ᠦᠰᠤᠨ ᠪᠤᠶᠢᠵᠢᠯᠳᠠ ᠶᠢᠨ ᠲᠤᠮᠳᠠᠬᠢ ᠬᠠᠮᠤᠭ ᠤᠨ ᠲᠤᠮᠤ ᠲᠠᠶᠢᠰᠤᠨ ᠪᠤᠯ ᠢᠴᠢᠩᠭᠦᠷᠡᠭᠦ ᠰᠡᠳᠬᠢᠯᠭᠡ ᠪᠤᠯᠤᠨ᠎ᠠ
ᠨᠡᠶᠢᠲᠡᠯᠡᠭᠰᠡᠨ ᠴᠠᠭ᠄
2023/11/9
                   ᠲᠤᠤ ᠼᠢ ᠲᠤ ᠽᠢ ︵ᠱᠠᠭᠠᠵᠠᠩ ᠲᠠᠤᠯᠠᠢ︶      ᠨᠢᠭᠡ      ᠮᠢᠨᠦ ᠬᠠᠮᠤᠭ ᠠᠩᠬᠠᠨ ᠤ ︽ᠲᠤᠰᠢᠶᠠᠯ︾ ᠪᠤᠯ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠤ ᠦᠶ᠎ᠠ ᠳᠤ ᠠᠩᠬᠢ ᠶᠢᠨ ᠡᠷᠬᠢᠯᠡᠭᠴᠢ ᠪᠠᠭᠰᠢ ᠨᠠᠮ᠎ᠠ ᠶᠢ ᠠᠩᠭ᠍ᠯᠢ ᠭᠡᠯᠡᠨ ᠤ ᠬᠢᠴᠢᠶᠡᠯ ᠤᠨ ᠲᠦᠯᠦᠭᠡᠯᠡᠭᠴᠢ ᠪᠠᠷ ᠲᠤᠮᠢᠯᠠᠭᠰᠠᠨ ᠶᠠᠪᠤᠳᠠᠯ ᠪᠤᠯᠤᠨ᠎ᠠ᠃ ᠲᠠᠷᠠ ᠦᠶ᠎ᠠ ᠳᠤ ᠠᠩᠭ᠍ᠯᠢ ᠭᠡᠯᠡ ᠤᠳᠤ ᠶᠢᠨ ᠠᠳᠠᠯᠢ ᠴᠢᠬᠤᠯᠠ ᠪᠠᠶᠢᠷᠢᠨ ᠳᠤ ᠪᠠᠶᠢᠭᠰᠠᠨ ᠦᠭᠡᠢ ᠪᠤᠯᠬᠤᠷ ᠠᠩᠬᠢ  ᠶᠢᠨ ᠡᠷᠬᠢᠯᠡᠭᠴᠢ ᠪᠠᠭᠰᠢ ᠰᠠᠨᠠᠭᠠᠨ ᠲᠠᠪᠠ ᠪᠠᠷ ᠢᠶᠠᠨ ᠨᠠᠮ᠎ᠠ ᠶᠢ ᠲᠤᠮᠢᠯᠠᠭᠰᠠᠨ ᠲᠠᠳᠤᠢ       ᠶᠤᠮ᠃ ᠠᠩᠬᠢ ᠶᠢᠨ ᠪᠠᠭᠰᠢ ᠬᠤᠷᠤᠭᠤ ᠪᠠᠷ ᠢᠶᠠᠨ ᠮᠢᠨᠦ ᠰᠢᠷᠡᠭᠡ ᠶᠢ ᠲᠤᠭᠰᠢᠵᠤ ᠡᠭᠦᠳᠠᠨ ᠳᠤ ᠵᠤᠭᠰᠤᠵᠤ ᠪᠠᠶᠢᠭᠰᠠᠨ ᠠᠩᠭ᠍ᠯᠢ ᠭᠡᠯᠡᠨ ᠤ ᠪᠠᠭᠰᠢ ᠳᠤ᠄ ︽ᠬᠤᠶᠢᠰᠢᠳᠠ ᠡᠨᠡ ᠰᠤᠷᠤᠭᠴᠢ ᠲᠠᠷᠤᠢ ᠴᠢᠨᠦ ᠠᠩᠭ᠍ᠯᠢ ᠭᠡᠯᠡᠨ ᠤ ᠬᠢᠴᠢᠶᠡᠯ ᠤᠨ ᠲᠦᠯᠦᠭᠡᠯᠡᠭᠴᠢ ᠪᠤᠯᠤᠨ᠎ᠠ᠂ ᠲᠠᠰᠬᠠᠯ ᠬᠤᠷᠢᠶᠠᠬᠤ᠂ ᠲᠠᠰᠬᠠᠯ ᠬᠤᠪᠢᠶᠠᠬᠤ ᠵᠡᠷᠭᠡ ᠠᠵᠢᠯ ᠳᠤ ᠲᠡᠭᠦᠨ ᠢ ᠡᠷᠢᠪᠡᠯ ᠪᠤᠯᠴᠢᠬᠠᠨ᠎ᠠ︾ ᠭᠡᠪᠡ᠃      ᠲᠡᠭᠷᠢ ᠠᠴᠠ ᠪᠠᠭᠤᠭᠰᠠᠨ ︽ᠢᠷᠠᠭᠤ ᠠᠯᠳᠠᠷ︾ ᠤᠨ ᠡᠮᠦᠨ᠎ᠠ ᠪᠢ ᠶᠠᠭᠠᠬᠢᠬᠤ ᠶᠠᠭᠠᠬᠢᠬᠤ ᠪᠠᠨ ᠤᠯᠵᠤ ᠶᠠᠳᠠᠪᠠ᠃ ᠦᠨᠠᠨ ᠳᠤ ᠪᠠᠨ ᠠᠩᠬᠢ ᠶᠢᠨ ᠪᠠᠭᠰᠢ ᠨᠠᠮ᠎ᠠ ᠶᠢ ᠰᠤᠩᠭᠤᠭᠰᠨᠨ ᠨᠢ ᠨᠠᠮ᠎ᠠ ᠶᠢ ᠢᠳᠡᠭᠡᠵᠦ ᠪᠠᠶᠢᠭ᠎ᠠ ᠳᠤ ᠪᠠᠶᠢᠭ᠎ᠠ ᠪᠢᠰᠢ ᠬᠠᠷᠢᠨ ᠪᠢ ᠬᠠᠮᠤᠭ ᠤᠨ ᠡᠮᠦᠨ᠎ᠠ ᠮᠦᠷ ᠲᠤ ᠰᠠᠭᠤᠵᠤ ᠪᠠᠶᠢᠭᠰᠠᠨ ᠪᠠ ᠠᠩᠬᠢ ᠶᠢᠨ ᠪᠠᠭᠰᠢ ᠮᠢᠨᠦ ᠰᠢᠷᠡᠭᠡᠨ ᠤ ᠬᠠᠵᠠᠭᠤ ᠳᠤ ᠵᠤᠭᠰᠤᠵᠤ ᠪᠠᠶᠢᠭᠰᠠᠨ ᠲᠠᠢ ᠬᠤᠯᠪᠤᠭᠳᠠᠨ᠎ᠠ᠃      ᠮᠢᠨᠦ ᠠᠩᠭ᠍ᠯᠢ ᠭᠡᠯᠡᠨ ᠤ ᠪᠠᠭᠰᠢ ᠪᠤᠯ ᠰᠠᠶ᠋ᠢᠬᠠᠨ ᠶᠡᠭᠡ ᠰᠤᠷᠭᠠᠭᠤᠯᠢ ᠲᠡᠭᠦᠰᠴᠤ ᠢᠷᠡᠭᠰᠡᠨ ᠭᠡᠤᠭᠡᠨ ᠪᠤᠯᠬᠤᠷ ᠪᠠᠷᠬᠢᠷᠠᠯᠳᠤᠨ ᠦᠢᠮᠠᠭᠦᠯᠵᠦ ᠪᠠᠶᠢᠭ᠎ᠠ ᠪᠠᠭ᠎ᠠ ᠰᠤᠷᠭᠠᠭᠤᠯᠢ ᠶᠢᠨ ᠭᠡᠤᠭᠡᠳ ᠢ ᠬᠠᠮᠢᠶᠠᠷᠤᠨ ᠵᠠᠬᠢᠷᠴᠤ ᠲᠠᠶᠢᠯᠭᠦ ᠦᠭᠡᠢ ᠪᠠᠶᠢᠪᠠ᠃ ᠬᠠᠶᠠ ᠨᠢᠭᠡ ᠲᠦᠢᠳᠭᠡᠷ ᠰᠤᠷᠤᠭᠴᠢ ᠶᠢᠨ ᠨᠠᠷ᠎ᠠ ᠶᠢ ᠲᠤᠷᠠᠳᠤᠨ ᠰᠢᠭᠦᠮᠵᠢᠯᠡᠭᠦ ᠳᠤ ᠪᠠᠨ ᠴᠦ ᠴᠢᠷᠠᠢ ᠨᠢᠭᠤᠷ ᠨᠢ ᠤᠯᠠᠶᠢᠵᠤ᠂ ᠠᠰᠠᠭᠤᠭᠰᠠᠨ ᠠᠰᠠᠭᠤᠯᠳᠠ ᠶᠢ ᠨᠢ ᠬᠠᠷᠢᠭᠤᠯᠬᠤ ᠭᠦᠮᠦᠨ ᠦᠭᠡᠢ ᠦᠶ᠎ᠠ ᠳᠤ ᠮᠦᠨ ᠴᠦ ᠠᠷᠭ᠎ᠠ ᠠᠭᠠᠰᠢ ᠨᠢ ᠪᠠᠷᠠᠭᠳᠠᠨ ᠴᠢᠷᠠᠢ ᠨᠢ ᠤᠯᠠᠶᠢᠳᠠᠬ᠃      ᠲᠠᠷᠠ ᠪᠠᠰᠠ ᠨᠠᠭᠡᠭᠡᠯᠳᠠ ᠶᠢᠨ ᠬᠢᠴᠢᠶᠠᠯ ᠤᠷᠤᠬᠤ ᠠᠴᠠ ᠪᠠᠨ ᠡᠮᠦᠨ᠎ᠠ ᠭᠡᠨ ᠢᠶᠠᠷ ᠶᠠᠮᠠᠷ ᠠᠰᠠᠭᠤᠯᠳᠠ ᠶᠢ ᠬᠠᠷᠢᠭᠤᠯᠤᠭᠤᠯᠬᠤ ᠪᠠᠨ ᠤᠷᠢᠳ ᠢᠶᠠᠷ ᠲᠤᠭᠳᠠᠭᠠᠬᠤ ᠮᠠᠳᠤ ᠭᠡᠪᠰᠢᠭᠰᠡᠨ ᠠᠷᠭ᠎ᠠ ᠶᠢ ᠭᠡᠷᠡᠭᠯᠡᠭᠦ ᠪᠠᠨ ᠭᠦᠷᠳᠠᠯ᠎ᠠ ᠮᠠᠳᠡᠳᠡᠭ ᠦᠭᠡᠢ ᠶᠤᠮ᠃ ᠰᠤᠷᠭᠠᠭᠤᠯᠢ ᠶᠢᠨ ᠤᠳᠤᠷᠢᠳᠤᠯᠭ᠎ᠠ ᠨᠠᠭᠡᠭᠡᠯᠳᠠ ᠶᠢᠨ ᠬᠢᠴᠢᠶᠡᠯ ᠰᠤᠨᠤᠰᠬᠤ ᠨᠢᠭᠡ ᠤᠳᠠᠭᠠᠨ ᠤ ᠬᠢᠴᠢᠶᠡᠯ ᠲᠡᠭᠡᠷ᠎ᠠ ᠲᠠᠷᠠ ᠰᠤᠷᠤᠭᠴᠢ ᠪᠠᠷ ᠢᠶᠠᠨ ᠬᠢᠴᠢᠶᠡᠯ ᠤᠨ ᠨᠢᠭᠡ ᠪᠠᠳᠠᠭ ᠢ ᠤᠡᠭᠰᠢᠭᠤᠯᠬᠤ ᠪᠠᠷ ᠲᠦᠯᠦᠪᠯᠠᠵᠠᠢ᠃ ᠬᠢᠴᠢᠶᠡᠯ ᠨᠢ ᠭᠦᠨᠳᠤ ᠪᠢᠰᠢ ᠮᠦᠷᠳᠡᠭᠡᠨ ᠭᠤᠷᠪᠠ ᠲᠦᠷᠪᠡ ᠤᠳᠠᠭ᠎ᠠ ᠠᠰᠠᠭᠤᠭᠰᠠᠨ ᠴᠦ ᠨᠢᠭᠡ ᠴᠦ ᠰᠤᠷᠤᠭᠴᠢ ᠭᠠᠷ ᠡᠷᠭᠦᠵᠤ ᠤᠡᠭᠰᠢᠭ᠌ᠰᠠᠨ ᠦᠭᠡᠢ᠃      ᠪᠢ ᠡᠮᠦᠨ᠎ᠠ ᠮᠦᠷ ᠲᠤ ᠰᠠᠭᠤᠵᠤ ᠪᠠᠶᠢᠭᠰᠠᠨ ᠪᠤᠯᠬᠤᠷ ᠲᠡᠭᠦᠨ ᠤ ᠴᠢᠷᠠᠢ ᠨᠢ ᠤᠯᠠᠮ ᠠᠴᠠ ᠤᠯᠠᠮ ᠤᠯᠠᠶᠢᠵᠤ ᠠᠩᠬᠢ ᠶᠢᠨ ᠲᠤᠳᠤᠷᠠᠬᠢ ᠬᠢᠷᠢ ᠪᠦᠳᠤᠮᠵᠢ ᠪᠠᠷ ᠰᠠᠶᠢᠨ ᠭᠡᠳᠤᠨ ᠰᠤᠷᠤᠭᠴᠢ ᠠᠴᠠ ᠲᠤᠰᠠᠯᠠᠮᠵᠢ ᠭᠤᠶᠤᠵᠤ ᠪᠠᠶᠢᠭ᠎ᠠ ᠬᠠᠷᠠᠴᠠ ᠶᠢ ᠨᠢ ᠲᠤᠪ ᠲᠤᠳᠤᠷᠬᠠᠢ ᠤᠯᠵᠤ ᠦᠵᠠᠯ᠎ᠠ᠃ ᠭᠡᠳᠡᠯ᠎ᠠ ᠲᠡᠭᠦᠨ ᠤ ᠰᠡᠳᠬᠢᠯᠭᠡ ᠶᠢ ᠤᠢᠢᠯᠠᠭᠠᠵᠤ ᠭᠠᠷ ᠡᠷᠭᠦᠭᠰᠡᠨ ᠰᠤᠷᠤᠭᠴᠢ ᠨᠢᠭᠡ ᠴᠦ ᠭᠠᠷᠤᠭᠰᠠᠨ ᠦᠭᠡᠢ᠃      ᠪᠠᠭ᠎ᠠ ᠨᠠᠰᠤᠨ ᠤ ᠪᠠᠭᠠᠳᠤᠷ ᠵᠤᠷᠢᠬ ᠬᠢᠭᠡᠳ ᠲᠡᠭᠷᠢ ᠠᠴᠠ ᠪᠠᠭᠤᠭᠰᠠᠨ ᠬᠢᠴᠢᠶᠡᠯ ᠤᠨ ᠲᠦᠯᠦᠭᠡᠯᠡᠭᠴᠢ ᠶᠢᠨ ᠢᠷᠠᠭᠤ ᠠᠯᠳᠠᠷ ᠤᠨ ᠰᠢᠬᠠᠯᠳᠠ ᠲᠤᠤᠷ᠎ᠠ ᠪᠢ ᠦᠪᠠᠷ ᠤᠨ ︽ᠠᠨᠠᠢ︾ ᠰᠤᠷᠤᠭᠴᠢ ᠶᠢᠨ ᠪᠠᠶᠢᠷᠢ ᠭᠠᠷᠤᠯ ᠢᠶᠠᠨ ᠦᠯᠦ ᠬᠠᠶᠢᠬᠤᠷᠤᠨ ᠭᠠᠷ ᠢᠶᠠᠨ ᠡᠷᠭᠦᠪᠠ᠃ ᠠᠩᠭ᠍ᠯᠢ ᠭᠡᠯᠡᠨ ᠤ ᠪᠠᠭᠰᠢ ᠮᠠᠨᠢ ᠭᠦᠨᠳᠤ ᠲᠠᠷᠤᠭᠠᠰᠤ ᠠᠴᠠ ᠪᠠᠨ ᠮᠤᠯᠳᠤᠷᠠᠭᠰᠠᠨ ᠰᠢᠬ ᠨᠠᠳᠠ ᠵᠦᠭ ᠢᠨᠢᠶᠡᠭᠰᠡᠨ ᠪᠤᠯᠪᠠᠴᠤ ᠭᠠᠭᠴᠠᠬᠠᠨ ᠮᠢᠨᠦ᠋ᠲ ᠪᠤᠯᠤᠯ ᠦᠭᠡᠢ ᠲᠠᠷᠠ ᠭᠦ ᠢᠨᠢᠶᠡᠮᠰᠦᠭ ᠴᠢᠷᠠᠢ ᠨᠢ ᠤᠬᠢᠯᠠᠮᠠᠷ ᠪᠤᠯᠵᠤ ᠬᠤᠪᠢᠷᠠᠯ᠎ᠠ᠃      ᠪᠢ ᠦᠪᠠᠷ ᠢᠶᠠᠨ ᠬᠢᠷᠢ ᠵᠡᠷᠭᠡ ᠮᠠᠭᠤᠬᠠᠢ ᠤᠡᠭᠰᠢᠭ᠌ᠰᠠᠨ ᠬᠡᠳᠡᠭ ᠢᠶᠠᠨ ᠮᠠᠳᠠᠭᠦ ᠦᠭᠡᠢ ᠪᠤᠯᠪᠠᠴᠤ ᠠᠩᠬᠢ ᠶᠢᠨ ᠨᠦᠭᠦᠳ ᠤᠨ ᠭᠦᠷᠴᠢᠬᠢᠨᠠᠳᠠᠯ᠎ᠠ ᠢᠨᠢᠶᠡᠭᠦ ᠳᠠᠭᠤᠨ ᠢ ᠬᠠᠷᠢᠨ ᠤᠯᠵᠤ ᠰᠤᠨᠤᠰᠤᠯ᠎ᠠ᠃ ᠠᠩᠭ᠍ᠯᠢ ᠭᠡᠯᠡᠨ ᠤ ᠪᠠᠭᠰᠢ ᠮᠠᠨᠢ ᠭᠦᠵᠦᠭᠦᠨ ᠳᠤ ᠪᠠᠨ ᠲᠤᠯᠳᠠᠯ᠎ᠠ ᠤᠯᠠᠶᠢᠵᠠᠢ᠃ ᠲᠡᠭᠦᠨ ᠤ ᠲᠤᠷ᠎ᠠ ᠦᠭᠡᠶᠢᠴᠡᠭᠰᠡᠨ ᠬᠠᠷᠠᠴᠠ ᠨᠢ ᠮᠢᠨᠦ ᠠᠵᠢᠯᠯᠠᠭ᠎ᠠ ᠠᠴᠠ ᠪᠤᠯᠵᠤ ᠲᠠᠭᠦᠨ  ᠤ ᠭᠠᠴᠢᠭᠳᠠᠯ ᠢ ᠤᠯᠠᠮ ᠭᠦᠨᠳᠤᠷᠡᠭᠦᠯᠦᠭᠰᠡᠨ ᠰᠢᠭ ᠪᠠᠶᠢᠯ᠎ᠠ᠃ ᠲᠠᠪᠳᠠᠯᠭ᠎ᠠ ᠶᠢᠨ ᠬᠢᠴᠢᠶᠡᠯ ᠲᠡᠭᠡᠷ᠎ᠠ ᠠᠩᠬᠢ ᠶᠢᠨ ᠡᠷᠬᠢᠯᠡᠭᠴᠢ ᠪᠠᠭᠰᠢ ᠨᠠᠮ᠎ᠠ ᠶᠢ ᠡᠷᠢᠵᠤ ᠢᠷᠡᠭᠡᠳ᠄ ︽ᠴᠢᠨᠦ ᠤᠡᠭᠰᠢᠵᠤ ᠪᠠᠶᠢᠬᠤ ᠠᠴᠠ ᠦᠵᠠᠭᠦ ᠳᠤ ᠶᠠᠭᠠᠬᠢᠵᠤ ᠠᠩᠭ᠍ᠯᠢ ᠭᠡᠯᠡᠨ ᠤ ᠬᠢᠴᠢᠶᠡᠯ ᠤᠨ ᠲᠦᠯᠦᠭᠡᠯᠡᠭᠴᠢ ᠪᠤᠯᠬᠤ ᠪᠤᠢ᠂ ᠤᠡᠭᠰᠢᠵᠤ ᠴᠢᠳᠠᠬᠤ ᠦᠭᠡᠢ ᠪᠠᠶᠢᠭᠠᠳ ᠶᠠᠭᠤᠨ ᠳᠤ ᠭᠠᠷ ᠡᠷᠭᠦᠭᠦ ᠪᠤᠢ︖︾ ᠭᠡᠵᠤ ᠵᠢᠮᠡᠯᠡᠨ ᠬᠡᠯᠡᠪᠡ᠃      ᠪᠢ ᠠᠩᠬᠢ ᠶᠢᠨ ᠢᠶᠠᠨ ᠨᠢᠭᠤᠷ ᠢ ᠪᠠᠷᠠᠴᠢᠬᠠᠭᠰᠠᠨ ᠭᠡᠵᠢ ᠤᠤ︖ ᠪᠦᠷ ᠮᠢᠨᠦ ᠪᠤᠷᠤᠭᠤ ᠭᠡᠵᠦ ᠪᠤᠳᠤᠭᠠᠳ ᠵᠠᠮ ᠲᠤᠷᠰᠢ ᠤᠬᠢᠯᠠᠭᠰᠠᠭᠠᠷ ᠬᠠᠷᠢᠪᠠ᠃ ᠠᠪᠤ ᠡᠵᠢ ᠮᠢᠨᠢ ᠮᠢᠨᠦ ᠬᠢᠯᠢᠰᠳᠡᠭᠰᠡᠨ ᠰᠢᠯᠳᠠᠭᠠᠨ ᠢ ᠠᠰᠠᠭᠤᠭᠠᠳ ᠤᠴᠢᠷ ᠰᠢᠯᠳᠠᠭᠠᠨ ᠢ ᠨᠢ ᠮᠠᠳᠡᠭᠰᠡᠨ ᠬᠤᠶᠢᠨ᠎ᠠ᠄ ︽ᠲᠠᠷᠠᠭ᠎ᠠ ᠤᠳᠠᠭ᠎ᠠ ᠰᠠᠶᠢᠨ ᠪᠠᠯᠠᠳᠭᠡᠪᠡᠯ ᠪᠤᠯᠴᠢᠬᠠᠨ᠎ᠠ ᠰᠢᠳᠠ︕︾ ᠭᠡᠵᠦ ᠬᠡᠯᠡᠪᠡ᠃ ᠲᠠᠳᠠᠨᠤᠰ ᠪᠦᠷ ᠨᠠᠮ᠎ᠠ ᠶᠢ ᠪᠠᠯᠠᠳᠭᠡᠯ ᠦᠭᠡᠢ ᠪᠠᠷ ᠭᠠᠷ ᠡᠷᠭᠦᠯ᠎ᠠ ᠭᠡᠵᠦ ᠪᠤᠳᠤᠭᠰᠠᠨ ᠪᠤᠯᠤᠯᠳᠠᠢ ᠭᠡᠨ ᠴᠦ ᠭᠡᠳ ᠮᠢᠨᠦ ᠵᠤᠷᠢᠭ ᠰᠦᠰᠦ ᠭᠢᠭᠡᠳ ᠬᠠᠷᠢᠭᠤᠴᠠᠯᠭᠠᠳᠤ ᠰᠡᠳᠬᠢᠯᠭᠡ ᠶᠢ ᠮᠠᠭᠳᠠᠭᠰᠠᠨ ᠦᠭᠡᠢ ᠬᠠᠷᠢᠨ ︽ᠰᠠᠶᠢᠨ ᠪᠠᠯᠠᠳᠭᠡᠭᠦ ᠭᠡᠷᠡᠭᠳᠠᠢ︾ ᠭᠡᠳᠡᠭ ᠶᠠᠪᠤᠳᠠᠯ ᠢ ᠮᠠᠰᠢ ᠴᠢᠬᠤᠯᠠᠴᠢᠯᠠᠨ ᠶᠠᠷᠢᠵᠤ ᠪᠠᠶᠢᠯ᠎ᠠ᠃      ᠬᠤᠶᠠᠷ      ᠸᠢᠴᠠᠲ ᠲᠡᠭᠡᠷ᠎ᠠ ᠴᠢᠤ ᠴᠧᠨ ᠤ ᠪᠢᠴᠢᠭᠰᠡᠨ᠄ ︽ᠮᠠᠨ ᠤ ᠰᠤᠷᠭᠠᠨ ᠭᠦᠮᠦᠵᠢᠯ ᠡᠶᠢᠮᠦ ᠪᠠᠶᠢᠵᠤ ᠪᠤᠯᠬᠤ           ᠦᠭᠡᠢ᠃ ᠮᠠᠨ ᠤ ᠠᠮᠢᠳᠤᠷᠠᠯ ᠲᠤᠮᠳᠠ ︿ᠢᠴᠢᠩᠭᠦᠷᠡᠭᠦ ᠰᠡᠳᠬᠢᠯᠭᠡ﹀ ᠪᠤᠯ ᠲᠦᠢᠯ ᠤᠨ ᠭᠦᠨᠳᠤᠴᠠ ᠲᠠᠢ ᠦᠭᠡ         ᠶᠤᠮ︾ ᠭᠡᠰᠡᠨ ᠦᠵᠠᠯᠳᠠ ᠶᠢ ᠮᠠᠰᠢ ᠵᠦᠪᠰᠢᠶᠠᠷᠠᠵᠤ ᠪᠠᠶᠢᠨ᠎ᠠ᠃ ᠲᠦᠷᠦᠭᠰᠡᠨ ᠮᠠᠭᠤᠬᠠᠢ ᠪᠤᠯ ᠵᠠᠪᠠᠯ ᠭᠦᠮᠦᠨ ᠤ ᠠᠷᠤ ᠳᠤ ᠲᠠᠯᠳᠠᠯᠠᠬᠤ ᠴᠢᠬᠤᠯᠠ ᠲᠠᠢ ᠭᠡᠵᠦ ᠤᠤ᠂ ᠲᠠᠭᠤᠤ ᠪᠦᠵᠢᠭ ᠲᠤ ᠪᠠᠨ ᠠᠨᠠᠢ ᠪᠤᠯ ᠵᠠᠪᠠᠯ ᠭᠦᠮᠦᠨ ᠤ ᠠᠷᠤ ᠳᠤ ᠵᠤᠭᠰᠤᠬᠤ ᠭᠡᠷᠡᠭᠳᠠᠢ ᠭᠡᠵᠢ ᠤᠤ︖ ᠭᠦᠮᠦᠨ ᠤ ᠵᠠᠬ᠎ᠠ ᠳᠤ ᠶᠠᠮᠠᠷ ᠨᠢᠭᠡᠨ ᠲᠠᠯ᠎ᠠ ᠪᠠᠷ ᠭᠦᠷᠤᠯᠴᠠᠭᠦ ᠦᠭᠡᠢ ᠪᠤᠯ ᠵᠠᠪᠠᠯ ᠪᠤᠰᠤᠳ ᠲᠤ ᠰᠢᠭᠦᠮᠵᠢᠯᠡᠭᠳᠡᠭᠦ ᠶᠤᠰᠤᠳᠠᠢ ᠪᠢᠰᠢ ᠪᠢᠵᠠ᠃ ᠡᠩ ᠤᠨ ᠨᠢᠭᠡ ᠭᠦᠮᠦᠨ ᠭᠦᠷᠳᠠᠯ᠎ᠠ ᠬᠢᠴᠢᠶᠡᠮᠡᠳᠡᠭᠡᠢ ᠰᠠᠷᠠᠮᠵᠢ ᠲᠠᠢ ᠪᠠᠶᠢᠬᠤ ᠭᠡᠷᠡᠭᠳᠠᠢ᠃ ᠦᠪᠠᠷ ᠤᠨ ᠸᠢᠴᠠᠲ᠂ ᠨᠠᠶᠢᠵᠢ ᠶᠢᠨ ᠲᠤᠭᠤᠷᠢᠭ ᠲᠤ ᠦᠪᠠᠷ ᠤᠨ ᠵᠢᠷᠤᠭ ᠰᠠᠭᠦᠳᠡᠷ ᠢᠶᠠᠨ ᠨᠠᠶᠢᠳᠠᠯᠠᠭᠦ ᠳᠤ ᠴᠦ ︽ᠠᠢ᠂ ᠴᠢ ᠶᠠᠮᠠᠷ ᠮᠠᠭᠤᠬᠠᠢ ᠲᠦᠷᠦᠭᠰᠡᠨ ᠪᠤᠢ︾ ᠭᠡᠭᠦ ᠰᠢᠭᠦᠮᠵᠢᠯᠡᠯ ᠠᠴᠠ ᠵᠠᠶᠢᠯᠠᠵᠤ ᠴᠢᠳᠠᠬᠤ ᠦᠭᠡᠢ ᠪᠠᠶᠢᠳᠠᠬ᠃       ᠪᠢ ᠨᠢᠭᠡ ᠵᠤᠬᠢᠶᠠᠨ ᠪᠢᠴᠢᠭᠦ ᠠᠪᠢᠶᠠᠰ ᠲᠠᠢ ᠪᠢᠴᠢᠬᠠᠨ ᠨᠠᠶᠢᠵᠠ ᠲᠠᠢ ᠲᠠᠨᠢᠯᠴᠠᠭᠰᠠᠨ ᠪᠢᠯᠡ᠃ ᠲᠠᠷᠠ ᠲᠦᠡᠭᠭᠡᠵᠦ ᠨᠢᠭᠡ ᠵᠤᠬᠢᠶᠠᠯ ᠨᠠᠶᠢᠳᠠᠯᠠᠭᠦᠯᠭᠦ ᠳᠤ ᠲᠤᠤᠷ᠎ᠠ ᠪᠠᠨ ᠵᠠᠷᠢᠮ ᠭᠦᠮᠦᠨ᠄ ︽ᠶᠠᠭᠤ ᠪᠢᠴᠢᠴᠢᠭᠡᠭᠰᠡᠨ ᠪᠤᠢ᠂ ᠡᠶᠢᠮᠦ ᠵᠤᠬᠢᠶᠠᠯ ᠨᠠᠶᠢᠳᠠᠯᠠᠭᠦᠯᠭᠦ ᠳᠤ ᠪᠠᠨ ᠢᠴᠢᠭᠰᠡᠨ ᠦᠭᠡᠢ ᠤᠤ︖︾ ᠭᠡᠰᠡᠨ ᠦᠭᠡ ᠦᠯᠠᠳᠡᠭᠡᠵᠡᠢ᠃ ᠲᠠᠷᠠ ᠭᠡᠤᠭᠡᠳ ᠢᠴᠢᠵᠤ ᠰᠠᠨᠳᠤᠷᠤᠨ ᠲᠠᠩᠰᠠᠯᠠᠭᠰᠠᠨ ᠳ᠋ᠤᠭᠠᠷ ᠢᠶᠠᠨ ᠲᠤᠤᠷ᠎ᠠ ᠪᠠᠨ ᠦᠭᠡᠶᠢᠰᠭᠡᠭᠡᠳ ᠨᠠᠳᠠᠳᠤ᠄ ︽ᠪᠢ ᠴᠦ ᠦᠪᠠᠷ ᠢᠶᠠᠨ ᠪᠠᠯᠠᠳᠭᠡᠯ ᠦᠭᠡᠢ ᠭᠡᠵᠦ ᠪᠤᠳᠤᠵᠤ ᠪᠠᠶᠢᠨ᠎ᠠ᠃ ᠪᠢ ᠤᠷᠢᠳ ᠢᠶᠠᠷ ᠰᠠᠶᠢᠨ ᠪᠤᠯᠪᠠᠰᠤᠷᠠᠭᠰᠠᠨ ᠤ ᠬᠤᠶᠢᠨ᠎ᠠ ᠲᠡᠬᠢᠵᠤ ᠮᠠᠳᠠᠶ᠎ᠠ︾ ᠭᠡᠵᠦ ᠭᠡᠯᠡᠪᠠ᠃      ᠦᠨᠠᠨ ᠳᠤ ᠪᠠᠨ ᠪᠢ ᠲᠡᠭᠦᠨ ᠳᠤ ᠲᠠᠶᠢᠳᠬᠤᠷᠠᠭᠤᠯᠬᠤ ᠭᠡᠳᠤᠨ ᠦᠭᠡ ᠭᠡᠯᠡᠶ᠎ᠠ ᠭᠡᠵᠦ ᠪᠤᠳᠤᠵᠤ ᠪᠠᠶᠢᠭᠰᠠᠨ ᠪᠤᠯᠪᠠᠴᠤ ᠶᠠᠭᠤ ᠭᠡᠯᠡᠭᠦ ᠪᠠᠨ ᠤᠯᠤᠭᠰᠠᠨ ᠦᠭᠡᠢ᠃ ᠦᠵᠠᠳᠠᠯ᠎ᠠ ᠲᠠᠷᠠ ᠭᠡᠤᠭᠡᠳ ᠭᠡᠵᠢᠶᠠᠳᠠ ︽ᠪᠡᠯᠡᠳᠭᠡᠯ           ᠬᠢᠭᠦ︾ ᠱᠠᠳᠤᠨ ᠳᠤ ᠪᠠᠨ ᠪᠠᠶᠢᠭ᠎ᠠ ᠪᠤᠯᠬᠤᠷ ᠠᠯᠬᠤᠮ ᠪᠦᠷᠢ ᠳᠤ ᠭᠦᠴᠢᠷᠳᠠᠭᠦ ᠮᠦᠷᠳᠡᠭᠡᠨ ᠶᠠᠮᠠᠷ ᠴᠦ ᠬᠠᠪᠰᠤᠷᠤᠮᠵᠢ ᠤᠯᠵᠤ ᠰᠤᠨᠤᠰᠬᠤ ᠦᠭᠡᠢ ᠲᠤᠯᠠ ᠲᠠᠪᠰᠢᠯᠳᠠ ᠨᠢ ᠤᠳᠠᠭᠠᠰᠢᠷᠠᠭᠰᠠᠭᠠᠷ ᠡᠴᠤᠰ ᠲᠤ ᠪᠠᠨ ᠨᠢᠭᠡᠮᠤᠰᠤᠨ ᠪᠢᠴᠢᠭᠦ ᠪᠠᠨ ᠪᠠᠶᠢᠴᠢᠬᠠᠪᠠ᠃      ᠭᠤᠷᠪᠠ      ᠮᠢᠨᠦ ᠪᠠᠰᠠ ᠨᠢᠭᠡ ᠨᠠᠶᠢᠵᠠ ᠠᠷᠪᠠᠨ ᠭᠦᠮᠦᠨ ᠠᠴᠠ ᠢᠯᠠᠭᠦᠦ ᠴᠤᠭᠯᠠᠭ᠎ᠠ ᠪᠤᠯᠤᠭᠰᠠᠭᠠᠷ ᠢᠴᠢᠵᠤ           ᠰᠠᠨᠳᠤᠷᠳᠠᠬ᠃ ᠨᠢᠭᠡ ᠤᠳᠠᠭ᠎ᠠ ᠨᠠᠯᠢᠶᠠᠳ ᠤᠯᠠᠨ ᠭᠦᠮᠦᠨ ᠴᠤᠭᠯᠠᠭᠰᠠᠨ ᠳᠤ ᠰᠦᠨᠢᠵᠢᠨ ᠭᠡᠷᠡᠮ ᠤᠨ ᠮᠤᠬᠤᠷ ᠲᠤ ᠰᠢᠷᠭᠤᠭᠠᠳ ᠲᠤᠯᠤᠭᠠᠢ ᠪᠠᠨ ᠴᠦ ᠡᠷᠭᠦᠭᠰᠡᠨ ᠦᠭᠡᠢ᠃ ᠬᠠᠷᠢᠬᠤ ᠵᠠᠮ ᠳᠤ ᠪᠠᠨ ᠪᠢ ᠲᠡᠭᠦᠨ ᠠᠴᠠ᠄ ︽ᠰᠠᠶ᠋ᠢᠬᠠᠨ ᠴᠢ ᠶᠠᠭᠠᠬᠢᠭᠠᠳ ᠨᠢᠭᠡ ᠴᠦ ᠦᠭᠡ ᠲᠤᠤᠭᠠᠷᠬᠤ ᠦᠭᠡᠢ ᠪᠤᠢ︖︾ ᠭᠡᠵᠦ ᠠᠰᠠᠭᠤᠭᠰᠠᠨ ᠳᠤ ᠲᠠᠷᠠ᠄ ︽ᠭᠦᠮᠦᠨ ᠲᠡᠩᠳᠡᠭᠦᠦ ᠤᠯᠠᠨ᠂ ᠪᠤᠷᠤᠭᠤ ᠵᠦᠷᠢᠭᠦᠦ ᠭᠡᠯᠡᠴᠢᠭᠡᠪᠡᠯ ᠭᠦᠮᠦᠨ ᠤ ᠡᠯᠡᠭ ᠪᠤᠯᠴᠢᠬᠠᠨ᠎ᠠ ᠰᠢᠤ︕︾ ᠭᠡᠪᠡ᠃      ︽ᠭᠡᠨ ᠴᠢᠮ᠎ᠠ ᠶᠢ ᠡᠯᠡᠭᠯᠡᠭᠦ ᠪᠤᠢ︖︾ ᠭᠡᠰᠡᠨ ᠦᠭᠡ ᠶᠢ ᠭᠡᠯᠡᠶ᠎ᠠ ᠭᠡᠵᠦ ᠪᠤᠳᠤᠭᠰᠠᠨ ᠪᠤᠯᠪᠠᠴᠤ ᠭᠡᠯᠡᠵᠦ ᠴᠢᠳᠠᠭᠰᠠᠨ ᠦᠭᠡᠢ᠃ ᠤᠴᠢᠷ ᠨᠢ ᠲᠡᠭᠦᠨ ᠢ ᠡᠯᠡᠭᠯᠡᠵᠦ ᠪᠠᠶᠢᠭ᠎ᠠ ᠭᠦᠮᠦᠨ ᠦᠭᠡᠷ᠎ᠠ ᠭᠦᠮᠦᠨ ᠪᠢᠰᠢ ᠦᠪᠠᠷ ᠤᠨ ᠪᠠᠶ᠎ᠠ ᠨᠢ ᠪᠤᠯᠤᠨ᠎ᠠ ᠭᠡᠳᠡᠭ ᠢ ᠪᠢᠳᠠ ᠪᠦᠷ ᠮᠠᠳᠠᠵᠤ ᠪᠤᠯᠤᠨ᠎ᠠ᠃      ᠲᠦᠷᠪᠡ      ᠡ᠊ᠨᠡ ᠭᠦ ᠰᠢᠯᠳᠠᠭᠠᠨ ᠠᠴᠠ ᠪᠤᠯᠵᠤ ᠪᠢ ᠳᠡᠳᠡᠭᠡᠷ ᠪᠤᠰᠤᠳ ᠢ ᠲᠠᠪᠠᠭ᠋ᠤ ᠪᠠᠷ ᠴᠢᠷᠮᠠᠶᠢᠳᠠᠬ ᠭᠦᠮᠦᠨ ᠢ ᠤᠨᠴᠠᠭᠠᠢ ᠪᠠᠭ᠋ᠠᠷᠬᠠᠳᠠᠬ᠃ ᠲᠠᠶᠢᠮᠦ ᠭᠦᠮᠦᠨ ᠪᠤᠯ ᠶᠠᠬ ᠪᠢᠳᠠᠨ ᠤ ᠡᠰᠠᠷᠭᠦ ᠲᠠᠯ᠎ᠠ ᠰᠢᠬ ᠪᠠᠶᠢᠳᠠᠬ᠃ ᠲᠠᠶᠢᠮᠦ ᠭᠦᠮᠦᠨ ᠭᠡᠵᠢᠶᠠᠳᠠ ᠤᠷᠴᠢᠨ ᠲᠤᠭᠤᠷᠢᠨ ᠳᠤ ᠪᠠᠷᠢᠭᠳᠠᠳᠠᠬ ᠦᠭᠡᠢ᠂ ᠭᠡᠵᠢᠶᠠᠳᠠ ᠦᠪᠠᠷ ᠢ ᠪᠠᠨ ᠮᠠᠭᠤ ᠭᠡᠵᠦ ᠪᠤᠳᠤᠳᠠᠬ ᠦᠭᠡᠢ᠂ ᠭᠡᠵᠢᠶᠠᠳᠠ ᠦᠪᠠᠷ ᠢ ᠪᠠᠨ ᠨᠠᠩ ᠰᠠᠶᠢᠨ ᠪᠤᠯᠤᠨ᠎ᠠ ᠭᠡᠳᠡᠭ ᠢ ᠢᠳᠡᠭᠡᠵᠦ ᠶᠠᠬ ᠯᠡ ᠨᠢᠭᠡ ᠵᠦᠢᠯ ᠤᠨ ᠲᠦᠷᠤᠯᠬᠢ ᠶᠢᠨ ᠠᠪᠢᠶᠠᠰ ᠲᠠᠢ ᠰᠢᠬ ᠪᠤᠳᠤᠳᠠᠬ᠃      ᠶᠠᠬ ᠡᠶᠢᠮᠦ ᠠᠴᠠ ᠮᠢᠨᠦ ᠲᠠᠨᠢᠳᠠᠬ ᠲᠠᠷᠠ ᠨᠠᠶᠢᠵᠠ ᠳᠤ ᠶᠠᠷᠦ ᠠᠴᠠ ᠪᠠᠨ ᠲᠠᠶᠢᠮᠦ ᠨᠠᠷᠢᠨ ᠪᠤᠳᠤᠯᠢᠶᠠᠨ ᠲᠠᠢ ᠲᠤᠳᠤᠭᠠᠳᠤ ᠰᠡᠳᠬᠢᠯᠭᠡ ᠶᠢᠨ ᠲᠤᠭᠳᠠᠯᠴᠠᠭ᠎ᠠ ᠭᠡᠵᠦ ᠪᠠᠶᠢᠳᠠᠬ ᠦᠭᠡᠢ ᠪᠢᠯᠠ᠃ ᠲᠡᠭᠦᠨ ᠤ ᠠᠭᠤᠷᠯᠠᠵᠦ ᠢᠨᠢᠶᠠᠭᠦ ᠳᠤ ᠨᠢ ᠪᠦᠷ ᠵᠤᠷᠢᠭᠤᠳᠠ ᠪᠢᠰᠢ ᠠᠶᠠᠨᠳᠠᠭᠠᠨ ᠤ ᠡᠨᠧᠷᠬᠢ ᠢᠯᠠᠷᠠᠵᠤ ᠪᠠᠶᠢᠳᠠᠬ ᠪᠤᠯᠬᠤᠷ ᠲᠡᠭᠦᠨ ᠳᠤ ᠲᠤᠷ᠎ᠠ ᠦᠭᠡᠢ ᠭᠦᠮᠦᠨ ᠴᠦ ᠭᠡᠳ ᠲᠡᠭᠦᠨ  ᠤ ᠪᠠᠶ᠎ᠠ ᠳᠡᠭᠡᠷᠡᠬᠢ ᠲᠠᠶᠢᠪᠤᠭᠤ ᠲᠡᠭᠵᠢᠨ ᠰᠡᠳᠬᠢᠯᠭᠡ ᠶᠢ ᠦᠭᠡᠶᠢᠰᠭᠡᠵᠦ ᠴᠢᠳᠠᠬᠤ ᠦᠭᠡᠢ ᠪᠠᠶᠢᠳᠠᠬ᠃ ᠲᠠᠷᠠ᠄ ︽ᠲᠠᠯᠠᠭᠡᠢ ᠶᠢᠨ ᠰᠠᠭᠰᠤᠨ ᠪᠦᠮᠪᠦᠭᠡ ᠶᠢᠨ ᠬᠤᠯᠪᠤᠭᠠᠨ ᠤ ᠲᠠᠯᠠᠭᠡᠢ ᠶᠢᠨ ᠬᠤᠨᠳᠠᠭᠠᠳᠤ ᠡᠷᠡᠭᠳᠠᠢ ᠶᠢᠨ ᠤᠷᠤᠯᠳᠤᠭᠠᠨ︾ ᠭᠡᠳᠡᠭ ᠢ ︽ᠡᠮᠡᠭᠳᠠᠢ ᠶᠢᠨ ᠤᠷᠤᠯᠳᠤᠭᠠᠨ︾ ᠭᠡᠵᠦ ᠭᠡᠯᠡᠴᠢᠭᠡᠭᠡᠳ ᠦᠴᠦᠭᠡᠨ ᠴᠦ ᠢᠴᠢᠭᠦ ᠦᠭᠡᠢ ᠪᠠᠶᠢᠪᠠ᠃ ᠭᠡᠳᠡᠯ᠎ᠠ ᠦᠭᠡᠷ᠎ᠠ ᠭᠦᠮᠦᠨ ᠬᠠᠵᠠᠭᠤ ᠠᠴᠠ ᠨᠢ᠄ ︽ᠪᠤᠷᠬᠠᠨ᠂ ᠪᠢ ᠪᠠᠶᠢᠭᠰᠠᠨ ᠪᠤᠯ ᠤᠷᠤᠬᠤ ᠭᠠᠵᠠᠷ ᠢᠶᠠᠨ ᠤᠯᠬᠤ ᠦᠭᠡᠢ ᠰᠠᠨᠳᠤᠷᠤᠨ᠎ᠠ︾ ᠭᠡᠵᠦ ᠭᠡᠯᠡᠵᠤ ᠪᠠᠶᠢᠪᠠ᠃      ᠦᠨᠠᠨ ᠳᠤ ᠪᠠᠨ ᠵᠤᠬᠢᠶᠠᠯᠴᠢ ᠲᠤᠮᠰ·ᠬᠠᠷᠳᠢ ︽ᠳ᠋ᠧᠪᠠᠢ ᠶᠢᠨ ᠲᠠᠶᠢᠽ︾ ᠭᠡᠳᠡᠭ ᠨᠤᠮ ᠳᠤ ᠪᠠᠨ ᠪᠢᠳᠠᠨ            ᠳᠤ᠄ ︽ᠭᠡᠷᠪᠠ ᠲᠠᠷᠠ ᠡᠳᠤᠷ ᠰᠦᠨᠢ ᠦᠭᠡᠢ ᠦᠪᠠᠷ ᠢ ᠪᠠᠨ ᠦᠷᠦ ᠡᠪᠡᠳᠴᠦ ᠭᠦᠭᠡᠷᠤᠭᠦ᠋ᠢᠯᠡᠭᠡᠳ ᠪᠠᠶᠢᠪᠠᠯ ᠪᠤᠰᠤᠳ ᠭᠦᠮᠦᠨ ᠲᠡᠭᠦᠨ ᠢ ᠵᠦᠪᠭᠡᠨ ︿ᠱᠤᠷᠤᠨ ᠳᠤ ᠪᠠᠨ﹀ ᠭᠡᠵᠦ ᠯᠡ ᠭᠡᠯᠡᠭᠦ ᠪᠤᠯᠤᠨ᠎ᠠ᠂ ᠭᠡᠷᠪᠠ ᠲᠠᠷᠠ ᠪᠠᠶᠠᠷ ᠪᠠᠶᠠᠰᠬᠤᠯᠠᠩ ᠢ ᠭᠦᠭᠡᠭᠡᠴᠡᠯᠳᠤᠵᠤ ᠪᠤᠬᠢᠨᠢᠳᠤᠯ ᠪᠠᠴᠢᠮᠳᠠᠯ ᠢ ᠦᠯᠳᠠᠭᠦ ᠳᠤ ᠭᠦᠷᠪᠡᠯ ᠪᠤᠰᠤᠳ ᠭᠦᠮᠦᠨ ᠲᠡᠭᠦᠨ  ᠢ ︿ᠭᠦᠶ᠋ᠢ᠂ ᠲᠠᠷᠠ ᠴᠢᠨᠢ ᠦᠨᠠᠭᠡᠷ ᠲᠠᠰᠪᠤᠷᠢ ᠲᠠᠪᠵᠢᠶᠡᠷᠢ ᠲᠠᠢ ᠪᠠᠶᠢᠨ᠎ᠠ﹀ ᠭᠡᠵᠦ ᠭᠡᠯᠡᠭᠦ ᠪᠤᠯᠤᠨ᠎ᠠ︾ ᠭᠡᠰᠡᠨ ᠬᠠᠷᠢᠭᠤᠯᠳᠠ ᠦᠭᠭᠦᠭᠰᠡᠨ ᠪᠠᠶᠢᠳᠠᠬ᠃      ᠡᠷᠬᠢᠨ ᠲᠤᠭᠤᠷᠢᠨ ᠤ ᠭᠦᠮᠦᠰ ᠴᠢᠨᠢ ᠴᠢᠮ᠎ᠠ ᠳᠤ ᠶᠠᠮᠠᠷ ᠮᠠᠶ᠋ᠢᠬ ᠢᠶᠠᠷ ᠬᠠᠨᠳᠤᠬᠤ ᠭᠡᠳᠡᠭ ᠢ ᠰᠢᠢᠳᠪᠤᠷᠢᠯᠡᠭᠦ ᠭᠦᠮᠦᠨ ᠪᠤᠯ ᠴᠢ ᠦᠪᠠᠷ ᠢᠶᠠᠨ ᠶᠤᠮ᠃ ᠰᠢᠭᠦᠮᠵᠢᠯᠡᠭᠳᠡᠪᠡᠯ ᠵᠠᠶᠢᠯᠠᠬᠤ ᠳᠤ ᠭᠦᠷᠪᠡᠯ ᠭᠦᠮᠦᠰ ᠴᠢᠮ᠎ᠠ ᠶᠢ ᠱᠤᠷᠤᠨ ᠳᠤ ᠪᠠᠨ ᠭᠡᠵᠦ ᠭᠡᠯᠡᠨ᠎ᠠ᠃ ᠰᠠᠨᠳᠤᠷᠤᠭᠠᠳ ᠨᠢᠴᠤᠭᠠᠪᠠᠯ ᠠᠪᠤᠨ ᠲᠤᠤᠷ᠎ᠠ ᠪᠠᠨ ᠭᠡᠷᠡᠯᠳᠤᠮᠠᠷ           ᠦᠵᠡᠭᠳᠡᠨ᠎ᠠ᠃ ᠡᠶᠢᠮᠦ ᠠᠴᠠ ᠴᠢ ᠡᠷᠭᠡᠪᠰᠢ ᠯᠠᠪᠳᠠᠭᠤᠨ ᠲᠠᠪᠴᠢᠶᠡᠷᠢ ᠲᠠᠢ ᠪᠠᠷ ᠭᠦᠮᠦᠰ ᠤᠨ ᠡᠮᠦᠨ᠎ᠠ ᠢᠯᠠᠷᠠᠵᠤ ᠲᠠᠭᠤᠯᠠᠬᠤ ᠴᠠᠭ ᠲᠤ ᠪᠠᠨ ᠲᠠᠭᠤᠯᠠᠵᠤ᠂ ᠵᠤᠭᠤᠭᠳᠠᠬᠤ ᠴᠠᠭ ᠲᠤ ᠪᠠᠨ ᠵᠤᠭᠤᠭᠳᠠᠪᠠᠯ ᠪᠤᠯᠴᠢᠬᠠᠨ᠎ᠠ᠃      ᠭᠠᠭᠴᠠ ᠭᠦ ᠦᠪᠠᠷ ᠤᠨ ᠢᠴᠢᠩᠭᠦᠷᠢ ᠪᠠᠨ ᠦᠪᠠᠷ ᠢᠶᠠᠨ ᠮᠠᠷᠳᠠᠵᠤ ᠴᠢᠳᠠᠪᠠᠯ ᠪᠤᠰᠤᠳ ᠭᠦᠮᠦᠨ ᠰᠠᠶ᠋ᠢ ᠴᠢᠮ᠎ᠠ ᠶᠢ ᠲᠠᠭᠠᠭᠠᠳ ᠮᠠᠷᠳᠠᠴᠢᠬᠠᠨ᠎ᠠ᠃ ᠡᠨᠡ ᠲᠠᠯᠠᠭᠡᠢ ᠵᠦᠪᠭᠡᠨ ᠶᠠᠭᠤ ᠪᠦᠭᠦᠨ ᠳᠤ ᠪᠠᠨ ᠰᠠᠶᠢᠨ ᠪᠠᠶᠢᠳᠠᠬ ᠭᠦᠮᠦᠨ ᠤ ᠬᠢ ᠪᠢᠰᠢ ᠶᠤᠮ᠃ ᠲᠡᠭᠡᠭᠦ ᠪᠠᠷ ᠢᠶᠠᠨ ᠢᠴᠢᠩᠭᠦᠷᠡᠭᠦ ᠰᠡᠳᠬᠢᠯᠭᠡ ᠪᠠᠷ ᠦᠪᠠᠷ ᠤᠨ ᠪᠤᠶᠢᠵᠢᠯᠳᠠ ᠪᠠᠨ ᠦᠭᠡᠶᠢᠰᠭᠡᠵᠦ ᠪᠤᠯᠬᠤ ᠦᠭᠡᠢ᠃      ︵︽ᠪᠠᠭᠰᠢ ᠶᠢᠨ ᠬᠤᠷᠸ᠎ᠠ︾ ᠰᠠᠳᠭᠦᠯ ᠤᠨ 2019 ᠤᠨ ᠤ 12 ᠳ᠋ᠤᠭᠠᠷ              ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠤᠨ ᠨᠠᠶᠢᠷᠠᠭᠤᠯᠪᠠ︶ 
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map