ᠠᠩᠬᠢ ᠶᠢᠨ ᠡᠷᠬᠢᠯᠡᠭᠴᠢ ᠶᠢᠨ ᠠᠵᠢᠯ ᠤᠨ ᠳᠤᠮᠳᠠ ᠠᠩᠬᠠᠷᠪᠠᠰᠤ ᠵᠤᠬᠢᠬᠤ ᠬᠡᠳᠦᠨ ᠠᠰᠠᠭᠤᠳᠠᠯ ᠢ ᠲᠦᠭᠦᠮ ᠦᠭᠦᠯᠡᠬᠦ ᠨᠢ
ᠨᠡᠶᠢᠲᠡᠯᠡᠭᠰᠡᠨ ᠴᠠᠭ᠄
2023/10/18
                        ᠰᠠᠴᠤᠷᠠ

班工作-2.png

    ᠠᠩᠬᠢ ᠶᠢᠨ ᠡᠷᠬᠢᠯᠡᠭᠴᠢ ᠶᠢᠨ ᠠᠵᠢᠯ ᠭᠡᠵᠦ ᠨᠢᠭᠡᠨ ᠵᠣᠯ ᠵᠢᠷᠭᠠᠯ᠂ ᠵᠤᠪᠠᠭᠤᠷᠢ ᠵᠦᠳᠡᠭᠦᠷᠢ ᠬᠤᠤᠰᠯᠠᠭᠰᠠᠨ

ᠠᠵᠢᠯ ᠶᠤᠮ᠃ ᠶᠠᠭᠤᠨ ᠳᠤ ᠭᠡᠪᠡᠯ ᠠᠩᠬᠢ ᠶᠢᠨ ᠡᠷᠬᠢᠯᠡᠭᠴᠢ ᠬᠡᠦᠬᠡᠳ ᠤᠳ ᠢᠶᠠᠨ ᠬᠡᠷᠡᠭ ᠵᠠᠷᠭᠤ ᠳᠠᠲᠠᠬᠤ ᠠᠴᠠ

ᠠᠶᠤᠨ᠎ᠠ᠂ ᠲᠠᠭᠰᠢᠭᠤᠷ ᠬᠠᠨᠢᠶᠠᠳᠤ ᠲᠤᠰᠴᠢᠬᠠᠬᠤ ᠠᠴᠠ ᠠᠶᠤᠨ᠎ᠠ᠂ ᠳᠠᠰᠬᠠᠯ ᠳᠠᠭᠠᠭᠠᠯᠭᠠᠪᠤᠷᠢ ᠢᠶᠠᠨ ᠬᠢᠬᠦ

ᠦᠭᠡᠢ ᠠᠴᠠ ᠠᠶᠤᠨ᠎ᠠ᠂ ᠳᠠᠭᠠᠷᠠᠬᠤ ᠠᠴᠠ ᠠᠶᠤᠨ᠎ᠠ᠂ ᠦᠯᠦᠰᠬᠦ ᠠᠴᠠ ᠠᠶᠤᠨ᠎ᠠ᠂ ᠰᠢᠷᠬᠠᠳᠤᠬᠤ ᠠᠴᠠ ᠠᠶᠤᠨ᠎ᠠ᠂

ᠭᠡᠷ ᠢᠶᠠᠨ ᠰᠠᠨᠠᠬᠤ ᠠᠴᠠ ᠠᠶᠤᠨ᠎ᠠ᠂ ᠪᠤᠰᠤᠳ ᠲᠤ ᠳᠠᠷᠤᠯᠠᠭᠳᠠᠬᠤ ᠠᠴᠠ ᠠᠶᠤᠨ᠎ᠠ᠂ ᠨᠦᠬᠦᠳ ᠲᠠᠢ ᠪᠠᠨ ᠨᠡᠶᠢᠯᠡᠬᠦ

ᠦᠭᠡᠢ ᠠᠴᠠ ᠠᠶᠤᠨ᠎ᠠ᠂ ᠵᠠᠩ ᠨᠢ ᠡᠲᠡᠭᠡᠳ ᠪᠣᠯᠬᠤ ᠠᠴᠠ ᠠᠶᠤᠨ᠎ᠠ᠂ ᠬᠤᠭᠤᠯᠠ ᠪᠠᠨ ᠠᠪᠴᠤ ᠢᠳᠡᠵᠦ ᠴᠢᠳᠠᠬᠤ

ᠦᠭᠡᠢ ᠠᠴᠠ ᠠᠶᠤᠨ᠎ᠠ᠂ ᠬᠦᠨᠵᠢᠯᠡ ᠳᠡᠪᠢᠰᠭᠡᠷ ᠢᠶᠠᠨ ᠬᠤᠷᠢᠶᠠᠵᠤ ᠴᠢᠳᠠᠬᠤ ᠦᠭᠡᠢ ᠠᠴᠠ ᠠᠶᠤᠨ᠎ᠠ᠂ ᠬᠥᠯ

ᠲᠣᠯᠤᠭᠠᠢ ᠪᠠᠨ ᠤᠭᠢᠶᠠᠵᠤ ᠴᠢᠳᠠᠬᠤ ᠦᠭᠡᠢ ᠠᠴᠠ ᠠᠶᠤᠨ᠎ᠠ᠂ ᠠᠪᠤ ᠡᠵᠢ ᠶᠢᠨ ᠬᠢ ᠨᠢ ᠰᠠᠨᠠᠯ ᠠᠴᠠ ᠠᠶᠤᠨ᠎ᠠ᠂

ᠠᠷᠢᠬᠢ ᠤᠤᠭᠤᠴᠢᠬᠠᠭᠰᠠᠨ ᠬᠡᠦᠬᠡᠳ ᠢᠶᠠᠨ ᠲᠤᠰᠬᠤ ᠠᠴᠠ ᠠᠶᠤᠨ᠎ᠠ ᠁ ᠦᠷᠭᠦᠯᠵᠢ ᠬᠡᠦᠭᠡᠳ  ᠤᠳ ᠮᠢᠨᠢ

ᠤᠴᠢᠷ ᠶᠠᠪᠤᠳᠠᠯ ᠦᠭᠡᠢ᠂ ᠡᠩᠭᠡ ᠲᠠᠶᠢᠪᠤᠡᠭ ᠪᠠᠶᠢᠭᠠᠰᠠᠢ ᠭᠡᠵᠦ ᠵᠠᠯᠪᠠᠷᠢᠵᠤ ᠶᠠᠪᠤᠳᠠᠭ ᠠᠴᠠ ᠶᠠᠭᠠᠬᠢᠬᠤ ᠶᠢᠨ ᠠᠷᠭ᠎ᠠ

ᠦᠭᠡᠢ ᠵᠦᠳᠡᠭᠦᠷᠢ ᠲᠠᠢ ᠳ᠋ᠠ᠃ ᠭᠡᠪᠡᠴᠦ ᠠᠩᠬᠢ ᠶᠢᠨ ᠡᠷᠬᠢᠯᠡᠭᠴᠢ ᠬᠦᠮᠦᠨ ᠰᠤᠷᠤᠭᠴᠢ ᠲᠠᠢ ᠪᠠᠨ ᠬᠡᠵᠢᠶᠠᠳᠠ

ᠬᠠᠮᠤᠭ ᠤᠨ ᠣᠶᠢᠷ᠎ᠠ ᠪᠠᠶᠢᠳᠠᠭ ᠤᠴᠢᠷ ᠠᠴᠠ᠂ ᠰᠤᠷᠤᠭᠴᠢ ᠶᠢᠨ ᠢᠶᠠᠨ ᠦᠰᠦᠨ ᠪᠤᠶᠢᠵᠢᠯᠲᠠ ᠶᠢᠨ ᠶᠠᠪᠤᠴᠠ ᠳᠤ

ᠪᠡᠶᠡᠳᠡᠨ ᠣᠷᠤᠯᠴᠠᠵᠤ ᠲᠡᠳᠡᠨ ᠤ ᠲᠠᠪᠰᠢᠯᠲᠠ ᠶᠢ ᠨᠢᠳᠦ ᠪᠠᠷ ᠢᠶᠠᠨ ᠦᠵᠡᠵᠦ ᠰᠡᠳᠬᠢᠯ ᠢᠶᠠᠷ ᠢᠶᠠᠨ ᠮᠡᠳᠡᠷᠡᠭᠰᠡᠨ

ᠤᠴᠢᠷ ᠠᠴᠠ᠂ ᠲᠡᠷᠡ ᠬᠦ ᠦᠨᠡᠯᠡᠰᠢ ᠦᠭᠡᠢ ᠴᠡᠪᠡᠷ ᠴᠠᠶᠢᠯᠭᠠᠨ᠂ ᠭᠡᠨᠡᠨ ᠬᠤᠩᠭᠤᠷ ︽ᠡᠯᠢᠭᠡ ᠵᠢᠷᠦᠬᠡ︾ ᠲᠠᠢ

ᠣᠶᠢᠷᠠᠲᠤᠯᠴᠠᠵᠤ ᠠᠭᠤᠰᠤᠯᠴᠠᠵᠤ ᠶᠠᠪᠤᠬᠤ ᠠᠵᠠ ᠵᠠᠪᠰᠢᠶᠠᠨ ᠢ ᠦᠪᠯᠡᠵᠦ ᠶᠠᠪᠤᠭᠰᠠᠨ ᠤᠴᠢᠷ ᠠᠴᠠ᠂ ᠨᠢᠰᠤ ᠪᠠᠨ

ᠭᠤᠭᠤᠵᠢᠭᠤᠯᠵᠤ ᠨᠢᠭᠤᠷ ᠢᠶᠠᠨ ᠬᠠᠯᠳᠠᠷᠳᠤᠭᠤᠯᠤᠭᠰᠠᠨ ︽ᠠᠯᠢᠶ᠎ᠠ ᠴᠢᠳᠬᠦᠷ︾ ᠤᠳ᠂ ᠰᠤᠭᠤᠶᠢᠭᠰᠠᠨ ᠥᠨᠳᠦᠷ

ᠪᠡᠶ᠎ᠡ ᠲᠠᠢ ᠰᠤᠷᠲᠤᠭᠤᠯᠢᠭ ᠭᠤᠪᠠᠢ ᠤᠬᠠᠭᠠᠨ ᠲᠤᠮᠤᠭ᠎ᠠ ᠲᠠᠢ ᠵᠠᠯᠠᠭᠤᠴᠤᠳ ᠪᠤᠯᠤᠨ ᠬᠦᠮᠦᠵᠢᠭᠳᠡᠬᠦ ᠲᠡᠷᠡ ᠬᠦ

ᠬᠠᠨᠤᠮᠵᠢᠲᠤ ᠰᠡᠳᠬᠢᠯᠬᠡ ᠶᠢ ᠣᠯᠵᠤ ᠬᠦᠷᠳᠡᠳᠡᠭ ᠤᠴᠢᠷ ᠠᠴᠠ ᠪᠠᠰᠠ ᠴᠤ ᠬᠢᠵᠠᠭᠠᠷ ᠦᠭᠡᠢ ᠶᠡᠭᠡ ᠵᠣᠯ ᠵᠢᠷᠭᠠᠯ ᠲᠠᠢ

ᠪᠠᠶᠢᠳᠠᠭ᠃

      ᠶᠠᠭ ᠡᠨᠡ ᠶᠡᠭᠡ ᠵᠣᠯ ᠵᠢᠷᠭᠠᠯ ᠢ ᠡᠳ᠋ᠯᠡᠵᠦ ᠶᠠᠪᠤᠳᠠᠭ ᠤᠴᠢᠷ ᠠᠴᠠ ᠪᠢ ᠴᠤ ᠠᠩᠬᠢ ᠶᠢᠨ ᠡᠷᠬᠢᠯᠡᠭᠴᠢ ᠶᠢᠨ

ᠠᠵᠢᠯ ᠢᠶᠠᠨ ᠰᠠᠶᠢᠨ ᠬᠢᠶ᠎ᠡ ᠭᠡᠵᠦ ᠦᠷᠭᠦᠯᠵᠢ ᠴᠢᠷᠮᠠᠶᠢᠵᠤ ᠶᠠᠪᠤᠳᠠᠭ ᠶᠤᠮ᠃ ᠳᠤᠤᠷ᠎ᠠ ᠪᠢ ᠥᠪᠡᠷ ᠤᠨ ᠠᠩᠬᠢ ᠶᠢᠨ

ᠡᠷᠬᠢᠯᠡᠭᠴᠢ ᠶᠢᠨ ᠠᠵᠢᠯ ᠢᠶᠠᠨ ᠬᠢᠭᠰᠡᠨ ᠲᠤᠷᠰᠢᠯᠭ᠎ᠠ ᠪᠠᠨ ᠳᠥᠭᠦᠮ ᠶᠠᠷᠢᠶ᠎ᠠ᠃

      ᠨᠢᠭᠡ ᠬᠢᠷᠢ ᠲᠡᠩᠴᠡᠭᠰᠡᠨ ᠠᠩᠬᠢ ᠶᠢᠨ ᠡᠷᠬᠢᠯᠡᠭᠴᠢ ᠪᠣᠯᠬᠤ ᠳᠤ ᠰᠤᠷᠤᠭᠴᠢ ᠪᠠᠨ ᠪᠦᠬᠦ ᠲᠠᠯ᠎ᠠ ᠪᠠᠷ

ᠤᠶᠢᠯᠠᠭᠠᠵᠤ᠂ ᠭᠡᠷ ᠤᠨ ᠠᠬᠠᠮᠠᠳ ᠲᠠᠢ ᠦᠷᠭᠦᠯᠵᠢ ᠬᠠᠷᠢᠯᠴᠠᠨ᠂ ᠬᠢᠴᠢᠶᠡᠯᠯᠡᠭᠴᠢ ᠪᠠᠭᠰᠢ ᠲᠠᠢ ᠢᠳᠡᠪᠬᠢᠲᠠᠢ ᠪᠠᠷ

ᠬᠠᠷᠢᠴᠠᠵᠤ ᠬᠠᠮᠲᠤᠷᠠᠯᠴᠠᠬᠤ ᠪᠣᠯ ᠬᠠᠮᠤᠭ ᠤᠨ ᠦᠨᠳᠦᠰᠦᠨ ᠴᠢᠬᠤᠯᠠ ᠵᠦᠢᠯ ᠮᠦᠨ᠃ ᠡᠳᠡᠭᠡᠷ ᠵᠦᠢᠯ ᠢ ᠰᠠᠶᠢᠨ

ᠬᠢᠮᠡᠨᠵᠢᠨ ᠳᠠᠷᠠᠭᠠᠴᠢ ᠶᠢᠨ ᠠᠵᠢᠯ ᠢᠶᠠᠨ ᠤᠷᠤᠭᠰᠢᠲᠠᠢ ᠰᠠᠶᠢᠨ ᠬᠦᠢᠴᠡᠳᠬᠡᠵᠦ ᠴᠢᠳᠠᠨ᠎ᠠ᠃ ᠡᠨᠡ ᠨᠢ ᠦᠨᠡᠨ ᠳᠤ ᠪᠠᠨ

ᠠᠩᠬᠢ ᠶᠢᠨ ᠡᠷᠬᠢᠯᠡᠭᠴᠢ ᠶᠢᠨ ᠪᠤᠲᠠᠲᠠᠢ ᠠᠵᠢᠯ ᠤᠨ ᠳᠤᠮᠳᠠ ᠠᠶᠠᠨᠳᠠᠭᠠᠨ ᠪᠡᠶᠡᠯᠡᠭᠳᠡᠳᠡᠭ᠃ ᠡᠶᠢᠮᠦ ᠠᠴᠠ ᠪᠢ ᠡᠨᠡ

ᠲᠠᠯ᠎ᠠ ᠪᠠᠷ ᠨᠠᠷᠢᠯᠢᠬ ᠶᠠᠷᠢᠬᠤ ᠦᠭᠡᠢ᠂ ᠬᠠᠷᠢᠨ ᠡᠳᠡᠭᠡᠷ ᠦᠨᠳᠦᠰᠦᠨ ᠵᠦᠢᠯ ᠠᠴᠠ ᠪᠣᠰᠤᠳ ᠪᠠᠰᠠ ᠠᠩᠬᠠᠷᠬᠤ

ᠴᠢᠬᠤᠯᠠ ᠲᠠᠢ ᠵᠦᠢᠯ ᠤᠨ ᠲᠤᠬᠠᠢ ᠤᠶᠢᠯᠠᠭᠠᠯᠲᠠ ᠪᠠᠨ ᠶᠠᠷᠢᠶ᠎ᠠ᠃   

      ᠨᠢᠭᠡ᠂ ᠠᠩᠬᠢ ᠶᠢᠨ ᠡᠷᠬᠢᠯᠡᠭᠴᠢ ᠵᠠᠪᠠᠯ ᠦᠪᠡᠷ ᠤᠨ ᠪᠡᠶ᠎ᠡ ᠪᠠᠷ ᠢᠶᠠᠨ ᠬᠡᠪ ᠳᠠᠭᠤᠷᠢᠶᠠᠯ ᠪᠣᠯᠵᠤ ᠶᠠᠪᠤᠬᠤ

      ᠰᠤᠷᠭᠠᠭᠤᠯᠢ ᠳᠤ ᠠᠪᠴᠤ ᠭᠡᠯᠡᠪᠡᠯ᠂ ᠠᠩᠬᠢ ᠶᠢᠨ ᠡᠷᠬᠢᠯᠡᠭᠴᠢ ᠪᠣᠯ ᠰᠤᠷᠤᠭᠴᠢ ᠶᠢᠨ ᠠᠪᠤ ᠡᠵᠢ ᠲᠠᠢ ᠨᠢ

ᠠᠳᠠᠯᠢ ᠪᠠᠶᠢᠳᠠᠭ᠃ ᠬᠡᠦᠭᠡᠳ ᠤᠳ ᠤᠨ ᠬᠠᠮᠤᠭ ᠠᠴᠠ ᠢᠲᠡᠭᠡᠳᠡᠭ᠂ ᠬᠠᠮᠤᠭ ᠠᠴᠠ ᠬᠦᠨᠳᠦᠳᠬᠡᠳᠡᠭ᠂ ᠮᠦᠨ ᠴᠤ

ᠬᠠᠮᠤᠭ ᠠᠴᠠ ᠠᠶᠤᠵᠤ ᠵᠢᠷᠦᠭᠡᠰᠢᠶᠡᠳᠡᠭ ᠬᠦᠮᠦᠨ ᠨᠢ ᠮᠦᠨ᠃ ᠠᠩᠬᠢ ᠶᠢᠨ ᠡᠷᠬᠢᠯᠡᠭᠴᠢ ᠶᠢᠨ ᠦᠭᠡ ᠶᠠᠷᠢᠶ᠎ᠠ᠂

ᠦᠢᠯᠡ ᠠᠵᠢᠯᠯᠠᠭ᠎ᠠ ᠨᠢ ᠰᠤᠷᠤᠭᠴᠢᠳ ᠢ ᠰᠢᠭᠤᠳ ᠨᠥᠯᠦᠭᠡᠯᠡᠵᠦ ᠪᠠᠶᠢᠳᠠᠭ᠃ ᠠᠩᠬᠢ ᠶᠢᠨ ᠡᠷᠬᠢᠯᠡᠭᠴᠢ ᠶᠢᠨ

ᠮᠠᠭᠳᠠᠭᠠᠯ ᠳᠤ ᠲᠡᠳᠡ ᠬᠠᠮᠤᠭ ᠠᠴᠠ ᠵᠣᠷᠢᠬᠵᠢᠳᠠᠭ᠂ ᠠᠩᠬᠢ ᠶᠢᠨ ᠡᠷᠬᠢᠯᠡᠭᠴᠢ ᠶᠢᠨ ᠰᠢᠬᠦᠮᠵᠢᠯᠡᠯ ᠠᠴᠠ ᠲᠡᠳᠡ

ᠬᠠᠮᠤᠭ ᠠᠴᠠ ᠵᠢᠷᠦᠭᠡᠰᠢᠶᠡᠳᠡᠭ᠂ ᠠᠩᠬᠢ ᠶᠢᠨ ᠡᠷᠬᠢᠯᠡᠭᠴᠢ ᠢᠨᠢᠶᠡᠳᠦ ᠶᠢᠨ ᠴᠢᠷᠠᠢ ᠲᠠᠢ ᠪᠣᠯ ᠲᠡᠳᠡ ᠪᠠᠶᠠᠷᠯᠠᠵᠤ᠂

ᠮᠠᠭᠤ ᠴᠢᠷᠠᠢ ᠲᠠᠢ ᠪᠣᠯ ᠲᠡᠳᠡ ᠪᠠᠰᠠ ᠤᠷᠮ᠎ᠠ ᠦᠭᠡᠢ ᠪᠣᠯᠳᠠᠭ᠃ ᠠᠩᠬᠢ ᠶᠢᠨ ᠡᠷᠬᠢᠯᠡᠭᠴᠢ ᠴᠡᠪᠡᠷ ᠲᠡᠭᠰᠢ ᠡᠮᠦᠰᠴᠦ

ᠵᠡᠭᠦᠨ ᠪᠣᠯᠪᠠᠰᠤᠨ ᠰᠠᠶᠢᠬᠠᠨ ᠶᠠᠷᠢᠪᠠᠯ ᠰᠤᠷᠤᠭᠴᠢ ᠴᠤ ᠴᠡᠪᠡᠷ ᠲᠡᠭᠰᠢ ᠡᠮᠦᠰᠴᠦ ᠵᠡᠭᠦᠨ ᠪᠣᠯᠪᠠᠰᠤᠨ ᠰᠠᠶᠢᠬᠠᠨ

ᠶᠠᠷᠢᠬᠤ ᠶᠢ ᠬᠢᠴᠢᠶᠡᠳᠡᠭ᠃ ᠡᠶᠢᠮᠦ ᠠᠴᠠ ᠦᠪᠡᠷ ᠤᠨ ᠦᠭᠡ ᠶᠠᠷᠢᠶ᠎ᠠ ᠠᠴᠠ ᠪᠠᠨ ᠡᠬᠢᠯᠡᠨ ᠦᠢᠯᠡ

ᠠᠵᠢᠯᠯᠠᠭ᠎ᠠ ᠳᠤ ᠪᠠᠨ ᠬᠦᠷᠲᠡᠯ᠎ᠡ ᠰᠠᠶᠢᠲᠤᠷ ᠠᠩᠬᠠᠷᠴᠤ ᠨᠢᠭᠡᠨ ᠰᠠᠶᠢᠨ ᠬᠡᠪ ᠳᠠᠭᠤᠷᠢᠶᠠᠯ ᠪᠣᠯᠬᠤ ᠶᠢ ᠵᠣᠷᠢᠬᠤ

ᠬᠡᠷᠡᠭᠲᠡᠢ᠃

      ᠬᠤᠶᠠᠷ᠂ ᠰᠤᠷᠤᠭᠴᠢᠳ ᠤᠨ ᠤᠨᠴᠠᠯᠢᠭ ᠲᠤ ᠨᠢ ᠲᠤᠬᠢᠷᠠᠭᠤᠯᠤᠨ ᠬᠦᠮᠦᠵᠢᠭᠦᠯᠬᠦ

      ᠬᠦᠮᠦᠰ ᠶᠡᠷᠦ ᠨᠢ ᠠᠪᠤ ᠬᠦᠮᠦᠨ ᠢ ︽ᠬᠠᠯᠠ ᠨᠢ ᠭᠠᠳᠠᠨ᠎ᠠ ᠪᠠᠨ᠂ ᠬᠠᠶᠢᠷ᠎ᠠ ᠨᠢ ᠳᠤᠲᠤᠨ᠎ᠠ               

 ᠪᠠᠨ︾ ᠭᠡᠳᠡᠭ᠃ ᠪᠠᠭᠰᠢ ᠬᠦᠮᠦᠨ ᠴᠦ ᠡᠭᠡᠭᠡ ᠠᠳᠠᠯᠢᠬᠠᠨ ᠪᠠᠶᠢᠳᠠᠭ ᠶᠤᠮ᠃ ᠪᠢᠳᠡ ᠡᠵᠢ ᠬᠦᠮᠦᠨ ᠤ ᠡᠨᠡᠷᠢᠩᠭᠦᠢ

ᠰᠡᠳᠬᠢᠯ ᠢᠶᠠᠷ ᠬᠡᠦᠬᠡᠳ ᠤᠳ ᠲᠠᠢ ᠪᠠᠨ ᠰᠡᠳᠬᠢᠯ ᠢᠶᠠᠨ ᠮᠡᠳᠡᠯᠴᠡᠵᠦ ᠲᠡᠳᠡᠨ ᠳᠤ ᠤᠴᠠᠷᠠᠵᠤ ᠪᠠᠶᠢᠭ᠎ᠠ ᠬᠦᠴᠢᠷᠳᠡᠯ

ᠲᠦᠪᠡᠭ ᠢ ᠨᠢ ᠤᠶᠢᠯᠠᠭᠠᠨ ᠰᠢᠢᠳᠪᠦᠷᠢᠯᠡᠵᠦ ᠦᠭᠬᠦ ᠬᠡᠷᠡᠭᠲᠡᠢ ᠪᠠᠶᠢᠳᠠᠭ᠃ ᠤᠨᠴᠠᠭᠠᠶᠢᠯᠠᠨ ᠲᠤᠤᠷ᠎ᠠ ᠤᠨ ᠤ

ᠪᠠᠶᠢᠷᠢ ᠳᠤ ᠰᠠᠭᠤᠭ᠎ᠠ ᠬᠡᠦᠬᠡᠳ᠂ ᠦᠨᠦᠴᠢᠨ ᠦᠷᠦᠭᠡᠰᠦᠨ ᠬᠡᠦᠬᠡᠳ ᠪᠤᠶᠤ ᠠᠰᠠᠭᠤᠳᠠᠯ ᠲᠠᠢ ᠰᠤᠷᠤᠭᠴᠢ ᠳᠤ ᠡᠨᠡ

ᠬᠠᠶᠢᠷ᠎ᠠ ᠳᠤᠲᠠᠭᠳᠠᠵᠤ ᠪᠣᠯᠤᠰᠢ ᠦᠭᠡᠢ ᠶᠤᠮ᠃ ᠠᠩᠬᠢ ᠶᠢᠨ ᠡᠷᠬᠢᠯᠡᠭᠴᠢ ᠦᠪᠡᠷ ᠤᠨ ᠦᠨᠡᠨ ᠰᠡᠳᠬᠢᠯ ᠠᠴᠠ ᠪᠠᠨ᠂

ᠦᠭᠭᠢᠶᠡᠮᠦᠷ ᠬᠠᠶᠢᠷ᠎ᠠ ᠪᠠᠷ ᠢᠶᠠᠨ ᠤᠴᠢᠵᠤ ᠬᠡᠦᠬᠡᠳ ᠲᠠᠢ ᠪᠠᠨ ᠬᠠᠷᠢᠯᠴᠠᠮᠠᠨᠵᠢᠨ ᠰᠠᠶ᠋ᠢ ᠰᠤᠷᠤᠭᠴᠢ ᠶᠢᠨ ᠢᠶᠠᠨ

ᠢᠲᠡᠭᠡᠯ ᠬᠠᠶᠢᠷ᠎ᠠ ᠶᠢ ᠤᠯᠵᠤ ᠴᠢᠳᠠᠨ᠎ᠠ᠃ ᠬᠡᠦᠬᠡᠳ ᠰᠠᠶ᠋ᠢ ᠴᠢᠮ᠎ᠠ ᠳᠤ ᠰᠡᠳᠬᠢᠯ ᠢᠶᠠᠨ ᠳᠡᠯᠬᠡᠵᠦ          

ᠴᠢᠳᠠᠨ᠎ᠠ᠃ ᠪᠢᠳᠡᠨ ᠤ ᠬᠤᠭᠤᠷᠤᠨᠳᠤᠬᠢ ᠵᠠᠢ ᠪᠠᠨ ᠪᠠᠭᠠᠰᠬᠠᠵᠤ ᠴᠢᠳᠠᠨ᠎ᠠ᠃ ᠬᠡᠪᠡᠴᠦ ᠠᠯᠢᠪᠡ ᠤᠴᠢᠷ ᠴᠦᠮ ᠬᠤᠶᠠᠷ

ᠲᠠᠯ᠎ᠠ ᠲᠠᠢ ᠪᠠᠶᠢᠳᠠᠭ᠃ ᠵᠠᠷᠢᠮ ᠰᠤᠷᠤᠭᠴᠢ ᠭᠡᠳᠦᠷᠭᠡᠢ ᠬᠠᠶᠢᠷ᠎ᠠ ᠶᠢᠨ ᠬᠠᠷᠢᠭᠤ ᠳᠤ ︽ᠳᠠᠪᠠᠭᠤᠷᠠᠬᠤ︾ ᠭᠡᠳ ᠪᠠᠶᠢᠳᠠᠭ

ᠶᠤᠮ᠃ ᠳᠡᠭᠡᠷᠡᠯᠬᠡᠬᠦ᠂ ᠦᠰᠢᠶᠡᠷᠭᠡᠭᠦ᠂ ᠡᠰᠡᠷᠭᠦᠴᠡᠬᠦ ᠵᠡᠷᠭᠡ ᠦᠵᠡᠭᠳᠡᠯ ᠴᠦᠮ ᠢᠯᠡᠷᠡᠬᠦ ᠪᠤᠯᠤᠯᠴᠠᠭ᠎ᠠ ᠲᠠᠢ᠃ ᠡᠶᠢᠮᠦ ᠠᠴᠠ

ᠠᠩᠬᠢ ᠶᠢᠨ ᠡᠷᠬᠢᠯᠡᠭᠴᠢ ᠶᠠᠭᠤᠨ ᠤ ᠡᠮᠦᠨ᠎ᠡ ᠦᠪᠡᠷ ᠤᠨ ᠡᠷᠬᠡ ᠰᠦᠷ ᠢᠶᠠᠨ ᠪᠤᠢ ᠪᠤᠯᠭᠠᠬᠤ ᠬᠡᠷᠡᠭᠲᠡᠢ          

ᠪᠠᠶᠢᠳᠠᠭ᠃ ᠡᠷᠬᠡ ᠰᠦᠷ ᠢᠶᠠᠨ ᠪᠠᠶᠢᠭᠤᠯᠤᠭᠰᠠᠨ ᠰᠠᠭᠤᠷᠢᠨ ᠳᠡᠭᠡᠷ᠎ᠡ ᠰᠤᠷᠤᠭᠴᠢ ᠶᠢᠨ ᠢᠶᠠᠨ ᠤᠨᠴᠠᠯᠢᠭ ᠢ

ᠦᠨᠳᠦᠰᠦᠯᠡᠵᠦ ᠬᠠᠯᠠ ᠪᠠ ᠬᠠᠶᠢᠷ᠎ᠠ ᠶᠢ ᠤᠶᠠᠯᠳᠤᠭᠤᠯᠬᠤ ᠨᠢ ᠲᠤᠩ ᠴᠢᠬᠤᠯᠠ ᠪᠠᠶᠢᠳᠠᠭ᠃

      ᠡᠯ᠎ᠡ ᠲᠠᠯ᠎ᠠ ᠪᠠᠷ ᠰᠢᠯᠢᠳᠡᠭ᠂ ᠤᠮᠤᠭᠯᠠᠩ ᠰᠢᠬ ᠵᠠᠩ ᠲᠠᠢ  ᠪᠡᠶ᠎ᠡ ᠪᠠᠨ ᠲᠤᠭᠤᠳᠠᠭ ᠭᠡᠦᠭᠡᠳ ᠢ ᠪᠤᠯ ᠬᠡᠲᠦᠷᠬᠡᠢ

ᠠᠭᠤᠷᠯᠠᠵᠤ ᠲᠠᠷᠤᠩᠭᠤᠶᠢᠯᠠᠪᠠᠯ ᠭᠡᠳᠡᠷᠭᠦ ᠪᠠᠨ ᠲᠡᠳᠡᠨ ᠤ ᠰᠦᠷᠭᠡᠦ ᠰᠡᠳᠬᠢᠯ ᠢ ᠪᠤᠢ ᠪᠤᠯᠭᠠᠨ᠎ᠠ᠃ ᠬᠡᠳᠦᠷᠬᠡᠢ ᠠᠶᠠᠳᠠᠵᠤ

ᠬᠦᠬᠡᠷᠦᠬᠦᠯᠪᠡᠯ ᠨᠡᠩ ᠤᠮᠤᠭᠯᠠᠩ ᠪᠠᠷᠳᠠᠮ ᠪᠤᠯᠳᠠᠭ᠃ ᠡᠶᠢᠮᠦ ᠠᠴᠠ ᠲᠡᠳᠡᠨ ᠤ ᠳᠠᠪᠠᠭᠤᠯᠢᠭ ᠲᠠᠯ᠎ᠠ ᠶᠢ ᠬᠦᠢᠴᠡᠳ

ᠦᠨᠡᠯᠡᠭᠰᠡᠨ ᠪᠠᠶᠢᠳᠠᠯ ᠤᠨ ᠲᠤᠤᠷ᠎ᠠ ᠳᠡᠳᠡᠨ ᠤ ᠪᠡᠶ᠎ᠡ ᠳᠡᠭᠡᠷ᠎ᠡ ᠤᠷᠤᠰᠢᠵᠤ ᠪᠠᠶᠢᠭ᠎ᠠ ᠠᠰᠠᠭᠤᠳᠠᠯ ᠵᠢᠴᠢ ᠬᠤᠤᠷ

ᠬᠦᠨᠦᠭᠡᠯ ᠢ ᠨᠢ ᠰᠢᠭᠤᠳ ᠲᠤᠳᠤᠷᠬᠠᠢ ᠶᠠᠷᠢᠵᠦ ᠦᠭᠬᠦ ᠭᠡᠷᠡᠭᠲᠡᠢ ᠪᠦᠬᠡᠳ ᠦᠷᠭᠦᠯᠵᠢ ᠶᠢᠨ ᠴᠢᠨᠠᠷᠲᠠᠢ ᠶᠠᠷᠢᠵᠤ

ᠰᠠᠨᠠᠭᠤᠯᠵᠤ ᠪᠠᠶᠢᠬᠤ ᠬᠡᠷᠡᠭᠲᠡᠢ᠃ ᠡᠬᠦᠨ ᠤ ᠬᠠᠮᠲᠦ ᠪᠠᠰᠠ ᠴᠢᠩᠭ᠎ᠠ ᠱᠠᠭᠠᠷᠳᠠᠯᠭ᠎ᠠ ᠶᠢ ᠲᠠᠯᠪᠢᠬᠤ ᠶᠢᠨ ᠳᠠᠭᠠᠤ

ᠲᠠᠪᠰᠢᠯᠲᠠ ᠠᠮᠵᠢᠯᠲᠠ ᠶᠢ ᠨᠢ ᠴᠠᠭ ᠲᠤᠬᠠᠢ ᠳᠤ ᠨᠢ ᠦᠨᠡᠯᠡᠵᠦ ᠵᠤᠷᠢᠬᠵᠢᠭᠤᠯᠵᠤ ᠪᠠᠶᠢᠬᠤ ᠴᠢᠬᠤᠯᠠᠲᠠᠢ᠃

      ᠦᠪᠡᠷ ᠢ ᠪᠠᠨ ᠢᠳᠡᠭᠡᠬᠦ ᠰᠡᠳᠬᠢᠯᠭᠡ ᠪᠠᠷ ᠠᠨᠠᠢ᠂ ᠪᠡᠶ᠎ᠡ ᠪᠠᠨ ᠭᠤᠯᠤᠳᠠᠭ᠂ ᠵᠤᠷᠢᠭ ᠪᠠᠭ᠎ᠠ ᠬᠡᠦᠬᠡᠳ ᠲᠤ ᠪᠤᠯ

ᠮᠠᠭᠳᠠᠭᠠᠯ ᠰᠠᠶᠢᠰᠢᠶᠠᠯ ᠲᠦᠢᠯ ᠤᠨ ᠴᠢᠬᠤᠯᠠ᠃ ᠤᠴᠢᠷ ᠨᠢ ᠲᠡᠳᠡᠨ ᠳᠤ ᠪᠤᠰᠤᠳ ᠤᠨ ᠢᠳᠡᠭᠡᠯ ᠪᠠ ᠵᠤᠷᠢᠬᠵᠢᠭᠤᠯᠤᠯ

ᠴᠢᠬᠤᠯᠠᠲᠠᠢ᠃ ᠳᠡᠳᠡ ᠪᠠᠭᠰᠢ ᠶᠢᠨ ᠬᠠᠷᠠᠴᠠ ᠠᠴᠠ ᠴᠦ ᠢᠲᠡᠭᠡᠯ᠂ ᠵᠤᠷᠢᠬᠵᠢᠭᠤᠯᠤᠯ᠂ ᠮᠠᠭᠲᠠᠭᠠᠯ ᠢ ᠤᠯᠵᠤ ᠬᠦᠷᠲᠡᠳᠡᠭ

ᠶᠤᠮ᠃ ᠶᠠᠭᠠᠬᠢᠭᠰᠠᠨ ᠴᠦ ᠭᠠᠳᠠᠭᠤᠷᠴᠢᠯᠠᠬᠤ᠂ ᠡᠭ᠍ᠳᠡᠭᠦᠴᠡᠬᠦ ᠤᠪᠤᠷ ᠢ ᠠᠪᠴᠤ ᠪᠤᠯᠬᠤ ᠦᠭᠡᠢ᠂ ᠦᠭᠡᠢ ᠪᠣᠯ

ᠬᠡᠦᠬᠡᠳ ᠲᠤ ᠨᠠᠰᠤᠨ ᠤ ᠭᠤᠮᠤᠳᠠᠯ ᠢ ᠠᠪᠴᠢᠷᠠᠨ᠎ᠠ᠃ ᠬᠡᠦᠬᠡᠳ ᠤᠨ ᠬᠦᠭᠵᠢᠯᠲᠡ ᠶᠢᠨ ᠤᠷᠤᠨ ᠵᠠᠢ ᠬᠡᠵᠢᠶᠡᠳᠡ

ᠪᠢᠳᠡᠨ ᠤ ᠰᠠᠨᠠᠭᠰᠠᠨ ᠠᠴᠠ ᠬᠤᠯᠠ ᠠᠭᠤᠵᠢᠮ ᠪᠠᠶᠢᠳᠠᠭ ᠶᠤᠮ᠃ ᠡᠶᠢᠮᠦ ᠠᠴᠠ ᠠᠩᠬᠢ ᠶᠢᠨ ᠡᠷᠬᠢᠯᠡᠭᠴᠢ ᠶᠠᠭᠠᠬᠢᠭᠰᠠᠨ

ᠴᠦ ᠬᠡᠦᠬᠡᠳ ᠲᠤ ᠪᠠᠨ ᠢᠳᠡᠭᠡᠯ ᠠᠯᠳᠠᠵᠤ ᠪᠤᠯᠬᠤ ᠦᠭᠡᠢ᠂ ᠳᠡᠳᠡᠨ ᠤ ᠦᠴᠦᠬᠡᠨ ᠪᠠᠭ᠎ᠠ ᠳᠠᠪᠰᠢᠯᠲᠠ ᠶᠢ ᠴᠦ

ᠭᠡᠰᠡᠨ᠂ ᠳᠡᠳᠡᠨ ᠤ ᠪᠡᠶ᠎ᠡ ᠳᠡᠭᠡᠷ᠎ᠡ ᠢᠯᠡᠷᠡᠵᠦ ᠪᠠᠶᠢᠭ᠎ᠠ ᠶᠠᠯᠢᠮ ᠦᠭᠡᠢ ᠪᠠᠭ᠎ᠠ ᠬᠢᠯᠠᠰ ᠴᠡᠭ ᠢ ᠴᠦ ᠭᠡᠰᠡᠨ ᠠᠳᠬᠤᠵᠤ

ᠪᠠᠶᠢᠭᠠᠳ ᠮᠠᠭᠳᠠᠵᠤ ᠵᠤᠷᠢᠬᠵᠢᠭᠤᠯᠵᠤ ᠪᠠᠶᠢᠬᠤ ᠭᠡᠷᠡᠭᠲᠡᠢ᠃ ᠵᠠᠷᠢᠮ ᠦᠶ᠎ᠡ ᠳᠤ ᠪᠠᠰᠠ ᠪᠡᠶ᠎ᠡ ᠳᠤ ᠪᠠᠨ ᠢᠲᠡᠭᠡᠯ

ᠦᠭᠡᠢ ᠬᠡᠦᠬᠡᠳ ᠨᠢ ᠵᠤᠬᠢᠬᠤ ᠬᠡᠮᠵᠢᠶᠠᠨ ᠤ ᠠᠯᠪᠠᠳᠠᠯᠭ᠎ᠠ ᠶᠢ ᠱᠠᠭᠠᠷᠳᠠᠳᠠᠭ᠃ ᠵᠢᠱᠢᠶᠡᠯᠡᠪᠡᠯ᠂ ᠲᠠᠶᠢᠰᠠᠨ ᠳᠤ

ᠭᠠᠷᠬᠤ ᠠᠴᠠ ᠠᠶᠤᠳᠠᠭ ᠪᠤᠶᠤ ᠤᠯᠠᠨ ᠤ ᠡᠮᠦᠨ᠎ᠡ ᠦᠭᠡ ᠲᠤᠤᠭᠠᠷᠬᠤ ᠠᠴᠠ ᠠᠶᠤᠳᠠᠭ ᠬᠡᠦᠬᠡᠳ ᠢ ᠠᠯᠪᠠᠳᠠᠭᠠᠳ

ᠡᠰᠡᠭᠦᠯ᠎ᠡ ᠠᠭᠤᠷᠯᠠᠭᠠᠳ ᠨᠢᠭᠡ ᠯᠠ ᠤᠳᠠᠭ᠎ᠠ ᠴᠦ ᠭᠡᠰᠡᠨ ᠲᠠᠶᠢᠰᠠᠨ ᠳᠤ ᠭᠠᠷᠭᠠᠭᠠᠳ ᠴᠢᠳᠠᠴᠢᠬᠠᠪᠠᠯ ᠡᠰᠠᠭᠦᠯ᠎ᠠ

ᠭᠠᠶᠢᠭᠤᠢ ᠰᠠᠶᠢᠬᠠᠨ ᠮᠠᠭᠲᠠᠭᠠᠳ ᠦᠭᠴᠢᠭᠡᠪᠡᠯ ᠰᠤᠷᠤᠭᠴᠢ ᠳᠤ ᠵᠦᠢᠷᠯᠡᠰᠢ ᠦᠭᠡᠢ ᠶᠡᠭᠡ ᠵᠤᠷᠢᠬᠵᠢᠭᠤᠯᠤᠯ

ᠪᠤᠯᠬᠤ ᠨᠢ ᠲᠡᠷᠡ᠂ ᠲᠡᠭᠡᠬᠦ ᠮᠦᠷᠲᠡᠭᠡᠨ ᠲᠠᠬᠢᠭᠠᠳ ᠲᠠᠶᠢᠰᠠᠨ ᠳᠤ ᠭᠠᠷᠤᠶ᠎ᠠ ᠭᠡᠰᠡᠨ ᠡᠷᠡᠮᠡᠯᠵᠡᠯ ᠲᠠᠢ ᠪᠣᠯᠬᠤ ᠶᠤᠮ᠃

      ᠦᠩᠭᠡᠷᠡᠭᠰᠡᠨ ᠳᠤ ᠮᠢᠨᠦ ᠠᠩᠬᠢ ᠳᠤ ᠨᠢᠭᠡ ᠰᠠᠶᠢᠬᠠᠨ ᠬᠡᠦᠬᠡᠨ ᠰᠤᠷᠤᠭᠴᠢ ᠪᠠᠶᠢᠭᠰᠠᠨ᠂ ᠲᠡᠷᠡ

ᠪᠠᠭ᠎ᠠ ᠳᠤ ᠪᠠᠨ ᠨᠢᠭᠡ ᠤᠳᠠᠭᠠᠨ ᠤ ᠡ᠊ᠨᠳᠡᠯ ᠠᠴᠠ ᠪᠤᠯᠵᠤ ᠬᠦᠯ ᠤᠨ ᠰᠢᠷᠪᠤᠰᠤ ᠪᠠᠨ ᠬᠡᠮᠲᠦᠭᠡᠭᠰᠡᠨ ᠤᠴᠢᠷ ᠠᠴᠠ

ᠪᠤᠰᠤᠳ ᠬᠡᠦᠬᠡᠨ ᠰᠢᠭ ᠪᠦᠵᠢᠭᠯᠡᠵᠦ ᠴᠢᠳᠠᠬᠤ ᠦᠭᠡᠢ ᠬᠡᠵᠢᠶᠡᠳᠡ ᠤᠷᠮ᠎ᠠ ᠠᠯᠳᠠᠷᠠᠵᠤ ᠪᠠᠶᠢᠳᠠᠭ᠃ ᠬᠠᠮᠲᠦ

ᠨᠦᠬᠦᠳ ᠤᠨ ᠢᠶᠠᠨ ᠪᠦᠵᠢᠭᠯᠡᠬᠦ ᠶᠢ ᠬᠠᠷᠠᠭᠠᠳ ᠲᠡᠭᠡᠵᠦ ᠪᠠᠭ᠋ᠠᠷᠬᠠᠳᠠᠭ ᠪᠠᠶᠢᠭᠰᠠᠨ ᠢ ᠨᠢ ᠬᠠᠷᠠᠭᠠᠳ ᠪᠢ ᠴᠦ ᠵᠤᠪᠠᠵᠤ

ᠪᠠᠶᠢᠭᠰᠠᠨ᠃ ᠲᠡᠭᠡᠭᠡᠳ ᠨᠢᠭᠡ ᠡᠳᠦᠷ ᠲᠡᠬᠦᠨ ᠲᠠᠢ ᠲᠤᠰᠬᠠᠶᠢᠯᠠᠨ ᠶᠠᠷᠢᠯᠴᠠᠵᠤ᠄ ︽ᠲᠠ ᠪᠣᠰᠣᠳ ᠬᠡᠦᠭᠡᠳ ᠲᠠᠢ

ᠠᠳᠠᠯᠢ ᠪᠦᠵᠢᠭᠯᠡᠵᠦ ᠴᠢᠳᠠᠬᠤ ᠦᠭᠡᠢ ᠭᠡᠵᠦ ᠪᠢᠳᠡᠬᠡᠢ ᠵᠤᠪᠠ᠂ ᠤᠴᠢᠷ ᠨᠢ ᠴᠢᠮ᠎ᠠ ᠳᠤ ᠪᠠᠰᠠ ᠦᠪᠡᠷ ᠤᠨ ᠴᠢᠨᠢ

ᠳᠠᠪᠠᠭᠤᠯᠢᠭ ᠲᠠᠯ᠎ᠠ ᠪᠠᠶᠢᠨ᠎ᠠ ᠰᠢᠦ᠂ ᠴᠢᠨᠦ ᠵᠤᠬᠢᠶᠠᠯ ᠪᠢᠴᠢᠬᠦ ᠴᠢᠨᠢ ᠲᠤᠩ ᠰᠠᠶᠢᠨ᠂ ᠡᠶᠢᠮᠦ ᠠᠴᠠ ᠢᠯᠡᠬᠦᠦ ᠨᠤᠮ

ᠤᠩᠰᠢ᠂ ᠢᠯᠡᠬᠦᠦ ᠵᠤᠬᠢᠶᠠᠯ ᠪᠢᠴᠢ᠂ ᠪᠠᠭᠰᠢ ᠨᠢ ᠵᠠᠰᠠᠵᠤ ᠦᠭᠬᠦᠶ᠎ᠡ︾ ᠭᠡᠵᠦ ᠵᠤᠷᠢᠬᠵᠢᠭᠤᠯᠤᠭᠰᠠᠨ ᠶᠤᠮ᠃ ᠶᠠᠭ

ᠲᠡᠷᠡ ᠡᠳᠦᠷ ᠠᠴᠠ ᠡᠬᠢᠯᠡᠨ ᠮᠢᠨᠦ ᠡᠨᠡ ᠰᠤᠷᠤᠭᠴᠢ ᠵᠤᠬᠢᠶᠠᠯ ᠪᠢᠴᠢᠬᠦ ᠶᠡᠭᠡ ᠲᠤᠷᠠᠲᠠᠢ ᠪᠤᠯᠤᠭᠰᠠᠨ᠂ ᠤᠯᠠᠨ ᠣᠯᠠᠨ

ᠵᠤᠬᠢᠶᠠᠯ ᠪᠢᠴᠢᠵᠦ ᠨᠠᠳᠠ ᠪᠠᠷ ᠵᠠᠰᠠᠭᠤᠯᠳᠠᠭ ᠪᠠᠶᠢᠭᠰᠠᠨ᠃ ᠪᠢ ᠴᠦ ᠭᠡᠰᠡᠨ ᠪᠢᠴᠢᠭᠰᠡᠨ ᠵᠤᠬᠢᠶᠠᠯ ᠪᠤᠯᠭᠠᠨ ᠢ ᠨᠢ

ᠬᠢᠨᠠᠵᠤ ᠵᠠᠰᠠᠨ᠂ ᠮᠠᠭᠳᠠᠵᠤ ᠵᠤᠷᠢᠬᠵᠢᠭᠤᠯᠤᠭᠰᠠᠨ ᠶᠤᠮ᠃ ᠰᠡᠭᠦᠯ ᠳᠤ ᠨᠢ ᠦᠪᠡᠷ ᠤᠨ ᠪᠦᠲᠦᠭᠡᠯ ᠢᠶᠠᠨ

︽ᠴᠤᠮᠤᠷᠯᠢᠭ︾ ᠰᠡᠳᠬᠦᠯ ᠳᠡᠬᠡᠷ᠎ᠡ ᠨᠡᠶᠢᠲᠡᠯᠡᠭᠦᠯᠵᠦ ᠶᠡᠭᠡ ᠤᠮᠤᠭᠰᠢᠵᠤ ᠪᠠᠶᠢᠭᠰᠠᠨ ᠶᠤᠮ᠃

      ᠪᠠᠰᠠ ᠨᠢᠭᠡ ᠡᠷᠡᠭᠳᠠᠢ ᠰᠤᠷᠤᠭᠴᠢ ᠪᠠᠶᠢᠭᠰᠠᠨ᠂ ᠲᠡᠷᠡ ᠲᠦᠷᠦᠯᠬᠢ ᠲᠠᠷᠢᠬᠢᠨ ᠪᠤᠶᠢᠵᠢᠯᠲᠠ ᠠᠨᠠᠢ᠃ ᠦᠰᠦᠭ

ᠪᠢᠴᠢᠭ ᠢ ᠶᠠᠭ ᠲᠤᠭᠳᠠᠭᠠᠵᠤ ᠴᠡᠭᠡᠵᠢᠯᠡᠵᠦ ᠴᠢᠳᠠᠬᠤ ᠦᠭᠡᠢ ᠪᠠᠶᠢᠳᠠᠭ᠃ ᠨᠢᠭᠡ ᠡᠳᠦᠷ ᠤᠨ ᠴᠠᠭ ᠢ ᠵᠠᠷᠤᠴᠠᠭᠤᠯᠤᠨ

︽ᠪᠤᠳᠠᠭ᠎ᠠ︾ ᠭᠡᠰᠡᠨ ᠦᠰᠦᠭ ᠢ ᠤᠩᠰᠢᠭᠤᠯᠵᠤ ᠪᠢᠴᠢᠭᠦᠯᠵᠦ ᠰᠤᠷᠭᠠᠨ᠂ ᠳᠠᠷᠠᠭ᠎ᠠ ᠡᠳᠦᠷ ᠨᠢ ᠰᠠᠮᠪᠠᠷ᠎ᠠ ᠳᠡᠭᠡᠷ᠎ᠡ ᠮᠦᠨ

ᠡᠨᠡ ᠦᠰᠦᠭ ᠢᠶᠠᠨ ᠪᠢᠴᠢᠬᠡᠳ ᠤᠩᠰᠢᠭᠤᠯᠤᠭᠰᠠᠨ ᠳᠤ ᠲᠡᠷᠡ ᠪᠤᠳᠤᠵᠤ ᠪᠤᠳᠤᠭᠠᠳ ︽ᠳ᠋ᠠ ᠮᠢ︾ ᠬᠡᠵᠦ ᠤᠩᠰᠢᠳᠠᠭ

ᠪᠠᠶᠢᠭᠰᠠᠨ᠃ ᠳᠡᠭᠡᠭᠡᠳ ᠶᠠᠭᠠᠬᠢᠳᠠᠭ ᠪᠢᠯᠡ︖ ᠢᠩᠬᠢᠵᠦ ᠵᠦᠭᠡᠷ ᠰᠠᠭᠤᠯᠭᠠᠵᠤ ᠴᠠᠭ ᠢ ᠨᠢ ᠪᠠᠷᠠᠭᠠᠳ ᠶᠠᠭᠤ ᠴᠦ

ᠰᠤᠷᠭᠠᠵᠤ ᠴᠢᠳᠠᠬᠤ ᠦᠭᠡᠢ ᠠᠮᠠᠷ ᠦᠭᠡᠢ ᠳ᠋ᠠ ᠭᠡᠵᠦ ᠪᠤᠳᠤᠵᠤ ᠪᠠᠶᠢᠭᠰᠠᠨ ᠶᠤᠮ᠃ ᠲᠡᠭᠡᠭᠡᠳ ᠨᠢᠬᠡ ᠡᠳᠦᠷ

ᠲᠡᠬᠦᠨ ᠤ ᠵᠢᠷᠤᠭ ᠵᠢᠷᠤᠬᠤ ᠲᠤᠩ ᠲᠤᠷᠠᠲᠠᠢ ᠪᠠᠶᠢᠳᠠᠭ ᠪᠦᠭᠡᠳ ᠳᠠᠪᠠᠭᠤ ᠰᠠᠶᠢᠬᠠᠨ ᠵᠢᠷᠤᠳᠠᠭ ᠢ ᠪᠤᠳᠤᠵᠤ

ᠤᠯᠤᠭᠠᠳ ᠨᠢᠬᠡ ᠤᠬᠠᠭᠠᠨ ᠤᠷᠤᠭᠰᠠᠨ ᠶᠤᠮ᠃ ᠪᠢ ᠲᠡᠭᠦᠨ ᠤ ᠵᠢᠷᠤᠭ ᠵᠢᠷᠤᠬᠤ ᠶᠢ ᠨᠢ ᠶᠡᠭᠡ ᠪᠠᠷ ᠵᠤᠷᠢᠬᠵᠢᠭᠤᠯᠤᠨ

ᠡ᠊ᠨᠳᠡ ᠲᠡᠨᠳᠡ ᠨᠢ ᠪᠠᠭ᠎ᠠ ᠰᠠᠭ᠎ᠠ ᠵᠢᠭᠠᠵᠤ ᠲᠤᠬᠢᠨ ᠵᠠᠰᠠᠭᠤᠯᠵᠤ ᠬᠤᠷᠢᠭᠠᠳ ᠬᠤᠪᠢ ᠰᠠᠶᠢᠬᠠᠨ ᠵᠢᠷᠤᠭ ᠤᠨ

ᠪᠦᠲᠦᠭᠡᠯ ᠢ ᠨᠢ ᠴᠤᠭᠯᠠᠭᠤᠯᠵᠤ ᠠᠩᠬᠢ ᠶᠢᠨ ᠭᠡᠷ ᠤᠨ ᠡᠭᠦᠳᠡ ᠬᠠᠪᠢ ᠶᠢᠨ ᠭᠤᠳᠤᠮᠵᠢᠨ ᠭᠡᠷᠡᠮ ᠳᠡᠭᠡᠷ᠎ᠡ ᠪᠠᠭᠠᠬᠠᠨ

ᠬᠡᠪᠴᠢᠶᠡᠨ ᠤ ᠬᠤᠪᠢ ᠬᠦᠮᠦᠨ ᠤ ᠤᠷᠠᠨ ᠵᠢᠷᠤᠭ ᠤᠨ ᠦᠵᠡᠰᠬᠦᠯᠡᠩ ᠡᠷᠬᠢᠯᠡᠵᠦ ᠦᠭᠬᠦᠭᠰᠡᠨ ᠶᠤᠮ᠃

ᠪᠦᠲᠦᠭᠡᠯ ᠤᠨ ᠬᠢ ᠨᠢ ᠬᠠᠮᠤᠭ ᠤᠨ ᠡᠬᠢᠨ ᠳᠤ ᠲᠤᠰ ᠰᠤᠷᠤᠭᠴᠢ ᠶᠢᠨ ᠰᠡᠭᠦᠳᠡᠷ ᠢ ᠬᠠᠳᠠᠭᠰᠠᠨ ᠲᠦᠭᠦᠮ

ᠲᠠᠨᠢᠯᠴᠠᠭᠤᠯᠭ᠎ᠠ ᠶᠢ ᠨᠠᠭᠠᠭᠰᠠᠨ ᠶᠤᠮ᠃ ᠤᠨᠳᠤᠤ ᠠᠩᠬᠢ ᠶᠢᠨ ᠤᠯᠠᠨ ᠰᠤᠷᠤᠭᠴᠢ ᠢᠷᠡᠵᠦ ᠰᠤᠨᠢᠷᠬᠠᠭᠰᠠᠨ᠂ ᠳᠡᠭᠡᠬᠦ

ᠮᠦᠷᠲᠡᠭᠡᠨ ᠰᠤᠨᠢᠷᠬᠠᠭᠰᠠᠨ ᠬᠦᠮᠦᠨ ᠪᠦᠬᠦᠨ ᠭᠠᠷ ᠤᠨ ᠦᠰᠦᠭ ᠵᠢᠷᠤᠬᠤ ᠠᠪᠴᠠᠯ ᠢ ᠠᠪᠤᠭᠰᠠᠨ ᠪᠠᠶᠢᠳᠠᠭ᠃ ᠮᠠᠨ ᠤ

ᠲᠡᠷᠡ ᠰᠤᠷᠤᠭᠴᠢ ᠶᠢᠨ ᠪᠠᠶᠠᠷᠯᠠᠭᠰᠠᠨ ᠢ ᠶᠠᠭᠤ ᠬᠡᠯᠡᠬᠦ ᠪᠤᠢ᠃ ᠵᠢᠷᠤᠭ ᠢ ᠤᠯᠠᠮ ᠴᠦ ᠵᠢᠷᠤᠬᠤ ᠲᠤᠷᠠᠲᠠᠢ ᠪᠤᠯᠤᠭᠰᠠᠨ᠂

ᠶᠠᠭᠤ ᠴᠦ ᠭᠡᠰᠡᠨ ᠲᠡᠬᠦᠨ ᠢ ᠬᠠᠪᠰᠤᠷᠴᠤ ᠪᠠᠭ᠎ᠠ ᠰᠤᠷᠭᠠᠭᠤᠯᠢ ᠶᠢᠨ ᠠᠮᠢᠳᠤᠷᠠᠯ ᠳᠤ ᠨᠢ ᠪᠠᠶᠠᠷᠲᠠᠢ ᠴᠠᠭ ᠮᠦᠴᠡ ᠶᠢ

ᠨᠡᠮᠡᠯ᠎ᠠ ᠳ᠋ᠠ ᠭᠡᠵᠦ ᠪᠢ ᠪᠠᠰᠠ ᠳᠠᠪᠠᠭᠤ ᠰᠡᠳᠬᠢᠯ ᠴᠠᠳᠬᠤᠯᠠᠩ ᠪᠤᠯᠤᠭᠰᠠᠨ ᠶᠤᠮ᠃

      ᠡᠳᠡᠭᠡᠷ ᠪᠤᠯ ᠴᠦᠮ ᠰᠤᠷᠤᠭᠴᠢ ᠶᠢᠨ ᠤᠨᠴᠠᠯᠢᠭ ᠲᠤ ᠨᠢ ᠲᠤᠬᠢᠷᠠᠭᠤᠯᠤᠨ ᠬᠦᠮᠦᠵᠢᠭᠦᠯᠵᠦ ᠪᠠᠶᠢᠭ᠎ᠠ ᠶᠠᠪᠤᠳᠠᠯ

ᠮᠦᠨ ᠭᠡᠵᠦ ᠪᠢ ᠦᠵᠡᠳᠡᠭ᠃ ᠰᠤᠷᠤᠭᠴᠢ ᠶᠢᠨ ᠤᠨᠴᠠᠯᠢᠭ ᠲᠤ ᠨᠢ ᠲᠤᠬᠢᠷᠠᠭᠤᠯᠤᠨ ᠬᠦᠮᠦᠵᠢᠯ ᠬᠢᠬᠦ ᠨᠢ

ᠬᠡᠦᠬᠡᠳ ᠤᠨ ᠵᠤᠷᠢᠭ ᠢ ᠬᠦᠪᠴᠢᠯᠡᠵᠦ ᠢᠳᠡᠭᠡᠯ ᠢ ᠪᠤᠢ ᠪᠤᠯᠭᠠᠳᠠᠭ᠃ ᠨᠡᠩ ᠴᠢᠨᠠᠭᠰᠢᠯᠠᠪᠠᠯ ᠬᠡᠦᠬᠡᠳ ᠤᠨ

ᠬᠤᠵᠢᠮ ᠤᠨ ᠵᠠᠮ ᠳᠤ ᠨᠢ ᠨᠢᠬᠡᠨ ᠬᠡᠷᠡᠯᠲᠦ ᠴᠠᠮᠬᠠᠭ ᠠᠰᠠᠭᠠᠵᠤ ᠦᠭᠴᠦ ᠪᠠᠶᠢᠭ᠎ᠠ ᠶᠠᠪᠤᠳᠠᠯ ᠪᠤᠯᠤᠨ᠎ᠠ ᠭᠡᠵᠦ

ᠦᠵᠡᠵᠦ ᠪᠤᠯᠤᠨ᠎ᠠ᠃   

      ᠭᠤᠷᠪᠠ᠂ ᠠᠩᠬᠢ ᠶᠢᠨ ᠡᠷᠬᠢᠯᠡᠭᠴᠢ ᠵᠠᠪᠠᠯ ᠳᠡᠳᠬᠠᠯ ᠤᠨ ᠬᠦᠮᠦᠵᠢᠯ ᠢ ᠰᠠᠶᠢᠨ ᠬᠢᠬᠦ ᠬᠡᠷᠡᠭᠲᠡᠢ᠃

      ᠨᠢᠬᠡ ᠰᠤᠷᠤᠭᠴᠢ ᠶᠢ ᠰᠢᠯᠢᠳᠡᠭ ᠰᠤᠷᠤᠭᠴᠢ ᠪᠤᠯᠭᠠᠨ ᠬᠦᠮᠦᠵᠢᠬᠦᠯᠬᠦ ᠳᠤ ᠪᠤᠯᠪᠠᠰᠤᠨ ᠰᠠᠶᠢᠬᠠᠨ ᠳᠠᠳᠬᠠᠯ ᠢ

ᠬᠦᠮᠦᠵᠢᠭᠦᠯᠵᠦ ᠦᠭᠬᠦ ᠨᠢ ᠲᠤᠩ ᠴᠢᠬᠤᠯᠠ ᠪᠠᠶᠢᠳᠠᠭ᠃ ᠲᠠᠷᠤᠢ ᠦᠪᠡᠷ ᠤᠨ ᠤᠬᠠᠮᠰᠠᠷ ᠠᠴᠠ ᠪᠠᠨ ᠤᠴᠢᠵᠤ

ᠠᠶᠠᠨᠳᠠᠭᠠᠨ ᠬᠦᠢᠴᠡᠳᠭᠡᠳᠡᠭ ᠳᠠᠳᠬᠠᠯ ᠢ ᠪᠤᠢ ᠪᠤᠯᠭᠠᠬᠤ ᠶᠠᠪᠤᠳᠠᠯ ᠮᠦᠨ᠃ ᠵᠢᠱᠢᠶᠡᠯᠡᠪᠡᠯ᠂ ᠬᠡᠵᠢᠶᠡᠳᠡ

ᠴᠠᠭ ᠲᠤ ᠪᠠᠨ ᠰᠤᠷᠭᠠᠭᠤᠯᠢ ᠳᠤ ᠪᠠᠨ ᠢᠷᠡᠬᠦ ᠳᠠᠳᠬᠠᠯ᠂ ᠵᠢᠵᠢᠬᠦᠷ ᠢᠶᠠᠨ ᠬᠠᠷᠢᠭᠤᠴᠠᠯᠭ᠎ᠠ ᠲᠠᠢ ᠰᠠᠶᠢᠨ ᠬᠢᠬᠦ

ᠳᠠᠳᠬᠠᠯ᠂ ᠰᠢᠷᠡᠭᠡ ᠰᠠᠨᠳᠠᠯᠢ ᠪᠠᠨ ᠬᠡᠵᠢᠶᠡᠳᠡ ᠲᠡᠷᠢ ᠳᠡᠭᠰᠢ ᠪᠠᠶᠢᠯᠭᠠᠬᠤ ᠳᠠᠳᠬᠠᠯ᠂ ᠪᠢᠴᠢᠭ ᠤᠨ ᠪᠤᠭᠴᠤ ᠰᠢᠷᠡᠭᠡᠨ

ᠰᠢᠷᠭᠤᠭᠤᠯ ᠢᠶᠠᠨ ᠬᠡᠵᠢᠶᠡᠳᠡ ᠴᠡᠪᠡᠷ ᠰᠠᠶᠢᠬᠠᠨ ᠪᠠᠶᠢᠯᠭᠠᠬᠤ ᠳᠡᠳᠬᠠᠯ᠂ ᠬᠢᠴᠢᠶᠡᠯ ᠪᠠᠭᠤᠭᠰᠠᠭᠠᠷ ᠳᠡᠪᠳᠡᠷ ᠨᠤᠮ ᠢᠶᠠᠨ

ᠲᠢᠭᠯᠡᠵᠦ ᠬᠤᠷᠢᠶᠠᠬᠤ ᠳᠠᠳᠬᠠᠯ᠂ ᠠᠰᠠᠷ ᠤᠨ ᠭᠤᠳᠤᠮᠵᠢ ᠳᠤ ᠦᠢᠮᠡᠯᠳᠦᠵᠦ ᠱᠤᠤᠭᠢᠯᠳᠤᠬᠤ ᠦᠭᠡᠢ ᠨᠠᠮ ᠵᠢᠮ ᠢ

ᠪᠠᠲᠤᠯᠠᠬᠤ ᠳᠠᠳᠬᠠᠯ᠂ ᠬᠦᠯ ᠲᠤᠯᠤᠭᠠᠢ ᠪᠠᠨ ᠦᠷᠭᠦᠯᠵᠢ ᠤᠬᠢᠶᠠᠵᠤ ᠴᠡᠪᠡᠷᠯᠡᠨ ᠴᠡᠪᠡᠷ ᠲᠡᠭᠰᠢ ᠡᠮᠦᠰᠴᠦ ᠵᠡᠬᠦᠬᠦ

ᠳᠠᠳᠬᠠᠯ᠂ ᠦᠷᠬᠦᠯᠵᠢ ᠨᠤᠮ ᠤᠩᠰᠢᠬᠤ ᠳᠠᠳᠬᠠᠯ᠂ ᠠᠬᠠᠮᠠᠳ ᠢᠶᠠᠨ ᠬᠦᠨᠳᠦᠯᠡᠬᠦ᠂ ᠳᠡᠭᠦᠦ ᠨᠠᠷ ᠢᠶᠠᠨ ᠬᠠᠶᠢᠷᠠᠯᠠᠬᠤ᠂

ᠡᠨᠡᠷᠢᠩᠭᠦᠢ ᠰᠡᠳᠬᠢᠯ ᠲᠠᠢ ᠪᠠᠶᠢᠬᠤ᠂ ᠠᠴᠢᠯᠠᠯ ᠤᠨ ᠰᠡᠳᠬᠢᠯ ᠲᠠᠢ ᠪᠠᠶᠢᠬᠤ᠂ ᠨᠦᠬᠦᠳ ᠲᠠᠢ ᠪᠠᠨ ᠡᠶ᠎ᠡ ᠨᠠᠶᠢᠷ ᠲᠠᠢ

ᠪᠠᠶᠢᠬᠤ᠂ ᠳᠡᠭᠰᠢᠬᠡᠨ ᠰᠠᠭᠤᠵᠤ ᠤᠩᠰᠢᠵᠦ ᠪᠢᠴᠢᠬᠦ ᠳᠠᠳᠬᠠᠯ ᠬᠡᠬᠦ ᠮᠡᠲᠦ ᠶᠢᠨ ᠰᠠᠶᠢᠬᠠᠨ ᠳᠠᠳᠬᠠᠯ ᠢ ᠠᠯᠪᠠᠳᠠᠬᠤ

ᠪᠤᠶᠤ ᠠᠷᠭᠠᠳᠠᠬᠤ ᠵᠡᠷᠭᠡ ᠤᠯᠠᠨ ᠵᠦᠢᠯ ᠤᠨ ᠠᠷᠭ᠎ᠠ ᠠᠪᠴᠠᠯ ᠢ ᠠᠪᠴᠤ ᠳᠠᠳᠬᠠᠯᠰᠢᠭᠤᠯᠬᠤ ᠶᠠᠪᠤᠳᠠᠯ ᠪᠤᠯᠤᠨ᠎ᠠ᠃

ᠡᠳᠡᠭᠡᠷ ᠰᠠᠶᠢᠬᠠᠨ ᠳᠠᠳᠬᠠᠯ ᠢ ᠪᠦᠷᠢᠯᠳᠦᠬᠦᠯᠵᠦ ᠴᠢᠳᠠᠪᠠᠯ ᠰᠤᠷᠤᠭᠴᠢᠳ ᠤᠨ ᠬᠤᠵᠢᠮ ᠢᠷᠡᠭᠡᠳᠦᠢ ᠴᠢᠨᠠᠭᠰᠢᠯᠠᠪᠠᠯ

ᠨᠢᠭᠡ ᠨᠠᠰᠤᠨ ᠤ ᠬᠢ ᠨᠢ ᠠᠵᠢᠯ ᠠᠮᠢᠳᠤᠷᠠᠯ ᠢ ᠨᠦᠯᠦᠭᠡᠯᠡᠵᠦ ᠴᠢᠳᠠᠨ᠎ᠠ᠃

      ᠲᠦᠷᠪᠡ᠂ ᠠᠩᠬᠢ ᠶᠢᠨ ᠡᠷᠬᠢᠯᠡᠭᠴᠢ ᠪᠤᠯᠤᠭᠰᠠᠳ ᠰᠤᠷᠤᠭᠴᠢᠳ ᠤᠨ ᠴᠢᠳᠠᠪᠤᠷᠢ ᠶᠢᠨ ᠬᠦᠮᠦᠵᠢᠯ ᠢ

ᠠᠩᠬᠠᠷᠬᠤ

      ᠠᠩᠬᠢ ᠶᠢᠨ ᠡᠷᠬᠢᠯᠡᠭᠴᠢ ᠠᠩᠬᠢ ᠶᠢᠨ ᠠᠵᠢᠯ ᠢᠶᠠᠨ ᠬᠢᠬᠦ ᠶᠠᠪᠤᠴᠠ ᠲᠤᠮᠳᠠ ᠪᠠᠨ ᠰᠤᠷᠤᠭᠴᠢᠳ ᠤᠨ

ᠴᠢᠳᠠᠪᠤᠷᠢ ᠶᠢᠨ ᠬᠦᠮᠦᠵᠢᠯ ᠬᠢᠬᠦ ᠶᠢ ᠪᠠᠰᠠ ᠠᠩᠬᠠᠷᠪᠠᠯ ᠵᠤᠬᠢᠨ᠎ᠠ᠃ ᠤᠨᠴᠠᠭᠠᠶᠢᠯᠠᠨ ᠰᠤᠷᠤᠭᠴᠢᠳ ᠤᠨ ᠪᠡᠶ᠎ᠡ ᠪᠠᠨ

ᠳᠠᠭᠠᠭᠠᠬᠤ ᠴᠢᠳᠠᠪᠤᠷᠢ᠂ ᠦᠪᠡᠷ ᠢ ᠪᠠᠨ ᠢᠳᠡᠭᠡᠬᠦ ᠪᠠ ᠢᠯᠡᠷᠡᠬᠦᠯᠬᠦ ᠴᠢᠳᠠᠪᠤᠷᠢ᠂ ᠢᠳᠡᠪᠬᠢᠲᠡᠢ ᠰᠡᠳᠬᠢᠵᠦ ᠵᠤᠷᠢᠭᠲᠠᠢ

ᠤᠷᠤᠯᠳᠤᠬᠤ ᠴᠢᠳᠠᠪᠤᠷᠢ ᠶᠢ ᠪᠤᠯᠪᠠᠰᠤᠷᠠᠭᠤᠯᠵᠤ ᠭᠠᠷᠭᠠᠬᠤ ᠪᠤᠯᠤᠯᠴᠠᠭ᠎ᠠ ᠲᠤᠩ ᠦᠨᠳᠦᠷ᠃ ᠤᠴᠢᠷ ᠶᠠᠪᠤᠳᠠᠯ

ᠪᠤᠯᠭᠠᠨ ᠳᠤ ᠠᠩᠬᠢ ᠶᠢᠨ ᠡᠷᠬᠢᠯᠡᠭᠴᠢ ᠦᠪᠡᠷ ᠢᠶᠠᠨ ᠬᠦᠵᠦᠬᠦᠦ ᠰᠤᠩᠭᠠᠨ ᠰᠤᠷᠤᠭᠴᠢ ᠶᠢᠨ ᠢᠶᠠᠨ ᠡᠮᠦᠨ᠎ᠡ ᠠᠴᠠ

ᠬᠦᠶᠦᠵᠦ ᠲᠡᠳᠡᠨ ᠳᠤ ᠠᠯᠢᠪᠡ ᠶᠢ ᠪᠡᠯᠡᠬᠡᠨ ᠪᠤᠯᠭᠠᠬᠤ ᠨᠢ ᠰᠤᠷᠤᠭᠴᠢᠳ ᠲᠤ ᠠᠪᠴᠤ ᠬᠡᠯᠡᠪᠡᠯ ᠲᠠᠭᠠᠯᠠᠮᠵᠢᠲᠠᠢ ᠬᠡᠳᠡᠭ

ᠪᠤᠯᠪᠠᠴᠤ ᠳᠡᠳᠡᠨ ᠤ ᠬᠤᠪᠢ ᠪᠡᠶ᠎ᠡ ᠶᠢᠨ ᠬᠦᠭᠵᠢᠯᠲᠡ ᠳᠤ ᠳᠡᠮᠡᠢ ᠠᠰᠢᠭ ᠦᠭᠡᠢ ᠪᠠᠶᠢᠳᠠᠭ᠃ ᠡᠶᠢᠮᠦ ᠠᠴᠠ

ᠰᠤᠷᠤᠭᠴᠢᠳ ᠤᠨ ᠪᠡᠶᠡᠴᠢ ᠴᠢᠳᠠᠮᠠᠭᠠᠢ ᠴᠢᠨᠠᠷ ᠢ ᠪᠠᠳᠠᠷᠠᠭᠤᠯᠵᠤ᠂ ᠬᠢᠵᠦ ᠴᠢᠳᠠᠬᠤ ᠬᠡᠪᠴᠢᠶᠡᠨ ᠳᠤᠲᠤᠷᠠᠬᠢ ᠠᠵᠢᠯ ᠢ

ᠦᠪᠡᠷ ᠤᠨ ᠪᠡᠶ᠎ᠡ ᠪᠠᠷ ᠨᠢ ᠬᠦᠢᠴᠡᠳᠭᠡᠭᠦᠯᠵᠦ ᠪᠠᠶᠢᠪᠠᠯ ᠵᠤᠬᠢᠨ᠎ᠠ᠃ ᠵᠢᠱᠢᠶᠡᠯᠡᠪᠡᠯ᠂ ᠠᠩᠬᠢ ᠶᠢᠨ ᠳᠠᠷᠤᠭ᠎ᠠ

ᠠᠩᠬᠢ ᠪᠠᠨ ᠵᠤᠬᠢᠶᠠᠨ ᠪᠠᠶᠢᠭᠤᠯᠵᠤ ᠡᠯ᠎ᠡ ᠵᠦᠢᠯ ᠤᠨ ᠬᠦᠳᠡᠯᠭᠡᠭᠡᠨ ᠳᠤ ᠤᠷᠤᠯᠴᠠᠬᠤ᠂ ᠵᠢᠵᠢᠬᠦᠷ ᠴᠡᠪᠡᠷᠯᠡᠭᠡ ᠶᠢᠨ

ᠠᠵᠢᠯ ᠢ ᠪᠠᠭᠰᠢ ᠪᠠᠷ ᠶᠠᠷᠢᠭᠤᠯᠬᠤ ᠦᠭᠡᠢ ᠪᠠᠷ ᠤᠬᠠᠮᠰᠠᠷ ᠠᠴᠠ ᠪᠠᠨ ᠬᠢᠯᠠᠯᠵᠠᠲᠠᠯ᠎ᠠ ᠪᠡᠶᠡᠯᠡᠬᠦᠯᠬᠦ᠂ ᠨᠦᠬᠦᠳ

ᠵᠠᠭᠤᠷ᠎ᠠ ᠶᠢᠨ ᠵᠦᠷᠢᠴᠡᠯ ᠢᠶᠠᠨ ᠦᠪᠡᠷᠰᠡᠳ ᠢᠶᠠᠨ ᠡᠪᠯᠢᠭ ᠰᠠᠶᠢᠬᠠᠨ ᠰᠢᠢᠳᠪᠦᠷᠢᠯᠡᠵᠦ ᠴᠢᠳᠠᠬᠤ᠂ ᠮᠡᠳᠡᠬᠦ ᠦᠭᠡᠢ

ᠴᠢᠳᠠᠬᠤ ᠦᠭᠡᠢ ᠵᠦᠢᠯ ᠢᠶᠠᠨ ᠪᠡᠶ᠎ᠡ ᠪᠠᠨ ᠳᠠᠭᠠᠭᠠᠨ ᠠᠰᠠᠭᠤᠨ ᠰᠤᠷᠠᠵᠤ ᠠᠪᠬᠤ᠂ ᠠᠩᠬᠢ ᠶᠢᠨ ᠬᠦᠳᠡᠯᠬᠡᠬᠡᠨ ᠢ

ᠲᠦᠯᠦᠪᠯᠡᠬᠦ ᠪᠠ ᠵᠤᠬᠢᠶᠠᠨ ᠪᠠᠶᠢᠭᠤᠯᠬᠤ ᠬᠡᠬᠦ ᠮᠡᠲᠦ᠃ ᠵᠠᠷᠢᠮ ᠰᠤᠷᠤᠭᠴᠢ ᠲᠠᠷᠢᠬᠢ ᠬᠤᠷᠴᠠ ᠪᠦᠭᠡᠳ ᠠᠪᠢᠶᠠᠰᠯᠢᠭ

ᠪᠠᠶᠢᠳᠠᠭ᠂ ᠭᠡᠪᠡᠴᠦ ᠡᠭᠦᠨ ᠢ ᠪᠠᠨ ᠢᠯᠡᠷᠡᠭᠦᠯᠬᠦ ᠢᠳᠡᠭᠡᠯ ᠵᠤᠷᠢᠭ ᠭᠡᠵᠦ ᠦᠭᠡᠢ ᠪᠠᠶᠢᠳᠠᠭ᠃ ᠡᠨᠡ ᠦᠶ᠎ᠡ ᠳᠤ

ᠠᠩᠬᠢ ᠶᠢᠨ ᠡᠷᠬᠢᠯᠡᠭᠴᠢ ᠶᠢᠨ ᠦᠢᠯᠡᠳᠦᠯ ᠪᠠᠰᠠ ᠲᠤᠩ ᠴᠢᠬᠤᠯᠠ᠃ ᠡᠶᠢᠮᠦ ᠰᠤᠷᠤᠭᠴᠢᠳ ᠲᠤ ᠪᠢᠳᠡ ᠵᠠᠪᠰᠢᠶᠠᠨ

ᠤᠯᠭᠤᠬᠤ ᠬᠡᠷᠡᠭᠲᠡᠢ᠂ ᠵᠤᠷᠢᠬᠵᠢᠭᠤᠯᠤᠯ ᠬᠠᠶᠢᠷᠠᠯᠠᠬᠤ ᠬᠡᠷᠡᠭᠲᠡᠢ᠂ ᠦᠪᠡᠷ ᠤᠨ ᠪᠡᠶ᠎ᠡ ᠶᠢᠨ ᠦᠨ᠎ᠡ ᠦᠷᠳᠡᠭ ᠢ ᠨᠢ

ᠲᠠᠨᠢᠭᠤᠯᠬᠤ ᠬᠡᠷᠡᠭᠲᠡᠢ᠃ ᠲᠡᠳᠡᠨ ᠢ ᠢᠳᠡᠭ ᠢᠳᠡᠭ ᠢᠶᠠᠷ ᠢᠳᠡᠪᠬᠢᠲᠠᠢ ᠰᠡᠳᠬᠢᠵᠦ ᠵᠤᠷᠢᠭᠲᠠᠢ ᠤᠷᠤᠯᠳᠤᠬᠤ ᠵᠦᠭ

ᠬᠦᠲᠦᠯᠦᠨ ᠰᠢᠨ᠎ᠡ ᠶᠢ ᠡᠭᠦᠳᠬᠦ ᠴᠢᠳᠠᠪᠤᠷᠢ ᠶᠢ ᠨᠢ ᠬᠦᠮᠦᠵᠢᠬᠦᠯᠵᠦ ᠪᠤᠯᠤᠨ᠎ᠠ᠃

      ᠲᠠᠪᠤ᠂ ᠠᠩᠬᠢ ᠶᠢᠨ ᠡᠷᠬᠢᠯᠡᠭᠴᠢ ︽ᠨᠢᠭᠡ ᠶᠢ ᠴᠦ ᠤᠷᠭᠢᠭᠳᠠᠭᠤᠯᠬᠤ ᠦᠭᠡᠢ︾ ᠪᠠᠶᠢᠬᠤ ᠶᠢ ᠤᠮᠳᠤᠭᠠᠶᠢᠯᠠᠵᠤ

ᠪᠤᠯᠬᠤ ᠦᠭᠡᠢ

      ︽ᠠᠪᠤ ᠶᠢᠨ ᠬᠦᠦ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ︾ ᠭᠡᠳᠡᠭᠴᠢᠯᠡᠨ ᠠᠪᠤ ᠠᠪᠤ ᠶᠢᠨ

ᠬᠡᠦᠬᠡᠳ ᠲᠤ ᠶᠡᠭᠡ ᠴᠦ ᠭᠡᠰᠡᠨ ᠪᠠᠭ᠎ᠠ ᠴᠦ ᠭᠡᠰᠡᠨ ᠠᠳᠠᠯᠢ ᠪᠤᠰᠤ ᠶᠢᠨ ᠬᠦᠴᠢᠷᠳᠡᠯ ᠴᠦᠮ ᠪᠠᠶᠢᠬᠤ ᠨᠢ ᠳᠠᠮᠵᠢᠭ

ᠦᠭᠡᠢ᠃ ᠬᠡᠪᠡᠴᠦ ᠪᠢᠳᠡ ᠬᠡᠦᠬᠡᠳ ᠢᠶᠠᠨ ᠬᠠᠶᠠᠬᠤ ᠦᠭᠡᠢ᠂ ᠭᠤᠯᠤᠬᠤ ᠦᠭᠡᠢ᠂ ᠢᠯᠭᠠᠬᠤ ᠦᠭᠡᠢ᠂

ᠤᠮᠳᠤᠭᠠᠶᠢᠯᠠᠬᠤ ᠦᠭᠡᠢ ᠪᠠᠶᠢᠵᠤ ᠡᠷᠬᠡ ᠲᠡᠭᠰᠢ᠂ ᠡᠶ᠎ᠡ ᠨᠠᠶᠢᠷᠠᠮᠳᠠᠭᠤ᠂ ᠨᠦᠬᠦᠷᠰᠡᠭ ᠲᠤᠳᠤᠨᠤ᠂ ᠪᠠᠶᠠᠷ

ᠪᠠᠭ᠋ᠠᠲᠤᠯ ᠲᠠᠢ᠂ ᠬᠠᠶᠢᠷ᠎ᠠ ᠪᠢᠯᠬᠠᠭᠰᠠᠨ ᠬᠦᠮᠦᠨ ᠢ ᠬᠦᠮᠦᠵᠢᠭᠦᠯᠬᠦ ᠤᠷᠴᠢᠨ ᠢ ᠪᠦᠲᠦᠭᠡᠵᠦ ︽ᠨᠢᠭᠡ ᠶᠢ ᠴᠦ

ᠣᠷᠭᠢᠭᠳᠠᠭᠤᠯᠬᠤ ᠦᠭᠡᠢ︾ ᠪᠠᠶᠢᠬᠤ ᠶᠢ ᠪᠠᠲᠤᠯᠠᠨ᠎ᠠ᠃ ᠡᠨᠡ ᠭᠦ ᠡᠬᠦᠷᠭᠡ ᠶᠢ ᠪᠡᠶᠡᠯᠡᠬᠦᠯᠬᠦ ᠳᠤ ᠪᠢᠳᠡ ᠬᠠᠮᠤᠭ ᠤᠨ

ᠲᠦᠷᠦᠬᠦᠦ ᠰᠤᠷᠤᠭᠴᠢ ᠪᠠᠨ ᠪᠦᠬᠦ ᠲᠠᠯ᠎ᠠ ᠪᠠᠷ ᠤᠶᠢᠯᠠᠭᠠᠨ᠎ᠠ᠃ ᠬᠡᠦᠬᠡᠳ ᠲᠠᠢ ᠰᠡᠳᠬᠢᠯ ᠢᠶᠠᠨ ᠶᠠᠷᠢᠯᠴᠠᠨ᠎ᠠ᠂

ᠭᠡᠷ ᠤᠨ ᠠᠬᠠᠮᠠᠳ ᠲᠠᠢ ᠬᠠᠷᠢᠴᠠᠨ᠎ᠠ᠂ ᠡᠭᠦᠨ ᠤ ᠤᠯᠠᠮ ᠠᠴᠠ ᠳᠡᠳᠡᠨ ᠤ ᠪᠡᠶ᠎ᠡ ᠳᠡᠭᠡᠷ᠎ᠡ ᠤᠷᠤᠰᠢᠵᠤ ᠪᠠᠶᠢᠭ᠎ᠠ

ᠬᠦᠴᠢᠷᠳᠡᠯ ᠪᠠ ᠳᠡᠳᠡᠨ ᠤ ᠰᠡᠳᠬᠢᠯ ᠤᠨ ᠡᠭᠡᠳᠡᠷᠡᠭᠡᠨ ᠢ ᠭᠦᠢᠴᠡᠳ ᠤᠶᠢᠯᠠᠭᠠᠵᠤ ᠬᠠᠮᠤᠭ ᠤᠨ ᠲᠤᠬᠢᠷᠠᠮᠵᠢᠲᠠᠢ ᠠᠷᠭ᠎ᠠ

ᠬᠡᠮᠵᠢᠶ᠎ᠠ ᠶᠢ ᠪᠤᠳᠤᠨ ᠭᠡᠦᠭᠡᠳ ᠤᠨ ᠰᠡᠳᠬᠢᠯ ᠤᠨ ᠳᠠᠷᠤᠭᠠᠰᠤ ᠶᠢ ᠬᠦᠩᠭᠡᠯᠡᠵᠦ ᠦᠭᠭᠦᠨ᠎ᠡ᠃ ᠲᠤᠰᠬᠠᠢ ᠰᠡᠳᠦᠪᠲᠦ

ᠠᠩᠬᠢ ᠶᠢᠨ ᠬᠤᠷᠠᠯ ᠬᠢᠭᠦ ᠪᠤᠶᠤ ᠶᠡᠷᠦ ᠶᠢᠨ ᠴᠠᠭ ᠤᠨ ᠪᠤᠲᠠᠲᠤ ᠠᠵᠢᠯᠯᠠᠭ᠎ᠠ ᠪᠠᠷ ᠢᠶᠠᠨ ᠪᠠᠭᠰᠢ ᠨᠠᠷ ᠪᠠ ᠬᠠᠮᠲᠦ

ᠨᠦᠬᠦᠳ ᠤᠨ ᠬᠠᠶᠢᠷ᠎ᠠ ᠬᠠᠯᠠᠮᠵᠢ ᠶᠢ ᠤᠶᠢᠯᠠᠭᠠᠭᠤᠯᠵᠦ ᠮᠡᠳᠡᠭᠦᠯᠦᠨ ᠬᠠᠯᠠᠭᠤᠨ ᠲᠤᠯᠠᠭᠠᠨ ᠢ ᠤᠯᠭᠤᠵᠤ ᠲᠡᠳᠡ

ᠨᠠᠷ ᠲᠤ ︽ᠪᠢ ᠬᠦᠴᠢᠷ ᠠᠴᠠ ᠠᠶᠤᠬᠤ ᠦᠭᠡᠢ᠂ ᠨᠠᠳᠠ ᠳᠤ ᠴᠢᠩᠭ᠎ᠠ ᠬᠦᠴᠦᠲᠡᠢ ᠲᠦᠰᠢᠭ ᠪᠠᠶᠢᠨ᠎ᠠ︾ ᠭᠡᠰᠡᠨ

ᠰᠡᠳᠬᠢᠭᠳᠡᠯ ᠢ ᠪᠤᠢ ᠪᠤᠯᠭᠠᠵᠤ ᠦᠭᠭᠦᠨ᠎ᠡ᠃

      ᠮᠢᠨᠦ ᠤᠳᠤ ᠶᠢᠨ ᠡᠷᠭᠢᠯᠡᠵᠦ ᠪᠠᠶᠢᠭ᠎ᠠ ᠠᠩᠬᠢ ᠳᠤ ᠨᠢᠬᠡ ᠪᠢᠴᠢᠬᠠᠨ ᠬᠦᠦ ᠪᠠᠶᠢᠨ᠎ᠠ᠂ ᠲᠡᠷᠡ ᠲᠤᠩ ᠤᠬᠠᠭᠠᠨ

ᠲᠤᠮᠤᠭ᠎ᠠ ᠲᠠᠢ ᠪᠦᠭᠡᠳ ᠴᠢᠷᠮᠠᠶᠢᠯᠭ᠎ᠠ ᠰᠠᠶᠢᠲᠠᠢ᠂ ᠭᠡᠵᠢᠶᠡᠲᠡ ᠬᠠᠮᠠᠷ ᠳᠡᠭᠡᠷ᠎ᠡ ᠪᠠᠨ ᠬᠦᠯᠦᠰᠦ ᠪᠤᠷᠴᠠᠭᠯᠠᠭᠤᠯᠴᠢᠬᠠᠭᠰᠠᠨ

ᠴᠢᠷᠮᠠᠶᠢᠳᠠᠭ᠃ ᠭᠡᠪᠡᠴᠦ ᠪᠠᠭ᠎ᠠ ᠤᠳᠠᠭᠠᠯᠢᠭ᠂ ᠰᠤᠷᠤᠯᠭ᠎ᠠ ᠳᠤ ᠪᠠᠨ ᠬᠠᠷᠢᠴᠠᠩᠭᠤᠢ ᠪᠠᠷ ᠬᠦᠴᠢᠷᠳᠡᠵᠦ ᠪᠠᠶᠢᠳᠠᠭ᠂

ᠠᠮᠢᠳᠤᠷᠠᠯ ᠨᠢ ᠬᠦᠴᠢᠷᠲᠡᠢ᠂ ᠠᠪᠤ ᠡᠵᠢ ᠨᠢ ᠪᠠᠰᠠ ᠤᠷᠤᠭ ᠰᠠᠯᠤᠭᠰᠠᠨ ᠤᠴᠢᠷ ᠠᠴᠠ ᠰᠡᠳᠬᠢᠯ ᠳᠤ ᠪᠠᠨ

ᠳᠠᠷᠤᠭᠠᠰᠤ ᠲᠠᠢ ᠪᠠᠶᠢᠯ᠎ᠠ᠃ ᠪᠢ ᠲᠡᠬᠦᠨ ᠲᠠᠢ ᠦᠷᠬᠦᠯᠵᠢ ᠰᠡᠳᠬᠢᠯ ᠢᠶᠠᠨ ᠶᠠᠷᠢᠯᠴᠠᠳᠠᠭ᠂ ᠵᠤᠷᠢᠬᠵᠢᠭᠤᠯᠤᠯ

ᠬᠠᠶᠢᠷᠠᠯᠠᠳᠠᠭ᠂ ᠪᠠᠰᠠ ᠮᠠᠭᠳᠠᠳᠠᠭ᠃ ᠪᠠᠭ᠎ᠠ ᠰᠠᠭ᠎ᠠ ᠠᠮᠲᠠ ᠲᠠᠢ ᠢᠲᠡᠭᠡᠨ᠂ ᠬᠠᠴᠢᠨ ᠰᠤᠨᠢᠨ ᠪᠢᠴᠢᠭ ᠤᠨ ᠬᠡᠷᠡᠭᠰᠡᠯ

ᠵᠡᠷᠭᠡ ᠶᠢ ᠰᠡᠮᠡᠭᠡᠷ ᠦᠭᠳᠡᠭ ᠪᠠᠶᠢᠭᠰᠠᠨ᠃ ᠲᠡᠷᠡ ᠪᠦᠷ ᠴᠦ ᠪᠠᠶᠠᠷ ᠭᠦᠷ ᠲᠠᠢ ᠪᠠᠷ ᠦᠷᠯᠦᠬᠡ ᠪᠤᠯᠭᠠᠨ ᠨᠠᠮ᠎ᠠ ᠶᠢ

ᠲᠤᠰᠤᠭᠠᠳ ᠢᠷᠡᠳᠡᠭ ᠶᠤᠮ᠃ ᠨᠦᠬᠦᠭᠡ ᠲᠠᠯ᠎ᠠ ᠪᠠᠷ ᠪᠢ ᠪᠠᠰᠠ ᠲᠡᠭᠦᠨ ᠤ ᠡᠵᠢ ᠠᠪᠤ ᠲᠠᠢ ᠨᠢ ᠦᠷᠬᠦᠯᠵᠢ

ᠬᠠᠷᠢᠯᠴᠠᠳᠠᠭ ᠶᠤᠮ᠃ ᠲᠠ ᠬᠤᠶᠠᠷ ᠤᠷᠤᠬ ᠰᠠᠯᠤᠭᠰᠠᠨ ᠴᠦ ᠮᠢᠨᠦ ᠰᠤᠷᠤᠭᠴᠢ ᠶᠢ ᠬᠠᠶᠢᠷ᠎ᠠ ᠪᠠᠷ ᠳᠤᠲᠠᠭᠤᠯᠵᠤ

ᠪᠤᠯᠬᠤ ᠦᠭᠡᠢ ᠬᠡᠵᠦ ᠱᠠᠭᠠᠷᠳᠠᠵᠤ ᠶᠠᠷᠢᠳᠠᠭ ᠪᠠᠶᠢᠭᠰᠠᠨ᠂ ᠮᠦᠨ ᠴᠦ ᠡᠨᠡ ᠤᠴᠢᠷ ᠤᠨ ᠲᠡᠭᠦᠨ ᠳᠤ ᠠᠪᠴᠢᠷᠠᠬᠤ

ᠠᠰᠢᠭ ᠬᠤᠤᠷ ᠢ ᠦᠷᠭᠦᠯᠵᠢ ᠶᠠᠷᠢᠳᠠᠭ ᠪᠠᠶᠢᠭᠰᠠᠨ ᠶᠤᠮ᠃ ᠲᠡᠷᠡ ᠬᠦᠦ ᠠᠪᠤ ᠪᠠᠨ ᠳᠠᠭᠠᠭᠰᠠᠨ ᠪᠣᠯᠬᠤᠷ ᠡᠵᠢ ᠶᠢ ᠨᠢ

ᠦᠷᠭᠦᠯᠵᠢ ᠢᠷᠡᠵᠦ ᠬᠦᠦ ᠪᠠᠨ ᠦᠵᠡᠵᠦ ᠪᠠᠶᠢᠭᠠᠷᠠᠢ ᠭᠡᠵᠦ ᠰᠠᠨᠠᠭᠤᠯᠤᠭᠰᠠᠨ ᠶᠤᠮ᠃ ᠢᠩᠭᠢᠭᠡᠳ ᠲᠡᠭᠦᠨ ᠤ ᠡᠵᠢ ᠨᠢ

ᠬᠤᠶᠠᠷ ᠭᠠᠷᠠᠭ ᠪᠤᠯᠤᠭᠰᠠᠭᠠᠷ ᠢᠷᠡᠵᠦ ᠬᠦᠦ ᠪᠠᠨ ᠲᠤᠰᠴᠤ ᠠᠪᠠᠴᠢᠳᠠᠭ ᠶᠤᠮ᠃ ᠡᠨᠡ ᠰᠤᠷᠤᠭᠴᠢ ᠶᠢᠨ ᠤᠴᠢᠷ ᠠᠴᠠ

ᠪᠢ᠂ ᠨᠢᠬᠡ ᠠᠩᠬᠢ ᠶᠢᠨ ᠡᠷᠬᠢᠯᠡᠭᠴᠢ ᠬᠦᠮᠦᠨ ᠰᠤᠷᠤᠭᠴᠢ ᠶᠢᠨ ᠢᠶᠠᠨ ᠲᠦᠯᠦᠭᠡ ᠲᠡᠬᠦᠨ ᠤ ᠠᠪᠤ ᠡᠵᠢ ᠶᠢᠨ ᠬᠢ ᠨᠢ

ᠲᠤᠮᠳᠠ ᠵᠤᠬᠢᠬᠤ ᠬᠤᠯᠪᠤᠭᠠᠰᠤ ᠬᠦᠬᠦᠷᠭᠡ ᠶᠢᠨ ᠤᠶᠢᠯᠡᠳᠦᠯ ᠭᠠᠷᠭᠠᠵᠤ ᠪᠤᠯᠤᠨ᠎ᠠ ᠭᠡᠳᠡᠭ ᠢ ᠨᠡᠩ ᠬᠦᠨᠵᠡᠬᠡᠢ

ᠤᠶᠢᠯᠠᠭᠠᠭᠰᠠᠨ ᠶᠤᠮ᠃

      ᠵᠢᠷᠭᠤᠭ᠎ᠠ᠂ ᠠᠩᠬᠢ ᠶᠢᠨ ᠡᠷᠬᠢᠯᠡᠭᠴᠢ ᠤᠨᠴᠠᠭᠠᠢ ᠴᠠᠭ ᠦᠶ᠎ᠡ ᠳᠤ ᠤᠨᠴᠠᠭᠠᠢ ᠤᠴᠢᠷ ᠶᠠᠪᠤᠳᠠᠯ ᠢ ᠦᠷ᠎ᠡ

ᠠᠰᠢᠭ ᠲᠠᠢ ᠠᠮᠢᠳᠤᠯᠢᠭ ᠰᠠᠶᠢᠬᠠᠨ ᠰᠢᠢᠳᠪᠦᠷᠢᠯᠡᠵᠦ ᠦᠭᠬᠦ ᠴᠢᠬᠤᠯᠠᠲᠠᠢ

      ᠡᠨᠡ ᠤᠳᠠᠭᠠᠨ ᠤ ᠬᠢᠵᠢᠭ ᠤᠨ ᠬᠤᠭᠤᠴᠠᠭ᠎ᠠ ᠪᠤᠯ ᠨᠢᠬᠡ ᠤᠨᠴᠠᠭᠠᠢ ᠴᠠᠭ ᠦᠶ᠎ᠡ ᠮᠦᠨ᠃ ᠪᠢᠳᠡ

ᠰᠦᠯᠵᠢᠶ᠎ᠡ ᠪᠠᠷ ᠳᠠᠮᠵᠢᠨ ᠰᠤᠷᠲᠠᠯ ᠤᠬᠠᠭᠤᠯᠭ᠎ᠠ ᠶᠢᠨ ᠠᠵᠢᠯ ᠢ ᠤᠯᠠᠨ ᠬᠢᠭᠰᠡᠨ ᠮᠦᠷᠲᠡᠭᠡᠨ ᠰᠦᠯᠵᠢᠶ᠎ᠡ ᠪᠠᠷ ᠳᠠᠮᠵᠢᠨ

ᠬᠢᠴᠢᠶᠡᠯ ᠤᠷᠤᠭᠰᠠᠨ ᠶᠤᠮ᠃ ᠡᠨᠡ ᠶᠠᠪᠤᠴᠠ ᠳᠤ ᠪᠠᠰᠠ ᠤᠯᠠᠨ ᠬᠦᠴᠢᠷᠳᠡᠯ ᠭᠠᠷᠤᠭᠰᠠᠨ ᠶᠤᠮ᠃ ᠵᠢᠱᠢᠶᠡᠯᠡᠪᠡᠯ᠂

ᠰᠦᠯᠵᠢᠶᠡᠨ ᠲᠤᠬᠢᠶ᠎ᠠ ᠠᠨᠠᠢ ᠠᠴᠠ ᠪᠤᠯᠵᠤ ᠬᠢᠴᠢᠶᠡᠯ ᠢ ᠦᠷ᠎ᠡ ᠠᠰᠢᠭ ᠲᠠᠢ ᠰᠤᠨᠤᠰᠴᠤ ᠴᠢᠳᠠᠬᠤ ᠦᠭᠡᠢ

ᠬᠡᠦᠬᠡᠳ ᠤᠳ ᠢ ᠭᠠᠴᠢᠭᠳᠠᠭᠤᠯᠵᠤ ᠵᠤᠪᠠᠭᠠᠭᠰᠠᠨ᠂ ᠰᠤᠷᠤᠭᠴᠢᠳ ᠰᠦᠯᠵᠢᠶᠡᠨ ᠬᠢᠴᠢᠶᠡᠯ ᠢ ᠤᠮᠳᠤᠭᠠᠶᠢᠯᠠᠵᠤ ᠠᠮᠠ

ᠬᠠᠭᠠᠵᠤ ᠠᠯᠪᠠ ᠬᠠᠰᠢᠬᠤ ᠵᠡᠷᠭᠡ ᠪᠠᠶᠢᠳᠠᠯ ᠪᠦᠷ ᠢᠯᠡᠷᠡᠵᠦ ᠪᠠᠶᠢᠯ᠎ᠠ᠃ ᠡᠨᠡ ᠦᠶ᠎ᠡ ᠳᠤ ᠠᠩᠬᠢ ᠶᠢᠨ ᠡᠷᠬᠢᠯᠡᠭᠴᠢ

ᠪᠠᠰᠠ ᠵᠤᠬᠢᠬᠤ ᠦᠢᠯᠡᠳᠦᠯ ᠢ ᠭᠠᠷᠭᠠᠵᠤ ᠪᠤᠯᠤᠨ᠎ᠠ᠃ ᠨᠢᠭᠡ ᠲᠠᠯ᠎ᠠ ᠪᠠᠷ ᠰᠡᠳᠬᠢᠴᠡ ᠶᠢᠨ ᠲᠠᠶᠢᠳᠬᠤᠷᠤᠭᠤᠯᠤᠯ ᠬᠢᠵᠦ

ᠰᠡᠳᠬᠢᠯ ᠤᠨ ᠡᠭᠡᠳᠡᠷᠡᠭᠡ ᠡᠷᠡᠭᠡᠯᠵᠡᠯ ᠢ ᠨᠢ ᠠᠷᠢᠯᠭᠠᠵᠤ ᠦᠭᠴᠦ ᠪᠤᠯᠤᠨ᠎ᠠ᠂ ᠨᠦᠬᠦᠬᠡ ᠲᠠᠯ᠎ᠠ ᠪᠠᠷ ᠪᠠᠰᠠ ᠵᠤᠬᠢᠬᠤ

ᠱᠠᠭᠠᠷᠳᠠᠯᠭ᠎ᠠ ᠶᠢ ᠲᠠᠯᠪᠢᠬᠤ ᠪᠤᠶᠤ ᠬᠦᠮᠦᠵᠢᠯ ᠢ ᠬᠢᠵᠦ ᠬᠢᠴᠢᠶᠡᠯ ᠤᠨ ᠦᠷ᠎ᠡ ᠠᠰᠢᠭ ᠢ ᠪᠠᠲᠤᠯᠠᠵᠤ ᠪᠤᠯᠤᠨ᠎ᠠ᠃

      ᠶᠠᠭᠤ ᠬᠡᠯᠡᠭᠰᠡᠨ ᠴᠦ ᠠᠩᠬᠢ ᠶᠢᠨ ᠡᠷᠬᠢᠯᠡᠭᠴᠢ ᠪᠤᠯ ᠨᠢᠬᠡ ᠠᠩᠬᠢ ᠨᠢᠭᠡᠴᠢ ᠶᠢᠨ ᠵᠤᠬᠢᠶᠠᠨ ᠪᠠᠶᠢᠭᠤᠯᠤᠭᠴᠢ᠂

ᠤᠳᠤᠷᠢᠳᠤᠭᠴᠢ᠂ ᠬᠠᠮᠢᠶᠠᠷᠤᠭᠴᠢ᠂ ᠳᠠᠭᠠᠭᠤᠯᠤᠭᠴᠢ᠃ ᠨᠢᠭᠡ ᠠᠩᠬᠢ ᠨᠢᠭᠡᠴᠢ ᠶᠢᠨ ᠳᠠᠪᠰᠢᠯᠲᠠ ᠬᠦᠭᠵᠢᠯᠲᠠ ᠪᠠ

ᠰᠤᠷᠤᠭᠴᠢ ᠨᠢᠬᠡ ᠪᠦᠷᠢ ᠶᠢᠨ ᠳᠠᠪᠰᠢᠯᠲᠠ ᠬᠦᠭᠵᠢᠯᠲᠠ ᠳᠤ ᠠᠩᠬᠢ ᠶᠢᠨ ᠡᠷᠬᠢᠯᠡᠭᠴᠢ ᠶᠢᠨ ᠦᠢᠯᠡᠳᠦᠯ ᠨᠦᠯᠦᠭᠡ

ᠲᠤᠩ ᠴᠢᠬᠤᠯᠠ ᠶᠤᠮ᠃ ᠡᠶᠢᠮᠦ ᠠᠴᠠ ᠪᠢᠳᠡ ᠦᠪᠡᠷ ᠤᠨ ᠡᠬᠦᠷᠭᠡ ᠬᠠᠷᠢᠭᠤᠴᠠᠯᠭ᠎ᠠ ᠪᠠᠨ ᠭᠦᠢᠴᠡᠳ ᠲᠠᠨᠢᠵᠤ

︽ᠠᠵᠢᠯ ᠠᠴᠠ ᠪᠠᠨ ᠲᠤᠷᠰᠢᠯᠭ᠎ᠠ ᠤᠯᠵᠤ᠂ ᠠᠯᠳᠠᠭ᠎ᠠ ᠠᠴᠠ ᠪᠠᠨ ᠰᠤᠷᠭᠠᠮᠵᠢ ᠤᠯᠤᠨ︾ ᠦᠪᠡᠷ ᠤᠨ ᠪᠡᠶ᠎ᠡ ᠳᠤ ᠪᠠᠨ

ᠲᠠᠰᠤᠷᠠᠯᠲᠠ ᠦᠭᠡᠢ ᠰᠢᠬᠦᠮᠵᠢᠯᠡᠯ ᠪᠠ ᠬᠢᠨᠠᠯᠲᠠ ᠶᠢ ᠲᠠᠯᠪᠢᠵᠦ ᠡᠳᠦᠷ ᠠᠴᠠ ᠡᠳᠦᠷ ᠦᠭᠡᠳᠡᠯᠡᠨ ᠳᠠᠪᠰᠢᠬᠤ

ᠴᠢᠬᠤᠯᠠᠲᠠᠢ᠃

      ᠠᠵᠢᠯᠯᠠᠵᠤ ᠪᠠᠶᠢᠭ᠎ᠠ ᠪᠠᠶᠢᠭᠤᠯᠭ᠎ᠠ᠄ ᠬᠡᠰᠢᠭᠲᠡᠨ ᠬᠤᠰᠢᠭᠤᠨ ᠤ ᠪᠠᠶᠠᠨᠴᠠᠭᠠᠨ ᠪᠠᠭ᠎ᠠ ᠰᠤᠷᠭᠠᠭᠤᠯᠢ 

                               ︵ᠠᠯᠳᠠᠨᠰᠦ᠋ᠭᠡ ᠨᠠᠶᠢᠷᠠᠭᠤᠯᠪᠠ︶

                               2023.2 ᠳ᠋ᠤᠭᠠᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map