ᠰᠤᠷᠤᠯᠭ᠎ᠠ ᠬᠤᠴᠤᠷᠤᠩᠭᠤᠢ ᠰᠤᠷᠤᠭᠴᠢ ᠶᠢ ᠬᠦᠮᠦᠵᠢᠭᠦᠯᠬᠦ ᠠᠵᠢᠯ ᠤᠨ ᠲᠤᠬᠠᠢ
ᠨᠡᠶᠢᠲᠡᠯᠡᠭᠰᠡᠨ ᠴᠠᠭ᠄
2023/11/17
                              ᠮᠦᠴᠢᠷ

幼儿教育1.png

      ︽ᠠᠪᠦ ᠶᠢᠨ ᠬᠦᠦ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ︾ ᠭᠡᠳᠡᠭᠴᠢᠯᠡᠨ᠂ ᠵᠢᠭᠠᠨ

ᠰᠤᠷᠭᠠᠯᠳᠠ ᠶᠢᠨ ᠶᠠᠪᠤᠴᠠ ᠳᠤ ᠰᠤᠷᠤᠭᠴᠢᠳ ᠤᠨ ᠰᠤᠷᠤᠯᠭ᠎ᠠ ᠶᠢᠨ ᠬᠢᠷᠢ ᠲᠦᠪᠰᠢᠨ ᠤ ᠲᠠᠯ᠎ᠠ ᠪᠠᠷ ᠬᠢ ᠵᠦᠷᠢᠶ᠎ᠡ

ᠵᠥᠩᠳᠡᠭᠡᠨ ᠢᠯᠡᠷᠡᠵᠤ᠂ ᠤᠨᠴᠠ ᠵᠠᠷᠢᠮ ᠠᠩᠬᠢ ᠨᠢᠭᠡᠴᠢ ᠨᠢ ᠰᠤᠷᠤᠯᠭ᠎ᠠ ᠶᠢᠨ ᠲᠠᠯ᠎ᠠ ᠪᠠᠷ ᠬᠤᠶᠠᠷ ᠲᠦᠢᠯᠰᠢᠷᠠᠨ᠂

ᠠᠩᠬᠢ ᠨᠢᠭᠡᠴᠢ ᠶᠢᠨ ᠪᠦᠬᠦᠯᠢ ᠴᠤᠭᠴᠠ ᠶᠢᠨ ᠰᠤᠷᠤᠯᠭ᠎ᠠ ᠶᠢᠨ ᠶᠠᠰᠤ ᠴᠢᠨᠠᠷ ᠢ ᠨᠦᠯᠦᠭᠡᠯᠡᠳᠡᠭ᠃ ᠡᠶᠢᠮᠦ ᠠᠴᠠ ᠨᠢᠭᠡᠨ

ᠠᠩᠬᠢ ᠨᠢᠭᠡᠴᠢ ᠶᠢᠨ ᠰᠤᠷᠤᠯᠭ᠎ᠠ ᠶᠢᠨ ᠶᠠᠰᠤ ᠴᠢᠨᠠᠷ ᠢ ᠪᠦᠬᠦᠯᠢ ᠴᠤᠭᠴᠠ ᠶᠢᠨ ᠲᠠᠯ᠎ᠠ ᠠᠴᠠ ᠰᠢᠯᠢᠳᠡᠭᠵᠢᠭᠦᠯᠦᠶ᠎ᠡ

ᠬᠡᠪᠡᠯ ᠬᠤᠶᠠᠷ ᠲᠦᠢᠯ ᠤᠨ ᠰᠤᠷᠤᠭᠴᠢ ᠶᠢ ᠬᠠᠷᠠᠭᠠᠯᠵᠠᠬᠤ ᠶᠢ ᠤᠨᠴᠠ ᠠᠩᠬᠠᠷᠬᠤ ᠬᠡᠷᠩᠳᠠᠢ᠃ ᠤᠨᠴᠠᠭᠠᠶᠢᠯᠠᠨ

ᠰᠤᠷᠤᠯᠭ᠎ᠠ ᠬᠤᠴᠤᠷᠤᠩᠭᠤᠢ ᠰᠤᠷᠤᠭᠴᠢ ᠶᠢ ᠬᠠᠪᠰᠤᠷᠴᠤ ᠳᠡᠭᠡᠭᠰᠢᠯᠡᠭᠦᠯᠬᠦ ᠠᠵᠢᠯ ᠢ ᠨᠡᠩ ᠴᠢᠬᠤᠯᠠᠴᠢᠯᠠᠨ ᠠᠳᠬᠤᠬᠤ

ᠴᠢᠬᠤᠯᠠᠲᠠᠢ᠃ ᠡ᠊ᠨᠳᠠ ᠪᠢ ᠠᠵᠢᠯ ᠤᠨ ᠲᠤᠮᠳᠠᠬᠢ ᠤᠯᠤᠯᠳᠠ ᠲᠦᠷᠦᠭᠳᠡᠯ ᠢᠶᠠᠨ ᠡᠷᠬᠢᠴᠡᠭᠦᠯᠦᠨ ᠰᠤᠷᠤᠯᠭ᠎ᠠ

ᠬᠤᠴᠤᠷᠤᠩᠭᠤᠢ ᠰᠤᠷᠤᠭᠴᠢ ᠶᠢ ᠬᠠᠪᠰᠤᠷᠴᠤ ᠲᠡᠭᠡᠭᠰᠢᠯᠡᠭᠦᠯᠬᠦ ᠠᠵᠢᠯ ᠢ ᠬᠡᠷᠬᠢᠨ ᠬᠢᠪᠡᠯ ᠵᠤᠬᠢᠬᠤ ᠲᠤᠬᠠᠢ

ᠮᠦᠴᠢᠳᠬᠡᠨ ᠦᠬᠦᠯᠡᠶ᠎ᠡ᠃

      ᠨᠢᠭᠡ᠂ ᠰᠤᠷᠤᠯᠭ᠎ᠠ ᠬᠤᠴᠤᠷᠤᠩᠭᠤᠢ ᠰᠤᠷᠤᠭᠴᠢ ᠶᠢᠨ ᠪᠤᠰᠤᠳ ᠠᠴᠠ ᠬᠤᠴᠤᠷᠴᠤ ᠪᠠᠶᠢᠭ᠎ᠠ ᠰᠢᠯᠳᠠᠭᠠᠨ ᠢ

ᠵᠠᠳᠠᠯᠬᠤ ᠠᠴᠠ ᠠᠵᠢᠯ ᠤᠨ ᠡᠬᠢᠯᠡᠯᠲᠡ ᠪᠤᠯᠭᠠᠵᠦ ᠪᠤᠯᠤᠨ᠎ᠠ᠃

      ᠰᠤᠷᠤᠯᠭ᠎ᠠ ᠬᠤᠴᠤᠷᠤᠩᠭᠤᠢ ᠰᠤᠷᠤᠭᠴᠢ ᠶᠢᠨ ᠪᠡᠶ᠎ᠡ ᠰᠡᠳᠬᠢᠴᠡ ᠵᠡᠷᠭᠡ ᠲᠠᠯ᠎ᠠ ᠳᠤ ᠵᠡᠳᠡᠯᠤᠯᠲᠠ ᠬᠢᠵᠦ

ᠰᠢᠯᠳᠠᠭᠠᠨ ᠢ ᠨᠢ ᠤᠯᠪᠠᠯ ᠰᠠᠶ᠋ᠢ ᠬᠦᠮᠦᠵᠢᠭᠦᠯᠬᠦ ᠵᠤᠬᠢᠰᠲᠠᠢ ᠠᠷᠭ᠎ᠠ ᠶᠢ ᠰᠤᠩᠭᠤᠵᠦ᠂ ᠬᠦᠮᠦᠵᠢᠭᠦᠯᠵᠦ ᠲᠡᠭᠡᠭᠰᠢᠯᠡᠭᠦᠯᠬᠦ

ᠬᠠᠷᠠᠯᠲᠠ ᠳᠤ ᠪᠠᠨ ᠬᠦᠷᠴᠦ ᠴᠢᠳᠠᠨ᠎ᠠ᠃ ᠰᠤᠷᠤᠯᠭ᠎ᠠ ᠪᠠᠷ ᠪᠤᠰᠤᠳ ᠠᠴᠠ ᠬᠤᠴᠤᠷᠴᠤ ᠪᠠᠶᠢᠭ᠎ᠠ ᠰᠤᠷᠤᠭᠴᠢ ᠶᠢᠨ

ᠰᠢᠯᠲᠠᠭᠠᠨ ᠨᠢ ᠪᠡᠶ᠎ᠡ ᠳᠤ ᠪᠠᠨ ᠢᠳᠡᠭᠡᠯ ᠦᠭᠡᠢ᠂ ᠭᠡᠷ ᠤᠨ ᠬᠦᠮᠦᠵᠢᠯ ᠤᠨ ᠳᠤᠲᠠᠭᠤᠳᠠᠯ᠂ ᠭᠡᠷ ᠪᠦᠯᠢ ᠶᠢᠨ ᠵᠠᠳᠠᠷᠠᠯ᠂

ᠭᠤᠳᠤᠷᠠᠩᠭᠤᠢ ᠦᠵᠡᠯ ᠲᠠᠢ᠂ ᠠᠩᠬᠠᠷᠤᠯ ᠲᠦᠪᠯᠡᠷᠡᠭᠦᠯᠬᠦ ᠦᠭᠡᠢ᠂ ᠬᠡᠳᠦ ᠠᠯᠢᠶ᠎ᠡ ᠲᠦᠢᠳᠭᠡᠷ ᠵᠡᠷᠭᠡ          

ᠪᠠᠶᠢᠳᠠᠭ᠃ ᠡᠶᠢᠮᠦ ᠠᠴᠠ ᠪᠢᠳᠡ ᠬᠤᠴᠤᠷᠴᠤ ᠪᠠᠶᠢᠭ᠎ᠠ ᠰᠢᠯᠳᠠᠭᠠᠨ ᠢ ᠨᠢ ᠡᠷᠢᠵᠤ ᠤᠯᠤᠭᠰᠠᠨ ᠰᠠᠭᠤᠷᠢᠨ ᠳᠤ

ᠬᠦᠮᠦᠵᠢᠭᠦᠯᠦᠨ ᠲᠡᠭᠡᠭᠰᠢᠯᠡᠭᠦᠯᠬᠦ ᠠᠷᠭ᠎ᠠ ᠠᠪᠴᠠᠯ ᠢᠶᠠᠨ ︽ᠡᠪᠡᠳᠴᠢᠨ ᠳᠤ ᠨᠢ ᠲᠤᠬᠢᠷᠠᠭᠤᠯᠤᠨ ᠡᠮ ᠵᠠᠷᠤᠬᠤ︾ ᠳᠤ

ᠰᠠᠭᠤᠷᠢᠯᠠᠬᠤ ᠮᠦᠷᠳᠡᠭᠡᠨ ᠰᠤᠷᠭᠠᠨ ᠬᠦᠮᠦᠵᠢᠭᠦᠯᠬᠦ ᠠᠷᠭ᠎ᠠ ᠶᠢᠨ ᠰᠢᠯᠢᠯᠲᠠ ᠤᠬᠢᠵᠢᠭᠤᠯᠤᠯᠲᠠ ᠶᠢ ᠠᠩᠬᠠᠷᠪᠠᠯ ᠨᠡᠩ

ᠦᠷ᠎ᠡ ᠪᠦᠳᠦᠮᠵᠢ ᠲᠠᠢ ᠪᠤᠯᠵᠦ ᠴᠢᠳᠠᠨ᠎ᠠ᠃ ᠵᠢᠱᠢᠶᠡᠯᠡᠪᠡᠯ᠂ ᠰᠤᠷᠤᠯᠭ᠎ᠠ ᠠᠴᠠ ᠤᠶᠢᠳᠴᠤ ᠰᠤᠷᠤᠯᠭ᠎ᠠ

ᠬᠤᠴᠤᠷᠤᠩᠭᠤᠢ ᠪᠤᠯᠤᠭᠰᠠᠨ ᠰᠤᠷᠤᠭᠴᠢ ᠶᠢ ᠪᠤᠯ ᠦᠵᠡᠯ ᠰᠠᠨᠠᠭᠠᠨ ᠤ ᠬᠦᠮᠦᠵᠢᠯ ᠬᠢᠬᠦ ᠠᠴᠠ ᠭᠠᠷᠳᠠᠵᠤ ᠬᠠᠪᠰᠤᠷᠴᠤ

ᠳᠡᠭᠡᠭᠰᠢᠯᠡᠭᠦᠯᠵᠦ ᠪᠤᠯᠤᠨ᠎ᠠ᠃ ᠤᠳᠠᠭᠠᠯᠢᠭ ᠪᠢᠳᠠᠭᠤᠯᠢᠭ ᠠᠴᠠ ᠪᠤᠯᠵᠤ ᠰᠤᠷᠤᠯᠭ᠎ᠠ ᠬᠤᠴᠤᠷᠤᠩᠭᠤᠢ ᠪᠤᠯᠤᠭᠰᠠᠨ

ᠰᠤᠷᠤᠭᠴᠢ ᠶᠢ ᠪᠤᠯ ᠬᠦᠯᠢᠴᠡᠩᠭᠦᠢ ᠳᠠᠭᠠᠭᠠᠮᠠᠭᠠᠢ ᠵᠢᠭᠠᠨ ᠵᠢᠯᠤᠭᠤᠳᠴᠤ᠂ ᠤᠷᠮᠠᠰᠢᠭᠤᠯᠤᠨ ᠵᠤᠷᠢᠬᠵᠢᠭᠤᠯᠬᠤ

ᠬᠡᠯᠪᠡᠷᠢ ᠪᠠᠷ ᠬᠠᠪᠰᠤᠷᠴᠤ ᠪᠤᠯᠤᠨ᠎ᠠ᠃

      ᠬᠤᠶᠠᠷ᠂ ︽ᠪᠠᠭ᠎ᠠ ᠠᠮᠵᠢᠯᠲᠠ︾ ᠠᠴᠠ ᠰᠤᠷᠬᠤ ᠶᠢᠨ ᠪᠠᠬ᠎ᠠ ᠳᠤ ᠤᠷᠤᠭᠤᠯᠤᠨ᠎ᠠ᠃

      ᠰᠤᠷᠤᠯᠭ᠎ᠠ ᠬᠤᠴᠤᠷᠤᠩᠭᠤᠢ ᠰᠤᠷᠤᠭᠴᠢ ᠶᠢᠨ ᠤᠯᠠᠩᠬᠢ ᠨᠢ ᠰᠤᠷᠬᠤ ᠳᠤ ᠢᠳᠡᠪᠬᠢ ᠦᠭᠡᠢ ᠠᠴᠠ ᠪᠤᠯᠵᠤ

ᠴᠢᠳᠠᠬᠤ ᠦᠭᠡᠢ᠂ ᠮᠡᠳᠡᠬᠦ ᠦᠭᠡᠢ ᠵᠦᠢᠯ ᠨᠢ ᠤᠯᠡᠰᠢᠷᠠᠵᠦ᠂ ᠤᠯᠠᠰᠢᠷᠠᠬᠤ ᠲᠤᠳᠤᠮ ᠠᠭᠠᠵᠢᠮ ᠢᠶᠠᠷ ᠤᠯᠠᠨ ᠠᠴᠠ

ᠬᠤᠴᠤᠷᠴᠤ ᠪᠡᠶ᠎ᠡ ᠳᠤ ᠪᠠᠨ ᠢᠳᠡᠭᠡᠯ ᠦᠭᠡᠢ ᠪᠤᠯᠵᠦ ᠰᠤᠷᠬᠤ ᠠᠴᠠ ᠬᠠᠯᠠᠰᠢᠷᠠᠳᠠᠭ᠃ ︽ᠲᠤᠷ᠎ᠠ ᠪᠠᠬ᠎ᠠ ᠪᠤᠯ

ᠬᠠᠮᠤᠭ ᠤᠨ ᠰᠠᠶᠢᠨ ᠪᠠᠭᠰᠢ︾ ᠬᠡᠳᠡᠭ ᠢᠶᠠᠷ ᠪᠢᠳᠡ ᠰᠤᠷᠤᠯᠭ᠎ᠠ ᠬᠤᠴᠤᠷᠤᠩᠭᠤᠢ ᠰᠤᠷᠤᠭᠴᠢᠳ ᠲᠤ

ᠰᠠᠨᠠᠭᠠᠴᠢᠯᠠᠭ᠎ᠠ ᠲᠠᠢ ᠪᠠᠷ ᠲᠤᠷ᠎ᠠ ᠪᠠᠬ᠎ᠠ ᠶᠢᠨ ᠬᠦᠮᠦᠵᠢᠯ ᠬᠢᠬᠦ ᠨᠢ ᠳᠡᠳᠡᠨ ᠢ ᠰᠤᠷᠤᠯᠭ᠎ᠠ ᠶᠢᠨ ᠲᠠᠯ᠎ᠠ ᠪᠠᠷ ᠬᠠᠪᠰᠤᠷᠴᠤ

ᠳᠡᠭᠡᠭᠰᠢᠯᠡᠭᠦᠯᠬᠦ ᠳᠤ ᠶᠡᠬᠡᠬᠡᠨ ᠤᠶᠢᠯᠡᠳᠤᠯ ᠦᠵᠡᠭᠦᠯᠳᠡᠭ᠃ ᠡᠭᠦᠨ ᠳᠤ ᠬᠠᠮᠤᠭ ᠤᠨ ᠳᠦᠭᠦᠮ ᠳᠦᠳᠡ ᠵᠦᠢᠯ ᠢ

ᠤᠷᠤᠯᠳᠤᠭᠤᠯᠵᠤ ᠡᠵᠡᠮᠰᠢᠭᠦᠯᠬᠦ ᠠᠴᠠ ᠭᠠᠷᠳᠠᠨ ᠠᠮᠵᠢᠯᠲᠠ ᠶᠢᠨ ᠪᠠᠶᠠᠷ ᠪᠠᠭ᠋ᠠᠳᠤᠯ ᠢ ᠤᠯᠭᠤᠵᠦ᠂ ᠪᠡᠶ᠎ᠡ ᠳᠤ ᠪᠠᠨ

ᠢᠳᠡᠭᠡᠬᠦ ᠰᠡᠳᠬᠢᠯᠭᠡ ᠶᠢ ᠨᠢ ᠨᠡᠮᠡᠭᠳᠡᠬᠦᠯᠦᠨ᠂ ᠲᠤᠷ᠎ᠠ ᠪᠠᠬ᠎ᠠ ᠶᠢ ᠨᠢ ᠳᠠᠶᠢᠴᠢᠯᠠᠭᠰᠠᠨ ᠤ ᠳᠠᠷᠠᠭ᠎ᠠ ᠢᠳᠡᠭ ᠢᠳᠡᠭ ᠢᠶᠠᠷ

ᠬᠦᠨᠴᠡ ᠶᠢᠨ ᠬᠡᠮᠵᠢᠶ᠎ᠡ ᠶᠢ ᠲᠤᠬᠢᠷᠠᠭᠤᠯᠵᠦ ᠬᠠᠮᠳᠦ ᠨᠦᠭᠦᠳ ᠤᠨ ᠡᠩᠨᠡᠭᠡᠨ ᠳᠤ ᠤᠶᠢᠷᠠᠳᠤᠭᠤᠯᠵᠦ ᠤᠷᠤᠭᠤᠯᠬᠤ ᠶᠢ

ᠤᠷᠤᠯᠳᠤᠵᠦ ᠪᠤᠯᠤᠨ᠎ᠠ᠃ ᠮᠢᠨᠤ ᠬᠢᠴᠢᠶᠡᠯᠯᠡᠵᠤ ᠪᠠᠶᠢᠭ᠎ᠠ ᠠᠩᠬᠢ ᠶᠢᠨ ᠰᠤᠷᠤᠭᠴᠢ ᠶᠢᠨ ᠲᠤᠳᠤᠷ᠎ᠠ ᠬᠦᠯᠢᠶᠡᠨ ᠠᠪᠬᠤ

ᠴᠢᠳᠠᠪᠦᠷᠢ ᠨᠢ ᠠᠨᠠᠢ ᠠᠴᠠ ᠪᠤᠯᠵᠦ ᠪᠤᠰᠤᠳ ᠠᠴᠠ ᠰᠤᠷᠤᠯᠭ᠎ᠠ ᠶᠢᠨ ᠲᠠᠯ᠎ᠠ ᠪᠠᠷ ᠬᠤᠴᠤᠷᠤᠭᠰᠠᠨ ᠰᠤᠷᠤᠭᠴᠢ

ᠪᠠᠶᠢᠳᠠᠭ᠃ ᠲᠠᠭᠡᠭᠡᠳ ᠴᠢᠳᠠᠬᠤ ᠦᠬᠡᠢ ᠪᠤᠯᠬᠤ ᠲᠤᠳᠤᠮ ᠤᠷᠤᠯᠳᠤᠬᠤ ᠦᠬᠡᠢ ᠪᠤᠯᠵᠦ᠂ ᠬᠦᠴᠢᠷᠳᠡᠬᠦ ᠲᠤᠳᠤᠮ

ᠰᠤᠷᠤᠯᠭ᠎ᠠ ᠠᠴᠠ ᠤᠶᠢᠳᠬᠤ ᠦᠵᠡᠭᠳᠡᠯ ᠢᠯᠡᠷᠡᠭᠰᠡᠨ ᠪᠠᠶᠢᠨ᠎ᠠ᠃ ᠡᠶᠢᠮᠦ ᠪᠠᠶᠢᠳᠠᠯ ᠳᠤ ᠲᠤᠰᠬᠠᠢ ᠴᠠᠭ ᠭᠠᠷᠭᠠᠵᠦ

ᠲᠡᠭᠦᠨ ᠤ ᠭᠦᠢᠴᠡᠳᠭᠡᠵᠦ ᠴᠢᠳᠠᠬᠤ ᠬᠡᠪᠴᠢᠶᠡᠨ ᠤ ᠰᠡᠳᠤᠪ ᠢ ᠲᠡᠭᠦᠨ ᠳᠤ ᠵᠢᠯᠤᠭᠤᠳᠤᠨ ᠲᠠᠬᠢᠨ ᠬᠢᠴᠢᠶᠡᠯ ᠳᠤ ᠲᠤᠰ

ᠬᠡᠯᠪᠡᠷᠢ ᠶᠢᠨ ᠰᠡᠳᠤᠪ ᠢ ᠬᠢᠯᠭᠡᠬᠦ ᠳᠤ ᠲᠡᠷᠡ ᠰᠤᠷᠤᠭᠴᠢ ᠬᠠᠮᠤᠭ  ᠤᠨ ᠲᠡᠷᠢᠭᠦᠨ ᠳᠤ ᠢᠳᠡᠪᠬᠢᠲᠠᠢ ᠭᠠᠷ ᠡᠷᠭᠦᠨ ᠵᠦᠪ

ᠬᠠᠷᠢᠭᠤᠯᠵᠦ ᠪᠤᠰᠤᠳ ᠨᠦᠭᠦᠳ ᠤᠨ  ᠢᠶᠠᠨ ᠵᠤᠷᠢᠬᠵᠢᠭᠤᠯᠤᠯ ᠮᠠᠭᠳᠠᠭᠠᠯ ᠢ ᠤᠯᠵᠦ ᠴᠢᠳᠠᠭᠰᠠᠨ ᠠᠴᠠ ᠲᠤᠰ

ᠬᠢᠴᠢᠶᠡᠯ ᠳᠡᠭᠡᠷ᠎ᠡ ᠲᠡᠷᠡ ᠬᠦᠴᠢᠷᠲᠠᠢ ᠰᠡᠳᠤᠪ ᠢ ᠴᠤ ᠬᠠᠷᠢᠭᠤᠯᠬᠤ ᠬᠡᠵᠦ ᠤᠷᠤᠯᠳᠤᠭᠰᠠᠨ ᠪᠠᠶᠢᠨ᠎ᠠ᠃

ᠠᠮᠵᠢᠯᠲᠠ ᠶᠢᠨ ᠤᠷᠮ᠎ᠠ ᠪᠠᠬ᠎ᠠ ᠬᠡᠵᠦ ᠡᠶᠢᠮᠦ ᠪᠠᠶᠢᠳᠠᠭ ᠪᠠᠶᠢᠬ᠎ᠠ᠃

      ᠭᠤᠷᠪᠠ᠂ ᠰᠤᠷᠬᠤ ᠠᠷᠭ᠎ᠠ ᠶᠢᠨ ᠵᠢᠯᠤᠭᠤᠳᠤᠯᠭ᠎ᠠ ᠶᠢ ᠴᠢᠩᠭᠠᠳᠬᠠᠨ ᠰᠤᠷᠤᠯᠭ᠎ᠠ ᠶᠢᠨ ᠬᠢᠷᠢ ᠬᠡᠮᠵᠢᠶ᠎ᠡ ᠶᠢ ᠨᠢ

ᠳᠡᠭᠡᠭᠰᠢᠯᠡᠭᠦᠯᠵᠦ ᠪᠤᠯᠤᠨ᠎ᠠ᠃

      ᠰᠤᠷᠤᠯᠴᠠᠬᠤ ᠠᠷᠭ᠎ᠠ ᠵᠤᠬᠢᠰᠲᠠᠢ ᠪᠠᠶᠢᠬᠤ ᠨᠢ ᠰᠤᠷᠤᠯᠭ᠎ᠠ ᠶᠢᠨ ᠬᠢᠷᠢ ᠪᠦᠳᠦᠮᠵᠢ ᠶᠢ ᠲᠡᠭᠡᠭᠰᠢᠯᠡᠭᠦᠯᠬᠦ

ᠵᠠᠩᠭᠢᠯᠠᠭ᠎ᠠ ᠪᠤᠯᠳᠠᠭ᠃ ᠰᠤᠷᠤᠯᠭ᠎ᠠ ᠬᠤᠴᠤᠷᠤᠩᠭᠤᠢ ᠰᠤᠷᠤᠭᠴᠢ ᠳᠤ ᠠᠪᠴᠤ ᠬᠡᠯᠡᠪᠡᠯ ᠰᠤᠷᠤᠯᠴᠠᠬᠤ ᠠᠷᠭ᠎ᠠ ᠶᠢ

ᠰᠤᠷᠭᠠᠬᠤ ᠨᠢ ᠰᠤᠷᠤᠯᠭ᠎ᠠ ᠳᠤ ᠨᠢ ᠡᠷᠬᠢᠯᠳᠡ ᠶᠢᠨ ᠴᠢᠨᠠᠷᠲᠠᠢ ᠦᠢᠯᠡᠳᠤᠯ ᠦᠵᠡᠭᠦᠯᠳᠡᠭ᠃ ᠰᠤᠷᠬᠤ ᠠᠷᠭ᠎ᠠ ᠶᠢ

ᠡᠵᠡᠮᠰᠢᠬᠦ ᠦᠭᠡᠢ ᠪᠤᠯ ᠲᠦᠭᠦᠮ ᠦᠨᠳᠦᠰᠦᠨ ᠮᠡᠳᠡᠯᠭᠡ ᠶᠢᠨ ᠰᠡᠳᠤᠪ ᠢ ᠴᠤ ᠵᠦᠪ ᠭᠦᠢᠴᠡᠳᠭᠡᠵᠦ ᠴᠢᠳᠠᠬᠤ ᠦᠬᠡᠢ

ᠪᠤᠯᠤᠨ᠎ᠠ᠃ ᠰᠤᠷᠤᠭᠴᠢ × × ᠳᠤ ᠰᠡᠳᠤᠪ ᠪᠤᠳᠤᠬᠤ ᠠᠷᠭ᠎ᠠ ᠶᠢ ᠡᠵᠡᠮᠰᠢᠭᠦᠯᠬᠦ ᠪᠠᠷ ᠬᠢᠭᠰᠡᠨ ᠤᠷᠤᠯᠳᠤᠯᠭ᠎ᠠ ᠠᠴᠠ

ᠦᠵᠡᠪᠡᠯ᠂ ᠲᠤᠰ ᠰᠤᠷᠤᠭᠴᠢ ᠦᠷᠡᠵᠢᠭᠦᠯᠬᠦ ᠦᠢᠯᠡᠳᠤᠯ ᠤᠨ ᠠᠮᠠᠨ ᠤᠩᠰᠢᠯᠭ᠎ᠠ ᠶᠢ ᠦᠨᠳᠦᠰᠦᠯᠡᠨ ᠬᠤᠪᠢᠶᠠᠬᠤ

ᠦᠢᠯᠡᠳᠤᠯ ᠤᠨ ᠨᠤᠭᠳᠠᠪᠦᠷᠢ ᠶᠢ ᠤᠯᠬᠤ ᠪᠤᠳᠤᠯᠭ᠎ᠠ ᠶᠢᠨ ᠰᠡᠳᠤᠪ ᠤᠨ ᠨᠤᠭᠳᠠᠪᠦᠷᠢ ᠶᠢ ᠤᠯᠬᠤ ᠳᠤ ᠬᠠᠷᠢᠨ

ᠬᠤᠪᠢᠶᠠᠭᠳᠠᠭᠴᠢ᠂ ᠬᠤᠪᠢᠶᠠᠭᠴᠢ ᠶᠢ ᠦᠷᠡᠵᠢᠭᠦᠯᠦᠭᠰᠡᠨ ᠦᠷᠡᠵᠢᠪᠦᠷᠢ ᠶᠢ ᠪᠢᠴᠢᠵᠦ ᠪᠠᠶᠢᠳᠠᠭ᠃ ᠨᠤᠭᠳᠠᠪᠦᠷᠢ ᠶᠢ

ᠤᠯᠬᠤ ᠠᠷᠭ᠎ᠠ ᠶᠢ ᠲᠤᠰ ᠰᠤᠷᠤᠭᠴᠢ ᠳᠤ ᠲᠤᠰ ᠴᠠᠭ ᠲᠤ ᠨᠢ ᠡᠵᠡᠮᠰᠢᠭᠦᠯᠵᠦ ᠴᠢᠳᠠᠭᠰᠠᠨ ᠦᠬᠡᠢ ᠠᠴᠠ ᠪᠤᠯᠵᠤ

ᠬᠡᠳᠤᠨ ᠡᠳᠤᠷ ᠤᠨ ᠲᠤᠷᠰᠢ ᠨᠤᠭᠳᠠᠪᠦᠷᠢ ᠶᠢ ᠤᠯᠵᠦ ᠴᠢᠳᠠᠬᠤ ᠦᠭᠡᠢ ᠪᠠᠶᠢᠳᠠᠯ ᠢᠯᠡᠷᠡᠪᠡ᠃ ᠡᠨᠡ ᠪᠠᠶᠢᠳᠠᠯ ᠳᠤ

ᠦᠷᠡᠵᠢᠭᠦᠯᠬᠦ ᠦᠢᠯᠡᠳᠤᠯ ᠤᠨ ᠤᠩᠰᠢᠯᠭ᠎ᠠ ᠶᠢ ᠬᠡᠷᠡᠭᠯᠡᠬᠦ ᠪᠠ ᠵᠢᠷᠤᠭ ᠳᠦᠷᠰᠦ ᠬᠠᠪᠰᠤᠷᠭᠠᠬᠤ ᠠᠷᠭ᠎ᠠ ᠶᠢ ᠬᠡᠷᠡᠭᠯᠡᠨ

ᠨᠤᠭᠳᠠᠪᠦᠷᠢ ᠶᠢ ᠤᠯᠬᠤ ᠠᠷᠭ᠎ᠠ ᠶᠢ ᠡᠵᠡᠮᠰᠢᠭᠦᠯᠤᠭᠡᠳ ᠰᠠᠶ᠋ᠢ ᠠᠮᠠᠨ ᠤᠩᠰᠢᠯᠭ᠎ᠠ ᠶᠢ ᠬᠡᠷᠡᠭᠯᠡᠨ ᠨᠤᠭᠳᠠᠪᠦᠷᠢ ᠶᠢ

ᠤᠯᠬᠤ ᠲᠦᠭᠦᠮ ᠪᠤᠳᠤᠯᠭ᠎ᠠ ᠶᠢ ᠬᠦᠢᠴᠡᠳᠭᠡᠵᠦ ᠴᠢᠳᠠᠬᠤ ᠪᠤᠯᠪᠠ᠃ ᠰᠡᠳᠤᠪ ᠪᠤᠳᠤᠬᠤ ᠳᠤ ᠰᠡᠳᠬᠢᠬᠦ ᠠᠷᠭ᠎ᠠ ᠶᠢ

ᠡᠵᠡᠮᠰᠢᠬᠦᠯᠬᠦ ᠨᠢ ᠵᠠᠩᠭᠢᠯᠠᠭ᠎ᠠ ᠶᠢᠨ ᠠᠰᠠᠭᠤᠳᠠᠯ ᠪᠤᠯᠬᠤ ᠪᠠᠷ ᠪᠠᠷᠠᠬᠤ ᠦᠭᠡᠢ ᠰᠤᠷᠤᠭᠴᠢᠳ ᠤᠨ ᠰᠤᠷᠬᠤ ᠵᠠᠳᠠᠯᠬᠤ

ᠠᠷᠭ᠎ᠠ ᠶᠢ ᠰᠢᠯᠢᠳᠡᠭᠵᠢᠭᠦᠯᠬᠦ ᠭᠤᠤᠯ ᠠᠷᠭ᠎ᠠ ᠵᠠᠮ ᠮᠦᠨ᠃

      ᠲᠦᠷᠪᠡ᠂ ᠪᠠᠷᠢᠮᠳᠠᠯᠠᠯ ᠲᠠᠢ᠂ ᠬᠠᠯᠠᠰᠢᠷᠠᠯ ᠦᠭᠡᠢ ᠬᠦᠯᠢᠴᠡᠩᠭᠦᠢ ᠤᠪᠤᠷ ᠢᠶᠠᠷ ᠰᠤᠷᠤᠯᠭ᠎ᠠ ᠬᠤᠴᠤᠷᠤᠩᠭᠤᠢ

ᠰᠤᠷᠤᠭᠴᠢ ᠳᠤ ᠬᠠᠨᠳᠤᠪᠠᠯ ᠰᠠᠶ᠋ᠢ ᠬᠦᠮᠦᠵᠢᠭᠦᠯᠬᠦ ᠬᠠᠷᠠᠯᠳᠠ ᠳᠤ ᠪᠠᠨ ᠬᠦᠷᠴᠤ ᠴᠢᠳᠠᠨ᠎ᠠ᠃

      ︽ᠪᠠᠷᠢᠮᠳᠠᠯᠠᠯ ᠪᠤᠯ ᠠᠮᠵᠢᠯᠳᠠ︾ ᠬᠡᠳᠡᠭ ᠢᠶᠠᠷ ᠰᠤᠷᠤᠯᠭ᠎ᠠ ᠬᠤᠴᠤᠷᠤᠩᠭᠤᠢ ᠰᠤᠷᠤᠭᠴᠢ ᠶᠢ

ᠬᠦᠮᠦᠵᠢᠭᠦᠯᠬᠦ ᠳᠤ ᠪᠠᠭᠰᠢ ᠪᠤᠯᠤᠭᠰᠠᠳ ᠬᠠᠯᠠᠰᠢᠷᠠᠯ ᠦᠭᠡᠢ ᠬᠦᠯᠢᠴᠡᠩᠭᠦᠢ ᠤᠪᠤᠷ ᠢᠶᠠᠷ ᠬᠠᠨᠳᠤᠬᠤ ᠮᠦᠷᠳᠡᠭᠡᠨ

ᠬᠢᠴᠢᠶᠡᠯ ᠤᠨ ᠴᠠᠭ ᠪᠦᠷᠢ᠂ ᠡᠳᠤᠷ ᠪᠦᠷᠢ ᠲᠠᠰᠤᠷᠠᠯ ᠦᠭᠡᠢ ᠪᠠᠷᠢᠮᠳᠠᠯᠠᠯ ᠲᠠᠢ ᠤᠷᠤᠯᠳᠤᠪᠠᠯ ᠰᠠᠶ᠋ᠢ ᠠᠬᠢᠯᠳᠠ

ᠳᠠᠪᠰᠢᠯᠳᠠ ᠶᠢ ᠪᠤᠢ ᠪᠤᠯᠭᠠᠵᠤ ᠴᠢᠳᠠᠨ᠎ᠠ᠃ ᠰᠤᠷᠤᠯᠭ᠎ᠠ ᠬᠤᠴᠤᠷᠤᠩᠭᠤᠢ ᠰᠤᠷᠤᠭᠴᠢ ᠳᠤ ᠠᠪᠴᠤ ᠬᠡᠯᠡᠪᠡᠯ

ᠨᠦᠬᠦᠳ ᠲᠠᠢ ᠪᠠᠨ ᠵᠡᠷᠭᠡᠴᠡᠨ ᠰᠢᠨ᠎ᠡ ᠰᠤᠷᠬᠤ ᠠᠭᠤᠯᠭ᠎ᠠ ᠪᠠᠨ ᠡᠵᠡᠮᠰᠢᠬᠦ᠂ ᠪᠠᠭᠰᠢ ᠶᠢᠨ ᠵᠢᠭᠠᠨ ᠵᠢᠯᠤᠭᠤᠳᠤᠯᠭ᠎ᠠ ᠶᠢ

ᠴᠠᠭ ᠲᠤᠬᠠᠢ ᠳᠤ ᠨᠢ ᠬᠦᠯᠢᠶᠠᠨ ᠠᠪᠬᠤ ᠵᠡᠷᠭᠡ ᠳᠤ ᠴᠦᠮ ᠤᠨᠴᠠ ᠬᠦᠴᠢᠷᠳᠡᠳᠡᠭ ᠪᠠᠶᠢᠳᠠᠯ ᠳᠤ ᠪᠠᠭᠰᠢ ᠨᠢ ᠬᠡᠷᠪᠡ

ᠬᠦᠯᠢᠴᠡᠩᠭᠦᠢ ᠪᠤᠰᠤ ᠪᠤᠶᠤ ᠵᠢᠯᠤᠭᠤᠳᠬᠤ ᠠᠴᠠ ᠬᠠᠯᠠᠰᠢᠷᠠᠬᠤ ᠳᠤ ᠬᠦᠷᠪᠡᠯ ᠰᠤᠷᠤᠭᠴᠢ ᠶᠢᠨ ᠤᠷᠮ᠎ᠠ ᠶᠢ ᠬᠤᠭᠤᠯᠵᠤ᠂

ᠢᠳᠡᠭᠡᠯ ᠢ ᠨᠢ ᠠᠯᠳᠠᠭᠤᠯᠵᠤ ᠰᠤᠷᠭᠠᠵᠤ ᠬᠦᠮᠦᠵᠢᠬᠦᠯᠬᠦ ᠬᠠᠷᠠᠯᠳᠠ ᠳᠤ ᠪᠠᠨ ᠬᠦᠷᠴᠤ ᠴᠢᠳᠠᠬᠤ ᠦᠭᠡᠢ          

ᠪᠤᠯᠤᠨ᠎ᠠ᠃ ᠮᠦᠨ ᠴᠤ ᠠᠵᠢᠯ ᠤᠨ ᠶᠠᠭᠠᠷᠠᠤ ᠠᠴᠠ ᠪᠤᠯᠵᠤ ᠰᠤᠷᠤᠯᠭ᠎ᠠ ᠬᠤᠴᠤᠷᠤᠩᠭᠤᠢ ᠰᠤᠷᠤᠭᠴᠢ ᠶᠢ ᠵᠢᠯᠤᠭᠤᠳᠬᠤ 

 ᠶᠢ ᠲᠠᠶᠠᠭᠳᠠᠪᠠᠯ ᠠᠵᠢᠯ ᠨᠡᠩ ᠴᠤ ᠠᠬᠢᠴᠠ ᠦᠭᠡᠢ ᠪᠤᠯᠵᠤ ᠮᠡᠳᠡᠨ᠎ᠡ᠃ ᠪᠠᠭᠰᠢ ᠪᠤᠯᠤᠭᠰᠠᠳ ᠵᠢᠭᠠᠨ ᠰᠤᠷᠭᠠᠬᠤ

ᠶᠠᠪᠤᠴᠠ ᠲᠤᠮᠳᠠ ᠰᠤᠷᠤᠯᠭ᠎ᠠ ᠳᠤ ᠪᠠᠨ ᠬᠦᠴᠢᠷᠳᠡᠵᠤ ᠪᠠᠶᠢᠭ᠎ᠠ ᠰᠤᠷᠤᠭᠴᠢᠳ ᠲᠤ ᠵᠠᠪᠠᠯ ᠬᠠᠯᠠᠰᠢᠷᠠᠯ ᠦᠭᠡᠢ

ᠬᠦᠯᠢᠴᠡᠩᠭᠦᠢ ᠤᠪᠤᠷ ᠢᠶᠠᠷ ᠬᠠᠨᠳᠤᠬᠤ ᠬᠡᠷᠡᠭᠳᠡᠢ᠃ ᠡᠰᠡ ᠲᠡᠭᠡᠪᠡᠯ ᠰᠤᠷᠤᠭᠴᠢ ᠶᠢᠨ ᠲᠤᠷ᠎ᠠ ᠦᠭᠡᠶᠢᠴᠡᠯ ᠢ ᠭᠦᠷᠭᠡᠵᠦ

ᠬᠡᠳᠡᠷᠭᠦ ᠦᠢᠯᠡᠳᠤᠯ ᠦᠵᠡᠭᠦᠯᠵᠤ ᠮᠡᠳᠡᠨ᠎ᠡ᠃ ︽ᠲᠤᠰᠤᠯ ᠢ ᠬᠤᠷᠢᠶᠠᠪᠠᠯ ᠲᠠᠯᠠᠢ︾ ᠬᠡᠳᠡᠭ ᠢᠶᠠᠷ ᠪᠢᠳᠠ ᠰᠠᠭᠤᠷᠢ

ᠮᠡᠳᠡᠯᠭᠡ ᠶᠢ ᠡᠵᠡᠮᠰᠢᠭᠦᠯᠬᠦ ᠠᠴᠠ ᠡᠬᠢᠯᠡᠵᠤ ᠮᠡᠳᠡᠯᠭᠡ ᠶᠢᠨ ᠬᠦᠨᠴᠡ ᠶᠢ ᠠᠭᠠᠵᠢᠮ ᠢᠶᠠᠷ ᠨᠡᠮᠡᠭᠳᠡᠭᠦᠯᠵᠤ ︽ᠶᠠᠨᠳᠠᠷ ᠤᠨ

ᠤᠰᠤ ᠴᠢᠯᠠᠭᠤ ᠶᠢ ᠴᠤᠭᠤᠯᠳᠠᠭ︾ ᠰᠢᠬ ᠢᠶᠠᠷ ᠤᠷᠤᠯᠳᠤᠯᠭ᠎ᠠ ᠪᠠᠷᠢᠮᠳᠠᠯᠠᠯ ᠬᠢᠵᠤ ᠡᠩᠨᠡᠭᠡᠨ ᠤ ᠨᠦᠭᠦᠳ ᠲᠠᠢ ᠨᠢ

ᠮᠦᠷᠤ ᠵᠡᠷᠭᠡᠴᠡᠭᠦᠯᠬᠦ ᠪᠠᠷ ᠬᠠᠯᠠᠰᠢᠷᠠᠯ ᠦᠭᠡᠢ ᠴᠢᠷᠮᠠᠶᠢᠪᠠᠯ ᠰᠠᠶ᠋ᠢ ᠰᠤᠷᠤᠯᠭ᠎ᠠ ᠬᠤᠴᠤᠷᠤᠩᠭᠤᠢ ᠰᠤᠷᠤᠭᠴᠢ ᠶᠢ ᠦᠨᠡᠨ

ᠬᠦ ᠲᠠᠪᠰᠢᠯᠳᠠ ᠲᠠᠢ ᠪᠤᠯᠭᠠᠵᠤ ᠴᠢᠳᠠᠨ᠎ᠠ᠃

      ᠲᠠᠪᠤ᠂ ᠤᠷᠮᠠᠰᠢᠭᠤᠯᠤᠯ ᠵᠤᠷᠢᠬᠵᠢᠭᠤᠯᠤᠯ ᠢᠶᠠᠷ ᠤᠷᠤᠭᠰᠢ ᠲᠠᠪᠰᠢᠬᠤ ᠬᠦᠴᠤᠨ ᠪᠤᠯᠭᠠᠨ᠎ᠠ᠃

      ᠮᠤᠩᠭᠤᠯ ᠤᠨ ᠰᠠᠶᠢᠬᠠᠨ ᠦᠭᠡᠨ ᠳᠤ ᠬᠡᠤᠬᠡᠳ ᠲᠤ ᠪᠠᠨ ︽ᠪᠤᠷᠠᠮ ᠬᠠᠶᠢᠷᠠᠯᠠᠬᠤ ᠪᠠᠷ ᠤᠷᠮ᠎ᠠ          

ᠬᠠᠶᠢᠷᠠᠯᠠ︾ ᠭᠡᠳᠡᠭ ᠢᠶᠠᠷ ᠪᠢᠳᠡ ᠦᠷᠭᠦᠯᠵᠢ ᠬᠡᠤᠬᠡᠳ ᠲᠤ ᠪᠠᠨ ᠤᠷᠮ᠎ᠠ ᠬᠠᠶᠢᠷᠠᠯᠠᠵᠤ ᠪᠠᠶᠢᠪᠠᠯ ᠰᠠᠶ᠋ᠢ ᠲᠠᠳᠠᠨ ᠤ

ᠲᠠᠯᠳᠠ ᠬᠦᠴᠤᠨ ᠨᠢ ᠨᠡᠮᠡᠭᠳᠡᠵᠤ᠂ ᠤᠷᠮ᠎ᠠ ᠵᠤᠷᠢᠭ ᠨᠢ ᠬᠦᠪᠴᠢᠯᠡᠭᠳᠡᠵᠤ ᠴᠢᠳᠠᠨ᠎ᠠ᠃ ᠤᠷᠠᠮᠰᠢᠭᠤᠯᠤᠨ

ᠵᠤᠷᠢᠬᠵᠢᠭᠤᠯᠬᠤ ᠶᠢᠨ ᠬᠦᠴᠤᠨ ᠲᠤᠩ ᠶᠡᠭᠡ ᠪᠠᠶᠢᠳᠠᠭ᠃ ᠡᠨᠡ ᠶᠡᠭᠡ ᠬᠦᠴᠤᠨ ᠳᠤ ᠰᠤᠷᠤᠯᠭ᠎ᠠ ᠬᠤᠴᠤᠷᠤᠩᠭᠤᠢ

ᠰᠤᠷᠤᠭᠴᠢ ᠶᠢᠨ ᠪᠡᠶ᠎ᠡ ᠳᠤ  ᠪᠠᠨ ᠢᠳᠡᠭᠡᠬᠦ ᠰᠡᠳᠬᠢᠯᠭᠡ ᠨᠢ ᠨᠡᠮᠡᠭᠳᠡᠵᠤ ᠤᠮᠤᠭ ᠵᠤᠷᠢᠭ ᠨᠢ ᠪᠠᠳᠠᠷᠠᠵᠤ ᠰᠤᠷᠬᠤ

ᠢᠳᠡᠪᠬᠢᠵᠢᠯ ᠨᠢ ᠠᠶᠠᠨᠳᠠᠭᠠᠨ ᠲᠡᠭᠡᠭᠰᠢᠯᠡᠳᠡᠭ᠃ ᠰᠤᠷᠤᠯᠭ᠎ᠠ ᠬᠤᠴᠤᠷᠤᠩᠭᠤᠢ ᠰᠤᠷᠤᠭᠴᠢ ᠶᠡᠷᠤ ᠳᠤ  ᠪᠠᠨ

ᠰᠤᠷᠤᠯᠴᠠᠬᠤ ᠢᠳᠡᠪᠬᠢᠵᠢᠯ ᠨᠢ ᠲᠤᠤᠷ᠎ᠠ᠂ ᠬᠢᠴᠢᠶᠡᠯ ᠤᠨ ᠴᠠᠭ ᠲᠤ ᠬᠦᠳᠡᠯᠦᠩᠭᠦᠢ ᠪᠤᠰᠤ ᠪᠠᠶᠢᠳᠠᠭ᠃ ᠬᠡᠳᠡᠯ᠎ᠡ

ᠶᠡᠷᠤ ᠶᠢᠨ ᠦᠶ᠎ᠡ ᠳᠤ ᠵᠢᠭᠠᠬᠠᠨ ᠠᠮᠵᠢᠯᠳᠠ ᠳᠤ ᠨᠢ ᠤᠷᠮᠠᠰᠢᠭᠤᠯᠵᠤ ᠵᠤᠷᠢᠬᠵᠢᠭᠤᠯᠵᠤ ᠪᠠᠶᠢᠪᠠᠯ ᠪᠠᠶᠠᠷ ᠤᠨ

ᠮᠦᠰᠢᠶᠡᠳᠤ ᠴᠢᠷᠠᠢ ᠳᠤ ᠨᠢ ᠲᠤᠳᠤᠷᠠᠨ ᠲᠤᠩ ᠬᠦᠳᠡᠯᠤᠩᠭᠦᠢ ᠪᠤᠯᠵᠤ᠂ ᠰᠡᠳᠤᠪ ᠢ ᠵᠦᠪ ᠪᠤᠳᠤᠬᠤ ᠤᠨᠤᠪᠴᠢ ᠶᠢᠨ

ᠬᠡᠮᠵᠢᠶ᠎ᠡ ᠨᠢ ᠴᠤ ᠨᠡᠮᠡᠭᠳᠡᠵᠤ ᠠᠰᠠᠭᠤᠯᠳᠠ ᠪᠤᠯᠭᠠᠨ ᠳᠤ ᠭᠠᠷ ᠡᠷᠭᠦᠵᠤ ᠵᠤᠷᠢᠬᠵᠢᠭᠤᠯᠤᠯ ᠦᠭᠬᠦ ᠦᠭᠡᠢ ᠪᠠᠶᠢᠳᠠᠯ

ᠳᠤᠤᠷ᠎ᠠ ᠴᠦ ᠤᠷᠮ᠎ᠠ ᠲᠠᠢ ᠰᠠᠶᠢᠨ ᠰᠤᠷᠴᠤ ᠴᠢᠳᠠᠳᠠᠭ᠃ ᠡᠶᠢᠮᠦ ᠠᠴᠠ ᠪᠢᠳᠡ ᠰᠤᠷᠤᠭᠴᠢᠳ  ᠲᠤ ᠪᠠᠨ ᠤᠷᠮ᠎ᠠ

ᠬᠠᠶᠢᠷᠠᠯᠠᠨ ᠢᠳᠡᠪᠬᠢ ᠬᠦᠴᠤᠨ ᠢ ᠨᠢ ᠲᠠᠶᠢᠴᠢᠯᠠᠵᠤ᠂ ᠰᠤᠷᠤᠯᠭ᠎ᠠ ᠪᠠᠷ ᠪᠤᠰᠤᠳ ᠠᠴᠠ ᠬᠤᠴᠤᠷᠬᠤ ᠪᠠᠶᠢᠳᠠᠯ ᠠᠴᠠ

ᠠᠩᠬᠢᠵᠢᠷᠠᠭᠤᠯᠬᠤ ᠳᠤ ᠤᠷᠠᠮᠰᠢᠭᠤᠯᠤᠯ ᠮᠠᠭᠳᠠᠭᠠᠯ ᠢᠶᠠᠷ ᠠᠨᠢᠰᠤ ᠪᠤᠯᠭᠠᠵᠤ ᠪᠤᠯᠤᠨ᠎ᠠ᠃

      ᠶᠡᠷᠤᠩᠭᠡᠶᠢᠯᠡᠪᠡᠯ᠂ ᠰᠤᠷᠤᠯᠭ᠎ᠠ ᠬᠤᠴᠤᠷᠤᠩᠭᠤᠢ ᠰᠤᠷᠤᠭᠴᠢ ᠶᠢ ᠬᠦᠮᠦᠵᠢᠭᠦᠯᠬᠦ ᠠᠵᠢᠯ ᠨᠢ ᠵᠢᠭᠠᠨ ᠰᠤᠷᠭᠠᠬᠤ

ᠠᠵᠢᠯ ᠤᠨ ᠴᠢᠬᠤᠯᠠ ᠠᠴᠠ ᠴᠢᠬᠤᠯᠠ ᠨᠢᠭᠡ ᠬᠡᠰᠡᠭ ᠪᠣᠯᠤᠨ᠎ᠠ᠂ ᠭᠡᠬᠦ ᠳᠤ ᠪᠠᠨ ᠪᠢᠳᠡ ᠤᠷᠤᠯᠳᠤᠯᠭ᠎ᠠ

ᠰᠦᠪᠡᠭᠴᠢᠯᠡᠯ ᠲᠠᠢ᠂ ᠲᠡᠰᠪᠦᠷᠢ ᠲᠡᠪᠴᠢᠶᠡᠷᠢ ᠲᠠᠢ᠂ ᠴᠦᠬᠦᠷᠡᠯ ᠦᠭᠡᠢ ᠬᠠᠪᠰᠤᠷᠴᠤ ᠵᠢᠯᠤᠭᠤᠳᠬᠤ ᠶᠢ ᠪᠠᠷᠢᠮᠳᠠᠯᠠᠬᠤ

 ᠶᠢᠨ ᠬᠠᠮᠳᠤ ᠵᠢᠭᠠᠨ ᠰᠤᠷᠭᠠᠬᠤ ᠠᠷᠭ᠎ᠠ ᠪᠠᠷᠢᠯ ᠢᠶᠠᠨ ᠴᠠᠭ ᠦᠷᠭᠦᠯᠵᠢ ᠦᠭᠡᠷᠡᠴᠢᠯᠡᠨ ᠰᠠᠶᠢᠵᠢᠷᠠᠭᠤᠯᠪᠠᠯ ᠰᠠᠶ᠋ᠢ

ᠰᠤᠷᠤᠯᠭ᠎ᠠ ᠬᠤᠴᠤᠷᠤᠩᠭᠤᠢ ᠰᠤᠷᠤᠭᠴᠢ ᠶᠢᠨ ᠲᠠᠪᠰᠢᠯᠳᠠ ᠶᠢ ᠪᠤᠢ ᠪᠤᠯᠭᠠᠵᠤ᠂ ᠵᠢᠭᠠᠨ ᠰᠤᠷᠭᠠᠯᠳᠠ ᠶᠢᠨ ᠵᠢᠩᠬᠢᠨᠢ

ᠦᠷ᠎ᠡ ᠠᠰᠢᠭ ᠢ ᠡᠭᠦᠳᠴᠤ ᠳᠡᠶᠢᠯᠤᠨ᠎ᠠ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠤᠡᠭᠨᠢᠭᠤᠳ ᠬᠤᠰᠢᠭᠤᠨ ᠤ ᠰᠢᠨᠡᠰᠦ᠋ᠮ᠎ᠡ

                                  ᠰᠤᠮᠤ ᠶᠢᠨ ᠭᠤᠤᠯ ᠪᠠᠭ᠎ᠠ ᠰᠤᠷᠭᠠᠭᠤᠯᠢ

                                  ︵ᠠᠯᠳᠠᠨᠰᠦ᠋ᠭᠡ ᠨᠠᠶᠢᠷᠠᠭᠤᠯᠪᠠ︶

                                  2023.3 ᠳ᠋ᠤᠭᠠᠷ ᠬᠤᠭᠤᠴᠠᠭ᠎ᠠ

 

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map