ᠡᠷᠢᠯᠭᠢᠯᠠᠯ
ᠨᠡᠶᠢᠲᠡᠯᠡᠭᠰᠡᠨ ᠴᠠᠭ᠄
2023/10/18
                       ᠴᠤᠷᠵᠢ

教师世界-1.png

      2022 ᠤᠨ ᠤ ᠨᠠᠮᠤᠷ ᠠᠴᠠ ᠪᠢ ᠲᠠᠬᠢᠭᠠᠳ ᠠᠩᠬ᠎ᠠ ᠨᠢᠭᠡᠳᠤᠭᠡᠷ ᠤᠨ ᠳᠤ ᠬᠢᠴᠢᠶᠡᠯ ᠵᠢᠭᠠᠵᠠᠢ᠃ ᠨᠡᠩ

ᠪᠤᠳᠠᠳᠠᠢ ᠰᠢᠬ ᠭᠡᠯᠡᠪᠡᠯ ᠠᠩᠬ᠎ᠠ ᠨᠢᠭᠡᠳᠤᠭᠡᠷ ᠤᠨ ᠤ ᠨᠢᠭᠡᠳᠤᠭᠡᠷ ᠠᠩᠬᠢ ᠶᠢᠨ ᠲᠤᠭᠠᠨ ᠤ ᠤᠬᠠᠭᠠᠨ ᠢ ᠨᠢ ᠵᠢᠭᠠᠭᠰᠠᠨ

ᠶᠤᠮ᠃ ᠠᠩᠬ᠎ᠠ ᠲᠤᠮᠳᠠᠳᠤ ᠳᠤ ᠨᠠᠶᠢᠳᠠᠮ ᠬᠢᠴᠢᠶᠡᠯ ᠵᠢᠭᠠᠵᠤ ᠪᠠᠶᠢᠭᠰᠠᠨ ᠪᠤᠯ ᠠᠷᠠᠢ ︽ᠲᠠᠬᠢᠭᠠᠳ︾ ᠭᠡᠵᠦ ᠭᠡᠯᠡᠭᠦ

ᠦᠭᠡᠢ ᠳᠤ ᠪᠤᠯᠴᠢᠬᠠᠨ᠎ᠠ᠃ ᠠᠩᠬ᠎ᠠ ᠲᠤᠮᠳᠠᠳᠤ ᠳᠤ ︽ᠪᠠᠶᠠᠷᠳᠠᠢ︾ ᠭᠡᠳ ᠨᠢᠭᠡᠨᠳᠠ 22 ᠵᠢᠯ ᠦᠡᠭᠭᠡᠷᠡᠴᠢᠭᠡᠭᠰᠡᠨ ᠶᠤᠮ

ᠴᠢᠨᠢ ︽ᠲᠠᠬᠢᠭᠠᠳ︾ ᠭᠡᠰᠡᠨ ᠦᠭᠡ ᠶᠢ ᠭᠡᠷᠡᠭᠯᠡᠭᠦ ᠨᠢ ᠬᠠᠮᠤᠭ ᠤᠨ ᠲᠤᠬᠢᠷᠠᠮᠵᠢᠳᠠᠢ᠃ ᠲᠡᠭᠦᠨ ᠠᠴᠠ ᠦᠭᠡᠷ᠎ᠠ ᠬᠠᠪᠤᠳᠠᠢ

ᠦᠭᠡ ᠦᠭᠡᠢ ᠶᠤᠮ ᠰᠢᠬ ᠨᠠᠳᠠ ᠳᠤ ᠰᠠᠨᠠᠭᠳᠠᠯ᠎ᠠ᠃ 22 ᠵᠢᠯ ᠤᠨ ᠲᠠᠷᠳᠡᠭᠡ ︽ᠠᠪᠤ ᠪᠠᠭᠰᠢ︾ ᠪᠤᠯᠴᠢᠬᠠᠵᠠᠢ᠃ 22

ᠵᠢᠯ ᠤᠨ ᠡᠮᠦᠨ᠎ᠠ ᠨᠢᠷᠤᠭᠤ ᠲᠤᠯᠭᠠᠭᠤᠷᠢ ᠪᠤᠯᠵᠤ ᠬᠢᠯᠠᠷᠠᠭᠤᠯᠤᠨ ᠠᠵᠢᠯᠯᠠᠵᠤ ᠪᠠᠶᠢᠭᠰᠠᠨ ᠪᠤᠯ᠂ ᠤᠳᠤ ᠬᠠᠷᠢᠨ ᠲᠠᠮᠢᠷ

ᠲᠠᠷ ᠪᠠᠷᠠᠭᠳᠠᠵᠤ ᠨᠦᠭᠦᠭᠡᠰᠤ ᠪᠤᠶᠤ ᠤᠷᠤᠨᠴᠠᠬ ᠲᠠᠳᠤᠢ ᠯᠡ ᠪᠤᠯᠴᠢᠬᠠᠯ᠎ᠠ᠃ ᠠᠷᠠᠢ ᠰᠤᠷᠭᠠᠭᠤᠯᠢ ᠳᠤ ᠪᠠᠨ ᠲᠡᠭᠡᠭᠡᠷ᠎ᠠ

ᠲᠠᠷᠤᠭᠠᠰᠤ ᠪᠤᠯᠵᠤ ᠦᠭᠡᠢ᠂ ᠦᠴᠦᠭᠡᠨ ᠴᠤ ᠭᠡᠰᠡᠨ ᠲᠤᠰᠠ ᠲᠠᠮᠵᠢᠯᠭᠡ ᠪᠤᠯᠵᠤ ᠪᠠᠶᠢᠭ᠎ᠠ ᠪᠠᠨ ᠪᠤᠳᠤᠪᠠᠯ ᠵᠢᠭᠠᠬᠠᠨ

ᠴᠤ ᠭᠡᠰᠡᠨ ᠪᠠᠶᠠᠰᠴᠤ ᠠᠪᠬᠤ ᠶᠤᠮ᠃

      ᠠᠩᠬ᠎ᠠ ᠨᠢᠭᠡ ᠶᠢᠨ ᠲᠤᠭᠠᠨ ᠤ ᠤᠬᠠᠭᠠᠨ ᠤ ᠠᠭᠤᠯᠭ᠎ᠠ ᠬᠠᠷᠢᠴᠠᠩᠭᠤᠢ ᠪᠠᠷ ᠠᠮᠠᠷ᠂ ᠵᠢᠭᠠᠬᠤ ᠭᠡᠮᠵᠢᠶ᠎ᠠ ᠨᠢ ᠴᠤ

ᠪᠠᠭ᠎ᠠ ᠤᠴᠢᠷ ᠠᠴᠠ ᠰᠤᠷᠤᠭᠴᠢᠳ ᠪᠠᠷᠤᠭ ᠪᠦᠭᠦᠨ ᠢᠶᠠᠷ ᠢᠶᠠᠨ ᠵᠢᠭᠠᠬᠤ ᠵᠦᠢᠯᠠᠰ ᠢ ᠬᠢᠴᠢᠶᠡᠯ ᠤᠨ ᠴᠠᠭ ᠲᠡᠭᠡᠷ᠎ᠠ

ᠤᠢᠢᠯᠠᠭᠠᠵᠤ ᠡᠵᠡᠮᠰᠢᠭᠡᠳ ᠲᠠᠶᠢᠯᠴᠢᠭᠡᠨ᠎ᠠ᠃ ᠭᠡᠳᠡᠯ᠎ᠠ ᠲᠠᠰᠬᠠᠯ ᠲᠠᠭᠠᠭᠠᠯᠭᠠᠪᠤᠷᠢ ᠳᠤ ᠨᠢ ᠬᠠᠷᠢᠨ ᠮᠠᠰᠢ ᠤᠯᠠᠨ

ᠠᠰᠠᠭᠤᠳᠠᠯ ᠤᠷᠤᠰᠢᠵᠤ ᠪᠠᠶᠢᠳᠠᠬ᠃ ᠲᠦᠷᠢᠮᠵᠢᠭᠦᠨ ᠰᠠᠶᠢᠨ ᠪᠠᠶᠠᠯᠡᠭᠦᠯᠳᠡᠭ ᠰᠤᠷᠤᠬᠴᠢ ᠪᠠᠶᠢᠬᠤ ᠳᠤ᠂ ᠬᠠᠰᠢ ᠶᠠᠰᠢ᠂

ᠡᠰᠠᠨ ᠪᠤᠰᠤᠨ᠂ ᠡᠷᠤᠢ ᠬᠤᠷᠤᠢ ᠦᠭᠡᠢ ᠬᠢᠳᠡᠭ ᠰᠤᠷᠤᠭᠴᠢ ᠪᠠᠶᠢᠳᠠᠬ ᠯᠡ ᠮᠦᠷᠳᠡᠭᠡᠨ ᠲᠠᠰᠤᠷᠠᠳᠠᠬ          

ᠦᠭᠡᠢ᠃ ᠴᠢᠨᠠᠭᠰᠢᠯᠠᠨ ᠠᠯᠪᠠ ᠬᠠᠰᠢᠳᠠᠬ ᠰᠤᠷᠤᠭᠴᠢ ᠴᠤ ᠪᠤᠢ᠃ ᠲᠠᠳᠠᠨ ᠤ ᠰᠤᠯᠠ ᠪᠤᠯᠪᠠᠰᠤᠷᠠᠯ ᠳᠡᠭᠡᠷ᠎ᠠ ᠭᠦᠨᠳᠤ

ᠨᠤᠴᠢᠳᠠᠢ ᠠᠰᠠᠭᠤᠳᠠᠯ ᠤᠷᠤᠰᠢᠵᠤ ᠪᠠᠶᠢᠳᠠᠬ ᠴᠤ ᠦᠪᠠᠷ  ᠢᠶᠠᠨ ᠮᠠᠳᠠᠷᠠᠵᠤ ᠲᠠᠶᠢᠯᠳᠡᠭ ᠦᠭᠡᠢ᠂ ᠴᠢᠨᠠᠭᠰᠢᠯᠠᠨ ᠵᠠᠷᠢᠮ

ᠰᠤᠷᠤᠭᠴᠢ ᠦᠪᠠᠷ ᠤᠨ ᠤᠬᠠᠮᠰᠠᠷ ᠠᠴᠠ ᠪᠠᠨ ᠰᠤᠯᠠ ᠰᠠᠳᠤᠪ ᠬᠢᠭᠦ ᠦᠭᠡᠢ ᠲᠤᠷ᠎ᠠ ᠪᠠᠷ ᠢᠶᠠᠨ ᠲᠤᠩᠬᠤᠯᠵᠠᠵᠤ ᠯᠠ

ᠪᠠᠶᠢᠳᠠᠬ᠃ ᠪᠡᠶ᠎ᠠ ᠶᠢᠨ ᠲᠠᠮᠢᠷ ᠤᠨ ᠭᠦᠳᠠᠯᠤᠯ ᠪᠠᠷᠢᠯ ᠢ ᠪᠠᠭᠰᠢ ᠶᠢᠨ ᠵᠢᠭᠠᠬᠤ ᠳᠤ ᠲᠦᠰᠢᠭᠯᠡᠭᠡᠳ ᠴᠢᠳᠠᠴᠢᠬᠠᠬᠤ ᠪᠢᠰᠢ᠂

ᠬᠠᠷᠢᠨ ᠵᠠᠪᠠᠯ ᠦᠪᠠᠰᠤᠪᠠᠨ ᠪᠤᠯᠪᠠᠰᠤᠷᠠᠵᠤ ᠪᠠᠶᠢᠮᠠᠨᠵᠢᠨ ᠰᠠᠶ᠋ᠢ ᠲᠡᠭᠦᠨ ᠳᠤ ᠲᠠᠳᠮᠠᠭᠠᠢ ᠪᠤᠯᠳᠠᠬ᠂ ᠡ᠊ᠨᠡ ᠪᠤᠯ

ᠮᠠᠷᠭᠡᠰᠢᠵᠤ ᠴᠠᠭᠠᠷᠠᠬᠤ ᠴᠤᠷᠢ ᠶᠢᠨ ᠭᠠᠭᠴᠠ ᠠᠷᠭ᠎ᠠ ᠵᠠᠮ ᠮᠦᠨ᠃ ᠡᠭᠦᠨ ᠲᠠᠢ ᠠᠳᠠᠯᠢ ᠪᠠᠷ ᠲᠤᠭᠠᠨ ᠤ ᠤᠬᠠᠭᠠᠨ ᠤ

ᠰᠤᠷᠤᠭᠰᠠᠨ ᠮᠠᠳᠠᠯᠭᠡ ᠶᠢ ᠴᠤ ᠵᠠᠪᠠᠯ ᠰᠠᠳᠤᠪ ᠢᠶᠠᠷ ᠪᠤᠯᠪᠠᠰᠤᠷᠠᠵᠤ ᠪᠠᠳᠤᠳᠬᠠᠬᠤ ᠴᠢᠬᠤᠯᠠᠲᠠᠢ               

ᠪᠠᠶᠢᠳᠠᠬ᠃ ᠲᠠᠰᠬᠠᠯ ᠢᠶᠠᠨ ᠭᠦᠷᠳᠠᠯ᠎ᠠ ᠬᠠᠰᠢ ᠶᠠᠰᠢ ᠬᠢᠭᠡᠳ ᠪᠠᠶᠢᠪᠠᠯ ᠲᠤᠭᠠᠨ ᠤ ᠤᠬᠠᠭᠠᠨ ᠢ ᠰᠠᠶᠢᠨ ᠰᠤᠷᠴᠤ

ᠲᠠᠶᠢᠯᠭᠦ ᠭᠡᠵᠦ ᠤᠤ᠂ ᠲᠤᠭᠠᠨ ᠤ ᠤᠬᠠᠭᠠᠨ ᠤ ᠭᠡᠪ ᠪᠤᠯᠪᠠᠰᠤᠷᠠᠯ ᠨᠢ ᠵᠤᠬᠢᠬᠤ ᠦᠨᠳᠤᠷᠴᠠ ᠳᠤ ᠭᠦᠷᠴᠤ ᠲᠡᠶᠢᠯᠭᠦ

ᠭᠡᠵᠦ ᠤᠤ︖ ᠲᠠᠰᠬᠠᠯ ᠤᠨ ᠰᠠᠳᠤᠪ ᠢ ᠬᠢᠵᠤ ᠴᠢᠳᠠᠬᠤ ᠪᠠ ᠶᠠᠪᠤᠴᠠ ᠶᠢ ᠨᠢ ᠲᠦᠷᠢᠮᠵᠢᠭᠦᠨ ᠪᠢᠴᠢᠵᠤ ᠴᠢᠳᠠᠬᠤ ᠪᠤᠯ

ᠠᠰᠳᠠᠭᠠᠨ ᠪᠠᠶᠢᠳᠠᠬ᠃ ᠤᠯᠤᠭᠰᠠᠨ ᠦᠷ᠎ᠠ ᠳ᠋ᠦᠩ ᠨᠢ ᠵᠦᠪ ᠪᠤᠯᠪᠠᠴᠤ ᠪᠤᠳᠤᠬᠤ ᠶᠠᠪᠤᠴᠠ ᠦᠭᠡᠢ ᠪᠤᠶᠤ ᠲᠤᠳᠠᠭᠤ

ᠲᠤᠷᠭᠤᠨ ᠪᠠᠶᠢᠪᠠᠯ ᠲᠠᠰᠬᠠᠯ ᠢ ᠵᠦᠪ ᠤᠨᠤᠪᠴᠢᠳᠠᠢ ᠬᠢᠭᠰᠡᠨ ᠳᠤ ᠲᠤᠭᠠᠴᠠᠭᠳᠠᠬᠤ ᠦᠭᠡᠢ ᠶᠤᠮ᠃

      ᠲᠠᠭᠡᠳᠤ ᠲᠤᠮᠳᠠᠳᠤ ᠳᠤ ᠬᠢᠴᠢᠶᠡᠯ ᠵᠢᠭᠠᠵᠤ ᠪᠠᠶᠢᠬᠤ ᠳᠤ ᠪᠠᠨ ᠰᠤᠷᠤᠭᠴᠢ ᠶᠢᠨ ᠲᠤᠭᠠᠨ ᠤ ᠤᠬᠠᠭᠠᠨ ᠤ ᠬᠢᠷᠢ

ᠲᠦᠪᠰᠢᠨ ᠲᠤᠤᠷ᠎ᠠ᠂ ᠲᠠᠰᠬᠠᠯ ᠢᠶᠠᠨ ᠬᠢᠵᠤ ᠴᠢᠳᠠᠬᠤ ᠦᠭᠡᠢ ᠪᠤᠶᠤ ᠡᠷᠤᠢ ᠬᠤᠷᠤᠢ ᠦᠭᠡᠢ ᠭᠡᠳᠡᠭ ᠤᠨ ᠤᠴᠢᠷ

ᠰᠢᠯᠳᠠᠭᠠᠨ ᠬᠠᠷᠢᠭᠤᠴᠠᠯᠭ᠎ᠠ ᠶᠢ ᠠᠩᠬ᠎ᠠ ᠲᠤᠮᠳᠠᠳᠤ ᠶᠢᠨ ᠪᠠᠭᠰᠢ ᠳᠤ ᠲᠦᠯᠬᠢᠵᠤ ᠪᠠᠶᠢᠭᠰᠠᠨ ᠪᠤᠯ᠂ ᠤᠳᠤ ᠭᠡᠨ ᠳᠤ

ᠲᠦᠯᠬᠢᠭᠦ ᠪᠤᠢ︖ ᠪᠠᠭ᠎ᠠ ᠰᠤᠷᠭᠠᠭᠤᠯᠢ ᠶᠢᠨ ᠪᠠᠭᠰᠢ ᠳᠤ ᠲᠦᠯᠬᠢᠪᠠᠯ ᠨᠢᠭᠤᠷ ᠤᠯᠠᠶᠢᠬᠤ ᠦᠭᠡᠢ ᠭᠡᠵᠦ          

ᠤᠤ᠃ ᠵᠢᠭᠠᠵᠤ ᠪᠦᠭᠦᠢ ᠠᠩᠬᠢ ᠶᠢᠨ ᠢᠶᠠᠨ ᠲᠤᠭᠠᠨ ᠤ ᠤᠬᠠᠭᠠᠨ ᠤ ᠵᠢᠭᠠᠨ ᠰᠤᠷᠭᠠᠯᠳᠠ ᠶᠢᠨ ᠶᠠᠰᠤ ᠴᠢᠨᠠᠷ ᠢ

ᠰᠠᠶᠢᠵᠢᠷᠠᠭᠤᠯᠬᠤ ᠡᠭᠦᠷᠭᠡ ᠬᠠᠷᠢᠭᠤᠴᠠᠯᠭ᠎ᠠ ᠮᠢᠨᠦᠬᠢ ᠪᠤᠯᠵᠤ᠂ ᠨᠦᠰᠠᠷ ᠭᠦᠨᠳᠤ ᠡᠭᠦᠷᠭᠡ ᠲᠠᠷᠤᠭᠠᠰᠤ ᠲᠠᠯᠤ

ᠮᠦᠷᠦ ᠶᠢ ᠭᠦᠴᠦᠳᠠᠢ ᠳᠠᠷᠤᠵᠠᠢ᠂ ᠨᠤᠭᠤᠷᠠᠵᠤ ᠦᠢᠴᠢᠨ᠎ᠠ ᠤᠤ᠂ ᠲᠤᠯᠵᠤ ᠵᠤᠭᠰᠤᠨ᠎ᠠ ᠤᠤ᠂ ᠮᠢᠨᠦ ᠵᠤᠷᠢᠬ

ᠰᠢᠨᠳᠠᠰᠤ ᠯᠡ ᠮᠠᠳᠡᠭᠰᠡᠨ ᠭᠡᠷᠡᠭ ᠡ︕ ᠲᠠᠭᠠᠭᠠᠵᠤ ᠲᠠᠶᠢᠯᠭᠦ ᠴᠤ ᠶᠠᠭᠠᠮᠠᠢ᠂ ᠨᠠᠳᠠ ᠳᠤ ᠪᠠᠰᠠ ᠯᠡ ᠰᠢᠨ᠎ᠠ

ᠡᠬᠢᠯᠠᠯᠳᠠ᠂ ᠰᠢᠨ᠎ᠠ ᠡᠷᠢᠯᠬᠢᠯᠠᠯ ᠪᠤᠯᠤᠭᠰᠠᠨ ᠪᠠᠶᠢᠬᠤ ᠦᠭᠡᠢ ᠤᠤ ᠳ᠋ᠠ︕

      ᠲᠠᠰᠬᠠᠯ ᠤᠨ ᠠᠰᠠᠭᠤᠳᠠᠯ ᠢ ᠬᠢᠴᠢᠶᠡᠯ ᠲᠡᠭᠡᠷ᠎ᠠ ᠰᠢᠢᠳᠪᠤᠷᠢᠯᠡᠵᠤ ᠪᠤᠯᠳᠠᠬ ᠴᠤ ᠦᠷ᠎ᠠ ᠠᠰᠢᠬ ᠨᠢ ᠲᠠᠶᠢᠮᠦ

ᠰᠠᠶᠢᠨ ᠪᠢᠰᠢ ᠶᠤᠮ᠃ ᠲᠠᠰᠬᠠᠯ ᠲᠠᠭᠠᠭᠠᠯᠭᠠᠪᠤᠷᠢ ᠪᠠᠨ ᠰᠠᠶᠢᠳᠤᠷ ᠪᠠᠶᠠᠯᠠᠭᠦᠯᠳᠡᠭ ᠰᠤᠷᠤᠭᠴᠢ ᠳᠤ ᠲᠠᠰᠬᠠᠯ ᠤᠨ

ᠠᠰᠠᠭᠤᠳᠠᠯ ᠢ ᠨᠢ ᠰᠢᠢᠳᠪᠤᠷᠢᠯᠡᠭᠦ ᠴᠢᠬᠤᠯᠠ ᠦᠭᠡᠢ᠂ ᠬᠢᠭᠰᠡᠨ ᠲᠠᠰᠬᠠᠯ ᠳᠤ ᠨᠢ ᠦᠨᠠᠨ ᠭᠦ ᠠᠰᠠᠭᠤᠳᠠᠯ ᠤᠷᠤᠰᠢᠵᠤ

ᠪᠠᠶᠢᠭᠰᠠᠨ ᠴᠤ ᠪᠠᠭᠰᠢ ᠶᠢᠨ ᠬᠢᠨᠠᠵᠤ ᠵᠠᠰᠠᠭᠰᠠᠨ ᠢᠶᠠᠷ ᠦᠪᠠᠷᠰᠡᠳ ᠢᠶᠠᠨ ᠵᠠᠯᠠᠷᠠᠭᠤᠯᠴᠢᠬᠠᠭᠠᠳ ᠲᠠᠬᠢᠭᠠᠳ

ᠲᠦᠷᠢᠮᠵᠢᠭᠦᠨ ᠰᠠᠶᠢᠬᠠᠨ ᠬᠢᠴᠢᠭᠡᠨ᠎ᠠ᠃ ᠬᠠᠰᠢ ᠶᠠᠰᠢ ᠬᠢᠭᠰᠡᠳ ᠲᠤ ᠭᠡᠴᠢᠨᠠᠭᠡᠨ ᠲᠦᠷᠢᠮᠵᠢᠭᠦᠨ ᠰᠠᠶᠢᠨ ᠬᠢᠵᠤ

ᠦᠭᠭᠦᠭᠰᠡᠨ ᠤ ᠲᠠᠷᠠᠭ᠎ᠠ ᠬᠠᠭᠤᠯᠤᠭᠤᠯᠵᠤ ᠪᠢᠴᠢᠭᠦᠯᠦᠭᠰᠡᠨ ᠴᠤ ᠲᠠᠷᠠᠭᠠᠴᠢ ᠶᠢᠨ ᠲᠠᠰᠬᠠᠯ ᠲᠡᠭᠡᠷ᠎ᠠ ᠪᠠᠨ ᠮᠦᠨ ᠡᠭᠡᠭᠡ

ᠠᠳᠠᠯᠢ ᠠᠯᠳᠠᠭ᠎ᠠ ᠶᠢ ᠲᠠᠪᠳᠠᠨ ᠭᠠᠷᠭᠠᠳᠠᠬ᠃ ᠤᠨᠴᠠᠭᠠᠢᠢᠯᠠᠨ ᠶᠠᠪᠤᠴᠠ ᠪᠢᠴᠢᠭᠦ ᠦᠭᠡᠢ᠂ ᠵᠦᠪᠭᠡᠨ ᠦᠷ᠎ᠠ ᠳ᠋ᠦᠩ ᠢ ᠨᠢ

ᠪᠢᠴᠢᠳᠡᠭ ᠪᠤᠶᠤ ᠶᠠᠪᠤᠴᠠ ᠶᠢ ᠲᠤᠳᠠᠭᠤ ᠲᠤᠷᠭᠤᠨ ᠪᠢᠴᠢᠳᠡᠭ ᠠᠰᠠᠭᠤᠳᠠᠯ ᠢᠶᠠᠨ ᠦᠪᠠᠰᠤᠪᠠᠨ ᠮᠠᠳᠠᠷᠠᠵᠤ ᠲᠠᠶᠢᠯᠳᠡᠭ

ᠦᠭᠡᠢ᠂ ᠭᠡᠳᠡᠷᠭᠦ ᠪᠠᠨ ᠬᠠᠷᠢᠨ ︽ᠵᠦᠪ ᠬᠢᠯ᠎ᠠ︾ ᠭᠡᠵᠦ ᠦᠵᠠᠳᠡᠭ ᠶᠤᠮ᠃ ᠢᠡᠭᠬᠢᠭᠦ ᠪᠠᠷ ᠢᠶᠠᠨ ᠲᠠᠳᠠ ᠬᠢᠴᠢᠶᠡᠯ

ᠲᠡᠭᠡᠷ᠎ᠠ ᠲᠠᠰᠬᠠᠯ ᠤᠨ ᠠᠰᠠᠭᠤᠳᠠᠯ ᠢ ᠨᠢ ᠰᠢᠢᠳᠪᠤᠷᠢᠯᠠᠵᠤ ᠦᠭᠭᠦ ᠳᠤ ᠰᠤᠨᠤᠰᠬᠤ ᠭᠡᠵᠦ ᠤᠤ᠂ ᠦᠪᠠᠷ ᠤᠨ

ᠤᠬᠠᠮᠰᠠᠷ ᠠᠴᠠ ᠪᠠᠨ ᠲᠦᠷᠢᠮᠵᠢᠭᠦᠨ ᠰᠢᠯᠢᠳᠡᠭ ᠲᠠᠰᠬᠠᠯ ᠢ ᠯᠠᠪᠯᠠᠬᠤ ᠭᠡᠵᠦ ᠤᠤ᠂ ᠯᠠᠪᠯᠠᠭᠰᠠᠨ ᠴᠤ ᠵᠦᠷᠢᠶ᠎ᠠ ᠪᠠᠨ

ᠤᠯᠵᠤ ᠲᠠᠶᠢᠯᠭᠦ ᠭᠡᠵᠦ ᠤᠤ᠂ ᠴᠢᠨᠠᠭᠰᠢᠯᠠᠨ ᠦᠪᠠᠷ ᠤᠨ ᠬᠢᠭᠰᠡᠨ ᠢᠶᠠᠨ ᠰᠢᠯᠢᠳᠡᠭ ᠲᠠᠰᠬᠠᠯ ᠲᠠᠢ ᠡᠭᠡᠭᠡ ᠠᠳᠠᠯᠢ ᠭᠡᠵᠦ

ᠦᠵᠠᠳᠡᠭ ᠰᠤᠷᠤᠭᠴᠢ ᠴᠤ ᠪᠤᠢ᠃ ᠡᠨᠡ ᠨᠢ ᠵᠦᠪᠭᠡᠨ ᠲᠠᠳᠠᠨ ᠤ ᠲᠤᠭᠠᠨ ᠤ ᠤᠬᠠᠭᠠᠨ ᠤ ᠬᠢᠷᠢ ᠲᠦᠪᠰᠢᠨ ᠲᠤᠤᠷ᠎ᠠ

ᠪᠠᠶᠢᠭ᠎ᠠ ᠲᠠᠳᠤᠢ ᠳᠤ ᠯᠠ ᠪᠠᠶᠢᠭ᠎ᠠ ᠪᠢᠰᠢ᠂ ᠮᠦᠨ ᠴᠤ ᠲᠤᠭᠠᠨ ᠤ ᠤᠬᠠᠭᠠᠨ ᠤ ᠮᠠᠳᠠᠷᠠᠮᠵᠢ ᠠᠨᠠᠢ ᠪᠠᠶᠢᠭ᠎ᠠ ᠶᠢᠨ

ᠢᠯᠠᠷᠠᠯ ᠮᠦᠨ᠃ ᠲᠤᠭᠠᠨ ᠤ ᠤᠬᠠᠭᠠᠨ ᠤ ᠮᠠᠳᠠᠷᠠᠮᠵᠢ ᠲᠠᠢ ᠪᠤᠯᠭᠠᠬᠤ ᠨᠢ ᠲᠤᠭᠠᠨ ᠤ ᠤᠬᠠᠭᠠᠨ ᠤ ᠬᠢᠷᠢ

ᠲᠦᠪᠰᠢᠨ ᠢ ᠦᠨᠳᠤᠷᠵᠢᠭᠦᠯᠭᠦ ᠠᠴᠠ ᠭᠦᠴᠢᠷ ᠪᠠᠶᠢᠳᠠᠬ᠃

      ᠲᠠᠰᠬᠠᠯ ᠤᠨ ᠠᠰᠠᠭᠤᠳᠠᠯ ᠢ ᠭᠤᠤᠯᠳᠠᠭᠤ ᠰᠤᠯᠠ ᠰᠠᠯᠠᠭᠦᠦ ᠴᠠᠭ ᠢᠶᠠᠷ ᠰᠢᠢᠳᠪᠤᠷᠢᠯᠡᠨ᠎ᠠ᠃ ᠡᠳᠤᠷ ᠡᠳᠤᠷ

ᠰᠢᠢᠳᠪᠤᠷᠢᠯᠠᠨ᠎ᠠ᠃ ᠲᠠᠰᠬᠠᠯ ᠢᠶᠠᠨ ᠲᠦᠷᠢᠮᠵᠢᠭᠦᠨ ᠬᠢᠵᠤ ᠲᠠᠶᠢᠯᠭᠦ ᠲᠠᠳᠬᠠᠯ ᠲᠠᠢ ᠪᠤᠯᠳᠠᠯ᠎ᠠ ᠰᠢᠢᠳᠪᠤᠷᠢᠯᠡᠨ᠎ᠠ᠃ ᠵᠠᠷᠢᠮ

ᠰᠤᠷᠤᠴᠢ ᠶᠢᠨ ᠲᠠᠰᠬᠠᠯ ᠳᠤ ᠤᠷᠤᠰᠢᠵᠤ ᠪᠠᠶᠢᠭ᠎ᠠ ᠠᠰᠠᠭᠤᠳᠠᠯ ᠢ ᠨᠢᠭᠡ ᠬᠤᠶᠠᠷ ᠤᠳᠠᠭ᠎ᠠ ᠵᠢᠭᠠᠨ ᠵᠢᠯᠤᠭᠤᠳᠪᠠᠯ

ᠪᠤᠯᠴᠢᠬᠠᠬᠤ ᠳᠤ᠂ ᠵᠠᠷᠢᠮ ᠳᠤ ᠨᠢ ᠮᠤᠨᠳᠠᠬ ᠴᠠᠭ ᠵᠠᠷᠤᠴᠠᠭᠤᠯᠳᠠᠬ᠃ ᠨᠢᠭᠡ ᠭᠠᠷᠠᠭ᠂ ᠨᠢᠭᠡ ᠰᠠᠷ᠎ᠠ᠂ ᠨᠢᠭᠡ

ᠰᠤᠷᠤᠯᠭ᠎ᠠ ᠶᠢᠨ ᠬᠤᠭᠤᠴᠠᠭ᠎ᠠ᠂ ᠨᠢᠭᠡ ᠵᠢᠯ ᠭᠡᠷᠡᠭᠰᠡᠵᠦ ᠮᠠᠳᠠᠨ᠎ᠠ᠃ ᠴᠢᠨᠠᠭᠰᠢᠯᠠᠨ ᠠᠩᠬ᠎ᠠ ᠲᠤᠮᠳᠠᠳᠤ ᠪᠠᠨ ᠲᠡᠭᠦᠰᠭᠦ

ᠪᠤᠯᠳᠠᠯ᠎ᠠ ᠲᠡᠭᠦᠨ ᠲᠠᠢ ᠨᠤᠤᠷᠠᠯᠳᠤᠵᠤ ᠮᠠᠳᠠᠨ᠎ᠠ᠃ ᠲᠠᠰᠬᠠᠯ ᠢᠶᠠᠨ ᠬᠢᠵᠤ ᠴᠢᠳᠠᠬᠤ ᠦᠭᠡᠢ ᠪᠤᠶᠤ ᠡᠰᠠᠨ ᠪᠤᠰᠤᠨ

ᠭᠢᠳᠡᠭ ᠰᠤᠷᠤᠭᠴᠢ ᠳᠤ ᠰᠢᠯᠢᠳᠡᠭ ᠲᠦᠷᠢᠮᠵᠢᠭᠦᠨ ᠲᠠᠰᠬᠠᠯ  ᠢ ᠦᠵᠠᠭᠦᠯᠵᠤ ᠤᠢᠢᠯᠠᠭᠠᠭᠰᠠᠨ ᠤ ᠲᠠᠷᠠᠭ᠎ᠠ ᠲᠠᠬᠢᠵᠤ

ᠬᠢᠯᠭᠡᠨ᠎ᠠ᠃ ᠦᠵᠡᠭᠡᠳ ᠤᠢᠢᠯᠠᠭᠠᠬᠤ ᠦᠭᠡᠢ ᠪᠤᠶᠤ ᠲᠠᠬᠢᠵᠤ ᠬᠢᠭᠰᠡᠨ ᠴᠤ ᠮᠦᠨ ᠲᠦᠷᠢᠮᠵᠢᠭᠦᠨ ᠬᠢᠵᠤ ᠴᠢᠳᠠᠬᠤ

ᠦᠭᠡᠢ ᠪᠠᠶᠢᠪᠠᠯ ᠪᠠᠭᠰᠢ ᠭᠡᠯᠡᠵᠦ ᠰᠤᠷᠤᠭᠴᠢ ᠪᠠᠷ ᠭᠦᠢᠴᠡᠳᠭᠡᠯᠭᠡᠭᠦ ᠮᠠᠶ᠋ᠢᠬ ᠢᠶᠠᠷ ᠵᠢᠭᠠᠵᠤ ᠵᠢᠯᠤᠭᠤᠳᠬᠤ ᠶᠢᠨ

ᠵᠠᠷᠭᠡᠳᠠ ᠶᠤᠰᠤ ᠤᠴᠢᠷ ᠢ ᠨᠢ ᠪᠠᠶᠢᠨ ᠲᠠᠬᠢᠨ ᠲᠠᠶᠢᠯᠪᠤᠷᠢᠯᠠᠵᠤ ᠲᠤᠳᠤᠳᠬᠠᠨ᠎ᠠ᠃ ᠢᠡᠭᠬᠢᠪᠠᠯ ᠲᠠᠳᠠᠨ ᠢ ᠰᠠᠳᠤᠪ ᠬᠢᠭᠦ

ᠠᠷᠭ᠎ᠠ ᠲᠠᠮ ᠲᠠᠢ ᠪᠤᠯᠭᠠᠵᠤ ᠮᠠᠳᠠᠨ᠎ᠠ᠃ ᠲᠤᠭᠠᠨ ᠤ ᠤᠬᠠᠭᠠᠨ ᠤ ᠮᠠᠳᠠᠷᠠᠮᠵᠢ ᠲᠠᠢ ᠪᠤᠯᠭᠠᠵᠤ ᠮᠠᠳᠠᠨ᠎ᠠ᠃ ᠶᠠᠷᠢᠶᠠᠨ

ᠦᠭᠡᠢ ᠰᠤᠷᠤᠭᠰᠠᠨ ᠠᠭᠤᠯᠭ᠎ᠠ ᠳᠤ ᠪᠠᠨ ᠪᠠᠯᠠᠷᠬᠠᠢ ᠪᠠᠶᠢᠪᠠᠯ ᠲᠠᠭᠦᠨ ᠢ ᠨᠢ ᠴᠤ ᠨᠦᠭᠦᠵᠤ ᠦᠭᠭᠦ ᠭᠡᠷᠡᠭᠳᠠᠢ          

ᠳ᠋ᠠ᠃ ᠰᠤᠷᠬᠤ ᠲᠠᠳᠬᠠᠯ ᠪᠦᠷᠢᠯᠳᠤᠭᠡᠳᠤᠢ ᠪᠤᠶᠤ ᠰᠤᠷᠬᠤ ᠤᠪᠤᠷ ᠲᠤᠳᠤ ᠪᠤᠰᠤ ᠰᠤᠷᠤᠭᠴᠢ ᠳᠤ ᠠᠪᠴᠤ ᠭᠡᠯᠡᠪᠡᠯ

ᠨᠢᠭᠡ ᠭᠡᠳᠤ ᠤᠳᠠᠭ᠎ᠠ ᠶᠢᠨ ᠵᠢᠭᠠᠨ ᠵᠢᠯᠤᠭᠤᠳᠤᠯᠭ᠎ᠠ ᠳᠤ ᠲᠠᠰᠬᠠᠯ ᠢᠶᠠᠨ ᠲᠠᠬᠢᠭᠠᠳ ᠲᠦᠷᠢᠮᠵᠢᠭᠦᠨ ᠰᠠᠶᠢᠬᠠᠨ ᠬᠢᠭᠡᠳ

ᠲᠠᠶᠢᠯᠴᠢᠭᠡᠭᠦ ᠴᠤ ᠪᠢᠰᠢ᠃ ᠡᠳᠤᠷ ᠪᠤᠯᠭᠠᠨ ᠴᠦᠭᠡᠨ ᠪᠤᠰᠤ ᠰᠤᠷᠤᠭᠴᠢ ᠶᠢ ᠲᠤᠰᠠᠭᠠᠷ ᠨᠢ ᠵᠢᠭᠠᠨ ᠵᠢᠯᠤᠭᠤᠳᠬᠤ

ᠭᠡᠭᠴᠢ ᠭᠡᠯᠡᠭᠦ ᠳᠤ ᠠᠮᠠᠷ ᠪᠤᠯᠪᠠᠴᠤ ᠬᠢᠭᠦ ᠳᠤ ᠬᠠᠷᠢᠨ ᠮᠠᠰᠢ ᠭᠦᠴᠢᠷ ᠪᠠᠶᠢᠳᠠᠬ᠃ ᠦᠭᠡᠷ᠎ᠠ ᠶᠢ ᠭᠡᠯᠡᠭᠦ ᠦᠭᠡᠢ ᠡᠳᠤᠷ

ᠪᠦᠷᠢ ᠵᠢᠭᠠᠨ ᠵᠢᠯᠤᠭᠤᠳᠬᠤ ᠴᠠᠭ ᠤᠯᠬᠤ ᠨᠢ ᠴᠤ ᠲᠠᠶᠢᠮᠦ ᠬᠢᠯᠪᠠᠷᠬᠠᠨ ᠶᠠᠪᠤᠳᠠᠯ ᠪᠢᠰᠢ ᠳ᠋ᠠ᠃ ᠡᠶᠢᠮᠦ ᠲᠠᠶᠢᠮᠦ

ᠰᠢᠯᠳᠠᠭᠠᠨ ᠠᠴᠠ ᠪᠤᠯᠵᠤ ᠪᠠᠭᠰᠢ ᠰᠤᠯᠠᠷᠠᠬᠤ ᠳᠤ ᠭᠦᠷᠪᠡᠯ ᠤᠷᠤᠰᠬᠠᠭᠰᠠᠨ ᠭᠦᠴᠦ ᠭᠦᠯᠦᠰᠤ ᠴᠤ ᠲᠠᠯᠠᠭᠠᠷ

ᠬᠤᠭᠤᠰᠤᠨ ᠪᠤᠯᠵᠤ ᠮᠠᠳᠠᠨ᠎ᠠ᠃ ᠮᠠᠨ ᠤ ᠵᠠᠷᠢᠮ ᠵᠠᠯᠠᠭᠤ ᠢᠳᠠᠷ ᠪᠠᠭᠰᠢ ᠵᠦᠪᠭᠡᠨ ᠰᠤᠷᠤᠭᠴᠢ ᠶᠢᠨ ᠢᠶᠠᠨ

ᠲᠠᠰᠬᠠᠯ ᠤᠨ ᠠᠰᠠᠭᠤᠳᠠᠯ ᠢ ᠨᠢ ᠪᠢᠰᠢ᠂ ᠬᠢᠴᠢᠶᠡᠯ ᠲᠡᠭᠡᠷ᠎ᠠ ᠤᠢᠢᠯᠠᠭᠠᠵᠤ ᠡᠵᠡᠮᠰᠢᠭᠰᠡᠨ ᠦᠭᠡᠢ ᠶᠢ ᠨᠢ ᠴᠤ ᠰᠤᠯᠠ

ᠰᠠᠯᠠᠭᠦᠦ ᠴᠠᠭ ᠢᠶᠠᠷ ᠢᠶᠠᠨ ᠵᠢᠭᠠᠨ ᠵᠢᠯᠤᠭᠤᠳᠴᠤ ᠰᠤᠷᠬᠤ ᠤᠷᠮ᠎ᠠ ᠶᠢ ᠨᠢ ᠭᠦᠭᠵᠢᠭᠡᠵᠦ ᠰᠤᠷᠤᠯᠭ᠎ᠠ ᠶᠢᠨ ᠬᠢᠷᠢ

ᠭᠡᠮᠵᠢᠶ᠎ᠠ  ᠶᠢ ᠨᠢ ᠲᠡᠭᠡᠭᠰᠢᠯᠡᠭᠦᠯᠦᠭᠰᠡᠨ ᠢᠶᠠᠷ ᠪᠠᠷᠠᠬᠤ ᠦᠭᠡᠢ ᠰᠤᠷᠤᠭᠴᠢ ᠶᠢ ᠰᠤᠷᠭᠠᠵᠤ ᠭᠦᠮᠦᠵᠢᠭᠦᠯᠭᠦ ᠦᠪᠠᠷᠮᠢᠴᠠ

ᠠᠷᠭ᠎ᠠ ᠲᠤᠷᠰᠢᠯᠭ᠎ᠠ ᠶᠢ ᠬᠤᠷᠠᠮᠳᠤᠭᠤᠯᠤᠭᠰᠠᠨ ᠶᠤᠮ᠃ ᠰᠦᠰᠦ ᠵᠤᠷᠢᠬ ᠨᠢ ᠪᠢᠰᠢᠷᠠᠭᠦᠰᠢᠳᠠᠢ᠂ ᠵᠢᠳᠭᠦᠯ

ᠴᠢᠷᠮᠠᠶᠢᠯᠭ᠎ᠠ ᠨᠢ ᠰᠤᠷᠤᠯᠴᠠᠭᠤᠰᠢᠳᠠᠢ᠂ ᠦᠢᠯᠠᠰ ᠪᠦᠳᠦᠭᠡᠯ ᠨᠢ ᠭᠦᠨᠳᠤᠳᠭᠡᠭᠦᠰᠢᠳᠠᠢ᠂ ᠠᠷᠭ᠎ᠠ ᠲᠤᠷᠰᠢᠯᠭ᠎ᠠ ᠨᠢ

ᠲᠦᠭᠡᠮᠡᠯᠵᠢᠯᠠᠭᠦᠰᠢᠳᠠᠢ᠃

      ᠡᠶᠢᠮᠦ ᠲᠠᠶᠢᠮᠦ ᠰᠢᠯᠳᠠᠭᠠᠨ ᠠᠴᠠ ᠪᠤᠯᠵᠤ ᠠᠩᠬ᠎ᠠ ᠲᠤᠮᠳᠠᠳᠤ ᠳᠤ ᠰᠤᠷᠤᠯᠭ᠎ᠠ ᠪᠠᠨ ᠤᠷᠬᠢᠭᠰᠠᠨ ᠲᠠᠭᠡᠳᠤ

ᠲᠤᠮᠳᠠᠳᠤ ᠶᠢᠨ ᠵᠠᠷᠢᠮ ᠰᠤᠷᠤᠭᠴᠢ ︽ᠰᠤᠷᠤᠶ᠎ᠠ︾ ᠭᠡᠰᠡᠨ ᠪᠤᠳᠤᠯ ᠤᠷᠤᠭᠠᠳ ᠴᠢᠷᠮᠠᠶᠢᠨ ᠰᠤᠷᠤᠯᠴᠠᠵᠤ ᠡᠬᠢᠯᠠᠳᠡᠭ ᠴᠤ

ᠲᠠᠭᠡᠭᠰᠢᠯᠠᠯᠳᠠ ᠨᠢ ᠮᠠᠰᠢ ᠠᠯᠭᠤᠷ ᠤᠳᠠᠭᠠᠨ ᠪᠠᠶᠢᠳᠠᠬ᠂ ᠴᠢᠨᠠᠭᠰᠢᠯᠠᠨ ᠰᠤᠷᠴᠤ ᠲᠠᠶᠢᠯᠭᠦ ᠦᠭᠡᠢ          

ᠪᠤᠯᠴᠢᠬᠠᠵᠠᠢ᠃ ᠲᠡᠭᠡᠳᠤ ᠲᠤᠮᠳᠠᠳᠤ ᠶᠢᠨ ᠰᠤᠷᠤᠭᠴᠢ ᠲᠠᠢ ᠬᠠᠷᠢᠴᠠᠭᠤᠯᠪᠠᠯ ᠠᠩᠬ᠎ᠠ ᠨᠢᠭᠡ ᠶᠢᠨ ᠰᠤᠷᠤᠭᠴᠢ ᠰᠤᠷᠴᠤ

ᠲᠠᠶᠢᠯᠭᠦ ᠦᠭᠡᠢ ᠪᠢᠰᠢ᠂ ᠬᠠᠷᠢᠨ ᠰᠤᠷᠬᠤ ᠦᠭᠡᠢ ᠪᠤᠶᠤ ᠰᠤᠷᠬᠤ ᠪᠠᠨ ᠮᠠᠳᠠᠭᠦ ᠦᠭᠡᠢ ᠪᠠᠶᠢᠳᠠᠬ᠃ ᠨᠢᠵᠡᠭᠡᠳ

ᠲᠤᠭᠠᠨ ᠤ ᠰᠤᠷᠤᠭᠴᠢ ᠶᠠᠭᠠᠬᠢᠵᠤ ᠰᠤᠷᠤᠨ᠎ᠠ᠂ ᠭᠡᠷᠬᠢᠨ ᠴᠢᠷᠮᠠᠶᠢᠨ᠎ᠠ ᠭᠡᠳᠡᠭ ᠢ ᠰᠠᠨᠠᠭᠠᠨ  ᠳᠤ ᠪᠠᠨ ᠠᠪᠬᠤ ᠦᠭᠡᠢ

ᠪᠠᠶᠢᠳᠠᠬ᠃ ᠢᠡᠭᠭᠢᠭᠦ ᠪᠠᠷ ᠢᠶᠠᠨ ᠠᠩᠬ᠎ᠠ ᠨᠢᠭᠡ ᠶᠢᠨ ᠰᠤᠷᠤᠭᠴᠢ ᠳᠤ ᠵᠢᠭᠠᠬᠤ ᠭᠡᠭᠴᠢ ᠵᠦᠪᠭᠡᠨ ᠠᠭᠤᠯᠭ᠎ᠠ ᠵᠢᠭᠠᠬᠤ

ᠲᠠᠳᠤᠢ ᠯᠡ ᠪᠢᠰᠢ᠂ ᠨᠠᠩ ᠴᠢᠬᠤᠯᠠ ᠨᠢ ᠰᠤᠷᠬᠤ ᠦᠭᠡᠢ ᠶᠢ ᠰᠤᠷᠬᠤ ᠪᠤᠯᠭᠠᠬᠤ᠂ ᠰᠤᠷᠬᠤ ᠪᠠᠨ ᠮᠠᠳᠠᠭᠦ ᠪᠤᠯᠭᠠᠨ

ᠭᠦᠮᠦᠵᠢᠭᠦᠯᠭᠦ ᠳᠤ ᠪᠠᠶᠢᠭ᠎ᠠ ᠶᠤᠮ᠃ ᠬᠢᠴᠢᠶᠡᠯ ᠲᠡᠭᠡᠷᠡᠬᠢ ᠢᠯᠠᠷᠠᠯ ᠲᠤᠪᠤᠶᠢᠮ᠎ᠠ ᠪᠢᠰᠢ ᠪᠤᠯᠪᠠᠴᠤ ᠲᠠᠰᠬᠠᠯ

ᠲᠠᠭᠠᠭᠠᠯᠭᠠᠪᠤᠷᠢ ᠪᠠᠨ ᠨᠠᠷᠢᠨ ᠬᠢᠨᠠᠮᠠᠭᠠᠢ ᠪᠠᠶᠠᠯᠠᠭᠦᠯᠳᠡᠭ᠃ ᠲᠠᠰᠬᠠᠯ ᠤᠨ ᠠᠯᠳᠠᠭ᠎ᠠ ᠪᠤᠷᠤᠭᠤ ᠪᠠᠨ ᠴᠠᠭ ᠲᠤᠬᠠᠢ ᠳᠤ ᠨᠢ

ᠵᠠᠯᠠᠷᠠᠭᠤᠯᠵᠤ ᠵᠠᠰᠠᠳᠠᠬ᠂ ᠰᠢᠯᠢᠳᠡᠭ ᠲᠠᠰᠬᠠᠯ ᠢ ᠯᠠᠪᠯᠠᠵᠤ ᠵᠦᠷᠢᠶ᠎ᠠ ᠪᠠᠨ ᠤᠯᠵᠤ ᠲᠠᠶᠢᠯᠳᠡᠭ ᠰᠤᠷᠤᠭᠴᠢ ᠪᠤᠯ

ᠰᠤᠷᠬᠤ ᠪᠠᠨ ᠮᠠᠳᠡᠭᠰᠡᠨ ᠰᠤᠷᠤᠭᠴᠢ ᠶᠤᠮ᠃ ᠲᠠᠰᠬᠠᠯ ᠲᠠᠭᠠᠭᠠᠯᠭᠠᠪᠤᠷᠢ ᠪᠠᠨ ᠲᠠᠩᠳᠠ ᠵᠦᠪ ᠲᠦᠷᠢᠮᠵᠢᠭᠦᠨ

ᠪᠠᠶᠠᠯᠠᠭᠦᠯᠳᠡᠭ ᠮᠦᠷᠳᠡᠭᠡᠨ ᠰᠦᠪᠡᠭᠴᠢᠯᠠᠵᠤ ᠰᠢᠨᠵᠢᠯᠠᠳᠡᠭ ᠰᠤᠷᠤᠭᠴᠢ ᠪᠤᠯ ᠰᠢᠯᠢᠳᠡᠭ ᠰᠠᠶᠢᠨ ᠰᠤᠷᠬᠤ ᠲᠠᠳᠬᠠᠯ ᠢ

ᠦᠨᠳᠤᠰᠤᠨ ᠳᠤ ᠪᠠᠨ ᠪᠦᠷᠢᠯᠳᠤᠭᠦᠯᠦᠭᠰᠡᠨ ᠰᠤᠷᠤᠭᠴᠢ ᠮᠦᠨ᠃ ᠰᠢᠯᠢᠳᠡᠭ ᠰᠠᠶᠢᠨ ᠰᠤᠷᠬᠤ ᠲᠠᠳᠬᠠᠯ ᠢ

ᠪᠦᠷᠢᠯᠳᠤᠭᠦᠯᠦᠭᠰᠡᠨ ᠰᠤᠷᠤᠭᠴᠢ ᠶᠢ ᠪᠠᠶ᠎ᠠ ᠪᠠᠨ ᠲᠠᠭᠠᠭᠠᠵᠤ ᠦᠪᠠᠰᠤᠪᠠᠨ ᠰᠤᠷᠬᠤ ᠪᠠᠷ ᠨᠢ ᠭᠤᠤᠯᠯᠠᠪᠠᠯ          

ᠵᠤᠬᠢᠨ᠎ᠠ᠃ ᠪᠠᠭᠰᠢ ᠵᠦᠪᠭᠡᠨ ᠰᠠᠨᠠᠭᠤᠯᠭ᠎ᠠ ᠵᠢᠯᠤᠭᠤᠳᠤᠯᠭ᠎ᠠ ᠦᠭᠭᠦ ᠪᠤᠶᠤ ᠮᠠᠳᠠᠭ ᠰᠡᠵᠢᠭ ᠢ ᠨᠢ ᠠᠯᠳᠠᠷᠠᠭᠠᠭᠠᠳ

ᠦᠭᠪᠡᠯ ᠪᠤᠯᠴᠢᠬᠠᠨ᠎ᠠ᠃ ᠰᠤᠷᠤᠭᠴᠢᠳ ᠰᠤᠷᠬᠤ ᠪᠠᠨ ᠮᠠᠳᠡᠭᠡᠳ ᠰᠢᠯᠢᠳᠡᠭ ᠰᠠᠶᠢᠨ ᠰᠤᠷᠬᠤ ᠲᠠᠳᠬᠠᠯ ᠲᠠᠢ

ᠪᠤᠯᠴᠢᠬᠠᠪᠠᠯ ᠵᠢᠭᠠᠨ ᠰᠤᠷᠭᠠᠯᠳᠠ ᠠᠶᠠᠨᠳᠠᠭᠠᠨ ᠰᠢᠯᠤᠭᠤᠨ ᠪᠤᠯᠴᠢᠬᠠᠬᠤ ᠦᠭᠡᠢ ᠭᠡᠵᠦ ᠤᠤ᠂ ᠲᠠᠰᠬᠠᠯ ᠤᠨ ᠠᠰᠠᠭᠤᠳᠠᠯ

ᠴᠤ ᠲᠠᠭᠠᠯᠳᠤᠨ ᠰᠢᠢᠳᠪᠤᠷᠢᠯᠡᠭᠳᠡᠴᠢᠭᠡᠭᠦ ᠦᠭᠡᠢ ᠭᠡᠵᠦ ᠤᠤ᠃

      2022 ᠤᠨ ᠤ ᠨᠠᠮᠤᠷ ᠠᠴᠠ ᠵᠢᠭᠠᠭᠰᠠᠨ ᠠᠩᠬ᠎ᠠ ᠨᠢᠭᠡ ᠶᠢᠨ ᠰᠤᠷᠤᠭᠴᠢ ᠪᠠᠨ ᠡᠷᠳᠠ ᠰᠢᠭ ᠰᠤᠷᠬᠤ

ᠵᠠᠮ ᠳᠤ ᠨᠢ ᠤᠷᠤᠭᠤᠯᠵᠤ ᠰᠢᠯᠢᠳᠡᠭ ᠰᠠᠶᠢᠨ ᠰᠤᠷᠬᠤ ᠲᠠᠳᠬᠠᠯ ᠲᠠᠢ ᠪᠤᠯᠭᠠᠨ ᠭᠦᠮᠦᠵᠢᠭᠦᠯᠭᠦ ᠶᠢᠨ ᠲᠦᠯᠦᠭᠡ

ᠰᠤᠷᠭᠠᠭᠤᠯᠢ ᠡᠬᠢᠯᠡᠭᠰᠡᠨ ᠠᠩᠬᠠᠨ ᠤ ᠬᠢᠴᠢᠶᠡᠯ ᠲᠠᠭᠡᠷ᠎ᠠ ᠤᠷᠮᠠᠰᠢᠭᠤᠯᠵᠤ ᠵᠤᠷᠢᠬᠵᠢᠭᠤᠯᠬᠤ ᠪᠠᠷ ᠭᠤᠤᠯᠯᠠᠭᠰᠠᠨ

ᠲᠠᠶᠢᠴᠢᠯᠠᠯᠳᠠ ᠶᠢᠨ ᠬᠢᠴᠢᠶᠡᠯ ᠤᠷᠤᠭᠰᠠᠨ ᠶᠤᠮ᠃ ᠰᠤᠷᠤᠭᠴᠢ ᠶᠢ ᠲᠤᠭᠠᠨ ᠤ ᠤᠬᠠᠭᠠᠨ ᠳᠤ ᠤᠷᠮ᠎ᠠ ᠪᠠᠬ᠎ᠠ ᠲᠠᠢ

ᠪᠤᠯᠭᠠᠬᠤ ᠶᠢᠨ ᠲᠦᠯᠦᠭᠡ 0.9 ᠪᠠ 1 ᠶᠢᠨ ᠶᠡᠭᠡ ᠪᠠᠭ᠎ᠠ ᠶᠢ ᠠᠳᠠᠯᠢᠳᠬᠠᠬᠤ ᠵᠢᠱᠢᠶ᠎ᠠ ᠲᠠᠳᠠᠵᠠᠢ᠃ ᠭᠡᠨ ᠨᠢ

ᠪᠤᠯᠪᠠᠴᠤ 1 ᠨᠢ ᠶᠡᠭᠡ ᠭᠡᠵᠦ ᠬᠠᠷᠢᠭᠤᠯᠳᠠᠬ᠂ ᠭᠡᠪᠡᠴᠤ ᠭᠡᠳᠤᠢ ᠶᠡᠭᠡ ᠶᠢ ᠨᠢ ᠭᠡᠯᠵᠦ ᠲᠠᠶᠢᠯᠭᠦ ᠦᠭᠡᠢ ᠳᠤ ᠪᠠᠨ

ᠭᠡᠴᠡᠭᠦᠦ ᠪᠡᠭᠳᠡᠷᠡᠵᠤ ᠪᠠᠷᠭᠡᠳᠠᠵᠠᠢ᠃ ᠭᠤᠷᠪᠠᠨ ᠤ ᠨᠢᠭᠡ = 0.3 , ᠭᠤᠷᠪᠠᠨ ᠤ ᠨᠢᠭᠡ × 3 = 0.3 × 3 ,

1=0.9 ᠪᠠᠷ 1 ᠪᠠ 0.9 ᠶᠢᠨ ᠬᠠᠷᠢᠯᠴᠠᠨ ᠲᠡᠩᠴᠡᠭᠦ ᠶᠢ ᠲᠤᠳᠤᠷᠬᠠᠢᠢᠯᠠᠵᠤ ᠦᠭᠭᠦᠭᠰᠡᠨ ᠳᠤ ᠰᠤᠷᠤᠭᠴᠢᠳ

ᠮᠠᠰᠢᠳᠠ ᠭᠠᠶᠢᠬᠠᠰᠬᠢᠵᠤ ᠪᠠᠷᠢᠨ ᠲᠤᠭᠠᠨ ᠤ ᠤᠬᠠᠭᠠᠨ ᠳᠤ ᠲᠤᠷ᠎ᠠ ᠰᠤᠨᠢᠷᠬᠠᠯ ᠲᠠᠢ ᠪᠤᠯᠤᠭᠰᠠᠨ ᠰᠢᠬ          

ᠪᠠᠶᠢᠪᠠ᠃ ᠡ᠊ᠨᠡ ᠨᠢ ᠮᠦᠨ ᠴᠤ ᠬᠤᠶᠢᠰᠢᠳᠠ ᠲᠡᠭᠰᠢᠳᠭᠡᠯ ᠢᠶᠠᠷ 1=0.9 ᠶᠢ ᠲᠤᠳᠤᠷᠬᠠᠢᠢᠯᠠᠬᠤ᠂ ᠲᠡᠭᠰᠢᠳᠭᠡᠯ ᠢᠶᠠᠷ

ᠬᠢᠵᠠᠭᠠᠷᠭᠦᠢ ᠦᠶᠡᠯᠡᠭᠦ ᠠᠷᠪᠠᠳᠤ ᠶᠢᠨ ᠪᠤᠳᠠᠷᠬᠠᠢ ᠶᠢ ᠪᠤᠳᠠᠷᠬᠠᠢ ᠪᠤᠯᠭᠠᠨ ᠬᠤᠪᠢᠷᠠᠭᠠᠬᠤ ᠶᠢ ᠵᠢᠭᠠᠬᠤ ᠳᠤ

ᠲᠠᠪᠢᠰᠭᠡᠷᠯᠡᠭᠰᠡᠨ ᠵᠢᠱᠢᠶ᠎ᠠ ᠪᠠᠶᠢᠭ᠎ᠠ ᠶᠤᠮ᠃ ᠲᠤᠭᠠᠨ ᠤ ᠤᠬᠠᠭᠠᠨ  ᠤ ᠦᠢᠯᠠᠳᠤᠯ ᠭᠡᠷᠡᠭᠴᠡᠭᠡ ᠶᠢ ᠤᠯᠠᠮ ᠨᠢᠭᠡ

ᠠᠯᠬᠤᠮ ᠦᠨᠠᠮᠰᠢᠭᠦᠯᠭᠦ ᠶᠢᠨ ᠲᠦᠯᠦᠭᠡ ᠲᠠᠳᠠᠨ ᠤ ᠡᠴᠢᠭᠡ ᠡᠭᠡ ᠪᠤᠶᠤ ᠡᠪᠦᠭᠡ ᠡᠮᠡᠭᠡ ᠨᠠᠷ ᠤᠨ ᠬᠢ ᠨᠢ ᠨᠠᠰᠤ ᠵᠢᠯ ᠢ

ᠲᠠᠭᠠᠪᠤᠷᠢᠯᠠᠬᠤ ᠲᠤᠭᠯᠠᠭᠠᠮ ᠭᠠᠷᠭᠠᠭᠰᠠᠨ ᠪᠢᠯᠡ᠃ ᠠᠩᠬᠠᠨ ᠤ ᠬᠢᠴᠢᠶᠡᠯ ᠲᠡᠭᠡᠷ᠎ᠠ ᠤᠷᠮ᠎ᠠ ᠲᠠᠢ ᠪᠠᠶᠢᠭᠰᠠᠨ ᠵᠠᠷᠢᠮ

ᠰᠤᠷᠤᠭᠴᠢ ᠲᠠᠷᠠᠭᠠᠴᠢ ᠶᠢᠨ ᠬᠢᠴᠢᠶᠡᠯ ᠠᠴᠠ ᠨᠢ ᠦᠨᠠᠨ ᠲᠦᠷᠢ ᠪᠠᠨ ᠢᠯᠠᠷᠠᠭᠦᠯᠵᠠᠢ᠃ ᠡᠨᠡ ᠨᠢ ᠲᠠᠳᠠᠨ ᠤ ᠬᠢᠭᠰᠡᠨ

ᠲᠠᠰᠬᠠᠯ ᠲᠡᠭᠡᠷ᠎ᠠ ᠢᠯᠡ ᠲᠤᠳᠤ ᠬᠠᠷᠠᠭᠳᠠᠨ᠎ᠠ᠃ ᠡᠨᠡ ᠪᠤᠯ ᠰᠤᠷᠬᠤ ᠪᠠᠨ ᠮᠠᠳᠡᠭᠡᠳᠤᠢ ᠶᠢᠨ ᠢᠯᠠᠷᠠᠯ᠂ ᠰᠤᠷᠬᠤ

ᠲᠠᠳᠬᠠᠯ ᠪᠦᠷᠢᠯᠳᠤᠭᠡᠳᠤᠢ ᠶᠢᠨ ᠦᠵᠡᠭᠳᠡᠯ ᠮᠦᠨ᠃ ᠮᠦᠨ ᠴᠤ ᠠᠩᠬ᠎ᠠ ᠨᠢᠭᠡ ᠶᠢᠨ ᠰᠤᠷᠤᠭᠴᠢ ᠶᠢᠨ ᠤᠨᠴᠠᠯᠢᠬ

ᠪᠠᠶᠢᠭ᠎ᠠ ᠳ᠋ᠠ᠃ ᠶᠠᠭᠤ ᠶᠢ ᠴᠤ ᠬᠠᠮᠢᠶᠠᠷᠬᠤ ᠦᠭᠡᠢ ᠵᠢᠭᠠᠳᠠᠬ ᠢᠶᠠᠨ ᠵᠢᠭᠠᠭᠠᠳ ᠶᠠᠪᠤᠪᠠᠯ ᠲᠦᠳᠠᠯ ᠦᠭᠡᠢ ᠰᠤᠷᠴᠤ

ᠲᠠᠶᠢᠯᠭᠦ ᠪᠠᠨ ᠪᠤᠯᠢᠭᠰᠠᠨ ᠰᠤᠷᠤᠭᠴᠢ ᠤᠯᠠᠰᠢᠷᠠᠬᠤ ᠯᠡ ᠭᠡᠵᠦ ᠮᠠᠳᠠ︕ ᠲᠠᠳᠠᠨ ᠢ ᠰᠤᠷᠬᠤ ᠪᠠᠨ ᠮᠠᠳᠠᠭᠦ ᠪᠤᠯᠭᠠᠬᠤ᠂

ᠰᠠᠳᠤᠪ ᠢ ᠲᠦᠷᠢᠮᠵᠢᠭᠦᠨ ᠪᠤᠳᠤᠬᠤ ᠲᠠᠳᠬᠠᠯ ᠲᠠᠢ ᠪᠤᠯᠭᠠᠬᠤ ᠶᠢᠨ ᠲᠦᠯᠦᠭᠡ ᠰᠤᠯᠠ ᠰᠡᠯᠡᠭᠦᠦ ᠴᠠᠭ ᠤᠯᠳᠠᠳᠠᠭ ᠲᠤ

ᠭᠦᠷᠪᠡᠯ ᠨᠢᠭᠡᠳ ᠨᠢᠭᠡ ᠪᠠᠷ ᠰᠢᠢᠳᠪᠤᠷᠢᠯᠡᠵᠦ ᠡᠬᠢᠯᠠᠪᠠ᠃ ᠡᠷᠬᠢᠯᠳᠠ ᠭᠠᠷᠴᠤ ᠪᠠᠶᠢᠭ᠎ᠠ ᠰᠤᠷᠤᠭᠴᠢ ᠪᠠᠶᠢᠪᠠᠴᠤ ᠶᠠᠬ

ᠬᠤᠪᠢᠷᠠᠯᠳᠠ ᠭᠠᠷᠬᠤ ᠦᠭᠡᠢ ᠰᠤᠷᠤᠭᠴᠢ ᠪᠠᠰᠠ ᠨᠠᠯᠢᠶᠠᠳ ᠭᠡᠳᠤ ᠪᠠᠶᠢᠵᠤ᠂ ᠠᠷᠭ᠎ᠠ ᠠᠭᠠᠰᠢ ᠶᠢ ᠭᠡᠴᠡᠭᠦᠦ

ᠪᠠᠷᠠᠭᠳᠠᠭᠤᠯᠬᠤ ᠶᠢ ᠭᠡᠯᠡᠭᠦ ᠤᠤ᠂ ᠭᠦᠴᠦ ᠲᠠᠮᠢᠷ ᠢ ᠴᠤ ᠮᠤᠬᠤᠭᠠᠨ ᠲᠠᠷᠳᠠᠭᠠᠵᠤ ᠪᠠᠶᠢᠯ᠎ᠠ᠃ ᠰᠢᠳᠤ ᠪᠠᠨ ᠵᠠᠭᠤᠵᠤ

ᠲᠠᠰᠪᠤᠷᠢᠯᠡᠭᠦ ᠠᠴᠠ ᠦᠭᠡᠷ᠎ᠠ ᠠᠷᠭ᠎ᠠ ᠵᠠᠮ ᠶᠠᠬ ᠤᠯᠳᠠᠬᠤ ᠪᠠᠨ ᠪᠤᠯᠢᠵᠠᠢ᠃ ᠲᠠᠰᠪᠤᠷᠢᠯᠡᠭᠡᠳ ᠲᠠᠶᠢᠯᠪᠠᠯ ᠢᠯᠠᠯᠳᠠ ᠶᠢᠨ

ᠦᠷ ᠤᠨ ᠲᠤᠶᠠᠭ᠎ᠠ ᠪᠠᠨ ᠤᠭᠳᠤᠨ᠎ᠠ᠂ ᠲᠠᠰᠪᠤᠷᠢᠯᠠᠵᠤ ᠲᠠᠶᠢᠯᠭᠦ ᠪᠠᠨ ᠪᠤᠯᠢᠪᠠᠯ ᠢᠯᠠᠭᠳᠠᠯ ᠤᠨ ᠭᠦᠨ ᠬᠤᠨᠭ᠍ᠬᠤᠯ ᠳᠤ

ᠤᠨᠠᠨ᠎ᠠ᠃ ᠲᠠᠶᠢᠮᠦ ᠦᠭᠡᠢ ᠤᠤ᠃

      ᠭᠠᠢ ᠭᠠᠵᠠᠷ ᠲᠤᠤᠷ᠎ᠠ ᠠᠴᠠ ᠭᠡᠳᠡᠭᠴᠢᠯᠠᠨ ᠰᠤᠷᠭᠠᠭᠤᠯᠢ ᠡᠬᠢᠯᠠᠭᠡᠳ ᠠᠷᠠᠢ ᠰᠠᠷ᠎ᠠ ᠪᠤᠯᠤᠭᠠᠳᠤᠢ ᠪᠠᠷ ᠰᠢᠨ᠎ᠠ

ᠲᠢᠳᠢᠮᠯᠢᠭ ᠠᠭᠤᠰᠬᠢᠨ ᠤ ᠦᠷᠪᠢᠰᠤᠯ ᠤᠨ ᠲᠤᠪᠳᠤᠯᠤᠯᠳᠠ ᠳᠤ ᠭᠦᠨᠳᠤ ᠨᠤᠴᠢᠳᠠᠢ ᠲᠠᠭᠠᠷᠢᠭᠳᠠᠯ᠎ᠠ᠃ ᠠᠷᠪᠠᠨ

ᠰᠠᠷ᠎ᠠ ᠶᠢᠨ ᠨᠢᠭᠡᠨ ᠤ ᠠᠮᠠᠷᠠᠯᠳᠠ ᠶᠢᠨ ᠲᠠᠷᠠᠭ᠎ᠠ ᠰᠤᠷᠭᠠᠭᠤᠯᠢ ᠡᠬᠢᠯᠠᠵᠤ ᠲᠡᠶᠢᠯᠦᠭᠰᠡᠨ ᠦᠭᠡᠢ᠂ ᠰᠦᠯᠵᠢᠶᠠᠨ ᠳᠡᠭᠡᠷ᠎ᠠ

ᠬᠢᠴᠢᠶᠡᠯᠯᠡᠭᠦ ᠪᠠᠷ ᠪᠤᠯᠪᠠ᠃ 2019 ᠤᠨ ᠤ ᠵᠢᠯ ᠤᠨ ᠡᠴᠤᠰ ᠪᠤᠶᠤ 2020 ᠤᠨ ᠤ ᠵᠢᠯ ᠤᠨ ᠡᠬᠢ ᠠᠴᠠ

ᠨᠠᠭᠠᠰᠢ ᠬᠢᠵᠢᠭ ᠲᠠᠬᠤᠯ ᠤᠨ ᠰᠦᠷᠳᠠᠭᠦᠯᠤᠯ ᠳᠤ ᠪᠠᠶᠢᠨ ᠲᠠᠬᠢᠨ ᠤᠴᠠᠷᠠᠬᠤ ᠠᠴᠠ ᠪᠤᠯᠵᠤ ᠰᠦᠯᠵᠢᠶᠠᠨ ᠲᠡᠭᠡᠷ᠎ᠠ

ᠬᠢᠴᠢᠶᠡᠯᠯᠡᠭᠦ ᠴᠤ ᠤᠯᠠᠰᠢᠷᠠᠭᠰᠠᠨ ᠶᠤᠮ᠃ ᠢᠡᠭᠬᠢᠭᠦ ᠪᠠᠷ ᠢᠶᠠᠨ ᠰᠦᠯᠵᠢᠶᠠᠨ ᠬᠢᠴᠢᠶᠡᠯ ᠭᠡᠵᠦ ᠭᠡᠯᠡᠭᠰᠡᠭᠡᠷ ᠮᠠᠳᠠᠭᠦ

ᠦᠭᠡᠢ ᠭᠦᠮᠦᠨ ᠪᠠᠷᠤᠭ ᠪᠠᠶᠢᠬᠤ ᠦᠭᠡᠢ ᠪᠠᠶᠢᠬ᠎ᠠ︕ ᠰᠦᠯᠵᠢᠶᠠᠨ ᠬᠢᠴᠢᠶᠡᠯ ᠢ ᠤᠷᠤᠵᠤ ᠴᠢᠳᠠᠬᠤ ᠦᠭᠡᠢ ᠪᠠᠭᠰᠢ

ᠴᠤ ᠦᠭᠡᠢ ᠪᠤᠯᠴᠢᠬᠠᠵᠠᠢ᠃ ᠵᠦᠪᠭᠡᠨ ᠰᠦᠯᠵᠢᠶ᠎ᠠ ᠶᠢ ᠬᠢᠷᠢ ᠵᠡᠷᠭᠡ ᠭᠡᠷᠡᠭᠯᠡᠵᠦ ᠴᠢᠳᠠᠬᠤ᠂ ᠭᠡᠷᠡᠭᠯᠡᠵᠦ ᠪᠦᠭᠦᠢ

ᠲᠦᠭᠦᠭᠡᠷᠤᠮᠵᠢ ᠨᠢ ᠬᠢᠷᠢ ᠵᠡᠷᠭᠡ ᠤᠳᠤᠬᠢᠴᠢᠯᠠᠭᠰᠠᠨ ᠢᠶᠠᠷ ᠵᠦᠷᠢᠶ᠎ᠠ ᠲᠠᠢ ᠮᠦᠷᠳᠡᠭᠡᠨ ᠵᠦᠷᠢᠶ᠎ᠠ ᠨᠢ ᠴᠤ ᠮᠤᠨᠳᠠᠬ ᠶᠡᠭᠡ

ᠪᠠᠶᠢᠳᠠᠬ᠃ ᠵᠠᠷᠢᠮ ᠨᠢ ᠬᠤᠭᠤᠷᠤᠨᠳᠤ ᠪᠠᠨ ᠲᠡᠭᠷᠢ ᠭᠠᠵᠠᠷ ᠤᠨ ᠵᠦᠷᠢᠶ᠎ᠠ ᠲᠠᠢ ᠭᠡᠵᠦ ᠭᠡᠯᠡᠭᠦ ᠳᠤ ᠠᠬᠠᠳᠠᠬᠤ ᠤᠴᠢᠷ

ᠤᠭᠳᠤ ᠦᠭᠡᠢ ᠶᠤᠮ᠃ ᠨᠡᠩ ᠰᠤᠷᠤᠭᠴᠢ ᠶᠢᠨ ᠵᠦᠷᠢᠶ᠎ᠠ ᠶᠢ ᠶᠠᠭᠤᠨ ᠭᠡᠯᠡᠭᠦ ᠠᠵᠢ᠃ ᠴᠢᠨᠠᠷ ᠰᠠᠶᠢᠳᠠᠢ ᠺᠤᠮᠫᠢᠦ᠋ᠲ᠋ᠧᠷ

ᠪᠤᠶᠤ ipad ᠢ ᠪᠠᠶᠢᠴᠢᠬ᠎ᠠ᠂ ᠭᠡᠤᠭᠡᠳ ᠲᠤ ᠪᠠᠨ ᠵᠦᠭᠡᠷ ᠰᠢᠭ ᠭᠠᠷ ᠤᠳᠠᠰᠤ ᠪᠠᠯᠠᠳᠭᠡᠵᠦ ᠦᠭᠭᠦ ᠳᠤ ᠭᠦᠴᠢᠷᠳᠠᠭᠦ

ᠭᠡᠷ ᠤᠨ ᠠᠬᠠᠮᠠᠳ ᠪᠤᠢ᠃ ᠬᠢᠵᠢᠭ ᠤᠨ ᠬᠤᠭᠤᠴᠠᠭᠠᠨ ᠳᠤ ᠠᠮᠢ ᠭᠤᠤᠯ ᠳᠤ ᠪᠠᠨ ᠵᠦᠪ ᠦᠭᠡᠢ ᠪᠤᠯᠵᠤ

ᠭᠠᠴᠢᠭᠳᠠᠵᠤ ᠵᠤᠪᠠᠭᠰᠠᠨ ᠭᠡᠷ ᠪᠦᠯᠢ ᠴᠤ ᠴᠦᠭᠡᠨ ᠪᠤᠰᠤ ᠪᠠᠶᠢᠭᠰᠠᠨ ᠳ᠋ᠠ︕ ᠡᠶᠢᠮᠦ ᠭᠡᠷ ᠪᠦᠯᠢ ᠶᠢᠨ ᠭᠡᠤᠭᠡᠳ

ᠶᠠᠮᠠᠷ ᠰᠡᠳᠬᠢᠯ ᠢᠶᠠᠷ ᠰᠦᠯᠵᠢᠶᠠᠨ ᠬᠢᠴᠢᠶᠡᠯ ᠤᠷᠤᠬᠤ ᠪᠤᠢ᠂ ᠬᠢᠵᠢᠭ ᠲᠠᠬᠤᠯ ᠢ ᠰᠠᠷᠭᠡᠶᠢᠯᠡᠭᠦ ᠦᠭᠡᠢ ᠪᠠᠰᠠ ᠪᠠᠶᠢᠵᠤ

ᠪᠤᠯᠤᠨ᠎ᠠ ᠤᠤ ᠳ᠋ᠠ︕ ᠰᠦᠯᠵᠢᠶᠠᠨ ᠬᠢᠴᠢᠶᠡᠯ ᠢ ᠪᠠᠰᠠ ᠴᠠᠬᠢᠮ ᠬᠢᠴᠢᠶᠡᠯ᠂ ᠨᠧᠲ ᠬᠢᠴᠢᠶᠡᠯ ᠪᠤᠶᠤ ᠤᠳᠠᠰᠤᠨ

ᠬᠢᠴᠢᠶᠡᠯ ᠭᠡᠭᠦ ᠮᠠᠳᠤ ᠪᠠᠷ ᠭᠡᠯᠡᠳᠡᠭ᠃ ᠨᠠᠰᠤ ᠠᠬᠢᠭᠰᠠᠨ ᠪᠠᠭᠰᠢ ᠰᠦᠯᠵᠢᠶ᠎ᠠ ᠪᠠᠷ ᠬᠢᠴᠢᠶᠡᠯᠯᠡᠭᠦ ᠭᠡᠳ ᠦᠢᠯᠠ ᠪᠠᠨ

ᠦᠵᠠᠵᠤ ᠪᠠᠶᠢᠭᠰᠠᠨ ᠤ ᠨᠢᠭᠡ ᠨᠢ ᠪᠢ ᠮᠦᠨ᠃

      ᠰᠤᠷᠤᠭᠴᠢ ᠶᠢᠨ ᠰᠠᠭᠤᠷᠢ ᠶᠢ ᠰᠠᠶᠢᠳᠤᠷ ᠲᠠᠯᠪᠢᠵᠤ ᠰᠤᠷᠬᠤ ᠵᠠᠮ ᠳᠤ ᠨᠢ ᠡᠷᠳᠠ ᠤᠷᠤᠭᠤᠯᠤᠶ᠎ᠠ᠃

ᠤᠬᠠᠮᠰᠠᠷ ᠠᠴᠠ ᠪᠠᠨ ᠰᠤᠷᠬᠤ ᠪᠤᠯᠭᠠᠵᠤ ᠰᠠᠳᠤᠪ ᠢ ᠲᠦᠷᠢᠮᠵᠢᠭᠦᠨ ᠬᠠᠷᠢᠭᠤᠯᠵᠤ ᠴᠢᠳᠠᠬᠤ ᠪᠤᠯᠪᠠᠰᠤᠷᠠᠯ ᠲᠠᠢ

ᠪᠤᠯᠭᠠᠶ᠎ᠠ᠃ ᠰᠢᠯᠭᠠᠯᠳᠠ ᠳᠤ ᠴᠢᠳᠠᠬᠤ ᠦᠭᠡᠢ ᠰᠠᠳᠤᠪ ᠲᠤᠬᠢᠶᠠᠯᠳᠤᠭᠰᠠᠨ ᠴᠤ ᠤᠯᠪᠠᠰᠤ ᠵᠤᠬᠢᠬᠤ ᠬᠤᠪᠢ ᠪᠠᠨ

ᠤᠯᠵᠤ ᠴᠢᠳᠠᠬᠤ ᠴᠢᠳᠠᠪᠤᠷᠢ ᠲᠠᠢ ᠪᠤᠯᠭᠠᠶ᠎ᠠ ᠭᠡᠰᠡᠨ ︽ᠠᠤᠭ᠎ᠠ︾ ᠭᠦᠰᠠᠯ ᠵᠠᠮᠬᠠᠷᠠᠬᠤ ᠰᠢᠬ               

ᠰᠠᠨᠠᠭᠳᠠᠯ᠎ᠠ᠃ ᠰᠠᠨᠠᠭᠠᠰᠢᠷᠠᠬᠤ ᠦᠭᠡᠢ ᠪᠠᠶᠢᠵᠤ ᠪᠤᠯᠤᠨ᠎ᠠ ᠤᠤ ᠳ᠋ᠠ︕ ᠵᠠᠷᠢᠮ ᠰᠤᠷᠤᠭᠴᠢ ᠶᠢ ᠨᠢ ᠲᠠᠨᠢᠵᠤ ᠴᠤ

ᠠᠮᠵᠢᠭᠠᠳᠤᠢ᠂ ᠲᠠᠰᠬᠠᠯ ᠤᠨ ᠠᠰᠠᠭᠤᠳᠠᠯ ᠢ ᠨᠢ ᠨᠢᠭᠤᠷᠳᠠᠨ ᠰᠠᠭᠤᠭᠠᠳ ᠰᠢᠢᠳᠪᠤᠷᠢᠯᠠᠵᠤ ᠦᠭᠭᠦ ᠪᠤᠯᠤᠮᠵᠢ ᠦᠭᠡᠢ

ᠪᠤᠯᠵᠠᠢ᠂ ᠨᠠᠩ ᠰᠦᠯᠵᠢᠶᠠᠨ ᠬᠢᠴᠢᠶᠡᠯ ᠤᠨ ᠦᠷ᠎ᠠ ᠠᠰᠢᠬ ᠠᠩᠬᠢ ᠶᠢᠨ ᠭᠡᠷ ᠲᠤ ᠬᠢᠴᠢᠶᠡᠯᠯᠡᠭᠦ ᠶᠢ ᠭᠦᠷᠭᠦ ᠤᠤ          

ᠳ᠋ᠠ︕ ᠲᠡᠭᠡᠳᠤ ᠲᠤᠮᠳᠠᠳᠤ ᠶᠢᠨ ᠰᠤᠷᠤᠭᠴᠢᠳ ᠪᠠᠶ᠎ᠠ ᠪᠠᠨ ᠪᠠᠷᠢᠬᠤ ᠲᠠᠯ᠎ᠠ ᠪᠠᠷ ᠠᠩᠬ᠎ᠠ ᠨᠢᠭᠡ ᠶᠢᠨ

ᠰᠤᠷᠤᠭᠴᠢᠳ ᠠᠴᠠ ᠬᠤᠯᠠ ᠲᠠᠪᠠᠭ᠋ᠤ ᠲᠤᠯᠠ ᠲᠠᠳᠠᠨ ᠳᠤ ᠰᠦᠯᠵᠢᠶᠠᠨ ᠬᠢᠴᠢᠶᠡᠯ ᠤᠷᠤᠵᠤ ᠪᠠᠶᠢᠭ᠎ᠠ ᠦᠶᠠᠰ ᠡᠨᠡ

ᠮᠠᠳᠤ ᠰᠠᠨᠠᠭ᠎ᠠ ᠪᠤᠯᠵᠤ ᠪᠠᠶᠢᠭᠰᠠᠨ ᠦᠭᠡᠢ ᠶᠤᠮ᠃ ᠦᠨᠡᠭᠡᠷ ᠰᠠᠨᠠᠭᠠᠰᠢᠷᠠᠭᠰᠠᠨ ᠠᠴᠠ ᠭᠠᠷᠤᠭᠰᠠᠨ              

ᠦᠭᠡᠢ᠃ ᠲᠠᠰᠬᠠᠯ ᠢᠶᠠᠨ ᠡᠷᠤᠢ ᠬᠤᠷᠤᠢ ᠦᠭᠡᠢ᠂ ᠬᠠᠰᠢ ᠶᠠᠰᠢ ᠬᠢᠳᠡᠭ ᠰᠤᠷᠤᠭᠴᠢ ᠤᠯᠠᠰᠢᠷᠠᠵᠠᠢ᠃ ᠲᠠᠰᠬᠠᠯ ᠢ ᠨᠢ

ᠪᠤᠴᠠᠭᠠᠵᠤ ᠲᠠᠬᠢᠵᠤ ᠬᠢᠯᠭᠡᠭᠦ ᠳᠤ ᠮᠦᠨ ᠯᠡ ᠡᠰᠠᠨ ᠪᠤᠰᠤᠨ ᠬᠢᠭᠦ ᠪᠤᠶᠤ ᠬᠢᠭᠦ ᠪᠠᠨ ᠪᠤᠯᠢᠳᠠᠬ᠃ ᠰᠢᠯᠢᠳᠡᠭ ᠲᠠᠰᠬᠠᠯ ᠢ

ᠶᠠᠪᠤᠭᠤᠯᠵᠤ ᠦᠭᠭᠦ  ᠳᠤ ᠯᠠᠪᠯᠠᠬᠤ ᠪᠠᠶᠢᠳᠤᠭᠠᠢ ᠦᠵᠠᠭᠦ ᠴᠤ ᠦᠭᠡᠢ ᠶᠢ ᠶᠠᠭᠠᠬᠢᠨ᠎ᠠ︖ ᠲᠠᠪᠳᠠᠯᠭ᠎ᠠ ᠪᠤᠶᠤ ᠰᠤᠯᠠ

ᠰᠠᠯᠠᠭᠦᠦ ᠴᠠᠭ ᠲᠤ ᠨᠢ ᠲᠠᠰᠬᠠᠯ ᠤᠨ ᠤᠷᠤᠰᠢᠵᠤ ᠪᠠᠶᠢᠭ᠎ᠠ ᠠᠰᠠᠭᠤᠳᠠᠯ ᠢ ᠨᠢ ᠰᠢᠢᠳᠪᠤᠷᠢᠯᠠᠵᠤ ᠦᠭᠭᠦ ᠪᠠᠷ ᠬᠤᠯᠪᠤᠭ᠎ᠠ

ᠠᠪᠬᠤ ᠳᠤ ᠤᠳᠠᠰᠤ ᠶᠢ ᠲᠤᠰᠳᠠᠬ ᠦᠭᠡᠢ᠃ ᠨᠢᠭᠡ ᠬᠤᠶᠠᠷ ᠤᠳᠠᠭ᠎ᠠ ᠲᠤᠰᠬᠤ ᠦᠭᠡᠢ ᠪᠤᠯ ᠯᠠᠪ ᠤᠴᠢᠷ

ᠰᠢᠯᠳᠠᠭᠠᠨ ᠪᠤᠢ᠃ ᠭᠡᠳᠡᠯ᠎ᠠ ᠬᠤᠯᠪᠤᠭ᠎ᠠ ᠠᠪᠬᠤ  ᠳᠤ ᠲᠠᠩᠳᠠ ᠬᠠᠷᠢᠴᠠᠬᠤ ᠦᠭᠡᠢ ᠪᠤᠯ ᠲᠠᠰᠬᠠᠯ ᠵᠠᠰᠠᠬᠤ ᠠᠴᠠ

ᠵᠠᠶᠢᠯᠠᠰᠬᠢᠵᠤ ᠪᠠᠶᠢᠭ᠎ᠠ ᠪᠤᠶᠤ ᠲᠠᠰᠬᠠᠯ ᠬᠢᠭᠦ ᠲᠤᠷ᠎ᠠ ᠦᠭᠡᠢ ᠠᠴᠠ ᠪᠤᠯᠤᠭᠰᠠᠨ ᠨᠢ ᠭᠠᠷᠴᠠᠭ᠎ᠠ ᠦᠭᠡᠢ᠂ ᠴᠢᠨᠠᠭᠰᠢᠯᠠᠨ

ᠬᠢᠴᠢᠶᠡᠯ ᠢ ᠴᠤ ᠬᠠᠰᠢ ᠶᠠᠰᠢ ᠰᠤᠨᠤᠰᠬᠤ ᠪᠤᠶᠤ ᠶᠠᠬ ᠰᠤᠨᠤᠰᠴᠤ ᠦᠭᠡᠢ ᠪᠠᠶᠢᠵᠤ ᠮᠠᠳᠠᠨ᠎ᠠ᠃ ᠦᠨᠡᠭᠡᠷ ᠡᠶᠢᠮᠦ

ᠰᠤᠷᠤᠭᠴᠢ ᠪᠠᠶᠢᠪᠠᠯ ᠰᠦᠯᠵᠢᠶᠠᠨ ᠬᠢᠴᠢᠶᠡᠯ ᠤᠨ ᠵᠢᠭᠠᠨ ᠰᠤᠷᠭᠠᠯᠳᠠ ᠶᠢᠨ ᠦᠷ᠎ᠠ ᠠᠰᠢᠬ ᠶᠠᠮᠠᠷ ᠭᠡᠭᠴᠢ ᠶᠢ

ᠲᠤᠳᠤᠷᠬᠠᠢᠢᠯᠠᠬᠤ ᠦᠭᠡᠢ ᠳᠤ ᠠᠶᠠᠨᠳᠠᠭᠠᠨ ᠭᠠᠳᠠᠷᠯᠠᠴᠢᠬᠠᠨ᠎ᠠ᠃ ᠰᠦᠯᠵᠢᠶᠠᠨ ᠬᠢᠴᠢᠶᠡᠯ ᠤᠨ ᠵᠢᠭᠠᠨ ᠰᠤᠷᠭᠠᠯᠳᠠ ᠶᠢᠨ

ᠲᠤᠬᠠᠢ ᠪᠤᠳᠤᠯᠬᠢᠯᠠᠯ ᠡᠷᠢᠯᠬᠢᠯᠠᠯ ᠬᠢᠭᠦ ᠦᠭᠡᠢ ᠪᠤᠯᠬᠤ ᠦᠭᠡᠢ ᠶᠤᠮ ᠪᠠᠶᠢᠨ᠎ᠠ᠃

      ᠠᠩᠬᠢ ᠶᠢᠨ ᠡᠷᠬᠢᠯᠡᠭᠴᠢ ᠪᠠᠭᠰᠢ ᠪᠠᠷ ᠨᠢ ᠭᠡᠷ ᠤᠨ ᠠᠬᠠᠮᠠᠳ ᠲᠤ ᠨᠢ ᠤᠳᠠᠰᠤᠨ ᠨᠤᠮᠧᠷ ᠢᠶᠠᠨ ᠦᠭᠴᠦ᠂

ᠬᠠᠪᠰᠤᠷᠤᠯᠭ᠎ᠠ ᠲᠠᠮᠵᠢᠯᠭᠡ ᠤᠯᠬᠤ ᠶᠢ ᠭᠦᠰᠠᠵᠤ ᠨᠠᠶᠢᠳᠠᠯ᠎ᠠ᠃ ᠵᠠᠷᠢᠮ ᠭᠡᠷ ᠤᠨ ᠠᠬᠠᠮᠠᠳ ᠮᠠᠰᠢ          

ᠢᠳᠡᠪᠬᠢᠳᠠᠢ᠃ ᠪᠠᠷᠢᠨ ᠨᠠᠳᠠ ᠲᠠᠢ ᠬᠤᠯᠪᠤᠭ᠎ᠠ ᠠᠪᠴᠤ ᠭᠡᠤᠭᠡᠳ ᠤᠨ ᠢᠶᠠᠨ ᠰᠦᠯᠵᠢᠶᠠᠨ ᠬᠢᠴᠢᠶᠡᠯ ᠤᠷᠤᠵᠤ

ᠪᠠᠶᠢᠭ᠎ᠠ ᠬᠤᠭᠤᠴᠠᠭᠠᠨ ᠳᠠᠬᠢ ᠢᠯᠠᠷᠠᠯ ᠪᠠᠶᠢᠳᠠᠯ ᠤᠨ ᠲᠠᠯ᠎ᠠ ᠪᠠᠷ ᠰᠤᠯᠢᠯᠴᠠᠯ᠎ᠠ᠃ ᠪᠤᠳᠠᠳᠠᠢ ᠠᠪᠬᠤ ᠠᠷᠭ᠎ᠠ ᠪᠠᠷᠢᠯ ᠤᠨ

ᠲᠠᠯ᠎ᠠ ᠪᠠᠷ ᠴᠤ ᠭᠡᠯᠡᠯᠴᠡᠨ ᠲᠤᠭᠳᠠᠯ᠎ᠠ᠃ ᠭᠡᠷ ᠤᠨ ᠠᠬᠠᠮᠠᠳ ᠨᠢ ᠢᠳᠡᠪᠬᠢᠳᠠᠢ ᠪᠠᠶᠢᠳᠠᠬ ᠯᠡ ᠶᠤᠮ ᠪᠤᠯ ᠭᠡᠤᠭᠡᠳ ᠨᠢ

ᠠᠷᠠᠢ ᠬᠢᠴᠢᠶᠡᠯ ᠬᠠᠶᠠᠭᠳᠠᠬᠤ ᠦᠭᠡᠢ ᠶᠤᠮ᠃ ᠰᠦᠯᠵᠢᠶᠠᠨ ᠬᠢᠴᠢᠶᠡᠯ ᠤᠨ ᠠᠬᠢᠴᠠ ᠮᠠᠰᠢ ᠠᠯᠭᠤᠷ ᠤᠳᠠᠭᠠᠨ ᠪᠠᠶᠢᠵᠤ

ᠦᠨᠳᠤᠰᠤᠨ ᠵᠦᠢᠯ ᠢ ᠤᠢᠢᠯᠠᠭᠠᠭᠤᠯᠵᠤ᠂ ᠡᠵᠡᠮᠰᠢᠭᠦᠯᠭᠦ ᠲᠠᠭᠡᠷ᠎ᠠ ᠭᠤᠤᠯ ᠭᠦᠴᠦ ᠪᠠᠨ ᠲᠠᠯᠪᠢᠵᠠᠢ᠃ ᠦᠷᠭᠡᠳᠭᠡᠵᠦ

ᠭᠦᠨᠵᠡᠭᠡᠶᠢᠷᠡᠭᠦᠯᠭᠦ ᠴᠢᠬᠤᠯᠠᠲᠠᠢ ᠪᠤᠶᠤ ᠭᠦᠴᠢᠷ ᠰᠢᠭ ᠵᠦᠢᠯᠠᠰ ᠢ ᠨᠢ ᠰᠤᠷᠭᠠᠭᠤᠯᠢ ᠳᠤ ᠪᠠᠨ ᠬᠢᠴᠢᠶᠡᠯᠯᠡᠭᠰᠡᠨ ᠤ

ᠲᠠᠷᠠᠭ᠎ᠠ ᠨᠦᠭᠦᠪᠤᠷᠢᠯᠡᠭᠦ ᠪᠤᠶᠤ ᠰᠢᠢᠳᠪᠤᠷᠢᠯᠡᠭᠦ ᠪᠠᠷ ᠪᠤᠯᠪᠠ᠃ ᠢᠡᠭᠬᠢᠵᠤ ᠰᠢᠢᠳᠪᠤᠷᠢᠯᠡᠭᠦ ᠨᠢ ᠰᠦᠯᠵᠢᠶᠠᠨ

ᠬᠢᠴᠢᠶᠡᠯ ᠤᠨ ᠴᠢᠨᠠᠷ ᠴᠢᠨᠰᠠᠭ᠎ᠠ ᠶᠢ ᠪᠠᠳᠤᠯᠠᠬᠤ ᠪᠠᠷ ᠪᠠᠷᠠᠬᠤ ᠦᠭᠡᠢ ᠬᠤᠶᠢᠰᠢᠢᠳᠠ  ᠶᠢᠨ ᠰᠤᠷᠤᠯᠴᠠᠯᠭ᠎ᠠ ᠳᠤ ᠨᠢ

ᠦᠴᠦᠭᠡᠨ ᠲᠠᠳᠤᠢ ᠨᠦᠯᠦᠭᠡ ᠪᠤᠯᠬᠤ ᠦᠭᠡᠢ ᠶᠤᠮ᠃ ᠮᠢᠨᠦ ᠡᠨᠠ ᠦᠵᠠᠯᠳᠠ ᠶᠢ ᠵᠦᠪᠰᠢᠶᠠᠷᠠᠨ ᠨᠤᠳᠠᠯᠠᠵᠤ ᠪᠠᠶᠢᠭ᠎ᠠ

ᠭᠡᠷ ᠤᠨ ᠠᠬᠠᠮᠠᠳ ᠪᠤᠶᠤ ᠦᠢᠯᠠᠰ ᠨᠢᠭᠡᠳᠠᠳ ᠤᠯᠠᠨ ᠪᠤᠢ᠃

      ᠵᠠᠷᠢᠮ ᠭᠡᠷ ᠤᠨ ᠠᠬᠠᠮᠠᠳ ᠦᠨᠠᠭᠡᠷ ᠡᠭ᠍ᠳᠡᠭᠦᠦ ᠲᠠᠢ᠃ ︽ᠭᠡᠤᠭᠡᠳ ᠴᠢᠨᠢ ᠲᠠᠰᠬᠠᠯ ᠲᠠᠭᠠᠭᠠᠯᠭᠠᠪᠤᠷᠢ ᠪᠠᠨ

ᠪᠠᠶᠠᠯᠠᠭᠦᠯᠵᠤ ᠦᠭᠡᠢ ᠪᠤᠶᠤ ᠬᠠᠰᠢ ᠶᠠᠰᠢ ᠬᠢᠵᠤ ᠪᠠᠶᠢᠨ᠎ᠠ︾ ᠭᠡᠵᠦ ᠲᠤᠰᠬᠠᠬᠤ ᠳᠤ ︽ᠪᠢ ᠭᠡᠤᠭᠡᠳ ᠲᠤ ᠪᠠᠨ

ᠵᠢᠭᠠᠵᠤ ᠦᠭᠴᠦ ᠴᠢᠳᠠᠬᠤ ᠦᠭᠡᠢ ᠰᠢᠤ︾ ᠭᠡᠭᠦ ᠮᠠᠳᠤ ᠪᠠᠷ ᠡᠯᠳᠡᠪ ᠵᠦᠢᠯ ᠤᠨ ᠰᠢᠯᠳᠠᠬ ᠭᠡᠯᠠᠳᠡᠭ᠃ ᠬᠤᠯᠪᠤᠭ᠎ᠠ

ᠲᠠᠭᠡᠷ᠎ᠠ ᠰᠠᠴᠤᠭᠳᠠᠵᠤ ᠪᠠᠶᠢᠭᠰᠠᠨ ᠰᠢᠬ ︽ᠪᠠᠭᠰᠢ ᠵᠢᠭᠠᠬᠤ ᠦᠭᠡᠢ᠂ ᠭᠡᠷ ᠤᠨ ᠠᠬᠠᠮᠠᠳ ᠵᠢᠭᠠᠨ᠎ᠠ ᠤᠤ︖ ᠲᠠᠶᠢᠮᠦ

ᠪᠤᠯ ᠭᠡᠤᠭᠡᠳ ᠢᠶᠠᠨ ᠰᠤᠷᠭᠠᠭᠤᠯᠢ ᠳᠤ ᠦᠭᠭᠦᠭᠡᠳ ᠶᠠᠭᠠᠬᠢᠬᠤ ᠶᠤᠮ ᠪᠤᠢ︖︾ ᠭᠡᠵᠦ ᠠᠷᠠᠢ ᠦᠭᠡᠳᠠ ᠠᠴᠠ

ᠭᠡᠯᠡᠭᠰᠡᠨ ᠦᠭᠡᠢ᠃ ᠡᠭᠦᠨ ᠠᠴᠠ ᠦᠵᠡᠪᠡᠯ ᠮᠠᠨ ᠤ ᠭᠡᠷ ᠤᠨ ᠠᠬᠠᠮᠠᠳ ᠪᠤᠯᠪᠠᠰᠤᠷᠠᠯ ᠲᠠᠢ ᠪᠠᠶᠢᠨ᠎ᠠ ᠰᠢᠤ᠃ ᠵᠠᠷᠢᠮ

ᠭᠡᠷ ᠤᠨ ᠠᠬᠠᠮᠠᠳ ᠪᠠᠶᠢᠳᠠᠯ᠂ ᠨᠦᠭᠦᠴᠡᠯ ᠪᠤᠶᠤ ᠭᠦᠴᠢᠷᠳᠠᠯ ᠢ ᠤᠢᠢᠯᠠᠭᠠᠨ᠎ᠠ᠃ ᠭᠡᠳᠡᠯ᠎ᠠ ᠡᠨᠡ ᠲᠠᠷᠠ

ᠰᠢᠯᠳᠠᠭᠠᠨ ᠠᠴᠠ ᠪᠤᠯᠵᠤ ᠭᠡᠤᠭᠡᠳ ᠤᠨ ᠢᠶᠠᠨ ᠪᠠᠶ᠎ᠠ ᠰᠡᠳᠬᠢᠴᠠ ᠭᠦᠮᠦᠵᠢᠯ ᠰᠤᠷᠤᠯᠭ᠎ᠠ ᠶᠢ ᠨᠢ ᠬᠠᠮᠢᠶᠠᠷᠬᠤ ᠦᠭᠡᠢ

ᠪᠠᠶᠢᠵᠤ ᠪᠤᠯᠤᠨ᠎ᠠ ᠤᠤ᠂ ᠰᠤᠷᠭᠠᠭᠤᠯᠢ ᠳᠤ ᠪᠠᠨ ᠬᠢᠴᠢᠶᠡᠯᠯᠡᠵᠦ ᠪᠠᠶᠢᠭᠰᠠᠨ ᠪᠤᠯ ᠶᠠᠭᠠᠬᠢᠬᠤ ᠪᠤᠢ︖ ᠭᠡᠷ ᠤᠨ

ᠠᠬᠠᠮᠠᠳ ᠲᠤ ᠨᠢ ᠲᠦᠰᠢᠭᠯᠡᠭᠦ ᠦᠭᠡᠢ ᠪᠠᠷ ᠭᠦᠮᠦᠵᠢᠭᠦᠯᠵᠤ ᠰᠤᠷᠭᠠᠵᠤ ᠪᠤᠯᠤᠨ᠎ᠠ᠂ ᠲᠠᠶᠢᠮᠦ ᠮᠦᠷᠳᠡᠭᠡᠨ

ᠤᠯᠠᠩᠬᠢ ᠶᠢ ᠨᠢ ᠭᠦᠮᠦᠵᠢᠭᠦᠯᠵᠤ ᠰᠤᠷᠭᠠᠵᠤ ᠲᠠᠶᠢᠯᠳᠡᠭ᠃ ᠦᠪᠠᠷ ᠦᠪᠠᠷᠰᠠᠳ ᠤᠨ ᠭᠡᠷ ᠲᠤ ᠪᠠᠨ ᠰᠠᠭᠤᠵᠤ

ᠰᠦᠯᠵᠢᠶᠠᠨ ᠬᠢᠴᠢᠶᠡᠯ ᠤᠷᠤᠵᠤ ᠪᠠᠶᠢᠭ᠎ᠠ ᠤᠴᠢᠷ ᠠᠴᠠ ᠭᠡᠷ ᠤᠨ ᠠᠬᠠᠮᠠᠳ ᠲᠤ ᠨᠢ ᠲᠦᠰᠢᠭᠯᠡᠭᠦ ᠦᠭᠡᠢ ᠪᠤᠯ

ᠰᠤᠷᠭᠠᠵᠤ ᠭᠦᠮᠦᠵᠢᠭᠦᠯᠵᠤ ᠲᠠᠶᠢᠯᠭᠦ ᠦᠭᠡᠢ ᠠᠷᠭ᠎ᠠ ᠪᠠᠷᠠᠭᠳᠠᠬᠤ ᠳᠤ ᠪᠠᠨ ᠰᠠᠶ᠋ᠢ ᠲᠠᠳᠠᠨ ᠲᠠᠢ ᠬᠤᠯᠪᠤᠭ᠎ᠠ ᠠᠪᠴᠤ

ᠪᠠᠶᠢᠨ᠎ᠠ᠃ ᠭᠡᠤᠭᠡᠳ ᠢ ᠨᠢ ᠪᠤᠰᠤᠳ ᠤᠨ ᠭᠡᠤᠭᠡᠳ ᠠᠴᠠ ᠪᠢᠳᠠᠭᠡᠢ ᠯᠠ ᠬᠤᠴᠤᠷᠭᠠᠴᠢᠬᠠᠶ᠎ᠠ ᠭᠡᠭᠦ ᠳᠤ  ᠪᠠᠨ

ᠬᠤᠯᠪᠤᠭ᠎ᠠ ᠠᠪᠴᠤ ᠪᠠᠶᠢᠭ᠎ᠠ ᠳ᠋ᠠ︕ ᠤᠢᠢᠯᠠᠭᠠᠭᠠᠷᠠᠢ᠂ ᠭᠡᠷ ᠤᠨ ᠠᠬᠠᠮᠠᠳ ᠮᠢᠨᠢ︕ ᠡᠶᠢᠮᠦ ᠲᠠᠶᠢᠮᠦ

ᠰᠢᠯᠳᠠᠭᠠᠨ ᠠᠴᠠ ᠪᠤᠯᠵᠤ ᠰᠤᠷᠤᠭᠴᠢᠳ ᠨᠢᠭᠡ ᠬᠤᠶᠠᠷ ᠬᠢᠴᠢᠶᠡᠯ ᠤᠨ ᠴᠠᠭ ᠤᠨ ᠠᠭᠤᠯᠭ᠎ᠠ ᠶᠢ ᠤᠢᠢᠯᠠᠭᠠᠬᠤ ᠦᠭᠡᠢ

ᠪᠤᠶᠤ ᠲᠠᠰᠬᠠᠯ ᠢ ᠬᠢᠭᠦ ᠦᠭᠡᠢ ᠪᠠᠶᠢᠵᠤ ᠪᠤᠯᠤᠨ᠎ᠠ᠃ ᠭᠡᠳᠠᠯ᠎ᠠ ᠲᠠᠩᠳᠠ ᠤᠢᠢᠯᠠᠭᠠᠬᠤ ᠦᠭᠡᠢ ᠪᠤᠶᠤ ᠲᠡᠩᠳᠠ ᠲᠠᠰᠬᠠᠯ

ᠬᠢᠭᠦ ᠦᠭᠡᠢ ᠪᠠᠶᠢᠪᠠᠯ ᠬᠤᠶᠢᠰᠢᠳᠠ ᠶᠢ ᠪᠠᠶᠢᠳᠤᠭᠠᠢ᠂ ᠬᠢᠵᠢᠭ ᠤᠨ ᠬᠤᠭᠤᠴᠠᠭᠠᠨ ᠳᠤ ᠴᠤ ᠡᠩᠨᠡᠭᠡ ᠠᠴᠠ ᠪᠠᠨ

ᠬᠠᠶᠠᠭᠳᠠᠬᠤ ᠪᠤᠯᠤᠨ᠎ᠠ᠃ ᠬᠤᠵᠢᠮ ᠤᠨ ᠠᠯᠢ ᠨᠢᠭᠡ ᠡᠳᠤᠷ ᠤᠬᠠᠭᠠᠷᠠᠭᠠᠳ ᠰᠤᠷᠬᠤ ᠪᠠᠷ ᠭᠦᠴᠦᠯᠡᠭᠰᠡᠨ ᠴᠤ ᠦᠷ᠎ᠠ

ᠠᠰᠢᠬ ᠲᠠᠶᠢᠮᠦ ᠴᠤ ᠦᠨᠳᠤᠷ ᠪᠢᠰᠢ ᠨᠢ ᠮᠠᠳᠠᠭᠡᠵᠢ ᠶᠢᠨ ᠭᠡᠷᠡᠭ ᠪᠢᠯᠡ᠃

      ᠵᠠᠷᠢᠮ ᠭᠡᠷ ᠤᠨ ᠠᠬᠠᠮᠠᠳ ᠠᠮᠢᠳᠤᠷᠠᠯ ᠤᠨ ᠲᠦᠪᠰᠢᠨ ᠢᠶᠠᠨ ᠲᠡᠭᠡᠭᠰᠢᠯᠠᠭᠦᠯᠭᠦ ᠶᠢᠨ ᠲᠦᠯᠦᠭᠡ ᠬᠤᠳᠠ

ᠤᠷᠤᠵᠤ ᠭᠦᠯᠦᠰᠤᠨ ᠠᠵᠢᠯ ᠬᠢᠵᠤ ᠤᠷᠤᠯᠭ᠎ᠠ ᠪᠠᠨ ᠨᠡᠮᠡᠭᠳᠠᠭᠦᠯᠵᠤ ᠪᠠᠶᠢᠨ᠎ᠠ᠃ ᠵᠠᠷᠢᠮ ᠨᠢ ᠪᠠᠰᠠ ᠡᠨᠠ ᠲᠠᠷᠠ ᠠᠵᠤ

ᠦᠢᠯᠠᠰ ᠡᠷᠬᠢᠯᠡᠵᠦ ᠡᠵᠡᠩᠨᠠᠵᠤ ᠪᠠᠶᠢᠨ᠎ᠠ᠃ ᠢᠡᠭᠬᠢᠭᠦ ᠪᠠᠷ ᠢᠶᠠᠨ ᠲᠠᠳᠠ ᠭᠡᠤᠭᠡᠳ ᠤᠨ ᠢᠶᠠᠨ ᠰᠤᠷᠤᠯᠭ᠎ᠠ ᠡᠨᠠ ᠲᠠᠷᠠ ᠶᠢ

ᠬᠠᠪᠰᠤᠷᠴᠤ ᠵᠢᠯᠤᠭᠤᠳᠬᠤ ᠪᠠᠶᠢᠳᠤᠭᠠᠢ᠂ ᠭᠡᠯᠡᠵᠦ ᠲᠤᠳᠤᠮᠳᠠᠬᠤ ᠴᠠᠭ ᠤᠯᠳᠠᠬᠤ ᠦᠭᠡᠢ ᠶᠠᠭᠠᠷᠠᠵᠤ ᠯᠡ          

ᠪᠠᠶᠢᠳᠠᠬ᠃ ᠵᠠᠷᠢᠮ ᠨᠢ ᠭᠡᠳᠦ᠋ᠢᠪᠠᠷ ᠰᠤᠯᠠ ᠰᠠᠯᠠᠭᠦᠤ ᠪᠠᠶᠢᠳᠠᠬ ᠴᠤ ᠭᠡᠤᠭᠡᠳ ᠤᠨ ᠢᠶᠠᠨ ᠬᠢᠴᠢᠶᠡᠯ ᠰᠤᠷᠤᠯᠭ᠎ᠠ ᠶᠢ ᠨᠢ

ᠵᠢᠭᠠᠨ ᠵᠢᠯᠤᠭᠤᠳᠴᠤ ᠲᠠᠶᠢᠯᠭᠦ ᠦᠭᠡᠢ ᠶᠤᠮ᠃ ᠦᠨᠠᠨ ᠢ ᠭᠡᠯᠡᠭᠦ ᠳᠤ ᠪᠢ ᠭᠡᠷ ᠤᠨ ᠠᠬᠠᠮᠠᠳ ᠢᠶᠠᠷ ᠭᠡᠤᠭᠡᠳ ᠢ ᠨᠢ

ᠵᠢᠭᠠᠨ ᠰᠤᠷᠭᠠᠯᠭᠠᠬᠤ ᠪᠤᠶᠤ ᠲᠠᠰᠬᠠᠯ ᠲᠠᠭᠠᠭᠠᠯᠭᠠᠪᠤᠷᠢ ᠶᠢ ᠨᠢ ᠵᠠᠰᠠᠵᠤ ᠬᠢᠨᠠᠭᠤᠯᠬᠤ ᠭᠡᠰᠡᠨ ᠪᠢᠰᠢ᠃ ᠭᠡᠷ ᠤᠨ

ᠠᠬᠠᠮᠠᠳ ᠭᠡᠤᠭᠡᠳ ᠢᠶᠠᠨ ᠬᠠᠶᠠ ᠭᠡᠯᠡᠵᠦ ᠲᠤᠳᠤᠮᠳᠠᠬᠤ ᠪᠤᠶᠤ ᠬᠢᠴᠢᠶᠠᠯ ᠰᠤᠷᠤᠯᠭ᠎ᠠ ᠲᠠᠰᠬᠠᠯ

ᠲᠠᠭᠠᠭᠠᠯᠭᠠᠪᠤᠷᠢ ᠳᠤ ᠨᠢ ᠬᠢᠨᠠᠯᠳᠠ ᠬᠢᠭᠡᠳ ᠦᠭᠪᠡᠯ ᠪᠤᠯᠴᠢᠬᠠᠨ᠎ᠠ᠃ ᠭᠡᠤᠭᠡᠳ ᠨᠢ ᠬᠢᠴᠢᠶᠡᠯ ᠢᠶᠠᠨ ᠨᠠᠷᠢᠨ ᠬᠢᠨᠠᠮᠠᠭᠠᠢ

ᠰᠤᠨᠤᠰᠬᠤ ᠦᠭᠡᠢ᠂ ᠲᠠᠰᠬᠠᠯ ᠢᠶᠠᠨ ᠬᠢᠭᠦ ᠦᠭᠡᠢ᠂ ᠪᠤᠷᠤᠭᠤᠳᠠᠭᠰᠠᠨ ᠴᠤ ᠵᠠᠰᠠᠬᠤ ᠦᠭᠡᠢ ᠪᠤᠶᠤ ᠡᠷᠤᠢ ᠬᠤᠷᠤᠢ ᠦᠭᠡᠢ

ᠬᠢᠭᠦ᠂ ᠪᠠᠭᠰᠢ ᠲᠦᠷᠢᠮᠵᠢᠭᠦᠨ ᠰᠢᠯᠢᠳᠡᠭ ᠲᠠᠰᠬᠠᠯ ᠢ ᠶᠠᠪᠤᠭᠤᠯᠵᠤ ᠦᠭᠭᠦ ᠳᠤ ᠦᠵᠠᠵᠤ ᠯᠠᠪᠯᠠᠬᠤ ᠦᠭᠡᠢ ᠪᠠᠶᠢᠪᠠᠯ

ᠨᠠᠳᠠ ᠲᠠᠢ ᠬᠤᠯᠪᠤᠭ᠎ᠠ ᠠᠪᠬᠤ ᠳᠤ ᠪᠠᠨ ᠲᠠᠭᠠᠷᠠᠨ᠎ᠠ᠃ ᠬᠢᠵᠢᠭ ᠤᠨ ᠬᠤᠭᠤᠴᠠᠭᠠᠨ ᠳᠤ ᠡᠳᠤᠷ ᠲᠤᠵᠢ

ᠭᠡᠤᠭᠡᠳ ᠲᠠᠢ ᠪᠠᠨ ᠬᠠᠮᠳᠤ ᠪᠠᠶᠢᠭ᠎ᠠ ᠶᠤᠮ ᠴᠢᠨᠢ ᠭᠡᠤᠭᠡᠳ ᠢᠶᠠᠨ ᠭᠡᠯᠡᠵᠦ ᠲᠤᠳᠤᠮᠳᠠᠬᠤ ᠪᠤᠶᠤ ᠬᠢᠴᠢᠶᠡᠯ

ᠰᠤᠷᠤᠯᠭ᠎ᠠ ᠳᠤ ᠨᠢ ᠬᠢᠨᠠᠯᠳᠠ ᠲᠠᠯᠪᠢᠬᠤ ᠲᠠᠶᠢᠮᠦ ᠴᠤ ᠭᠦᠴᠢᠷ ᠶᠠᠪᠤᠳᠠᠯ ᠪᠢᠰᠢ ᠪᠠᠶᠢᠭ᠎ᠠ᠃ ᠭᠡᠷ ᠤᠨ ᠠᠬᠠᠮᠠᠳ ᠤᠨ

ᠮᠦᠡᠭᠭᠦ ᠵᠤᠭᠤᠰ ᠡᠯᠪᠡᠭ ᠲᠠᠯᠪᠡᠭ ᠤᠯᠵᠤ ᠠᠮᠢᠳᠤᠷᠠᠯ ᠤᠨ ᠲᠦᠪᠰᠢᠨ ᠢᠶᠠᠨ ᠲᠡᠭᠡᠭᠰᠢᠯᠠᠭᠦᠯᠭᠦ ᠪᠠᠷ ᠵᠢᠳᠭᠦᠵᠤ ᠪᠠᠶᠢᠭ᠎ᠠ

ᠪᠤᠷᠤᠭᠤ ᠪᠢᠰᠢ᠃ ᠭᠡᠳᠡᠯ᠎ᠠ ᠦᠷ᠎ᠠ ᠭᠡᠤᠭᠡᠳ ᠨᠢ ᠰᠤᠷᠬᠤ ᠦᠭᠡᠢ᠂ ᠠᠯᠵᠠᠭᠤ ᠵᠠᠯᠬᠠᠭᠤ᠂ ᠶᠤᠰᠤ ᠨᠤᠮ ᠦᠭᠡᠢ

ᠪᠤᠯᠴᠢᠬᠠᠪᠠᠯ ᠠᠪᠳᠠᠷ᠎ᠠ ᠲᠦᠭᠦᠷᠠᠩ ᠠᠯᠳᠠ ᠮᠦᠡᠭᠭᠦ ᠲᠠᠢ ᠪᠤᠯᠴᠢᠬᠠᠭᠰᠠᠨ ᠴᠤ ᠤᠳᠬ᠎ᠠ ᠠᠭᠤᠯᠭ᠎ᠠ ᠪᠠᠨ ᠠᠯᠳᠠᠵᠤ

ᠮᠠᠳᠠᠨ᠎ᠠ᠃ ᠵᠠᠷᠢᠮ ᠭᠡᠷ ᠤᠨ ᠠᠬᠠᠮᠠᠳ ᠨᠡᠩ ᠡᠭ᠍ᠳᠡᠭᠦᠦ ᠲᠠᠢ᠃ ᠨᠠᠳᠠ ᠲᠠᠢ ᠬᠤᠯᠪᠤᠭ᠎ᠠ ᠠᠪᠬᠤ ᠪᠠᠶᠢᠳᠤᠭᠠᠢ᠂

ᠤᠳᠠᠰᠤᠳᠠᠭᠠᠳ ︽ᠰᠠᠶᠢᠨ ᠤᠤ︾ ᠭᠡᠵᠦ ᠮᠠᠨᠳᠤᠴᠢᠯᠠᠭᠦ ᠳᠤ ᠦᠭᠡᠳᠠ ᠠᠴᠠ ᠬᠠᠷᠢᠨ ︽ᠭᠡᠨ ᠪᠤᠢ︖︾ ᠭᠡᠵᠦ ᠭᠡᠳᠡᠷᠭᠦ

ᠠᠰᠠᠭᠤᠳᠠᠬ᠃ ᠨᠢᠭᠡ ᠬᠤᠶᠠᠷ ᠤᠳᠠᠭ᠎ᠠ ᠳᠤ ᠪᠤᠯ ᠶᠠᠭᠠᠬᠢᠬᠤ ᠳ᠋ᠠ᠂ ᠤᠢᠢᠯᠠᠭᠠᠵᠤ ᠪᠤᠯᠤᠨ᠎ᠠ᠃ ᠭᠡᠳᠡᠯ᠎ᠠ ᠲᠦᠷᠪᠡ ᠲᠠᠪᠤ

ᠤᠳᠠᠭ᠎ᠠ ᠪᠤᠯᠴᠢᠬᠠᠭᠰᠠᠨ ᠪᠠᠶᠢᠳᠠᠯ᠎ᠠ ᠮᠦᠨ ᠯᠠ ︽ᠭᠡᠨ ᠪᠤᠢ︖︾ ᠭᠡᠵᠦ ᠠᠰᠠᠭᠤᠳᠠᠬ᠃ ᠡᠶᠢᠮᠦ ᠭᠡᠷ ᠤᠨ

ᠠᠬᠠᠮᠠᠳ ᠲᠠᠢ ᠬᠤᠯᠪᠤᠭ᠎ᠠ ᠠᠪᠬᠤ ᠴᠢᠬᠤᠯᠠ ᠪᠠᠶᠢᠨ᠎ᠠ ᠤᠤ︖ ᠬᠤᠯᠪᠤᠭ᠎ᠠ ᠠᠪᠤᠭᠠᠳ ᠦᠢᠯᠠᠳᠤᠯ ᠭᠠᠷᠬᠤ ᠭᠡᠵᠦ          

ᠤᠤ︖ ᠭᠡᠤᠭᠡᠳ ᠤᠨ ᠬᠢ ᠨᠢ ᠲᠦᠯᠦᠭᠡ ᠠᠷᠭ᠎ᠠ ᠪᠤᠰᠤ ᠲᠡᠭᠦᠨ ᠲᠠᠢ ᠬᠤᠯᠪᠤᠭ᠎ᠠ ᠠᠪᠴᠤ ᠪᠠᠶᠢᠨ᠎ᠠ᠂ ᠲᠤᠰᠠ ᠭᠠᠷᠬᠤ

ᠪᠤᠯᠤᠭᠠᠰᠠᠢ ᠭᠡᠵᠦ ᠲᠠᠭᠠᠳᠬᠠᠶ᠎ᠠ ᠳ᠋ᠠ︕

      ᠶᠠᠮᠠᠷᠪᠠ ᠶᠠᠭᠤᠮᠠᠨ ᠳᠤ ᠰᠠᠶᠢᠨ ᠮᠠᠭᠤ ᠬᠤᠶᠠᠷ ᠲᠠᠯ᠎ᠠ ᠲᠠᠢ ᠪᠠᠶᠢᠳᠠᠬ᠃ ᠰᠦᠯᠵᠢᠶᠠᠨ ᠬᠢᠴᠢᠶᠡᠯ ᠴᠤ          

ᠠᠳᠠᠯᠢᠬᠠᠨ᠃ ᠰᠦᠯᠵᠢᠶᠠᠨ ᠬᠢᠴᠢᠶᠡᠯ ᠤᠷᠤᠭᠰᠠᠨ ᠠᠴᠠ ᠬᠤᠶᠢᠰᠢ ᠵᠠᠷᠢᠮ ᠭᠡᠤᠭᠡᠳ ᠲᠤ ᠶᠠᠬ ᠨᠢᠭᠡ ᠨᠢᠭᠡ ᠪᠠᠷ ᠨᠢ

ᠵᠢᠭᠠᠬᠤ ᠰᠢᠬ ᠪᠤᠯᠵᠠᠢ᠃ ᠵᠠᠪ ᠴᠢᠯᠦᠭᠡ ᠲᠠᠢ ᠯᠠ ᠪᠤᠯ ᠮᠠᠳᠠᠭᠦ ᠦᠭᠡᠢ ᠴᠢᠳᠠᠬᠤ ᠦᠭᠡᠢ᠂ ᠮᠠᠳᠠᠬ ᠰᠡᠵᠢᠭ ᠲᠠᠢ ᠪᠠᠨ

ᠠᠰᠠᠭᠤᠵᠤ ᠪᠠᠶᠢᠳᠠᠬ᠃ ᠲᠠᠰᠬᠠᠯ ᠢᠶᠠᠨ ᠪᠠᠷᠢᠨ ᠵᠠᠯᠠᠷᠠᠭᠤᠯᠴᠢᠬᠠᠭᠠᠳ ᠬᠢᠨᠠᠭᠤᠯᠵᠤ ᠪᠠᠶᠢᠳᠠᠬ᠃ ᠦᠪᠠᠷ ᠤᠨ

ᠤᠬᠠᠮᠰᠠᠷ ᠠᠴᠠ  ᠪᠠᠨ ᠰᠤᠯᠠ ᠰᠠᠳᠤᠪ ᠬᠢᠴᠢᠭᠡᠭᠡᠳ ᠦᠵᠠᠭᠦᠯᠵᠤ ᠪᠠᠶᠢᠳᠠᠬ᠃ ᠴᠢᠨᠠᠭᠰᠢᠯᠠᠨ ᠵᠢᠭᠠᠭ᠎ᠠ ᠦᠭᠡᠢ

ᠠᠭᠤᠯᠭ᠎ᠠ᠂ ᠭᠦᠨᠵᠡᠭᠡᠶᠢᠷᠡᠭᠦᠯᠵᠤ ᠦᠷᠭᠡᠳᠭᠡᠭᠦ ᠵᠦᠢᠯᠠᠰ᠂ ᠰᠦᠪᠡᠭᠴᠢᠯᠠᠵᠤ ᠬᠠᠶᠢᠬᠤ ᠰᠠᠳᠤᠪ ᠢ ᠭᠦᠷᠳᠠᠯ᠎ᠠ ᠦᠪᠠᠷ ᠢᠶᠠᠨ

ᠤᠷᠤᠯᠳᠤᠭᠠᠳ ᠵᠢᠭᠠᠯᠭᠠᠵᠤ ᠪᠠᠶᠢᠳᠠᠬ᠃ ᠡᠶᠢᠮᠦ ᠰᠤᠷᠤᠭᠴᠢᠳ ᠬᠢᠴᠢᠶᠡᠯ ᠲᠡᠭᠡᠷ᠎ᠠ ᠬᠢᠨᠠᠮᠠᠭᠠᠢ ᠰᠤᠨᠤᠰᠴᠤ ᠵᠢᠭᠠᠨ

ᠰᠤᠷᠭᠠᠯᠳᠠ ᠳᠤ ᠢᠳᠡᠪᠬᠢᠳᠠᠢ ᠤᠷᠤᠯᠴᠠᠳᠠᠬ᠃ ᠪᠠᠭᠰᠢ ᠶᠢᠨ ᠪᠢᠴᠢ᠂ ᠬᠢ ᠭᠡᠰᠡᠨ ᠵᠦᠢᠯᠠᠰ ᠢ ᠪᠠᠷᠢᠨ

ᠪᠠᠶᠠᠯᠠᠭᠦᠯᠴᠢᠭᠡᠭᠡᠳ ᠰᠠᠭᠦᠳᠠᠷᠯᠠᠵᠤ ᠢᠯᠠᠭᠡᠳᠡᠭ᠃ ᠡᠨᠡ ᠨᠢ ᠪᠤᠰᠤᠳ ᠰᠤᠷᠤᠭᠴᠢ ᠶᠢᠨ ᠯᠠᠪᠯᠠᠬᠤ ᠳᠤ ᠠᠰᠢᠭᠦᠢ ᠰᠠᠶᠢᠨ

ᠮᠠᠲ᠋ᠧᠷᠢᠶᠠᠯ ᠪᠤᠯᠳᠠᠬ ᠪᠢᠯᠠ᠃ ᠡᠳᠠᠨ ᠤ ᠲᠤᠳᠤᠷ᠎ᠠ ᠰᠤᠷᠭᠠᠭᠤᠯᠢ ᠳᠤ ᠬᠢᠴᠢᠶᠡᠯᠯᠡᠵᠤ ᠪᠠᠶᠢᠭ᠎ᠠ ᠦᠶᠠᠰ ᠭᠦᠮᠦᠨ ᠢ ᠨᠢ

ᠲᠠᠨᠢᠵᠤ ᠨᠠᠷ᠎ᠠ ᠶᠢ ᠨᠢ ᠬᠠᠷᠭᠤᠭᠤᠯᠵᠤ ᠲᠠᠶᠢᠯᠤᠭᠡᠳᠤᠢ ᠰᠤᠷᠤᠭᠴᠢ ᠪᠠᠶᠢᠬᠤ ᠮᠦᠷᠳᠡᠭᠡᠨ ᠨᠢᠵᠡᠭᠡᠳ ᠪᠤᠢ᠃

      ᠰᠦᠯᠵᠢᠶᠠᠨ ᠬᠢᠴᠢᠶᠡᠯ ᠢ ᠰᠠᠶ᠋ᠢ ᠤᠷᠤᠵᠤ ᠪᠠᠶᠢᠭ᠎ᠠ ᠦᠶᠠᠰ ᠳ᠋ᠢᠩ ᠳ᠋ᠢᠩ ᠬᠢᠴᠢᠶᠡᠯᠯᠡᠭᠦ ᠲᠠᠪᠴᠠᠩ ᠲᠠᠭᠡᠷ᠎ᠠ

ᠵᠢᠭᠠᠨ ᠰᠤᠷᠭᠠᠵᠤ ᠪᠠᠶᠢᠭᠰᠠᠨ ᠶᠤᠮ᠃ ᠪᠠᠭᠰᠢ ᠪᠠᠷ ᠰᠤᠷᠤᠭᠴᠢ ᠶᠢᠨ ᠲᠦᠷᠢ ᠭᠦᠳᠠᠯᠤᠯ ᠢ ᠬᠠᠷᠠᠬᠤ ᠪᠠᠶᠢᠳᠤᠭᠠᠢ

ᠭᠡᠯᠡᠵᠦ ᠶᠠᠷᠢᠬᠤ ᠶᠢ ᠨᠢ ᠭᠦᠷᠳᠠᠯ᠎ᠠ ᠰᠤᠨᠤᠰᠴᠤ ᠲᠠᠶᠢᠯᠳᠡᠭ ᠦᠭᠡᠢ ᠶᠤᠮ᠃ ᠰᠤᠷᠤᠭᠴᠢ ᠲᠠᠢ ᠬᠠᠷᠢᠯᠴᠠᠬᠤ ᠳᠤ

ᠤᠳᠠᠰᠤᠳᠠᠵᠤ᠂ ᠤᠳᠠᠰᠤ ᠵᠠᠯᠭᠠᠭᠰᠠᠨ ᠤ ᠲᠠᠷᠠᠭ᠎ᠠ ᠰᠠᠶ᠋ᠢ ᠲᠡᠭᠦᠨ ᠲᠠᠢ ᠭᠡᠯᠡᠯᠴᠠᠵᠤ ᠪᠤᠯᠳᠠᠬ᠃ ᠡᠨᠡ ᠨᠢ ᠴᠠᠭ ᠲᠤ

ᠮᠠᠰᠢ ᠬᠠᠯᠠ ᠲᠠᠢ ᠶᠢ ᠭᠡᠯᠡᠭᠦ ᠤᠤ᠂ ᠵᠢᠭᠠᠨ ᠰᠤᠷᠭᠠᠯᠳᠠ ᠶᠢᠨ ᠠᠪᠴᠠᠯᠳᠤᠯ ᠢ ᠴᠤ ᠭᠡᠴᠡᠭᠦᠦ ᠨᠦᠯᠦᠭᠡᠯᠠᠳᠡᠭ᠃ ᠵᠠᠷᠢᠮ

ᠰᠤᠷᠤᠭᠴᠢ ᠳᠤ ᠤᠳᠠᠰᠤᠳᠠᠵᠤ ᠬᠤᠯᠪᠤᠭ᠎ᠠ ᠠᠪᠬᠤ ᠦᠭᠡᠢ ᠪᠤᠯᠬᠤ ᠦᠭᠡᠢ ᠪᠠᠶᠢᠳᠠᠬ᠃ ᠤᠯᠠᠩᠬᠢ ᠰᠤᠷᠤᠭᠴᠢ ᠮᠠᠳᠠᠵᠤ

ᠤᠢᠢᠯᠠᠭᠠᠭᠰᠠᠨ ᠵᠦᠢᠯ ᠪᠤᠶᠤ ᠬᠢᠭᠰᠡᠨ ᠰᠠᠳᠤᠪ ᠢᠶᠠᠨ ᠰᠠᠭᠦᠳᠡᠷᠯᠡᠭᠦ ᠪᠤᠶᠤ ᠪᠢᠴᠢᠭᠡᠳ ᠬᠤᠯᠪᠤᠭ᠎ᠠ ᠳᠤ ᠶᠠᠪᠤᠭᠤᠯᠵᠤ

ᠪᠠᠶᠢᠬᠤ ᠳᠤ᠂ ᠲᠠᠳᠠ ᠬᠠᠷᠢᠨ ᠶᠠᠮᠠᠷ ᠴᠤ ᠲᠤᠰᠬᠠᠯ ᠭᠡᠵᠦ ᠪᠠᠶᠢᠳᠠᠬ ᠦᠭᠡᠢ᠃ ᠡᠨᠡ ᠶᠠᠭᠤ ᠶᠢ ᠬᠠᠷᠠᠭᠤᠯᠵᠤ ᠪᠠᠶᠢᠭ᠎ᠠ

ᠪᠤᠢ︖ ᠵᠠᠷᠢᠮ ᠭᠡᠤᠭᠡᠳ ᠠᠷᠭ᠎ᠠ ᠪᠠᠷᠠᠭᠳᠠᠬᠤ ᠳᠤ ᠪᠠᠨ ︽ᠪᠠᠭᠰᠢ ᠡ︕ ᠲᠤᠭᠠᠨ ᠤ ᠤᠬᠠᠭᠠᠨ ᠤ ᠬᠢᠴᠢᠶᠡᠯ ᠢ ᠪᠠᠰᠠ

ᠲᠧᠩ ᠰᠢᠶᠦ᠋ᠨ ᠬᠢᠴᠢᠶᠡᠯᠯᠡᠭᠦ ᠲᠠᠪᠴᠠᠩ ᠲᠠᠭᠡᠷ᠎ᠠ ᠤᠷᠤᠶ᠎ᠠ᠃ ᠵᠠᠷᠢᠮ ᠬᠢᠴᠢᠶᠡᠯ ᠲᠦᠷᠤᠯ ᠤᠨ ᠪᠠᠭᠰᠢ ᠲᠡᠭᠦᠨ ᠲᠠᠭᠡᠷ᠎ᠠ

ᠬᠢᠴᠢᠶᠡᠯᠯᠡᠭᠰᠡᠨ ᠠᠴᠠ ᠦᠷ᠎ᠠ ᠠᠰᠢᠬ ᠨᠢ ᠢᠯᠠᠳᠳᠠ ᠰᠠᠶᠢᠨ ᠪᠤᠯᠤᠭᠰᠠᠨ ᠰᠢᠤ︕ ᠠᠩᠬᠢ ᠶᠢᠨ ᠭᠡᠷ ᠲᠤ

ᠬᠢᠴᠢᠶᠡᠯᠯᠠᠵᠤ ᠪᠠᠶᠢᠭ᠎ᠠ ᠲᠠᠢ ᠨᠠᠯᠢᠶᠠᠳ ᠲᠦᠰᠤᠷᠭᠡᠤ ᠰᠢᠤ︾ ᠭᠡᠵᠦ ᠰᠠᠨᠠᠭᠤᠯᠪᠠ᠃ ᠲᠧᠩ ᠰᠢᠶᠦ᠋ᠨ ᠬᠢᠴᠢᠶᠡᠯᠯᠡᠭᠦ

ᠲᠠᠪᠴᠠᠩ ᠤᠨ ᠲᠦᠭᠦᠭᠡᠷᠤᠮᠵᠢ ᠴᠢᠳᠠᠮᠵᠢ ᠳᠤ ᠲᠤᠳᠤᠷᠬᠠᠢ ᠰᠢᠬ ᠪᠤᠯᠳᠠᠯ᠎ᠠ ᠪᠠᠷᠭᠡᠳᠡᠵᠦ ᠭᠦᠴᠢᠷᠳᠡᠭᠰᠡᠨ ᠪᠤᠯᠪᠠᠴᠤ

ᠪᠤᠯᠪᠠᠰᠤᠷᠠᠩᠭᠤᠢ ᠰᠢᠬ ᠪᠤᠯᠤᠭᠰᠠᠨ ᠤ ᠲᠠᠷᠠᠭ᠎ᠠ ᠬᠠᠷᠢᠨ ᠵᠢᠭᠠᠨ ᠰᠤᠷᠭᠠᠯᠳᠠ ᠶᠢᠨ ᠴᠢᠨᠠᠷ ᠴᠢᠨᠰᠠᠭ᠎ᠠ ᠢᠯᠠᠳᠳᠠ

ᠰᠠᠶᠢᠵᠢᠷᠠᠭᠰᠠᠨ ᠪᠠᠶᠢᠨ᠎ᠠ᠃ ᠬᠢᠴᠢᠶᠡᠯᠯᠡᠵᠤ ᠪᠠᠶᠢᠭ᠎ᠠ ᠶᠠᠪᠤᠴᠠ ᠳᠤ ᠰᠤᠷᠤᠭᠴᠢᠳ ᠲᠠᠢ ᠰᠢᠭᠤᠳ ᠬᠠᠷᠢᠴᠠᠵᠤ          

ᠪᠤᠯᠤᠨ᠎ᠠ᠃ ᠲᠠᠳᠠᠨ ᠤ ᠮᠠᠳᠠᠬ ᠰᠡᠵᠢᠭ ᠢ ᠪᠠᠷᠢᠨ ᠰᠢᠢᠳᠪᠤᠷᠢᠯᠠᠵᠤ ᠲᠠᠶᠢᠯᠭᠦ ᠪᠤᠯᠵᠠᠢ᠃ ᠨᠡᠩ ᠰᠤᠷᠤᠭᠴᠢᠳ

ᠦᠪᠠᠷ ᠢᠶᠠᠨ ᠰᠠᠳᠤᠪ ᠬᠢᠵᠤ ᠪᠠᠶᠢᠬᠤ ᠪᠤᠶᠤ ᠤᠷᠤᠯᠳᠤᠵᠤ ᠰᠦᠪᠡᠭᠴᠢᠯᠠᠵᠤ ᠪᠠᠶᠢᠭ᠎ᠠ ᠦᠶᠠᠰ᠂ ᠲᠠᠳᠠᠨ  ᠤ ᠭᠢᠷᠢ

ᠵᠡᠷᠭᠡ ᠬᠢᠵᠤ ᠤᠷᠤᠯᠳᠤᠵᠤ ᠪᠠᠶᠢᠭ᠎ᠠ ᠶᠢ ᠪᠠᠶᠢᠴᠠᠭᠠᠨ ᠦᠵᠠᠵᠤ ᠵᠢᠭᠠᠨ ᠵᠢᠯᠤᠭᠤᠳᠴᠤ ᠲᠠᠶᠢᠯᠭᠦ ᠪᠤᠯᠵᠠᠢ᠃ ᠡᠨᠡ ᠨᠢ

ᠰᠤᠷᠤᠭᠴᠢ ᠶᠢᠨ ᠬᠢᠴᠢᠶᠡᠯ ᠢᠶᠠᠨ ᠬᠠᠰᠢ ᠶᠠᠰᠢ ᠰᠤᠨᠤᠰᠬᠤ ᠪᠤᠶᠤ ᠰᠤᠨᠤᠰᠬᠤ ᠦᠭᠡᠢ ᠶᠢ ᠵᠤᠬᠢᠬᠤ ᠭᠡᠮᠵᠢᠶ᠎ᠠ ᠪᠠᠷ

ᠬᠤᠷᠢᠭᠯᠠᠵᠤ ᠲᠠᠶᠢᠯᠦᠭᠰᠡᠨ ᠪᠠᠶᠢᠨ᠎ᠠ᠃

      ᠬᠢᠵᠢᠭ ᠲᠠᠬᠤᠯ ᠤᠨ ᠰᠠᠷᠭᠡᠶᠢᠯᠠᠯᠳᠠ ᠶᠢᠨ ᠬᠤᠭᠤᠴᠠᠭᠠᠨ ᠳᠤ ᠭᠡᠷ ᠤᠨ ᠠᠬᠠᠮᠠᠳ ᠨᠢ ᠴᠤ ᠡᠳᠤᠷ ᠲᠤᠵᠢ

ᠭᠡᠤᠭᠡᠳ ᠲᠠᠢ ᠪᠠᠨ ᠬᠠᠮᠳᠤ ᠪᠠᠶᠢᠳᠠᠬ ᠪᠤᠯᠬᠤᠷ ᠭᠡᠤᠭᠡᠳ ᠤᠨ ᠢᠶᠠᠨ ᠬᠢᠷᠢ ᠵᠡᠷᠭᠡ ᠰᠤᠷᠤᠯᠴᠠᠵᠤ ᠪᠠᠶᠢᠭ᠎ᠠ ᠶᠢ

ᠠᠩᠬᠠᠷᠬᠤ ᠪᠤᠶᠤ ᠤᠢᠢᠯᠠᠭᠠᠬᠤ ᠨᠦᠭᠦᠴᠡᠯ ᠪᠤᠯᠤᠮᠵᠢ ᠲᠠᠢ ᠶᠤᠮ᠃ ᠵᠠᠷᠢᠮ ᠨᠢ ᠴᠢᠯᠦᠭᠡ ᠵᠠᠪ ᠲᠠᠢ ᠯᠠ ᠶᠤᠮ ᠪᠤᠯ

ᠭᠡᠤᠭᠡᠳ ᠲᠠᠢ ᠪᠠᠨ ᠬᠠᠮᠳᠤ ᠬᠢᠴᠢᠶᠡᠯ ᠰᠤᠨᠤᠰᠳᠠᠬ᠂ ᠭᠡᠤᠭᠡᠳ ᠤᠨ ᠪᠠᠶᠢᠳᠠᠯ ᠢ ᠴᠠᠭ ᠲᠤᠬᠠᠢ ᠳᠤ ᠨᠢ ᠤᠢᠢᠯᠠᠭᠠᠵᠤ

ᠮᠠᠳᠡᠭᠡᠳ ᠵᠢᠭᠠᠵᠤ ᠵᠢᠯᠤᠭᠤᠳᠳᠠᠬ᠃ ᠲᠠᠰᠬᠠᠯ ᠲᠠᠭᠠᠭᠠᠯᠭᠠᠪᠤᠷᠢ ᠶᠢ ᠨᠢ ᠬᠢᠨᠠᠵᠤ ᠵᠠᠰᠠᠳᠠᠬ᠃ ᠬᠠᠶᠠ ᠪᠠᠰᠠ ᠪᠠᠭᠰᠢ ᠲᠠᠢ

ᠬᠤᠯᠪᠤᠭ᠎ᠠ ᠠᠪᠴᠤ ᠭᠡᠤᠭᠡᠳ ᠤᠨ ᠢᠶᠠᠨ ᠲᠤᠬᠠᠢ ᠪᠤᠶᠤ ᠵᠢᠭᠠᠨ ᠰᠤᠷᠭᠠᠯᠳᠠ ᠶᠢᠨ ᠲᠤᠬᠠᠢ ᠰᠤᠯᠢᠯᠴᠠᠳᠠᠬ᠃ ᠭᠡᠷ ᠤᠨ

ᠠᠬᠠᠮᠠᠳ ᠤᠨ ᠬᠠᠪᠰᠤᠷᠤᠯᠭ᠎ᠠ ᠲᠠᠮᠵᠢᠯᠭᠡ᠂ ᠭᠦᠮᠦᠵᠢᠯ ᠰᠤᠷᠭᠠᠯ᠂ ᠬᠠᠶᠢᠷ᠎ᠠ ᠬᠠᠯᠠᠮᠵᠢ ᠳᠤ ᠭᠡᠤᠭᠡᠳ ᠤᠨ ᠬᠢ ᠨᠢ

ᠰᠤᠷᠤᠯᠴᠠᠬᠤ ᠬᠠᠷᠠᠯᠳᠠ ᠲᠤᠳᠤ᠂ ᠰᠤᠷᠤᠯᠴᠠᠬᠤ ᠤᠪᠤᠷ ᠲᠦᠪ ᠪᠤᠯᠬᠤ ᠦᠭᠡᠢ ᠭᠡᠰᠡᠨ ᠤᠴᠢᠷ ᠪᠠᠶᠢᠨ᠎ᠠ ᠤᠤ᠂

ᠬᠢᠴᠢᠶᠡᠯ ᠰᠤᠷᠤᠯᠭ᠎ᠠ ᠳᠤ ᠪᠠᠨ ᠴᠢᠷᠮᠠᠶᠢᠬᠤ ᠦᠭᠡᠢ ᠭᠡᠰᠡᠨ ᠤᠴᠢᠷ ᠪᠠᠶᠢᠨ᠎ᠠ ᠤᠤ᠂ ᠬᠢᠷᠢ ᠲᠦᠪᠰᠢᠨ ᠨᠢ ᠲᠡᠭᠡᠭᠰᠢᠯᠠᠭᠦ

ᠦᠭᠡᠢ ᠭᠡᠰᠡᠨ ᠤᠴᠢᠷ ᠪᠠᠶᠢᠨ᠎ᠠ ᠤᠤ᠂ ᠭᠡᠪ ᠪᠤᠯᠪᠠᠰᠤᠷᠠᠯ ᠨᠢ ᠦᠨᠳᠤᠷᠵᠢᠭᠦ ᠦᠭᠡᠢ ᠭᠡᠰᠡᠨ ᠤᠴᠢᠷ ᠪᠠᠶᠢᠨ᠎ᠠ ᠤᠤ᠂

ᠰᠢᠯᠢᠳᠡᠭ ᠰᠠᠶᠢᠨ ᠰᠤᠷᠤᠯᠴᠠᠬᠤ ᠲᠠᠳᠬᠠᠯ ᠢ ᠪᠦᠷᠢᠯᠳᠤᠭᠦᠯᠭᠦ ᠦᠭᠡᠢ ᠭᠡᠰᠡᠨ ᠤᠴᠢᠷ ᠪᠠᠶᠢᠨ᠎ᠠ ᠤᠤ᠃

      ᠬᠢᠵᠢᠭ ᠲᠠᠬᠤᠯ ᠭᠡᠴᠡᠭᠦᠦ ᠰᠦᠷᠡᠭᠡᠢ ᠪᠤᠯᠪᠠᠴᠤ ᠲᠦᠷ ᠵᠠᠭᠤᠷ᠎ᠠ ᠶᠢᠨ ᠬᠢ᠂ ᠲᠦᠳᠠᠯ ᠦᠭᠡᠢ ᠠᠷᠢᠯᠵᠤ

ᠵᠠᠮᠬᠠᠷᠠᠬᠤ ᠪᠠᠶᠢᠯᠭᠦᠢ᠃ ᠴᠢᠷᠮᠠᠶᠢᠯᠭ᠎ᠠ ᠲᠠᠪᠰᠢᠯᠳᠠ ᠬᠠᠷᠢᠨ ᠦᠨᠢ ᠮᠦᠡᠭᠭᠡ  ᠶᠢᠨ ᠬᠢ᠂ ᠬᠢᠵᠢᠭ ᠤᠨ

ᠰᠦᠷᠳᠠᠭᠦᠯᠦᠯ ᠳᠤ ᠵᠤᠭᠰᠤᠩᠭᠤᠢᠢᠷᠠᠵᠤ ᠪᠤᠯᠤᠨ᠎ᠠ ᠤᠤ᠂ ᠨᠡᠩ ᠤᠬᠤᠷᠢᠵᠤ ᠪᠤᠯᠤᠨ᠎ᠠ ᠤᠤ ᠳ᠋ᠠ︕

       ᠠᠵᠢᠯᠯᠠᠵᠤ ᠪᠠᠶᠢᠭ᠎ᠠ ᠪᠠᠶᠢᠭᠤᠯᠭ᠎ᠠ᠄ ᠭᠦᠭᠡᠬᠤᠳᠠ ᠶᠢᠨ ᠮᠤᠩᠭᠤᠯ ᠦᠨᠳᠤᠰᠤᠳᠠᠨ ᠤ ᠰᠤᠷᠭᠠᠭᠤᠯᠢ

                                 ︵ᠠᠯᠳᠠᠨᠰᠦ᠋ᠭᠡ ᠨᠠᠶᠢᠷᠠᠭᠤᠯᠪᠠ︶

                                 2023.2 ᠳ᠋ᠤᠭᠠᠷ ᠬᠤᠭᠤᠴᠠᠭ᠎ᠠ 

 

 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map