ᠬᠡᠣᠬᠡᠳ ᠲᠤ ᠬᠦᠰᠡᠯᠡᠩ ᠤᠨ ᠬᠦᠮᠦᠵᠢᠯ ᠬᠢᠬᠦ ᠴᠢᠬᠤᠯᠠ ᠴᠢᠨᠠᠷ ᠤᠨ ᠲᠤᠬᠠᠢ
ᠨᠡᠶᠢᠲᠡᠯᠡᠭᠰᠡᠨ ᠴᠠᠭ᠄
2023/12/15
                        ᠴᠠᠩ ᠮᠢᠩ

幼儿教育1.png

      ᠮᠠᠨ ᠤ ᠠᠷᠠᠳ ᠤᠨ ᠶᠠᠷᠢᠶᠠᠨ ᠳᠤ ︽ᠬᠦᠮᠦᠨ ᠪᠣᠯᠬᠤ ᠪᠠᠭ᠎ᠠ ᠠᠴᠠ ᠪᠠᠨ᠂ ᠬᠦᠯᠦᠭ ᠪᠣᠯᠬᠤ ᠣᠨᠠᠭᠠᠨ ᠠᠴᠠ          

 ᠪᠠᠨ︾ ᠬᠡᠵᠣ ᠬᠡᠣᠬᠡᠳ ᠢ ᠪᠠᠭ᠎ᠠ ᠨᠠᠰᠣᠨ ᠠᠴᠠ ᠨᠢ ᠡᠬᠢᠯᠡᠵᠣ ᠬᠦᠮᠦᠨ ᠪᠣᠯᠬᠤ ᠵᠦᠪ ᠵᠠᠮ ᠦᠬᠡᠳᠡ ᠣᠳᠣᠷᠢᠳᠣᠨ

ᠬᠦᠮᠦᠵᠢᠬᠦᠯᠬᠦ ᠲᠤᠬᠠᠢ ᠰᠡᠴᠡᠯᠡᠭᠰᠡᠨ ᠪᠠᠶᠢᠳᠠᠭ᠂ ᠣᠳᠣᠬᠠᠨ ᠳᠤ ᠬᠡᠷ ᠪᠦᠯᠢ ᠶᠢᠨ ᠰᠣᠷᠭᠠᠨ ᠬᠦᠮᠦᠵᠢᠯ ᠪᠣᠯᠣᠨ

ᠰᠣᠷᠭᠠᠭᠤᠯᠢ ᠶᠢᠨ ᠰᠣᠷᠭᠠᠨ ᠬᠦᠮᠦᠵᠢᠯ ᠴᠦ ᠬᠡᠦᠬᠡᠳ ᠤᠨ ᠬᠦᠮᠦᠨ ᠪᠤᠯᠬᠤ ᠬᠦᠮᠦᠵᠢᠯ ᠬᠢᠬᠦ ᠶᠢ ᠴᠢᠬᠤᠯᠠᠴᠢᠯᠠᠵᠤ᠂

ᠵᠢᠭᠠᠨ ᠰᠤᠷᠭᠠᠯᠲᠠ ᠶᠢᠨ ᠢᠶᠠᠨ ᠭᠤᠣᠯ ᠬᠠᠷᠠᠯᠳᠠ ᠪᠤᠯᠭᠠᠭᠰᠠᠨ ᠪᠠᠶᠢᠨ᠎ᠠ᠃ ᠬᠦᠮᠦᠨ ᠪᠣᠯᠬᠤ ᠶᠢᠨ ᠬᠦᠮᠦᠵᠢᠯ ᠬᠢᠬᠦ ᠳᠤ

︽ᠬᠦᠰᠡᠯᠡᠩ︾ ᠤᠨ ᠬᠦᠮᠦᠵᠢᠯ ᠬᠢᠬᠦ ᠨᠢ ᠴᠢᠬᠤᠯᠠ ᠭᠡᠵᠦ ᠤᠶᠢᠯᠠᠭᠠᠵᠤ ᠪᠤᠢ᠃ ᠰᠤᠷᠭᠠᠭᠤᠯᠢ᠂ ᠭᠡᠷ ᠪᠦᠯᠢ᠂ ᠨᠡᠶᠢᠭᠡᠮ

ᠭᠤᠷᠪᠠ ᠤᠶᠠᠯᠳᠤᠭᠰᠠᠨ ᠰᠤᠷᠭᠠᠨ ᠬᠦᠮᠦᠵᠢᠯ ᠳᠤ ᠬᠦᠮᠦᠨ ᠪᠤᠯᠬᠤ ᠬᠦᠮᠦᠵᠢᠯ ᠰᠠᠭᠤᠷᠢᠯᠠᠭᠴᠢ ᠦᠢᠯᠡᠳᠦᠯ

ᠦᠵᠡᠭᠦᠯᠳᠡᠭ ᠪᠤᠯ ︽ᠬᠦᠰᠡᠯᠡᠩ︾ ᠤᠨ ᠬᠦᠮᠦᠵᠢᠯ ᠬᠢᠬᠦ ᠨᠢ ᠭᠤᠤᠯ ᠴᠢᠮᠦᠭᠡ ᠪᠤᠯᠬᠤ ᠶᠤᠰᠤᠲᠠᠢ᠃ ᠡᠭᠦᠨ ᠳᠤ

ᠬᠦᠮᠦᠵᠢᠬᠦᠯᠦᠭᠴᠢ ᠲᠠᠯ᠎ᠠ ᠶᠢᠨ ᠣᠳᠣᠷᠢᠳᠣᠨ ᠵᠢᠯᠣᠭᠤᠳᠬᠤ ᠦᠢᠯᠡᠳᠦᠯ ᠪᠠ ᠬᠦᠮᠦᠵᠢᠭᠳᠡᠭᠴᠢ ᠭᠤᠣᠯ ᠴᠣᠭᠴᠠ ᠶᠢᠨ

ᠬᠦᠳᠡᠯᠦᠩᠬᠦᠢ ᠣᠷᠣᠯᠴᠠᠭ᠎ᠠ ᠴᠦᠮ ᠱᠠᠭᠠᠷᠳᠠᠭᠳᠠᠳᠠᠭ᠃

      ᠨᠢᠬᠡ᠂ ᠬᠦᠰᠡᠯᠡᠩ ᠤᠨ ᠬᠦᠮᠦᠵᠢᠯ ᠤᠨ ᠲᠤᠬᠠᠢ ᠣᠶᠢᠯᠠᠭᠠᠯᠳᠠ ᠲᠠᠢ ᠪᠤᠯᠭᠠᠬᠤ

      1. ᠬᠦᠰᠡᠯᠡᠩ ᠬᠡᠵᠣ ᠬᠡᠣᠬᠡᠳ ᠤᠨ ᠠᠳᠠᠯᠢ ᠪᠣᠰᠣ ᠨᠠᠰᠣᠨ ᠤ ᠱᠠᠭᠠᠷᠳᠠᠯᠭ᠎ᠠ ᠬᠡᠷᠡᠭᠴᠡᠭᠡ᠂ ᠲᠣᠷ᠎ᠠ ᠪᠠᠬ᠎ᠠ᠂

ᠬᠦᠰᠡᠯ ᠵᠣᠷᠢᠯᠳᠡ ᠠᠴᠠ ᠡᠭᠦᠰᠴᠦ ᠤᠨ ᠵᠢᠯ ᠤᠨ ᠤᠷᠴᠢᠯᠲᠠ ᠶᠢ ᠲᠠᠮᠵᠢᠨ ᠬᠦᠪᠦᠷᠡᠨ ᠪᠤᠶᠢᠵᠢᠳᠠᠭ᠃ ᠡᠨᠡ ᠨᠢ

ᠲᠡᠳᠡᠨ ᠤ ᠲᠠᠨᠢᠨ ᠮᠡᠳᠡᠷᠡᠬᠦᠢ ᠶᠢᠨ ᠴᠢᠳᠠᠪᠣᠷᠢ ᠶᠢᠨ ᠬᠦᠭᠵᠢᠯᠳᠡ᠂ ᠨᠠᠶᠢᠬᠡᠮ ᠪᠠᠶᠢᠭᠠᠯᠢ ᠶᠢᠨ ᠣᠶᠢᠯᠠᠭᠠᠯᠳᠠ ᠶᠢ ᠲᠠᠮᠵᠢᠨ

ᠬᠤᠪᠢᠷᠠᠯᠳᠠ ᠬᠦᠭᠵᠢᠯᠳᠡ  ᠶᠢᠨ ᠲᠣᠮᠳᠠ ᠪᠦᠷᠢᠯᠳᠦᠯ ᠢᠶᠠᠨ ᠣᠯᠳᠠᠭ᠃ ᠠᠳᠠᠯᠢ ᠪᠣᠰᠣ ᠨᠠᠰᠣᠨ ᠤ ᠬᠡᠦᠬᠡᠳ ᠤᠨ

ᠬᠦᠰᠡᠯ ᠱᠠᠭᠠᠷᠳᠠᠯᠭ᠎ᠠ ᠶᠢ ᠲᠡᠷᠡ ᠴᠠᠭ ᠦᠶ᠎ᠡ ᠶᠢᠨ ᠬᠦᠰᠡᠯᠡᠩ ᠬᠡᠵᠣ ᠣᠶᠢᠯᠠᠭᠠᠬᠤ ᠶᠣᠰᠣᠳᠠᠢ᠃ ᠦᠯᠦᠬᠡᠢ ᠲᠠᠢ

ᠨᠢᠯᠬ᠎ᠠ ᠬᠡᠦᠬᠡᠳ᠂ ᠤᠬᠢᠯᠠᠬᠤ ᠪᠠᠷ ᠳᠠᠮᠵᠢᠨ ᠦᠪᠡᠷ ᠤᠨ ᠦᠯᠦᠰᠦᠭᠰᠡᠨ᠂ ᠠᠶᠤᠭᠰᠠᠨ᠂ ᠳᠠᠭᠠᠷᠠᠭᠰᠠᠨ᠂ ᠬᠠᠯᠠᠭᠤᠴᠠᠭᠰᠠᠨ

ᠪᠤᠶᠤ ᠪᠡᠶ᠎ᠡ ᠮᠠᠬᠠᠪᠤᠳ ᠤᠨ ᠲᠠᠪᠠ ᠦᠭᠡᠢ ᠰᠡᠷᠡᠭᠳᠡᠯ ᠢᠶᠠᠨ ᠢᠯᠡᠳᠭᠡᠳᠡᠭ᠂ ᠪᠠᠯᠴᠢᠷ ᠨᠠᠰᠤᠨ ᠤ ᠬᠡᠦᠬᠡᠳ ᠭᠤᠶᠤ

ᠲᠤᠭᠯᠠᠭᠠᠮ ᠲᠠᠢ ᠪᠤᠯᠬᠤ᠂ ᠬᠦᠰᠡᠭᠰᠡᠨ ᠭᠠᠵᠠᠷ ᠲᠤ ᠪᠠᠨ ᠤᠴᠢᠬᠤ᠂ ᠠᠮᠲᠠᠳᠤ ᠢᠳᠡᠭᠡᠨ ᠢᠳᠡᠬᠦ ᠮᠡᠲᠦ ᠶᠢᠨ ᠬᠦᠰᠡᠯ

ᠱᠠᠭᠠᠷᠳᠠᠯᠭ᠎ᠠ ᠪᠠᠨ ᠲᠤᠮᠤᠴᠤᠤᠯ ᠳᠤ ᠪᠠᠨ ᠢᠯᠡᠳᠭᠡᠳᠡᠭ ᠵᠡᠷᠭᠡ ᠨᠢ ᠪᠦᠷ ᠲᠤᠬᠠᠢ ᠶᠢᠨ ᠴᠠᠭ ᠤᠨ ᠲᠡᠳᠡᠨ ᠤ

︽ᠬᠦᠰᠡᠯᠡᠩ︾ ᠪᠤᠯᠬᠤ ᠶᠤᠮ᠃ ᠬᠠᠷᠢᠴᠠᠩᠭᠤᠢ ᠪᠠᠷ ᠬᠡᠯᠡᠪᠡᠯ ᠪᠠᠭ᠎ᠠ ᠬᠡᠦᠬᠡᠳ  ᠤᠨ ︽ᠬᠦᠰᠡᠯᠡᠩ︾ ᠨᠢ ᠪᠡᠶᠡᠯᠡᠭᠳᠡᠬᠦ ᠳᠤ

ᠬᠢᠯᠪᠠᠷ᠂ ᠤᠶᠢᠷ᠎ᠠ ᠬᠤᠭᠤᠴᠠᠭᠠᠨ ᠤ ᠪᠠᠶᠢᠵᠤ᠂ ᠳᠦᠭᠦᠮ ᠪᠤᠳᠠᠲᠠᠢ ᠪᠠᠶᠢᠳᠠᠭ᠃

      2. ᠬᠡᠣᠬᠡᠳ ᠤᠨ ᠬᠦᠰᠡᠯᠡᠩ ᠤᠨ ᠪᠦᠷᠢᠯᠳᠦᠯ ᠢ ᠠᠬᠢᠭᠤᠯᠬᠤ ᠳᠤ ᠡᠷᠬᠡᠪᠰᠢ ᠬᠡᠣᠬᠡᠳ ᠲᠠᠢ ᠪᠠᠨ ᠢᠯᠡᠬᠦᠴᠡ

ᠶᠠᠷᠢᠯᠴᠠᠵᠣ ᠨᠡᠪᠳᠡᠷᠡᠯᠴᠡᠨ᠂ ᠠᠵᠢᠭᠯᠠᠵᠣ ᠣᠶᠢᠯᠠᠭᠠᠨ ᠲᠡᠬᠦᠨ ᠤ ᠲᠣᠷ᠎ᠠ ᠪᠠᠬ᠎ᠠ᠂ ᠠᠪᠢᠶᠠᠰ ᠪᠢᠯᠢᠭ ᠤᠨ

ᠬᠦᠭᠵᠢᠯᠳᠡ ᠪᠠᠷ ᠦᠨᠳᠦᠰᠣᠯᠡᠯ ᠪᠣᠯᠭᠠᠵᠣ ᠢᠷᠡᠬᠡᠳᠦᠢ ᠶᠢᠨ ᠬᠦᠭᠵᠢᠯᠳᠡ ᠶᠢᠨ ᠬᠠᠷᠠᠭᠠᠰᠣ ᠠᠴᠠ ᠬᠦᠰᠡᠯᠡᠩ ᠤᠨ

ᠬᠦᠮᠦᠵᠢᠯ ᠢ ᠰᠢᠮᠡᠳᠬᠡᠬᠦ ᠬᠡᠷᠡᠭᠳᠠᠢ᠃ ᠭᠡᠷ ᠪᠦᠯᠢ ᠪᠠ ᠨᠠᠶᠢᠭᠡᠮ ᠤᠨ ᠲᠠᠯ᠎ᠠ ᠠᠴᠠ ᠬᠡᠦᠬᠡᠳ ᠤᠨ ᠵᠤᠬᠢᠴᠠᠬᠤ ᠴᠢᠳᠠᠪᠤᠷᠢ᠂

ᠬᠠᠷᠢᠯᠴᠠᠬᠤ ᠴᠢᠳᠠᠪᠤᠷᠢ ᠳᠤ ᠴᠢᠭᠯᠡᠭᠰᠡᠨ ᠪᠤᠯᠪᠠᠰᠤᠷᠠᠯ ᠳᠠᠰᠬᠠᠯ ᠢ ᠬᠢᠵᠦ ᠪᠠᠶᠢᠬᠤ ᠬᠡᠷᠡᠭᠲᠡᠢ ᠮᠦᠷᠲᠡᠭᠡᠨ᠂

ᠰᠤᠷᠭᠠᠭᠤᠯᠢ ᠶᠢᠨ ᠵᠢᠭᠠᠨ ᠰᠤᠷᠭᠠᠯᠲᠠ ᠳᠤᠮᠳᠠ ᠪᠠᠭᠰᠢ ᠠᠴᠠ ᠬᠠᠨᠳᠤᠯᠭᠠᠳᠤ ᠴᠢᠨᠠᠷᠲᠠᠢ ᠬᠦᠰᠡᠯ ᠮᠦᠷᠦᠭᠡᠳᠦᠯ ᠤᠨ

ᠬᠦᠮᠦᠵᠢᠯ ᠬᠢᠵᠦ᠂ ᠲᠡᠳᠡᠨ ᠤ ᠵᠦᠪ ᠰᠠᠶᠢᠬᠠᠨ ᠦᠵᠡᠯ ᠪᠤᠳᠤᠯ ᠢ ᠪᠤᠢ ᠪᠤᠯᠭᠠᠬᠤ ᠳᠤ ᠲᠤᠰᠠᠯᠠᠬᠤ ᠬᠡᠷᠡᠭᠲᠡᠢ᠃

      3. ᠬᠡᠣᠬᠡᠳ ᠤᠨ ᠲᠠᠨᠢᠵᠣ ᠣᠶᠢᠯᠠᠭᠠᠬᠤ ᠰᠡᠳᠬᠢᠬᠦᠢ ᠶᠢᠨ ᠦᠷᠬᠡᠳᠬᠡᠯ ᠢ ᠠᠬᠢᠭᠤᠯᠬᠤ ᠵᠣᠷᠢᠯᠳᠠ ᠠᠴᠠ

ᠨᠠᠶᠢᠬᠡᠮ ᠲᠣᠭᠤᠷᠢᠭ ᠤᠨ ᠬᠦᠳᠡᠯᠭᠡᠭᠡᠨ ᠳᠤ ᠣᠷᠣᠯᠴᠠᠬᠤ᠂ ᠰᠢᠯᠢᠳᠡᠭ ᠨᠣᠮ ᠰᠣᠨᠢᠨ᠂ ᠺᠢᠨᠣ᠋ ᠵᠦᠴᠦᠬᠡ ᠰᠣᠨᠢᠷᠬᠠᠬᠤ᠂

ᠰᠣᠨᠢᠨ ᠮᠡᠳᠡᠭᠡ ᠰᠣᠨᠣᠰᠬᠤ᠂ ᠦᠢᠯᠡᠳᠦᠯᠭᠡ ᠶᠢᠨ ᠬᠦᠳᠡᠯᠭᠡᠭᠡᠨ ᠳᠤ ᠣᠷᠣᠯᠴᠠᠬᠤ ᠪᠠᠷ ᠲᠠᠮᠵᠢᠨ ᠬᠡᠣᠬᠡᠳ ᠤᠨ

ᠦᠪᠡᠷ ᠤᠨ ᠬᠡᠬᠦ ᠰᠣᠨᠢᠭᠤᠴᠢ ᠬᠦᠰᠡᠯ ᠢ ᠨᠢ ᠰᠡᠳᠦᠵᠣ ᠬᠦᠪᠣᠷᠡᠬᠦᠯᠬᠦ ᠴᠢᠬᠤᠯᠠᠳᠠᠢ᠃

      4. ᠬᠡᠷ ᠤᠨ ᠠᠬᠠᠮᠠᠳ᠂ ᠪᠠᠭᠰᠢ ᠶᠢᠨ ᠰᠣᠯᠢᠯᠴᠠᠭ᠎ᠠ ᠨᠡᠪᠳᠡᠷᠡᠯᠴᠡᠯ ᠢ ᠠᠩᠬᠠᠷᠴᠣ ᠬᠡᠣᠬᠡᠳ ᠤᠨ ᠬᠡᠷ ᠪᠦᠯᠢ᠂

ᠰᠣᠷᠭᠠᠭᠤᠯᠢ ᠳᠠᠬᠢ ᠢᠯᠡᠷᠡᠯ ᠤᠨ ᠪᠦᠬᠦ ᠬᠠᠷᠠᠴᠠ ᠠᠴᠠ ᠣᠴᠢᠵᠣ ᠬᠦᠰᠡᠯ ᠬᠦᠰᠡᠯᠡᠩ ᠤᠨ ᠬᠦᠪᠦᠷᠡᠯ ᠤᠨ ᠬᠦᠮᠦᠵᠢᠯ ᠢ

ᠬᠠᠮᠳᠣ ᠪᠠᠷ ᠬᠢᠵᠦ ᠵᠣᠷᠢᠬᠵᠢᠭᠤᠯᠣᠨ ᠬᠦᠮᠦᠵᠢᠬᠦᠯᠦᠨ᠎ᠡ᠃ ᠡᠶ᠎ᠡ ᠵᠤᠬᠢᠴᠠᠩᠭᠤᠢ᠂ ᠬᠠᠶᠢᠷ᠎ᠠ ᠪᠢᠯᠬᠠᠭᠰᠠᠨ ᠭᠡᠷ

ᠪᠦᠯᠢ ᠶᠢᠨ ᠤᠷᠴᠢᠨ᠂ ᠦᠭᠡᠳᠡᠷᠬᠡᠭ ᠡᠨᠧᠷᠭᠢ ᠲᠠᠢ ᠨᠡᠶᠢᠭᠡᠮ ᠤᠨ ᠤᠷᠴᠢᠨ᠂ ᠵᠦᠪ ᠰᠠᠶᠢᠬᠠᠨ ᠬᠦᠮᠦᠵᠢᠯ

ᠳᠠᠳᠬᠠᠯ ᠲᠠᠢ ᠰᠤᠷᠭᠠᠭᠤᠯᠢ ᠶᠢᠨ ᠤᠷᠴᠢᠨ ᠳᠤ ᠰᠠᠶ᠋ᠢ ᠬᠡᠦᠬᠡᠳ ᠪᠠᠭᠠᠴᠤᠳ ᠰᠢᠨ᠎ᠡ ᠰᠤᠶᠤᠭᠠᠯᠠᠭ᠎ᠠ ᠨᠢᠯᠬ᠎ᠠ ᠮᠤᠳᠤ

ᠰᠢᠬ ᠲᠠᠯ᠎ᠠ ᠲᠠᠯ᠎ᠠ ᠶᠢᠨ ᠰᠢᠮ᠎ᠡ ᠲᠡᠵᠢᠭᠡᠯ ᠢ ᠬᠦᠷᠲᠡᠨ ᠪᠡᠶ᠎ᠡ ᠰᠡᠳᠬᠢᠴᠡ ᠡᠷᠡᠭᠦᠯ ᠦᠰᠦᠨ ᠪᠤᠶᠢᠵᠢᠵᠤ᠂ ᠵᠦᠪ

ᠲᠤᠳᠤᠷᠬᠠᠢ ᠠᠮᠢᠳᠤᠷᠠᠯ ᠢᠷᠡᠭᠡᠳᠦᠢ ᠶᠢᠨ ᠬᠠᠷᠠᠯᠲᠠ ᠬᠦᠰᠡᠯᠡᠩ ᠢ ᠪᠤᠢ ᠪᠤᠯᠭᠠᠵᠤ ᠴᠢᠳᠠᠳᠠᠭ᠃

      5. ᠬᠡᠣᠬᠡᠳ ᠤᠨ ᠬᠦᠰᠡᠯᠡᠩ ᠤᠨ ᠬᠦᠪᠦᠷᠡᠨ ᠪᠤᠶᠢᠵᠢᠬᠤ ᠳᠤ ᠲᠡᠪᠴᠢᠶᠡᠷᠢ ᠲᠠᠭᠠᠭᠠᠮᠠᠭᠠᠢ ᠪᠠᠶᠢᠵᠣ᠂

ᠬᠡᠣᠬᠡᠳ ᠤᠨ ᠦᠰᠦᠨ ᠪᠤᠶᠢᠵᠢᠯᠳᠡ ᠲᠠᠨᠢᠨ ᠮᠡᠳᠡᠷᠡᠬᠦᠢ ᠶᠢᠨ ᠴᠢᠳᠠᠪᠣᠷᠢ ᠶᠢᠨ ᠪᠦᠷᠢᠯᠳᠣᠯ ᠤᠨ ᠴᠠᠭ ᠢ ᠠᠩᠬᠠᠷᠴᠣ

ᠦᠪᠡᠷ ᠤᠨ ᠬᠡᠬᠦ ᠬᠦᠰᠡᠯ ᠳᠤ ᠨᠢ ᠲᠦᠰᠢᠭᠯᠡᠬᠦ ᠠᠴᠠ ᠪᠢᠰᠢ᠂ ᠲᠣᠮᠣ ᠬᠦᠮᠦᠨ ᠤ ᠣᠪᠣᠷ ᠪᠣᠳᠣᠯ᠂ ᠵᠤᠭᠰᠤᠴᠠ ᠠᠴᠠ

ᠣᠴᠢᠵᠣ ᠠᠯᠪᠠᠳᠠᠯᠭ᠎ᠠ ᠪᠠᠷ ᠲᠣᠬᠤᠬᠤ ᠠᠴᠠ ᠵᠠᠶᠢᠯᠠᠰᠬᠢᠬᠤ ᠬᠡᠷᠡᠭᠳᠠᠢ᠃

      6. ᠬᠡᠣᠬᠡᠳ ᠤᠨ ᠲᠣᠳᠣᠷᠬᠠᠢ ᠦᠬᠡᠢ᠂ ᠪᠠᠯᠠᠷᠬᠠᠢ ᠬᠦᠰᠡᠯ ᠬᠦᠰᠡᠯᠡᠩ ︵ᠶᠡᠭᠡ ᠰᠣᠷᠭᠠᠭᠤᠯᠢ ᠳᠤ ᠣᠷᠣᠨ᠎ᠠ᠂

ᠰᠢᠨᠵᠢᠯᠡᠬᠦ ᠣᠬᠠᠭᠠᠨᠳᠠᠨ ᠪᠣᠯᠣᠨ᠎ᠠ ᠁︶ ᠲᠠᠢ ᠪᠠᠶᠢᠬᠤ ᠠᠴᠠ ᠵᠠᠶᠢᠯᠠᠰᠬᠢᠬᠤ ᠬᠡᠷᠡᠭᠳᠠᠢ᠃ ᠲᠣᠳᠣ ᠲᠣᠳᠣᠷᠠᠭᠤᠨ

ᠪᠠᠶᠢᠬᠤ ᠮᠦᠷᠳᠡᠬᠡᠨ ᠦᠪᠡᠷ ᠤᠨ ᠬᠡᠬᠦ ᠪᠢᠰᠢᠷᠡᠨ ᠪᠠᠭ᠋ᠠᠷᠬᠠᠬᠤ ᠬᠦᠮᠦᠨ᠂ ᠬᠡᠷᠡᠭ ᠣᠴᠢᠷ ᠲᠠᠢ ᠪᠠᠶᠢᠬᠤ ᠳᠤ ᠵᠦᠪ

ᠲᠠᠯ᠎ᠠ ᠶᠢᠨ ᠵᠢᠯᠤᠭᠤᠳᠤᠯᠭ᠎ᠠ ᠬᠢᠵᠦ᠂ ᠲᠡᠳᠡᠨ ᠤ ᠳᠠᠭᠤᠷᠢᠶᠠᠮᠠᠯ ᠴᠢᠨᠠᠷ ᠢ ᠵᠦᠪ ᠲᠡᠰᠢ ᠬᠦᠲᠦᠯᠦᠨ᠂ ᠦᠭᠡᠳᠡᠷᠬᠡᠭ᠂

ᠵᠦᠪ ᠬᠦᠰᠡᠯᠡᠩ ᠤᠨ ᠴᠠᠮᠬᠠᠭ ᠢ ᠤᠯᠵᠤ ᠬᠠᠷᠠᠬᠤ ᠳᠤ ᠲᠤᠰᠠᠯᠠᠪᠠᠯ ᠵᠤᠬᠢᠨ᠎ᠠ᠃

      ᠬᠤᠶᠠᠷ᠂ ᠬᠦᠰᠡᠯᠡᠩ ᠤᠨ ᠬᠦᠮᠦᠵᠢᠯ ᠢ ᠴᠢᠩᠭᠠᠳᠬᠠᠬᠤ ᠶᠢᠨ ᠴᠢᠬᠤᠯᠠ ᠴᠢᠨᠠᠷ

      1. ᠬᠡᠣᠬᠡᠳ ᠤᠨ ᠪᠡᠶ᠎ᠡ ᠪᠠᠨ ᠲᠠᠭᠠᠭᠠᠬᠤ ᠬᠦᠳᠡᠯᠦᠩᠬᠦᠢ ᠴᠢᠳᠠᠪᠣᠷᠢ ᠶᠢ ᠨᠢ ᠲᠡᠬᠡᠭᠰᠢᠯᠡᠬᠦᠯᠦᠨ᠎ᠡ᠃ ᠬᠡᠣᠬᠡᠳ

ᠬᠦᠰᠡᠯ ᠬᠦᠬᠡᠬᠡᠴᠡᠯᠳᠦᠯ ᠲᠠᠢ ᠪᠣᠯᠣᠭᠰᠠᠭᠠᠷ ᠢᠳᠡᠪᠬᠢ ᠴᠢᠨᠠᠷ ᠨᠢ ᠪᠠᠳᠠᠷᠠᠵᠤ᠂ ᠠᠮᠢᠳᠣᠷᠠᠯ ᠰᠣᠷᠣᠯᠴᠠᠯᠭ᠎ᠠ ᠶᠢᠨ

ᠲᠣᠮᠳᠠ ᠪᠠᠨ ᠦᠪᠡᠷ ᠢ ᠪᠠᠨ ᠡᠵᠡᠮᠳᠡᠵᠣ᠂ ᠦᠪᠡᠷ ᠢ ᠪᠠᠨ ᠬᠠᠮᠢᠶᠠᠷᠴᠣ᠂ ᠦᠪᠡᠷ ᠢ ᠪᠠᠨ ᠬᠦᠭᠵᠢᠬᠦᠯᠬᠦ ᠢᠳᠡ

ᠬᠦᠴᠦᠨ ᠲᠠᠢ ᠪᠤᠯᠳᠠᠭ᠃

      2. ᠬᠡᠣᠬᠡᠳ ᠤᠨ ᠪᠡᠶ᠎ᠡ ᠰᠡᠳᠬᠢᠴᠡ ᠶᠢᠨ ᠡᠷᠡᠬᠦᠯ ᠬᠦᠭᠵᠢᠯᠳᠡ ᠳᠤ ᠠᠰᠢᠭᠳᠠᠢ᠃ ᠲᠠᠭᠤᠷᠢᠶᠠᠯ ᠤᠨ ᠬᠦᠴᠦᠨ

ᠬᠡᠵᠣ ᠬᠡᠮᠵᠢᠶᠡᠯᠡᠰᠢ ᠦᠬᠡᠢ ᠪᠠᠶᠢᠳᠠᠭ᠂ ᠬᠡᠣᠬᠡᠳ ᠲᠤ ᠠᠪᠴᠣ ᠬᠡᠯᠡᠪᠡᠯ ᠦᠪᠡᠷ ᠤᠨ ᠬᠡᠬᠦ ᠵᠣᠷᠢᠭᠳᠠᠢ ᠬᠡᠯᠡᠬᠦ

ᠵᠣᠭᠤᠭ ᠲᠠᠢ ᠪᠣᠯᠵᠣ ᠡᠳᠦᠷ ᠪᠦᠷᠢ ᠪᠠᠶᠠᠷ ᠬᠦᠷ ᠲᠠᠢ ᠪᠠᠷ ᠰᠣᠷᠣᠯᠴᠠᠯᠭ᠎ᠠ ᠠᠮᠢᠳᠣᠷᠠᠯ ᠳᠤ ᠣᠷᠣᠯᠴᠠᠨ᠂ ᠦᠪᠡᠷ

ᠪᠣᠰᠣᠳ ᠤᠨ ᠲᠣᠮᠳᠠ ᠠᠳᠠᠯᠢᠬᠠᠨ ᠲᠠᠭᠤᠷᠢᠶᠠᠯ ᠪᠣᠯᠬᠤ ᠪᠠᠷ ᠮᠡᠷᠡᠶᠢᠬᠦ᠂ ᠪᠣᠰᠣᠳ ᠲᠠᠢ ᠢᠯᠡᠬᠦᠴᠠ ᠬᠠᠷᠢᠴᠠᠬᠤ᠂

ᠪᠣᠰᠣᠳ ᠢ ᠬᠠᠪᠰᠣᠷᠬᠤ ᠣᠬᠠᠭᠠᠨ ᠪᠣᠳᠣᠯ ᠢ ᠨᠢ ᠲᠡᠯᠡᠵᠣ ᠡᠷᠡᠬᠦᠯ ᠬᠦᠭᠵᠢᠯᠳᠡ ᠶᠢ ᠨᠢ ᠠᠬᠢᠭᠤᠯᠳᠠᠭ᠃

      3. ᠮᠡᠳᠡᠯᠭᠡ ᠴᠢᠳᠠᠪᠣᠷᠢ ᠶᠢᠨ ᠬᠤᠷᠠᠮᠳᠣᠭᠤᠯᠣᠯ ᠳᠤ ᠨᠢ ᠠᠰᠢᠭᠳᠠᠢ᠃ ᠬᠡᠣᠬᠡᠳ ᠦᠪᠡᠷ ᠤᠨ ᠬᠡᠬᠦ ᠬᠦᠰᠡᠯ

ᠬᠦᠬᠡᠬᠡᠴᠡᠯᠳᠣᠯ ᠲᠠᠢ ᠪᠣᠯᠣᠭᠰᠠᠭᠠᠷ᠂ ᠲᠡᠬᠦᠨ ᠤ ᠬᠠᠮᠢᠶᠠᠳᠠᠢ ᠨᠣᠮ ᠣᠩᠰᠢᠬᠤ᠂ ᠮᠡᠳᠡᠯᠭᠡ ᠬᠤᠷᠠᠮᠳᠣᠭᠤᠯᠬᠤ᠂ ᠶᠠᠷᠢᠶ᠎ᠠ

ᠬᠠᠷᠢᠯᠴᠠᠭᠠᠨ ᠳᠤ ᠢᠳᠡᠪᠬᠢᠳᠡᠢ ᠣᠷᠣᠯᠴᠠᠨ ᠲᠣᠭᠳᠠᠭᠰᠠᠨ ᠬᠡᠮᠵᠢᠶᠠᠨ ᠤ ᠮᠡᠳᠡᠯᠭᠡ ᠴᠢᠳᠠᠪᠣᠷᠢ ᠶᠢ ᠴᠠᠭ ᠪᠦᠷᠢ

ᠬᠤᠷᠠᠮᠳᠣᠭᠤᠯᠵᠣ ᠪᠠᠶᠢᠳᠠᠭ᠃

      4. ᠰᠢᠨ᠎ᠡ ᠬᠦᠰᠡᠯᠡᠩ ᠤᠨ ᠬᠦᠪᠣᠷᠡᠨ ᠬᠦᠭᠵᠢᠬᠦ ᠳᠤ ᠰᠠᠭᠤᠷᠢᠯᠠᠳᠠᠭ᠃ ᠬᠡᠣᠬᠡᠳ ᠤᠨ ᠬᠦᠭᠵᠢᠯᠳᠡ ᠶᠢ

ᠬᠡᠳᠦᠢ ᠦᠨᠳᠦᠷ ᠬᠡᠵᠣ ᠪᠣᠳᠣᠪᠠᠯ ᠲᠡᠳᠦᠢ ᠦᠨᠳᠦᠷ ᠲᠤ ᠬᠦᠷᠳᠡᠭ ᠲᠠᠢ ᠠᠳᠠᠯᠢ ᠪᠠᠷ ᠬᠡᠣᠬᠡᠳ ᠤᠨ ᠬᠦᠰᠡᠯᠡᠩ ᠴᠦ

ᠠᠳᠠᠯᠢ ᠪᠠᠷ ᠡᠨᠡ ᠶᠢ ᠠᠵᠢᠭᠯᠠᠵᠣ ᠲᠣᠭᠤᠵᠣ ᠪᠢᠰᠢᠷᠡᠵᠣ ᠪᠠᠶᠢᠭᠰᠠᠨ ᠠᠴᠠ ᠪᠠᠨ ᠨᠡᠩ ᠦᠨᠳᠦᠷ ᠲᠠᠪᠴᠠᠩ ᠢ ᠣᠯᠵᠣ

ᠬᠠᠷᠠᠵᠣ᠂ ᠬᠦᠰᠡᠯᠡᠩ ᠤᠨ ᠰᠢᠨ᠎ᠡ ᠠᠬᠢᠯᠳᠡ ᠶᠢ ᠪᠣᠢ ᠪᠣᠯᠭᠠᠵᠣ ᠢᠷᠡᠬᠡᠳᠦᠢ ᠶᠢᠨ ᠬᠦᠭᠵᠢᠯᠳᠡ ᠶᠢ ᠠᠬᠢᠭᠤᠯᠳᠠᠭ᠃

      ︽ᠬᠦᠰᠡᠯᠡᠩ ᠪᠤᠯ ᠵᠠᠮ ᠢ ᠵᠢᠭᠠᠬᠤ ᠭᠡᠷᠡᠯᠲᠦ ᠴᠠᠮᠬᠠᠭ ᠮᠦᠨ᠂ ᠬᠦᠰᠡᠯᠡᠩ ᠦᠭᠡᠢ ᠪᠤᠯ ᠲᠤᠳᠤᠷᠬᠠᠢ ᠴᠢᠭᠯᠡᠯ

ᠦᠭᠡᠢ᠂ ᠴᠢᠭᠯᠡᠯ ᠦᠭᠡᠢ ᠪᠤᠯ ᠠᠮᠢᠳᠤᠷᠠᠯ ᠦᠭᠡᠢ︾ ᠭᠡᠵᠦ ᠯ᠊ ᠲᠤᠯᠰᠲ᠋ᠤᠢ ᠬᠡᠯᠡᠵᠦ ᠦᠡᠭᠭᠡᠷᠡᠭᠰᠡᠨ ᠮᠦᠷᠳᠡᠬᠡᠨ

ᠡᠩ ᠤᠨ ᠶᠠᠷᠢᠶᠠᠨ ᠳᠤ ᠴᠦ ︽ᠬᠦᠮᠦᠨ ᠬᠡᠷᠪᠡ ᠬᠦᠰᠡᠯᠡᠩ ᠦᠬᠡᠢ ᠪᠤᠯ ᠰᠢᠪᠠᠭᠤ ᠲᠠᠯᠪᠴᠢ ᠦᠬᠡᠢ ᠲᠠᠢ          

ᠠᠳᠠᠯᠢ︾ ᠬᠡᠳᠡᠭ᠃ ᠠᠪᠤ ᠡᠵᠢ ᠪᠤᠯᠤᠭᠰᠠᠳ ᠴᠦ ᠲᠡᠷᠡ᠂ ᠪᠠᠭᠰᠢ ᠪᠤᠯᠤᠭᠰᠠᠳ ᠴᠤ ᠲᠡᠷᠡ ᠬᠡᠦᠬᠡᠳ ᠤᠨ ᠪᠦᠬᠦ᠋ᠢᠯᠡ

ᠨᠠᠰᠤᠨ ᠤ ᠠᠮᠢᠳᠤᠷᠠᠯ ᠢ ᠡᠵᠡᠮᠳᠡᠨ ᠵᠠᠬᠢᠷᠬᠤ ᠪᠤᠯᠤᠯᠴᠠᠭ᠎ᠠ ᠦᠭᠡᠢ᠃ ᠪᠢᠳᠡᠨ ᠤ ᠬᠢᠵᠦ ᠳᠡᠶᠢᠯᠬᠦ ᠬᠠᠮᠤᠭ ᠤᠳᠬ᠎ᠠ

ᠠᠭᠤᠯᠭ᠎ᠠ ᠲᠠᠢ᠂ ᠮᠦᠨᠴᠦ ᠬᠠᠮᠤᠭ ᠬᠢᠪᠡᠰᠦ ᠵᠤᠬᠢᠰᠲᠠᠢ ᠵᠦᠢᠯ ᠪᠤᠯ ᠬᠡᠦᠬᠡᠳ ᠪᠠᠭᠠᠴᠤᠳ ᠤᠨ ᠨᠢᠯᠬ᠎ᠠ ᠤᠶᠤᠨ ᠳᠤ

ᠵᠦᠪ ᠰᠠᠶᠢᠬᠠᠨ ᠬᠦᠰᠡᠯᠡᠩ ᠤᠨ ᠦᠷ᠎ᠡ ᠶᠢ ᠲᠠᠷᠢᠵᠤ ᠰᠤᠶᠤᠭᠠᠯᠠᠭᠤᠯᠤᠨ᠂ ᠲᠡᠳᠡᠨ ᠤ ᠶᠠᠪᠤᠬᠤ ᠵᠠᠮ ᠤᠨ ᠴᠢᠭᠯᠡᠯ ᠢ

ᠵᠢᠭᠠᠵᠤ ᠦᠭᠬᠦ ᠶᠠᠪᠤᠳᠠᠯ ᠪᠤᠯᠬᠤ ᠶᠤᠮ᠂ ᠢᠡᠭᠭᠢᠮᠡᠨᠵᠢᠨ ᠬᠡᠦᠬᠡᠳ ᠪᠠᠭᠠᠴᠤᠳ ᠰᠠᠶ᠋ᠢ ᠨᠠᠷᠠᠨ ᠤ ᠭᠡᠷᠡᠯ ᠰᠠᠴᠤᠷᠠᠨ

ᠲᠤᠶᠠᠭᠠᠷᠠᠭᠰᠠᠨ ᠢᠷᠡᠭᠡᠳᠦᠢ ᠵᠦᠭ ᠢᠶᠠᠨ ᠴᠤᠭ ᠵᠢᠪᠬᠤᠭ᠎ᠠ ᠲᠠᠢ ᠤᠷᠤᠭᠰᠢᠯᠠᠵᠤ ᠬᠦᠰᠡᠯ ᠮᠦᠷᠦᠭᠡᠳᠦᠯ ᠢᠶᠠᠨ

ᠪᠡᠶᠡᠯᠡᠭᠦᠯᠵᠦ ᠴᠢᠳᠠᠬᠤ ᠶᠤᠮ᠃ ᠪᠢᠳᠡ ᠪᠦᠬᠦᠨ ᠤ ᠬᠦᠮᠦᠵᠢᠯ ᠰᠤᠷᠭᠠᠯ ᠤᠨ ᠡᠴᠦᠰ ᠤᠨ ᠬᠠᠷᠠᠯᠲᠠ ᠴᠦ ᠮᠦᠨ ᠡᠨᠡ

ᠪᠢᠯᠡ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠣᠩᠨᠢᠭᠤᠳ ᠬᠤᠰᠢᠭᠤᠨ ᠤ ᠪᠣᠷᠣᠬᠤᠳᠠ ᠳᠠᠬᠢ

                                 ᠮᠣᠩᠭᠤᠯ ᠦᠨᠳᠦᠰᠦᠳᠡᠨ ᠤ ᠪᠠᠭ᠎ᠠ ᠰᠣᠷᠭᠠᠭᠤᠯᠢ

                                 ︵ᠠᠯᠳᠠᠨᠰᠦ᠋ᠭᠡ ᠨᠠᠶᠢᠷᠠᠭᠤᠯᠪᠠ︶

                                 2023.5 ᠳ᠋ᠤᠭᠠᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map