ᠨᠢᠭᠡᠨ ᠰᠢᠯᠢᠳᠡᠭ ᠠᠩᠬᠢ ᠶᠢᠨ ᠡᠷᠬᠢᠯᠡᠭᠴᠢ ᠪᠤᠯᠬᠤ ᠲᠤᠬᠠᠢ ᠮᠦᠴᠢᠳ ᠦᠬᠦᠯᠡᠬᠦ ᠨᠢ
ᠨᠡᠶᠢᠲᠡᠯᠡᠭᠰᠡᠨ ᠴᠠᠭ᠄
2023/11/16
                            ᠪᠤᠶᠠᠨᠳᠦᠭᠦᠷᠡᠩ   ᠨᠤᠭᠤᠭᠠᠨᠳᠠᠨ᠎ᠠ

班工作1.png

  

      ᠠᠩᠬᠢ ᠶᠢᠨ ᠡᠷᠬᠢᠯᠡᠭᠴᠢ ᠶᠢᠨ ᠠᠵᠢᠯ ᠪᠤᠯ ᠰᠤᠷᠭᠠᠭᠤᠯᠢ ᠶᠢᠨ ᠪᠦᠬᠦ ᠠᠵᠢᠯ ᠤᠨ ᠲᠤᠮᠳᠠ ᠮᠠᠰᠢ ᠴᠢᠬᠤᠯᠠ

ᠮᠦᠷᠳᠡᠭᠡᠨ ᠲᠤᠯᠭᠠᠭᠤᠷᠢᠯᠠᠬᠤ ᠦᠢᠯᠡᠳᠦᠯ ᠦᠵᠡᠬᠦᠯᠵᠦ ᠪᠠᠶᠢᠳᠠᠭ᠃ ᠮᠥᠨ ᠴᠦ ᠨᠢᠬᠡ ᠠᠩᠬᠢ ᠶᠢᠨ ᠵᠤᠬᠢᠶᠠᠨ

ᠪᠠᠶᠢᠭᠤᠯᠤᠭᠴᠢ ᠪᠡ ᠬᠡᠷ ᠤᠨ ᠠᠬᠠᠮᠠᠳ ᠬᠢᠬᠡᠳ ᠰᠤᠷᠤᠭᠴᠢ᠂ ᠰᠤᠷᠤᠭᠴᠢ ᠬᠢᠬᠡᠳ ᠰᠤᠷᠭᠠᠭᠤᠯᠢ ᠶᠢ ᠬᠤᠯᠪᠤᠭᠰᠠᠨ

ᠬᠦᠬᠦᠷᠭᠡ ᠪᠤᠯᠬᠤ ᠶᠤᠮ᠃ ᠡᠶᠢᠮᠦ ᠠᠴᠠ ᠠᠩᠬᠢ ᠶᠢᠨ ᠡᠷᠬᠢᠯᠡᠭᠴᠢ ᠪᠤᠯᠤᠭᠰᠠᠳ ᠡᠷᠬᠡᠪᠰᠢ ᠦᠪᠡᠷ ᠤᠨ ᠪᠠᠶᠢᠷᠢ

ᠰᠠᠭᠤᠷᠢ᠂ ᠦᠢᠯᠡᠳᠦᠯ ᠬᠢᠭᠡᠳ ᠡᠬᠦᠷᠭᠡ ᠬᠠᠷᠢᠭᠤᠴᠠᠯᠭ᠎ᠠ ᠪᠠᠨ ᠵᠦᠪ ᠤᠨᠤᠪᠴᠢᠳᠠᠢ᠂ ᠬᠦᠨᠵᠡᠬᠡᠢ ᠮᠦᠷᠳᠡᠭᠡᠨ ᠪᠦᠬᠦ

ᠲᠠᠯ᠎ᠠ ᠪᠠᠷ ᠤᠶᠢᠯᠠᠭᠠᠨ ᠲᠠᠨᠢᠵᠦ᠂ ᠲᠤᠰ ᠪᠠᠶ᠎ᠡ ᠶᠢᠨ ᠢᠶᠠᠨ ᠬᠡᠪ ᠪᠤᠯᠪᠠᠰᠤᠷᠠᠯ ᠪᠤᠯᠤᠨ ᠴᠢᠳᠠᠪᠤᠷᠢ ᠪᠠᠨ ᠲᠠᠰᠤᠷᠠᠯᠳᠠ

ᠦᠬᠡᠢ ᠴᠢᠷᠮᠠᠶᠢᠨ ᠲᠡᠭᠡᠭᠰᠢᠯᠡᠬᠦᠯᠬᠦ ᠴᠢᠬᠤᠯᠠᠳᠠᠢ ᠶᠤᠮ᠃ ᠲᠤᠤᠷ᠎ᠠ ᠪᠢ ᠦᠪᠡᠷ ᠤᠨ ᠬᠤᠷᠢᠨ ᠵᠢᠯ ᠤᠨ ᠲᠤᠷᠰᠢᠬᠢ

ᠠᠩᠬᠢ ᠶᠢᠨ ᠡᠷᠬᠢᠯᠡᠭᠴᠢ ᠶᠢᠨ ᠠᠵᠢᠯ ᠤᠨ ᠲᠤᠷᠰᠢᠯᠭ᠎ᠠ ᠲᠠᠢ ᠪᠠᠨ ᠤᠶᠠᠯᠳᠣᠭᠤᠯᠤᠨ᠂ ᠬᠡᠷᠬᠢᠪᠡᠯ ᠰᠠᠶ᠋ᠢ ᠨᠢᠬᠡᠨ

ᠰᠢᠯᠢᠳᠡᠭ ᠠᠩᠬᠢ ᠶᠢᠨ ᠡᠷᠬᠢᠯᠡᠭᠴᠢ ᠪᠤᠯᠬᠤ ᠲᠤᠬᠠᠢ ᠦᠪᠡᠷ ᠤᠨ ᠣᠶᠢᠯᠠᠭᠠᠯᠳᠠ ᠪᠠᠨ ᠮᠦᠴᠢᠳ ᠦᠬᠦᠯᠡᠶ᠎ᠡ᠃

      ᠨᠢᠭᠡ᠂ ᠰᠤᠷᠤᠭᠴᠢᠳ ᠢᠶᠠᠨ ᠪᠦᠬᠦ ᠲᠠᠯ᠎ᠠ ᠪᠠᠷ ᠤᠶᠢᠯᠠᠭᠠᠬᠤ

      ᠠᠩᠬᠢ ᠶᠢᠨ ᠡᠷᠬᠢᠯᠡᠭᠴᠢ ᠪᠤᠯᠤᠭᠰᠠᠳ ᠵᠡᠪᠡᠯ ᠰᠤᠷᠤᠭᠴᠢ ᠪᠦᠬᠦᠨ ᠤ ᠦᠪᠡᠷᠮᠢᠴᠠ ᠤᠨᠴᠠᠯᠢᠭ᠂ ᠤᠨᠴᠠᠭᠠᠢ

ᠵᠦᠷᠢᠶ᠎ᠠ ᠶᠢ ᠠᠵᠢᠭᠯᠠᠨ ᠤᠶᠢᠯᠠᠭᠠᠵᠤ᠂ ᠲᠠᠲᠠᠨ ᠤ ᠦᠪᠡᠷᠮᠢᠴᠠ ᠤᠨᠴᠠᠯᠢᠭ ᠲᠤ ᠨᠢ ᠲᠤᠬᠢᠷᠠᠭᠤᠯᠤᠨ ᠵᠢᠭᠠᠨ

ᠵᠢᠯᠤᠭᠤᠳᠴᠤ᠂ ᠲᠠᠲᠠᠨ ᠳᠤ ᠬᠦᠮᠦᠨ ᠪᠤᠯᠬᠤ ᠶᠤᠰᠤ ᠤᠴᠢᠷ ᠢ ᠲᠠᠨᠢᠭᠤᠯᠵᠤ᠂ ᠲᠡᠳᠡᠨ ᠢ ᠶᠤᠰᠤ ᠰᠤᠷᠲᠠᠬᠤᠨ᠂

ᠤᠶᠤᠨ ᠤᠬᠠᠭᠠᠨ᠂ ᠮᠡᠲᠡᠯᠬᠡ ᠪᠤᠯᠪᠠᠰᠤᠷᠠᠯ ᠵᠡᠷᠭᠡ ᠤᠯᠠᠨ ᠲᠠᠯ᠎ᠠ ᠪᠠᠷ ᠬᠦᠮᠦᠵᠢᠬᠦᠯᠬᠦ ᠬᠡᠷᠡᠭᠳᠡᠢ᠃ ᠵᠢᠱᠢᠶᠡᠯᠠᠪᠡᠯ᠂

ᠡᠴᠢᠭᠡ ᠡᠬᠡ ᠨᠢ ᠤᠷᠤᠭ ᠰᠠᠯᠵᠦ ᠰᠠᠷᠨᠢᠭᠰᠠᠨ ᠠᠴᠠ ᠪᠤᠯᠵᠦ ᠦᠨᠦᠴᠢᠷᠡᠭᠰᠡᠨ᠂ ᠬᠤᠳᠠᠯ ᠬᠡᠯᠡᠵᠦ ᠬᠤᠯᠠᠭᠠᠢ ᠬᠢᠬᠦ

ᠮᠠᠭᠤ ᠲᠠᠳᠬᠠᠯ ᠲᠠᠢ᠂ ᠬᠡᠷᠡᠬᠦᠯ ᠵᠤᠳᠤᠭᠠᠨ ᠳᠤ ᠲᠤᠷᠠᠳᠠᠢ ᠪᠦᠳᠦᠬᠦᠯᠢᠭ ᠰᠣᠷᠳᠠᠯ ᠲᠠᠢ᠂ ᠰᠤᠷᠤᠯᠭ᠎ᠠ ᠠᠴᠠ ᠪᠠᠨ

ᠤᠶᠢᠳᠤᠭᠰᠠᠨ ᠨᠠᠵᠠᠭᠠᠢ ᠬᠤᠶᠢᠷᠭᠤ ᠵᠠᠩ ᠲᠠᠢ᠂ ᠨᠠᠭᠠᠳᠤᠮ ᠰᠢᠨᠤᠯ ᠳᠤ ᠪᠠᠨ ᠡᠷᠭᠡᠰᠢᠶᠡᠭᠳᠡᠭᠰᠡᠨ ᠵᠠᠳᠠᠭᠠᠢ

ᠰᠤᠷᠳᠠᠯ ᠲᠠᠢ᠂ ᠰᠦᠷᠬᠡᠦ ᠰᠡᠳᠬᠢᠴᠡ ᠲᠠᠢ ᠵᠡᠷᠭᠡ ᠤᠨᠴᠠᠭᠠᠢ ᠬᠡᠦᠬᠡᠳ ᠢ ᠪᠦᠬᠦᠨ ᠢ ᠨᠠᠷᠢᠯᠢᠬ ᠲᠠᠨᠢᠨ ᠤᠶᠢᠯᠠᠭᠠᠵᠦ᠂

ᠵᠢᠭᠠᠨ ᠵᠢᠯᠤᠭᠤᠳᠪᠠᠯ ᠵᠤᠬᠢᠰᠳᠠᠢ᠃ ᠡᠶᠢᠮᠦ ᠠᠴᠠ ᠰᠣᠷᠣᠭᠴᠢᠳ ᠲᠤ ᠪᠠᠨ ᠦᠷᠬᠦᠯᠵᠢ ᠶᠢᠨ ᠴᠢᠨᠠᠷᠳᠠᠢ ᠶᠠᠮᠠᠷ

ᠠᠵᠢᠯᠯᠠᠭ᠎ᠠ ᠨᠢ ᠵᠤᠬᠢᠰᠳᠠᠢ᠂ ᠶᠠᠮᠠᠷ ᠠᠵᠢᠯᠯᠠᠭ᠎ᠠ ᠨᠢ ᠵᠤᠬᠢᠰ ᠦᠭᠡᠢ᠂ ᠦᠨᠳᠦᠷ ᠬᠡᠪ ᠰᠤᠷᠳᠠᠯ ᠲᠠᠢ ᠬᠦᠮᠦᠨ ᠨᠡᠶᠢᠭᠡᠮ

ᠨᠡᠶᠢᠳᠡ ᠳᠤ ᠬᠡᠷᠬᠢᠨ ᠬᠦᠷᠢᠶᠡᠯᠡᠭᠳᠡᠵᠦ ᠪᠠᠶᠢᠬᠤ᠂ ᠶᠤᠰᠤ ᠮᠤᠷᠠᠯ ᠦᠭᠡᠢ ᠬᠦᠮᠦᠨ ᠨᠡᠶᠢᠭᠡᠮ ᠨᠡᠶᠢᠳᠡ ᠳᠤ ᠶᠠᠭᠠᠬᠢᠨ

ᠵᠢᠭᠰᠢᠭᠳᠡᠵᠦ ᠪᠠᠶᠢᠬᠤ ᠶᠢ ᠰᠦᠯᠵᠢᠶ᠎ᠡ᠂ ᠺᠢᠨᠤ᠋ ᠵᠦᠴᠦᠭᠡ᠂ ᠲᠧᠯᠸᠢᠰ ᠵᠡᠷᠭᠡ ᠪᠠᠷ ᠦᠵᠡᠬᠦᠯᠬᠦ ᠨᠢ ᠬᠤᠭᠤᠰᠤᠨ

ᠶᠠᠷᠢᠭᠰᠠᠨ ᠠᠴᠠ ᠬᠤᠯᠠ ᠢᠯᠡᠬᠦᠦ ᠦᠷ᠎ᠡ ᠠᠰᠢᠭ ᠲᠠᠢ ᠪᠠᠶᠢᠳᠠᠭ᠃ ᠪᠠᠰᠠ ᠰᠣᠷᠤᠭᠴᠢ ᠪᠤᠯᠭᠠᠨ ᠤ ᠠᠮᠵᠢᠯᠳᠠ ᠲᠠᠢ

ᠲᠠᠯ᠎ᠠ ᠶᠢ ᠤᠯᠵᠤ ᠬᠠᠷᠠᠨ᠂ ᠲᠡᠳᠡᠨ ᠤ ᠤᠨᠴᠠᠭᠠᠢ ᠠᠪᠢᠶᠠᠰ ᠴᠢᠲᠠᠪᠤᠷᠢ ᠶᠢ ᠨᠢ ᠪᠠᠳᠠᠷᠠᠭᠤᠯᠬᠤ ᠬᠡᠷᠡᠭᠳᠡᠢ᠃

ᠤᠨᠴᠠᠭᠠᠶᠢᠯᠠᠨ ᠬᠤᠴᠤᠷᠤᠩᠭᠤᠢ ᠰᠤᠷᠤᠭᠴᠢ ᠳᠤ ᠬᠦᠯᠢᠴᠡᠩᠬᠦᠢ ᠤᠪᠤᠷ ᠢᠶᠠᠷ ᠬᠠᠨᠳᠤᠵᠦ᠂ ᠲᠡᠳᠡᠨ ᠤ ᠲᠠᠪᠠᠭᠤᠯᠢᠭ

ᠲᠠᠯ᠎ᠠ ᠶᠢ ᠨᠢ ᠢᠯᠡᠬᠦᠬᠡᠨ ᠦᠪᠡᠷ ᠲᠤ ᠨᠢ ᠲᠠᠨᠢᠭᠤᠯᠵᠤ᠂ ᠦᠴᠦᠬᠡᠨ ᠠᠮᠵᠢᠯᠳᠠ ᠶᠢ ᠨᠢ ᠤᠯᠵᠦ ᠦᠵᠡᠪᠡᠴᠤ ᠮᠠᠭᠳᠠᠨ

ᠵᠤᠷᠢᠬᠵᠢᠭᠤᠯᠪᠠᠯ ᠪᠡᠶ᠎ᠡ ᠳᠤ ᠪᠠᠨ ᠢᠳᠡᠭᠡᠯ ᠲᠠᠢ ᠪᠤᠯᠵᠦ ᠴᠢᠷᠮᠠᠶᠢᠨ ᠰᠤᠷᠤᠯᠴᠠᠬᠤ ᠤᠷᠮ᠎ᠠ ᠵᠤᠷᠢᠭ ᠨᠢ ᠬᠦᠪᠴᠢᠯᠡᠭᠳᠡᠬᠦ

ᠶᠤᠮ᠃

      ᠬᠤᠶᠠᠷ᠂ ᠰᠤᠷᠤᠭᠴᠢᠳ ᠤᠨ ᠰᠡᠳᠬᠢᠯ ᠤᠨ ᠬᠠᠨᠢ ᠪᠤᠯᠬᠤ

      ᠠᠩᠬᠢ ᠶᠢᠨ ᠡᠷᠬᠢᠯᠡᠭᠴᠢ ᠪᠤᠯᠤᠭᠰᠠᠳ ᠰᠤᠷᠤᠭᠴᠢᠳ ᠲᠤ ᠪᠠᠨ ᠬᠠᠨᠳᠤᠬᠤ ᠳᠤ ᠪᠠᠨ ᠡᠶᠡᠯᠳᠡᠭ ᠨᠠᠶᠢᠷᠠᠮᠳᠠᠭᠤ᠂

ᠲᠤᠳᠤᠨᠤ ᠪᠠᠶᠢᠬᠤ ᠬᠡᠷᠡᠭᠳᠡᠢ᠃ ᠡᠶᠡᠯᠳᠡᠭ ᠠᠭᠤᠳᠠᠮᠴᠢ᠂ ᠴᠢᠩ ᠦᠨᠡᠨᠴᠢ ᠵᠠᠩ ᠠᠭᠠᠯᠢ ᠲᠠᠢ ᠪᠤᠯᠪᠠᠯ

ᠰᠣᠷᠣᠭᠴᠢᠳ ᠤᠨ ᠢᠳᠡᠭᠡᠯ ᠢ ᠤᠯᠵᠦ ᠪᠠᠭᠰᠢ ᠰᠤᠷᠤᠭᠴᠢᠳ ᠤᠨ ᠬᠤᠭᠤᠷᠤᠨᠳᠦ ᠪᠠᠨ ᠡᠶ᠎ᠡ ᠨᠠᠶᠢᠷ ᠲᠠᠢ᠂ ᠡᠯᠢᠭᠡᠰᠡᠭ

ᠲᠤᠳᠤᠨᠤ ᠪᠠᠶᠢᠵᠦ ᠲᠡᠶᠢᠯᠦᠨ᠎ᠡ᠃ ᠠᠩᠬᠢ ᠶᠢᠨ ᠡᠷᠬᠢᠯᠡᠭᠴᠢ ᠪᠤᠯᠤᠭᠰᠠᠳ ᠬᠠᠯᠳᠤᠰᠬᠢᠪᠠᠯ ᠠᠭᠤᠷᠯᠠᠬᠤ ᠦᠬᠡᠢ᠂

ᠬᠠᠷᠢᠨ ᠬᠦᠯᠢᠴᠡᠩᠬᠦᠢ ᠪᠠᠷ ᠰᠤᠷᠭᠠᠨ ᠬᠦᠮᠦᠵᠢᠬᠦᠯᠬᠦ ᠪᠤᠶᠤ ᠵᠢᠭᠠᠨ ᠵᠢᠯᠤᠭᠤᠳᠬᠤ ᠬᠡᠷᠡᠭᠳᠡᠢ᠃ ᠬᠦᠯᠢᠴᠡᠩᠬᠦᠢ ᠨᠢᠮᠪᠠᠢ᠂

ᠯᠠᠪᠳᠠᠭᠤᠨ ᠬᠢᠨᠠᠮᠠᠭᠠᠢ ᠪᠠᠶᠢᠬᠤ ᠪᠤᠯ ᠪᠠᠭᠰᠢ ᠶᠢᠨ ᠪᠦᠷᠢᠯᠳᠦᠭᠦᠯᠪᠡᠰᠦ ᠵᠤᠬᠢᠬᠤ ᠵᠠᠩ ᠠᠭᠠᠯᠢ ᠶᠢᠨ ᠭᠤᠤᠯ

ᠤᠨᠴᠠᠯᠢᠭ ᠤᠨ ᠨᠢᠭᠡ ᠨᠢ ᠪᠠᠶᠢᠵᠦ ᠲᠠᠭᠠᠷᠠᠨ᠎ᠠ᠃ ᠬᠡᠳᠡᠷ ᠲᠤᠭᠰᠢᠨ ᠪᠤᠯ ᠰᠤᠷᠭᠠᠨ ᠬᠦᠮᠦᠵᠢᠯ ᠤᠨ ᠲᠠᠶᠢᠰᠤᠨ᠂

ᠬᠦᠯᠢᠴᠡᠩᠬᠦᠢ ᠯᠠᠪᠳᠠᠭᠤᠨ ᠪᠤᠯ ᠴᠢᠳᠠᠪᠤᠷᠢᠳᠠᠨ ᠬᠦᠮᠦᠵᠢᠬᠦᠯᠬᠦ ᠶᠢᠨ ᠤᠷᠢᠳᠠᠯ ᠮᠥᠨ᠃ ᠶᠠᠮᠠᠷ ᠪᠠᠶᠢᠳᠠᠯ

ᠲᠤᠬᠢᠶᠠᠯᠳᠣᠭᠰᠠᠨ ᠴᠦ ᠠᠩᠬᠢ ᠶᠢᠨ ᠡᠷᠬᠢᠯᠡᠭᠴᠢ ᠪᠤᠯᠤᠭᠰᠠᠨ ᠤ ᠬᠤᠪᠢ ᠳᠤ᠂ ᠯᠠᠪᠳᠠᠭᠤᠨ ᠲᠤᠭᠳᠠᠭᠤᠨ᠂ ᠠᠭᠤᠵᠢᠭᠤ

ᠲᠠᠯᠪᠢᠭᠤ᠂ ᠬᠦᠯᠢᠴᠡᠩᠬᠦᠢ ᠤᠪᠤᠷ ᠢᠶᠠᠷ ᠠᠵᠢᠯ ᠢᠶᠠᠨ ᠰᠠᠶᠢᠨ ᠬᠢᠬᠦ ᠬᠡᠷᠡᠭᠳᠡᠢ᠃ ᠲᠤᠬᠠᠶᠢᠯᠠᠪᠠᠯ ᠠᠩᠬᠢ ᠨᠡᠶᠢᠳᠡ ᠶᠢᠨ

ᠲᠤᠮᠳᠠ ᠤᠨᠴᠠᠭᠠᠢ ᠶᠠᠮᠠᠷ ᠨᠢᠭᠡᠨ ᠵᠦᠢᠯ ᠤᠨ ᠢᠯᠡᠷᠡᠯ ᠪᠤᠶᠤ ᠬᠦᠳᠡᠯᠬᠡᠬᠡᠨ ᠭᠠᠷᠬᠤ ᠦᠶᠡᠰ᠂ ᠬᠦᠨ ᠬᠦᠨᠵᠡᠬᠡᠢ

ᠪᠠᠶᠢᠴᠠᠭᠠᠯᠳᠠ ᠬᠢᠵᠦ᠂ ᠴᠠᠭ ᠲᠤᠬᠠᠢ ᠳᠤ ᠨᠢ ᠰᠤᠷᠤᠭᠴᠢᠳ ᠤᠨ ᠲᠤᠮᠳᠠ ᠬᠦᠨᠵᠡᠭᠡᠶᠢᠷᠡᠨ᠂ ᠲᠡᠳᠡᠨ ᠲᠠᠢ

ᠰᠡᠳᠬᠢᠯ ᠤᠨ ᠦᠬᠡ ᠪᠠᠨ ᠬᠡᠯᠡᠯᠴᠡᠵᠦ᠂ ᠬᠦᠯᠢᠴᠡᠩᠬᠦᠢ ᠪᠠᠷ ᠲᠡᠳᠡᠨ ᠢ ᠬᠠᠪᠰᠤᠷᠤᠨ ᠠᠰᠠᠭᠤᠳᠠᠯ ᠢ ᠰᠢᠢᠳᠪᠦᠷᠢᠯᠡᠬᠦ

ᠬᠡᠷᠡᠭᠳᠡᠢ᠃

      ᠠᠩᠬᠢ ᠶᠢᠨ ᠡᠷᠬᠢᠯᠡᠭᠴᠢ ᠪᠤᠯᠤᠭᠰᠠᠳ ᠰᠣᠷᠣᠭᠴᠢᠳ ᠢᠶᠠᠨ ᠬᠠᠶᠢᠷᠠᠯᠠᠨ ᠬᠠᠯᠠᠮᠵᠢᠯᠠᠵᠦ᠂ ᠤᠶᠢᠯᠠᠭᠠᠵᠦ᠂

ᠰᠡᠳᠬᠢᠯ ᠤᠨ ᠬᠠᠨᠢ ᠪᠤᠯᠵᠤ ᠴᠢᠳᠠᠬᠤ ᠪᠤᠯ ᠡᠨᠡ ᠬᠦ ᠠᠩᠬᠢ ᠶᠢᠨ ᠪᠦᠬᠦ ᠲᠠᠯ᠎ᠠ ᠶᠢᠨ ᠠᠵᠢᠯ ᠢ ᠰᠠᠶᠢᠳᠤᠷ ᠬᠢᠬᠦ

ᠤᠷᠢᠳᠠᠯ ᠪᠦᠬᠡᠳ ᠰᠠᠭᠤᠷᠢ ᠪᠤᠯᠬᠤ ᠶᠤᠮ᠃ ᠠᠩᠬᠢ ᠶᠢᠨ ᠡᠷᠬᠢᠯᠡᠭᠴᠢ ᠪᠤᠯᠤᠭᠰᠠᠳ ᠰᠤᠷᠤᠭᠴᠢᠳ ᠲᠤ ᠪᠠᠨ

ᠦᠨᠡᠨᠴᠢ ᠰᠡᠳᠬᠢᠯ ᠢᠶᠠᠷ ᠬᠠᠨᠳᠤᠵᠦ᠂ ᠰᠤᠷᠤᠭᠴᠢᠳ ᠲᠤ ᠪᠠᠨ ᠡᠷᠭᠡ ᠲᠡᠭᠰᠢ ᠪᠠᠶᠢᠬᠤ ᠭᠡᠷᠡᠭᠳᠡᠢ᠃ ᠰᠤᠷᠤᠭᠴᠢᠳ

ᠪᠤᠯ ᠦᠨᠳᠦᠰᠦᠳᠡᠨ ᠤ ᠢᠷᠡᠭᠡᠳᠦᠢ᠂ ᠡᠬᠡ ᠤᠯᠤᠰ ᠤᠨ ᠢᠷᠡᠭᠡᠳᠦᠢ ᠪᠤᠯᠬᠤᠷ ᠤᠯᠤᠰ ᠦᠨᠳᠦᠰᠦᠳᠡᠨ ᠤ ᠠᠯᠦᠰ

ᠢᠷᠡᠭᠡᠳᠦᠢ ᠳᠤ ᠬᠠᠨᠳᠤᠬᠤ ᠤᠷᠬᠢᠯᠤᠮ᠎ᠠ ᠬᠠᠯᠠᠭᠤᠨ ᠰᠡᠳᠬᠢᠯᠭᠡ ᠪᠤᠯᠤᠨ ᠬᠠᠷᠢᠭᠤᠴᠠᠯᠭᠠᠳᠦ ᠤᠪᠤᠷ ᠢᠶᠠᠷ

ᠰᠣᠷᠤᠭᠴᠢᠳ ᠲᠤ ᠪᠠᠨ ᠬᠠᠨᠳᠤᠵᠦ᠂ ᠣᠴᠢᠷ ᠶᠠᠪᠤᠳᠠᠯ ᠪᠤᠯᠭᠠᠨ ᠳᠤ ᠤᠷᠢᠳ ᠢᠶᠠᠷ ᠰᠤᠷᠤᠭᠴᠢᠳ ᠤᠨ ᠢᠶᠠᠨ

ᠲᠦᠯᠦᠭᠡ ᠪᠤᠳᠤᠯᠬᠢᠯᠠᠨ᠂ ᠦᠷᠬᠦᠯᠵᠢ ᠰᠤᠷᠤᠭᠴᠢᠳ ᠤᠨ ᠲᠤᠮᠳᠠ ᠬᠦᠨᠵᠡᠭᠡᠶᠢᠷᠡᠵᠦ᠂ ᠰᠤᠷᠤᠭᠴᠢ ᠲᠠᠢ ᠪᠠᠨ ᠦᠶ᠎ᠡ

ᠬᠤᠷᠠᠭ ᠤᠨ ᠨᠠᠶᠢᠵᠠ ᠰᠢᠬ ᠦᠨᠡᠨᠴᠢ ᠰᠡᠳᠬᠢᠯ ᠢᠶᠠᠷ ᠶᠠᠷᠢᠯᠴᠠᠵᠦ᠂ ᠰᠡᠳᠬᠢᠯ ᠢ ᠨᠢ ᠤᠶᠢᠯᠠᠭᠠᠭᠰᠠᠨ ᠪᠠᠶᠢᠬᠤ          

ᠭᠡᠷᠡᠭᠳᠡᠢ᠃ ᠠᠩᠬᠢ ᠶᠢᠨ ᠡᠷᠬᠢᠯᠡᠭᠴᠢ ᠠᠴᠠ ᠬᠠᠷᠢᠨ ︽ᠦᠨᠳᠦᠷ ᠲᠡᠭᠡᠷ᠎ᠡ ᠠᠴᠠ ᠦᠩᠬᠡᠶᠢᠨ ᠦᠵᠡᠬᠦ︾᠂ ︽ᠰᠤᠷᠭᠠᠨ

ᠬᠦᠮᠦᠵᠢᠬᠦᠯᠦᠭᠴᠢ︾ ᠶᠢᠨ ︽ᠯᠠᠷᠵᠢᠶ᠎ᠠ ᠶᠠᠩᠪᠠ︾ ᠭᠠᠷᠭᠠᠵᠤ᠂ ᠦᠬᠡ ᠬᠡᠯᠡᠬᠦ ᠳᠤ ᠪᠠᠨ ᠦᠷᠬᠦᠯᠵᠢ ︽ᠵᠢᠭᠠᠪᠦᠷᠢ

ᠪᠠᠭᠤᠯᠭᠠᠨ ᠵᠠᠷᠯᠢᠭᠳᠠᠬᠤ︾᠂ ︽ᠢᠩᠬᠢᠵᠦ ᠬᠢᠬᠦ ᠬᠡᠷᠡᠭᠳᠡᠢ᠂ ᠲᠡᠭᠡᠵᠦ ᠪᠡᠶᠡᠯᠡᠬᠦᠯᠬᠦ ᠬᠡᠷᠡᠭᠳᠡᠢ︾ ᠬᠡᠬᠦ ᠵᠡᠷᠭᠡ ᠪᠠᠷ

ᠬᠠᠨᠳᠤᠵᠦ ᠶᠠᠭᠠᠬᠢᠭᠰᠠᠨ ᠴᠦ ᠪᠤᠯᠬᠤ ᠦᠬᠡᠢ ᠶᠤᠮ᠃

      ᠠᠩᠬᠢ ᠶᠢᠨ ᠡᠷᠬᠢᠯᠡᠭᠴᠢ ᠪᠤᠯᠤᠨ ᠰᠤᠷᠤᠭᠴᠢᠳ ᠡᠷᠬᠡ ᠲᠡᠭᠰᠢ ᠪᠠᠶᠢᠬᠤ ᠶᠢ ᠡᠷᠬᠢᠮᠯᠡᠵᠦ᠂ ᠦᠬᠡ ᠵᠤᠭᠤᠭ

ᠲᠡᠯᠭᠡᠭᠦ ᠳᠤ ᠪᠠᠨ ᠡᠶᠡᠯᠳᠡᠭ ᠵᠤᠭᠤᠭᠳᠠᠬᠤ ᠠᠴᠠ ᠪᠢᠰᠢ᠂ ᠰᠤᠷᠤᠭᠴᠢᠳ ᠢ ᠰᠡᠳᠬᠢᠯ ᠤᠨ ᠦᠭᠡ ᠪᠠᠨ ᠬᠡᠯᠡᠵᠦ

ᠪᠠᠷᠠᠬᠤ ᠠᠴᠠ ᠨᠢ ᠡᠮᠦᠨ᠎ᠡ ᠲᠠᠰᠤᠯᠳᠠᠭᠤᠯᠬᠤ ᠪᠤᠶᠤ ᠰᠤᠷᠭᠠᠨ ᠰᠢᠬᠦᠮᠵᠢᠯᠡᠵᠦ ᠪᠤᠯᠬᠤ ᠦᠭᠡᠢ ᠶᠤᠮ᠃

ᠰᠤᠷᠤᠭᠴᠢᠳ ᠤᠨ ᠰᠡᠳᠬᠢᠯ ᠢ ᠤᠶᠢᠯᠠᠭᠠᠬᠤ ᠳᠤ ᠡᠷᠬᠡᠪᠰᠢ ᠠᠩᠬᠢ ᠶᠢᠨ ᠡᠷᠬᠢᠯᠡᠭᠴᠢ ᠠᠴᠠ ᠤᠷᠢᠳ ᠢᠶᠠᠷ

ᠰᠡᠳᠬᠢᠯ ᠢᠶᠠᠨ ᠦᠭᠴᠦ᠂ ᠠᠭᠤᠵᠢᠭᠤ ᠲᠠᠶᠢᠪᠤᠭᠤ ᠠᠭᠤᠴᠢᠯᠠᠯ ᠪᠠᠭᠳᠠᠭᠠᠮᠵᠢᠳᠠᠢ ᠪᠠᠷ ᠰᠤᠷᠤᠭᠴᠢ ᠶᠢᠨ ᠪᠤᠷᠤᠭᠤ

ᠦᠬᠡ ᠬᠡᠯᠡᠬᠦ ᠶᠢ ᠵᠦᠪᠰᠢᠶᠡᠷᠡᠵᠦ᠂ ᠬᠡᠷᠪᠡ ᠪᠤᠷᠤᠭᠤ ᠶᠠᠪᠤᠳᠠᠯ ᠬᠢᠪᠡᠯ ᠰᠤᠷᠤᠭᠴᠢᠳ ᠲᠤ ᠠᠯᠳᠠᠭ᠎ᠠ ᠲᠤᠳᠠᠭᠳᠠᠯ ᠢ ᠨᠢ

ᠲᠠᠨᠢᠭᠤᠯᠤᠨ᠂ ᠬᠤᠶᠢᠰᠢᠳᠠ ᠶᠢᠨ ᠬᠡᠯᠡᠵᠦ ᠵᠠᠯᠠᠷᠠᠭᠤᠯᠬᠤ ᠢᠳᠡᠭᠡᠯ ᠵᠤᠷᠢᠭ ᠢ ᠨᠢ ᠨᠡᠮᠡᠭᠳᠡᠬᠦᠯᠬᠦ ᠬᠡᠷᠡᠭᠳᠡᠢ᠃ ᠢᠩᠬᠢᠪᠡᠯ

ᠰᠠᠶ᠋ᠢ ᠰᠤᠷᠤᠭᠴᠢᠳ ᠤᠨ ᠰᠡᠳᠬᠢᠯ ᠢ ᠨᠢ ᠤᠯᠵᠤ᠂ ᠦᠪ ᠦᠨᠡᠨ ᠬᠦ ᠰᠡᠳᠬᠢᠯ ᠤᠨ ᠬᠠᠨᠢ ᠨᠢ ᠪᠤᠯᠵᠦ ᠲᠠᠶᠢᠯᠦᠨ᠎ᠡ᠃

      ᠭᠤᠷᠪᠠ᠂ ᠰᠤᠷᠤᠭᠴᠢᠳ ᠤᠨ ᠰᠤᠷᠤᠯᠭ᠎ᠠ ᠶᠢᠨ ᠵᠢᠯᠣᠭᠤᠳᠣᠭᠴᠢ ᠪᠤᠯᠬᠤ

      ᠰᠣᠷᠣᠭᠴᠢᠳ ᠮᠡᠳᠡᠯᠭᠡ ᠴᠢᠳᠠᠪᠤᠷᠢ ᠲᠠᠢ᠂ ᠲᠤᠰᠬᠠᠢ ᠮᠡᠷᠭᠡᠵᠢᠯ ᠳᠤ ᠪᠠᠨ ᠨᠡᠪᠳᠡᠷᠡᠭᠰᠡᠨ ᠪᠠᠭᠰᠢ ᠶᠢ ᠲᠤᠩ

ᠬᠦᠨᠳᠦᠳᠬᠡᠨ ᠪᠢᠰᠢᠷᠡᠳᠡᠭ᠃ ᠡᠶᠢᠮᠦ ᠠᠴᠠ ᠠᠩᠬᠢ ᠶᠢᠨ ᠡᠷᠬᠢᠯᠡᠭᠴᠢ ᠪᠤᠯᠤᠭᠰᠠᠳ ᠦᠷᠭᠡᠨ ᠲᠡᠯᠭᠡᠷ ᠮᠡᠳᠡᠯᠭᠡ᠂ ᠤᠯᠠᠨ

ᠲᠠᠯ᠎ᠠ ᠶᠢᠨ ᠴᠢᠳᠠᠪᠤᠷᠢ ᠲᠠᠢ ᠪᠠᠶᠢᠵᠦ᠂ ᠰᠤᠷᠤᠭᠴᠢᠳ ᠤᠨ ᠢᠶᠠᠨ ᠬᠦᠨᠳᠦᠳᠬᠡᠯ ᠪᠢᠰᠢᠷᠡᠯ ᠢ ᠣᠯᠬᠤ          

ᠬᠡᠷᠡᠭᠳᠡᠢ᠃ ᠡᠬᠦᠨ ᠳᠤ ᠭᠤᠤᠯᠳᠠᠭᠤ ᠰᠤᠷᠤᠭᠴᠢᠳ ᠤᠨ ᠰᠤᠷᠤᠯᠴᠬᠤ ᠠᠷᠭ᠎ᠠ ᠬᠢᠭᠡᠳ ᠰᠢᠯᠢᠳᠡᠭ ᠰᠣᠷᠤᠯᠭᠠᠳᠠᠨ

ᠪᠤᠯᠬᠤ ᠳᠤ ᠨᠢ ᠵᠢᠯᠤᠭᠤᠳᠣᠭᠴᠢ ᠪᠠ ᠵᠦᠪᠯᠡᠭᠴᠢ ᠪᠤᠯᠬᠤ ᠨᠢ ᠴᠢᠬᠤᠯᠠ ᠪᠠᠶᠢᠵᠦ᠂ ᠪᠡᠶ᠎ᠡ ᠪᠠᠨ ᠲᠠᠭᠠᠭᠠᠨ ᠴᠢᠷᠮᠠᠶᠢᠨ

ᠰᠤᠷᠤᠯᠴᠠᠬᠤ ᠲᠠᠳᠬᠠᠯ ᠲᠠᠢ ᠪᠤᠯᠭᠠᠨ ᠬᠦᠮᠦᠵᠢᠬᠦᠯᠦᠨ᠂ ᠰᠣᠷᠣᠭᠴᠢ ᠳᠤ ᠠᠰᠠᠭᠤᠳᠠᠯ ᠢ ᠢᠯᠡᠷᠡᠬᠦᠯᠦᠨ ᠠᠰᠠᠭᠤᠳᠠᠯ ᠢ

ᠵᠠᠳᠠᠯᠬᠤ ᠶᠢ ᠰᠣᠷᠭᠠᠵᠤ᠂ ᠦᠪᠡᠷ ᠤᠨ ᠰᠣᠷᠣᠯᠭ᠎ᠠ ᠶᠢᠨ ᠶᠠᠪᠤᠴᠠ ᠪᠠᠨ ᠵᠦᠪ ᠢᠶᠠᠷ ᠦᠨᠡᠯᠡᠨ᠂ ᠰᠢᠯᠢᠳᠡᠭ ᠬᠢᠷᠢ

ᠪᠦᠳᠦᠮᠵᠢ ᠤᠯᠬᠤ ᠪᠠᠷ ᠴᠢᠷᠮᠠᠶᠢᠬᠤ ᠬᠠᠷᠠᠯᠳᠠ ᠵᠤᠷᠢᠯᠭ᠎ᠠ ᠲᠠᠢ ᠪᠤᠯᠭᠠᠨ ᠬᠦᠮᠦᠵᠢᠬᠦᠯᠬᠦ ᠬᠡᠷᠡᠭᠳᠡᠢ᠃ ᠠᠩᠬᠢ

ᠨᠡᠶᠢᠳᠡ ᠶᠢᠨ ᠲᠤᠮᠳᠠᠬᠢ ︽ᠰᠤᠷᠤᠯᠭ᠎ᠠ ᠬᠤᠴᠣᠷᠤᠩᠭᠤᠢ ᠰᠤᠷᠤᠭᠴᠢ︾ ᠪᠡᠶ᠎ᠡ ᠳᠤ ᠪᠠᠨ ᠢᠳᠡᠭᠡᠯ ᠢᠶᠠᠷ ᠲᠤᠳᠠᠮᠠᠭ

ᠪᠠᠶᠢᠵᠦ᠂ ᠬᠢᠯᠪᠠᠷᠬᠠᠨ ᠵᠤᠷᠢᠭ ᠮᠤᠬᠤᠬᠤ᠂ ᠴᠢᠨᠠᠭᠰᠢᠯᠠᠪᠠᠯ ᠪᠠᠶ᠎ᠡ ᠪᠠᠨ ᠭᠤᠯᠤᠬᠤ᠂ ᠭᠤᠳᠤᠷᠠᠬᠤ ᠪᠠᠶᠢᠳᠠᠯ ᠭᠠᠷᠳᠠᠭ᠃ ᠡᠨᠡ

ᠦᠶᠡᠰ ᠠᠩᠬᠢ ᠶᠢᠨ ᠡᠷᠬᠢᠯᠡᠭᠴᠢ ᠪᠤᠯᠤᠭᠰᠠᠳ ᠲᠠᠳᠡᠨ  ᠢ ᠬᠠᠪᠰᠤᠷᠤᠨ ᠬᠠᠯᠠᠮᠵᠢᠯᠡᠵᠦ᠂ ᠰᠤᠷᠤᠯᠭ᠎ᠠ ᠶᠢᠨ ᠲᠠᠯ᠎ᠠ ᠪᠠᠷ

ᠬᠠᠪᠰᠣᠷᠣᠨ ᠵᠢᠯᠣᠭᠤᠳᠴᠦ᠂ ᠰᠡᠳᠬᠢᠴᠡ ᠶᠢᠨ ᠲᠠᠯ᠎ᠠ ᠪᠠᠷ ᠪᠡᠶ᠎ᠡ ᠳᠤ ᠪᠠᠨ ᠢᠳᠡᠭᠡᠯ ᠲᠠᠢ ᠪᠠᠶᠢᠬᠤ ᠲᠤᠬᠠᠢ ᠬᠦᠮᠦᠵᠢᠯ

ᠬᠢᠵᠦ᠂ ᠲᠡᠳᠡᠨ ᠤ ᠦᠴᠦᠬᠡᠨ ᠲᠠᠪᠰᠢᠯᠳᠠ ᠶᠢ ᠤᠯᠵᠦ ᠦᠵᠡᠪᠡᠯ ᠮᠠᠭᠳᠠᠨ ᠵᠤᠷᠢᠬᠵᠢᠭᠤᠯᠵᠦ ︽ᠪᠢ ᠪᠤᠯᠵᠦ          

ᠪᠠᠶᠢᠨ᠎ᠠ︾ ᠬᠡᠰᠡᠨ ᠲᠦᠷᠦᠭᠳᠡᠯ ᠣᠯᠣᠭᠤᠯᠵᠦ᠂ ᠲᠡᠳᠡᠨ ᠢ ᠬᠤᠪᠢᠷᠠᠨ ᠲᠠᠪᠰᠢᠬᠤ ᠳᠤ ᠢᠳᠡᠭᠡᠯ ᠵᠣᠷᠢᠭ ᠢ ᠨᠢ

ᠬᠦᠪᠴᠢᠯᠡᠬᠦ ᠬᠡᠷᠡᠭᠳᠡᠢ ᠶᠤᠮ᠃

      ᠲᠦᠷᠪᠡ᠂ ᠠᠩᠬᠢ ᠨᠢᠭᠡᠴᠢ ᠶᠢᠨ ᠪᠦᠬᠦᠯᠢ ᠴᠤᠭᠴᠠ ᠶᠢᠨ ᠶᠤᠰᠤ ᠮᠣᠷᠠᠯ ᠤᠨ ᠬᠦᠮᠦᠵᠢᠯ ᠢ ᠴᠢᠩᠭᠠᠳᠬᠠᠬᠤ

      ᠠᠩᠬᠢ ᠶᠢᠨ ᠡᠷᠬᠢᠯᠡᠭᠴᠢ ᠨᠢ ᠰᠤᠷᠤᠭᠴᠢᠳ ᠤᠨ ᠰᠠᠬᠢᠯᠭ᠎ᠠ ᠲᠦᠷᠢᠮ ᠢ ᠵᠢᠷᠤᠮᠯᠠᠬᠤ ᠪᠤᠯᠤᠨ ᠡᠳᠦᠷ

ᠲᠤᠳᠤᠮ ᠤᠨ ᠠᠵᠢᠯᠯᠠᠭᠠᠨ ᠢ ᠲᠦᠷᠢᠮᠵᠢᠬᠦᠯᠬᠦ᠂ ᠶᠤᠰᠤ ᠰᠤᠷᠳᠠᠬᠤᠨ ᠢ ᠵᠢᠷᠤᠮᠵᠢᠭᠤᠯᠬᠤ ᠳᠤ ᠬᠢᠨᠠᠯᠳᠠ ᠲᠠᠯᠪᠢᠬᠤ᠂

ᠪᠠᠶᠢᠴᠠᠭᠠᠬᠤ᠂ ᠰᠤᠷᠭᠠᠨ ᠬᠦᠮᠦᠵᠢᠬᠦᠯᠬᠦ ᠬᠠᠷᠢᠭᠤᠴᠠᠯᠭ᠎ᠠ ᠶᠢ ᠡᠬᠦᠷᠭᠡᠯᠡᠵᠦ ᠪᠠᠶᠢᠭ᠎ᠠ ᠪᠤᠯᠬᠤᠷ ᠰᠤᠷᠤᠭᠴᠢᠳ ᠲᠤ ᠪᠠᠨ

ᠬᠦᠮᠦᠨ ᠪᠤᠯᠬᠤ ᠶᠤᠰᠤ ᠣᠴᠢᠷ ᠪᠤᠯᠤᠨ ᠰᠠᠬᠢᠯᠭ᠎ᠠ ᠪᠠᠳᠦ᠂ ᠶᠤᠰᠤ ᠮᠤᠷᠠᠯ ᠤᠨ ᠬᠦᠮᠦᠵᠢᠯ ᠢ ᠬᠦᠨ ᠬᠦᠨᠵᠡᠭᠡᠢ᠂

ᠨᠠᠷᠢᠯᠢᠬ ᠮᠦᠷᠳᠡᠭᠡᠨ ᠪᠦᠬᠦ ᠲᠠᠯ᠎ᠠ ᠪᠠᠷ ᠦᠷᠬᠦᠯᠵᠢ ᠶᠢᠨ ᠴᠢᠨᠠᠷᠳᠠᠢ ᠬᠦᠷᠳᠡᠬᠡᠵᠦ᠂ ᠰᠤᠷᠤᠭᠴᠢᠳ ᠤᠨ ᠰᠠᠬᠢᠯᠭ᠎ᠠ

ᠪᠠᠳᠦ ᠶᠢ ᠰᠠᠬᠢᠬᠤ᠂ ᠶᠤᠰᠤ ᠮᠤᠷᠠᠯ ᠢ ᠡᠷᠬᠢᠮᠯᠡᠬᠦ ᠬᠢᠷᠢ ᠲᠦᠪᠰᠢᠨ ᠢ ᠲᠠᠰᠤᠷᠠᠯᠳᠠ ᠦᠭᠡᠢ ᠲᠡᠭᠡᠭᠰᠢᠯᠡᠬᠦᠯᠬᠦ ᠬᠡᠷᠡᠭᠳᠡᠢ

ᠶᠤᠮ᠃ ᠶᠤᠰᠤ ᠰᠤᠷᠳᠠᠬᠤᠨ ᠤ ᠰᠤᠷᠭᠠᠨ ᠬᠦᠮᠦᠵᠢᠬᠦᠯᠬᠦ ᠠᠷᠭ᠎ᠠ ᠪᠠᠷᠢᠯ᠂ ᠠᠷᠠᠳᠴᠢᠯᠠᠯ ᠤᠨ ᠠᠷᠭ᠎ᠠ ᠠᠪᠴᠠᠯ ᠢᠶᠠᠷ

ᠰᠠᠬᠢᠯᠭ᠎ᠠ ᠪᠠᠳᠦ᠂ ᠶᠤᠰᠤ ᠮᠤᠷᠠᠯ ᠤᠨ ᠲᠦᠷᠢᠮᠵᠢᠯ ᠢ ᠰᠠᠶᠢᠳᠦᠷ ᠨᠠᠶᠢᠳᠠᠪᠤᠷᠢᠵᠢᠭᠤᠯᠵᠦ᠂ ᠵᠢᠷᠦᠮᠵᠢᠭᠤᠯᠬᠤ          

ᠭᠡᠷᠡᠭᠳᠡᠢ᠃ ᠰᠤᠷᠤᠭᠴᠢᠳ ᠢ ᠠᠭᠰᠤᠷᠴᠤ ᠵᠠᠩᠳᠤᠷᠬᠤ᠂ ᠠᠶᠤᠯᠭᠠᠨ ᠰᠦᠷᠳᠡᠬᠦᠯᠬᠦ ᠵᠡᠷᠭᠡ ᠠᠷᠭ᠎ᠠ ᠮᠠᠶ᠋ᠢᠭ ᠢ ᠡᠷᠡᠰ

ᠲᠡᠪᠴᠢᠬᠦ ᠬᠡᠷᠡᠭᠳᠡᠢ᠃

      1. ᠬᠠᠮᠳᠦ ᠨᠦᠬᠦᠳ ᠤᠨ ᠬᠠᠶᠢᠷ᠎ᠠ ᠬᠠᠯᠠᠮᠵᠢ᠂ ᠰᠠᠶᠢᠨ ᠰᠠᠶᠢᠬᠠᠨ ᠮᠣᠷᠠᠯ ᠰᠣᠷᠳᠠᠯ᠂ ᠣᠷᠴᠢᠨ

ᠲᠤᠭᠤᠷᠢᠨ ᠢᠶᠠᠷ ᠲᠡᠬᠦᠨ ᠢ ᠨᠦᠯᠦᠭᠡᠯᠡᠭᠦ

      ᠮᠣᠷᠠᠯ ᠰᠠᠬᠢᠯᠭ᠎ᠠ ᠠᠨᠠᠢ ᠰᠤᠷᠤᠭᠴᠢ ᠳᠤ ᠠᠯᠢ ᠴᠦ ᠪᠠᠭᠰᠢ ᠮᠡᠳᠡᠯᠭᠡ ᠵᠢᠭᠠᠬᠤ ᠶᠢ ᠶᠠᠷᠢᠬᠤ ᠶᠢᠨ ᠠᠷᠭ᠎ᠠ

ᠦᠬᠡᠢ ᠪᠠᠶᠢᠳᠠᠭ᠃ ᠡᠨᠡ ᠨᠢ ᠶᠠᠭ ᠠᠶᠢᠨᠰᠲ᠋ᠧᠨ ᠤ ᠬᠡᠯᠡᠭᠰᠡᠨ ᠰᠢᠭ ᠢᠶᠠᠷ ︽ᠰᠢᠯᠢᠳᠡᠭ ᠰᠠᠶᠢᠨ ᠵᠠᠩ ᠠᠭᠠᠰᠢ ᠪᠤᠯᠤᠨ

ᠬᠠᠳᠠᠭᠤ ᠵᠤᠷᠢᠭ ᠪᠤᠯ ᠤᠶᠤᠨ ᠤᠬᠠᠭᠠᠨ ᠪᠠ ᠦᠯᠡᠮᠵᠢ ᠡᠷᠳᠡᠮ ᠠᠴᠠ ᠨᠡᠩ ᠴᠢᠬᠤᠯᠠ ᠶᠤᠮ᠂ ᠴᠢᠳᠠᠪᠤᠷᠢ ᠶᠢᠨ

ᠲᠠᠯ᠎ᠠ ᠶᠢᠨ ᠠᠮᠵᠢᠯᠳᠠ ᠨᠢ ᠵᠠᠩ ᠠᠭᠠᠰᠢ ᠶᠢᠨ ᠠᠭᠤᠤ ᠶᠡᠭᠡ ᠶᠢ ᠲᠦᠰᠢᠭᠯᠡᠳᠡᠭ︾ ᠭᠡᠰᠡᠨ ᠲᠠᠢ ᠠᠳᠠᠯᠢ          

ᠶᠤᠮ᠃ ᠠᠩᠬᠢ ᠶᠢᠨ ᠡᠷᠬᠢᠯᠡᠭᠴᠢ ᠪᠠᠭᠰᠢ ᠠᠴᠠ ᠶᠤᠰᠤ ᠮᠣᠷᠠᠯ ᠤᠨ ᠬᠦᠮᠦᠵᠢᠯ ᠢ ᠴᠢᠩᠭᠠᠳᠬᠠᠬᠤ ᠳᠤ ᠪᠠᠨ

ᠬᠢᠴᠢᠶᠡᠯ ᠤᠨ ᠵᠠᠪᠰᠠᠷᠯᠠᠭ᠎ᠠ ᠶᠢᠨ ᠴᠠᠭ ᠢᠶᠠᠨ ᠬᠦᠷ ᠬᠦᠭᠵᠢᠶᠡᠨ ᠲᠠᠢ᠂ ᠤᠳᠬ᠎ᠠ ᠠᠭᠤᠯᠭ᠎ᠠ ᠲᠠᠢ ᠪᠠᠶᠢᠯᠭᠠᠵᠦ᠂

ᠠᠩᠬᠢ ᠶᠢᠨ ᠬᠡᠷ ᠤᠨ ᠴᠢᠮᠡᠭᠯᠡᠯ ᠢ ᠲᠠᠳᠠᠬᠤ ᠬᠦᠴᠦᠨ ᠲᠠᠢ ᠪᠤᠯᠭᠠᠨ᠂ ᠦᠪᠡᠷ ᠤᠨ ᠭᠠᠷ ᠢᠶᠠᠷ ᠢᠶᠠᠨ ᠬᠢᠵᠦ

ᠪᠦᠳᠦᠭᠡᠭᠰᠡᠨ ᠵᠦᠢᠯᠠᠰ ᠢ ᠨᠢ ᠲᠠᠯᠭᠡᠵᠦ ᠲᠠᠯᠪᠢᠬᠤ᠂ ᠡᠯᠬᠦᠬᠦ᠂ ᠴᠡᠴᠡᠭ ᠬᠤᠸᠠᠷ ᠲᠡᠵᠢᠬᠡᠬᠦ᠂ ᠲᠠᠭᠤᠤ ᠬᠦᠭᠵᠢᠮ

ᠰᠤᠨᠤᠰᠬᠠᠬᠤ᠂ ᠦᠵᠡᠭᠰᠡᠨ ᠲᠧᠯᠸᠢᠰ ᠢᠶᠠᠨ ᠶᠠᠷᠢᠯᠴᠠᠬᠤ᠂ ᠡᠰᠡᠬᠦᠯ᠎ᠡ ᠲᠡᠪᠡᠭ ᠢᠰᠬᠦᠯᠬᠦ᠂ ᠲᠡᠭᠡᠰᠦ ᠦᠰᠦᠷᠬᠦ᠂ ᠠᠯᠴᠢᠭᠤᠷ

ᠬᠠᠶᠠᠬᠤ ᠵᠡᠷᠭᠡ ᠲᠤᠭᠯᠠᠭᠠᠮ ᠢ ᠨᠠᠭᠠᠳᠤᠭᠤᠯᠵᠦ᠂ ᠤᠤᠭᠤᠬᠤ ᠠᠴᠠ ᠣᠰᠣ ᠲᠠᠢ᠂ ᠦᠵᠡᠬᠦ ᠠᠴᠠ ᠨᠤᠮ ᠲᠠᠢ᠂

ᠰᠤᠷᠤᠭᠴᠢᠳ ᠢ ᠰᠤᠨᠢᠷᠬᠠᠬᠤ ᠵᠦᠢᠯᠡᠰ ᠲᠠᠢ ᠪᠠᠶᠢᠯᠭᠠᠬᠤ ᠨᠢ ᠰᠣᠯᠠ ᠴᠠᠭ ᠲᠤ ᠪᠠᠨ ᠣᠷᠣᠯᠳᠤᠬᠤ ᠵᠦᠢᠯ ᠲᠠᠢ

ᠪᠤᠯᠭᠠᠵᠦ᠂ ᠰᠣᠷᠣᠭᠴᠢᠳ ᠤᠨ ᠵᠤᠷᠢᠭᠤᠳᠠ ᠲᠡᠪᠵᠢᠶᠡᠷᠡᠬᠦ᠂ ᠡᠪᠳᠡᠯᠡᠭᠡ ᠬᠢᠬᠦ ᠠᠴᠠ ᠵᠠᠶᠢᠯᠠᠰᠬᠢᠵᠦ᠂ ᠠᠶᠠᠨᠳᠠᠭᠠᠨ ᠤ

ᠪᠦᠳᠦᠬᠡᠯᠴᠢ ᠤᠷᠤᠯᠳᠤᠭ᠎ᠠ ᠲᠡᠶᠢᠰᠢ ᠬᠦᠮᠦᠵᠢᠬᠦᠯᠬᠦ ᠶᠢ ᠵᠤᠷᠢᠨ᠎ᠠ᠃ ︽ᠣᠷᠣᠯᠳᠣᠯᠭ᠎ᠠ ᠰᠠᠶᠢᠳᠦ ᠣᠷᠦᠢ ᠳᠤ ᠨᠢ          

ᠭᠠᠷᠤᠨ᠎ᠠ︾ ᠭᠡᠳᠡᠭᠴᠢᠯᠡᠨ ᠰᠣᠷᠣᠭᠴᠢᠳ ᠢ ᠰᠠᠶᠢᠨ ᠢ ᠰᠡᠳᠦᠬᠦ ᠣᠷᠣᠯᠳᠤᠯᠭ᠎ᠠ ᠲᠠᠢ ᠪᠤᠯᠭᠠᠨ ᠬᠦᠮᠦᠵᠢᠬᠦᠯᠵᠦ

ᠴᠢᠳᠠᠬᠤ ᠨᠢ ᠠᠩᠬᠢ ᠶᠢᠨ ᠡᠷᠬᠢᠯᠡᠭᠴᠢ ᠪᠠᠭᠰᠢ ᠶᠢᠨ ᠨᠢᠭᠡ ᠲᠠᠯ᠎ᠠ ᠶᠢᠨ ᠤᠷ᠎ᠠ ᠠᠪᠢᠶᠠᠰ ᠪᠤᠯᠤᠨ᠎ᠠ᠃

      2. ᠠᠩᠬᠢ ᠶᠢᠨ ᠡᠷᠬᠢᠯᠡᠭᠴᠢ ᠪᠠᠭᠰᠢ ᠠᠴᠠ ᠰᠣᠷᠤᠭᠴᠢᠳ ᠲᠤ ᠠᠵᠢᠯᠴᠢ ᠬᠦᠳᠡᠯᠮᠦᠷᠢᠴᠢ ᠰᠢᠯᠢᠳᠡᠭ ᠰᠠᠶᠢᠬᠠᠨ

ᠵᠠᠩ ᠰᠤᠷᠳᠠᠯ ᠲᠠᠢ ᠪᠤᠯᠬᠤ ᠬᠦᠮᠦᠵᠢᠯ ᠢ ᠪᠠᠶᠢᠩᠭᠤ ᠬᠢᠭᠦ

      ᠪᠤᠰᠤᠳ ᠢ ᠬᠠᠪᠰᠣᠷᠬᠤ ᠲᠤᠷᠠᠳᠠᠢ ᠰᠤᠷᠤᠭᠴᠢ ᠳᠤ ᠬᠡᠵᠢᠶᠡᠳᠡ ᠴᠢᠯᠦᠭᠡ ᠵᠠᠪ ᠪᠠᠶᠢᠳᠠᠭ ᠦᠬᠡᠢ᠃ ᠨᠢᠭᠡ

ᠠᠩᠬᠢ ᠶᠢᠨ ᠭᠤᠴᠢ ᠲᠦᠴᠢᠨ ᠰᠤᠷᠤᠭᠴᠢ ᠳᠤ ᠦᠷᠬᠦᠯᠵᠢ ᠠᠷᠰᠠᠷ ᠤᠴᠢᠷ ᠲᠤᠬᠢᠶᠠᠯᠳᠣᠨ᠎ᠠ᠃ ᠤᠨᠴᠠᠭᠠᠶᠢᠯᠠᠨ

ᠲᠤᠤᠷ᠎ᠠ ᠤᠨ ᠤ ᠰᠤᠷᠤᠭᠴᠢ ᠪᠡᠶ᠎ᠡ ᠪᠠᠨ ᠲᠠᠭᠠᠭᠠᠬᠤ ᠲᠠᠯ᠎ᠠ ᠪᠠᠷ ᠬᠦᠷᠦᠯᠴᠡᠬᠦ ᠦᠬᠡᠢ ᠲᠤᠯᠠ ᠲᠡᠳᠡᠨ ᠢ ᠬᠠᠪᠰᠤᠷᠤᠨ

ᠶᠠᠭᠤ ᠬᠢᠵᠦ ᠪᠤᠯᠬᠤ ᠦᠬᠡᠢ ᠪᠤᠢ︖ ᠠᠩᠬᠢ ᠶᠢᠨ ᠭᠡᠷ ᠢᠶᠠᠨ ᠴᠡᠪᠡᠷᠯᠡᠬᠦ ᠪᠤᠯ ᠰᠤᠷᠤᠭᠴᠢ ᠶᠢᠨ ᠰᠤᠷᠭᠠᠭᠤᠯᠢ ᠳᠤ

ᠤᠷᠤᠭᠰᠠᠨ ᠤ ᠲᠠᠷᠠᠭᠠᠬᠢ ᠬᠠᠮᠤᠭ ᠤᠨ ᠠᠩᠬᠠᠨ ᠤ ᠠᠵᠢᠯ᠂ ᠰᠤᠷᠤᠭᠴᠢ ᠶᠡᠷᠦ ᠨᠢ ᠠᠵᠢᠯ ᠬᠢᠬᠦ ᠶᠢ ᠵᠢᠵᠢᠬᠦᠷ

ᠬᠢᠬᠦ ᠠᠴᠠ ᠡᠬᠢᠯᠡᠵᠦ ᠰᠣᠷᠳᠠᠭ᠃ ᠡᠶᠢᠮᠦ ᠠᠴᠠ ᠶᠤᠰᠤ ᠮᠤᠷᠠᠯ ᠠᠨᠠᠢ ᠰᠤᠷᠤᠭᠴᠢᠳ ᠢ ᠵᠣᠷᠢᠭᠤᠳᠡ ᠵᠢᠯᠤᠭᠤᠳᠤᠨ

ᠪᠤᠰᠤᠳ ᠲᠤ ᠦᠢᠯᠡᠴᠢᠯᠡᠬᠦᠯᠵᠦ᠂ ᠵᠢᠵᠢᠬᠦᠷᠯᠡᠭᠰᠡᠳ ᠲᠤ ᠲᠤᠰᠠᠯᠠᠬᠤ᠂ ᠪᠠᠭᠰᠢ ᠳᠤ ᠬᠠᠪᠰᠤᠷᠴᠦ ᠲᠠᠰᠬᠠᠯ

ᠬᠤᠷᠢᠶᠠᠬᠤ᠂ ᠭᠤᠳᠤᠮᠵᠢ ᠴᠡᠪᠡᠷᠯᠡᠬᠦ ᠵᠡᠷᠭᠡ ᠠᠵᠢᠯ ᠢ ᠬᠢᠯᠬᠡᠵᠦ᠂ ᠠᠵᠢᠯ ᠬᠦᠳᠡᠯᠮᠦᠷᠢ ᠶᠢᠨ ᠲᠤᠮᠳᠠ ᠠᠴᠠ ᠶᠤᠰᠤ

ᠵᠠᠩᠰᠢᠯ ᠢ ᠰᠣᠷᠭᠠᠵᠦ᠂ ᠪᠠᠶᠠᠷ ᠪᠠᠶᠠᠰᠬᠤᠯᠠᠩ ᠢ ᠤᠯᠭᠤᠨ᠎ᠠ᠃

      ᠬᠢᠴᠢᠶᠡᠯ ᠤᠨ ᠴᠠᠭ ᠤᠨ ᠵᠢᠭᠠᠨ ᠰᠤᠷᠭᠠᠯᠳᠠ ᠪᠤᠯ ᠨᠡᠯᠢᠶᠡᠳ ᠬᠡᠶᠢᠰᠪᠦᠷᠢ ᠮᠡᠳᠡᠯᠬᠡ ᠶᠢ ᠤᠯᠠᠮᠵᠢᠯᠠᠵᠦ          

ᠪᠠᠶᠢᠳᠠᠭ᠃ ᠡᠨᠡ ᠬᠦ ᠰᠤᠷᠤᠭᠰᠠᠨ ᠬᠡᠶᠢᠰᠪᠦᠷᠢ ᠮᠡᠳᠡᠯᠬᠡ ᠪᠠᠨ ᠪᠤᠳᠠᠳᠦ ᠠᠮᠢᠳᠤᠷᠠᠯ ᠳᠤ ᠦᠢᠯᠡᠳᠦᠯᠭᠡᠵᠢᠬᠦᠯᠵᠦ

ᠰᠤᠷᠭᠠᠪᠠᠯ ᠵᠤᠬᠢᠮᠵᠢᠳᠠᠢ᠃ ᠠᠩᠬᠢ ᠶᠢᠨ ᠡᠷᠬᠢᠯᠡᠭᠴᠢ ᠪᠠᠭᠰᠢ ᠠᠴᠠ ᠵᠤᠷᠢᠯᠭ᠎ᠠ ᠲᠠᠢ ᠪᠠᠷ ᠰᠤᠷᠤᠭᠴᠢᠳ ᠲᠤ

ᠦᠢᠯᠡᠳᠦᠯᠭᠡ ᠶᠢᠨ ᠴᠢᠨᠠᠷᠳᠠᠢ ᠠᠵᠢᠯᠯᠠᠭ᠎ᠠ ᠶᠢ ᠲᠤᠬᠢᠷᠠᠭᠤᠯᠬᠤ᠂ ᠲᠠᠷᠤᠢ ᠣᠷᠣ ᠲᠡᠪᠢᠰᠭᠡᠷ ᠢᠶᠠᠨ ᠬᠤᠷᠢᠶᠠᠬᠤ᠂ ᠨᠤᠮ

ᠲᠡᠪᠳᠡᠷ ᠢᠶᠠᠨ ᠲᠢᠭᠯᠡᠬᠦ᠂ ᠬᠤᠪᠴᠠᠰᠦ ᠪᠠᠨ ᠤᠬᠢᠶᠠᠬᠤ᠂ ᠭᠡᠷ ᠱᠦᠬᠦᠷᠳᠡᠬᠦ᠂ ᠠᠶᠠᠭ᠎ᠠ ᠰᠢᠨᠠᠭ᠎ᠠ ᠤᠬᠢᠶᠠᠬᠤ᠂

ᠡᠵᠢ ᠶᠢᠨ ᠢᠶᠠᠨ ᠬᠤᠭᠤᠯᠠ ᠬᠢᠬᠦ ᠪᠦᠭᠦᠢ ᠯᠡ ᠶᠠᠪᠤᠴᠠ ᠶᠢ ᠠᠩᠬᠠᠷᠴᠤ᠂ ᠡᠬᠦᠨ ᠤ ᠲᠣᠮᠳᠠ ᠠᠴᠠ ᠬᠢᠵᠦ ᠴᠢᠳᠠᠬᠤ

ᠵᠦᠢᠯᠡᠰ ᠢᠶᠠᠨ ᠬᠠᠮᠵᠢᠨ ᠬᠢᠬᠦ ᠵᠡᠷᠭᠡ ᠶᠢ ᠦᠷᠬᠦᠯᠵᠢ ᠶᠢᠨ ᠴᠢᠨᠠᠷᠳᠠᠢ ᠰᠠᠨᠠᠭᠤᠯᠤᠨ᠎ᠠ᠃ ᠶᠡᠷᠦ ᠨᠢ ᠡᠷᠳᠡᠮ

ᠪᠤᠯᠪᠠᠰᠣᠷᠠᠯ ᠢ ᠵᠦᠪᠬᠡᠨ ᠪᠠᠭᠰᠢ ᠪᠠᠷ ᠵᠢᠭᠠᠯᠭᠠᠵᠦ᠂ ᠬᠢᠴᠢᠶᠡᠯ ᠤᠨ ᠲᠠᠩᠬᠢᠮ ᠳᠤ ᠡᠵᠡᠮᠰᠢᠨ᠎ᠡ ᠬᠡᠪᠡᠯ ᠲᠦᠢᠯ ᠤᠨ

ᠦᠷᠦᠭᠡᠰᠦᠭᠡᠯ᠂ ᠲᠤᠳᠠᠭᠤ ᠤᠶᠢᠯᠠᠭᠠᠯᠳᠠ ᠪᠠᠶᠢᠵᠦ ᠲᠠᠭᠠᠷᠠᠨ᠎ᠠ᠂ ᠬᠠᠮᠤᠭ ᠤᠨ ᠲᠡᠭᠡᠳᠦ ᠪᠤᠯᠪᠠᠰᠣᠷᠠᠯ ᠡᠳᠦᠷ

ᠲᠤᠳᠤᠮ ᠤᠨ ᠠᠮᠢᠳᠤᠷᠠᠯ ᠬᠢᠬᠡᠳ ᠠᠵᠢᠯ ᠬᠦᠳᠡᠯᠮᠦᠷᠢ ᠶᠢᠨ ᠲᠤᠳᠤᠷ᠎ᠠ ᠯᠠ ᠪᠠᠶᠢᠳᠠᠭ᠃

      3. ᠠᠪᠤ ᠡᠵᠢ᠂ ᠪᠠᠭᠰᠢ ᠠᠬᠠᠮᠠᠳ ᠢᠶᠠᠨ ᠬᠦᠨᠳᠦᠳᠬᠡᠬᠦ ᠶᠢ ᠬᠢᠴᠢᠶᠡᠩᠬᠦ᠋ᠢᠯᠡᠨ ᠰᠤᠷᠭᠠᠬᠤ

      ᠰᠤᠷᠤᠭᠴᠢᠳ ᠢ ᠠᠪᠤ ᠡᠵᠢ ᠪᠠᠨ ᠬᠦᠨᠳᠦᠳᠬᠡᠬᠦ᠂ ᠪᠠᠭᠰᠢ ᠠᠬᠠᠮᠠᠳ ᠢᠶᠠᠨ ᠬᠦᠨᠳᠦᠳᠬᠡᠬᠦ᠂ ᠪᠤᠰᠤᠳ ᠢ ᠦᠷᠦ

ᠡᠪᠡᠳᠬᠦ ᠰᠡᠳᠬᠢᠯᠭᠡ ᠲᠠᠢ ᠪᠤᠯᠭᠠᠨ ᠬᠦᠮᠦᠵᠢᠬᠦᠯᠬᠦ ᠨᠢ ᠠᠩᠬᠢ ᠶᠢᠨ ᠡᠷᠬᠢᠯᠡᠭᠴᠢ ᠪᠠᠭᠰᠢ ᠪᠤᠯᠤᠨ ᠬᠡᠷ ᠤᠨ

ᠠᠬᠠᠮᠠᠳ ᠲᠤ ᠲᠦᠢᠯ ᠤᠨ ᠪᠠᠴᠢᠮ ᠱᠠᠭᠠᠷᠳᠠᠭᠳᠠᠵᠦ ᠪᠠᠶᠢᠨ᠎ᠠ᠃ ᠪᠤᠰᠤᠳ ᠢ ᠬᠦᠨᠳᠦᠳᠬᠡᠬᠦ ᠶᠢ ᠰᠤᠷᠬᠤ ᠳᠤ

ᠶᠠᠭᠤᠨ ᠤ ᠡᠮᠦᠨ᠎ᠡ ᠠᠪᠤ ᠡᠵᠢ ᠪᠠᠨ ᠬᠦᠨᠳᠦᠳᠬᠡᠬᠦ ᠠᠴᠠ ᠡᠬᠢᠯᠡᠬᠦ ᠬᠡᠷᠡᠭᠳᠡᠢ᠃ ᠠᠪᠤ ᠡᠵᠢ ᠪᠠᠨ ᠴᠦ ᠬᠦᠨᠳᠦᠳᠬᠡᠬᠦ ᠶᠢ

ᠮᠡᠳᠡᠬᠦ ᠦᠬᠡᠢ ᠬᠦᠮᠦᠨ ᠪᠤᠰᠤᠳ ᠢ ᠬᠡᠷᠬᠢᠨ ᠬᠦᠨᠳᠦᠳᠬᠡᠬᠦ ᠪᠢᠯᠡ︖ ᠡᠶᠢᠮᠦ ᠠᠴᠠ ᠠᠬᠠᠮᠠᠳ ᠲᠠᠢ ᠠᠭᠤᠯᠵᠠᠪᠠᠯ

ᠲᠤᠬᠢᠷᠠᠮᠵᠢᠳᠠᠢ ᠲᠠᠭᠤᠳᠠᠯᠭ᠎ᠠ ᠪᠠᠶᠢᠬᠤ᠂ ᠬᠡᠷ ᠤᠨ ᠠᠬᠠᠮᠠᠳ ᠲᠠᠢ ᠪᠠᠨ ᠶᠤᠰᠤᠷᠬᠠᠭ ᠪᠠᠶᠢᠵᠦ ᠬᠠᠮᠤᠭ ᠤᠨ ᠨᠠᠭᠠᠳᠦ

ᠵᠠᠬ᠎ᠠ ᠶᠢᠨ ᠪᠤᠰᠤᠳ ᠢ ᠬᠦᠨᠳᠦᠳᠬᠡᠬᠦ ᠦᠬᠡ ᠶᠠᠷᠢᠶ᠎ᠠ᠂ ᠦᠢᠯᠡ ᠠᠵᠢᠯᠯᠠᠭ᠎ᠠ ᠲᠠᠢ ᠪᠠᠶᠢᠬᠤ ᠶᠢ ᠴᠠᠭ ᠢᠮᠠᠭᠳᠠ

ᠱᠠᠭᠠᠷᠳᠠᠵᠦ᠂ ᠲᠠᠳᠬᠠᠯ ᠪᠤᠯᠭᠠᠬᠤ ᠪᠠᠷ ᠴᠢᠷᠮᠠᠶᠢᠬᠤ ᠬᠡᠷᠡᠭᠳᠡᠢ᠃

      ᠲᠠᠪᠤ᠂ ᠬᠡᠷ ᠤᠨ ᠠᠬᠠᠮᠠᠳ ᠬᠢᠬᠡᠳ ᠰᠤᠷᠤᠭᠴᠢ᠂ ᠰᠤᠷᠤᠭᠴᠢ ᠬᠢᠬᠡᠳ ᠰᠤᠷᠭᠠᠭᠤᠯᠢ ᠶᠢ ᠬᠤᠯᠪᠤᠭᠰᠠᠨ

ᠬᠦᠬᠦᠷᠭᠡ ᠪᠤᠯᠬᠤ

      ᠰᠡᠳᠬᠢᠴᠡ ᠶᠢᠨ ᠵᠦᠢ᠂ ᠰᠤᠷᠭᠠᠨ ᠬᠦᠮᠦᠵᠢᠬᠦᠯᠬᠦ ᠤᠬᠠᠭᠠᠨ ᠤ ᠰᠣᠳᠣᠯᠣᠯ ᠭᠡᠷᠡᠴᠢᠯᠡᠭᠰᠡᠨ ᠨᠢ᠂ ᠬᠦᠮᠦᠨ ᠤ

ᠪᠡᠶ᠎ᠡ ᠰᠡᠳᠬᠢᠴᠡ ᠶᠢᠨ ᠬᠦᠭᠵᠢᠯᠳᠡ ᠨᠢ ᠭᠤᠤᠯᠳᠠᠭᠤ ᠣᠳᠣᠮᠰᠢᠯ᠂ ᠣᠷᠴᠢᠨ ᠲᠤᠭᠤᠷᠢᠨ᠂ ᠰᠣᠷᠭᠠᠨ ᠬᠦᠮᠦᠵᠢᠯ

ᠵᠡᠷᠭᠡ ᠭᠤᠷᠪᠠᠨ ᠶᠡᠭᠡ ᠬᠦᠴᠦᠨ ᠳᠤ ᠰᠢᠢᠳᠪᠦᠷᠢᠯᠡᠭᠳᠡᠳᠡᠭ᠃ ᠨᠢᠭᠡᠨ ᠰᠤᠷᠤᠭᠴᠢ ᠶᠢᠨ ᠰᠠᠶᠢᠨ ᠰᠠᠶᠢᠬᠠᠨ

ᠬᠦᠮᠦᠵᠢᠭᠳᠡᠬᠦ ᠳᠤ ᠡᠳᠡᠭᠡᠷ ᠭᠤᠷᠪᠠᠨ ᠭᠤᠭᠴᠤᠭ᠎ᠠ ᠶᠢᠨ ᠠᠯᠢ ᠨᠢ ᠴᠦ ᠲᠤᠳᠠᠭᠳᠠᠵᠦ ᠪᠤᠯᠬᠤ ᠦᠬᠡᠢ᠃ ᠬᠡᠦᠬᠡᠳ ᠬᠡᠷ

ᠪᠦᠯᠢ ᠶᠢᠨ ᠵᠤᠬᠢᠬᠤ ᠰᠤᠷᠭᠠᠯ ᠢ ᠬᠦᠷᠳᠡᠭᠰᠡᠨ ᠰᠠᠭᠤᠷᠢ ᠲᠡᠭᠡᠷ᠎ᠡ ᠰᠤᠷᠭᠠᠭᠤᠯᠢ ᠳᠤ ᠤᠷᠤᠵᠦ᠂ ᠪᠠᠭᠰᠢ ᠨᠠᠷ ᠤᠨ ᠢᠶᠠᠨ

ᠬᠦᠮᠦᠵᠢᠯ ᠢᠶᠠᠷ ᠶᠤᠰᠣ ᠮᠤᠷᠠᠯ᠂ ᠮᠡᠳᠡᠯᠭᠡ ᠴᠢᠳᠠᠪᠤᠷᠢ ᠬᠤᠤᠰᠯᠠᠭᠰᠠᠨ ᠰᠤᠷᠤᠭᠴᠢ ᠪᠤᠯᠤᠮᠠᠨᠵᠢᠨ ᠰᠠᠶ᠋ᠢ ᠨᠡᠶᠢᠬᠡᠮ

ᠲᠡᠭᠡᠷ᠎ᠡ ᠭᠠᠷᠴᠦ ᠠᠵᠢᠯ ᠦᠢᠯᠡᠰ ᠪᠤᠰᠬᠠᠨ ᠬᠦᠯ ᠲᠤᠭᠳᠠᠵᠦ ᠠᠮᠢᠳᠤᠷᠠᠨ ᠤᠷᠤᠰᠢᠬᠤ ᠪᠤᠯᠤᠨ᠎ᠠ᠃ ᠡᠶᠢᠨ ᠬᠦ ᠪᠠᠭᠰᠢ

ᠪᠤᠯ ᠬᠡᠷ ᠪᠦᠯᠢ᠂ ᠰᠣᠷᠭᠠᠭᠤᠯᠢ᠂ ᠨᠡᠶᠢᠭᠡᠮ ᠤᠨ ᠴᠢᠬᠤᠯᠠ ᠬᠡᠯᠬᠢᠶᠡᠰᠦ ᠪᠤᠯᠵᠦ᠂ ᠤᠨᠴᠠᠭᠠᠶᠢᠯᠠᠨ ᠠᠩᠬᠢ ᠶᠢᠨ

ᠡᠷᠬᠢᠯᠡᠭᠴᠢ ᠪᠠᠭᠰᠢ ᠨᠢ ᠰᠤᠷᠭᠠᠭᠤᠯᠢ ᠶᠢᠨ ᠰᠣᠷᠭᠠᠨ ᠬᠦᠮᠦᠵᠢᠬᠦᠯᠬᠦ ᠠᠵᠢᠯ ᠤᠨ ᠭᠤᠤᠯᠯᠠᠬᠤ ᠬᠦᠴᠦᠨ᠂ ᠠᠩᠬᠢ

ᠨᠢᠭᠡᠴᠢ ᠶᠢ ᠲᠠᠭᠠᠭᠤᠯᠤᠨ ᠬᠠᠮᠢᠶᠠᠷᠤᠭᠴᠢ ᠮᠦᠷᠳᠡᠬᠡᠨ ᠰᠤᠷᠤᠭᠴᠢ ᠶᠢ ᠪᠡᠶᠡᠴᠢᠯᠡᠨ ᠲᠤᠳᠤᠮᠳᠠᠵᠦ᠂ ᠰᠤᠷᠭᠠᠭᠤᠯᠢ ᠶᠢᠨ

ᠵᠤᠷᠢᠭ ᠰᠠᠨᠠᠭ᠎ᠠ ᠶᠢ ᠰᠤᠷᠤᠭᠴᠢ ᠶᠢᠨ ᠪᠡᠶ᠎ᠡ ᠲᠡᠭᠡᠷ᠎ᠡ ᠲᠤᠭᠤᠰᠢᠯᠠᠭᠤᠯᠤᠨ ᠪᠡᠶᠡᠯᠡᠬᠦᠯᠦᠭᠴᠢ ᠪᠤᠯᠤᠭᠰᠠᠭᠠᠷ ᠢᠷᠡᠵᠡᠢ᠃

      ᠠᠩᠬᠢ ᠶᠢᠨ ᠡᠷᠬᠢᠯᠡᠭᠴᠢ ᠠᠴᠠ ᠰᠤᠷᠤᠭᠴᠢᠳ ᠤᠨ ᠬᠡᠷ ᠤᠨ ᠠᠬᠠᠮᠠᠳ ᠲᠠᠢ ᠦᠷᠭᠦᠯᠵᠢ ᠶᠢᠨ ᠴᠢᠨᠠᠷᠲᠠᠢ

ᠬᠠᠷᠢᠯᠴᠠᠵᠤ᠂ ᠰᠤᠷᠤᠭᠴᠢᠳ ᠤᠨ ᠡᠳᠦᠷ ᠲᠤᠳᠤᠮ ᠤᠨ ᠰᠤᠷᠤᠯᠭ᠎ᠠ ᠠᠮᠢᠳᠤᠷᠠᠯ᠂ ᠦᠰᠦᠨ ᠪᠤᠶᠢᠵᠢᠯᠳᠠ᠂ ᠰᠢᠮ᠎ᠡ

ᠲᠡᠵᠢᠭᠡᠯ᠂ ᠡᠷᠡᠬᠦᠯ ᠬᠠᠮᠠᠭᠠᠯᠠᠯ ᠡᠷᠡᠬᠦᠯ ᠴᠢᠬᠢᠷᠠᠭ ᠢ ᠰᠡᠳᠬᠢᠯ ᠲᠠᠯᠪᠢᠨ ᠬᠠᠯᠠᠮᠵᠢᠯᠠᠬᠤ ᠭᠡᠷᠡᠭᠳᠡᠢ᠃ ᠡᠬᠦᠨ ᠳᠤ

ᠳᠤᠭᠲᠠᠭᠰᠠᠨ ᠬᠤᠭᠤᠴᠠᠭ᠎ᠠ ᠲᠠᠢ ᠪᠠᠷ ᠭᠡᠷ ᠤᠨ ᠠᠬᠠᠮᠡᠳ ᠤᠨ ᠬᠤᠷᠠᠯ ᠬᠢᠬᠦ᠂ ᠡᠰᠡᠭᠦᠯ᠎ᠡ ᠰᠤᠷᠪᠤᠯᠵᠢᠯᠠᠬᠤ ᠪᠤᠶᠤ

ᠤᠳᠠᠰᠤ ᠪᠠᠷ ᠶᠠᠷᠢᠯᠴᠠᠬᠤ ᠵᠡᠷᠭᠡ ᠬᠡᠯᠪᠡᠷᠢ ᠪᠠᠷ ᠰᠤᠷᠤᠭᠴᠢᠳ ᠤᠨ ᠭᠡᠷ ᠲᠠᠬᠢ ᠪᠠᠶᠢᠳᠠᠯ ᠢ ᠭᠡᠷ ᠤᠨ ᠠᠬᠠᠮᠠᠳ ᠠᠴᠠ

ᠤᠶᠢᠯᠠᠭᠠᠬᠤ ᠶᠢᠨ ᠬᠠᠮᠳᠤ ᠰᠤᠷᠭᠠᠭᠤᠯᠢ ᠳᠤ ᠪᠠᠨ ᠪᠠᠶᠢᠬᠤ ᠦᠶᠡᠰ ᠤᠨ ᠪᠠᠶᠢᠳᠠᠯ ᠢ ᠭᠡᠷ ᠤᠨ ᠠᠬᠠᠮᠡᠳ ᠲᠤ

ᠮᠡᠳᠡᠭᠳᠡᠵᠤ᠂ ᠰᠤᠷᠤᠭᠴᠢ ᠶᠢᠨ ᠳᠠᠪᠰᠢᠯᠳᠠ ᠲᠠᠢ ᠳᠠᠯ᠎ᠠ ᠶᠢ ᠴᠠᠭ ᠳᠤᠬᠠᠢ ᠳᠤ ᠨᠢ ᠳᠤᠰᠬᠠᠨ᠂ ᠬᠦᠷᠦᠯᠴᠡᠬᠦ ᠦᠭᠡᠢ

ᠳᠠᠯ᠎ᠠ ᠶᠢ ᠨᠢ ᠭᠡᠷ ᠤᠨ ᠠᠬᠠᠮᠠᠳ ᠲᠠᠢ ᠵᠦᠪᠳᠡᠨ ᠴᠠᠭ ᠲᠤᠬᠠᠢ ᠳᠤ ᠨᠢ ᠵᠦᠢ ᠵᠤᠬᠢᠰᠲᠠᠢ ᠠᠷᠭ᠎ᠠ ᠬᠡᠮᠵᠢᠶ᠎ᠡ ᠠᠪᠴᠦ

ᠰᠢᠢᠳᠪᠤᠷᠢᠯᠡᠬᠦ ᠭᠡᠷᠡᠭᠳᠡᠢ᠃

      ᠵᠢᠷᠭᠤᠭ᠎ᠠ᠂ ᠰᠤᠷᠤᠭᠴᠢᠳ ᠤᠨ ᠰᠢᠯᠢᠳᠡᠭ ᠬᠡᠪ ᠲᠠᠭᠤᠷᠢᠶᠠᠯ ᠪᠤᠯᠬᠤ

      ᠪᠠᠭᠰᠢ ᠪᠤᠯ ᠬᠦᠮᠦᠨ ᠲᠦᠷᠦᠯᠬᠢᠳᠡᠨ ᠤ ᠤᠶᠤᠨ ᠤ ᠢᠨᠵᠧᠨᠧᠷ ᠪᠠᠶᠢᠵᠦ᠂ ᠨᠡᠶᠢᠭᠡᠮ ᠨᠡᠶᠢᠳᠡ ᠶᠢᠨ ᠲᠤᠮᠳᠠ

ᠡᠷᠬᠢᠮ ᠲᠡᠭᠡᠳᠦ ᠨᠦᠯᠦᠭᠡ ᠲᠤᠰᠬᠠᠯ᠂ ᠪᠠᠶᠢᠷᠢ ᠰᠠᠭᠤᠷᠢ ᠲᠠᠢ ᠶᠤᠮ᠃ ᠰᠤᠷᠤᠭᠴᠢᠳ ᠡᠳᠦᠷ ᠲᠤᠳᠤᠮ ᠤᠨ

ᠰᠤᠷᠤᠯᠴᠠᠯᠭ᠎ᠠ ᠠᠮᠢᠳᠤᠷᠠᠯ ᠤᠨ ᠲᠤᠮᠳᠠ ᠪᠠᠭᠰᠢ ᠪᠠᠷ ᠢᠶᠠᠨ ᠦᠯᠢᠭᠡᠷ ᠲᠠᠭᠤᠷᠢᠶᠠᠯ ᠪᠤᠯᠭᠠᠳᠠᠭ᠃ ᠨᠡᠩ ᠤᠨᠴᠠᠭᠠᠶᠢᠯᠠᠨ

ᠪᠠᠭ᠎ᠠ ᠰᠤᠷᠭᠠᠭᠤᠯᠢ ᠶᠢᠨ ᠠᠩᠬᠢ ᠶᠢᠨ ᠡᠷᠬᠢᠯᠡᠭᠴᠢ ᠨᠢ ᠰᠤᠷᠤᠭᠴᠢᠳ ᠲᠠᠢ ᠪᠠᠨ ᠦᠷᠬᠦᠯᠵᠢ ᠬᠠᠮᠳᠦ ᠪᠠᠶᠢᠳᠠᠭ

ᠪᠤᠯᠬᠤᠷ ᠵᠠᠩ ᠴᠢᠨᠠᠷ᠂ ᠦᠭᠡ ᠶᠠᠷᠢᠶ᠎ᠠ ᠦᠢᠯᠡ ᠠᠵᠢᠯᠯᠠᠭ᠎ᠠ᠂ ᠡᠮᠦᠰᠴᠦ ᠵᠡᠬᠦᠬᠦ᠂ ᠶᠠᠪᠤᠵᠦ ᠰᠠᠭᠤᠬᠤ ᠨᠢ

ᠰᠤᠷᠤᠭᠴᠢᠳ ᠤᠨ ᠪᠠᠶ᠎ᠠ ᠰᠠᠳᠬᠢᠴᠠ ᠶᠢᠨ ᠡᠷᠡᠬᠦᠯ ᠢᠶᠠᠷ ᠦᠰᠦᠨ ᠪᠤᠶᠢᠵᠢᠬᠤ ᠳᠤ ᠴᠢᠬᠤᠯᠠ ᠶᠡᠭᠡ ᠨᠦᠯᠦᠬᠡ

ᠦᠵᠡᠬᠦᠯᠲᠡᠭ᠃ ᠰᠤᠷᠤᠭᠴᠢ ᠰᠠᠶᠢᠨ ᠰᠠᠶᠢᠬᠠᠨ ᠶᠢᠷᠳᠢᠨᠴᠦ ᠶᠢᠨ ᠦᠵᠡᠯᠳᠡ᠂ ᠦᠵᠡᠯ ᠰᠠᠨᠠᠭ᠎ᠠ ᠵᠠᠩ ᠴᠢᠨᠠᠷ ᠨᠢ

ᠪᠦᠷᠢᠯᠳᠦᠬᠦ ᠱᠠᠳᠣᠨ ᠳᠤ ᠪᠠᠨ ᠪᠠᠶᠢᠵᠦ᠂ ᠬᠤᠪᠢᠷᠠᠬᠤ ᠴᠢᠨᠠᠷ ᠢᠶᠠᠷ ᠶᠡᠭᠡ᠂ ᠲᠠᠭᠤᠷᠢᠶᠠᠬᠤ ᠴᠢᠨᠠᠷ ᠢᠶᠠᠷ ᠴᠢᠩᠭ᠎ᠠ

ᠪᠠᠶᠢᠳᠠᠭ ᠪᠤᠯᠬᠤᠷ ᠪᠠᠭᠰᠢ ᠶᠢᠨ ᠦᠭᠡ ᠶᠠᠷᠢᠶ᠎ᠠ ᠦᠢᠯᠡ ᠠᠵᠢᠯᠯᠠᠭ᠎ᠠ᠂ ᠬᠦᠮᠦᠨ ᠳᠤ ᠬᠠᠨᠳᠤᠬᠤ ᠤᠪᠤᠷ ᠨᠢ

ᠲᠦᠢᠯ ᠤᠨ ᠶᠡᠭᠡ ᠨᠦᠯᠦᠭᠡ ᠦᠵᠡᠬᠦᠯᠳᠡᠭ᠂ ᠲᠡᠬᠦᠨ ᠢ ᠶᠠᠮᠠᠷ ᠴᠦ ᠪᠢᠴᠢᠭ ᠰᠤᠷᠬᠤ ᠪᠠ ᠶᠤᠰᠤ ᠰᠤᠷᠳᠠᠬᠤᠨ ᠤ

ᠵᠢᠭᠠᠨ ᠰᠤᠷᠭᠠᠯᠳᠠ ᠤᠷᠤᠯᠠᠵᠦ ᠴᠢᠳᠠᠬᠤ ᠦᠬᠡᠢ ᠶᠤᠮ᠃ ᠡᠶᠢᠮᠦ ᠠᠴᠠ ᠰᠤᠷᠤᠭᠴᠢ ᠶᠢ ᠪᠡᠶᠡᠯᠡᠬᠦᠯᠬᠦ ᠶᠢ

ᠱᠠᠭᠠᠷᠳᠠᠭᠰᠠᠨ ᠵᠦᠢᠯ ᠢ ᠪᠠᠭᠰᠢ ᠡᠷᠬᠡᠪᠰᠢ ᠤᠷᠢᠳ ᠢᠶᠠᠷ ᠪᠡᠶᠡᠯᠡᠬᠦᠯᠦᠭᠰᠡᠨ ᠪᠠᠶᠢᠬᠤ ᠬᠡᠷᠡᠭᠳᠡᠢ᠃ ᠵᠢᠱᠢᠶᠡᠯᠡᠪᠡᠯ᠂

ᠰᠤᠷᠤᠭᠴᠢ ᠶᠢ ᠰᠢᠷᠭᠠᠭᠤ ᠬᠠᠳᠠᠭᠤᠵᠢᠯᠳᠠᠢ ᠰᠤᠷᠤᠯᠴᠠᠬᠤ ᠶᠢ ᠱᠠᠭᠠᠷᠳᠠᠪᠠᠯ᠂ ᠪᠠᠭᠰᠢ ᠶᠠᠭᠤᠨ ᠤ ᠡᠮᠦᠨ᠎ᠡ ᠦᠪᠡᠷ ᠢᠶᠠᠨ

ᠰᠢᠷᠭᠠᠭᠤ ᠬᠠᠳᠠᠭᠤᠵᠢᠯᠳᠠᠢ ᠰᠤᠷᠤᠯᠴᠠᠬᠤ ᠵᠤᠷᠢᠭ ᠰᠠᠨᠠᠭ᠎ᠠ ᠲᠠᠢ ᠪᠠᠶᠢᠵᠦ᠂ ᠨᠠᠷᠢᠨ ᠬᠢᠨᠠᠮᠠᠭᠠᠢ᠂ ᠦᠢᠯᠠᠰ ᠲᠤ ᠪᠠᠨ

ᠦᠨᠠᠨᠴᠢ ᠪᠠᠷ ᠬᠠᠷᠢᠭᠤᠴᠠᠬᠤ ᠤᠪᠤᠷ ᠲᠠᠢ ᠪᠠᠶᠢᠬᠤ ᠬᠡᠷᠡᠭᠳᠡᠢ᠃ ᠡᠶᠢᠮᠦ ᠠᠴᠠ ᠠᠩᠬᠢ ᠶᠢᠨ ᠡᠷᠬᠢᠯᠡᠭᠴᠢ ᠡᠷᠬᠡᠪᠰᠢ

ᠪᠠᠭᠰᠢ ᠬᠦᠮᠦᠨ ᠤ ᠤᠯᠠᠨ ᠲᠠᠯ᠎ᠠ ᠶᠢᠨ ᠰᠢᠯᠢᠳᠡᠭ ᠬᠡᠪ ᠪᠤᠯᠪᠠᠰᠣᠷᠠᠯ ᠢ ᠪᠦᠷᠢᠯᠳᠦᠬᠦᠯᠵᠦ᠂ ᠰᠣᠷᠣᠭᠴᠢᠳ ᠲᠤ

ᠰᠤᠷᠤᠯᠴᠠᠬᠤ ᠶᠢᠨ ᠳᠠᠭᠤᠷᠢᠶᠠᠯ᠂ ᠰᠠᠬᠢᠯᠭ᠎ᠠ ᠪᠠᠳᠤ ᠶᠢ ᠵᠢᠷᠦᠮᠯᠠᠨ ᠬᠠᠦᠯᠢ ᠶᠢ ᠰᠠᠬᠢᠬᠤ ᠲᠠᠭᠤᠷᠢᠶᠠᠯ᠂ ᠶᠤᠰᠤ

ᠮᠤᠷᠠᠯ ᠤᠨ ᠪᠤᠯᠪᠠᠰᠤᠨ ᠤ ᠲᠠᠭᠤᠷᠢᠶᠠᠯ᠂ ᠤᠷᠤᠭᠰᠢᠯᠠᠨ ᠲᠠᠪᠰᠢᠬᠤ ᠶᠢᠨ ᠵᠢᠱᠢᠶᠡᠴᠢ ᠪᠤᠯᠬᠤ ᠬᠡᠷᠡᠭᠳᠡᠢ ᠶᠤᠮ᠃

      ᠮᠠᠨ ᠤ ᠣᠯᠣᠰ ᠤᠨ ᠠᠯᠳᠠᠷᠳᠦ ᠰᠣᠷᠭᠠᠨ ᠬᠦᠮᠦᠵᠢᠯᠳᠡᠨ ᠰᠢᠦᠢ ᠲᠧ ᠯᠢ ᠪᠤᠯ ᠨᠢᠭᠡ ᠨᠠᠰᠦ ᠪᠠᠷ ᠢᠶᠠᠨ

ᠰᠤᠷᠭᠠᠨ ᠬᠦᠮᠦᠵᠢᠯ ᠤᠨ ᠦᠢᠯᠡᠰ ᠬᠢᠭᠰᠡᠨ ᠬᠦᠮᠦᠨ ᠶᠤᠮ᠃ ᠲᠡᠷᠡ ᠪᠠᠭᠰᠢ ᠶᠢᠨ ᠡᠬᠦᠷᠭᠡ ᠶᠢ ︽ᠬᠦᠮᠦᠨ ᠤ          

ᠪᠠᠭᠰᠢ︾ ᠪᠠ ︽ᠪᠢᠴᠢᠭ ᠤᠨ ᠪᠠᠭᠰᠢ︾  ᠶᠢᠨ ᠨᠢᠭᠡᠳᠦᠯ ᠬᠡᠵᠦ ᠦᠵᠡᠭᠰᠡᠨ ᠪᠠᠶᠢᠨ᠎ᠠ᠃ ᠲᠡᠷᠡ ᠬᠡᠯᠡᠬᠦ ᠳᠤ ᠪᠠᠨ          

︽ᠪᠠᠭᠰᠢ ᠶᠢ ᠬᠤᠶᠠᠷ ᠵᠦᠢᠯ ᠳᠤ ᠬᠤᠪᠢᠶᠠᠵᠦ ᠪᠤᠯᠤᠨ᠎ᠠ᠃ ᠨᠢᠬᠡ ᠵᠦᠢᠯ ᠨᠢ ᠬᠦᠮᠦᠨ ᠤ ᠪᠠᠭᠰᠢ          

ᠪᠤᠯᠤᠨ᠎ᠠ᠃ ᠬᠦᠮᠦᠨ ᠤ ᠪᠠᠭᠰᠢ ᠭᠡᠳᠡᠭ ᠨᠢ ᠦᠢᠯᠡ ᠠᠵᠢᠯᠯᠠᠭ᠎ᠠ ᠶᠢ ᠵᠢᠭᠠᠬᠤ ᠪᠠᠭᠰᠢ ᠪᠤᠯᠤᠨ᠎ᠠ᠃ ᠦᠬᠡᠷ᠎ᠡ ᠪᠠᠷ ᠬᠡᠯᠡᠪᠡᠯ

ᠶᠠᠭᠠᠬᠢᠵᠦ ᠬᠦᠮᠦᠨ ᠪᠤᠯᠬᠤ ᠠᠰᠠᠭᠤᠳᠠᠯ ᠢ ᠵᠢᠭᠠᠨ᠎ᠠ᠃ ᠪᠢᠴᠢᠭ  ᠤᠨ ᠪᠠᠭᠰᠢ ᠨᠢ ᠪᠢᠴᠢᠭ ᠵᠢᠭᠠᠬᠤ ᠠᠴᠠ ᠭᠠᠳᠠᠨ᠎ᠠ

ᠪᠤᠰᠤᠳ ᠵᠦᠢᠯ ᠢ ᠬᠠᠮᠢᠶᠠᠷᠬᠤ ᠦᠬᠡᠢ ᠪᠠᠶᠢᠳᠠᠭ᠃ ᠬᠡᠷᠪᠡ ᠪᠠᠭᠰᠢ ᠬᠦᠮᠦᠨ ᠵᠦᠪᠬᠡᠨ ᠰᠤᠶᠤᠯ ᠮᠡᠳᠡᠯᠭᠡ ᠶᠢ

ᠵᠢᠭᠠᠭᠠᠳ ᠬᠦᠮᠦᠨ ᠢ ᠬᠦᠮᠦᠵᠢᠬᠦᠯᠬᠦ ᠴᠢᠭᠯᠡᠯ ᠢ ᠤᠮᠳᠣᠭᠠᠶᠢᠯᠠᠬᠤ ᠳᠤ ᠬᠦᠷᠪᠡᠯ ᠡᠨᠡ ᠬᠦ ᠰᠤᠷᠭᠠᠨ ᠬᠦᠮᠦᠵᠢᠯ ᠨᠢ

ᠲᠠᠷᠦᠢ ᠢᠯᠠᠭᠳᠠᠭᠰᠠᠨ ᠰᠤᠷᠭᠠᠨ ᠬᠦᠮᠦᠵᠢᠯ ᠪᠤᠯᠤᠨ᠎ᠠ︾ ᠬᠡᠵᠡᠢ᠃

      ᠶᠡᠷᠦᠩᠬᠡᠶᠢᠯᠡᠪᠡᠯ᠂ ᠠᠩᠬᠢ ᠶᠢᠨ ᠡᠷᠬᠢᠯᠡᠭᠴᠢ ᠪᠠᠭᠰᠢ ᠶᠢᠨ ᠠᠵᠢᠯ ᠪᠤᠯ ᠲᠦᠢᠯ ᠤᠨ ᠪᠤᠳᠤᠯᠢᠶᠠᠨᠳᠠᠢ᠂

ᠲᠦᠢᠯ ᠤᠨ ᠦᠷᠭᠡᠨ ᠬᠡᠪᠴᠢᠶᠡᠳᠡᠢ ᠪᠠᠶᠢᠳᠠᠭ᠃ ᠠᠩᠬᠢ ᠶᠢᠨ ᠡᠷᠬᠢᠯᠡᠭᠴᠢ ᠪᠠᠭᠰᠢ ᠨᠢᠭᠡ ᠬᠢᠴᠢᠶᠡᠯ ᠲᠦᠷᠦᠯ ᠢ

ᠡᠬᠦᠷᠭᠡᠯᠠᠨ ᠬᠠᠷᠢᠭᠤᠴᠠᠵᠦ ᠪᠠᠶᠢᠬᠤ ᠪᠠᠷ ᠪᠠᠷᠠᠬᠤ ᠦᠬᠡᠢ ᠠᠩᠬᠢ ᠶᠢᠨ ᠠᠵᠢᠯ ᠢᠶᠠᠨ ᠵᠤᠬᠢᠶᠠᠨ ᠪᠠᠶᠢᠭᠤᠯᠵᠦ᠂

ᠰᠤᠷᠤᠭᠴᠢᠳ ᠤᠨ ᠪᠡᠶ᠎ᠡ ᠰᠡᠳᠬᠢᠴᠡ ᠶᠢᠨ ᠡᠷᠡᠬᠦᠯ ᠮᠡᠨᠳᠦ ᠶᠢ ᠬᠠᠮᠠᠭᠠᠯᠠᠵᠦ᠂ ᠰᠤᠷᠤᠭᠴᠢ ᠨᠢᠭᠡ ᠪᠦᠷᠢ ᠶᠢᠨ ᠪᠦᠬᠦ

ᠲᠠᠯ᠎ᠠ ᠶᠢᠨ ᠬᠦᠭᠵᠢᠯᠳᠡ ᠶᠢ ᠠᠩᠬᠠᠷᠤᠨ ᠬᠠᠯᠠᠮᠵᠢᠯᠠᠬᠤ ᠠᠵᠢᠯ ᠢ ᠬᠦᠢᠴᠡᠳᠬᠡᠵᠦ ᠪᠤᠢ᠃ ᠡᠶᠢᠮᠦ ᠠᠴᠠ ᠠᠩᠬᠢ ᠶᠢᠨ

ᠡᠷᠬᠢᠯᠡᠭᠴᠢ ᠪᠠᠭᠰᠢ ᠪᠤᠯᠤᠭᠰᠠᠳ ᠤᠷᠬᠢᠯᠤᠮ᠎ᠠ ᠬᠠᠯᠠᠭᠤᠨ ᠦᠢᠯᠡᠰᠴᠢ ᠰᠡᠳᠬᠢᠯᠭᠡ᠂ ᠲᠡᠭᠡᠳᠦ ᠬᠡᠮᠵᠢᠶᠡᠨ ᠤ

ᠬᠠᠷᠢᠭᠤᠴᠠᠯᠭᠠᠳᠦ ᠤᠪᠤᠷ᠂ ᠣᠷᠤᠭᠰᠢᠯᠠᠨ ᠲᠠᠪᠰᠢᠬᠤ ᠵᠤᠷᠢᠭ ᠰᠠᠨᠠᠭ᠎ᠠ᠂ ᠪᠡᠶᠡᠴᠢ ᠣᠷᠣᠯᠳᠣᠯᠭ᠎ᠠ ᠪᠦᠳᠦᠭᠡᠯᠴᠢ

ᠠᠵᠢᠯᠯᠠᠭ᠎ᠠ ᠲᠠᠢ ᠪᠠᠶᠢᠪᠠᠯ ᠮᠠᠨ ᠤ ᠠᠵᠢᠯ ᠣᠷᠣᠭᠰᠢᠳᠠᠢ᠂ ᠪᠢᠳᠡᠨ ᠤ ᠰᠤᠷᠤᠭᠴᠢ ᠦᠭᠡᠳᠡᠷᠬᠡᠭ ᠪᠤᠯᠵᠦ᠂ ᠶᠤᠰᠤ

ᠰᠣᠷᠳᠠᠬᠤᠨ᠂ ᠤᠶᠤᠨ ᠤᠬᠠᠭᠠᠨ᠂ ᠪᠠᠶ᠎ᠡ ᠮᠠᠬᠠᠪᠤᠳ ᠪᠦᠬᠦ ᠲᠠᠯ᠎ᠠ ᠪᠠᠷ ᠬᠦᠭᠵᠢᠭᠰᠡᠨ ᠴᠢᠳᠠᠪᠤᠷᠢᠳᠠᠨ ᠢ ᠬᠦᠮᠦᠵᠢᠬᠦᠯᠬᠦ

ᠵᠤᠷᠢᠯᠭ᠎ᠠ ᠳᠤ ᠪᠠᠨ ᠬᠦᠷᠴᠦ ᠴᠢᠳᠠᠨ᠎ᠠ᠃

       ᠠᠵᠢᠯᠯᠠᠵᠤ ᠪᠠᠶᠢᠭ᠎ᠠ ᠪᠠᠶᠢᠭᠤᠯᠭ᠎ᠠ᠄ ᠠᠷᠦ ᠬᠤᠷᠴᠢᠨ ᠬᠤᠰᠢᠭᠤᠨ ᠤ ᠵᠢᠭᠠᠰᠣᠳᠠᠢ

                                 ᠨᠢᠭᠡᠳᠦᠭᠡᠷ ᠪᠠᠭ᠎ᠠ ᠰᠤᠷᠭᠠᠭᠤᠯᠢ

                                 ︵ᠠᠯᠳᠠᠨᠰᠦ᠋ᠭᠡ ᠨᠠᠶᠢᠷᠠᠭᠤᠯᠪᠠ︶

                                 2023.3 ᠳ᠋ᠤᠭᠠᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map