ᠬᠡᠥᠬᠡᠳ ᠢᠶᠠᠨ ᠦᠪᠡᠷ ᠤᠨ ᠭᠢᠨᠢ ᠠᠶ᠎ᠠ ᠪᠠᠷ ᠦᠰᠭᠡᠶ᠎ᠡ
ᠨᠡᠶᠢᠲᠡᠯᠡᠭᠰᠡᠨ ᠴᠠᠭ᠄
2021/8/20
                                  ᠲᠤᠩᠭᠠᠯᠠᠭ      ᠦᠷ᠎ᠡ ᠬᠡᠥᠬᠡᠳ ᠢᠶᠠᠨ ᠭᠦᠮᠦᠵᠢᠭᠦᠯᠬᠦ ᠪᠤᠯ ᠡᠴᠢᠭᠡ ᠡᠭᠡ ᠶᠢᠨ ᠲᠠᠶᠠᠭᠳᠠᠵᠤ ᠪᠤᠯᠤᠰᠢ ᠦᠭᠡᠢ ᠡᠭᠦᠷᠭᠡ ᠬᠠᠷᠢᠭᠤᠴᠠᠯᠭ᠎ᠠ ᠪᠤᠯᠬᠤ ᠶᠤᠮ᠃ ᠭᠡᠳᠦ᠋ᠢᠪᠡᠷ ᠰᠤᠷᠭᠠᠨ ᠭᠦᠮᠦᠵᠢᠯ ᠤᠨ ᠶᠠᠪᠤᠴᠠ ᠳᠤ ᠰᠤᠷᠭᠠᠭᠤᠯᠢ᠂ ᠨᠠᠶᠢᠭᠡᠮ᠂ ᠭᠡᠷ ᠪᠦᠯᠢ ᠴᠦᠮ ᠵᠤᠭᠢᠬᠤ ᠭᠡᠮᠵᠢᠶᠡᠨ ᠤ ᠬᠠᠷᠢᠭᠤᠴᠠᠯᠭ᠎ᠠ ᠶᠢ ᠡᠭᠦᠷᠭᠡᠯᠡᠵᠤ ᠪᠠᠶᠢᠭ᠎ᠠ ᠪᠤᠯᠪᠠᠴᠤ ᠭᠡᠷ ᠤᠨ ᠭᠦᠮᠦᠵᠢᠯ ᠨᠢ ᠰᠤᠷᠭᠠᠭᠤᠯᠢ ᠶᠢᠨ ᠭᠦᠮᠦᠵᠢᠯ ᠪᠠ ᠨᠠᠶᠢᠭᠡᠮ ᠤᠨ ᠭᠦᠮᠦᠵᠢᠯ ᠢ ᠤᠷᠤᠯᠠᠵᠤ ᠪᠤᠯᠤᠰᠢ ᠦᠭᠡᠢ ᠪᠠᠶᠢᠷᠢ ᠰᠠᠭᠤᠷᠢ ᠪᠠ ᠤᠶᠢᠯᠡᠳᠤᠯ ᠲᠠᠢ ᠪᠠᠶᠢᠳᠠᠭ᠃ ᠠᠪᠤ ᠡᠵᠢ ᠪᠤᠯ ᠭᠡᠤᠭᠡᠳ ᠤᠨ ᠠᠩᠬᠠᠨ ᠤ ᠪᠠᠭᠰᠢ᠂ ᠮᠦᠨ ᠴᠤ ᠨᠠᠰᠤᠨ ᠲᠤᠷᠰᠢ ᠶᠢᠨ ᠪᠠᠭᠰᠢ ᠪᠤᠯᠬᠤ ᠶᠤᠮ᠃ ᠭᠡᠷ ᠤᠨ ᠭᠦᠮᠦᠵᠢᠯ ᠤᠨ ᠰᠠᠶᠢᠨ ᠮᠠᠭᠤ ᠨᠢ ᠭᠡᠤᠭᠡᠳ ᠤᠨ ᠨᠢᠭᠡ ᠨᠠᠰᠤ ᠶᠢ ᠰᠢᠭᠤᠳ ᠨᠦᠯᠦᠭᠡᠯᠡᠳᠡᠭ᠂ ᠴᠢᠨᠠᠭᠰᠢᠯᠠᠪᠠᠯ ᠤᠯᠤᠰ ᠦᠨᠳᠤᠰᠤᠳᠠᠨ ᠤ ᠢᠷᠡᠭᠡᠳᠤᠢ ᠶᠢᠨ ᠭᠦᠭᠵᠢᠯ ᠪᠠ ᠭᠦᠴᠦᠷᠭᠡᠭᠵᠢᠯ ᠲᠠᠢ ᠬᠤᠯᠪᠤᠭᠳᠠᠵᠤ ᠪᠠᠶᠢᠳᠠᠬ᠃      ᠰᠢᠨ᠎ᠡ ᠲᠡᠦᠭᠡᠨ ᠡᠷᠢᠨ ᠳᠤ ᠭᠡᠷ ᠤᠨ ᠭᠦᠮᠦᠵᠢᠯ ᠨᠢ ᠦᠩᠭᠡᠷᠡᠭᠰᠡᠨ ᠤ ᠠᠯᠢ ᠴᠤ ᠴᠠᠭ ᠦᠶ᠎ᠡ ᠠᠴᠠ ᠢᠯᠡᠭᠦᠤ ᠬᠠᠳᠠᠭᠤ ᠰᠢᠯᠭᠠᠯᠳᠠ ᠳᠤ ᠲᠤᠯᠭᠠᠷᠠᠵᠤ ᠪᠠᠶᠢᠨ᠎ᠠ᠃ ᠲᠤᠬᠠᠢᠢᠯᠠᠪᠠᠯ᠂ ᠵᠠᠷᠢᠮ ᠭᠡᠷ ᠤᠨ ᠠᠬᠠᠮᠠᠳ ᠲᠡᠩᠳᠡᠭᠦᠤ ᠡᠷᠲᠡᠨ ᠠᠴᠠ ᠭᠡᠤᠭᠡᠳ ᠲᠤ ᠪᠠᠨ ᠬᠤᠵᠢᠮ ᠤᠨ ᠵᠠᠮ ᠢ ᠨᠢ ᠲᠦᠯᠦᠪᠯᠡᠵᠤ ᠦᠭᠭᠦᠭᠡᠳ᠂ ᠨᠦᠭᠦᠴᠡᠯ ᠰᠠᠶᠢᠨᠳᠠᠢ ᠴᠡᠴᠡᠷᠯᠢᠭ ᠲᠤ ᠭᠦᠷᠭᠡᠭᠦ᠂ ᠭᠤᠥᠯᠳᠠᠯᠭ᠎ᠠ ᠲᠠᠢ ᠳᠤᠮᠳᠠᠳᠤ ᠪᠠᠭ᠎ᠠ ᠰᠤᠷᠭᠠᠭᠤᠯᠢ᠂ ᠲᠡᠭᠦᠨᠴᠢᠯᠡᠨ ᠭᠠᠳᠠᠭᠠᠳᠤ ᠳᠤ ᠰᠤᠷᠤᠯᠴᠠᠭᠤᠯᠬᠤ ᠵᠢᠴᠢ ᠡᠨᠡ ᠲᠤᠷ᠎ᠠ ᠰᠤᠨᠢᠷᠬᠠᠯ ᠤᠨ ᠠᠩᠭᠢ ᠳᠤ ᠨᠡᠷ᠎ᠡ ᠮᠡᠳᠡᠭᠦᠯᠳᠠᠯ᠎ᠠ᠂ ᠲᠡᠷᠡ ᠲᠡᠭᠡᠭᠰᠢᠯᠡᠭᠦᠯᠬᠦ ᠠᠩᠭᠢ ᠳᠤ ᠭᠦᠷᠭᠡᠭᠡᠳ ᠮᠤᠩᠭᠢᠨᠠᠨ᠎ᠠ᠃ ᠲᠠᠭᠡᠪᠡᠯ ᠡᠶᠢᠮᠦᠷᠭᠦᠦ ᠪᠠᠶᠢᠳᠠᠯ ᠴᠤᠬᠤᠮ ᠵᠤᠬᠢᠰᠳᠠᠢ ᠤᠤ︖ ᠦᠭᠡᠢ ᠤᠤ︖ ᠲᠤᠤᠷ᠎ᠠ ᠡᠭᠦᠨ ᠳᠤ ᠬᠠᠨᠳᠤᠭᠤᠯᠤᠨ ᠭᠡᠤᠭᠡᠳ ᠢᠶᠠᠨ ᠦᠪᠡᠷ ᠤᠨ ᠭᠢᠨᠢ ᠠᠶ᠎ᠠ ᠪᠠᠷ ᠦᠰᠭᠡᠭᠦ ᠶᠢ ᠰᠠᠨᠠᠭᠠᠴᠢᠯᠠᠭᠰᠠᠨ ᠴᠤᠯᠭᠤᠶᠢᠬᠠᠨ ᠦᠵᠡᠯᠳᠠ ᠪᠠᠨ ᠶᠠᠷᠢᠶ᠎ᠠ ᠭᠡᠰᠡᠨ ᠶᠤᠮ᠃      ᠨᠢᠭᠡ᠂ ᠠᠪᠤ ᠡᠵᠢ ᠪᠤᠯᠤᠭᠰᠠᠳ ᠡᠷᠭᠡᠪᠰᠢ ᠭᠡᠪ ᠶᠠᠷᠤᠮᠳᠡᠭ ᠰᠡᠳᠬᠢᠯ ᠲᠠᠢ ᠪᠠᠶᠢᠬᠤ ᠭᠡᠷᠡᠭᠲᠡᠢ᠃      ᠲᠡᠩᠳᠡᠭᠦᠤ ᠡᠷᠲᠡᠨ ᠠᠴᠠ ᠠᠮᠢᠳᠤᠷᠠᠯ ᠤᠨ ᠲᠠᠷᠤᠭᠠᠰᠤ ᠶᠢ ᠭᠡᠤᠭᠡᠳ ᠤᠨ ᠪᠡᠶ᠎ᠠ ᠰᠡᠳᠭᠢᠯ ᠳᠤ ᠲᠤᠬᠤᠵᠤ ᠪᠤᠯᠬᠤ ᠦᠭᠡᠢ᠃ ᠪᠠᠭ᠎ᠠ ᠶᠢᠨ ᠦᠶ᠎ᠡ ᠳᠤ ᠭᠦᠮᠦᠨ ᠪᠦᠭᠦᠨ ᠰᠠᠶᠢᠨ ᠰᠠᠶᠢᠬᠠᠨ ᠭᠦᠰᠡᠯ ᠮᠦᠷᠦᠭᠡᠳᠤᠯ ᠲᠠᠢ ᠪᠠᠶᠢᠳᠠᠭ᠃ ᠵᠦᠪᠭᠡᠨ ᠲᠡᠷᠡ ᠯᠡ ᠭᠦᠰᠡᠯ ᠵᠡᠭᠦᠳᠦᠨ ᠲᠤᠳᠤᠷ᠎ᠠ ᠠᠴᠠ ᠡᠯ᠎ᠡ ᠵᠦᠢᠯ ᠤᠨ ᠶᠠᠭᠤᠮ᠎ᠠ ᠶᠢ ᠰᠡᠳᠭᠢᠨ ᠪᠦᠲᠦᠭᠡᠵᠤ ᠴᠢᠳᠠᠨ᠎ᠠ᠃ ︽ᠠᠮᠵᠢᠯᠲᠠ ᠤᠯᠬᠤ ᠶᠢᠨ ᠤᠭᠢ ᠬᠠᠷᠠᠯᠲᠠ ᠪᠤᠯ ᠬᠠᠮᠤᠭ ᠤᠨ ᠦᠨ᠎ᠡ ᠴᠠᠨ᠎ᠠ ᠲᠠᠢ ᠨᠢᠭᠡ ᠨᠢ ᠪᠢᠰᠢ᠂ ᠬᠠᠷᠢᠨ ᠬᠠᠮᠤᠭ ᠤᠨ ᠠᠮᠠᠷᠬᠠᠨ ᠪᠡᠶᠡᠯᠡᠭᠳᠡᠭᠦ‍ ᠨᠢᠭᠡ ᠨᠢ ᠪᠠᠶᠢᠬᠤ ᠶᠤᠰᠤᠲᠡᠢ︾᠃ ᠭᠡᠷ ᠤᠨ ᠠᠬᠠᠮᠠᠳ ᠤᠨ ᠬᠠᠷᠢᠭᠤᠴᠠᠯᠭ᠎ᠠ ᠪᠤᠯ ᠭᠡᠤᠭᠡᠳ ᠢᠶᠠᠨ ᠬᠠᠷᠠᠬᠠᠨ ᠪᠠᠭ᠎ᠠ ᠠᠴᠠ ᠨᠢ ᠢᠯᠡᠭᠦᠭᠡᠨ ᠵᠢᠯᠤᠭᠤᠳᠴᠤ᠂ ᠲᠡᠮᠵᠢᠵᠤ᠂ ᠵᠤᠷᠢᠬᠵᠢᠭᠤᠯᠵᠤ ᠪᠠᠶᠢᠪᠠᠯ ᠪᠤᠯᠴᠢᠬᠠᠨ᠎ᠠ᠂ ᠬᠠᠷᠢᠨ ᠲᠤᠭ᠎ᠠ ᠲᠤᠮᠰᠢ ᠦᠭᠡᠢ ᠡᠭᠦᠷᠭᠡ ᠳᠠᠷᠤᠭᠠᠰᠤ ᠪᠠᠷ ᠭᠡᠤᠭᠡᠳ ᠢ ᠰᠢᠬᠠᠮᠳᠠᠭᠤᠯᠵᠤ ᠪᠤᠯᠬᠤ ᠦᠭᠡᠢ᠃      ᠰᠤᠨᠢᠷᠬᠠᠯᠲᠠᠢ ᠨᠢ ᠤᠶᠢᠷ᠎ᠠ ᠶᠢᠨ ᠵᠢᠯ ᠵᠠᠷᠢᠮ ᠵᠠᠯᠠᠭᠤ ᠭᠡᠷ ᠤᠨ ᠠᠬᠠᠮᠠᠳ᠂ ᠬᠤᠰᠢᠭᠤ ᠪᠠᠯᠭᠠᠰᠤᠨ ᠤ ᠰᠤᠷᠭᠠᠨ ᠭᠦᠮᠦᠵᠢᠯ ᠢ ᠲᠤᠭᠤᠬᠤ ᠦᠭᠡᠢ᠂ ᠭᠡᠤᠭᠡᠳ ᠨᠢ ᠴᠡᠴᠡᠷᠯᠢᠭ ᠲᠤ ᠤᠷᠤᠬᠤ ᠦᠶᠡᠰ ᠠᠴᠠ ᠪᠠᠨ ᠡᠭᠢᠯᠡᠨ ᠠᠵᠢᠯ ᠠᠴᠠ ᠪᠠᠨ ᠠᠮᠠᠷᠠᠭᠰᠠᠨ ᠠᠪᠤ ᠡᠵᠢ ᠶᠢ ᠪᠠᠨ ᠬᠤᠲᠠ ᠳᠤ ᠨᠡᠭᠦᠯᠭᠡᠵᠤ ᠠᠪᠴᠢᠷᠠᠭᠠᠳ ᠭᠡᠤᠭᠡᠳ ᠢᠶᠠᠨ ᠬᠠᠷᠠᠭᠤᠯᠵᠤ ᠪᠢᠴᠢᠭ ᠦᠵᠠᠭᠦᠯᠵᠤ ᠪᠠᠶᠢᠨ᠎ᠠ᠃ ᠡᠨᠡ ᠨᠢ ᠤᠶᠢᠷ᠎ᠠ ᠶᠢᠨ ᠵᠢᠯ ᠳᠤ ᠭᠦᠮᠦᠰ ᠤᠨ ᠠᠩᠬᠠᠷᠤᠯ ᠢ ᠲᠠᠲᠠᠭᠠᠳ ᠪᠠᠶᠢᠭ᠎ᠠ ︽ᠭᠡᠷ ᠤᠨ ᠮᠤᠬᠤᠷ ᠰᠠᠭᠢᠭᠰᠠᠨ ᠭᠡᠤᠭᠡᠳ︾ ᠲᠠᠢ ᠶᠠᠮᠠᠷ ᠢᠯᠭᠠᠭ᠎ᠠ ᠲᠠᠢ ᠪᠠᠶᠢᠨ᠎ᠠ ᠪᠤᠢ︖ ︽ᠭᠡᠷ ᠤᠨ ᠮᠤᠬᠤᠷ ᠰᠠᠭᠢᠭᠰᠠᠨ ᠭᠡᠤᠭᠡᠳ︾ ᠪᠤᠯ ᠠᠪᠤ ᠡᠵᠢ ᠨᠢ ᠬᠤᠲᠠ ᠳᠤ ᠤᠷᠤᠵᠤ ᠭᠦᠯᠦᠰᠦᠨ ᠠᠵᠢᠯ ᠭᠢᠵᠤ᠂ ᠭᠡᠥᠭᠡᠳ ᠨᠢ ᠭᠦᠲᠡᠭᠡ ᠳᠤ ᠦᠯᠡᠲᠡᠨ᠎ᠠ᠃ ᠡᠲᠡ ᠨᠠᠷ ᠪᠤᠯ ᠬᠠᠷᠢᠨ ᠠᠪᠤ ᠡᠵᠢ ᠨᠢ ᠭᠡᠷ ᠲᠤ ᠪᠠᠨ ᠦᠯᠡᠲᠡᠭᠡᠳ᠂ ᠭᠡᠥᠭᠡᠳ ᠨᠢ ᠬᠤᠲᠠ ᠳᠤ ᠤᠷᠤᠵᠤ ᠪᠢᠴᠢᠭ ᠦᠵᠡᠨ᠎ᠡ᠃ ᠦᠨᠡᠨ ᠳᠤ ᠪᠠᠨ ᠮᠦᠨ ᠴᠢᠨᠠᠷ ᠲᠡᠭᠡᠷ᠎ᠡ ᠪᠠᠨ ᠠᠲᠠᠯᠢᠬᠠᠨ ᠪᠢᠰᠢᠤ ᠤᠤ︖ ᠢᠩᠭᠢᠵᠤ ᠭᠢᠭᠦ ᠨᠢ ᠨᠢᠭᠡ ᠲᠠᠯ᠎ᠠ ᠪᠠᠷ ᠭᠡᠥᠭᠡᠳ ᠠᠪᠤ ᠡᠵᠢ ᠲᠠᠢ ᠪᠠᠨ ᠬᠠᠶᠢᠷ᠎ᠠ ᠰᠡᠳᠭᠢᠯᠭᠡ ᠶᠢᠨ ᠰᠤᠯᠢᠯᠴᠠᠭ᠎ᠠ ᠲᠤᠳᠠᠮᠠᠬ ᠪᠤᠯᠤᠨ᠎ᠠ᠂ ᠨᠦᠭᠦᠭᠡ ᠲᠠᠯ᠎ᠠ ᠪᠠᠷ ᠨᠠᠰᠤᠲᠠᠶᠢᠴᠦᠳ ᠭᠡᠳᠦ᠋ᠢᠪᠠᠷ ᠠᠮᠢᠲᠤᠷᠠᠯ ᠲᠡᠭᠡᠷ᠎ᠡ ᠨᠢ ᠭᠡᠥᠭᠡᠳ ᠢ ᠬᠠᠷᠠᠭᠠᠯᠵᠠᠵᠤ ᠳᠡᠶᠢᠯᠭᠦ ᠪᠤᠯᠪᠠᠴᠤ ᠰᠤᠷᠭᠠᠨ ᠭᠦᠮᠦᠵᠢᠯ ᠤᠨ ᠲᠠᠯ᠎ᠠ ᠪᠠᠷ ᠢᠯᠭᠠᠭ᠎ᠠ ᠲᠠᠢ ᠪᠠᠶᠢᠵᠤ᠂ ᠭᠡᠥᠭᠡᠳ ᠲᠠᠢ ᠪᠠᠨ ᠭᠦᠢᠴᠡᠳ ᠭᠡᠮᠵᠢᠶᠡᠨ ᠤ ᠰᠡᠳᠭᠢᠯ ᠤᠨ ᠰᠤᠯᠢᠯᠴᠠᠭ᠎ᠠ ᠬᠢᠭᠦ ᠲᠡᠶᠢᠯᠭᠦ ᠦᠭᠡᠢ ᠶᠤᠮ᠃      ᠬᠤᠶᠠᠷ᠂ ᠠᠪᠤ ᠡᠵᠢ ᠪᠤᠯᠤᠭᠰᠠᠳ ᠪᠦᠭᠦᠨ ᠢ ᠤᠷᠤᠯᠡᠨ ᠭᠢᠵᠤ ᠪᠤᠯᠬᠤ ᠦᠭᠡᠢ᠃      ᠭᠡᠥᠭᠡᠳ ᠦᠰᠴᠤ ᠭᠦᠮᠦᠵᠢᠭᠦ ᠳᠤ ᠦᠨᠲᠦᠰᠦᠨ ᠳᠤ ᠪᠠᠨ ᠲᠡᠭᠦᠨ ᠤ ᠦᠪᠡᠷ ᠤᠨ ᠭᠢᠨᠢ ᠤᠴᠢᠷ ᠵᠦᠢ᠂ ᠠᠶᠠᠨᠳᠠᠭᠠᠨ ᠤ ᠶᠠᠪᠤᠴᠠ ᠪᠠᠶᠢᠳᠠᠬ᠃ ᠭᠡᠦᠭᠡᠳ ᠦᠪᠡᠷ ᠢᠶᠠᠨ ᠤᠶᠢᠯᠡᠲᠦᠯᠭᠡ ᠶᠢᠨ ᠲᠤᠮᠲᠠ ᠦᠰᠦᠨ ᠪᠦᠢᠵᠢᠵᠤ᠂ ᠠᠮᠵᠢᠯᠲᠠ ᠢᠯᠠᠭᠲᠠᠯ ᠤᠨ ᠲᠤᠮᠳᠠ ᠲᠤᠷᠰᠢᠯᠭ᠎ᠠ ᠰᠤᠷᠭᠠᠮᠵᠢ ᠬᠤᠷᠠᠮᠲᠤᠭᠤᠯᠬᠤ ᠨᠢ ᠴᠢᠬᠤᠯᠠ᠃ ︽ᠪᠦᠲᠦᠷᠢᠭᠦ ᠦᠭᠡᠢ ᠪᠤᠯ ᠤᠬᠠᠭᠠᠷᠠᠬᠤ ᠦᠭᠡᠢ︾᠂ ᠪᠢᠲᠠ ᠭᠡᠤᠭᠡᠳ ᠢ ᠨᠢᠭᠡ ᠨᠠᠰᠤ ᠪᠠᠷ ᠢᠶᠠᠨ ᠪᠦᠳᠦᠷᠢᠭᠦ ᠶᠢ ᠭᠦᠰᠡᠭᠦ ᠦᠭᠡᠢ᠂ ᠭᠡᠪᠡᠴᠤ ᠲᠠᠳᠠᠨ ᠢ ᠡᠭᠡᠲᠡᠷᠡᠭᠡᠨ ᠪᠤᠳᠤᠯᠢᠶᠠᠨᠲᠠᠢ ᠠᠮᠢᠳᠤᠷᠠᠯ ᠢ ᠠᠷᠭᠠᠴᠠᠭᠠᠬᠤ ᠴᠢᠳᠠᠪᠤᠷᠢ ᠲᠠᠢ ᠪᠤᠯᠬᠤ ᠶᠢ ᠭᠦᠰᠡᠨ᠎ᠡ᠃ ᠲᠡᠭᠡᠷᠡᠭᠢ ᠵᠢᠱᠢᠶ᠎ᠡ ᠮᠡᠲᠤ ᠪᠠᠷ ᠪᠤᠯ ᠭᠡᠥᠭᠡᠳ ᠶᠠᠭᠠᠭᠢᠵᠤ ᠦᠰᠴᠦ ᠭᠦᠮᠦᠵᠢᠵᠤ ᠴᠢᠲᠠᠬᠤ ᠪᠤᠢ︖ ᠦᠨᠦ ᠶᠢᠨ ᠭᠡᠴᠢᠨᠡᠭᠡᠨ ᠭᠡᠥᠭᠡᠳ ᠡᠶᠢᠮᠤ ᠶᠠᠩᠵᠤ ᠪᠠᠷ ᠭᠡᠷ ᠤᠨ ᠠᠬᠠᠮᠠᠳ ᠤᠨ ᠭᠡᠳᠤ ᠡᠷᠳᠠ ᠠᠴᠠ ᠲᠦᠰᠦᠪᠯᠡᠵᠦ ᠦᠭᠭᠦᠭᠰᠡᠨ ᠵᠠᠮ ᠢᠶᠠᠷ ᠭᠦᠨᠳᠤ ᠳᠠᠷᠤᠭᠠᠰᠤ ᠲᠠᠢ ᠭᠡᠯᠳᠤᠷᠢᠵᠤ ᠪᠠᠶᠢᠬᠤ ᠶᠢ ᠪᠤᠤ ᠮᠠᠳᠠ᠃      ᠡᠶᠢᠮᠤ ᠠᠴᠠ ᠪᠢᠳᠠ ᠭᠡᠥᠭᠡᠳ ᠲᠤ ᠪᠠᠨ ᠬᠠᠷᠠᠬᠠᠨ ᠪᠠᠭ᠎ᠠ ᠠᠴᠠ ᠨᠢ ︽ᠬᠦᠮᠦᠨ ᠢ ᠲᠦᠰᠢᠭᠦ ᠪᠤᠯ ᠲᠦᠷ ᠵᠠᠭᠤᠷ᠎ᠠ ᠶᠢᠨ᠂ ᠦᠪᠡᠷ ᠢ ᠪᠠᠨ ᠲᠦᠰᠢᠭᠦ ᠪᠤᠯ ᠦᠨᠢ ᠡᠭᠦᠷᠢᠳᠡ ᠶᠢᠨ︾ ᠭᠡᠳᠡᠭ ᠶᠤᠰᠤ ᠶᠢ ᠮᠡᠳᠡᠭᠦᠯᠪᠡᠯ ᠲᠠᠭᠠᠷᠠᠨ᠎ᠠ᠃ ᠭᠡᠥᠭᠡᠳ ᠤᠨ ᠦᠪᠡᠷ ᠤᠨ ᠭᠢᠨᠢ ᠤᠴᠢᠷ ᠲᠤ ᠭᠡᠷ ᠤᠨ ᠠᠬᠠᠮᠠᠳ ᠭᠠᠷ ᠲᠦᠷᠭᠦ ᠦᠭᠡᠢ ᠪᠤᠯ ᠰᠠᠶᠢᠨ᠃ ᠵᠢᠱᠢᠶᠡᠯᠡᠪᠠᠯ᠄ ᠪᠠᠭ᠎ᠠ ᠠᠴᠠ ᠨᠢ ᠨᠢᠭᠤᠷ ᠭᠠᠷ ᠤᠭᠢᠶᠠᠬᠤ᠂ ᠬᠤᠪᠴᠠᠰᠤ ᠬᠤᠨᠠᠷ ᠡᠮᠦᠰᠭᠦ ᠲᠡᠭᠦᠨᠴᠢᠯᠡᠨ ᠲᠠᠰᠬᠠᠯ ᠲᠠᠭᠠᠭᠠᠯᠭᠠᠪᠤᠷᠢ ᠪᠠᠨ ᠪᠡᠶᠡᠯᠡᠭᠦᠯᠭᠦ ᠳᠤ ᠨᠢ ᠭᠡᠵᠢᠶᠡᠳᠡ ᠬᠠᠵᠠᠭᠤ ᠳᠤ ᠨᠢ ᠰᠠᠭᠤᠵᠤ ᠰᠠᠭᠢᠵᠤ ᠪᠤᠯᠬᠤ ᠦᠭᠡᠢ᠃ ᠵᠠᠷᠢᠮ ᠭᠡᠥᠭᠡᠳ ᠬᠠᠵᠠᠭᠤ ᠳᠤ ᠨᠢ ᠭᠦᠮᠦᠨ ᠰᠠᠭᠢᠬᠤ ᠦᠭᠡᠢ ᠪᠤᠯ ᠲᠠᠰᠬᠠᠯ ᠭᠢᠳᠡᠭ ᠦᠭᠡᠢ᠃ ᠡᠨᠡ ᠨᠢ ᠭᠡᠷ ᠤᠨ ᠠᠬᠠᠮᠠᠳ ᠤᠨ ᠠᠷᠭ᠎ᠠ ᠪᠠᠷᠢᠯ ᠲᠠᠭᠠᠷᠠᠬᠤ ᠦᠭᠡᠢ ᠮᠠᠭᠤ ᠵᠠᠩᠰᠢᠯ ᠲᠠᠢ ᠪᠤᠯᠭᠠᠭᠰᠠᠨ ᠢ ᠬᠠᠷᠠᠭᠤᠯᠵᠤ ᠪᠠᠶᠢᠭ᠎ᠠ᠃      ᠦᠨᠡᠨ ᠳᠤ ᠪᠠᠨ ᠭᠡᠥᠭᠡᠳ ᠤᠨ ᠲᠠᠯᠳᠠ ᠴᠢᠲᠠᠪᠤᠷᠢ ᠪᠤᠯ ᠭᠦᠮᠦᠨ ᠢ ᠰᠤᠴᠢᠭᠠᠮ᠎ᠠ ᠪᠠᠶᠢᠳᠠᠭ᠃ ᠠᠪᠤ ᠡᠵᠢ ᠪᠤᠯᠤᠭᠰᠠᠳ ᠭᠠᠷ ᠲᠠᠯᠪᠢᠨ ᠭᠡᠥᠭᠡᠳ ᠢᠶᠠᠷ ᠭᠢᠯᠭᠡᠳᠡᠭ ᠯᠡ ᠶᠤᠮ ᠪᠤᠯ ᠭᠡᠤᠭᠡᠳ ᠶᠠᠭᠤ ᠶᠢ ᠴᠤ ᠭᠢᠵᠤ ᠴᠢᠳᠠᠨ᠎ᠠ᠃ ᠡᠳᠦᠷ ᠲᠤ ᠪᠠᠨ ᠡᠨᠡ ᠲᠡᠷᠡ ᠶᠢ ᠵᠠᠭᠢᠭᠰᠠᠭᠠᠷ ᠪᠠᠶᠢᠭᠠᠳ ᠭᠡᠥᠭᠡᠳ ᠪᠦᠷ ᠪᠡᠶ᠎ᠡ ᠪᠠᠨ ᠳᠠᠭᠠᠭᠠᠬᠤ ᠴᠢᠳᠠᠪᠤᠷᠢ ᠦᠭᠡᠢ ᠪᠤᠯᠵᠤ᠂ ᠦᠪᠡᠷ ᠤᠨ ᠪᠡᠶ᠎ᠡ ᠳᠤ ᠪᠠᠨ ᠢᠲᠡᠭᠡᠯ ᠦᠭᠡᠢ ᠮᠦᠷᠲᠡᠭᠡᠨ ᠤᠯᠠᠮ ᠠᠯᠠᠩ ᠰᠠᠯᠠᠩ ᠪᠤᠯᠴᠢᠬᠠᠨ᠎ᠠ᠃ ᠶᠠᠭᠤ ᠪᠦᠭᠦᠨ ᠢ ᠤᠷᠤᠯᠠᠵᠤ ᠭᠢᠭᠰᠡᠭᠡᠷ ᠪᠠᠶᠢᠭᠠᠳ ᠡᠴᠤᠰ ᠲᠤ ᠪᠠᠨ ︽ᠪᠢᠴᠢᠬᠠᠨ ᠬᠠᠭᠠᠨ︾ ᠭᠦᠮᠦᠵᠢᠭᠦᠯᠵᠤ᠂ ᠦᠪᠡᠷ ᠢᠶᠠᠨ ᠲᠡᠳᠡᠨ ᠤ ︽ᠪᠤᠭᠤᠯ︾ ᠪᠤᠯᠴᠢᠬᠠᠨ᠎ᠠ᠃ ᠢᠩᠭᠢᠵᠤ ᠦᠰᠦᠭᠰᠡᠨ ᠭᠡᠥᠭᠡᠳ ᠬᠤᠪᠢᠨᠴᠢᠷ᠂ ᠵᠠᠯᠬᠠᠭᠤ ᠮᠦᠷᠲᠡᠭᠡᠨ ᠶᠡᠭᠡᠷᠭᠡᠭ ᠵᠠᠩ ᠲᠠᠢ᠂ ᠭᠦᠷᠲᠡᠭᠦ ᠡᠳ᠋ᠯᠡᠭᠦ᠂ ᠵᠢᠷᠭᠠᠬᠤ ᠶᠢ ᠯᠡ ᠪᠤᠳᠤᠨ᠎ᠠ᠃ ᠭᠡᠳᠤᠢ ᠲᠤᠮᠤ ᠭᠦᠮᠦᠨ ᠪᠤᠯᠤᠯ᠎ᠠ ᠭᠡᠰᠡᠨ ᠴᠤ ᠠᠪᠤ ᠡᠵᠢ ᠶᠢᠨ ᠢᠶᠠᠨ ᠵᠤᠪᠠᠯ ᠵᠦᠳᠡᠷᠡᠯ ᠢ ᠮᠡᠳᠡᠭᠦ ᠦᠭᠡᠢ᠂ ᠡᠴᠦᠰ ᠲᠤ ᠪᠠᠨ ᠰᠡᠳᠭᠢᠯ ᠰᠢᠮᠰᠢᠷᠡᠭᠦ ᠨᠢ ᠬᠠᠰᠢ ᠯᠠ ᠠᠪᠦ ᠡᠵᠢ ᠨᠢ ᠪᠤᠯᠤᠨ᠎ᠠ᠃ ᠡᠶᠢᠮᠤ ᠠᠴᠠ ᠬᠠᠷᠠᠬᠠᠨ ᠪᠠᠭ᠎ᠠ ᠠᠴᠠ ᠨᠢ ᠭᠡᠥᠭᠡᠳ ᠤᠨ ᠬᠠᠷᠢᠭᠤᠴᠠᠯᠭᠠᠲᠤ ᠰᠡᠳᠭᠢᠯ ᠲᠡᠰᠪᠤᠷᠢ ᠬᠠᠲᠠᠭᠤᠵᠢᠯᠲᠠᠢ ᠵᠠᠩ ᠴᠢᠨᠠᠷ ᠢ ᠭᠦᠮᠦᠵᠢᠭᠦᠯᠭᠦ ᠭᠡᠷᠡᠭᠲᠡᠢ᠃      ᠭᠤᠷᠪᠠ᠂ ᠠᠪᠤ ᠡᠵᠢ ᠪᠤᠯᠤᠭᠰᠠᠳ ᠭᠡᠥᠭᠡᠳ ᠢᠶᠠᠨ ᠭᠦᠨᠳᠦᠳᠭᠡᠵᠤ ᠢᠲᠡᠭᠡᠭᠦ ᠭᠡᠷᠡᠭᠲᠡᠢ᠃      ᠤᠳᠤᠬᠠᠨ ᠳᠤ᠂ ᠭᠡᠴᠢᠨᠡᠨ ᠭᠡᠤᠭᠡᠳ ᠲᠤᠮᠤᠴᠤᠥᠯ ᠤᠨ ᠤᠶᠢᠯᠠᠭᠠᠬᠤ ᠶᠢ ᠭᠦᠰᠡᠵᠤ᠂ ᠰᠡᠳᠭᠢᠯ ᠤᠶᠢᠳᠬᠠᠷᠯᠠᠨ ᠵᠤᠪᠠᠵᠤ᠂ ᠭᠡᠴᠢᠨᠡᠨ ᠭᠡᠤᠭᠡᠳ ᠭᠤᠤᠯᠳᠠᠯᠭᠠᠳᠤ ᠰᠤᠷᠭᠠᠭᠤᠯᠢ ᠳᠤ ᠤᠷᠤᠵᠤ ᠴᠢᠳᠠᠬᠤ ᠦᠭᠡᠢ ᠪᠡᠶ᠎ᠡ ᠪᠠᠨ ᠬᠤᠤᠷᠯᠠᠵᠤ ᠪᠠᠶᠢᠬᠤ᠂ ᠭᠡᠴᠢᠨᠡᠨ ᠭᠡᠥᠭᠡᠳ ᠠᠪᠤ ᠡᠵᠢ ᠶᠢᠨ ᠢᠶᠠᠨ ᠰᠢᠬᠠᠮᠳᠠᠭᠤᠯᠤᠯ ᠲᠤᠥᠷ᠎ᠠ ᠭᠡᠷ ᠠᠴᠠ ᠪᠠᠨ ᠭᠠᠷᠴᠤ ᠶᠠᠪᠤᠵᠤ ᠪᠠᠶᠢᠬᠤ ᠪᠠ ᠴᠠᠭᠠᠰᠢᠯᠠᠨ ᠠᠪᠤ ᠡᠵᠢ ᠪᠠᠨ ᠬᠤᠤᠷᠯᠠᠵᠤ ᠪᠠᠶᠢᠬᠤ ᠴᠤ ᠪᠠᠶᠢᠨ᠎ᠠ᠃ ᠪᠠᠰᠠ ᠭᠡᠴᠢᠨᠠᠨ ᠠᠪᠤ ᠡᠵᠢ ᠭᠡᠤᠭᠡᠳ ᠢᠶᠠᠨ ᠢᠲᠡᠭᠡᠭᠦ ᠦᠭᠡᠢ ᠬᠤᠯᠠᠭᠠᠢ ᠪᠠᠷ ᠭᠠᠷ ᠤᠲᠠᠰᠤ ᠶᠢ ᠨᠢ ᠤᠷᠪᠠᠭᠤᠯᠬᠤ᠂ ᠡᠳᠦᠷ ᠤᠨ ᠲᠡᠮᠲᠡᠭᠯᠡᠯ ᠢ ᠨᠢ ᠦᠵᠡᠭᠦ᠂ ᠲᠡᠭᠦᠨᠴᠢᠯᠡᠨ ︽ᠬᠤᠪᠢᠨ ᠤ ᠴᠠᠭᠲᠠᠭ᠎ᠠ︾ ᠪᠠᠷ ᠲᠠᠩᠨᠠᠭᠤᠯᠬᠤ ᠵᠡᠷᠭᠡ ᠠᠷᠭ᠎ᠠ ᠪᠠᠷ ᠭᠡᠥᠭᠡᠳ ᠤᠨ ᠢᠶᠠᠨ ᠠᠮᠢᠳᠤᠷᠠᠯ ᠳᠤ ᠭᠠᠷ ᠲᠦᠷᠤᠵᠤ ᠪᠠᠶᠢᠨ᠎ᠠ᠃      ᠭᠡᠥᠭᠡᠳ ᠪᠤᠯ ᠪᠠᠶ᠎ᠠ ᠪᠠᠨ ᠲᠠᠭᠠᠭᠠᠭᠰᠠᠨ ᠭᠦᠮᠦᠨ ᠭᠡᠳᠡᠭ ᠢ ᠮᠡᠳᠡᠷᠡᠵᠤ᠂ ᠲᠤᠮᠤᠴᠤᠤᠯ ᠲᠠᠢ ᠠᠲᠠᠯᠢ ᠨᠠᠶᠢᠭᠡᠮ᠂ ᠭᠡᠷ ᠪᠦᠯᠢ ᠳᠤ ᠵᠤᠭᠢᠬᠤ ᠭᠡᠮᠵᠢᠶᠡᠨ ᠤ ᠡᠷᠭᠡ ᠮᠡᠳᠡᠯ ᠲᠠᠢ ᠪᠠᠶᠢᠬᠤ ᠶᠤᠰᠤᠲᠡᠢ᠃ ᠠᠪᠤ ᠡᠵᠢ ᠪᠤᠯᠤᠭᠰᠠᠳ ᠨᠢᠭᠡ ᠲᠠᠯ᠎ᠠ ᠪᠠᠷ ᠭᠡᠤᠭᠡᠳ ᠤᠨ ᠢᠶᠠᠨ ᠲᠤᠷ᠎ᠠ ᠰᠤᠨᠢᠷᠬᠠᠯ ᠢ ᠭᠦᠨᠳᠦᠳᠭᠡᠵᠤ᠂ ᠦᠢᠯᠡ ᠭᠦᠳᠡᠯᠦᠯ ᠢ ᠨᠢ ᠳᠡᠩᠳᠡᠭᠦᠤ ᠭᠢᠵᠠᠭᠠᠷᠯᠠᠬᠤ ᠦᠭᠡᠢ ᠪᠠᠶᠢᠵᠤ᠂ ᠳᠡᠳᠡᠨ ᠳᠤ ᠴᠢᠯᠦᠭᠡᠲᠡᠢ ᠭᠦᠳᠡᠯᠭᠦ ᠤᠷᠤᠨ ᠵᠠᠢ ᠦᠯᠡᠳᠡᠭᠡᠨ ᠦᠭᠴᠦ᠂ ᠤᠴᠢᠷ ᠶᠠᠪᠤᠳᠠᠯ ᠢ ᠦᠪᠡᠰᠤᠪᠠᠨ ᠰᠶᠢᠳᠪᠤᠷᠢᠯᠡᠭᠦ ᠵᠠᠪᠰᠢᠶᠡᠨ ᠤᠯᠭᠤᠵᠤ᠂ ᠤᠴᠢᠷ ᠵᠠᠢ ᠦᠭᠡᠢ ᠵᠢᠮᠡᠯᠡᠭᠦ ᠶᠢ ᠴᠡᠭᠡᠷᠯᠡᠵᠤ᠂ ᠢᠯᠡᠭᠦᠭᠡᠨ ᠢᠳᠡᠪᠭᠢᠲᠡᠢ ᠲᠠᠯ᠎ᠠ ᠠᠴᠠ ᠨᠢ ᠰᠡᠩᠭᠡᠷᠡᠭᠦᠯᠤᠨ ᠭᠦᠲᠦᠯᠤᠨ᠎ᠡ᠃ ᠨᠦᠭᠦᠭᠡ ᠲᠠᠯ᠎ᠠ ᠪᠠᠷ ᠭᠡᠦᠭᠡᠳ ᠢᠶᠠᠨ ᠢᠲᠡᠭᠡᠭᠦ ᠶᠤᠰᠤᠲᠡᠢ᠃ ᠨᠢᠭᠡ ᠭᠦᠮᠦᠨ ᠢ ᠢᠲᠡᠭᠡᠭᠦ ᠨᠢ ᠲᠡᠭᠦᠨ ᠳᠤ ᠨᠢᠭᠡ ᠵᠦᠢᠯ ᠤᠨ ᠭᠢᠵᠠᠭᠠᠷᠯᠠᠰᠢ ᠦᠭᠡᠢ ᠭᠦᠴᠦᠨ ᠪᠤᠯᠵᠤ᠂ ᠤᠨᠴᠠᠭᠠᠢ ᠶᠡᠭᠡ ᠢᠲᠡᠭᠡᠯ ᠵᠤᠷᠢᠭ ᠪᠠ ᠬᠠᠷᠢᠭᠤᠴᠠᠯᠭ᠎ᠠ ᠶᠢ ᠪᠤᠢ ᠪᠤᠯᠭᠠᠨ᠂ ᠳᠠᠯᠳᠠ ᠭᠦᠴᠦᠨ ᠢ ᠨᠢ ᠭᠦᠭᠵᠢᠭᠡᠨ᠂ ᠵᠦᠢᠯ ᠪᠦᠷᠢ ᠶᠢᠨ ᠭᠦᠴᠢᠷ ᠢ ᠢᠯᠡᠨ ᠲᠠᠪᠠᠵᠤ᠂ ᠠᠮᠵᠢᠯᠲᠠ ᠤᠯᠬᠤ ᠤᠷᠭᠢᠯ ᠳᠤ ᠭᠦᠷᠭᠡᠵᠤ ᠪᠤᠯᠤᠨ᠎ᠠ᠃ ᠠᠪᠤ ᠡᠵᠢ ᠪᠤᠯᠤᠭᠰᠠᠳ ᠦᠷᠭᠦᠯᠵᠢ ᠭᠡᠤᠭᠡᠳ ᠢᠶᠠᠨ᠄ ︽ᠴᠢ ᠯᠠᠪᠲᠠᠢ ᠴᠢᠳᠠᠨ᠎ᠠ᠂ ᠪᠢᠲᠠ ᠴᠢᠮ᠎ᠠ ᠶᠢ ᠢᠲᠡᠭᠡᠵᠤ ᠪᠠᠶᠢᠨ᠎ᠠ︾ ᠭᠡᠵᠤ ᠵᠤᠷᠢᠬᠵᠢᠭᠤᠯᠵᠤ ᠪᠠᠶᠢᠭᠠᠷᠠᠢ᠃      ᠳᠦᠷᠪᠡ᠂ ᠠᠪᠤ ᠡᠵᠢ ᠪᠤᠯᠤᠭᠰᠠᠳ ᠪᠡᠶ᠎ᠡ ᠪᠠᠷ ᠢᠶᠠᠨ ᠲᠠᠭᠤᠷᠢᠶᠠᠯ ᠪᠤᠯᠬᠤ ᠭᠡᠷᠡᠭᠲᠡᠢ᠃ ᠨᠢᠭᠡ ᠭᠢᠷᠢ ᠲᠡᠩᠴᠡᠭᠰᠡᠨ ᠭᠡᠷ ᠤᠨ ᠠᠬᠠᠮᠠᠳ ᠤᠨ ᠪᠠᠷᠢᠮᠵᠢᠶ᠎ᠠ ᠪᠤᠯ ᠲᠡᠭᠦᠨ ᠤ ᠪᠠᠶᠢᠷᠢ ᠰᠠᠭᠤᠷᠢ᠂ ᠰᠤᠷᠤᠯᠭ᠎ᠠ ᠶᠢᠨ ᠨᠠᠮᠳᠠᠷ᠂ ᠭᠡᠷ ᠤᠨ ᠠᠮᠢᠳᠤᠷᠠᠯ ᠤᠨ ᠪᠠᠶᠠᠨ ᠴᠢᠨᠡᠭᠡᠯᠢᠭ ᠲᠤ ᠪᠠᠶᠢᠬᠤ ᠪᠢᠰᠢ᠂ ᠬᠠᠷᠢᠨ ᠭᠡᠤᠭᠡᠳ ᠤᠨ ᠰᠡᠳᠭᠢᠯ ᠳᠠᠬᠢ ᠪᠠᠶᠢᠷᠢ ᠰᠠᠭᠤᠷᠢ ᠪᠠᠷ ᠪᠠᠷᠢᠮᠵᠢᠶ᠎ᠠ ᠪᠤᠯᠭᠠᠳᠠᠬ᠃ ︽ᠪᠡᠶ᠎ᠡ ᠶᠢᠨ ᠲᠠᠭᠤᠷᠢᠶᠠᠯ ᠠᠮᠠᠨ ᠤ ᠰᠤᠷᠭᠠᠯ ᠠᠴᠠ ᠲᠡᠭᠡᠷ᠎ᠡ︾ ᠭᠡᠳᠡᠭ ᠪᠢᠰᠢ ᠤᠤ︖ ᠠᠪᠤ ᠡᠵᠢ ᠶᠢᠨ ᠠᠮᠢᠲᠤᠷᠠᠯ ᠤᠨ ᠭᠡᠯᠪᠠᠷᠢ ᠮᠠᠶ᠋ᠢᠭ᠂ ᠲᠤᠷ᠎ᠠ ᠰᠤᠨᠢᠷᠬᠠᠯ᠂ ᠶᠤᠰᠤ ᠰᠤᠷᠲᠠᠬᠤᠨ᠂ ᠭᠡᠪ ᠵᠠᠩᠰᠢᠯ᠂ ᠦᠭᠡ ᠶᠠᠷᠢᠶ᠎ᠡ᠂ ᠦᠢᠯᠡ ᠭᠦᠳᠡᠯᠦᠯ᠂ ᠨᠠᠶᠢᠭᠡᠮ ᠤᠨ ᠬᠠᠷᠢᠯᠴᠠᠭ᠎ᠠ ᠨᠢ ᠴᠦᠮ ᠭᠡᠤᠭᠡᠳ ᠢ ᠦᠯᠦ ᠮᠡᠳᠡᠭᠳᠡᠮ᠎ᠠ ᠪᠠᠷ ᠨᠦᠯᠦᠭᠡᠯᠡᠭᠦ ᠶᠤᠮ᠃ ᠡᠳᠤᠷ ᠲᠤᠲᠤᠮ ᠤᠨ ᠠᠮᠢᠳᠤᠷᠠᠯ ᠲᠤᠮᠳᠠ ᠭᠡᠷ ᠤᠨ ᠠᠬᠠᠮᠠᠳ ᠬᠠᠮᠤᠭ ᠤᠨ ᠨᠠᠭᠠᠳᠤ ᠵᠠᠬ᠎ᠠ ᠳᠤ ᠪᠠᠨ ᠬᠤᠭ ᠨᠤᠪᠰᠢ ᠶᠢ ᠲᠤᠷ᠎ᠠ ᠪᠠᠷ ᠬᠠᠶᠠᠬᠤ ᠦᠭᠡᠢ᠂ ᠪᠤᠵᠠᠷ ᠦᠭᠡ ᠶᠠᠷᠢᠬᠤ ᠦᠭᠡᠢ ᠵᠡᠷᠭᠡ ᠵᠠᠩᠰᠢᠯ ᠲᠠᠢ ᠪᠤᠯ ᠡᠳᠡᠭᠡᠷ ᠨᠢ ᠰᠠᠨᠠᠮᠰᠠᠷ ᠦᠭᠡᠢ ᠪᠠᠷ ᠭᠡᠤᠭᠡᠳ ᠤᠨ ᠡᠯ᠎ᠡ ᠵᠦᠢᠯ ᠤᠨ ᠰᠠᠶᠢᠨ ᠰᠠᠶᠢᠬᠠᠨ ᠵᠠᠩ ᠲᠠᠳᠬᠠᠯ ᠢ ᠭᠦᠮᠦᠵᠢᠭᠦᠯᠵᠤ ᠴᠢᠲᠠᠨ᠎ᠠ᠃      ᠡᠭᠦᠨ ᠠᠴᠠ ᠭᠠᠳᠠᠨ᠎ᠠ ᠭᠡᠤᠭᠡᠳ ᠲᠤ ᠪᠠᠶᠠᠷ ᠭᠦᠷ ᠲᠠᠢ᠂ ᠨᠠᠮ ᠰᠡᠯᠡᠭᠦᠤ ᠠᠮᠢᠲᠤᠷᠠᠵᠤ ᠰᠤᠷᠤᠯᠴᠠᠬᠤ ᠤᠷᠴᠢᠨ ᠲᠤᠭᠤᠷᠢᠨ ᠢ ᠪᠤᠢ ᠪᠤᠯᠭᠠᠵᠤ ᠦᠭᠭᠦ ᠭᠡᠷᠡᠭᠲᠡᠢ᠃ ᠡᠶᠢᠮᠦᠷᠭᠦᠤ ᠤᠷᠴᠢᠨ ᠲᠤᠭᠤᠷᠢᠨ ᠳᠤ ᠦᠰᠴᠦ ᠪᠤᠶᠢᠵᠢᠭᠰᠠᠨ ᠭᠡᠤᠭᠡᠳ ᠡᠷᠡᠭᠦᠯ ᠡᠩᠭᠡ ᠰᠡᠳᠭᠢᠯᠭᠡ᠂ ᠴᠤᠪᠤᠭᠤ ᠲᠡᠭᠵᠢᠨ ᠵᠠᠩ ᠠᠭᠠᠯᠢ ᠲᠠᠢ ᠪᠤᠯᠵᠤ ᠴᠢᠳᠠᠨ᠎ᠠ᠃ ᠡᠶᠢᠮᠤ ᠭᠡᠤᠭᠡᠳ ᠬᠠᠮᠢᠭ᠎ᠠ ᠶᠠᠪᠤᠭᠰᠠᠨ ᠴᠤ ᠭᠦᠮᠦᠰ ᠤᠨ ᠭᠦᠷᠢᠶᠡᠯᠡᠯ ᠢ ᠤᠯᠵᠤ᠂ ᠶᠡᠮᠠᠷ ᠭᠦᠴᠢᠷ ᠪᠡᠷᠭᠡᠰᠢᠶᠡᠯ ᠳᠤ ᠤᠴᠠᠷᠠᠭᠰᠠᠨ ᠴᠤ ᠠᠮᠢᠳᠤᠷᠠᠯ ᠳᠤ ᠪᠠᠨ ᠢᠲᠡᠭᠡᠯ ᠵᠤᠷᠢᠭ ᠲᠠᠢ ᠪᠠᠶᠢᠵᠤ ᠴᠢᠲᠠᠨ᠎ᠠ᠃       ᠠᠪᠤ ᠡᠵᠢ ᠪᠤᠯᠤᠭᠰᠠᠳ ᠦᠪᠡᠷ ᠤᠨ ᠭᠡᠤᠭᠡᠳ ᠤᠨ ᠢᠶᠠᠨ ᠰᠠᠶᠢᠨ ᠰᠠᠶᠢᠬᠠᠨ ᠢᠷᠡᠭᠡᠳᠦᠢ ᠶᠢᠨ ᠲᠦᠯᠦᠭᠡ᠂ ᠭᠡᠷ ᠤᠨ ᠭᠦᠮᠦᠵᠢᠯ ᠤᠨ ᠲᠤᠬᠠᠢ ᠲᠠᠢ ᠮᠡᠳᠡᠯᠭᠡ ᠶᠢ ᠢᠯᠡᠭᠦᠭᠡᠨ ᠰᠤᠷᠤᠯᠴᠠᠵᠤ ᠪᠠᠶᠢᠭᠠᠷᠠᠢ᠃          ᠠᠵᠢᠯᠯᠠᠵᠤ ᠪᠠᠶᠢᠭ᠎ᠠ ᠪᠠᠶᠢᠭᠤᠯᠭ᠎ᠠ᠄ ᠰᠦᠪᠸᠢ ᠰᠢᠶᠡᠨ ᠤ ᠮᠤᠩᠭᠤᠯ ᠰᠤᠷᠭᠠᠭᠤᠯᠢ                                            ︵ᠮᠦᠡᠭᠭᠦᠨᠴᠢᠮᠡᠭ ᠨᠠᠶᠢᠷᠠᠭᠤᠯᠪᠠ︶                                            2021 ᠣᠨ ᠤ 3 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map