︽ᠠᠯᠬᠤᠮᠴᠢᠯᠠᠬᠰᠠᠨ ᠵᠢᠭᠠᠨ ᠰᠣᠷᠭᠠᠯᠳᠠ︾ ᠳᠤ ᠰᠣᠷᠣᠬᠴᠢ ᠶᠢᠨ ᠣᠩᠰᠢᠯᠭ᠎ᠠ ᠶᠢ ᠪᠦᠳᠤᠮᠵᠢᠳᠠᠢ ᠵᠢᠯᠣᠭᠤᠳᠬᠤ ᠲᠣᠬᠠᠢ ᠵᠠᠳᠠᠯᠣᠨ ᠰᠢᠨᠵᠢᠯᠡᠬᠦ ᠨᠢ
ᠨᠡᠶᠢᠲᠡᠯᠡᠭᠰᠡᠨ ᠴᠠᠭ᠄
2023/12/13
                          ᠡᠷᠳᠡᠨᠢᠪᠠᠳᠤ

教学研究5.png

      ᠣᠩᠰᠢᠯᠭ᠎ᠠ ᠪᠣᠯ ᠬᠡᠯᠡ ᠪᠢᠴᠢᠭ ᠤᠨ ᠵᠢᠭᠠᠨ ᠰᠣᠷᠭᠠᠯᠳᠠ ᠶᠢᠨ ᠴᠢᠬᠤᠯᠠ ᠪᠥᠷᠢᠯᠳᠣᠭᠦᠨ ᠬᠡᠰᠡᠭ ᠮᠦᠨ᠂ ᠬᠡᠯᠡ

ᠪᠢᠴᠢᠭ ᠤᠨ ᠬᠢᠴᠢᠶᠡᠯ ᠢ ᠪᠡᠶᠡᠴᠢᠯᠡᠨ ᠰᠣᠷᠬᠤ ᠶᠠᠪᠣᠴᠠ ᠮᠥᠨ᠃ ᠰᠣᠷᠣᠬᠴᠢ ᠣᠩᠰᠢᠬᠤ ᠪᠠᠷ ᠲᠠᠮᠵᠢᠨ ᠬᠡᠯᠡᠨ ᠤ

ᠮᠡᠳᠡᠷᠡᠮᠵᠢ ᠪᠠᠨ ᠰᠠᠶᠢᠵᠢᠷᠠᠭᠤᠯᠵᠤ᠂ ᠦᠭᠡᠨ ᠤ ᠪᠠᠶᠠᠯᠢᠭ ᠢᠶᠠᠨ ᠨᠡᠮᠡᠭᠳᠡᠭᠦᠯᠦᠨ᠂ ᠰᠠᠳᠭᠢᠬᠦᠢ ᠪᠠᠨ ᠨᠡᠭᠡᠭᠡᠭᠳᠡᠭᠦᠯᠵᠥ᠂

ᠰᠣᠷᠠᠭ ᠴᠢᠮᠡᠭᠡ ᠣᠯᠵᠤ ᠮᠡᠳᠡᠳᠡᠭ᠃ ᠣᠩᠰᠢᠯᠭ᠎ᠠ ᠨᠢ ᠬᠡᠯᠡ ᠪᠢᠴᠢᠭ ᠤᠨ ᠴᠢᠳᠠᠪᠣᠷᠢ ᠲᠣᠳᠣᠷᠠᠬᠢ ᠬᠠᠮᠤᠭ  ᠤᠨ

ᠴᠢᠬᠤᠯᠠ ᠦᠨᠳᠣᠰᠣᠨ ᠴᠢᠳᠠᠪᠣᠷᠢ ᠶᠢᠨ ᠨᠢᠭᠡ ᠮᠦᠨ᠃ ︽ᠬᠡᠯᠡ ᠪᠢᠴᠢᠭ ᠤᠨ ᠬᠢᠴᠢᠶᠡᠯ ᠤᠨ ᠪᠠᠷᠢᠮᠵᠢᠶ᠎ᠠ︾ ᠳᠤ

︽ᠰᠣᠷᠣᠬᠴᠢᠳ ᠢ ᠢᠯᠡᠬᠦᠦ ᠣᠩᠰᠢᠭᠤᠯᠵᠤ ᠢᠯᠡᠭᠦᠦ ᠪᠢᠴᠢᠬᠦᠯᠣᠨ︾᠂ ︽ᠢᠯᠡᠭᠦᠬᠡᠨ ᠣᠩᠰᠢᠭᠤᠯᠵᠤ᠂ ᠢᠯᠡᠬᠦᠭᠡᠨ

ᠬᠤᠷᠠᠮᠳᠣᠭᠤᠯᠣᠨ︾ ᠭᠡᠵᠤ ᠣᠨᠴᠠᠭᠠᠢᠢᠯᠠᠨ ᠴᠢᠬᠤᠯᠠᠴᠢᠯᠠᠬᠰᠠᠨ ᠪᠠᠶᠢᠳᠠᠭ᠃ ᠬᠡᠭᠦ ᠳᠤ ᠪᠠᠨ ᠣᠩᠰᠢᠯᠭ᠎ᠠ ᠶᠢ

ᠴᠢᠬᠤᠯᠠᠴᠢᠯᠠᠵᠤ ᠪᠠᠶᠢᠨ᠎ᠠ ᠭᠡᠳ ᠣᠩᠰᠢᠭᠤᠯᠬᠤ ᠶᠢᠨ ᠲᠦᠯᠥᠭᠡ ᠣᠩᠰᠢᠭᠤᠯᠵᠤ ᠪᠣᠯᠬᠤ ᠦᠬᠡᠢ᠂ ᠣᠯᠠᠠ ᠮᠥᠷᠳᠡᠭᠡᠨ

ᠣᠷᠮ᠎ᠠ ᠲᠠᠢ ᠣᠩᠰᠢᠭᠤᠯᠬᠤ᠂ ᠴᠦᠬᠡᠨ ᠠᠲᠠᠯ᠎ᠠ ᠪᠠᠨ ᠴᠢᠨᠠᠷᠳᠡᠢ ᠣᠩᠰᠢᠭᠤᠯᠬᠤ ᠶᠢ ᠠᠩᠬᠠᠷᠬᠤ ᠬᠡᠷᠡᠭᠳᠡᠢ᠃

ᠭᠡᠭᠦ ᠳᠤ ᠪᠠᠨ ᠲᠣᠣᠷ᠎ᠠ ᠣᠨ ᠤ ᠰᠣᠷᠣᠬᠴᠢ ᠶᠢ ᠣᠩᠰᠢᠯᠭ᠎ᠠ ᠳᠤ ᠣᠷᠮᠠᠰᠢᠭᠤᠯᠬᠤ ᠨᠢ ᠲᠦᠢᠯ ᠤᠨ ᠴᠢᠬᠤᠯᠠ ᠪᠠᠶᠢᠳᠠᠭ

ᠲᠤᠯᠠ ᠠᠮᠢᠳᠣᠯᠢᠭ ᠢᠶᠠᠷ ᠵᠢᠭᠠᠨ ᠰᠣᠷᠭᠠᠬᠤ ᠶᠢ ᠦᠷᠬᠦᠯᠵᠢ ᠠᠩᠬᠠᠷᠪᠠᠯ ᠵᠣᠬᠢᠨ᠎ᠠ᠃ ᠬᠠᠷᠠᠯᠲᠠ ᠲᠠᠢ ᠣᠩᠰᠢᠭᠤᠯᠵᠤ

ᠰᠣᠷᠣᠬᠴᠢ ᠶᠢ ᠰᠠᠨᠠᠭᠠᠴᠢᠯᠠᠭ᠎ᠠ ᠠᠴᠠ ᠪᠠᠨ᠂ ᠪᠡᠶ᠎ᠠ ᠪᠠᠨ ᠲᠠᠭᠠᠭᠠᠵᠤ ᠣᠩᠰᠢᠬᠤ ᠵᠦᠭ ᠬᠥᠳᠣᠯᠪᠡᠯ ᠵᠣᠬᠢᠨ᠎ᠠ᠃

      ᠳᠣᠣᠷ᠎ᠠ ︽ᠠᠯᠬᠤᠮᠴᠢᠯᠠᠬᠰᠠᠨ ᠵᠢᠭᠠᠨ ᠰᠣᠷᠭᠠᠯᠳᠠ︾ ᠳᠤ ᠬᠡᠷᠬᠢᠨ ᠤᠩᠰᠢᠯᠭ᠎ᠠ ᠶᠢ ᠵᠢᠯᠤᠭᠤᠳᠬᠤ ᠲᠤᠬᠠᠢ

ᠶᠠᠷᠢᠶ᠎ᠠ᠃

      ᠨᠢᠭᠡ᠂ ᠶᠠᠭᠤᠨ ᠳᠤ ᠣᠩᠰᠢᠯᠭ᠎ᠠ ᠶᠢᠨ ᠵᠢᠯᠣᠭᠤᠳᠣᠯᠭ᠎ᠠ ᠶᠢ ᠴᠢᠬᠤᠯᠠᠴᠢᠯᠠᠬᠤ ᠪᠤᠢ︖

      ︵ᠨᠢᠭᠡ︶ ᠰᠣᠷᠣᠬᠴᠢ ᠶᠢᠨ ᠬᠢᠴᠢᠶᠡᠯ ᠲᠡᠭᠡᠷᠡᠬᠢ ᠣᠩᠰᠢᠯᠭ᠎ᠠ ᠪᠣᠯ ᠬᠠᠮᠤᠭ ᠤᠨ ᠴᠢᠬᠤᠯᠠ ᠪᠠᠶᠢᠳᠠᠭ᠂

ᠣᠴᠢᠷ ᠨᠢ ᠰᠣᠷᠬᠤ ᠪᠢᠴᠢᠭ ᠤᠨ ᠵᠣᠬᠢᠶᠠᠯ ᠢ ᠣᠩᠰᠢᠬᠤ ᠪᠠᠷ ᠲᠠᠮᠵᠢᠵᠤ᠂ ᠮᠡᠳᠡᠯᠭᠡ᠂ ᠦᠭᠡ ᠬᠡᠯᠡ᠂ ᠦᠰᠦᠭ ᠪᠢᠴᠢᠭ᠂

ᠠᠷᠭ᠎ᠠ ᠪᠠᠷᠢᠯ ᠢ ᠰᠣᠷᠴᠤ ᠡᠵᠡᠮᠰᠢᠳᠡᠭ᠃ ᠮᠦᠨ ᠴᠤ ᠪᠠᠭᠰᠢ ᠶᠢᠨ ᠵᠢᠭᠠᠨ ᠵᠢᠯᠣᠭᠤᠳᠣᠯᠭ᠎ᠠ ᠪᠠᠷ ᠣᠩᠰᠢᠬᠤ ᠠᠷᠭ᠎ᠠ ᠶᠢ

ᠰᠣᠷᠴᠤ ᠡᠬᠢᠯᠡᠳᠡᠭ᠃ ᠰᠣᠷᠬᠤ ᠪᠢᠴᠢᠭ ᠲᠤ ᠰᠣᠩᠭᠤᠬᠳᠠᠬᠰᠠᠨ ᠵᠣᠬᠢᠶᠠᠯ ᠤᠳ ᠪᠤᠯ ᠶᠠᠷᠣᠩᠭᠡᠢ ᠳᠤ ᠪᠠᠨ ᠰᠣᠩᠭᠤᠳᠠᠭ

ᠪᠥᠳᠣᠭᠡᠯ ᠶᠤᠮ᠂ ᠡᠳᠡᠭᠡᠷ ᠵᠣᠬᠢᠶᠠᠯ ᠤᠨ ᠬᠡᠯᠡ ᠭᠡᠯᠡᠯᠭᠡ ᠠᠴᠠ ᠡᠬᠢᠯᠡᠭᠡᠳ ᠠᠭᠤᠯᠭ᠎ᠠ᠂ ᠣᠳᠬ᠎ᠠ ᠰᠠᠨᠠᠭ᠎ᠠ᠂ ᠪᠢᠴᠢᠭᠰᠡᠨ

ᠠᠷᠭ᠎ᠠ ᠪᠠᠷᠢᠯ ᠤᠨ ᠬᠤᠪᠢ ᠳᠤ ᠨᠡᠯᠢᠶᠡᠳ ᠰᠠᠶᠢᠨ ᠳᠤ ᠲᠣᠭᠠᠴᠢᠬᠳᠠᠬᠤ ᠨᠢ ᠶᠠᠷᠢᠶᠠᠨ ᠦᠭᠡᠢ᠃ ᠲᠠᠬᠢᠭᠠᠳ ᠬᠡᠯᠡᠪᠡᠯ

ᠬᠢᠴᠢᠶᠡᠯ ᠳᠠᠬᠢ ᠣᠩᠰᠢᠯᠭ᠎ᠠ ᠪᠣᠯ ᠪᠣᠰᠣᠳ ᠨᠦᠬᠦᠳ ᠲᠠᠢ ᠪᠠᠨ ᠬᠠᠮᠵᠢᠨ ᠰᠣᠷᠬᠤ ᠲᠣᠬᠢᠶᠠᠯ ᠮᠦᠨ᠃ ᠪᠠᠭ᠎ᠠ

ᠰᠣᠷᠭᠠᠭᠤᠯᠢ ᠶᠢᠨ ᠱᠠᠳᠣᠨ ᠳᠤ ᠰᠣᠷᠬᠤ ᠪᠢᠴᠢᠭ ᠤᠨ ᠵᠣᠬᠢᠶᠠᠯ ᠢᠶᠠᠨ ᠪᠣᠯᠪᠠᠰᠣᠷᠠᠩᠭᠤᠢ ᠣᠩᠰᠢᠵᠤ ᠴᠢᠳᠠᠬᠤ

ᠦᠭᠡᠢ ᠪᠠᠷ ᠪᠣᠰᠣᠳ ᠨᠣᠮ ᠵᠣᠬᠢᠶᠠᠯ᠂ ᠰᠣᠨᠢᠨ ᠰᠡᠳᠭᠦᠯ ᠢ ᠣᠩᠰᠢᠬᠤ ᠭᠡᠭᠴᠢ ᠬᠥᠴᠢᠷ ᠶᠠᠪᠣᠳᠠᠯ ᠪᠣᠯᠬᠤ          

ᠶᠤᠮ᠃ ᠡᠶᠢᠮᠤ ᠠᠴᠠ ᠬᠢᠴᠢᠶᠡᠯ ᠲᠠᠭᠡᠷᠡᠬᠢ ᠣᠩᠰᠢᠯᠭ᠎ᠠ ᠪᠠᠷ ᠲᠠᠮᠵᠢᠭᠤᠯᠵᠤ ᠰᠤᠷᠤᠭᠴᠢᠳ ᠤᠨ ᠣᠩᠰᠢᠬᠤ

ᠴᠢᠳᠠᠪᠣᠷᠢ ᠶᠢ ᠲᠡᠭᠡᠭᠰᠢᠯᠡᠬᠦᠯᠬᠦ ᠶᠠᠪᠣᠳᠠᠯ ᠴᠢᠬᠤᠯᠠᠴᠢᠯᠠᠬᠳᠠᠵᠤ ᠪᠠᠶᠢᠨ᠎ᠠ᠃

      ︵ᠬᠤᠶᠠᠷ︶ ᠣᠩᠰᠢᠯᠭ᠎ᠠ ᠨᠢ ᠪᠡᠶ᠎ᠠ ᠪᠠᠨ ᠲᠠᠭᠠᠭᠠᠵᠤ ᠦᠪᠡᠰᠤᠪᠠᠨ ᠰᠣᠷᠬᠤ ᠳᠤ ᠬᠥᠭᠦᠷᠭᠡ ᠶᠢᠨ ᠦᠢᠯᠡᠳᠣᠯ

ᠦᠵᠡᠬᠦᠯᠣᠨ᠎ᠠ᠃ ᠡᠷᠲᠡ ᠡᠳᠣᠭᠡ ᠭᠠᠳᠠᠭᠠᠳᠤ ᠲᠣᠳᠣᠭᠠᠳᠤ ᠶᠢᠨ ᠡᠷᠳᠡᠮᠳᠡᠨ ᠮᠡᠷᠭᠡᠳ ᠠᠴᠠ ᠨᠣᠮ ᠪᠢᠴᠢᠭ᠂ ᠨᠣᠮ

ᠣᠩᠰᠢᠬᠤ ᠶᠢᠨ ᠴᠢᠬᠤᠯᠠ ᠴᠢᠨᠡᠷ ᠢ ᠣᠯᠠᠨᠲᠠ ᠦᠬᠦᠯᠡᠭᠰᠡᠨ ᠶᠤᠮ᠃ ᠣᠣᠯ ᠤᠨ ᠵᠦᠪᠯᠡᠯᠳᠤ ᠬᠤᠯᠪᠣᠭᠠᠳᠤ

ᠣᠯᠣᠰ ᠤᠨ ᠵᠣᠬᠢᠶᠠᠯᠴᠢ ᠭᠤᠷᠺᠢ᠄ ︽ᠨᠣᠮ ᠪᠢᠴᠢᠭ ᠪᠣᠯ ᠬᠥᠮᠣᠨ ᠲᠦᠷᠦᠯᠬᠢᠳᠡᠨ ᠤ ᠲᠠᠪᠰᠢᠯᠲᠠ ᠶᠢᠨ ᠱᠠᠳᠤ         

ᠮᠥᠨ︾ ᠭᠡᠵᠡᠢ᠃ ᠲᠡᠩ ᠣᠯᠣᠰ ᠤᠨ ᠰᠢᠯᠥᠭᠴᠢ ᠳ᠋ᠦ᠋ ᠹᠦ᠋᠄ ︽ᠪᠢᠴᠢᠭ ᠨᠣᠮ  ᠢ ᠵᠠᠭᠤᠨ ᠪᠣᠳᠢ ᠤᠩᠰᠢᠪᠠᠰᠤ ᠪᠢᠷ ᠤᠨ

ᠦᠵᠦᠬᠦᠷ ᠠᠶᠠᠨᠳᠠᠭᠠᠨ ᠰᠢᠳᠢ ᠣᠷᠣᠰᠢᠮᠣᠢ︾ ᠭᠡᠵᠡᠢ᠃ ᠡ᠊ᠨᠡ ᠨᠢ ᠨᠣᠮ ᠪᠢᠴᠢᠭ ᠪᠣᠯ ᠨᠡᠶᠢᠭᠡᠮ ᠤᠨ ᠬᠥᠭᠵᠢᠯᠳᠡ ᠳᠤ

ᠠᠬᠢᠭᠤᠯᠬᠤ ᠦᠢᠯᠡᠳᠣᠯ ᠦᠵᠡᠬᠦᠯᠬᠦ ᠮᠥᠷᠳᠡᠭᠡᠨ ᠬᠥᠮᠣᠨ ᠤ ᠦᠰᠦᠨ ᠪᠤᠶᠢᠵᠢᠯᠲᠠ ᠨᠢ ᠴᠤ ᠨᠣᠮ ᠣᠩᠰᠢᠬᠤ ᠠᠴᠠ

ᠰᠠᠯᠵᠤ ᠴᠢᠳᠠᠬᠤ ᠦᠭᠡᠢ ᠭᠡᠳᠡᠭ ᠢ ᠬᠠᠷᠠᠭᠤᠯᠵᠡᠢ᠃ ᠨᠣᠮ ᠣᠩᠰᠢᠬᠤ ᠲᠣᠳᠣᠮ ᠣᠬᠠᠭᠠᠨ ᠪᠣᠳᠣᠯᠭ᠎ᠠ ᠣᠶᠣᠨ ᠰᠠᠨᠠᠭ᠎ᠠ

ᠨᠡᠭᠡᠭᠡᠭᠳᠡᠵᠤ ᠠᠮᠵᠢᠯᠳᠡ ᠭᠠᠷᠭᠠᠵᠤ ᠴᠢᠳᠠᠨ᠎ᠠ ᠭᠡᠳᠡᠭ ᠭᠥᠨ ᠶᠣᠰᠤ ᠶᠢ ᠲᠣᠰᠬᠠᠵᠠᠢ᠃ ᠡᠷᠳᠡᠮᠳᠡᠨ ᠴᠢᠳᠠᠪᠣᠷᠢᠳᠡᠨ

ᠪᠣᠯᠬᠤ ᠳᠤ ᠨᠣᠮ ᠪᠢᠴᠢᠭ ᠣᠩᠰᠢᠵᠤ ᠨᠣᠮ ᠪᠢᠴᠢᠭ ᠲᠠᠢ ᠬᠠᠨᠢᠯᠠᠨ ᠦᠪᠡᠷ ᠢ ᠪᠠᠨ ᠵᠡᠪᠰᠡᠭᠯᠠᠵᠤ ᠶᠠᠪᠣᠬᠰᠠᠨ ᠵᠢᠱᠢᠶ᠎ᠠ

ᠮᠤᠩ ᠦᠭᠡᠢ ᠣᠯᠠᠨ ᠪᠠᠶᠢᠳᠠᠭ᠃ ᠪᠣᠳᠠᠳᠠᠢ ᠪᠠᠷ ᠭᠡᠯᠡᠪᠡᠯ᠂ ᠮᠨᠨ ᠤ ᠮᠣᠩᠭᠤᠯ ᠦᠨᠳᠣᠰᠣᠳᠡᠨ ᠤ ᠲᠣᠭᠠᠨ ᠤ

ᠣᠬᠠᠭᠠᠨᠳᠠᠨ ᠮᠢᠩᠭᠠᠨᠳᠤ᠂ ᠬᠡᠪᠯᠡᠯ ᠤᠨ ᠵᠢᠳᠭᠦᠯᠳᠡᠨ ᠲᠡᠮᠭᠡᠳᠤ᠂ ᠹᠢᠽᠢᠺ ᠤᠨ ᠡᠷᠳᠡᠮᠳᠡᠨ ᠰᠠ ᠪᠧᠨ ᠳ᠋ᠦᠡᠭ᠂ ᠶᠡᠭᠡ

ᠵᠣᠬᠢᠶᠠᠯᠴᠢ ᠢᠨᠵᠠᠨᠨᠠᠰᠢ ᠵᠡᠷᠭᠡ ᠬᠥᠮᠣᠰ ᠨᠢᠭᠡ ᠨᠠᠰᠤ ᠪᠠᠷ ᠢᠶᠠᠨ ᠨᠣᠮ ᠪᠢᠴᠢᠭ ᠤᠨ ᠬᠤᠷᠣᠬᠠᠢ ᠪᠣᠯᠵᠤ᠂ ᠰᠢᠷᠭᠠᠭᠤ

ᠰᠣᠷᠣᠯᠴᠠᠨ᠂ ᠦᠯᠡᠮᠵᠢ ᠲᠣᠭᠠᠨ ᠤ ᠨᠣᠮ ᠪᠢᠴᠢᠭ ᠣᠩᠰᠢᠬᠤ᠂ ᠨᠣᠮ ᠪᠢᠴᠢᠭ ᠨᠠᠶᠢᠷᠠᠭᠤᠯᠣᠨ ᠵᠣᠬᠢᠶᠠᠬᠤ ᠠᠵᠢᠯ ᠳᠤ

ᠭᠠᠷᠮᠠᠭᠠᠢᠢᠯᠠᠭᠰᠠᠨ ᠠᠴᠠ ᠮᠣᠩᠭᠤᠯ ᠦᠨᠳᠣᠰᠣᠳᠡᠨ ᠤ ᠰᠣᠶᠣᠯ ᠪᠣᠯᠪᠠᠰᠣᠨ ᠤ ᠬᠥᠭᠵᠢᠯᠳᠡ ᠳᠤ ᠴᠢᠨᠠᠬᠰᠢᠯᠠᠭᠠᠳ

ᠣᠯᠣᠰ ᠣᠷᠣᠨ᠂ ᠨᠡᠶᠢᠭᠡᠮ ᠤᠨ ᠬᠥᠭᠵᠢᠯᠳᠡ ᠳᠤ ᠵᠣᠬᠢᠬᠤ ᠬᠤᠪᠢ ᠨᠡᠮᠡᠷᠢ ᠪᠠᠨ ᠦᠵᠡᠬᠦᠯᠥᠭᠰᠡᠨ ᠢ ᠲᠡᠣᠬᠡ᠂

ᠪᠣᠳᠠᠳᠤ ᠦᠢᠯᠡᠳᠣᠯᠭᠡ ᠭᠡᠷᠡᠴᠢᠯᠡᠭᠰᠡᠨ ᠶᠤᠮ᠃ ᠡᠭᠦᠨ ᠠᠴᠠ ᠪᠢᠳᠡ ᠡᠷᠳᠡᠮᠳᠡᠨ ᠴᠢᠳᠠᠪᠣᠷᠢᠳᠡᠨ ᠪᠣᠯᠬᠤ ᠳᠤ ᠨᠣᠮ

ᠪᠢᠴᠢᠭ ᠠᠴᠠ ᠣᠶᠣᠨ ᠤ ᠰᠢᠨ᠎ᠠ ᠶᠢ ᠬᠥᠷᠳᠡᠬᠦ ᠮᠥᠷᠳᠡᠭᠡᠨ ᠣᠩᠰᠢᠯᠭ᠎ᠠ ᠶᠢᠨ ᠴᠢᠳᠠᠪᠤᠷᠢ ᠶᠢ ᠪᠦᠷᠢᠯᠳᠤᠭᠦᠯᠵᠤ

ᠪᠤᠯᠤᠨ᠎ᠠ ᠭᠡᠳᠡᠭ ᠢ ᠤᠯᠵᠤ ᠮᠠᠳᠠᠵᠤ ᠪᠤᠯᠤᠨ᠎ᠠ᠃

      ︵ᠭᠤᠷᠪᠠ︶ ᠬᠡᠯᠡ ᠪᠢᠴᠢᠭ ᠤᠨ ᠵᠢᠭᠠᠨ ᠰᠣᠷᠭᠠᠯᠳᠠ ᠳᠤ ᠣᠩᠰᠢᠬᠤ ᠴᠢᠳᠠᠪᠣᠷᠢ ᠲᠦᠢᠯ ᠤᠨ ᠴᠢᠬᠤᠯᠠ

ᠪᠠᠶᠢᠳᠠᠭ᠂ ᠲᠠᠷᠠ ᠨᠢ ᠶᠠᠷᠢᠬᠤ ᠴᠢᠳᠠᠪᠣᠷᠢ᠂ ᠪᠢᠴᠢᠬᠦ ᠴᠢᠳᠠᠪᠣᠷᠢ ᠳᠤ ᠰᠠᠭᠤᠷᠢ ᠪᠣᠯᠳᠠᠭ᠃ ᠬᠡᠯᠡ ᠪᠢᠴᠢᠭ ᠤᠨ ᠵᠢᠭᠠᠨ

ᠰᠣᠷᠭᠠᠯᠳᠠ ᠨᠢ ᠶᠡᠷᠦᠩᠬᠡᠶᠢᠯᠡᠭᠰᠡᠨ ᠴᠢᠨᠠᠷ ᠲᠠᠢ ᠮᠥᠷᠳᠡᠭᠡᠨ ᠲᠡᠬᠦᠨ ᠳᠤ ᠪᠠᠭᠠᠵᠢᠴᠢ ᠰᠢᠨᠵᠢ᠂ ᠬᠥᠮᠣᠨ ᠰᠣᠶᠣᠯ ᠤᠨ

ᠰᠢᠨᠵᠢ ᠶᠢ ᠬᠠᠳᠠᠭᠠᠯᠠᠵᠤ ᠪᠠᠶᠢᠳᠠᠭ᠃ ᠬᠢᠴᠢᠶᠡᠯᠯᠡᠭᠡ ᠳᠤ ᠴᠢᠳᠠᠪᠣᠷᠢ ᠶᠢᠨ ᠬᠥᠮᠥᠵᠢᠯ ᠴᠢᠬᠤᠯᠠ ᠪᠠᠶᠢᠷᠢ ᠶᠢ ᠡᠵᠡᠯᠡᠬᠦ

ᠮᠥᠷᠳᠡᠭᠡᠨ ᠰᠣᠷᠣᠬᠴᠢ ᠶᠢᠨ ᠦᠵᠡᠯᠳᠡ ᠲᠠᠨᠢᠯᠲᠠ ᠶᠢᠨ ᠲᠡᠭᠡᠭᠰᠢᠯᠡᠯᠳᠡ᠂ ᠬᠥᠮᠣᠨ ᠮᠦᠰᠤ ᠶᠢᠨ ᠬᠥᠮᠥᠵᠢᠯ ᠵᠡᠷᠭᠡ ᠳᠤ

ᠦᠢᠯᠡᠳᠣᠯ ᠦᠵᠡᠬᠦᠯᠳᠡᠭ ᠲᠤᠯᠠ ᠬᠡᠯᠡ ᠪᠢᠴᠢᠭ ᠤᠨ ᠬᠢᠴᠢᠶᠡᠯ ᠨᠢ ᠨᠢᠭᠡᠳᠣᠮᠡᠯ ᠴᠤᠬᠴᠠ ᠮᠥᠨ᠃ ᠲᠣᠣᠷ᠎ᠠ ᠣᠨ ᠤ

ᠰᠣᠷᠣᠬᠴᠢ ᠶᠢᠨ ᠣᠩᠰᠢᠯᠭ᠎ᠠ ᠨᠢ ᠵᠦᠪ ᠪᠢᠴᠢᠯᠭᠡ ᠲᠠᠢ ᠰᠢᠭᠤᠳ ᠬᠤᠯᠪᠣᠬᠳᠠᠵᠤ ᠪᠠᠶᠢᠳᠠᠭ᠂ ᠲᠤᠮᠲᠠ ᠣᠨ ᠳᠤ

ᠰᠣᠷᠣᠬᠴᠢ ᠶᠢᠨ ᠶᠠᠷᠢᠶᠠᠨ ᠤ ᠴᠢᠳᠠᠪᠣᠷᠢ ᠭᠢᠭᠡᠳ ᠣᠩᠰᠢᠯᠭ᠎ᠠ ᠨᠢ ᠬᠠᠷᠢᠯᠴᠠᠨ ᠠᠬᠢᠭᠤᠯᠵᠤ ᠪᠠᠶᠢᠳᠠᠭ᠂ ᠲᠡᠭᠡᠳᠤ

ᠣᠨ ᠳᠤ ᠣᠩᠰᠢᠯᠭ᠎ᠠ ᠶᠢᠨ ᠴᠢᠳᠠᠪᠣᠷᠢ ᠨᠢ ᠵᠣᠬᠢᠶᠠᠨ ᠪᠢᠴᠢᠯᠭᠡ ᠶᠢ ᠨᠥᠯᠦᠭᠡᠯᠡᠳᠡᠭ᠃

      ︵ᠳᠥᠷᠪᠡ︶ ᠠᠯᠪᠠᠳᠠᠯᠭ᠎ᠠ ᠶᠢᠨ ᠴᠢᠨᠠᠷ ᠲᠠᠢ ᠣᠩᠰᠢᠯᠭ᠎ᠠ ᠪᠠ ᠠᠶᠠᠨᠳᠠᠭᠠᠨ ᠤ ᠣᠩᠰᠢᠯᠭ᠎ᠠ ᠨᠢ ᠰᠢᠨᠵᠢ

ᠴᠢᠨᠠᠷ ᠤᠨ ᠲᠠᠯ᠎ᠠ ᠪᠠᠷ ᠮᠠᠰᠢ ᠵᠦᠷᠢᠶ᠎ᠠ ᠲᠠᠢ᠃ ᠵᠠᠷᠢᠮ ᠰᠣᠷᠣᠭᠴᠢ ᠶᠢᠨ ᠣᠩᠰᠢᠯᠭ᠎ᠠ ᠶᠢ ᠠᠵᠢᠭᠯᠠᠬᠤ ᠳᠤ ᠰᠠᠶᠢᠨ

ᠰᠢᠬ ᠪᠤᠯᠪᠠᠴᠤ ᠦᠨᠡᠨ ᠳᠤ ᠪᠠᠨ ᠲᠡᠭᠦᠨ ᠤ ᠣᠩᠰᠢᠯᠭ᠎ᠠ ᠨᠢ ᠮᠧᠬᠠᠨᠢᠭ ᠣᠩᠰᠢᠯᠭ᠎ᠠ ᠮᠥᠨ᠂ ᠠᠶᠠᠨᠳᠠᠭᠠᠨ ᠤ

ᠣᠩᠰᠢᠯᠭ᠎ᠠ ᠪᠢᠰᠢ᠃ ᠭᠡᠬᠦ ᠳᠤ ᠠᠯᠬᠤᠮᠴᠢᠯᠠᠭᠰᠠᠨ ᠵᠢᠭᠠᠨ ᠰᠣᠷᠭᠠᠯᠲᠠ ᠳᠤ ᠴᠢᠯᠥᠭᠡᠳᠤ ᠣᠩᠰᠢᠯᠭ᠎ᠠ ᠪᠠ

ᠰᠣᠷᠣᠭᠴᠢᠳ ᠢ ᠵᠢᠯᠣᠭᠤᠳᠤᠨ ᠠᠶᠠᠨᠳᠠᠭᠠᠨ ᠤ ᠣᠩᠰᠢᠯᠭ᠎ᠠ ᠳᠤ ᠬᠥᠲᠦᠯᠳᠡᠭ ᠲᠤᠯᠠ ᠰᠣᠷᠣᠭᠴᠢᠳ ᠲᠤ ᠰᠡᠳᠭᠢᠬᠦ

ᠣᠷᠣᠨ ᠵᠠᠢ ᠣᠯᠭᠤᠨ᠂ ᠣᠷᠮ᠎ᠠ ᠪᠠᠬ᠎ᠠ ᠶᠢ ᠬᠥᠭᠵᠢᠭᠡᠵᠦ᠂ ᠣᠩᠰᠢᠯᠭ᠎ᠠ ᠶᠢᠨ ᠴᠢᠳᠠᠪᠤᠷᠢ ᠶᠢ ᠬᠥᠮᠥᠵᠢᠬᠦᠯᠬᠦ ᠳᠤ

ᠦᠷ᠎ᠠ ᠠᠰᠢᠭ ᠢᠶᠠᠷ ᠥᠨᠳᠥᠷ ᠪᠠᠶᠢᠳᠠᠭ᠃ ᠪᠠᠰᠠ ᠶᠠᠪᠤᠴᠠ ᠶᠢᠨ ᠵᠢᠭᠠᠨ ᠰᠤᠷᠭᠠᠯᠲᠠ ᠶᠢ ᠴᠢᠬᠤᠯᠠᠴᠢᠯᠠᠳᠠᠭ ᠠᠴᠠ

ᠰᠤᠷᠤᠭᠴᠢ ᠶᠢᠨ ᠪᠡᠶᠡᠳᠡᠨ ᠣᠷᠤᠯᠴᠠᠵᠤ ᠠᠰᠠᠭᠤᠳᠠᠯ ᠢ ᠰᠢᠢᠳᠪᠦᠷᠢᠯᠡᠨ ᠪᠡᠶ᠎ᠡ ᠪᠠᠨ ᠲᠠᠭᠠᠭᠠᠬᠤ ᠴᠢᠳᠠᠪᠤᠷᠢ ᠶᠢ

ᠬᠥᠮᠦᠵᠢᠭᠦᠯᠬᠦ ᠳᠤ ᠦᠢᠯᠡᠳᠣᠯ ᠦᠵᠡᠭᠦᠯᠦᠨ᠎ᠡ᠃

      ᠬᠤᠶᠠᠷ᠂ ᠬᠡᠷᠬᠢᠨ ᠣᠩᠰᠢᠯᠭ᠎ᠠ ᠶᠢᠨ ᠵᠢᠯᠣᠭᠤᠳᠣᠯᠭ᠎ᠠ ᠶᠢ ᠬᠥᠢᠴᠡᠳᠭᠡᠬᠦ ᠪᠤᠢ︖

      ᠬᠢᠴᠢᠶᠡᠯ ᠤᠨ ᠦᠭᠡᠷᠡᠴᠢᠯᠡᠯᠳᠡ ᠶᠢᠨ ᠣᠨᠣᠯᠵᠢᠬᠤᠨ ᠳᠤ ᠪᠠᠭᠰᠢ ᠶᠢ ᠵᠣᠬᠢᠶᠠᠨ ᠪᠠᠶᠢᠭᠤᠯᠣᠬᠴᠢ᠂

ᠵᠢᠯᠣᠭᠤᠳᠣᠬᠴᠢ᠂ ᠬᠥᠳᠣᠯᠦᠭᠴᠢ᠂ ᠵᠣᠷᠢᠬᠵᠢᠭᠤᠯᠣᠬᠴᠢ ᠭᠡᠵᠤ ᠦᠵᠡᠳᠡᠭ᠃ ᠳᠦᠷᠢ ᠳᠥᠷᠬᠦ ᠶᠢᠨ

ᠬᠤᠪᠢᠷᠠᠯᠳᠠ ᠠᠴᠠ ᠦᠵᠡᠪᠡᠯ᠄ ᠬᠥᠮᠣᠨ ᠢ ᠬᠥᠮᠣᠵᠢᠬᠦᠯᠬᠦ ᠶᠢᠨ ᠬᠤᠪᠢ ᠳᠤ ᠰᠤᠷᠤᠭᠴᠢᠳ ᠲᠤ ᠡᠷᠬᠡ ᠲᠡᠭᠰᠢ᠂

ᠠᠷᠠᠳᠴᠢᠯᠠᠯ ᠲᠠᠢ᠂ ᠡᠶ᠎ᠡ ᠨᠠᠶᠢᠷ ᠲᠠᠢ ᠬᠠᠨᠳᠤᠭᠰᠠᠨ ᠡᠰᠠᠭᠦ᠂ ᠰᠣᠷᠬᠤ ᠠᠵᠢᠯᠯᠠᠭᠠᠨ ᠤ ᠬᠤᠪᠢ ᠳᠤ ᠪᠡᠶ᠎ᠠ ᠪᠠᠨ

ᠲᠠᠭᠠᠭᠠᠬᠤ᠂ ᠬᠠᠮᠵᠢᠯᠴᠠᠬᠤ᠂ ᠰᠦᠪᠡᠭᠴᠢᠯᠡᠬᠦ ᠵᠡᠷᠭᠡ ᠠᠭᠤᠯᠭ᠎ᠠ ᠶᠢ ᠬᠠᠮᠣᠷᠴᠠᠢ᠃ ᠡᠶᠢᠨ ᠭᠦ ᠬᠢᠴᠢᠶᠡᠯᠯᠡᠭᠡ ᠶᠢᠨ

ᠵᠢᠭᠠᠨ ᠰᠣᠷᠭᠠᠯᠳᠠ ᠳᠤ ᠪᠠᠭᠰᠢ ᠶᠢᠨ ᠵᠢᠯᠣᠭᠤᠳᠬᠤ ᠦᠢᠯᠡᠳᠣᠯ ᠢ ᠴᠢᠬᠤᠯᠠᠴᠢᠯᠠᠨ ᠲᠣᠷᠠᠳᠣᠬᠰᠠᠨ ᠪᠠᠶᠢᠨ᠎ᠠ᠃ ᠪᠠᠭ᠎ᠠ

ᠰᠣᠷᠭᠠᠭᠤᠯᠢ ᠶᠢᠨ ᠬᠡᠯᠡ ᠪᠢᠴᠢᠭ ᠤᠨ ᠵᠢᠭᠠᠨ ᠰᠣᠷᠭᠠᠯᠳᠠ ᠳᠤ ᠪᠠᠭᠰᠢ ᠶᠢᠨ ᠵᠢᠯᠣᠭᠤᠳᠣᠯᠭ᠎ᠠ ᠨᠢ ᠰᠣᠷᠣᠬᠴᠢ ᠶᠢᠨ

ᠣᠩᠰᠢᠯᠭ᠎ᠠ ᠶᠢᠨ ᠲᠡᠭᠡᠭᠰᠢᠯᠡᠯᠳᠡ ᠳᠤ ᠴᠢᠬᠤᠯᠠ ᠦᠢᠯᠡᠳᠣᠯ ᠦᠵᠡᠭᠦᠯᠬᠦ ᠨᠢ ᠶᠠᠷᠢᠶᠠᠨ ᠦᠭᠡᠢ᠃

      ᠲᠣᠣᠷ᠎ᠠ ᠣᠨ ᠤ ᠰᠣᠷᠣᠬᠴᠢᠳ ᠶᠠᠷᠢᠬᠤ ᠴᠢᠳᠠᠪᠣᠷᠢ ᠪᠠᠷ ᠪᠠᠷᠣᠬᠳᠠᠢ᠂ ᠰᠣᠷᠬᠤ ᠠᠷᠭ᠎ᠠ ᠶᠢᠨ ᠲᠠᠯ᠎ᠠ ᠳᠤ

ᠲᠣᠷᠰᠢᠯᠭ᠎ᠠ ᠲᠣᠳᠠᠮᠠᠭ᠃ ︽ᠠᠯᠬᠤᠮᠴᠢᠯᠠᠬᠰᠠᠨ ᠵᠢᠭᠠᠨ ᠰᠣᠷᠭᠠᠯᠳᠠ︾ ᠳᠤ ᠣᠩᠰᠢᠯᠭ᠎ᠠ ᠶᠢᠨ ᠴᠢᠳᠠᠪᠣᠷᠢ ᠶᠢ

ᠬᠥᠮᠥᠵᠢᠬᠦᠯᠬᠦ ᠳᠤ ᠪᠡᠶᠡᠴᠢᠯᠡᠨ ᠣᠷᠣᠯᠳᠣᠬᠤ ᠦᠢᠯᠡᠳᠣᠯᠭᠡ ᠪᠠᠷ ᠲᠠᠮᠵᠢᠨ ᠰᠣᠷᠣᠬᠴᠢ ᠳᠤ ᠴᠢᠯᠥᠭᠡᠳᠡᠢ ᠣᠷᠣᠯᠳᠣᠵᠤ

ᠵᠣᠷᠢᠬᠳᠠᠢ ᠰᠠᠳᠬᠢᠬᠦ ᠣᠷᠣᠨ ᠵᠠᠢ ᠣᠯᠭᠤᠬᠤ ᠶᠢ ᠰᠠᠨᠠᠭᠠᠴᠢᠯᠠᠵᠠᠢ᠃ ᠪᠡᠶᠡᠴᠢᠯᠡᠭᠰᠡᠨ ᠦᠢᠯᠡᠳᠣᠯᠭᠡ ᠳᠤ ︽ᠠᠩᠬᠠᠯᠠᠨ

ᠣᠩᠰᠢᠵᠤ ᠠᠵᠢᠬᠯᠠᠯᠲᠠ ᠬᠢᠶ᠎ᠠ︾᠂ ︽ᠠᠬᠢᠯᠲᠠ ᠲᠠᠢ ᠣᠩᠰᠢᠵᠤ ᠠᠰᠠᠭᠤᠳᠠᠯ ᠢ ᠰᠢᠢᠳᠪᠣᠷᠢᠯᠠᠶ᠎ᠠ︾᠂ ︽ᠠᠮᠳᠠᠷᠬᠠᠨ

ᠣᠩᠰᠢᠵᠤ ᠠᠬᠢᠨᠳᠠ ᠲᠣᠩᠭᠠᠶ᠎ᠠ︾᠂ ︽ᠠᠪᠢᠶᠠᠰᠯᠢᠭ ᠣᠩᠰᠢᠵᠤ ᠠᠨᠳᠠ ᠪᠠᠨ ᠪᠠᠶᠠᠰᠬᠠᠶ᠎ᠠ︾ ᠭᠡᠬᠦ ᠶᠠᠪᠣᠴᠠ ᠶᠢ

ᠲᠣᠬᠢᠷᠠᠭᠤᠯᠵᠠᠢ᠃ ︽ᠰᠣᠷᠣᠭᠠᠳ ᠰᠠᠳᠬᠢᠬᠦ ᠦᠭᠡᠢ ᠪᠣᠯᠪᠠᠰᠤ ᠲᠠᠯᠠᠭᠠᠷ ᠪᠣᠯᠣᠮᠣᠢ᠂ ᠰᠡᠳᠬᠢᠭᠡᠳ ᠰᠣᠷᠬᠤ ᠦᠭᠡᠢ

ᠪᠣᠯᠪᠠᠰᠤ ᠬᠠᠭᠤᠳᠠᠮ ᠪᠣᠯᠣᠮᠣᠢ︾ ᠭᠡᠳᠡᠭ ᠢᠶᠠᠷ ᠰᠣᠷᠣᠬᠴᠢ ᠬᠡᠷᠪᠡ ᠨᠢᠭᠡ ᠵᠣᠬᠢᠶᠠᠯ ᠢ ᠣᠩᠰᠢᠭᠠᠳ ᠶᠠᠮᠠᠷ ᠴᠤ

ᠣᠯᠣᠯᠳᠠ ᠦᠭᠡᠢ ᠪᠣᠯ ᠠᠩᠬᠠᠷᠣᠯ ᠲᠠᠯᠪᠢᠵᠤ ᠣᠩᠰᠢᠬᠰᠠᠨ ᠦᠭᠡᠢ ᠨᠢ ᠢᠯᠡᠷᠬᠡᠢ ᠮᠡᠳᠡᠭᠳᠡᠵᠦ ᠪᠠᠶᠢᠬᠤ ᠪᠣᠶᠤ ᠦᠬᠦᠮᠡᠯ

ᠣᠩᠰᠢᠯᠭ᠎ᠠ ᠪᠣᠯᠣᠬᠰᠠᠨ ᠨᠢ ᠲᠣᠳᠣᠷᠬᠠᠢ ᠪᠣᠯᠤᠨ᠎ᠠ᠃ ᠡᠶᠢᠮᠦ ᠠᠴᠠ ᠲᠠᠭᠡᠷᠡᠬᠢ ᠤᠡᠭᠰᠢᠯᠭ᠎ᠠ  ᠶᠢᠨ ᠲᠦᠷᠪᠡᠨ ᠠᠯᠬᠤᠮ

ᠪᠤᠯ ᠡᠩ ᠤᠨ ᠭᠤᠬᠴᠣᠭᠠᠨ ᠤ ᠬᠥᠳᠣᠯᠦᠮᠵᠢ ᠪᠢᠰᠢ᠂ ᠨᠡᠩ ᠴᠤ ᠠᠷᠭ᠎ᠠ ᠪᠠᠨ ᠶᠠᠳᠠᠬᠰᠠᠨ ᠠᠯᠬᠤᠮ ᠪᠢᠰᠢ᠃ ᠡᠨᠡ ᠨᠢ

ᠪᠣᠰᠣᠳ ᠤᠨ ︽ᠰᠡᠳᠬᠢᠵᠤ ᠣᠩᠰᠢᠶ᠎ᠠ᠂ ᠮᠡᠳᠡᠷᠡᠵᠤ ᠣᠩᠰᠢᠶ᠎ᠠ︾ ᠭᠡᠬᠦ ᠮᠡᠳᠥ ᠶᠢᠨ ᠵᠠᠯᠭᠠᠰᠤ ᠲᠠᠢ ᠠᠳᠠᠯᠢ ᠦᠭᠡᠢ᠂

ᠰᠣᠷᠣᠬᠴᠢ ᠪᠡᠶᠡᠴᠢᠯᠡᠨ ᠬᠥᠢᠴᠡᠳᠭᠡᠬᠦ᠂ ᠬᠡᠪ ᠪᠣᠯᠪᠠᠰᠣᠷᠠᠯ ᠤᠨ ᠡᠯᠧᠮᠧᠨ᠋ᠲ ᠲᠠᠢ ᠬᠤᠯᠪᠣᠵᠤ ᠬᠥᠢᠴᠡᠳᠭᠡᠵᠥ ᠪᠠᠶᠢᠭ᠎ᠠ

ᠠᠶᠠᠨᠳᠠᠭᠠᠨ ᠤ ᠰᠢᠯᠵᠢᠯᠲᠡ ᠮᠥᠨ᠃

      ︵ᠨᠢᠭᠡ︶ ᠠᠩᠬᠠᠯᠠᠨ ᠣᠩᠰᠢᠵᠤ ᠠᠵᠢᠬᠯᠠᠯᠳᠠ ᠬᠢᠶ᠎ᠠ

      ᠡᠨᠡ ᠨᠢ ᠰᠣᠷᠣᠬᠴᠢ ᠶᠢᠨ ᠠᠩᠬ᠎ᠠ ᠣᠳᠠᠭᠠᠨ ᠤ ᠣᠩᠰᠢᠯᠭ᠎ᠠ ᠪᠢᠰᠢ᠂ ᠬᠠᠷᠢᠨ ᠲᠣᠰ ᠬᠢᠴᠢᠶᠡᠯ ᠤᠨ

ᠰᠣᠷᠣᠬᠴᠢ ᠶᠢᠨ ᠬᠥᠢᠴᠡᠳᠭᠡᠬᠦ ᠬᠠᠮᠤᠭ ᠤᠨ ᠲᠡᠷᠢᠬᠦᠨ ᠤ ᠶᠠᠪᠣᠴᠠ ᠪᠣᠯᠬᠤ ᠶᠤᠮ᠃ ᠡᠨᠡ ᠬᠦ ᠶᠠᠪᠣᠴᠠ ᠳᠤ ᠰᠣᠷᠣᠬᠴᠢ

ᠴᠢᠯᠥᠭᠡᠳᠤ ᠣᠩᠰᠢᠯᠭ᠎ᠠ ᠶᠢᠨ ᠬᠡᠯᠪᠡᠷᠢ ᠪᠠᠷ ᠵᠣᠬᠢᠶᠠᠯ  ᠤᠨ ᠲᠣᠬᠠᠢ ᠠᠪᠰᠠᠷᠬᠠᠨ ᠣᠢᠢᠯᠠᠭᠠᠯᠲᠠ ᠲᠠᠢ ᠪᠣᠯᠣᠨ᠎ᠠ᠂ ᠲᠠᠷᠣᠢ

ᠶᠠᠮᠠᠷ ᠲᠦᠷᠦᠯ ᠤᠨ ᠵᠣᠬᠢᠶᠠᠯ ᠪᠣᠯᠬᠤ᠂ ᠣᠷᠳᠤ ᠣᠬᠤᠷ ᠤᠨ ᠬᠡᠮᠵᠢᠶ᠎ᠠ ᠶᠠᠮᠠᠷᠬᠠᠨ ᠪᠠᠶᠢᠬᠤ᠂ ᠵᠣᠬᠢᠶᠠᠬᠴᠢ ᠨᠢ ᠬᠡᠨ

ᠪᠣᠯᠬᠤ᠂ ᠶᠠᠮᠠᠷ ᠬᠡᠷᠡᠭ ᠣᠴᠢᠷ ᠪᠣᠯᠬᠤ ︵ᠶᠠᠭᠤ ᠶᠢ ᠲᠦᠷᠰᠦᠯᠡᠵᠤ ᠪᠠᠶᠢᠬᠤ︶ ᠶᠢᠨ ᠲᠣᠬᠠᠢ ᠪᠣᠷᠤ ᠲᠥᠯᠥᠪ

ᠣᠢᠢᠯᠠᠭᠠᠯᠲᠠ ᠲᠠᠢ ᠪᠣᠯᠬᠤ ᠣᠩᠰᠢᠯᠭ᠎ᠠ ᠪᠣᠯᠣᠨ᠎ᠠ᠃ ᠡᠨᠡ ᠪᠣᠯ ᠰᠣᠷᠣᠬᠴᠢ ᠶᠢ ᠠᠯᠭᠤᠷ ᠠᠭᠠᠵᠢᠮ ᠢᠶᠠᠷ

ᠣᠩᠰᠢᠯᠭ᠎ᠠ ᠳᠤ ᠬᠥᠳᠣᠯᠬᠦ ᠠᠷᠭ᠎ᠠ ᠪᠣᠯᠣᠨ᠎ᠠ᠃ ᠣᠩᠰᠢᠬᠤ ᠬᠡᠯᠪᠡᠷᠢ ᠶᠢᠨ ᠲᠠᠯ᠎ᠠ ᠳᠤ ᠲᠠᠭᠤ ᠲᠠᠢ ᠣᠩᠰᠢᠬᠤ᠂

ᠨᠢᠳᠣᠯᠡᠨ ᠣᠩᠰᠢᠬᠤ ᠪᠥᠷ ᠪᠠᠶᠢᠵᠤ ᠪᠣᠯᠣᠨ᠎ᠠ᠃ ᠬᠢᠴᠢᠶᠡᠯᠯᠡᠭᠴᠢ ᠪᠠᠭᠰᠢ ᠰᠣᠷᠣᠬᠴᠢ ᠶᠢᠨ ᠣᠩᠰᠢᠯᠭ᠎ᠠ ᠶᠢᠨ

ᠪᠠᠶᠢᠳᠠᠯ ᠢ ᠪᠠᠶᠢᠴᠠᠭᠠᠬᠤ ᠶᠢᠨ ᠬᠠᠮᠳᠤ ᠣᠩᠰᠢᠯᠭ᠎ᠠ ᠳᠤ ᠪᠠᠨ ᠬᠥᠴᠢᠷᠳᠡᠵᠤ ᠪᠠᠢᠭ᠎ᠠ ᠰᠣᠷᠣᠬᠴᠢ ᠶᠢ ᠠᠵᠢᠬᠯᠠᠬᠤ ᠶᠢ

ᠠᠩᠬᠠᠷᠣᠨ᠎ᠠ᠃ ᠣᠩᠰᠢᠯᠭ᠎ᠠ ᠳᠤ ᠪᠠᠨ ᠨᠡᠯᠢᠶᠠᠳ ᠰᠠᠶᠢᠨ ᠰᠣᠷᠣᠬᠴᠢ ᠬᠡᠳᠤ ᠤᠳᠠᠭ᠎ᠠ ᠣᠩᠰᠢᠬᠰᠠᠨ ᠪᠠᠶᠢᠵᠤ ᠮᠡᠳᠡᠨ᠎ᠠ᠂

ᠡᠭᠦᠨ ᠳᠤ ᠬᠠᠰᠢ ᠶᠠᠰᠢ ᠣᠩᠰᠢᠬᠤ ᠮᠠᠭᠤ ᠲᠠᠳᠬᠠᠯ ᠲᠠᠢ ᠪᠣᠯᠬᠤ ᠠᠴᠠ ᠵᠠᠶᠢᠯᠠᠰᠬᠢᠨ᠎ᠡ᠃ ᠤᠩᠰᠢᠬᠤ ᠪᠦᠷᠢ

ᠣᠯᠤᠯᠲᠠ ᠲᠠᠢ᠂ ᠤᠩᠰᠢᠭᠰᠠᠨ ᠤ ᠳᠠᠷᠠᠭ᠎ᠠ ᠰᠡᠩᠬᠡᠷᠡᠯ ᠲᠠᠢ ᠪᠠᠶᠢᠪᠠᠯ ᠦᠷ᠎ᠡ ᠠᠰᠢᠭ ᠲᠠᠢ ᠤᠩᠰᠢᠵᠤ ᠴᠢᠳᠠᠭᠰᠠᠨ ᠳᠤ

ᠲᠣᠭᠠᠴᠢᠭᠳᠠᠨ᠎ᠠ᠃

      ︵ᠬᠤᠶᠠᠷ︶ ᠠᠬᠢᠯᠲᠠ ᠲᠠᠢ ᠣᠩᠰᠢᠵᠤ ᠠᠰᠠᠭᠤᠳᠠᠯ ᠢ ᠰᠢᠢᠳᠪᠣᠷᠢᠯᠡᠶ᠎ᠠ

      ᠲᠣᠰ ᠠᠯᠬᠤᠮ ᠤᠨ ᠣᠩᠰᠢᠯᠭ᠎ᠠ ᠪᠠᠷ ᠲᠠᠮᠵᠢᠵᠤ ᠰᠢᠨ᠎ᠠ ᠰᠣᠷᠬᠤ ᠦᠭᠡᠰ ᠢ ᠡᠵᠡᠮᠰᠢᠨ᠂ ᠣᠢᠢᠯᠠᠭᠠᠬᠤ ᠳᠤ

ᠬᠥᠴᠢᠷᠳᠡᠵᠤ ᠮᠡᠳᠡᠬᠦ ᠦᠭᠡ ᠦᠬᠦᠯᠡᠪᠣᠷᠢ ᠶᠢ ᠠᠩᠬᠠᠷᠴᠤ᠂ ᠪᠠᠷᠢᠮᠵᠢᠶ᠎ᠠ ᠣᠩᠰᠢᠯᠭ᠎ᠠ ᠪᠠᠷ ᠣᠩᠰᠢᠵᠤ ᠰᠣᠷᠣᠨ᠂

ᠠᠰᠠᠭᠤᠳᠠᠯ ᠢ ᠰᠢᠢᠳᠪᠣᠷᠢᠯᠠᠨ᠎ᠠ᠃ ᠡᠬᠦᠨ ᠳᠤ ᠬᠠᠮᠵᠢᠨ ᠰᠣᠷᠬᠤ᠂ ᠪᠣᠰᠣᠳ ᠠᠴᠠ ᠰᠣᠷᠬᠤ᠂ ᠪᠠᠭᠰᠢ ᠶᠢᠨ

ᠵᠢᠯᠣᠭᠤᠳᠣᠯᠭ᠎ᠠ ᠪᠠᠷ ᠣᠩᠰᠢᠯᠭ᠎ᠠ ᠳᠤ ᠣᠷᠣᠯᠴᠠᠨ᠎ᠠ᠃ ᠡᠨᠡ ᠶᠠᠪᠣᠴᠠ ᠳᠤ ᠠᠳᠠᠯᠢ ᠪᠣᠰᠤ ᠶᠢᠨ ᠰᠣᠷᠣᠬᠴᠢ ᠳᠤ

ᠲᠣᠬᠢᠶᠠᠯ ᠣᠯᠭᠤᠬᠤ᠂ ᠬᠠᠮᠳᠤ ᠶᠢᠨ ᠣᠷᠣᠯᠴᠠᠭ᠎ᠠ ᠶᠢ ᠠᠩᠬᠠᠷᠪᠠᠯ ᠵᠣᠬᠢᠨ᠎ᠠ᠃ ᠰᠣᠷᠬᠤ ᠬᠢᠴᠢᠶᠡᠯ ᠢᠶᠠᠨ ᠰᠠᠶᠢᠳᠣᠷ

ᠣᠩᠰᠢᠵᠤ ᠣᠷᠣᠯᠳᠣᠬᠤ ᠶᠠᠪᠣᠴᠠ ᠮᠥᠷᠳᠡᠭᠡᠨ ᠬᠥᠨᠳᠤ ᠦᠭᠡᠰ ᠢ ᠠᠮᠢᠳᠣᠯᠢᠭ ᠢᠶᠠᠷ ᠡᠵᠡᠮᠰᠢᠬᠦᠯᠬᠦ ᠪᠣᠯ

ᠰᠤᠷᠤᠭᠴᠢᠳ ᠤᠨ ᠲᠦᠷᠤᠯᠬᠢ ᠬᠡᠯᠡ ᠪᠠᠨ ᠣᠷᠮ᠎ᠠ ᠲᠠᠢ ᠰᠣᠷᠬᠤ ᠵᠠᠩᠭᠢᠯᠠᠭ᠎ᠠ ᠶᠢᠨ ᠭᠤᠭᠴᠤᠭ᠎ᠠ          

ᠪᠣᠯᠣᠨ᠎ᠠ᠃ ᠣᠩᠰᠢᠯᠭ᠎ᠠ ᠶᠢᠨ ᠵᠢᠯᠣᠭᠤᠳᠣᠯᠭ᠎ᠠ ᠬᠢᠬᠦ ᠳᠤ᠄ ︵1︶ ᠭᠤᠷᠪᠠᠨ ᠲᠠᠭᠤᠷᠢᠶᠠᠯ ᠣᠩᠰᠢᠯᠭ᠎ᠠ ᠪᠠᠷ          

ᠬᠥᠳᠣᠯᠤᠨ᠎ᠠ᠃ ᠪᠠᠭᠰᠢ ᠶᠢᠨ ᠣᠩᠰᠢᠯᠭ᠎ᠠ᠂ ᠨᠡᠷᠡᠳᠤ ᠬᠥᠳᠣᠯᠦᠭᠴᠢ ᠶᠢᠨ ᠣᠩᠰᠢᠯᠭ᠎ᠠ᠂ ᠬᠠᠮᠳᠤ ᠰᠣᠷᠣᠬᠴᠢ ᠶᠢᠨ

ᠣᠩᠰᠢᠯᠭ᠎ᠠ ᠶᠢ ᠠᠰᠢᠬᠯᠠᠬᠤ᠃ ︵2︶ ᠭᠤᠷᠪᠠᠨ ᠰᠦᠪᠡᠭᠴᠢ ᠪᠠᠷ ᠣᠩᠰᠢᠯᠭ᠎ᠠ ᠳᠤ ᠬᠥᠳᠣᠯᠤᠨ᠎ᠠ᠃ ᠭᠤᠣᠯᠳᠠᠯᠭ᠎ᠠ ᠲᠠᠢ

ᠦᠭᠡ ᠦᠬᠦᠯᠡᠪᠣᠷᠢ ᠳᠤ ᠵᠣᠬᠢᠴᠠᠭᠤᠯᠵᠤ ᠣᠩᠰᠢᠬᠤ᠂ ᠠᠰᠠᠭᠤᠯᠳᠠ ᠳᠤ ᠵᠣᠬᠢᠴᠠᠭᠤᠯᠵᠤ ᠣᠩᠰᠢᠬᠤ᠂ ᠬᠥᠭᠵᠢᠮ ᠳᠤ

ᠵᠣᠬᠢᠴᠠᠭᠤᠯᠵᠤ ᠣᠩᠰᠢᠬᠤ᠃ ︵3︶ ᠣᠯᠠᠨ ᠠᠷᠭ᠎ᠠ  ᠪᠠᠷ ᠣᠯᠠᠨ ᠶᠠᠩᠵᠤ  ᠶᠢᠨ ᠣᠩᠰᠢᠯᠭ᠎ᠠ ᠶᠢ          

ᠬᠥᠢᠴᠡᠳᠭᠡᠨ᠎ᠠ᠃ ᠨᠢᠳᠤᠯᠠᠨ ᠣᠩᠰᠢᠬᠤ᠂ ᠲᠦᠢᠮᠤᠴᠢᠯᠡᠨ ᠣᠩᠰᠢᠬᠤ᠂ ᠬᠠᠶᠢᠨ ᠣᠩᠰᠢᠬᠤ᠂ ᠰᠡᠳᠬᠢᠯᠭᠡ ᠲᠠᠢ ᠣᠩᠰᠢᠬᠤ

ᠪᠠ ᠭᠠᠭᠴᠠ ᠬᠥᠮᠣᠨ ᠤ ᠣᠩᠰᠢᠯᠭ᠎ᠠ᠂ ᠬᠠᠮᠳᠤ ᠶᠢᠨ ᠣᠩᠰᠢᠯᠭ᠎ᠠ᠂ ᠨᠠᠶᠢᠵᠠ ᠡᠷᠢᠵᠤ ᠣᠩᠰᠢᠬᠤ᠂ ᠲᠣᠬᠯᠠᠭᠠᠮᠳᠤ

ᠣᠩᠰᠢᠯᠭ᠎ᠠ ᠵᠡᠷᠭᠡ ᠬᠡᠯᠪᠡᠷᠢ ᠶᠢᠨ ᠤᠩᠰᠢᠯᠭ᠎ᠠ ᠶᠢ ᠠᠰᠢᠭᠯᠠᠪᠠᠯ ᠵᠦᠭᠡᠷ᠃

      ︵ᠭᠤᠷᠪᠠ︶ ᠠᠮᠳᠠᠷᠬᠠᠨ ᠣᠩᠰᠢᠵᠤ ᠠᠬᠢᠨᠳᠠ ᠲᠣᠩᠭᠠᠶ᠎ᠠ

      ᠨᠢᠭᠡ ᠵᠣᠬᠢᠶᠠᠯ ᠢ ᠣᠩᠰᠢᠬᠤ ᠳᠤ ᠬᠠᠮᠤᠭ ᠤᠨ ᠨᠠᠭᠠᠳᠤ ᠵᠠᠬ᠎ᠠ ᠳᠤ ᠪᠠᠨ ᠶᠠᠮᠠᠷ ᠰᠢᠤᠬᠠᠨ ᠤᠯᠤᠯᠳᠠ ᠤᠯᠪᠠᠯ

ᠵᠣᠬᠢᠬᠤ ᠪᠣᠢ︖ 1. ᠰᠣᠷᠠᠭ ᠴᠢᠮᠡᠭᠡ ᠣᠯᠵᠤ᠂ ᠮᠡᠳᠡᠯᠭᠡ ᠶᠢᠨ ᠦᠷᠭᠡᠳᠭᠡᠯ ᠬᠢᠨ᠎ᠠ︔ 2. ᠦᠭᠡᠰ ᠤᠨ

ᠬᠤᠷᠠᠮᠳᠣᠭᠤᠯᠣᠯ ᠬᠢᠵᠤ᠂ ᠭᠤᠸ᠎ᠠ ᠰᠠᠶᠢᠬᠠᠨ ᠤ ᠬᠥᠷᠳᠡᠭᠡᠯ ᠣᠯᠬᠤ︔ 3. ᠠᠮᠢᠳᠣᠷᠠᠯ ᠤᠨ ᠲᠣᠬᠠᠢ ᠰᠢᠷᠭᠠᠭᠠᠨ

ᠲᠤᠩᠭᠠᠵᠤ᠂ ᠦᠵᠡᠯᠲᠡ ᠲᠠᠨᠢᠯᠲᠠ ᠪᠠᠨ ᠲᠡᠭᠡᠭᠰᠢᠯᠡᠬᠦᠯᠬᠦ︔ 4. ᠵᠣᠬᠢᠶᠠᠨ ᠪᠢᠴᠢᠬᠦ ᠠᠷᠭ᠎ᠠ ᠠᠪᠴᠠᠯ ᠢ ᠰᠣᠷᠴᠤ᠂

ᠲᠣᠷᠰᠢᠯᠭ᠎ᠠ ᠬᠤᠷᠠᠮᠳᠣᠭᠤᠯᠬᠤ︔ 5. ᠦᠪᠡᠷ ᠤᠨ ᠬᠡᠷᠡᠭᠴᠡᠭᠡ ᠳᠤ ᠪᠠᠨ ᠲᠣᠬᠢᠷᠠᠭᠤᠯᠵᠤ᠂ ᠰᠤᠩᠭᠤᠯᠲᠠ ᠲᠠᠢ ᠪᠠᠷ

ᠣᠩᠰᠢᠬᠤ︔ 6. ᠰᠠᠶᠢᠨ ᠰᠠᠶᠢᠬᠠᠨ ᠢ ᠲᠠᠭᠠᠰᠢᠶᠠᠵᠤ᠂ ᠮᠠᠭᠤ ᠮᠠᠭᠤᠬᠠᠢ ᠶᠢ ᠵᠢᠭᠰᠢᠬᠦ ᠦᠵᠡᠯ ᠰᠡᠳᠭᠢᠯᠭᠡ ᠶᠢ ᠪᠣᠢ

ᠪᠣᠯᠭᠠᠨ᠎ᠠ᠃ ᠡᠭᠦᠨ ᠳᠤ ᠲᠣᠣᠷ᠎ᠠ᠂ ᠲᠤᠮᠲᠠ ᠣᠨ ᠤ ᠱᠠᠳᠤᠨ ᠳᠤ ᠰᠣᠷᠬᠤ ᠪᠢᠴᠢᠭ ᠤᠨ ᠵᠣᠬᠢᠶᠠᠯ ᠢ ᠣᠩᠰᠢᠬᠤ ᠪᠠᠷ

ᠲᠠᠮᠵᠢᠭᠤᠯᠣᠨ ᠰᠣᠷᠣᠬᠴᠢ ᠶᠢᠨ ᠨᠢᠳᠣᠯᠠᠨ ᠣᠩᠰᠢᠬᠤ ᠴᠢᠳᠠᠪᠣᠷᠢ ᠶᠢ ᠢᠳᠡᠭ ᠢᠳᠡᠭ ᠢᠶᠠᠷ ᠬᠥᠮᠣᠵᠢᠬᠦᠯᠵᠤ᠂ ᠲᠡᠭᠡᠳᠤ

ᠣᠨ ᠤ ᠱᠠᠳᠤᠨ ᠳᠤ ᠤᠯᠠᠨ ᠨᠣᠮ ᠪᠢᠴᠢᠭ ᠢ ᠣᠩᠰᠢᠭᠤᠯᠵᠤ ᠰᠣᠷᠣᠬᠴᠢ ᠶᠢᠨ ᠣᠩᠰᠢᠯᠭ᠎ᠠ ᠶᠢ ᠠᠯᠬᠤᠮ

ᠠᠯᠬᠤᠮ ᠢᠶᠠᠷ ᠲᠡᠭᠡᠭᠰᠢᠯᠡᠬᠦᠯᠣᠨ᠎ᠠ᠃ ᠡᠨᠡ ᠬᠦ ᠶᠠᠪᠣᠴᠠ ᠳᠤ ᠣᠩᠰᠢᠬᠤ ᠶᠢᠨ ᠲᠠᠭᠠᠤ ᠰᠡᠳᠬᠢᠬᠦ᠂ ᠰᠡᠳᠬᠢᠬᠦ ᠶᠢᠨ

ᠲᠠᠭᠠᠤ ᠬᠤᠷᠢᠶᠠᠩᠭᠤᠢᠢᠯᠠᠬᠤ ᠪᠣᠯᠪᠠᠰᠣᠷᠠᠯ ᠢ ᠬᠥᠢᠴᠡᠳᠭᠡᠪᠡᠯ ᠨᠡᠩ ᠰᠠᠶᠢᠨ᠃

      ︵ᠲᠥᠷᠪᠡ︶ ᠠᠪᠢᠶᠠᠰᠯᠢᠭ ᠣᠩᠰᠢᠵᠤ ᠠᠨᠳᠠ ᠪᠠᠨ ᠪᠠᠶᠠᠰᠬᠠᠶ᠎ᠠ

      ᠰᠣᠷᠣᠬᠴᠢ ᠬᠡᠷᠪᠡ ᠦᠪᠡᠷ ᠢ ᠪᠠᠨ ᠢᠯᠡᠷᠡᠬᠦᠯᠬᠦ ᠲᠣᠬᠢᠶᠠᠯ ᠦᠭᠡᠢ ᠪᠣᠯ ᠦᠪᠡᠷ ᠤᠨ ᠰᠢᠯᠢᠳᠡᠭ ᠲᠠᠯ᠎ᠠ ᠪᠠᠨ

ᠪᠠᠳᠠᠷᠠᠭᠤᠯᠬᠤ ᠲᠠᠪᠴᠠᠩ ᠲᠣᠳᠠᠬᠳᠠᠨ᠎ᠠ᠂ ᠨᠡᠩ ᠴᠤ ᠦᠪᠡᠷ ᠤᠨ ᠲᠣᠳᠠᠬᠳᠠᠯ ᠢᠶᠠᠨ ᠰᠡᠷᠡᠨ ᠮᠡᠳᠡᠷᠡᠬᠦ ᠲᠠᠳᠬᠠᠯ ᠢ

ᠪᠣᠢ ᠪᠣᠯᠭᠠᠵᠤ ᠴᠢᠳᠠᠬᠤ ᠦᠭᠡᠢ᠃ ᠦᠪᠡᠷ ᠤᠨ ᠤᠷ᠎ᠠ ᠠᠪᠢᠶᠠᠰ ᠢᠶᠠᠨ ᠦᠷᠭᠦᠯᠵᠢ ᠪᠣᠰᠣᠳ ᠲᠤ ᠰᠣᠨᠢᠷᠬᠠᠭᠤᠯᠬᠤ

ᠪᠥᠭᠡᠳ ᠲᠣᠳᠠᠬᠳᠠᠯ ᠢ  ᠨᠢ ᠬᠠᠮᠳᠤ ᠨᠦᠬᠦᠳ ᠨᠢ ᠪᠣᠶᠤ ᠪᠠᠭᠰᠢ ᠨᠢ ᠴᠠᠭ ᠦᠷᠬᠦᠯᠵᠢ ᠬᠡᠯᠡᠵᠤ ᠰᠠᠨᠠᠭᠤᠯᠪᠠᠯ

ᠲᠣᠲᠠᠬᠳᠠᠯ ᠢᠶᠠᠨ ᠬᠠᠯᠠᠵᠤ ᠲᠡᠭᠡᠭᠰᠢᠯᠡᠯᠳᠡ ᠲᠦᠷᠭᠡᠨ ᠪᠣᠯᠤᠨ᠎ᠠ᠃

      ︽ᠠᠯᠬᠤᠮᠴᠢᠯᠠᠬᠰᠠᠨ ᠵᠢᠭᠠᠨ ᠰᠣᠷᠭᠠᠯᠳᠠ︾ ᠪᠤᠯ ᠬᠠᠷᠢᠯᠴᠠᠨ ᠬᠠᠮᠵᠢᠯᠴᠠᠨ᠂ ᠣᠩᠰᠢᠯᠭ᠎ᠠ ᠶᠢᠨ ᠤᠷ᠎ᠠ

ᠴᠢᠳᠠᠪᠣᠷᠢ ᠪᠠᠨ ᠲᠡᠭᠡᠭᠰᠢᠯᠡᠬᠦᠯᠬᠦ ᠪᠠᠷ ᠵᠣᠷᠢᠯᠭ᠎ᠠ ᠪᠠᠨ ᠪᠣᠯᠭᠠᠬᠰᠠᠨ ᠶᠤᠮ᠃ ᠲᠦᠷᠰᠦᠯᠢᠭ ᠣᠩᠰᠢᠬᠤ᠂

ᠰᠠᠳᠬᠢᠯᠭᠡ ᠲᠠᠢ ᠣᠩᠰᠢᠬᠤ ᠪᠣᠯ ᠵᠣᠬᠢᠶᠠᠯ ᠤᠨ ᠠᠭᠤᠯᠭ᠎ᠠ ᠤᠳᠬ᠎ᠠ ᠶᠢ ᠬᠥᠨᠵᠡᠭᠡᠢ ᠣᠢᠢᠯᠠᠭᠠᠬᠤ ᠳᠤ ᠴᠢᠬᠤᠯᠠ

ᠦᠢᠯᠡᠳᠣᠯ ᠦᠵᠡᠬᠦᠯᠳᠡᠭ ᠪᠥᠭᠡᠳ ᠣᠩᠰᠢᠯᠭ᠎ᠠ ᠳᠤ ᠪᠠᠨ ᠴᠠᠭᠠᠷᠠᠬᠤ ᠳᠤ ᠠᠰᠢᠬᠳᠠᠢ᠃

      ᠭᠤᠷᠪᠠ᠂ ᠣᠩᠰᠢᠯᠭ᠎ᠠ ᠶᠢ ᠵᠢᠭᠠᠨ ᠵᠢᠯᠣᠭᠤᠳᠬᠤ ᠳᠤ ᠶᠠᠭᠤ ᠶᠢ ᠠᠩᠬᠠᠷᠬᠤ ᠪᠤᠢ︖

      ︵ᠨᠢᠭᠡ︶ ᠴᠢᠯᠥᠭᠡᠳᠡᠢ ᠣᠩᠰᠢᠯᠭ᠎ᠠ ᠶᠢ ᠴᠢᠬᠤᠯᠠᠴᠢᠯᠠᠬᠤ ᠬᠡᠷᠡᠭᠳᠡᠢ᠃ ᠬᠢᠴᠢᠶᠡᠯᠯᠡᠭᠡ ᠳᠤ ᠰᠣᠷᠣᠬᠴᠢ ᠶᠢᠨ

ᠴᠢᠯᠥᠭᠡᠳᠡᠢ ᠪᠠᠷ ᠣᠩᠰᠢᠬᠤ ᠶᠡᠭᠡ ᠴᠢᠬᠤᠯᠠ ᠪᠠᠶᠢᠳᠠᠭ᠃ ᠴᠢᠯᠥᠭᠡᠳᠡᠢ ᠭᠡᠳᠡᠭ ᠨᠢ ᠰᠣᠷᠣᠬᠴᠢᠳ ᠲᠤ ᠣᠩᠰᠢᠬᠤ

ᠱᠠᠭᠠᠷᠳᠠᠯᠭ᠎ᠠ ᠲᠣᠰᠢᠶᠠᠬᠤ ᠳᠤ ᠪᠠᠨ ᠣᠩᠰᠢᠬᠤ ᠬᠡᠯᠪᠡᠷᠢ ᠶᠢᠨ ᠲᠠᠯ᠎ᠠ ᠳᠤ ᠦᠪᠡᠷ ᠤᠨ ᠠᠷᠭ᠎ᠠ ᠪᠠᠷ ᠣᠩᠰᠢᠬᠤ ᠶᠢ

ᠵᠣᠷᠢᠬᠵᠢᠭᠤᠯᠣᠨ᠎ᠠ᠂ ᠵᠢᠱᠢᠶᠡᠯᠡᠪᠡᠯ᠂ ︽ᠠᠩᠬᠠᠯᠠᠨ ᠣᠩᠰᠢᠵᠤ ᠠᠵᠢᠬᠯᠠᠯᠲᠠ ᠬᠢᠶ᠎ᠠ︾ ᠭᠡᠬᠦ ᠶᠠᠪᠣᠴᠠ ᠳᠤ ᠰᠣᠷᠣᠬᠴᠢ

ᠲᠠᠭᠤ ᠲᠠᠢ ᠣᠩᠰᠢᠬᠤ᠂ ᠨᠢᠳᠣᠯᠠᠨ ᠣᠩᠰᠢᠬᠤ᠂ ᠬᠠᠮᠳᠤ ᠪᠠᠷ ᠣᠩᠰᠢᠬᠤ ᠵᠡᠷᠭᠡ ᠠᠮᠢᠳᠤᠯᠢᠬ ᠭᠡᠯᠪᠠᠷᠢ ᠶᠢ ᠠᠪᠴᠤ

ᠪᠣᠯᠣᠨ᠎ᠠ᠃ ᠡᠨᠡ ᠨᠢ ᠰᠣᠷᠣᠬᠴᠢ ᠶᠢᠨ ᠣᠷᠮ᠎ᠠ ᠪᠠᠬ᠎ᠠ ᠲᠠᠢ ᠰᠣᠷᠣᠯᠴᠠᠬᠤ ᠳᠤ ᠠᠰᠢᠬᠳᠠᠢ᠃

      ︵ᠬᠤᠶᠠᠷ︶ ᠰᠣᠷᠣᠬᠴᠢ ᠶᠢᠨ ᠪᠣᠳᠠᠳᠠᠢ ᠪᠠᠶᠢᠳᠠᠯ ᠠᠴᠠ ᠡᠬᠦᠰᠴᠤ ᠵᠢᠯᠣᠭᠤᠳᠣᠯᠭ᠎ᠠ ᠬᠢᠪᠡᠯ          

ᠵᠣᠬᠢᠨ᠎ᠠ᠃ ᠰᠣᠷᠣᠬᠴᠢ ᠶᠢᠨ ᠣᠩᠰᠢᠯᠭ᠎ᠠ ᠶᠢᠨ ᠬᠢᠷᠢ ᠬᠡᠮᠵᠢᠶ᠎ᠠ᠂ ᠣᠩᠰᠢᠬᠤ ᠢᠳᠡᠪᠭᠢᠵᠢᠯ ᠵᠡᠷᠭᠡ ᠲᠠᠯ᠎ᠠ ᠳᠤ ᠴᠦᠮ

ᠠᠳᠠᠯᠢ ᠪᠤᠰᠤ ᠪᠠᠶᠢᠳᠠᠭ ᠲᠤᠯᠠ ᠠᠳᠠᠯᠢ ᠪᠤᠰᠤ ᠰᠤᠷᠤᠭᠴᠢ ᠳᠤ ᠠᠳᠠᠯᠢ ᠪᠤᠰᠤ ᠱᠠᠭᠠᠷᠳᠠᠯᠭ᠎ᠠ ᠲᠠᠯᠪᠢᠵᠤ᠂ ᠠᠳᠠᠯᠢ

ᠪᠤᠰᠤ ᠶᠢᠨ ᠠᠷᠭ᠎ᠠ ᠪᠠᠷ ᠣᠩᠰᠢᠭᠤᠯᠵᠤ ᠪᠣᠯᠣᠨ᠎ᠠ᠃ ᠣᠩᠰᠢᠯᠭ᠎ᠠ ᠳᠤ ᠪᠠᠨ ᠬᠥᠴᠢᠷᠳᠡᠵᠤ ᠪᠠᠶᠢᠭ᠎ᠠ ᠰᠣᠷᠣᠬᠴᠢ ᠶᠢ

ᠲᠤᠰᠬᠠᠢᠢᠯᠠᠨ ᠵᠢᠯᠣᠭᠤᠳᠴᠤ᠂ ᠦᠷᠭᠦᠯᠵᠢ ᠵᠣᠷᠢᠬᠵᠢᠭᠤᠯᠪᠠᠯ ᠵᠣᠬᠢᠨ᠎ᠠ᠃

      ︵ᠭᠤᠷᠪᠠ︶ ᠬᠢᠴᠢᠶᠡᠯ ᠤᠨ ᠪᠠᠷᠢᠮᠵᠢᠶ᠎ᠠ ᠳᠤ ᠰᠠᠭᠤᠷᠢᠯᠠᠵᠤ᠂ ᠭᠤᠷᠪᠠᠨ ᠱᠠᠳᠣᠨ ᠤ ᠣᠩᠰᠢᠯᠭ᠎ᠠ ᠶᠢ ᠵᠦᠢ

ᠵᠣᠬᠢᠰᠳᠡᠢ ᠪᠠᠶᠢᠷᠢᠯᠠᠭᠤᠯᠤᠨ᠎ᠠ᠂ ᠲᠣᠣᠷ᠎ᠠ ᠣᠨ ᠪᠠ ᠲᠤᠮᠲᠠ ᠣᠨ ᠤ ᠱᠠᠳᠤᠨ ᠳᠤ ᠵᠥᠪ᠂ ᠣᠷᠣᠰᠣᠮ᠎ᠠ᠂

ᠪᠣᠯᠪᠠᠰᠣᠷᠠᠩᠭᠤᠢ ᠣᠩᠰᠢᠭᠤᠯᠵᠤ᠂ ᠴᠡᠭᠡᠵᠢ ᠪᠠᠷ ᠣᠩᠰᠢᠬᠤ ᠶᠢ ᠴᠢᠩᠭᠠᠳᠬᠠᠨ᠎ᠠ᠂ ᠲᠡᠭᠡᠳᠤ ᠣᠨ ᠤ ᠱᠠᠳᠣᠨ ᠳᠤ

ᠣᠩᠰᠢᠯᠭ᠎ᠠ ᠶᠢᠨ ᠴᠢᠳᠠᠪᠣᠷᠢ ᠶᠢ ᠤᠯᠠᠮ ᠨᠢᠭᠡ ᠲᠡᠭᠲᠡᠷ ᠲᠤ ᠬᠥᠷᠭᠡᠨ᠎ᠠ᠃

      ᠬᠡᠯᠡ ᠪᠢᠴᠢᠭ ᠤᠨ ᠬᠡᠪ ᠪᠣᠯᠪᠠᠰᠣᠷᠠᠯ ᠢ ᠲᠡᠭᠡᠭᠰᠢᠯᠡᠬᠦᠯᠬᠦ ᠳᠤ ᠣᠩᠰᠢᠯᠭ᠎ᠠ ᠠᠴᠠ ᠰᠠᠯᠵᠤ ᠴᠢᠳᠠᠬᠤ ᠦᠭᠡᠢ᠂

ᠡᠶᠢᠮᠤ ᠠᠴᠠ ᠠᠯᠬᠤᠮᠴᠢᠯᠠᠭᠰᠠᠨ ᠵᠢᠭᠠᠨ ᠰᠣᠷᠭᠠᠯᠳᠠ ᠳᠤ ᠣᠩᠰᠢᠯᠭ᠎ᠠ ᠶᠢ ᠠᠮᠢᠳᠣᠯᠢᠭ᠂ ᠰᠢᠨᠵᠢᠯᠡᠬᠦ ᠣᠬᠠᠭᠠᠨᠴᠢ ᠪᠠᠷ

ᠵᠢᠭᠠᠨ ᠵᠢᠯᠣᠭᠤᠳᠬᠤ ᠶᠢ ᠠᠩᠬᠠᠷᠪᠠᠯ ᠵᠣᠬᠢᠨ᠎ᠠ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠪᠠᠭᠠᠷᠢᠨ ᠵᠡᠭᠦᠨ ᠬᠤᠰᠢᠭᠤᠨ ᠤ

                                 ᠵᠢᠭᠠᠬᠤ ᠶᠢ ᠰᠤᠳᠤᠯᠬᠤ ᠲᠥᠪ

                                ︵ᠠᠯᠳᠠᠨᠰᠦ᠋ᠭᠡ ᠨᠠᠶᠢᠷᠠᠭᠤᠯᠪᠠ︶

                                2023.4 ᠳ᠋ᠦ᠋ᠭᠡᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map