ᠠᠴᠢ ᠬᠠᠷᠢᠭᠤᠯᠠᠯᠲᠠ ᠶᠢᠨ ᠬᠦᠮᠦᠵᠢᠯ ᠢ ᠰᠠᠶᠢᠲᠤᠷ ᠬᠢᠶ᠎ᠡ
ᠨᠡᠶᠢᠲᠡᠯᠡᠭᠰᠡᠨ ᠴᠠᠭ᠄
2023/10/17
                   ᠰᠤᠶᠤᠯᠳᠠᠯᠠᠢ   

幼儿教育-1.png

      ᠠᠴᠢ ᠶᠢ ᠬᠠᠷᠢᠭᠤᠯᠠᠵᠤ ᠡᠯᠪᠡᠷᠢᠯ ᠢ ᠬᠦᠢᠴᠡᠳᠬᠡᠬᠦ ᠪᠣᠯ ᠬᠦᠮᠦᠨ ᠪᠦᠬᠦᠨ ᠳᠤ ᠪᠠᠶᠢᠪᠠᠰᠤ ᠵᠤᠬᠢᠬᠤ

ᠬᠠᠮᠤᠭ ᠤᠨ ᠦᠨᠳᠦᠰᠦᠨ ᠶᠤᠰᠤ ᠰᠤᠷᠳᠠᠬᠤᠨ ᠤ ᠪᠠᠷᠢᠮᠵᠢᠶ᠎ᠡ ᠪᠤᠯᠬᠤ ᠮᠦᠷᠳᠡᠬᠡᠨ ᠬᠦᠮᠦᠨ ᠪᠤᠯᠬᠤ ᠶᠢᠨ ᠬᠠᠮᠤᠭ ᠤᠨ

ᠨᠠᠭᠠᠳᠤ ᠵᠠᠬ᠎ᠠ ᠶᠢᠨ ᠦᠨᠳᠦᠰᠦᠨ ᠬᠡᠪ ᠪᠤᠯᠪᠠᠰᠤᠷᠠᠯ ᠮᠥᠨ᠃ ᠲᠠᠪᠤᠨ ᠮᠢᠩᠭᠠᠨ ᠵᠢᠯ ᠤᠨ ᠪᠤᠯᠪᠠᠰᠤᠨ ᠲᠡᠦᠬᠡ ᠲᠠᠢ

ᠳᠤᠮᠳᠠᠳᠤ ᠶᠢᠨ ᠦᠨᠳᠦᠰᠦᠳᠡᠨ ᠳᠤ ᠡᠷᠳᠡᠨ ᠠᠴᠠ ᠠᠪᠤᠭᠠᠳ ᠬᠦᠮᠦᠨ ᠤ ᠠᠴᠢ ᠶᠢ ᠬᠦᠷᠳᠡᠪᠡᠯ ᠵᠠᠪᠠᠯ ᠲᠤᠰᠠ ᠪᠠᠷ

ᠬᠠᠷᠢᠭᠤᠯᠠᠬᠤ ᠪᠤᠳᠠᠳᠤ ᠦᠯᠢᠬᠡᠷ ᠪᠤᠷᠬᠠᠨ ᠰᠡᠴᠡᠯᠡᠯ ᠮᠤᠩ ᠦᠬᠡᠢ ᠪᠢᠯᠡ᠃

      ︽ᠤᠤᠭᠤᠭᠰᠠᠨ ᠤᠰᠤ ᠷᠠᠰᠢᠶᠠᠨ᠂ ᠤᠨᠠᠭᠰᠠᠨ ᠰᠢᠷᠤᠢ ᠠᠯᠳᠠ︾᠂ ︽ᠬᠦᠮᠦᠨ ᠬᠦᠮᠦᠨ ᠤ ᠬᠦᠴᠦᠨ ᠳᠤ᠂

ᠵᠢᠭᠠᠰᠤ ᠤᠰᠤᠨ ᠤ ᠬᠦᠴᠦᠨ ᠳᠤ︾᠂ ︽ᠤᠰᠤ ᠶᠢ ᠨᠢ ᠤᠤᠭᠤᠪᠠᠯ ᠡᠬᠢ ᠶᠢ ᠨᠢ ᠪᠤᠳᠤ︾ ᠬᠡᠮᠡᠨ ᠮᠠᠨ ᠤ ᠲᠡᠬᠡᠳᠦᠰ᠂

ᠦᠷ᠎ᠡ ᠬᠤᠶᠢᠴᠢ ᠳᠤ ᠪᠠᠨ ︽ᠠᠴᠢ ᠬᠡᠳᠡᠭ ᠢᠪᠡᠬᠡᠯ ᠳᠤ ᠲᠤᠰᠠ ᠬᠠᠷᠠᠮᠨᠠᠵᠤ ᠪᠠᠴᠢᠭᠤᠷᠠᠭ᠎ᠠ ᠦᠬᠡᠢ︾ ᠭᠡᠵᠦ ᠤᠶᠠᠨ

ᠴᠢᠨᠠᠷ ᠤᠨ ᠰᠡᠴᠡᠨ ᠰᠤᠷᠭᠠᠯ ᠢᠶᠠᠨ ᠲᠤᠩᠬᠠᠭᠯᠠᠭᠰᠠᠭᠠᠷ ᠬᠦᠮᠦᠨ ᠮᠦᠰᠤ ᠶᠢᠨ ᠬᠠᠳᠠᠨ ᠴᠡᠬᠡᠯ ᠢᠶᠠᠨ ᠵᠤᠵᠠᠭᠠᠷᠠᠭᠤᠯᠵᠤ᠂

ᠬᠦᠯᠦᠭ ᠰᠦᠯᠳᠠ ᠶᠢᠨ ᠰᠤᠳᠤᠨ ᠪᠢᠯᠢᠭ ᠢᠶᠠᠨ ᠰᠦᠢᠵᠤ ᠶᠠᠪᠤᠨ᠎ᠠ᠃

      ᠬᠦᠮᠦᠨ ᠤ ᠤᠷᠤᠩᠨᠠᠯ ᠳᠤ ᠡᠴᠢᠬᠡ ᠲᠡᠭᠷᠢ᠂ ᠡᠬᠡ ᠲᠡᠯᠡᠬᠡᠢ ᠶᠢᠨ ᠰᠢᠷᠬᠡᠭ ᠡᠪᠡᠰᠤ᠂ ᠮᠦᠬᠦᠯᠢᠭ ᠰᠢᠷᠤᠢ

ᠬᠦᠷᠳᠡᠯ᠎ᠠ ᠬᠠᠶᠢᠷ᠎ᠠ ᠶᠢᠨ ᠲᠤᠯᠤᠭ ᠢᠮᠠᠭᠠᠷᠢ ᠪᠤᠯᠳᠠᠭ ᠪᠠᠶᠢᠬᠤ ᠳᠤ᠂ ᠲᠡᠬᠡᠬᠡᠵᠤ ᠲᠦᠷᠦᠬᠦᠯᠦᠭᠰᠡᠨ ᠲᠡᠭᠷᠢ ᠡᠵᠢ᠂

ᠲᠡᠳᠬᠦᠵᠤ ᠦᠰᠬᠡᠭᠰᠡᠨ ᠲᠦᠰᠢ ᠠᠪᠤ ᠶᠢ ᠦᠬᠦᠯᠡᠬᠦ ᠨᠡᠩ ᠶᠠᠭᠤᠨ ᠪᠢᠯᠡ︕ ᠦᠨᠡᠬᠡᠷ ᠴᠦ ᠲᠡᠶᠢᠮᠦ᠃ ᠡᠴᠢᠬᠡ ᠬᠦᠤ

ᠡᠬᠡ ᠦᠷ᠎ᠡ ᠶᠢᠨ ᠰᠢᠳᠦᠯᠴᠡᠯ ᠬᠡᠵᠤ ᠶᠤᠰᠤᠳᠠᠢ ︽ᠡᠩᠬᠡᠷ ᠭᠠᠵᠠᠷ ᠤᠨ ᠨᠤᠭᠤᠭ᠎ᠠ︾ ᠬᠡᠮᠡᠷ ᠤᠶᠠᠩᠭ᠎ᠠ               

 ᠲᠠᠢ᠃ ᠲᠡᠬᠡᠬᠦ ᠪᠠᠷ  ᠢᠶᠠᠨ ᠦᠷ᠎ᠡ ᠬᠡᠦᠬᠡᠳ ᠲᠤ ᠪᠠᠨ ᠡᠴᠢᠬᠡ ᠡᠬᠡ ᠨᠢ ᠬᠠᠶᠢᠷ᠎ᠠ ᠶᠢᠨ ᠲᠦᠰᠢᠭ ᠪᠠᠶᠢᠵᠤ ︽ᠠᠪᠤ ᠶᠢᠨ

ᠪᠤᠢ ᠳᠤ ᠬᠦᠮᠦᠨ ᠲᠠᠨᠢ᠂ ᠠᠭᠳᠠ ᠶᠢᠨ ᠪᠤᠢ ᠳᠤ ᠭᠠᠵᠠᠷ ᠲᠠᠨᠢ︾ ᠬᠡᠰᠡᠨ ᠰᠤᠷᠭᠠᠯ ᠭᠠᠷᠴᠤ᠂ ᠡᠴᠢᠬᠡ ᠡᠬᠡ ᠳᠤ ᠪᠠᠨ

ᠦᠷ᠎ᠡ ᠬᠡᠦᠬᠡᠳ ᠨᠢ ᠭᠤᠯᠤᠮᠳᠠ ᠶᠢᠨ ᠬᠢᠨ ᠴᠤᠭ ᠪᠠᠶᠢᠳᠠᠭ ᠢᠶᠠᠷ ︽ᠦᠳᠡᠯᠡᠬᠦ ᠶᠢᠨ ᠦᠵᠦᠬᠦᠷ ᠦᠷ᠎ᠡ ᠲᠠᠢ          

ᠰᠠᠶᠢᠬᠠᠨ︾ ᠬᠡᠰᠡᠨ ᠬᠦᠮᠦᠨ ᠤ ᠶᠤᠰᠤᠨ ᠤ ᠵᠦᠢ ᠲᠠᠢ ᠪᠢᠯᠡ᠃

      ᠬᠡᠪᠡᠴᠤ ᠨᠡᠶᠢᠬᠡᠮ ᠴᠠᠭ ᠡᠷᠢᠨ ᠤ ᠬᠦᠭᠵᠢᠯᠳᠠ ᠬᠤᠪᠢᠰᠦᠯᠳᠠ ᠶᠢ ᠲᠠᠭᠠᠵᠤ ᠬᠦᠮᠦᠰ ᠤᠨ ᠦᠵᠡᠯᠳᠡ ᠲᠠᠨᠢᠯᠳᠠ

ᠦᠬᠡᠷᠡᠴᠢᠯᠡᠭᠳᠡᠨ ᠬᠤᠪᠢᠷᠠᠬᠤ ᠪᠠᠷ ︽ᠲᠠᠵᠢᠬᠡᠭᠰᠡᠨ ᠪᠢᠷᠠᠭᠤ ᠲᠡᠷᠬᠡ ᠡᠪᠳᠡᠬᠦ︾ ᠵᠦᠴᠦᠬᠡ ᠤᠯᠠᠰᠢᠷᠠᠵᠤ ︽ᠰᠠᠶᠢᠨ

ᠦᠷ᠎ᠡ ᠳᠤ ᠪᠤᠤ ᠨᠦᠬᠡᠬᠡ᠂ ᠮᠠᠭᠤ ᠦᠷ᠎ᠡ ᠳᠤ ᠪᠤᠤ ᠵᠦᠬᠡᠬᠡ︾ ᠬᠡᠬᠦ ᠰᠤᠷᠭᠠᠯ ᠢ ᠤᠯᠠᠨ ᠤᠯᠠᠨ ᠡᠴᠢᠬᠡ ᠡᠬᠡ ᠠᠬᠢᠨ

ᠲᠠᠬᠢᠨ ᠡᠷᠬᠢᠴᠡᠬᠦᠯᠦᠨ ᠲᠤᠩᠭᠠᠬᠤ ᠦᠬᠡᠢ ᠪᠤᠯᠬᠤ ᠦᠬᠡᠢ ᠪᠤᠯᠵᠠᠢ᠃

      ᠠᠢ︕ ᠬᠦᠬᠡᠷᠦᠬᠦᠢ᠃ ᠡᠴᠢᠬᠡ ᠦᠷ᠎ᠡ ᠶᠢᠨ ᠬᠡᠯᠬᠢᠶ᠎ᠡ ᠬᠡᠭᠴᠢ ᠡᠯᠢᠬᠡ ᠵᠢᠷᠦᠬᠡ ᠦᠬᠡᠷ᠎ᠡ ᠤᠤ︖ ᠶᠠᠷᠤ ᠨᠢ

︽ᠡᠬᠡ ᠶᠢᠨ ᠰᠠᠨᠠᠭ᠎ᠠ ᠦᠷ᠎ᠡ ᠳᠤ︾ ᠪᠠᠶᠢᠬᠤ ᠳᠤ ᠶᠠᠭᠠᠬᠢᠬᠤ ᠳᠤ ᠪᠠᠨ ᠤᠳᠤᠬᠠᠨ ︽ᠦᠷ᠎ᠡ ᠶᠢᠨ ᠰᠠᠨᠠᠭ᠎ᠠ ᠠᠭᠤᠯᠠᠨ          

 ᠳᠤ︾ ᠲᠡᠷᠪᠡᠬᠦ ᠪᠤᠯᠤᠭᠰᠠᠨ ᠬᠡᠮ᠃ ︽ᠠᠯᠠᠪᠠᠯ ᠠᠬᠠᠳᠠᠨ᠎ᠠ᠂ ᠠᠯᠠᠭᠠᠳᠠᠪᠠᠯ ᠪᠠᠭᠠᠳᠠᠨ᠎ᠠ︾ ᠴᠤᠬᠤᠮ ᠶᠠᠭᠠᠬᠢᠳᠠᠭ ᠴᠦ ᠪᠢᠯᠡ

ᠬᠡᠦᠬᠡᠳ ᠢ᠃ ︽ᠬᠠᠮᠠᠷ ᠢᠶᠠᠨ ᠨᠢᠰᠤ ᠲᠠᠢ ᠬᠡᠳ ᠬᠠᠮᠢᠭ᠎ᠠ ᠬᠠᠶᠠᠬᠤ ᠪᠤᠢ︾ ᠭᠡᠳᠡᠭ ᠢᠶᠠᠷ ᠴᠤᠬᠤᠮ ᠬᠡᠷᠬᠢᠬᠦ ᠪᠢᠯᠡ

ᠡᠴᠢᠬᠡ ᠡᠬᠡ ᠪᠠᠨ᠃

      ᠬᠠᠶᠢᠷ᠎ᠠ ᠶᠢᠨ ᠪᠤᠷᠬᠠᠨ ᠡᠴᠢᠬᠡ ᠡᠬᠡ ᠳᠤ ᠪᠠᠨ ᠡᠯᠪᠡᠷᠢᠵᠤ ᠶᠠᠪᠤᠭᠠᠷᠠᠢ︕

      ᠬᠠᠶᠢᠷ᠎ᠠ ᠶᠢ ᠨᠢ ᠲᠠᠷᠬᠠᠯᠠᠵᠤ᠂ ᠬᠠᠶᠢᠷ᠎ᠠ ᠶᠢ ᠨᠢ ᠢᠨᠢᠶᠡᠯᠬᠡᠵᠤ ᠬᠠᠶᠢᠷᠠᠯᠠᠵᠤ ᠶᠠᠪᠤᠭᠠᠷᠠᠢ︕

      ᠡ᠊ᠨᠳᠠ ︽ᠬᠦᠤ ᠳᠤ ᠪᠠᠨ ᠢᠯᠡᠬᠡᠭᠰᠡᠨ ᠵᠠᠬᠢᠳᠠᠯ︾ ᠬᠡᠳᠡᠭ ᠵᠤᠬᠢᠶᠠᠯ ᠢ ᠤᠩᠰᠢᠬᠴᠢ ᠲᠠ ᠨᠠᠷ ᠲᠤ ᠪᠠᠨ

ᠲᠤᠯᠢᠯᠠᠭᠤᠯᠬᠤ ᠶᠢᠨ ᠬᠠᠮᠳᠤ ᠡᠯᠪᠡᠷᠢᠯ ᠢ ᠲᠡᠬᠡᠳᠦᠯᠡᠵᠤ ᠶᠠᠪᠤᠬᠤ ᠳᠤ ᠴᠢᠨᠢ ᠴᠠᠷᠢᠠᠭᠤᠨ ᠢᠳᠡᠬᠡᠯ ᠲᠠᠢ ᠴᠠᠳᠬᠤᠯᠠᠩ

ᠬᠦᠰᠡᠯ ᠬᠠᠶᠢᠷᠠᠯᠠᠶ᠎ᠠ᠃

     ᠬᠦᠤ ᠳᠤ ᠪᠠᠨ ᠢᠯᠡᠬᠡᠭᠰᠡᠨ ᠵᠠᠬᠢᠳᠠᠯ

ᠬᠠᠶᠢᠷᠠᠳᠤ ᠬᠦᠤ ᠮᠢᠨᠢ᠄

      ᠴᠢ ᠬᠡᠳᠦ᠋ᠢᠪᠡᠷ ᠪᠢᠳᠠ ᠬᠤᠶᠠᠷ ᠤᠨ ᠰᠡᠳᠬᠢᠯ ᠢ ᠬᠦᠷᠦᠬᠡᠭᠰᠡᠨ ᠪᠤᠯᠪᠠᠴᠤ ᠶᠠᠰᠤ ᠮᠢᠬᠠᠨ ᠤ ᠲᠠᠰᠤᠷᠬᠠᠢ ᠶᠤᠮ

ᠴᠢᠨᠢ ᠴᠢᠮ᠎ᠠ ᠳᠤ ᠶᠠᠭᠤ ᠬᠡᠯᠡᠯᠳᠡᠢ ᠪᠢᠯᠡ᠃ ᠠᠩᠬ᠎ᠠ ᠴᠢ ᠡᠬᠦᠷ ᠢᠶᠠᠨ ᠤᠷᠬᠢᠨ ᠨᠢᠰᠬᠦ ᠲᠡᠭᠳᠡᠬᠡᠬᠡᠢ ᠰᠢᠭ ᠠᠷᠤ

ᠬᠡᠷ ᠠᠴᠠ ᠪᠠᠨ ᠠᠶᠠᠷᠯᠠᠨ ᠠᠶᠢᠮᠠᠭ ᠤᠨ ᠲᠦᠪ ᠲᠠᠬᠢ ᠲᠤᠮᠳᠠᠳᠤ ᠰᠤᠷᠭᠠᠭᠤᠯᠢ ᠳᠤ ᠤᠴᠢᠵᠤ ᠰᠤᠷᠤᠯᠴᠠᠬᠤ ᠪᠠᠷ

ᠲᠤᠬᠢᠷᠠᠭᠰᠠᠨ ᠳᠤ ᠠᠪᠤ ᠡᠵᠢ ᠴᠢᠨᠢ ᠪᠢᠳᠡ ᠬᠤᠶᠠᠷ ᠦᠨᠡᠨ ᠰᠡᠳᠬᠢᠯ ᠠᠴᠠ ᠪᠠᠨ ᠪᠠᠶᠠᠷᠯᠠᠨ ᠬᠦᠭᠰᠡᠵᠤ          

ᠪᠢᠯᠡ᠃ ᠴᠢᠮ᠎ᠠ ᠶᠢ ᠰᠤᠷᠭᠠᠭᠤᠯᠢ ᠳᠤ ᠴᠢᠨᠢ ᠬᠦᠷᠬᠡᠵᠤ ᠦᠭᠬᠦᠬᠡᠳ ᠠᠩᠬᠢ ᠶᠢᠨ ᠡᠷᠬᠢᠯᠡᠭᠴᠢ ᠳᠤ ᠴᠢᠨᠢ᠄ ︽ᠮᠢᠨᠤ ᠬᠦᠤ

ᠪᠠᠭ᠎ᠠ ᠪᠠᠶᠢᠭᠰᠠᠭᠠᠷ︾ ᠬᠡᠵᠤ ᠬᠡᠳᠦᠨᠳᠡ ᠲᠠᠪᠳᠠᠬᠤ ᠳᠤ ︽ᠡᠴᠢᠬᠡ ᠬᠦᠮᠦᠨ ᠤ ᠰᠡᠳᠬᠢᠯ ᠬᠡᠵᠤ ᠳ᠋ᠠ︾ ᠬᠡᠭᠰᠡᠬᠡᠷ ᠪᠠᠭᠰᠢ

ᠴᠢᠨᠢ ᠨᠠᠮ᠎ᠠ ᠶᠢ ᠲᠤᠭᠤᠬᠢᠯᠠᠬᠤ ᠲᠠᠢ᠂ ᠲᠠᠶᠢᠳᠬᠤᠷᠠᠭᠤᠯᠬᠤ ᠲᠠᠢ ᠬᠡᠯᠡᠵᠤ ᠪᠠᠶᠢᠭᠰᠠᠨ ᠪᠢᠰᠢ ᠤᠤ︖ ᠪᠤᠴᠠᠬᠤ

ᠦᠶ᠎ᠡ ᠳᠤ ᠴᠢᠨᠤ ᠨᠢᠳᠤᠨ ᠳᠤ ᠨᠢᠯᠪᠤᠰᠤ ᠪᠦᠷᠬᠦᠬᠦᠯᠡᠷ ᠨᠠᠳᠠ ᠳᠤ ᠪᠤᠯᠳᠠᠭ ᠰᠠᠨ ᠪᠣᠯ ᠴᠢᠮ᠎ᠠ ᠶᠢ ᠪᠤᠴᠠᠭᠠᠭᠠᠳ

ᠠᠪᠠᠴᠢᠴᠢᠬᠠᠮᠠᠷ ᠰᠠᠨᠠᠭᠳᠠᠭᠰᠠᠨ᠃ ᠬᠡᠳᠡᠯ᠎ᠠ ᠲᠠᠷᠠᠭ᠎ᠠ ᠬᠠᠪᠤᠷ ᠨᠢ ᠲᠠᠯᠢᠮ ᠲᠠᠭᠠᠷᠠᠭᠤᠯᠵᠤ ᠴᠢᠮ᠎ᠠ ᠶᠢ ᠦᠵᠡᠬᠦ ᠪᠠᠷ

ᠤᠴᠢᠬᠤ ᠳᠤ ᠴᠢ ︽ᠰᠠᠶᠢᠨ ᠤᠤ︖ ᠮᠡᠨᠳᠤ ᠤᠤ︖︾ ᠴᠤ ᠦᠬᠡᠢ ᠬᠠᠯᠵᠠ ᠤᠴᠠᠷᠠᠵᠤ ᠠᠪᠳᠠᠭ ᠢᠶᠠᠨ ᠠᠪᠤᠮᠠᠭᠴᠠ

ᠬᠢᠴᠢᠶᠡᠯ ᠶᠠᠭᠠᠷᠠᠤ ᠶᠢᠨ ᠰᠢᠯᠳᠠᠭ ᠢᠶᠠᠷ ᠴᠤᠭ ᠨᠢᠬᠡ ᠤᠳᠠᠭ᠎ᠠ ᠬᠤᠭᠤᠯᠠ ᠴᠦ ᠢᠳᠡᠭᠰᠡᠨ ᠦᠬᠡᠢ ᠪᠠᠷ ᠨᠠᠮ᠎ᠠ ᠶᠢ

ᠰᠤᠷᠭᠠᠭᠤᠯᠢ ᠶᠢᠨ ᠡᠬᠦᠳᠡᠨ ᠠᠴᠠ  ᠪᠠᠨ ᠪᠤᠴᠠᠭᠠᠯ᠎ᠠ᠃ ᠶᠠᠭᠠᠬᠢᠶ᠎ᠠ ᠬᠡᠬᠦ ᠪᠢᠯᠡ︕ ᠠᠪᠤ ᠡᠵᠢ ᠴᠢᠨᠢ ᠮᠠᠯᠴᠢᠨ ᠬᠦᠮᠦᠨ᠂

ᠴᠢᠨᠤ ᠬᠢᠷᠢ ᠮᠡᠳᠡᠯᠬᠡ ᠦᠬᠡᠢ᠃ ᠬᠡᠪᠡᠴᠤ ᠪᠢᠳᠡ ᠰᠤᠷᠬᠤ ᠲᠤᠷ᠎ᠠ ᠦᠬᠡᠢ ᠳᠤ ᠪᠠᠨ ᠡᠶᠢᠮᠦ ᠪᠤᠯᠤᠭᠰᠠᠨ ᠪᠢᠰᠢ ᠰᠢᠤ᠂

ᠬᠠᠷᠢᠨ ᠴᠦᠪ ᠤᠨ ᠴᠠᠭ ᠲᠤᠬᠢᠶᠠᠯᠳᠤᠵᠤ ᠪᠡᠶ᠎ᠡ ᠶᠢᠨ ᠭᠠᠷᠤᠯ᠂ ᠤᠯᠤᠰ ᠲᠦᠷᠦ ᠶᠢᠨ ᠢᠯᠡᠷᠡᠯ ᠬᠡᠬᠦᠴᠢᠯᠡᠨ ᠡᠳᠡᠬᠡᠳ

ᠨᠦᠬᠦᠴᠡᠯ ᠳᠤ ᠬᠠᠷᠰᠢᠯᠠᠭᠳᠠᠭᠰᠠᠨ ᠢ ᠴᠢ ᠶᠠᠭᠤᠨ ᠮᠡᠳᠡᠬᠦ ᠪᠤᠢ︖ ᠮᠠᠨ  ᠤ ᠬᠢᠨ ᠬᠡᠵᠤ ᠮᠠᠯ ᠢᠶᠠᠨ ᠲᠦᠰᠢᠵᠤ᠂

ᠨᠠᠷᠠ ᠪᠠᠨ ᠬᠠᠷᠠᠵᠤ ᠠᠮᠢᠳᠤᠷᠠᠳᠠᠭ ᠤᠯᠤᠰ᠂ ᠢᠯᠡᠬᠦᠴᠢᠯᠡᠵᠤ ᠬᠤᠷᠢᠶᠠᠭᠰᠠᠨ ᠬᠦᠷᠦᠩᠬᠡ ᠵᠤᠵᠠᠭᠠᠨ ᠦᠬᠡᠢ ᠪᠤᠯᠪᠠᠴᠤ

ᠠᠮᠢᠳᠦᠷᠠᠯ ᠳᠤ ᠪᠠᠨ ᠬᠦᠷᠴᠢᠬᠡᠬᠦ ᠪᠠᠷ ᠬᠤᠭᠰᠢᠯ ᠲᠠᠢ ᠠᠶᠢᠯ ᠶᠤᠮ᠃ ᠨᠢᠬᠡ ᠡᠳᠦᠷ ᠴᠢᠨᠤ ᠢᠯᠡᠬᠡᠭᠰᠡᠨ ᠵᠠᠬᠢᠳᠠᠯ ᠢ

ᠰᠠᠨᠠᠮᠰᠠᠷ ᠦᠬᠡᠢ ᠭᠠᠷᠳᠠᠬᠤ ᠭᠱᠠᠨ ᠳᠤ ᠪᠢᠳᠡ ᠬᠤᠶᠠᠷ ᠰᠤᠷᠭᠠᠭᠤᠯᠢ ᠲᠠᠪᠰᠢᠭ᠍ᠰᠡᠨ ᠠᠴᠠ ᠴᠢᠨᠢ ᠦᠬᠡᠷ᠎ᠡ ᠦᠬᠡᠢ

ᠪᠠᠶᠠᠷᠯᠠᠪᠠ᠃ ᠬᠡᠳᠡᠯ᠎ᠠ ᠴᠢ ᠵᠠᠬᠢᠳᠠᠯ ᠳᠤ ᠪᠠᠨ ︽ᠨᠡᠶᠢᠬᠡᠮ ᠬᠦᠭᠵᠢᠵᠤ ᠪᠠᠶᠢᠨ᠎ᠠ᠂ ᠮᠠᠨ ᠤ ᠬᠢᠨ ᠬᠤᠴᠤᠷᠴᠤ          

ᠪᠠᠶᠢᠨ᠎ᠠ︾ ᠬᠡᠬᠦᠴᠢᠯᠡᠨ ᠰᠡᠴᠡᠷᠬᠡᠭᠰᠡᠨ ᠦᠬᠡ ᠪᠠᠨ ᠲᠤᠪᠴᠢᠬᠠᠨ ᠪᠢᠴᠢᠬᠡᠳ ᠬᠡᠷ ᠲᠤ ᠤᠳᠠᠰᠤ ᠤᠷᠤᠭᠤᠯᠬᠤ ᠶᠢ

ᠬᠡᠴᠡᠬᠦᠦ ᠱᠠᠭᠠᠷᠳᠠᠵᠤ ᠪᠢᠯᠡ᠃ ᠪᠢᠳᠡ ᠬᠤᠶᠠᠷ ᠵᠤᠵᠠᠭᠠᠨ ᠢᠶᠠᠨ ᠨᠢᠮᠬᠡᠯᠡᠵᠤ ᠪᠠᠶᠢᠭᠠᠳ ᠴᠢᠨᠤ ᠰᠠᠨᠠᠭ᠎ᠠ ᠶᠢ

ᠬᠦᠢᠴᠡᠳᠬᠡᠭᠰᠡᠨ᠃ ᠡᠬᠦᠨ  ᠠᠴᠠ ᠬᠤᠶᠢᠰᠢ ᠴᠢᠨᠤ ᠤᠳᠠᠰᠤ ᠶᠢ ᠲᠤᠰᠬᠤ ᠪᠤᠯᠭᠠᠨ ᠪᠠᠶᠠᠷᠯᠠᠳᠠᠭ ᠪᠤᠯᠪᠠᠴᠤ

ᠰᠡᠬᠦᠯ ᠳᠤ ᠪᠠᠨ ᠪᠦᠷ ᠰᠢᠷᠬᠢᠳᠡᠭ ᠪᠤᠯᠤᠯ᠎ᠠ᠃ ᠵᠤᠭᠤᠰᠤᠨ ᠤ ᠵᠠᠬᠢᠶᠠᠯᠯᠠᠭ᠎ᠠ ᠦᠬᠡᠢ ᠪᠣᠯ ᠬᠡᠷ ᠴᠢᠨᠢ ᠴᠢᠮ᠎ᠠ ᠳᠤ ᠬᠡᠷᠡᠭ

ᠦᠬᠡᠢ ᠪᠤᠯᠤᠭᠰᠠᠨ ᠮᠡᠳᠤ ᠰᠠᠨᠠᠭᠳᠠᠨ᠎ᠠ᠃ ᠤᠳᠠᠰᠤ ᠪᠠᠷ ᠴᠦ ᠪᠤᠯᠤᠭ ᠴᠢᠮ᠎ᠠ  ᠲᠠᠢ ᠢᠯᠡᠬᠦᠦ ᠬᠡᠳᠦᠨ ᠦᠬᠡ

ᠰᠤᠯᠢᠯᠴᠠᠪᠠᠯ ᠪᠢᠳᠠᠨ ᠤ ᠰᠡᠳᠬᠢᠯ ᠲᠡᠨᠢᠢᠴᠢᠬᠡᠨ᠎ᠡ ᠬᠡᠵᠤ ᠰᠠᠨᠠᠳᠠᠭ᠃ ᠰᠤᠷᠤᠯᠭ᠎ᠠ ᠡᠨᠡ ᠲᠡᠷᠡ ᠬᠡᠵᠤ ᠡᠬᠢᠯᠡᠭᠰᠡᠬᠡᠷ ᠴᠢ

ᠲᠤᠤᠷᠠᠬᠠᠨ ᠢᠶᠠᠨ ᠪᠢᠳᠡᠨ ᠤ ᠠᠮᠠ  ᠶᠢ ᠬᠠᠭᠠᠴᠢᠬᠠᠨ᠎ᠠ᠃ ᠠᠷᠭ᠎ᠠ ᠦᠬᠡᠢ ᠪᠢᠳᠡ ᠰᠤᠶᠤᠯ ᠦᠬᠡᠢ᠃ ᠶᠠᠭᠤ          

ᠬᠡᠨ᠎ᠡ᠄ ︽ᠦᠢ ᠲᠦᠮᠡᠨ ᠴᠡᠷᠢᠭ ᠮᠤᠷᠢ ᠭᠠᠭᠴᠠ ᠶᠠᠪᠠᠭᠠᠨ ᠬᠦᠬᠦᠷᠬᠡ ᠪᠠᠷ ᠦᠩᠬᠡᠷᠡᠬᠦ ᠴᠠᠭ ᠪᠤᠴᠠᠯᠳᠠ ᠦᠬᠡᠢ

ᠪᠤᠯᠤᠭᠰᠠᠨ᠂ ᠬᠡᠪ ᠴᠢᠨᠠᠷ ᠢᠶᠠᠨ ᠲᠡᠬᠡᠭᠰᠢᠯᠡᠬᠦᠯᠵᠤ᠂ ᠬᠤᠵᠢᠮ ᠦᠪᠡᠷ ᠤᠨ ᠦᠷᠳᠡᠭ ᠢᠶᠠᠨ ᠨᠡᠶᠢᠬᠡᠮ ᠳᠤ ᠬᠡᠷᠡᠴᠢᠯᠡᠬᠦᠯᠬᠦ

ᠶᠤᠮ︾ ᠬᠡᠨ᠎ᠡ᠃ ᠰᠢᠨ᠎ᠡ ᠮᠡᠷᠬᠡᠵᠢᠯ ᠤᠨ ᠲᠤᠰᠬᠠᠢ ᠪᠤᠯᠪᠠᠰᠤᠷᠠᠯ ᠤᠨ ᠠᠩᠬᠢ ᠳᠤ ᠤᠷᠤᠨ᠎ᠠ ᠬᠡᠳ ᠭᠠᠭᠴᠠ ᠯᠠ

ᠵᠤᠭᠤᠰ ᠲᠤᠳᠠᠵᠤ ᠪᠠᠶᠢᠭ᠎ᠠ ᠬᠡᠵᠤ ᠱᠠᠯᠠᠬᠤ ᠳᠤ ᠬᠤᠭᠤᠯᠠᠢ ᠵᠠᠩᠬᠢᠷᠠᠵᠤ ᠪᠢᠯᠡ᠃ ᠰᠡᠬᠦᠯᠡᠷ ᠴᠢᠨᠤ ᠵᠠᠷᠤᠳᠠᠯ

ᠲᠠᠬᠢᠨ ᠢᠶᠠᠷ ᠶᠡᠬᠡᠰᠦᠬᠡᠳ ᠪᠠᠶᠢᠬᠤ ᠳᠤ ︽ᠶᠠᠭᠤ ᠴᠦ ᠪᠤᠯᠪᠠ︾ ᠬᠡᠵᠤ ᠡᠷᠡᠬᠡᠯᠵᠡᠯ ᠲᠦᠷᠦᠳᠡᠭ ᠪᠤᠯᠪᠠᠴᠤ ᠬᠦᠤ ᠪᠠᠨ

ᠬᠢᠯᠢᠰᠳᠡᠬᠦᠯᠬᠦ ᠨᠢ ᠬᠡᠵᠤ ᠪᠡᠶ᠎ᠡ ᠪᠠᠨ ᠪᠤᠷᠤᠭᠤᠳᠬᠠᠵᠤ ᠪᠤᠳᠤᠯ ᠢᠶᠠᠨ ᠬᠤᠷᠢᠶᠠᠳᠠᠭ ᠪᠤᠯᠤᠭᠰᠠᠨ᠃ ᠬᠡᠵᠢᠶ᠎ᠡ

ᠬᠤᠶᠢᠨ᠎ᠠ ᠨᠢ ᠠᠩᠬᠢ ᠶᠢᠨ ᠡᠷᠬᠢᠯᠡᠭᠴᠢ ᠶᠢᠨ ᠴᠢᠨᠢ ᠤᠳᠠᠰᠤ ᠠᠴᠠ ᠴᠢᠨᠤ ᠪᠠᠶᠢᠳᠠᠯ ᠢ ᠤᠶᠢᠯᠠᠭᠠᠯ᠎ᠠ᠃ ᠬᠦᠤ ᠮᠢᠨᠢ᠂

ᠠᠮᠠᠨ ᠤ ᠰᠦ ᠴᠢᠨᠢ ᠠᠷᠢᠯᠤᠭᠠᠳᠤᠢ᠂ ᠠᠯᠠᠭ ᠵᠤᠩᠭᠠᠭ ᠴᠢᠨᠢ ᠬᠠᠳᠠᠭᠠᠳᠤᠢ ᠪᠠᠷ ᠶᠠᠭᠤᠨ ᠤ ᠬᠢᠨ ᠬᠤᠩᠭᠤᠷ ᠨᠠᠶᠢᠵᠠ

ᠪᠤᠯᠵᠤᠵᠤ᠂ ᠬᠤᠭᠤᠯᠠᠨ ᠬᠡᠷ᠂ ᠬᠤᠷᠰᠢᠶ᠎ᠠ ᠲᠡᠯᠬᠡᠬᠦᠷ᠂ ᠬᠤᠷᠢᠭᠠᠳᠤ ᠲᠤᠭᠯᠠᠭᠠᠮ ᠢᠶᠠᠷ ᠡᠷᠬᠢᠯᠳᠦᠬᠦᠯᠬᠦ ᠨᠢ          

ᠭᠠᠷᠴᠢᠬᠠᠪᠠ︖ ᠪᠤᠯᠪᠠᠰᠤᠷᠠᠯ ᠬᠡᠳᠡᠯ᠎ᠠ ᠮᠡᠷᠬᠡᠵᠢᠯ ᠤᠨ ᠠᠩᠬᠢ ᠶᠢᠨ ᠴᠢᠨᠢ ︽ᠰᠦᠢᠳᠬᠡᠯ︾ ᠨᠢ ᠡᠨᠡ ᠬᠡᠵᠢ ᠤᠤ︖

ᠡᠳᠡᠬᠡᠷ ᠵᠤᠭᠤᠰ ᠢ ᠠᠪᠤ ᠡᠵᠢ ᠴᠢᠨᠢ ᠪᠢᠳᠡ ᠬᠤᠶᠠᠷ᠂ ᠰᠦ ᠲᠠᠢ ᠴᠠᠢ ᠪᠠᠨ ᠬᠠᠷ᠎ᠠ ᠪᠠᠷ ᠤᠤᠭᠤᠵᠤ᠂ ᠠᠶᠠᠭ᠎ᠠ ᠲᠠᠢ

ᠬᠤᠭᠤᠯᠠ ᠪᠠᠨ ᠰᠢᠩᠬᠡᠨ ᠢᠶᠠᠷ ᠢᠳᠡᠵᠤ᠂ ᠲᠡᠯᠡᠢ ᠪᠠᠨ ᠴᠢᠩᠭᠠᠯᠠᠨ ᠠᠷᠪᠢᠯᠠᠵᠤ ᠪᠠᠶᠢᠭᠠᠳ ᠤᠯᠵᠤ ᠶᠠᠪᠤᠭᠤᠯᠤᠭᠰᠠᠨ

ᠰᠢᠤ︕ ᠨᠡᠩ ᠴᠦ ᠬᠠᠷᠠᠮᠰᠠᠯᠳᠠᠢ ᠨᠢ ᠡᠨᠡ ᠦᠶ᠎ᠡ ᠪᠠᠷ ᠡᠵᠢ ᠴᠢᠨᠢ ᠡᠯᠢᠬᠡᠨ ᠲᠠᠭᠰᠢᠭᠤᠷ ᠲᠤ ᠨᠡᠷᠪᠡᠭᠳᠡᠵᠤ ᠬᠤᠶᠠᠷ

ᠰᠠᠷ᠎ᠠ ᠰᠢᠬᠠᠮ ᠡᠮᠨᠡᠯᠬᠡ ᠳᠤ ᠬᠡᠪᠳᠡᠬᠦ ᠳᠤ ᠬᠦᠯ ᠮᠠᠭᠤᠳᠠᠢ ᠪᠢ ᠭᠠᠭᠴᠠᠭᠠᠷ ᠠᠯᠢ ᠠᠯᠢᠨ ᠳᠤ ᠪᠠᠨ ᠴᠦ ᠵᠠᠪᠳᠤᠯ

ᠦᠬᠡᠢ ᠪᠤᠯᠵᠤ ᠠᠷᠭ᠎ᠠ ᠪᠤᠰᠤ ᠬᠦᠴᠦᠨ ᠤ ᠬᠦᠮᠦᠨ ᠵᠠᠷᠤᠭᠰᠠᠨ᠃ ᠲᠠᠬᠦᠨ ᠤ ᠬᠦᠯᠦᠰᠤ ᠮᠦᠩᠬᠦ ᠶᠢ ᠤᠳᠤ ᠪᠤᠯᠳᠠᠯ᠎ᠠ

ᠦᠭᠴᠤ ᠪᠠᠷᠠᠭᠠᠳᠤᠢ᠂ ᠡᠳᠦᠷ ᠤᠨ ᠮᠠᠷᠭᠠᠰᠢ ᠨᠡᠬᠡᠯ ᠳᠤ ᠪᠤᠷᠪᠢᠳᠠᠭᠤᠯᠵᠤ ᠪᠠᠶᠢᠨ᠎ᠠ᠃ ᠡᠳᠡᠬᠡᠷ ᠢ ᠴᠢ ᠬᠡᠷᠬᠢᠨ ᠮᠡᠳᠡᠬᠦ

ᠪᠢᠯᠡ︖ ᠠᠢ ᠳ᠋ᠠ᠂ ᠬᠦᠬᠡᠷᠦᠬᠦᠢ ᠮᠢᠨᠢ︕ ︽ᠨᠤᠮ ᠢ ᠨᠢ ᠰᠤᠷᠬᠤ ᠦᠬᠡᠢ ᠴᠦ ᠨᠤᠮᠤᠬᠠᠨ ᠢ ᠨᠢ ᠰᠤᠷ︾ ᠬᠡᠵᠤ

ᠪᠠᠶᠢᠳᠠᠭ ᠰᠢᠤ᠂ ᠴᠢ ᠬᠡᠷᠪᠡ ᠬᠦᠮᠦᠨ ᠤ ᠬᠡᠦᠬᠡᠳ ᠤᠨ ᠵᠡᠷᠬᠡ ᠦᠩᠬᠡ ᠲᠠᠢ᠂ ᠦᠬᠡᠳᠡ ᠲᠠᠢ ᠶᠠᠪᠤᠬᠤ ᠳᠤ ᠬᠦᠷᠪᠡᠯ

ᠡᠷᠡᠦ ᠪᠠᠷ ᠢᠶᠠᠨ ᠮᠦᠯᠬᠦᠭᠰᠡᠨ ᠴᠦ ᠠᠪᠤ ᠡᠵᠢ ᠴᠢᠨᠢ ᠭᠤᠮᠤᠳᠠᠯ ᠦᠬᠡᠢ ᠶᠤᠮ ᠰᠢᠤ︕

      ᠤᠬᠠᠭᠠᠨ ᠤᠷᠤᠬᠤ ᠶᠢ ᠴᠢᠨᠢ ᠬᠦᠰᠡᠶ᠎ᠡ︕

     ᠠᠪᠤ ᠠᠴᠠ ᠴᠢᠨᠢ

       × × ᠤᠨ ᠤ × × ᠰᠠᠷ᠎ᠠ ᠶᠢᠨ × × ᠡᠳᠦᠷ

      ᠵᠤᠬᠢᠶᠠᠯ ᠢ ᠤᠩᠰᠢᠭᠠᠳ ᠪᠠᠷᠠᠮᠠᠭᠴᠠ ᠵᠤᠩᠬᠢ ᠤᠯᠠᠨ ᠡᠴᠢᠬᠡ ᠡᠬᠡ ᠳᠤ ᠶᠠᠭᠤ ᠨᠢᠬᠡ ᠶᠢ ᠪᠤᠳᠤᠭᠤᠯᠬᠤ

ᠬᠡᠬᠦ ᠳᠤ ᠵᠢᠭᠠᠯ ᠤᠯᠠᠨ ᠦᠷ᠎ᠡ ᠬᠡᠦᠬᠡᠳ ᠨᠢ ᠴᠦ ᠶᠠᠮᠠᠷ ᠨᠢᠬᠡ ᠶᠢ ᠰᠡᠳᠬᠢᠬᠦ ᠨᠢ ᠰᠤᠨᠢᠨ ᠲᠠᠢ ᠳ᠋ᠠ᠃

      ᠡᠨᠡᠷᠢᠯ ᠶᠡᠬᠡᠳᠡᠢ ᠡᠴᠢᠬᠡ ᠡᠬᠡ ᠡ︕ ᠡᠶ᠎ᠡ ᠵᠤᠬᠢᠴᠠᠯᠳᠤ ᠡᠨᠡ ᠨᠡᠶᠢᠬᠡᠮ ᠡ︕ ᠡᠩᠬᠦᠷᠡᠢ ᠬᠡᠦᠬᠡᠳ ᠲᠤ ᠪᠠᠨ

ᠡᠯᠪᠡᠷᠢᠯ ᠤᠨ ᠬᠦᠮᠦᠵᠢᠯ ᠢ ᠶᠡᠬᠡᠬᠡᠨ ᠬᠢᠶ᠎ᠡ︕ ᠡᠨᠡᠷᠢᠯ ᠢ ᠨᠢ ᠬᠦᠷᠳᠡᠭᠰᠡᠨ ᠰᠤᠷᠤᠭᠴᠢ ᠨᠦᠬᠦᠳ ᠡ᠂ ᠡᠯᠪᠡᠷᠢᠯ

ᠬᠦᠢᠴᠡᠳᠬᠡᠬᠦ ᠶᠢ ᠪᠤᠤ ᠯᠠ ᠮᠠᠷᠳᠠᠶ᠎ᠠ︕

      ᠠᠵᠢᠯᠯᠠᠵᠤ ᠪᠠᠶᠢᠭ᠎ᠠ ᠪᠠᠶᠢᠭᠤᠯᠭ᠎ᠠ᠄ ᠪᠠᠭᠠᠷᠢᠨ ᠪᠠᠷᠠᠭᠤᠨ ᠬᠤᠰᠢᠭᠤᠨ ᠤ 

                                 ᠮᠤᠩᠭᠤᠯ ᠦᠨᠳᠦᠰᠦᠳᠡᠨ ᠤ ᠰᠤᠷᠭᠠᠭᠤᠯᠢ 

                                 ︵ᠠᠯᠳᠠᠨᠰᠦ᠋ᠭᠡ ᠨᠠᠶᠢᠷᠠᠭᠤᠯᠪᠠ︶

                                 2023.1 ᠳ᠋ᠦ᠋ᠭᠡᠷ ᠬᠤᠭᠤᠴᠠᠭ᠎ᠠ

 

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map