ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠭᠡᠷ ᠤᠨ ᠳᠠᠰᠬᠠᠯ ᠦᠯᠡᠳᠡᠭᠡᠭᠦ ᠲᠤᠬᠠᠢ ᠪᠤᠳᠤᠯᠬᠢᠯᠠᠯ
ᠨᠡᠶᠢᠲᠡᠯᠡᠭᠰᠡᠨ ᠴᠠᠭ᠄
2023/12/13
                               ᠪᠠᠳᠮ᠎ᠠ

教学研究7.png

      ᠰᠤᠷᠭᠠᠨ ᠬᠦᠮᠦᠵᠢᠯ ᠤᠨ ᠶᠠᠮᠤᠨ ᠠᠴᠠ ︽ᠬᠤᠶᠠᠷ ᠢ ᠬᠥᠩᠭᠡᠷᠡᠭᠦᠯᠬᠦ︾ ᠲᠥᠷᠥ ᠶᠢᠨ ᠪᠣᠳᠣᠯᠭ᠎ᠠ ᠶᠢ

ᠨᠠᠶᠢᠲᠠᠪᠤᠷᠢᠵᠢᠭᠤᠯᠵᠤ ᠪᠠᠭ᠎ᠠ ᠰᠤᠷᠭᠠᠭᠤᠯᠢ ᠶᠢᠨ ᠰᠣᠷᠣᠭᠴᠢ ᠶᠢᠨ ᠳᠠᠰᠬᠠᠯ ᠤᠨ ᠴᠠᠭ ᠤᠨ ᠲᠤᠬᠠᠶ ᠲᠣᠳᠣᠷᠬᠠᠶ

ᠲᠣᠭᠲᠠᠭᠠᠯ ᠭᠠᠷᠭᠠᠪᠠ᠃ ᠪᠠᠭ᠎ᠠ ᠰᠤᠷᠭᠠᠭᠤᠯᠢ ᠶᠢᠨ ᠨᠢᠭᠡ ᠬᠤᠶᠠᠳᠤᠭᠠᠷ ᠣᠨ ᠳᠤ ᠪᠢᠴᠢᠬᠦ ᠳᠠᠰᠬᠠᠯ ᠦᠯᠡᠳᠡᠭᠡᠵᠦ

ᠪᠣᠯᠬᠤ ᠦᠭᠡᠶ᠂ ᠪᠤᠰᠤᠳ ᠣᠨ  ᠤ ᠰᠤᠷᠤᠭᠴᠢᠳ ᠤᠨ ᠡᠳᠦᠷ ᠪᠦᠷᠢ ᠶᠢᠨ ᠪᠢᠴᠢᠬᠦ ᠭᠡᠷ ᠤᠨ ᠳᠠᠰᠬᠠᠯ ᠢ ᠨᠢᠭᠡ

ᠴᠠᠭ ᠤᠨ ᠳᠣᠲᠣᠷ᠎ᠠ ᠬᠢᠵᠠᠭᠠᠷᠯᠠᠨ᠎ᠠ ᠭᠡᠵᠦ ᠲᠤᠭᠲᠠᠭᠠᠭᠰᠠᠨ ᠪᠠᠶᠢᠳᠠᠭ᠃ ᠮᠥᠨ ᠴᠤ ᠰᠤᠷᠤᠭᠴᠢᠳ ᠤᠨ ᠥᠪᠡᠷᠮᠢᠴᠡ

ᠵᠥᠷᠢᠶ᠎ᠡ ᠳᠤ ᠲᠣᠬᠢᠷᠠᠭᠤᠯᠤᠨ ᠳᠡᠰ ᠬᠤᠪᠢᠶᠠᠨ ᠳᠠᠰᠬᠠᠯ ᠦᠯᠡᠳᠡᠭᠡᠬᠦ ᠲᠤᠬᠠᠢ ᠰᠠᠨᠠᠭᠤᠯᠭ᠎ᠠ ᠳᠤᠷᠠᠳᠴᠤ ᠳᠡᠭᠡᠳᠦ

ᠱᠠᠲᠤᠨ ᠤ ᠬᠢᠨᠠᠨ ᠰᠢᠯᠭᠠᠷᠠᠭᠤᠯᠤᠯᠲᠠ ᠳᠤ ᠴᠤ ᠨᠢᠭᠡ ᠲᠠᠯ᠎ᠠ ᠶᠢᠨ ᠠᠭᠤᠯᠭ᠎ᠠ ᠪᠣᠯᠭᠠᠨ ᠦᠨᠡᠯᠡᠨ ᠬᠢᠨᠠᠵᠤ ᠪᠤᠢ᠃

ᠮᠢᠨᠦ ᠦᠵᠡᠬᠦ ᠪᠠᠷ ᠳᠠᠰᠬᠠᠯ ᠬᠢᠬᠦ ᠴᠠᠭ ᠢ ᠪᠠᠭᠠᠰᠬᠠᠬᠤ ᠳᠤ ᠵᠥᠪᠬᠡᠨ ᠲᠤᠭ᠎ᠠ ᠬᠡᠮᠵᠢᠶᠡᠨ ᠤ ᠲᠠᠯ᠎ᠠ ᠪᠠᠷ ᠳᠥᠭᠦᠮᠬᠡᠨ

ᠬᠢᠵᠠᠭᠠᠷᠯᠠᠬᠤ ᠠᠷᠭ᠎ᠠ ᠶᠢ ᠬᠡᠷᠡᠭᠯᠡᠬᠦ ᠪᠢᠰᠢ᠂ ᠬᠠᠷᠢᠨ ᠴᠢᠨᠠᠷ ᠤᠨ ᠲᠠᠯ᠎ᠠ ᠪᠠᠷ ᠬᠤᠪᠢᠷᠠᠭᠤᠯᠬᠤ ᠬᠡᠷᠡᠭᠲᠡᠶ᠃ ᠪᠠᠭᠰᠢ ᠨᠠᠷ

ᠳᠠᠰᠬᠠᠯ ᠤᠨ ᠬᠡᠯᠪᠡᠷᠢ᠂ ᠠᠭᠤᠯᠭ᠎ᠠ ᠶᠢᠨ ᠦᠨᠡᠯᠡᠯᠲᠡ ᠵᠡᠷᠭᠡ ᠲᠠᠯ᠎ᠠ ᠪᠠᠷ ᠪᠦᠲᠦᠮᠵᠢᠲᠡᠶ ᠬᠠᠶᠢᠨ ᠰᠥᠪᠡᠭᠴᠢᠯᠡᠯᠲᠡ

ᠬᠢᠵᠦ᠂ ᠲᠤᠭ᠎ᠠ ᠶᠢ ᠴᠥᠭᠡᠳᠬᠡᠵᠦ ᠴᠢᠨᠠᠷ ᠢ ᠦᠨᠡᠨ ᠬᠦ ᠪᠠᠲᠤᠯᠠᠬᠤ ᠬᠡᠷᠡᠭᠲᠡᠶ᠃ ᠣᠳᠣ ᠶᠢᠨ ᠰᠤᠷᠤᠭᠴᠢ ᠶᠢᠨ

ᠭᠡᠷ ᠤᠨ ᠳᠠᠰᠬᠠᠯ ᠬᠢᠵᠦ ᠪᠠᠶᠢᠬᠤ ᠪᠠᠶᠢᠳᠠᠯ ᠪᠣᠯ ᠣᠪᠣᠷ ᠤᠨ ᠲᠠᠯ᠎ᠠ ᠪᠠᠷ ᠨᠠᠵᠠᠭᠠᠢ ᠪᠠᠶᠢᠵᠤ ᠭᠡᠷ ᠤᠨ ᠠᠬᠠᠮᠠᠳ ᠤᠨ

ᠰᠢᠬᠠᠮᠳᠤᠭᠤᠯᠭ᠎ᠠ ᠳᠣᠣᠷ᠎ᠠ ᠪᠡᠶᠡᠯᠡᠭᠦᠯᠳᠡᠭ ᠪᠣᠯᠪᠠᠴᠤ ᠠᠯᠪᠠ ᠬᠠᠭᠠᠵᠤ ᠠᠮᠠ ᠬᠠᠰᠢᠬᠰᠠᠨ ᠠᠴᠠ ᠲᠤᠰ ᠡᠳᠦᠷ ᠤᠨ

ᠰᠤᠷᠤᠭᠰᠠᠨ ᠵᠦᠢᠯ ᠢᠶᠠᠨ ᠪᠠᠲᠤᠳᠬᠠᠵᠤ ᠳᠡᠶᠢᠯᠬᠦ ᠦᠭᠡᠢ ᠪᠤᠶᠤ ᠳᠠᠷᠠᠭ᠎ᠠ ᠡᠳᠦᠷ ᠤᠨ ᠰᠤᠷᠬᠤ ᠬᠢᠴᠢᠶᠡᠯ ᠳᠤ ᠪᠠᠨ

ᠦᠢᠯᠡᠴᠢᠯᠡᠭᠦᠯᠵᠦ ᠴᠢᠳᠠᠬᠤ ᠦᠭᠡᠢ᠂ ᠡᠰᠡᠬᠦᠯ᠎ᠡ ᠨᠢᠭᠡ ᠨᠢᠭᠡᠨ ᠤ  ᠪᠠᠨ ᠬᠠᠭᠤᠯᠬᠤ᠂ ᠭᠡᠷ ᠤᠨ ᠠᠬᠠᠮᠠᠳ ᠠᠴᠠ ᠬᠡᠯᠡᠵᠦ

ᠰᠤᠷᠤᠭᠴᠢ ᠪᠢᠴᠢᠬᠦ ᠮᠡᠲᠦ ᠪᠠᠷ ᠪᠡᠶᠡᠯᠡᠭᠦᠯᠦᠭᠰᠡᠨ ᠠᠴᠠ ᠪᠣᠯᠵᠤ ᠶᠠᠭᠤ ᠬᠢᠭᠰᠡᠨ ᠢᠶᠠᠨ ᠵᠠᠷᠢᠮ ᠦᠶ᠎ᠡ ᠳᠤ ᠥᠪᠡᠷ ᠢᠶᠠᠨ

ᠴᠤ ᠮᠡᠳᠡᠬᠦ ᠦᠭᠡᠢ ᠪᠠᠶᠢᠳᠠᠭ ᠬᠠᠴᠢᠨ ᠦᠵᠡᠭᠳᠡᠯ ᠢᠯᠡᠷᠡᠭᠡᠳ ᠭᠡᠳᠡᠷᠬᠦ ᠪᠠᠨ ᠡᠰᠡᠷᠭᠦ ᠦᠢᠯᠡᠳᠦᠯ ᠭᠠᠷᠭᠠᠭᠠᠳ

ᠰᠤᠷᠤᠭᠴᠢᠳ ᠤᠨ ᠰᠤᠷᠬᠤ ᠤᠷᠮᠠᠰᠢᠯ ᠢ ᠨᠢᠭᠡᠮᠦᠰᠦᠨ ᠬᠤᠭᠤᠯᠤᠭᠰᠠᠨ ᠪᠠᠶᠢᠳᠠᠭ᠃ ᠢᠢᠮᠦ ᠠᠴᠠ ᠭᠡᠷ ᠤᠨ ᠳᠠᠰᠬᠠᠯ ᠢ

ᠬᠡᠷᠬᠢᠨ ᠦᠯᠡᠳᠡᠭᠡᠪᠡᠯ ᠵᠣᠬᠢᠬᠤ ᠲᠤᠬᠠᠢ ᠥᠪᠡᠷ ᠤᠨ ᠪᠣᠳᠣᠯᠬᠢᠯᠡᠯ ᠢᠶᠠᠨ ᠳᠣᠣᠷᠠᠬᠢ ᠮᠡᠲᠦ ᠲᠦᠷᠪᠡᠨ ᠲᠠᠯ᠎ᠠ ᠠᠴᠠ

ᠳᠡᠯᠭᠡᠶ᠎ᠡ᠃

      ᠨᠢᠭᠡ᠂ ᠳᠠᠰᠬᠠᠯ ᠦᠯᠡᠳᠡᠭᠡᠬᠦ ᠦᠶ᠎ᠡ ᠳᠤ ᠰᠤᠷᠤᠭᠴᠢ ᠶᠢᠨ ᠳᠤᠷ᠎ᠠ ᠰᠣᠨᠢᠷᠬᠠᠯ ᠢ ᠭᠦᠢᠴᠡᠳ ᠪᠣᠳᠣᠯᠬᠢᠯᠠᠬᠤ

ᠬᠡᠷᠡᠭᠲᠡᠢ᠃

      ᠣᠳᠣ ᠶᠢᠨ ᠰᠤᠷᠤᠭᠴᠢ ᠭᠠᠷ ᠤᠲᠠᠰᠤᠨ ᠤ ᠡᠯᠧᠺᠲᠷᠤᠨ ᠲᠣᠭᠯᠠᠭᠠᠮ ᠳᠤ ᠮᠠᠰᠢ ᠰᠣᠨᠢᠷᠬᠠᠯᠲᠠᠢ ᠪᠠᠶᠢᠵᠤ ᠨᠢᠭᠡ

ᠯᠠ ᠰᠢᠨᠤᠪᠠᠯ ᠴᠠᠭ ᠶᠠᠭᠠᠬᠢᠵᠤ ᠥᠩᠭᠡᠷᠡᠵᠦ ᠪᠠᠶᠢᠬᠤ ᠶᠢ ᠨᠢᠭᠡᠮᠦᠰᠦᠨ ᠮᠡᠳᠡᠬᠦ ᠪᠠᠨ ᠪᠠᠶᠢᠴᠢᠬᠠᠳᠠᠭ᠃ ᠶᠠᠭ ᠡᠨᠡ

ᠪᠠᠶᠢᠳᠠᠯ ᠳᠤ ᠨᠢ ᠴᠢᠭᠯᠡᠭᠦᠯᠦᠨ ᠭᠠᠷ ᠤᠲᠠᠰᠤ ᠶᠢ ᠵᠣᠬᠢᠰᠲᠠᠢ ᠬᠡᠷᠡᠭᠯᠡᠬᠦ ᠳᠠᠰᠬᠠᠯ ᠦᠯᠡᠳᠡᠭᠡᠵᠦ ᠪᠣᠯᠣᠨ᠎ᠠ᠃

ᠵᠢᠱᠢᠶᠡᠯᠡᠪᠡᠯ᠂ ᠨᠢᠭᠡᠳᠦᠭᠡᠷ ᠣᠨ ᠤ ᠳᠣᠣᠷᠠᠳᠤ ᠳᠡᠪᠲᠡᠷ ᠤᠨ ︽ᠵᠤᠯᠵᠠᠭᠠᠨ ᠮᠤᠤᠷ ᠵᠢᠭᠠᠰᠤ ᠭᠥᠬᠢᠳᠡᠭᠰᠡᠨ ᠨᠢ︾ ᠭᠡᠬᠦ

ᠬᠢᠴᠢᠶᠡᠯ ᠢ ᠵᠢᠭᠠᠭᠰᠠᠨ ᠤ ᠳᠠᠷᠠᠭᠠᠬᠢ ᠳᠠᠰᠬᠠᠯ ᠢ ᠪᠣᠯ ᠳᠠᠪᠠᠭ᠎ᠠ ᠳᠠᠪᠠᠵᠤ ᠬᠤᠪᠢ ᠣᠯᠬᠤ ᠬᠡᠯᠪᠡᠷᠢ ᠪᠠᠷ ᠦᠯᠡᠳᠡᠭᠡᠵᠦ

ᠪᠣᠯᠣᠨ᠎ᠠ᠃ ᠳᠠᠩ ᠦᠭᠡ ᠶᠢ ᠵᠥᠪ ᠤᠩᠰᠢᠪᠠᠯ ᠦᠭᠡ ᠪᠦᠷᠢ ᠨᠢᠭᠡ ᠬᠤᠪᠢ᠂ ᠬᠤᠯᠪᠤᠭ᠎ᠠ ᠦᠭᠡ ᠶᠢ ᠵᠥᠪ ᠤᠩᠰᠢᠪᠠᠯ

ᠦᠭᠡ ᠪᠦᠷᠢ ᠬᠤᠶᠠᠷ ᠬᠤᠪᠢ᠂ ᠥᠭᠦᠯᠡᠪᠦᠷᠢ ᠶᠢ ᠵᠥᠪ ᠤᠩᠰᠢᠪᠠᠯ ᠭᠤᠷᠪᠠᠨ ᠬᠤᠪᠢ᠂ ᠬᠢᠴᠢᠶᠡᠯ ᠢ ᠵᠥᠪ ᠤᠩᠰᠢᠪᠠᠯ

ᠲᠠᠪᠤᠨ ᠬᠤᠪᠢ᠂ ᠰᠣᠨᠣᠰᠴᠤ ᠪᠢᠴᠢᠵᠦ ᠴᠢᠳᠠᠪᠠᠯ ᠵᠢᠷᠭᠤᠭᠠᠨ ᠬᠤᠪᠢ ᠭᠡᠬᠦ ᠮᠡᠲᠦ ᠪᠠᠷ ᠳᠥᠭᠦᠮᠬᠡᠨ ᠳᠠᠪᠠᠭ᠎ᠠ ᠠᠴᠠ

ᠪᠡᠷᠭᠡᠳᠠᠢ ᠳᠠᠪᠠᠭ᠎ᠠ ᠵᠦᠭ ᠬᠥᠲᠥᠯᠪᠡᠯ ᠰᠤᠷᠤᠭᠴᠢᠳ ᠳᠠᠪᠠᠭ᠎ᠠ ᠳᠠᠪᠠᠵᠤ ᠬᠤᠪᠢ ᠣᠯᠬᠤ  ᠪᠠᠷ ᠮᠡᠷᠡᠶᠢᠬᠦ ᠮᠥᠷᠲᠡᠭᠡᠨ

ᠰᠢᠯᠢᠳᠡᠭ ᠰᠤᠷᠤᠭᠴᠢᠳ ᠨᠡᠩ ᠥᠨᠳᠥᠷ ᠳᠠᠪᠠᠭᠠᠨ ᠳᠤ ᠭᠠᠷᠴᠤ᠂ ᠵᠥᠷᠢᠶᠡᠨ ᠲᠠᠢ ᠰᠤᠷᠤᠭᠴᠢᠳ ᠴᠤ ᠨᠢᠭᠡ ᠬᠤᠶᠠᠷ

ᠳᠠᠪᠠᠭ᠎ᠠ ᠳᠠᠪᠠᠵᠤ ᠬᠢᠬᠦ ᠳᠠᠰᠬᠠᠯ ᠨᠢ ᠠᠶᠠᠨᠳᠠᠭᠠᠨ ᠳᠡᠰ ᠬᠤᠪᠢᠶᠠᠭᠳᠠᠴᠢᠬᠠᠬᠤ ᠪᠢᠰᠢ ᠤᠤ︖ ᠢᠡᠭᠬᠢᠪᠡᠯ ᠨᠢᠭᠡᠳᠦᠭᠡᠷ

ᠳᠡᠰ ᠤᠨ ᠰᠤᠷᠤᠭᠴᠢᠳ ᠡᠨᠡ ᠶᠢ ᠬᠢ᠂ ᠬᠤᠶᠠᠳᠤᠭᠠᠷ ᠳᠡᠰ ᠤᠨ ᠰᠤᠷᠤᠭᠴᠢᠳ ᠲᠡᠷᠡ ᠶᠢ ᠬᠢ ᠭᠡᠵᠦ

ᠰᠤᠷᠤᠭᠴᠢᠳ ᠤᠨ ᠨᠢᠭᠤᠷ ᠳᠡᠭᠡᠷ᠎ᠡ ᠨᠢ ᠳᠡᠰ ᠬᠤᠪᠢᠶᠠᠵᠤ ᠠᠯᠠᠭᠯᠠᠭᠤᠯᠬᠤ ᠦᠵᠡᠭᠳᠡᠯ ᠤᠨ ᠦᠨᠳᠤᠰᠤ ᠶᠢ ᠲᠠᠰᠤᠯᠵᠤ

ᠪᠤᠯᠤᠨ᠎ᠠ᠃ ᠰᠤᠷᠤᠭᠴᠢᠳ ᠢ ᠰᠢᠭᠤᠳ ᠬᠡᠨ ᠬᠡᠨ ᠨᠢ ᠨᠢᠭᠡᠳᠦᠭᠡᠷ ᠳᠡᠰ᠂ ᠬᠡᠨ ᠬᠡᠨ ᠨᠢ ᠬᠤᠶᠠᠳᠤᠭᠠᠷ ᠳᠡᠰ ᠭᠡᠵᠦ

ᠪᠠᠭᠰᠢ ᠠᠴᠠ ᠲᠣᠭᠲᠠᠭᠠᠬᠤ ᠨᠢ ᠰᠤᠷᠤᠭᠴᠢ ᠶᠢᠨ ᠪᠡᠶ᠎ᠡ ᠪᠠᠨ ᠬᠦᠨᠳᠦᠳᠬᠡᠬᠦ ᠰᠡᠳᠬᠢᠯ ᠢ ᠬᠥᠨᠳᠡᠵᠦ ᠪᠠᠶᠢᠭ᠎ᠠ ᠭᠡᠵᠦ ᠪᠢ

ᠦᠵᠡᠵᠦ ᠪᠠᠶᠢᠨ᠎ᠠ᠃ ᠤᠴᠢᠷ ᠨᠢ ᠵᠠᠷᠢᠮ ᠰᠤᠷᠤᠭᠴᠢ ᠪᠢᠴᠢᠬᠦ ᠳᠤ ᠪᠠᠨ ᠠᠨᠠᠢ ᠴᠤ ᠶᠠᠷᠢᠵᠤ ᠢᠯᠡᠳᠬᠡᠬᠦ  ᠳᠤ ᠪᠠᠨ

ᠰᠠᠶᠢᠨ ᠪᠠᠶᠢᠳᠠᠭ᠃

      ᠬᠤᠶᠠᠷ᠂ ᠥᠬᠦᠮᠡᠯ ᠪᠢᠴᠢᠬᠦ ᠮᠡᠲᠦ ᠶᠢᠨ ᠮᠧᠬᠠᠨᠢᠭ ᠳᠠᠰᠬᠠᠯ ᠢ ᠠᠯᠢ ᠪᠣᠯᠬᠤ ᠪᠠᠷ ᠦᠯᠡᠳᠡᠭᠡᠬᠦ ᠦᠭᠡᠢ ᠪᠣᠯ

ᠰᠠᠶᠢᠨ᠃ ᠰᠤᠷᠭᠠᠭᠤᠯᠢ ᠳᠤ ᠪᠦᠬᠦᠯᠢ ᠡᠳᠦᠷ ᠪᠢᠴᠢᠭᠡᠳ ᠰᠤᠷᠤᠭᠴᠢᠳ ᠨᠢᠭᠡᠨᠲᠡ ᠦᠨᠡᠬᠡᠷ ᠶᠠᠳᠠᠷᠠᠵᠤ ᠵᠦᠳᠡᠷᠡᠭᠰᠡᠨ

ᠪᠠᠶᠢᠳᠠᠭ᠃ ᠲᠡᠷᠡ ᠣᠯᠠᠨ ᠮᠧᠬᠠᠨᠢᠬᠴᠢᠯᠠᠭᠰᠠᠨ ᠨᠢᠭᠡ ᠠᠷᠪᠢᠨ ᠬᠡᠷᠡᠭ ᠦᠭᠡᠢ ᠪᠢᠴᠢᠬᠦ ᠳᠠᠰᠬᠠᠯ ᠦᠯᠡᠳᠡᠭᠡᠬᠦ ᠶᠢᠨ

ᠣᠷᠣᠨ ᠳᠤ ᠨᠣᠮ ᠤᠩᠰᠢᠵᠤ ᠭᠡᠷ ᠤᠨ ᠠᠬᠠᠮᠠᠳ ᠲᠠᠢ ᠪᠠᠨ ᠴᠢᠯᠦᠭᠡᠲᠡᠢ ᠵᠣᠭᠤᠭᠳᠠᠵᠤ ᠠᠮᠢᠳᠤᠷᠠᠯ ᠤᠨ ᠪᠠᠶᠠᠰᠤᠯ‌ᠢ

ᠬᠤᠪᠢᠶᠠᠯᠴᠠᠬᠤ ᠳᠠᠰᠬᠠᠯ ᠦᠯᠡᠳᠡᠭᠡᠪᠡᠯ ᠨᠡᠩ ᠰᠠᠶᠢᠨ ᠭᠡᠵᠦ ᠪᠣᠳᠣᠵᠤ ᠪᠠᠶᠢᠨ᠎ᠠ᠃ ᠤᠴᠢᠷ ᠨᠢ ᠨᠣᠮ ᠤᠩᠰᠢᠬᠤ ᠪᠠᠷ

ᠳᠠᠮᠵᠢᠨ ᠰᠤᠷᠤᠭᠴᠢᠳ ᠪᠡᠶ᠎ᠡ ᠶᠢᠨ ᠴᠢᠯᠡᠭᠡ ᠪᠠᠨ ᠲᠠᠶᠢᠯᠵᠤ ᠴᠢᠳᠠᠬᠤ ᠪᠠᠷ ᠪᠠᠷᠠᠬᠤ ᠦᠭᠡᠢ ᠥᠪᠡᠷ ᠤᠨ ᠪᠣᠳᠣᠯ

ᠲᠥᠷᠥᠭᠳᠡᠯ ᠢᠶᠠᠨ ᠭᠡᠷ ᠤᠨ ᠠᠬᠠᠮᠠᠳ ᠲᠠᠢ ᠪᠠᠨ ᠶᠠᠷᠢᠯᠴᠠᠬᠤ ᠦᠶᠡᠰ ᠶᠠᠷᠢᠵᠤ ᠢᠯᠡᠳᠬᠡᠬᠦ᠂ ᠵᠣᠬᠢᠶᠠᠵᠤ ᠡᠮᠬᠢᠯᠡᠬᠦ᠂

ᠪᠣᠳᠣᠵᠤ ᠲᠤᠩᠭᠠᠬᠤ᠂ ᠵᠥᠪ ᠪᠤᠷᠤᠭᠤ ᠳᠤ ᠮᠠᠭᠠᠳᠯᠠᠯᠲᠠ ᠬᠢᠬᠦ ᠮᠡᠲᠦ ᠶᠢᠨ ᠠᠷᠪᠢᠨ ᠲᠠᠯ᠎ᠠ ᠶᠢᠨ ᠴᠢᠳᠠᠪᠤᠷᠢ ᠨᠢ

ᠠᠶᠠᠨᠳᠠᠭᠠᠨ ᠳᠡᠭᠡᠭᠰᠢᠯᠡᠳᠡᠭ ᠪᠣᠯᠬᠤᠷ ᠤᠩᠰᠢᠬᠤ᠂ ᠣᠶᠢᠯᠠᠭᠠᠬᠤ᠂ ᠵᠣᠬᠢᠶᠠᠬᠤ᠂ ᠪᠢᠴᠢᠬᠦ ᠲᠠᠯ᠎ᠠ ᠶᠢᠨ ᠴᠢᠳᠠᠪᠤᠷᠢ ᠨᠢ

ᠮᠡᠳᠡᠭᠳᠡᠬᠦ᠋ᠢᠴᠡ ᠳᠡᠭᠡᠭᠰᠢᠯᠡᠳᠡᠭ ᠪᠠᠶᠢᠨ᠎ᠠ᠃

      ᠭᠤᠷᠪᠠ᠂ ᠵᠢᠷᠤᠵᠤ ᠢᠯᠡᠳᠬᠡᠬᠦ ᠳᠠᠰᠬᠠᠯ ᠦᠯᠡᠳᠡᠭᠡᠵᠦ ᠪᠣᠯᠣᠨ᠎ᠠ᠃ ᠪᠠᠭ᠎ᠠ ᠰᠤᠷᠭᠠᠭᠤᠯᠢ ᠶᠢᠨ ᠰᠤᠷᠤᠭᠴᠢᠳ

ᠵᠢᠷᠤᠭ ᠵᠢᠷᠤᠬᠤ ᠮᠠᠰᠢ ᠳᠤᠷ᠎ᠠ ᠲᠠᠢ ᠪᠠᠶᠢᠳᠠᠭ᠃ ᠡᠨᠡ ᠬᠦ ᠣᠨᠴᠠᠯᠢᠭ ᠲᠤ ᠨᠢ ᠲᠣᠬᠢᠷᠠᠭᠤᠯᠤᠨ ᠳᠣᠣᠷᠠᠳᠤ ᠣᠨ ᠳᠤ

ᠥᠪᠡᠷ ᠤᠨ ᠳᠤᠷᠠᠲᠠᠢ ᠵᠢᠷᠤᠭ ᠢᠶᠠᠨ ᠵᠢᠷᠤᠭᠠᠳ ᠨᠡᠷ᠎ᠡ ᠶᠢ ᠪᠢᠴᠢᠬᠦ᠂ ᠡᠰᠡᠬᠦᠯ᠎ᠡ ᠥᠭᠦᠯᠡᠪᠦᠷᠢ ᠵᠣᠬᠢᠶᠠᠬᠤ᠂ ᠳᠡᠭᠡᠳᠦ

ᠣᠨ ᠳᠤ ᠰᠡᠳᠬᠢᠬᠦᠢ ᠶᠢᠨ ᠬᠦᠲᠦᠯᠦᠮᠵᠢ ᠶᠢᠨ ᠵᠢᠷᠤᠭ ᠢᠶᠠᠷ ᠬᠢᠴᠢᠶᠡᠯ ᠤᠨ ᠠᠭᠤᠯᠭ᠎ᠠ ᠶᠢ ᠵᠢᠷᠤᠭᠴᠢᠯᠠᠨ ᠢᠯᠡᠳᠬᠡᠬᠦ

ᠮᠡᠲᠦ ᠶᠢᠨ ᠴᠢᠯᠦᠭᠡᠲᠡᠢ ᠳᠠᠰᠬᠠᠯ ᠦᠯᠡᠳᠡᠭᠡᠪᠡᠯ ᠳᠣᠣᠷ᠎ᠠ ᠣᠨ ᠤ ᠰᠤᠷᠤᠭᠴᠢᠳ ᠨᠢ ᠰᠤᠷᠤᠭᠰᠠᠨ ᠢᠶᠠᠨ ᠠᠶᠠᠨᠳᠠᠭᠠᠨ

ᠡᠵᠡᠮᠰᠢᠨ ᠪᠠᠲᠤᠳᠬᠠᠵᠤ᠂ ᠥᠷᠭᠡᠳᠬᠡᠵᠦ ᠳᠡᠯᠡᠬᠦ ᠪᠠᠷ ᠪᠠᠷᠠᠬᠤ ᠦᠭᠡᠢ ᠳᠡᠭᠡᠳᠦ ᠣᠨ ᠤ ᠰᠤᠷᠤᠭᠴᠢᠳ ᠨᠢ

ᠪᠣᠳᠣᠭᠰᠠᠨ ᠰᠠᠨᠠᠭᠰᠠᠨ ᠢᠶᠠᠨ ᠥᠭᠡᠷ᠎ᠡ ᠨᠢᠭᠡ ᠵᠦᠢᠯ ᠤᠨ ᠠᠷᠭ᠎ᠠ ᠪᠠᠷ ᠴᠢᠯᠦᠭᠡᠲᠡᠢ ᠰᠠᠶᠢᠬᠠᠨ ᠢᠯᠡᠳᠬᠡᠵᠦ ᠥᠷᠭᠡᠳᠬᠡᠯ

ᠲᠡᠯᠡᠯᠲᠡ ᠬᠢᠵᠦ ᠴᠢᠳᠠᠳᠠᠭ ᠮᠥᠷᠲᠡᠭᠡᠨ ᠲᠦᠢᠯ ᠤᠨ ᠳᠤᠷ᠎ᠠ ᠪᠠᠬ᠎ᠠ ᠲᠠᠢ ᠰᠤᠷᠤᠯᠴᠠᠬᠤ ᠪᠤᠯᠤᠨ᠎ᠠ᠃ ᠳᠤᠷ᠎ᠠ ᠪᠠᠬ᠎ᠠ

ᠪᠣᠯ ᠬᠠᠮᠤᠭ ᠤᠨ ᠰᠠᠶᠢᠨ ᠪᠠᠭᠰᠢ᠃ ᠰᠤᠷᠤᠭᠴᠢᠳ ᠰᠤᠷᠬᠤ ᠳᠤᠷ᠎ᠠ ᠪᠠᠬ᠎ᠠ ᠲᠠᠢ ᠪᠣᠯᠴᠢᠬᠠᠪᠠᠯ ᠰᠡᠳᠬᠢᠬᠦᠢ ᠨᠢ

ᠠᠶᠠᠨᠳᠠᠭᠠᠨ ᠳᠡᠯᠡᠭᠳᠡᠵᠦ ᠦᠬᠦᠮᠡᠯ ᠪᠢᠴᠢᠬᠦ ᠠᠴᠠ ᠨᠡᠩ ᠠᠷᠪᠢᠨ ᠮᠡᠳᠡᠯᠭᠡ ᠴᠢᠳᠠᠪᠤᠷᠢ ᠶᠢ ᠡᠵᠡᠮᠰᠢᠵᠦ ᠳᠡᠶᠢᠯᠳᠡᠭ

ᠪᠠᠶᠢᠨ᠎ᠠ᠃

      ᠳᠥᠷᠪᠡ᠂ ᠠᠮᠢᠳᠤᠷᠠᠯ ᠢ ᠣᠶᠢᠯᠠᠭᠠᠵᠤ᠂ ᠭᠤᠸ᠎ᠠ ᠰᠠᠶᠢᠬᠠᠨ ᠢ ᠮᠡᠳᠡᠷᠡᠬᠦ ᠳᠠᠰᠬᠠᠯ ᠦᠯᠡᠳᠡᠭᠡᠵᠤ          

ᠪᠤᠯᠤᠨ᠎ᠠ᠃ ᠥᠪᠡᠷ ᠤᠨ ᠪᠡᠶ᠎ᠡ ᠪᠠᠷ ᠢᠶᠠᠨ ᠠᠮᠢᠳᠤᠷᠠᠯ ᠳᠤ ᠣᠷᠣᠯᠴᠠᠵᠤ᠂ ᠬᠥᠳᠡᠯᠮᠦᠷᠢᠯᠡᠬᠦ᠂ ᠡᠰᠡᠬᠦᠯ᠎ᠡ ᠶᠠᠮᠠᠷ ᠨᠢᠭᠡ

ᠨᠡᠶᠢᠭᠡᠮ ᠤᠨ ᠦᠵᠡᠭᠳᠡᠯ ᠢ ᠠᠵᠢᠭᠯᠠᠬᠤ᠂ ᠳᠤᠷᠠᠲᠠᠢ ᠬᠥᠳᠡᠯᠭᠡᠭᠡᠨ ᠳᠤ ᠪᠠᠨ ᠣᠷᠣᠯᠴᠠᠬᠤ ᠮᠡᠲᠦ ᠶᠢᠨ ᠳᠠᠰᠬᠠᠯ ᠢ

ᠦᠯᠡᠳᠡᠭᠡᠵᠦ ᠡᠭᠦᠨ ᠤ ᠲᠤᠬᠠᠢ ᠪᠣᠳᠣᠯ ᠲᠥᠷᠥᠭᠳᠡᠯ ᠢ ᠪᠢᠴᠢᠭᠦᠯᠪᠡᠯ ᠰᠤᠷᠤᠭᠴᠢᠳ ᠲᠤᠩ ᠳᠤᠷ᠎ᠠ ᠲᠠᠢ          

ᠪᠠᠶᠢᠳᠠᠭ᠃ ᠤᠴᠢᠷ ᠨᠢ ᠳᠡᠭᠡᠳᠦ ᠣᠨ ᠤ ᠰᠤᠷᠤᠭᠴᠢᠳ ᠤᠨ ᠶᠡᠬᠡᠩᠬᠢ ᠨᠢ ᠥᠪᠡᠷ ᠢ ᠪᠠᠨ ᠲᠣᠮᠣ ᠬᠦᠮᠦᠨ ᠪᠣᠯᠴᠢᠬᠠᠯ᠎ᠠ

ᠭᠡᠵᠦ ᠪᠣᠳᠣᠳᠠᠭ᠃ ᠶᠠᠭ ᠲᠡᠶᠢᠮᠦ ᠪᠣᠯᠬᠤᠷ ᠨᠡᠶᠢᠭᠡᠮ ᠤᠨ ᠨᠢᠭᠡ ᠭᠡᠰᠢᠭᠦᠨ ᠪᠣᠯᠣᠭᠰᠠᠨ ᠤ ᠬᠤᠪᠢ ᠳᠤ ᠨᠡᠶᠢᠭᠡᠮ ᠤᠨ

ᠶᠠᠮᠠᠷ ᠨᠢᠭᠡ ᠵᠦᠢᠯ ᠤᠨ ᠲᠤᠬᠠᠢ ᠠᠵᠢᠭᠯᠠᠵᠤ᠂ ᠰᠤᠷᠪᠤᠯᠵᠢᠯᠠᠵᠤ ᠢᠷ᠎ᠡ ᠭᠡᠭᠰᠡᠭᠡᠷ ᠲᠤᠩ ᠳᠤᠷ᠎ᠠ ᠲᠠᠢ ᠪᠠᠶᠢᠵᠤ

ᠢᠳᠡᠪᠬᠢᠲᠡᠢ ᠣᠷᠣᠯᠴᠠᠳᠠᠭ ᠪᠣᠯᠬᠤᠷ ᠠᠰᠠᠭᠤᠬᠤ᠂ ᠬᠠᠷᠢᠭᠤᠯᠬᠤ᠂ ᠰᠤᠷᠪᠤᠯᠵᠢᠯᠠᠬᠤ᠂ ᠪᠤᠰᠤᠳ ᠤᠨ ᠶᠠᠷᠢᠶ᠎ᠠ ᠶᠢ

ᠳᠠᠮᠵᠢᠭᠤᠯᠬᠤ ᠮᠡᠲᠦ ᠶᠢᠨ ᠳᠡᠭᠡᠳᠦ ᠣᠨ ᠤ ᠬᠢᠴᠢᠶᠡᠯ ᠤᠨ ᠪᠠᠷᠢᠮᠵᠢᠶ᠎ᠠ ᠳᠤ ᠱᠠᠭᠠᠷᠳᠠᠭᠰᠠᠨ ᠬᠠᠷᠢᠯᠴᠠᠭᠠᠨ ᠤ

ᠠᠭᠤᠯᠭ᠎ᠠ ᠶᠢ ᠢᠳᠡᠪᠬᠢᠲᠡᠢ ᠪᠡᠶᠡᠯᠡᠭᠦᠯᠬᠦ ᠪᠠᠷ ᠳᠠᠮᠵᠢᠨ᠂ ᠡᠮᠬᠢᠯᠡᠨ ᠬᠤᠷᠢᠶᠠᠩᠭᠤᠶᠢᠯᠠᠵᠤ᠂ ᠵᠣᠬᠢᠶᠠᠨ ᠪᠢᠴᠢᠬᠦ

ᠴᠢᠳᠠᠪᠤᠷᠢ ᠨᠢ ᠠᠶᠠᠨᠳᠠᠭᠠᠨ ᠳᠡᠭᠡᠭᠰᠢᠯᠡᠳᠡᠭ ᠪᠠᠶᠢᠨ᠎ᠠ᠃

      ᠳᠠᠰᠬᠠᠯ ᠪᠣᠯ ᠬᠢᠴᠢᠶᠡᠯ ᠤᠨ ᠲᠠᠩᠬᠢᠮ ᠤᠨ ᠦᠷᠭᠦᠯᠵᠢᠯᠡᠯ ᠮᠥᠨ᠂ ᠬᠢᠴᠢᠶᠡᠯ ᠤᠨ ᠪᠢᠴᠢᠭ ᠲᠠᠬᠢ

ᠮᠡᠳᠡᠯᠭᠡ ᠶᠢᠨ ᠪᠠᠬᠢᠵᠢᠯ ᠪᠣᠯᠬᠤ ᠪᠠᠷ ᠪᠠᠷᠠᠬᠤ ᠦᠭᠡᠢ ᠰᠤᠷᠤᠯᠴᠯᠠᠭ᠎ᠠ ᠶᠢᠨ ᠦᠷᠭᠦᠯᠵᠢᠯᠡᠯ ᠮᠥᠨ᠂ ︽ᠬᠤᠶᠠᠷ ᠢ

ᠬᠥᠩᠭᠡᠷᠡᠭᠦᠯᠬᠦ︾ ᠠᠬᠤᠶ ᠪᠠᠶᠢᠳᠠᠯ ᠳᠣᠣᠷ᠎ᠠ᠂ ᠡᠶᠢᠮᠦᠷᠬᠦᠦ ᠪᠦᠲᠦᠮᠵᠢᠲᠡᠶ ᠳᠠᠰᠬᠠᠯ ᠤᠨ ᠲᠦᠰᠦᠪᠯᠡᠯ ᠨᠢ

ᠰᠤᠷᠤᠭᠴᠢᠳ ᠤᠨ ᠳᠤᠷ᠎ᠠ ᠪᠠᠬ᠎ᠠ ᠶᠢ ᠶᠡᠬᠡᠳᠡ ᠲᠠᠲᠠᠵᠤ᠂ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠲᠠ ᠶᠢᠨ

ᠠᠭᠤᠯᠭ᠎ᠠ ᠶᠢ ᠪᠠᠲᠤᠳᠬᠠᠬᠤ ᠪᠠᠷ ᠪᠠᠷᠠᠬᠤ ᠦᠭᠡᠢ᠂ ᠪᠠᠰᠠ ᠰᠤᠷᠤᠭᠴᠢᠳ ᠤᠨ ᠡᠯ᠎ᠡ ᠵᠦᠢᠯ ᠤᠨ ᠴᠢᠳᠠᠪᠤᠷᠢ ᠶᠢ

ᠬᠥᠮᠦᠵᠢᠭᠦᠯᠵᠦ᠂ ᠨᠡᠩ ᠴᠢᠬᠤᠯᠠ ᠨᠢ ᠰᠤᠷᠤᠭᠴᠢᠳ ᠤᠨ ᠰᠤᠷᠤᠯᠴᠠᠬᠤ ᠤᠷᠮ᠎ᠠ ᠵᠣᠷᠢᠭ ᠢ ᠲᠠᠶᠢᠴᠢᠯᠠᠵᠤ ᠴᠢᠳᠠᠨ᠎ᠠ

ᠭᠡᠳᠡᠭ ᠲᠤ ᠢᠲᠡᠭᠡᠯ ᠲᠠᠢ ᠪᠠᠶᠢᠨ᠎ᠠ᠃ ᠰᠤᠷᠤᠭᠴᠢᠳ ᠬᠠᠯᠠᠭᠤᠨ ᠰᠡᠳᠬᠢᠯᠭᠡ ᠲᠠᠢ ᠪᠣᠯᠤᠮᠠᠭᠴᠠ

ᠰᠠᠨᠠᠭᠠᠴᠢᠯᠠᠭ᠎ᠠ ᠠᠴᠠ ᠪᠠᠨ ᠰᠤᠷᠤᠯᠴᠠᠯᠭ᠎ᠠ ᠳᠤ ᠣᠷᠣᠯᠴᠠᠵᠤ᠂ ᠰᠤᠷᠤᠯᠴᠠᠯᠭ᠎ᠠ ᠶᠢ ᠪᠠᠶᠠᠷ ᠪᠠᠶᠠᠰᠬᠤᠯᠠᠩ ᠲᠠᠢ ᠶᠠᠪᠤᠳᠠᠯ

ᠭᠡᠵᠦ ᠪᠣᠳᠣᠳᠠᠭ᠃ ᠪᠠᠭᠰᠢ ᠨᠠᠷ ᠥᠪᠡᠷ ᠢ ᠪᠠᠨ ᠴᠢᠯᠦᠭᠡᠯᠡᠵᠦ᠂ ᠥᠪᠡᠷ ᠤᠨ ᠠᠵᠢᠯ ᠤᠨ ᠳᠠᠷᠤᠭᠠᠰᠤ ᠪᠠᠨ

ᠬᠥᠩᠭᠡᠷᠠᠭᠦᠯᠦᠶ᠎ᠡ ᠭᠡᠪᠡᠯ ᠤᠷᠢᠳ ᠢᠶᠠᠷ ᠰᠤᠷᠤᠭᠴᠢᠳ ᠤᠨ ᠰᠤᠷᠤᠯᠴᠠᠯᠭ᠎ᠠ ᠶᠢᠨ ᠳᠠᠷᠤᠭᠠᠰᠤ ᠶᠢ ᠬᠥᠩᠬᠡᠷᠠᠭᠦᠯᠭᠦ

ᠬᠡᠷᠡᠭᠲᠡᠢ ᠶᠤᠮ᠃ ᠪᠢᠳᠡ ᠰᠤᠷᠤᠭᠴᠢᠳ ᠢ ᠨᠡᠩ ᠢᠯᠡᠭᠦᠦ ᠴᠠᠭ ᠲᠠᠢ ᠪᠣᠯᠭᠠᠵᠤ᠂ ᠨᠡᠩ ᠢᠯᠡᠭᠦᠦ ᠤᠳᠬ᠎ᠠ

ᠠᠭᠤᠯᠭ᠎ᠠ ᠲᠠᠢ ᠠᠵᠢᠯ ᠬᠢᠵᠦ ᠪᠠᠶᠢᠭᠠᠳ ᠠᠵᠢᠯᠴᠢ ᠬᠥᠳᠡᠯᠮᠦᠷᠢᠴᠢ ᠭᠠᠷ ᠲᠠᠢ᠂ ᠰᠡᠴᠡᠨ ᠰᠡᠷᠭᠦᠯᠡᠩ ᠨᠢᠳᠦ ᠲᠠᠢ᠂

ᠬᠠᠳᠠᠨ ᠵᠣᠷᠢᠭᠲᠤ ᠰᠡᠳᠬᠢᠯ ᠲᠠᠢ᠂ ᠰᠤᠷᠴᠤ ᠰᠤᠳᠤᠯᠬᠤ ᠳᠤᠷᠠᠲᠠᠢ ᠬᠡᠦᠬᠡᠳ ᠪᠣᠯᠭᠠᠨ ᠬᠦᠮᠦᠵᠢᠭᠦᠯᠦᠶ᠎ᠡ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠣᠲᠤᠭ ᠤᠨ ᠡᠮᠦᠨᠡᠲᠦ ᠬᠤᠰᠢᠭᠤᠨ ᠤ

                                 ᠨᠢᠭᠡᠳᠦᠭᠡᠷ ᠪᠠᠭ᠎ᠠ ᠰᠤᠷᠭᠠᠭᠤᠯᠢ

                                 ︵ᠠᠯᠳᠠᠨᠰᠦ᠋ᠭᠡ ᠨᠠᠶᠢᠷᠠᠭᠤᠯᠪᠠ︶

                                 2023.4 ᠳ᠋ᠦ᠋ᠭᠡᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map