ᠭᠡᠤᠭᠡᠳ ᠢ ᠵᠦᠪ ᠬᠠᠶᠢᠷᠠᠯᠠᠬᠤ ᠶᠢᠨ ᠤᠴᠢᠷ ᠲᠤ
ᠨᠡᠶᠢᠲᠡᠯᠡᠭᠰᠡᠨ ᠴᠠᠭ᠄
2023/12/15
                     ᠠᠨ ᠴᠠᠩ ᠱᠠᠨ

幼儿教育2.png

      ᠨᠡᠶᠢᠭᠡᠮ ᠤᠨ ᠬᠦᠭᠵᠢᠯᠲᠡ ᠶᠢ ᠳᠠᠭᠠᠯᠳᠦᠨ ᠬᠦᠮᠦᠰ ᠤᠨ ᠪᠣᠳᠠᠰ ᠤᠨ ᠠᠮᠢᠳᠦᠷᠠᠯ ᠪᠠ ᠰᠣᠶᠣᠯ ᠤᠨ

ᠠᠮᠢᠳᠣᠷᠠᠯ ᠢ ᠬᠦᠭᠡᠭᠡᠴᠡᠯᠳᠦᠬᠦ ᠦᠵᠡᠯᠲᠡ ᠲᠠᠨᠢᠯᠲᠠ ᠨᠢ ᠴᠦ ᠬᠤᠪᠢᠷᠠᠯᠲᠠ ᠭᠠᠷᠴᠦ᠂ ᠣᠨᠴᠠᠭᠠᠶᠢᠯᠠᠨ ᠵᠠᠯᠠᠭᠤ ᠡᠵᠢ

ᠠᠪᠤ ᠴᠦᠮ ᠭᠠᠭᠴᠠ ᠬᠡᠣᠬᠡᠳ ᠠᠪᠴᠣ ᠠᠮᠠ ᠳᠤ ᠪᠠᠨ ᠬᠢᠪᠡᠯ ᠬᠠᠶᠢᠯᠤᠮᠠᠷ᠂ ᠠᠯᠠᠭᠠᠨ ᠳᠤ ᠪᠠᠨ ᠲᠠᠯᠪᠢᠪᠠᠯ          

ᠪᠦᠮᠪᠦᠷᠢᠮᠠᠷ ᠬᠠᠶᠢᠷᠠᠯᠠᠵᠣ᠂ ᠰᠠᠨᠠᠭᠠᠨ ᠲᠠᠭ᠎ᠠ ᠪᠠᠷ ᠨᠢ ᠦᠰᠭᠡᠨ ᠬᠦᠮᠦᠵᠢᠭᠦᠯᠵᠦ ᠪᠠᠶᠢᠬᠤ ᠨᠢ ᠵᠦᠩᠳᠡᠭᠡᠨ          

ᠬᠠᠷᠠᠭᠳᠠᠨ᠎ᠠ᠃ ᠴᠢᠩᠭᠢᠭᠡᠳ ᠰᠠᠨᠠᠯ ᠨᠢ ᠵᠠᠨᠣᠯ ᠪᠣᠯᠵᠣ᠂ ᠬᠠᠶᠢᠷ᠎ᠠ ᠨᠢ ᠬᠤᠷᠣᠰᠣᠯ ᠪᠣᠯᠬᠤ ᠤᠴᠢᠷ ᠵᠦᠡᠭᠳᠡᠭᠡᠨ ᠢᠯᠠᠷᠠᠭᠦ

ᠪᠤᠯᠵᠠᠢ᠃ ᠡᠳᠡᠭᠡᠷ ᠨᠢ ᠴᠦᠮ ᠠᠪᠤ ᠡᠵᠢ ᠪᠣᠯᠣᠭᠰᠠᠳ ᠬᠡᠣᠬᠡᠳ ᠲᠤ  ᠪᠠᠨ ᠵᠦᠪ ᠬᠠᠶᠢᠷ᠎ᠠ ᠶᠢ ᠬᠦᠷᠲᠡᠭᠡᠵᠦ ᠴᠢᠳᠠᠭᠰᠠᠨ

ᠦᠭᠡᠢ ᠠᠴᠠ ᠪᠤᠯᠤᠭᠰᠠᠨ ᠬᠠᠷᠠᠮᠰᠠᠯᠲᠠᠢ ᠮᠦᠷᠳᠡᠭᠡᠨ ᠬᠠᠷᠠᠰᠠᠯᠲᠠᠢ ᠦᠷ᠎ᠡ ᠳ᠋ᠦᠩ ᠮᠦᠨ᠃ ᠭᠡᠷ ᠤᠨ ᠠᠬᠠᠮᠠᠳ

ᠭᠤᠤᠯᠳᠠᠭᠤ ᠲᠤᠤᠷᠠᠬᠢ ᠭᠡᠳᠤᠨ ᠲᠠᠯ᠎ᠠ ᠪᠠᠷ ᠭᠡᠤᠭᠡᠳ ᠢᠶᠠᠨ ︽ᠭᠡᠳᠤᠷᠭᠡᠢ ᠬᠠᠶᠢᠷᠠᠯᠠᠵᠤ︾ ᠪᠤᠢ᠃

      1. ᠡᠵᠢ ᠠᠪᠤ ᠨᠢ ᠬᠡᠣᠬᠡᠳ ᠢᠶᠠᠨ ᠭᠡᠳᠤᠷᠭᠡᠢ ᠠᠰᠠᠷᠠᠵᠤ ᠪᠠᠶᠢᠨ᠎ᠠ᠂ ᠵᠢᠱᠢᠶᠡᠯᠡᠪᠡᠯ᠂ ᠬᠡᠣᠬᠡᠳ ᠢᠶᠠᠨ ᠬᠡᠲᠦᠷᠬᠡᠢ

ᠬᠠᠶᠢᠷᠠᠯᠠᠬᠤ ᠠᠪᠤ ᠡᠵᠢ ᠨᠢ ᠳᠣᠷᠠᠲᠠᠶᠢᠶ᠎ᠠ ᠬᠡᠣᠬᠡᠳ ᠤᠨ ᠠᠰᠠᠷᠠᠬᠴᠢ ᠪᠣᠯᠵᠤ ᠪᠤᠢ᠃ ᠬᠡᠣᠬᠡᠳ ᠤᠨ ᠢᠶᠠᠨ

ᠪᠣᠭᠴᠣ ᠶᠢ ᠨᠢ ᠡᠭᠦᠷᠴᠦ᠂ ᠵᠢᠷᠤᠭ ᠤᠨ ᠬᠠᠪᠲᠠᠰᠣ ᠶᠢ ᠨᠢ ᠡᠭᠦᠷᠴᠦ᠂ ᠣᠰᠣᠨ ᠴᠣᠮᠣ ᠶᠢ ᠨᠢ ᠠᠳᠬᠤᠵᠣ᠂ ᠬᠡᠣᠬᠡᠳ

ᠦᠪᠡᠷ ᠢᠶᠠᠨ ᠬᠢᠵᠣ ᠳᠡᠶᠢᠯᠬᠦ ᠶᠠᠪᠣᠳᠠᠯ ᠢ ᠲᠣᠳᠣᠷᠬᠠᠢ ᠮᠡᠳᠡᠵᠦ ᠪᠠᠶᠢᠪᠠᠴᠦ ᠬᠡᠣᠬᠡᠳ ᠢᠶᠠᠷ ᠬᠢᠯᠭᠡᠬᠦ ᠦᠭᠡᠢ ᠠᠪᠤ ᠡᠵᠢ 

 ᠨᠢ ᠪᠦᠬᠦᠨ ᠢ ᠬᠢᠭᠡᠳ ᠦᠭᠴᠢᠭᠡᠳᠡᠭ᠂ ᠬᠡᠣᠬᠡᠳ ᠨᠢ ᠡᠵᠢ ᠠᠪᠤ ᠶᠢᠨ ᠢᠶᠠᠨ ᠬᠦᠴᠢᠷ ᠵᠣᠪᠠᠯᠠᠩ ᠢ ᠦᠯᠦ ᠬᠠᠮᠢᠶᠠᠷᠡᠨ᠂

ᠡᠵᠢ ᠠᠪᠤ ᠶᠢᠨ ᠬᠢᠨᠢ ᠲᠡᠭᠦᠨ ᠳᠤ ᠦᠢᠯᠡᠴᠢᠯᠡᠬᠦ ᠨᠢ ᠵᠦᠢ ᠲᠠᠢ ᠬᠡᠷᠡᠭ ᠭᠡᠵᠦ ᠦᠵᠠᠳᠡᠭ᠃

      2. ᠡᠵᠢ ᠠᠪᠤ ᠨᠢ ᠦᠷᠬᠦᠯᠵᠢ ᠬᠡᠣᠬᠡᠳ ᠢᠶᠠᠨ ᠦᠭᠡᠶᠢᠰᠭᠡᠨ ᠨᠣᠴᠣᠭᠠᠨ᠎ᠠ᠃ ᠵᠢᠱᠢᠶᠡᠯᠡᠪᠠᠯ᠂ ᠵᠠᠷᠢᠮ ᠭᠡᠷ ᠤᠨ

ᠠᠬᠠᠮᠠᠳ ᠬᠡᠣᠬᠡᠳ ᠢᠶᠠᠨ ᠨᠣᠴᠣᠭᠠᠵᠤ᠂ ᠲᠠᠳᠠᠨ ᠤ ᠭᠦᠷᠤᠯᠴᠠᠭᠦ ᠦᠭᠡᠢ ᠲᠠᠯ᠎ᠠ ᠶᠢ ᠪᠣᠰᠣᠳ ᠬᠡᠣᠬᠡᠳ ᠤᠨ

ᠳᠠᠪᠠᠭᠤᠯᠢᠭ ᠲᠠᠯ᠎ᠠ ᠲᠠᠢ ᠠᠳᠠᠯᠢᠳᠬᠠᠨ᠎ᠠ᠃ ᠦᠭᠡᠶᠢᠰᠭᠡᠯ ᠤᠨ ᠳᠣᠮᠳᠠ ᠦᠰᠦᠨ ᠪᠤᠶᠢᠵᠢᠭᠰᠠᠨ ᠬᠡᠣᠬᠡᠳ ᠪᠣᠰᠣᠳ ᠢ

ᠳᠠᠶᠢᠰᠣᠩᠨᠠᠬᠤ ᠴᠢᠨᠠᠷ ᠢᠶᠠᠷ ᠴᠢᠩᠭ᠎ᠠ᠂ ᠳᠣᠲᠣᠭᠠᠳᠣ ᠰᠡᠳᠬᠢᠯᠭᠡ ᠨᠢ ᠬᠠᠶᠢᠷ᠎ᠠ ᠪᠠᠷ ᠳᠣᠲᠠᠮᠠᠭ ᠪᠠᠶᠢᠳᠠᠬ᠃ ᠬᠠᠷᠢᠨ

ᠠᠭᠤᠳᠠᠮ ᠪᠠᠭᠳᠠᠭᠠᠮᠵᠢᠳᠠᠢ ᠭᠡᠷ ᠤᠨ ᠠᠬᠠᠮᠠᠳ ᠦᠷᠬᠦᠯᠵᠢ ᠬᠡᠣᠬᠡᠳ ᠢᠶᠠᠨ ᠨᠤᠳᠠᠯᠠᠨ᠎ᠠ᠂ ᠬᠡᠣᠬᠡᠳ ᠤᠨ ᠠᠷ ᠰᠠᠷ

ᠶᠠᠪᠣᠳᠠᠯ ᠠᠴᠠ ᠦᠴᠦᠬᠡᠨ ᠳᠡᠭᠡᠭᠰᠢᠯᠡᠯᠲᠡ ᠶᠢ ᠨᠢ ᠣᠯᠵᠣ ᠬᠠᠷᠡᠨ᠂ ᠡ᠊ᠨᠡ ᠭᠦ ᠦᠴᠦᠬᠡᠨ ᠳᠡᠭᠡᠭᠰᠢᠯᠡᠯᠲᠡ ᠠᠴᠠ

ᠬᠡᠣᠬᠡᠳ ᠢᠶᠠᠨ ᠵᠣᠷᠢᠬᠵᠢᠭᠤᠯᠣᠨ᠎ᠠ᠃ ᠲᠡᠳᠡ ᠦᠷᠭᠦᠯᠵᠢ᠄ ︽ᠶᠡᠭᠡ ᠰᠠᠶᠢᠨ᠂ ᠮᠢᠨᠦ ᠬᠡᠣᠬᠡᠳ ᠦᠴᠦᠭᠡᠳᠦᠷ ᠠᠴᠠ

ᠳᠠᠪᠰᠢᠯᠲᠠ ᠲᠠᠢ︾ ᠭᠡᠳᠡᠭ ᠶᠤᠮ᠃ ᠠᠭᠤᠴᠢᠯᠠᠯ ᠤᠨ ᠳᠣᠮᠳᠠ ᠦᠰᠦᠨ ᠪᠤᠶᠢᠵᠢᠭᠰᠠᠨ ᠬᠡᠣᠬᠡᠳ ᠣᠨᠴᠠ

ᠬᠦᠯᠢᠴᠡᠩᠭᠦᠢ ᠪᠠᠶᠢᠳᠠᠭ᠃

      3. ᠡᠵᠢ ᠠᠪᠤ ᠨᠢ ᠬᠡᠣᠬᠡᠳ ᠢᠶᠠᠨ ᠦᠷᠬᠦᠯᠵᠢ ᠵᠢᠮᠡᠯᠡᠨ᠎ᠡ᠃ ᠵᠠᠷᠢᠮ ᠭᠡᠷ ᠤᠨ ᠠᠬᠠᠮᠠᠳ ᠬᠡᠣᠬᠡᠳ ᠢᠶᠠᠨ

ᠵᠣᠷᠢᠬᠵᠢᠭᠤᠯᠣᠨ᠎ᠠ᠃ ᠬᠠᠲᠠᠭᠤ ᠴᠢᠩᠭ᠎ᠠ ᠡᠵᠢ ᠠᠪᠤ ᠬᠡᠣᠬᠡᠳ ᠤᠨ ᠢᠶᠠᠨ ᠠᠯᠳᠠᠭ᠎ᠠ ᠪᠣᠷᠣᠭᠤ ᠭᠠᠷᠭᠠᠬᠤ ᠶᠢ

ᠠᠭᠤᠴᠢᠯᠠᠬᠤ ᠦᠭᠡᠢ᠂ ᠠᠯᠳᠠᠭ᠎ᠠ ᠪᠣᠷᠣᠭᠤ ᠭᠠᠷᠭᠠᠪᠠᠯ ᠬᠠᠷᠢᠶᠠᠨ ᠵᠣᠳᠣᠵᠣ᠂ ᠬᠡᠣᠬᠡᠳ ᠢ ᠠᠯᠪᠠᠳᠠᠵᠣ ᠪᠠᠶᠢᠭᠠᠳ

ᠬᠤᠳᠠᠯ ᠬᠡᠯᠡᠬᠦ ᠮᠠᠭᠤ ᠳᠠᠳᠬᠠᠯ ᠲᠠᠢ ᠪᠣᠯᠭᠠᠨ᠎ᠠ᠃ ᠡᠭᠦᠨ ᠠᠴᠠ ᠪᠣᠯᠵᠣ ᠬᠡᠣᠬᠡᠳ ᠤᠳ ᠬᠠᠷᠢᠭᠤᠴᠠᠯᠭ᠎ᠠ ᠶᠢ ᠲᠦᠯᠬᠢᠭᠦ

ᠮᠠᠭᠤ ᠳᠠᠳᠬᠠᠯ ᠲᠠᠢ ᠪᠣᠯᠴᠢᠬᠠᠨ᠎ᠠ᠃ ᠪᠣᠷᠣᠭᠤᠰᠢᠶᠠᠯ ᠤᠨ ᠳᠣᠮᠳᠠ ᠦᠰᠦᠨ ᠪᠤᠶᠢᠵᠢᠭᠰᠠᠨ ᠬᠡᠣᠬᠡᠳ ᠠᠮᠠᠷᠬᠠᠨ

ᠣᠷᠴᠢᠯᠠᠩ ᠳᠤ ᠰᠢᠯᠲᠠᠵᠣ᠂ ᠣᠯᠠᠨ ᠳᠤ ᠭᠤᠮᠣᠳᠠᠳᠠᠭ᠃ ᠬᠡᠣᠬᠡᠳ ᠬᠤᠳᠠᠯ ᠶᠠᠷᠢᠳᠠᠭ ᠨᠢ ᠡᠵᠢ ᠠᠪᠤ ᠨᠢ ᠦᠷᠬᠦᠯᠵᠢ

ᠲᠠᠳᠠᠨ ᠢ ᠪᠣᠷᠣᠭᠤᠰᠢᠶᠠᠨ ᠵᠢᠮᠡᠯᠡᠭᠰᠡᠨ ᠠᠴᠠ ᠪᠣᠯᠣᠭᠰᠠᠨ ᠭᠡᠰᠡᠨ ᠢ ᠮᠡᠳᠡᠵᠣ ᠪᠣᠯᠣᠨ᠎ᠡ᠃ ᠨᠢᠭᠡᠨ ᠣᠢ ᠪᠢᠯᠢᠭ ᠲᠠᠢ

ᠡᠵᠢ ᠠᠪᠤ ᠨᠢ ᠶᠠᠮᠠᠷᠪᠠ ᠨᠢᠭᠡᠨ ᠬᠡᠣᠬᠡᠳ ᠴᠦᠮ ᠪᠣᠷᠣᠭᠤ ᠭᠠᠷᠭᠠᠵᠣ᠂ ᠪᠣᠷᠣᠭᠤ ᠪᠠᠨ ᠮᠡᠳᠡᠷᠡᠬᠦ᠂ ᠪᠣᠷᠣᠭᠤ ᠪᠠᠨ

ᠲᠠᠨᠢᠬᠤ ᠶᠠᠪᠣᠴᠠ ᠶᠢ ᠦᠩᠭᠡᠷᠡᠭᠦᠯᠳᠡᠭ ᠭᠡᠰᠡᠨ ᠢ ᠰᠠᠶᠢᠨ ᠣᠶᠢᠯᠠᠭᠠᠨ᠎ᠠ᠃ ᠪᠣᠷᠣᠭᠤ ᠪᠠᠨ ᠬᠠᠯᠠᠨ ᠰᠠᠶᠢᠵᠢᠷᠠᠭᠤᠯᠬᠤ

ᠳᠣᠮᠳᠠ ᠪᠠᠨ ᠠᠯᠳᠠᠭ᠎ᠠ ᠭᠠᠷᠭᠠᠵᠣ ᠪᠣᠯᠬᠤ ᠦᠭᠡᠢ ᠭᠡᠰᠡᠨ ᠱᠠᠭᠠᠷᠳᠠᠯᠭ᠎ᠠ ᠨᠢ ᠬᠡᠣᠬᠡᠳ ᠢᠶᠠᠨ ᠬᠤᠣᠷᠯᠠᠵᠣ ᠪᠠᠶᠢᠬᠤ ᠨᠢ

ᠲᠡᠷᠡ᠃ ᠡᠶᠢᠮᠣ ᠠᠴᠠ ᠲᠡᠳᠡ ᠬᠡᠣᠬᠡᠳ ᠢᠶᠠᠨ ᠬᠦᠯᠢᠴᠡᠩᠭᠦᠢ ᠪᠠᠷ ᠬᠠᠪᠰᠣᠷᠣᠨ ᠪᠣᠷᠣᠭᠤ ᠶᠢ ᠨᠢ ᠵᠠᠯᠠᠷᠠᠭᠤᠯᠵᠣ᠂

ᠲᠡᠳᠡᠨ ᠢ ᠦᠪᠡᠷ ᠤᠨ ᠪᠣᠷᠣᠭᠤ ᠠᠵᠢᠯᠯᠠᠭ᠎ᠠ ᠠᠴᠠ ᠪᠣᠯᠣᠭᠰᠠᠨ ᠦᠷ᠎ᠡ ᠳ᠋ᠦᠩ ᠢ ᠮᠡᠳᠡᠭᠦᠯᠦᠨ᠎ᠡ᠃ ᠡᠨᠡ ᠨᠢ ᠳᠠᠷᠦᠢ

ᠪᠢᠳᠡᠨ ᠤ ᠶᠡᠷᠣᠳᠡᠭᠡᠨ ᠶᠠᠷᠢᠳᠠᠭ ᠦᠪᠡᠷ ᠤᠨ ᠬᠢᠭᠰᠡᠨ ᠣᠴᠢᠷ ᠢᠶᠠᠨ ᠦᠪᠡᠷ ᠢᠶᠠᠨ ᠠᠮᠰᠠᠨ᠎ᠠ᠂ ᠬᠡᠣᠬᠡᠳ ᠢ ᠦᠪᠡᠷ ᠤᠨ

ᠦᠢᠯᠡ ᠠᠵᠢᠯᠯᠠᠭ᠎ᠠ ᠳᠤ ᠪᠠᠨ ᠦᠪᠡᠷ ᠢᠶᠠᠨ ᠬᠠᠷᠢᠭᠤᠴᠠᠵᠣ ᠰᠣᠷᠭᠠᠨ᠎ᠠ᠃ ᠡᠨᠡ ᠪᠣᠯ ᠣᠢ ᠪᠢᠯᠢᠭᠲᠦ ᠡᠵᠢ ᠠᠪᠤ ᠳᠤ

ᠲᠣᠭᠠᠴᠢᠭᠳᠠᠨ᠎ᠠ᠃

      4. ᠡᠵᠢ ᠠᠪᠤ ᠨᠢ ᠬᠡᠣᠬᠡᠳ ᠢᠶᠠᠨ ᠰᠡᠵᠢᠭᠯᠡᠨ᠎ᠡ᠃ ᠭᠡᠪᠡᠴᠤ ᠵᠠᠷᠢᠮ ᠡᠵᠢ ᠠᠪᠤ ᠨᠢ ᠬᠡᠣᠬᠡᠳ ᠢᠶᠠᠨ          

ᠢᠳᠡᠭᠡᠨ᠎ᠡ᠃ ᠵᠠᠷᠢᠮ ᠡᠵᠢ ᠠᠪᠤ ᠨᠢ ᠰᠡᠵᠢᠭ ᠶᠡᠬᠡᠲᠠᠢ᠂ ᠶᠡᠷᠣᠳᠡᠭᠡᠨ ᠬᠡᠣᠬᠡᠳ ᠢᠶᠠᠨ ᠰᠡᠵᠢᠭᠯᠡᠯ ᠤᠨ ᠬᠠᠷᠠᠴᠠ ᠪᠠᠷ

ᠬᠠᠷᠠᠵᠣ ᠲᠡᠳᠡᠨ ᠢ ᠰᠠᠶᠢᠨ ᠶᠠᠪᠣᠳᠠᠯ ᠬᠢᠬᠦ ᠶᠢ ᠢᠲᠡᠭᠡᠬᠦ ᠦᠭᠡᠢ᠂ ᠭᠡᠷ ᠲᠤ ᠬᠢ ᠵᠣᠭᠤᠰ ᠢ ᠬᠤᠯᠣᠭᠠᠶᠢᠯᠠᠭᠰᠠᠨ

ᠵᠠᠩ ᠢᠶᠠᠨ ᠬᠡᠵᠢᠶᠡᠲᠡ ᠬᠠᠯᠠᠬᠤ ᠦᠭᠡᠢ ᠭᠡᠵᠦ ᠬᠡᠣᠬᠡᠳ ᠢᠶᠠᠨ ᠬᠤᠳᠠᠯ ᠬᠡᠯᠡᠭᠴᠢ ᠳᠤ ᠲᠣᠭᠠᠴᠢᠨ᠂ ᠲᠡᠳᠡᠨ ᠢ ᠢᠲᠡᠭᠡᠬᠦ

ᠦᠭᠡᠢ᠃ ᠶᠡᠷᠣ ᠳᠤ ᠪᠠᠨ ᠬᠡᠣᠬᠡᠳ ᠤᠨ ᠬᠤᠳᠠᠯ ᠬᠡᠯᠡᠭᠰᠡᠨ ᠢ ᠲᠠᠲᠠᠨ ᠭᠠᠷᠭᠠᠳᠠᠭ᠃ ᠭᠡᠲᠡᠯ᠎ᠡ ᠣᠢ ᠪᠢᠯᠢᠭᠳᠦ ᠡᠵᠢ ᠠᠪᠤ

ᠬᠡᠵᠢᠶᠡᠲᠡ ᠬᠡᠣᠬᠡᠳ ᠢᠶᠠᠨ ᠢᠳᠡᠭᠡᠯ ᠳᠦᠭᠦᠷᠡᠩ ᠬᠠᠷᠠᠴᠠ ᠪᠠᠷ ᠬᠠᠷᠠᠵᠣ᠂ ᠬᠡᠣᠬᠡᠳ ᠨᠢ ᠠᠯᠳᠠᠭ᠎ᠠ ᠪᠣᠷᠣᠭᠤ

ᠭᠠᠷᠭᠠᠭᠰᠠᠨ ᠴᠦ ᠬᠢᠯᠠᠯᠵᠠᠭᠰᠠᠨ ᠴᠢᠭ ᠢ ᠣᠯᠵᠣ ᠬᠠᠷᠠᠭᠰᠠᠨ ᠬᠠᠷᠠᠴᠠ ᠪᠠᠷ ᠬᠠᠷᠠᠳᠠᠭ ᠪᠠᠶᠢᠨ᠎ᠠ᠃ ᠡᠶᠢᠮᠦ ᠪᠣᠯᠬᠤᠯᠠᠷ

ᠬᠡᠣᠬᠡᠳ ᠦᠪᠡᠷ ᠤᠨ ᠢᠳᠡᠪᠬᠢᠲᠠᠢ ᠨᠢᠭᠡ ᠲᠠᠯ᠎ᠠ ᠪᠠᠨ ᠴᠢᠷᠮᠠᠶᠢᠨ ᠪᠠᠳᠠᠷᠠᠭᠤᠯᠵᠣ᠂ ᠡ᠊ᠨᠡ ᠭᠦ ᠢᠲᠡᠭᠡᠯ ᠢᠶᠠᠨ

ᠠᠯᠳᠠᠬᠤ ᠠᠴᠠ ᠲᠦᠢᠯ ᠢᠶᠠᠷ ᠬᠢᠴᠢᠶᠡᠳᠡᠭ ᠪᠠᠶᠢᠯ᠎ᠠ᠃ ᠮᠡᠳᠡᠷᠡᠬᠦ ᠶᠢᠨ ᠳᠣᠮᠳᠠ ᠦᠰᠦᠨ ᠪᠤᠶᠢᠵᠢᠭᠰᠠᠨ ᠬᠡᠣᠬᠡᠳ

ᠵᠣᠷᠢᠯᠲᠠ ᠲᠠᠢ᠂ ᠦᠪᠡᠷ ᠪᠣᠰᠣᠳ ᠢ ᠬᠠᠶᠢᠷᠠᠯᠠᠬᠤ ᠶᠢ ᠮᠡᠳᠡᠵᠦ᠂ ᠣᠯᠠᠮ ᠰᠢᠯᠢᠳᠡᠭ ᠪᠣᠯᠣᠨ᠎ᠠ᠃

      5. ᠡᠵᠢ ᠠᠪᠤ ᠨᠢ ᠬᠡᠣᠬᠡᠳ ᠢᠶᠠᠨ ᠴᠢᠯᠦᠭᠡᠲᠠᠢ ᠭᠦᠭᠵᠢᠭᠦᠯᠦᠨ᠎ᠠ᠂ ᠭᠡᠪᠡᠴᠤ ᠵᠠᠷᠢᠮ ᠨᠢ ᠬᠡᠣᠬᠡᠳ ᠢᠶᠠᠨ

ᠴᠢᠩᠭ᠎ᠠ ᠱᠠᠭᠠᠷᠳᠠᠨ᠎ᠠ᠃ ᠮᠣᠩᠬᠠᠭ ᠡᠬᠡ ᠡᠴᠢᠭᠡ ᠬᠡᠣᠬᠡᠳ ᠤᠨ ᠰᠠᠨᠠᠭ᠎ᠠ ᠪᠠᠷ᠂ ᠬᠡᠣᠬᠡᠳ ᠨᠢ ᠶᠠᠭᠤ ᠠᠪᠬᠤ ᠭᠡᠪᠡᠯ

ᠲᠡᠭᠦᠨ ᠢ ᠠᠪᠴᠦ ᠦᠭᠭᠦᠵᠦ᠂ ᠶᠠᠭᠠᠬᠢᠬᠤ ᠭᠡᠪᠡᠯ ᠲᠡᠭᠡᠵᠦ᠂ ᠪᠣᠳᠣᠭᠰᠠᠨ ᠪᠣᠳᠣᠯ ᠢᠶᠠᠷ᠂ ᠰᠠᠨᠠᠭᠰᠠᠨ ᠰᠠᠨᠠᠭ᠎ᠠ ᠪᠠᠷ ᠨᠢ

ᠪᠡᠶᠡᠯᠡᠭᠦᠯᠳᠡᠭ᠂ ᠬᠡᠣᠬᠡᠳ ᠤᠨ ᠶᠠᠭᠤ ᠬᠢᠪᠡᠯ ᠲᠠᠭᠠᠷᠠᠨ᠎ᠠ᠂ ᠶᠠᠭᠤ ᠬᠢᠪᠡᠯ ᠲᠠᠭᠠᠷᠠᠬᠤ ᠦᠭᠡᠢ ᠭᠡᠰᠡᠨ ᠢ ᠬᠠᠮᠢᠶᠠᠷᠬᠤ

ᠦᠭᠡᠢ᠂ ᠢᠩᠭᠢᠭᠰᠡᠨ ᠠᠴᠠ ᠬᠡᠣᠬᠡᠳ ᠨᠢ ᠶᠣᠰᠣ ᠪᠣᠰᠣ ᠠᠭᠠᠰᠢᠯᠠᠨ ᠴᠢᠨᠠᠭᠰᠢᠯᠠᠪᠠᠯ ᠬᠠᠣᠯᠢ ᠶᠣᠰᠣ ᠠᠴᠠ ᠵᠦᠷᠢᠴᠡᠬᠦ

ᠠᠵᠢᠯᠯᠠᠭ᠎ᠠ ᠬᠢᠳᠡᠭ ᠪᠠᠶᠢᠨ᠎ᠡ᠃ ᠴᠢᠩᠭᠢᠭᠡᠳ ᠬᠡᠣᠬᠡᠳ ᠤᠨ ᠢᠶᠠᠨ ᠨᠢᠭᠡ ᠨᠠᠰᠣ ᠶᠢ ᠬᠤᠣᠷᠯᠠᠴᠢᠬᠠᠨ᠎ᠠ᠃ ᠨᠢᠭᠡᠨ ᠣᠢ

ᠪᠢᠯᠢᠭ ᠲᠠᠢ ᠡᠵᠢ ᠠᠪᠤ ᠨᠢ ᠬᠡᠣᠬᠡᠳ ᠢ ᠬᠠᠮᠢᠶᠠᠷᠤᠨ ᠳᠦᠷᠢᠮ ᠢ ᠰᠣᠷᠣᠯᠴᠠᠬᠤ ᠴᠢᠬᠤᠯᠠᠲᠠᠢ ᠭᠡᠵᠣ ᠦᠵᠡᠳᠡᠭ᠃ ᠭᠠᠷ

 ᠠᠴᠠ ᠰᠠᠯᠭᠠᠬᠤ ᠨᠢ ᠳᠣᠷ᠎ᠠ ᠪᠠᠷ ᠨᠢ ᠲᠠᠯᠪᠢᠬᠤ ᠶᠠᠪᠣᠳᠠᠯ ᠪᠢᠰᠢ᠂ ᠬᠠᠶᠢᠷᠠᠯᠠᠵᠣ ᠬᠠᠷᠠᠭᠠᠯᠵᠠᠬᠤ ᠨᠢ ᠬᠡᠲᠣᠷᠬᠡᠢ

ᠬᠠᠶᠢᠷᠠᠯᠠᠬᠤ ᠶᠠᠪᠣᠳᠠᠯ ᠪᠢᠰᠢ᠃ ᠬᠡᠣᠬᠡᠳ ᠤᠳ ᠬᠠᠷᠠᠬᠠᠨ ᠪᠠᠭ᠎ᠠ ᠠᠴᠠ ᠪᠠᠨ ᠰᠠᠶᠢᠨ ᠳᠠᠳᠬᠠᠯ ᠢ ᠬᠦᠮᠦᠵᠢᠭᠦᠯᠬᠦ ᠨᠢ

ᠬᠡᠣᠬᠡᠳ ᠤᠨ ᠢᠶᠠᠨ ᠨᠢᠭᠡ ᠨᠠᠰᠣᠨ ᠳᠤ ᠬᠠᠷᠢᠭᠤᠴᠠᠵᠣ ᠪᠠᠶᠢᠬᠤ ᠲᠠᠢ ᠠᠳᠠᠯᠢ᠃ ᠬᠡᠣᠬᠡᠳ ᠢᠶᠠᠨ ᠬᠠᠶᠢᠷᠠᠯᠠᠬᠤ ᠳᠤ ᠣᠢ

ᠪᠢᠯᠢᠭ ᠬᠡᠷᠡᠭᠲᠡᠢ᠂ ᠣᠢ ᠪᠢᠯᠢᠭ ᠲᠠᠢ ᠡᠵᠢ ᠠᠪᠤ ᠨᠢ ᠬᠡᠣᠬᠡᠳ ᠤᠨ ᠡᠨᠡ ᠡᠳᠦᠷ ᠶᠠᠭᠤ ᠣᠯᠬᠤ ᠶᠢ ᠪᠣᠳᠣᠯᠬᠢᠯᠠᠬᠤ

ᠦᠭᠡᠢ ᠬᠠᠷᠢᠨ ᠮᠠᠷᠭᠠᠰᠢ ᠶᠠᠭᠤ ᠶᠢ ᠬᠡᠷᠡᠭᠯᠡᠵᠦ ᠳᠡᠶᠢᠯᠬᠦ ᠶᠢ ᠪᠣᠳᠣᠯᠬᠢᠯᠠᠳᠠᠭ ᠶᠣᠮ᠃ ᠲᠠᠭᠡᠪᠠᠯ ᠭᠡᠷ ᠤᠨ ᠠᠬᠠᠮᠠᠳ

ᠪᠣᠯᠣᠭᠰᠠᠳ ᠬᠡᠣᠬᠡᠳ ᠢᠶᠠᠨ ᠬᠡᠷᠬᠢᠨ ᠬᠠᠶᠢᠷᠠᠯᠠᠪᠠᠯ ᠵᠤᠬᠢᠬᠤ ᠪᠣᠢ︖ ᠳᠣᠣᠷ᠎ᠠ ᠪᠢᠳᠡ ᠡᠨᠡ ᠠᠰᠠᠭᠤᠳᠠᠯ ᠢ

ᠬᠠᠮᠲᠣ ᠪᠠᠷ ᠶᠠᠷᠢᠯᠴᠠᠶ᠎ᠠ᠃

      1. ᠬᠠᠶᠢᠷ᠎ᠠ ᠰᠢᠩᠭᠡᠭᠰᠡᠨ ᠬᠠᠷᠠᠴᠠ ᠪᠠᠷ ᠬᠡᠣᠬᠡᠳ ᠢᠶᠠᠨ ᠬᠠᠷᠠᠬᠤ ᠬᠡᠷᠡᠭᠲᠡᠢ᠃ ᠬᠠᠶᠢᠷ᠎ᠠ ᠰᠢᠩᠭᠡᠭᠰᠡᠨ ᠬᠠᠷᠠᠴᠠ

ᠪᠣᠯ ᠬᠡᠣᠬᠡᠳ ᠤᠨ ᠦᠰᠦᠨ ᠪᠤᠶᠢᠵᠢᠯᠲᠠ ᠶᠢᠨ ᠰᠢᠮ᠎ᠡ ᠲᠡᠵᠢᠭᠡᠯ ᠮᠦᠨ᠃ ᠪᠢᠳᠡ ᠬᠡᠣᠬᠡᠳ ᠲᠠᠢ ᠪᠠᠨ ᠬᠠᠷᠢᠯᠴᠠᠬᠤ

ᠦᠶᠡᠰ ᠬᠠᠶᠢᠷ᠎ᠠ ᠰᠢᠩᠭᠡᠭᠰᠡᠨ ᠬᠠᠷᠠᠴᠠ ᠨᠢ ᠶᠡᠷᠣ ᠨᠢ ᠦᠭᠡ ᠶᠠᠷᠢᠶ᠎ᠠ ᠶᠢᠨ ᠬᠦᠴᠦᠨ ᠠᠴᠠ ᠶᠡᠭᠡ ᠪᠠᠶᠢᠳᠠᠭ          

ᠶᠣᠮ᠃ ᠶᠠᠫᠦᠨ ᠳᠤ ᠨᠢᠭᠡᠨ ᠡᠷᠳᠡᠮᠲᠡᠨ ᠪᠠᠶᠢᠳᠠᠭ ᠭᠡᠨ᠎ᠠ᠃ ᠣᠬᠢᠯᠠᠨ ᠠᠭᠠᠰᠢᠯᠠᠳᠠᠭ ᠬᠡᠣᠬᠡᠳ ᠲᠡᠭᠦᠨ ᠢ ᠦᠵᠡᠭᠰᠡᠭᠡᠷ

ᠣᠬᠢᠯᠠᠬᠤ ᠪᠠᠨ ᠵᠣᠭᠰᠣᠴᠢᠬᠠᠳᠠᠬ ᠭᠡᠳᠡᠭ᠃ ᠲᠠᠷᠠ ᠦᠷᠭᠦᠯᠵᠢ᠄ ︽ᠬᠤᠶᠠᠷᠬᠠᠨ ᠨᠠᠰᠣᠲᠠᠢ ᠬᠡᠣᠬᠡᠳ ᠴᠣ᠋ ᠣᠴᠢᠷ

ᠶᠣᠰᠣ ᠶᠢ ᠮᠡᠳᠡᠭᠰᠡᠭᠡᠷ ᠦᠪᠡᠷ ᠢ ᠪᠠᠨ ᠡᠵᠡᠮᠰᠢᠵᠣ ᠴᠢᠳᠠᠨ᠎ᠠ︾ ᠭᠡᠵᠤ ᠭᠡᠯᠠᠳᠡᠭ᠃ ᠡᠵᠢ ᠠᠪᠤ ᠨᠢ ᠬᠡᠣᠬᠡᠳ ᠲᠤ ᠪᠠᠨ

ᠲᠣᠩ ᠬᠠᠶᠢᠷᠠᠲᠠᠢ᠂ ᠭᠡᠲᠡᠯ᠎ᠡ ᠨᠢᠳᠣᠨ ᠳᠤ ᠪᠠᠨ ᠬᠡᠴᠢᠨᠡᠨ ᠬᠠᠶᠢᠷ᠎ᠠ ᠢᠯᠠᠷᠠᠭᠦᠯᠳᠡᠭ ᠢ ᠮᠠᠳᠠᠭᠦ ᠦᠭᠡᠢ᠃ ᠲᠠᠶᠢᠮᠦ

ᠪᠤᠯᠬᠤᠷ ᠬᠠᠶᠢᠷ᠎ᠠ ᠰᠢᠩᠭᠡᠭᠰᠡᠨ ᠬᠠᠷᠠᠴᠠ ᠪᠠᠷ ᠭᠡᠤᠭᠡᠳ ᠢ ᠪᠠᠨ ᠦᠷᠭᠦᠯᠵᠢ ᠬᠠᠷᠠᠵᠤ ᠪᠠᠶᠢᠬᠤ ᠨᠢ ᠴᠢᠬᠤᠯᠠ ᠰᠢᠤ᠃

      2. ᠬᠠᠶᠢᠷ᠎ᠠ ᠶᠢᠨ ᠢᠨᠢᠶᠡᠳᠣ ᠪᠠᠷ ᠬᠡᠣᠬᠡᠳ ᠲᠤ ᠪᠠᠨ ᠬᠠᠨᠳᠣᠨ᠎ᠠ᠃ ᠬᠡᠣᠬᠡᠳ ᠲᠤ ᠠᠪᠴᠣ ᠬᠡᠯᠡᠪᠡᠯ ᠠᠪᠤ

ᠡᠵᠢ ᠶᠢᠨ ᠦᠩᠭᠡ ᠵᠢᠰᠣ ᠶᠢᠨ ᠢᠯᠠᠷᠠᠯ ᠨᠢ ᠲᠣᠩ ᠴᠢᠬᠤᠯᠠ ᠶᠣᠮ᠃ ᠢᠨᠢᠶᠡᠮᠰᠣᠭ᠍ᠯᠡᠬᠦ ᠨᠢ ᠲᠡᠭᠦᠨ ᠢ ᠣᠯᠵᠣ

ᠬᠠᠷᠠᠳᠠᠭ ᠬᠦᠮᠦᠨ ᠪᠦᠬᠦᠨ ᠳᠤ ᠴᠦᠮ ᠬᠠᠯᠠᠭᠤᠮᠰᠤᠭ ᠰᠠᠨᠠᠭᠳᠠᠨ᠎ᠠ᠂ ᠢᠨᠢᠶᠡᠮᠰᠣᠭ᠍ᠯᠡᠬᠦ ᠨᠢ ᠶᠠᠭ ᠯᠡ ᠡᠭᠦᠯᠡᠨ

ᠵᠠᠪᠰᠠᠷ ᠠᠴᠠ ᠨᠠᠷᠠ ᠭᠠᠷᠣᠭᠰᠠᠨ ᠰᠢᠬ ᠬᠦᠮᠦᠨ ᠳᠤ ᠡᠶᠡᠪᠡᠷᠭᠦᠤ ᠳᠣᠯᠠᠭᠠᠨ ᠰᠠᠨᠠᠭᠳᠠᠨ᠎ᠠ᠃ ᠬᠡᠣᠬᠡᠳ ᠶᠡᠷᠣ ᠨᠢ

ᠢᠨᠢᠶᠡᠬᠦ ᠳᠣᠷᠠᠲᠠᠢ ᠬᠦᠮᠦᠨ ᠲᠠᠢ ᠣᠶᠢᠷᠠᠲᠣᠬᠤ ᠳᠣᠷᠠᠲᠠᠢ᠂ ᠢᠨᠢᠶᠡᠳᠦ ᠪᠣᠯ ᠬᠠᠶᠢᠷ᠎ᠠ ᠰᠢᠩᠭᠡᠭᠰᠡᠨ ᠦᠭᠡ ᠬᠡᠯᠡ

ᠮᠦᠨ᠃ ᠴᠢ ᠲᠡᠭᠦᠨ ᠤ ᠦᠭᠡᠳᠡ ᠬᠠᠨᠳᠦᠨ ᠢᠨᠢᠶᠡᠮᠰᠦᠭᠯᠡᠭᠰᠡᠨ ᠨᠢ ᠴᠢᠨᠦ ᠳᠣᠲᠣᠭᠠᠳᠣ ᠰᠡᠳᠬᠢᠯᠭᠡ ᠪᠠᠨ

ᠢᠯᠡᠳᠭᠡᠵᠦ ᠪᠠᠶᠢᠬᠤ ᠨᠢ ᠲᠡᠷᠡ᠃ ᠬᠠᠷᠠᠬᠠᠨ ᠪᠠᠭ᠎ᠠ ᠠᠴᠠ ᠪᠠᠨ ᠢᠨᠢᠶᠡᠮᠰᠣᠭ᠍ᠯᠡᠯ ᠤᠨ ᠳᠣᠮᠳᠠ ᠦᠰᠦᠨ ᠪᠤᠶᠢᠵᠢᠭᠰᠠᠨ

ᠬᠡᠣᠬᠡᠳ ᠢᠳᠡᠪᠬᠢ ᠪᠠᠶᠠᠰᠣᠩᠭᠤᠢ ᠰᠡᠳᠬᠢᠯᠭᠡ ᠲᠠᠢ ᠪᠣᠯᠳᠠᠭ᠃ ᠡᠶᠢᠮᠦ ᠠᠴᠠ ᠭᠡᠷ ᠤᠨ ᠠᠬᠠᠮᠠᠳ ᠬᠡᠣᠬᠡᠳ ᠲᠠᠢ ᠪᠠᠨ

ᠢᠯᠡᠭᠦᠬᠡᠨ ᠢᠨᠢᠶᠡᠮᠰᠦᠭ ᠤᠪᠤᠷ ᠢᠶᠠᠷ ᠬᠠᠷᠢᠯᠴᠠᠪᠠᠯ ᠵᠣᠬᠢᠨ᠎ᠡ᠃

      3. ᠬᠠᠶᠢᠷ᠎ᠠ ᠰᠢᠩᠭᠡᠭᠰᠡᠨ ᠦᠭᠡ ᠶᠠᠷᠢᠶ᠎ᠠ ᠪᠠᠷ ᠬᠡᠣᠬᠡᠳ ᠢᠶᠠᠨ ᠵᠣᠷᠢᠬᠵᠢᠭᠤᠯᠬᠤ ᠬᠡᠷᠡᠭᠲᠡᠢ᠃ ᠦᠭᠡ ᠶᠠᠷᠢᠶ᠎ᠠ

ᠬᠦᠮᠦᠨ ᠢ ᠤᠷᠤᠭᠰᠢᠯᠠᠭᠤᠯᠵᠤ ᠴᠢᠳᠠᠨ᠎ᠠ᠂ ᠪᠠᠰᠠ ᠬᠦᠨᠦᠭᠡᠵᠦ ᠳᠡᠶᠢᠯᠦᠨ᠎ᠡ᠃ ᠵᠢᠱᠢᠶᠡᠯᠡᠪᠡᠯ᠂ ᠪᠢᠳᠡᠨ ᠤ ᠦᠷᠬᠦᠯᠵᠢ

ᠬᠡᠷᠡᠭᠯᠡᠬᠦ ︽ᠮᠠᠰᠢ ᠰᠠᠶᠢᠨ ᠪᠣᠯᠣᠯ᠎ᠠ︾ ᠭᠡᠰᠡᠨ ᠦᠭᠡ ᠬᠦᠮᠦᠨ ᠢ ᠵᠣᠷᠢᠬᠵᠢᠭᠤᠯᠦᠨ᠎ᠠ᠃ ︽ᠪᠠᠯᠠᠢ ᠪᠣᠯᠵᠠᠢ᠂

ᠪᠠᠷᠠᠭᠰᠠᠨ ᠬᠡᠷᠡᠭ ᠡ︾ ᠭᠡᠬᠦ ᠮᠠᠳᠤ ᠶᠢᠨ ᠦᠭᠡ ᠨᠢ ᠪᠣᠰᠣᠳ ᠲᠤ ᠴᠣᠬᠢᠯᠲᠠ ᠦᠭᠳᠡᠭ᠃ ᠪᠣᠰᠣᠳ ᠤᠨ

ᠪᠠᠲᠦᠯᠠᠭ᠎ᠠ ᠶᠢᠨ ᠳᠣᠮᠳᠠ ᠦᠰᠦᠭᠰᠡᠨ ᠬᠡᠣᠬᠡᠳ ᠦᠪᠡᠷ ᠪᠣᠰᠣᠳ ᠢ ᠬᠠᠶᠢᠷᠠᠯᠠᠨ᠎ᠠ᠂ ᠪᠣᠰᠣᠳ ᠤᠨ ᠦᠭᠡᠶᠢᠰᠭᠡᠯ ᠤᠨ

ᠳᠣᠮᠳᠠ ᠦᠰᠣᠭ᠍ᠰᠡᠨ ᠬᠡᠣᠬᠡᠳ ᠪᠠᠷᠢᠵᠣ ᠲᠠᠯᠪᠢᠬᠤ ᠪᠠᠨ ᠠᠯᠳᠠᠨ᠎ᠠ᠃

      4. ᠬᠠᠶᠢᠷ᠎ᠠ ᠪᠠᠷ ᠬᠠᠮᠢᠶᠠᠷᠤᠨ ᠰᠣᠷᠭᠠᠨ᠎ᠠ᠃ ᠬᠡᠣᠬᠡᠳ ᠢᠶᠠᠨ ᠬᠠᠶᠢᠷᠠᠯᠠᠬᠤ ᠨᠢ ᠬᠡᠣᠬᠡᠳ ᠢᠶᠠᠨ ᠳᠣᠷ᠎ᠠ ᠪᠠᠷ

ᠲᠠᠯᠪᠢᠬᠤ ᠶᠠᠪᠣᠳᠠᠯ ᠪᠢᠰᠢ᠃ ᠶᠠᠭ ᠯᠡ ᠯᠦ ᠵᠢᠶᠦ᠋ᠨ ᠤ ᠬᠡᠯᠡᠭᠰᠡᠨ ᠰᠢᠭ ᠢᠶᠠᠷ ︽ᠬᠡᠣᠬᠡᠳ ᠢᠶᠠᠨ ᠵᠣᠯ ᠪᠣᠰᠣ ᠬᠦᠮᠦᠨ

ᠪᠣᠯᠭᠠᠬᠤ ᠭᠡᠪᠡᠯ ᠳᠠᠷᠦᠢ ᠬᠡᠣᠬᠡᠳ ᠤᠨ ᠰᠠᠨᠠᠭᠠᠨ ᠲᠠᠪᠠ ᠪᠠᠷ ᠨᠢ ᠲᠠᠯᠪᠢᠨ᠎ᠠ︾ ᠭᠡᠰᠡᠨ ᠰᠢᠭ᠃ ᠬᠠᠶᠢᠷ᠎ᠠ ᠪᠠᠷ

ᠬᠠᠮᠢᠶᠠᠷᠤᠨ ᠰᠣᠷᠭᠠᠬᠤ ᠨᠢ ᠶᠠᠭᠠᠬᠢᠭᠰᠠᠨ ᠴᠣ᠋ ᠬᠠᠶᠢᠷ᠎ᠠ ᠶᠢ ᠲᠤᠳᠠᠭᠳᠠᠭᠤᠯᠤᠨ᠎ᠠ ᠭᠡᠰᠡᠨ ᠦᠭᠡ ᠪᠢᠰᠢ᠂

ᠬᠠᠷᠢᠭᠤᠴᠠᠯᠭ᠎ᠠ ᠪᠠ ᠠᠯᠪᠠ ᠨᠢ ᠴᠣ᠋ ᠦᠭᠡᠢ ᠪᠠᠶᠢᠵᠣ ᠪᠣᠯᠬᠤ ᠦᠭᠡᠢ᠂ ᠬᠡᠣᠬᠡᠳ ᠢᠶᠠᠨ ᠳᠣᠷ᠎ᠠ ᠪᠠᠷ ᠲᠠᠯᠪᠢᠬᠤ ᠨᠢ

ᠬᠡᠣᠬᠡᠳ ᠢᠶᠠᠨ ᠬᠤᠣᠷᠯᠠᠭᠰᠠᠨ ᠲᠠᠢ ᠠᠳᠠᠯᠢ᠃ ᠦᠷ᠎ᠡ ᠪᠦᠲᠦᠮᠵᠢᠲᠠᠢ ᠬᠠᠮᠢᠶᠠᠷᠤᠨ ᠰᠣᠷᠭᠠᠬᠤ ᠨᠢ ᠬᠠᠷᠢᠶᠠᠯ ᠢᠷᠦᠭᠡᠯ

ᠲᠠᠯᠪᠢᠬᠤ ᠶᠠᠪᠣᠳᠠᠯ ᠪᠢᠰᠢ᠂ ᠬᠠᠷᠢᠨ ᠬᠡᠣᠬᠡᠳ ᠢ ᠵᠦᠪ ᠰᠤᠷᠭᠠᠨ ᠭᠦᠮᠦᠵᠢᠭᠦᠯᠵᠤ᠂ ᠲᠡᠭᠦᠨ ᠤ ᠰᠢᠮ᠎ᠡ ᠶᠢ ᠨᠢ

ᠬᠦᠷᠲᠡᠭᠦ ᠶᠢ ᠵᠢᠭᠠᠵᠤ ᠪᠤᠢ᠃

      5. ᠠᠪᠤ ᠡᠵᠢ ᠪᠣᠯᠣᠭᠰᠠᠳ ᠬᠡᠣᠬᠡᠳ ᠤᠨ ᠠᠯᠳᠠᠭ᠎ᠠ ᠪᠣᠷᠣᠭᠤ ᠶᠢ ᠪᠠᠭᠳᠠᠭᠠᠵᠣ ᠶᠠᠪᠣᠪᠠᠯ ᠵᠣᠬᠢᠨ᠎ᠠ᠃ ᠬᠡᠣᠬᠡᠳ

ᠴᠦᠮ ᠪᠠᠭᠳᠠᠭᠠᠬᠤ ᠶᠢ ᠬᠦᠰᠡᠨ᠎ᠡ᠃ ᠠᠯᠳᠠᠷᠲᠣ ᠰᠣᠷᠭᠠᠨ ᠬᠦᠮᠦᠵᠢᠯ ᠤᠨ ᠣᠬᠠᠭᠠᠨᠲᠠᠨ ᠰᠦᠬᠤᠮᠯᠢᠨᠧᠰᠺᠢ᠄ ︽ᠵᠠᠷᠢᠮ

ᠦᠶᠡᠰ ᠲᠤ ᠪᠠᠭᠲᠠᠭᠠᠬᠤ ᠨᠢ ᠰᠢᠭᠦᠮᠵᠢᠯᠡᠯ ᠠᠴᠠ ᠢᠯᠡᠭᠦᠦ ᠬᠦᠴᠦᠨ ᠲᠠᠢ ᠪᠠᠶᠢᠳᠠᠭ᠃ ᠠᠪᠤ ᠡᠵᠢ ᠬᠡᠣᠬᠡᠳ ᠢᠶᠠᠨ

ᠠᠭᠤᠴᠢᠯᠠᠨ ᠪᠠᠭᠳᠠᠭᠠᠵᠣ ᠶᠠᠪᠤᠪᠠᠯ ᠬᠡᠣᠬᠡᠳ ᠨᠡᠩ ᠴᠢᠯᠦᠭᠡᠲᠠᠢ ᠦᠰᠦᠨ ᠪᠤᠶᠢᠵᠢᠵᠣ ᠴᠢᠳᠠᠨ᠎ᠠ︾ ᠭᠡᠵᠡᠢ᠃

      6. ᠬᠡᠣᠬᠡᠳ ᠲᠤ ᠬᠠᠶᠢᠷᠠᠯᠠᠬᠤ ᠵᠠᠪᠰᠢᠶᠠᠨ ᠢ ᠣᠯᠭᠤᠬᠤ ᠬᠡᠷᠡᠭᠲᠡᠢ᠃ ᠵᠢᠩᠭᠢᠨᠢ ᠬᠡᠣᠬᠡᠳ ᠢᠶᠠᠨ ᠬᠠᠶᠢᠷᠠᠯᠠᠬᠤ

ᠡᠬᠡ ᠡᠴᠢᠭᠡ ᠨᠢ ᠬᠡᠣᠬᠡᠳ ᠤᠨ ᠡᠮᠦᠨ᠎ᠡ ᠪᠠᠭᠠᠬᠠᠨ ᠳᠣᠷᠣᠢ ᠰᠢᠬ ᠪᠠᠶᠢᠪᠠᠯ ᠵᠣᠬᠢᠨ᠎ᠠ᠂ ᠬᠠᠷᠢᠨ ᠬᠡᠣᠬᠡᠳ ᠤᠨ ᠡᠮᠦᠨ᠎ᠡ

ᠳᠡᠭᠡᠷᠡᠩᠭᠦᠢ ᠪᠠᠶᠢᠵᠣ ᠪᠣᠯᠬᠤ ᠦᠭᠡᠢ᠃ ᠬᠡᠣᠬᠡᠳ ᠲᠤ ᠪᠣᠰᠣᠳ ᠢ ᠬᠠᠶᠢᠷᠠᠯᠠᠬᠤ ᠵᠠᠪᠰᠢᠶᠠᠨ ᠢ ᠤᠯᠭᠤᠬᠤ          

ᠬᠡᠷᠡᠭᠲᠡᠢ᠃ ᠦᠪᠡᠷ ᠤᠨ ᠪᠠᠶ᠎ᠠ ᠪᠠᠨ ᠠᠭᠤᠯᠠ ᠪᠠᠷ ᠦᠵᠡᠵᠦ ᠬᠡᠣᠬᠡᠳ ᠢᠶᠠᠨ ᠡᠪᠡᠰᠣ ᠪᠠᠷ ᠦᠵᠡᠵᠣ᠂

ᠬᠡᠣᠬᠡᠳ ᠲᠤ ᠪᠠᠨ ᠪᠠᠶᠢᠳᠠᠬ ᠪᠣᠷᠣᠭᠠᠨ ᠰᠠᠯᠬᠢ ᠶᠢ ᠬᠠᠯᠬᠠᠯᠠᠪᠠᠯ᠂ ᠬᠡᠣᠬᠡᠳ ᠨᠢ ᠬᠠᠷᠢᠨ ᠪᠣᠷᠣᠭᠠᠨ ᠰᠠᠯᠬᠢ ᠶᠢ

ᠲᠡᠰᠪᠣᠷᠢᠯᠡᠵᠣ ᠳᠡᠶᠢᠯᠬᠦ ᠦᠭᠡᠢ ᠪᠤᠯᠳᠠᠬ᠃ ᠬᠠᠷᠢᠨ ᠬᠡᠣᠬᠡᠳ ᠢᠶᠠᠨ ᠠᠭᠤᠯᠠ ᠭᠡᠵᠦ ᠦᠵᠡᠪᠡᠯ ᠬᠡᠣᠬᠡᠳ ᠴᠢᠨᠢ ᠰᠠᠶ᠋ᠢ

ᠠᠭᠤᠯᠠ ᠪᠣᠯᠵᠣ ᠴᠢᠳᠠᠨ᠎ᠠ᠃ ᠡᠨᠡ ᠲᠠᠯ᠎ᠠ ᠨᠢ ᠲᠦᠢᠯ ᠤᠨ ᠴᠢᠬᠤᠯᠠ ᠶᠣᠮ᠃

      ᠠᠪᠤ ᠡᠵᠢ ᠨᠢ ᠬᠠᠶᠢᠷ᠎ᠠ ᠰᠢᠩᠭᠡᠭᠰᠡᠨ ᠬᠠᠷᠠᠴᠠ ᠪᠠᠷ ᠭᠡᠤᠭᠡᠳ ᠢᠶᠠᠨ ᠬᠠᠷᠠᠵᠤ᠂ ᠬᠠᠶᠢᠷ᠎ᠠ ᠰᠢᠩᠭᠡᠭᠰᠡᠨ

ᠢᠨᠢᠶᠡᠲᠣ ᠪᠠᠷ ᠬᠡᠣᠬᠡᠳ ᠲᠤ ᠪᠠᠨ ᠬᠠᠨᠳᠣᠵᠣ᠂ ᠬᠠᠶᠢᠷ᠎ᠠ ᠰᠢᠩᠭᠡᠭᠰᠡᠨ ᠦᠭᠡ ᠶᠠᠷᠢᠶ᠎ᠠ ᠪᠠᠷ ᠬᠡᠣᠬᠡᠳ ᠢᠶᠠᠨ

ᠵᠣᠷᠢᠬᠵᠢᠭᠤᠯᠵᠣ᠂ ᠬᠠᠶᠢᠷ᠎ᠠ ᠪᠠᠷ ᠬᠠᠮᠢᠶᠠᠷᠤᠨ ᠰᠣᠷᠭᠠᠵᠤ ᠬᠠᠶᠢᠷ᠎ᠠ ᠪᠠᠷ ᠬᠡᠣᠬᠡᠳ ᠢᠶᠠᠨ ᠪᠠᠭᠲᠠᠭᠠᠵᠣ ᠬᠠᠶᠢᠷᠠᠯᠠᠬᠤ

ᠵᠠᠪᠰᠢᠶᠠᠨ ᠢ ᠬᠡᠣᠬᠡᠳ ᠲᠤ ᠪᠠᠨ ᠦᠭᠭᠦᠭᠡᠷᠡᠢ᠃ ᠬᠠᠶᠢᠷ᠎ᠠ ᠶᠢ ᠵᠦᠪ ᠲᠠᠨᠢᠵᠣ᠂ ᠬᠠᠶᠢᠷ᠎ᠠ ᠶᠢ ᠵᠦᠪ ᠬᠦᠷᠲᠡᠭᠡᠵᠦ

ᠴᠢᠳᠠᠪᠠᠯ ᠰᠠᠶ᠋ᠢ ᠵᠢᠩᠭᠢᠨᠢ ᠬᠠᠶᠢᠷ᠎ᠠ ᠳᠤ ᠲᠣᠭᠠᠴᠢᠭᠳᠠᠵᠣ ᠬᠠᠶᠢᠷ᠎ᠠ ᠶᠢᠨ ᠬᠦᠴᠦᠨ ᠬᠦᠢᠴᠡᠳ ᠪᠠᠳᠠᠷᠠᠵᠣ ᠪᠡᠶ᠎ᠡ

ᠰᠡᠳᠬᠢᠯ ᠡᠷᠡᠭᠦᠯ᠂ ᠣᠶᠣᠨ ᠣᠬᠠᠭᠠᠨ ᠡᠷᠳᠡᠮ ᠴᠢᠳᠠᠪᠣᠷᠢ ᠬᠤᠣᠰᠯᠠᠭᠰᠠᠨ ᠰᠢᠯᠢᠳᠡᠭ ᠬᠡᠣᠬᠡᠳ ᠢ ᠬᠦᠮᠦᠵᠢᠭᠦᠯᠵᠦ

ᠴᠢᠳᠠᠨ᠎ᠠ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠬᠤᠷᠴᠢᠨ ᠵᠡᠭᠦᠨ ᠭᠠᠷᠣᠨ ᠳᠣᠮᠳᠠᠳᠣ ᠬᠤᠰᠢᠭᠤᠨ ᠤ

                                   ᠪᠣᠣ ᠯᠦᠩ ᠱᠠᠨ ᠭᠤᠣᠯ ᠰᠣᠷᠭᠠᠭᠤᠯᠢ

                                   ︵ᠠᠯᠳᠠᠨᠰᠦ᠋ᠭᠡ ᠨᠠᠶᠢᠷᠠᠭᠤᠯᠪᠠ︶

                               2023.5 ᠳ᠋ᠤᠭᠠᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map