ᠰᠤᠷᠭᠠᠭᠤᠯᠢ ᠶᠢᠨ ᠰᠤᠷᠭᠠᠨ ᠭᠦᠮᠦᠵᠢᠯ ᠤᠨ ᠲᠤᠬᠠᠢ ᠮᠢᠨᠤ ᠲᠠᠰᠤᠭ ᠪᠣᠰᠠᠭ ᠦᠵᠡᠯᠲᠡ
ᠨᠡᠶᠢᠲᠡᠯᠡᠭᠰᠡᠨ ᠴᠠᠭ᠄
2023/11/16
                               ᠬᠡᠷᠡᠯᠳᠦ

班工作2.png

      ᠥᠨᠦᠳᠤᠷ ᠨᠡᠶᠢᠭᠡᠮ ᠤᠨ ᠭᠦᠭᠵᠢᠯᠲᠡ ᠨᠢᠰᠬᠦ ᠮᠡᠳᠦ ᠲᠦᠷᠭᠡᠨ ᠪᠤᠯᠵᠤ᠂ ᠰᠢᠨᠵᠢᠯᠡᠭᠡ ᠮᠡᠷᠭᠡᠵᠢᠯ᠂ ᠰᠤᠷᠠᠭ

ᠳᠣᠬᠢᠶ᠎ᠠ ᠵᠡᠷᠭᠡ ᠡᠯ᠎ᠡ ᠲᠠᠯ᠎ᠠ ᠪᠠᠷ ᠬᠤᠷᠴᠠ ᠰᠢᠷᠦᠭᠦᠨ ᠥᠷᠢᠰᠤᠯᠳᠤᠭᠡᠨ ᠤ ᠴᠠᠭ ᠦᠶ᠎ᠡ ᠳᠤ ᠤᠷᠤᠵᠤ᠂ ᠡᠷᠳᠡᠮᠳᠡᠨ

ᠴᠢᠳᠠᠪᠦᠷᠢᠳᠠᠨ ᠳᠤ ᠲᠠᠯᠪᠢᠬᠤ ᠱᠠᠭᠠᠷᠳᠠᠯᠭ᠎ᠠ ᠴᠦ ᠨᠡᠩ ᠦᠨᠳᠤᠷ ᠪᠤᠯᠪᠠ᠃ ᠭᠡᠪᠡᠴᠤ ᠡᠶᠢᠮᠦᠷᠭᠦᠦ ᠴᠢᠬᠤᠯᠠᠴᠢᠯᠠᠭ᠎ᠠ ᠨᠢ

ᠰᠤᠷᠭᠠᠭᠤᠯᠢ ᠶᠢᠨ ᠰᠤᠷᠭᠠᠨ ᠭᠦᠮᠦᠵᠢᠯ ᠳᠤ ᠥᠭᠬᠦ ᠲᠠᠷᠤᠭᠠᠰᠤ ᠪᠠ ᠨᠥᠯᠦᠭᠡ ᠶᠢ ᠲᠡᠬᠢᠨ ᠢᠶᠠᠷ ᠨᠡᠮᠡᠭᠳᠡᠭᠦᠯᠦᠭᠰᠡᠨ

ᠶᠤᠮ᠃ ᠡᠭᠦᠨ ᠳᠤ ᠡᠶᠡᠷᠭᠦ ᠲᠠᠯ᠎ᠠ ᠪᠠ ᠰᠥᠭᠡᠷᠭᠦ ᠲᠠᠯ᠎ᠠ ᠶᠢᠨ ᠨᠥᠯᠦᠭᠡ ᠪᠦᠷ ᠪᠤᠢ᠃ ᠡᠭᠦᠨ ᠤ ᠲᠤᠬᠠᠢ ᠥᠪᠡᠷ ᠤᠨ

ᠰᠢᠭᠦᠷᠭᠡᠢ ᠦᠵᠡᠯᠲᠡ ᠪᠠᠨ ᠶᠡᠷᠢᠵᠦ ᠤᠯᠠᠨ ᠮᠡᠷᠭᠡᠳ ᠲᠠᠢ ᠵᠥᠪᠯᠡᠬᠦ ᠶᠢ ᠰᠠᠨᠠᠯ᠎ᠠ᠃

      ᠨᠢᠭᠡ ᠳᠤ᠂ ᠰᠤᠷᠤᠭᠴᠢ ᠶᠢ ︽ᠭᠦᠮᠦᠨ︾ ᠬᠡᠮᠡᠬᠦ ᠲᠠᠯ᠎ᠠ ᠠᠴᠠ ᠨᠢ ᠪᠤᠰᠤ᠂ ᠬᠠᠷᠢᠨ ︽ᠪᠢᠴᠢᠭ ᠰᠤᠷᠳᠠᠭ

ᠮᠠᠰᠢᠨ︾ ᠢᠶᠠᠷ ᠦᠵᠡᠳᠡᠭ ᠪᠣᠯᠪᠠ᠃

      1. ᠨᠡᠶᠢᠭᠡᠮ ᠨᠢ ᠳᠡᠭᠡᠳᠦ ᠪᠣᠯᠪᠠᠰᠤᠷᠠᠯ ᠪᠦᠬᠦᠢ ᠴᠢᠳᠠᠪᠦᠷᠢᠳᠠᠨ ᠢ ᠰᠤᠩᠭᠤᠬᠤ ᠳᠤ ᠪᠠᠨ ᠲᠡᠭᠦᠰᠦᠭᠰᠡᠨ

ᠰᠤᠷᠭᠠᠭᠤᠯᠢ᠂ ᠰᠤᠷᠤᠭᠰᠠᠨ ᠮᠡᠷᠭᠡᠵᠢᠯ ᠢ ᠯᠡ ᠴᠢᠬᠤᠯᠠᠴᠢᠯᠠᠭᠠᠳ ᠬᠠᠷᠢᠨ ᠲᠤᠰ ᠭᠦᠮᠦᠨ ᠤ ᠪᠡᠶ᠎ᠡ ᠳᠤ

ᠬᠤᠷᠠᠮᠳᠤᠭᠰᠠᠨ ᠴᠢᠳᠠᠪᠦᠷᠢ᠂ ᠡᠰᠡᠭᠦᠯ᠎ᠡ ᠤᠤᠯ ᠠᠴᠠ ᠪᠠᠶᠢᠳᠠᠭ ᠠᠪᠢᠶᠠᠰ ᠢ ᠨᠢ ᠣᠮᠳᠤᠭᠠᠢᠢᠯᠠᠳᠠᠭ᠃

      2. ᠰᠤᠷᠭᠠᠭᠤᠯᠢ ᠨᠢ ᠵᠢᠭᠠᠨ ᠰᠤᠷᠭᠠᠯᠲᠠ ᠶᠢᠨ ᠦᠷ᠎ᠡ ᠳ᠋ᠦᠩ᠂ ᠥᠭᠡᠷ᠎ᠡ ᠪᠠᠷ ᠬᠡᠯᠡᠪᠡᠯ ᠡ᠊ᠩ ᠤᠨ ᠲᠠᠭᠡᠳᠤ

ᠰᠤᠷᠭᠠᠭᠤᠯᠢ ᠶᠢᠨ ᠰᠤᠷᠤᠭᠴᠢ ᠡᠯᠰᠠᠭᠦ ᠪᠦᠭᠦ ᠤᠯᠤᠰ ᠤᠨ ᠨᠢᠭᠡᠳᠤᠯᠳᠠᠢ ᠰᠢᠯᠭᠠᠯᠲᠠ ᠵᠡᠷᠭᠡ ᠡᠯ᠎ᠡ ᠱᠠᠳᠤᠨ ᠤ

ᠰᠢᠯᠭᠠᠯᠲᠠ ᠶᠢᠨ ᠬᠢᠷᠢ ᠪᠦᠳᠦᠮᠵᠢ ᠶᠢ ᠰᠣᠬᠤᠷ ᠪᠠᠯᠠᠢ ᠪᠠᠷ ᠭᠦᠭᠡᠭᠡᠴᠡᠯᠳᠤᠵᠦ᠂ ᠰᠤᠷᠭᠠᠭᠤᠯᠢ ᠶᠢᠨ ᠨᠡᠷ᠎ᠡ ᠭᠦᠨᠳᠥ᠂

ᠡᠷᠬᠡ ᠠᠰᠢᠭ ᠢ ᠥᠷᠥᠭᠡᠰᠤᠯ ᠢᠶᠠᠷ ᠴᠢᠬᠤᠯᠠᠴᠢᠯᠠᠨ ᠰᠤᠷᠤᠭᠴᠢᠳ ᠢ ︽ᠪᠠᠭᠠᠵᠢ︾ ᠪᠠᠷ ᠦᠵᠡᠵᠦ ᠭᠦᠮᠦᠡᠯᠢᠭ

ᠲᠠᠯ᠎ᠠ ᠶᠢ ᠨᠢ ᠤᠮᠳᠤᠭᠠᠢᠢᠯᠠᠭᠰᠠᠨ ᠢᠶᠠᠷ ᠪᠡᠶ᠎ᠡ ᠰᠡᠳᠭᠢᠴᠡ ᠶᠢᠨ ᠪᠤᠶᠢᠵᠢᠯᠲᠠ ᠳᠤ ᠨᠢ ᠠᠰᠢᠬ ᠦᠭᠡᠢ ᠨᠦᠯᠦᠭᠡ

ᠦᠵᠡᠭᠦᠯᠪᠡ᠃

      3. ᠡᠴᠢᠭᠡ ᠡᠬᠡ ᠪᠣᠯᠤᠭᠰᠠᠳ ᠨᠢ ᠦᠷ᠎ᠡ ᠬᠡᠤᠭᠡᠳ ᠢᠶᠠᠨ ︽ᠦᠨᠳᠤᠷ ᠬᠤᠪᠢ ᠨᠤᠷᠮ᠎ᠠ ᠪᠠᠷ ᠨᠡᠷᠡᠳᠥ

ᠰᠤᠷᠭᠠᠭᠤᠯᠢ ᠳᠤ ᠤᠷᠤᠬᠤ ᠪᠤᠯ ᠴᠤᠷᠢ ᠶᠢᠨ ᠭᠠᠭᠴᠠ ᠵᠠᠮ︾ ᠭᠡᠬᠦ ᠦᠵᠡᠯᠲᠡ ᠪᠠᠷ ᠰᠤᠷᠭᠠᠭᠤᠯᠢ ᠨᠡᠶᠢᠭᠡᠮ ᠤᠨ

ᠬᠠᠮᠰᠠᠭ᠎ᠠ ᠪᠤᠯᠵᠦ ︽ᠲᠠᠰᠢᠭᠤᠷᠳᠠᠳᠠᠭ︾ ᠠᠴᠠ ᠰᠤᠷᠤᠭᠴᠢᠳ ᠤᠨ ᠪᠡᠶ᠎ᠡ ᠰᠡᠳᠭᠢᠯ ᠤᠨ ᠲᠠᠷᠤᠭᠠᠰᠤ ᠲᠠᠬᠢᠨ ᠢᠶᠠᠷ

ᠨᠡᠮᠡᠭᠳᠡᠵᠦ᠂ ᠴᠢᠳᠠᠯ᠂ ᠭᠦᠰᠡᠯ ᠠᠴᠠ ᠨᠢ ᠬᠡᠳᠦ ᠳᠠᠪᠠᠭᠰᠠᠨ ︽ᠲᠡᠭᠡᠭᠡᠰᠢ︾ ᠨᠢ ᠰᠤᠷᠤᠭᠴᠢᠳ ᠤᠨ ᠮᠠᠬᠠᠪᠤᠳ ᠢ ᠨᠢ

ᠳᠤᠷᠦ᠋ᠢᠳᠠᠭᠤᠯᠵᠦ ᠰᠡᠳᠭᠢᠯ ᠢ ᠨᠢ ᠲᠦᠢᠯᠰᠢᠷᠡᠭᠤᠯᠵᠦ ᠪᠤᠳᠤᠵᠦ ᠣᠯᠤᠰᠢ ᠦᠭᠡᠢ ᠭᠡᠮ ᠠᠷᠬᠠᠭ ᠢ ᠪᠤᠢ ᠪᠣᠯᠭᠠᠳᠠᠭ

ᠪᠠᠶᠢᠨ᠎ᠠ᠃

      ᠳᠡᠭᠡᠷ᠎ᠡ ᠶᠠᠷᠢᠭᠰᠠᠨ ᠭᠤᠷᠪᠠᠨ ᠲᠠᠯ᠎ᠠ ᠶᠢᠨ ᠰᠢᠯᠳᠠᠭᠠᠨ ᠠᠴᠠ ᠪᠣᠯᠵᠤ᠂ ᠰᠤᠷᠤᠭᠴᠢᠳ  ᠤᠨ ᠶᠢᠷᠳᠢᠨᠴᠤ ᠶᠢᠨ

ᠦᠵᠡᠯᠲᠡ᠂ ᠠᠮᠢᠳᠤᠷᠠᠬᠤᠢ ᠶᠢᠨ ᠦᠵᠡᠯᠲᠡ᠂ ᠥᠷᠳᠡᠭ ᠤᠨ ᠦᠵᠡᠯᠲᠡ ᠳᠤ ᠥᠭᠡᠷᠡᠴᠢᠯᠡᠯᠲᠡ ᠭᠠᠷᠴᠦ ᠨᠡᠶᠢᠭᠡᠮ ᠢ

ᠣᠢᠢᠯᠠᠭᠠᠬᠤ ᠠᠴᠠ ᠪᠠᠨ ᠡᠮᠦᠨ᠎ᠡ ᠬᠠᠰᠢᠷᠠᠨ ᠳᠤᠳᠠᠭᠠᠬᠤ᠂ ᠡᠴᠢᠭᠡ ᠡᠬᠡ ᠭᠡᠷ ᠪᠦᠯᠢ ᠪᠠᠨ ᠣᠢᠢᠯᠠᠭᠠᠬᠤ ᠠᠴᠠ ᠪᠠᠨ

ᠡᠮᠦᠨ᠎ᠡ ᠦᠵᠡᠨ ᠶᠠᠳᠠᠵᠦ ᠭᠦᠢᠲᠡᠨ ᠴᠡᠪᠳᠡᠭ ᠬᠠᠨᠳᠤᠬᠤ ᠵᠡᠷᠭᠡ ᠪᠠᠶᠢᠳᠠᠯ ᠢᠯᠡᠷᠡᠳᠡᠭ᠃ ᠡᠨᠡ ᠨᠢ ᠨᠡᠩ ᠬᠤᠵᠢᠮ ᠤᠨ

ᠬᠤᠵᠢᠮ ᠳᠤ ᠪᠠᠨ ᠨᠡᠶᠢᠭᠡᠮ ᠨᠡᠶᠢᠲᠡ᠂ ᠭᠡᠷ ᠪᠦᠯᠢ ᠳᠤ ᠤᠯᠠᠨ ᠲᠠᠯ᠎ᠠ ᠶᠢᠨ ᠲᠠᠷᠤᠭᠠᠰᠤ ᠶᠢ ᠪᠤᠢ ᠪᠤᠯᠭᠠᠵᠦ᠂

ᠰᠡᠳᠭᠢᠴᠡ ᠶᠢᠨ ᠭᠠᠵᠢᠭ ᠠᠴᠠ ᠪᠣᠯᠤᠭᠰᠠᠨ ᠪᠤᠬᠢᠨᠢᠳᠤᠯ ᠵᠣᠪᠠᠨᠢᠯ᠂ ᠶᠠᠮᠠᠷ ᠴᠦ ᠵᠦᠢᠯ ᠳᠤ ᠢᠳᠡᠪᠬᠢ ᠣᠪᠤᠷ ᠦᠭᠡᠢ

ᠨᠠᠵᠠᠭᠠᠢᠢᠷᠠᠬᠤ᠂ ᠬᠡᠳᠦ ᠨᠠᠶᠢᠳᠠᠬᠤ᠂ ᠪᠡᠶ᠎ᠡ  ᠪᠠᠨ ᠬᠤᠣᠷᠯᠠᠬᠤ ᠬᠡᠮᠳᠥ ᠬᠡᠷᠡᠭ ᠬᠢᠬᠦ ᠭᠡᠬᠦ ᠮᠡᠳᠥ ᠶᠢᠨ ᠦᠷ᠎ᠡ ᠳ᠋ᠦᠩ ᠳᠤ

ᠭᠥᠷᠳᠡᠭ᠃ ᠡᠳᠡᠭᠡᠷ ᠪᠤᠳᠠᠳᠥ ᠪᠠᠶᠢᠳᠠᠯ ᠨᠢ ᠨᠢᠭᠡᠨᠲᠡ ᠨᠡᠶᠢᠭᠡᠮ ᠨᠡᠶᠢᠲᠡ ᠶᠢᠨ ᠬᠠᠮᠤᠭ ᠠᠴᠠ ᠰᠠᠨᠠᠭᠠᠰᠢᠷᠠᠨ ᠠᠩᠬᠠᠷᠬᠤ

ᠠᠰᠠᠭᠤᠳᠠᠯ ᠪᠣᠯᠤᠭᠠᠳ ᠪᠠᠶᠢᠨ᠎ᠠ᠃ ᠡᠳᠡᠭᠡᠷ ᠪᠦᠬᠦᠨ ᠨᠢ ᠮᠠᠨᠤᠰ ᠢ ᠰᠤᠷᠭᠠᠨ ᠭᠦᠮᠦᠵᠢᠯ ᠤᠨ ᠦᠨᠳᠤᠰᠤᠨ ᠵᠣᠷᠢᠯᠲᠠ᠂

ᠬᠠᠷᠠᠯᠲᠠ᠂ ᠤᠭ ᠡᠰᠢ ᠶᠢ ᠡᠷᠬᠡᠪᠰᠢ ᠲᠠᠬᠢᠨ ᠲᠠᠨᠢᠬᠤ᠂ ᠰᠢᠨ᠎ᠡ ᠪᠠᠷ ᠲᠠᠨᠢᠬᠤ ᠶᠢ ᠱᠠᠭᠠᠷᠳᠠᠬᠤ ᠪᠣᠯᠵᠠᠢ᠃

      ᠬᠤᠶᠠᠷ ᠲᠤ᠂ ᠪᠢᠲᠡ ᠡᠷᠬᠡᠪᠰᠢ ᠰᠤᠷᠤᠭᠴᠢᠳ ᠢᠶᠠᠨ ︽ᠭᠦᠮᠦᠨ︾ ᠢᠶᠠᠷ ᠦᠵᠡᠵᠦ ᠤᠢᠢᠯᠠᠭᠠᠵᠦ

ᠭᠦᠨᠳᠤᠳᠬᠡᠭᠦ ᠬᠡᠷᠡᠭᠳᠠᠢ᠃

      ᠮᠣᠩᠭᠤᠯ ᠦᠭᠡᠨ ᠳᠤ ︽ᠮᠠᠯ ᠤᠨ ᠰᠠᠨᠠᠭ᠎ᠠ ᠶᠢ ᠲᠠᠭᠠᠭᠰᠠᠨ ᠠᠶᠢᠯ ᠤᠨ ᠮᠠᠯ ᠥᠭᠡᠳᠡᠷᠬᠡᠭ︾ ᠭᠡᠰᠡᠨ ᠦᠭᠡ

ᠪᠠᠶᠢᠳᠠᠭ᠂ ᠪᠢᠳᠡ ᠰᠤᠷᠤᠭᠴᠢᠳ ᠤᠨ ᠢᠶᠠᠨ ᠪᠣᠳᠤᠯ ᠭᠦᠰᠡᠯ ᠢ ᠤᠢᠢᠯᠠᠭᠠᠵᠦ᠂ ᠲᠡᠭᠦᠨ ᠤ ᠬᠢ ᠨᠢ ᠲᠠᠭᠠᠤ ᠳᠤ ᠥᠪ

ᠰᠣᠶᠤᠯ ᠤᠨ ᠢᠶᠠᠨ ᠰᠢᠯᠢᠳᠡᠭ ᠢ ᠨᠢ ᠲᠠᠨᠢᠭᠤᠯᠤᠨ ᠰᠤᠷᠤᠯᠴᠠᠭᠤᠯᠵᠦ᠂ ᠤᠷᠮᠠᠰᠢᠭᠤᠯᠤᠨ ᠵᠤᠷᠢᠬᠵᠢᠭᠤᠯᠪᠠᠯ ᠦᠷ᠎ᠡ

ᠬᠤᠶᠢᠴᠢᠰ ᠮᠢᠨᠢ ᠨᠡᠩ ᠵᠣᠯᠪᠤᠭ᠎ᠠ ᠲᠡᠭᠦᠯᠳᠡᠷ ᠢᠶᠠᠷ᠂ ᠢᠳᠡᠭᠡᠯ ᠲᠡᠭᠦᠰ ᠢᠶᠠᠷ ᠥᠪᠡᠷ ᠤᠨ ᠵᠣᠷᠢᠭᠰᠠᠨ

ᠦᠢᠯᠡᠰ ᠲᠤ ᠪᠠᠨ ᠤᠷᠤᠭᠰᠢᠳᠠᠢ ᠢᠯᠭᠤᠮ ᠢᠶᠠᠷ ᠭᠦᠷᠴᠦ ᠴᠢᠳᠠᠬᠤ ᠶᠤᠮ᠃ ︽ᠥᠪᠡᠷ ᠢ ᠪᠠᠨ ᠭᠦᠨᠳᠤᠳᠬᠡᠭᠦ ᠨᠢ

ᠪᠤᠰᠤᠳ ᠢ ᠭᠦᠨᠳᠤᠳᠬᠡᠭᠦ ᠠᠴᠠ ᠡᠬᠢᠯᠡᠳᠡᠭ︾ ᠭᠡᠳᠡᠭ ᠢᠶᠠᠷ ᠰᠤᠷᠤᠭᠴᠢᠳ ᠲᠤ ᠪᠠᠨ ︽ᠥᠪᠡᠷ ᠤᠨ ᠢᠶᠠᠨ ᠴᠠᠭ

ᠦᠶ᠎ᠡ᠂ ᠣᠷᠴᠢᠨ ᠠᠬᠤᠢ ᠳᠤ ᠴᠢᠯᠦᠭᠡᠳᠠᠢ ᠪᠠᠷ ᠨᠢᠰᠤᠨ ᠳᠡᠪᠳᠡᠷᠢᠬᠦ ᠠᠭᠠᠷ ᠣᠷᠴᠢᠯᠠᠩ︾ ᠢ ᠪᠦᠷᠢᠯᠳᠤᠭᠦᠯᠤᠨ

ᠥᠭᠴᠦ ᠯᠡ ᠪᠠᠶᠢᠪᠠᠯ ᠠᠯᠢᠪᠠ ᠪᠦᠬᠦᠨ ᠰᠠᠶᠢᠨ ᠰᠠᠶᠢᠬᠠᠨ ᠵᠦᠭ ᠲᠤ ᠥᠷᠨᠢᠭᠦ ᠪᠣᠯᠤᠨ᠎ᠠ᠃ ᠡᠨᠡ ᠨᠢ ᠮᠥᠨ ᠴᠦ ᠭᠡᠷ

ᠪᠦᠯᠢ᠂ ᠨᠡᠶᠢᠭᠡᠮ ᠤᠨ ᠰᠤᠷᠭᠠᠨ ᠭᠦᠮᠦᠵᠢᠯ ᠤᠨ ᠴᠢᠬᠤᠯᠠ ᠪᠣᠯᠬᠤ ᠨᠢᠭᠡᠨ ᠡᠯᠧᠮᠧᠨ᠋ᠲ ᠭᠡᠳᠡᠭ ᠢ ᠣᠢᠢᠯᠠᠭᠠᠬᠤ

ᠴᠢᠬᠤᠯᠠᠲᠠᠢ᠃

      1. ᠰᠤᠷᠤᠭᠴᠢᠳ ᠢ ᠬᠦᠮᠦᠨ ᠤ ᠦᠨᠦᠷ ᠲᠠᠢ᠂ ᠮᠥᠰᠦ ᠴᠢᠨᠠᠷ ᠲᠠᠢ ᠬᠦᠮᠦᠨ ᠪᠤᠯᠭᠠᠨ ᠬᠥᠮᠦᠵᠢᠭᠦᠯᠬᠦ ᠪᠣᠯ

ᠰᠤᠷᠭᠠᠭᠤᠯᠢ ᠶᠢᠨ ᠰᠤᠷᠭᠠᠨ ᠬᠦᠮᠦᠵᠢᠯ ᠤᠨ ᠬᠠᠮᠤᠭ ᠤᠨ ᠦᠨᠳᠦᠰᠦᠨ ᠬᠠᠷᠠᠯᠲᠠ ᠪᠣᠯᠤᠨ᠎ᠠ᠃ ᠰᠤᠷᠭᠠᠨ ᠬᠦᠮᠦᠵᠢᠯ ᠨᠢ

ᠬᠦᠮᠦᠨ ᠤ ᠪᠡᠶ᠎ᠡ ᠳᠤ ᠪᠣᠢ ᠪᠠᠶᠢᠭᠠᠯᠢᠯᠢᠬ᠂ ᠦᠭᠡᠷ᠎ᠡ ᠪᠠᠷ ᠬᠡᠯᠡᠪᠡᠯ ᠲᠥᠷᠦᠯᠬᠢ ᠵᠡᠷᠯᠢᠭ ᠲᠠᠯ᠎ᠠ ᠶᠢ ᠵᠦᠭᠡᠯᠡᠯᠡᠨ

ᠨᠦᠮᠵᠦᠭᠷᠡᠭᠦᠯᠵᠦ᠂ ᠪᠠᠶᠢᠭᠠᠯᠢ ᠳᠡᠯᠡᠬᠡᠢ ᠶᠢᠨ ᠠᠮᠢᠲᠠᠨ ᠤᠷᠭᠤᠮᠠᠯ ᠠᠴᠠ ᠣᠢᠢᠷ᠎ᠠ ᠲᠤᠭᠤᠷᠢᠨ ᠤ ᠪᠠᠨ ᠬᠦᠮᠦᠨ

ᠠᠷᠠᠳ ᠲᠤ ᠬᠠᠶᠢᠷ᠎ᠠ ᠬᠠᠯᠠᠮᠵᠢ ᠲᠠᠢ᠂ ᠬᠦᠨᠳᠦᠳᠬᠡᠯ ᠬᠦᠷᠢᠶᠡᠯᠡᠯ ᠲᠠᠢ᠂ ᠡᠶ᠎ᠡ ᠨᠠᠶᠢᠷ ᠲᠠᠢ᠂ ᠲᠠᠯᠠᠷᠬᠠᠨ ᠠᠴᠢᠯᠠᠬᠤ

ᠰᠡᠳᠬᠢᠯ ᠲᠠᠢ ᠬᠦᠮᠦᠨ ᠪᠣᠯᠭᠠᠨ ᠬᠦᠮᠦᠵᠢᠭᠦᠯᠬᠦ ᠶᠠᠪᠤᠳᠠᠯ ᠪᠣᠯᠬᠤ ᠶᠤᠮ᠃ ᠳᠡᠯᠡᠬᠡᠢ ᠶᠢᠷᠲᠢᠨᠴᠦ ᠡᠳᠦᠷ ᠠᠴᠠ

ᠡᠳᠦᠷ ᠲᠤ ᠡᠷᠬᠡ ᠲᠡᠭᠰᠢ᠂ ᠡᠶ᠎ᠡ ᠨᠠᠶᠢᠷ ᠲᠠᠢ᠂ ᠴᠢᠯᠦᠭᠡᠲᠡᠢ᠂ ᠠᠷᠠᠳᠴᠢᠯᠠᠯ ᠲᠠᠢ ᠬᠠᠮᠤᠭ ᠤᠨ ᠰᠠᠶᠢᠬᠠᠨ ᠪᠣᠯᠪᠠᠰᠤᠨ

ᠲᠡᠰᠢ ᠬᠦᠭᠵᠢᠵᠦ ᠪᠠᠶᠢᠭ᠎ᠠ ᠴᠠᠭ ᠦᠶ᠎ᠡ ᠶᠢᠨ ᠠᠶᠢᠵᠠᠮ ᠠᠯᠬᠤᠭ᠎ᠠ ᠳᠤ ᠰᠤᠷᠭᠠᠭᠤᠯᠢ ᠨᠢ ᠶᠠᠭ ᠰᠤᠷᠤᠭᠴᠢᠳ ᠢᠶᠠᠨ

ᠡᠶᠢᠮᠦᠷᠭᠦᠦ ᠬᠡᠪ ᠪᠣᠯᠪᠠᠰᠤᠷᠠᠯ ᠲᠠᠢ ᠪᠣᠯᠭᠠᠬᠤ ᠳᠠᠷᠬᠠᠨ ᠡᠭᠦᠷᠭᠡ ᠶᠢ ᠡᠭᠦᠷᠭᠡᠯᠡᠵᠦ ᠪᠠᠶᠢᠭ᠎ᠠ ᠶᠤᠮ᠃

      2. ᠪᠠᠭᠰᠢ ᠪᠤᠯᠤᠭᠰᠠᠳ ᠡᠷᠬᠡᠪᠰᠢ ᠰᠤᠷᠤᠭᠴᠢᠳ ᠤᠨ ᠢᠶᠠᠨ ᠪᠡᠶ᠎ᠡ ᠰᠡᠳᠬᠢᠴᠡ ᠶᠢᠨ ᠪᠤᠶᠢᠵᠢᠯᠲᠠ ᠶᠢ ᠴᠠᠭ

ᠴᠠᠭ ᠤᠨ ᠲᠤᠷᠰᠢᠲᠠ ᠨᠠᠷᠢᠨ ᠨᠢᠮᠪᠠᠢ ᠰᠤᠳᠤᠯᠤᠨ ᠤᠢᠢᠯᠠᠭᠠᠵᠤ᠂ ᠴᠠᠭ ᠴᠠᠭ ᠲᠤ ᠨᠢ ᠲᠤᠬᠢᠷᠠᠭᠰᠠᠨ ᠡᠮ ᠳᠣᠮ ᠢ

ᠤᠶᠠᠨ ᠬᠠᠲᠠᠨ ᠢᠶᠠᠷ ᠵᠤᠬᠢᠴᠠᠭᠤᠯᠵᠤ ᠴᠢᠳᠠᠭᠰᠠᠨ ᠪᠠᠶᠢᠬᠤ ᠬᠡᠷᠡᠭᠲᠡᠢ ᠶᠤᠮ᠃ ᠥᠨᠦᠳᠦᠷ ᠤᠨ ᠰᠤᠷᠤᠭᠴᠢᠳ ᠤᠨ

ᠬᠤᠭᠤᠷᠤᠨᠳᠤᠬᠢ ᠵᠦᠷᠢᠴᠡᠯ ᠮᠥᠷᠭᠦᠯᠳᠦᠭᠡᠨ᠂ ᠪᠠᠭᠰᠢ ᠰᠤᠷᠤᠭᠴᠢ ᠶᠢᠨ ᠬᠤᠭᠤᠷᠤᠨᠳᠤᠬᠢ ᠵᠦᠷᠢᠴᠡᠯ᠂ ᠭᠡᠷ ᠤᠨ

ᠠᠬᠠᠮᠠᠳ ᠪᠠ ᠬᠡᠦᠬᠡᠳ ᠤᠨ ᠬᠤᠭᠤᠷᠤᠨᠳᠤᠬᠢ ᠵᠦᠷᠢᠴᠡᠯ ᠮᠠᠷᠭᠤᠭᠠᠨ ᠨᠢ ᠪᠦᠷ ᠬᠠᠷᠢᠯᠴᠠᠨ ᠨᠢᠭᠡ ᠨᠢᠭᠡᠨ ᠢᠶᠠᠨ ᠥᠯᠦ

ᠣᠢᠢᠯᠠᠭᠠᠬᠤ᠂ ᠣᠢᠢᠯᠠᠭᠠᠬᠤ ᠶᠢ ᠦᠯᠦ ᠬᠦᠰᠡᠭᠰᠡᠨ ᠠᠴᠠ ᠪᠤᠯᠤᠭᠰᠠᠨ ᠦᠷ᠎ᠡ ᠳ᠋ᠥᠩ ᠶᠤᠮ᠃ ᠶᠡᠭᠡ ᠪᠠᠭ᠎ᠠ ᠭᠡᠰᠡᠨ

ᠦᠭᠡᠢ᠂ ᠪᠠᠭᠰᠢ᠂ ᠰᠤᠷᠤᠭᠴᠢ᠂ ᠭᠡᠷ ᠤᠨ ᠠᠬᠠᠮᠠᠳ ᠬᠠᠷᠢᠯᠴᠠᠨ ᠬᠡᠨ ᠠᠯᠢᠨ ᠢᠶᠠᠨ ᠣᠢᠢᠯᠠᠭᠠᠬᠤ ᠦᠭᠡᠢ᠂

ᠬᠠᠷᠢᠯᠴᠠᠨ ᠬᠡᠨ ᠠᠯᠢᠨ ᠲᠠᠢ ᠪᠠᠨ ᠨᠡᠪᠲᠡᠷᠡᠬᠦ ᠦᠭᠡᠢ ᠪᠣᠯ ᠬᠡᠷᠬᠢᠨ ᠬᠡᠨ ᠠᠯᠢᠨ ᠤ ᠪᠠᠨ ᠰᠡᠳᠬᠢᠯ ᠳᠤ ᠨᠡᠪᠲᠡᠷᠡᠭᠰᠡᠨ᠂

ᠰᠡᠳᠬᠢᠯ ᠳᠤ ᠨᠢ ᠲᠠᠭᠠᠯᠠᠭᠳᠠᠭᠰᠠᠨ ᠬᠦᠮᠦᠨ ᠪᠣᠯᠵᠤ ᠳᠡᠶᠢᠯᠬᠦ ᠶᠤᠮ᠃ ᠡᠭᠦᠨ ᠳᠤ ᠠᠯᠢ ᠲᠠᠯ᠎ᠠ ᠨᠢ ᠪᠣᠯᠤᠭᠰᠠᠨ ᠴᠦ

ᠠᠭᠤᠵᠢᠭᠤ ᠲᠠᠯᠪᠢᠭᠤ᠂ ᠬᠦᠯᠢᠴᠡᠩᠭᠦᠢ ᠳᠠᠭᠠᠭᠠᠴᠠᠲᠠᠢ᠂ ᠬᠠᠯᠠᠰᠢᠷᠠᠯ ᠦᠭᠡᠢ ᠬᠠᠷᠢᠯᠴᠠᠭ᠎ᠠ ᠲᠠᠢ ᠪᠠᠶᠢᠮᠠᠨ ᠰᠠᠶ᠋ᠢ ᠨᠢᠭᠡ

ᠨᠢᠭᠡᠨ ᠢᠶᠠᠨ ᠣᠢᠢᠯᠠᠭᠠᠵᠤ᠂ ᠪᠠᠭᠰᠢ ᠨᠢ ᠰᠤᠷᠤᠭᠴᠢ ᠪᠠᠨ ᠬᠠᠶᠢᠷᠠᠯᠠᠬᠤ᠂ ᠰᠤᠷᠤᠭᠴᠢ ᠨᠢ ᠪᠠᠭᠰᠢ ᠪᠠᠨ ᠬᠦᠨᠳᠦᠳᠬᠡᠬᠦ᠂

ᠬᠡᠦᠬᠡᠳ ᠨᠢ ᠡᠴᠢᠭᠡ ᠡᠬᠡ ᠪᠠᠨ ᠨᠠᠨᠳᠢᠩᠨᠠᠨ ᠬᠠᠶᠢᠷᠠᠯᠠᠬᠤ ᠭᠡᠬᠦ ᠮᠡᠲᠦ ᠶᠢᠨ ᠡᠰᠢ ᠶᠤᠰᠤᠨ ᠳᠤ ᠨᠡᠶᠢᠴᠡᠭᠰᠡᠨ

ᠬᠠᠷᠢᠯᠴᠠᠭ᠎ᠠ ᠪᠦᠷᠢᠯᠳᠦᠵᠦ ᠴᠢᠳᠠᠨ᠎ᠠ᠃

      ① ᠣᠢᠢᠯᠠᠭᠠᠵᠤ ᠠᠭᠤᠴᠢᠯᠠᠬᠤ ᠪᠣᠯ ᠬᠠᠮᠤᠭ ᠤᠨ ᠰᠠᠶᠢᠨ ᠡᠮ ᠶᠤᠮ᠃

      ᠪᠠᠭᠰᠢ ᠪᠤᠯᠤᠭᠰᠠᠳ ᠡᠷᠬᠡᠪᠰᠢ ᠬᠦᠯᠢᠴᠡᠩᠭᠦᠢ ᠪᠠᠭᠲᠠᠭᠠᠮᠵᠢᠲᠠᠢ ᠪᠠᠷ ᠰᠤᠷᠤᠭᠴᠢᠳ ᠤᠨ ᠢᠶᠠᠨ ᠰᠡᠳᠬᠢᠯ ᠢ

ᠢᠳᠡᠭ ᠠᠯᠬᠤᠮ ᠢᠶᠠᠷ ᠨᠡᠬᠡᠭᠡᠵᠦ᠂ ᠤᠷᠤᠰᠢᠵᠤ ᠪᠠᠶᠢᠭ᠎ᠠ ᠠᠯᠳᠠᠭ᠎ᠠ ᠠᠳᠡᠯ ᠢ ᠨᠢ ᠢᠳᠡᠭ ᠠᠯᠬᠤᠮ ᠢᠶᠠᠷ ᠵᠢᠭᠠᠨ

ᠭᠠᠷᠭᠠᠵᠤ᠂ ᠠᠭᠤᠴᠢᠯᠠᠨ ᠡᠨᠡᠷᠢᠬᠦ ᠨᠢ ᠬᠠᠮᠤᠭ ᠤᠨ ᠦᠷ᠎ᠡ ᠠᠰᠢᠭ ᠲᠠᠢ ᠬᠦᠮᠦᠵᠢᠭᠦᠯᠦᠯ ᠪᠣᠯᠬᠤ ᠶᠤᠮ᠃ ᠬᠠᠷᠢᠨ

ᠡᠭᠦᠨ ᠤ ᠡᠰᠡᠷᠭᠦ ᠪᠠᠷ ᠠᠭᠰᠤᠷᠤᠨ ᠵᠠᠩᠳᠤᠷᠴᠦ᠂ ᠬᠠᠷᠢᠶᠠᠨ ᠭᠤᠲᠤᠭᠠᠬᠤ᠂ ᠨᠡᠩ ᠴᠢᠨᠠᠭᠰᠢᠯᠠᠨ ᠪᠦᠳᠦᠭᠦᠯᠢᠭ ᠢᠶᠠᠷ

ᠭᠤᠶᠠᠳᠠᠵᠤ ᠴᠣᠬᠢᠬᠤ ᠨᠢ ᠤᠯᠠᠮ ᠪᠦᠷ ᠰᠤᠷᠤᠭᠴᠢᠳ ᠢ ︽ᠬᠤᠭᠤᠷᠠᠬᠤ ᠠᠴᠠ ᠪᠢᠰᠢ ᠨᠤᠭᠤᠷᠠᠬᠤ                

ᠦᠭᠡᠢ︾ ᠪᠤᠯᠭᠠᠳᠠᠬ᠃ ᠬᠦᠮᠦᠨ ᠤ ᠰᠡᠳᠬᠢᠯ ᠭᠡᠳᠡᠭ ︽ᠬᠠᠲᠠᠭᠤ ᠳᠤ ᠨᠤᠭᠤᠷᠠᠬᠤ ᠦᠭᠡᠢ ᠴᠦ ᠵᠥᠭᠡᠯᠡᠨ ᠳᠤ

ᠤᠶᠠᠷᠠᠳᠠᠭ︾ ᠲᠠᠯ᠎ᠠ ᠲᠠᠢ ᠭᠡᠳᠡᠭ ᠢ ᠵᠠᠪᠠᠯ ᠤᠢᠢᠯᠠᠭᠠᠬᠤ ᠬᠡᠷᠡᠭᠲᠡᠢ᠃

      ② ᠬᠠᠶᠢᠷ᠎ᠠ ᠬᠠᠯᠠᠮᠵᠢ ᠬᠦᠷᠲᠡᠭᠡᠬᠦ ᠪᠣᠯ ᠬᠠᠮᠤᠭ ᠤᠨ ᠰᠠᠶᠢᠨ ᠬᠦᠨᠳᠦᠳᠭᠡᠯ ᠶᠤᠮ᠃

      ᠥᠨᠥᠳᠦᠷ ᠤᠨ ᠰᠤᠷᠭᠠᠭᠤᠯᠢ ᠶᠢᠨ ᠪᠠᠶᠢᠳᠠᠯ ᠠᠴᠠ ᠠᠵᠢᠭᠯᠠᠬᠤ ᠳᠤ ᠪᠠᠭᠰᠢ ᠰᠤᠷᠤᠭᠴᠢ ᠶᠢᠨ ᠬᠤᠭᠤᠷᠤᠨᠳᠤᠬᠢ

ᠵᠠᠢ ᠨᠡᠯᠢᠶᠡᠳ ᠬᠤᠯᠠ ᠪᠠᠶᠢᠭ᠎ᠠ ᠲᠥᠯᠥᠪ ᠲᠠᠢ᠃ ᠡᠭᠦᠨ ᠳᠤ ᠰᠠᠶᠢᠨ ᠪᠠᠭᠰᠢ ᠪᠣᠯ ᠶᠠᠭᠠᠬᠢᠪᠠᠴᠦ ᠠᠳᠠᠯᠢ ᠦᠭᠡᠢ

ᠪᠠᠶᠢᠵᠤ᠂ ᠠᠮᠢᠳᠤᠷᠠᠯ ᠰᠤᠷᠤᠯᠴᠠᠯᠭ᠎ᠠ ᠶᠢᠨ ᠶᠠᠮᠠᠷ ᠲᠠᠯᠠᠪᠤᠷ ᠲᠤ ᠴᠦ ᠰᠤᠷᠤᠭᠴᠢ ᠶᠢᠨ ᠢᠶᠠᠨ ᠬᠠᠵᠠᠭᠤ ᠳᠤ᠂

ᠰᠡᠳᠬᠢᠯ ᠳᠤ ᠨᠢ ᠤᠷᠤᠰᠢᠵᠦ ᠪᠠᠶᠢᠳᠠᠭ᠃ ᠡᠶᠢᠮᠦ ᠪᠠᠭᠰᠢ ᠲᠠᠢ ᠰᠤᠷᠤᠭᠴᠢᠳ ᠬᠠᠷᠢᠴᠠᠩᠭᠤᠢ ᠪᠠᠶᠠᠰᠤᠩᠭᠤᠢ

ᠲᠠᠶᠢᠪᠤᠩ ᠪᠦᠭᠡᠳ ᠶᠠᠮᠠᠷᠪᠠ ᠶᠠᠪᠤᠳᠠᠯ ᠳᠤ ᠴᠦ ᠢᠳᠡᠪᠬᠢ ᠣᠪᠤᠷ ᠲᠠᠢ ᠪᠠᠶᠢᠳᠠᠭ᠃ ᠬᠦᠮᠦᠨ ᠪᠣᠯ ᠨᠡᠶᠢᠭᠡᠮᠴᠢ

ᠴᠢᠨᠠᠷ ᠲᠠᠢ ᠪᠣᠯᠬᠤᠷ ᠲᠡᠳᠡᠨ ᠤ ᠬᠤᠭᠤᠷᠤᠨᠳᠤᠬᠢ ᠬᠦᠭᠦᠷᠭᠡ ᠪᠣᠯ ᠰᠡᠳᠬᠢᠯᠭᠡ ᠪᠣᠯᠤᠨ᠎ᠠ᠃ ᠰᠡᠳᠬᠢᠯᠭᠡ ᠶᠢᠨ

ᠬᠦᠭᠦᠷᠭᠡ ᠶᠢ ᠪᠠᠲᠤ ᠴᠤᠭᠴᠠᠯᠠᠭᠰᠠᠨ ᠪᠠᠶᠢᠳᠠᠯ ᠳᠤ ᠪᠠᠭᠰᠢ ᠰᠤᠷᠤᠭᠴᠢ ᠶᠢᠨ ᠬᠤᠭᠤᠷᠤᠨᠳᠤ ᠶᠠᠮᠠᠷ ᠴᠦ ᠵᠦᠷᠢᠴᠡᠯ

ᠣᠷᠤᠰᠢᠬᠤ ᠪᠣᠯᠤᠯᠴᠠᠭ᠎ᠠ ᠦᠭᠡᠢ ᠶᠤᠮ᠃ ᠬᠠᠶᠢᠷ᠎ᠠ ᠶᠢ ᠨᠢ ᠬᠦᠷᠲᠡᠭᠰᠡᠨ ᠰᠤᠷᠤᠭᠴᠢᠳ ᠬᠡᠵᠢᠶᠡᠳᠡ ᠬᠠᠶᠢᠷ᠎ᠠ

ᠬᠦᠷᠲᠡᠭᠡᠭᠰᠡᠨ ᠪᠠᠭᠰᠢ ᠳᠤ ᠪᠠᠨ ᠲᠠᠯᠠᠷᠬᠠᠵᠦ ᠶᠠᠪᠤᠳᠠᠭ᠃ ᠭᠠᠷᠭᠠᠭᠰᠠᠨ ᠠᠯᠳᠠᠭ᠎ᠠ ᠪᠤᠷᠤᠭᠤ ᠶᠢ ᠨᠢ ᠬᠦᠷᠲᠡᠯ᠎ᠡ

ᠠᠭᠤᠴᠢᠯᠠᠨ ᠪᠠᠭᠲᠠᠭᠠᠵᠤ ᠴᠢᠳᠠᠭᠰᠠᠨ ᠪᠠᠭᠰᠢ ᠳᠤ ᠲᠠᠯᠠᠷᠬᠠᠬᠤ ᠦᠭᠡᠢ ᠰᠤᠷᠤᠭᠴᠢ ᠭᠡᠵᠦ ᠪᠠᠶᠢᠬᠤ ᠦᠭᠡᠢ          

ᠶᠤᠮ᠃ ᠡᠭᠦᠨ ᠢ ᠮᠡᠳᠡᠭᠰᠡᠨ ᠰᠤᠷᠤᠭᠴᠢ ᠲᠠᠬᠢᠭᠠᠳ ᠠᠯᠳᠠᠭ᠎ᠠ ᠭᠠᠷᠭᠠᠬᠤ ᠪᠤᠯᠤᠯᠴᠠᠭ᠎ᠠ ᠴᠦ ᠦᠭᠡᠢ ᠶᠤᠮ᠃

      ᠭᠤᠷᠪᠠ ᠳᠤ᠂ ᠰᠤᠷᠭᠠᠭᠤᠯᠢ ᠶᠢᠨ ᠰᠤᠷᠭᠠᠨ ᠭᠦᠮᠦᠵᠢᠯ ᠤᠨ ᠦᠨᠳᠤᠰᠤ ᠪᠤᠯ ᠰᠤᠷᠤᠭᠴᠢᠳ ᠢ ︽ᠭᠦᠮᠦᠨ

ᠪᠣᠯᠭᠠᠬᠤ︾ ᠠᠰᠠᠭᠤᠳᠠᠯ ᠶᠤᠮ᠃

      1. ᠰᠤᠷᠤᠭᠴᠢ ᠶᠢ ᠪᠠᠨ ︽ᠲᠡᠳᠡ ᠪᠤᠯ ᠲᠤᠰᠠᠭᠠᠷ ᠤᠷᠤᠰᠢᠬᠤ ᠶᠢᠷᠳᠢᠨᠴᠦ︾ ᠭᠡᠳᠡᠭ ᠢ ᠵᠠᠪᠠᠯ ᠮᠡᠳᠡᠷᠡᠭᠦ

ᠬᠡᠷᠡᠭᠳᠠᠢ᠃ ᠪᠠᠭᠰᠢ ᠶᠢᠨ ᠡᠭᠦᠷᠭᠡ ᠬᠠᠷᠢᠭᠤᠴᠠᠯᠭ᠎ᠠ ᠪᠤᠯ ᠮᠡᠳᠡᠯᠭᠡ ᠤᠯᠠᠮᠵᠢᠯᠠᠭᠴᠢ ᠯᠡ ᠪᠢᠰᠢ᠂ ᠬᠠᠷᠢᠨ ᠡᠭᠦᠨ ᠤ ᠪᠠᠨ

ᠲᠠᠭᠠᠤ ᠳᠤ ᠥᠪᠡᠷ ᠲᠤ ᠪᠤᠢ ᠪᠣᠯᠪᠠᠰᠤᠷᠠᠯ ᠭᠦᠮᠦᠵᠢᠯ ᠤᠨ ᠤᠢ ᠪᠢᠯᠢᠭ ᠪᠤᠶᠤ ᠭᠡᠷᠡᠯ ᠭᠡᠭᠡ ᠪᠠᠷ ᠢᠶᠠᠨ ᠲᠡᠳᠡᠨ ᠤ

ᠣᠶᠤᠨ ᠰᠠᠨᠠᠭᠠᠨ ᠤ ᠶᠢᠷᠳᠢᠨᠴᠦ ᠶᠢ ᠭᠡᠬᠡᠨ ᠲᠤᠩᠭᠠᠯᠠᠭ ᠪᠤᠯᠭᠠᠵᠦ᠂ ᠨᠡᠩ ᠢᠯᠡᠭᠦᠦ ᠰᠠᠷᠠᠭᠤᠯ ᠠᠭᠤᠳᠠᠮ

ᠶᠢᠷᠳᠢᠨᠴᠤ ᠳᠤ ᠭᠦᠷᠭᠡᠭᠦ ᠶᠢ ᠬᠡᠯᠡᠳᠡᠭ ᠶᠤᠮ᠃ ᠬᠠᠷᠢᠨ ᠲᠡᠳᠡᠨᠤᠰ ᠤᠨ ᠲᠤᠰᠠᠭᠠᠷ ᠶᠢᠷᠳᠢᠨᠴᠦ ᠶᠢ ᠦᠭᠡᠶᠢᠰᠭᠡᠨ

ᠥᠪᠡᠷ ᠤᠨ ᠢᠶᠠᠨ ᠶᠢᠷᠳᠢᠨᠴᠦ ᠳᠤ ᠠᠪᠴᠢᠷᠠᠬᠤ ᠭᠡᠪᠡᠯ ᠦᠯᠢᠳᠭᠡᠰᠢ ᠦᠭᠡᠢ ᠪᠤᠰᠤᠷᠮᠠᠭ ᠦᠢᠯᠡ ᠪᠤᠯᠵᠦ ᠰᠡᠳᠭᠢᠰᠢ

ᠦᠭᠡᠢ ᠦᠷ᠎ᠡ ᠳ᠋ᠦᠩ᠂ ᠥᠭᠡᠷ᠎ᠡ ᠪᠠᠷ ᠬᠡᠯᠡᠪᠡᠯ ᠥᠪᠡᠷ ᠤᠨ ᠭᠡᠰᠡᠨ ᠦᠵᠡᠯ ᠪᠣᠳᠤᠯ ᠢᠶᠠᠨ ᠠᠯᠳᠠᠭᠰᠠᠨ᠂

ᠪᠤᠰᠤᠳ ᠤᠨ ᠦᠵᠡᠯ ᠰᠠᠨᠠᠭᠠᠨ ᠤ ᠪᠣᠭᠤᠯ ᠪᠣᠯᠤᠭᠰᠠᠨ ᠦᠬᠡᠨᠴᠡ ᠨᠢᠭᠡᠨ ᠦᠶ᠎ᠠ ᠶᠢ ᠭᠦᠮᠦᠵᠢᠭᠦᠯᠵᠤ ᠮᠠᠳᠠᠨ᠎ᠠ᠃

      2. ᠰᠤᠷᠭᠠᠭᠤᠯᠢ ᠪᠤᠯᠤᠨ ᠪᠠᠭᠰᠢ ᠪᠤᠯ ᠰᠤᠷᠤᠭᠴᠢᠳ ᠤᠨ ᠥᠪᠡᠷ ᠤᠨ ᠭᠡᠷᠡᠯᠳᠦ ᠶᠢᠷᠳᠢᠨᠴᠦ ᠳᠤ

ᠨᠡᠪᠲᠡᠷᠡᠭᠦ ᠳᠤ ᠵᠠᠮᠴᠢᠯᠠᠭᠴᠢ ᠪᠤᠶᠤ ᠴᠠᠮᠬᠠᠭ ᠪᠣᠯᠬᠤ ᠶᠤᠮ᠃ ᠰᠤᠷᠤᠭᠴᠢ ᠨᠢᠭᠡ ᠪᠦᠷᠢ ᠶᠢᠨ ᠭᠦᠰᠡᠯ ᠮᠦᠷᠥᠭᠡᠳᠤᠯ᠂

ᠠᠪᠢᠶᠠᠰ ᠪᠢᠯᠢᠭ ᠢ ᠨᠢ ᠬᠠᠶᠢᠨ ᠢᠯᠡᠷᠡᠭᠦᠯᠵᠦ᠂ ᠬᠢᠯᠪᠠᠷ ᠤᠢᠢᠯᠠᠭᠠᠮᠵᠢᠳᠠᠢ ᠠᠷᠭ᠎ᠠ ᠵᠠᠮ ᠢᠶᠠᠷ ᠥᠪᠡᠷ ᠤᠨ ᠢᠶᠠᠨ

ᠶᠢᠷᠳᠢᠨᠴᠦ ᠤᠷᠤᠭᠤ ᠨᠡᠪᠲᠡᠷᠡᠭᠦ ᠳᠤ ᠨᠢ ᠲᠥᠬᠦᠮ ᠦᠵᠡᠭᠦᠯᠦᠭᠴᠢ ᠶᠤᠮ᠃

      ᠲᠠᠶᠢᠮᠦ ᠪᠤᠯᠬᠤᠷ ᠪᠠᠭᠰᠢ ᠪᠤᠯᠤᠭᠰᠠᠳ ᠴᠠᠭ ᠦᠶ᠎ᠡ ᠶᠢᠨ ᠠᠯᠬᠤᠮ ᠠᠶᠢᠵᠠᠮ ᠳᠤ ᠵᠣᠬᠢᠴᠠᠭᠰᠠᠨ ᠭᠦᠮᠦᠡᠯᠢᠭ᠂

ᠠᠮᠢᠳᠤᠯᠢᠭ ᠴᠢᠯᠦᠭᠡᠳᠠᠢ᠂ ᠦᠨᠡᠨ ᠬᠦ ᠦᠷ᠎ᠡ ᠠᠰᠢᠭ ᠲᠠᠢ ᠰᠤᠷᠭᠠᠨ ᠭᠦᠮᠦᠵᠢᠯ ᠤᠨ ᠰᠢᠨ᠎ᠡ ᠨᠢᠭᠡᠨ ᠵᠠᠮ ᠴᠢᠭᠯᠡᠯ ᠢ

ᠤᠯᠠᠮ ᠨᠢᠭᠡ ᠠᠯᠬᠤᠮ ᠬᠠᠶᠢᠨ ᠡᠷᠢᠭᠦ ᠱᠠᠭᠠᠷᠳᠠᠯᠭ᠎ᠠ ᠶᠢ ᠪᠠᠶᠠᠯᠠᠭᠦᠯᠭᠦ ᠪᠠᠷ ᠴᠢᠷᠮᠠᠶᠢᠪᠠᠯ ᠵᠤᠬᠢᠨ᠎ᠠ᠃

       ᠠᠵᠢᠯᠯᠠᠵᠤ ᠪᠠᠶᠢᠭ᠎ᠠ ᠪᠠᠶᠢᠭᠤᠯᠭ᠎ᠠ᠄ ᠣᠩᠨᠢᠭᠤᠳ ᠬᠤᠰᠢᠭᠤᠨ ᠤ ᠰᠢᠨᠡᠰᠦ᠋ᠮ᠎ᠡ

                                 ᠶᠡᠷᠦᠩᠬᠡᠢ ᠪᠠᠭ᠎ᠠ ᠰᠤᠷᠭᠠᠭᠤᠯᠢ

                                 ︵ᠠᠯᠳᠠᠨᠰᠦ᠋ᠭᠡ ᠨᠠᠶᠢᠷᠠᠭᠤᠯᠪᠠ︶

                                 2023.3 ᠳ᠋ᠤᠭᠠᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map