳ ᠵᠤᠬᠢᠶᠠᠯ ᠲᠠᠢ ᠬᠠᠷᠢᠴᠠᠭᠤᠯᠤᠨ᠂ ᠰᠤᠷᠤᠭᠴᠢᠳ ᠢ ᠵᠢᠯᠤᠭᠤᠳᠤᠨ ᠰᠡᠳᠬᠢᠬᠦᠯᠬᠦ ᠪᠠ

ᠶᠠᠷᠢᠯᠴᠠᠭᠤᠯᠵᠤ ᠪᠤᠯᠤᠨ᠎ᠠ᠃ ᠤᠴᠢᠷ ᠨᠢ ᠵᠤᠬᠢᠶᠠᠯ ᠪᠦᠳᠤᠭᠡᠯ ᠪᠤᠯ ᠵᠤᠬᠢᠶᠠᠭᠴᠢ ᠶᠢᠨ ᠰᠡᠳᠭᠢᠯᠬᠡ ᠶᠢᠨ ᠣᠨᠳᠣᠷᠣᠯ᠂

ᠤᠷᠠᠨ ᠰᠠᠨᠠᠭᠠᠨ ᠤ ᠲᠡᠯᠡᠰᠵᠢᠯ᠂ ᠤᠢ ᠪᠢᠯᠢᠭ ᠤᠨ ᠬᠤᠷᠴᠠ ᠰᠡᠷᠡᠯ ᠪᠤᠯᠤᠨ᠎ᠠ᠃ ᠵᠤᠬᠢᠶᠠᠭᠴᠢ ᠶᠢᠨ ᠵᠤᠬᠢᠶᠠᠨ ᠪᠢᠴᠢᠭᠦ

ᠠᠷᠭ᠎ᠠ ᠮᠠᠶ᠋ᠢᠭ᠂ ᠵᠤᠬᠢᠶᠠᠯ ᠤᠨ ᠰᠡᠳᠬᠢᠮᠵᠢ ᠪᠠ ᠦᠷᠭᠦᠯᠵᠢ ᠬᠡᠷᠡᠭᠯᠡᠳᠡᠭ ᠨᠠᠶᠢᠷᠠᠭᠤᠯᠭ᠎ᠠ ᠶᠢᠨ ᠠᠷᠭ᠎ᠠ ᠶᠢᠨ ᠲᠠᠯ᠎ᠠ ᠪᠠᠷ

ᠶᠠᠮᠠᠷ ᠶᠠᠮᠠᠷ ᠤᠨᠴᠠᠯᠢᠭ ᠲᠠᠢ ᠶᠢ ᠰᠡᠳᠭᠢᠭᠦᠯᠵᠤ ᠬᠤᠵᠢᠮ ᠤᠨ ᠤᠩᠰᠢᠯᠭ᠎ᠠ ᠲᠤᠮᠳᠠ ︽ᠲᠤᠭᠳᠠᠮᠠᠯ ᠬᠡᠯᠪᠡᠷᠢ︾ ᠶᠢᠨ

ᠰᠡᠳᠬᠢᠮᠵᠢ ᠶᠢ ᠪᠤᠢ ᠪᠤᠯᠭᠠᠵᠤ᠂ ᠡᠳᠡᠭᠡᠷ ᠬᠠᠷᠢᠴᠠᠭᠤᠯᠤᠯ ᠪᠠ ᠬᠤᠷᠢᠶᠠᠩᠭᠤᠶᠢᠯᠠᠯ ᠢᠶᠠᠷ ᠲᠠᠮᠵᠢᠨ᠂ ᠵᠤᠬᠢᠶᠠᠯ ᠤᠨ

ᠲᠤᠮᠳᠠᠬᠢ ᠰᠡᠳᠬᠢᠯᠭᠡ᠂ ᠵᠤᠬᠢᠶᠠᠮᠵᠢ ᠶᠢᠨ ᠰᠡᠳᠬᠢᠮᠵᠢ ᠵᠡᠷᠭᠡ ᠲᠠᠯ᠎ᠠ ᠪᠠᠷ ᠨᠡᠩ ᠭᠦᠨᠵᠡᠬᠡᠢ ᠤᠶᠢᠯᠠᠭᠠᠯᠳᠠ ᠲᠠᠢ ᠪᠤᠯᠭᠠᠵᠤ

ᠪᠤᠯᠤᠨ᠎ᠠ᠃ ᠰᠡᠭᠦᠯᠴᠢ ᠶᠢᠨ ᠬᠤᠭᠤᠴᠠᠭᠠᠨ ᠤ ᠵᠤᠬᠢᠶᠠᠨ ᠪᠢᠴᠢᠯᠭᠡ ᠲᠤᠮᠳᠠ ᠪᠠᠨ ᠪᠠᠰᠠ ᠡᠳᠡᠭᠡᠷ ᠤᠷ᠎ᠠ ᠮᠡᠷᠭᠡᠵᠢᠯ ᠢᠶᠠᠷ

ᠲᠤᠯᠢ ᠪᠤᠯᠭᠠᠨ᠂ ᠦᠪᠡᠷ ᠤᠨ ᠵᠤᠬᠢᠶᠠᠨ ᠪᠢᠴᠢᠯᠭᠡ ᠳᠤ ᠨᠢ ᠠᠮᠢᠳᠤᠯᠢᠭ ᠬᠡᠷᠡᠭᠯᠡᠬᠦᠯᠵᠣ᠂ ᠵᠤᠬᠢᠶᠠᠨ ᠪᠢᠴᠢᠬᠦ

ᠴᠢᠳᠠᠪᠤᠷᠢ ᠶᠢ ᠨᠢ ᠲᠡᠭᠡᠭᠰᠢᠯᠡᠭᠦᠯᠵᠤ ᠪᠤᠯᠤᠨ᠎ᠠ᠃ ᠡᠶᠢᠮᠤᠷᠬᠦᠤ ᠤᠩᠰᠢᠯᠭ᠎ᠠ ᠨᠢ ᠵᠢᠭᠠᠨ ᠰᠤᠷᠭᠠᠯᠳᠠ ᠶᠢᠨ ᠲᠤᠮᠳᠠ

ᠰᠢᠰᠲ᠋ᠧᠮᠳᠤ ᠴᠢᠨᠠᠷ ᠪᠠ ᠵᠤᠷᠢᠯᠭᠠᠳᠤ ᠴᠢᠨᠠᠷ ᠢ ᠪᠡᠶᠡᠯᠡᠭᠦᠯᠵᠤ᠂ ᠪᠠᠭᠰᠢ ᠠᠴᠠ ᠵᠢᠭᠠᠨ ᠰᠤᠷᠭᠠᠯᠳᠠ ᠶᠢᠨ ᠡᠭᠦᠷᠭᠡ ᠪᠠᠨ

ᠪᠦᠳᠤᠮᠵᠢᠳᠠᠢ ᠪᠡᠶᠡᠯᠡᠭᠦᠯᠭᠦ ᠶᠢ ᠠᠬᠢᠭᠤᠯᠵᠤ ᠴᠢᠳᠠᠨ᠎ᠠ᠂ ᠠᠳᠠᠯᠢᠬᠠᠨ ᠢᠶᠠᠷ ᠰᠤᠷᠤᠭᠴᠢᠳ ᠰᠤᠷᠤᠯᠴᠠᠬᠤ ᠳᠤ ᠪᠠᠨ ᠴᠤ

︽ᠲᠤᠳᠤᠷ᠎ᠠ ᠪᠠᠨ ᠲᠤᠭ᠎ᠠ ᠲᠠᠢ ᠪᠠᠶᠢᠵᠤ︾᠂ ᠬᠠᠷᠠᠯᠳᠠ ᠲᠤᠳᠤᠷᠬᠠᠢ ᠪᠤᠯᠪᠠᠯ ᠰᠠᠶ᠋ᠢ ᠤᠩᠰᠢᠯᠭ᠎ᠠ ᠶᠢᠨ ᠰᠢᠨ᠎ᠡ ᠦᠷ᠎ᠡ

ᠪᠦᠳᠤᠮᠵᠢ ᠶᠢ ᠪᠤᠢ ᠪᠤᠯᠭᠠᠵᠤ᠂ ᠵᠢᠭᠠᠨ ᠰᠤᠷᠭᠠᠯᠳᠠ ᠶᠢᠨ ᠬᠦᠰᠡᠭᠰᠡᠨ ᠬᠠᠷᠠᠯᠳᠠ ᠳᠤ ᠪᠠᠨ ᠬᠦᠷᠴᠤ ᠴᠢᠳᠠᠨ᠎ᠠ᠃

      2. ᠰᠤᠷᠤᠭᠴᠢ ᠶᠢ ᠪᠡᠶᠡᠳᠡᠨ ᠤᠷᠤᠯᠴᠠᠭᠤᠯᠵᠤ ᠤᠩᠰᠢᠯᠭ᠎ᠠ ᠶᠢᠨ ᠠᠵᠢᠯᠯᠠᠭ᠎ᠠ ᠦᠷᠨᠢᠭᠦᠯᠤᠨ᠎ᠡ᠃ ᠭᠠᠭᠴᠠ ᠬᠦ

ᠰᠤᠷᠤᠭᠴᠢᠳ ᠢᠶᠠᠷ ᠵᠢᠭᠠᠨ ᠰᠤᠷᠭᠠᠯᠳᠠ ᠶᠢᠨ ᠭᠤᠤᠯ ᠴᠤᠭᠴᠠ ᠪᠤᠯᠭᠠᠪᠠᠯ ᠰᠠᠶ᠋ᠢ ᠦᠨᠳᠤᠷ ᠪᠦᠳᠤᠮᠵᠢᠳᠠᠢ

ᠬᠢᠴᠢᠶᠡᠯᠯᠡᠭᠡ ᠳᠤ ᠬᠦᠷᠴᠣ ᠴᠢᠳᠠᠨ᠎ᠠ᠃ ᠡᠶᠢᠮᠤ ᠠᠴᠠ ᠪᠠᠭᠰᠢ ᠠᠴᠠ ᠵᠢᠭᠠᠨ ᠰᠤᠷᠭᠠᠯᠳᠠ ᠶᠢᠨ ᠲᠤᠮᠳᠠ ᠰᠤᠷᠤᠭᠴᠢ ᠪᠠᠷ

ᠭᠤᠤᠯ ᠴᠤᠭᠴᠠ ᠪᠤᠯᠭᠠᠨ ᠠᠵᠢᠯ ᠢᠶᠠᠨ ᠦᠷᠨᠢᠭᠦᠯᠭᠦ ᠬᠡᠷᠡᠭᠳᠠᠢ᠂ ᠬᠢᠴᠢᠶᠡᠯᠯᠡᠭᠡ ᠶᠢᠨ ᠶᠠᠪᠤᠴᠠ ᠳᠤ ᠪᠠᠭᠰᠢ ᠶᠢᠨ

ᠵᠢᠭᠠᠨ ᠰᠤᠷᠭᠠᠯᠳᠠ ᠪᠠᠷ ᠭᠤᠤᠯ ᠴᠤᠭᠴᠠ ᠪᠤᠯᠭᠠᠵᠤ ︽ᠭᠠᠭᠴᠠ ᠬᠦᠮᠤᠨ ᠤ ᠵᠦᠴᠦᠭᠡ ᠳᠣᠭᠯᠠᠬᠤ︾ ᠠᠴᠠ

ᠵᠠᠶᠢᠯᠠᠰᠬᠢᠵᠤ᠂ ᠡᠰᠡᠷᠭᠦ ᠪᠠᠷ ᠰᠤᠷᠤᠭᠴᠢᠳ ᠲᠤ ᠢᠯᠡᠭᠦᠬᠡᠨ ᠴᠠᠭ ᠦᠯᠡᠳᠡᠭᠡᠨ ᠶᠠᠷᠢᠯᠴᠠᠭᠤᠯᠵᠤ᠂ ᠰᠤᠷᠤᠭᠴᠢᠳ ᠤᠨ

ᠰᠡᠵᠢᠭ ᠮᠠᠳᠠᠭ ᠢ ᠰᠢᠢᠳᠪᠤᠷᠢᠯᠡᠨ᠂ ᠴᠢᠨᠠᠭᠰᠢᠯᠠᠪᠠᠯ ᠮᠠᠷᠭᠤᠯᠳᠤᠭᠠᠨ ᠦᠷᠨᠢᠭᠦᠯᠵᠤ᠂ ᠰᠠᠨᠠᠯ ᠪᠣᠳᠣᠯ ᠤᠨ ᠵᠦᠷᠢᠶ᠎ᠡ ᠲᠠᠢ

ᠳᠠᠯ᠎ᠠ ᠪᠠᠨ ᠳᠡᠯᠭᠡᠵᠣ ᠴᠢᠳᠠᠬᠤ᠂ ᠰᠤᠷᠤᠭᠴᠢᠳ ᠤᠨ ᠲᠠᠷᠢᠬᠢ ᠶᠢ ᠬᠦᠳᠡᠯᠭᠡᠨ᠂ ᠪᠡᠶ᠎ᠡ ᠪᠠᠨ ᠲᠠᠭᠠᠭᠠᠨ ᠰᠡᠳᠬᠢᠬᠦ ᠶᠢ

ᠵᠤᠷᠢᠬᠵᠢᠭᠤᠯᠵᠤ᠂ ᠵᠤᠬᠢᠶᠠᠯ ᠢ ᠬᠦᠨᠵᠡᠭᠡᠢ ᠡᠵᠡᠮᠰᠢᠬᠦᠯᠦᠨ᠎ᠡ᠃ ᠵᠢᠱᠢᠶᠡᠯᠡᠪᠡᠯ᠂ ᠴᠢᠶᠠᠨ ᠵᠦᠩ ᠱᠤ᠋ ᠶᠢᠨ

︽ᠪᠦᠰᠡᠯᠡᠭᠳᠡᠭᠰᠡᠨ ᠬᠤᠳᠠ︾ ᠳᠤ ᠵᠢᠯᠤᠭᠤᠳᠤᠮᠵᠢ ᠬᠢᠬᠦ ᠦᠶᠡᠰ᠂ ᠬᠢᠴᠢᠶᠡᠯ ᠤᠩᠰᠢᠬᠤ ᠶᠠᠪᠤᠴᠠ ᠲᠤᠮᠳᠠ᠂

ᠪᠠᠭᠰᠢ ᠠᠴᠠ ᠰᠤᠷᠤᠭᠴᠢᠳ ᠢ ᠵᠤᠬᠢᠶᠠᠨ ᠪᠠᠶᠢᠭᠤᠯᠵᠤ ᠶᠠᠷᠢᠯᠴᠠᠭᠤᠯᠵᠤ ᠪᠤᠯᠤᠨ᠎ᠠ᠃ ᠪᠠᠭᠰᠢ᠄ ︽ᠹᠡᠩ ᠬᠤᠩ ᠵᠢᠶᠠᠨ ᠪᠠ

ᠵᠢᠶᠠ ᠪᠤᠤ ᠢᠤᠢ ᠶᠢᠨ ᠠᠳᠠᠯᠢᠪᠳᠤᠷ ᠲᠠᠯ᠎ᠠ ᠪᠠ ᠠᠳᠠᠯᠢ ᠪᠤᠰᠤ ᠲᠠᠯ᠎ᠠ︾ ᠬᠡᠬᠦ ᠰᠡᠳᠤᠪ ᠪᠠᠯᠡᠳᠭᠡᠵᠤ ᠰᠤᠷᠤᠭᠴᠢ ᠪᠠᠷ

ᠶᠠᠷᠢᠯᠴᠠᠭᠤᠯᠵᠤ ᠪᠤᠯᠤᠨ᠎ᠠ᠃ ᠡᠨᠡ ᠲᠦᠷᠦᠯ ᠤᠨ ᠠᠰᠠᠭᠤᠳᠠᠯ ᠢ ᠰᠢᠢᠳᠪᠤᠷᠢᠯᠡᠭᠦ ᠳᠤ ᠰᠤᠷᠤᠭᠴᠢᠳ ᠤᠩᠰᠢᠭᠰᠠᠨ

ᠪᠦᠳᠤᠭᠡᠯ ᠤᠨ ᠢᠶᠠᠨ ᠠᠭᠤᠯᠭ᠎ᠠ ᠶᠢ ᠰᠠᠶᠢᠨ ᠮᠡᠳᠡᠭᠦ ᠪᠠᠷ ᠪᠠᠷᠠᠬᠤ ᠦᠭᠡᠢ ᠮᠦᠨ ᠴᠤ ᠰᠤᠷᠤᠭᠴᠢᠳ ᠢ ᠵᠤᠬᠢᠬᠤ

ᠬᠤᠯᠪᠤᠨ ᠪᠤᠳᠤᠬᠤ ᠴᠢᠳᠠᠪᠤᠷᠢ ᠲᠠᠢ ᠪᠠᠶᠢᠬᠤ ᠶᠢ ᠱᠠᠭᠠᠷᠳᠠᠳᠠᠭ᠂ ᠠᠳᠠᠯᠢ ᠪᠤᠰᠤ ᠪᠦᠳᠤᠭᠡᠯ ᠠᠴᠠ ᠵᠤᠬᠢᠶᠠᠯ ᠤᠨ

ᠪᠠᠭᠠᠳᠤᠷ ᠤᠨ ᠦᠯᠢᠭᠡᠷ ᠶᠠᠪᠤᠳᠠᠯ ᠢ ᠬᠤᠯᠪᠤᠨ ᠪᠤᠳᠤᠵᠤ᠂ ᠦᠪᠡᠷ ᠤᠨ ᠬᠡᠰᠡᠨ ᠳ᠋ᠦᠩᠨᠡᠯᠳᠡ ᠤᠯᠤᠨ᠎ᠠ᠂ ᠬᠦᠮᠤᠨ

ᠪᠤᠯᠭᠠᠨ ᠤ ᠬᠡᠷᠡᠭ ᠪᠤᠳᠠᠰ ᠪᠠ ᠠᠰᠠᠭᠤᠳᠠᠯ ᠢ ᠪᠤᠳᠤᠯᠬᠢᠯᠠᠬᠤ ᠬᠠᠷᠠᠭᠠᠰᠤ ᠨᠢ ᠠᠳᠠᠯᠢ ᠦᠭᠡᠢ ᠪᠤᠯᠬᠤᠷ ᠰᠤᠷᠤᠭᠴᠢ

ᠪᠤᠯᠭᠠᠨ ᠤ ᠳ᠋ᠦᠩᠨᠡᠯᠳᠡ ᠶᠢ ᠰᠠᠶᠢᠨ ᠮᠠᠭᠤ᠂ ᠵᠦᠪ ᠪᠤᠷᠤᠭᠤ ᠶᠢᠨ ᠢᠯᠭᠠᠭ᠎ᠠ ᠲᠠᠢ ᠪᠠᠶᠢᠬᠤ ᠶᠢ ᠵᠦᠪᠰᠢᠶᠡᠷᠡᠬᠦ ᠬᠡᠷᠡᠭᠳᠠᠢ᠂

ᠲᠡᠶᠢᠮᠤ ᠠᠴᠠ ᠪᠠᠭᠰᠢ ᠠᠴᠠ ᠰᠣᠷᠣᠭᠴᠢᠳ ᠲᠠᠢ ᠪᠣᠳᠣᠯ ᠰᠡᠳᠬᠢᠭᠳᠡᠯ ᠢᠶᠠᠨ ᠬᠤᠪᠢᠶᠠᠯᠴᠠᠨ ᠪᠤᠳᠠᠳᠠᠢ ᠠᠮᠢᠳᠤᠯᠢᠭ

ᠦᠨᠡᠯᠡᠯᠳᠡ ᠬᠢᠬᠦ ᠶᠢ ᠠᠩᠬᠠᠷᠴᠤ᠂ ᠦᠨᠡᠯᠡᠯᠳᠡ ᠠᠴᠠ ᠪᠤᠯᠵᠤ ᠰᠤᠷᠤᠭᠴᠢ ᠶᠢᠨ ᠶᠠᠷᠢᠶ᠎ᠠ ᠢᠯᠡᠳᠬᠡᠯ ᠬᠢᠬᠦ ᠢᠳᠡᠪᠬᠢᠵᠢᠯ ᠢ

ᠠᠬᠢᠭᠤᠯᠣᠨ᠎ᠠ᠃

      3. ᠭᠤᠸ᠎ᠠ ᠰᠠᠶᠢᠬᠠᠨ ᠤ ᠳᠠᠭᠠᠰᠢᠶᠠᠯ ᠰᠤᠨᠢᠷᠬᠠᠯ ᠲᠦᠷᠤᠭᠦᠯᠤᠨ᠂ ᠤᠩᠰᠢᠯᠭ᠎ᠠ ᠶᠢᠨ ᠲᠠᠳᠬᠠᠯ ᠢ ᠬᠦᠮᠤᠵᠢᠭᠦᠯᠭᠦ

ᠭᠡᠷᠡᠭᠳᠠᠢ᠃ ᠰᠠᠶᠢᠨ ᠲᠠᠳᠬᠠᠯ ᠨᠢ ᠬᠦᠮᠤᠰ ᠲᠤ ᠰᠠᠶᠢᠨ ᠬᠤᠪᠢ ᠵᠠᠶᠠᠭ᠎ᠠ ᠶᠢ ᠠᠪᠴᠢᠷᠠᠳᠠᠭ᠂ ᠰᠠᠶᠢᠨ ᠲᠠᠳᠬᠠᠯ ᠤᠨ

ᠠᠰᠢᠭ ᠢ ᠬᠦᠮᠤᠰ ᠨᠠᠰᠤᠨ ᠲᠤᠷᠰᠢᠳᠠ ᠭᠦᠷᠳᠡᠳᠡᠭ᠂ ᠤᠩᠰᠢᠯᠭ᠎ᠠ ᠶᠢᠨ ᠲᠠᠳᠬᠠᠯ ᠨᠢ ᠬᠡᠯᠡ ᠪᠢᠴᠢᠭ ᠤᠨ

ᠰᠤᠷᠤᠯᠴᠠᠯᠭ᠎ᠠ ᠶᠢᠨ ᠶᠠᠪᠤᠴᠠ ᠳᠤ ᠨᠡᠩ ᠴᠤ ᠴᠢᠬᠤᠯᠠ ᠠᠴᠠ ᠴᠢᠬᠤᠯᠠ ᠶᠤᠮ᠃ ᠲᠠᠳᠬᠠᠯ ᠢ ᠬᠦᠮᠤᠵᠢᠭᠦᠯᠭᠦ

ᠬᠠᠮᠤᠭ ᠤᠨ ᠰᠠᠶᠢᠨ ᠠᠷᠭ᠎ᠠ ᠪᠤᠯ ᠤᠩᠰᠢᠯᠭ᠎ᠠ ᠶᠢᠨ ᠲᠤᠮᠳᠠ ᠲᠠᠰᠤᠷᠠᠯᠳᠠ ᠦᠭᠡᠢ ᠠᠮᠵᠢᠯᠳᠠ ᠶᠢᠨ ᠲᠦᠷᠤᠭ᠍ᠳᠡᠯ

ᠤᠯᠭᠤᠬᠤ ᠶᠠᠪᠤᠳᠠᠯ ᠪᠤᠯᠤᠨ᠎ᠠ᠃ ᠰᠤᠷᠤᠯᠴᠠᠯᠭ᠎ᠠ ᠲᠤᠮᠳᠠ ᠬᠡᠷᠪᠡ ᠦᠷᠭᠦᠯᠵᠢᠳᠡ ᠤᠩᠰᠢᠬᠤ ᠶᠢ ᠪᠠᠷᠢᠮᠳᠠᠯᠠᠬᠤ ᠦᠭᠡᠢ

ᠪᠤᠯ ᠤᠩᠰᠢᠯᠭ᠎ᠠ ᠶᠢᠨ ᠤᠯᠤᠯᠳᠠ ᠨᠢ ᠶᠡᠭᠡ ᠪᠠᠷ ᠪᠠᠭᠠᠰᠬᠤ ᠪᠤᠯᠤᠨ᠎ᠠ᠃ ᠰᠤᠷᠤᠭᠴᠢᠳ ᠲᠤ ᠠᠪᠴᠤ ᠬᠡᠯᠡᠪᠡᠯ᠂ ᠲᠡᠳᠡ

ᠤᠩᠰᠢᠯᠭ᠎ᠠ ᠶᠢᠨ ᠤᠷᠮ᠎ᠠ ᠪᠠᠬ᠎ᠠ ᠪᠠᠨ ᠠᠯᠳᠠᠬᠤ ᠦᠭᠡᠢ᠂ ᠤᠩᠰᠢᠯᠭ᠎ᠠ ᠶᠢᠨ ᠲᠤᠮᠳᠠ ᠠᠴᠠ ᠤᠯᠤᠯᠳᠠ ᠲᠠᠢ

ᠪᠠᠶᠢᠬᠤ ᠪᠠᠨ ᠪᠠᠳᠣᠯᠠᠬᠤ ᠭᠡᠪᠡᠯ ᠪᠠᠭᠰᠢ ᠶᠢᠨ ᠵᠢᠯᠤᠭᠤᠳᠤᠯᠭ᠎ᠠ ᠶᠢ ᠬᠦᠷᠳᠡᠬᠦ ᠬᠡᠷᠡᠭᠳᠡᠢ᠃ ᠪᠠᠭᠰᠢ ᠠᠴᠠ ᠰᠤᠷᠤᠭᠴᠢᠳ ᠢ

ᠵᠤᠬᠢᠶᠠᠨ ᠪᠠᠶᠢᠭᠤᠯᠵᠤ ᠨᠤᠮ ᠤᠩᠰᠢᠬᠤ ᠬᠦᠳᠡᠯᠭᠡᠭᠡᠨ ᠦᠷᠨᠢᠭᠦᠯᠵᠤ᠂ ᠰᠤᠷᠤᠭᠴᠢ ᠶᠢᠨ ᠤᠳᠠᠭ᠎ᠠ ᠪᠦᠷᠢ ᠶᠢᠨ

ᠤᠩᠰᠢᠵᠤ ᠰᠤᠷᠤᠯᠴᠠᠭᠰᠠᠨ ᠨᠤᠮ ᠵᠤᠬᠢᠶᠠᠯ ᠠᠴᠠ ᠤᠯᠵᠤ ᠮᠡᠳᠡᠭᠰᠡᠨ ᠵᠦᠢᠯ ᠢ ᠨᠢ ᠳ᠋ᠦᠩᠨᠡᠭᠦᠯᠵᠤ᠂ ᠶᠠᠷᠢᠭᠤᠯᠵᠤ᠂

ᠪᠢᠴᠢᠭᠦᠯᠵᠤ ᠪᠤᠯᠤᠨ᠎ᠠ᠂ ᠵᠢᠱᠢᠶᠡᠯᠡᠪᠡᠯ᠂ ᠠᠩᠬᠢ ᠲᠤᠮᠳᠠ ᠪᠠᠨ ᠭᠠᠷᠠᠭ ᠪᠦᠷᠢ ᠶᠢᠨ ᠨᠤᠮ ᠤᠡᠭᠰᠢᠭ᠌ᠰᠠᠨ ᠤᠯᠤᠯᠳᠠ ᠪᠠᠨ

ᠬᠤᠪᠢᠶᠠᠯᠴᠠᠬᠤ ᠠᠵᠢᠯᠯᠠᠭ᠎ᠠ ᠶᠠᠪᠤᠭᠳᠠᠭᠤᠯᠵᠤ ᠤᠩᠰᠢᠭᠰᠠᠨ ᠨᠤᠮ ᠤᠨ ᠭᠤᠤᠯ ᠪᠠᠭᠠᠳᠤᠷ᠂ ᠴᠢᠬᠤᠯᠠ ᠤᠶᠢᠯᠡ

ᠶᠠᠪᠤᠳᠠᠯ ᠵᠡᠷᠭᠡ ᠶᠢ ᠶᠠᠷᠢᠭᠤᠯᠵᠣ᠂ ᠬᠠᠷᠢᠯᠴᠠᠨ ᠨᠢᠭᠡᠨ ᠳᠤ ᠪᠠᠨ ᠨᠣᠮ ᠤᠨ ᠬᠦᠷᠳᠡᠭᠡᠯ ᠲᠠᠢ ᠪᠣᠯᠭᠠᠨ᠎ᠠ᠃ ᠲᠠᠬᠢᠪᠠᠯ

ᠰᠠᠷ᠎ᠠ ᠪᠤᠯᠭᠠᠨ ᠵᠤᠬᠢᠶᠠᠨ ᠪᠢᠴᠢᠯᠭᠡ ᠶᠢᠨ ᠤᠷᠤᠯᠳᠤᠭᠠᠨ ᠦᠷᠨᠢᠭᠦᠯᠵᠤ᠂ ᠰᠤᠷᠤᠭᠴᠢ ᠮᠡᠳᠡᠭᠰᠡᠨ ᠮᠡᠳᠡᠯᠭᠡ ᠰᠤᠷᠤᠭᠰᠠᠨ

ᠠᠪᠢᠶᠠᠰ ᠢᠶᠠᠨ ᠵᠤᠬᠢᠶᠠᠨ ᠪᠢᠴᠢᠯᠭᠡ ᠳᠤ ᠭᠡᠷᠡᠭᠯᠡᠵᠦ ᠪᠤᠯᠤᠨ᠎ᠠ᠃ ᠮᠦᠨ ᠬᠦ ᠤᠩᠰᠢᠭᠰᠠᠨ ᠵᠤᠬᠢᠶᠠᠯ ᠪᠦᠳᠤᠭᠡᠯ ᠤᠨ

ᠠᠭᠤᠯᠭ᠎ᠠ ᠪᠠᠷ ᠰᠠᠭᠤᠷᠢᠯᠠᠵᠤ᠂ ᠲᠤᠭᠯᠠᠭᠤᠯᠤᠨ ᠵᠦᠴᠤᠭᠡᠯᠡᠬᠦᠯᠵᠤ ᠪᠤᠯᠤᠨ᠎ᠠ᠂ ᠪᠠᠭᠰᠢ ᠠᠴᠠ ᠰᠢᠯᠢᠳᠡᠭ ᠪᠦᠳᠤᠭᠡᠯ  ᠢ

ᠤᠯᠠᠨ ᠤ ᠡᠮᠤᠨ᠎ᠡ ᠰᠤᠨᠢᠷᠬᠠᠭᠤᠯᠤᠨ ᠰᠠᠶᠢᠰᠢᠶᠠᠵᠤ᠂ ᠰᠤᠷᠤᠭᠴᠢᠳ ᠤᠨ ᠢᠶᠠᠨ ᠨᠤᠮ ᠤᠩᠰᠢᠯᠭ᠎ᠠ ᠪᠠᠷ ᠲᠠᠮᠵᠢᠨ

ᠦᠪᠡᠷ ᠤᠨ ᠬᠢᠨᠢ ᠰᠤᠷᠤᠭᠰᠠᠨ ᠵᠦᠢᠯᠡᠰ ᠢ ᠢᠯᠡᠷᠡᠭᠦᠯᠵᠣ ᠣᠷᠮ᠎ᠠ ᠬᠠᠶᠢᠷᠠᠯᠠᠵᠣ ᠠᠮᠵᠢᠯᠳᠠ ᠶᠢᠨ ᠪᠠᠭ᠋ᠠᠷᠬᠠᠯ ᠢᠶᠠᠷ ᠢᠶᠠᠨ

ᠣᠷᠣᠭᠰᠢ ᠠᠬᠢᠬᠤ ᠶᠢ ᠵᠠᠮᠴᠢᠯᠠᠨ᠎ᠠ᠃

      4. ᠦᠷᠭᠡᠳᠭᠡᠯ ᠤᠩᠰᠢᠯᠭ᠎ᠠ ᠬᠢᠵᠤ᠂ ᠤᠩᠰᠢᠯᠭ᠎ᠠ ᠶᠢᠨ ᠦᠷ᠎ᠡ ᠪᠦᠳᠦᠮᠵᠢ ᠶᠢ ᠲᠡᠭᠡᠭᠰᠢᠯᠡᠭᠦᠯᠤᠨ᠎ᠡ᠃ ᠬᠡᠯᠡ

ᠪᠢᠴᠢᠭ ᠤᠨ ᠵᠢᠭᠠᠨ ᠰᠤᠷᠭᠠᠯᠳᠠ ᠲᠤᠮᠳᠠ ᠤᠩᠰᠢᠯᠭ᠎ᠠ ᠶᠢᠨ ᠪᠤᠯᠪᠠᠰᠤᠷᠠᠯ ᠢ ᠵᠦᠪᠬᠡᠨ ᠬᠢᠴᠢᠶᠡᠯ ᠤᠨ ᠲᠡᠪᠳᠡᠷ ᠲᠤ

ᠬᠢᠵᠠᠭᠠᠷᠯᠠᠵᠤ ᠪᠤᠯᠬᠤ ᠦᠭᠡᠢ᠂ ᠰᠤᠷᠤᠭᠴᠢᠳ ᠢ ᠢᠯᠡᠭᠦᠬᠡᠨ ᠤᠳᠬ᠎ᠠ ᠠᠭᠤᠯᠭ᠎ᠠ ᠲᠠᠢ ᠨᠤᠮ ᠢ ᠤᠡᠭᠰᠢᠭᠤᠯᠬᠤ

ᠬᠡᠷᠡᠭᠳᠠᠢ᠃ ᠵᠢᠱᠢᠶᠡᠯᠡᠪᠡᠯ᠂ ︽ᠲᠡᠮᠡᠭᠡ ᠰᠢᠶᠠᠩ ᠼᠢ︾᠂ ︽ᠵᠠᠭᠤᠨ ᠡᠪᠠᠰᠤᠳᠤ ᠨᠤᠮ ᠤᠨ ᠦᠷᠤᠭᠡ︾᠂ ︽ᠦᠷ ᠤᠨ

ᠴᠡᠴᠡᠭ ᠢ ᠦᠳᠡᠰᠢ ᠲᠡᠭᠦᠭᠦ︾᠂ ︽ᠪᠤᠯᠤᠳ ᠬᠡᠷᠬᠢᠨ ᠬᠠᠳᠠᠭᠠᠭᠳᠠᠭᠰᠠᠨ ᠪᠤᠢ︾᠂ ︽ᠱᠦᠢ ᠬᠤ᠋ ᠶᠢᠨ          

ᠦᠯᠢᠭᠡᠷ︾᠂ ︽ᠭᠤᠷᠪᠠᠨ ᠤᠯᠤᠰ ᠤᠨ ᠦᠯᠢᠭᠡᠷ︾᠂ ︽ᠪᠠᠷᠠᠭᠤᠨᠰᠢ ᠵᠤᠷᠢᠭᠰᠠᠨ ᠲᠡᠮᠳᠡᠭᠯᠡᠯ︾᠂ ︽ᠤᠯᠠᠭᠠᠨ ᠠᠰᠠᠷ ᠤᠨ

ᠵᠡᠭᠦᠳᠤᠨ︾ ᠢ ᠤᠡᠭᠰᠢᠭᠤᠯᠵᠤ ᠪᠤᠯᠤᠨ᠎ᠠ᠃ ᠡᠳᠡᠭᠡᠷ ᠨᠢ ᠰᠤᠷᠤᠭᠴᠢ ᠶᠢᠨ ᠮᠡᠳᠡᠯᠭᠡ ᠶᠢᠨ ᠬᠡᠪᠴᠢᠶ᠎ᠡ ᠶᠢ ᠦᠷᠭᠡᠳᠭᠡᠵᠤ᠂

ᠦᠭᠡᠰ ᠤᠨ ᠰᠠᠩ ᠢ ᠪᠠᠶᠠᠯᠢᠬᠵᠢᠭᠤᠯᠵᠤ ᠲᠦᠷᠰᠤᠯᠡᠨ ᠪᠤᠳᠤᠬᠤ ᠪᠠ ᠬᠤᠯᠪᠤᠨ ᠪᠤᠳᠤᠬᠤ ᠴᠢᠳᠠᠪᠤᠷᠢ ᠶᠢ ᠬᠦᠭᠵᠢᠭᠡᠬᠦ

ᠪᠤᠯᠤᠨ᠎ᠠ᠃ ᠡᠨᠡ ᠨᠢ ᠮᠦᠨ ᠵᠤᠬᠢᠶᠠᠯ ᠢ ᠰᠤᠨᠢᠷᠬᠠᠬᠤ ᠴᠢᠳᠠᠪᠤᠷᠢ ᠪᠠ ᠲᠡᠤᠬᠡ ᠪᠠᠨ ᠮᠡᠳᠡᠬᠦ ᠳᠤ ᠪᠦᠷ ᠮᠠᠰᠢ ᠶᠡᠭᠡ

ᠬᠠᠪᠰᠤᠷᠤᠯᠭ᠎ᠠ ᠦᠵᠡᠬᠦᠯᠬᠦ ᠶᠣᠮ᠃ ᠰᠤᠷᠤᠭᠴᠢ ᠶᠢᠨ ᠤᠩᠰᠢᠯᠭ᠎ᠠ ᠲᠤᠮᠳᠠ ᠡᠳᠡᠭᠡᠷ ᠤᠩᠰᠢᠭᠰᠠᠨ ᠨᠤᠮ ᠨᠢ

ᠮᠠᠳᠡᠯᠭᠡ ᠶᠢᠨ ᠬᠢᠷᠢ ᠲᠦᠪᠰᠢᠨ ᠤ ᠲᠡᠭᠡᠭᠰᠢᠯᠡᠯᠳᠡ ᠶᠢ ᠪᠣᠢ ᠪᠣᠯᠭᠠᠬᠤ ᠪᠠᠷ ᠪᠠᠷᠠᠬᠤ ᠦᠭᠡᠢ ᠪᠠᠰᠠ ᠰᠣᠷᠣᠭᠴᠢᠳ ᠲᠤ

ᠬᠡᠯᠡ ᠪᠢᠴᠢᠭ ᠤᠨ ᠴᠢᠳᠠᠪᠣᠷᠢ ᠶᠢ ᠣᠯᠭᠤᠬᠤ ᠪᠣᠯᠣᠨ᠎ᠠ᠂ ᠤᠩᠰᠢᠯᠭ᠎ᠠ ᠶᠢᠨ ᠶᠠᠪᠤᠴᠠ ᠳᠤ ᠪᠠᠭᠰᠢ ᠠᠴᠠ ᠠᠰᠠᠭᠤᠳᠠᠯ ᠢ

ᠢᠯᠡᠷᠡᠭᠦᠯᠵᠤ ᠰᠤᠷᠤᠭᠴᠢᠳ ᠤᠨ ᠤᠩᠰᠢᠯᠭ᠎ᠠ ᠶᠢᠨ ᠲᠤᠮᠳᠠ ᠤᠷᠤᠰᠢᠵᠤ ᠪᠠᠶᠢᠭ᠎ᠠ ᠭᠦᠷᠦᠯᠴᠡᠭᠦ ᠦᠭᠡᠢ ᠲᠠᠯ᠎ᠠ ᠶᠢ

ᠲᠤᠳᠤᠷᠬᠠᠶᠢᠯᠠᠵᠤ᠂ ᠤᠩᠰᠢᠯᠭ᠎ᠠ ᠶᠢᠨ ᠲᠤᠮᠳᠠᠬᠢ ᠤᠷ᠎ᠠ ᠮᠡᠷᠭᠡᠵᠢᠯ ᠪᠠ ᠵᠦᠪ ᠰᠠᠶᠢᠨ ᠤᠩᠰᠢᠬᠤ ᠠᠷᠭ᠎ᠠ ᠶᠢ ᠳ᠋ᠦᠩᠨᠡᠨ

ᠦᠭᠭᠦᠨ᠎ᠡ᠃ ᠵᠢᠱᠢᠶᠡᠯᠡᠪᠡᠯ᠂ ᠭᠤᠤᠯ ᠪᠠᠭᠠᠳᠤᠷ ᠪᠤᠯᠤᠨ ᠤᠶᠢᠯᠡ ᠶᠠᠪᠤᠳᠠᠯ ᠢ ᠬᠠᠷᠠᠭᠠᠯᠵᠠᠭᠤᠯᠤᠨ ᠲᠡᠮᠳᠡᠭᠯᠡᠯ ᠬᠢᠭᠦ᠂

ᠵᠤᠬᠢᠶᠠᠯ ᠪᠦᠳᠤᠭᠡᠯ ᠲᠤᠳᠤᠷᠠᠬᠢ ᠭᠤᠶᠢᠳᠠ ᠰᠠᠶᠢᠬᠠᠨ ᠬᠡᠯᠡ ᠬᠡᠯᠡᠯᠭᠡ ᠶᠢᠨ ᠲᠤᠬᠠᠢ ᠬᠤᠷᠠᠮᠳᠤᠭᠤᠯᠤᠯ ᠬᠢᠬᠦ᠂

ᠰᠤᠷᠤᠭᠴᠢᠳ ᠢ ᠤᠩᠰᠢᠯᠭ᠎ᠠ ᠶᠢᠨ ᠶᠠᠪᠤᠴᠠ ᠳᠤ ᠨᠢᠭᠡ ᠠᠴᠠ ᠵᠦᠢᠴᠢᠯᠡᠵᠣ ᠨᠦᠬᠦᠭᠡ ᠶᠢ ᠮᠡᠳᠡᠭᠦ ᠶᠢ ᠰᠠᠨᠠᠭᠤᠯᠬᠤ᠂

ᠦᠷᠭᠦᠯᠵᠢᠳᠡ ᠨᠤᠮ ᠤᠩᠰᠢᠭᠤᠯᠬᠤ ᠳᠠᠳᠬᠠᠯ ᠲᠠᠢ ᠪᠣᠯᠭᠠᠬᠤ ᠬᠡᠷᠡᠭᠳᠠᠢ᠃ ᠢᠩᠬᠢᠪᠡᠯ ᠰᠠᠶ᠋ᠢ ᠰᠤᠷᠤᠭᠴᠢᠳ ᠤᠨ

ᠤᠩᠰᠢᠯᠭ᠎ᠠ ᠶᠢᠨ ᠬᠢᠷᠢ ᠲᠦᠪᠰᠢᠨ ᠲᠡᠭᠡᠭᠰᠢᠯᠡᠵᠦ᠂ ᠰᠤᠷᠤᠭᠴᠢᠳ ᠤᠨ ᠤᠩᠰᠢᠯᠭ᠎ᠠ ᠶᠢᠨ ᠴᠢᠨᠠᠷ ᠴᠢᠨᠰᠠᠭ᠎ᠠ ᠶᠢ

ᠠᠬᠢᠭᠤᠯᠵᠤ ᠴᠢᠳᠠᠨ᠎ᠠ᠃

      ᠬᠡᠯᠡ ᠪᠢᠴᠢᠭ ᠤᠨ ᠰᠤᠷᠤᠯᠴᠠᠯᠭ᠎ᠠ ᠪᠤᠯ ᠠᠭᠠᠵᠢᠮ ᠢᠶᠠᠷ ᠬᠤᠷᠠᠮᠳᠤᠭᠤᠯᠬᠤ ᠠᠵᠢᠯᠯᠠᠭ᠎ᠠ ᠮᠦᠨ᠃ ᠪᠢᠳᠡ ᠵᠢᠭᠠᠨ

ᠰᠣᠷᠭᠠᠯᠳᠠ ᠪᠠᠨ ᠠᠮᠢᠳᠣᠯᠢᠭ ᠬᠦᠳᠡᠯᠦᠩᠭᠦᠢ ᠪᠠᠶᠢᠯᠭᠠᠵᠤ᠂ ᠰᠤᠷᠤᠭᠴᠢᠳ ᠤᠨ ᠳᠣᠷ᠎ᠠ ᠰᠤᠨᠢᠷᠬᠠᠯ ᠢ ᠳᠠᠳᠠᠵᠣ

ᠤᠶᠢᠯᠡᠳᠤᠯᠭᠡ ᠳᠤ ᠣᠷᠣᠯᠴᠠᠭᠤᠯᠬᠤ ᠵᠢᠴᠢ ᠵᠣᠬᠢᠶᠠᠨ ᠪᠦᠳᠦᠭᠡᠬᠦ ᠴᠢᠳᠠᠪᠣᠷᠢ ᠲᠠᠢ ᠪᠣᠯᠭᠠᠵᠣ ᠡᠭᠦᠳᠤᠯᠳᠡ

ᠨᠡᠬᠡᠭᠡᠯᠳᠡ ᠶᠢᠨ ᠪᠠᠶᠠᠷ ᠪᠠᠭ᠋ᠠᠳᠣᠯ ᠡᠳ᠋ᠯᠡᠬᠦᠯᠬᠦ ᠬᠡᠷᠡᠭᠳᠡᠢ᠃ ᠰᠣᠷᠣᠭᠴᠢᠳ ᠢ ᠬᠠᠷᠠᠬᠠᠨ ᠪᠠᠭ᠎ᠠ ᠠᠴᠠ ᠪᠠᠨ ᠨᠤᠮ

ᠤᠩᠰᠢᠬᠤ ᠰᠠᠶᠢᠨ ᠲᠠᠳᠬᠠᠯ ᠲᠠᠢ ᠪᠤᠯᠭᠠᠬᠤ ᠨᠢ ᠬᠡᠯᠡ ᠪᠢᠴᠢᠭ ᠤᠨ ᠵᠢᠭᠠᠨ ᠰᠣᠷᠭᠠᠯᠳᠠ ᠶᠢᠨ ᠭᠠᠷᠬᠤ ᠵᠠᠮ ᠤᠨ ᠨᠢᠭᠡ

ᠪᠠᠶᠢᠭ᠎ᠠ ᠶᠣᠮ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠤᠩᠨᠢᠭᠤᠳ ᠬᠤᠰᠢᠭᠤᠨ ᠤ ᠬᠠᠶᠢᠯᠠᠰᠤ 

                                ᠮᠤᠩᠭᠤᠯ ᠰᠤᠷᠭᠠᠭᠤᠯᠢ 

                                ︵ᠠᠯᠳᠠᠨᠰᠦ᠋ᠭᠡ ᠨᠠᠶᠢᠷᠠᠭᠤᠯᠪᠠ︶

                                2023.5 ᠳ᠋ᠤᠭᠠᠷ ᠬᠤᠭᠤᠴᠠᠭ᠎ᠠ

 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map