ᠬᠠᠬᠢᠷ ᠤᠨ ᠬᠦᠪᠡᠭᠡᠨ ᠠᠴᠠ ᠲᠡᠭᠦᠯᠢᠭᠰᠡᠨ ᠬᠠᠷᠴᠠᠭᠠᠢ ᠰᠢᠪᠠᠭᠤ
ᠨᠡᠶᠢᠲᠡᠯᠡᠭᠰᠡᠨ ᠴᠠᠭ᠄
2023/10/17
                  ᠪᠤᠷᠵᠢᠭᠢᠨ ᠲᠡᠯᠭᠡᠷᠬᠦᠤ

泉-1.png

      ᠦᠨᠳᠤᠷ ᠰᠦᠷᠯᠢᠭ ᠠᠭᠤᠯᠠ ᠬᠠᠶᠢᠷᠬᠠᠳ ᠠᠯᠳᠠᠨ ᠨᠠᠮᠤᠷ ᠤᠨ ᠠᠯᠠᠭᠠᠨ ᠲᠡᠭᠡᠷ᠎ᠡ ᠰᠢᠵᠢᠷᠳᠤᠨ ᠭᠢᠯᠠᠯᠵᠠᠭᠠᠳ

ᠤᠨᠴᠠ ᠶᠢᠨ ᠲᠠᠭᠠᠳᠠᠶᠢᠬᠠᠨ ᠪᠦᠭᠡᠳ ᠲᠠᠶᠢᠪᠤᠭᠤᠬᠠᠨ᠃ ᠠᠭᠤᠳᠠᠮ ᠰᠠᠷᠠᠭᠤᠯᠬᠠᠨ ᠵᠢᠷᠦᠬᠡ ᠶᠢᠨ ᠲᠠᠯ᠎ᠠ ᠳᠤ ᠡᠪᠡᠰᠤᠨ

ᠲᠤᠯᠤᠭᠠᠢ ᠬᠠᠯᠢᠭᠤᠷᠠᠨ ᠨᠠᠬᠢᠯᠵᠠᠵᠤ ᠤᠶᠠᠩᠭᠠᠳᠤ ᠨᠠᠮᠤᠷ ᠤᠨ ᠬᠤᠩᠭᠤᠷ ᠰᠠᠯᠬᠢᠨ᠎ᠠ ᠠᠶᠠᠷ ᠠᠶᠠᠷᠬᠠᠨ ᠭᠠᠩᠬᠤᠬᠤ ᠨᠢ

ᠤᠷᠮ᠎ᠠ ᠶᠢ ᠰᠡᠷᠭᠦᠭᠡᠮᠡᠷ ᠰᠠᠶᠢᠬᠠᠨ᠃ ᠤᠭᠠᠯᠵᠠᠯᠠᠨ ᠤᠷᠤᠰᠬᠤ ᠬᠠᠬᠢᠷ ᠤᠨ ᠭᠤᠤᠯ ᠲᠦᠯᠭᠡᠨ ᠨᠠᠮᠵᠢᠭᠤᠬᠠᠨ ᠢᠶᠠᠷ

ᠠᠯᠤᠰ ᠢ ᠴᠢᠭᠯᠡᠨ ᠤᠳᠬᠤ ᠨᠢ ᠤᠳᠠᠭᠠᠨ ᠤᠨ ᠤ ᠲᠡᠤᠬᠡ ᠴᠠᠳᠢᠭ ᠢ ᠤᠳᠤᠮᠳᠤ ᠬᠤᠶᠢᠴᠢᠰ ᠲᠤ ᠪᠠᠨ ᠭᠦᠤᠷᠨᠢᠬᠦ

ᠮᠡᠳᠤ᠃ ᠲᠡᠶᠢᠮᠤ ᠡ᠂ ᠠᠭᠤᠯᠠ ᠤᠰᠤᠨ ᠤ ᠲᠤᠮᠤᠭᠳᠤ ᠠᠯᠳᠠᠷ ᠡᠷᠭᠦᠵᠤ ᠤᠯᠠᠨ ᠮᠢᠩᠭᠠᠨ ᠰᠢᠯᠢᠳᠡᠭ ᠦᠷᠡᠰ ᠢᠶᠠᠨ

ᠲᠦᠷᠦᠭᠦᠯᠳᠡᠭ ᠬᠡᠶᠢᠮᠦᠷᠢᠯᠢᠭ ᠨᠤᠳᠤᠭ ᠭᠡᠭᠴᠢ ᠦᠶ᠎ᠡ ᠶᠢᠨ ᠦᠶ᠎ᠡ ᠳᠤ ᠮᠦᠩᠭᠡᠷᠡᠳᠡᠭ ᠤᠴᠢᠷᠳᠠᠢ᠃

      ᠪᠤᠶᠠᠨᠳᠤ ᠰᠠᠶᠢᠬᠠᠨ ᠡᠨᠡ ᠨᠤᠳᠤᠭ ᠠᠴᠠ ᠤᠯᠠᠨ ᠠᠷᠪᠢᠨ ᠡᠷᠳᠡᠮᠳᠡᠨ ᠴᠢᠳᠠᠪᠤᠷᠢᠳᠠᠨ ᠴᠤᠯᠭᠤᠷᠠᠭᠰᠠᠭᠠᠷ

ᠢᠷᠡᠵᠡᠢ᠃ ᠡᠭᠦᠨ ᠤ ᠲᠤᠳᠤᠷᠠᠬᠢ ᠤᠨᠴᠠ ᠶᠢᠨ ᠨᠢᠭᠡᠨ ᠤᠳᠤᠨ — ᠰᠠᠶ᠋ᠢᠬᠠᠨ ᠤᠯᠤᠰ᠂ ᠤᠷᠤᠨ ᠤ ᠱᠠᠩᠨᠠᠯ

ᠬᠦᠭᠢᠬᠦᠯᠦᠯ ᠢᠶᠠᠷ ᠡᠩᠭᠡᠷ ᠢᠶᠠᠨ ᠮᠢᠯᠢᠶᠠᠯᠭᠠᠵᠤ ᠨᠡᠶᠢᠳᠡ ᠤᠯᠠᠨ ᠤ ᠪᠠᠨ ᠮᠠᠭᠳᠠᠭᠠᠯ ᠰᠠᠶᠢᠰᠢᠶᠠᠯ ᠢᠶᠠᠷ ᠭᠠᠯᠭᠢᠭᠤᠯᠵᠤ

ᠶᠠᠪᠤᠭ᠎ᠠ ᠰᠢᠨ᠎ᠡ ᠡᠷᠢᠨ ᠤ ᠰᠤᠳᠤᠨ ᠪᠠᠭᠰᠢ — ᠴᠢᠪᠠᠭ᠎ᠠ ᠮᠤᠩᠭᠤᠯ ᠪᠠᠭ᠎ᠠ ᠰᠤᠷᠭᠠᠭᠤᠯᠢ ᠶᠢᠨ ᠲᠡᠳ᠋ ᠵᠠᠬᠢᠷᠤᠯ ᠯᠢ

ᠬᠠᠢ ᠯᠦᠩ ᠨᠦᠬᠦᠷ ᠪᠤᠯ ᠲᠠᠷᠤᠢ ᠡᠭᠦᠨ ᠤ ᠲᠤᠳᠤᠷᠠᠬᠢ ᠨᠢᠭᠡᠨ ᠰᠢᠯᠢᠳᠡᠭ ᠵᠢᠱᠢᠶ᠎ᠡ ᠪᠠᠶᠢᠭ᠎ᠠ ᠶᠤᠮ᠃ ᠲᠡᠷᠡ ᠪᠤᠯ

ᠤᠯᠠᠭᠠᠠᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠬᠠᠨᠰᠦ᠋ᠮ᠎ᠡ ᠰᠤᠮᠤ ᠶᠢᠨ ᠵᠢᠷᠤᠬᠡ ᠬᠡᠮᠡᠬᠦ ᠠᠭᠤᠯᠠ ᠲᠠᠢ

ᠤᠰᠤ ᠲᠠᠢ ᠦᠯᠢᠭᠡᠷ ᠲᠠᠢ ᠲᠡᠤᠬᠡ ᠲᠠᠢ ᠰᠠᠶᠢᠬᠠᠨ ᠭᠠᠵᠠᠷ ᠲᠠᠯ᠎ᠠ ᠶᠢᠨ ᠮᠠᠯᠴᠢᠨ ᠰᠠᠶᠢᠨᠴᠤᠭᠳᠤ᠂ ᠪᠤᠤ ᠶᠢᠨ

ᠬᠤᠸᠠ ᠶᠢᠨ ᠪᠤᠭᠤᠨᠢ ᠰᠠᠷᠠᠪᠴᠢ ᠲᠠᠢ ᠪᠤᠷᠤ ᠭᠡᠷ ᠲᠤ ᠪᠤᠯᠤᠷ ᠬᠠᠰ ᠰᠢᠬ ᠪᠤᠯᠪᠠᠷᠠᠢ ᠭᠡᠭᠡᠨᠴᠢᠷ ᠴᠢᠷᠠᠢ ᠲᠠᠢ᠂

ᠪᠤᠳᠤᠭᠤᠨ ᠬᠠᠷ᠎ᠠ ᠰᠢᠬ ᠲᠤᠩᠭᠠᠯᠠᠭ ᠪᠤᠷᠤᠬᠠᠨ ᠨᠢᠳᠤ ᠲᠠᠢ᠂ ᠪᠤᠳᠤᠵᠤ ᠵᠢᠷᠤᠭᠰᠠᠨ ᠰᠢᠬ ᠦᠳᠬᠡᠨ ᠰᠠᠶᠢᠬᠠᠨ

ᠬᠦᠮᠦᠰᠭᠡ ᠲᠠᠢ᠂ ᠪᠤᠷᠭᠢᠯ ᠪᠤᠯᠠᠭ ᠰᠢᠬ ᠪᠢᠯᠢᠭ ᠴᠡᠴᠡᠨ ᠬᠡᠤᠬᠡᠨ ᠨᠢ ᠪᠤᠯᠵᠤ ᠵᠠᠶᠠᠭᠠᠭᠰᠠᠨ ᠪᠠᠶᠢᠨ᠎ᠠ᠃ ᠲᠡᠷᠡ ᠮᠠᠨᠢ

ᠬᠠᠷᠠᠬᠠᠨ ᠪᠠᠭ᠎ᠠ ᠠᠴᠠ ᠪᠠᠨ ᠠᠪᠤᠭᠠᠳ ᠤᠨᠴᠠ ᠶᠢᠨ ᠰᠡᠴᠡᠨ ᠰᠡᠷᠭᠦᠯᠡᠩ᠂ ᠤᠷᠤᠯᠳᠤᠯᠭ᠎ᠠ ᠰᠠᠶᠢᠳᠠᠢ ᠪᠠᠶᠢᠵᠤ

ᠨᠠᠭᠠᠳᠤᠮ ᠲᠤᠭᠯᠠᠭᠠᠮ᠂ ᠭᠡᠷ ᠤᠨ ᠠᠷᠰᠠᠷ ᠠᠵᠢᠯ ᠠᠴᠠ ᠠᠪᠤᠭᠠᠳ ᠬᠡᠬᠡᠷ᠎ᠡ ᠲᠠᠯ᠎ᠠ ᠬᠤᠷᠠᠭ᠎ᠠ ᠲᠤᠭᠤᠯ ᠬᠠᠷᠢᠭᠤᠯᠬᠤ

ᠵᠡᠷᠭᠡ ᠳᠤ ᠪᠦᠷ ᠶᠡᠭᠡ ᠤᠷ᠎ᠠ ᠲᠡᠮ ᠲᠠᠢ ᠪᠠᠶᠢᠵᠤ ᠠᠶᠢᠯ ᠰᠠᠭᠠᠬᠠᠯᠳᠠ ᠶᠢᠨ ᠢᠶᠠᠨ ᠮᠠᠭᠳᠠᠭᠠᠯ ᠰᠠᠶᠢᠰᠢᠶᠠᠯ ᠢ ᠦᠷᠭᠦᠯᠵᠢ

ᠬᠦᠷᠳᠡᠳᠡᠭ᠃ ᠨᠡᠩ ᠢᠯᠠᠩᠭᠤᠶ᠎ᠠ ᠠᠪᠤ ᠡᠵᠢ ᠪᠠᠨ ᠬᠠᠪᠰᠤᠷᠴᠤ ᠠᠵᠢᠯ ᠬᠦᠳᠡᠯᠮᠦᠷᠢ ᠬᠢᠬᠦ ᠵᠡᠷᠭᠡ ᠳᠤ ᠶᠡᠭᠡ

ᠪᠠᠬ᠎ᠠ ᠲᠠᠢ ᠪᠠᠶᠢᠵᠤ ᠢᠰᠢᠭᠡ ᠶᠢᠨ ᠰᠡᠭᠦᠯ ᠰᠢᠭ ᠵᠢᠭᠠᠬᠠᠨ ᠡᠪᠡᠷ ᠭᠡᠵᠢᠭᠡ ᠪᠠᠨ ᠤᠳᠦ᠋ᠢᠯᠭᠠᠭᠠᠳ ᠠᠪᠠᠷ ᠲᠠᠪᠠᠷ

ᠶᠠᠭᠤᠮ᠎ᠠ ᠬᠢᠵᠤ ᠤᠷᠤᠯᠳᠤᠵᠤ ᠯᠡ ᠪᠠᠶᠢᠳᠠᠭ ᠪᠠᠭ᠎ᠠ ᠠᠴᠠ ᠪᠠᠨ ᠠᠵᠢᠬᠴᠢ ᠭᠢᠷᠠᠬᠠᠢ᠂ ᠤᠷᠠᠨ ᠰᠠᠮᠪᠠᠭᠠᠯᠢᠭ ᠬᠡᠤᠬᠡᠳ

ᠪᠢᠯᠡ᠃ ᠤᠨᠠᠭᠠᠨ ᠨᠠᠰᠤ ᠶᠢ ᠤᠷᠮ᠎ᠠ ᠬᠦᠳᠦᠯᠵᠤ᠂ ᠤᠷᠤᠭᠰᠢ ᠵᠠᠮ ᠢ ᠵᠤᠷᠢᠭ ᠬᠦᠳᠦᠯᠬᠦ ᠭᠡᠭᠴᠢ ᠶᠢᠷᠳᠢᠨᠴᠤ ᠶᠢᠨ

ᠵᠢᠮ᠎ᠡ ᠪᠤᠶᠤ᠃ ᠪᠠᠭ᠎ᠠ ᠶᠢᠨ ᠰᠤᠷᠴᠤ ᠡᠵᠡᠮᠰᠢᠬᠦ ᠰᠤᠨᠢᠭᠤᠴᠢ ᠵᠠᠩ ᠲᠠᠢ ᠲᠡᠷᠡ ᠮᠠᠨᠢ ᠢᠩᠬᠢᠵᠤ ᠯᠡ ᠤᠨᠠᠭᠠᠨ ᠪᠠᠭ᠎ᠠ

ᠨᠠᠰᠤᠨ ᠠᠴᠠ ᠪᠠᠨ ᠰᠤᠷᠬᠤ ᠶᠢᠨ ᠰᠠᠶᠢᠬᠠᠨ ᠪᠤᠳᠤᠯ ᠳᠤ ᠬᠦᠳᠦᠯᠦᠭᠳᠡᠵᠤ ᠬᠦᠰᠡᠯ ᠬᠦᠭᠡᠭᠡᠴᠡᠯᠳᠤᠯ ᠤᠨ ᠢᠶᠠᠨ

ᠦᠷ ᠤᠨ ᠭᠡᠭᠡ ᠶᠢ ᠤᠭᠳᠤᠨ ᠠᠪᠤᠭᠰᠠᠨ ᠪᠠᠶᠢᠭ᠎ᠠ ᠶᠤᠮ ᠡ᠃ ᠲᠡᠷᠡ ᠮᠠᠨᠢ ᠠᠷᠠᠳ ᠤᠨ ᠰᠤᠷᠭᠠᠭᠤᠯᠢ ᠶᠢᠨ ᠠᠯᠳᠠᠨ

ᠪᠤᠱᠤᠭ᠎ᠠ ᠶᠢ ᠠᠯᠬᠤᠨ ᠤᠷᠤᠭᠰᠠᠨ ᠠᠩᠬᠠᠨ ᠤ ᠡᠳᠤᠷ ᠠᠴᠠ ᠪᠠᠨ ᠠᠪᠤᠭᠠᠳ ᠬᠢᠴᠢᠶᠡᠯ ᠪᠦᠷᠢ ᠶᠢ ᠬᠢᠴᠢᠶᠡᠩᠭᠦ᠋ᠢᠯᠡᠨ

ᠰᠤᠷᠴᠤ ᠰᠢᠮᠳᠡᠨ ᠴᠢᠷᠮᠠᠶᠢᠵᠤ ᠦᠪᠡᠷ ᠤᠨ ᠢᠶᠠᠨ ᠲᠤᠳᠤᠭᠠᠳᠤ ᠡᠨᠧᠷᠭᠢ ᠪᠤᠯᠭᠠᠵᠤ ᠡᠵᠡᠮᠰᠢᠭᠰᠡᠭᠡᠷ ᠪᠠᠶᠢᠵᠤ

ᠰᠤᠷᠬᠤ ᠶᠢᠨ ᠬᠤᠷᠤᠬᠠᠢ ᠲᠠᠢ ᠪᠤᠯᠵᠤ ᠬᠤᠭᠤᠴᠠᠭ᠎ᠠ ᠪᠤᠯᠭᠠᠨ ᠢ ᠰᠢᠯᠢᠳᠡᠭ ᠪᠦᠳᠦᠮᠵᠢ ᠪᠠᠷ ᠤᠭᠳᠤᠵᠤ ᠦᠳᠡᠭᠰᠡᠭᠡᠷ

ᠪᠠᠶᠢᠵᠤ ᠁ ᠨᠢᠭᠡ ᠯᠡ ᠮᠡᠳᠡᠬᠦ ᠳᠤ ᠡᠪᠡᠷ ᠭᠡᠵᠢᠭᠡ ᠤᠳᠦ᠋ᠢᠯᠭᠠᠭᠰᠠᠨ ᠵᠢᠭᠠᠯ ᠬᠡᠤᠬᠡᠨ ᠬᠠᠢ ᠯᠦᠩ ᠮᠠᠨᠢ ᠶᠡᠭᠡ

ᠰᠤᠷᠭᠠᠭᠤᠯᠢ ᠶᠢᠨ ᠤᠶᠤᠳᠠᠨ ᠪᠤᠯᠴᠢᠬᠠᠵᠤ ᠠᠷᠤ ᠬᠤᠷᠴᠢᠨ ᠤ ᠲᠠᠯ᠎ᠠ ᠨᠤᠳᠤᠭ ᠠᠴᠠ ᠦᠪᠤᠷ ᠮᠤᠩᠭᠤᠯ ᠤᠨ

ᠦᠨᠳᠤᠰᠦᠳᠡᠨ ᠤ ᠶᠡᠭᠡ ᠰᠤᠷᠭᠠᠭᠤᠯᠢ ᠵᠦᠭ ᠨᠢᠰᠦᠨ ᠲᠡᠭᠦᠯᠢᠬᠦ ᠪᠤᠯᠤᠯ᠎ᠠ᠃ ᠡᠶᠢᠨ ᠬᠦ ᠬᠠᠬᠢᠷ ᠤᠨ ᠬᠦᠪᠡᠭᠡᠨ ᠠᠴᠠ

ᠲᠡᠪᠳᠡᠷᠢᠭᠰᠡᠨ ᠬᠠᠷᠴᠠᠭᠠᠢ ᠶᠢᠨ ᠮᠠᠨᠢ ᠦᠳᠤ ᠰᠤᠳᠤ ᠨᠢ ᠪᠦᠷᠢᠳᠴᠤ ᠵᠢᠷᠬᠢᠨ ᠲᠤᠩᠭᠤᠳᠬᠤ ᠡᠭᠡᠰᠢᠭ ᠠᠶᠠᠯᠭᠤ ᠨᠢ

ᠬᠦᠷᠳᠡᠯ᠎ᠡ ᠴᠡᠭᠡᠵᠢ ᠰᠡᠳᠬᠢᠯ ᠢ ᠲᠤᠭᠳᠤᠭᠤᠯᠤᠮ᠎ᠠ᠂ ᠴᠢᠬᠢᠨ ᠰᠤᠨᠤᠷ ᠢ ᠪᠠᠶᠠᠰᠬᠠᠮ᠎ᠠ ᠢᠷᠠᠭᠤ ᠡᠭᠡᠰᠢᠭᠯᠢᠭ ᠰᠤᠳᠤᠨ

ᠰᠤᠨᠤᠰᠬᠤᠯᠠᠩ ᠪᠠᠶᠢᠵᠤ ᠦᠪᠦᠷ ᠮᠤᠩᠭᠤᠯ ᠤᠨ ᠦᠨᠳᠦᠰᠦᠳᠡᠨ ᠤ ᠶᠡᠭᠡ ᠰᠤᠷᠭᠠᠭᠤᠯᠢ ᠳᠤ ᠤᠯᠠᠨ ᠰᠠᠶᠢᠬᠠᠨ

ᠠᠮᠵᠢᠯᠳᠠ ᠪᠠᠷ ᠤᠶᠤᠨ ᠤᠬᠠᠭᠠᠨ ᠢᠶᠠᠨ ᠰᠢᠮᠡᠵᠢᠭᠦᠯᠦᠨ ᠪᠠᠳᠤᠳᠬᠠᠭᠰᠠᠭᠠᠷ ᠤᠨᠴᠠ ᠶᠢᠨ ᠰᠢᠯᠢᠳᠡᠭ ᠢᠶᠠᠷ ᠦᠪᠤᠷ

ᠮᠤᠩᠭᠤᠯ ᠤᠨ ᠦᠨᠳᠤᠰᠤᠳᠠᠨ ᠤ ᠶᠡᠭᠡ ᠰᠤᠷᠭᠠᠭᠤᠯᠢ ᠶᠢ ᠲᠡᠭᠦᠰᠭᠡᠵᠤ ᠠᠷᠠᠳ ᠤᠨ ᠪᠠᠭᠰᠢ ᠶᠢᠨ ᠡᠩᠨᠡᠭᠡᠨ ᠳᠤ ᠢᠳᠡᠭᠡᠯ

ᠲᠡᠭᠦᠯᠳᠡᠷ ᠨᠡᠷ᠎ᠡ ᠮᠡᠳᠡᠭᠦᠯᠦᠭᠰᠡᠨ ᠪᠠᠶᠢᠨ᠎ᠠ᠃ ᠢᠩᠬᠢᠭᠡᠳ ᠲᠡᠷᠡ ᠮᠠᠨᠢ ᠬᠠᠮᠢᠭ᠎ᠠ ᠬᠤᠪᠢᠶᠠᠭᠳᠠᠬᠤ ᠪᠠᠨ ᠬᠦᠯᠢᠶᠡᠵᠤ

ᠰᠡᠳᠬᠢᠯ ᠲᠤᠭᠳᠤᠯᠤᠨ ᠰᠠᠭᠤᠯ᠎ᠠ᠃ ᠲᠠᠮᠡᠢ ᠤᠳᠠᠭᠰᠠᠨ ᠦᠭᠡᠢ ᠮᠡᠳᠡᠭᠳᠡᠯ ᠨᠢ ᠢᠷᠡᠴᠢᠬᠡᠵᠤ ᠲᠡᠭᠦᠨ ᠢ ᠬᠤᠰᠢᠭᠤᠨ ᠤ

ᠬᠤᠶᠠᠳᠤᠭᠠᠷ ᠪᠠᠭ᠎ᠠ ᠰᠤᠷᠭᠠᠭᠤᠯᠢ ᠳᠤ ᠬᠤᠪᠢᠶᠠᠷᠢᠯᠠᠭᠰᠠᠨ ᠪᠠᠶᠢᠯ᠎ᠠ᠃ ᠴᠤᠯ ᠮᠠᠯᠵᠢᠬᠤ ᠮᠤᠩᠭᠤᠯ ᠨᠤᠳᠤᠭ ᠲᠤ

ᠲᠦᠷᠦᠵᠤ ᠦᠰᠦᠭᠰᠡᠨ ᠲᠡᠭᠦᠨ ᠳᠤ ᠡ᠊ᠨᠡ ᠭᠦ ᠴᠤᠯ ᠬᠢᠳᠡᠳ ᠢᠶᠠᠷ ᠬᠢᠴᠢᠶᠡᠯᠯᠡᠬᠦ ᠰᠤᠷᠭᠠᠭᠤᠯᠢ ᠳᠤ

ᠬᠤᠪᠢᠶᠠᠷᠢᠯᠠᠭᠳᠠᠭᠰᠠᠨ ᠶᠠᠪᠤᠳᠠᠯ ᠨᠢ ᠲᠤᠩ ᠰᠠᠨᠠᠭᠠᠨ ᠳᠤ ᠦᠭᠡᠢ ᠪᠠᠶᠢᠵᠤ ᠬᠠᠢ ᠯᠦᠩ ᠤᠨ ᠮᠠᠨᠢ ᠰᠢᠨ᠎ᠡ ᠠᠵᠢᠯ

ᠠᠯᠪᠠᠨ ᠳᠤ ᠭᠠᠷᠬᠤ ᠭᠡᠵᠤ ᠲᠤᠭᠳᠤᠯᠵᠤ ᠪᠠᠶᠠᠷᠯᠠᠭᠰᠠᠨ ᠬᠦᠭᠰᠡᠯ ᠬᠡᠶᠢᠷᠬᠡᠯ ᠨᠢ ᠭᠱᠠᠨ ᠵᠠᠭᠤᠷ᠎ᠠ ᠮᠦᠰᠤ ᠵᠠᠯᠭᠢᠭᠰᠠᠨ

ᠰᠢᠬ ᠬᠦᠢᠳᠡᠨ ᠤᠷᠭᠢᠵᠤ ᠤᠴᠢᠪᠠ᠃ ᠲᠡᠷᠡ ᠮᠠᠨᠢ ᠲᠤᠯᠤᠭᠠᠢ ᠭᠠᠨᠵᠤᠭᠠᠯᠠᠨ ᠲᠤᠳᠤᠷ᠎ᠠ ᠦᠷᠦᠭᠡᠨ ᠳᠤ ᠪᠠᠨ ᠤᠷᠤᠵᠤ

ᠡᠭᠦᠳᠡ ᠪᠠᠨ ᠲᠦᠭᠵᠢᠭᠡᠳ ᠨᠢᠭᠡ ᠰᠦᠨᠢ ᠪᠤᠳᠤᠯᠭ᠎ᠠ ᠪᠤᠯᠵᠤ ᠰᠠᠭᠤᠪᠠ᠃ ᠮᠤᠩᠭᠤᠯ ᠰᠤᠷᠭᠠᠭᠤᠯᠢ ᠳᠤ

ᠬᠤᠪᠢᠶᠠᠭᠳᠠᠭᠰᠠᠨ ᠪᠤᠯ ᠪᠢ ᠡᠨᠡ ᠦᠶ᠎ᠡ ᠳᠤ ᠬᠦᠯ ᠭᠠᠵᠠᠷ ᠬᠦᠷᠬᠦ ᠦᠭᠡᠢ ᠪᠠᠶᠠᠷᠯᠠᠵᠤ ᠪᠠᠶᠢᠬᠤ ᠦᠭᠡᠢ ᠤᠤ ᠳ᠋ᠠ

ᠭᠡᠵᠤ ᠪᠤᠳᠤᠪᠠᠯ ᠨᠢᠳᠤᠨ ᠨᠢᠯᠪᠤᠰᠤ ᠨᠢ ᠦᠪᠡᠷ ᠤᠨ ᠡᠷᠬᠡ ᠦᠭᠡᠢ ᠪᠦᠮᠪᠦᠷᠢᠨ᠎ᠡ᠃ ᠡᠩ ᠤᠨ ᠦᠶ᠎ᠡ ᠳᠤ ᠬᠡᠳᠤᠨ

ᠬᠢᠳᠠᠳ ᠦᠭᠡ ᠬᠡᠯᠡᠬᠦ ᠳᠤ ᠪᠠᠨ ᠴᠦ ᠬᠦᠴᠢᠷᠳᠡᠳᠡᠭ ᠬᠦᠮᠦᠨ ᠶᠠᠭᠠᠬᠢᠵᠤ ᠬᠢᠴᠢᠶᠡᠯ ᠤᠨ ᠲᠠᠶᠢᠰᠠᠨ ᠳᠤ ᠭᠠᠷᠴᠤ

ᠬᠢᠴᠢᠶᠡᠯ ᠵᠢᠭᠠᠳᠠᠭ ᠪᠢᠯᠡ ᠭᠡᠵᠤ ᠪᠤᠳᠤᠪᠠᠯ ᠲᠤᠯᠤᠭᠠᠢ ᠨᠢ ᠲᠦᠨᠡᠷᠡᠭᠡᠳ ᠶᠠᠪᠤᠴᠢᠬᠠᠨ᠎ᠠ᠃ ᠤᠴᠢᠬᠤ ᠦᠭᠡᠢ ᠭᠡᠭᠦᠯᠡᠷ

ᠡᠴᠢᠨᠡᠭᠡᠨ ᠵᠢᠯ ᠪᠢᠴᠢᠭ ᠰᠤᠶᠤᠯ ᠤᠨ ᠮᠦᠷ ᠭᠦᠭᠡᠭᠡᠵᠤ ᠵᠤᠪᠠᠨ ᠵᠦᠳᠡᠭᠰᠡᠨ ᠨᠢ ᠴᠤᠬᠤᠮ ᠶᠠᠭᠤᠨ ᠤ ᠲᠦᠯᠦᠭᠡ ᠪᠢᠯᠡ

ᠭᠡᠳᠡᠭ ᠪᠤᠳᠤᠯ ᠲᠠᠷᠢᠭᠢᠨ ᠳᠤ ᠨᠢ ᠡᠷᠭᠢᠯᠳᠤᠨ᠎ᠡ᠃ ᠮᠦᠨ ᠴᠦ ᠬᠠᠶᠢᠷᠠᠳᠤ ᠠᠪᠤ ᠡᠵᠢ ᠶᠢᠨ ᠬᠢ ᠨᠢ ᠬᠡᠤᠬᠡᠨ ᠤ ᠪᠠᠨ

ᠠᠮᠵᠢᠯᠳᠠ ᠪᠠᠷ ᠤᠮᠤᠭᠰᠢᠭᠠᠳ ᠪᠠᠶᠠᠰᠤᠭᠠᠳ ᠪᠠᠶᠢᠳᠠᠭ ᠢᠳᠡᠭᠡᠯ ᠨᠠᠶᠢᠳᠠᠭᠰᠠᠨ ᠬᠠᠯᠠᠭᠤᠬᠠᠨ ᠬᠠᠷᠠᠴᠨ ᠨᠢ

ᠬᠠᠷᠠᠭᠳᠠᠬᠤ ᠰᠢᠤᠬᠠᠨ ᠪᠤᠯᠤᠨ᠎ᠠ᠃ ᠢᠩᠭᠢᠬᠡᠳ ᠲᠡᠷᠡ ᠮᠠᠨᠢ ᠪᠤᠳᠤᠯᠭ᠎ᠠ ᠰᠢᠯᠤᠭᠤᠳᠴᠤ ᠵᠠᠪᠠᠯ ᠰᠠᠶᠢᠨ ᠠᠵᠢᠯᠯᠠᠨ᠎ᠠ

ᠭᠡᠵᠤ ᠰᠡᠳᠬᠢᠯ ᠰᠢᠭᠤᠳᠤᠨ ᠵᠤᠷᠢᠭ ᠢᠶᠠᠨ ᠬᠦᠪᠴᠢᠯᠡᠯ᠎ᠡ᠃ ᠡᠶᠢᠨ ᠬᠦ ᠬᠤᠯᠠ ᠶᠢᠨ ᠶᠡᠭᠡ ᠬᠦᠰᠡᠯ ᠲᠦᠷᠦᠭᠡᠯᠡᠭᠰᠡᠨ

ᠬᠦᠳᠡᠭᠡ ᠶᠢᠨ ᠨᠢᠭᠡ ᠬᠡᠤᠬᠡᠨ ᠬᠦᠭᠵᠢᠶᠡᠨᠳᠤ ᠬᠤᠳᠠ ᠳᠤ ᠢᠷᠡᠬᠦᠯᠡᠷ ᠤᠭᠳᠤᠨ ᠠᠪᠤᠭᠰᠠᠨ ᠤᠷᠴᠢᠨ ᠲᠤᠭᠤᠷᠢᠨ ᠨᠢ

ᠤᠴᠢ ᠭᠡᠷᠡᠯ ᠪᠠᠳᠠᠷᠠᠭᠰᠠᠨ ᠤᠨᠳᠤᠤ ᠶᠢᠷᠳᠢᠨᠴᠤ ᠰᠢᠭ ᠰᠠᠨᠠᠭᠳᠠᠵᠤ ᠠᠮᠢᠳᠤᠷᠠᠯ ᠶᠠᠭᠤᠮ᠎ᠠ ᠪᠦᠭᠦᠳᠡ ᠨᠢ ᠰᠢᠨ᠎ᠡ

ᠴᠡᠭ ᠠᠴᠠ ᠡᠬᠢᠯᠡᠬᠦ ᠬᠡᠷᠡᠭᠳᠡᠢ ᠪᠤᠯᠤᠭᠰᠠᠨ ᠪᠠᠶᠢᠯ᠎ᠠ᠃ ︽ᠰᠠᠶᠢᠨ ᠡᠬᠢᠯᠡᠯᠳᠡ ᠪᠤᠯ ᠬᠠᠭᠠᠰ ᠠᠮᠵᠢᠯᠳᠠ

ᠤᠯᠤᠭᠰᠠᠨ ᠲᠠᠢ ᠲᠡᠩᠴᠡᠨ᠎ᠡ︾ ᠭᠡᠳᠡᠭ᠃ ᠬᠠᠢ ᠯᠦᠩ ᠮᠠᠨᠢ ᠠᠵᠢᠯ ᠳᠤ ᠭᠠᠷᠤᠭᠰᠠᠨ ᠴᠠᠭ ᠠᠴᠠ ᠪᠠᠨ ᠠᠪᠤᠭᠠᠳ

ᠦᠪᠡᠷ ᠤᠨ ᠪᠡᠶ᠎ᠡ ᠳᠤ ᠪᠠᠨ ᠴᠢᠩᠭ᠎ᠠ ᠱᠠᠭᠠᠷᠳᠠᠯᠭ᠎ᠠ ᠲᠠᠯᠪᠢᠵᠤ ᠬᠢᠬᠦ ᠶᠢᠨ ᠲᠠᠭᠠᠤ ᠰᠤᠷᠴᠤ ᠰᠤᠷᠬᠤ ᠶᠢᠨ ᠲᠠᠭᠠᠤ

ᠦᠢᠯᠡᠳᠦᠯᠭᠡᠵᠢᠭᠦᠯᠵᠤ ᠤᠷᠭᠤᠬᠤ ᠶᠢᠨ ᠤᠯᠠᠭᠠᠨ ᠨᠠᠷᠠᠨ ᠠᠴᠠ ᠦᠳᠡᠰᠢ ᠶᠢᠨ ᠬᠠᠷᠠᠩᠭᠤᠢ ᠪᠦᠷᠦᠢ ᠪᠤᠯᠳᠠᠯ᠎ᠠ ᠰᠤᠷᠴᠤ

ᠰᠤᠳᠤᠯᠵᠤ ᠬᠢᠵᠤ ᠦᠢᠯᠡᠳᠦᠯᠭᠡᠵᠢᠭᠦᠯᠵᠤ ᠶᠠᠭᠠᠷᠠᠵᠤ ᠮᠤᠩᠭᠠᠨᠢᠵᠤ ᠪᠤᠵᠢᠭᠢᠨᠠᠯ᠎ᠠ᠃ ᠬᠡᠳᠦ᠋ᠢᠪᠡᠷ ᠬᠡᠯᠡᠭᠰᠡᠨ

ᠶᠠᠷᠢᠭᠰᠠᠨ ᠢ ᠨᠢ ᠰᠤᠷᠤᠭᠴᠢᠳ ᠨᠢ ᠤᠶᠢᠯᠠᠭᠠᠬᠤ ᠪᠠᠷ ᠠᠨᠠᠢ ᠪᠠᠶᠢᠭᠰᠠᠨ ᠴᠦ ᠲᠡᠷᠡ ᠮᠠᠰᠢ ᠵᠤᠷᠢᠭᠳᠠᠢ ᠪᠠᠷ ᠲᠠᠬᠢᠨ

ᠲᠠᠪᠳᠠᠨ ᠶᠠᠷᠢᠵᠤ ᠪᠠᠰᠠ ᠵᠠᠷᠢᠮ ᠦᠶ᠎ᠡ ᠳᠤ ᠪᠢᠴᠢᠵᠤ ᠵᠢᠷᠤᠭᠠᠳ ᠲᠠᠶᠢᠯᠪᠤᠷᠢᠯᠠᠵᠤ ᠵᠢᠭᠠᠳᠠᠭ ᠪᠠᠶᠢᠯ᠎ᠠ᠃ ᠨᠢᠭᠡ

ᠤᠳᠠᠭᠠᠨ ᠤ ᠬᠢᠴᠢᠶᠡᠯ ᠰᠤᠨᠤᠰᠬᠤ ᠬᠠᠮᠳᠤ ᠶᠢᠨ ᠬᠦᠳᠡᠯᠭᠡᠭᠡᠨ ᠳᠤ ᠰᠤᠷᠭᠠᠭᠤᠯᠢ ᠠᠴᠠ ᠨᠢ ᠲᠡᠭᠦᠨ ᠤ ᠬᠢᠴᠢᠶᠡᠯ ᠢ

ᠰᠤᠨᠤᠰᠬᠤ ᠪᠠᠷ ᠲᠤᠬᠢᠷᠠᠭᠤᠯᠪᠠ᠃ ᠰᠦᠨᠢᠵᠢᠨ ᠰᠠᠭᠤᠵᠤ ᠪᠡᠯᠡᠳᠬᠡᠭᠰᠡᠨ ᠲᠡᠭᠦᠨ ᠤ ᠬᠢᠴᠢᠶᠡᠯᠯᠡᠭᠡ ᠬᠡᠳᠦ᠋ᠢᠪᠡᠷ

ᠪᠡᠯᠡᠳᠬᠡᠯ ᠲᠦᠭᠦᠭᠡᠷᠤᠮᠵᠢ ᠭᠦᠢᠴᠡᠳ ᠰᠠᠶᠢᠨ ᠪᠠᠶᠢᠭᠰᠠᠨ ᠴᠦ ᠬᠡᠯᠡᠵᠤ ᠶᠠᠷᠢᠬᠤ ᠬᠦᠰᠢᠭᠦᠨ ᠠᠴᠠ ᠪᠤᠯᠵᠤ ᠰᠠᠶᠢᠨ

ᠦᠨᠡᠯᠡᠯᠳᠡ ᠶᠢ ᠤᠯᠵᠤ ᠲᠡᠶᠢᠯᠦᠭᠰᠡᠨ ᠦᠭᠡᠢ᠃ ᠶᠡᠷᠤ ᠠᠴᠠ ᠢᠯᠠᠭᠳᠠᠵᠤ ᠦᠩᠭᠡᠷᠡᠭᠰᠡᠨ ᠦᠭᠡᠢ ᠲᠡᠭᠦᠨ ᠳᠤ ᠡ᠊ᠨᠡ ᠭᠦ

ᠶᠠᠪᠤᠳᠠᠯ ᠨᠢ ᠲᠤᠩ ᠶᠡᠭᠡ ᠴᠤᠬᠢᠯᠳᠠ ᠪᠤᠯᠵᠤ ᠲᠡᠷᠡ ᠮᠠᠨᠢ ᠨᠡᠩ ᠢᠯᠡᠬᠦᠤ ᠰᠢᠳᠤ ᠵᠠᠭᠤᠵᠤ ᠪᠤᠢ ᠪᠦᠬᠦᠢ ᠴᠠᠭ ᠢᠶᠠᠨ

ᠵᠠᠷᠤᠴᠠᠭᠤᠯᠵᠤ ᠬᠢᠳᠡᠳ ᠦᠭᠡ ᠶᠠᠷᠢᠵᠤ ᠪᠤᠯᠪᠠᠰᠤᠷᠠᠬᠤ ᠲᠡᠭᠡᠷ᠎ᠡ ᠬᠦᠴᠤ ᠲᠠᠯᠪᠢᠵᠠᠢ᠃ ᠲᠡᠷᠡ ᠮᠠᠨᠢ ᠪᠤᠰᠤᠳ ᠲᠠᠢ

ᠢᠳᠡᠪᠬᠢᠳᠡᠢ ᠬᠠᠷᠢᠯᠴᠠᠵᠤ ᠬᠦᠳᠡᠯᠦᠩᠭᠦᠢ ᠪᠠᠷ ᠬᠠᠮᠳᠤ ᠠᠵᠢᠯᠯᠠᠭᠴᠢ ᠪᠠᠨ ᠡᠷᠢᠵᠤ ᠵᠤᠭᠤᠭᠳᠠᠨ ᠬᠢᠳᠡᠳ ᠦᠭᠡ ᠪᠠᠨ

ᠪᠠᠷᠢᠮᠵᠢᠶ᠎ᠠ ᠪᠠᠷ ᠶᠠᠷᠢᠵᠤ ᠰᠤᠷᠬᠤ ᠶᠢᠨ ᠲᠠᠭᠠᠤ ᠡᠭᠦᠷᠭᠡᠯᠡᠭᠰᠡᠨ ᠬᠢᠴᠢᠶᠡᠯ ᠢᠶᠠᠨ ᠰᠠᠶᠢᠨ ᠵᠢᠭᠠᠬᠤ ᠪᠠᠷ ᠲᠤᠩ ᠶᠡᠭᠡ

ᠬᠦᠴᠤ ᠭᠠᠷᠭᠠᠵᠤ ᠨᠦᠬᠦᠴᠡᠯ ᠪᠤᠯᠤᠯᠴᠠᠭ᠎ᠠ ᠪᠦᠬᠦᠨ ᠢ ᠠᠯᠳᠠᠯ ᠦᠭᠡᠢ ᠠᠰᠢᠭᠯᠠᠵᠤ ᠬᠤᠷᠳᠤᠨ ᠮᠤᠷᠢᠨ ᠳᠤ ᠲᠠᠰᠢᠭᠤᠷ

ᠲᠠᠯᠪᠢᠵᠤ ᠵᠢᠷᠦᠬᠡᠨ ᠲᠠᠮᠢᠷ ᠢᠶᠠᠨ ᠰᠢᠪᠬᠠᠵᠤ ᠴᠢᠷᠮᠠᠶᠢᠯ᠎ᠠ ᠁ ᠦᠳᠡᠰᠢ ᠪᠤᠯᠭᠠᠨ ᠰᠦᠨᠢ ᠲᠤᠮᠳᠠ ᠪᠤᠯᠳᠠᠯ᠎ᠠ

ᠰᠤᠷᠤᠯᠴᠠᠨ᠎ᠠ᠂ ᠰᠤᠳᠤᠯᠤᠨ᠎ᠠ᠃ ᠴᠢᠪᠠᠭ᠎ᠠ ᠶᠢᠨ ᠦᠳᠡᠰᠢ ᠲᠤᠭ ᠨᠦᠢᠷ ᠲᠤ ᠪᠠᠨ ᠵᠡᠭᠦᠷᠮᠡᠭᠯᠡᠴᠢᠬᠡᠭᠰᠡᠨ ᠪᠠᠶᠢᠬᠤ ᠳᠤ

ᠭᠠᠭᠴᠠ ᠲᠡᠷᠡ ᠮᠠᠨᠢ ᠠᠯᠪᠠᠨ ᠭᠡᠷ ᠲᠤ ᠪᠠᠨ ᠲᠤᠯᠤᠭᠠᠢ ᠦᠨᠳᠡᠶᠢᠯ ᠦᠭᠡᠢ ᠰᠤᠷᠤᠯᠴᠠᠭᠰᠠᠭᠠᠷ ᠁ ᠲᠡᠭᠦᠨ ᠳᠤ

ᠪᠠᠷ᠎ᠠ ᠪᠤᠯᠳᠠᠭ ᠭᠠᠭᠴᠠ ᠵᠦᠢᠯ ᠭᠡᠪᠡᠯ ᠬᠤᠶᠢᠳᠤ ᠬᠠᠶᠠᠭᠠᠨ ᠲᠡᠭᠡᠷ᠎ᠡ ᠲᠡᠭᠦᠵᠢᠯᠡᠵᠤ ᠪᠠᠶᠢᠭ᠎ᠠ ᠡᠯᠭᠦᠭᠡᠷᠳᠤ ᠴᠠᠭ᠃

ᠲᠡᠷᠡ ᠮᠠᠨᠢ ᠡᠳᠤᠷ ᠤᠨ ᠲᠦᠯᠦᠪᠯᠡᠭᠡ᠂ ᠮᠠᠷᠭᠠᠰᠢ ᠶᠢᠨ ᠪᠡᠯᠡᠳᠬᠡᠮᠵᠢ ᠪᠠᠨ ᠪᠦᠬᠦᠨ ᠢ ᠲᠢᠭ ᠲᠠᠭ ᠪᠤᠯᠭᠠᠵᠤ

ᠲᠠᠯᠪᠢᠭᠠᠳ ᠬᠦᠰᠢᠵᠤ ᠶᠠᠳᠠᠷᠠᠭᠰᠠᠨ ᠮᠦᠷᠤ ᠲᠠᠯᠤ ᠪᠠᠨ ᠰᠢᠯᠭᠡᠭᠡᠵᠤ ᠰᠠᠨᠳᠠᠯᠢ ᠶᠢᠨ ᠲᠦᠰᠢᠯᠭᠡ ᠪᠠᠨ ᠨᠠᠯᠠᠵᠤ ᠪᠠᠭ᠋ᠠᠨ

ᠠᠮᠤᠰᠭᠢᠬᠤ ᠵᠠᠪᠰᠠᠷ ᠢᠶᠠᠨ ᠡᠷᠬᠡ ᠦᠭᠡᠢ ᠪᠤᠳᠤᠯ ᠤᠨ ᠲᠠᠯᠠᠢ ᠳᠤ ᠱᠤᠩᠪᠠᠵᠤ ᠡᠭᠢᠯᠡᠨ᠎ᠡ ᠁ ᠲᠡᠷᠡ ᠮᠠᠨᠢ

ᠲᠡᠭᠷᠢ ᠳᠤ ᠵᠡᠭᠦᠷᠮᠡᠭᠯᠡᠵᠤ ᠪᠠᠶᠢᠭ᠎ᠠ ᠤᠳᠤᠳ ᠢ ᠬᠠᠷᠠᠵᠤ ᠮᠡᠯᠡᠷᠡᠳᠡᠭ᠂ ᠨᠤᠳᠤᠭ ᠲᠤ ᠪᠠᠨ ᠪᠠᠶᠢᠬᠤ ᠳᠤ ᠬᠡᠭᠡᠷ᠎ᠡ

ᠭᠠᠳᠠᠭ᠎ᠠ ᠤᠳᠤᠳ ᠢ ᠬᠠᠷᠠᠭᠠᠳ ᠬᠡᠪᠳᠡᠵᠤ ᠪᠠᠶᠢᠬᠤ ᠳᠤ ᠤᠶᠤᠨ ᠲᠠᠷᠢᠬᠢᠨ ᠳᠤ ᠨᠢ ᠲᠦᠭᠦᠷᠡᠩ ᠬᠦᠰᠡᠯ ᠮᠦᠷᠦᠭᠡᠳᠤᠯ

ᠬᠠᠯᠭᠢᠨ ᠴᠠᠯᠭᠢᠨ ᠤᠷᠤᠵᠤ ᠢᠷᠡᠳᠡᠭ ᠪᠠᠶᠢᠭᠰᠠᠨ ᠶᠤᠮ᠂ ᠤᠳᠤᠨ ᠠᠴᠠ ᠤᠯᠠᠨ ᠠᠮᠵᠢᠯᠳᠠ ᠪᠦᠳᠦᠭᠡᠯ ᠭᠠᠷᠭᠠᠬᠤ

ᠭᠡᠰᠡᠨ ᠭᠤᠶᠤ ᠰᠠᠶᠢᠬᠠᠨ ᠬᠦᠰᠡᠯ ᠬᠦᠪᠦᠷᠡᠭᠦᠯᠵᠤ ᠁ ᠶᠡᠷᠤ ᠨᠢ ᠲᠡᠭᠡᠭᠡᠳ ᠤᠳᠤᠳ ᠢ ᠬᠠᠷᠠᠵᠤ ᠬᠡᠪᠳᠡᠵᠤ

ᠪᠠᠶᠢᠬᠤ ᠳᠤ ᠯᠡ ᠲᠡᠭᠦᠨ ᠤ ᠮᠠᠨᠢ ᠮᠦᠷᠦᠭᠡᠳᠤᠯ ᠤᠳᠤᠨ ᠳᠤ ᠬᠦᠷᠴᠤ ᠲᠡᠶᠢᠯᠳᠡᠭ ᠶᠤᠮ ᠰᠢᠭ︕ ᠲᠡᠷᠡ ᠮᠠᠨᠢ

ᠬᠦᠭᠡᠷᠦᠬᠦᠢ ᠦᠷᠭᠦᠯᠵᠢ ᠬᠦᠳᠡᠭᠡ ᠭᠡᠷ᠂ ᠬᠡᠤᠬᠡᠳ ᠨᠠᠰᠤ ᠪᠠᠨ ᠰᠠᠨᠠᠵᠤ ᠮᠦᠷᠦᠭᠡᠳᠳᠡᠭ᠃ ᠠᠯᠢ ᠪᠠᠶᠢᠭᠰᠠᠨ ᠢᠶᠠᠨ

ᠤᠷᠬᠢᠭᠠᠳ ᠠᠪᠤ ᠡᠵᠢ ᠳᠤ ᠪᠠᠨ ᠬᠦᠶᠦᠭᠡᠳ ᠤᠴᠢᠮᠠᠷ ᠰᠠᠨᠠᠭᠳᠠᠨ᠎ᠠ᠃ ᠦᠳᠡᠯᠦᠭᠡ ᠪᠤᠯᠤᠭᠰᠠᠨ ᠠᠪᠤ ᠡᠵᠢ ᠨᠢ

ᠬᠠᠶᠢᠷᠠᠳᠤ ᠬᠡᠤᠬᠡᠨ ᠤ ᠪᠠᠨ ᠠᠮᠵᠢᠯᠳᠠ ᠪᠠᠷ ᠪᠠᠭ᠋ᠠᠷᠬᠠᠵᠤ ᠲᠤᠭᠳᠤᠯᠵᠤ ᠨᠤᠳᠤᠭ ᠤᠨ ᠤᠯᠠᠨ ᠳᠤ ᠪᠠᠨ ᠭᠠᠶᠢᠬᠠᠭᠤᠯᠵᠤ

ᠰᠠᠭᠤᠭ᠎ᠠ ᠪᠠᠶᠢᠬᠤ ᠳ᠋ᠠ᠂ ᠪᠢ ᠵᠠᠪᠠᠯ ᠠᠮᠵᠢᠯᠳᠠ ᠭᠠᠷᠭᠠᠬᠤ ᠭᠡᠷᠡᠭᠳᠡᠢ᠂ ᠵᠠᠪᠠᠯ ᠨᠡᠶᠢᠭᠡᠮ ᠨᠡᠶᠢᠳᠡ ᠳᠤ ᠮᠡᠳᠡᠷᠡᠭᠳᠡᠭᠰᠡᠨ

ᠰᠠᠶᠢᠨ ᠪᠠᠭᠰᠢ ᠪᠤᠯᠬᠤ ᠭᠡᠷᠡᠭᠳᠡᠢ ᠭᠡᠵᠤ ᠦᠷᠭᠦᠯᠵᠢ ᠶᠠᠷᠢᠳᠠᠭ ᠵᠢᠷᠦᠬᠡᠨ ᠤ ᠭᠦᠨ ᠳᠠᠬᠢ ᠠᠮᠠᠨ ᠲᠠᠷᠨᠢ ᠪᠠᠨ ᠰᠠᠨᠠᠵᠤ

ᠤᠯᠬᠤ ᠲᠠᠢ ᠵᠡᠷᠭᠡ ᠵᠤᠷᠢᠭ ᠨᠢ ᠬᠦᠪᠴᠢᠯᠡᠭᠳᠡᠭᠡᠳ ᠢᠷᠡᠳᠡᠭ᠃ ︽ᠵᠤᠷᠢᠭ ᠬᠦᠮᠦᠨ ᠢ ᠲᠡᠵᠢᠭᠡᠳᠡᠭ ᠠᠴᠠ ᠪᠢᠰᠢ᠂

ᠨᠢᠯᠪᠤᠰᠤ ᠬᠦᠮᠦᠨ ᠢ ᠲᠡᠵᠢᠭᠡᠳᠡᠭ ᠦᠭᠡᠢ︾ ︽ᠵᠢᠷᠦᠬᠡᠨ ᠳᠤ ᠪᠠᠨ ᠭᠠᠯ ᠲᠠᠢ ᠪᠠᠶᠢᠭᠰᠠᠨ ᠴᠠᠭ ᠲᠤ ᠵᠢᠳᠬᠦᠯ ᠮᠢᠨᠢ

ᠯᠠᠪᠳᠠᠢ ᠠᠮᠵᠢᠯᠳᠠ ᠤᠯᠤᠨ᠎ᠠ︾ ᠭᠡᠵᠤ ᠲᠡᠷᠡ ᠰᠢᠳᠤ ᠵᠠᠭᠤᠨ᠎ᠠ ᠁ ᠠᠰᠠᠷ ᠤᠨ ᠴᠠᠭᠠᠭᠤᠷ ᠦᠷ ᠮᠠᠩᠬᠠᠶᠢᠵᠤ

ᠡᠬᠢᠯᠡᠯ᠎ᠡ᠂ ᠬᠠᠢ ᠯᠦᠩ ᠮᠠᠨᠢ ᠡ᠊ᠨᠡ ᠭᠦ ᠦᠷ ᠤᠨ ᠭᠡᠭᠡ ᠶᠢ ᠦᠷᠯᠦᠭᠡ ᠪᠤᠯᠭᠠᠨ ᠯᠠᠪ ᠴᠢᠪᠠᠭ᠎ᠠ ᠵᠡᠭᠡᠯᠢ ᠶᠢᠨ ᠪᠦᠬᠦ

ᠬᠦᠮᠦᠨ ᠤ ᠲᠤᠳᠤᠷ᠎ᠠ ᠠᠴᠠ ᠬᠠᠮᠤᠭ ᠤᠨ ᠲᠦᠷᠦᠭᠦᠨ ᠳᠤ ᠤᠯᠵᠤ ᠬᠠᠷᠠᠳᠠᠭ ᠬᠦᠮᠦᠨ ᠪᠠᠶᠢᠵᠤ ᠲᠠᠭᠠᠷᠠᠨ᠎ᠠ᠃

ᠢᠩᠬᠢᠵᠤ ᠰᠢᠳᠤ ᠵᠠᠭᠤᠵᠤ ᠬᠦᠴᠢᠷ ᠪᠦᠬᠦᠨ ᠢ ᠢᠯᠡᠨ ᠲᠠᠪᠠᠭᠰᠠᠭᠠᠷ ᠨᠢᠭᠡ ᠮᠡᠳᠡᠬᠦ ᠳᠤ ᠯᠡ ᠬᠠᠢ ᠯᠦᠩ ᠮᠠᠨᠢ ᠡᠷᠡᠰ

ᠬᠤᠪᠢᠷᠠᠯᠳᠠ ᠲᠠᠢ ᠪᠤᠯᠴᠢᠬᠠᠵᠤ ᠁ ᠤᠬᠤᠷᠬᠠᠨ ᠬᠡᠳᠤᠬᠡᠨ ᠵᠢᠯ ᠤᠨ ᠬᠤᠭᠤᠴᠠᠭ᠎ᠠ ᠲᠤᠳᠤᠷ᠎ᠠ ᠲᠡᠷᠡ ᠮᠠᠨᠢ

ᠬᠡᠯᠡᠵᠤ ᠶᠠᠷᠢᠬᠤ ᠳᠤ ᠪᠠᠨ ᠪᠤᠯᠪᠠᠰᠤᠷᠠᠩᠭᠤᠢ ᠲᠠᠳᠮᠠᠭᠠᠢ ᠪᠤᠯᠵᠤ ᠤᠯᠠᠨ ᠤ ᠪᠠᠨ ᠲᠤᠮᠳᠠ ᠪᠠᠨ ᠭᠢᠯᠠᠷᠠᠭᠤᠯᠵᠤ

ᠡᠬᠢᠯᠡᠵᠡᠢ᠃ ᠢᠩᠭᠢᠭᠰᠡᠨ ᠢᠶᠠᠷ ᠡᠯ᠎ᠡ ᠵᠦᠢᠯ ᠤᠨ ᠤᠷᠤᠯᠳᠤᠭᠠᠨ ᠮᠦᠷᠦ᠋ᠢᠴᠡᠭᠡᠨ ᠳᠤ ᠲᠡᠷᠡ ᠮᠠᠨᠢ ᠰᠤᠷᠭᠠᠭᠤᠯᠢ

ᠨᠢᠭᠡᠴᠢ ᠪᠠᠨ ᠲᠦᠯᠦᠭᠡᠯᠡᠨ ᠤᠷᠤᠯᠴᠠᠳᠠᠭ ᠪᠤᠯᠤᠯ᠎ᠠ᠃ ᠬᠠᠢ ᠯᠦᠩ ᠮᠠᠨᠢ ᠤᠳᠠᠭ᠎ᠠ ᠤᠳᠠᠭ᠎ᠠ ᠠᠴᠠ ᠪᠠᠨ ᠬᠦᠴᠦᠷᠬᠡᠭ

ᠪᠤᠯᠵᠤ ᠤᠷᠢᠳ ᠬᠤᠵᠢᠳ ︽ᠰᠢᠯᠢᠳᠡᠭ ᠨᠠᠮ ᠤᠨ ᠭᠡᠰᠢᠭᠦᠨ︾ ︽ᠰᠢᠯᠢᠳᠡᠭ ᠠᠩᠭᠢ ᠶᠢᠨ ᠡᠷᠬᠢᠯᠡᠭᠴᠢ︾ ︽ᠰᠢᠯᠢᠳᠡᠭ

ᠵᠢᠭᠠᠨ ᠰᠤᠷᠭᠠᠬᠤ ᠴᠢᠳᠠᠪᠤᠷᠢᠳᠠᠨ︾ ︽ᠦᠨᠳᠤᠰᠦᠳᠡᠨ ᠤ ᠪᠦᠯᠬᠦᠮᠳᠡᠯ ᠲᠠᠪᠰᠢᠯᠳᠠ ᠶᠢᠨ ᠵᠢᠱᠢᠶᠡᠴᠢ ᠲᠡᠷᠢᠭᠦᠨ︾ ᠵᠡᠷᠭᠡ

ᠱᠠᠩᠨᠠᠯ ᠭᠦᠬᠢᠬᠦᠯᠦᠯ ᠢᠶᠠᠷ ᠰᠤᠷᠭᠠᠨ ᠬᠦᠮᠦᠵᠢᠯ ᠤᠨ ᠰᠢᠰᠲ᠋ᠧᠮ ᠢ ᠲᠤᠷᠭᠢᠭᠤᠯᠵᠤ ᠲᠤᠩᠰᠤᠯᠭᠠᠯ᠎ᠠ᠃ ᠮᠦᠨ ᠴᠦ

ᠨᠠᠢᠮᠠᠨ ᠮᠤᠵᠢ ᠤᠷᠤᠨ ᠤ ᠦᠨᠳᠤᠰᠤᠨ ᠴᠢᠳᠠᠪᠤᠷᠢ ᠶᠢᠨ ᠤᠷᠤᠯᠳᠤᠭᠠᠨ ᠤ ᠬᠤᠶᠠᠳᠤᠭᠠᠷ ᠲᠡᠰ᠂ ︽ᠪᠦᠬᠦ ᠬᠤᠳᠠ ᠶᠢᠨ

ᠪᠠᠭ᠎ᠠ ᠰᠤᠷᠭᠠᠭᠤᠯᠢ ᠶᠢᠨ ᠲᠤᠭᠠᠨ ᠤ ᠤᠬᠠᠭᠠᠨ ᠤ ︿ᠭᠤᠷᠪᠠᠨ ᠠᠯᠬᠤᠮᠳᠤ ᠵᠢᠭᠠᠬᠤ ᠠᠷᠭ᠎ᠠ﹀ ᠶᠢᠨ ᠰᠤᠳᠤᠯᠤᠨ

ᠶᠠᠷᠢᠯᠴᠠᠬᠤ ᠬᠤᠷᠠᠯ ᠲᠡᠭᠡᠷᠡᠬᠢ ᠦᠵᠡᠭᠦᠯᠭᠡ ᠶᠢᠨ ᠬᠢᠴᠢᠶᠡᠯᠯᠡᠭᠡ︾ ᠶᠢᠨ ᠬᠤᠶᠠᠳᠤᠭᠠᠷ ᠲᠡᠰ᠂ ᠠᠷᠤ ᠬᠤᠷᠴᠢᠨ

ᠬᠤᠰᠢᠭᠤᠨ ᠤ ᠠᠷᠠᠳ ᠤᠨ ᠵᠠᠰᠠᠭ  ᠤᠨ ᠤᠷᠳᠤᠨ ᠤ ᠵᠢᠱᠢᠶᠡᠴᠢ ᠪᠠᠭᠰᠢ ᠵᠢᠴᠢ ᠲᠡᠭᠦᠨ ᠤ ᠲᠤᠭᠤᠷᠪᠢᠭᠰᠠᠨ ︽ᠪᠠᠭ᠎ᠠ

ᠰᠤᠷᠭᠠᠭᠤᠯᠢ ᠶᠢᠨ ᠲᠤᠭᠠᠨ ᠤ ᠤᠬᠠᠭᠠᠨ ᠤ ᠬᠢᠴᠢᠶᠡᠯᠯᠡᠭᠡ ᠶᠢᠨ ᠦᠷ᠎ᠡ ᠪᠦᠳᠦᠮᠵᠢ ᠶᠢ ᠬᠡᠷᠬᠢᠨ ᠲᠡᠭᠡᠭᠰᠢᠯᠡᠭᠦᠯᠬᠦ      

ᠪᠤᠢ︾ ᠭᠡᠳᠡᠭ ᠰᠡᠳᠤᠪ ᠤᠨ ᠲᠤᠭᠤᠷᠢᠨ ᠳᠤ ᠪᠢᠴᠢᠭᠰᠡᠨ ᠬᠡᠳᠤᠨ ᠦᠭᠦᠯᠡᠯ ᠨᠢ ᠤᠷᠢᠳ ᠬᠤᠵᠢᠳ ᠤᠯᠤᠰ ᠤᠷᠤᠨ ᠤ

ᠰᠢᠯᠭᠠᠷᠠᠭᠤᠯᠤᠯᠳᠠ ᠳᠤ ᠲᠡᠷᠢᠭᠦᠨ ᠲᠡᠳ᠋ ᠲᠤ ᠲᠤᠳᠤᠷᠠᠵᠤ ᠰᠤᠷᠭᠠᠭᠤᠯᠢ ᠨᠢᠭᠡᠴᠢ ᠶᠢᠨ ᠢᠶᠠᠨ ᠨᠡᠷ᠎ᠡ ᠠᠯᠳᠠᠷ ᠢ

ᠲᠠᠭᠤᠷᠢᠰᠤᠭᠤᠯᠵᠤ ᠴᠢᠳᠠᠭᠰᠠᠨ ᠪᠠᠶᠢᠨ᠎ᠠ᠃ ᠦᠭᠡᠳᠡᠷᠬᠡᠭ ᠦᠢᠯᠡ ᠨᠢ ᠤᠷᠮ᠎ᠠ ᠪᠠᠬ᠎ᠠ ᠶᠢ ᠬᠦᠭᠵᠢᠭᠡᠵᠤ ᠢᠳᠡᠭᠡᠯ

ᠵᠤᠷᠢᠭ ᠢ ᠡᠷᠴᠢᠯᠡᠬᠦ ᠴᠡᠨᠡᠭ ᠲᠠᠢ ᠪᠤᠯᠬᠤᠷ ᠲᠡᠷᠡ ᠤᠷᠮᠠᠰ ᠪᠠ ᠲᠤᠭᠳᠤᠯᠤᠯ᠂ ᠤᠬᠠᠭᠠᠷᠠᠯ ᠪᠠ ᠪᠤᠯᠪᠠᠰᠤᠷᠠᠯ ᠤᠨ

ᠲᠤᠮᠳᠠ ᠠᠰᠠᠨ ᠪᠠᠳᠠᠷᠠᠬᠤ ᠶᠢᠨ ᠢᠳᠡ ᠬᠦᠴᠦᠨ ᠢ ᠲᠦᠷᠡᠯᠵᠡᠭᠦᠯᠦᠭᠰᠡᠭᠡᠷ ᠨᠡᠩ ᠪᠦᠷᠢᠨᠰᠢᠭᠰᠡᠨ᠂ ᠨᠡᠩ

ᠲᠤᠷᠰᠢᠯᠭᠠᠵᠢᠭᠰᠠᠨ ᠰᠢᠯᠢᠳᠡᠭ ᠭᠠᠷ ᠪᠤᠯᠵᠤ ᠵᠤᠬᠢᠶᠠᠨ ᠪᠠᠶᠢᠭᠤᠯᠤᠯᠳᠠ ᠠᠴᠠ ᠲᠡᠭᠦᠨ ᠢ ᠬᠤᠰᠢᠭᠤᠨ ᠤ ᠮᠤᠩᠭᠤᠯ

ᠪᠠᠭ᠎ᠠ ᠰᠤᠷᠭᠠᠭᠤᠯᠢ ᠳᠤ ᠠᠮᠤᠷ ᠲᠦᠪᠰᠢᠨ ᠤ ᠡᠷᠬᠢᠯᠡᠭᠴᠢ  ᠪᠠᠷ ᠲᠤᠮᠢᠯᠠᠪᠠ᠃ ᠲᠡᠭᠦᠨ ᠤ ᠮᠦᠷᠤᠨ ᠳᠤ

ᠲᠠᠯᠪᠢᠭᠳᠠᠭᠰᠠᠨ ᠡᠭᠦᠷᠭᠡ ᠬᠦᠨᠳᠤ ᠮᠦᠷᠳᠡᠭᠡᠨ ᠬᠡᠴᠡᠭᠦᠤ᠃ ᠨᠢᠭᠡ ᠰᠤᠷᠭᠠᠭᠤᠯᠢ ᠶᠢᠨ ᠪᠦᠬᠦ ᠲᠠᠯ᠎ᠠ ᠶᠢᠨ ᠠᠮᠤᠷ

ᠲᠦᠪᠰᠢᠨ ᠢ ᠡᠰᠡᠨ ᠮᠡᠨᠳᠤ ᠡᠩᠬᠡ ᠰᠠᠶᠢᠬᠠᠨ ᠠᠪᠴᠤ ᠶᠠᠪᠤᠨ᠎ᠠ ᠭᠡᠳᠡᠭ ᠬᠢᠯᠪᠠᠷ ᠪᠤᠰᠤ᠃ ᠲᠡᠭᠡᠷ᠎ᠡ ᠨᠢ ᠲᠡᠷᠡ ᠮᠠᠨᠢ

ᠪᠠᠰᠠ ᠠᠩᠬᠢ ᠶᠢᠨ ᠡᠷᠬᠢᠯᠡᠭᠴᠢ ᠶᠢᠨ ᠠᠵᠢᠯ᠂ ᠬᠢᠴᠢᠶᠡᠯ ᠲᠦᠷᠦᠯ ᠤᠨ ᠠᠵᠢᠯ ᠢ ᠲᠠᠭᠠᠭᠠᠴᠢᠯᠠᠨ ᠡᠭᠦᠷᠭᠡᠯᠡᠵᠤ ᠠᠯᠢ

ᠠᠯᠢᠨ ᠳᠤ ᠨᠢ ᠴᠤ ᠭᠠᠪᠰᠢᠭᠠᠶᠢᠯᠠᠵᠤ ᠬᠤᠰᠢᠭᠤᠷᠠᠵᠤ ᠶᠠᠪᠤᠨ᠎ᠠ᠃ ᠮᠦᠨ ᠴᠦ ᠪᠠᠰᠠ ᠲᠡᠭᠦᠨ ᠤ ᠰᠤᠳᠤᠯᠤᠨ

ᠶᠠᠪᠤᠭᠳᠠᠭᠤᠯᠵᠤ ᠪᠠᠶᠢᠭ᠎ᠠ ︽ᠪᠠᠭ᠎ᠠ ᠰᠤᠷᠭᠠᠭᠤᠯᠢ ᠶᠢᠨ ᠲᠤᠭᠠᠨ ᠤ ᠤᠬᠠᠭᠠᠨ ᠤ ᠭᠤᠷᠪᠠᠨ ᠠᠯᠬᠤᠮᠳᠤ ᠵᠢᠭᠠᠨ

ᠰᠤᠷᠭᠠᠬᠤ ᠰᠤᠳᠤᠯᠭᠠᠨ ᠤ ᠠᠵᠢᠯ︾ ᠢᠶᠠᠨ ᠪᠦᠬᠦ ᠤᠷᠤᠨ ᠲᠠᠶᠠᠭᠠᠷ᠂ ᠲᠡᠷᠡᠴᠢᠯᠡᠨ ᠪᠦᠬᠦ ᠤᠯᠤᠰ ᠲᠠᠶᠠᠭᠠᠷ ᠲᠤ

ᠰᠠᠶᠢᠨ ᠦᠷ᠎ᠡ ᠪᠦᠳᠦᠮᠵᠢ ᠦᠵᠡᠭᠦᠯᠬᠦ ᠭᠡᠵᠤ ᠪᠤᠢ ᠪᠦᠬᠦᠢ ᠬᠦᠴᠤ ᠬᠦᠯᠦᠰᠤ᠂ ᠤᠶᠤᠨ ᠤᠬᠠᠭᠠᠨ ᠢᠶᠠᠨ ᠰᠢᠪᠬᠠᠵᠤ

ᠴᠢᠷᠮᠠᠶᠢᠨ ᠠᠵᠢᠯᠯᠠᠵᠤ ᠶᠠᠪᠤᠨ᠎ᠠ᠃ ᠮᠦᠨ ᠴᠦ ᠡᠭᠦᠨ ᠤ ᠪᠠᠨ ᠲᠤᠭᠤᠷᠢᠨ ᠳᠤ ᠬᠢᠴᠢᠶᠡᠯ ᠲᠠᠶᠢᠯᠤᠮᠵᠢ ᠬᠢᠵᠤ ᠵᠠᠯᠠᠭᠤ

ᠪᠠᠭᠰᠢ ᠨᠠᠷ ᠢ ᠪᠠᠨ ᠲᠠᠶᠢᠴᠢᠯᠠᠨ ᠲᠠᠭᠠᠭᠤᠯᠵᠤ ᠬᠦᠮᠦᠵᠢᠭᠦᠯᠦᠨ ᠪᠤᠯᠪᠠᠰᠤᠷᠠᠭᠤᠯᠵᠤ ᠶᠠᠪᠤᠨ᠎ᠠ᠃ ︽ᠴᠢᠷᠮᠠᠶᠢᠯᠭ᠎ᠠ

ᠬᠦᠮᠦᠨ ᠢ ᠭᠤᠮᠤᠳᠠᠭᠠᠳᠠᠭ ᠦᠭᠡᠢ︾ ᠭᠡᠳᠡᠭ ᠤᠷᠤ ᠲᠠᠢ ᠦᠭᠡ ᠪᠠᠶᠢᠵᠠᠢ᠃ ᠬᠢᠭᠰᠡᠨ ᠠᠵᠢᠯ ᠨᠢ ᠤᠯᠠᠨ ᠳᠤ

ᠮᠡᠳᠡᠷᠡᠭᠳᠡᠭᠡᠳ ᠢᠷᠡᠬᠦ ᠪᠠᠷ ᠨᠡᠶᠢᠭᠡᠮ ᠨᠡᠶᠢᠳᠡ ᠪᠠᠷ ᠢᠶᠠᠨ ᠲᠡᠭᠦᠨ ᠢ ᠪᠢᠰᠢᠷᠡᠨ ᠪᠠᠭ᠋ᠠᠷᠬᠠᠵᠤ ᠲᠡᠷᠡ ᠮᠠᠨᠢ ᠨᠡᠷ᠎ᠡ

ᠨᠢᠳᠡᠷ ᠲᠤ ᠪᠠᠨ ᠲᠡᠩᠴᠡᠭᠰᠡᠨ ᠰᠢᠯᠢᠳᠡᠭ ᠨᠠᠮ ᠤᠨ ᠭᠡᠰᠢᠭᠦᠨ᠂ ᠰᠢᠯᠢᠳᠡᠭ ᠤᠳᠤᠷᠢᠳᠬᠤ ᠺᠠᠳ᠋ᠷ ᠤᠨ ᠬᠢᠷᠢ ᠶᠢ

ᠪᠦᠷᠢᠯᠳᠦᠭᠦᠯᠵᠤ ᠴᠢᠪᠠᠭ᠎ᠠ ᠮᠤᠩᠭᠤᠯ ᠪᠠᠭ᠎ᠠ ᠰᠤᠷᠭᠠᠭᠤᠯᠢ ᠳᠤ ᠲᠡᠳ᠋ ᠵᠠᠬᠢᠷᠤᠯ ᠪᠤᠯᠵᠤ ᠲᠠᠪᠰᠢᠪᠠ᠃ ᠡᠭᠦᠨ ᠳᠤ ᠬᠠᠢ

ᠯᠦᠩ ᠮᠠᠨᠢ ᠡᠳᠡᠭᠡᠷ ᠠᠮᠵᠢᠯᠳᠠ ᠳᠤ ᠪᠠᠨ ᠰᠡᠳᠬᠢᠯ ᠬᠠᠨᠤᠭᠠᠳ ᠯᠡ ᠰᠠᠭᠤᠭᠰᠠᠨ ᠪᠢᠰᠢ᠂ ᠲᠡᠷᠡ ᠮᠠᠨᠢ ᠶᠡᠷᠤ ᠨᠢ ᠶᠠᠮᠠᠷ

ᠶᠡᠭᠡ ᠬᠦᠨᠳᠤ ᠡᠭᠦᠷᠭᠡ ᠶᠢ ᠬᠦᠯᠢᠶᠡᠭᠰᠡᠨ ᠴᠦ ᠡᠨᠡ ᠲᠡᠷᠡ ᠰᠢᠯᠳᠠᠭ ᠵᠢᠭᠠᠵᠤ ᠬᠤᠶᠢᠰᠢ ᠤᠬᠤᠷᠢᠯ ᠦᠭᠡᠢ ᠬᠠᠨᠴᠤᠢ

ᠰᠢᠮᠡᠯᠡᠨ ᠰᠢᠮᠳᠡᠭᠡᠳ ᠤᠷᠤᠳᠠᠭ ᠭᠡᠴᠡᠭᠦᠤ ᠭᠠᠷ ᠶᠤᠮ᠃ ᠲᠦᠷᠦᠭᠦᠭᠡᠨ ᠠᠷᠤ ᠬᠤᠷᠴᠢᠨ ᠳᠤ ᠠᠶᠤᠯᠳᠤ ᠬᠢᠵᠢᠭ

ᠨᠦᠷᠢᠨ ᠢᠷᠡᠬᠦ ᠳᠤ ᠲᠡᠷᠡ ᠮᠠᠨᠢ ᠰᠤᠷᠭᠠᠨ ᠬᠦᠮᠦᠵᠢᠯ ᠤᠨ ᠲᠤᠪᠴᠢᠶᠠᠨ ᠤ ᠪᠠᠴᠢᠮ ᠤᠳᠠᠰᠤ ᠶᠢ ᠲᠤᠰᠤᠮᠠᠭᠴᠠ

ᠰᠦᠨᠢ ᠲᠦᠯᠢ ᠪᠠᠷ ᠦᠪᠡᠷ ᠤᠨ ᠠᠩᠭ᠎ᠠ ᠨᠢᠯᠬ᠎ᠠ ᠪᠠᠨ ᠦᠳᠡᠯᠦᠭᠡ ᠪᠤᠭᠤᠷᠤᠯ ᠳᠤ ᠪᠠᠨ ᠬᠠᠶᠠᠵᠤ ᠦᠭᠭᠦᠭᠡᠳ ᠬᠠᠮᠳᠤ

ᠠᠵᠢᠯᠯᠠᠭᠴᠢ ᠠᠬ᠎ᠠ ᠲᠡᠭᠦᠤ ᠨᠠᠷ ᠢᠶᠠᠨ ᠲᠠᠭᠠᠭᠤᠯᠵᠤ ᠬᠢᠵᠢᠭ ᠤᠨ ᠡᠮᠦᠨ᠎ᠡ ᠹᠷᠤᠨᠲ ᠲᠤ ᠰᠢᠭᠤᠷᠬᠠᠶᠢᠯᠠᠨ ᠪᠠᠶᠢᠯᠳᠤᠵᠤ

ᠢᠯᠠᠯᠳᠠ ᠶᠢᠨ ᠲᠠᠭᠤᠨ ᠬᠠᠩᠭᠢᠨᠠᠬᠤ ᠪᠤᠯᠳᠠᠯ᠎ᠠ ᠭᠠᠪᠰᠢᠭᠠᠶᠢᠯᠠᠨ ᠲᠡᠮᠡᠴᠡᠵᠤ ᠡᠷᠦᠬᠡ ᠲᠠᠷᠠᠭᠠᠯᠠᠨ ᠪᠦᠭᠡᠮ ᠬᠦᠴᠢᠯ ᠤᠨ

ᠪᠠᠶᠢᠴᠠᠭᠠᠯᠳᠠ ᠬᠢᠵᠤ ᠪᠠᠶᠢᠴᠠᠭᠠᠭᠰᠠᠨ ᠦᠯᠢᠭᠡᠷ ᠡᠳ᠋ ᠢ ᠰᠢᠯᠭᠠᠨ ᠪᠠᠶᠢᠴᠠᠭᠠᠬᠤ ᠦᠷᠳᠡᠭᠡ ᠳᠤ ᠬᠦᠷᠭᠡᠬᠦ᠂ ᠲᠤᠭ᠎ᠠ

ᠪᠦᠷᠢᠳᠬᠡᠯ ᠤᠨ ᠠᠵᠢᠯ ᠢ ᠬᠠᠷᠭᠤᠭᠤᠯᠬᠤ ᠵᠡᠷᠭᠡ ᠠᠵᠢᠯ ᠳᠤ ᠡᠳᠤᠷ ᠰᠦᠨᠢ ᠦᠭᠡᠢ ᠰᠢᠷᠭᠠᠭᠤ ᠠᠵᠢᠯᠯᠠᠨ ᠦᠪᠡᠷ ᠤᠨ

ᠡᠷᠦᠬᠡ ᠭᠡᠷ᠂ ᠦᠷ᠎ᠡ ᠬᠡᠤᠬᠡᠳ᠂ ᠠᠷᠤ ᠭᠡᠷ ᠤᠨ ᠠᠳᠠᠯ ᠠᠮᠢᠳᠤᠷᠠᠯᠭ᠎ᠠ ᠪᠠᠨ ᠠᠷᠤ ᠳᠤ ᠪᠠᠨ ᠤᠷᠬᠢᠵᠤ ᠤᠳᠤᠭ᠎ᠠ

ᠦᠭᠡᠢ ᠲᠠᠶᠢᠨ ᠤ ᠡᠮᠦᠨ᠎ᠡ ᠹᠷᠤᠨᠲ ᠲᠤ ᠤᠷᠤᠨ ᠨᠤᠳᠤᠭ ᠤᠨ ᠢᠶᠠᠨ ᠡᠰᠡᠨ ᠮᠡᠨᠳᠤ ᠶᠢᠨ ᠲᠦᠯᠦᠭᠡ᠂ ᠤᠯᠠᠨ

ᠲᠦᠮᠡᠨ ᠤ ᠠᠮᠢ ᠨᠠᠰᠤᠨ ᠤ ᠠᠮᠤᠷ ᠲᠦᠪᠰᠢᠨ ᠤ ᠲᠦᠯᠦᠭᠡ ᠨᠢᠭᠡᠨ ᠦᠵᠦᠭᠦᠷᠳᠤ ᠰᠡᠳᠬᠢᠯ ᠢᠶᠠᠷ ᠤᠯᠠᠨ ᠤᠯᠠᠨ

ᠬᠦᠴᠢᠷ ᠪᠡᠷᠬᠡ ᠶᠢ ᠲᠤᠭᠤᠯᠤᠨ ᠲᠡᠮᠡᠴᠡᠵᠤ ᠴᠢᠷᠮᠠᠶᠢᠨ ᠠᠵᠢᠯᠯᠠᠵᠤ ᠢᠷᠡᠭᠰᠡᠨ ᠨᠢ ᠰᠤᠨᠤᠰᠤᠭᠰᠠᠨ ᠬᠦᠮᠦᠨ ᠪᠦᠬᠦᠨ ᠤ

ᠰᠡᠳᠬᠢᠯ ᠵᠢᠷᠦᠭᠡ ᠶᠢ ᠭᠦᠨ᠎ᠡ ᠲᠤᠭᠳᠤᠭᠤᠯᠤᠭᠰᠠᠨ ᠶᠤᠮ᠃ ᠲᠡᠷᠡ ᠪᠤᠯ ᠦᠨᠡᠭᠡᠷ ᠨᠢᠭᠡ ᠶᠡᠷᠤ ᠪᠤᠰᠤ ᠶᠢᠨ ᠡᠮᠡᠭᠳᠡᠢ

ᠪᠠᠭᠠᠳᠤᠷ ᠪᠤᠯᠬᠤ ᠶᠤᠮ᠃

      ᠨᠠᠷᠠ ᠤᠷᠭᠤᠬᠤ ᠳᠤ ᠨᠠᠪᠴᠢ ᠲᠡᠯᠭᠡᠷᠡᠨ᠎ᠡ᠂ ᠨᠠᠰᠤ ᠲᠦᠯᠵᠢᠬᠦ ᠳᠤ ᠪᠢᠯᠢᠭ ᠡᠰᠠᠨᠢᠨ᠎ᠡ᠃ ᠤᠳᠤ ᠪᠤᠯᠬᠤ ᠳᠤ

ᠬᠠᠢ ᠯᠦᠩ ᠮᠠᠨᠢ ᠰᠤᠷᠭᠠᠭᠤᠯᠢ ᠶᠢᠨ ᠢᠶᠠᠨ ᠬᠦᠷᠢᠶᠡᠨ᠎ᠡ ᠬᠢᠴᠢᠶᠡᠯᠯᠡᠬᠦ ᠬᠤᠩᠬᠤᠨ ᠲᠠᠭᠤᠨ ᠢ ᠵᠢᠷᠭᠠᠯ ᠴᠠᠯᠭᠢᠳᠠᠯ᠎ᠠ

ᠭᠢᠰᠭᠢᠯᠡᠨ ᠶᠠᠪᠤᠬᠤ ᠳᠤ ᠰᠡᠳᠬᠢᠯ ᠵᠢᠷᠦᠬᠡᠨ ᠳᠤ ᠨᠢ ᠪᠠᠶᠠᠷ ᠪᠠᠶᠠᠰᠤᠯ ᠬᠠᠯᠭᠢᠯᠠᠨ ᠴᠠᠯᠭᠢᠯᠠᠵᠤ ᠠᠮᠢᠳᠤᠷᠠᠯ ᠨᠢ

ᠰᠤᠯᠤᠩᠭᠠᠨ ᠲᠤᠯᠤᠭᠠᠨ ᠦᠩᠭᠡ ᠪᠠᠷ ᠮᠢᠷᠠᠯᠵᠠᠵᠤ ᠪᠠᠶᠢᠳᠠᠭ᠃ ᠠᠷᠢᠭᠤᠨ ᠬᠦᠳᠡᠯᠮᠦᠷᠢ ᠠᠴᠠ ᠠᠮᠵᠢᠯᠳᠠ ᠶᠢᠨ ᠴᠡᠴᠡᠭ

ᠲᠡᠯᠭᠡᠷᠡᠨ᠎ᠡ᠃ ᠡᠨᠡ ᠪᠤᠯ ᠲᠡᠭᠦᠨ ᠤ ᠬᠦᠴᠦ ᠬᠦᠯᠦᠰᠤ ᠠᠴᠠ ᠲᠡᠯᠭᠡᠷᠡᠭᠰᠡᠨ ᠠᠮᠢᠯᠠᠯ ᠤᠨ ᠪᠡᠯᠭᠡᠳᠤ ᠴᠡᠴᠡᠭ᠂ ᠬᠦᠰᠡᠯ

ᠬᠦᠭᠡᠭᠡᠴᠡᠯᠳᠤᠯ ᠠᠴᠠ ᠰᠤᠶᠤᠭᠠᠯᠠᠭᠰᠠᠨ ᠠᠮᠢᠵᠢᠷᠠᠯ ᠤᠨ ᠦᠨᠳᠤᠰᠤ ᠪᠤᠯᠬᠤ ᠤᠴᠢᠷᠳᠠᠢ᠃ ᠬᠦᠮᠦᠨ ᠭᠡᠳᠡᠭ ᠶᠡᠷᠤ ᠨᠢ

ᠦᠪᠡᠷ ᠤᠨ ᠬᠦᠰᠡᠵᠤ ᠰᠠᠨᠠᠭᠰᠠᠨ ᠢᠶᠠᠨ ᠪᠡᠶᠡᠯᠡᠬᠦᠯᠵᠤ ᠲᠡᠶᠢᠯᠦᠭᠰᠡᠨ ᠦᠶᠡᠰ ᠰᠡᠳᠬᠢᠯ ᠲᠤᠳᠤᠷ᠎ᠠ ᠨᠢ ᠬᠡᠵᠢᠶᠡᠳᠡ

ᠬᠠᠮᠤᠭ ᠤᠨ ᠲᠠᠶᠢᠪᠤᠭᠤᠨ ᠬᠠᠮᠤᠭ ᠤᠨ ᠲᠡᠨᠢᠭᠦᠬᠡᠨ ᠪᠤᠯᠳᠠᠭ᠃ ᠬᠠᠢ ᠯᠦᠩ ᠤᠨ ᠮᠠᠨᠢ ᠦᠭᠡᠳᠡ ᠠᠴᠠ ᠦᠯᠢᠶᠡᠬᠦ

ᠨᠤᠳᠤᠭ ᠤᠨ ᠬᠤᠩᠭᠤᠷ ᠰᠠᠯᠬᠢ ᠨᠢ ᠬᠦᠷᠳᠡᠯ᠎ᠡ ︽ᠪᠤᠯᠵᠤ ᠪᠠᠶᠢᠨ᠎ᠠ᠂ ᠬᠡᠤᠬᠡᠨ ᠮᠢᠨᠢ ᠪᠤᠯᠵᠤ ᠪᠠᠶᠢᠨ᠎ᠠ︾ ᠭᠡᠵᠤ

ᠴᠢᠬᠢᠨ ᠳᠤ ᠨᠢ ᠨᠠᠮᠤᠭᠤᠬᠠᠨ ᠰᠢᠪᠡᠨᠡᠭᠦ‍ ᠰᠢᠭ᠂ ᠲᠤᠷᠭ᠎ᠠ ᠰᠢᠬ ᠨᠡᠮᠡᠭᠦᠬᠡᠨ ᠬᠠᠴᠠᠷ ᠢ ᠨᠢ ᠠᠶᠠᠷᠬᠠᠨ ᠢᠯᠪᠢᠬᠦ‍ ᠰᠢᠭ

ᠲᠠᠭᠠᠳᠠᠶᠢᠬᠠᠨ ᠁ ᠲᠡᠷᠡ ᠮᠠᠨᠢ ᠦᠳᠡᠰᠢ ᠶᠢᠨ ᠰᠡᠯᠡᠭᠦᠤ ᠪᠠᠷ ᠡᠩᠭᠦᠷᠡᠢ ᠦᠷ᠎ᠡ ᠪᠠᠨ ᠬᠦᠳᠦᠯᠦᠭᠡᠳ ᠬᠠᠭᠢᠷ ᠤᠨ

ᠬᠦᠪᠡᠭᠡ ᠲᠠᠭᠠᠵᠤ ᠠᠯᠬᠤᠯᠠᠬᠤ ᠳᠤ ᠤᠷᠴᠢᠯᠠᠩ ᠶᠠᠭᠤᠮ᠎ᠠ ᠪᠦᠬᠦᠨ ᠨᠢ ᠲᠡᠶᠢᠮᠤ ᠯᠡ ᠡᠭᠡᠯᠢᠳᠡᠶᠢᠬᠡᠨ᠂ ᠲᠡᠶᠢᠮᠤ ᠯᠡ

ᠬᠠᠯᠠᠭᠤᠬᠠᠨ ᠰᠠᠨᠠᠭᠳᠠᠬᠤ ᠶᠢ ᠬᠡᠯᠡᠬᠦ ᠶᠠᠭᠤᠨ᠃ ᠲᠡᠭᠡᠬᠦ ᠳᠤ ᠲᠡᠭᠦᠨ ᠤ ᠮᠠᠨᠢ ᠪᠤᠳᠤᠯ ᠰᠡᠳᠬᠢᠯ ᠤᠩᠭᠤᠨ

ᠪᠠᠶᠢᠭᠠᠯᠢ ᠳᠤ ᠪᠠᠨ ᠠᠭᠤᠰᠴᠤ ᠲᠡᠷᠡ ᠮᠠᠨᠢ ᠨᠡᠩ ᠤᠯᠠᠨ ᠤᠯᠠᠨ ᠰᠢᠯᠢᠳᠡᠭ ᠰᠠᠶᠢᠬᠠᠨ ᠠᠮᠵᠢᠯᠳᠠ ᠪᠠᠷ ᠢᠶᠠᠨ ᠤᠰᠤ

ᠨᠤᠳᠤᠭ ᠤᠨ ᠢᠶᠠᠨ ᠠᠯᠳᠠᠷ ᠨᠡᠷ᠎ᠡ ᠶᠢ ᠮᠠᠨᠳᠤᠭᠤᠯᠵᠤ ᠲᠠᠭᠤᠷᠢᠰᠤᠭᠤᠯᠵᠤ ᠶᠠᠪᠤᠨ᠎ᠠ ᠳ᠋ᠠ ᠭᠡᠵᠤ ᠤᠷᠮᠠᠰᠢᠨ

ᠲᠤᠭᠳᠤᠯᠬᠤ ᠳᠤ ᠢᠳᠡᠭᠡᠯ ᠵᠤᠷᠢᠭ ᠨᠢ ᠢᠯᠠᠯᠳᠠ ᠶᠢᠨ ᠲᠦᠷᠦᠭᠡ ᠶᠢ ᠨᠢ ᠮᠢᠯᠢᠶᠠᠨ ᠮᠢᠯᠢᠶᠠᠭᠰᠠᠭᠠᠷ ᠁ ᠲᠡᠭᠡᠬᠦ ᠳᠤ

ᠵᠢᠷᠦᠬᠡ ᠶᠢᠨ ᠠᠭᠤᠳᠠᠮ ᠲᠠᠯ᠎ᠠ ᠨᠡᠩ ᠠᠭᠤᠵᠢᠮ ᠲᠡᠨᠢᠭᠡᠷ ᠪᠤᠯᠵᠤ ᠴᠡᠩᠭᠡᠷᠯᠡᠨ ᠬᠠᠷᠠᠭᠳᠠᠨ᠎ᠠ ᠪᠢᠯᠡ ᠁

      ᠠᠵᠢᠯᠯᠠᠵᠤ ᠪᠠᠶᠢᠭ᠎ᠠ ᠪᠠᠶᠢᠭᠤᠯᠭ᠎ᠠ᠄ ᠠᠷᠤ ᠬᠤᠷᠴᠢᠨ ᠬᠤᠰᠢᠭᠤᠨ ᠤ ᠬᠦᠳᠡᠭᠡ ᠲᠤᠰᠬᠤᠨ ᠢ 

                                 ᠬᠦᠭᠵᠢᠭᠦᠯᠦᠨ ᠮᠠᠨᠳᠤᠭᠤᠯᠬᠤ ᠲᠤᠪᠴᠢᠶ᠎ᠠ 

                                 ︵ᠠᠯᠳᠠᠰᠦ᠋ᠭᠡ ᠨᠠᠶᠢᠷᠠᠭᠤᠯᠪᠠ︶

                                  2023.1 ᠳ᠋ᠦ᠋ᠭᠡᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map