ᠶᠠᠫᠤᠨ ᠤᠯᠤᠰ ᠰᠤᠷᠤᠭᠴᠢ ᠶᠢᠨ ᠬᠤᠭᠤᠯᠠ ᠶᠢ ᠢᠡᠭᠬᠢᠵᠤ ᠬᠢᠵᠤ ᠪᠠᠶᠢᠨ᠎ᠠ
ᠨᠡᠶᠢᠲᠡᠯᠡᠭᠰᠡᠨ ᠴᠠᠭ᠄
2023/11/9
                      ᠽᠦᠢ ᠬᠤᠢ ᠶᠢᠩ      ᠪᠢ ᠶᠠᠭᠤᠨ ᠳᠤ ᠶᠠᠫᠤᠨ ᠤ ᠰᠤᠷᠭᠠᠭᠤᠯᠢ ᠶᠢᠨ ᠬᠤᠭᠤᠯᠠ ᠶᠢ ᠤᠢᠢᠯᠠᠭᠠᠬᠤ ᠪᠠᠷ ᠤᠴᠢᠭᠰᠠᠨ ᠪᠤᠢ ᠭᠡᠪᠡᠯ ᠡᠭᠦᠨ ᠤ ᠡᠭᠦᠰᠤᠯ ᠨᠢ ᠴᠸᠡᠭᠳᠦ᠋ ᠶᠢᠨ ᠲᠤᠯᠤᠳᠤᠭᠠᠷ ᠲᠤᠮᠳᠠᠳᠤ ᠰᠤᠷᠭᠠᠭᠤᠯᠢ ᠶᠢᠨ ᠤᠴᠢᠷ ᠠᠴᠠ ᠪᠤᠯᠤᠭᠰᠠᠨ           ᠶᠤᠮ᠃ ᠲᠤᠬᠠᠢ ᠶᠢᠨ ᠦᠶ᠎ᠠ ᠳᠤ ᠭᠡᠷ ᠤᠨ ᠠᠬᠠᠮᠠᠳ ᠬᠢᠭᠡᠳ ᠰᠦᠯᠵᠢᠶᠠᠨ ᠤ ᠭᠦᠮᠦᠰ ᠤᠨ ᠠᠭᠤᠷ ᠤᠴᠠᠭᠠᠷ ᠨᠢᠭᠡᠨᠳᠠ ᠲᠦᠢᠯ ᠳᠤ ᠪᠠᠨ ᠲᠤᠯᠵᠤ ᠰᠤᠷᠭᠠᠭᠤᠯᠢ ᠶᠢ ᠬᠠᠷᠢᠶᠠᠵᠤ᠂ ᠬᠤᠭᠤᠯᠠ ᠬᠠᠨᠭ᠍ᠭᠠᠬᠤ ᠺᠤᠮᠫᠠᠨᠢ ᠶᠢ ᠬᠠᠷᠢᠶᠠᠵᠤ᠂ ᠰᠤᠷᠭᠠᠨ ᠭᠦᠮᠦᠵᠢᠯ ᠤᠨ ᠲᠤᠪᠴᠢᠶ᠎ᠠ ᠶᠢ ᠬᠠᠷᠢᠶᠠᠵᠤ᠂ ᠠᠰᠠᠭᠤᠳᠠᠯ ᠢ ᠪᠤᠰᠤᠳᠴᠢ ᠪᠠᠷ ᠤᠶᠤᠨᠴᠢ ᠪᠠᠷ ᠶᠠᠷᠢᠯᠴᠠᠬᠤ ᠶᠠᠪᠤᠳᠠᠯ ᠶᠠᠮᠠᠷ ᠴᠦ ᠦᠨᠳᠤᠰᠤ ᠰᠠᠭᠤᠷᠢ ᠦᠭᠡᠢ ᠪᠤᠯᠵᠠᠢ᠃      ᠰᠠᠭᠦᠯᠠᠷ ᠨᠢ ᠪᠢ ᠸᠢᠴᠠᠲ ᠲᠡᠭᠡᠷ᠎ᠠ ᠨᠢᠭᠡ ᠵᠤᠬᠢᠶᠠᠯ ᠨᠠᠶᠢᠳᠠᠯᠠᠵᠤ ᠰᠤᠷᠭᠠᠭᠤᠯᠢ ᠶᠢᠨ ᠬᠤᠭᠤᠯᠠ ᠭᠠᠪᠠ ᠵᠡᠭᠦᠭᠡᠳ ᠰᠢᠷᠡᠭᠡᠨ ᠳᠡᠭᠡᠷ᠎ᠠ ᠪᠦᠵᠢᠭᠯᠡᠵᠦ ᠪᠠᠶᠢᠨ᠎ᠠ ᠭᠡᠵᠦ ᠭᠡᠯᠡᠵᠡᠢ᠃ ᠲᠤᠬᠠᠢ ᠶᠢᠨ ᠦᠶ᠎ᠠ ᠳᠤ ᠵᠠᠷᠢᠮ ᠸᠢᠴᠠᠲ ᠶᠢᠨ ᠨᠠᠶᠢᠵᠠ᠄ ︽ᠶᠠᠭᠤᠨ ᠳᠤ ᠪᠠᠨ ᠵᠤᠪᠠᠴᠢᠬᠠᠭᠰᠠᠨ ᠶᠤᠮ ᠪᠤᠢ᠂ ᠶᠠᠫᠤᠨ ᠳᠤ ᠠᠮᠵᠢᠯᠳᠠ ᠤᠯᠤᠭᠰᠠᠨ ᠪᠠᠯᠠᠨ ᠵᠢᠱᠢᠶ᠎ᠠ ᠪᠠᠶᠢᠨ᠎ᠠ ᠰᠢᠤ︾ ᠭᠡᠵᠦ ᠭᠡᠯᠡᠵᠦ ᠪᠠᠶᠢᠯ᠎ᠠ᠃ ᠡᠨᠡ ᠨᠢ ᠮᠢᠨᠦ ᠶᠠᠫᠤᠨ ᠤ ᠰᠤᠷᠭᠠᠭᠤᠯᠢ ᠶᠢᠨ ᠬᠤᠭᠤᠯᠠᠨ ᠳᠠᠬᠢ ᠰᠤᠨᠢᠷᠬᠠᠯ ᠢ ᠶᠠᠭᠡᠳᠠ ᠲᠠᠳᠠᠪᠠ᠃ ᠲᠤᠬᠠᠢ ᠶᠢᠨ ᠦᠶ᠎ᠠ ᠳᠤ ᠶᠠᠬ ᠰᠠᠶᠢᠬᠠᠨ ᠢᠳᠡᠭᠡᠨ ᠤᠮᠳᠠᠭᠠᠨ ᠤ ᠰᠤᠷᠭᠠᠨ ᠭᠦᠮᠦᠵᠢᠯ ᠤᠨ ᠪᠠᠶᠢᠭᠤᠯᠤᠮᠵᠢ ᠶᠠᠫᠤᠨ ᠳᠤ ᠤᠴᠢᠵᠤ ᠰᠤᠷᠭᠠᠭᠤᠯᠢ ᠶᠢᠨ ᠬᠤᠭᠤᠯᠠ ᠶᠢ ᠪᠠᠶᠢᠴᠠᠭᠠᠬᠤ ᠪᠦᠯᠭᠦᠮ ᠢ ᠵᠤᠬᠢᠶᠠᠨ ᠪᠠᠶᠢᠭᠤᠯᠵᠤ ᠪᠠᠶᠢᠭᠰᠠᠨ ᠪᠤᠯᠬᠤᠷ ᠪᠢ ᠲᠡᠭᠦᠨ ᠳᠤ ᠤᠷᠤᠯᠴᠠᠭᠰᠠᠨ ᠶᠤᠮ᠃      ᠨᠢᠭᠡ᠂ ᠲᠤᠮᠳᠠᠳᠤ ᠤᠯᠤᠰ ᠲᠤ ᠭᠡᠷᠪᠡ ᠢᠡᠭᠬᠢᠵᠤ ᠬᠢᠭᠦ ᠳᠤ ᠭᠦᠷᠪᠡᠯ ᠢᠳᠡᠭᠡᠨ ᠬᠠᠨᠭ᠍ᠭᠠᠬᠤ ᠺᠤᠮᠫᠠᠨᠢ ᠤᠯᠠᠨ ᠤᠳᠠᠭ᠎ᠠ ᠰᠢᠳᠭᠡᠭᠳᠡᠨ᠎ᠠ      ᠮᠢᠨᠦ ᠶᠠᠫᠤᠨ ᠳᠠᠬᠢ ᠠᠩᠬᠠᠨ ᠤ ᠦᠷᠳᠡᠭᠡ ᠪᠤᠯ ᠹᠦᠺᠦᠶ᠋ᠢ ᠳᠠᠬᠢ ᠢᠳᠡᠭᠡᠨ ᠨᠠᠶᠢᠷᠠᠭᠤᠯᠬᠤ ᠲᠦᠪ           ᠪᠤᠯᠤᠨ᠎ᠠ᠃ ᠡᠨᠡ ᠲᠦᠪ 1977 ᠤᠨ ᠳᠤ ᠪᠠᠶᠢᠭᠤᠯᠤᠭᠳᠠᠵᠠᠢ᠃ ᠲᠡᠭᠡᠷ᠎ᠠ ᠤᠳᠠᠭᠠᠨ ᠤ ᠦᠭᠡᠷᠡᠴᠢᠯᠠᠯᠳᠠ ᠨᠢ ᠨᠢᠭᠡᠨᠳᠠ 30 ᠵᠢᠯ ᠤᠨ ᠡᠮᠦᠨᠡᠬᠢ ᠶᠠᠪᠤᠳᠠᠯ ᠪᠤᠯᠵᠠᠢ᠃ ᠢᠳᠡᠭᠡᠨ ᠨᠠᠶᠢᠷᠠᠭᠤᠯᠬᠤ ᠲᠦᠪ ᠨᠢ ᠲᠤᠮᠤ ᠪᠢᠰᠢ ᠪᠠᠶᠢᠵᠤ ᠵᠦᠪᠭᠡᠨ ᠠᠷᠪᠠᠭ᠋ᠠᠨ ︽ᠢᠳᠡᠭᠡᠨ ᠲᠤᠬᠢᠷᠠᠭᠤᠯᠬᠤ ᠠᠵᠢᠯᠳᠠᠨ︾ ᠨᠢᠭᠡ ᠰᠢᠮ᠎ᠠ ᠲᠠᠵᠢᠭᠡᠯ ᠲᠤᠬᠢᠷᠠᠭᠤᠯᠤᠭᠴᠢ᠂ ᠨᠢᠭᠡ ᠰᠢᠮ᠎ᠠ ᠲᠡᠵᠢᠭᠡᠯ ᠲᠤᠬᠢᠷᠠᠭᠤᠯᠤᠭᠴᠢ ᠶᠢᠨ ᠬᠠᠪᠰᠤᠷᠤᠭᠴᠢ᠂ ᠬᠤᠶᠠᠷ ᠬᠤᠭᠤᠯᠠ ᠭᠦᠷᠭᠡᠭᠴᠢ ᠪᠠ ᠨᠢᠭᠡ ᠵᠠᠬᠢᠷᠤᠯ ᠲᠠᠢ ᠪᠠᠶᠢᠪᠠ᠃ ᠲᠠᠳᠠ 4 ᠪᠠᠭ᠎ᠠ ᠰᠤᠷᠭᠠᠭᠤᠯᠢ᠂ 2 ᠲᠤᠮᠳᠠᠳᠤ ᠰᠤᠷᠭᠠᠭᠤᠯᠢ ᠶᠢᠨ 844 ᠭᠦᠮᠦᠨ ᠤ ᠦᠳᠠ ᠶᠢᠨ ᠬᠤᠭᠤᠯᠠ ᠶᠢ ᠬᠠᠷᠢᠭᠤᠴᠠᠳᠠᠬ ᠪᠠᠶᠢᠨ᠎ᠠ᠃      ᠪᠢᠳᠠᠨ ᠢ ᠲᠠᠭᠠᠭᠤᠯᠤᠨ ᠢᠳᠡᠭᠡᠨ ᠨᠠᠶᠢᠷᠠᠭᠤᠯᠬᠤ ᠪᠠᠯᠠᠳᠭᠡᠯ ᠲᠦᠭᠦᠭᠡᠷᠤᠮᠵᠢ ᠶᠢ ᠦᠵᠡᠭᠦᠯᠭᠦ ᠦᠶ᠎ᠠ ᠳᠤ ᠵᠠᠬᠢᠷᠤᠯ ᠦᠨᠠᠨᠴᠢ ᠪᠠᠷ ᠪᠢᠳᠠᠨ ᠳᠤ ᠮᠠᠨ ᠤ ᠲᠤᠭᠤᠭᠠᠨ ᠭᠡᠷ ᠢ 1969 ᠤᠨ ᠳᠤ ᠪᠠᠶᠢᠭᠤᠯᠤᠭᠰᠠᠨ           ᠶᠤᠮ᠃ 1990 ᠤᠨ ᠳᠤ ᠵᠠᠰᠠᠯᠳᠠ ᠬᠢᠭᠰᠡᠨ ᠪᠤᠯᠪᠠᠴᠤ ᠤᠳᠤᠬᠠᠨ ᠤ ᠪᠠᠷᠢᠮᠵᠢᠶ᠎ᠠ ᠳᠤ ᠲᠤᠬᠢᠷᠠᠬᠤ ᠦᠭᠡᠢ           ᠪᠤᠯᠵᠠᠢ᠃ ᠭᠡᠪᠡᠴᠤ ᠵᠠᠰᠠᠭ ᠤᠨ ᠭᠠᠵᠠᠷ ᠠᠴᠠ ᠪᠤᠳᠠᠳᠤ ᠪᠠᠶᠢᠳᠠᠯ ᠢ ᠦᠨᠳᠤᠰᠤᠯᠠᠨ ᠮᠠᠨ ᠤ ᠬᠤᠭᠤᠯᠠ ᠨᠠᠶᠢᠷᠠᠭᠤᠯᠬᠤ ᠲᠦᠪ ᠢ ᠲᠦᠰᠢᠭᠯᠡᠵᠦ ᠰᠤᠷᠭᠠᠭᠤᠯᠢ ᠶᠢᠨ ᠬᠤᠭᠤᠯᠠ ᠶᠢ ᠬᠠᠨᠭ᠍ᠭᠠᠬᠤ ᠪᠤᠯᠬᠤᠷ ᠤᠨᠴᠠᠭᠠᠢ ᠴᠢᠩᠭ᠎ᠠ ᠪᠠᠷ ᠱᠠᠭᠠᠷᠳᠠᠵᠤ ᠦᠭᠡᠢ ᠭᠡᠪᠡ᠃      ᠬᠠᠮᠳᠤ ᠶᠠᠪᠤᠭ᠎ᠠ ᠮᠠᠨ ᠤ ᠤᠯᠤᠰ ᠤᠨ ᠰᠤᠷᠭᠠᠭᠤᠯᠢ ᠶᠢᠨ ᠢᠳᠡᠭᠡᠨ ᠢ ᠨᠠᠶᠢᠷᠠᠭᠤᠯᠤᠨ ᠲᠤᠬᠢᠷᠠᠭᠤᠯᠬᠤ ᠺᠤᠮᠫᠠᠨᠢ ᠶᠢᠨ ᠵᠠᠬᠢᠷᠤᠯ ᠨᠠᠳᠠᠳᠤ᠄ ︽ᠡᠨᠡ ᠢᠳᠡᠭᠡᠨ ᠬᠢᠭᠦ ᠲᠠᠰᠤᠬ ᠲᠤ ᠠᠰᠠᠭᠤᠳᠠᠯ ᠤᠯᠠᠨ ᠤᠷᠤᠰᠢᠵᠤ ᠪᠠᠶᠢᠭ᠎ᠠ ᠪᠤᠯᠬᠤᠷ ᠭᠡᠷᠪᠠ ᠲᠤᠮᠳᠠᠳᠤ ᠤᠯᠤᠰ ᠲᠤ ᠶᠤᠮ ᠪᠤᠯ ᠤᠯᠠᠨ ᠤᠳᠠᠭ᠎ᠠ ᠰᠢᠳᠭᠡᠭᠳᠡᠭᠦ ᠨᠢ ᠵᠠᠶᠢᠯᠠᠰᠢ               ᠦᠭᠡᠢ᠃ ᠵᠢᠱᠢᠶᠡᠯᠡᠪᠡᠯ᠂ ᠭᠡᠷ ᠤᠨ ᠠᠳᠠᠷ ᠨᠢ ᠲᠡᠩᠳᠡᠭᠦᠦ ᠦᠨᠳᠤᠷ ᠪᠤᠯᠬᠤᠷ ᠠᠭᠠᠷ ᠤᠨ ᠴᠠᠪᠠᠷᠴᠠ ᠪᠠ ᠬᠤᠮᠬᠢ ᠪᠤᠳᠠᠰ ᠤᠨ ᠲᠡᠭᠳᠡᠯᠳᠠ ᠶᠢ ᠬᠢᠵᠠᠭᠠᠷᠯᠠᠬᠤ ᠳᠤ ᠮᠠᠭᠤ᠃ ᠲᠦᠷᠪᠡᠨ ᠲᠠᠯ᠎ᠠ ᠳᠤ ᠨᠢ ᠴᠤᠩᠬᠤ ᠲᠠᠢ ᠪᠠᠶᠢᠭ᠎ᠠ ᠨᠢ ᠬᠤᠷᠤᠬᠠᠢ ᠰᠢᠪᠠᠵᠢ ᠪᠠ ᠲᠤᠭᠤᠰᠤ ᠰᠢᠷᠤᠢ ᠪᠠᠺᠲ᠋ᠧᠷᠢ ᠶᠢᠨ ᠤᠷᠤᠵᠤ ᠢᠷᠡᠭᠦ ᠶᠢ ᠰᠠᠷᠭᠡᠶᠢᠯᠡᠭᠦ  ᠳᠤ ᠮᠠᠭᠤ᠃ ᠠᠳᠠᠯᠢ ᠪᠤᠰᠤ ᠢᠳᠡᠭᠡᠨ ᠬᠢᠭᠦ ᠲᠠᠰᠤᠯᠭ᠎ᠠ ᠨᠢ ᠹᠢᠽᠢᠺ ᠤᠨ ᠬᠠᠯᠬᠠᠪᠴᠢ ᠦᠭᠡᠢ ᠪᠠᠶᠢᠵᠤ ᠵᠦᠪᠭᠡᠨ ᠭᠠᠵᠠᠷ ᠳᠡᠭᠡᠷ᠎ᠠ ᠵᠢᠷᠤᠭᠠᠰᠤ ᠵᠢᠷᠤᠨ ᠰᠠᠯᠭᠠᠵᠤ ᠪᠠᠶᠢᠭ᠎ᠠ ᠵᠡᠷᠭᠡ ᠠᠰᠠᠭᠤᠳᠠᠯ ᠪᠠᠶᠢᠨ᠎ᠠ︾ ᠭᠡᠵᠦ ᠭᠡᠯᠡᠪᠡ᠃      ᠡᠭᠦᠨ ᠠᠴᠠ ᠭᠠᠳᠠᠨ᠎ᠠ ᠬᠤᠭᠤᠯᠠ ᠶᠢ ᠬᠢᠭᠰᠡᠨ ᠤ ᠲᠠᠷᠠᠭ᠎ᠠ ᠬᠤᠪᠢᠶᠠᠨ ᠰᠠᠪᠠᠯᠠᠵᠤ ᠪᠢᠳᠡᠭᠦᠮᠵᠢᠯᠡᠭᠦ ᠪᠠ ᠬᠠᠯᠠᠭᠤᠨ ᠪᠠᠶᠢᠯᠭᠠᠬᠤ ᠱᠠᠭᠠᠷᠳᠠᠯᠭ᠎ᠠ ᠦᠭᠡᠢ ᠪᠠᠶᠢᠨ᠎ᠠ᠃ ᠨᠤᠭᠤᠭ᠎ᠠ ᠬᠢᠭᠡᠳ ᠪᠤᠳᠠᠭ᠎ᠠ ᠶᠢ ᠪᠦᠷ ᠭᠡᠳᠤᠨ ᠲᠤᠮᠤ ᠰᠠᠭᠤᠯᠭᠠᠨ ᠳᠤ ᠬᠢᠵᠤ ᠵᠢᠵᠢᠭ ᠪᠠᠷᠠᠭᠠᠨ ᠤ ᠲᠡᠷᠭᠡ ᠪᠠᠷ ᠬᠤᠭᠤᠯᠠᠨ ᠭᠡᠷ ᠲᠤ ᠭᠦᠷᠭᠡᠵᠦ ᠲᠤᠬᠠᠢ ᠶᠢᠨ ᠭᠠᠵᠠᠷ ᠲᠤ ᠨᠢ ᠬᠤᠪᠢᠶᠠᠵᠤ ᠦᠭᠳᠡᠭ᠃ ᠭᠡᠤᠭᠡᠳ ᠤᠨ ᠠᠶᠠᠭ᠎ᠠ ᠰᠠᠪᠬ᠎ᠠ ᠶᠢ ᠴᠦ ᠤᠬᠢᠶᠠᠵᠤ ᠴᠡᠪᠡᠷᠯᠡᠭᠰᠡᠨ ᠤ ᠲᠠᠷᠠᠭ᠎ᠠ ᠲᠠᠬᠢᠨ ᠭᠡᠷᠡᠭᠯᠡᠳᠡᠭ ᠪᠠᠶᠢᠨ᠎ᠠ᠃ ᠲᠤᠮᠳᠠᠳᠤ ᠤᠯᠤᠰ ᠲᠤ ᠪᠤᠯ ᠪᠤᠢ ᠪᠦᠭᠦᠢ ᠬᠤᠭᠤᠯᠠᠨ ᠤ ᠭᠡᠷᠡᠭᠰᠡᠯ ᠢ ᠤᠬᠢᠶᠠᠨ ᠴᠡᠪᠡᠷᠯᠡᠵᠦ ᠠᠷᠢᠭᠤᠳᠬᠠᠭᠰᠠᠨ ᠤ ᠲᠠᠷᠠᠭ᠎ᠠ ᠠᠰ ᠲᠤ ᠨᠢ ᠪᠢᠳᠠᠭᠦᠮᠵᠢᠯᠡᠨ ᠲᠠᠯᠪᠢᠳᠠᠬ᠃      ᠡᠶᠢᠮᠦ ᠠᠴᠠ ᠰᠤᠷᠤᠭᠴᠢ ᠶᠢᠨ ᠬᠤᠭᠤᠯᠠᠨ ᠤ ᠠᠮᠤᠷ ᠲᠦᠪᠰᠢᠨ ᠤ ᠲᠠᠯ᠎ᠠ ᠪᠠᠷ ᠶᠠᠫᠤᠨ ᠤ ᠲᠤᠭᠳᠠᠭᠠᠨ ᠭᠡᠷᠡᠭᠵᠢᠭᠦᠯᠵᠦ ᠪᠠᠶᠢᠭ᠎ᠠ ᠪᠠᠷᠢᠮᠵᠢᠶ᠎ᠠ ᠨᠢ ᠲᠤᠮᠳᠠᠳᠤ ᠤᠯᠤᠰ ᠠᠴᠠ ᠬᠤᠯᠠ ᠲᠤᠤᠷ᠎ᠠ ᠪᠠᠶᠢᠨ᠎ᠠ᠃ ᠲᠠᠳᠠ ᠪᠠᠰᠠ ᠢᠳᠡᠭᠡᠨ ᠤ ᠴᠠᠪᠠᠷᠯᠡᠭᠦ᠂ ᠬᠢᠭᠦ᠂ ᠭᠦᠷᠭᠡᠭᠦ ᠪᠠᠷᠢᠮᠵᠢᠶ᠎ᠠ ᠶᠢ ᠲᠤᠭᠳᠠᠭᠠᠭᠰᠠᠨ ᠪᠤᠯᠪᠠᠴᠤ ᠡᠳᠡᠭᠡᠷ ᠠᠮᠤᠷ ᠲᠦᠪᠰᠢᠨ ᠤ ᠲᠦᠷᠢᠮᠵᠢᠯ ᠨᠢ ᠬᠠᠮᠤᠭ ᠤᠨ ᠲᠤᠤᠷ᠎ᠠ ᠲᠠᠰ ᠤᠨ ᠠᠮᠤᠷ ᠲᠦᠪᠰᠢᠨ ᠤ ᠪᠠᠷᠢᠮᠵᠢᠶᠠᠨ ᠤ ᠱᠠᠭᠠᠷᠳᠠᠯᠭ᠎ᠠ ᠪᠤᠯᠬᠤ ᠠᠴᠠ ᠪᠢᠰᠢ ᠶᠠᠮᠠᠷ ᠴᠦ ᠠᠰᠠᠭᠤᠳᠠᠯ ᠦᠭᠡᠢ ᠲᠦᠷᠢᠮᠵᠢᠯ ᠢ ᠲᠤᠭᠳᠠᠭᠠᠵᠤ ᠡᠨᠡ ᠭᠦ ᠲᠦᠷᠢᠮᠵᠢᠯ ᠢᠶᠠᠷ ᠠᠶᠤᠯ ᠦᠭᠡᠢ ᠪᠠᠶᠢᠬᠤ ᠶᠢ ᠪᠠᠶᠠᠯᠠᠭᠦᠯᠭᠦ ᠭᠡᠰᠡᠨ ᠪᠢᠰᠢ ᠶᠤᠮ᠃      ᠶᠠᠫᠤᠨ ᠳᠤ ᠪᠢ ᠲᠠᠷᠠ ᠵᠠᠬᠢᠷᠤᠯ ᠠᠴᠠ ᠵᠢᠯ ᠪᠦᠷᠢ ᠬᠤᠭᠤᠯᠠ ᠨᠤᠭᠤᠭᠠᠨ ᠠᠴᠠ ᠭᠡᠳᠤᠢ ᠤᠳᠠᠭ᠎ᠠ ᠭᠡᠵᠢᠭᠡ ᠦᠰᠦ᠂ ᠬᠤᠷᠤᠬᠠᠢ ᠰᠢᠪᠡᠵᠢ ᠮᠠᠳᠤ ᠶᠢᠨ ᠶᠠᠭᠤᠮ᠎ᠠ ᠶᠢ ᠢᠯᠠᠷᠠᠭᠦᠯᠦᠭᠰᠡᠨ ᠪᠤᠢ ᠭᠡᠭᠦ ᠳᠤ ᠲᠠᠷᠠ ᠲᠠᠪᠤ ᠵᠢᠷᠭᠤᠭ᠎ᠠ ᠤᠳᠠᠭ᠎ᠠ ᠭᠡᠵᠦ ᠬᠠᠷᠢᠭᠤᠯᠪᠠ᠃ ᠮᠠᠨ ᠤ ᠤᠯᠤᠰ ᠤᠨ ᠢᠳᠡᠭᠡᠨ ᠨᠠᠶᠢᠷᠠᠭᠤᠯᠤᠨ ᠲᠤᠬᠢᠷᠠᠭᠤᠯᠬᠤ ᠺᠤᠮᠫᠠᠨᠢ ᠶᠢᠨ ᠵᠠᠬᠢᠷᠤᠯ ᠢᠨᠢᠶᠡᠭᠰᠡᠭᠡᠷ᠄ ︽800 ᠭᠠᠷᠤᠢ ᠰᠤᠷᠤᠭᠴᠢ ᠳᠤ ᠬᠤᠭᠤᠯᠠ ᠭᠦᠷᠭᠡᠭᠦ ᠳᠤ ᠪᠠᠨ ᠵᠢᠯ ᠳᠤ 6 ᠤᠳᠠᠭ᠎ᠠ ᠡ᠊ᠨᠳᠡᠭᠳᠡᠯ ᠭᠠᠷᠭᠠᠬᠤ ᠳᠤ ᠭᠦᠷᠪᠡᠯ ᠪᠢᠳᠠ 1 ᠲᠦᠮᠠᠨ ᠭᠦᠮᠦᠨ ᠳᠤ ᠬᠤᠭᠤᠯᠠ ᠭᠦᠷᠭᠡᠭᠦ ᠳᠤ 100 ᠤᠳᠠᠭ᠎ᠠ ᠡ᠊ᠨᠳᠡᠭᠳᠡᠯ ᠭᠠᠷᠬᠤ ᠪᠤᠯᠤᠨ᠎ᠠ᠃ ᠭᠡᠷᠪᠡ ᠪᠢ 100 ᠤᠳᠠᠭ᠎ᠠ ᠡ᠊ᠨᠳᠡᠭᠳᠡᠯ ᠭᠠᠷᠭᠠᠪᠠᠯ ᠭᠡᠷ ᠤᠨ ᠠᠬᠠᠮᠠᠳ ᠨᠠᠮ᠎ᠠ ᠶᠢ ᠴᠤᠬᠢᠭᠠᠳ ᠠᠯᠠᠴᠢᠬᠠᠬᠤ ᠦᠭᠡᠢ ᠤᠤ︖︾ ᠭᠡᠪᠡ᠃      ᠢᠳᠡᠭᠡᠨ ᠤᠮᠳᠠᠭᠠᠨ ᠰᠤᠳᠤᠯᠤᠭᠴᠢ ᠶᠢᠨ ᠬᠤᠪᠢ ᠠᠴᠠ ᠦᠵᠠᠪᠠᠯ ᠭᠡᠳᠤᠢ ᠶᠡᠭᠡ ᠦᠷᠡᠭᠳᠡᠯ ᠭᠠᠷᠭᠠᠭᠰᠠᠨ ᠴᠦ ᠠᠮᠤᠷ ᠲᠦᠪᠰᠢᠨ ᠢ ᠪᠦᠷᠢᠮᠤᠰᠤᠨ ᠪᠠᠳᠤᠯᠠᠬᠤ ᠳᠤ ᠭᠦᠴᠢᠷ ᠮᠦᠷᠳᠡᠭᠡᠨ ᠠᠮᠤᠷ ᠲᠦᠪᠰᠢᠨ ᠤ ᠪᠠᠷᠢᠮᠵᠢᠶ᠎ᠠ ᠦᠨᠳᠤᠷ ᠪᠤᠯᠬᠤ ᠲᠤᠳᠤᠮ ᠭᠠᠷᠭᠠᠬᠤ ᠦᠷᠡᠭᠳᠡᠯ ᠨᠢ ᠴᠦ ᠲᠠᠳᠤᠢ ᠶᠡᠭᠡ ᠪᠠᠶᠢᠳᠠᠬ᠃ ᠵᠢᠱᠢᠶᠡᠯᠡᠪᠡᠯ᠂ ᠶᠠᠫᠤᠨ ᠤ ᠰᠤᠷᠭᠠᠭᠤᠯᠢ ᠶᠢᠨ ᠬᠤᠭᠤᠯᠠᠨ ᠤ ᠲᠤᠳᠤᠷᠠᠬᠢ ᠤᠯᠠᠩᠬᠢ ᠨᠤᠭᠤᠭ᠎ᠠ ᠨᠢ ᠬᠠᠯᠠᠭᠤᠨ ᠪᠠᠶᠢᠬᠤ ᠶᠢ ᠱᠠᠭᠠᠷᠳᠠᠳᠠᠬ ᠦᠭᠡᠢ᠃ ᠭᠡᠳᠡᠯ᠎ᠠ ᠲᠤᠮᠳᠠᠳᠤ ᠤᠯᠤᠰ ᠤᠨ ᠰᠤᠷᠭᠠᠭᠤᠯᠢ ᠶᠢᠨ ᠬᠤᠭᠤᠯᠠ ᠶᠢ ᠨᠢ ᠲᠤᠭᠳᠠᠭᠰᠠᠨ ᠴᠠᠭ ᠲᠤ ᠭᠦᠷᠭᠡᠭᠦ ᠮᠦᠷᠳᠡᠭᠡᠨ 60℃ ᠤᠨ ᠬᠠᠯᠠᠭᠤᠨ ᠪᠠᠶᠢᠬᠤ ᠶᠢ ᠪᠠᠳᠤᠯᠠᠬᠤ ᠭᠡᠷᠡᠭᠳᠠᠢ ᠪᠠᠶᠢᠳᠠᠬ᠃ ᠡᠨᠡ ᠭᠷᠠᠳᠦ᠋ᠰ ᠨᠢ ᠪᠠᠺᠲ᠋ᠧᠷᠢ ᠶᠢᠨ ᠪᠤᠶᠢᠵᠢᠬᠤ ᠶᠢ ᠰᠠᠷᠭᠡᠶᠢᠯᠡᠭᠦ ᠬᠠᠯᠠᠭᠤᠨ ᠪᠤᠯᠬᠤ ᠮᠦᠷᠳᠡᠭᠡᠨ ᠲᠤᠭᠳᠠᠭᠰᠠᠨ ᠴᠠᠭ ᠲᠤ ᠭᠦᠷᠭᠡᠳᠡᠭ ᠪᠤᠯᠬᠤᠷ ᠲᠠᠪᠬᠤᠷ ᠪᠠᠳᠤᠯᠠᠭ᠎ᠠ ᠲᠠᠢ ᠪᠠᠶᠢᠳᠠᠬ᠃ ᠭᠡᠪᠡᠴᠤ ᠦᠷᠳᠡᠭ ᠤᠨ ᠬᠤᠪᠢ ᠳᠤ ᠲᠡᠭᠡᠭᠡᠪᠤᠷᠢ ᠶᠢᠨ ᠦᠪᠠᠷ ᠤᠨ ᠦᠷᠳᠡᠭ ᠨᠡᠮᠡᠭᠳᠠᠵᠤ᠂ ᠨᠤᠭᠤᠭᠠᠨ ᠦᠡᠭᠭᠡᠳᠤ ᠨᠤᠭᠤᠭᠠᠨ ᠤ ᠦᠡᠭᠭᠡ ᠨᠢ ᠬᠤᠪᠢᠷᠠᠵᠤ ᠢᠳᠠᠭᠦ ᠳᠤ ᠴᠤ ᠠᠮᠳᠠ ᠦᠭᠡᠢ ᠪᠤᠯᠳᠠᠬ᠃      ᠲᠤᠮᠳᠠᠳᠤ ᠤᠯᠤᠰ ᠲᠤ ᠢᠳᠡᠭᠡᠨ ᠤ ᠠᠮᠤᠷ ᠲᠦᠪᠰᠢᠨ ᠤ ᠠᠰᠠᠭᠤᠳᠠᠯ ᠳᠡᠭᠡᠷ᠎ᠠ ᠪᠦᠭᠦ ᠨᠠᠶᠢᠭᠡᠮ ᠢᠯᠠᠩᠭᠤᠶ᠎ᠠ ᠭᠡᠷ ᠤᠨ ᠠᠬᠠᠮᠠᠳ ᠲᠤ ᠶᠡᠭᠡ ᠭᠡᠮᠵᠢᠶᠡᠨ ᠤ ᠪᠤᠷᠤᠭᠤ ᠲᠠᠨᠢᠯᠳᠠ ᠤᠷᠤᠰᠢᠵᠤ ᠪᠠᠶᠢᠨ᠎ᠠ᠃ ᠵᠢᠱᠢᠶᠡᠯᠡᠪᠡᠯ᠂ ᠵᠠᠷᠢᠮ ᠭᠡᠷ ᠤᠨ ᠠᠬᠠᠮᠠᠳ ᠠᠮᠳᠠ ᠶᠢᠨ ᠤᠬᠢ ᠬᠢᠭᠦ ᠶᠢ ᠡᠰᠠᠷᠭᠦᠴᠠᠵᠤ ᠪᠠᠶᠢᠳᠠᠬ᠃ ᠲᠠᠳᠠᠨ ᠤ ᠦᠵᠠᠭᠦ ᠪᠠᠷ ᠢᠳᠡᠭᠡᠨ ᠳᠤ ᠨᠠᠮᠠᠯᠳᠠ ᠵᠦᠢᠯ ᠬᠢᠭᠦ ᠦᠭᠡᠢ ᠪᠤᠯ ᠰᠠᠶᠢᠨ ᠭᠡᠵᠦ ᠪᠤᠳᠤᠳᠠᠬ᠃ ᠰᠤᠷᠭᠠᠭᠤᠯᠢ ᠠᠴᠠ ᠭᠡᠤᠭᠡᠳ ᠲᠤ ᠭᠦᠯᠳᠡᠭᠡᠭᠰᠡᠨ ᠬᠠᠪᠢᠷᠭ᠎ᠠ ᠵᠡᠷᠭᠡ ᠭᠦᠯᠳᠡᠭᠡᠭᠰᠡᠨ ᠢᠳᠡᠭᠡᠨ ᠢᠳᠠᠭᠦᠯᠭᠦ ᠶᠢ ᠡᠰᠠᠷᠭᠦᠴᠠᠵᠤ ᠪᠠᠶᠢᠳᠠᠬ᠃ ᠭᠡᠷ ᠤᠨ ᠠᠬᠠᠮᠠᠳ ᠤᠨ ᠶᠠᠮᠠᠷ ᠴᠦ ᠠᠶᠤᠯ ᠦᠭᠡᠢ ᠪᠠᠶᠢᠬᠤ ᠶᠢ ᠱᠠᠭᠠᠷᠳᠠᠬᠤ ᠮᠦᠷᠳᠡᠭᠡᠨ ᠪᠠᠰᠠ ᠢᠳᠡᠭᠡᠨ ᠤ ᠮᠠᠲ᠋ᠧᠷᠢᠶᠠᠯ ᠤᠨ ᠰᠢᠨ᠎ᠠ ᠰᠤᠷᠭᠤᠭ ᠪᠠ ᠰᠢᠮ᠎ᠠ ᠲᠡᠵᠢᠭᠡᠯ ᠲᠠᠢ ᠪᠠᠶᠢᠬᠤ ᠶᠢ ᠱᠠᠭᠠᠷᠳᠠᠬᠤ ᠶᠢᠨ ᠬᠤᠭᠤᠷᠤᠨᠳᠤ ᠲᠤᠩ ᠶᠡᠭᠡ ᠵᠦᠷᠢᠴᠡᠯ ᠤᠷᠤᠰᠢᠵᠤ ᠪᠠᠶᠢᠨ᠎ᠠ᠃      ᠬᠤᠶᠠᠷ᠂ ᠭᠡᠳᠤᠢ ᠦᠭᠪᠡᠯ ᠲᠠᠳᠤᠢ ᠢᠳᠠᠵᠤ ᠬᠤᠰᠤᠮ ᠢ ᠨᠢ ᠭᠦᠷᠳᠠᠯ᠎ᠠ ᠪᠦᠷᠢᠯᠭᠡᠭᠦ ᠦᠭᠡᠢ ᠪᠠᠶᠢᠳᠠᠬ      15% ᠶᠢᠨ ᠲᠤᠳᠤᠷᠭᠠᠨ ᠪᠤᠳᠠᠭ᠎ᠠ ᠶᠢᠨ ᠳᠡᠭᠡᠷ᠎ᠡ ᠶᠠᠫᠤᠨ ᠮᠠᠶ᠋ᠢᠬ ᠤᠨ ᠳ᠋ᠧᠫᠦ᠋ ᠬᠠᠭᠤᠷᠤᠭᠰᠠᠨ ᠴᠠᠭᠠᠨ ᠨᠤᠭᠤᠭ᠎ᠠ᠂ ᠵᠢᠵᠢᠭ ᠵᠢᠭᠠᠰᠤᠨ ᠬᠠᠳᠠᠭᠠᠮᠠᠯ᠂ ᠰᠦ ᠨᠡᠮᠡᠭᠰᠡᠨ ᠬᠤᠭᠤᠯᠠ ᠪᠤᠯ ᠶᠠᠫᠤᠨ ᠤ ᠲᠠᠪᠤ ᠵᠢᠷᠭᠤᠳᠤᠭᠠᠷ ᠤᠨ ᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠦᠳᠠ ᠶᠢᠨ ᠬᠤᠭᠤᠯᠠ ᠪᠤᠯᠤᠨ᠎ᠠ᠃ ᠬᠤᠭᠤᠯᠠ ᠲᠤᠬᠢᠷᠠᠭᠤᠯᠬᠤ ᠲᠦᠪ ᠤᠨ ᠲᠠᠨᠢᠯᠴᠠᠭᠤᠯᠬᠤ ᠪᠠᠷ ᠡᠨᠡ ᠪᠤᠯ ᠵᠠᠰᠠᠭ ᠤᠨ ᠭᠠᠵᠠᠷ ᠤᠨ ᠨᠢᠭᠡᠳᠤᠯᠳᠠᠢ ᠲᠤᠭᠳᠠᠭᠠᠯ ᠢ ᠵᠢᠷᠤᠮᠯᠡᠨ ᠢᠯᠴᠢ ᠶᠢᠨ ᠭᠡᠮᠵᠢᠶ᠎ᠠ ᠪᠠ ᠭᠤᠤᠯ ᠪᠤᠯᠬᠤ ᠰᠢᠮ᠎ᠠ ᠲᠡᠵᠢᠭᠡᠯ ᠤᠨ ᠪᠦᠷᠢᠯᠳᠤᠭᠦᠨ ᠢ ᠦᠨᠳᠤᠰᠤᠯᠠᠨ ᠲᠤᠬᠢᠷᠠᠭᠤᠯᠤᠭᠰᠠᠨ ᠶᠤᠮ ᠭᠡᠵᠦ ᠪᠠᠶᠢᠪᠠ᠃      ᠪᠢ ᠡᠳᠡᠭᠡᠷ ᠵᠢᠷᠤᠭ ᠢ ᠸᠢᠴᠠᠲ ᠳᠡᠭᠡᠷ ᠲᠠᠯᠪᠢᠭᠰᠠᠨ ᠳᠤ ᠰᠦᠯᠵᠢᠶᠡᠨ ᠤ ᠨᠠᠶᠢᠵᠠᠰ ᠤᠨ ︽ᠬᠤᠱᠤᠩᠨᠠᠯ︾ ᠢ ᠲᠡᠭᠳᠡᠭᠡᠪᠡ᠃ ᠲᠠᠳᠠᠨᠤᠰ᠄ ︽ᠦᠵᠡᠭᠦ ᠰᠠᠷᠠᠯ ᠠᠴᠠ ᠠᠪᠴᠤ ᠭᠡᠯᠡᠪᠡᠯ ᠭᠡᠷᠪᠡ ᠤᠯᠤᠰ ᠤᠨ ᠲᠤᠳᠤᠭᠠᠳᠤ ᠳᠤ ᠡᠶᠢᠮᠦ ᠬᠤᠭᠤᠯᠠ ᠶᠢ ᠲᠤᠬᠢᠷᠠᠭᠤᠯᠪᠠᠯ ᠯᠠᠪᠳᠠᠢ ᠭᠡᠷ ᠤᠨ ᠠᠬᠠᠮᠠᠳ ᠤᠨ ᠰᠢᠭᠦᠮᠵᠢᠯᠡᠯ ᠢ ᠭᠦᠷᠳᠠᠭᠦ ᠯᠡ ᠪᠤᠯᠤᠨ᠎ᠠ︾ ᠭᠡᠵᠦ ᠭᠡᠯᠡᠵᠤ ᠪᠠᠶᠢᠪᠠ᠃ ᠵᠠᠷᠢᠮ ᠰᠦᠯᠵᠢᠶᠡᠨ ᠤ ᠨᠠᠶᠢᠵᠠ ᠪᠠᠰᠠ ᠮᠢᠬ᠎ᠠ ᠨᠤᠭᠤᠭ᠎ᠠ ᠨᠢ ᠪᠠᠭ᠎ᠠ ᠪᠤᠯᠬᠤᠷ ᠦᠵᠠᠭᠦ ᠳᠤ ᠮᠠᠭᠤᠬᠠᠢ ᠮᠦᠷᠳᠡᠭᠡᠨ ᠠᠮᠳᠠ ᠦᠭᠡᠢ ᠭᠡᠵᠦ ᠪᠠᠶᠢᠪᠠ᠃ ᠡᠳᠡᠭᠡᠷ ᠨᠤᠭᠤᠭ᠎ᠠ ᠪᠤᠳᠠᠭ᠎ᠠ ᠦᠨᠡᠭᠡᠷ ᠠᠮᠳᠠ ᠪᠠᠷ ᠠᠨᠠᠢ ᠪᠤᠯᠪᠠᠴᠤ ᠠᠷᠠᠢ ᠮᠠᠭᠤᠬᠠᠢ ᠪᠢᠰᠢ ᠶᠤᠮ᠃ ᠪᠢᠳᠠ ᠡᠨᠡ ᠭᠦ ᠬᠤᠭᠤᠯᠠ ᠶᠢ ᠢᠳᠡᠭᠰᠡᠨ ᠤ ᠲᠠᠷᠠᠭ᠎ᠠ ᠪᠦᠭᠦᠢ ᠯᠡ ᠦᠳᠠ ᠶᠢᠨ ᠬᠤᠶᠢᠰᠢ ᠦᠯᠦᠰᠦᠭᠰᠡᠨ ᠦᠭᠡᠢ᠃      ᠡᠭᠦᠨ ᠠᠴᠠ ᠡᠮᠦᠨ᠎ᠠ ᠪᠢ ᠱᠧᠨᠵᠧᠨ ᠤ ᠨᠢᠭᠡ ᠬᠤᠭᠤᠯᠠ ᠭᠦᠷᠭᠡᠭᠦ ᠺᠤᠮᠫᠠᠨᠢ ᠶᠢᠨ ᠬᠠᠨᠭ᠍ᠭᠠᠭᠰᠠᠨ ᠰᠤᠷᠭᠠᠭᠤᠯᠢ ᠶᠢᠨ ᠦᠳᠠ ᠶᠢᠨ ᠬᠤᠭᠤᠯᠠᠨ ᠳᠤ ᠮᠢᠬ᠎ᠠ᠂ ᠦᠨᠳᠡᠭᠡ᠂ ᠨᠤᠭᠤᠭ᠎ᠠ᠂ ᠪᠤᠳᠠᠭ᠎ᠠ ᠪᠦᠷ ᠡᠯᠪᠡᠭ           ᠪᠠᠶᠢᠪᠠ᠃ ᠡᠶᠢᠮᠦ ᠬᠤᠭᠤᠯᠠ ᠶᠢ ᠪᠢ ᠴᠦ ᠢᠳᠠᠵᠤ ᠪᠠᠷᠠᠬᠤ ᠦᠭᠡᠢ ᠶᠤᠮ ᠴᠢᠨᠢ ᠭᠡᠤᠭᠡᠳ ᠭᠡᠷᠬᠢᠨ ᠢᠳᠠᠵᠤ ᠪᠠᠷᠠᠬᠤ ᠪᠤᠢ︖ ᠡᠶᠢᠮᠦ ᠬᠤᠭᠤᠯᠠ ᠵᠦᠪᠭᠡᠨ ᠬᠤᠶᠠᠷ ᠵᠦᠢᠯ ᠤᠨ ᠦᠷ᠎ᠠ ᠳ᠋ᠦᠩ ᠳᠤ ᠭᠦᠷᠤᠨ᠎ᠠ᠄ ᠨᠢᠭᠡ ᠨᠢ ᠭᠡᠤᠭᠡᠳ ᠢᠳᠡᠭᠡᠳ ᠪᠠᠷᠠᠴᠢᠬᠠᠪᠠᠯ ᠢᠯᠴᠢ ᠶᠢᠨ ᠭᠡᠮᠵᠢᠶ᠎ᠠ ᠨᠢ ᠪᠠᠷᠢᠮᠵᠢᠶ᠎ᠠ ᠠᠴᠠ ᠬᠤᠯᠠ ᠲᠠᠪᠠᠵᠤ᠂ ᠪᠢᠴᠢᠬᠠᠨ ᠮᠠᠷᠢᠶᠠᠴᠤᠳ ᠪᠤᠢ ᠪᠤᠯᠤᠨ᠎ᠠ᠃ ᠨᠦᠭᠦᠭᠡ ᠨᠢ ᠭᠡᠤᠭᠡᠳ ᠲᠤᠷᠠᠳᠠᠢ ᠪᠠᠨ ᠢᠳᠠᠵᠤ ᠦᠯᠠᠳᠡᠭᠰᠡᠨ ᠢ ᠨᠢ ᠬᠠᠶᠠᠬᠤ ᠪᠤᠯᠬᠤᠷ ᠰᠢᠮ᠎ᠠ ᠲᠡᠵᠢᠭᠡᠯ ᠤᠨ ᠲᠤᠬᠢᠷᠠᠭᠤᠯᠤᠯᠳᠠ ᠨᠢ ᠶᠠᠮᠠᠷ ᠴᠦ ᠤᠳᠬ᠎ᠠ ᠠᠭᠤᠯᠭ᠎ᠠ ᠦᠭᠡᠢ ᠪᠤᠯᠴᠢᠬᠠᠨ᠎ᠠ᠃      ᠭᠡᠪᠡᠴᠤ ᠲᠤᠮᠳᠠᠳᠤ ᠤᠯᠤᠰ ᠤᠨ ᠭᠡᠷ ᠤᠨ ᠠᠬᠠᠮᠠᠳ ᠡᠯᠪᠡᠭ ᠲᠡᠯᠪᠡᠭ ᠭᠤᠶᠤ ᠬᠤᠭᠤᠯᠠᠨ ᠳᠤ ᠲᠤᠷᠠᠳᠠᠢ ᠪᠠᠶᠢᠳᠠᠬ᠃ ᠮᠢᠨᠦ ᠸᠢᠴᠠᠲ ᠲᠡᠭᠡᠷ᠎ᠡ ᠨᠠᠶᠢᠳᠡᠯᠡᠭᠰᠡᠨ ᠶᠠᠫᠤᠨ ᠤ ᠭᠡᠤᠭᠡᠳ ᠤᠨ ᠴᠡᠴᠡᠷᠯᠢᠭ ᠤᠨ ᠪᠠᠭ᠎ᠠ ᠭᠡᠮᠵᠢᠶᠡᠨ ᠤ ᠪᠤᠳᠠᠭ᠎ᠠ ᠲᠠᠢ ᠱᠦᠯᠦ ᠪᠠ ᠵᠢᠮᠢᠰ ᠢᠶᠠᠷ ᠭᠤᠤᠯᠯᠠᠭᠰᠠᠨ ᠭᠡᠤᠭᠡᠳ ᠤᠨ ᠬᠤᠭᠤᠯᠠᠨ ᠤ ᠵᠢᠷᠤᠭ ᠢ ᠦᠵᠡᠭᠡᠳ ᠨᠢᠭᠡ ᠰᠦᠯᠵᠢᠶᠠᠨ ᠤ ᠨᠠᠶᠢᠵᠠ ᠨᠠᠳᠠ ᠳᠤ᠄ ︽ᠭᠡᠨ ᠭᠡᠷᠪᠡ ᠮᠢᠨᠦ ᠭᠡᠤᠭᠡᠳ ᠲᠤ ᠡᠶᠢᠮᠦ ᠬᠤᠭᠤᠯᠠ ᠢᠳᠡᠭᠦᠯᠪᠡᠯ ᠪᠢ ᠲᠤᠤᠷ᠎ᠠ ᠪᠠᠨ ᠰᠤᠷᠭᠠᠭᠤᠯᠢ ᠰᠢᠯᠵᠢᠭᠦᠯᠦᠨ᠎ᠠ︾ ᠭᠡᠵᠦ ᠭᠡᠯᠡᠵᠦ ᠪᠠᠶᠢᠯ᠎ᠠ᠃      ᠡᠶᠢᠮᠦ ᠪᠠᠶᠢᠳᠠᠯ ᠳᠤ ᠪᠢ ᠲᠠᠷᠠ ᠵᠠᠬᠢᠷᠤᠯ ᠠᠴᠠ ᠡᠶᠢᠮᠦ ᠪᠤᠳᠠᠭ᠎ᠠ ᠬᠤᠭᠤᠯᠠᠨ ᠳᠤ ᠭᠡᠷ ᠤᠨ ᠠᠬᠠᠮᠠᠳ ᠰᠠᠨᠠᠯ ᠲᠠᠢ ᠪᠠᠶᠢᠳᠠᠬ ᠤᠤ ᠭᠡᠰᠡᠨ ᠳᠤ ᠵᠠᠬᠢᠷᠤᠯ ᠨᠠᠳᠠ ᠳᠤ᠄ ᠪᠤᠳᠠᠭ᠎ᠠ ᠬᠤᠭᠤᠯᠠᠨ ᠤ ᠭᠡᠮᠵᠢᠶ᠎ᠠ ᠶᠢ ᠵᠠᠰᠠᠭ ᠤᠨ ᠭᠠᠵᠠᠷ ᠤᠨ ᠲᠤᠭᠳᠠᠭᠠᠭᠰᠠᠨ ᠰᠢᠮ᠎ᠠ ᠲᠡᠵᠢᠭᠡᠯ ᠤᠨ ᠵᠢᠭᠠᠯᠳᠠ ᠶᠢ ᠦᠨᠳᠤᠰᠤᠯᠠᠨ ᠰᠢᠮ᠎ᠠ ᠲᠡᠵᠢᠭᠡᠯ ᠲᠤᠬᠢᠷᠠᠭᠤᠯᠤᠭᠴᠢ ᠠᠴᠠ ᠢᠯᠴᠢ ᠶᠢᠨ ᠭᠡᠮᠵᠢᠶ᠎ᠠ᠂ ᠤᠭᠤᠷᠠᠬ᠂ ᠦᠭᠡᠭᠦ᠂ ᠨᠠᠭᠦᠷᠠᠰᠤ ᠤᠰᠤᠨ ᠤ ᠨᠢᠭᠡᠳᠪᠤᠷᠢ᠂ ᠪᠢᠴᠢᠯ ᠡᠯᠧᠮᠧᠨ᠋ᠲ ᠢ ᠪᠤᠳᠤᠯᠬᠢᠯᠠᠨ ᠲᠦᠰᠦᠪᠯᠡᠭᠰᠡᠨ ᠪᠤᠯᠬᠤᠷ ᠭᠡᠷ ᠤᠨ ᠠᠬᠠᠮᠠᠳ ᠤᠢᠢᠯᠠᠭᠠᠬᠤ ᠮᠦᠷᠳᠡᠭᠡᠨ ᠭᠦᠯᠢᠶᠡᠨ ᠠᠪᠳᠠᠬ ᠭᠡᠵᠦ ᠭᠡᠯᠡᠪᠡ᠃      ᠵᠠᠬᠢᠷᠤᠯ ᠢ ᠪᠠᠭᠳᠠᠭᠠᠭᠰᠠᠨ ᠪᠦᠭᠦ ᠰᠤᠷᠭᠠᠭᠤᠯᠢ ᠶᠢᠨ ᠪᠠᠭᠰᠢ ᠬᠢᠭᠡᠳ ᠡᠯ᠎ᠠ ᠤᠨ ᠤ ᠭᠡᠤᠭᠡᠳ ᠪᠦᠷ ᠡᠶᠢᠮᠦ ᠬᠤᠭᠤᠯᠠ ᠶᠢ ᠢᠳᠠᠵᠤ ᠪᠠᠶᠢᠨ᠎ᠠ᠃ ᠭᠡᠪᠡᠴᠤ ᠠᠳᠠᠯᠢ ᠪᠤᠰᠤ ᠤᠨ ᠤ ᠬᠤᠭᠤᠯᠠᠨ ᠤ ᠭᠡᠮᠵᠢᠶ᠎ᠠ ᠨᠢ ᠵᠤᠬᠢᠬᠤ ᠵᠦᠷᠢᠶ᠎ᠠ ᠲᠠᠢ ᠪᠠᠶᠢᠵᠤ ᠲᠤᠤᠷ᠎ᠠ ᠤᠨ ᠤ ᠭᠡᠤᠭᠡᠳ ᠤᠨ ᠬᠤᠭᠤᠯᠠᠨ ᠤ ᠭᠡᠮᠵᠢᠶ᠎ᠠ ᠨᠢ ᠪᠠᠭ᠎ᠠ ᠪᠠᠶᠢᠨ᠎ᠠ᠃ ᠭᠡᠪᠡᠴᠤ ᠪᠦᠭᠦᠨ ᠢ ᠦᠯᠡᠳᠡᠭᠡᠯ ᠦᠭᠡᠢ ᠢᠳᠠᠵᠤ ᠲᠠᠭᠤᠰᠬᠠᠳᠠᠬ ᠪᠠᠶᠢᠨ᠎ᠠ᠃      ᠬᠤᠭᠤᠯᠠᠨ ᠭᠡᠷ ᠤᠨ ᠰᠢᠷᠡᠭᠡᠨ ᠳᠡᠭᠡᠷ᠎ᠠ ᠨᠢ ᠪᠦᠷ ᠨᠠᠷ᠎ᠠ ᠶᠢᠨ ᠫᠠᠶᠢᠰᠠ ᠲᠠᠢ ᠪᠤᠯᠬᠤᠷ ᠭᠡᠤᠭᠡᠳ ᠤᠳ ᠦᠪᠠᠷ ᠤᠨ ᠨᠠᠷ᠎ᠠ ᠪᠠᠷ ᠤᠷᠤ ᠪᠠᠨ ᠤᠯᠵᠤ ᠰᠠᠭᠤᠨ᠎ᠠ᠃ ᠨᠠᠷ᠎ᠠ ᠶᠢᠨ ᠲᠤᠤᠷ᠎ᠠ ᠨᠢ ᠪᠠᠰᠠ ᠲᠠᠮᠳᠡᠭ ᠲᠠᠢ᠃ ᠭᠡᠷᠪᠠ ᠤᠯᠠᠭᠠᠨ ᠴᠡᠭ ᠪᠠᠶᠢᠪᠠᠯ ᠬᠤᠭᠤᠯᠠᠨ ᠤ ᠭᠡᠮᠵᠢᠶ᠎ᠠ ᠨᠢ ᠪᠠᠭ᠎ᠠ ᠭᠡᠳᠡᠭ ᠢ ᠢᠯᠠᠳᠭᠡᠨ᠎ᠠ᠂ ᠲᠡᠭᠡᠪᠡᠯ ᠵᠢᠵᠢᠭᠦᠷ ᠰᠤᠷᠤᠭᠴᠢ ᠲᠡᠭᠦᠨ ᠳᠤ ᠪᠠᠭ᠎ᠠ ᠰᠢᠬ ᠬᠤᠭᠤᠯᠠ ᠦᠭᠭᠦᠨ᠎ᠠ᠃ ᠭᠡᠷᠪᠠ ᠨᠤᠭᠤᠭᠠᠨ ᠴᠡᠭ ᠪᠠᠶᠢᠪᠠᠯ ᠬᠤᠭᠤᠯᠠᠨ ᠤ ᠭᠡᠮᠵᠢᠶ᠎ᠠ ᠨᠢ ᠶᠡᠭᠡ ᠭᠡᠳᠡᠭ ᠢ ᠢᠯᠠᠳᠭᠡᠭᠦ ᠲᠤᠯᠠ ᠵᠢᠵᠢᠭᠦᠷ ᠰᠤᠷᠤᠭᠴᠢ ᠢᠯᠠᠭᠦᠦ ᠰᠢᠭ ᠬᠤᠭᠤᠯᠠ ᠦᠭᠭᠦᠨ᠎ᠡ᠃ ᠭᠡᠷᠪᠡ ᠢᠳᠡᠭᠡᠨ ᠳᠤ ᠬᠠᠷᠰᠢᠳᠠᠬ ᠪᠤᠯ ᠠᠰ ᠲᠤ ᠨᠢ ᠬᠤᠭᠤᠯᠠ ᠪᠠᠯᠠᠳᠭᠡᠨ ᠦᠭᠭᠦᠨ᠎ᠠ᠃      ᠶᠠᠫᠤᠨ ᠤ ᠭᠡᠤᠭᠡᠳ ᠬᠠᠷᠠᠬᠠᠨ ᠪᠠᠭ᠎ᠠ ᠠᠴᠠ ᠪᠠᠨ ᠰᠤᠷᠭᠠᠨ ᠭᠦᠮᠦᠵᠢᠯ ᠭᠦᠷᠳᠡᠭᠰᠡᠨ ᠪᠤᠯᠬᠤᠷ ᠭᠡᠳᠤᠢ ᠢᠳᠡᠳᠡᠭ ᠪᠤᠯ ᠲᠠᠳᠤᠢ ᠪᠠᠨ ᠯᠠ ᠠᠪᠳᠠᠬ᠃ ᠠᠪᠤᠭᠰᠠᠨ ᠢᠳᠡᠭᠡᠨ ᠢᠶᠠᠨ ᠢᠳᠠᠵᠤ ᠪᠠᠷᠠᠬᠤ ᠦᠭᠡᠢ ᠶᠠᠪᠤᠳᠠᠯ ᠪᠤᠯ ᠲᠤᠩ ᠨᠢᠭᠤᠷ ᠪᠠᠷᠠᠭᠰᠠᠨ ᠤᠴᠢᠷ ᠪᠤᠯᠬᠤᠷ ᠬᠤᠭᠤᠯᠠ ᠢᠳᠠᠭᠦ ᠠᠴᠠ ᠡᠮᠦᠨ᠎ᠠ ᠠᠩᠬᠢ ᠶᠢᠨ ᠪᠠᠭᠰᠢ ᠨᠢ ᠭᠡᠤᠭᠡᠳ ᠤᠨ ᠱᠠᠭᠠᠷᠳᠠᠯᠭ᠎ᠠ ᠶᠢ ᠦᠨᠳᠤᠰᠤᠯᠠᠨ ᠵᠤᠬᠢᠬᠤ ᠲᠤᠬᠢᠷᠠᠭᠤᠯᠤᠯᠳᠠ ᠬᠢᠳᠡᠭ᠃ ᠵᠢᠱᠢᠶᠡᠯᠡᠪᠡᠯ᠂ ᠢᠳᠠᠵᠤ ᠪᠠᠷᠠᠬᠤ ᠦᠭᠡᠢ ᠭᠡᠤᠭᠡᠳ ᠤᠨ ᠬᠤᠭᠤᠯᠠ ᠶᠢ ᠨᠢ ᠢᠳᠠᠵᠤ ᠭᠦᠷᠭᠦ ᠦᠭᠡᠢ ᠭᠡᠤᠭᠡᠳ ᠲᠤ ᠬᠤᠪᠢᠶᠠᠵᠤ ᠦᠭᠭᠦ ᠵᠡᠷᠭᠡ ᠪᠤᠯᠤᠨ᠎ᠠ᠃      ᠬᠤᠭᠤᠯᠠ ᠲᠤᠬᠢᠷᠠᠭᠤᠯᠬᠤ ᠺᠤᠮᠫᠠᠨᠢ ᠶᠢᠨ ᠰᠤᠷᠭᠠᠭᠤᠯᠢ ᠳᠤ ᠭᠦᠷᠭᠡᠭᠦ ᠬᠤᠭᠤᠯᠠ ᠨᠢ ᠴᠤ ᠲᠤᠰ ᠡᠳᠦᠷ ᠤᠨ ᠰᠤᠷᠭᠠᠭᠤᠯᠢ ᠳᠤ ᠢᠷᠡᠭᠰᠡᠨ ᠭᠡᠤᠭᠡᠳ ᠤᠨ ᠲᠤᠭ᠎ᠠ ᠪᠠᠷ ᠪᠠᠯᠠᠳᠭᠡᠳᠡᠭ ᠪᠤᠯᠬᠤᠷ ᠪᠤᠢ ᠪᠦᠭᠦᠢ ᠢᠳᠡᠭᠡᠨ ᠢ ᠬᠤᠪᠢᠶᠠᠵᠤ ᠪᠠᠷᠠᠳᠠᠬ ᠪᠦᠭᠡᠳ ᠲᠤᠭᠤᠭᠠᠨ ᠢᠷᠤᠭᠠᠷ ᠲᠠᠬᠢ ᠬᠤᠰᠤᠮ ᠢ ᠨᠢ ᠭᠦᠷᠳᠠᠯ᠎ᠠ ᠪᠦᠷᠢᠯᠭᠡᠳᠡᠭ ᠦᠭᠡᠢ ᠪᠠᠶᠢᠨ᠎ᠠ᠃ ᠬᠠᠮᠳᠤ ᠶᠠᠪᠤᠭᠰᠠᠨ ᠲᠤᠮᠳᠠᠳᠤ ᠶᠢᠨ ᠰᠤᠷᠭᠠᠭᠤᠯᠢ ᠶᠢᠨ ᠬᠤᠭᠤᠯᠠ ᠲᠤᠬᠢᠷᠠᠭᠤᠯᠬᠤ ᠺᠤᠮᠫᠠᠨᠢ ᠶᠢᠨ ᠵᠠᠬᠢᠷᠤᠯ ᠬᠤᠰᠤᠮ ᠲᠠᠢ ᠪᠤᠳᠠᠭ᠎ᠠ ᠶᠢ ᠦᠵᠡᠭᠡᠳ᠄ ︽ᠭᠡᠷᠪᠡ ᠲᠤᠮᠳᠠᠳᠤ ᠤᠯᠤᠰ ᠲᠤ ᠢᠢᠮᠦ ᠬᠤᠭᠤᠯᠠ ᠶᠢ ᠰᠤᠷᠤᠭᠴᠢ ᠳᠤ ᠭᠦᠷᠭᠡᠭᠦ ᠳᠤ ᠭᠦᠷᠪᠡᠯ ᠪᠢᠳᠠ ᠪᠠᠰᠠ ᠯᠠ ᠰᠢᠳᠭᠡᠭᠳᠡᠭᠦ ᠳᠤ ᠭᠦᠷᠤᠨ᠎ᠠ︾ ᠭᠡᠵᠦ ᠪᠠᠶᠢᠯ᠎ᠠ᠃      ᠭᠤᠷᠪᠠ᠂ ᠲᠤᠮᠳᠠᠳᠤ ᠤᠯᠤᠰ ᠤᠨ ᠢᠳᠡᠭᠡᠨ ᠤᠮᠳᠠᠭᠠᠨ ᠤ ᠰᠤᠷᠭᠠᠨ ᠭᠦᠮᠦᠵᠢᠯ ᠢ ᠬᠢᠭᠦ ᠳᠤ ᠭᠡᠳᠤᠨ ᠦᠶ᠎ᠠ ᠶᠢᠨ ᠭᠦᠮᠦᠨ ᠤᠷᠤᠯᠴᠠᠨ᠎ᠠ      ᠢᠳᠡᠭᠡᠨ ᠤ ᠲᠤᠰ ᠪᠠᠶ᠎ᠠ ᠠᠴᠠ ᠨᠢ ᠠᠪᠴᠤ ᠭᠡᠯᠡᠪᠡᠯ ᠶᠠᠫᠤᠨ ᠤ ᠰᠤᠷᠭᠠᠭᠤᠯᠢ ᠶᠢᠨ ᠬᠤᠭᠤᠯᠠ ᠤᠮᠳᠠᠭᠠᠨ ᠢ ᠮᠠᠭᠳᠠᠮᠠᠷ ᠶᠠᠭᠤᠮ᠎ᠠ ᠪᠠᠶᠢᠬᠤ ᠦᠭᠡᠢ᠃ ᠭᠡᠪᠡᠴᠤ ᠲᠠᠳᠠᠨ ᠤ ᠢᠳᠡᠭᠡᠨ ᠤᠮᠳᠠᠭᠠᠨ ᠢ ᠭᠦᠨᠳᠤᠳᠭᠡᠭᠦ᠂ ᠭᠦᠳᠠᠯᠮᠤᠷᠢ ᠳᠤ ᠤᠷᠤᠯᠴᠠᠬᠤ ᠵᠢᠴᠢ ᠰᠠᠶᠢᠨ ᠰᠠᠶᠢᠬᠠᠨ ᠢᠳᠡᠵᠤ ᠤᠤᠭᠤᠬᠤ ᠵᠠᠩ ᠲᠠᠳᠬᠠᠯ ᠢ ᠨᠢ ᠪᠢᠳᠠ ᠰᠤᠷᠤᠯᠴᠠᠬᠤ ᠶᠤᠰᠤᠳᠠᠢ᠃      ᠶᠠᠫᠤᠨ ᠤ ᠢᠳᠡᠭᠡᠨ ᠤᠮᠳᠠᠭᠠᠨ ᠤ ᠰᠤᠷᠭᠠᠨ ᠭᠦᠮᠦᠵᠢᠯ 2005 ᠤᠨ ᠠᠴᠠ ᠡᠬᠢᠯᠡᠵᠡᠢ᠃ ᠤᠯᠤᠰ ᠠᠴᠠ ᠭᠡᠤᠭᠡᠳ ᠲᠤ ᠢᠳᠠᠭᠡᠨ ᠤᠮᠳᠠᠭᠠᠨ ᠤ ᠰᠤᠷᠭᠠᠨ ᠭᠦᠮᠦᠵᠢᠯ ᠤᠨ ᠬᠠᠤᠯᠢ ᠲᠤᠭᠳᠠᠭᠠᠵᠤ ᠭᠡᠤᠭᠡᠳ ᠲᠤ ᠢᠳᠡᠭᠡᠨ ᠤᠮᠳᠠᠭᠠᠨ ᠢ ᠤᠢᠢᠯᠠᠭᠠᠬᠤ᠂ ᠢᠳᠡᠭᠡᠨ ᠤᠮᠳᠠᠭᠠᠨ ᠢ ᠬᠠᠶᠢᠷᠠᠯᠠᠬᠤ᠂ ᠪᠦᠷᠢᠯᠭᠡᠨ ᠰᠦᠢᠳᠭᠡᠭᠦ ᠶᠢ ᠡᠰᠠᠷᠭᠦᠴᠡᠭᠦ ᠵᠢᠴᠢ ᠭᠦᠳᠠᠯᠮᠤᠷᠢ ᠳᠤ ᠤᠷᠤᠯᠴᠠᠬᠤ᠂ ᠢᠳᠡᠭᠡᠨ ᠤᠮᠳᠠᠭᠠᠨ ᠢ ᠬᠢᠵᠤ ᠦᠢᠯᠠᠳᠭᠦ ᠪᠠ ᠢᠳᠡᠭᠡᠨ ᠤᠮᠳᠠᠭᠠᠨ ᠳᠤ ᠲᠠᠯᠠᠷᠬᠠᠬᠤ ᠭᠦᠮᠦᠵᠢᠯ ᠢ ᠤᠯᠭᠤᠳᠠᠬ᠃ ᠡᠳᠤᠷ ᠪᠦᠷᠢ ᠬᠤᠭᠤᠯᠠᠯᠠᠬᠤ ᠠᠴᠠ ᠡᠮᠦᠨ᠎ᠠ ᠲᠡᠭᠡᠳᠤ ᠠᠩᠬᠢ ᠶᠢᠨ ᠨᠢᠭᠡ ᠰᠤᠷᠤᠭᠴᠢ ᠤᠴᠢᠵᠤ ᠦᠨᠦᠳᠤᠷ ᠤᠨ ᠬᠤᠭᠤᠯᠠ ᠶᠢ ᠲᠠᠨᠢᠯᠴᠠᠭᠤᠯᠵᠤ᠂ ᠢᠳᠡᠭᠡᠨ ᠤᠮᠳᠠᠭᠠᠨ ᠳᠤ ᠲᠠᠯᠠᠷᠬᠠᠭᠰᠠᠨ ᠤ ᠬᠤᠶᠢᠨ᠎ᠠ ᠰᠠᠶ᠋ᠢ ᠡᠬᠢᠯᠡᠵᠦ ᠬᠤᠭᠤᠯᠠᠯᠠᠳᠠᠬ᠃      340 ᠰᠤᠷᠤᠭᠴᠢ ᠲᠠᠢ ᠰᠤᠷᠭᠠᠭᠤᠯᠢ ᠶᠢᠨ ᠬᠤᠭᠤᠯᠠᠨ ᠭᠡᠷ ᠲᠤ ᠨᠢᠭᠡᠨ ᠠᠨᠢᠶ᠎ᠠ ᠰᠤᠷᠤᠭᠴᠢᠳ ᠢ ᠬᠠᠷᠢᠭᠤᠴᠠᠨ ᠵᠢᠯᠤᠭᠤᠳᠳᠠᠬ᠃ ᠬᠤᠭᠤᠯᠠ ᠭᠦᠷᠭᠡᠭᠦ ᠺᠤᠮᠫᠠᠨᠢ ᠢᠳᠡᠭᠡᠨ ᠢ ᠬᠤᠭᠤᠯᠠᠨ ᠲᠠᠩᠬᠢᠮ ᠳᠤ ᠭᠦᠷᠭᠡᠭᠦ ᠶᠢ ᠬᠠᠷᠢᠭᠤᠴᠠᠵᠤ᠂ ᠵᠢᠵᠢᠭᠦᠷ ᠰᠤᠷᠤᠭᠴᠢ ᠰᠢᠷᠡᠭᠡ ᠵᠦᠯᠭᠦᠭᠦ᠂ ᠠᠶᠠᠭ᠎ᠠ ᠫᠢᠯᠠ ᠲᠠᠯᠪᠢᠬᠤ ᠶᠢ             ᠬᠠᠷᠢᠭᠤᠴᠠᠨ᠎ᠠ᠃ ᠬᠤᠭᠤᠯᠠᠯᠠᠬᠤ ᠠᠴᠠ ᠡᠮᠦᠨ᠎ᠡ ᠵᠢᠵᠢᠭᠦᠷ ᠰᠤᠷᠤᠭᠴᠢ ᠠᠵᠢᠯ ᠤᠨ ᠬᠤᠪᠴᠠᠰᠤ ᠪᠠᠨ ᠡᠮᠦᠰᠴᠤ ᠪᠤᠳᠠᠭ᠎ᠠ ᠨᠤᠭᠤᠭ᠎ᠠ ᠬᠤᠪᠢᠶᠠᠬᠤ ᠠᠵᠢᠯ ᠢ ᠬᠠᠷᠢᠭᠤᠴᠠᠨ᠎ᠠ᠃ ᠢᠳᠡᠵᠤ ᠪᠠᠷᠠᠭᠰᠠᠨ ᠤ ᠳᠠᠷᠠᠭ᠎ᠠ ᠪᠠᠰᠠ ᠰᠢᠷᠡᠭᠡ ᠰᠠᠨᠳᠠᠯᠢ᠂ ᠱᠠᠯᠠ ᠶᠢ ᠴᠠᠪᠠᠷᠯᠡᠨ ᠤᠬᠢᠶᠠᠵᠤ᠂ ᠰᠠᠨᠳᠠᠯᠢ ᠶᠢ ᠵᠡᠷᠭᠡᠯᠡᠨ ᠲᠠᠯᠪᠢᠨ᠎ᠠ᠃ ᠭᠡᠤᠭᠡᠳ ᠤᠳ ᠱᠠᠯᠠᠨ ᠳᠡᠭᠡᠷ᠎ᠠ ᠰᠦᠭᠦᠳᠤᠨ ᠰᠠᠭᠤᠵᠤ ᠭᠠᠵᠠᠷ ᠢᠶᠠᠨ ᠬᠢᠯᠠᠯᠵᠠᠳᠠᠯ᠎ᠠ ᠵᠦᠯᠭᠦᠨ᠎ᠠ᠃ ᠪᠤᠢ ᠪᠦᠭᠦᠢ ᠠᠵᠢᠯ ᠢ ᠭᠡᠤᠭᠡᠳ ᠤᠳ ᠪᠦᠷ ᠦᠪᠠᠷᠳᠡᠭᠡᠨ ᠪᠠᠶᠠᠯᠠᠭᠦᠯᠦᠨ᠎ᠠ᠃ ᠲᠠᠳᠠᠨ ᠤ ᠦᠵᠠᠭᠦ ᠪᠠᠷ ᠭᠦᠳᠠᠯᠮᠤᠷᠢ ᠳᠤ ᠤᠷᠤᠯᠴᠠᠬᠤ ᠪᠤᠯ ᠢᠳᠡᠭᠡᠨ ᠤᠮᠳᠠᠭᠠᠨ ᠤ ᠰᠤᠷᠭᠠᠨ ᠭᠦᠮᠦᠵᠢᠯ ᠤᠨ ᠲᠦᠢᠯ ᠤᠨ ᠴᠢᠬᠤᠯᠠ ᠨᠢᠭᠡᠨ ᠭᠡᠰᠡᠭ ᠪᠤᠯᠤᠨ᠎ᠠ ᠭᠡᠵᠤ ᠪᠤᠢ᠃      ᠡᠭᠦᠨ ᠠᠴᠠ ᠭᠠᠳᠠᠨ᠎ᠠ ᠲᠠᠳᠠ ᠢᠳᠡᠭᠡᠨ ᠤᠮᠳᠠᠭᠠᠨ ᠤ ᠵᠠᠩ ᠲᠠᠳᠬᠠᠯ ᠢ ᠭᠦᠮᠦᠵᠢᠭᠦᠯᠭᠦ ᠶᠢ ᠲᠤᠩ ᠭᠦᠨᠳᠤᠳᠭᠡᠨ ᠦᠵᠠᠳᠡᠭ᠃ ᠬᠤᠭᠤᠯᠠᠨ ᠠᠴᠠ ᠡᠮᠦᠨ᠎ᠠ ᠭᠡᠤᠭᠡᠳ ᠤᠳ ᠵᠠᠪᠠᠯ ᠭᠠᠷ ᠢᠶᠠᠨ               ᠤᠬᠢᠶᠠᠨ᠎ᠠ᠃ ᠰᠤᠷᠭᠠᠭᠤᠯᠢ ᠳᠤ ᠭᠡᠤᠭᠡᠳ ᠨᠢᠭᠡᠪᠦᠷᠢ ᠰᠢᠳᠤ ᠤᠬᠢᠶᠠᠬᠤ ᠭᠡᠷᠡᠭᠰᠡᠯ ᠲᠠᠢ ᠪᠠᠶᠢᠳᠠᠬ ᠪᠤᠯᠬᠤᠷ ᠬᠤᠭᠤᠯᠠᠨ ᠤ ᠲᠠᠷᠠᠭ᠎ᠠ ᠰᠢᠳᠤ ᠪᠠᠨ ᠤᠬᠢᠶᠠᠨ᠎ᠠ᠃ ᠡᠶᠢᠮᠦᠷᠭᠦᠦ ᠶᠠᠪᠤᠴᠠ ᠶᠢ ᠲᠠᠳᠠ ᠤᠨᠴᠠᠭᠠᠢ ᠴᠢᠬᠤᠯᠠᠴᠢᠯᠠᠳᠠᠬ ᠪᠠᠶᠢᠨ᠎ᠠ᠃      ᠲᠠᠷᠠ ᠡᠳᠤᠷ ᠪᠢᠳᠠ ᠭᠡᠳᠤᠭᠦᠯᠡ ᠰᠦ ᠪᠠᠨ ᠤᠤᠭᠤᠵᠤ ᠪᠠᠷᠠᠭᠠᠳ ᠬᠠᠶᠢᠷᠴᠠᠬ ᠢ ᠨᠢ ᠰᠢᠷᠡᠭᠡᠨ ᠳᠡᠭᠡᠷ᠎ᠠ ᠲᠠᠯᠪᠢᠭᠰᠠᠨ ᠳᠤ ᠨᠢᠭᠡ ᠶᠠᠫᠤᠨ ᠭᠡᠤᠭᠡᠳ ᠭᠦᠷᠴᠤ ᠢᠷᠡᠭᠡᠳ ᠡᠨᠡ ᠬᠠᠶᠢᠷᠴᠠᠬ ᠢ ᠨᠤᠭᠤᠯᠵᠤ ᠲᠠᠯᠪᠢᠭᠠᠷᠠᠢ ᠢᠡᠭᠬᠢᠪᠡᠯ ᠬᠤᠭ ᠤᠨ ᠰᠠᠪᠠᠨ ᠳᠤ ᠬᠠᠶᠠᠬᠤ ᠳᠤ ᠵᠠᠢ ᠡᠵᠡᠯᠡᠭᠦ ᠦᠭᠡᠢ ᠭᠡᠵᠦ ᠭᠡᠯᠡᠪᠡ᠃ ᠭᠡᠤᠭᠡᠳ ᠢᠶᠠᠷ ᠭᠡᠯᠡᠭᠦᠯᠦᠭᠰᠡᠨ ᠳᠤ ᠪᠠᠨ ᠪᠢᠳᠠ ᠲᠤᠩ ᠢᠴᠢᠩᠭᠦᠷᠡᠪᠡ᠃      ᠡᠨᠡ ᠤᠳᠠᠭᠠᠨ ᠤ ᠪᠠᠶᠢᠴᠠᠭᠠᠯᠳᠠ ᠪᠠᠷ ᠲᠠᠮᠵᠢᠭᠠᠳ ᠤᠯᠤᠰ ᠤᠨ ᠲᠤᠳᠤᠭᠠᠳᠤ ᠳᠤ ᠤᠳᠤᠬᠠᠨ ᠳᠤ ᠪᠠᠨ ᠪᠢᠳᠠᠨ ᠤ ᠠᠩᠬᠠᠷᠤᠯ ᠮᠦᠨ ᠯᠡ ᠰᠤᠷᠭᠠᠭᠤᠯᠢ ᠶᠢᠨ ᠬᠤᠭᠤᠯᠠᠨ ᠤ ᠲᠤᠰ ᠪᠠᠶ᠎ᠠ ᠳᠤ ᠨᠢ ᠲᠦᠪᠯᠠᠷᠠᠵᠤ ᠪᠠᠶᠢᠨ᠎ᠠ ᠭᠡᠳᠡᠭ ᠢ ᠮᠠᠳᠠᠪᠠ᠃ ᠠᠮᠤᠷ ᠲᠦᠪᠰᠢᠨ ᠬᠢᠭᠡᠳ ᠰᠢᠮ᠎ᠠ ᠲᠠᠵᠢᠭᠡᠯ ᠭᠡᠰᠡᠨ ᠴᠢᠬᠤᠯᠠ ᠬᠤᠶᠠᠷ ᠠᠰᠠᠭᠤᠯᠳᠠ ᠶᠢᠨ ᠠᠮᠤᠷ ᠲᠦᠪᠰᠢᠨ ᠢ ᠨᠢ ᠶᠡᠭᠡ ᠠᠩᠬᠠᠷᠤᠭᠠᠳ ᠰᠢᠮ᠎ᠠ ᠲᠠᠵᠢᠭᠡᠯ ᠢ ᠨᠢ ᠠᠩᠬᠠᠷᠬᠤ ᠪᠠᠷ ᠭᠦᠷᠤᠯᠴᠠᠭᠦ ᠦᠭᠡᠢ           ᠪᠠᠶᠢᠨ᠎ᠠ᠃ ᠦᠨᠠᠨ ᠳᠤ ᠪᠠᠨ ᠰᠢᠮ᠎ᠠ ᠲᠡᠵᠢᠭᠡᠯ ᠤᠨ ᠠᠰᠠᠭᠤᠳᠠᠯ ᠨᠢ ᠠᠮᠤᠷ ᠲᠦᠪᠰᠢᠨ ᠤ ᠠᠰᠠᠭᠤᠳᠠᠯ ᠠᠴᠠ ᠨᠠᠩ ᠴᠢᠬᠤᠯᠠ ᠶᠤᠮ᠃      ᠤᠳᠤ ᠪᠢᠳᠠ ᠰᠤᠷᠭᠠᠭᠤᠯᠢ ᠶᠢᠨ ᠬᠤᠭᠤᠯᠠᠨ ᠳᠤ ᠠᠰᠠᠭᠤᠳᠠᠯ ᠭᠠᠷᠤᠯ᠎ᠠ ᠭᠡᠳᠡᠭ ᠢ ᠵᠦᠪᠭᠡᠨ ᠨᠢᠭᠡ ᠵᠢᠯ ᠤᠨ ᠲᠤᠳᠤᠷ᠎ᠠ ᠭᠡᠴᠢᠨᠡᠭᠡᠨ ᠰᠠᠭᠤᠷᠢ ᠰᠤᠷᠭᠠᠭᠤᠯᠢ ᠳᠤ ᠭᠡᠴᠢᠨᠡᠨ ᠭᠡᠤᠭᠡᠳ ᠪᠠᠭᠠᠰᠤ ᠠᠯᠳᠠᠭᠰᠠᠨ᠂ ᠢᠳᠡᠭᠡᠨ ᠳᠤ ᠬᠤᠤᠷᠳᠠᠭᠳᠠᠭᠰᠠᠨ ᠭᠡᠭᠦ ᠮᠠᠳᠤ ᠵᠦᠢᠯ ᠢ ᠭᠡᠯᠡᠳᠡᠭ ᠠᠴᠠ ᠪᠢᠰᠢ ᠰᠢᠮ᠎ᠠ ᠲᠠᠵᠢᠭᠡᠯ ᠤᠨ ᠲᠠᠯ᠎ᠠ ᠪᠠᠷ ᠬᠢ᠂ ᠵᠢᠱᠢᠶᠡᠯᠡᠪᠡᠯ᠂ 20% ᠶᠢᠨ ᠭᠡᠤᠭᠡᠳ ᠤᠨ ᠮᠠᠷᠢᠶᠠᠯᠠᠵᠤ ᠪᠠᠶᠢᠬᠤ᠂ ᠡᠯ᠎ᠠ ᠵᠦᠢᠯ ᠤᠨ ᠰᠤᠯᠢᠯᠴᠠᠭᠠᠨ ᠤ ᠶᠡᠷᠦᠩᠭᠡᠶᠢᠯᠡᠭᠰᠡᠨ ᠢᠯᠠᠷᠠᠯ᠂ ᠪᠠᠶ᠎ᠠ ᠶᠢᠨ ᠲᠤᠷᠦ᠋ᠢᠳᠠᠯ ᠠᠴᠠ ᠡᠪᠡᠳᠴᠢᠨ ᠡᠭᠦᠰᠭᠦ ᠵᠡᠷᠭᠡ ᠠᠰᠠᠭᠤᠳᠠᠯ ᠪᠤᠯ ᠬᠠᠷᠢᠨ ᠭᠡᠤᠭᠡᠳ  ᠤᠨ ᠨᠢᠭᠡ ᠨᠠᠰᠤ ᠶᠢ ᠨᠦᠯᠦᠭᠡᠯᠡᠭᠦ ᠵᠦᠢᠯ ᠭᠡᠳᠡᠭ ᠢ ᠤᠮᠳᠤᠭᠠᠢᠢᠯᠠᠭᠰᠠᠨ ᠪᠠᠶᠢᠨ᠎ᠠ᠃      ᠲᠤᠮᠳᠠᠳᠤ ᠤᠯᠤᠰ ᠤᠨ ᠰᠤᠷᠭᠠᠭᠤᠯᠢ ᠶᠢᠨ ᠬᠤᠭᠤᠯᠠᠨ ᠳᠤ ᠲᠤᠯᠭᠠᠷᠠᠵᠤ ᠪᠠᠶᠢᠭ᠎ᠠ ᠠᠰᠠᠭᠤᠳᠠᠯ ᠦᠨᠠᠨ ᠳᠤ ᠪᠠᠨ ᠲᠤᠩ ᠤᠯᠠᠨ ᠪᠠᠶᠢᠬᠤ ᠮᠦᠷᠳᠡᠭᠡᠨ ᠪᠢᠳᠠ ᠮᠠᠰᠢ ᠤᠯᠠᠨ ᠲᠦᠷᠢᠮ ᠭᠤᠷᠢᠮ ᠢ ᠲᠤᠭᠳᠠᠭᠠᠵᠤ᠂ ᠮᠠᠰᠢ ᠤᠯᠠᠨ ᠡᠷᠳᠠᠮᠳᠠᠨ ᠮᠠᠷᠭᠡᠵᠢᠯᠳᠠᠨ ᠢᠶᠠᠷ ᠲᠠᠶᠢᠯᠪᠤᠷᠢ ᠬᠢᠯᠭᠡᠵᠦ ᠭᠡᠤᠭᠡᠳ ᠢ ᠭᠦᠮᠦᠵᠢᠭᠦᠯᠪᠡᠯ ᠰᠢᠢᠳᠪᠤᠷᠢᠯᠡᠴᠢᠭᠡᠭᠦ ᠠᠰᠠᠭᠤᠳᠠᠯ ᠪᠢᠰᠢ ᠶᠤᠮ᠃ ᠪᠢ ᠭᠡᠳᠤᠨ ᠤᠳᠠᠭᠠᠨ ᠤ ᠬᠤᠷᠠᠯ ᠳᠤ ᠤᠷᠤᠯᠴᠠᠬᠤ ᠳᠤ ᠤᠯᠠᠨ ᠢᠶᠠᠷ ᠢᠶᠠᠨ ᠢᠳᠡᠭᠡᠨ ᠤᠮᠳᠠᠭᠠᠨ ᠤ ᠰᠤᠷᠭᠠᠨ ᠭᠦᠮᠦᠵᠢᠯ᠂ ᠰᠤᠷᠭᠠᠭᠤᠯᠢ ᠶᠢᠨ ᠬᠤᠭᠤᠯᠠ ᠶᠢ ᠶᠠᠷᠢᠬᠤ ᠦᠶ᠎ᠠ ᠳᠤ ᠪᠦᠷ ︽ᠵᠢᠵᠢᠭ ᠭᠠᠷ ᠢᠶᠠᠷ ᠲᠤᠮᠤ ᠭᠠᠷ ᠢ ᠭᠦᠳᠤᠯᠭᠦ︾ ᠭᠡᠳᠡᠭ ᠠᠰᠠᠭᠤᠳᠠᠯ ᠢ ᠶᠠᠷᠢᠵᠤ᠂ ᠭᠡᠤᠭᠡᠳ ᠢ ᠭᠦᠮᠦᠵᠢᠭᠦᠯᠭᠦ ᠪᠠᠷ ᠲᠠᠮᠵᠢᠨ ᠭᠡᠷ ᠤᠨ ᠠᠬᠠᠮᠠᠳ ᠢ ᠨᠦᠯᠦᠭᠡᠯᠡᠭᠦ ᠶᠢ ᠭᠦᠰᠠᠮᠵᠢᠯᠠᠵᠤ ᠪᠠᠶᠢᠨ᠎ᠠ᠃ ᠮᠢᠨᠦ ᠪᠤᠳᠤᠬᠤ ᠪᠠᠷ ᠡᠨᠡ ᠭᠤᠷᠢᠳᠠᠯᠭ᠎ᠠ ᠪᠠᠶᠠᠯᠡᠭᠳᠡᠭᠦ ᠳᠤ ᠭᠦᠴᠢᠷ ᠶᠤᠮ᠃      ᠲᠤᠮᠳᠠᠳᠤ ᠤᠯᠤᠰ ᠤᠨ ᠰᠤᠷᠭᠠᠭᠤᠯᠢ ᠶᠢᠨ ᠬᠤᠭᠤᠯᠠ ᠬᠢᠭᠡᠳ ᠢᠳᠠᠭᠡᠨ ᠤ ᠭᠦᠮᠦᠵᠢᠯ ᠶᠠᠭᠤ ᠪᠤᠢ︖ ᠭᠡᠷᠪᠡ ᠶᠠᠫᠤᠨ ᠤ ᠢᠳᠡᠭᠡᠨ ᠤ ᠭᠦᠮᠦᠵᠢᠯ ᠢ ᠴᠠᠭᠠᠨ ᠴᠠᠭᠠᠰᠤᠨ ᠳᠡᠭᠡᠷ᠎ᠠ ᠵᠢᠷᠤᠵᠤ ᠪᠠᠶᠢᠨ᠎ᠠ ᠭᠡᠵᠦ ᠭᠡᠯᠡᠭᠦ ᠳᠤ ᠭᠦᠷᠪᠡᠯ ᠪᠢᠳᠠ ᠪᠤᠯ ᠭᠡᠷ ᠤᠨ ᠠᠬᠠᠮᠠᠳ ᠤᠨ ᠪᠤᠷᠤᠭᠤ ᠪᠠᠷ ᠪᠤᠳᠠᠷᠠᠳᠠᠯ᠎ᠠ ᠵᠢᠷᠤᠭᠰᠠᠨ ᠵᠢᠷᠤᠭ ᠢ ᠪᠠᠯᠠᠯᠵᠤ ᠬᠠᠶᠠᠭᠠᠳ ᠲᠠᠬᠢᠨ ᠵᠦᠪ ᠢᠶᠠᠷ ᠵᠢᠷᠤᠬᠤ ᠶᠠᠪᠤᠳᠠᠯ ᠪᠤᠯᠤᠨ᠎ᠠ᠃ ᠲᠠᠷᠠ ᠮᠦᠷᠳᠡᠭᠡᠨ ᠭᠡᠤᠭᠡᠳ ᠭᠡᠷ ᠲᠤ ᠪᠠᠨ ᠬᠠᠷᠢᠭᠰᠠᠨ ᠤ ᠲᠠᠷᠠᠭ᠎ᠠ ᠭᠡᠷ ᠤᠨ ᠠᠬᠠᠮᠠᠳ ᠨᠢ ᠪᠠᠰᠠ ᠪᠤᠷᠤᠭᠤ ᠪᠠᠷ ᠵᠢᠷᠤᠬᠤ ᠶᠠᠪᠤᠳᠠᠯ ᠭᠠᠷᠴᠤ ᠮᠠᠳᠠᠭᠦ ᠶᠤᠮ᠃      ᠡᠶᠢᠮᠦ ᠠᠴᠠ ᠪᠢᠳᠠ ᠢᠳᠡᠭᠡᠨ ᠤ ᠵᠦᠪ ᠭᠦᠮᠦᠵᠢᠯ ᠢᠶᠠᠷ ᠭᠡᠷ ᠤᠨ ᠠᠬᠠᠮᠠᠳ ᠤᠨ ᠪᠤᠷᠤᠭᠤ ᠲᠠᠨᠢᠯᠳᠠ ᠲᠠᠢ ᠲᠠᠮᠠᠴᠠᠵᠤ ᠭᠡᠤᠭᠡᠳ ᠢᠶᠠᠨ ᠲᠠᠳᠠᠨ ᠠᠪᠴᠢᠷᠠᠬᠤ ᠭᠡᠷᠡᠭᠳᠠᠢ᠃ ᠡᠨᠡ ᠡᠭᠦᠷᠭᠡ ᠪᠤᠯ ᠭᠦᠨᠳᠤ ᠮᠦᠷᠳᠡᠭᠡᠨ ᠴᠠᠭ           ᠤᠷᠤᠨ᠎ᠠ᠃ ᠮᠢᠨᠦ ᠪᠤᠳᠤᠬᠤ ᠪᠠᠷ ᠲᠤᠮᠳᠠᠳᠤ ᠤᠯᠤᠰ ᠤᠨ ᠢᠳᠡᠭᠡᠨ ᠤ ᠭᠦᠮᠦᠵᠢᠯ ᠨᠢ ᠭᠡᠳᠤᠭᠡᠨ ᠵᠢᠯ ᠤᠨ ᠲᠤᠳᠤᠷ᠎ᠠ ᠢᠯᠠᠷᠭᠡᠢ ᠠᠮᠵᠢᠯᠳᠠ ᠤᠯᠬᠤ ᠪᠤᠯᠤᠯᠴᠠᠭ᠎ᠠ ᠦᠭᠡᠢ᠂ ᠬᠠᠷᠢᠨ ᠨᠢᠭᠡ ᠬᠤᠶᠠᠷ ᠦᠶ᠎ᠠ ᠶᠢᠨ ᠭᠦᠮᠦᠰ ᠤᠨ ᠴᠦᠭᠦᠷᠠᠯ ᠦᠭᠡᠢ ᠴᠢᠷᠮᠠᠶᠢᠯᠭ᠎ᠠ ᠪᠠᠷ ᠰᠠᠶ᠋ᠢ ᠢᠯᠠᠷᠭᠡᠢ ᠬᠤᠪᠢᠷᠠᠯᠳᠠ ᠶᠢ ᠭᠠᠷᠭᠠᠵᠤ ᠴᠢᠳᠠᠨ᠎ᠠ᠃     ︵︽ᠪᠠᠭᠰᠢ ᠶᠢᠨ ᠬᠤᠷᠸ᠎ᠠ︾ ᠰᠠᠳᠭᠦᠯ ᠤᠨ 2019 ᠤᠨ ᠤ 12 ᠳ᠋ᠤᠭᠠᠷ            ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠤᠨ ᠨᠠᠶᠢᠷᠠᠭᠤᠯᠪᠠ︶ 
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map