ᠳᠡᠭᠡᠳᠦ ᠵᠡᠷᠭᠡ ᠶᠢᠨ ᠳᠣᠮᠳᠠᠳᠦ ᠰᠣᠷᠭᠠᠭᠤᠯᠢ ᠶᠢᠨ ᠰᠣᠷᠣᠭᠴᠢᠳ ᠤᠨ ᠠᠩᠭ᠍ᠯᠢ ᠬᠡᠯᠡᠨ ᠤ ᠵᠣᠬᠢᠶᠠᠨ ᠪᠢᠴᠢᠯᠭᠡ ᠶᠢ ᠭᠡᠷᠬᠢᠨ ᠵᠢᠯᠣᠭᠤᠳᠬᠤ ᠲᠣᠬᠠᠢ ᠲᠣᠪᠴᠢ ᠦᠭᠦᠯᠡᠬᠦ ᠨᠢ
ᠨᠡᠶᠢᠲᠡᠯᠡᠭᠰᠡᠨ ᠴᠠᠭ᠄
2023/11/16
                       ᠢᠣᠢ ᠷᠦᠩ 

教学研究-8.png

      ᠰᠣᠷᠣᠭᠴᠢᠳ ᠤᠨ ᠠᠩᠭ᠍ᠯᠢ ᠬᠡᠯᠡᠨ ᠤ ᠵᠢᠭᠠᠨ ᠰᠣᠷᠭᠠᠯᠲᠠ ᠶᠢ ᠴᠢᠨᠠᠷᠵᠢᠭᠤᠯᠵᠦ᠂ ᠠᠩᠭ᠍ᠯᠢ ᠬᠡᠯᠡᠨ ᠤ ᠬᠢᠷᠢ

ᠬᠡᠮᠵᠢᠶ᠎ᠡ ᠶᠢ ᠶᠡᠭᠡ ᠪᠠᠷ ᠳᠡᠭᠡᠭᠰᠢᠯᠡᠬᠦᠯᠬᠦ ᠪᠣᠯ ᠦᠳᠲᠡᠷ ᠲᠦᠷᠭᠡᠨ ᠬᠦᠭᠵᠢᠵᠦ ᠪᠠᠶᠢᠭ᠎ᠠ ᠨᠡᠶᠢᠭᠡᠮ ᠤᠨ ᠱᠠᠭᠠᠷᠳᠠᠯᠭ᠎ᠠ

ᠮᠦᠷᠳᠡᠭᠡᠨ ᠠᠯᠢ ᠣᠯᠠᠨ ᠴᠢᠳᠠᠪᠣᠷᠢᠲᠠᠨ ᠢ ᠬᠦᠮᠦᠵᠢᠭᠦᠯᠬᠦ ᠪᠠᠶᠢᠯᠳᠣᠬᠤ ᠪᠣᠳᠣᠯᠭ᠎ᠠ ᠶᠢᠨ ᠴᠢᠨᠠᠷᠲᠠᠢ ᠨᠢᠭᠡᠨ ᠠᠰᠠᠭᠤᠳᠠᠯ

ᠮᠦᠨ᠃ ᠠᠩᠭ᠍ᠯᠢ ᠬᠡᠯᠡ ᠨᠢ ᠨᠢᠭᠡᠨ ᠭᠠᠳᠠᠭᠠᠳᠦ ᠬᠡᠯᠡ ᠪᠣᠯᠣᠭᠰᠠᠨ ᠤ ᠬᠤᠪᠢ ᠳᠤ ᠰᠣᠷᠣᠭᠴᠢᠳ ᠰᠣᠷᠣᠯᠴᠠᠬᠤ

ᠶᠠᠪᠣᠴᠠ ᠳᠤ ᠪᠠᠨ ᠮᠠᠰᠢ ᠣᠯᠠᠨ ᠬᠦᠴᠢᠷᠳᠡᠯ ᠲᠦᠪᠡᠭ ᠳᠤ ᠣᠴᠠᠷᠠᠬᠤ ᠨᠢ ᠳᠠᠮᠵᠢᠭ ᠦᠭᠡᠢ᠃ ᠡᠶᠢᠮᠦ ᠠᠴᠠ ᠠᠩᠭ᠍ᠯᠢ

ᠬᠡᠯᠡᠨ ᠤ ᠪᠠᠭᠰᠢ ᠨᠠᠷ ᠡᠷᠬᠡᠪᠰᠢ ᠦᠪᠡᠷ ᠤᠨ ᠰᠣᠷᠣᠭᠴᠢᠳ ᠤᠨ ᠢᠶᠠᠨ ᠪᠣᠳᠠᠳᠦ ᠪᠠᠶᠢᠳᠠᠯ ᠳᠤ ᠲᠣᠬᠢᠷᠠᠭᠰᠠᠨ

ᠠᠮᠵᠢᠯᠲᠠ ᠲᠠᠢ ᠵᠢᠭᠠᠬᠤ ᠠᠷᠭ᠎ᠠ ᠶᠢ ᠲᠠᠰᠣᠷᠠᠯᠲᠠ ᠦᠭᠡᠢ ᠰᠦᠪᠡᠭᠴᠢᠯᠡᠵᠦ᠂ ᠰᠣᠷᠣᠭᠴᠢᠳ ᠢ ᠠᠩᠭ᠍ᠯᠢ ᠬᠡᠯᠡ ᠰᠣᠷᠬᠤ

ᠣᠷᠮ᠎ᠠ ᠪᠠᠬ᠎ᠠ ᠲᠠᠢ ᠪᠣᠯᠭᠠᠬᠤ ᠶᠢᠨ ᠬᠠᠮᠲᠦ ᠵᠣᠬᠢᠶᠠᠨ ᠪᠢᠴᠢᠬᠦ ᠴᠢᠳᠠᠪᠣᠷᠢ ᠶᠢ ᠨᠢ ᠳᠡᠭᠡᠭᠰᠢᠯᠡᠬᠦᠯᠬᠦ ᠪᠣᠯ ᠴᠢᠬᠤᠯᠠ

ᠱᠠᠭᠠᠷᠳᠠᠯᠭ᠎ᠠ ᠮᠦᠨ᠃

       ᠳᠣᠣᠷ᠎ᠠ ᠪᠢ ᠳᠡᠭᠡᠳᠦ ᠵᠡᠷᠭᠡ ᠶᠢᠨ ᠳᠣᠮᠳᠠᠳᠦ ᠰᠣᠷᠭᠠᠭᠤᠯᠢ ᠶᠢᠨ ᠰᠣᠷᠣᠭᠴᠢᠳ ᠤᠨ ᠠᠩᠭ᠍ᠯᠢ ᠬᠡᠯᠡᠨ ᠤ

ᠵᠣᠬᠢᠶᠠᠨ ᠪᠢᠴᠢᠯᠭᠡ ᠶᠢ ᠬᠡᠷᠬᠢᠨ ᠵᠢᠯᠣᠭᠤᠳᠬᠤ ᠲᠣᠬᠠᠢ ᠦᠪᠡᠷ ᠤᠨ ᠦᠵᠡᠯᠲᠡ ᠪᠠᠨ ᠲᠣᠪᠴᠢ ᠦᠬᠦᠯᠡᠶ᠎ᠡ᠃

       ᠨᠢᠭᠡ᠂ ᠰᠣᠷᠣᠭᠴᠢᠳ ᠢ ᠠᠩᠭ᠍ᠯᠢ ᠬᠡᠯᠡ ᠪᠠᠷ ᠡᠳᠦᠷ ᠤᠨ ᠳᠡᠮᠳᠡᠭᠯᠡᠯ ᠪᠢᠴᠢᠬᠦ ᠳᠠᠳᠬᠠᠯ ᠢ ᠪᠣᠢ ᠪᠣᠯᠭᠠᠬᠤ

       ᠡᠳᠦᠷ ᠤᠨ ᠳᠡᠮᠳᠡᠭᠯᠡᠯ ᠪᠢᠴᠢᠬᠦ ᠪᠣᠯ ᠰᠣᠷᠣᠭᠴᠢᠳ ᠤᠨ ᠨᠢᠭᠡ ᠵᠦᠢᠯ ᠤᠨ ᠵᠣᠬᠢᠶᠠᠨ ᠪᠢᠴᠢᠬᠦ ᠦᠨᠳᠦᠰᠦᠨ

ᠪᠣᠯᠪᠠᠰᠣᠷᠠᠯ ᠮᠦᠨ᠃ ᠡᠳᠦᠷ ᠤᠨ ᠳᠡᠮᠳᠡᠭᠯᠡᠯ ᠪᠢᠴᠢᠬᠦ ᠨᠢ ᠰᠣᠷᠣᠭᠴᠢᠳ ᠤᠨ ᠠᠵᠢᠭᠯᠠᠬᠤ ᠴᠢᠳᠠᠪᠣᠷᠢ᠂ ᠠᠰᠠᠭᠤᠳᠠᠯ ᠢ

ᠢᠯᠡᠷᠡᠬᠦᠯᠵᠦ᠂ ᠠᠰᠠᠭᠤᠳᠠᠯ ᠢ ᠰᠢᠢᠳᠪᠦᠷᠢᠯᠡᠬᠦ ᠴᠢᠳᠠᠪᠣᠷᠢ᠂ ᠰᠡᠳᠬᠢᠬᠦ ᠴᠢᠳᠠᠪᠣᠷᠢ᠂ ᠪᠢᠴᠢᠵᠦ ᠨᠠᠶᠢᠷᠠᠭᠤᠯᠵᠦ ᠢᠯᠡᠳᠬᠡᠬᠦ

ᠴᠢᠳᠠᠪᠣᠷᠢ ᠵᠡᠷᠭᠡ  ᠶᠢ ᠬᠦᠮᠦᠵᠢᠭᠦᠯᠳᠡᠭ᠃ ᠰᠣᠷᠣᠭᠴᠢᠳ ᠢᠶᠠᠷ ᠠᠩᠭ᠍ᠯᠢ ᠬᠡᠯᠡ ᠪᠠᠷ ᠡᠳᠦᠷ ᠤᠨ ᠳᠡᠮᠳᠡᠭᠯᠡᠯ ᠪᠢᠴᠢᠬᠦᠯᠬᠦ

ᠪᠣᠯ ᠠᠩᠭ᠍ᠯᠢ ᠬᠡᠯᠡᠨ ᠤ ᠵᠣᠬᠢᠶᠠᠨ ᠪᠢᠴᠢᠯᠭᠡ ᠶᠢᠨ ᠴᠢᠳᠠᠪᠣᠷᠢ ᠶᠢ ᠳᠡᠭᠡᠭᠰᠢᠯᠡᠬᠦᠯᠬᠦ ᠶᠢᠨ ᠪᠦᠲᠦᠮᠵᠢᠲᠠᠢ ᠠᠷᠭ᠎ᠠ          

ᠪᠣᠯᠣᠨ᠎ᠠ᠃ ᠰᠣᠷᠣᠭᠴᠢ ᠶᠢ ᠵᠢᠯᠣᠭᠤᠳᠣᠨ ᠡᠳᠦᠷ ᠤᠨ ᠳᠡᠮᠳᠡᠭᠯᠡᠯ ᠪᠢᠴᠢᠬᠦ ᠳᠠᠳᠬᠠᠯ ᠢ ᠪᠣᠢ ᠪᠣᠯᠭᠠᠬᠤ ᠨᠢ ᠮᠦᠨ ᠬᠦ

ᠳᠡᠳᠡᠨ ᠤ ᠵᠣᠬᠢᠶᠠᠨ ᠪᠢᠴᠢᠯᠭᠡ ᠳᠤ ᠮᠠᠲ᠋ᠧᠷᠢᠶᠠᠯ ᠬᠤᠷᠠᠮᠳᠣᠭᠤᠯᠵᠦ ᠪᠠᠶᠢᠭ᠎ᠠ ᠶᠠᠪᠣᠳᠠᠯ ᠮᠦᠨ᠃ ᠠᠩᠬ᠎ᠠ ᠡᠬᠢᠯᠡᠭᠡᠳ

ᠪᠢᠴᠢᠬᠦ ᠦᠶᠡᠰ ᠰᠣᠷᠣᠭᠴᠢᠳ ᠪᠢᠴᠢᠬᠦ ᠶᠠᠭᠤᠮ᠎ᠠ ᠣᠯᠳᠠᠬᠤ ᠦᠭᠡᠢ ᠪᠠᠶᠢᠳᠠᠯ ᠭᠠᠷᠬᠤ ᠨᠢ ᠭᠠᠷᠴᠠᠭ᠎ᠠ ᠦᠭᠡᠢ᠂ ᠡ᠊ᠨᠡ

ᠭᠦ ᠪᠠᠶᠢᠳᠠᠯ ᠳᠤ ᠴᠢᠭᠯᠡᠬᠦᠯᠵᠦ ᠪᠠᠭᠰᠢ ᠠᠴᠠ ᠰᠣᠷᠣᠭᠴᠢᠳ ᠲᠤ ᠰᠡᠩᠬᠡᠷᠡᠬᠦᠯᠦᠯ ᠵᠣᠷᠢᠬᠵᠢᠭᠤᠯᠣᠯ ᠦᠭᠴᠦ          

ᠪᠣᠯᠣᠨ᠎ᠠ᠃ ᠪᠤᠳᠠᠳᠠᠢ ᠪᠠᠷ ᠭᠡᠯᠡᠪᠡᠯ᠄

      1 . ᠬᠢᠴᠢᠶᠡᠯᠯᠡᠭᠡ ᠶᠢᠨ ᠶᠠᠪᠣᠴᠠ ᠳᠤ ᠰᠣᠷᠣᠭᠰᠠᠨ ᠠᠩᠭ᠍ᠯᠢ ᠬᠡᠯᠡᠨ ᠤ ᠰᠢᠨ᠎ᠡ ᠦᠭᠡᠰ᠂ ᠬᠤᠯᠪᠣᠭ᠎ᠠ ᠦᠭᠡ᠂

ᠣᠨᠴᠠᠭᠠᠢ ᠦᠭᠦᠯᠡᠪᠣᠷᠢ ᠵᠡᠷᠭᠡ ᠢ ᠡᠳᠦᠷ ᠤᠨ ᠳᠡᠮᠳᠡᠭᠯᠡᠯ ᠳᠤ ᠣᠷᠣᠭᠤᠯᠣᠨ ᠪᠢᠴᠢᠬᠦᠯᠬᠦ᠃

      2 . ᠬᠢᠴᠢᠶᠡᠯ ᠤᠨ ᠠᠭᠤᠯᠭ᠎ᠠ ᠳᠤ ᠰᠣᠷᠣᠭᠰᠠᠨ ᠠᠩᠭ᠍ᠯᠢ ᠦᠭᠡᠰ ᠢᠶᠠᠷ ᠢᠶᠠᠨ ᠲᠣᠪᠴᠢ ᠬᠤᠷᠢᠶᠠᠩᠭᠤᠢ

ᠲᠡᠮᠳᠡᠭᠯᠡᠬᠦ᠂ ᠡᠬᠢᠯᠡᠨ ᠪᠢᠴᠢᠬᠦ ᠳᠤ ᠬᠡᠳᠦᠨ ᠦᠭᠡ ᠲᠠᠢ ᠦᠬᠦᠯᠡᠪᠦᠷᠢ ᠴᠦ ᠭᠡᠰᠡᠨ ᠬᠠᠮᠢᠶ᠎ᠠ ᠦᠭᠡᠢ ᠵᠣᠷᠢᠬᠵᠢᠭᠤᠯᠣᠨ

ᠪᠢᠴᠢᠬᠦᠯᠬᠦ᠃

      ᠬᠤᠶᠠᠷ᠂ ᠳᠠᠭᠤᠷᠢᠶᠠᠨ ᠪᠢᠴᠢᠬᠦᠯᠬᠦ ᠪᠠᠷ ᠳᠠᠮᠵᠢᠨ ᠠᠩᠭ᠍ᠯᠢ ᠬᠡᠯᠡᠨ ᠤ ᠪᠢᠴᠢᠵᠦ ᠨᠠᠶᠢᠷᠠᠭᠤᠯᠬᠤ ᠴᠢᠳᠠᠪᠣᠷᠢ ᠶᠢ

ᠳᠡᠭᠡᠭᠰᠢᠯᠡᠬᠦᠯᠬᠦ

      ᠰᠣᠷᠣᠭᠴᠢᠳ ᠡᠬᠢᠯᠡᠬᠡᠳ ᠠᠩᠭ᠍ᠯᠢ ᠬᠡᠯᠡ ᠪᠠᠶᠢᠳᠣᠭᠠᠢ ᠡᠬᠡ ᠬᠡᠯᠡ ᠪᠠᠷ ᠢᠶᠠᠨ ᠵᠣᠬᠢᠶᠠᠯ ᠪᠢᠴᠢᠬᠦ ᠳᠤ ᠴᠦ ᠭᠠᠷ

ᠣᠷᠣᠵᠦ ᠴᠢᠳᠠᠬᠤ ᠦᠭᠡᠢ ᠬᠠᠮᠢᠭ᠎ᠠ ᠠᠴᠠ ᠨᠢ ᠡᠬᠢᠯᠡᠵᠦ ᠪᠢᠴᠢᠬᠦ ᠪᠠᠨ ᠣᠯᠬᠤ ᠦᠭᠡᠢ ᠭᠠᠷ ᠨᠣᠬᠤᠯᠠᠨ ᠭᠠᠴᠢᠭᠳᠠᠬᠤ

ᠪᠠᠶᠢᠳᠠᠯ ᠭᠠᠷᠳᠠᠭ ᠨᠢ ᠶᠠᠷᠢᠶᠠᠨ ᠦᠭᠡᠢ᠃ ᠡᠶᠢᠮᠦ ᠠᠴᠠ ᠪᠠᠭᠰᠢ ᠠᠴᠠ ᠵᠢᠭᠠᠨ ᠵᠢᠯᠣᠭᠤᠳᠴᠦ ᠬᠢᠴᠢᠶᠡᠯ ᠳᠠᠬᠢ

ᠦᠬᠦᠯᠡᠪᠦᠷᠢ ᠶᠢ ᠳᠠᠭᠤᠷᠢᠶᠠᠨ ᠪᠢᠴᠢᠬᠦ ᠶᠢ ᠵᠣᠷᠢᠬᠵᠢᠭᠤᠯᠣᠨ᠎ᠠ᠃ ᠳᠠᠭᠤᠷᠢᠶᠠᠬᠤ ᠪᠣᠯ ᠬᠦᠮᠦᠨ ᠤ ᠲᠦᠷᠦᠯᠬᠢ ᠴᠢᠨᠠᠷ

ᠮᠥᠨ᠃ ᠳᠠᠭᠤᠷᠢᠶᠠᠬᠤ ᠶᠢᠨ ᠳᠠᠭᠠᠣ ᠰᠡᠳᠬᠢᠨ ᠪᠣᠳᠣᠯᠬᠢᠯᠠᠪᠠᠯ ᠰᠡᠳᠬᠢᠬᠦᠢ ᠶᠢᠨ ᠴᠢᠳᠠᠪᠣᠷᠢ ᠳᠡᠭᠡᠭᠰᠢᠯᠡᠵᠦ ᠵᠣᠬᠢᠶᠠᠨ

ᠪᠢᠴᠢᠬᠦ ᠣᠷᠮ᠎ᠠ ᠶᠢ ᠨᠢ ᠬᠦᠭᠵᠢᠭᠡᠨ ᠪᠢᠴᠢᠵᠦ ᠵᠣᠬᠢᠶᠠᠬᠤ ᠢᠳᠡᠪᠬᠢᠵᠢᠯ ᠢ ᠨᠢ ᠨᠡᠮᠡᠭᠳᠡᠬᠦᠯᠵᠦ᠂ ᠪᠢᠴᠢᠵᠦ ᠨᠠᠶᠢᠷᠠᠭᠤᠯᠬᠤ

ᠴᠢᠳᠠᠪᠣᠷᠢ ᠶᠢ ᠳᠡᠭᠡᠭᠰᠢᠯᠡᠬᠦᠯᠵᠦ ᠴᠢᠳᠠᠨ᠎ᠠ᠃

      ᠭᠡᠬᠦ ᠳᠤ ᠪᠠᠨ ᠬᠢᠴᠢᠶᠡᠯ ᠤᠨ ᠪᠢᠴᠢᠭ ᠲᠤ ᠰᠣᠷᠣᠭᠰᠠᠨ ᠰᠢᠯᠢᠳᠡᠭ ᠦᠭᠦᠯᠡᠪᠦᠷᠢ᠂ ᠬᠡᠰᠡᠭ ᠪᠦᠯᠦᠭ ᠢ

ᠳᠠᠭᠤᠷᠢᠶᠠᠨ ᠪᠢᠴᠢᠬᠦ ᠠᠴᠠ ᠭᠠᠷᠳᠠᠨ ᠦᠭᠡ ᠦᠬᠦᠯᠡᠪᠦᠷᠢ ᠦᠢᠯᠡ ᠶᠠᠪᠣᠳᠠᠯ ᠢ ᠬᠤᠪᠢᠷᠠᠭᠤᠯᠵᠦ ᠪᠢᠴᠢᠵᠦ          

ᠪᠣᠯᠣᠨ᠎ᠠ᠃ ᠡᠳᠦᠷ ᠳᠣᠳᠣᠮ ᠤᠨ ᠰᠣᠷᠣᠯᠴᠠᠯᠭ᠎ᠠ ᠠᠮᠢᠳᠣᠷᠠᠯ ᠳᠣᠮᠳᠠ ᠰᠣᠷᠣᠭᠴᠢᠳ ᠤᠨ ᠨᠢᠳᠦ ᠪᠠᠷ ᠦᠵᠡᠵᠦ᠂

ᠴᠢᠬᠢ ᠪᠠᠷ ᠰᠣᠨᠣᠰᠴᠦ᠂ ᠪᠡᠶ᠎ᠡ ᠪᠠᠷ ᠢᠶᠠᠨ ᠦᠩᠭᠡᠷᠡᠬᠦᠯᠦᠭᠰᠡᠨ ᠬᠡᠷᠡᠭ ᠶᠠᠪᠣᠳᠠᠯ ᠴᠦᠭᠡᠨ ᠪᠣᠰᠣ ᠪᠠᠶᠢᠳᠠᠭ᠃

ᠡᠳᠡᠭᠡᠷ ᠤᠨ ᠣᠯᠠᠩᠬᠢ ᠨᠢ ᠳᠡᠳᠡᠨ ᠤ ᠰᠠᠨᠠᠮᠰᠠᠷᠲᠦ ᠪᠣᠰᠦ ᠪᠠᠶᠢᠳᠠᠯ ᠳᠣᠣᠷ᠎ᠠ ᠶᠠᠪᠣᠭᠳᠠᠳᠠᠭ ᠪᠣᠯᠬᠤᠷ ᠨᠦᠯᠦᠭᠡ

ᠰᠠᠭᠤᠭᠳᠠᠯ ᠢᠶᠠᠷ ᠬᠦᠢᠭᠡᠨ ᠪᠠᠶᠢᠳᠠᠭ᠃ ᠡᠶᠢᠮᠦ ᠠᠴᠠ ᠵᠣᠬᠢᠶᠠᠯ ᠪᠢᠴᠢᠬᠦᠯᠵᠦ ᠵᠢᠯᠣᠭᠤᠳᠬᠤ ᠳᠤ ᠪᠠᠨ ᠵᠣᠷᠢᠯᠭ᠎ᠠ ᠲᠠᠢ

ᠲᠦᠯᠦᠪᠯᠡᠭᠡ ᠲᠠᠢ ᠦᠢᠯᠡᠳᠦᠯᠭᠡ ᠳᠤ ᠣᠷᠣᠯᠴᠠᠭᠤᠯᠵᠦ᠂ ᠨᠢᠳᠦᠨ ᠬᠠᠷᠠᠴᠠ ᠶᠢ ᠨᠢ ᠦᠷᠭᠡᠳᠬᠡᠵᠦ᠂ ᠠᠮᠢᠳᠣᠷᠠᠯ ᠤᠨ

ᠮᠡᠳᠡᠯᠭᠡ ᠶᠢ ᠨᠢ ᠪᠠᠶᠠᠯᠢᠬᠵᠢᠭᠤᠯᠦᠨ᠂ ᠵᠣᠬᠢᠶᠠᠨ ᠪᠢᠴᠢᠬᠦ ᠳᠣᠮᠳᠠ ᠪᠠᠨ ᠠᠮᠢᠳᠣᠯᠢᠭ ᠢᠶᠠᠷ ᠳᠠᠭᠤᠷᠢᠶᠠᠬᠤ

ᠴᠢᠳᠠᠪᠣᠷᠢ ᠶᠢ ᠨᠢ ᠳᠡᠭᠡᠭᠰᠢᠯᠡᠬᠦᠯᠵᠦ ᠪᠣᠯᠣᠨ᠎ᠠ᠃ ᠭᠡᠪᠡᠴᠦ ᠪᠣᠰᠣᠳ ᠤᠨ ᠵᠣᠬᠢᠶᠠᠯ ᠢ ᠳᠡᠷᠡ ᠬᠡᠪ ᠢᠶᠠᠷ ᠨᠢ

ᠬᠠᠭᠤᠯᠤᠭᠤᠯᠵᠦ ᠪᠣᠯᠬᠤ ᠦᠭᠡᠢ᠃ ᠬᠠᠷᠢᠨ ᠬᠠᠷᠢᠴᠠᠩᠭᠤᠢ ᠪᠠᠷ ᠵᠣᠬᠢᠶᠠᠯ ᠤᠨ ᠪᠢᠴᠢᠯᠭᠡ ᠶᠢᠨ ᠠᠷᠭ᠎ᠠ ᠶᠢ ᠳᠠᠭᠤᠷᠢᠶᠠᠨ

ᠵᠣᠬᠢᠶᠠᠯ ᠤᠨ ᠲᠢᠭ ᠮᠠᠶ᠋ᠢᠭ᠂ ᠬᠡᠯᠪᠡᠷᠢ ᠳᠤ ᠪᠠᠷᠢᠭᠳᠠᠬᠤ ᠦᠭᠡᠢ ᠣᠣᠯ ᠵᠣᠬᠢᠶᠠᠯ ᠤᠨ ᠬᠦᠷᠢᠶ᠎ᠠ ᠴᠠᠷᠠᠭ᠎ᠠ ᠠᠴᠠ ᠳᠠᠪᠠᠨ

ᠭᠠᠷᠴᠦ ᠴᠢᠳᠠᠭᠤᠯᠬᠤ ᠬᠡᠷᠡᠭᠲᠠᠢ᠃

      ᠭᠤᠷᠪᠠ᠂ ᠰᠣᠷᠣᠭᠴᠢᠳ ᠲᠤ ᠠᠩᠭ᠍ᠯᠢ ᠬᠡᠯᠡᠨ ᠤ ᠦᠭᠡ ᠬᠡᠷᠡᠭᠯᠡᠬᠦ ᠮᠡᠷᠭᠡᠰᠢᠯ ᠢ ᠴᠢᠳᠠᠮᠠᠭᠠᠢ ᠡᠵᠡᠮᠰᠢᠭᠦᠯᠬᠦ

      ᠳᠡᠭᠡᠳᠦ ᠵᠡᠷᠭᠡ ᠶᠢᠨ ᠳᠣᠮᠳᠠᠳᠦ ᠰᠣᠷᠭᠠᠭᠤᠯᠢ ᠶᠢᠨ ᠰᠣᠷᠣᠭᠴᠢᠳ ᠲᠤ ᠵᠣᠬᠢᠬᠤ ᠬᠡᠮᠵᠢᠶᠡᠨ ᠤ ᠪᠢᠴᠢᠵᠦ

ᠨᠠᠶᠢᠷᠠᠭᠤᠯᠬᠤ ᠴᠢᠳᠠᠪᠣᠷᠢ ᠲᠠᠢ ᠪᠣᠯᠣᠭᠰᠠᠨ ᠴᠦ ᠲᠡᠬᠦᠨ ᠢᠶᠠᠨ ᠣᠷᠣᠰᠦᠮ᠎ᠠ ᠨᠡᠶᠢᠴᠡᠪᠦᠷᠢᠲᠠᠢ᠂ ᠲᠠᠲᠠᠬᠤ

ᠬᠦᠴᠦᠨ ᠲᠠᠢ ᠪᠣᠯᠭᠠᠨ ᠨᠠᠶᠢᠷᠠᠭᠤᠯᠵᠦ ᠪᠢᠴᠢᠵᠦ ᠴᠢᠳᠠᠬᠤ ᠦᠭᠡᠢ ᠪᠠᠶᠢᠳᠠᠭ᠃ ᠡᠶᠢᠮᠦ ᠠᠴᠠ ᠲᠡᠳᠡ ᠨᠠᠷ ᠲᠤ ᠠᠩᠭ᠍ᠯᠢ

ᠬᠡᠯᠡᠨ ᠤ ᠨᠣᠮ ᠰᠡᠳᠬᠦᠯ ᠪᠣᠶᠣ ᠺᠢᠨᠣ᠋ ᠲᠦᠷᠰᠦ ᠪᠢᠴᠢᠯᠭᠡ ᠲᠠᠨᠢᠯᠴᠠᠭᠤᠯᠣᠨ ᠦᠭᠴᠦ᠂ ᠦᠭᠡ ᠨᠠᠶᠢᠷᠠᠭᠤᠯᠭ᠎ᠠ ᠶᠢᠨ

ᠠᠷᠭ᠎ᠠ ᠶᠢ ᠠᠶᠠᠨᠳᠠᠭᠠᠨ ᠡᠵᠡᠮᠰᠢᠭᠦᠯᠵᠦ ᠨᠣᠮ ᠰᠡᠳᠬᠦᠯ᠂ ᠳᠦᠷᠰᠦ ᠪᠢᠴᠢᠯᠭᠡ᠂ ᠬᠢᠴᠢᠶᠡᠯ ᠤᠨ ᠪᠢᠴᠢᠭ ᠲᠠᠬᠢ

ᠰᠢᠯᠢᠳᠡᠭ ᠬᠡᠯᠡ ᠬᠡᠯᠡᠯᠭᠡ ᠶᠢ ᠬᠤᠷᠠᠮᠳᠣᠭᠤᠯᠣᠨ᠂ ᠡᠬᠦᠨ ᠤ ᠳᠣᠮᠳᠠ ᠠᠴᠠ ᠦᠭᠡ ᠶᠢ ᠣᠷᠠᠨ ᠬᠡᠷᠡᠭᠯᠡᠬᠦ ᠣᠷ᠎ᠠ ᠳᠡᠮ ᠢ

ᠵᠢᠱᠢᠶ᠎ᠡ ᠲᠠᠲᠠᠨ ᠰᠣᠩᠭᠤᠨ ᠲᠠᠶᠢᠯᠪᠣᠷᠢᠯᠠᠵᠦ᠂ ᠦᠭᠡᠰ ᠤᠨ ᠰᠠᠩ ᠢ ᠨᠢ ᠪᠠᠶᠠᠯᠢᠬᠵᠢᠭᠤᠯᠪᠠᠯ ᠵᠣᠬᠢᠨ᠎ᠠ᠃

      ᠡᠬᠦᠨ ᠠᠴᠠ ᠭᠠᠳᠠᠨ᠎ᠠ ᠨᠣᠮ ᠣᠩᠰᠢᠭᠰᠠᠨ ᠲᠦᠷᠦᠭᠳᠡᠯ ᠵᠡᠷᠭᠡ ᠶᠢ ᠪᠢᠴᠢᠬᠦᠯᠵᠦ ᠬᠤᠭᠤᠴᠠᠭ᠎ᠠ ᠲᠣᠭᠲᠠᠭᠠᠨ

ᠪᠠᠭᠰᠢ ᠠᠴᠠ ᠵᠠᠰᠠᠵᠦ ᠦᠭᠴᠦ ᠪᠠᠶᠢᠪᠠᠯ ᠦᠷ᠎ᠡ ᠳ᠋ᠦᠩ ᠨᠢ ᠨᠡᠩ ᠰᠠᠶᠢᠨ ᠪᠠᠶᠢᠳᠠᠭ᠃

      ᠳᠦᠷᠪᠡ᠂ ᠰᠣᠷᠣᠭᠴᠢ ᠶᠢᠨ ᠪᠡᠶ᠎ᠡ ᠪᠠᠨ ᠬᠦᠨᠳᠦᠳᠬᠡᠬᠦ ᠰᠡᠳᠬᠢᠯᠭᠡ ᠶᠢ ᠬᠦᠨᠳᠦᠳᠬᠡᠵᠦ ᠢᠯᠡᠬᠦᠭᠡᠨ

ᠣᠷᠮᠠᠰᠢᠭᠤᠯᠦᠨ ᠵᠣᠷᠢᠬᠵᠢᠭᠤᠯᠬᠤ

      ᠰᠤᠷᠤᠭᠴᠢᠳ ᠲᠤ ᠵᠣᠬᠢᠶᠠᠨ ᠪᠢᠴᠢᠯᠭᠡ ᠨᠢ ᠠᠮᠢᠳᠣᠷᠠᠯ ᠤᠨ ᠦᠨᠡᠨ ᠳᠤ ᠰᠠᠭᠤᠷᠢᠯᠠᠵᠦ᠂ ᠨᠡᠶᠢᠭᠡᠮ ᠪᠠ

ᠬᠦᠮᠦᠨ ᠳᠤ ᠦᠢᠯᠡᠴᠢᠯᠡᠳᠡᠭ ᠭᠡᠳᠡᠭ ᠢ ᠮᠡᠳᠡᠬᠦᠯᠦᠭᠰᠡᠨ ᠤ ᠳᠠᠷᠠᠭ᠎ᠠ ᠵᠣᠬᠢᠶᠠᠨ ᠪᠢᠴᠢᠬᠦᠯᠬᠦ ᠶᠠᠪᠣᠴᠠ ᠳᠤ ᠮᠠᠭᠳᠠᠨ

ᠰᠠᠶᠢᠰᠢᠶᠠᠵᠦ᠂ ᠬᠦᠬᠢᠭᠦᠯᠦᠨ ᠵᠣᠷᠢᠬᠵᠢᠭᠤᠯᠦᠨ᠂ ᠬᠠᠷᠢᠴᠠᠭᠤᠯᠦᠨ ᠦᠷᠢᠰᠦᠯᠳᠦᠭᠦᠯᠬᠦ ᠵᠡᠷᠭᠡ ᠠᠷᠭ᠎ᠠ ᠶᠢ ᠬᠡᠷᠡᠭᠯᠡᠵᠦ

ᠪᠣᠯᠦᠨ᠎ᠠ᠃ ᠬᠠᠷᠢᠨ ᠵᠣᠬᠢᠶᠠᠯ ᠤᠨ ᠡᠮᠵᠡᠭ ᠪᠣᠷᠣᠭᠤ ᠶᠢ ᠨᠢ ᠣᠯᠠᠨ ᠤ ᠳᠣᠮᠳᠠ ᠣᠩᠰᠢᠨ ᠰᠣᠨᠢᠷᠬᠠᠭᠤᠯᠵᠦ ᠵᠠᠰᠠᠬᠤ

ᠪᠣᠶᠣ ᠮᠠᠭᠤ ᠶᠢ ᠨᠢ ᠡᠷᠡᠰ ᠲᠠᠰᠣᠷᠬᠠᠢ ᠶᠠᠷᠢᠵᠦ ᠴᠣᠬᠤᠯᠠᠪᠣᠷᠢᠯᠠᠵᠦ ᠪᠣᠯᠬᠤ ᠦᠭᠡᠢ᠃ ᠠᠯᠢ ᠬᠡᠰᠡᠭ ᠢ ᠶᠠᠭᠠᠬᠢᠵᠦ

ᠵᠠᠰᠠᠪᠣᠷᠢ ᠣᠷᠣᠭᠤᠯᠬᠤ ᠲᠣᠬᠠᠢ ᠨᠠᠷᠢᠯᠢᠬ ᠴᠣᠬᠤᠯᠠᠪᠣᠷᠢᠯᠠᠵᠦ ᠵᠣᠷᠢᠬᠵᠢᠭᠤᠯᠣᠯ ᠤᠨ ᠠᠶᠠᠰ ᠲᠠᠢ ᠲᠠᠪᠰᠢᠭᠤᠯᠬᠤ

ᠬᠠᠨᠳᠣᠰᠢ ᠲᠠᠢ ᠴᠣᠬᠤᠯᠠᠪᠣᠷᠢ ᠬᠠᠳᠠᠵᠦ ᠦᠭᠬᠦ ᠨᠢ ᠰᠤᠷᠤᠭᠴᠢᠳ  ᠤᠨ ᠪᠢᠴᠢᠭᠦ ᠴᠢᠳᠠᠪᠤᠷᠢ ᠶᠢᠨ ᠳᠡᠭᠡᠭᠰᠢᠯᠡᠯᠲᠡ ᠳᠤ

ᠲᠦᠢᠯ ᠤᠨ ᠠᠰᠢᠭᠲᠠᠢ᠃ ᠡᠰᠡ ᠳᠡᠭᠡᠪᠡᠯ ᠰᠣᠷᠣᠭᠴᠢᠳ ᠪᠡᠶ᠎ᠡ ᠪᠠᠨ ᠭᠤᠯᠣᠵᠦ ᠵᠣᠷᠢᠭ ᠮᠣᠬᠤᠨ ᠣᠷᠮ᠎ᠠ         

ᠬᠠᠷᠢᠳᠠᠭ᠃ ᠡᠶᠢᠮᠦ ᠠᠴᠠ ᠰᠣᠷᠣᠭᠴᠢᠳ ᠤᠨ ᠵᠣᠬᠢᠶᠠᠨ ᠪᠢᠴᠢᠯᠭᠡ ᠶᠢ ᠳᠡᠭᠡᠭᠰᠢᠯᠡᠬᠦᠯᠬᠦ ᠳᠤ ᠲᠡᠳᠡᠨᠣᠰ ᠤᠨ ᠳᠠᠪᠠᠭᠤᠯᠢᠭ

ᠲᠠᠯ᠎ᠠ ᠶᠢ ᠢᠯᠡᠬᠦᠭᠡᠨ ᠶᠠᠷᠢᠵᠦ᠂ ᠡᠮᠵᠡᠭ ᠪᠠᠭᠤᠷᠠᠢ ᠲᠠᠯ᠎ᠠ ᠶᠢ ᠳᠣᠳᠠᠭᠤ ᠲᠣᠷᠠᠳᠴᠦ ᠳᠡᠳᠡᠨ ᠢ ᠦᠪᠡᠷ ᠢ ᠪᠠᠨ ᠢᠳᠡᠭᠡᠬᠦ

ᠢᠳᠡᠭᠡᠯ ᠢ ᠨᠢ ᠨᠡᠮᠡᠭᠳᠡᠬᠦᠯᠬᠦ ᠬᠡᠷᠡᠭᠲᠠᠢ᠃

      ᠲᠠᠪᠤ᠂ ᠰᠣᠷᠣᠭᠴᠢ ᠶᠢᠨ ᠭᠤᠣᠯ ᠴᠣᠭᠴᠠ ᠶᠢᠨ ᠦᠢᠯᠡᠳᠦᠯ ᠢ ᠬᠦᠢᠴᠡᠳ ᠪᠠᠳᠠᠷᠠᠭᠤᠯᠬᠤ

      ᠵᠣᠬᠢᠶᠠᠨ ᠪᠢᠴᠢᠯᠭᠡ ᠶᠢᠨ ᠶᠠᠪᠣᠴᠠ ᠳᠤ ᠵᠠᠷᠢᠮ ᠪᠠᠭᠰᠢ ᠰᠣᠷᠣᠭᠴᠢᠳ ᠲᠤ ᠲᠣᠭᠳᠠᠭᠰᠠᠨ ᠴᠠᠭ ᠦᠭᠴᠦ

ᠪᠢᠴᠢᠬᠦᠯᠬᠦ᠂ ᠦᠭᠡ ᠦᠰᠦᠭ ᠤᠨ ᠲᠤᠭ᠎ᠠ ᠶᠢ ᠬᠢᠵᠠᠭᠠᠷᠯᠠᠬᠤ᠂ ᠡᠰᠡᠪᠡᠯ ᠶᠠᠮᠠᠷ ᠶᠠᠮᠠᠷ ᠪᠢᠴᠢᠯᠭᠡ ᠶᠢᠨ ᠠᠷᠭ᠎ᠠ ᠶᠢ

ᠬᠡᠷᠡᠭᠯᠡᠨ ᠪᠢᠴᠢᠬᠦ ᠬᠡᠬᠦ ᠱᠠᠭᠠᠷᠳᠠᠯᠭ᠎ᠠ ᠭᠠᠷᠭᠠᠬᠤ ᠪᠣᠶᠣ ᠨᠡᠩ ᠴᠠᠭᠠᠰᠢᠯᠠᠨ ᠵᠣᠬᠢᠶᠠᠯ ᠤᠨ ᠠᠭᠤᠯᠭ᠎ᠠ ᠶᠢᠨ

ᠬᠦᠳᠦᠯᠪᠦᠷᠢ ᠶᠢ ᠴᠦ ᠲᠣᠭᠲᠠᠭᠠᠵᠦ ᠦᠭᠳᠡᠭ᠃ ᠢᠩᠬᠢᠭᠰᠡᠨ ᠠᠴᠠ ᠰᠣᠷᠣᠭᠴᠢᠳ ᠤᠨ ᠰᠡᠳᠬᠢᠬᠦ ᠣᠷᠣᠨ ᠵᠠᠢ

ᠪᠠᠭᠠᠰᠴᠤ᠂ ᠲᠦᠷᠰᠦᠯᠢᠭ ᠰᠡᠳᠬᠢᠬᠦᠢ ᠨᠢ ᠬᠢᠵᠠᠭᠠᠷᠯᠠᠭᠳᠠᠵᠦ᠂ ᠰᠢᠨ᠎ᠡ ᠰᠡᠪᠡᠬᠦᠨ ᠪᠦᠲᠦᠭᠡᠯᠴᠢ ᠰᠡᠳᠬᠢᠬᠦᠢ ᠪᠠᠷ

ᠲᠣᠲᠠᠮᠠᠭ ᠪᠣᠯᠳᠠᠭ᠃ ᠡᠬᠦᠨ ᠠᠴᠠ ᠪᠣᠯᠵᠦ ᠰᠣᠷᠣᠭᠴᠢᠳ ᠭᠠᠷ ᠨᠣᠬᠤᠯᠠᠨ ᠶᠠᠭᠤ ᠪᠢᠴᠢᠬᠦ ᠪᠠᠨ ᠣᠯᠬᠤ ᠦᠭᠡᠢ ᠪᠣᠶᠣ

ᠴᠠᠭᠠᠰᠢᠯᠠᠭᠠᠳ ᠪᠣᠰᠣᠳ ᠤᠨ ᠬᠢ ᠶᠢ ᠬᠠᠭᠤᠯᠵᠦ᠂ ᠠᠯᠪᠠ ᠬᠠᠰᠢᠵᠦ ᠠᠮᠠ ᠪᠦᠭᠯᠡᠬᠦ ᠦᠵᠡᠭᠳᠡᠯ              

ᠭᠠᠷᠳᠠᠭ᠃ ᠡᠶᠢᠮᠦ ᠠᠴᠠ ᠵᠣᠬᠢᠶᠠᠯ ᠪᠢᠴᠢᠬᠦᠯᠬᠦ ᠳᠤ ᠰᠡᠳᠦᠪ ᠰᠣᠩᠭᠤᠬᠤ ᠵᠠᠢ ᠪᠠ ᠰᠡᠳᠬᠢᠨ ᠪᠣᠳᠣᠯᠬᠢᠯᠠᠬᠤ ᠴᠠᠭ ᠢ

ᠢᠯᠡᠬᠦᠭᠡᠨ ᠦᠯᠡᠳᠡᠭᠡᠵᠦ ᠥᠭᠬᠦᠭᠰᠡᠨ ᠪᠠᠶᠢᠬᠤ ᠬᠡᠷᠡᠭᠲᠠᠢ᠃ ᠢᠩᠬᠢᠪᠡᠯ ᠰᠠᠶ᠋ᠢ ᠰᠣᠷᠣᠭᠴᠢ ᠪᠢᠴᠢᠬᠦ ᠶᠠᠭᠤᠮ᠎ᠠ ᠲᠠᠢ

ᠪᠣᠯᠵᠦ᠂ ᠦᠪᠡᠷ ᠤᠨ ᠲᠦᠰᠦᠭᠡᠯᠡᠬᠦ ᠴᠢᠳᠠᠪᠣᠷᠢ ᠪᠠ ᠪᠦᠲᠦᠭᠡᠯᠴᠢ ᠴᠢᠳᠠᠪᠣᠷᠢ ᠪᠠᠨ ᠪᠠᠳᠠᠷᠠᠭᠤᠯᠵᠦ ᠴᠢᠳᠠᠨ᠎ᠠ᠃

      ᠪᠠᠭᠴᠠᠯᠠᠭᠠᠳ ᠬᠡᠯᠡᠪᠡᠯ᠂ ᠰᠣᠷᠣᠭᠴᠢᠳ ᠤᠨ ᠠᠩᠭ᠍ᠯᠢ ᠬᠡᠯᠡᠨ ᠤ ᠵᠣᠬᠢᠶᠠᠨ ᠪᠢᠴᠢᠬᠦ ᠴᠢᠳᠠᠪᠣᠷᠢ ᠶᠢ

ᠬᠦᠮᠦᠵᠢᠬᠦᠯᠬᠦ ᠨᠢ ᠣᠬᠤᠷᠬᠠᠨ ᠬᠤᠭᠤᠴᠠᠭᠠᠨ ᠳᠤ ᠪᠡᠶᠡᠯᠡᠭᠳᠡᠬᠦ ᠵᠦᠢᠯ ᠪᠢᠰᠢ ᠶᠤᠮ᠃

      ᠡᠶᠢᠮᠦ ᠠᠴᠠ ᠪᠠᠭᠰᠢ ᠠᠴᠠ ᠰᠣᠷᠣᠭᠴᠢᠳ ᠤᠨ ᠪᠠᠶᠢᠳᠠᠯ ᠢ ᠦᠨᠳᠦᠰᠦᠯᠡᠵᠦ ᠵᠢᠭᠠᠬᠤ ᠠᠷᠭ᠎ᠠ ᠪᠠᠨ ᠲᠠᠰᠣᠷᠠᠯᠲᠠ

ᠦᠭᠡᠢ ᠰᠢᠨᠡᠴᠢᠯᠡᠨ ᠰᠠᠶᠢᠵᠢᠷᠠᠭᠤᠯᠵᠦ᠂ ᠳᠠᠩ ᠦᠭᠡᠰ ᠤᠨ ᠬᠤᠷᠠᠮᠳᠣᠭᠤᠯᠣᠯ᠂ ᠦᠭᠦᠯᠡᠪᠦᠷᠢ ᠨᠠᠶᠢᠷᠠᠭᠤᠯᠭ᠎ᠠ ᠶᠢᠨ

ᠪᠣᠯᠪᠠᠰᠣᠷᠠᠯ ᠢ ᠰᠠᠶᠢᠳᠣᠷ ᠬᠢᠭᠰᠡᠨ ᠰᠠᠭᠤᠷᠢᠨ ᠳᠡᠭᠡᠷ᠎ᠡ ᠬᠦᠯᠢᠴᠡᠩᠭᠦᠢ ᠬᠦᠳᠡᠯᠦᠩᠭᠦᠢ ᠪᠠᠷ ᠨᠠᠷᠢᠨ ᠬᠢᠨᠠᠮᠠᠭᠠᠢ ᠵᠢᠭᠠᠨ

ᠵᠢᠯᠣᠭᠤᠳᠴᠦ᠂ ᠰᠢᠨᠵᠢᠯᠡᠬᠦ ᠣᠬᠠᠭᠠᠨᠴᠢ ᠮᠦᠷᠳᠡᠭᠡᠨ ᠠᠮᠢᠳᠣᠯᠢᠭ ᠠᠷᠭ᠎ᠠ ᠮᠠᠶ᠋ᠢᠭ ᠢ ᠬᠡᠷᠡᠭᠯᠡᠪᠡᠯ ᠰᠣᠷᠣᠭᠴᠢᠳ ᠤᠨ

ᠠᠩᠭ᠍ᠯᠢ ᠭᠡᠯᠡ ᠪᠠᠷ ᠵᠣᠬᠢᠶᠠᠨ ᠪᠢᠴᠢᠬᠦ ᠴᠢᠳᠠᠪᠣᠷᠢ ᠶᠢ ᠯᠠᠪᠲᠠᠢ ᠳᠡᠭᠡᠭᠰᠢᠯᠡᠬᠦᠯᠵᠦ ᠴᠢᠳᠠᠨ᠎ᠠ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠤ

                                ᠨᠢᠭᠡᠳᠦᠭᠡᠷ ᠳᠣᠮᠳᠠᠳᠦ ᠰᠣᠷᠭᠠᠭᠤᠯᠢ

                                ︵ᠠᠯᠳᠠᠨᠰᠦᠭᠡ ᠨᠠᠶᠢᠷᠠᠭᠤᠯᠪᠠ︶

                                2023.2 ᠳ᠋ᠤᠭᠠᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map