ᠬᠡᠥᠬᠡᠳ ᠤᠨ ᠭᠦᠮᠦᠵᠢᠯ ᠳᠠᠬᠢ ᠭᠡᠷ ᠤᠨ ᠠᠬᠠᠮᠠᠳ ᠤᠨ ᠬᠠᠷᠢᠭᠤᠴᠠᠯᠭ᠎ᠠ
ᠨᠡᠶᠢᠲᠡᠯᠡᠭᠰᠡᠨ ᠴᠠᠭ᠄
2023/11/17
                    ᠴᠦᠨ ᠮᠸᠢ  ᠪᠣᠤ ᠶᠢᠨ ᠰᠢᠶᠣᠣ

幼儿教育2.png

      ᠬᠡᠥᠬᠡᠳ ᠭᠡᠳᠡᠭ ᠭᠡᠷ ᠪᠥᠯᠢ ᠶᠢᠨ ᠢᠶᠠᠨ ᠬᠦᠰᠡᠯ᠂ ᠰᠠᠶᠢᠨ ᠰᠠᠶᠢᠬᠠᠨ ᠤ ᠡᠷᠡᠮᠡᠯᠵᠡᠯ ᠮᠥᠨ᠂ ᠡᠶᠢᠮᠥ ᠶᠢᠨ ᠲᠤᠯᠠ

ᠬᠡᠥᠬᠡᠳ ᠢᠶᠠᠨ ᠪᠢᠳᠡ ᠵᠠᠩ ᠠᠭᠠᠰᠢ ᠨᠢ ᠪᠦᠷᠢᠮᠦᠰᠥᠨ ᠲᠣᠭᠳᠠᠪᠤᠷᠢᠵᠢᠬᠤ ᠠᠴᠠ ᠡᠮᠥᠨ᠎ᠡ ᠦᠭᠡᠳᠡᠷᠭᠡᠭ ᠰᠡᠳᠭᠢᠯ ᠲᠠᠢ᠂

ᠲᠥᠪ ᠲᠠᠳᠬᠠᠯ ᠲᠠᠢ᠂ ᠡᠷᠡᠭᠦᠯ ᠪᠡᠶ᠎ᠡ  ᠲᠠᠢ᠂ ᠰᠠᠷᠠᠭᠤᠯ ᠤᠬᠠᠭᠠᠨ ᠲᠠᠢ ᠪᠤᠯᠭᠠᠵᠤ ᠬᠥᠮᠥᠵᠢᠭᠦᠯᠬᠦ ᠨᠢ ᠮᠠᠰᠢ ᠴᠢᠬᠤᠯᠠ

ᠪᠠᠶᠢᠳᠠᠭ  ᠢ ᠲᠠ ᠪᠥᠬᠦᠨ ᠶᠠᠭᠤ ᠠᠨᠳᠠᠬᠤ ᠪᠢᠯᠡ︕ ᠬᠡᠥᠬᠡᠳ ᠤᠨ ᠮᠠᠨᠢ ᠥᠰᠬᠦ ᠨᠠᠰᠤ᠂ ᠬᠥᠷᠬᠦ ᠢᠷᠡᠭᠡᠳᠥᠢ ᠪᠦᠷ ᠴᠤ

ᠲᠠ ᠪᠢᠳᠡᠨ ᠤ ᠲᠤᠳᠤᠨᠤ ᠶᠢᠨ ᠬᠠᠷᠢᠯᠴᠠᠭ᠎ᠠ ᠠᠴᠠ ᠰᠠᠯᠵᠤ ᠴᠢᠳᠠᠬᠤ ᠦᠭᠡᠢ ᠶᠢᠨ ᠣᠴᠢᠷ ᠭᠡᠷ ᠤᠨ ᠠᠬᠠᠮᠠᠳ ᠪᠠ

ᠪᠠᠭᠰᠢ ᠪᠣᠯᠣᠭᠰᠠᠳ ᠲᠠᠰᠤᠷᠠᠯᠳᠠ ᠦᠭᠡᠢ ᠨᠢᠭᠡᠨ ᠤ ᠪᠠᠨ ᠰᠡᠳᠭᠢᠯ ᠤᠨ ᠲᠠᠭᠤᠨ ᠢ ᠴᠢᠩᠨᠠᠵᠤ ᠮᠥᠷᠥ ᠵᠡᠷᠭᠡᠴᠡᠨ

ᠠᠯᠬᠤᠮ ᠨᠢᠭᠡᠳᠬᠦ ᠴᠢᠬᠤᠯᠠᠲᠠᠢ᠃ ᠬᠡᠥᠬᠡᠳ ᠤᠨ ᠢᠶᠠᠨ ᠲᠥᠯᠥᠭᠡ ᠴᠢᠩ ᠰᠡᠳᠭᠢᠯ ᠤᠨ ᠬᠡᠳᠥᠨ ᠵᠥᠪᠯᠡᠮᠵᠢ ᠪᠠᠨ

ᠡ᠊ᠨᠳᠠ ᠰᠡᠶᠢᠷᠡᠭᠦᠯᠵᠥ ᠭᠡᠷ ᠤᠨ ᠠᠬᠠᠮᠠᠳ ᠨᠠᠷ ᠲᠤ ᠪᠠᠨ ᠲᠤᠰᠠᠯᠠᠮᠵᠢ ᠪᠤᠯᠭᠠᠬᠤ ᠶᠢ ᠬᠦᠰᠡᠯ᠎ᠡ᠃ ᠬᠦᠰᠡᠯ ᠮᠢᠨᠢ

ᠪᠡᠶᠡᠯᠡᠭᠳᠡᠵᠦ ᠬᠡᠥᠬᠡᠳ ᠲᠠᠨᠢ ᠥᠭᠡᠳᠡᠷᠬᠡᠭ ᠥᠰᠴᠦ ᠴᠢᠳᠠᠪᠠᠯ ᠮᠢᠨᠦ ᠰᠡᠳᠭᠢᠯ ᠭᠦᠢᠴᠡᠬᠦ ᠨᠢ ᠲᠡᠷᠡ᠃

      ᠡᠩ ᠲᠡᠷᠢᠭᠦᠨ ᠳᠤ᠂ ᠭᠡᠷ ᠤᠨ ᠠᠬᠠᠮᠠᠳ ᠪᠤᠯ ᠭᠡᠤᠭᠡᠳ ᠤᠨ ᠢᠶᠠᠨ ᠲᠣᠯᠢ ᠪᠠᠶᠢᠳᠠᠭ  ᠢᠶᠠᠨ ᠬᠡᠵᠢᠶᠡᠳᠡ

ᠴᠡᠭᠡᠵᠢᠯᠡᠵᠥ ᠪᠠᠶᠢᠭᠠᠷᠠᠢ᠃ ︽ᠣᠳᠤ ᠶᠢᠨ ᠬᠡᠥᠬᠡᠳ ᠢ ᠪᠢᠳᠡ ᠬᠠᠮᠢᠶᠠᠷᠴᠤ ᠲᠡᠶᠢᠯᠬᠦ ᠪᠠᠨ ᠪᠤᠯᠢᠴᠢᠬᠠᠭᠰᠠᠨ ᠰᠢᠥ ᠪᠠᠭᠰᠢ

ᠡ᠂ ᠡᠳᠥᠷᠵᠢᠨ ᠭᠠᠷ ᠣᠲᠠᠰᠤ ᠲᠣᠭᠯᠠᠭᠠᠳ ᠪᠠᠭ᠎ᠠ ᠯᠠ ᠬᠠᠮᠢᠶᠠᠷᠴᠤ ᠬᠠᠰᠢᠪᠠᠯ ᠪᠤᠳᠠᠭ᠎ᠠ ᠢᠳᠡᠬᠦ ᠦᠭᠡᠢ ᠭᠡᠳᠡᠯ᠎ᠡ

ᠦᠬᠦᠵᠥ ᠤᠨᠠᠨ᠎ᠠ ᠭᠡᠳ ᠠᠶᠤᠯᠭᠠᠨ᠎ᠠ᠂ ᠪᠢ ᠪᠠᠭ᠎ᠠ ᠯᠡ ᠶᠠᠩᠰᠢᠪᠠᠯ ᠡᠴᠢᠭᠡ ᠨᠢ ︿ᠡᠩᠬᠡ ᠲᠤᠩᠬ᠎ᠠ ᠥᠰᠴᠥ ᠯᠡ

ᠪᠠᠶᠢᠪᠠᠯ ᠨᠠᠭᠠᠳᠪᠠᠯ ᠨᠠᠭᠠᠳᠴᠤ ᠯᠡ ᠪᠠᠶᠢᠭ ᠴᠠᠭᠠᠰᠢ ᠪᠠᠨ﹀ ᠭᠡᠳ ᠥᠮᠥᠭᠯᠡᠴᠢᠬᠡᠨ᠎ᠡ︾ ᠭᠡᠳ ︽ᠵᠤᠪᠠᠯᠠᠩ︾ ᠢᠶᠠᠨ

ᠲᠣᠭᠠᠴᠢᠬᠤ ᠭᠡᠷ ᠤᠨ ᠠᠬᠠᠮᠠᠳ ᠤᠯᠠᠰᠢᠷᠠᠵᠠᠢ᠃ ᠬᠡᠥᠬᠡᠳ ᠰᠤᠷᠭᠠᠨ᠎ᠠ ᠭᠡᠳᠡᠭ ᠲᠡᠶᠢᠮᠥ ᠬᠢᠯᠪᠠᠷ ᠠᠰᠠᠭᠤᠳᠠᠯ ᠪᠢᠰᠢ

ᠰᠢᠥ᠂ ᠭᠡᠬᠦ ᠳᠤ ᠲᠠ ᠲᠡᠶᠢᠯᠬᠦ ᠦᠭᠡᠢ ᠭᠡᠳ ᠬᠠᠶᠢᠨ ᠳᠤ  ᠨᠢ ᠬᠠᠶᠠᠬᠤ ᠳᠤ ᠬᠥᠷᠪᠡᠯ ᠬᠤᠵᠢᠮ ᠨᠡᠶᠢᠭᠡᠮ ᠰᠤᠷᠭᠠᠬᠤ

ᠦᠶ᠎ᠡ ᠳᠤ ᠯᠡ ᠬᠠᠶᠢᠷ᠎ᠠ ᠪᠠᠷ ᠥᠰᠥᠭᠰᠡᠨ ᠲᠠᠨ ᠤ ᠬᠡᠥᠬᠡᠳ ᠬᠠᠪᠰᠠᠷᠭ᠎ᠠ ᠳᠠᠭᠠᠭᠠᠬᠤ ᠦᠭᠡᠢ ᠣᠶᠢᠴᠢᠭᠠᠳ ᠯᠡ

ᠥᠭᠭᠦᠨ᠎ᠡ᠂ ᠲᠡᠷᠡ ᠦᠶᠡᠰ ᠪᠢᠳᠡ ᠠᠮᠠ ᠪᠠᠨ ᠪᠠᠷᠢᠨ ᠭᠠᠰᠢᠭᠤᠳᠠᠭᠰᠠᠨ ᠴᠤ ᠬᠡᠷᠡᠭ ᠶᠠᠭᠤ ᠪᠠᠶᠢᠨ᠋︖

ᠲᠡᠭᠡᠬᠦ ᠪᠠᠷ ᠢᠶᠠᠨ ᠲᠡᠳᠡᠨ ᠢ ᠭᠠᠷ ᠤᠳᠠᠰᠤ ᠲᠣᠭᠯᠠᠭᠤᠯᠬᠤ ᠦᠭᠡᠢ ᠭᠡᠵᠥ ᠪᠣᠳᠣᠪᠠᠯ ᠲᠠ ᠥᠪᠡᠷ ᠢᠶᠠᠨ ᠪᠢᠲᠡᠭᠡᠢ ᠭᠠᠷ

ᠤᠳᠠᠰᠤ ᠡᠷᠬᠢᠯᠳᠤᠭᠦᠯᠦᠭᠡᠳ ᠪᠠᠢ᠂ ᠲᠠ ᠲᠡᠭᠡᠵᠥ ᠬᠠᠯᠠᠮᠰᠢᠯ  ᠲᠠᠢ ᠲᠣᠭᠯᠠᠵᠤ ᠪᠠᠶᠢᠬᠤ ᠳᠤ ᠬᠡᠥᠬᠡᠳ ᠴᠢᠨᠢ ᠶᠠᠭᠤᠨ ᠳᠤ

ᠲᠣᠭᠯᠠᠵᠤ ᠪᠣᠯᠳᠠᠭ ᠦᠭᠡᠢ ᠪᠤᠢ︖ ᠲᠠ ᠬᠠᠷᠢᠨ ᠵᠦᠭᠡᠷ ᠯᠡ ᠨᠣᠮ ᠠᠳᠬᠤᠭᠠᠳ ᠤᠩᠰᠢᠭᠠᠳ ᠪᠠᠢ᠃ ᠲᠡᠬᠢᠪᠠᠯ

ᠬᠡᠥᠭᠡᠳ ᠢᠶᠠᠨ ᠰᠤᠷᠭᠠᠬᠤ ᠳᠤ ᠠᠪᠤ ᠡᠵᠢ ᠪᠣᠯᠣᠭᠰᠠᠳ ᠥᠵᠡᠯᠳᠡ ᠨᠢᠭᠡᠳᠡᠢ ᠵᠣᠭᠰᠤᠯᠳᠠ ᠪᠠᠲᠤᠳᠠᠢ ᠪᠠᠶᠢᠬᠤ ᠬᠡᠷᠡᠭᠳᠡᠢ᠂

ᠪᠢᠳᠡᠭᠡᠢ ᠨᠢᠭᠡ ᠨᠢ ᠰᠤᠷᠭᠠᠨ᠎ᠠ ᠭᠡᠭᠦ ᠳᠤ᠂ ᠨᠥᠭᠦᠭᠡ ᠨᠢ ᠥᠮᠥᠭᠯᠡᠭᠡᠳ ᠪᠠᠢ᠂ ᠢᠩᠬᠢᠭᠰᠡᠭᠡᠷ ᠲᠠᠨ ᠤ ᠬᠡᠥᠬᠡᠳ

ᠤᠳᠠᠭᠠᠨ ᠳᠤ ᠪᠠᠨ ᠬᠤᠳᠠᠯᠴᠢ ᠬᠤᠯᠴᠠᠭᠠᠷ ᠠᠮᠢᠳᠠᠨ ᠪᠣᠯᠵᠤ ᠬᠥᠮᠥᠵᠢᠭᠳᠡᠨ᠎ᠡ᠃ ᠵᠥᠪ ᠵᠠᠮ ᠢᠶᠠᠷ᠂ ᠵᠥᠪ

ᠰᠡᠳᠭᠢᠯ ᠢᠶᠠᠷ ᠲᠠᠭᠠᠭᠤᠯᠤᠭᠠᠳ ᠯᠡ ᠪᠠᠶᠢᠭᠠᠷᠠᠢ᠂ ᠡᠨᠡ ᠵᠠᠷᠴᠢᠮ ᠢ ᠪᠠᠷᠢᠮᠳᠠᠯᠠᠵᠤ ᠴᠢᠳᠠᠭᠰᠠᠨ ᠤ ᠲᠠᠷᠠᠭ᠎ᠠ ᠲᠠ ᠲᠠᠬᠢᠨ

ᠬᠡᠥᠬᠡᠳ ᠢᠶᠠᠨ ᠱᠠᠭᠠᠷᠳᠠᠵᠤ ᠦᠵᠡᠯ ᠳ᠋ᠨ︕ ᠤᠳᠠᠭᠠᠨ ᠡᠳᠥᠷ ᠤᠨ ᠴᠢᠨᠢ ᠪᠠᠷᠢᠮᠲᠠᠯᠠᠯ ᠲᠣᠣᠷ᠎ᠠ ᠲᠠᠨ ᠤ ᠬᠡᠥᠬᠡᠳ

ᠠᠰ ᠣᠨᠳᠣᠣ ᠬᠥᠮᠥᠨ ᠪᠣᠯᠵᠤ ᠭᠦᠮᠦᠵᠢᠭᠳᠡᠨ᠎ᠠ ᠰᠢᠥ ᠳ᠋ᠠ᠃ ︽ᠲᠠᠨ ᠤ ᠲᠥᠯᠥᠭᠡ ᠲᠠᠨ ᠠᠴᠠ ᠲᠠᠪᠠᠨ᠎ᠠ︾ ᠭᠡᠳᠡᠭ

ᠰᠠᠶᠢᠬᠠᠨ ᠦᠭᠡ ᠪᠠᠶᠢᠳᠠᠭ᠂ ᠪᠢᠳᠡᠨ ᠤ ᠥᠪᠡᠷ  ᠢ ᠪᠠᠨ ᠥᠭᠡᠷᠡᠴᠢᠯᠡᠬᠦ ᠶᠠᠪᠤᠴᠠ ᠠᠴᠠ ᠬᠡᠥᠬᠡᠳ ᠤᠳ ᠮᠠᠨᠢ ᠮᠠᠰᠢ

ᠥᠭᠡᠳᠡᠷᠬᠡᠭ ᠢᠶᠠᠷ ᠭᠡᠭᠡ ᠰᠠᠴᠤᠷᠠᠭᠰᠠᠨ ᠢᠷᠡᠭᠡᠳᠥᠢ ᠶᠢ ᠢᠲᠡᠭᠡᠯ ᠲᠡᠭᠦᠯᠳᠡᠷ ᠴᠢᠭᠯᠡᠬᠦ ᠪᠣᠯᠣᠨ᠎ᠠ᠃ ᠰᠤᠷᠤᠯᠭ᠎ᠠ ᠶᠢᠨ

ᠰᠠᠶᠢᠨ ᠮᠠᠭᠤ ᠶᠢ ᠲᠠ ᠪᠢᠳᠠ ᠥᠭᠡᠷᠡᠴᠢᠯᠡᠵᠦ ᠴᠢᠳᠠᠬᠤ ᠦᠭᠡᠢ᠂ ᠰᠤᠷᠤᠯᠭ᠎ᠠ ᠶᠢᠨ ᠰᠠᠶᠢᠨ ᠮᠠᠭᠤ ᠨᠢ ᠲᠥᠷᠥᠯᠬᠢ

ᠠᠪᠢᠶᠠᠰ ᠲᠠᠢ ᠬᠤᠯᠪᠤᠭᠳᠠᠯ ᠲᠠᠢ ᠪᠠᠶᠢᠵᠤ ᠪᠣᠯᠣᠨ᠎ᠠ᠂ ᠨᠢᠭᠡ ᠭᠡᠥᠬᠡᠳ ᠤᠨ ᠰᠤᠷᠤᠯᠭ᠎ᠠ ᠶᠢᠨ ᠰᠠᠶᠢᠨ ᠮᠠᠭᠤ ᠨᠢ ᠡᠨᠡ

ᠭᠡᠥᠭᠡᠳ ᠤᠨ ᠤᠳᠤᠮ ᠤᠭᠰᠠᠭ᠎ᠠ᠂ ᠠᠪᠤ ᠡᠵᠢ ᠶᠢᠨ ᠬᠢ ᠨᠢ ᠤᠳᠤᠮᠯᠠᠯ ᠲᠠᠢ ᠵᠠᠭᠤᠨ ᠤ ᠳᠠᠯᠠ ᠨᠠᠶᠠ ᠪᠠᠷ

ᠬᠤᠯᠪᠤᠭᠳᠠᠨ᠎ᠠ ᠭᠡᠵᠥ ᠬᠡᠯᠡᠳᠡᠭ᠂ ᠭᠡᠪᠡᠴᠥ ᠰᠤᠷᠤᠯᠭ᠎ᠠ ᠪᠣᠯ ᠬᠠᠲᠠᠭᠤ ᠪᠡᠷᠬᠡ ᠲᠠᠢ ᠮᠥᠷᠳᠡᠭᠡᠨ ᠤᠷᠳᠤ ᠤᠳᠠᠭᠠᠨ

ᠠᠶᠠᠯᠠᠯ ᠮᠥᠨ ᠭᠡᠳᠡᠭ ᠢ ᠭᠡᠷ ᠤᠨ ᠠᠬᠠᠮᠠᠳ ᠪᠣᠯᠣᠭᠰᠠᠨ ᠪᠢᠳᠡ ᠡᠷᠭᠡᠪᠰᠢ ᠲᠡᠳᠡᠨ ᠳᠤ ᠮᠡᠳᠡᠭᠦᠯᠬᠦ ᠬᠡᠷᠡᠭᠳᠡᠢ᠃ ᠪᠢᠳᠡ

ᠬᠡᠥᠬᠡᠳ ᠢ ᠨᠥᠯᠥᠭᠡᠯᠡᠵᠦ ᠴᠢᠳᠠᠬᠤ ᠵᠦᠢᠯ ᠣᠯᠠᠨ ᠪᠠᠶᠢᠨ᠎ᠠ᠃ ᠪᠤᠳᠠᠳᠠᠢ ᠪᠠᠷ ᠬᠡᠯᠡᠪᠡᠯ᠂ ᠲᠡᠳᠡᠨ ᠤ ᠥᠪᠡᠷ ᠢ ᠪᠠᠨ

ᠬᠥᠨᠳᠦᠳᠭᠡᠬᠦ ᠰᠡᠳᠭᠢᠯᠭᠡ ᠶᠢ ᠨᠢ ᠢᠳᠡᠭ ᠢᠳᠡᠭ ᠢᠶᠠᠷ ᠭᠦᠮᠦᠵᠢᠭᠦᠯᠵᠤ ᠲᠡᠳᠡᠨ ᠢ ᠥᠪᠡᠷ ᠲᠤ ᠪᠠᠨ ᠢᠲᠡᠭᠡᠯ ᠲᠠᠢ

ᠬᠥᠮᠥᠨ ᠪᠤᠯᠭᠠᠨ ᠬᠥᠮᠦᠵᠢᠭᠦᠯᠵᠥ ᠪᠣᠯᠣᠨ᠎ᠠ᠃ ᠣᠯᠠᠩᠬᠢ ᠰᠤᠷᠤᠯᠭ᠎ᠠ ᠮᠠᠭᠤ ᠬᠡᠥᠬᠡᠳ ᠥᠪᠡᠷ ᠤᠨ ᠪᠡᠶ᠎ᠡ ᠳᠤ ᠪᠠᠨ

ᠢᠲᠡᠭᠡᠯ ᠦᠭᠡᠢ᠂ ᠨᠥᠬᠦᠳ ᠤᠨ ᠢᠶᠠᠨ ᠳᠣᠮᠳᠠ ᠥᠪᠡᠷ ᠢ ᠪᠠᠨ ᠪᠣᠰᠤᠳ ᠠᠴᠠ ᠨᠢᠭᠡ ᠲᠡᠰ ᠲᠤᠤᠷ᠎ᠠ᠂ ᠪᠠᠭᠠᠬᠠᠨ

ᠮᠠᠭᠤ ᠥᠵᠡᠭᠳᠡᠭᠰᠡᠨ ᠴᠤ ᠪᠢ ᠲᠠᠭᠦᠨ ᠠᠴᠠ ᠲᠤᠤᠷ᠎ᠠ ᠶᠤᠮ ᠴᠢᠨᠢ᠂ ᠰᠤᠷᠤᠯᠭ᠎ᠠ ᠮᠠᠭᠤ ᠶᠤᠮ ᠴᠢᠨᠢ ᠮᠠᠭᠤ

ᠦᠵᠡᠭᠳᠡᠬᠦ ᠨᠢ ᠵᠥᠪ ᠭᠡᠵᠥ ᠪᠣᠳᠤᠨ ᠨᠢᠭᠡ ᠠᠯᠬᠤᠮ ᠠᠭᠤᠴᠢᠯᠠᠨ ᠤᠬᠤᠷᠢᠵᠤ ᠠᠯᠬᠤᠮ ᠠᠯᠬᠤᠮ ᠢᠶᠠᠷ

ᠤᠬᠤᠷᠢᠭᠰᠠᠭᠠᠷ ᠪᠠᠶᠢᠭᠠᠳ ᠰᠤᠷᠭᠠᠭᠤᠯᠢ ᠳᠤ ᠢᠷᠡᠬᠦ ᠳᠤᠷ᠎ᠠ ᠦᠭᠡᠢ᠂ ᠰᠤᠷᠤᠯᠴᠠᠬᠤ ᠳᠤᠷ᠎ᠠ ᠦᠭᠡᠢ ᠪᠣᠯᠵᠤ᠂ ᠨᠡᠩ

ᠴᠢᠨᠠᠭᠰᠢᠯᠠᠪᠠᠯ ᠰᠤᠷᠭᠠᠭᠤᠯᠢ ᠶᠢᠨ ᠬᠦᠷᠢᠶᠡᠨ ᠤ ᠬᠥᠴᠥᠷᠬᠡᠭᠯᠡᠯ ᠢ ᠪᠤᠢ ᠪᠤᠯᠭᠠᠵᠤ ᠥᠪᠡᠷ ᠢ ᠪᠠᠨ ᠬᠤᠬᠢᠷᠠᠭᠤᠯᠬᠤ

ᠬᠡᠮᠵᠢᠶᠡᠨ ᠳᠤ ᠬᠦᠷᠬᠡᠳᠡᠭ ᠪᠠᠶᠢᠨ᠎ᠠ᠃ ᠡᠵᠢ ᠬᠥᠮᠥᠨ ᠬᠡᠥᠬᠡᠳ ᠢᠶᠠᠨ ᠦᠭᠡ ᠪᠠᠷ ᠢᠶᠠᠨ ᠡᠮᠴᠢᠯᠡᠳᠡᠭ ᠰᠢᠳᠢ ᠲᠠᠢ

ᠭᠡᠳᠡᠭ᠂ ᠡᠨᠡ ᠦᠭᠡ ᠶᠢ ᠪᠢ ᠮᠡᠳᠡᠷᠡᠬᠦ ᠲᠤᠷᠠᠳᠠᠢ ᠮᠥᠷᠲᠡᠭᠡᠨ ᠮᠠᠰᠢ ᠲᠤᠭᠤᠨ᠎ᠠ᠃ ᠬᠡᠥᠬᠡᠳ ᠤᠳ ᠮᠢᠨᠢ ᠪᠠᠭ᠎ᠠ

ᠪᠠᠯᠴᠢᠷ ᠪᠠᠶᠢᠬᠤ ᠳᠤ ᠣᠶᠢᠴᠢᠵᠤ ᠤᠨᠠᠭᠠᠳ ᠤᠬᠢᠯᠠᠬᠤ ᠳᠤ ᠪᠢᠳᠡ ︽ᠬᠠᠮᠢᠶ᠎ᠠ ᠦᠭᠡᠢ︾ ᠭᠡᠬᠦᠯᠡᠷ ᠲᠡᠳᠡ ᠴᠢᠨᠢ

ᠦᠨᠡᠬᠡᠷ ᠲᠠᠨᠲᠤᠷ ᠪᠥᠨᠲᠥᠷ ᠪᠣᠰᠤᠭᠠᠳ ᠢᠷᠡᠴᠢᠬᠡᠳᠡᠭ ᠪᠢᠰᠢ ᠤᠤ᠃ ᠡᠷᠭᠢᠴᠡᠭᠦᠯᠥᠭᠡᠳ ᠪᠣᠳᠤᠬᠤ ᠳᠤ ᠪᠢᠳᠡ

ᠬᠡᠥᠬᠡᠳ ᠤᠨ ᠢᠶᠠᠨ ᠬᠡᠴᠢᠨᠡᠬᠡᠨ ᠡᠮᠵᠡᠭ ᠢ ︽ᠬᠠᠮᠢᠶ᠎ᠠ ᠦᠭᠡᠢ︾᠂ ︽ᠮᠢᠨᠥ ᠬᠥᠥ ᠠᠯᠵᠠᠬᠤ ᠦᠭᠡᠢ᠂ ᠮᠢᠨᠥ ᠬᠥᠥ

ᠠᠶᠤᠬᠤ ᠦᠭᠡᠢ︾ ᠭᠡᠳᠡᠭ ᠦᠭᠡ ᠪᠠᠷ ᠢᠶᠠᠨ ᠵᠠᠰᠠᠵᠤ ᠵᠠᠯᠠᠵᠤ ᠵᠣᠷᠢᠬᠵᠢᠭᠤᠯᠵᠤ ᠢᠷᠡᠪᠡ︖ ᠲᠡᠭᠡᠬᠦ ᠪᠠᠷ ᠢᠶᠠᠨ ᠪᠢᠳᠡ

ᠦᠷᠭᠦᠯᠵᠢᠯᠡᠨ ᠬᠡᠥᠬᠡᠳ ᠢᠶᠠᠨ ᠵᠤᠷᠢᠬᠵᠢᠭᠤᠯᠤᠭᠠᠳ ᠪᠠᠶᠢᠶ᠎ᠠ᠂ ᠤᠷᠮ᠎ᠠ ᠬᠠᠶᠢᠷᠠᠯᠠᠵᠤ ᠤᠷᠤᠭᠰᠢ ᠪᠠᠨ ᠲᠠᠲᠠᠭᠠᠳ

ᠪᠠᠶᠢᠶ᠎ᠠ︕ ︽ᠪᠢᠳᠠᠭᠤ ᠶᠠᠭᠤᠮ᠎ᠠ᠂ ᠲᠡᠨᠡᠭ ᠶᠠᠭᠤᠮ᠎ᠠ᠂ ᠶᠠᠭᠤ ᠴᠤ ᠴᠢᠳᠠᠬᠤ ᠦᠭᠡᠢ ᠬᠡᠷᠡᠭ ᠦᠭᠡᠢ ᠶᠠᠭᠤᠮ᠎ᠠ︾ ᠭᠡᠵᠥ

ᠰᠡᠳᠭᠢᠯ ᠰᠢᠷᠬᠠᠯᠠᠭᠤᠯᠬᠤ ᠦᠭᠡ ᠶᠢ ᠪᠢᠳᠡᠭᠡᠢ ᠶᠠᠷᠢᠶ᠎ᠠ︕ ᠲᠡᠳᠡ ᠴᠢᠨᠢ ᠢᠲᠡᠭᠡᠴᠢᠬᠡᠨ᠎ᠡ᠃ ᠲᠡᠭᠡᠭᠦ ᠶᠢᠨ ᠤᠷᠤᠨ ᠳᠤ

ᠠᠮᠢᠳᠤᠷᠠᠯ ᠰᠤᠷᠤᠯᠭ᠎ᠠ ᠳᠤ ᠰᠡᠳᠭᠢᠯ ᠤᠨ ᠭᠠᠯ ᠢ ᠨᠢ ᠲᠦᠷᠡᠯᠵᠡᠭᠦᠯᠬᠦ ᠶᠢ ᠠᠩᠬᠠᠷᠤᠶ᠎ᠠ᠃

      ᠲᠠᠷᠠᠭᠠᠯᠠᠪᠠᠯ᠂ ᠬᠡᠥᠬᠡᠳ ᠢ ᠵᠥᠪ ᠰᠠᠶᠢᠬᠠᠨ ᠲᠠᠳᠬᠠᠯ ᠲᠠᠢ ᠪᠣᠯᠭᠠᠨ ᠬᠥᠮᠥᠵᠢᠭᠦᠯᠬᠦ ᠴᠢᠬᠤᠯᠠᠳᠠᠢ᠃ ︽ᠰᠤᠷᠭᠠᠨ

ᠬᠥᠮᠥᠵᠢᠯ ᠪᠣᠯ ᠦᠨᠡᠨ ᠳᠤ ᠪᠠᠨ ᠵᠥᠪ ᠰᠠᠶᠢᠬᠠᠨ ᠲᠠᠳᠬᠠᠯ ᠢ ᠬᠥᠮᠦᠵᠢᠭᠦᠯᠬᠦ ᠣᠴᠢᠷ ᠮᠥᠨ︾ ᠭᠡᠵᠥ ᠡᠷᠳᠡᠮᠳᠡᠳ

ᠣᠨᠤᠴᠠᠳᠠᠢ ᠲᠤᠷᠠᠳᠤᠨ ᠭᠠᠷᠭᠠᠭᠰᠠᠨ ᠶᠤᠮ᠃ ᠡᠶᠢᠮᠥ ᠶᠢᠨ ᠲᠤᠯᠠ ᠪᠠᠭ᠎ᠠ ᠣᠴᠢᠷ ᠠᠴᠠ ᠭᠠᠷᠳᠠᠵᠤ ᠲᠥᠪ ᠰᠠᠶᠢᠬᠠᠨ

ᠠᠮᠢᠳᠤᠷᠠᠯ ᠤᠨ ᠦᠵᠡᠯᠳᠡ ᠶᠢ ᠨᠢ ᠱᠣᠭᠤᠵᠤ ᠪᠠᠶᠢᠭᠠᠷᠠᠢ᠂ ᠮᠣᠷᠤᠢ ᠬᠠᠵᠠᠭᠠᠢ ᠰᠠᠭᠤᠵᠤ᠂ ᠲᠤᠩᠬᠤᠯᠵᠠᠨ

ᠭᠤᠩᠬᠤᠯᠵᠠᠨ ᠠᠯᠬᠤᠬᠤ᠂ ᠵᠥᠷᠢᠭᠦᠥ ᠪᠤᠷᠤᠭᠤ ᠶᠠᠷᠢᠵᠤ᠂ ᠵᠦᠯᠴᠡᠶᠢᠵᠥ ᠶᠠᠷᠳᠠᠭᠯᠠᠵᠤ ᠪᠠᠶᠢᠬᠤ ᠳᠤ ᠨᠢ ᠶᠠᠯᠳᠠᠷ ᠬᠠᠶᠠᠯ

ᠦᠭᠡᠢ ᠳᠣᠩᠭᠤᠳᠴᠤ ᠪᠠᠶᠢᠭᠠᠷᠠᠢ᠃ ᠠᠪᠤ ᠡᠵᠢ ᠶᠢᠨ ᠠᠯᠳᠠᠨ ᠰᠤᠷᠭᠠᠯ ᠭᠡᠳᠡᠭ ᠴᠢᠨᠢ ᠲᠡᠷᠡ ᠰᠢᠥ ᠳ᠋ᠠ᠃ ᠲᠠᠳᠬᠠᠯ

ᠬᠤᠪᠢ ᠵᠠᠶᠠᠭ᠎ᠠ ᠶᠢ ᠲᠤᠭᠳᠠᠭᠠᠵᠤ᠂ ᠰᠠᠶᠢᠬᠠᠨ ᠲᠠᠳᠬᠠᠯ ᠰᠠᠶᠢᠨ ᠬᠤᠪᠢ ᠵᠠᠶᠠᠭ᠎ᠠ ᠶᠢ ᠠᠪᠴᠢᠷᠠᠨ᠎ᠠ ᠭᠡᠵᠥ

ᠤᠴᠢᠷᠯᠠᠳᠠᠭ ᠨᠢ ᠣᠷᠣ ᠲᠠᠢ ᠦᠭᠡ᠃ ᠰᠢᠰᠲ᠋ᠧᠮ ᠲᠠᠢ ᠰᠠᠶᠢᠬᠠᠨ ᠠᠮᠢᠳᠤᠷᠠᠨ ᠰᠤᠷᠤᠯᠴᠠᠬᠤ ᠲᠠᠳᠬᠠᠯ ᠨᠢ ᠬᠥᠮᠥᠨ

ᠮᠦᠰᠤᠳᠠᠢ ᠪᠣᠯᠵᠤ ᠲᠥᠯᠥᠪᠰᠢᠬᠦ ᠴᠢᠬᠤᠯᠠ ᠨᠥᠭᠦᠴᠡᠯ ᠪᠣᠯᠳᠠᠭ᠃ ᠮᠣᠩᠭᠤᠯ ᠠᠷᠠᠳ ᠤᠨ ᠰᠠᠶᠢᠬᠠᠨ ᠰᠠᠶᠢᠬᠠᠨ ᠴᠡᠭᠡᠷ

ᠶᠣᠰᠣ ᠨᠢ ᠪᠢᠳᠡᠨ ᠤ ᠬᠡᠥᠬᠡᠳ ᠤᠨ ᠵᠥᠪ ᠰᠠᠶᠢᠬᠠᠨ ᠲᠠᠳᠬᠠᠯ ᠲᠠᠢ ᠪᠣᠯᠣᠨ ᠬᠥᠮᠦᠵᠢᠭᠳᠡᠬᠦ ᠳᠤ ᠮᠠᠰᠢ ᠶᠡᠭᠡ ᠨᠥᠯᠦᠭᠡ

ᠠᠪᠴᠢᠷᠠᠳᠠᠭ᠂ ᠵᠢᠱᠢᠶᠡᠯᠡᠪᠡᠯ᠂ ︽ᠬᠥᠮᠥᠨ ᠤ ᠡᠰᠡᠷᠭᠦ ᠨᠣᠯᠮᠤᠪᠠᠯ ᠠᠮᠠᠨ ᠬᠦᠨᠡᠰᠦ ᠵᠠᠶᠢᠯᠠᠨ᠎ᠠ᠃︾ ︽ᠴᠡᠴᠡᠭ ᠬᠤᠸᠠᠷ ᠢ

ᠲᠠᠰᠤᠳᠠᠪᠠᠯ ᠲᠠᠷᠠᠭ᠎ᠠ ᠢᠷᠡᠭᠦ ᠲᠥᠷᠥᠯ ᠳᠤ ᠪᠠᠨ ᠠᠳᠠᠭ ᠤᠨ ᠵᠢᠰᠥ ᠲᠠᠢ ᠪᠣᠯᠣᠨ᠎ᠠ᠃︾ ︽ᠠᠬᠠᠮᠠᠳ ᠨᠠᠰᠤᠳᠠᠢ

ᠬᠥᠮᠥᠨ ᠳᠤ ᠬᠠᠷᠢᠭᠤ ᠭᠡᠳᠡᠷᠭᠦ ᠬᠡᠯᠡᠪᠡᠯ ᠪᠤᠶᠠᠨ ᠵᠠᠶᠠᠭ᠎ᠠ ᠨᠢᠮᠭᠡᠷᠡᠨ᠎ᠡ︾ ᠭᠡᠵᠦ ᠬᠡᠯᠡᠵᠥ ᠰᠤᠷᠭᠠᠬᠤ ᠨᠢ ᠮᠤᠬᠤᠷ

ᠪᠢᠰᠢᠷᠡᠯ ᠪᠢᠰᠢ ᠬᠠᠷᠢᠨ ᠠᠮᠢᠳᠤᠷᠠᠯ ᠲᠠᠢ ᠨᠡᠩ ᠣᠶᠢᠷᠠᠳᠤᠭᠰᠠᠨ ᠣᠨᠳᠤᠷᠬᠤ ᠤᠬᠠᠭᠠᠨ ᠪᠠᠶᠢᠵᠤ ︽ᠢᠩᠭᠢᠵᠥ ᠪᠣᠯᠬᠤ

ᠦᠭᠡᠢ᠂ ᠲᠡᠭᠡᠵᠥ ᠪᠣᠯᠬᠤ ᠦᠭᠡᠢ︾ ᠭᠡᠵᠥ ᠶᠠᠷᠢᠵᠤ ᠶᠠᠩᠰᠢᠬᠤ ᠠᠴᠠ ᠨᠡᠩ ᠠᠮᠢᠳᠤᠯᠢᠭ ᠦᠷ᠎ᠡ ᠠᠰᠢᠭ ᠢ

ᠠᠪᠴᠢᠷᠠᠬᠤ ᠪᠣᠯᠣᠨ᠎ᠠ᠃ ᠮᠣᠩᠭᠤᠯᠴᠣᠳ ᠭᠡᠵᠥ ᠬᠡᠥᠭᠡᠳ ᠢᠶᠠᠨ ᠮᠢᠩᠭᠠᠨ ᠤᠬᠠᠭᠠᠨ ᠢᠶᠠᠷ ᠰᠤᠷᠭᠠᠳᠠᠭ ᠠᠭᠤᠤ

ᠦᠨᠳᠥᠰᠥᠳᠡᠨ ᠭᠡᠳᠡᠭ ᠢᠶᠠᠷ ᠥᠪᠡᠷ ᠢ ᠪᠠᠨ ᠬᠢᠨᠠᠭᠤᠰᠢᠳᠠᠢ ᠪᠠᠶᠢᠨ᠎ᠠ ᠪᠢᠳᠡ ᠨᠠᠷ᠃

      ᠲᠠᠬᠢᠪᠠᠯ᠂ ᠬᠠᠷᠠᠬᠠᠨ ᠪᠠᠭ᠎ᠠ ᠠᠴᠠ ᠨᠢ ᠬᠡᠥᠬᠡᠳ ᠲᠤ ᠬᠠᠷᠢᠭᠤᠴᠠᠯᠭᠠᠳᠤ ᠰᠡᠳᠭᠢᠯᠭᠡ ᠶᠢ ᠪᠣᠢ ᠪᠤᠯᠭᠠᠵᠤ ᠡᠵᠡᠨ

ᠪᠡᠶ᠎ᠡ ᠶᠢᠨ ᠦᠢᠯᠡᠳᠦᠯ ᠢ ᠨᠢ ᠭᠦᠢᠴᠡᠳ ᠪᠠᠳᠠᠷᠠᠭᠤᠯᠬᠤ ᠬᠡᠷᠡᠭᠳᠡᠢ᠃ ᠶᠠᠭᠤ ᠪᠥᠬᠦᠨ ᠢ ᠲᠡᠳᠡᠨ ᠤ ᠡᠮᠦᠨ᠎ᠡ ᠠᠴᠠ

ᠪᠣᠳᠤᠯᠬᠢᠯᠠᠵᠤ ᠲᠡᠳᠡᠨ ᠤ ᠡᠮᠦᠨ᠎ᠡ ᠠᠴᠠ ᠬᠢᠭᠡᠳ ᠯᠡ ᠪᠠᠶᠢᠪᠠᠯ ᠲᠡᠷᠡ ᠪᠥᠬᠦᠨ ᠨᠢ ᠲᠡᠳᠡᠨ ᠤ ᠰᠡᠳᠭᠢᠯ ᠳᠤ

ᠠᠶᠠᠨᠳᠠᠭᠠᠨ ᠤ ᠣᠴᠢᠷ ᠢᠶᠠᠷ ᠰᠠᠨᠠᠭᠳᠠᠵᠤ᠂ ᠠᠯᠢ ᠨᠢᠭᠡᠨ ᠡᠳᠥᠷ ᠲᠠ ᠡᠪᠡᠳᠴᠢᠯᠡᠭᠡᠳ ᠬᠡᠪᠲᠡᠷᠢ ᠳᠤ ᠣᠷᠣᠭᠰᠠᠨ ᠴᠤ

ᠡᠷᠬᠡᠪᠰᠢ ᠪᠣᠰᠴᠤ ᠪᠤᠳᠠᠭ᠎ᠠ ᠬᠢᠵᠥ ᠥᠭᠬᠦ ᠬᠡᠷᠡᠭᠳᠡᠢ ᠪᠠᠷ ᠪᠣᠳᠣᠭᠳᠠᠵᠣ ᠪᠣᠰᠣᠳ ᠢ ᠥᠷᠥ ᠡᠪᠡᠳᠤᠨ ᠬᠠᠶᠢᠷᠠᠯᠠᠵᠤ᠂

ᠪᠣᠰᠣᠳ ᠤᠨ ᠵᠣᠭᠰᠣᠴᠠ ᠠᠴᠠ ᠠᠰᠠᠭᠤᠳᠠᠯ ᠢ ᠪᠣᠳᠣᠯᠬᠢᠯᠠᠬᠤ ᠤᠬᠠᠭᠠᠨ ᠦᠭᠡᠢ ᠪᠤᠯᠵᠤ ᠬᠥᠮᠥᠵᠢᠭᠳᠡᠨ᠎ᠡ᠃

ᠡᠶᠢᠮᠥ ᠠᠴᠠ ᠥᠪᠡᠷ ᠤᠨ ᠬᠢ ᠨᠢ ᠬᠢᠵᠥ ᠴᠢᠳᠠᠬᠤ ᠠᠵᠢᠯ  ᠢ ᠡᠷᠬᠡᠪᠰᠢ ᠥᠪᠡᠷ ᠢᠶᠠᠷ ᠨᠢ ᠬᠢᠯᠭᠡᠵᠥ᠂ ᠠᠮᠢᠳᠤᠷᠠᠨ᠎ᠠ

ᠭᠡᠳᠡᠭ ᠠᠮᠠ ᠪᠠᠨ ᠠᠩᠭᠠᠶᠢᠭᠠᠳ ᠯᠠ ᠰᠠᠭᠤᠪᠠᠯ ᠪᠣᠯᠴᠢᠬᠠᠬᠤ ᠤᠴᠢᠷ ᠪᠢᠰᠢ ᠭᠡᠳᠡᠭ ᠢ ᠲᠠᠨᠢᠭᠤᠯᠬᠤ ᠬᠡᠷᠡᠭᠳᠡᠢ᠃

ᠰᠤᠷᠭᠠᠭᠤᠯᠢ  ᠳᠤ ᠪᠠᠨ ᠣᠴᠢᠪᠠᠯ ᠰᠤᠷᠭᠠᠭᠤᠯᠢ ᠪᠣᠯ ᠲᠠᠷᠤᠢ ᠮᠢᠨᠥ ᠭᠡᠷ᠂ ᠠᠩᠭᠢ ᠪᠣᠯ ᠲᠠᠷᠤᠢ ᠮᠢᠨᠥ ᠭᠡᠷ᠂ ᠪᠢ ᠪᠣᠯ

ᠡᠨᠡ ᠬᠦ ᠬᠠᠮᠳᠤ ᠨᠢᠭᠡᠴᠢ ᠶᠢᠨ ᠢᠶᠠᠨ ᠡᠵᠡᠨ ᠭᠡᠳᠡᠭ ᠢ ᠮᠡᠳᠡᠭᠦᠯᠵᠥ ᠵᠢᠵᠢᠭᠬᠡᠨ ᠠᠵᠢᠯ ᠠᠴᠠ ᠭᠠᠷᠳᠠᠵᠤ ᠬᠢᠬᠦ ᠣᠪᠣᠷ ᠢ

ᠬᠥᠮᠥᠵᠢᠭᠦᠯᠬᠦ ᠭᠡᠷᠡᠭᠳᠡᠢ᠃ ᠵᠠᠷᠢᠮ ᠭᠡᠷ ᠤᠨ ᠠᠬᠠᠮᠠᠳ ᠬᠡᠥᠬᠡᠳ ᠲᠠᠢ ᠪᠠᠨ ᠠᠭᠤᠯᠵᠠᠮᠠᠭᠴᠠ᠄ ︽ᠥᠨᠥᠳᠥᠷ ᠲᠠᠨ ᠳᠤ

ᠶᠠᠮᠠᠷ ᠪᠠᠶᠠᠷᠳᠠᠢ ᠣᠴᠢᠷ ᠬᠠᠷᠭᠤᠭᠰᠠᠨ᠂ ᠴᠢ ᠬᠡᠨ ᠢ ᠲᠤᠰᠠᠯᠠᠭᠰᠠᠨ︾ ᠵᠡᠷᠭᠡ ᠪᠠᠷ ᠶᠠᠷᠢᠯᠴᠠᠵᠤ ᠲᠡᠳᠡᠨ ᠤ ᠨᠢᠭᠡ

ᠡᠳᠥᠷ ᠤᠨ ᠠᠮᠢᠳᠤᠷᠠᠯ ᠤᠨ ᠰᠠᠶᠢᠨ ᠰᠠᠶᠢᠬᠠᠨ ᠭᠡᠭᠡ ᠲᠠᠢ ᠵᠥᠢᠯ ᠢ ᠨᠢ ᠡᠷᠭᠢᠴᠡᠭᠦᠯᠥᠭᠦᠯᠵᠥ ᠵᠥᠪ ᠡᠷᠴᠢᠮ ᠢᠶᠠᠷ

ᠨᠥᠯᠥᠭᠡᠯᠡᠨ᠎ᠡ᠂ ᠡᠳᠥᠷ ᠤᠨ ᠤᠳᠠᠭᠠᠨ ᠳᠤ ᠲᠡᠳᠡ ᠵᠥᠪᠭᠡᠨ ᠰᠠᠶᠢᠨ ᠰᠠᠶᠢᠬᠠᠨ ᠵᠥᠢᠯ ᠢ ᠬᠦᠰᠡᠵᠥ ᠮᠥᠷᠥᠭᠡᠳᠳᠡᠭ

ᠬᠥᠮᠥᠨ ᠪᠤᠯᠵᠤ ᠥᠰᠦᠨ᠎ᠡ᠃ ᠬᠠᠷᠢᠨ ᠵᠠᠷᠢᠮ ᠭᠡᠷ ᠤᠨ ᠠᠬᠠᠮᠠᠳ ᠬᠡᠥᠭᠡᠳ ᠲᠠᠢ ᠪᠠᠨ ᠠᠭᠤᠯᠵᠠᠮᠠᠭᠴᠠ᠄ ︽ᠥᠨᠥᠳᠥᠷ

ᠪᠠᠭᠰᠢ ᠳᠤ ᠪᠠᠨ ᠠᠭᠤᠷᠯᠠᠭᠳᠠᠭᠰᠠᠨ ᠡᠰᠡᠬᠦ᠂ ᠨᠥᠬᠦᠳ ᠴᠢᠨᠢ ᠬᠡᠨ ᠴᠢᠮ᠎ᠠ ᠶᠢ ᠮᠠᠭᠤ ᠳᠤ ᠦᠵᠡᠭᠰᠡᠨ︾ ᠵᠡᠷᠭᠡ ᠪᠠᠷ

ᠶᠠᠷᠢᠯᠴᠠᠵᠤ ᠪᠥᠳᠦᠨ ᠨᠢᠭᠡ ᠡᠳᠥᠷ ᠰᠤᠷᠤᠯᠴᠠᠭᠠᠳ ᠶᠠᠳᠠᠷᠠᠭᠰᠠᠨ ᠪᠢᠴᠢᠬᠠᠨ ᠲᠠᠷᠢᠬᠢ ᠶᠢ ᠨᠢ ᠪᠤᠴᠠᠭᠠᠭᠠᠳ

ᠠᠮᠢᠳᠤᠷᠠᠯ ᠤᠨ ᠰᠡᠭᠦᠳᠡᠷ ᠲᠠᠯ᠎ᠠ ᠵᠦᠭ ᠬᠥᠳᠥᠯᠵᠥ ᠶᠠᠳᠠᠷᠠᠭ᠎ᠠ ᠶᠢ ᠨᠢ ᠨᠡᠮᠡᠭᠳᠡᠭᠦᠯᠥᠨ᠎ᠡ᠃ ᠢᠩᠬᠢᠭᠡᠳ ᠭᠡᠷ ᠤᠨ

ᠠᠬᠠᠮᠠᠳ ᠤᠨ ᠪᠤᠷᠤᠭᠤ ᠬᠥᠳᠦᠯᠥᠯᠳᠡ ᠨᠢ ᠲᠡᠳᠡᠨ ᠢ ᠥᠨᠡᠨᠴᠢ ᠦᠭᠡᠢ᠂ ᠶᠠᠭᠤ ᠪᠥᠭᠦᠨ ᠳᠤ ᠬᠤᠳᠠᠯ ᠬᠡᠯᠡᠵᠦ

ᠪᠠᠶᠢᠭᠠᠳ ᠴᠤ ᠭᠡᠰᠡᠨ ᠡᠵᠢ ᠠᠪᠤ ᠶᠢᠨ ᠢᠶᠠᠨ ︽ᠥᠷᠥ ᠡᠪᠠᠳᠤᠯ︾ ᠢ ᠣᠯᠵᠤ ᠥᠪᠡᠷ ᠢ ᠪᠠᠨ ᠠᠷᠭᠠᠳᠠᠳᠠᠭ

ᠠᠶᠤᠮᠰᠢᠭᠳᠤ ᠥᠷ᠎ᠡ ᠪᠥᠳᠦᠮᠵᠢ ᠶᠢ ᠠᠪᠴᠢᠷᠠᠳᠠᠭ᠂ ᠡᠳᠥᠷ ᠤᠳᠠᠭᠠᠨ ᠳᠤ ᠪᠠᠨ ᠡᠳᠡᠭᠡᠷ ᠬᠡᠥᠬᠡᠳ ᠥᠪᠡᠷ ᠢ ᠪᠠᠨ

ᠥᠨᠳᠡᠭᠡ ᠰᠢᠭ ᠥ ᠦᠭᠡᠢ ᠬᠥᠮᠥᠨ ᠢᠶᠠᠷ ᠦᠵᠡᠵᠥ᠂ ᠲᠠᠰᠤᠷᠠᠯᠳᠠ ᠦᠭᠡᠢ ᠪᠤᠰᠤᠳ ᠤᠨ ᠪᠡᠶ᠎ᠡ ᠠᠴᠠ ᠪᠤᠷᠤᠭᠤ

ᠡᠷᠢᠵᠥ ᠰᠠᠭᠤᠳᠠᠭ ᠬᠤᠪᠢᠨᠴᠢᠷ ᠠᠳᠬᠠᠭ ᠬᠥᠮᠥᠨ ᠪᠣᠯᠵᠤ ᠥᠰᠥᠨ᠎ᠡ᠃ ᠵᠢᠵᠢᠭᠬᠡᠨ ᠭᠡᠮ ᠡᠳᠥᠷ ᠤᠨ

ᠤᠳᠠᠭᠠᠨ ᠳᠤ ᠪᠠᠨ ᠠᠮᠢᠨ ᠳᠤ ᠣᠷᠣᠬᠤ ᠠᠷᠬᠠᠭ ᠪᠣᠯᠵᠤ ᠪᠥᠷᠢᠯᠳᠥᠨ᠎ᠡ ᠭᠡᠳᠡᠭ ᠢ ᠪᠣᠳᠣᠭᠤᠰᠢᠳᠠᠢ ᠳ᠋ᠠ ᠮᠢᠨᠥ ᠭᠡᠷ ᠤᠨ

ᠠᠬᠠᠮᠠᠳ ᠨᠠᠷ᠃ ᠰᠤᠷᠭᠠᠯ ᠰᠠᠶᠢᠲᠠᠢ ᠭᠡᠷ ᠤᠨ ᠠᠬᠠᠮᠠᠳ ᠬᠠᠭᠠᠨ ᠬᠥᠮᠥᠵᠢᠭᠦᠯᠬᠦ ᠪᠤᠯᠤᠯᠴᠠᠭ᠎ᠠ ᠲᠠᠢ᠂ ᠰᠤᠷᠭᠠᠯ

ᠮᠠᠭᠤᠳᠠᠢ ᠭᠡᠷ ᠤᠨ ᠠᠬᠠᠮᠠᠳ ᠯᠦᠢᠪᠠᠷᠴᠢᠨ ᠬᠥᠮᠥᠵᠢᠭᠦᠯᠬᠦ ᠪᠣᠯᠣᠯᠴᠠᠭ᠎ᠠ ᠲᠠᠢ᠃

      ᠬᠠᠮᠤᠭ ᠤᠨ ᠰᠡᠭᠦᠯ ᠳᠤ ᠨᠢ ᠬᠡᠥᠬᠡᠳ ᠤᠨ ᠢᠶᠠᠨ ᠣᠣᠷ ᠴᠢᠨᠠᠷ ᠢ ᠬᠠᠳᠠᠭᠠᠯᠠᠵᠤ ᠰᠤᠷᠤᠯᠴᠠᠬᠤ ᠶᠢᠨ

ᠵᠣᠷᠢᠯᠭ᠎ᠠ ᠶᠢ ᠵᠥᠪ ᠲᠠᠨᠢᠭᠤᠯᠵᠤ ᠴᠢᠳᠠᠬᠤ ᠰᠠᠶᠢᠨ ᠭᠡᠷ ᠤᠨ ᠠᠬᠠᠮᠠᠳ ᠪᠤᠯᠵᠠᠭᠠᠶ᠎ᠠ︕ ᠬᠥᠮᠥᠰ ᠬᠡᠥᠬᠡᠳ ᠪᠣᠯ ᠭᠭᠢᠷ

ᠦᠭᠡᠢ ᠴᠠᠭᠠᠨ ᠴᠠᠭᠠᠰᠤ ᠭᠡᠵᠦ ᠭᠡᠯᠡᠯᠴᠡᠳᠡᠭ᠂ ᠬᠡᠳᠥ ᠡᠷᠲᠡ ᠠᠴᠠ ᠲᠡᠳᠡᠨ ᠢ ᠶᠡᠭᠡ ᠬᠥᠮᠥᠨ ᠤ ᠠᠮᠢᠳᠤᠷᠠᠯ ᠲᠠᠢ

ᠣᠶᠢᠷᠠᠲᠤᠭᠤᠯᠵᠤ ᠶᠡᠭᠡ ᠬᠥᠮᠥᠨ ᠤ ᠵᠤᠭᠰᠤᠯᠳᠠ ᠠᠴᠠ ᠰᠤᠷᠭᠠᠬᠤ ᠨᠢ ᠲᠡᠳᠡᠨ ᠢ ᠠᠶᠤᠮᠠᠳᠠᠭᠠᠢ᠂ ᠲᠥᠳᠡᠭᠡᠯᠵᠡᠭᠰᠡᠨ᠂

ᠪᠡᠶ᠎ᠡ ᠳᠤ  ᠪᠠᠨ ᠢᠲᠡᠭᠡᠯ ᠦᠭᠡᠢ ᠬᠥᠮᠥᠨ ᠪᠤᠯᠭᠠᠨ ᠬᠥᠮᠦᠵᠢᠭᠦᠯᠥᠨ᠎ᠡ᠃ ᠪᠢᠳᠡᠭᠡᠢ ︽ᠰᠠᠶᠢᠨ ᠰᠤᠷᠴᠤ ᠲᠣᠮᠣ ᠨᠣᠶᠠᠨ

ᠪᠣᠯ︕ ᠰᠠᠶᠢᠨ ᠰᠤᠷᠴᠤ ᠶᠡᠭᠡ ᠬᠤᠲᠠᠨ ᠳᠤ ᠠᠮᠢᠳᠤᠷᠠ︕︾ ︽ᠬᠡᠨ ᠬᠡᠨ ᠢ ᠦᠵᠡ᠂ ᠶᠠᠮᠠᠷ ᠰᠠᠶᠢᠨ ᠰᠤᠷᠴᠤ ᠪᠠᠶᠢᠨ᠎ᠠ

ᠤᠤ︖︾ ᠭᠡᠵᠥ ᠥᠷᠥᠭᠡᠰᠥᠭᠡᠯ ᠢᠶᠠᠷ ᠰᠤᠷᠭ᠎ᠠ᠃ ᠰᠠᠶᠢᠨ ᠰᠤᠷᠬᠤ ᠨᠢ ᠲᠡᠭᠦᠨ ᠤ ᠠᠪᠢᠶᠠᠰ ᠪᠠᠶᠢᠨ᠎ᠠ ᠭᠡᠬᠦ ᠳᠤ

ᠴᠢᠷᠮᠠᠶᠢᠯᠭ᠎ᠠ ᠪᠠᠰᠠ ᠪᠠᠶᠢᠳᠠᠭ ᠡ᠂ ᠡᠶᠢᠮᠥ ᠠᠴᠠ ᠬᠡᠥᠬᠡᠳ ᠲᠤ ᠰᠤᠷᠤᠯᠴᠠᠵᠤ ᠪᠠᠶᠢᠭ᠎ᠠ ᠨᠢ ᠵᠥᠪᠬᠡᠨ ᠥᠪᠡᠷ ᠤᠨ

ᠪᠡᠶ᠎ᠡ ᠳᠤ ᠪᠠᠨ ᠵᠣᠷᠢᠭᠤᠯᠤᠯᠳᠠ ᠲᠠᠢ᠂ ᠡᠶᠢᠮᠥ ᠠᠴᠠ ᠲᠠᠰᠤᠷᠠᠯᠳᠠ ᠦᠭᠡᠢ ᠥᠪᠡᠷ ᠢ ᠪᠠᠨ ᠲᠠᠪᠠᠭ᠋ᠤ ᠶᠠᠪᠤᠴᠠ ᠮᠥᠨ᠂

ᠬᠠᠷᠢᠨ ᠶᠠᠮᠠᠷ ᠨᠢᠭᠡᠨ ᠬᠥᠮᠥᠨ ᠤ ᠲᠥᠯᠦᠭᠡ᠂ ᠶᠠᠮᠠᠷ ᠨᠢᠭᠡᠨ ᠬᠥᠮᠥᠨ ᠢ ᠲᠠᠪᠠᠭ᠋ᠤ ᠶᠢᠨ ᠲᠥᠯᠥᠭᠡ ᠰᠤᠷᠤᠯᠴᠠᠵᠤ

ᠪᠠᠶᠢᠨ᠎ᠠ ᠭᠡᠭᠰᠡᠭᠡᠷ ᠪᠤᠷᠤᠭᠤᠳᠠᠨ᠎ᠠ ᠭᠡᠳᠡᠭ ᠢ ᠲᠣᠳᠣ ᠲᠠᠨᠢᠭᠤᠯᠬᠤ ᠬᠡᠷᠡᠭᠳᠡᠢ᠃ ᠭᠠᠭᠴᠠ ᠬᠦ ᠰᠠᠶᠢᠨ ᠰᠤᠷᠬᠤ ᠨᠢ

ᠠᠮᠢᠳᠤᠷᠠᠯ ᠤᠨ ᠭᠠᠷᠬᠤ ᠵᠠᠮ ᠪᠢᠰᠢ ᠬᠠᠷᠢᠨ ᠲᠡᠳᠡᠨ ᠤ ᠡᠬᠡ ᠠᠴᠠ ᠠᠪᠴᠤ ᠲᠥᠷᠦᠭᠰᠡᠨ ᠠᠪᠢᠶᠠᠰ ᠢ ᠨᠢ ᠢᠯᠡᠷᠡᠭᠦᠯᠵᠥ

ᠬᠥᠭᠵᠢᠭᠦᠯᠬᠦ ᠨᠢ ᠮᠠᠰᠢ ᠴᠢᠬᠤᠯᠠ᠃ ᠯᠢᠥ ᠰᠢᠶᠤᠤ ᠯᠢᠩ ᠲᠥᠩ ᠠᠴᠠ ︽ᠬᠥᠮᠥᠨ ᠨᠢᠭᠡ ᠨᠠᠰᠤᠨ ᠳᠤ ᠪᠠᠨ ᠨᠢᠭᠡᠭᠡᠨ

ᠠᠵᠢᠯ ᠢ ᠰᠠᠶᠢᠨ ᠬᠢᠭᠡᠳ ᠴᠢᠳᠠᠴᠢᠬᠠᠪᠠᠯ ᠪᠣᠯᠴᠢᠬᠠᠨ᠎ᠠ︾ ᠭᠡᠵᠥ ᠬᠡᠯᠡᠭᠰᠡᠨ ᠨᠢ ᠮᠠᠰᠢ ᠡᠩ ᠤᠨ ᠪᠣᠯᠪᠠᠴᠤ ᠲᠦᠢᠯ ᠤᠨ

ᠦᠨᠡᠨ ᠦᠭᠡ ᠪᠣᠯᠣᠭᠰᠠᠨ᠂ ᠲᠡᠷᠡ ᠪᠠᠷ ᠨᠢᠭᠡ ᠨᠠᠰᠤᠨ ᠳᠤ ᠪᠠᠨ ᠭᠠᠭᠴᠠ ᠬᠦ ᠪᠡᠴᠢᠨ ᠪᠠᠭᠰᠢ ᠶᠢᠨ ᠲᠥᠷᠢ ᠶᠢ

ᠠᠮᠵᠢᠯᠳᠠ ᠲᠠᠢ ᠪᠥᠳᠥᠭᠡᠵᠥ ᠠᠮᠵᠢᠯᠳᠠ ᠶᠢᠨ ᠠᠯᠳᠠᠨ ᠲᠢᠲᠠᠮ ᠢ ᠵᠡᠭᠦᠵᠥ ᠴᠢᠳᠠᠭᠰᠠᠨ᠃

      ᠶᠠᠷᠦᠩᠬᠡᠶᠢᠯᠡᠪᠡᠯ᠂ ᠪᠢᠳᠠ ᠥᠪᠡᠷ ᠢᠶᠠᠨ ᠭᠦᠮᠦᠨ ᠮᠦᠰᠦᠳᠠᠢ ᠬᠥᠮᠥᠨ ᠪᠣᠯᠵᠤ ᠭᠦᠮᠦᠨ ᠮᠦᠰᠦᠳᠠᠢ ᠬᠡᠥᠬᠡᠳ ᠢ

ᠬᠥᠮᠥᠵᠢᠭᠦᠯᠭᠦ ᠭᠡᠷ ᠤᠨ ᠠᠬᠠᠮᠠᠳ ᠪᠤᠯᠤᠶ᠎ᠠ︕ ᠪᠢᠳᠡ ᠮᠠᠨ ᠤ ᠬᠡᠥᠬᠡᠳ ᠮᠠᠰᠢ ᠰᠢᠯᠢᠳᠡᠭ ᠭᠡᠳᠡᠭ ᠢ ᠡᠷᠡᠭᠡᠯᠵᠡᠯ ᠦᠭᠡᠢ

ᠢᠲᠡᠭᠡᠵᠦ ᠤᠷᠤᠭᠰᠢ ᠭᠦᠳᠤᠯᠵᠤ ᠭᠦᠮᠦᠵᠢᠭᠦᠯᠦᠶ᠎ᠠ᠃

        ᠠᠵᠢᠯᠯᠠᠵᠤ ᠪᠠᠶᠢᠭ᠎ᠠ ᠪᠠᠶᠢᠭᠤᠯᠭ᠎ᠠ᠄ ᠣᠩᠨᠢᠭᠤᠳ ᠬᠤᠰᠢᠭᠤᠨ ᠤ ᠪᠤᠷᠤᠬᠤᠳᠠ ᠮᠣᠩᠭᠤᠯ 

                                 ᠦᠨᠳᠥᠰᠥᠳᠡᠨ ᠤ ᠪᠠᠭ᠎ᠠ ᠰᠤᠷᠭᠠᠭᠤᠯᠢ

                                 ︵ᠠᠯᠳᠠᠨᠰᠦ᠋ᠭᠡ ᠨᠠᠶᠢᠷᠠᠭᠤᠯᠪᠠ︶

                                 2023.3 ᠳ᠋ᠤᠭᠠᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map