ᠬᠡᠦᠬᠡᠳ ᠪᠠᠭᠠᠴᠣᠳ ᠤᠨ ᠬᠦᠮᠦᠵᠢᠯ ᠢ ᠨᠥᠯᠣᠭᠡᠯᠡᠬᠦ ᠬᠦᠴᠦᠨ ᠢ ᠵᠠᠳᠠᠯᠬᠤ ᠨᠢ
ᠨᠡᠶᠢᠲᠡᠯᠡᠭᠰᠡᠨ ᠴᠠᠭ᠄
2021/8/19
                              ᠲᠤ᠋ · ᠰᠠᠴᠠᠨᠪᠠᠭᠠᠳᠤᠷ      ᠬᠡᠦᠬᠡᠳ ᠪᠠᠭᠠᠴᠣᠳ ᠤᠨ ᠥᠰᠴᠦ ᠪᠥᠢᠵᠢᠬᠤ᠂ ᠬᠦᠮᠦᠵᠢᠯ ᠬᠦᠷᠳᠡᠬᠦ ᠪᠥᠬᠦ ᠶᠠᠪᠣᠴᠠ ᠶᠢ ᠨᠥᠯᠣᠭᠡᠯᠡᠬᠦ ᠲᠣᠳᠦᠭᠠᠳᠦ ᠰᠢᠯᠳᠠᠭᠠᠨ ᠭᠠᠳᠠᠭᠠᠳᠦ ᠨᠥᠬᠦᠴᠡᠯ ᠲᠣᠩ ᠣᠯᠠᠨ ᠪᠠᠶᠢᠨ᠎ᠠ᠃ ᠲᠡᠳᠡᠭᠡᠷ ᠤᠨ ᠲᠣᠳᠣᠷ᠎ᠠ ᠭᠡᠷ ᠤᠨ ᠠᠬᠠᠮᠠᠳ᠂ ᠪᠠᠭᠰᠢ᠂ ᠰᠣᠷᠭᠠᠭᠤᠯᠢ᠂ ᠨᠡᠶᠢᠬᠡᠮ ᠭᠡᠭᠦ ᠲᠥᠷᠪᠡᠨ ᠲᠠᠯ᠎ᠠ ᠬᠠᠮᠤᠭ ᠤᠨ ᠭᠤᠣᠯ ᠪᠣᠯᠣᠨ᠎ᠠ᠃      ᠬᠡᠦᠬᠡᠳ ᠤᠨ ᠰᠣᠷᠭᠠᠨ ᠬᠦᠮᠦᠵᠢᠯ ᠪᠣᠯ ᠭᠡᠷ ᠤᠨ ᠠᠬᠠᠮᠠᠳ᠂ ᠪᠠᠭᠰᠢ᠂ ᠰᠣᠷᠭᠠᠭᠤᠯᠢ᠂ ᠨᠡᠶᠢᠬᠡᠮ᠂ ᠲᠥᠷᠣ ᠵᠠᠰᠠᠭ ᠠᠴᠠ ᠬᠦᠴᠦ ᠬᠠᠮᠳᠣᠳᠬᠠᠵᠦ ᠪᠡᠶᠡᠯᠡᠭᠦᠯᠬᠦ ᠶᠡᠭᠡ ᠥᠢᠯᠡᠰ᠃ ᠬᠡᠦᠬᠡᠳ ᠤᠨ ᠰᠣᠷᠭᠠᠨ ᠬᠦᠮᠦᠵᠢᠯ ᠪᠤᠯ ᠰᠤᠷᠭᠠᠨ ᠭᠦᠮᠦᠵᠢᠭᠦᠯᠭᠦ ᠤᠬᠠᠭᠠᠨ ᠤ ᠮᠥᠩᠬᠡ ᠶᠢᠨ ᠰᠤᠳᠤᠯᠭᠠᠨ ᠤ ᠰᠡᠳᠦᠪ᠂ ᠮᠦᠨ ᠴᠦ ᠪᠥᠬᠦ ᠨᠡᠶᠢᠭᠡᠮ ᠤᠨ ᠠᠩᠬᠠᠷᠣᠯ ᠤᠨ ᠴᠡᠭ ᠪᠤᠯᠵᠤ ᠪᠤᠢ᠃      ᠨᠢᠭᠡ᠂ ᠭᠡᠷ ᠤᠨ ᠠᠬᠠᠮᠠᠳ      ᠬᠡᠦᠬᠡᠳ ᠤᠨ ᠰᠣᠷᠭᠠᠨ ᠬᠦᠮᠦᠵᠢᠯ ᠤᠨ ᠠᠰᠠᠭᠤᠳᠠᠯ ᠪᠣᠯ ᠭᠡᠷ ᠤᠨ ᠠᠬᠠᠮᠠᠳ ᠤᠨ ᠲᠥᠯᠬᠢᠵᠦ ᠪᠣᠯᠣᠰᠢ ᠦᠭᠡᠢ ᠲᠠᠷᠬᠠᠨ ᠡᠭᠦᠷᠭᠡ ᠨᠠᠨᠳᠢᠨ ᠬᠠᠷᠢᠭᠤᠴᠠᠯᠭ᠎ᠠ ᠪᠣᠯᠬᠤ ᠶᠣᠮ᠃ ᠰᠣᠷᠭᠠᠨ ᠬᠦᠮᠦᠵᠢᠯ ᠤᠨ ᠡᠭᠦᠷᠭᠡ ᠬᠠᠷᠢᠭᠤᠴᠠᠯᠭ᠎ᠠ ᠠᠴᠠ ᠠᠪᠴᠦ ᠬᠡᠯᠡᠪᠡᠯ᠂ ᠭᠡᠷ ᠤᠨ ᠠᠬᠠᠮᠠᠳ ᠨᠢ ᠬᠡᠦᠬᠡᠳ ᠤᠨ ᠢᠶᠠᠨ ᠲᠥᠯᠣᠭᠡ ᠣᠶᠣᠨ ᠣᠬᠠᠭᠠᠨ ᠬᠦᠴᠦ ᠬᠥᠳᠡᠯᠮᠣᠷᠢ ᠪᠠᠨ ᠬᠠᠷᠠᠮ ᠦᠭᠡᠢ ᠶᠡᠭᠦᠯᠡᠬᠦ ᠨᠢ ᠵᠥᠢ᠃ ᠭᠡᠭᠦ ᠳᠤ ᠪᠠᠨ ᠪᠣᠳᠠᠳᠦ ᠠᠮᠢᠳᠣᠷᠠᠯ ᠨᠢ ᠪᠢᠳᠡᠨ ᠤ ᠪᠣᠳᠣᠭᠰᠠᠨ ᠰᠢᠬ ᠲᠡᠶᠢᠮᠦ ᠠᠮᠠᠷᠬᠠᠨ ᠪᠢᠰᠢ᠃ ᠭᠡᠷ ᠤᠨ ᠠᠬᠠᠮᠠᠳ ᠠᠴᠠ ᠬᠡᠦᠬᠡᠳ ᠲᠤ ᠪᠠᠨ ᠡᠨᠡ ᠨᠢ ᠪᠣᠯᠬᠤ ᠦᠭᠡᠢ᠂ ᠲᠡᠷᠡ ᠨᠢ ᠪᠣᠯᠬᠤ ᠦᠭᠡᠢ ᠭᠡᠬᠦ ᠵᠡᠷᠭᠡ ᠪᠠᠷ ᠬᠢᠷᠢ ᠬᠡᠮᠵᠢᠶᠡᠨ ᠠᠴᠠ ᠨᠢ ᠭᠡᠳᠤᠷᠡᠭᠰᠡᠨ ᠪᠣᠶᠣ ᠪᠣᠳᠠᠳᠦ ᠪᠠᠶᠢᠳᠠᠯ ᠲᠠᠢ ᠨᠡᠶᠢᠴᠡᠬᠦ ᠦᠭᠡᠢ ᠱᠠᠭᠠᠷᠳᠠᠯᠭ᠎ᠠ ᠲᠠᠯᠪᠢᠬᠤ ᠡᠰᠡᠬᠦᠯ᠎ᠡ ᠬᠡᠦᠬᠡᠳ ᠨᠢ ᠪᠠᠰᠠ ᠡᠴᠢᠭᠡ ᠡᠬᠡ ᠶᠢ ᠪᠠᠨ ᠡᠨᠡ ᠨᠢ ᠪᠣᠯᠬᠤ ᠦᠭᠡᠢ᠂ ᠲᠠᠷᠠ ᠨᠢ ᠪᠣᠯᠬᠤ ᠦᠭᠡᠢ ᠭᠡᠳ ᠪᠠᠶᠢᠬᠤ ᠨᠢ ᠵᠦᠡᠭᠳᠡᠭᠡᠨ ᠶᠤᠮ᠃ ᠲᠡᠭᠡᠪᠡᠯ ᠭᠡᠷᠬᠢᠨ ᠭᠡᠤᠭᠡᠳ ᠤᠨ ᠬᠠᠶᠢᠷ᠎ᠠ ᠶᠢ ᠲᠠᠳᠠᠭᠰᠠᠨ᠂ ᠭᠡᠤᠭᠡᠳ ᠲᠤ ᠲᠤᠯᠠᠭᠠᠨ ᠪᠦᠯᠢᠶᠠᠨ ᠢ ᠤᠯᠭᠤᠬᠤ ᠪᠤᠢ︖      ᠵᠠᠷᠢᠮ ᠭᠡᠷ ᠤᠨ ᠠᠬᠠᠮᠠᠳ ᠤᠨ ᠬᠡᠯᠡᠬᠦ ᠪᠠᠷ᠂ ᠣᠳᠣ ᠶᠢᠨ ᠬᠡᠦᠬᠡᠳ ᠢ ᠴᠤᠬᠢᠬᠤ ᠪᠠᠶᠢᠳᠤᠭᠠᠢ ᠭᠡᠯᠡᠵᠦ ᠴᠦ ᠪᠣᠯᠬᠤ ᠦᠭᠡᠢ ᠭᠡᠨ᠎ᠠ᠂ ᠶᠤᠰᠤᠳᠠᠢ ᠶᠠᠭᠠᠬᠢᠬᠤ ᠪᠠᠨ ᠤᠯᠬᠤ ᠪᠤᠯᠤᠭᠰᠠᠨ ᠭᠡᠵᠤ ᠪᠤᠢ᠃ ᠦᠨᠡᠭᠡᠷ ᠬᠡᠦᠬᠡᠳ ᠨᠢ ᠪᠣᠯᠬᠤ ᠦᠭᠡᠢ ᠪᠠᠶᠢᠨ᠎ᠠ ᠤᠤ ᠡᠰᠠᠭᠦᠯ᠎ᠠ ᠭᠡᠷ ᠤᠨ ᠠᠬᠠᠮᠠᠳ ᠨᠢ ᠪᠤᠯᠬᠤ ᠦᠭᠡᠢ ᠪᠠᠶᠢᠨ᠎ᠠ ᠤᠤ︖ ᠬᠡᠨ ᠨᠢ ᠪᠣᠯᠬᠤ ᠦᠭᠡᠢ ᠪᠠᠶᠢᠭ᠎ᠠ ᠪᠣᠯ︖ ᠡᠨᠡ ᠠᠰᠠᠭᠤᠳᠠᠯ ᠢ ᠪᠥᠬᠦ ᠲᠠᠯ᠎ᠠ ᠪᠠᠷ ᠰᠡᠳᠬᠢᠵᠦ ᠨᠠᠷᠢᠨ ᠵᠠᠳᠠᠯᠣᠯᠳᠠ ᠬᠢᠬᠦ ᠭᠡᠷᠡᠭᠳᠠᠢ᠃ ᠣᠳᠣᠬᠠᠨ ᠳᠤ ᠭᠡᠷ ᠤᠨ ᠠᠬᠠᠮᠠᠳ ᠤᠨ ᠬᠦᠮᠦᠵᠢᠯ ᠪᠤᠯᠪᠠᠰᠤᠷᠠᠯ ᠢ ᠰᠠᠶᠢᠳᠤᠷ ᠬᠢᠬᠦ ᠳᠤ ᠪᠠᠰᠠ ᠨᠡᠯᠢᠶᠡᠳ ᠬᠦᠴᠢᠷ ᠠᠰᠠᠭᠤᠳᠠᠯ ᠤᠷᠤᠰᠢᠵᠤ ᠪᠠᠶᠢᠨ᠎ᠠ᠃ ᠨᠠᠰᠣᠨ ᠳᠤ ᠬᠦᠷᠦᠭᠰᠡᠳ ᠤᠨ ᠬᠦᠮᠦᠵᠢᠯ ᠪᠤᠯᠪᠠᠰᠤᠷᠠᠯ ᠶᠡᠭᠡ ᠪᠠᠷ ᠲᠤᠲᠠᠭᠳᠠᠵᠦ ᠪᠠᠶᠢᠨ᠎ᠠ ᠭᠡᠵᠦ ᠲᠤᠰᠬᠠᠢ ᠮᠠᠷᠭᠡᠵᠢᠯᠳᠠᠳ ᠦᠵᠠᠵᠤ ᠪᠤᠢ᠃ ᠤᠯᠠᠨ ᠢᠶᠠᠷ ᠢᠶᠠᠨ ᠬᠡᠦᠬᠡᠳ ᠤᠨ ᠰᠣᠷᠭᠠᠨ ᠬᠦᠮᠦᠵᠢᠯ ᠤᠨ ᠲᠠᠯ᠎ᠠ ᠳᠤ ᠠᠮᠵᠢᠯᠳᠠ ᠣᠯᠬᠤ ᠶᠢ ᠶᠡᠭᠡᠳᠡ ᠭᠦᠰᠠᠵᠤ ᠪᠤᠢ᠃ ᠭᠡᠪᠡᠴᠤ ᠨᠠᠶᠢᠭᠡᠮ ᠳᠡᠭᠡᠷ᠎ᠠ ᠰᠣᠷᠭᠠᠨ ᠬᠦᠮᠦᠵᠢᠯ ᠤᠨ ᠠᠮᠵᠢᠯᠳᠠ ᠶᠢ ᠨᠡᠶᠢᠳᠡᠮ ᠳᠤ ᠪᠠᠨ ᠶᠡᠭᠡ ᠰᠣᠷᠭᠠᠭᠤᠯᠢ ᠶᠢᠨ ᠣᠶᠣᠳᠠᠨ ᠪᠤᠯᠬᠤ᠂ ᠣᠯᠣᠰ ᠤᠨ ᠠᠯᠪᠠᠳᠠᠨ ᠪᠤᠯᠵᠤ ︽ᠲᠡᠮᠣᠷ ᠠᠶᠠᠭ᠎ᠠ︾ ᠤᠯᠵᠤ ᠴᠢᠳᠠᠭᠰᠠᠨ ᠢᠶᠠᠷ ᠪᠠᠷᠢᠮᠵᠢᠶ᠎ᠡ ᠪᠣᠯᠭᠠᠬᠤ ᠭᠡᠳ ᠪᠠᠶᠢᠬᠤ ᠶᠤᠮ᠃ ᠭᠡᠭᠦ ᠳᠤ ᠪᠠᠨ ᠰᠣᠷᠭᠠᠨ ᠬᠦᠮᠦᠵᠢᠯ ᠪᠣᠯ ᠡᠶᠢᠮᠦ ᠥᠬᠦᠮᠡᠯ ᠪᠢᠰᠢ᠂ ᠨᠢᠭᠡ ᠯᠡ ᠵᠥᠭ ᠲᠤ ᠬᠠᠨᠳᠣᠬᠤ ᠪᠢᠰᠢ᠂ ᠬᠠᠷᠢᠨ ᠣᠬᠤᠷᠢᠵᠦ ᠭᠠᠷᠬᠤ ᠣᠷᠣᠨ ᠵᠠᠢ ᠲᠠᠢ ᠪᠠᠶᠢᠬᠤ ᠬᠡᠷᠡᠭ ᠲᠠᠢ᠃ ᠪᠢᠷ · ᠭᠧᠰ ᠬᠠᠷᠸᠠᠳ᠋ ᠶᠡᠭᠡ ᠰᠤᠷᠭᠠᠭᠤᠯᠢ ᠳᠤ ᠰᠢᠯᠭᠠᠭᠤᠯᠵᠤ ᠣᠷᠣᠭᠰᠠᠨ ᠪᠣᠯᠪᠠᠴᠦ ᠰᠤᠷᠭᠠᠭᠤᠯᠢ ᠪᠠᠨ ᠲᠡᠭᠦᠰᠦᠭᠰᠡᠨ ᠦᠭᠡᠢ᠂ ᠬᠡᠳᠡᠯ᠎ᠡ ᠲᠡᠭᠦᠨ ᠤ ᠨᠡᠶᠢᠭᠡᠮ ᠳᠤ ᠡᠭᠦᠳᠦᠭᠰᠡᠨ ᠥᠷᠳᠡᠭ ᠢ ᠬᠡᠮᠵᠢᠶᠡᠯᠡᠬᠦ ᠶᠢᠨ ᠠᠷᠭ᠎ᠠ ᠦᠭᠡᠢ ᠶᠤᠮ᠃ ᠠᠮᠧᠷᠢᠺᠠ ᠶᠢᠨ ᠣᠯᠣᠰ ᠤᠨ ᠠᠯᠪᠠᠳᠠᠨ ᠰᠢᠯᠭᠠᠬᠤ ᠨᠣᠷᠮ᠎ᠠ ᠨᠢ 3% ᠳᠤ ᠬᠦᠷᠴᠦ ᠪᠠᠶᠢᠬᠤ ᠳᠤ᠂ ᠲᠣᠮᠳᠠᠳᠦ ᠣᠯᠣᠰ ᠤᠨ ᠬᠢ 76% ᠳᠤ ᠬᠦᠷᠳᠡᠭ ᠭᠡᠰᠡᠨ ᠮᠠᠳᠠᠭᠡᠯᠡᠯ ᠪᠤᠢ᠃      ᠰᠣᠷᠭᠠᠨ ᠬᠦᠮᠦᠵᠢᠯ ᠨᠢ ᠭᠡᠤᠭᠡᠳ ᠲᠤ ᠰᠣᠷᠬᠤ ᠵᠣᠬᠢᠰᠳᠠᠢ ᠮᠡᠳᠡᠯᠭᠡ ᠪᠤᠯᠪᠠᠰᠤᠷᠠᠯ ᠢ ᠡᠵᠡᠮᠰᠢᠭᠦᠯᠵᠦ᠂ ᠪᠡᠶ᠎ᠡ ᠰᠡᠳᠬᠢᠴᠡ ᠪᠥᠬᠦ ᠲᠠᠯ᠎ᠠ ᠪᠠᠷ ᠬᠦᠮᠦᠵᠢᠭᠰᠡᠨ ᠬᠦᠮᠦᠨ ᠢ ᠬᠦᠮᠦᠵᠢᠭᠦᠯᠬᠦ ᠪᠠᠷ ᠵᠤᠷᠢᠯᠭ᠎ᠠ ᠪᠤᠯᠭᠠᠳᠠᠬ᠃ ᠥᠨᠣᠳᠦᠷ ᠤᠨ ᠨᠡᠶᠢᠭᠡᠮ ᠠᠬᠤᠢ ᠳᠤ ᠬᠡᠦᠬᠡᠳ ᠤᠨ ᠰᠣᠷᠭᠠᠨ ᠬᠦᠮᠦᠵᠢᠯ ᠤᠨ ᠲᠠᠯ᠎ᠠ ᠪᠠᠷ ᠲᠣᠯᠢ ᠪᠣᠯᠭᠠᠬᠤ ᠲᠤᠷᠰᠢᠯᠭ᠎ᠠ ᠰᠤᠷᠭᠠᠮᠵᠢ ᠮᠠᠰᠢ ᠣᠯᠠᠨ ᠪᠠᠶᠢᠳᠠᠬ᠃      ᠭᠡᠷ ᠤᠨ ᠠᠬᠠᠮᠠᠳ ᠪᠣᠯ ᠭᠡᠤᠭᠡᠳ ᠤᠨ ᠤᠤᠭᠠᠨ ᠪᠠᠭᠰᠢ᠂ ᠰᠤᠶᠤᠨ ᠭᠡᠭᠡᠷᠡᠭᠦᠯᠦᠭᠴᠢ ᠥᠯᠢᠭᠡᠷ ᠲᠠᠭᠤᠷᠢᠶᠠᠯ ᠪᠤᠯᠬᠤ ᠶᠤᠮ᠃ ᠲᠡᠭᠡᠭᠦᠯᠡᠷ ᠭᠡᠷ ᠤᠨ ᠠᠬᠠᠮᠠᠳ ᠤᠨ ᠵᠠᠩ ᠠᠷᠡᠨᠰᠢᠨ᠂ ᠥᠭᠡ ᠶᠠᠷᠢᠶ᠎ᠠ᠂ ᠥᠢᠯᠡ ᠬᠦᠳᠡᠯᠭᠡᠭᠡᠨ ᠵᠢᠴᠢ ᠶᠣᠰᠣ ᠤᠴᠢᠷ ᠢ ᠤᠯᠠᠮᠵᠢᠯᠠᠵᠦ ᠣᠶᠢᠯᠠᠭᠠᠭᠤᠯᠬᠤ ᠠᠷᠭ᠎ᠠ ᠠᠪᠴᠠᠯ᠂ ᠮᠡᠳᠡᠯᠭᠡ ᠶᠢᠨ ᠥᠷᠭᠡᠴᠢ ᠭᠦᠨᠴᠠ ᠵᠡᠷᠭᠡ ᠠᠯᠢ ᠪᠥᠬᠦᠨ ᠨᠢ ᠬᠡᠦᠬᠡᠳ ᠢ ᠮᠡᠳᠡᠭᠡ ᠣᠷᠣᠬᠤ ᠠᠴᠠ ᠠᠪᠣᠭᠠᠳ ᠲᠣᠮᠣ ᠬᠦᠮᠦᠨ ᠪᠣᠯᠳᠠᠯ᠎ᠠ ᠰᠠᠯᠣᠯᠳᠠ ᠦᠭᠡᠢ ᠬᠥᠳᠦᠯᠣᠨ ᠨᠥᠯᠣᠭᠡᠯᠡᠨ᠎ᠡ᠃ ᠡᠶᠢᠮᠦ ᠪᠣᠯᠬᠤᠷ ᠠᠩᠬᠠᠨ ᠤ ᠪᠠᠭᠰᠢ ᠪᠤᠯᠬᠤ ᠠᠪᠤ ᠡᠵᠢ ᠨᠠᠷ ᠬᠡᠦᠬᠡᠳ ᠢᠶᠠᠨ ᠰᠣᠷᠭᠠᠵᠦ ᠬᠦᠮᠦᠵᠢᠭᠦᠯᠬᠦ ᠳᠤ ᠶᠡᠭᠤᠨ ᠤ ᠡᠮᠣᠨ᠎ᠡ ᠬᠡᠦᠬᠡᠳ ᠤᠨ ᠣᠷᠮ᠎ᠠ ᠪᠠᠬ᠎ᠠ ᠶᠢ ᠬᠥᠭᠵᠢᠭᠡᠬᠦ ᠬᠡᠷᠡᠭ ᠲᠠᠢ᠃ ᠰᠣᠷᠭᠠᠨ ᠬᠦᠮᠦᠵᠢᠯ ᠤᠨ ᠤᠷᠠᠯᠢᠭ ᠨᠢ ᠣᠷᠮᠠᠰᠢᠭᠤᠯᠵᠦ ᠬᠥᠭᠵᠢᠭᠡᠬᠦ᠂ ᠰᠡᠩᠭᠡᠷᠡᠭᠦᠯᠵᠦ ᠰᠡᠷᠢᠭᠡᠬᠦ᠂ ᠣᠮᠣᠭᠰᠢᠭᠤᠯᠵᠦ ᠵᠣᠷᠢᠬᠵᠢᠭᠤᠯᠬᠤ ᠳᠤ ᠪᠠᠶᠢᠭ᠎ᠠ ᠶᠤᠮ᠃      ᠭᠡᠷ ᠤᠨ ᠠᠬᠠᠮᠠᠳ ᠨᠢ ᠬᠡᠦᠬᠡᠳ ᠢ ᠪᠠᠭ᠎ᠠ ᠪᠠᠶᠢᠬᠤ ᠳᠤ ᠨᠢ ᠡᠪ ᠢᠶᠠᠷ ᠰᠤᠷᠭᠠᠵᠤ ᠪᠣᠯᠣᠨ᠎ᠠ᠂ ᠬᠦᠴᠦ ᠪᠠᠷ ᠰᠤᠷᠭᠠᠵᠤ ᠪᠣᠯᠣᠨ᠎ᠠ᠃ ᠭᠡᠪᠡᠴᠦ ᠬᠡᠦᠬᠡᠳ ᠲᠣᠮᠣ ᠪᠣᠯᠣᠭᠠᠳ ᠢᠷᠡᠪᠡᠯ ᠭᠡᠷ ᠤᠨ ᠠᠬᠠᠮᠠᠳ ᠠᠴᠠ ᠠᠶᠣᠬᠤ ᠰᠢᠷᠬᠢᠬᠦ ᠪᠠᠨ ᠪᠤᠯᠢᠵᠤ ᠶᠣᠰᠣ ᠬᠡᠯᠡᠯᠴᠡᠵᠦ ᠮᠡᠳᠬᠡᠯᠳᠤᠨ᠎ᠡ᠃ ᠬᠡᠦᠬᠡᠳ ᠬᠦᠮᠦᠨ ᠤ ᠵᠡᠷᠭᠡ ᠳᠤ ᠬᠦᠷᠪᠡᠯ ᠭᠡᠷ ᠤᠨ ᠠᠬᠠᠮᠠᠳ ᠨᠢ ᠬᠡᠦᠬᠡᠳ ᠲᠠᠢ ᠪᠠᠨ ᠵᠥᠪᠬᠡᠨ ᠶᠣᠰᠣ ᠬᠡᠯᠡᠯᠴᠡᠬᠦ ᠠᠴᠠ ᠥᠭᠡᠷ᠎ᠡ ᠰᠠᠶᠢᠨ ᠠᠷᠭ᠎ᠠ ᠵᠠᠮ ᠪᠠᠶᠢᠬᠤ ᠦᠭᠡᠢ ᠶᠤᠮ᠃ ᠬᠦᠮᠦᠨ ᠲᠡᠭᠷᠢ ᠭᠠᠵᠠᠷ᠂ ᠪᠤᠷᠬᠠᠨ ᠰᠠᠬᠢᠭᠤᠯᠰᠤᠨ ᠳᠤ ᠰᠦᠭᠦᠷᠡᠭᠦ ᠦᠭᠡᠢ ᠪᠠᠶᠢᠵᠦ ᠪᠣᠯᠣᠨ᠎ᠠ᠂ ᠭᠡᠪᠡᠴᠦ ᠶᠣᠰᠣᠨ ᠳᠤ ᠪᠥᠬᠦ᠋ᠢᠬᠦ ᠬᠡᠷᠡᠭ ᠲᠠᠢ᠃ ᠬᠡᠦᠬᠡᠳ ᠢ ᠪᠠᠭ᠎ᠠ ᠠᠴᠠ ᠨᠢ ᠶᠣᠰᠣ ᠣᠴᠢᠷ ᠢ ᠲᠠᠨᠢᠭᠤᠯᠵᠦ᠂ ᠨᠡᠶᠢᠭᠡᠮ ᠤᠨ ᠨᠢᠭᠡ ᠬᠡᠰᠢᠭᠦᠨ ᠪᠤᠯᠤᠭᠰᠠᠨ ᠤ ᠬᠤᠪᠢ ᠳᠤ ᠵᠤᠬᠢᠬᠤ ᠡᠮᠬᠢ ᠵᠢᠷᠤᠮ ᠢ ᠵᠢᠷᠤᠮᠯᠠᠬᠤ ᠭᠡᠷᠡᠭᠳᠠᠢ ᠭᠡᠳᠡᠭ ᠢ ᠮᠠᠳᠠᠭᠦᠯᠭᠦ ᠭᠡᠷᠡᠭᠳᠠᠢ᠃ ᠬᠡᠦᠬᠡᠳ ᠢ ᠬᠦᠮᠦᠵᠢᠭᠦᠯᠬᠦ ᠳᠤ ᠶᠠᠭᠤᠨ ᠤ ᠡᠮᠦᠨ᠎ᠡ ᠬᠦᠮᠦᠨ ᠪᠣᠯᠬᠤ ᠶᠢ ᠬᠦᠮᠦᠵᠢᠭᠦᠯᠣᠨ᠎ᠡ᠃ ᠬᠡᠦᠭᠡᠳ ᠢ ᠬᠦᠮᠦᠵᠢᠭᠦᠯᠬᠦ ᠳᠤ ᠥᠬᠦᠮᠡᠯ ᠪᠠᠶᠢᠬᠤ ᠶᠢ ᠴᠡᠭᠡᠷᠯᠡᠭᠦ ᠭᠡᠷᠡᠭᠳᠠᠢ᠃ ᠬᠦᠮᠦᠨ ᠢ ᠬᠦᠮᠦᠵᠢᠭᠦᠯᠬᠦ ᠥᠢᠯᠡᠰ ᠶᠡᠷᠦ ᠨᠢ ᠲᠣᠭᠳᠠᠭᠰᠠᠨ ᠬᠡᠪ ᠵᠠᠭᠪᠣᠷ᠂ ᠬᠤᠪᠢᠷᠠᠰᠢ ᠦᠭᠡᠢ ᠵᠣᠷ ᠭᠡᠵᠦ ᠪᠠᠶᠢᠬᠤ ᠦᠭᠡᠢ᠃ ᠲᠠᠭᠠᠭᠠᠴᠠ ᠲᠡᠰᠪᠣᠷᠢ᠂ ᠬᠠᠳᠠᠭᠤ ᠵᠥᠭᠡᠯᠡᠨ᠂ ᠣᠶᠠᠨ ᠬᠠᠳᠠᠨ ᠢᠶᠠᠷ ᠬᠦᠮᠦᠵᠢᠭᠦᠯᠬᠦ ᠵᠠᠷᠴᠢᠮ ᠢ ᠪᠠᠷᠢᠮᠳᠠᠯᠠᠵᠦ ᠬᠡᠦᠬᠡᠳ ᠤᠨ ᠪᠣᠳᠠᠲᠠᠢ ᠪᠠᠶᠢᠳᠠᠯ ᠳᠤ ᠵᠣᠬᠢᠴᠠᠭᠰᠠᠨ᠂ ᠰᠣᠷᠭᠠᠨ ᠬᠦᠮᠦᠵᠢᠯ ᠤᠨ ᠴᠢᠭᠯᠡᠯᠳᠡ ᠵᠣᠷᠢᠯᠭ᠎ᠠ ᠳᠤ ᠲᠣᠬᠢᠷᠠᠭᠰᠠᠨ ᠠᠷᠭ᠎ᠠ ᠪᠠᠷᠢᠯ ᠢ ᠰᠥᠪᠡᠭᠴᠢᠯᠡᠨ᠎ᠡ᠃ ᠬᠡᠳᠦ ᠴᠢᠩᠭᠠᠯᠠᠭᠰᠠᠨ ᠬᠥᠪᠴᠢ ᠠᠮᠠᠷᠬᠠᠨ ᠲᠠᠰᠣᠷᠠᠨ᠎ᠠ᠃ ᠡᠶᠢᠮᠦ ᠠᠴᠠ ᠭᠡᠤᠭᠡᠳ ᠢ ᠭᠦᠮᠦᠵᠢᠭᠦᠯᠭᠦ ᠡᠷᠴᠢᠮ ᠭᠦᠴᠦ ᠶᠢ ᠲᠤᠬᠢᠳᠠᠢ ᠪᠠᠶᠢᠯᠭᠠᠬᠤ ᠭᠡᠷᠡᠭᠳᠠᠢ᠃ ᠲᠤᠬᠠᠢᠢᠯᠠᠪᠠᠯ᠂ ᠬᠡᠦᠬᠡᠳ ᠲᠤ ᠥᠪᠡᠷ ᠲᠤ ᠪᠠᠨ ᠲᠣᠬᠢᠷᠠᠭᠤᠯᠬᠤ ᠴᠢᠯᠦᠭᠡᠲᠠᠢ ᠤᠷᠴᠢᠨ ᠲᠤᠭᠤᠷᠢᠨ ᠪᠠ ᠴᠠᠭ ᠮᠥᠴᠡ ᠶᠢ ᠬᠠᠩᠭᠠᠬᠤ ᠴᠢᠬᠤᠯᠠᠲᠠᠢ᠃ ᠬᠡᠦᠬᠡᠳ ᠢ ᠬᠦᠮᠦᠵᠢᠭᠦᠯᠬᠦ ᠳᠤ ᠠᠷᠭ᠎ᠠ ᠣᠬᠠᠭᠠᠨ ᠣᠷ᠎ᠠ ᠲᠡᠮ ᠶᠡᠭᠡ ᠱᠠᠭᠠᠷᠳᠠᠭᠳᠠᠨ᠎ᠠ᠃ ︽ᠠᠮᠢ ᠮᠢᠩᠭᠠᠨ ᠯᠠᠩ ᠠᠷᠭ᠎ᠠ ᠲᠥᠮᠡᠨ ᠯᠠᠩ︾ ᠭᠡᠭᠦ ᠬᠠᠭᠤᠴᠢ ᠦᠭᠡ ᠪᠤᠯ ᠮᠠᠨ ᠤ ᠠᠷᠠᠳ ᠲᠦᠮᠡᠨ ᠤ ᠦᠢᠯᠠᠳᠤᠯᠭᠡ ᠶᠢᠨ ᠳ᠋ᠦᠡᠭᠨᠡᠯᠳᠠ ᠪᠤᠯᠬᠤ ᠶᠤᠮ᠂ ᠡᠭᠦᠨ ᠠᠴᠠ ᠭᠡᠤᠭᠡᠳ ᠢ ᠭᠦᠮᠦᠵᠢᠭᠦᠯᠭᠦ ᠳᠤ ᠠᠷᠭ᠎ᠠ ᠤᠬᠠᠭᠠᠨ ᠭᠡᠷᠡᠭᠳᠠᠢ ᠭᠡᠳᠡᠭ ᠢ ᠮᠠᠳᠠᠵᠤ ᠪᠤᠯᠤᠨ᠎ᠠ᠃ ᠬᠤᠨᠠᠨ ᠤ ᠨᠢᠭᠡ ᠰᠣᠷᠭᠠᠭᠤᠯᠢ ᠳᠤ × × ᠭᠡᠳᠡᠭ ᠨᠠᠷ᠎ᠠ ᠲᠠᠢ ᠰᠤᠷᠤᠭᠴᠢ ᠴᠣᠬᠢᠭᠳᠠᠵᠦ ᠦᠬᠦᠭᠰᠡᠨ ᠣᠴᠢᠷ ᠢ ᠮᠠᠳᠡᠭᠡᠯᠡᠵᠦ ᠪᠢᠯᠡ᠃ ᠬᠡᠨ ᠴᠦ ᠬᠡᠦᠬᠡᠳ ᠢᠶᠠᠨ ᠬᠠᠶᠢᠷᠠᠯᠠᠨ᠎ᠠ᠃ ᠭᠡᠭᠦ ᠳᠤ ᠨᠡᠶᠢᠭᠡᠮ ᠬᠡᠦᠬᠡᠳ ᠢ ᠴᠢᠨᠢ ᠥᠭᠡᠳᠡ ᠨᠢ ᠲᠠᠳᠠᠬᠤ ᠴᠦ ᠮᠠᠭᠠᠳ ᠦᠭᠡᠢ᠂ ᠤᠷᠣᠭᠤ ᠨᠢ ᠲᠥᠯᠬᠢᠴᠢᠭᠡᠭᠦ ᠴᠦ ᠮᠠᠭᠠᠳ ᠦᠭᠡᠢ᠃ ᠢᠡᠭᠬᠢᠭᠦᠯᠡᠷ ᠬᠠᠰᠢ ᠯᠠ ᠬᠠᠶᠢᠷ᠎ᠠ ᠪᠠᠨ ᠲᠣᠳᠣᠷ᠎ᠠ ᠪᠠᠨ ᠬᠠᠯᠠ ᠪᠠᠨ ᠭᠠᠳᠠᠨ᠎ᠠ ᠪᠠᠨ ᠪᠠᠶᠢᠯᠭᠠᠵᠦ ᠪᠠᠶᠢᠭᠠᠳ ᠬᠠᠳᠠᠭᠤ ᠪᠠᠷ ᠲᠠᠪᠳᠠᠵᠦ ᠪᠣᠯᠪᠠᠰᠣᠷᠠᠭᠤᠯᠬᠤ ᠨᠢ ᠬᠡᠦᠬᠡᠳ ᠤᠨ ᠦᠰᠦᠨ ᠪᠤᠶᠢᠵᠢᠯᠳᠠ ᠳᠤ ᠠᠴᠢ ᠲᠣᠰᠠ ᠦᠯᠠᠮᠵᠢ ᠶᠤᠮ᠃ ᠴᠠᠭ ᠤᠨ ᠠᠨᠢᠷ ᠴᠢᠮᠡᠭᠡ ᠶᠢ ᠴᠢᠩᠨᠠᠵᠦ ᠨᠡᠶᠢᠭᠡᠮ ᠤᠨ ᠬᠥᠭᠵᠢᠯᠳᠡ ᠶᠢ ᠪᠣᠷᠪᠢᠳᠠᠨ ᠲᠠᠭᠠᠨ᠎ᠠ ᠭᠡᠵᠦ ᠠᠮᠠᠷᠬᠠᠨ ᠪᠢᠰᠢ᠃ ᠨᠡᠶᠢᠭᠡᠮ ᠬᠥᠭᠵᠢᠬᠦ ᠲᠣᠳᠣᠮ ᠬᠦᠮᠦᠨ ᠳᠤ ᠲᠠᠯᠪᠢᠬᠤ ᠱᠠᠭᠠᠷᠳᠠᠯᠭ᠎ᠠ ᠥᠨᠳᠦᠷ ᠪᠤᠯᠵᠦ᠂ ᠥᠷᠢᠰᠦᠯᠳᠦᠭᠡᠨ ᠴᠤ ᠰᠢᠷᠦᠭᠦᠨ ᠪᠣᠯᠣᠨ᠎ᠠ᠃ ᠰᠢᠨ᠎ᠠ ᠴᠠᠭ ᠦᠶ᠎ᠠ ᠶᠢᠨ ᠪᠠᠶᠢᠳᠠᠯ ᠳᠤ ᠵᠣᠬᠢᠴᠠᠭᠤᠯᠵᠦ ᠬᠡᠦᠬᠡᠳ ᠢ ᠬᠦᠮᠦᠵᠢᠭᠦᠯᠬᠦ ᠪᠣᠯ ᠭᠡᠷ ᠤᠨ ᠠᠬᠠᠮᠠᠳ ᠤᠨ ᠤᠶᠣᠨ ᠢᠶᠠᠨ ᠰᠢᠪᠬᠠᠵᠦ ᠬᠦᠴᠦ ᠬᠥᠯᠥᠰᠦ ᠪᠠᠨ ᠭᠠᠷᠭᠠᠵᠦ ᠬᠥᠳᠡᠯᠮᠥᠷᠢ ᠪᠠᠨ ᠵᠠᠷᠤᠴᠠᠭᠤᠯᠬᠤ ᠨᠠᠷᠢᠯᠢᠬ ᠠᠵᠢᠯ ᠪᠣᠯᠣᠨ᠎ᠠ᠃ ᠬᠡᠦᠬᠡᠳ ᠤᠨ ᠲᠠᠪᠤ ᠶᠢ ᠴᠢᠯᠣᠭᠡᠯᠡᠬᠦ ᠶᠢᠨ ᠰᠠᠶᠢᠨ ᠲᠠᠯ᠎ᠠ ᠠᠴᠠ ᠭᠠᠷᠳᠠᠵᠤ ᠪᠤᠳᠠᠳᠠᠢ ᠵᠠᠳᠠᠯᠤᠶ᠎ᠠ᠃      1. ᠭᠡᠯᠡ ᠶᠢ ᠨᠢ ᠴᠢᠯᠣᠭᠡᠯᠡᠬᠦ᠄ ᠬᠡᠦᠬᠡᠳ ᠢ ᠴᠢᠯᠦᠭᠡᠳᠠᠢ ᠶᠠᠷᠢᠭᠤᠯᠬᠤ ᠨᠢ ᠢᠯᠡᠳᠬᠡᠭᠦ ᠴᠢᠳᠠᠪᠣᠷᠢ ᠪᠠᠨ ᠲᠡᠭᠡᠭᠰᠢᠯᠡᠭᠦᠯᠬᠦ᠂ ᠰᠠᠨᠠᠭ᠎ᠠ ᠵᠣᠷᠢᠯᠭ᠎ᠠ ᠪᠠᠨ ᠲᠤᠳᠤ ᠢᠯᠡᠳᠬᠡᠬᠦ᠂ ᠪᠣᠰᠣᠳ ᠲᠠᠢ ᠬᠠᠷᠢᠯᠴᠠᠵᠦ ᠥᠢᠯᠠᠭᠠᠯᠴᠠᠬᠤ ᠵᠡᠷᠭᠡ ᠲᠠᠯ᠎ᠠ ᠪᠠᠷ ᠰᠠᠶᠢᠨ ᠪᠠᠶᠢᠳᠠᠬ᠃      2. ᠴᠢᠬᠢ ᠶᠢ ᠨᠢ ᠴᠢᠯᠤᠭᠡᠯᠡᠬᠦ᠄ ᠮᠡᠳᠡᠯᠭᠡ ᠨᠢ ᠰᠣᠨᠣᠰᠬᠤ ᠪᠠᠷ ᠲᠠᠮᠵᠢᠵᠦ ᠲᠠᠷᠢᠬᠢᠨ ᠳᠤ ᠬᠤᠷᠠᠮᠳᠣᠭᠳᠠᠨ᠎ᠠ᠃ ᠬᠡᠳᠦᠢ ᠠᠷᠪᠢᠨ ᠶᠠᠭᠤᠮ᠎ᠠ ᠰᠣᠨᠣᠰᠴᠦ ᠪᠠᠶᠢᠪᠠᠯ ᠬᠦᠮᠦᠨ ᠤ ᠲᠠᠷᠢᠬᠢᠨ ᠳᠤ ᠬᠡᠳᠦᠢ ᠠᠷᠪᠢᠨ ᠶᠠᠭᠤᠮ᠎ᠠ ᠤᠷᠤᠵᠤ ᠢᠷᠠᠨ᠎ᠠ᠃ ᠣᠯᠠᠨ ᠶᠠᠭᠤᠮ᠎ᠠ ᠰᠣᠨᠣᠰᠬᠤ ᠨᠢ ᠬᠡᠦᠬᠡᠳ ᠤᠨ ᠰᠣᠨᠢᠭᠤᠴᠢ ᠵᠠᠩ ᠠᠷᠠᠨᠰᠢᠨ ᠳᠤ ᠶᠠᠪ ᠴᠠᠪ ᠨᠡᠶᠢᠴᠡᠨ᠎ᠡ᠃ ᠬᠡᠦᠬᠡᠳ ᠨᠡᠶᠢᠭᠡᠮ ᠪᠠ ᠪᠠᠶᠢᠭᠠᠯᠢ ᠶᠢᠨ ᠲᠡᠷᠡ ᠤᠯᠠᠨ ᠬᠡᠷᠡᠭ ᠤᠴᠢᠷ ᠢ ᠰᠣᠨᠣᠰᠴᠦ ᠪᠠᠶᠢᠮᠠᠨᠵᠢᠨ ᠮᠡᠳᠡᠯᠭᠡ ᠨᠢ ᠪᠠᠭ᠎ᠠ ᠪᠠᠭ᠎ᠠ ᠪᠠᠷ ᠠᠯᠭᠤᠷ ᠠᠭᠠᠵᠢᠮ ᠢᠶᠠᠷ ᠬᠤᠷᠠᠮᠳᠣᠨ᠂ ᠨᠠᠶᠢᠭᠡᠮ ᠪᠠ ᠪᠠᠶᠢᠭᠠᠯᠢ ᠶᠢᠨ ᠲᠤᠬᠠᠢ ᠰᠠᠷᠠᠯ ᠤᠨ ᠲᠠᠨᠢᠯᠳᠠ ᠨᠢ ᠪᠦᠷᠢᠯᠳᠤᠨ᠎ᠠ᠃      3. ᠨᠢᠳᠦ ᠶᠢ ᠨᠢ ᠴᠢᠯᠣᠭᠡᠯᠡᠬᠦ᠄ ᠰᠤᠨᠤᠰᠬᠤ ᠠᠴᠠ ᠭᠠᠳᠠᠨ᠎ᠠ ᠪᠠᠰᠠ ᠦᠵᠡᠭᠦ ᠭᠡᠷᠡᠭᠳᠠᠢ᠃ ᠦᠵᠠᠭᠦ ᠨᠢ ᠲᠤᠷᠰᠢᠯᠭ᠎ᠠ ᠬᠤᠷᠠᠮᠳᠤᠭᠤᠯᠤᠨ᠎ᠠ᠃ ︽ᠡᠷᠳᠡ ᠪᠣᠰᠪᠠᠯ ᠨᠢᠭᠡ ᠶᠢ ᠥᠵᠡᠵᠦ ᠣᠷᠣᠢ ᠣᠨᠳᠠᠪᠠᠯ ᠨᠢᠭᠡ ᠶᠢ ᠰᠣᠨᠣᠰᠣᠨ᠎ᠠ︾ ᠭᠡᠳᠡᠭ ᠪᠢᠰᠢᠤ᠃      4. ᠬᠥᠯ ᠢ ᠨᠢ ᠴᠢᠯᠣᠭᠡᠯᠡᠬᠦ᠄ ᠬᠡᠦᠬᠡᠳ ᠪᠡᠶ᠎ᠡ ᠪᠠᠨ ᠲᠠᠭᠠᠭᠠᠵᠦ ᠬᠠᠷᠠᠭᠠᠨ ᠰᠡᠷᠡᠯ᠂ ᠰᠤᠨᠤᠰᠬᠤ ᠰᠠᠷᠠᠯ ᠢᠶᠠᠨ ᠲᠥᠰᠢᠵᠦ᠂ ᠪᠡᠶ᠎ᠡ ᠪᠠᠷ ᠢᠶᠠᠨ ᠪᠠᠶᠢᠭᠠᠯᠢ ᠪᠠ ᠨᠡᠶᠢᠭᠡᠮ ᠲᠠᠢ ᠥᠢᠷᠠᠳᠴᠤ ᠮᠠᠳᠠᠯᠭᠡ ᠲᠤᠷᠰᠢᠯᠭ᠎ᠠ ᠪᠠᠨ ᠨᠡᠮᠡᠭᠳᠠᠭᠦᠯᠭᠦ ᠭᠡᠷᠡᠭᠳᠠᠢ᠃ ᠬᠠᠷᠢᠨ ᠲᠠᠳᠠᠨ ᠢ ᠰᠢᠩᠭᠡᠯᠢᠭ ᠲᠤ ᠬᠤᠷᠢᠭᠰᠠᠨ ᠰᠢᠪᠠᠭᠤ ᠰᠢᠬ ᠡᠷᠬᠡ ᠴᠢᠯᠣᠭᠡ ᠶᠢ ᠨᠢ ᠬᠠᠰᠤᠵᠤ ᠪᠣᠯᠬᠤ ᠦᠭᠡᠢ᠃ ᠨᠡᠩ ᠴᠦ ᠬᠥᠯᠡᠮᠵᠢᠨ ᠳᠤ ᠪᠤᠶᠢᠵᠢᠭᠤᠯᠵᠦ ᠪᠣᠯᠬᠤ ᠦᠭᠡᠢ᠃      5. ᠭᠠᠷ ᠢ ᠨᠢ ᠴᠢᠯᠥᠭᠡᠯᠡᠬᠦ᠄ ᠭᠠᠷ ᠬᠥᠳᠡᠯᠬᠦ ᠨᠢ ᠤᠶᠣᠨ ᠤ ᠲᠠᠨᠢᠯᠳᠠ ᠶᠢ ᠪᠠᠳᠣᠳᠬᠠᠨ᠎ᠠ᠃ ᠥᠢᠯᠡᠳᠦᠯᠭᠡ ᠪᠣᠯ ᠬᠠᠮᠤᠭ ᠤᠨ ᠰᠠᠶᠢᠨ ᠬᠢᠴᠢᠶᠡᠯ᠃ ᠲᠡᠷᠡ ᠨᠢ ᠬᠠᠷᠠᠭᠠᠨ ᠰᠡᠷᠡᠯ᠂ ᠭᠠᠷ ᠤᠨ ᠮᠡᠳᠡᠷᠡᠮᠵᠢ ᠶᠢ ᠭᠦᠭᠵᠢᠭᠦᠯᠭᠦ ᠪᠣᠳᠠᠲᠠᠢ ᠬᠢᠴᠢᠶᠡᠯ ᠪᠣᠯᠣᠨ᠎ᠠ᠃      ᠲᠠᠭᠡᠷ᠎ᠠ ᠬᠡᠦᠬᠡᠳ ᠤᠨ ᠲᠠᠪᠤᠨ ᠡᠷᠬᠡᠳᠡᠨ ᠳᠤ ᠪᠦᠷᠢᠨ ᠡᠷᠬᠡ ᠴᠢᠯᠣᠭᠡ ᠣᠯᠭᠤᠬᠤ ᠶᠢᠨ ᠴᠢᠬᠤᠯᠠ ᠴᠢᠨᠠᠷ ᠢ ᠦᠭᠦᠯᠡᠭᠰᠡᠨ ᠪᠠᠶᠢᠨ᠎ᠠ᠃ ᠬᠡᠦᠬᠡᠳ ᠢ ᠭᠦᠮᠦᠵᠢᠭᠦᠯᠭᠦ ᠳᠤ ᠴᠣᠷ ᠤᠨ ᠭᠠᠭᠴᠠ ᠰᠣᠷᠣᠯᠭ᠎ᠠ ᠪᠠᠷ ᠪᠢᠰᠢ᠂ ᠬᠠᠷᠢᠨ ᠪᠥᠬᠦ ᠲᠠᠯ᠎ᠠ ᠪᠠᠷ ᠲᠠᠪᠳᠠᠨ ᠪᠤᠯᠪᠠᠰᠤᠷᠠᠭᠤᠯᠬᠤ ᠴᠢᠬᠤᠯᠠ ᠲᠠᠢ᠃ ᠠᠮᠧᠷᠢᠺᠠ ᠳᠤ ᠪᠠᠭ᠎ᠠ ᠰᠣᠷᠭᠠᠭᠤᠯᠢ ᠳᠤ ᠰᠣᠷᠣᠭᠴᠢ ᠡᠯᠰᠠᠭᠦ ᠳᠤ ᠵᠢᠵᠢᠭ ᠪᠠᠷᠠᠭ᠎ᠠ ᠬᠤᠳᠠᠯᠳᠣᠭᠤᠯᠳᠠᠬ ᠭᠡᠨ᠎ᠠ᠃ ᠭᠡᠤᠭᠡᠳ ᠤᠳ ᠣᠯᠠᠨ ᠬᠦᠮᠦᠨ ᠲᠠᠢ ᠬᠠᠷᠢᠴᠠᠨ᠎ᠠ᠂ ᠰᠠᠨᠠᠭ᠎ᠠ ᠵᠣᠷᠢᠯᠭ᠎ᠠ ᠪᠠᠨ ᠵᠦᠪ ᠢᠯᠡᠳᠬᠡᠨ᠎ᠡ᠂ ᠪᠠᠷᠠᠭ᠎ᠠ ᠪᠣᠷᠣᠯᠠᠭᠤᠯᠬᠤ ᠶᠠᠪᠣᠴᠠ ᠶᠢ ᠪᠡᠶᠡᠳᠡᠨ ᠥᠩᠭᠡᠷᠡᠭᠦᠯᠦᠨ᠎ᠡ᠃ ᠡᠨᠡ ᠪᠤᠯ ᠨᠠᠶᠢᠭᠡᠮᠴᠢᠯᠡᠭᠦ ᠶᠢᠨ ᠠᠩᠬᠠᠨ ᠤ ᠠᠯᠬᠤᠮ ᠢ ᠶᠠᠪᠤᠵᠤ ᠪᠠᠶᠢᠭ᠎ᠠ ᠤᠴᠢᠷ ᠲᠠᠢ ᠶᠤᠮ᠃      ᠭᠡᠷ ᠤᠨ ᠠᠬᠠᠮᠠᠳ ᠤᠨ ᠠᠩᠬᠠᠷᠬᠤ ᠵᠥᠢᠯ ᠲᠤᠩ ᠣᠯᠠᠨ ᠪᠠᠶᠢᠨ᠎ᠠ᠃ ᠠᠮᠢᠳᠣᠷᠠᠯ ᠠᠵᠢᠯ ᠥᠢᠯᠡᠰ ᠲᠤ ᠪᠠᠨ ᠢᠳᠡᠪᠬᠢᠲᠠᠢ᠂ ᠢᠳᠡᠭᠡᠯ ᠲᠠᠢ ᠪᠠᠶᠢᠬᠤ ᠭᠡᠷ ᠪᠥᠯᠢ ᠶᠢᠨ ᠠᠭᠤᠷ ᠠᠮᠢᠰᠬᠤᠯ ᠨᠢ ᠬᠡᠦᠬᠡᠳ ᠤᠨ ᠪᠡᠶ᠎ᠡ ᠳᠤ ᠪᠠᠨ ᠢᠳᠡᠬᠡᠯ ᠲᠠᠢ ᠪᠣᠯᠵᠦ ᠬᠦᠮᠦᠵᠢᠬᠦ ᠳᠤ ᠰᠠᠭᠤᠷᠢ ᠪᠣᠯᠣᠨ᠎ᠠ᠃ ᠬᠡᠦᠬᠡᠳ ᠲᠤ ᠤᠶᠣᠨ ᠰᠠᠨᠠᠭᠠᠨ ᠤ ᠰᠢᠮ᠎ᠡ ᠲᠡᠵᠢᠭᠡᠯ ᠬᠡᠵᠢᠶ᠎ᠡ ᠴᠦ ᠲᠣᠳᠠᠵᠦ ᠪᠣᠯᠬᠤ ᠦᠭᠡᠢ᠃ ᠠᠶᠢᠯ ᠭᠡᠷ ᠲᠤ ᠪᠣᠯᠣᠭᠰᠠᠨ ᠠᠯᠢᠪᠠ ᠪᠠᠶᠠᠷ ᠬᠥᠷ᠂ ᠵᠣᠪᠠᠭᠤᠷᠢ ᠵᠥᠳᠡᠭᠦᠷᠢ ᠶᠢ ᠬᠡᠦᠬᠡᠳ ᠲᠠᠢ ᠬᠤᠪᠢᠶᠠᠯᠴᠠᠨ᠎ᠠ᠃ ᠡᠨᠡ ᠨᠢ ᠬᠡᠦᠬᠡᠳ ᠤᠨ ᠬᠦᠴᠢᠷ ᠪᠡᠷᠬᠡ᠂ ᠵᠣᠪᠠᠭᠤᠷᠢ ᠵᠥᠳᠡᠭᠦᠷᠢ ᠶᠢ ᠲᠠᠰᠪᠤᠷᠢᠯᠠᠵᠤ ᠲᠠᠪᠠᠭ᠋ᠤ ᠴᠢᠳᠠᠪᠣᠷᠢ ᠪᠠ ᠤᠶᠣᠨ ᠰᠠᠨᠠᠭᠠᠨ ᠤ ᠲᠠᠭᠠᠭᠠᠴᠠ ᠲᠡᠰᠪᠦᠷᠢ ᠶᠢ ᠬᠦᠮᠦᠵᠢᠭᠦᠯᠬᠦ ᠶᠤᠮ᠃ ᠮᠥᠨ ᠴᠦ ᠨᠣᠭᠤᠷᠡᠯ ᠪᠦᠳᠦᠷᠢᠯ ᠬᠢᠭᠡᠳ ᠢᠯᠠᠭᠳᠠᠯ ᠤᠨ ᠴᠣᠬᠢᠯᠳᠠ ᠶᠢ ᠲᠠᠭᠠᠭᠠᠵᠦ ᠭᠠᠷᠬᠤ ᠵᠠᠩ ᠠᠷᠠᠠᠰᠢᠨ ᠤ ᠰᠠᠭᠤᠷᠢ ᠪᠤᠯᠤᠨ᠎ᠠ᠃ ᠰᠢᠳᠠᠷ᠎ᠠ ᠳᠤ ︽ᠪᠤᠳᠠ ᠠᠯᠳᠠᠬᠤ ᠭᠠᠶᠢᠭᠤᠢ ᠪᠣᠳᠤᠯᠭ᠎ᠠ ᠠᠯᠳᠠᠬᠤ ᠬᠡᠴᠡᠭᠦᠦ︾ ᠭᠡᠳᠡᠭ ᠶᠤᠮ᠃ ᠭᠡᠷ ᠤᠨ ᠠᠬᠠᠮᠠᠳ ᠴᠠᠭ ᠥᠷᠭᠦᠯᠵᠢ ᠥᠪᠡᠷ ᠤᠨ ᠮᠡᠳᠡᠯᠭᠡ ᠪᠣᠯᠪᠠᠰᠣᠷᠡᠯ ᠢᠶᠠᠨ ᠲᠡᠭᠡᠭᠰᠢᠯᠡᠭᠦᠯᠵᠤ᠂ ᠪᠤᠳᠤᠯᠭ᠎ᠠ ᠠᠯᠳᠠᠵᠤ ᠪᠤᠯᠬᠤ ᠦᠭᠡᠢ᠃ ᠲᠠᠬᠢᠪᠠᠯ ᠬᠡᠦᠬᠡᠳ ᠤᠨ ᠲᠣᠷ᠎ᠠ ᠪᠠᠬ᠎ᠠ ᠶᠢ ᠬᠦᠨᠳᠦᠳᠬᠡᠵᠦ᠂ ᠢᠯᠡᠷᠡᠭᠦᠯᠵᠦ᠂ ᠨᠤᠳᠠᠯᠠᠵᠦ ᠵᠣᠷᠢᠬᠵᠢᠭᠤᠯᠣᠨ᠎ᠠ᠃ ᠰᠣᠳᠣᠯᠣᠭᠴᠢ ᠠᠴᠠ ᠬᠦᠮᠦᠨ ᠤ ᠲᠣᠷ᠎ᠠ ᠪᠠᠬ᠎ᠠ ᠶᠢ ᠲᠤᠰᠬᠠᠢ ᠮᠡᠷᠭᠡᠵᠢᠯ ᠤᠨ ᠬᠢᠷᠢ ᠲᠥᠪᠰᠢᠨ ᠠᠴᠠ ᠥᠨᠳᠦᠷ ᠥᠨᠡᠯᠡᠵᠦ ᠪᠠᠶᠢᠨ᠎ᠠ᠃ ᠥᠪᠡᠷ ᠤᠨ ᠲᠣᠷ᠎ᠠ ᠪᠠᠬ᠎ᠠ ᠲᠠᠢ ᠵᠥᠢᠯ ᠳᠤ ᠪᠠᠨ ᠰᠢᠬᠢᠳᠴᠦ ᠥᠢᠯᠡᠰ ᠪᠥᠳᠦᠭᠡᠵᠦ ᠤᠯᠤᠰ ᠲᠥᠮᠡᠨ ᠤ ᠪᠠᠨ ᠲᠤᠮᠳᠠ ᠨᠡᠷ᠎ᠡ ᠮᠠᠨᠳᠦᠵᠦ᠂ ᠬᠥᠨᠳᠦᠳᠬᠡᠯ ᠪᠠᠭ᠋ᠠᠷᠣᠯ ᠢ ᠤᠯᠤᠭᠰᠠᠨ ᠬᠦᠮᠦᠨ ᠲᠣᠳᠦᠭᠠᠳᠦ ᠭᠠᠳᠠᠭᠠᠳᠦ ᠳᠤ ᠤᠯᠠᠨ ᠭᠠᠷᠣᠭᠰᠠᠨ ᠢ ᠪᠦᠭᠦᠳᠡᠭᠡᠷ ᠰᠠᠶᠢᠨ ᠮᠠᠳᠠᠨ᠎ᠠ᠃ ᠤᠳᠤ ᠬᠡᠦᠬᠡᠳ ᠲᠤ ᠤᠯᠠᠨ ᠵᠥᠢᠯ ᠢ ᠰᠣᠷᠭᠠᠨ᠎ᠠ ᠭᠡᠵᠦ ᠵᠣᠪᠠᠭᠠᠵᠦ ᠪᠠᠶᠢᠨ᠎ᠠ᠃ ᠵᠠᠷᠢᠮ ᠲᠣᠰᠬᠠᠢ ᠮᠡᠷᠭᠡᠵᠢᠯ ᠨᠢ ᠲᠣᠷ᠎ᠠ ᠪᠠᠬ᠎ᠠ ᠬᠢᠭᠡᠳ ᠠᠪᠢᠶᠠᠰ ᠪᠢᠯᠢᠭ ᠢᠶᠠᠷ ᠨᠥᠬᠦᠴᠡᠯ ᠪᠣᠯᠭᠠᠨ᠎ᠠ᠃ ᠭᠡᠤᠭᠡᠳ ᠲᠤ ᠶᠠᠭᠤ ᠰᠣᠷᠭᠠᠨ᠎ᠠ ᠭᠡᠪᠡᠯ ᠲᠠᠳᠠ ᠴᠢᠨᠢ ᠰᠣᠷᠣᠭᠠᠳ ᠦᠭᠴᠢᠭᠡᠭᠦ ᠪᠢᠰᠢ ᠰᠢᠤ᠃ ᠪᠠᠰᠠ ᠭᠡᠷ ᠤᠨ ᠠᠬᠠᠮᠠᠳᠴᠤᠳ ᠪᠥᠬᠦ ᠤᠴᠢᠷ ᠢ ᠪᠠᠭᠰᠢ ᠪᠠ ᠰᠣᠷᠭᠠᠭᠤᠯᠢ ᠳᠤ ᠨᠠᠶᠢᠳᠠᠵᠦ᠂ ᠬᠡᠦᠬᠡᠳ ᠤᠨ ᠪᠡᠶ᠎ᠡ ᠰᠡᠳᠬᠢᠴᠡ ᠶᠢᠨ ᠡᠷᠡᠭᠦᠯ ᠴᠢᠬᠢᠷᠠᠭ ᠢ ᠠᠩᠬᠠᠷᠬᠤ ᠦᠭᠡᠢ᠂ ᠬᠠᠯᠠᠮᠵᠢᠯᠠᠬᠤ ᠦᠭᠡᠢ ᠪᠠᠷ ᠬᠡᠦᠬᠡᠳ ᠤᠨ ᠴᠣᠬᠤᠮ ᠴᠢᠬᠤᠯᠠ ᠲᠠᠢ ᠴᠠᠭ ᠲᠤ ᠨᠢ ᠵᠣᠬᠢᠰᠳᠠᠢ ᠵᠢᠯᠣᠭᠤᠳᠣᠯᠭ᠎ᠠ ᠬᠢᠬᠦ ᠦᠭᠡᠢ᠂ ᠬᠡᠦᠬᠡᠳ ᠤᠨ ᠰᠠᠨᠠᠯ ᠪᠣᠳᠣᠯ ᠢ ᠥᠢᠯᠠᠭᠠᠬᠤ ᠦᠭᠡᠢ᠂ ᠰᠠᠶᠢᠳᠤᠷ ᠨᠡᠪᠳᠡᠷᠡᠯᠴᠡᠬᠦ ᠦᠭᠡᠢ᠂ ᠬᠡᠦᠬᠡᠳ ᠤᠨ ᠲᠠᠯ᠎ᠠ ᠠᠴᠠ ᠠᠰᠠᠭᠤᠳᠠᠯ ᠢ ᠪᠣᠳᠣᠯᠬᠢᠯᠠᠬᠤ ᠦᠭᠡᠢ ᠪᠠᠷ ᠰᠢᠢᠳᠪᠦᠷᠢ ᠭᠠᠷᠭᠠᠳᠠᠭ ᠪᠠᠶᠢᠳᠠᠯ ᠪᠠᠶᠢᠩᠭᠤ ᠣᠷᠣᠰᠢᠵᠦ ᠮᠠᠭᠤ ᠥᠷ᠎ᠡ ᠳ᠋ᠦᠩ ᠠᠪᠴᠢᠷᠠᠬᠤ ᠪᠣᠶᠣ ᠭᠡᠤᠭᠡᠳ ᠲᠤ ᠨᠠᠰᠣᠨ ᠤ ᠬᠠᠷᠠᠮᠰᠠᠯ ᠥᠯᠡᠳᠡᠭᠡᠳᠡᠭ ᠤᠴᠢᠷ ᠣᠯᠠᠨ ᠭᠠᠷᠴᠦ ᠪᠠᠶᠢᠨ᠎ᠠ᠃      ᠬᠡᠦᠬᠡᠳ ᠤᠨ ᠬᠦᠮᠦᠵᠢᠯ ᠨᠢ ᠬᠦᠮᠦᠨ ᠪᠣᠯᠬᠤ ᠶᠢᠨ ᠤᠭ ᠶᠣᠰᠣ ᠶᠢ ᠡᠵᠡᠮᠰᠢᠭᠦᠯᠬᠦ ᠠᠴᠠ ᠡᠬᠢᠯᠡᠵᠦ ᠨᠡᠶᠢᠭᠡᠮ ᠲᠡᠭᠡᠷ᠎ᠡ ᠭᠠᠷᠬᠤ᠂ ᠢᠷᠡᠭᠡᠳᠦᠢ ᠳᠤ ᠬᠠᠨᠳᠣᠬᠤ ᠬᠥᠭᠵᠢᠯᠳᠡ ᠳᠤ ᠵᠣᠬᠢᠴᠠᠬᠤ ᠭᠡᠭᠦ ᠮᠠᠳᠤᠴᠢᠯᠠᠨ ᠤᠯᠠᠨ ᠲᠠᠯ᠎ᠠ ᠳᠤ ᠰᠠᠭᠤᠷᠢ ᠲᠠᠯᠪᠢᠵᠤ ᠪᠠᠶᠢᠭ᠎ᠠ ᠶᠠᠪᠤᠳᠠᠯ ᠮᠦᠨ᠃ ᠬᠡᠦᠬᠡᠳ ᠤᠨ ᠬᠥᠭᠵᠢᠯᠳᠡ ᠶᠢᠨ ᠵᠠᠩᠭᠢᠯᠠᠭ᠎ᠠ ᠨᠢ ᠪᠦᠬᠦ ᠲᠠᠯ᠎ᠠ ᠪᠠᠷ ᠬᠦᠮᠦᠵᠢᠭᠳᠡᠵᠤ ᠴᠢᠳᠠᠭᠰᠠᠨ ᠡᠰᠡᠬᠦ ᠳᠤ ᠪᠤᠢ᠃ ᠬᠦᠯ ᠠᠯᠳᠠᠭᠰᠠᠨ ᠬᠡᠦᠬᠡᠳ ᠤᠨ ᠣᠯᠠᠩᠬᠢ ᠨᠢ ᠤᠶᠣᠨ ᠰᠠᠨᠠᠭᠠᠨ ᠲᠡᠭᠡᠷ᠎ᠡ ᠪᠠᠨ ᠰᠢᠷᠬ᠎ᠠ ᠰᠣᠷᠪᠢ ᠲᠠᠢ ᠪᠠᠶᠢᠵᠦ᠂ ᠪᠣᠳᠣᠯ ᠤᠨ ᠭᠦᠨ ᠳᠤ ᠪᠠᠨ ᠮᠠᠨᠠᠨ ᠲᠠᠢ ᠪᠠᠶᠢᠳᠠᠭ᠃ ᠬᠡᠷᠡᠭ ᠲᠠᠳᠠᠭᠰᠠᠨ ᠬᠡᠦᠬᠡᠳ ᠤᠨ ᠣᠯᠠᠩᠬᠢ ᠨᠢ ︽ᠭᠠᠭᠴᠠ ᠪᠡᠶ᠎ᠡ ᠭᠡᠷ ᠪᠥᠯᠢ︾ ᠳᠤ ᠥᠰᠣᠨ ᠪᠤᠶᠢᠵᠢᠵᠦ ᠬᠠᠶᠢᠷ᠎ᠠ ᠪᠠ ᠬᠠᠯᠠ ᠬᠤᠶᠠᠷ ᠨᠢ ᠲᠡᠩᠴᠡᠭᠦᠷᠢ ᠪᠠᠨ ᠠᠯᠳᠠᠭᠰᠠᠨ ᠪᠠᠶᠢᠳᠠᠭ᠃ ᠴᠣᠬᠤᠮ ᠶᠣᠰᠣᠨ ᠲᠡᠭᠡᠷ᠎ᠡ ᠪᠠᠨ ᠬᠡᠦᠬᠡᠳ ᠲᠤ ᠬᠠᠶᠢᠷ᠎ᠠ ᠪᠠ ᠬᠠᠯᠠ ᠬᠤᠶᠠᠷ ᠤᠨ ᠠᠯᠢ ᠨᠢ ᠴᠤ ᠲᠣᠳᠠᠵᠦ ᠪᠣᠯᠬᠤ ᠦᠭᠡᠢ᠃ ᠡᠴᠢᠭᠡ ᠡᠬᠡ ᠬᠤᠶᠠᠷ ᠤᠨ ᠠᠯᠢ ᠨᠢ ᠴᠦ ᠲᠣᠳᠠᠵᠦ ᠪᠣᠯᠬᠤ ᠦᠭᠡᠢ᠃ ᠪᠦᠷᠢᠨ ᠪᠦᠳᠤᠨ ᠭᠡᠷ ᠪᠦᠯᠢ ᠶᠢᠨ ᠬᠦᠮᠦᠵᠢᠯ ᠬᠦᠷᠳᠡᠬᠦ ᠪᠠ ᠭᠠᠭᠴᠠ ᠪᠡᠶ᠎ᠡ ᠭᠡᠷ ᠪᠦᠯᠢ ᠶᠢᠨ ᠬᠦᠮᠦᠵᠢᠯ ᠢ ᠬᠦᠷᠳᠡᠬᠦ ᠨᠢ 50% ᠪᠠᠷ ᠵᠥᠷᠢᠨ᠎ᠡ᠃ ᠭᠡᠷ ᠪᠥᠯᠢ ᠶᠢᠨ ᠣᠷᠴᠢᠨ ᠲᠤᠭᠤᠷᠢᠨ᠂ ᠠᠭᠤᠷ ᠠᠮᠢᠰᠬᠤᠯ ᠵᠡᠷᠭᠡ ᠠᠯᠢ ᠪᠣᠯᠭᠠᠨ ᠨᠢ ᠬᠡᠦᠬᠡᠳ ᠤᠨ ᠪᠣᠳᠣᠯ ᠤᠬᠠᠭᠠᠨ ᠳᠤ ᠪᠠᠶᠢᠩᠭᠤ ᠨᠡᠪᠴᠢᠨ᠎ᠡ᠃ ᠡᠶᠢᠮᠦ ᠤᠴᠢᠷ ᠠᠴᠠ ᠥᠰᠬᠦ ᠬᠡᠦᠬᠡᠳ ᠤᠨ ᠤᠭᠤᠷᠠᠭ ᠲᠠᠷᠢᠬᠢᠨ ᠳᠤ ᠰᠡᠪ ᠣᠷᠣᠭᠤᠯᠬᠤ ᠶᠢ ᠲᠠᠰᠤ ᠴᠡᠭᠡᠷᠯᠡᠬᠦ ᠬᠡᠷᠡᠭ ᠲᠠᠢ ᠶᠤᠮ᠃ ᠬᠡᠦᠬᠡᠳ ᠤᠨ ᠰᠡᠳᠬᠢᠯ ᠤᠨ ᠲᠠᠭᠤᠨ ᠢ ᠬᠡᠵᠢᠶ᠎ᠡ ᠥᠷᠭᠦᠯᠵᠢ ᠰᠣᠨᠣᠰᠴᠦ᠂ ᠰᠡᠳᠬᠢᠯ ᠤᠨ ᠬᠦᠳᠡᠯᠭᠡᠭᠡᠨ ᠢ ᠨᠢ ᠪᠠᠶᠢᠩᠭᠤ ᠣᠶᠢᠯᠠᠭᠠᠵᠦ᠂ ᠬᠡᠦᠬᠡᠳ ᠤᠨ ᠪᠠᠶᠢᠳᠠᠯ ᠳᠤ ᠵᠤᠬᠢᠴᠠᠭᠰᠠᠨ ᠤᠷ᠎ᠠ ᠲᠡᠮ ᠢ ᠰᠡᠳᠦᠵᠦ᠂ ᠰᠣᠷᠭᠠᠨ ᠭᠦᠮᠦᠵᠢᠭᠦᠯᠬᠦ ᠠᠷᠭ᠎ᠠ ᠪᠠᠷᠢᠯ ᠢ ᠠᠮᠢᠳᠣᠯᠢᠭ ᠪᠠᠶᠢᠯᠭᠠᠬᠤ ᠴᠢᠬᠤᠯᠠ ᠲᠠᠢ᠃ ᠡᠶᠢᠮᠦ ᠠᠴᠠ ᠭᠡᠷ ᠪᠥᠯᠢ ᠶᠢᠨ ᠪᠥᠳᠦᠴᠡ ᠶᠢ ᠪᠠᠬᠢᠵᠢᠭᠦᠯᠵᠦ ᠭᠡᠷ ᠪᠥᠯᠢ ᠶᠢᠨ ᠬᠠᠷᠢᠴᠠᠭ᠎ᠠ ᠶᠢ ᠰᠠᠶᠢᠵᠢᠷᠠᠭᠤᠯᠵᠦ᠂ ᠭᠡᠷ ᠪᠥᠯᠢ ᠶᠢᠨ ᠲᠤᠳᠦᠭᠠᠳᠦ ᠶᠢᠨ ᠬᠠᠮᠢᠶᠠᠷᠣᠯᠳᠠ ᠶᠢ ᠴᠢᠩᠭᠠᠳᠬᠠᠬᠤ ᠨᠢ ᠭᠠᠵᠠᠷ ᠲᠡᠭᠡᠷ᠎ᠡ ᠭᠠᠭᠴᠠ ᠬᠤᠶᠠᠷ ᠬᠡᠦᠬᠡᠳ ᠢᠶᠠᠨ ᠬᠦᠮᠦᠨ ᠤ ᠰᠥᠷᠦᠭ ᠲᠤ ᠬᠦᠮᠦᠨ ᠲᠠᠢ ᠠᠳᠠᠯᠢ ᠶᠠᠪᠣᠭᠤᠯᠬᠤ ᠶᠢᠨ ᠵᠠᠶᠢᠯᠠᠰᠢ ᠦᠭᠡᠢ ᠤᠷᠢᠳᠠᠯ ᠨᠥᠬᠦᠴᠡᠯ᠂ ᠵᠠᠪᠠᠯ ᠭᠦᠢᠴᠡᠳᠭᠡᠭᠦ ᠡᠭᠦᠷᠭᠡ ᠬᠠᠷᠢᠭᠤᠴᠠᠯᠭ᠎ᠠ ᠪᠣᠯᠣᠨ᠎ᠠ᠃ ᠭᠡᠷ ᠲᠤ ᠪᠠᠨ ᠬᠠᠷᠢᠬᠤ ᠲᠣᠷ᠎ᠠ ᠦᠭᠡᠢ᠂ ᠭᠡᠷ ᠠᠴᠠ ᠪᠠᠨ ᠤᠷᠭᠤᠨ ᠲᠣᠳᠠᠭᠠᠬᠤ᠂ ᠡᠴᠢᠭᠡ ᠡᠬᠡ ᠳᠤ ᠪᠠᠨ ᠬᠤᠷᠣᠰᠣᠯ ᠡᠪᠦᠷᠯᠡᠬᠦ᠂ ᠣᠨᠴᠠ ᠵᠠᠷᠢᠮ ᠨᠢ ᠡᠴᠢᠭᠡ ᠡᠬᠡ ᠪᠠᠨ ᠠᠯᠠᠵᠦ ᠪᠤᠯᠠᠨ᠎ᠠ ᠭᠡᠬᠦ ᠤᠴᠢᠷ ᠶᠠᠪᠣᠳᠠᠯ ᠤᠳ ᠮᠠᠨ ᠤ ᠲᠤᠭᠤᠷᠢᠨ ᠳᠤ ᠮᠤᠩ ᠦᠭᠡᠢ ᠭᠠᠷᠴᠤ ᠪᠠᠶᠢᠨ᠎ᠠ᠃ ᠬᠡᠦᠬᠡᠳ ᠪᠣᠯ ᠡᠴᠢᠭᠡ ᠡᠬᠡ ᠳᠤ ᠪᠠᠨ ᠬᠠᠶᠢᠷᠠᠯᠠᠭᠳᠠᠵᠦ᠂ ᠬᠠᠯᠠᠮᠵᠢᠯᠠᠭᠳᠠᠵᠦ᠂ ᠥᠢᠯᠠᠭᠠᠭᠳᠠᠭᠰᠠᠨ ᠪᠠᠶᠢᠬᠤ ᠬᠡᠷᠡᠭ ᠲᠠᠢ᠃ ᠢᠩᠭᠢᠪᠡᠯ ᠰᠠᠶ᠋ᠢ ᠬᠡᠦᠬᠡᠳ ᠤᠨ ᠥᠰᠣᠨ ᠪᠤᠶᠢᠵᠢᠬᠤ ᠨᠢ ᠡᠷᠡᠭᠦᠯ ᠰᠠᠷᠠᠭᠤᠯ ᠪᠠᠶᠢᠵᠦ ᠴᠢᠳᠠᠨ᠎ᠠ᠃ ᠬᠠᠶᠢᠷ᠎ᠠ ᠪᠣᠯ ᠬᠠᠮᠤᠭ ᠤᠨ ᠠᠷᠢᠭᠤᠨ ᠲᠠᠷᠬᠠᠨ ᠬᠦᠮᠦᠵᠢᠯ ᠶᠤᠮ᠃ ᠯᠦ ᠰᠢᠶᠦ᠋ᠨ᠄ ︽ᠪᠠᠭ᠎ᠠ ᠳᠤ ᠨᠢ ᠬᠦᠮᠦᠨ ᠢᠶᠠᠷ ᠥᠵᠡᠬᠦ ᠦᠭᠡᠢ ᠪᠣᠯ ᠲᠣᠮᠤ ᠪᠣᠯᠣᠭᠠᠳ ᠬᠦᠮᠦᠨ ᠪᠣᠯᠵᠦ ᠴᠢᠳᠠᠬᠤ ᠦᠭᠡᠢ︾ ᠭᠡᠵᠦ ᠬᠡᠯᠡᠵᠦ ᠥᠩᠭᠡᠷᠡᠭᠰᠡᠨ ᠪᠢᠯᠡ᠃ ᠣᠯᠠᠨ ᠭᠡᠷ ᠤᠨ ᠠᠬᠠᠮᠠᠳ ᠬᠡᠦᠬᠡᠳ ᠲᠤ ᠪᠠᠨ ᠶᠠᠭᠤᠮ᠎ᠠ ᠰᠣᠷᠭᠠᠨ᠎ᠠ ᠭᠡᠵᠦ ᠤᠬᠠᠭᠠᠨ ᠦᠭᠡᠢ ᠶᠠᠭᠠᠷᠠᠨ᠎ᠠ᠃ ᠬᠡᠦᠬᠡᠳ ᠢᠶᠠᠨ ᠪᠣᠰᠣᠳ ᠠᠴᠠ ᠬᠤᠴᠣᠷᠣᠯ᠎ᠠ ᠭᠡᠵᠦ ᠰᠠᠨᠳᠤᠷᠴᠤ ᠪᠠᠴᠢᠮᠳᠠᠨ᠎ᠠ᠃ ᠲᠡᠭᠡᠭᠡᠳ ᠬᠡᠦᠬᠡᠳ ᠤᠨ ᠢᠶᠠᠨ ᠠᠶᠠᠨᠳᠠᠭᠠᠨ ᠤ ᠠᠮᠠᠷᠠᠬᠤ᠂ ᠲᠤᠭᠯᠠᠬᠤ ᠴᠠᠭ ᠢ ᠠᠯᠪᠠᠳᠠᠯᠭ᠎ᠠ ᠶᠢᠨ ᠬᠢᠴᠢᠶᠡᠯ ᠨᠦᠭᠦᠭᠦ ᠳᠡᠭᠡᠷ᠎ᠠ ᠵᠠᠷᠤᠴᠠᠭᠤᠯᠵᠤ᠂ ᠨᠡᠶᠢᠭᠡᠮ ᠢ ᠠᠩᠬᠠᠷᠣᠭᠤᠯᠬᠤ ᠦᠭᠡᠢ᠂ ᠪᠠᠶᠢᠭᠠᠯᠢ ᠶᠢ ᠰᠣᠨᠢᠷᠬᠠᠭᠤᠯᠬᠤ ᠦᠭᠡᠢ᠂ ᠲᠠᠷᠠ ᠮᠦᠷᠳᠡᠭᠡᠨ ᠰᠣᠷᠬᠤ ᠶᠠᠭᠤᠮ᠎ᠠ ᠨᠢ ᠠᠷᠪᠢᠨ᠂ ᠰᠣᠷᠴᠦ ᠵᠠᠪᠳᠣᠬᠤ ᠦᠭᠡᠢ᠂ ᠰᠢᠩᠭᠡᠭᠡᠵᠦ ᠲᠡᠶᠢᠯᠬᠦ ᠦᠭᠡᠢ᠂ ᠮᠠᠷᠭᠡᠵᠢᠯ ᠪᠤᠶᠤ ᠮᠡᠷᠭᠡᠰᠢᠯ ᠤᠨ ᠪᠤᠯᠪᠠᠰᠤᠷᠠᠯ ᠢᠶᠠᠷ ᠰᠤᠯᠢᠳᠠᠬ᠃ ᠰᠣᠷᠬᠤ ᠲᠣᠷ᠎ᠠ ᠦᠭᠡᠢ᠂ ᠰᠣᠷᠬᠤ ᠪᠠᠬ᠎ᠠ ᠦᠭᠡᠢ᠂ ᠠᠪᠢᠶᠠᠰ ᠨᠢ ᠢᠯᠡᠷᠡᠬᠦ ᠦᠭᠡᠢ᠂ ᠵᠣᠷᠢᠭ ᠨᠢ ᠬᠥᠪᠴᠢᠯᠡᠭᠳᠡᠬᠦ ᠦᠭᠡᠢ᠂ ᠤᠷᠮ᠎ᠠ ᠠᠯᠳᠠᠷᠠᠵᠦ᠂ ᠤᠷᠤᠭᠤ ᠴᠢᠷᠠᠶᠢᠯᠠᠬᠤ᠂ ᠬᠢᠳᠡᠯ ᠠᠯᠳᠠᠵᠦ ᠪᠣᠳᠣᠯ ᠨᠢ ᠲᠥᠭᠡᠷᠢᠭᠦ ᠪᠠᠶᠢᠳᠠᠯ ᠴᠦ ᠵᠦᠡᠭᠳᠡᠭᠡᠨ ᠪᠠᠶᠢᠳᠠᠬ᠃ ᠡᠨᠡ ᠪᠣᠯ ᠬᠡᠦᠬᠡᠳ ᠤᠨ ᠤᠶᠣᠨ ᠰᠠᠨᠠᠭ᠎ᠠ ᠪᠠ ᠪᠡᠶ᠎ᠡ ᠮᠠᠬᠠᠪᠣᠳ ᠢ ᠵᠡᠷᠭᠡ ᠳᠤ ᠨᠢ ᠲᠠᠮᠣᠯᠠᠵᠦ᠂ ᠰᠣᠷᠬᠤ ᠠᠴᠠ ᠨᠢ ᠡᠮᠣᠨ᠎ᠡ ᠬᠠᠰᠢᠷᠠᠭ᠎ᠠ ᠪᠣᠯᠭᠠᠵᠤ ᠪᠠᠶᠢᠭ᠎ᠠ ᠶᠠᠪᠤᠳᠠᠯ ᠪᠤᠯᠤᠨ᠎ᠠ᠃ ᠶᠠᠭᠠᠬᠢᠯ᠎ᠠ ᠭᠡᠳ ᠬᠡᠦᠬᠡᠳ ᠢ ᠲᠥᠮᠡᠨ ᠭᠠᠵᠠᠷ ᠤᠨ ᠠᠶᠠᠨ ᠤ ᠲᠥᠷᠣᠭᠦᠦ ᠠᠯᠬᠤᠮ ᠲᠡᠭᠡᠷ᠎ᠡ ᠨᠢ ᠢᠯᠠᠭᠳᠠᠭᠤᠯᠵᠦ ᠵᠣᠷᠢᠭ ᠵᠢᠷᠣᠬᠡ ᠶᠢ ᠨᠢ ᠬᠤᠭᠤᠯᠵᠤ ᠪᠣᠯᠬᠤ ᠦᠭᠡᠢ ᠭᠡᠵᠦ ᠪᠢ ᠦᠵᠡᠨ᠎ᠠ᠃ ᠣᠳᠣ ᠶᠢᠨ ᠬᠡᠦᠬᠡᠳ ᠪᠥᠷ ᠰᠡᠴᠡᠨ ᠰᠡᠷᠭᠦᠯᠡᠩ ᠭᠡᠪᠡᠴᠦ ᠰᠡᠴᠡᠨ ᠰᠡᠷᠭᠦᠯᠡᠩ᠂ ᠬᠡᠦᠬᠡᠳ ᠲᠤ ᠮᠡᠳᠡᠯᠭᠡ ᠡᠵᠡᠮᠰᠢᠭᠦᠯᠵᠦ ᠴᠢᠳᠠᠪᠣᠷᠢᠳᠡᠨ ᠪᠣᠯᠭᠠᠵᠦ ᠬᠦᠮᠦᠵᠢᠭᠦᠯᠣᠨ᠎ᠡ ᠭᠡᠳᠡᠭ ᠪᠠᠰᠠ ᠴᠦ ᠦᠯᠡᠮᠵᠢ ᠤᠬᠠᠭᠠᠨ ᠱᠠᠭᠠᠷᠳᠠᠭᠳᠠᠬᠤ ᠥᠨᠳᠣᠷ ᠱᠠᠭᠠᠷᠳᠠᠯᠭ᠎ᠠ ᠲᠠᠢ ᠨᠠᠷᠢᠯᠢᠬ ᠠᠵᠢᠯ ᠪᠣᠯᠣᠨ᠎ᠠ᠃ ᠰᠡᠴᠡᠨ ᠰᠡᠷᠭᠦᠯᠡᠩ ᠭᠡᠤᠭᠡᠳ ᠭᠡᠳᠡᠭ ᠪᠣᠯ ᠥᠶ᠎ᠡ ᠬᠤᠷᠠᠭᠴᠤᠤᠯ ᠤᠨ ᠲᠣᠳᠣᠷ᠎ᠠ ᠪᠠᠨ ᠪᠣᠳᠣᠵᠦ ᠰᠡᠳᠬᠢᠬᠦ᠂ ᠥᠢᠯᠠᠭᠠᠵᠦ ᠡᠵᠡᠮᠰᠢᠬᠦ᠂ ᠰᠢᠩᠭᠡᠭᠡᠵᠦ ᠲᠣᠩᠭᠠᠬᠤ ᠵᠡᠷᠭᠡ ᠣᠯᠠᠨ ᠲᠠᠯ᠎ᠠ ᠪᠠᠷ ᠲᠠᠪᠠᠭᠤᠯᠢᠭ ᠪᠠᠶᠢᠬᠤ ᠶᠢ ᠬᠡᠯᠡᠨ᠎ᠡ᠃ ᠰᠡᠴᠡᠨ ᠰᠡᠷᠭᠦᠯᠡᠩ ᠬᠡᠦᠬᠡᠳ ᠲᠤ ᠲᠣᠳᠣᠷᠬᠠᠢ ᠵᠠᠭᠠᠭ ᠪᠣᠶᠣ ᠢᠯᠡᠷᠬᠡᠢ ᠨᠣᠳᠠᠯᠠᠯᠳᠠ ᠪᠠᠶᠢᠬᠤ ᠦᠭᠡᠢ᠃ ᠤᠴᠢᠷ ᠨᠢ ᠡᠭᠡᠬᠡ ᠠᠳᠠᠯᠢ ᠲᠥᠷᠣᠯᠬᠢ ᠠᠪᠢᠶᠠᠰ ᠪᠢᠯᠢᠭ ᠲᠠᠢ ᠬᠡᠦᠬᠡᠳ ᠪᠠᠶᠢᠳᠠᠯ᠎ᠠ ᠬᠤᠵᠢᠮ ᠬᠤᠶᠢᠰᠢᠬᠢ ᠶᠢᠨ ᠬᠦᠭᠵᠢᠯᠳᠡ ᠨᠢ ᠲᠤᠩ ᠶᠡᠭᠡ ᠵᠦᠷᠢᠶ᠎ᠡ ᠲᠠᠢ ᠪᠠᠶᠢᠳᠠᠬ᠃ ᠬᠡᠦᠬᠡᠳ ᠪᠣᠯ ᠥᠯᠢᠭᠡᠷ ᠲᠡᠦᠬᠡ ᠰᠣᠨᠣᠰᠬᠤ ᠲᠣᠷ᠎ᠠ ᠲᠠᠢ᠃ ᠰᠠᠶᠢᠬᠠᠨ ᠥᠯᠢᠭᠡᠷ ᠢᠶᠠᠨ ᠲᠠᠬᠢᠨ ᠲᠠᠪᠳᠠᠨ ᠰᠣᠨᠣᠰᠬᠤ  ᠳᠤ ᠥᠢᠳᠬᠤ ᠦᠭᠡᠢ᠃ ᠬᠡᠷᠪᠡ ᠴᠢᠮ᠎ᠠ ᠳᠤ ᠶᠠᠷᠢᠭᠠᠳ ᠪᠠᠷᠠᠬᠤ ᠦᠭᠡᠢ ᠥᠯᠢᠭᠡᠷ ᠲᠡᠦᠬᠡ ᠪᠠᠶᠢᠳᠠᠭ ᠪᠤᠯ ᠲᠠᠨ ᠤ ᠬᠡᠦᠬᠡᠳ ᠤᠨ ᠮᠡᠳᠡᠯᠭᠡ ᠪᠠᠭ᠎ᠠ ᠠᠴᠠ ᠪᠠᠨ ᠥᠷᠭᠡᠨ ᠲᠡᠯᠭᠡᠷ ᠪᠠᠶᠢᠵᠦ᠂ ᠬᠤᠵᠢᠮ ᠤᠨ ᠬᠢᠨᠢ ᠰᠣᠷᠬᠤ᠂ ᠰᠢᠩᠭᠡᠭᠡᠬᠦ ᠪᠦᠳᠦᠭᠡᠭᠦ ᠳᠤ ᠨᠢ ᠰᠠᠶᠢᠨ ᠰᠠᠭᠤᠷᠢ ᠶᠢ ᠲᠠᠯᠪᠢᠬᠤ ᠪᠣᠯᠣᠨ᠎ᠠ᠃ ᠱᠠᠩᠬᠠᠢ ᠬᠤᠳᠠ ᠶᠢᠨ ᠢᠷᠭᠡᠳ ᠤᠨ ᠨᠣᠮ ᠤᠩᠰᠢᠬᠰᠠᠨ ᠲᠤᠭ᠎ᠠ ᠨᠢ ᠪᠦᠭᠦ ᠤᠯᠤᠰ ᠲᠤ ᠣᠷᠦ᠋ᠢᠯᠠᠵᠦ ᠲᠤᠮᠳᠠᠴᠢ ᠪᠠᠷ ᠵᠢᠯ ᠪᠦᠷᠢ ᠳᠤ ᠬᠦᠮᠦᠨ ᠪᠦᠭᠦᠨ 8 ᠲᠡᠪᠳᠡᠷ ᠨᠣᠮ ᠤᠩᠰᠢᠭᠰᠠᠨ ᠪᠠᠶᠢᠬᠤ ᠳᠤ᠂ ᠢᠰᠷᠧᠯ ᠳᠤ ᠢᠪᠷᠡᠶᠢᠴᠤᠳ ᠵᠢᠯ ᠳᠤ ᠭᠦᠮᠦᠨ ᠪᠦᠷᠢ ᠲᠤᠮᠳᠠᠴᠢ ᠪᠠᠷ 64 ᠲᠡᠪᠲᠡᠷ ᠨᠣᠮ ᠤᠩᠰᠢᠳᠠᠭ ᠭᠡᠨ᠎ᠡ᠃ ᠪᠣᠰᠣᠳ ᠤᠯᠣᠰ ᠥᠨᠳᠦᠰᠦᠳᠡᠨ ᠬᠡᠪᠡᠯᠢ ᠳᠤ ᠬᠢ ᠬᠡᠦᠬᠡᠳ ᠤᠨ ᠰᠣᠷᠭᠠᠨ ᠬᠦᠮᠦᠵᠢᠯ ᠢ ᠶᠠᠷᠢᠭᠠᠳ ᠰᠣᠳᠦᠯᠣᠭᠠᠳ ᠨᠢᠭᠡ ᠬᠡᠮᠵᠢᠶᠡᠨ ᠳᠤ ᠬᠦᠷᠦᠭᠰᠡᠨ ᠪᠠᠶᠢᠬᠤ ᠳᠤ᠂ ᠮᠠᠨ ᠤ ᠣᠯᠣᠰ ᠡᠨᠡ ᠭᠦ ᠲᠠᠯ᠎ᠠ ᠪᠠᠷ ᠨᠠᠯᠢᠶᠠᠳ ᠬᠤᠴᠤᠷᠤᠩᠭᠤᠢ ᠪᠠᠶᠢᠨ᠎ᠠ᠃ ᠬᠡᠦᠬᠡᠳ ᠢ ᠬᠥᠯᠡᠮᠵᠢᠨ ᠳᠤ ᠪᠤᠶᠢᠵᠢᠭᠤᠯᠵᠦ ᠪᠣᠯᠬᠤ ᠦᠭᠡᠢ᠂ ᠨᠡᠩ ᠴᠦ ᠰᠢᠩᠭᠡᠯᠢᠭ ᠲᠤ ᠬᠤᠷᠢᠵᠦ ᠪᠣᠯᠬᠤ ᠦᠭᠡᠢ ᠭᠡᠳᠡᠭ ᠶᠣᠰᠣ ᠶᠢ ᠬᠡᠨ ᠴᠦ ᠪᠥᠷ ᠮᠡᠳᠡᠨ᠎ᠡ᠃ ᠭᠡᠪᠡᠴᠦ ᠪᠣᠳᠠᠲᠠᠢ ᠰᠣᠷᠭᠠᠨ ᠬᠦᠮᠦᠵᠢᠯ ᠤᠨ ᠶᠠᠪᠣᠴᠠ ᠳᠤ ᠬᠡᠦᠬᠡᠳ ᠢ ᠰᠢᠩᠭᠡᠯᠢᠭ ᠲᠤ ᠬᠤᠷᠢᠭᠠᠳ ᠪᠠᠶᠢᠨ᠎ᠠ᠃ ᠡᠨᠡ ᠭᠦ ᠠᠯᠳᠠᠭ᠎ᠠ ᠶᠢ ᠭᠡᠷ ᠤᠨ ᠠᠬᠠᠮᠠᠳᠴᠤᠳ ᠭᠠᠷᠭᠠᠵᠦ ᠥᠩᠭᠡᠷᠡᠭᠰᠡᠨ ᠪᠢᠯᠡ᠃ ᠬᠦᠮᠦᠨ ᠪᠣᠯ ᠲᠡᠭᠡᠳᠦ ᠵᠡᠷᠭᠡ ᠶᠢᠨ ᠠᠮᠢᠳᠠᠨ ᠪᠣᠯᠬᠤᠷ ᠮᠥᠨ ᠲᠡᠭᠡᠳᠦ ᠵᠡᠷᠭᠡ ᠶᠢᠨ ᠠᠮᠢᠳᠠᠨ ᠤ ᠱᠠᠭᠠᠷᠳᠠᠯᠭ᠎ᠠ ᠪᠠᠷ ᠠᠮᠢᠳᠣᠷᠠᠵᠦ ᠣᠷᠣᠰᠢᠨ᠎ᠠ᠃      ᠨᠢᠭᠡ ᠤᠯᠣᠰ ᠣᠷᠣᠨ ᠳᠤ ᠪᠥᠬᠦ ᠠᠷᠠᠳ ᠢᠷᠭᠡᠳ ᠤᠨ ᠴᠢᠨᠠᠷ ᠴᠢᠨᠰᠠᠭ᠎ᠠ ᠪᠤᠯ ᠶᠠᠭᠤᠨ ᠠᠴᠠ ᠴᠦ ᠴᠢᠬᠤᠯᠠ ᠶᠤᠮ᠃ ︽ᠶᠠᠭᠤᠮ᠎ᠠ ᠪᠥᠬᠦᠨ ᠳᠤ ᠬᠡᠦᠬᠡᠳ ᠲᠤ ᠨᠠᠶᠢᠷ ᠲᠠᠯᠪᠢᠵᠦ ᠠᠯᠢᠪᠠ ᠪᠠᠨ ᠥᠷᠡᠭᠳᠡᠭᠦᠯᠬᠦ᠂ ᠴᠢᠨᠠᠭᠰᠢᠯᠠᠪᠠᠯ ᠥᠪᠡᠷ ᠤᠨ ᠵᠤᠯ ᠵᠢᠷᠭᠠᠯ ᠢᠶᠠᠨ ᠦᠷᠡᠭᠳᠡᠭᠦᠯᠬᠦ ᠪᠣᠯ ᠡᠴᠢᠭᠡ ᠡᠬᠡ ᠠᠴᠠ ᠬᠡᠦᠬᠡᠳ ᠲᠤ ᠪᠠᠨ ᠥᠭᠭᠦᠭᠰᠡᠨ ᠬᠠᠮᠤᠭ ᠤᠨ ᠠᠶᠣᠮᠰᠢᠭ ᠲᠠᠢ ᠪᠡᠯᠡᠭ ᠶᠤᠮ︾ ᠭᠡᠵᠦ ᠣᠷᠣᠰ ᠤᠨ ᠮᠠᠺᠧᠯᠢᠶᠠᠨᠽᠦ᠋ᠨ ᠬᠡᠯᠡᠪᠡ᠃ ᠮᠠᠨ ᠤ ᠠᠷᠠᠳ ᠲᠥᠮᠡᠨ ᠴᠦ ︽ᠬᠠᠶᠢᠷ᠎ᠠ ᠶᠡᠬᠡᠳᠪᠡᠯ ᠬᠠᠯᠠ ᠪᠣᠯᠣᠨ᠎ᠠ︾ ᠭᠡᠵᠦ ᠶᠠᠷᠢᠭᠠᠳ ᠪᠠᠶᠢᠳᠠᠭ᠃ ︽ᠬᠡᠷᠪᠡ ᠮᠠᠨᠣᠰ ᠲᠤ ᠰᠣᠷᠳᠠᠯ ᠬᠦᠮᠦᠵᠢᠯ ᠲᠣᠳᠠᠭᠰᠠᠨ ᠪᠠᠶᠢᠪᠠᠯ ᠬᠡᠦᠬᠡᠳ ᠢ ᠬᠦᠮᠦᠵᠢᠭᠦᠯᠬᠦ ᠭᠡᠳᠡᠭ ᠱᠠᠯ ᠲᠡᠮᠡᠢ ᠴᠠᠯᠴᠢᠶ᠎ᠠ ᠪᠣᠯᠣᠨ᠎ᠠ︾ ᠭᠡᠰᠡᠨ ᠭᠤᠷᠺᠢ ᠶᠢᠨ ᠥᠭᠡ ᠪᠠᠶᠢᠨ ᠲᠠᠬᠢᠨ ᠰᠠᠨᠠᠭᠠᠨ ᠳᠤ ᠣᠷᠣᠵᠦ ᠢᠷᠡᠭᠡᠳ ᠪᠠᠶᠢᠳᠠᠭ᠃ ︽ᠬᠡᠦᠬᠡᠳ ᠤᠨ ᠬᠤᠪᠢ ᠵᠠᠶᠠᠭ᠎ᠠ ᠶᠢ ᠡᠴᠢᠭᠡ ᠡᠬᠡ ᠨᠢ ᠲᠣᠭᠳᠠᠭᠠᠨ᠎ᠠ︾ ᠴᠤ ᠭᠡᠳᠡᠭ᠃ ᠡᠨᠡ ᠪᠣᠯ ᠡᠴᠢᠭᠡ ᠡᠬᠡ ᠶᠢᠨ ᠡᠭᠦᠷᠭᠡ ᠬᠠᠷᠢᠭᠤᠴᠠᠯᠭ᠎ᠠ ᠲᠦᠢᠯ ᠤᠨ ᠬᠦᠨᠳᠦ ᠴᠢᠬᠤᠯᠠ ᠭᠡᠰᠡᠨ ᠢ ᠬᠠᠷᠠᠭᠤᠯᠵᠦ ᠪᠠᠶᠢᠨ᠎ᠠ᠃ ᠬᠡᠦᠬᠡᠳ ᠲᠤ ᠡᠬᠡ ᠶᠢᠨ ᠬᠢᠨᠢ ᠬᠠᠶᠢᠷ᠎ᠠ ᠲᠣᠳᠠᠵᠦ ᠪᠣᠯᠬᠤ ᠦᠭᠡᠢ ᠭᠡᠬᠦ ᠳᠤ ᠡᠴᠢᠭᠡ ᠶᠢᠨ ᠬᠢᠨᠢ ᠬᠠᠯᠠ ᠴᠦ ᠲᠣᠳᠠᠵᠦ ᠪᠣᠯᠬᠤ ᠦᠭᠡᠢ᠃ ᠬᠠᠶᠢᠷ᠎ᠠ ᠨᠢ ᠠᠬᠠᠳᠠᠭᠰᠠᠨ ᠪᠤᠶᠤ ᠬᠠᠯᠠ ᠨᠢ ᠬᠡᠳᠦᠷᠡᠭᠰᠡᠨ ᠵᠢᠱᠢᠶ᠎ᠡ ᠪᠣᠳᠠᠳᠦ ᠠᠮᠢᠳᠣᠷᠠᠯ ᠳᠤ ᠵᠦᠡᠭᠳᠡᠭᠡᠨ ᠬᠠᠷᠠᠭᠳᠠᠨ᠎ᠠ᠃ ᠭᠡᠪᠡᠴᠦ ᠬᠡᠦᠬᠡᠳ ᠤᠨ ᠪᠡᠶ᠎ᠡ ᠲᠡᠭᠡᠷ᠎ᠡ ᠲᠠᠯᠪᠢᠬᠤ ᠬᠦᠰᠡᠯ ᠡᠷᠡᠮᠡᠯᠵᠡᠯ ᠳᠤ ᠬᠢᠵᠠᠭᠠᠷ ᠪᠠᠶᠢᠬᠤ ᠦᠭᠡᠢ᠃ ᠭᠡᠳᠡᠯ᠎ᠡ ᠬᠡᠦᠬᠡᠳ ᠪᠤᠯ ᠶᠠᠮᠠᠷ ᠪᠤᠯ ᠶᠠᠮᠠᠷ ᠢᠶᠠᠷ ᠢᠶᠠᠨ ᠥᠨᠡᠨ ᠪᠣᠳᠠᠳᠠᠢ ᠠᠬᠤᠶᠢᠴᠢ ᠪᠠᠷ ᠥᠰᠴᠦ ᠪᠤᠶᠢᠵᠢᠨ᠎ᠠ᠂ ᠬᠠᠷᠢᠨ ᠴᠢᠨᠣ ᠬᠦᠰᠡᠯᠡᠩ ᠤᠨ ᠶᠢᠷᠳᠢᠨᠴᠦ ᠶᠢᠨ ᠲᠤᠳᠤᠷ᠎ᠠ ᠬᠦᠮᠦᠵᠢᠵᠦ ᠪᠤᠶᠢᠵᠢᠬᠤ ᠪᠢᠰᠢ ᠶᠤᠮ᠃      ᠰᠣᠶᠣᠯ ᠰᠣᠷᠬᠤ ᠶᠢ ᠡᠷᠬᠢᠮᠯᠡᠵᠦ᠂ ᠶᠣᠰᠣ ᠰᠣᠷᠳᠠᠬᠤᠨ ᠢ ᠤᠮᠳᠤᠭᠠᠶᠢᠯᠠᠬᠤ ᠥᠵᠡᠭᠳᠡᠯ ᠴᠦ ᠬᠠᠷᠠᠭᠳᠠᠨ᠎ᠠ᠃ ᠬᠡᠦᠬᠡᠳ ᠢ ᠬᠦᠮᠦᠵᠢᠭᠦᠯᠬᠦ ᠳᠤ ᠪᠡᠶ᠎ᠡ ᠮᠠᠬᠠᠪᠣᠳ᠂ ᠶᠣᠰᠣ ᠰᠤᠷᠳᠠᠬᠤᠨ᠂ ᠤᠶᠤᠨ ᠣᠬᠠᠭᠠᠨ᠂ ᠭᠤᠸ᠎ᠠ ᠰᠠᠶᠢᠬᠠᠨ᠂ ᠭᠦᠳᠠᠯᠮᠤᠷᠢ ᠡᠨᠡ ᠲᠠᠪᠤ ᠶᠢᠨ ᠠᠯᠢ ᠨᠢᠭᠡ ᠶᠢ ᠨᠢ ᠴᠦ ᠬᠥᠩᠭᠡᠪᠴᠢᠯᠡᠵᠦ ᠪᠣᠯᠬᠤ ᠦᠭᠡᠢ᠂ ᠬᠡᠷᠪᠡ ᠶᠣᠰᠤ ᠰᠣᠷᠳᠠᠬᠤᠨ ᠢ ᠠᠩᠬᠠᠷᠬᠤ ᠦᠭᠡᠢ ᠪᠤᠯ ᠠᠶᠣᠯ ᠤᠨ ᠥᠨᠳᠦᠰᠦ ᠶᠢ ᠲᠠᠷᠢᠵᠤ ᠪᠠᠶᠢᠨ᠎ᠠ ᠭᠡᠰᠡᠨ ᠦᠭᠡ᠃ ᠵᠠᠯᠠᠭᠤ ᠪᠠᠭᠠᠴᠣᠳ ᠤᠨ ᠶᠠᠯ᠎ᠠ ᠬᠢᠬᠦ ᠨᠤᠷᠮ᠎ᠠ ᠲᠡᠭᠡᠭᠰᠢᠯᠡᠵᠦ ᠪᠠᠶᠢᠨ᠎ᠠ᠃ ᠭᠡᠤᠭᠡᠳ ᠢ ᠬᠡᠳᠦ ᠬᠢᠵᠠᠭᠠᠷᠯᠠᠬᠤ᠂ ᠭᠡᠳᠤ ᠲᠣᠷ᠎ᠠ ᠪᠠᠷ ᠨᠢ ᠲᠠᠯᠪᠢᠬᠤ ᠵᠡᠷᠭᠡ ᠪᠤᠯ ᠬᠡᠦᠬᠡᠳ ᠪᠠᠭᠠᠴᠣᠳ ᠤᠨ ᠪᠡᠶ᠎ᠡ ᠰᠡᠳᠬᠢᠴᠡ ᠶᠢᠨ ᠡᠷᠡᠭᠦᠯ ᠰᠠᠷᠠᠭᠤᠯ ᠪᠤᠶᠢᠵᠢᠬᠤ ᠶᠢ ᠬᠠᠷᠰᠢᠯᠠᠬᠤ ᠬᠤᠣᠷ ᠤᠨ ᠥᠨᠳᠦᠰᠦ ᠪᠤᠯᠤᠨ᠎ᠠ᠃ ᠶᠠᠮᠠᠷᠪᠠ ᠶᠠᠭᠤᠮ᠎ᠠ ᠬᠡᠮᠵᠢᠶ᠎ᠡ ᠬᠢᠵᠠᠭᠠᠷ ᠦᠭᠡᠢ ᠪᠠᠶᠢᠵᠦ ᠪᠤᠯᠬᠤ ᠦᠭᠡᠢ᠂ ᠲᠠᠯᠠ ᠬᠦᠷᠦᠭᠰᠡᠨ ᠴᠦ ᠲᠠᠷᠣᠯᠭ᠎ᠠ ᠲᠠᠢ ᠪᠠᠶᠢᠳᠠᠭ᠃ ᠰᠣᠷᠭᠠᠨ ᠬᠦᠮᠦᠵᠢᠯ ᠪᠣᠯ ᠲᠦᠢᠯ ᠤᠨ ᠨᠠᠷᠢᠯᠢᠬ ᠪᠥᠭᠡᠳ ᠲᠠᠭᠠᠭᠠᠴᠠ ᠲᠠᠢ ᠪᠠᠶᠢᠬᠤ ᠶᠢ ᠪᠠᠶᠢᠩᠭᠤ ᠱᠠᠭᠠᠷᠳᠠᠳᠠᠭ ᠣᠨᠴᠠᠭᠠᠢ ᠠᠵᠢᠯ ᠲᠥᠷᠣᠯ ᠮᠦᠨ᠃ ᠪᠣᠳᠣᠯ ᠰᠠᠨᠠᠭ᠎ᠠ ᠪᠤᠯ ᠨᠢᠳᠦᠨ ᠳᠤ ᠥᠵᠡᠭᠳᠡᠵᠦ ᠭᠠᠷ ᠲᠤ ᠪᠠᠷᠢᠭᠳᠠᠬᠤ ᠶᠠᠭᠤᠮ᠎ᠠ ᠪᠢᠰᠢ᠃ ᠬᠦᠮᠦᠨ ᠤ ᠪᠡᠶ᠎ᠡ ᠰᠡᠳᠬᠢᠴᠡ ᠶᠢ ᠵᠠᠰᠠᠵᠦ ᠵᠠᠯᠠᠨ᠎ᠠ ᠭᠡᠳᠡᠭ ᠪᠤᠯ ᠮᠠᠰᠢ ᠨᠠᠷᠢᠯᠢᠬ ᠬᠥᠳᠡᠯᠮᠣᠷᠢ ᠶᠢ ᠱᠠᠭᠠᠷᠳᠠᠬᠤ ᠶᠤᠮ᠃      ᠬᠤᠶᠠᠷ᠂ ᠪᠠᠭᠰᠢ      ᠭᠡᠤᠭᠡᠳ ᠢ ᠶᠠᠭᠠᠬᠢᠵᠤ ᠭᠦᠮᠦᠵᠢᠭᠦᠯᠭᠦ ᠪᠤᠢ︖ ᠬᠡᠦᠬᠡᠳ ᠲᠤ ᠶᠠᠭᠠᠬᠢᠵᠦ ᠡᠷᠳᠡᠮ ᠮᠡᠳᠡᠯᠭᠡ ᠡᠵᠡᠮᠰᠢᠭᠦᠯᠬᠦ ᠪᠣᠢ ᠭᠡᠳᠡᠭ ᠪᠣᠯ ᠪᠠᠭᠰᠢ ᠨᠠᠷ ᠤᠨ ᠪᠠᠶᠢᠩᠭᠤ ᠰᠣᠳᠣᠯᠬᠤ ᠰᠡᠳᠦᠪ ᠪᠠᠶᠢᠭ᠎ᠠ᠃ ᠭᠡᠭᠦ ᠳᠤ ᠪᠠᠨ ᠭᠡᠷ ᠤᠨ ᠠᠬᠠᠮᠠᠳ ᠨᠢ ᠭᠡᠤᠭᠡᠳ ᠢ ᠰᠤᠷᠭᠠᠨ ᠭᠦᠮᠦᠵᠢᠭᠦᠯᠭᠦ ᠡᠭᠦᠷᠭᠡ ᠶᠢ ᠪᠦᠭᠦᠨ ᠢ ᠪᠠᠭᠰᠢ ᠳᠤ ᠨᠠᠶᠢᠳᠠᠭᠠᠳ ᠪᠣᠯᠬᠤ ᠦᠭᠡᠢ᠃ ᠬᠠᠷᠢᠨ ᠪᠠᠭᠰᠢ ᠨᠠᠷ ᠲᠠᠢ ᠥᠷᠭᠦᠯᠵᠢ ᠬᠠᠷᠢᠴᠠᠵᠦ᠂ ᠭᠡᠷ ᠪᠥᠯᠢ ᠶᠢᠨ ᠪᠠᠶᠢᠳᠠᠯ᠂ ᠬᠡᠦᠬᠡᠳ ᠤᠨ ᠪᠣᠳᠣᠯ ᠰᠠᠨᠠᠭ᠎ᠠ᠂ ᠥᠢᠯᠡ ᠠᠵᠢᠯᠯᠠᠭᠠᠨ ᠤ ᠲᠤᠬᠠᠢ ᠶᠠᠷᠢᠯᠴᠠᠨ ᠵᠥᠪᠳᠡᠯᠴᠡᠬᠦ ᠨᠢ ᠮᠠᠰᠢ ᠴᠢᠬᠤᠯᠠ ᠪᠠᠶᠢᠳᠠᠭ᠃ ᠬᠡᠦᠬᠡᠳ ᠲᠤ ᠲᠠᠪᠠᠭᠤᠯᠢᠭ ᠲᠠᠯ᠎ᠠ ᠠᠷᠪᠢᠨ ᠪᠠᠶᠢᠨ᠎ᠠ ᠭᠡᠬᠦ ᠳᠤ ᠪᠠᠭᠤᠷᠠᠢ ᠲᠠᠯ᠎ᠠ ᠴᠦ ᠴᠦᠭᠡᠨ ᠪᠠᠶᠢᠨ᠎ᠠ᠃ ᠬᠠᠶᠢᠷ᠎ᠠ ᠨᠢ ᠠᠬᠠᠳᠠᠬᠤ᠂ ᠬᠠᠶᠢᠷ᠎ᠠ ᠨᠢ ᠪᠠᠭᠠᠳᠠᠬᠤ ᠪᠦᠷ ᠲᠠᠭᠠᠷᠠᠬᠤ ᠦᠭᠡᠢ᠃ ᠨᠥᠭᠦᠭᠡ ᠲᠠᠯ᠎ᠠ ᠪᠠᠷ ᠨᠡᠶᠢᠭᠡᠮ ᠤᠨ ᠠᠭᠤᠷ ᠠᠮᠢᠰᠬᠤᠯ᠂ ᠵᠢᠱᠢᠶᠡᠯᠡᠪᠡᠯ᠂ ᠰᠦᠯᠵᠢᠶᠡᠨ ᠨᠠᠭᠠᠳᠤᠮ᠂ ᠸᠢᠴᠠᠲ ᠲᠤ ᠰᠢᠨᠣᠬᠤ ᠮᠡᠳᠦ ᠶᠢᠨ ᠵᠥᠢᠯ ᠬᠡᠦᠬᠡᠳ ᠤᠨ ᠬᠠᠷᠠᠭᠠᠨ ᠳᠤ ᠦᠷᠳᠡᠵᠦ ᠨᠢᠯᠬ᠎ᠠ ᠪᠠᠯᠴᠢᠷ ᠪᠡᠶ᠎ᠡ ᠰᠡᠳᠬᠢᠯ ᠢ ᠨᠢ ᠪᠣᠷᠣᠭᠤ ᠲᠠᠶᠢᠰᠢ ᠬᠥᠳᠦᠯᠵᠦ ᠪᠠᠶᠢᠨ᠎ᠠ᠃ ᠡᠳᠡᠭᠡᠷ ᠨᠢ ᠪᠠᠭᠰᠢ ᠨᠠᠷ ᠤᠨ ᠵᠢᠭᠠᠨ ᠵᠢᠯᠤᠭᠤᠳᠬᠤ ᠳᠤ ᠬᠠᠷᠰᠢ ᠰᠠᠭᠠᠳ ᠤᠴᠠᠷᠠᠭᠤᠯᠵᠦ᠂ ᠪᠠᠭᠰᠢ ᠨᠠᠷ ᠤᠨ ᠡᠭᠦᠷᠭᠡ ᠲᠠᠷᠣᠭᠠᠰᠣ ᠶᠢ ᠬᠥᠨᠳᠦᠷᠡᠭᠦᠯᠵᠦ ᠪᠠᠶᠢᠨ᠎ᠠ᠃ ᠬᠡᠦᠬᠡᠳ ᠪᠣᠯ ᠶᠠᠮᠠᠷ ᠴᠦ ᠶᠠᠭᠤᠮᠠᠨ ᠳᠤ ᠰᠣᠨᠢᠭᠤᠴᠢ ᠪᠠᠶᠢᠳᠠᠬ᠃ ᠭᠡᠭᠦ ᠳᠤ ᠪᠠᠨ ᠪᠠᠭᠰᠢ ᠶᠢᠨ ᠦᠭᠡ ᠶᠠᠷᠢᠶ᠎ᠠ᠂ ᠥᠢᠯᠡ ᠠᠵᠢᠯᠯᠠᠭ᠎ᠠ ᠨᠢ ᠰᠣᠷᠣᠭᠴᠢ ᠳᠤ ᠨᠠᠰᠣᠨ ᠲᠣᠷᠰᠢ ᠳᠤ ᠪᠠᠨ ᠮᠠᠷᠳᠠᠭᠳᠠᠰᠢ ᠦᠭᠡᠢ ᠰᠠᠶᠢᠬᠠᠨ ᠡᠷᠬᠢᠴᠡᠭᠦᠯᠣᠯ ᠪᠣᠶᠣ ᠪᠠᠭ᠋ᠠᠷᠣᠯ ᠲᠣᠷᠠᠰᠣᠮᠵᠢ ᠪᠣᠯᠵᠦ᠂ ᠠᠬᠤᠢ ᠠᠮᠢᠳᠣᠷᠠᠯ ᠳᠤ ᠨᠢ ᠣᠷ᠎ᠠ ᠤᠬᠠᠭᠠᠨ ᠰᠡᠯᠪᠢᠵᠦ᠂ ᠠᠵᠢᠯ ᠥᠢᠯᠡᠰ ᠲᠤ ᠨᠢ ᠵᠢᠯᠤᠭᠤᠳᠣᠮᠵᠢ ᠪᠣᠯᠳᠠᠭ᠃ ᠰᠣᠷᠣᠭᠴᠢ ᠶᠢᠨ ᠬᠤᠪᠢ ᠳᠤ ᠪᠠᠭᠰᠢ ᠶᠢ ᠪᠢᠰᠢᠷᠡᠬᠦ ᠲᠠᠯ᠎ᠠ ᠪᠠᠶᠢᠬᠤ ᠮᠦᠷᠳᠡᠭᠡᠨ ᠦᠵᠡᠨ ᠶᠠᠳᠠᠬᠤ ᠵᠦᠢᠯ ᠴᠦ ᠪᠠᠶᠢᠳᠠᠬ᠃ ᠦᠭᠡᠷ᠎ᠠ ᠪᠠᠷ ᠭᠡᠯᠡᠪᠡᠯ᠂ ᠰᠣᠷᠣᠭᠴᠢ ᠳᠤ ᠥᠭᠬᠦ ᠪᠠᠭᠰᠢ ᠬᠦᠮᠦᠨ ᠤ ᠨᠥᠯᠤᠭᠡ ᠨᠢ ᠮᠠᠰᠢ ᠭᠦᠨ ᠬᠦᠨᠵᠡᠭᠡᠢ ᠪᠠᠶᠢᠳᠠᠭ᠃ ᠪᠠᠭᠰᠢ ᠶᠢᠨ ᠠᠵᠢᠯ ᠥᠢᠯᠡᠰ ᠪᠣᠯ ᠰᠤᠷᠤᠭᠴᠢ ᠶᠢ ᠢᠷᠡᠭᠡᠳᠦᠢ ᠶᠢᠨ ᠴᠢᠳᠠᠪᠣᠷᠢᠳᠠᠨ ᠪᠤᠯᠬᠤ ᠳᠤ ᠨᠢ ᠪᠠᠳᠦ ᠪᠠᠬᠢ ᠰᠠᠭᠤᠷᠢ ᠶᠢ ᠲᠠᠯᠪᠢᠵᠦ ᠪᠠᠶᠢᠬᠤ ᠠᠵᠢᠯ ᠪᠤᠯᠤᠨ᠎ᠠ᠃ ᠭᠡᠷ ᠤᠨ ᠠᠬᠠᠮᠠᠳ᠂ ᠬᠡᠨ ᠴᠦ ᠪᠣᠯᠤᠭ ᠪᠠᠭᠰᠢ ᠬᠦᠮᠦᠨ ᠤ ᠠᠵᠢᠯ ᠥᠢᠯᠡᠰ ᠤᠨ ᠬᠦᠨᠳᠦ ᠴᠢᠬᠤᠯᠠ ᠴᠢᠨᠠᠷ ᠢ ᠥᠢᠯᠠᠭᠠᠬᠤ ᠬᠡᠷᠡᠭᠲᠠᠢ᠃ ᠨᠢᠭᠡᠨ ᠪᠠᠭᠰᠢ ᠶᠢᠨ ᠰᠢᠯᠢᠳᠡᠭ ᠡᠰᠠᠭᠦ ᠶᠢ ᠰᠣᠷᠣᠭᠴᠢᠳ ᠤᠨ ᠥᠨᠡᠯᠡᠯ ᠬᠦᠨᠳᠦᠳᠬᠡᠯ ᠠᠴᠠ ᠢᠯᠠᠳᠳᠠ ᠥᠵᠡᠨ ᠭᠠᠷᠴᠤ ᠪᠤᠯᠤᠨ᠎ᠠ᠃ ᠰᠣᠷᠭᠠᠨ ᠬᠦᠮᠦᠵᠢᠯ ᠤᠨ ᠰᠢᠳᠢ ᠨᠢ ᠬᠠᠶᠢᠷ᠎ᠠ ᠳᠤ ᠪᠠᠶᠢᠵᠦ᠂ ᠰᠣᠷᠭᠠᠨ ᠬᠦᠮᠦᠵᠢᠯ ᠤᠨ ᠤᠷᠠᠯᠢᠭ ᠨᠢ ᠵᠦᠪᠭᠡᠨ ᠮᠠᠳᠠᠯᠭᠡ ᠶᠢ ᠤᠯᠠᠮᠵᠢᠯᠠᠬᠤ ᠳᠤ ᠯᠠ ᠪᠠᠶᠢᠬᠤ ᠪᠢᠰᠢ᠂ ᠬᠠᠷᠢᠨ ᠤᠷᠮᠠᠰᠢᠭᠤᠯᠬᠤ᠂ ᠰᠡᠬᠡᠬᠡᠷᠡᠭᠦᠯᠬᠦ᠂ ᠵᠣᠷᠢᠬᠵᠢᠭᠤᠯᠬᠤ ᠳᠤ ᠪᠠᠶᠢᠨ᠎ᠠ ᠭᠡᠵᠦ ᠵᠠᠷᠢᠮ ᠬᠦᠮᠦᠨ ᠦᠵᠡᠳᠡᠭ᠃ ᠪᠠᠭᠰᠢ ᠬᠦᠮᠦᠨ ᠰᠣᠷᠣᠭᠴᠢ ᠪᠠᠨ ᠬᠠᠶᠢᠷᠠᠯᠠᠬᠤ ᠶᠢᠨ ᠬᠦᠴᠦᠨ ᠳᠤ ᠰᠣᠷᠭᠠᠨ ᠬᠦᠮᠦᠵᠢᠯ ᠤᠨ ᠰᠢᠳᠢ ᠨᠢ ᠭᠠᠷᠳᠠᠭ᠃ ᠤᠨᠳᠣᠷᠣᠭᠰᠠᠨ ᠬᠠᠶᠢᠷ᠎ᠠ ᠶᠢᠨ ᠬᠦᠴᠦᠨ ᠳᠤ ᠪᠠᠭᠰᠢ ᠬᠦᠮᠦᠨ ᠠᠯᠢᠪᠠ ᠡᠷᠳᠡᠮ ᠮᠡᠳᠡᠯᠭᠡ ᠪᠠᠨ ᠰᠣᠷᠣᠭᠴᠢ ᠳᠤ ᠪᠠᠨ ᠬᠠᠷᠠᠮ ᠦᠭᠡᠢ ᠶᠡᠭᠦᠯᠡᠵᠦ᠂ ᠥᠭᠡ ᠲᠠᠭᠤ ᠦᠭᠡᠢ᠂ ᠥᠨᠡᠷᠬᠡᠵᠦ ᠭᠠᠪᠢᠶᠠᠷᠬᠠᠬᠤ ᠦᠭᠡᠢ ᠥᠬᠦᠨ ᠵᠢᠳᠬᠦᠳᠡᠭ᠃ ᠪᠠᠭᠰᠢ ᠬᠦᠮᠦᠨ ᠤ ᠠᠵᠢᠯ ᠡᠭᠦᠷᠭᠡ ᠬᠦᠨᠳᠦ᠂ ᠬᠠᠷᠢᠭᠤᠴᠠᠯᠭ᠎ᠠ ᠴᠢᠩᠭ᠎ᠠ ᠤᠴᠢᠷ ᠠᠴᠠ ᠠᠷᠠᠳ ᠲᠥᠮᠡᠨ ᠳᠤ ᠪᠠᠨ᠂ ᠡᠬᠡ ᠣᠷᠣᠨ ᠳᠤ ᠪᠠᠨ ᠣᠰᠣᠯᠳᠣᠬᠤ ᠦᠭᠡᠢ ᠪᠠᠶᠢᠬᠤ ᠶᠢ ᠬᠢᠴᠢᠶᠡᠳᠡᠭ᠃ ᠬᠡᠳᠡᠯ᠎ᠡ ᠪᠠᠭᠰᠢ ᠬᠦᠮᠦᠨ ᠤ ᠪᠠᠭ᠎ᠠ ᠯᠠ ᠠᠩᠬᠠᠷᠣᠮᠵᠢ ᠦᠭᠡᠢ ᠠᠴᠠ ᠪᠣᠯᠵᠦ ᠶᠠᠷᠢᠭᠰᠠᠨ ᠥᠭᠡ ᠶᠠᠷᠢᠶ᠎ᠠ᠂ ᠥᠢᠯᠡ ᠠᠵᠢᠯᠯᠠᠭ᠎ᠠ ᠨᠢ ᠵᠠᠷᠢᠮ ᠬᠡᠦᠬᠡᠳ ᠤᠨ ᠨᠢᠭᠡ ᠨᠠᠰᠣ ᠶᠢ ᠦᠭᠡᠶ ᠬᠢᠭᠦ ᠪᠣᠯᠣᠮᠵᠢ ᠶᠡᠭᠡ ᠪᠠᠶᠢᠳᠠᠭ᠃ ᠨᠢᠭᠡ ᠬᠤᠶᠠᠷ ᠤᠴᠢᠷ ᠢᠶᠠᠷ ᠨᠢᠭᠡ ᠬᠡᠦᠬᠡᠳ ᠤᠨ ᠢᠷᠡᠭᠡᠳᠦᠢ ᠶᠢ ᠲᠣᠭᠳᠠᠭᠠᠬᠤ ᠪᠣᠶᠣ ᠮᠠᠭᠤ ᠮᠠᠭᠤᠬᠠᠢ ᠳ᠋ᠦᠩᠨᠡᠯᠳᠡ ᠭᠠᠷᠭᠠᠵᠦ ᠪᠣᠯᠬᠤ ᠦᠭᠡᠢ᠃ ᠪᠠᠭᠰᠢ ᠶᠢᠨ ᠥᠭᠡ ᠶᠠᠷᠢᠶᠠᠨ ᠤ ᠰᠣᠷᠣᠭᠴᠢ ᠶᠢ ᠨᠦᠯᠦᠭᠡᠯᠡᠬᠦ ᠢᠳᠡ ᠬᠦᠴᠦ ᠶᠢ ᠪᠢᠳᠡ ᠪᠥᠬᠦᠨ ᠥᠢᠯᠠᠭᠠᠨ᠎ᠠ᠃ ᠵᠣᠷᠢᠯᠭ᠎ᠠ ᠲᠠᠢ ᠬᠡᠯᠡᠭᠰᠡᠨ ᠤᠳᠬ᠎ᠠ ᠲᠠᠢ ᠥᠭᠡ ᠨᠢ ᠰᠣᠷᠣᠭᠴᠢ ᠳᠤ ᠲᠦᠢᠯ ᠤᠨ ᠶᠡᠭᠡ ᠵᠤᠷᠢᠬᠵᠢᠭᠤᠯᠤᠯ ᠪᠤᠯᠳᠠᠬ᠃ ᠠᠮᠧᠷᠢᠺᠠ ᠶᠢᠨ ᠨᠢᠭᠡ ᠪᠠᠭ᠎ᠠ ᠰᠣᠷᠭᠠᠭᠤᠯᠢ ᠶᠢᠨ ᠵᠠᠬᠢᠷᠣᠯ ᠨᠢᠭᠡ ᠠᠯᠢᠶ᠎ᠠ ᠬᠡᠦᠬᠡᠳ ᠲᠤ᠄ ︽ᠪᠢ ᠴᠢᠨᠣ ᠨᠢᠳᠦᠨ ᠠᠴᠠ ᠣᠯᠵᠦ ᠮᠡᠳᠡᠯ᠎ᠡ᠃ ᠴᠢ ᠪᠣᠯ ᠵᠧᠦ ᠶᠢᠨ ᠲᠠᠷᠤᠭ᠎ᠠ ᠪᠣᠯᠬᠤ ᠬᠦᠮᠦᠨ︾ ᠭᠡᠵᠦ ᠬᠡᠯᠡᠵᠠᠢ᠃ ᠡᠨᠡ ᠰᠣᠷᠣᠭᠴᠢ ᠨᠢ 52 ᠨᠠᠰᠣᠨ ᠲᠡᠭᠡᠷ᠎ᠡ ᠪᠠᠨ ᠨᠢᠦ᠋ ᠶᠤᠷᠺ ᠵᠧᠦ ᠶᠢᠨ ᠲᠠᠷᠤᠭ᠎ᠠ ᠪᠣᠯᠣᠭᠰᠠᠨ ᠪᠠᠶᠢᠨ᠎ᠠ᠃ ᠰᠣᠷᠪᠣᠯᠵᠢᠯᠠᠭᠴᠢ ᠲᠠᠷᠠᠭᠦ ᠵᠠᠬᠢᠷᠤᠯ ᠠᠴᠠ᠄ ︽ᠲᠠ ᠴᠢᠨᠢ ᠵᠦᠡᠭᠴᠢ ᠪᠠᠶᠢᠨ᠎ᠠ᠃ ᠶᠠᠭᠠᠬᠢᠵᠤ ᠲᠡᠭᠦᠨ ᠤ ᠨᠢᠦ᠋ ᠶᠤᠷᠺ ᠵᠸᠤ ᠶᠢᠨ ᠲᠠᠷᠤᠭ᠎ᠠ ᠪᠣᠯᠬᠤ ᠶᠢ ᠮᠡᠳᠡᠭᠰᠡᠨ ᠪᠣᠢ︖︾ ᠭᠡᠭᠦ ᠳᠤ᠄ ︽ᠪᠢ ᠵᠦᠡᠭᠴᠢ ᠪᠢᠰᠢ᠂ ᠬᠡᠦᠬᠡᠳ ᠶᠠᠮᠠᠷ ᠴᠦ ᠪᠣᠯᠤᠭ᠂ ᠪᠢ ᠲᠣᠬᠠᠢ ᠶᠢᠨ ᠵᠢᠯ ᠤᠳ ᠲᠤ ᠲᠡᠳᠡᠭᠡᠷ ᠬᠡᠦᠬᠡᠳ ᠲᠤ ᠣᠨᠴᠠᠭᠠᠢ ᠬᠠᠶᠢᠷ᠎ᠠ ᠲᠠᠢ ᠪᠠᠶᠢᠭᠰᠠᠨ ᠠᠴᠠ ᠪᠣᠯᠣᠭᠰᠠᠨ ᠶᠤᠮ︾ ᠭᠡᠵᠠᠢ᠃ ᠡᠨᠡ ᠪᠣᠯ ᠢᠪᠢᠯᠦᠭᠰᠡᠨ ᠬᠠᠶᠢᠷ᠎ᠠ ᠶᠢᠨ ᠬᠦᠴᠦᠨ᠂ ᠮᠥᠨ ᠴᠦ ᠬᠡᠦᠬᠡᠳ ᠢ ᠬᠦᠮᠦᠵᠢᠭᠦᠯᠬᠦ ᠣᠨᠴᠠᠭᠠᠢ ᠣᠷ᠎ᠠ ᠲᠡᠮ ᠪᠣᠯᠬᠤ ᠶᠤᠮ᠃ ︽ᠬᠡᠦᠬᠡᠳ ᠮᠠᠭᠳᠠᠭᠠᠯ ᠢᠶᠠᠷ ᠬᠦᠮᠦᠵᠢᠭᠳᠡᠨ᠎ᠡ︾ ᠭᠡᠵᠦ ᠮᠠᠨ ᠤ ᠠᠷᠠᠳ ᠲᠥᠮᠡᠨ ᠰᠠᠴᠠᠯᠡᠭᠰᠡᠨ ᠪᠠᠶᠢᠳᠠᠬ᠃ ᠭᠡᠷ ᠤᠨ ᠠᠬᠠᠮᠠᠳ ᠤᠨ ᠴᠥᠬᠦᠷᠡᠰᠢ ᠦᠭᠡᠢ ᠴᠢᠷᠮᠠᠶᠢᠯᠭ᠎ᠠ ᠶᠢᠨ ᠲᠣᠣᠷ᠎ᠠ ᠬᠡᠦᠬᠡᠳ ᠤᠳ ᠵᠦᠪ ᠭᠦᠮᠦᠨ ᠪᠤᠯᠵᠤ ᠭᠦᠮᠦᠵᠢᠭᠳᠡᠨ᠎ᠡ᠃ ᠠᠬᠠᠮᠠᠳ ᠺᠡᠷᠧᠲ᠄ ︽ᠠᠪᠢᠶᠠᠰ ᠪᠢᠯᠢᠭᠳᠡᠨ ᠢ ᠡᠵᠡᠨ ᠲᠡᠭᠷᠢ ᠠᠴᠠ ᠢᠪᠡᠭᠡᠵᠦ ᠬᠠᠶᠢᠷᠠᠯᠠᠭᠰᠠᠨ ᠪᠢᠰᠢ᠂ ᠬᠠᠷᠢᠨ ᠰᠣᠷᠭᠠᠨ ᠬᠦᠮᠦᠵᠢᠭᠦᠯᠥᠭᠰᠡᠨ ᠤ ᠥᠷ᠎ᠡ ᠳ᠋ᠦᠩ ᠮᠥᠨ︾ ᠭᠡᠵᠦ ᠬᠡᠯᠡᠭᠰᠡᠨ ᠪᠠᠶᠢᠳᠠᠭ᠃ ᠪᠠᠭ᠎ᠠ ᠬᠡᠦᠬᠡᠳ ᠤᠨ ᠠᠩᠬᠠᠷᠣᠯ ᠲᠥᠪᠯᠡᠷᠡᠬᠦ ᠴᠠᠭ ᠮᠥᠴᠡ ᠲᠦᠢᠯ ᠤᠨ ᠣᠬᠤᠷ ᠪᠠᠶᠢᠳᠠᠭ᠃ ᠢᠯᠠᠩᠭᠤᠶ᠎ᠠ ᠲᠣᠷ᠎ᠠ ᠪᠠᠬ᠎ᠠ ᠦᠭᠡᠢ ᠪᠣᠶᠣ ᠠᠯᠪᠠᠳᠠᠯᠭ᠎ᠠ ᠶᠢᠨ ᠴᠢᠨᠠᠷ ᠲᠠᠢ ᠥᠢᠯᠡ ᠬᠡᠷᠡᠭ ᠲᠤ ᠲᠣᠮᠣ ᠬᠦᠮᠦᠨ ᠴᠦ ᠠᠷᠭ᠎ᠠ ᠪᠠᠷᠠᠭᠳᠠᠵᠦ ᠠᠭᠠᠰᠢ ᠠᠯᠳᠠᠷᠠᠨ᠎ᠠ᠃ ᠨᠢᠭᠡ ᠵᠥᠢᠯ ᠤᠨ ᠶᠠᠭᠤᠮ᠎ᠠ ᠪᠠᠷ ᠤᠳᠠᠭᠠᠨ ᠣᠷᠣᠯᠳᠣᠬᠤ ᠨᠢ ᠶᠠᠳᠠᠷᠠᠭ᠎ᠠ ᠲᠠᠢ ᠰᠠᠨᠠᠭᠳᠠᠵᠦ ᠵᠠᠯᠬᠠᠭᠤ ᠬᠦᠷᠭᠡᠳᠡᠭ᠃ ᠣᠯᠠᠩᠬᠢ ᠪᠠᠶᠢᠳᠠᠯ ᠲᠣᠣᠷ᠎ᠠ ᠠᠩᠬᠠᠷᠴᠦ ᠬᠢᠴᠢᠶᠡᠬᠦ ᠦᠭᠡᠢ ᠠᠴᠠ ᠪᠣᠯᠵᠦ ᠪᠠᠭᠰᠢ ᠪᠠ ᠭᠡᠷ ᠤᠨ ᠠᠬᠠᠮᠠᠳ ᠠᠴᠠ ᠬᠡᠦᠬᠡᠳ ᠢ ᠱᠠᠭᠠᠷᠳᠠᠬᠤ ᠨᠢ ᠬᠡᠦᠬᠡᠳ ᠤᠨ ᠪᠣᠳᠠᠳᠦ ᠪᠠᠶᠢᠳᠠᠯ ᠠᠴᠠ ᠬᠤᠯᠠ ᠬᠡᠳᠦᠷᠴᠤ᠂ ᠬᠡᠦᠬᠡᠳ ᠤᠨ ᠤᠷᠮ᠎ᠠ ᠵᠣᠷᠢᠭ ᠢ ᠬᠤᠭᠤᠯᠳᠠᠬ᠃ ᠬᠡᠦᠬᠡᠳ ᠤᠨ ᠲᠠᠭᠠᠭᠠᠴᠠ ᠲᠡᠰᠪᠦᠷᠢ ᠲᠦᠢᠯ ᠤᠨ ᠬᠢᠵᠠᠭᠠᠷ ᠲᠠᠢ ᠪᠠᠶᠢᠳᠠᠭ ᠣᠨᠴᠠᠯᠢᠭ ᠢ ᠥᠢᠯᠠᠭᠠᠵᠦ ᠠᠩᠬᠠᠷᠬᠤ ᠴᠢᠬᠤᠯᠠ ᠲᠠᠢ ᠶᠤᠮ᠃ ᠬᠡᠦᠬᠡᠳ ᠤᠨ ᠨᠠᠭᠠᠳᠬᠤ᠂ ᠲᠠᠮᠢᠷ ᠤᠨ ᠬᠦᠳᠡᠯᠭᠡᠭᠡᠨ ᠬᠢᠬᠦ᠂ ᠲᠠᠰᠬᠠᠯ ᠬᠢᠬᠦ᠂ ᠠᠮᠠᠷᠠᠬᠤ ᠴᠠᠭ ᠢ ᠵᠥᠢ ᠵᠣᠬᠢᠰᠳᠠᠢ ᠲᠣᠬᠢᠷᠠᠭᠤᠯᠬᠤ ᠪᠦᠭᠡᠳ ᠵᠦᠢ ᠶᠤᠰᠤ ᠪᠠᠷ ᠭᠡᠷᠡᠭᠵᠢᠭᠦᠯᠪᠡᠯ ᠲᠠᠭᠠᠷᠠᠨ᠎ᠠ᠃ ᠬᠡᠦᠬᠡᠳ ᠬᠡᠳᠦᠢ ᠪᠠᠭ᠎ᠠ ᠴᠦ ᠨᠢᠭᠤᠷ ᠢᠶᠠᠨ ᠬᠠᠶᠢᠷᠠᠯᠠᠨ᠎ᠠ᠃ ᠨᠢᠭᠤᠷ ᠢᠶᠠᠨ ᠬᠠᠶᠢᠷᠠᠯᠠᠬᠤ ᠨᠢ ᠵᠢᠩᠬᠢᠨᠢ ᠪᠤᠯᠪᠠᠰᠤᠨ ᠰᠠᠶᠢᠬᠠᠨ ᠵᠠᠩ ᠠᠷᠠᠨᠰᠢᠨ ᠤ ᠰᠢᠨᠵᠢ ᠲᠡᠮᠲᠡᠭ ᠰᠢᠤ ᠳ᠋ᠠ᠃ ᠢᠴᠢᠬᠦ ᠨᠢᠭᠤᠷᠳᠠᠢ ᠰᠠᠶᠢᠬᠠᠨ ᠶᠤᠮ᠃ ᠡᠷᠳᠡ ᠡᠳᠦᠭᠡ ᠲᠣᠳᠦᠭᠠᠳᠦ ᠭᠠᠳᠠᠭᠠᠳᠦ ᠳᠤ ᠪᠠᠭᠰᠢ ᠬᠦᠮᠦᠨ ᠰᠣᠷᠣᠭᠴᠢ ᠶᠢᠨ ᠨᠢᠭᠤᠷ ᠢ ᠪᠠᠷᠠᠬᠤ ᠪᠣᠶᠣ ᠪᠡᠶ᠎ᠡ ᠶᠢᠨ ᠬᠦᠨᠳᠦᠳᠬᠡᠯ ᠢ ᠬᠥᠨᠳᠡᠬᠦ ᠠᠴᠠ ᠶᠡᠭᠡ ᠴᠡᠭᠡᠷᠯᠡᠳᠡᠭ᠃ ᠬᠡᠳᠡᠯ᠎ᠡ ᠪᠣᠳᠠᠳᠦ ᠠᠮᠢᠳᠣᠷᠠᠯ ᠳᠤ ᠬᠡᠦᠬᠡᠳ ᠢᠶᠠᠨ ᠪᠣᠶᠣ ᠰᠣᠷᠣᠭᠴᠢ ᠶᠢᠨ ᠬᠠᠮᠤᠭ ᠤᠨ ᠡᠮᠵᠡᠭ ᠲᠠᠯ᠎ᠠ ᠶᠢ ᠪᠠᠷᠢᠵᠦ ᠣᠯᠠᠨ ᠤ ᠡᠮᠦᠨ᠎ᠡ ᠨᠢᠭᠤᠷ ᠢ ᠨᠢ ᠪᠠᠷᠠᠬᠤ ᠪᠠᠶᠢᠳᠠᠯ ᠬᠠᠶᠠ ᠭᠠᠷᠳᠠᠭ᠃ ᠪᠡᠶ᠎ᠡ ᠰᠡᠳᠬᠢᠯ ᠤᠨ ᠬᠠᠯᠠ ᠲᠠᠮᠦ ᠶᠢ ᠲᠠᠭᠠᠭᠠᠵᠦ ᠲᠡᠰᠦᠭᠰᠡᠨ ᠦᠭᠡᠢ ᠪᠡᠶ᠎ᠡ ᠪᠠᠨ ᠦᠭᠡᠶ ᠬᠢᠭᠰᠡᠨ ᠬᠡᠦᠬᠡᠳ ᠡ᠊ᠨᠳᠡ ᠲᠡᠨᠳᠡ ᠦᠭᠡᠢ ᠭᠠᠷᠴᠦ ᠪᠠᠶᠢᠳᠠᠭ᠃ ᠨᠡᠶᠢᠭᠡᠮ ᠤᠨ ᠥᠢᠯᠡᠳᠦᠯᠭᠡ ᠠᠴᠠ ᠦᠵᠡᠪᠡᠯ᠂ ᠪᠠᠭᠰᠢ ᠬᠦᠮᠦᠨ ᠮᠡᠳᠡᠯᠭᠡ ᠪᠣᠯᠪᠠᠰᠣᠷᠠᠯ ᠤᠨ ᠥᠷᠭᠡᠨ ᠭᠦᠨ᠂ ᠬᠢᠴᠢᠶᠡᠯᠯᠡᠬᠦ ᠣᠷ᠎ᠠ ᠲᠡᠮ᠂ ᠰᠣᠷᠣᠭᠴᠢ ᠶᠢ ᠲᠠᠳᠠᠬᠤ ᠢᠳᠡ ᠬᠦᠴᠦ᠂ ᠠᠵᠢᠯ ᠤᠨ ᠬᠠᠷᠢᠭᠤᠴᠠᠯᠭ᠎ᠠ ᠵᠡᠷᠭᠡ ᠲᠠᠯ᠎ᠠ ᠪᠠᠷ ᠰᠣᠷᠣᠭᠴᠢ ᠪᠠ ᠨᠡᠶᠢᠭᠡᠮ ᠨᠡᠶᠢᠳᠡ ᠶᠢᠨ ᠬᠦᠨᠳᠦᠳᠬᠡᠯ ᠪᠢᠰᠢᠷᠡᠯ ᠢ ᠣᠯᠳᠠᠭ᠃ ᠨᠡᠶᠢᠭᠡᠮ ᠤᠨ ᠤᠯᠠᠷᠢᠨ ᠬᠦᠭᠵᠢᠬᠦ ᠶᠢ ᠲᠠᠭᠠᠵᠦ ᠬᠡᠦᠬᠡᠳ ᠪᠠᠭᠠᠴᠣᠳ ᠤᠨ ᠵᠠᠩ ᠴᠢᠨᠠᠷ᠂ ᠪᠣᠳᠣᠯ ᠰᠡᠳᠬᠢᠴᠡ᠂ ᠲᠣᠷ᠎ᠠ ᠪᠠᠬ᠎ᠠ ᠥᠪᠡᠷ ᠥᠪᠡᠷ ᠤᠨ ᠤᠨᠴᠠᠯᠢᠭ ᠢᠶᠠᠷ ᠨᠠᠩ ᠲᠤᠪᠤᠶᠢᠮ᠎ᠠ ᠪᠤᠯᠵᠤ ᠪᠠᠶᠢᠨ᠎ᠠ᠃ ᠡᠶᠢᠮᠦ ᠠᠴᠠ ᠪᠠᠭᠰᠢ ᠶᠢᠨ ᠬᠤᠪᠢ ᠳᠤ ᠰᠣᠷᠣᠭᠴᠢ ᠶᠢᠨ ᠥᠵᠡᠯᠳᠡ᠂ ᠲᠠᠨᠢᠯᠳᠠ᠂ ᠵᠣᠭᠰᠣᠯᠳᠠ᠂ ᠰᠠᠨᠠᠭᠠᠰᠢᠷᠠᠯ ᠪᠠ ᠬᠠᠷᠠᠭᠠᠨ ᠴᠡᠭ ᠠᠴᠠ ᠠᠰᠠᠭᠤᠳᠠᠯ ᠢ ᠪᠣᠳᠣᠯᠬᠢᠯᠠᠵᠦ ᠢᠯᠡᠭᠦᠦ ᠬᠠᠷᠢᠴᠠᠵᠦ ᠬᠠᠶᠢᠷ᠎ᠠ ᠪᠠᠨ ᠬᠦᠷᠳᠡᠭᠡᠬᠦ ᠪᠠᠷ ᠲᠠᠮᠵᠢᠵᠦ᠂ ᠲᠡᠳᠡᠨ ᠤ ᠰᠡᠳᠬᠢᠯ ᠤᠨ ᠲᠠᠭᠤᠨ ᠢ ᠰᠣᠨᠣᠰᠬᠤ ᠴᠢᠬᠤᠯᠠ ᠲᠠᠢ ᠪᠠᠶᠢᠨ᠎ᠠ᠃ ᠬᠡᠦᠬᠡᠳ ᠪᠠᠭᠠᠴᠣᠳ ᠪᠡᠶ᠎ᠡ ᠳᠤ ᠨᠢ ᠲᠣᠯᠭᠠᠷᠠᠭᠰᠠᠨ ᠬᠡᠷᠡᠭ ᠤᠴᠢᠷ ᠤᠳ ᠢ ᠲᠤᠮᠦ ᠬᠦᠮᠦᠨ ᠳᠤ ᠲᠡᠷᠡ ᠪᠣᠯᠭᠠᠨ ᠢ ᠲᠣᠭᠠᠴᠢᠵᠦ ᠪᠥᠷᠢᠨ ᠢᠯᠡᠳᠬᠡᠵᠦ ᠴᠢᠳᠠᠬᠤ ᠦᠭᠡᠢ ᠪᠣᠶᠣ ᠶᠠᠷᠢᠵᠦ ᠲᠤᠭᠠᠴᠢᠬᠤ ᠠᠴᠠ ᠰᠢᠷᠬᠡᠶᠢᠳᠡᠭ ᠴᠦ ᠪᠤᠢ᠃ ᠬᠡᠦᠬᠡᠳ ᠪᠠᠰᠠ ᠠᠬᠤᠢ ᠠᠮᠢᠳᠣᠷᠠᠯ ᠰᠣᠷᠣᠯᠭ᠎ᠠ ᠶᠢᠨ ᠶᠠᠪᠣᠴᠠ ᠳᠤ ᠤᠴᠠᠷᠠᠭᠰᠠᠨ ᠵᠠᠷᠢᠮ ᠬᠡᠷᠡᠭ ᠢ ᠤᠬᠠᠭᠠᠨ ᠲᠥᠬᠦᠭᠡ ᠶᠢ ᠨᠢ ᠤᠯᠵᠤ ᠶᠠᠳᠠᠬᠤ ᠶᠤᠮ᠃ ᠭᠡᠷ ᠪᠥᠯᠢ ᠶᠢᠨ ᠠᠵᠦ ᠠᠬᠤᠢ ᠶᠢᠨ ᠨᠦᠭᠦᠴᠡᠯ᠂ ᠡᠪᠡᠳᠴᠢᠨ ᠵᠣᠪᠠᠯᠠᠩ᠂ ᠭᠠᠢ ᠭᠠᠮᠰᠢᠭ᠂ ᠭᠡᠷ ᠵᠠᠭᠤᠷ᠎ᠠ ᠶᠢᠨ ᠵᠥᠷᠢᠴᠡᠯ ᠮᠥᠷᠬᠦᠯᠳᠦᠭᠡᠨ ᠵᠡᠷᠭᠡ ᠪᠥᠬᠦ ᠤᠴᠢᠷ ᠶᠠᠪᠣᠳᠠᠯ ᠨᠢ ᠬᠡᠦᠬᠡᠳ ᠤᠨ ᠪᠣᠳᠣᠯ ᠰᠠᠨᠠᠭ᠎ᠠ ᠶᠢ ᠲᠠᠯᠳᠠᠭᠤᠷ ᠲᠠᠷᠴᠢᠯᠭᠠᠨ᠎ᠠ᠃ ᠣᠳᠣ ᠶᠢᠨ ᠨᠡᠶᠢᠭᠡᠮ ᠳᠤ ᠰᠤᠷᠭᠠᠨ ᠬᠦᠮᠦᠵᠢᠯ ᠤᠨ ᠤᠬᠠᠭᠠᠨ᠂ ᠰᠡᠳᠬᠢᠴᠡ ᠶᠢᠨ ᠵᠥᠢ᠂ ᠨᠡᠶᠢᠭᠡᠮ ᠤᠨ ᠬᠥᠭᠵᠢᠯᠳᠡ᠂ ᠢᠷᠡᠭᠡᠳᠦᠢ ᠶᠢᠨ ᠬᠠᠨᠳᠣᠰᠢ᠂ ᠪᠣᠯᠪᠠᠰᠣᠨ ᠮᠣᠷᠠᠯ ᠲᠠᠢ ᠨᠡᠶᠢᠴᠡᠬᠦ ᠦᠭᠡᠢ ᠬᠡᠷᠡᠭ ᠤᠴᠢᠷ ᠪᠠ ᠰᠣᠨᠢᠨ ᠬᠠᠴᠢᠨ ᠦᠵᠡᠭᠳᠡᠯ ᠭᠠᠷᠤᠭᠰᠠᠭᠠᠷ ᠯᠠ ᠪᠠᠶᠢᠨ᠎ᠠ᠃ ᠵᠤᠬᠢᠬᠤ ᠤᠳᠬᠠᠨ ᠠᠴᠠ ᠭᠡᠯᠡᠪᠡᠯ᠂ ᠨᠠᠭᠠᠳᠬᠤ ᠨᠢ ᠲᠡᠭᠡᠳᠦ ᠲᠡᠭᠷᠢ ᠠᠴᠠ ᠬᠡᠦᠬᠡᠳ ᠲᠤ ᠥᠭᠭᠦᠭᠰᠡᠨ ᠡᠷᠬᠡ ᠴᠢᠯᠣᠭᠡ ᠪᠠᠶᠢᠳᠠᠯ᠎ᠠ ᠨᠠᠭᠠᠳᠬᠤ ᠴᠢᠯᠣᠭᠡ ᠦᠭᠡᠢ᠂ ᠨᠦᠢᠷ ᠨᠢ ᠪᠠᠰᠠ ᠬᠠᠨᠣᠬᠤ ᠦᠭᠡᠢ ᠪᠠᠶᠢᠨ᠎ᠠ᠃ ᠪᠠᠭᠰᠢ ᠶᠢᠨ ᠬᠤᠪᠢ ᠳᠤ ᠬᠡᠦᠬᠡᠳ ᠤᠨ ᠨᠠᠰᠣ ᠵᠢᠯ᠂ ᠲᠠᠭᠠᠭᠠᠴᠠ ᠲᠡᠰᠪᠣᠷᠢ᠂ ᠴᠢᠨᠠᠷ ᠤᠨ ᠢᠯᠭᠠᠯ᠂ ᠣᠨᠴᠠᠯᠢᠭ᠂ ᠮᠠᠳᠠᠯᠭᠡ ᠶᠢ ᠰᠢᠩᠭᠡᠭᠡᠬᠦ ᠴᠢᠳᠠᠪᠣᠷᠢ ᠳᠤ ᠲᠣᠬᠢᠷᠠᠬᠤ ᠠᠷᠭ᠎ᠠ ᠲᠡᠮ ᠢ ᠬᠠᠶᠢᠬᠤ ᠴᠢᠬᠤᠯᠠ ᠲᠠᠢ᠃      ᠭᠤᠷᠪᠠ᠂ ᠰᠣᠷᠭᠠᠭᠤᠯᠢ      ᠰᠣᠷᠭᠠᠭᠤᠯᠢ ᠪᠣᠯ ᠬᠡᠦᠬᠡᠳ ᠪᠠᠭᠠᠴᠣᠳ ᠤᠨ ᠰᠣᠷᠭᠠᠨ ᠬᠦᠮᠦᠵᠢᠯ ᠭᠦᠷᠳᠡᠬᠦ ᠲᠣᠰᠬᠠᠢ ᠥᠯᠣᠭᠡᠢ᠃ ᠬᠡᠦᠬᠡᠳ ᠤᠨ ᠥᠰᠬᠦ᠂ ᠪᠤᠶᠢᠵᠢᠬᠤ᠂ ᠭᠦᠮᠦᠵᠢᠬᠦ᠂ ᠪᠣᠯᠪᠠᠰᠣᠷᠠᠬᠤ ᠣᠨᠴᠠᠭᠠᠢ ᠣᠷᠣᠨ ᠵᠠᠢ ᠶᠤᠮ᠃ ᠨᠢᠭᠡ ᠰᠤᠷᠭᠠᠭᠤᠯᠢ ᠶᠢᠨ ᠰᠣᠷᠤᠯᠴᠠᠬᠤ ᠠᠭᠤᠷ ᠠᠮᠢᠰᠬᠤᠯ᠂ ᠰᠠᠶᠢᠨ ᠰᠠᠶᠢᠬᠠᠨ ᠵᠠᠩ ᠵᠢᠷᠣᠮ ᠵᠢᠴᠢ ᠠᠵᠢᠯᠴᠢ ᠪᠣᠷᠣᠭᠵᠢᠭᠤᠨ ᠬᠡᠪ ᠰᠣᠷᠳᠠᠯ ᠨᠢ ᠬᠡᠦᠬᠡᠳ ᠪᠠᠭᠠᠴᠣᠳ ᠤᠨ ᠬᠤᠵᠢᠮ ᠤᠨ ᠢᠷᠡᠭᠡᠳᠤᠢ ᠳᠤ ᠭᠦᠨᠵᠡᠭᠡᠢ ᠨᠦᠯᠦᠭᠡ ᠦᠵᠡᠭᠦᠯᠳᠡᠭ᠃ ᠪᠠᠭᠰᠢ ᠰᠣᠷᠭᠠᠭᠤᠯᠢ ᠬᠤᠶᠠᠷ ᠢᠶᠠᠨ ᠪᠠᠶᠢᠨ ᠲᠠᠬᠢᠨ ᠲᠣᠷᠡᠰᠴᠦ ᠰᠠᠨᠠᠭᠠᠯᠵᠠᠵᠦ ᠶᠠᠪᠣᠳᠠᠭ ᠰᠣᠷᠣᠭᠴᠢ ᠬᠠᠶᠠ ᠦᠭᠡᠢ ᠲᠠᠭᠠᠷᠠᠳᠠᠭ᠃ ᠡᠬᠡ ᠰᠣᠷᠭᠠᠭᠤᠯᠢ ᠪᠠᠨ ᠭᠡᠵᠦ ᠡᠯᠢᠭᠡ ᠵᠢᠷᠦᠬᠡ ᠨᠢ ᠲᠣᠭᠳᠣᠯᠵᠦ ᠶᠠᠪᠣᠭᠰᠠᠨ ᠵᠢᠱᠢᠶ᠎ᠡ ᠴᠦ ᠠᠷᠪᠢᠨ ᠪᠠᠶᠢᠳᠠᠭ᠃ ᠰᠤᠷᠭᠠᠭᠤᠯᠢ ᠪᠣᠯ ᠰᠣᠶᠣᠯ ᠤᠨ ᠥᠯᠣᠭᠡᠢ᠂ ᠰᠣᠷᠬᠤ ᠨᠠᠰᠣᠨ ᠤ ᠬᠡᠦᠬᠡᠳ ᠪᠠᠭᠠᠴᠣᠳ ᠤᠨ ᠠᠯᠣᠰ ᠤᠨ ᠠᠶᠠᠨ ᠤ ᠬᠢᠨᠢ ᠠᠩᠬᠠᠨ ᠤ ᠲᠥᠷᠣᠭᠡ᠂ ᠠᠰᠢᠳᠠ ᠡᠷᠢᠭ᠍ᠳᠡᠬᠦ ᠮᠥᠩᠬᠡ ᠶᠢᠨ ᠵᠣᠯᠠ᠃ ᠬᠡᠦᠬᠡᠳ ᠪᠠᠭᠠᠴᠣᠳ ᠤᠨ ᠣᠶᠣᠨ ᠤᠬᠠᠭᠠᠨ ᠤᠭᠤᠷᠠᠭ ᠲᠠᠷᠢᠬᠢ ᠶᠢ ᠰᠣᠶᠣᠨ ᠭᠡᠭᠡᠷᠡᠭᠦᠯᠥᠭᠴᠢ ︽ᠰᠣᠷᠭᠠᠭᠤᠯᠢ︾ ᠭᠡᠭᠴᠢ ᠪᠠᠶᠢᠭᠤᠯᠣᠮᠵᠢ ᠪᠣᠢ ᠪᠣᠯᠣᠭᠠᠳ ᠣᠳᠣ ᠨᠢᠭᠡᠨᠳᠡ ᠬᠡᠳᠦᠨ ᠮᠢᠩᠭᠠᠨ ᠵᠢᠯ ᠤᠨ ᠲᠡᠦᠬᠡᠨ ᠶᠠᠪᠣᠴᠠ ᠶᠢ ᠥᠩᠭᠡᠷᠡᠭᠡᠵᠦ᠂ ᠰᠣᠷᠭᠠᠭᠤᠯᠢ ᠶᠢᠨ ᠠᠯᠳᠠᠨ ᠪᠣᠱᠤᠭ᠎ᠠ ᠶᠢ ᠲᠠᠮᠵᠢᠨ ᠲᠣᠭᠠᠯᠠᠰᠢ ᠦᠭᠡᠢ ᠣᠯᠠᠨ ᠡᠷᠳᠡᠮᠳᠡᠨ ᠬᠦᠮᠦᠵᠢᠭᠳᠡᠨ ᠭᠠᠷᠴᠦ᠂ ᠬᠦᠮᠦᠨ ᠲᠥᠷᠣᠯᠬᠢᠳᠡᠨ ᠤ ᠬᠥᠭᠵᠢᠯᠳᠡ ᠪᠠ ᠪᠣᠯᠪᠠᠰᠣᠨ ᠲᠡᠦᠬᠡᠨ ᠳᠤ ᠬᠤᠪᠢ ᠨᠠᠮᠠᠷᠢ ᠦᠵᠡᠭᠦᠯᠦᠭᠰᠡᠭᠡᠷ ᠥᠨᠣᠳᠦᠷ ᠲᠤ ᠬᠦᠷᠴᠦ ᠢᠷᠡᠯ᠎ᠡ᠃ ᠬᠦᠮᠦᠨ ᠲᠥᠷᠣᠯᠬᠢᠳᠡᠨ ᠤ ᠬᠥᠭᠵᠢᠯᠳᠡ ᠪᠠ ᠪᠣᠯᠪᠠᠰᠣᠨ ᠤ ᠲᠡᠦᠬᠡ ᠪᠣᠯ ᠪᠥᠬᠦ ᠬᠦᠮᠦᠨ ᠲᠥᠷᠣᠯᠬᠢᠳᠡᠨ ᠤ ᠬᠠᠮᠳᠦ ᠶᠢᠨ ᠥᠪ ᠬᠦᠷᠣᠩᠭᠡ ᠪᠣᠯᠬᠤ ᠶᠤᠮ᠃ ᠲᠣᠮᠳᠠᠳᠦ ᠤᠯᠤᠰ ᠪᠣᠯ ᠡᠷᠳᠡᠨ ᠤ ᠲᠥᠷᠪᠡᠨ ᠪᠣᠯᠪᠠᠰᠣᠨ ᠣᠯᠣᠰ ᠤᠨ ᠨᠢᠭᠡ ᠪᠠᠶᠢᠵᠦ᠂ ᠲᠠᠪᠣᠨ ᠮᠢᠩᠭᠠᠨ ᠵᠢᠯ ᠤᠨ ᠭᠡᠷᠡᠯ ᠰᠠᠴᠤᠷᠠᠩᠭᠤᠢ ᠪᠣᠯᠪᠠᠰᠣᠨ ᠤ ᠲᠡᠦᠬᠡ ᠶᠢ ᠡᠭᠦᠳᠴᠦ᠂ ᠬᠦᠮᠦᠨ ᠲᠥᠷᠣᠯᠬᠢᠳᠡᠨ ᠤ ᠲᠡᠦᠬᠡᠨ ᠳᠤ ᠪᠠᠯᠠᠷᠠᠰᠢ ᠦᠭᠡᠢ ᠬᠤᠪᠢ ᠨᠡᠮᠡᠷᠢ ᠦᠵᠡᠭᠦᠯᠥᠭᠰᠡᠨ ᠪᠢᠯᠡ᠃      ᠲᠡᠯᠡᠬᠡᠢ ᠲᠡᠭᠡᠷ᠎ᠡ ᠬᠡᠳᠦᠨ ᠵᠠᠭᠤᠨ ᠵᠢᠯ ᠤᠨ ᠲᠡᠦᠬᠡ ᠲᠠᠢ ᠰᠣᠷᠭᠠᠭᠤᠯᠢ ᠨᠤᠭᠤᠳ ᠮᠠᠰᠢ ᠣᠯᠠᠨ ᠪᠠᠶᠢᠵᠦ᠂ ᠬᠦᠮᠦᠨ ᠲᠥᠷᠣᠯᠬᠢᠳᠡᠨ ᠤ ᠬᠥᠭᠵᠢᠯᠳᠡ ᠳᠤ ᠠᠤᠭ᠎ᠠ ᠶᠡᠭᠡ ᠥᠢᠯᠡᠳᠦᠯ ᠦᠵᠡᠭᠦᠯᠦᠭᠰᠡᠨ ᠨᠢ ᠪᠢᠰᠢᠷᠡᠯᠲᠠᠢ ᠶᠤᠮ᠃ ᠬᠦᠮᠦᠰ ᠤᠨ ᠰᠡᠳᠬᠢᠯ ᠢ ᠤᠶᠠᠷᠠᠭᠤᠯᠣᠭᠰᠠᠨ ᠨᠢᠭᠡ ᠥᠯᠢᠭᠡᠷ ᠢ ᠲᠣᠷᠠᠳᠪᠠᠯ᠂ 1803 ᠣᠨ ᠳᠤ ᠠᠮᠧᠷᠢᠺᠠ ᠤᠯᠤᠰ ᠨᠢ ᠠᠷᠠᠢ ᠭᠡᠵᠦ ᠬᠠᠭᠠᠰ ᠺᠣᠯᠣᠨᠢ ᠶᠢᠨ ᠲᠠᠷᠣᠩᠭᠤᠶᠢᠯᠠᠯ ᠠᠴᠠ ᠠᠩᠬᠢᠵᠢᠷᠠᠵᠦ᠂ ᠠᠷᠠᠳ ᠲᠥᠮᠡᠨ ᠤ ᠠᠮᠢᠳᠣᠷᠠᠯ ᠲᠦᠢᠯ ᠤᠨ ᠬᠦᠴᠢᠷ ᠪᠠᠷᠭᠡᠰᠢᠶᠡᠯ ᠲᠠᠢ ᠪᠠᠶᠢᠭᠰᠠᠨ ᠥᠶ᠎ᠡ ᠳᠤ᠂ ᠨᠢᠭᠡᠨ ᠪᠡᠶ᠎ᠡ ᠪᠠᠭᠤᠷᠠᠢ ᠡᠪᠡᠳᠴᠢᠨ ᠡᠮᠬᠡᠭ ᠲᠤ ᠳᠠᠷᠤᠭᠳᠠᠭᠰᠠᠨ ᠪᠥᠰᠡᠭᠦᠢ ᠪᠢᠴᠢᠬᠠᠨ ᠥᠬᠢᠨ ᠢᠶᠠᠨ ᠲᠠᠭᠠᠭᠤᠯᠵᠦ ᠭᠤᠶᠢᠷᠠᠨᠴᠢᠯᠠᠨ ᠲᠡᠨᠦᠭᠦᠴᠢᠯᠡᠵᠦ ᠶᠠᠪᠣᠭᠰᠠᠭᠠᠷ ᠠᠮᠧᠷᠢᠺᠠ ᠶᠢᠨ ᠹᠢᠯᠠᠳᠧᠯᠹᠢᠶ᠎ᠠ ᠬᠤᠳᠠ ᠶᠢᠨ ᠵᠠᠬ᠎ᠠ ᠶᠢᠨ ᠨᠢᠭᠡᠨ ᠰᠣᠷᠭᠠᠭᠤᠯᠢ ᠶᠢᠨ ᠡᠭᠦᠳᠡᠨ ᠳᠤ ᠨᠠᠷᠠᠨ ᠳᠤ ᠡᠭᠡᠭᠡᠵᠦ ᠰᠠᠭᠤᠵᠦ ᠪᠠᠶᠢᠳᠠᠯ᠎ᠠ᠂ ᠰᠣᠷᠭᠠᠭᠤᠯᠢ ᠶᠢᠨ ᠬᠦᠷᠢᠶᠡᠨ ᠤ ᠬᠡᠦᠬᠡᠳ ᠤᠳ ᠤᠨ ᠪᠢᠴᠢᠭ ᠤᠩᠰᠢᠬᠤ ᠲᠠᠭᠤ ᠪᠤᠯᠤᠨ ᠲᠡᠭᠦᠯᠳᠡᠷ ᠬᠥᠭᠵᠢᠮ ᠲᠠᠳᠠᠬᠤ ᠲᠠᠭᠤᠨ ᠰᠣᠨᠣᠰᠤᠭᠳᠠᠭᠰᠠᠨ ᠪᠠᠶᠢᠨ᠎ᠠ᠃ ᠡᠨᠡ ᠭᠦ ᠲᠠᠭᠤ ᠨᠢ ᠪᠢᠴᠢᠬᠠᠨ ᠥᠬᠢᠨ ᠤ ᠰᠡᠳᠬᠢᠯ ᠵᠢᠷᠦᠬᠡ ᠶᠢ ᠥᠪᠡᠷ ᠤᠨ ᠡᠷᠬᠡ ᠦᠭᠡᠢ ᠲᠣᠭᠳᠦᠯᠤᠭᠤᠯᠵᠦ᠂ ᠰᠣᠷᠭᠠᠭᠤᠯᠢ ᠳᠤ ᠰᠠᠭᠤᠬᠤ ᠶᠢ ᠭᠦᠰᠡᠨ ᠮᠥᠷᠣᠭᠡᠳᠦᠭᠰᠡᠨ ᠰᠡᠳᠬᠢᠯᠭᠡ ᠳᠤ ᠪᠠᠨ ᠬᠥᠳᠦᠯᠥᠭᠳᠡᠭᠰᠡᠨ ᠪᠢᠴᠢᠬᠠᠨ ᠥᠬᠢᠨ ᠡᠭᠦᠨ ᠠᠴᠠ ᠬᠤᠶᠢᠰᠢ ᠥᠷᠭᠦᠯᠵᠢ ᠰᠣᠷᠭᠠᠭᠤᠯᠢ ᠶᠢᠨ ᠬᠡᠷᠡᠮ ᠤᠨ ᠭᠠᠳᠠᠨ᠎ᠠ ᠰᠠᠭᠤᠵᠦ ᠬᠢᠴᠢᠶᠡᠯ ᠰᠣᠨᠣᠰᠳᠠᠭ ᠪᠣᠯᠵᠠᠢ᠃ ᠬᠠᠷᠠᠮᠰᠠᠯᠳᠠᠢ ᠨᠢ ᠬᠥᠭᠡᠷᠣᠬᠦᠢ ᠥᠬᠢᠨ ᠤ ᠡᠵᠢ ᠨᠢ ᠨᠢᠭᠡ ᠵᠢᠯ ᠤᠨ ᠲᠠᠷᠠᠭ᠎ᠠ ᠡᠪᠡᠳᠴᠢᠨ ᠢᠶᠠᠷ ᠨᠠᠰᠣ ᠪᠠᠷᠠᠵᠠᠢ᠃ ᠭᠡᠪᠡᠴᠦ ᠥᠨᠣᠴᠢᠨ ᠭᠠᠭᠴᠠᠭᠠᠷ ᠪᠣᠯᠣᠭᠰᠠᠨ ᠪᠢᠴᠢᠬᠠᠨ ᠥᠬᠢᠨ ᠮᠥᠨ ᠯᠡ ᠰᠤᠷᠭᠠᠭᠤᠯᠢ ᠳᠤ ᠰᠠᠭᠤᠬᠤ ᠲᠣᠷ᠎ᠠ ᠬᠦᠰᠡᠯ ᠠᠴᠠ ᠪᠠᠨ ᠪᠣᠯᠵᠦ ᠥᠷᠭᠦᠯᠵᠢᠯᠡᠨ ᠰᠣᠷᠭᠠᠭᠤᠯᠢ ᠶᠢᠨ ᠭᠠᠳᠠᠨ᠎ᠠ ᠠᠴᠠ ᠬᠢᠴᠢᠶᠡᠯ ᠰᠣᠨᠣᠰᠳᠠᠭ ᠪᠠᠶᠢᠵᠠᠢ᠃ ᠲᠡᠭᠡᠵᠤ ᠪᠠᠶᠢᠳᠠᠯ᠎ᠠ ᠨᠢᠭᠡᠨ ᠪᠠᠭᠰᠢ ᠲᠠᠢ ᠤᠴᠠᠷᠠᠵᠦ ᠲᠠᠷᠠ ᠪᠠᠰᠠ ᠡᠨᠡ ᠰᠣᠷᠭᠠᠭᠤᠯᠢ ᠳᠤ ᠪᠢᠴᠢᠭ ᠦᠵᠡᠵᠤ ᠪᠤᠯᠬᠤ ᠡᠰᠡᠭᠦ ᠶᠢ ᠠᠰᠠᠭᠤᠭᠰᠠᠨ ᠳᠤ ᠡᠨᠡ ᠪᠠᠭᠰᠢ ᠪᠢᠴᠢᠬᠠᠨ ᠥᠬᠢᠨ ᠤ ᠰᠡᠳᠬᠢᠯ ᠢ ᠬᠥᠨᠳᠡᠬᠦ ᠠᠴᠠ ᠪᠣᠯᠭᠤᠮᠵᠢᠯᠠᠨ᠄ ︽ᠲᠣᠰ ᠰᠣᠷᠭᠠᠭᠤᠯᠢ ᠶᠢᠨ ᠬᠦᠷᠢᠶ᠎ᠡ ᠬᠡᠪᠴᠢᠶ᠎ᠡ ᠲᠦᠢᠯ ᠤᠨ ᠪᠠᠭ᠎ᠠ ᠰᠢᠦ︕ ᠵᠥᠪᠬᠡᠨ ᠪᠠᠶᠠᠴᠤᠳ ᠤᠨ ᠬᠡᠦᠬᠡᠳ ᠢ ᠯᠠ ᠪᠠᠭᠳᠠᠭᠠᠳᠠᠭ︾ ᠭᠡᠵᠦ ᠬᠡᠯᠡᠭᠰᠡᠨ ᠪᠠᠶᠢᠨ᠎ᠠ᠃ ᠲᠡᠷᠡ ᠴᠠᠭ ᠠᠴᠠ ᠡᠬᠢᠯᠡᠵᠦ ᠪᠢᠴᠢᠬᠠᠨ ᠥᠬᠢᠨ ᠰᠤᠷᠭᠠᠭᠤᠯᠢ ᠶᠢᠨ ᠭᠠᠳᠠᠨ᠎ᠠ ᠬᠢᠴᠢᠶᠡᠯ ᠰᠣᠨᠣᠰᠬᠤ ᠶᠢᠨ ᠲᠠᠭᠠᠤ ᠭᠤᠶᠢᠷᠠᠨᠴᠢᠯᠠᠵᠦ ᠲᠣᠰ ᠰᠣᠷᠭᠠᠭᠤᠯᠢ ᠶᠢ ᠥᠷᠬᠡᠳᠬᠡᠨ ᠪᠠᠶᠢᠭᠤᠯᠬᠤ ᠳᠤ ᠮᠥᠩᠭᠦ ᠬᠤᠷᠠᠮᠳᠣᠭᠤᠯᠵᠦ ᠶᠠᠳᠠᠭᠤᠴᠤᠳ ᠤᠨ ᠬᠡᠦᠬᠡᠳ ᠢ ᠪᠥᠷ ᠰᠤᠷᠭᠠᠭᠤᠯᠢ ᠳᠤ ᠰᠠᠭᠤᠯᠭᠠᠬᠤ ᠭᠡᠵᠦ ᠵᠣᠷᠢᠭᠰᠠᠨ ᠪᠠᠶᠢᠵᠠᠢ᠃ ᠬᠡᠳᠡᠯ᠎ᠡ ᠡᠨᠡ ᠭᠦ ᠬᠥᠭᠡᠷᠣᠬᠦᠢ ᠥᠬᠢᠨ ᠴᠠᠰᠣ ᠰᠢᠭᠤᠷᠠᠭᠠᠨᠳᠤ ᠡᠪᠦᠯ ᠤᠨ ᠨᠢᠭᠡ ᠡᠳᠦᠷ ᠰᠣᠷᠭᠠᠭᠤᠯᠢ ᠶᠢᠨ ᠬᠡᠷᠡᠮ ᠤᠨ ᠭᠠᠳᠠᠨ᠎ᠠ ᠬᠥᠯᠳᠡᠵᠦ ᠥᠬᠦᠭᠰᠡᠨ ᠢ ᠬᠦᠮᠦᠰ ᠣᠯᠵᠦ ᠮᠡᠳᠡᠭᠰᠡᠨ ᠪᠥᠭᠡᠳ ᠲᠡᠭᠦᠨ ᠤ ᠬᠠᠷᠮᠠᠨ ᠳᠤ 57 ᠮᠥᠩᠭᠦ ᠪᠠ ᠨᠢᠭᠡ ᠴᠠᠭᠠᠰᠣᠨ ᠲᠡᠭᠡᠷ᠎ᠡ ᠮᠣᠷᠣᠢ ᠬᠠᠵᠠᠭᠠᠢ ᠪᠠᠷ ︽ᠲᠣᠰ ᠰᠣᠷᠭᠠᠭᠤᠯᠢ ᠶᠢ ᠥᠷᠬᠡᠳᠬᠡᠨ ᠪᠠᠶᠢᠭᠤᠯᠬᠤ ᠳᠤ ᠮᠥᠩᠬᠦ ᠬᠤᠷᠠᠮᠳᠣᠭᠤᠯᠵᠦ ᠪᠣᠢ ᠪᠥᠬᠦᠢ ᠶᠠᠳᠠᠭᠤ ᠠᠶᠢᠯ ᠤᠨ ᠬᠡᠦᠬᠡᠳ ᠢ ᠰᠣᠷᠭᠠᠭᠤᠯᠢ ᠳᠤ ᠰᠠᠭᠤᠯᠭᠠᠬᠤ ᠶᠢᠨ ᠲᠥᠯᠣᠭᠡ ᠪᠢ ᠪᠥᠳᠦᠨ ᠨᠢᠭᠡ ᠵᠢᠯ ᠭᠤᠶᠣᠵᠦ ᠣᠯᠣᠭᠰᠠᠨ ᠮᠥᠩᠭᠦ ᠶᠤᠮ︾ ᠭᠡᠵᠦ ᠪᠢᠴᠢᠭᠰᠡᠨ ᠪᠠᠶᠢᠵᠠᠢ᠃ ᠡᠨᠡ ᠭᠦ ᠴᠢᠮᠡᠭᠡ ᠤᠳᠠᠯ ᠦᠭᠡᠢ ᠲᠠᠷᠬᠠᠭᠳᠠᠵᠤ ᠭᠡᠷ ᠪᠠᠶᠢᠰᠢᠩ ᠭᠠᠵᠠᠷ ᠬᠥᠷᠣᠩᠭᠡ ᠶᠢᠨ ᠲᠣᠮᠤ ᠪᠠᠶᠠᠴᠤᠳ ᠠᠴᠠ ᠪᠢᠴᠢᠬᠠᠨ ᠥᠬᠢᠨ ᠤ 57 ᠮᠥᠩᠭᠦ ᠪᠠᠷ ᠵᠠᠭᠤᠨ ᠮᠦ ᠭᠠᠵᠠᠷ ᠢ ᠰᠣᠷᠭᠠᠭᠤᠯᠢ ᠳᠤ ᠬᠤᠳᠠᠯᠳᠣᠨ ᠥᠭᠴᠦ᠂ ᠲᠣᠭᠤᠰᠬ᠎ᠠ᠂ ᠴᠢᠯᠠᠭᠤ᠂ ᠮᠣᠳᠣᠨ ᠤ ᠠᠷᠠᠯᠵᠢᠶᠠᠴᠢᠳ ᠪᠠᠷᠢᠯᠭ᠎ᠠ ᠶᠢᠨ ᠮᠠᠲ᠋ᠧᠷᠢᠶᠠᠯ ᠢ ᠥᠨ᠎ᠡ ᠲᠦᠯᠦᠪᠤᠷᠢ ᠦᠭᠡᠢ ᠬᠠᠨᠳᠢᠪᠯᠠᠵᠦ᠂ ᠲᠣᠩ ᠣᠯᠠᠨ ᠪᠠᠷᠢᠯᠭ᠎ᠠ ᠶᠢᠨ ᠲᠠᠷᠬᠠᠨ ᠬᠦᠴᠦ ᠬᠥᠯᠣᠰᠦ ᠠᠪᠬᠤ ᠦᠭᠡᠢ ᠠᠵᠢᠯᠯᠠᠬᠤ ᠪᠠᠷ ᠨᠡᠷ᠎ᠡ ᠮᠡᠳᠡᠭᠦᠯᠵᠦ᠂ ᠡᠨᠡ ᠭᠦ ᠲᠦᠢᠯ ᠤᠨ ᠪᠠᠭ᠎ᠠ ᠬᠡᠪᠴᠢᠶ᠎ᠡ ᠲᠠᠢ ᠢᠵᠠᠭᠤᠷᠳᠠᠨ ᠤ ᠰᠣᠷᠭᠠᠭᠤᠯᠢ ᠶᠢ ᠤᠳᠠᠯ ᠦᠭᠡᠢ ᠵᠠᠭᠤᠨ ᠮᠦ ᠶᠢᠨ ᠲᠠᠯᠠᠪᠠᠢ ᠲᠠᠢ ᠨᠢᠭᠡᠨ ᠶᠡᠭᠡ ᠰᠣᠷᠭᠠᠭᠤᠯᠢ ᠪᠣᠯᠣᠨ ᠪᠠᠶᠢᠭᠤᠯᠤᠭᠰᠠᠨ ᠪᠥᠭᠡᠳ ᠰᠣᠷᠭᠠᠭᠤᠯᠢ ᠶᠢᠨ ᠨᠡᠷ᠎ᠡ ᠶᠢ ︽ᠹᠢᠯᠠᠳᠧᠯᠹᠢᠶ᠎ᠠ ᠶᠡᠭᠡ ᠰᠣᠷᠭᠠᠭᠤᠯᠢ︾ ᠭᠡᠮᠡᠨ ᠨᠡᠷᠡᠶᠢᠳᠴᠦ᠂ ᠣᠳᠣ ᠪᠣᠯᠬᠤ ᠳᠤ ᠲᠣᠰ ᠰᠣᠷᠭᠠᠭᠤᠯᠢ ᠨᠢ ᠨᠢᠬᠡᠨᠳᠡ ᠬᠤᠶᠠᠷ ᠵᠠᠭᠤ ᠭᠠᠷᠣᠢ ᠵᠢᠯ ᠤᠨ ᠲᠡᠦᠬᠡ ᠲᠠᠢ ᠪᠤᠯᠵᠠᠢ᠃ ᠰᠤᠷᠭᠠᠭᠤᠯᠢ ᠭᠡᠬᠦ ᠡᠨᠡᠭᠦ ᠠᠷᠢᠭᠤᠨ ᠲᠠᠷᠬᠠᠨ ᠣᠷᠣᠨ ᠨᠢ ᠬᠡᠦᠬᠡᠳ ᠪᠠᠭᠠᠴᠣᠳ ᠤᠨ ᠬᠦᠰᠡᠯᠡᠩ ᠤᠨ ᠣᠷᠣᠨ ᠪᠣᠯᠵᠦ᠂ ᠲᠡᠳᠡᠨ ᠤ ᠣᠶᠣᠨ ᠰᠦᠨᠡᠰᠦ ᠶᠢ ᠲᠠᠭᠤᠳᠠᠨ ᠲᠠᠯᠠᠯᠠᠵᠤ ᠪᠠᠶᠢᠳᠠᠭ ᠶᠤᠮ᠃ ᠬᠦᠮᠦᠨ ᠲᠥᠷᠣᠯᠬᠢᠳᠡᠨ ᠤ ᠥᠨᠢ ᠤᠳᠠᠭᠠᠨ ᠤ ᠣᠷᠤᠭ᠎ᠠ ᠪᠣᠰᠬᠠᠭ᠎ᠠ ᠲᠡᠦᠬᠡᠨ ᠶᠠᠪᠣᠴᠠ ᠳᠤ ᠭᠡᠳᠤᠢ ᠣᠯᠠᠨ ᠬᠡᠦᠬᠡᠳ ᠪᠠᠭᠠᠴᠤᠳ ᠤᠨ ᠰᠣᠷᠭᠠᠭᠤᠯᠢ ᠶᠢᠨ ᠡᠭᠦᠳᠡᠨ ᠪᠣᠱᠤᠭ᠎ᠠ ᠶᠢ ᠠᠯᠬᠤᠬᠤ ᠬᠦᠰᠡᠯ ᠲᠡᠮᠡᠦᠯᠣᠯ ᠨᠢ ᠬᠥᠭᠡᠰᠦ ᠪᠣᠯᠣᠨ ᠵᠠᠮᠬᠠᠷᠠᠭᠰᠠᠨ ᠢ ᠪᠣᠦ ᠮᠡᠳᠡ᠃ ᠰᠣᠷᠭᠠᠭᠤᠯᠢ ᠨᠢ ᠨᠢᠭᠡ ᠬᠦᠮᠦᠨ ᠤ ᠥᠰᠴᠦ ᠪᠤᠶᠢᠵᠢᠬᠤ᠂ ᠰᠣᠷᠤᠯᠴᠠᠬᠤ ᠠᠮᠢᠳᠣᠷᠠᠬᠤ᠂ ᠠᠳᠠᠯ ᠥᠢᠯᠡᠰ ᠪᠣᠰᠬᠠᠬᠤ ᠳᠤ ᠨᠢ ᠬᠢᠵᠠᠭᠠᠷ ᠦᠭᠡᠢ ᠶᠡᠭᠡ ᠥᠢᠯᠡᠳᠦᠯ ᠥᠵᠡᠭᠦᠯᠳᠡᠭ ᠪᠠᠶᠢᠨ᠎ᠠ᠃ ᠠᠷᠪᠠᠨ ᠬᠡᠳᠦᠨ ᠵᠢᠯ ᠤᠨ ᠡᠮᠦᠨ᠎ᠡ ᠪᠣᠭᠤᠳᠦ ᠬᠤᠳᠠ ᠶᠢᠨ ᠬᠥᠩᠭᠡᠨ ᠠᠵᠦ ᠥᠢᠯᠡᠳᠪᠣᠷᠢ ᠶᠢᠨ ᠲᠣᠮᠳᠠᠳᠦ ᠰᠤᠷᠭᠠᠭᠤᠯᠢ ᠶᠢᠨ ᠨᠢᠭᠡ ᠰᠣᠷᠣᠭᠴᠢ ᠨᠠᠮᠳᠠᠷᠴᠢᠯᠠᠨ ᠪᠢᠴᠢᠭᠰᠡᠨ ᠲᠡᠦᠬᠡᠨ ᠷᠣᠮᠠᠨ ᠢᠶᠠᠨ ᠪᠡᠭᠡᠵᠢᠩ ᠤᠨ ᠨᠢᠭᠡ ᠬᠡᠪᠯᠡᠯ ᠤᠨ ᠬᠤᠷᠢᠶ᠎ᠠ ᠳᠤ ᠭᠤᠪᠢᠭᠤᠯᠤᠨ ᠢᠯᠡᠭᠡᠭᠰᠡᠨ ᠳᠤ ᠬᠡᠪᠯᠡᠯ ᠤᠨ ᠬᠤᠷᠢᠶ᠎ᠠ ᠨᠢ ᠲᠣᠰ ᠨᠣᠮ ᠢ ᠬᠡᠪᠯᠡᠬᠦ ᠪᠠᠷ ᠪᠣᠯᠵᠦ ᠪᠠᠰᠠ ᠲᠣᠰ ᠰᠣᠷᠣᠭᠴᠢ ᠶᠢ ᠪᠡᠭᠡᠵᠢᠩ ᠤᠨ ᠲᠠᠪᠣᠨ ᠶᠡᠭᠡ ᠰᠣᠷᠭᠠᠭᠤᠯᠢ ᠳᠤ ᠲᠠᠨᠢᠯᠴᠠᠭᠤᠯᠤᠬᠰᠡᠨ ᠳᠤ ᠪᠡᠭᠡᠵᠢᠩ ᠶᠡᠭᠡ ᠰᠣᠷᠭᠠᠭᠤᠯᠢ ᠨᠢ ᠵᠣᠷᠰᠢᠯ ᠢ ᠡᠪᠳᠡᠵᠦ ᠡᠯᠰᠡᠵᠦ ᠠᠪᠣᠭᠰᠠᠨ ᠭᠡᠳᠡᠭ᠃ ᠬᠠᠷᠸᠠᠷᠲ ᠶᠡᠭᠡ ᠰᠣᠷᠭᠠᠭᠤᠯᠢ ᠠᠴᠠ ᠲᠡᠭᠦᠰᠦᠭᠰᠡᠨ ᠰᠣᠷᠣᠭᠴᠢ ᠠᠴᠠ 33 ᠬᠦᠮᠦᠨ ᠨᠤᠪᠧᠯ ᠤᠨ ᠱᠠᠩᠨᠠᠯ ᠲᠣᠰᠴᠦ᠂ 7 ᠬᠦᠮᠦᠨ ᠨᠢ ᠠᠮᠧᠷᠢᠺᠠ ᠶᠢᠨ ᠶᠡᠷᠣᠩᠬᠡᠶᠢᠯᠡᠭᠴᠢ ᠪᠣᠯᠣᠭᠰᠠᠨ ᠪᠠᠶᠢᠨ᠎ᠠ᠃ ᠴᠢᠳᠠᠪᠣᠷᠢᠳᠠᠨ ᠨᠢ ᠵᠥᠪᠬᠡᠨ ᠶᠡᠭᠡ ᠰᠣᠷᠭᠠᠭᠤᠯᠢ ᠳᠤ ᠯᠡ ᠬᠦᠮᠦᠵᠢᠭᠳᠡᠬᠦ ᠪᠢᠰᠢ᠂ ᠬᠡᠦᠬᠡᠳ ᠤᠨ ᠴᠡᠴᠡᠷᠯᠢᠭ᠂ ᠪᠠᠭ᠎ᠠ ᠰᠣᠷᠭᠠᠭᠤᠯᠢ᠂ ᠲᠣᠮᠳᠠᠳᠦ ᠰᠣᠷᠭᠠᠭᠤᠯᠢ ᠶᠢᠨ ᠪᠠᠳᠦ ᠪᠠᠬᠢ ᠰᠠᠭᠤᠷᠢ ᠪᠠᠶᠢᠬᠤ ᠭᠡᠷᠡᠭ ᠲᠠᠢ᠃ ᠡᠶᠢᠮᠦ ᠪᠣᠯᠬᠤᠷ ᠪᠠᠭ᠎ᠠ ᠰᠣᠷᠭᠠᠭᠤᠯᠢ ᠶᠢᠨ ᠱᠠᠳᠦ ᠪᠤᠯ ᠨᠢᠭᠡ ᠭᠦᠮᠦᠨ ᠤ ᠨᠠᠶᠢᠭᠡᠮ ᠳᠤ ᠪᠠᠨ ᠲᠤᠰᠠᠳᠠᠢ᠂ ᠴᠢᠳᠠᠪᠤᠷᠢᠳᠠᠢ ᠭᠦᠮᠦᠨ ᠪᠤᠯᠵᠤ ᠭᠦᠮᠦᠵᠢᠭᠳᠡᠭᠦ ᠬᠠᠮᠤᠭ ᠤᠨ ᠦᠨᠳᠤᠰᠤᠨ᠂ ᠬᠠᠮᠤᠭ ᠤᠨ ᠵᠠᠩᠬᠢᠯᠠᠭ᠎ᠠ ᠶᠢᠨ ᠦᠶ᠎ᠠ ᠪᠤᠯᠬᠤ ᠶᠤᠮ᠃      ᠲᠥᠷᠪᠡ᠂ ᠨᠡᠶᠢᠭᠡᠮ      ᠨᠡᠶᠢᠬᠡᠮ ᠪᠣᠯ ᠲᠤᠮᠤ ᠶᠡᠭᠡ ᠭᠡᠷ ᠪᠥᠯᠢ ᠪᠠᠶᠢᠵᠦ ᠬᠦᠮᠦᠨ ᠤ ᠥᠰᠴᠦ ᠪᠤᠶᠢᠵᠢᠬᠤ᠂ ᠠᠮᠢᠳᠣᠷᠠᠵᠦ ᠣᠷᠣᠰᠢᠬᠤ ᠥᠷᠭᠡᠨ ᠠᠭᠤᠳᠠᠮ ᠥᠨᠢᠷ ᠪᠠᠶᠠᠯᠢᠭ ᠣᠷᠣᠨ ᠵᠠᠢ ᠪᠣᠯᠣᠨ᠎ᠠ᠃ ᠨᠡᠶᠢᠭᠡᠮ ᠨᠢ ᠰᠠᠶᠢᠨ ᠪᠠ ᠮᠠᠭᠤ᠂ ᠰᠠᠶᠢᠬᠠᠨ ᠪᠠ ᠮᠠᠭᠤᠬᠠᠢ᠂ ᠪᠤᠯᠬᠢ ᠪᠠ ᠪᠣᠯᠪᠠᠰᠣᠨ᠂ ᠲᠠᠪᠰᠢᠩᠭᠤᠢ ᠪᠠ ᠬᠤᠴᠣᠷᠣᠩᠭᠤᠢ ᠵᠡᠷᠭᠡ ᠠᠯᠢ ᠪᠥᠬᠦᠨ ᠢ ᠪᠥᠷᠢᠯᠳᠦᠭᠦᠯᠦᠭᠰᠡᠨ ᠲᠥᠪᠡᠭ ᠪᠣᠳᠦᠯᠢᠶᠠᠨᠳᠤ ᠤᠷᠴᠢᠨ ᠠᠬᠤᠢ ᠪᠠᠶᠢᠵᠦ ᠬᠦᠮᠦᠨ ᠢ ᠦᠭᠡᠳᠡᠯᠡᠵᠦ ᠲᠠᠳᠠᠵᠤ ᠲᠠᠪᠰᠢᠭᠤᠯᠬᠤ᠂ ᠲᠣᠷᠦ᠋ᠢᠳᠠᠭᠤᠯᠬᠤ ᠠᠯᠢ ᠪᠥᠬᠦᠨ ᠢ ᠭᠦᠢᠴᠡᠳᠬᠡᠵᠦ ᠲᠡᠶᠢᠯᠬᠦ ᠣᠷᠣᠨ ᠵᠠᠢ ᠪᠠᠶᠢᠭ᠎ᠠ ᠶᠤᠮ᠃ ᠨᠡᠶᠢᠭᠡᠮ ᠪᠣᠯ ᠮᠥᠨ ᠴᠦ ᠬᠦᠮᠦᠨ ᠲᠥᠷᠣᠯᠬᠢᠳᠡᠨ ᠢ ᠬᠥᠭᠵᠢᠭᠦᠯᠬᠦ ᠪᠣᠳᠠᠳᠦ ᠰᠠᠭᠤᠷᠢᠨ ᠭᠠᠵᠠᠷ ᠪᠣᠯᠬᠤᠷ ᠬᠦᠮᠦᠨ ᠢ ᠲᠣᠬᠠᠢ ᠶᠢᠨ ᠨᠡᠶᠢᠭᠡᠮ ᠤᠨ ᠣᠷᠴᠢᠨ ᠠᠬᠤᠢ ᠳᠤ ᠪᠠᠨ ᠵᠣᠬᠢᠴᠠᠬᠤ ᠶᠢ ᠱᠠᠭᠠᠷᠳᠠᠬᠤ ᠶᠤᠮ᠃ ᠨᠡᠶᠢᠭᠡᠮ ᠨᠢ ᠬᠦᠮᠦᠨ ᠢ ᠰᠢᠯᠢᠬᠦ‍ ᠰᠢᠭᠰᠢᠬᠦ ᠪᠥᠬᠦ ᠶᠠᠪᠣᠴᠠ ᠶᠢ ᠪᠣᠳᠠᠳᠠᠢ ᠠᠮᠢᠳᠣᠷᠠᠯ ᠥᠢᠯᠡᠳᠦᠯᠭᠡ ᠪᠠᠷ ᠲᠠᠮᠵᠢᠭᠤᠯᠵᠦ ᠭᠦᠢᠴᠡᠳᠬᠡᠨ᠎ᠡ᠃ ᠲᠣᠬᠠᠢ ᠶᠢᠨ ᠨᠡᠶᠢᠭᠡᠮ ᠠᠴᠠ ᠲᠠᠪᠠᠭᠰᠠᠨ ᠪᠣᠶᠣ ᠲᠤᠬᠠᠢ ᠶᠢᠨ ᠠᠬᠤᠢ ᠠᠴᠠ ᠵᠠᠶᠢᠯᠠᠵᠦ ᠴᠢᠳᠠᠬᠤ ᠬᠦᠮᠦᠨ ᠪᠠᠶᠢᠬᠤ ᠦᠭᠡᠢ᠃ ᠬᠦᠮᠦᠨ ᠤ ᠠᠮᠢᠳᠣᠷᠠᠯ ᠠᠵᠢᠯ ᠥᠢᠯᠡᠰ ᠤᠨ ᠥᠨᠴᠥᠭ ᠪᠣᠯᠣᠩ ᠠᠯᠢ ᠪᠥᠬᠦᠨ ᠳᠤ ᠨᠢ ᠲᠣᠬᠠᠢ ᠶᠢᠨ ᠨᠡᠶᠢᠭᠡᠮ ᠤᠨ ᠠᠭᠤᠷ ᠠᠮᠢᠰᠬᠤᠯ ᠨᠡᠪᠴᠢᠵᠦ ᠨᠥᠯᠥᠭᠡ ᠲᠣᠰᠬᠠᠯ ᠭᠠᠷᠭᠠᠨ᠎ᠠ᠃      ᠬᠡᠦᠬᠡᠳ ᠪᠠᠭᠠᠴᠤᠳ ᠤᠨ ᠣᠷᠣᠰᠢᠵᠦ ᠪᠥᠬᠦᠢ ᠲᠣᠬᠠᠢ ᠶᠢᠨ ᠨᠡᠶᠢᠭᠡᠮ ᠨᠢ ᠬᠡᠦᠬᠡᠳ ᠢ ᠤᠯᠠᠨ ᠲᠠᠯ᠎ᠠ ᠪᠠᠷ ᠬᠢᠵᠠᠭᠠᠷᠯᠠᠬᠤ ᠪᠥᠭᠡᠳ ᠱᠠᠭᠠᠷᠳᠠᠨ᠎ᠠ᠃ ᠶᠢᠷᠳᠢᠨᠴᠦ ᠶᠢᠨ ᠠᠯᠢᠪᠠ ᠬᠡᠷᠡᠭ ᠪᠣᠳᠠᠰ ᠬᠡᠵᠢᠶᠡᠳᠡ ᠤᠯᠠᠷᠢᠵᠦ ᠬᠤᠪᠢᠷᠠᠬᠤ ᠬᠦᠳᠡᠯᠭᠡᠭᠡᠨ ᠤ ᠲᠤᠮᠳᠠ ᠤᠷᠤᠰᠢᠨ᠎ᠠ᠃ ᠭᠦᠭᠵᠢᠯᠳᠠ ᠨᠢ ᠨᠡᠶᠢᠭᠡᠮ ᠤᠨ ᠵᠠᠶᠢᠯᠠᠰᠢ ᠦᠭᠡᠢ ᠵᠢᠮ᠎ᠠ ᠶᠤᠰᠤ᠃ ᠨᠡᠶᠢᠭᠡᠮ ᠬᠡᠳᠦᠢ ᠬᠥᠭᠵᠢᠬᠦ ᠲᠣᠳᠣᠮ ᠬᠦᠮᠦᠨ ᠳᠤ ᠲᠠᠯᠪᠢᠬᠤ ᠱᠠᠭᠠᠷᠳᠠᠯᠭ᠎ᠠ ᠨᠢ ᠲᠡᠳᠦᠢ ᠥᠨᠳᠦᠷ ᠪᠣᠯᠣᠨ᠎ᠠ᠃ ᠲᠡᠶᠢᠮᠦ ᠳᠤ ᠪᠠᠨ ᠨᠡᠶᠢᠭᠡᠮ ᠭᠡᠳᠡᠭ ᠶᠡᠭᠡ ᠭᠡᠷ ᠪᠥᠯᠢ ᠶᠢᠨ ᠠᠭᠤᠷ ᠠᠮᠢᠰᠬᠤᠯ ᠬᠡᠳᠦᠢ ᠰᠠᠶᠢᠨ ᠰᠠᠶᠢᠬᠠᠨ᠂ ᠬᠡᠳᠦᠢ ᠠᠷᠢᠭᠤᠨ ᠴᠡᠪᠡᠷ ᠪᠤᠯ ᠬᠡᠦᠬᠡᠳ ᠪᠠᠭᠠᠴᠣᠳ ᠤᠨ ᠥᠰᠥᠨ ᠪᠤᠶᠢᠵᠢᠬᠤ᠂ ᠰᠣᠶᠣᠯ ᠬᠦᠮᠦᠵᠢᠯ ᠬᠦᠷᠳᠡᠬᠦ ᠳᠤ ᠲᠡᠳᠦᠢ ᠠᠴᠢ ᠲᠣᠰᠠ ᠲᠠᠢ ᠪᠠᠶᠢᠳᠠᠬ᠃ ᠲᠥᠷᠥ ᠴᠢᠭᠴᠢ ᠪᠣᠯ ᠲᠥᠮᠡᠨ ᠠᠮᠣᠭᠤᠯᠠᠩ᠂ ᠨᠡᠶᠢᠬᠡᠮ ᠴᠦ ᠲᠠᠶᠢᠪᠤᠭᠤᠨ ᠪᠠᠶᠢᠵᠦ ᠴᠢᠳᠠᠨ᠎ᠠ᠃ ᠨᠡᠶᠢᠭᠡᠮ ᠲᠠᠶᠢᠪᠤᠭᠤᠨ ᠪᠠᠶᠢᠮᠠᠨᠵᠢᠨ ᠰᠠᠶ᠋ᠢ ᠠᠷᠠᠳ ᠲᠦᠮᠡᠨ ᠳᠤ ᠠᠰᠢᠭ ᠲᠣᠰᠠ ᠲᠠᠢ ᠪᠠᠶᠢᠵᠦ᠂ ᠰᠣᠷᠭᠠᠨ ᠬᠦᠮᠦᠵᠢᠯ ᠬᠦᠷᠳᠡᠬᠦ ᠪᠣᠰᠣᠳᠴᠢ ᠣᠷᠴᠢᠨ ᠠᠬᠤᠢ ᠨᠥᠬᠦᠴᠡᠯ ᠪᠣᠯᠣᠯᠴᠠᠭ᠎ᠠ ᠶᠢ ᠬᠠᠨᠤᠮᠵᠢᠲᠠᠢ ᠬᠠᠩᠭᠠᠬᠤ ᠪᠤᠯᠤᠮᠵᠢ ᠲᠠᠢ ᠶᠤᠮ᠃      ᠭᠡᠷ ᠪᠥᠯᠢ᠂ ᠪᠠᠭᠰᠢ᠂ ᠰᠣᠷᠭᠠᠭᠤᠯᠢ᠂ ᠨᠡᠶᠢᠬᠡᠮ ᠪᠣᠯ ᠥᠰᠬᠦ ᠨᠠᠰᠣᠨ ᠤ ᠬᠡᠦᠬᠡᠳ ᠪᠠᠭᠠᠴᠣᠳ ᠤᠨ ᠥᠭᠡᠳᠡᠯᠡᠵᠦ ᠬᠥᠭᠵᠢᠬᠦ᠂ ᠡᠰᠠᠭᠦᠯ᠎ᠠ ᠤᠷᠣᠭᠤᠳᠠᠬᠤ ᠲᠤᠷᠦ᠋ᠢᠳᠠᠬᠤ ᠶᠢ ᠲᠣᠭᠳᠠᠭᠠᠬᠤ ᠬᠠᠮᠤᠭ ᠤᠨ ᠵᠠᠩᠬᠢᠯᠠᠭ᠎ᠠ ᠶᠢᠨ ᠠᠨᠢᠰᠣ ᠶᠤᠮ᠃ ᠨᠡᠶᠢᠭᠡᠮ ᠤᠨ ᠠᠭᠤᠷ ᠠᠮᠢᠰᠬᠤᠯ ᠨᠢ ᠲᠥᠷᠥ ᠤᠯᠤᠰ᠂ ᠠᠷᠠᠳ ᠲᠥᠮᠡᠨ ᠤ ᠤᠯᠠᠮᠵᠢᠯᠠᠯᠳᠦ ᠰᠣᠶᠣᠯ᠂ ᠠᠵᠦ ᠠᠬᠤᠢ᠂ ᠪᠣᠯᠪᠠᠰᠣᠨ ᠤ ᠬᠢᠷᠢ ᠲᠥᠪᠰᠢᠨ ᠵᠡᠷᠭᠡ ᠪᠠᠷ ᠰᠠᠭᠤᠷᠢᠯᠠᠵᠦ ᠬᠡᠦᠬᠡᠳ ᠤᠨ ᠥᠰᠣᠨ ᠪᠤᠶᠢᠵᠢᠬᠤ᠂ ᠮᠡᠳᠡᠯᠭᠡ ᠡᠵᠡᠮᠰᠢᠬᠦ᠂ ᠥᠢᠯᠡᠰ ᠪᠥᠳᠦᠭᠡᠬᠦ ᠳᠤ ᠪᠣᠰᠣᠳᠴᠢ ᠨᠥᠭᠦᠴᠡᠯ ᠢ ᠬᠠᠩᠭᠠᠬᠤ ᠶᠤᠮ᠃ ᠵᠠᠰᠠᠭ ᠲᠥᠷᠣ᠂ ᠠᠷᠠᠳ ᠲᠥᠮᠡᠨ ᠡᠨᠡ ᠭᠦ ᠣᠷᠣᠰᠢᠨ ᠲᠣᠭᠳᠠᠨᠢᠵᠦ ᠪᠠᠶᠢᠬᠤ ᠨᠡᠶᠢᠭᠡᠮ ᠤᠨ ᠠᠭᠤᠷ ᠠᠮᠢᠰᠬᠤᠯ ᠢ ᠰᠠᠶᠢᠳᠤᠷ ᠠᠷᠢᠭᠤᠳᠬᠠᠨ ᠴᠡᠪᠡᠷᠯᠡᠭᠦ ᠴᠢᠬᠤᠯᠠ ᠲᠠᠢ ᠶᠤᠮ᠃ ᠨᠡᠶᠢᠬᠡᠮ ᠤᠨ ᠬᠡᠰᠢᠬᠦᠨ ᠨᠢᠭᠡ ᠪᠦᠷᠢ ᠠᠷᠭ᠎ᠠ ᠪᠥᠬᠦᠨ ᠢ ᠰᠥᠪᠡᠭᠴᠢᠯᠡᠵᠦ ᠬᠡᠦᠬᠡᠳ ᠪᠠᠭᠠᠴᠣᠳ ᠤᠨ ᠥᠰᠴᠦ ᠪᠤᠶᠢᠵᠢᠬᠤ ᠬᠥᠷᠥᠰᠦ ᠰᠢᠷᠣᠢ ᠶᠢ ᠠᠷᠢᠭᠤᠨ ᠴᠡᠪᠡᠷ᠂ ᠥᠩ ᠰᠢᠮᠡᠯᠢᠭ᠂ ᠥᠨᠢᠷ ᠪᠠᠶᠠᠯᠢᠭ᠂ ᠠᠭᠤᠳᠠᠮ ᠰᠠᠷᠠᠭᠤᠯ ᠪᠠᠶᠢᠯᠭᠠᠬᠤ ᠳᠤ ᠬᠦᠴᠦ ᠪᠠᠨ ᠡᠷᠭᠦᠵᠦ ᠲᠣᠰᠠ ᠪᠠᠨ ᠥᠵᠡᠭᠦᠯᠬᠦ ᠬᠡᠷᠡᠭ ᠲᠠᠢ᠃ ᠥᠨᠥᠳᠦᠷ ᠤᠨ ᠡᠨᠡ ᠭᠦ ᠣᠷᠣᠰᠢᠵᠦ ᠪᠠᠶᠢᠬᠤ ᠨᠡᠶᠢᠭᠡᠮ ᠤᠨ ᠣᠷᠴᠢᠨ ᠠᠬᠤᠢ᠂ ᠠᠭᠤᠷ ᠠᠮᠢᠰᠬᠤᠯ ᠵᠡᠷᠭᠡ ᠤᠯᠠᠨ ᠲᠠᠯ᠎ᠠ ᠶᠢᠨ ᠰᠢᠯᠳᠠᠭᠠᠨ ᠠᠴᠠ ᠪᠣᠯᠵᠦ᠂ ᠴᠥᠭᠡᠨ ᠪᠣᠰᠣ ᠵᠠᠯᠠᠭᠤ ᠪᠠᠭᠠᠴᠣᠳ ᠵᠦᠢᠯ ᠤᠨ ᠶᠠᠯᠠᠳᠦ ᠬᠡᠷᠡᠭ ᠬᠢᠵᠦ ᠪᠠᠶᠢᠨ᠎ᠠ᠃ ᠶᠡᠷᠦ ᠨᠢ ᠪᠠᠯᠠᠮᠠᠳ ᠬᠡᠷᠴᠡᠭᠡᠢ ᠰᠥᠷᠭᠡᠤ ᠶᠠᠭᠤᠮ᠎ᠠ ᠨᠢ ᠪᠣᠯᠪᠠᠰᠣᠨ ᠰᠣᠶᠣᠯ ᠢ ᠪᠣᠷᠪᠢᠳᠠᠨ ᠬᠦᠮᠦᠨ ᠲᠥᠷᠣᠯᠬᠢᠳᠡᠨ ᠤ ᠪᠣᠯᠪᠠᠰᠤᠨ ᠲᠡᠶᠢᠰᠢ ᠬᠥᠭᠵᠢᠬᠦ ᠶᠢ ᠶᠡᠭᠡ ᠬᠠᠷᠰᠢᠯᠠᠵᠦ ᠪᠠᠶᠢᠨ᠎ᠠ᠃ ᠭᠡᠷ ᠤᠨ ᠠᠬᠠᠮᠠᠳ ᠤᠨ ᠪᠣᠳᠣᠯ ᠪᠣᠯᠣᠨ ᠰᠠᠨᠠᠭᠠᠰᠢᠷᠠᠨ ᠰᠢᠨᠠᠯᠠᠳᠠᠭ ᠨᠢ ᠬᠡᠦᠬᠡᠳ ᠤᠨ ᠡᠷᠡᠭᠦᠯ ᠡᠩᠭᠡ᠂ ᠠᠵᠦ ᠠᠮᠢᠳᠣᠷᠠᠯ᠂ ᠠᠵᠢᠯ ᠥᠢᠯᠡᠰ᠂ ᠠᠯᠣᠰ ᠢᠷᠡᠭᠡᠳᠦᠢ ᠶᠤᠮ᠃ ᠡᠶ᠎ᠡ ᠨᠠᠶᠢᠷ ᠪᠢᠯᠬᠠᠭᠰᠠᠨ ᠡᠨᠡ ᠭᠦ ᠨᠡᠶᠢᠭᠡᠮ ᠠᠬᠤᠢ ᠳᠤ ᠵᠠᠯᠠᠭᠤ ᠪᠠᠭᠠᠴᠣᠳ ᠥᠪᠡᠷ ᠤᠨ ᠭᠡᠰᠡᠨ ᠣᠷᠣᠨ ᠵᠠᠢ ᠪᠠᠨ ᠣᠯᠣᠨ᠎ᠠ ᠭᠡᠪᠡᠯ ᠪᠥᠬᠦ ᠲᠠᠯ᠎ᠠ ᠪᠠᠷ ᠬᠦᠮᠦᠵᠢᠭᠳᠡᠵᠤ ᠭᠦᠭᠵᠢᠭᠦ ᠶᠢ ᠱᠠᠭᠠᠷᠳᠠᠨ᠎ᠠ᠃      ᠲᠠᠪᠤ᠂ ᠰᠡᠳᠬᠢᠴᠡ ᠶᠢᠨ ᠡᠷᠡᠭᠦᠯ ᠮᠡᠨᠳᠦ ᠶᠢᠨ ᠬᠦᠮᠦᠵᠢᠯ      ᠲᠡᠭᠡᠷ᠎ᠠ ᠶᠠᠷᠢᠭᠰᠠᠨ ᠭᠡᠳᠤᠨ ᠲᠠᠯ᠎ᠠ ᠠᠴᠠ ᠭᠠᠳᠠᠨ᠎ᠠ᠂ ᠲᠣᠮᠳᠠᠳᠦ ᠰᠣᠷᠭᠠᠭᠤᠯᠢ ᠪᠠᠭ᠎ᠠ ᠰᠣᠷᠭᠠᠭᠤᠯᠢ ᠶᠢᠨ ᠰᠤᠷᠤᠭᠴᠢᠳ ᠰᠡᠳᠬᠢᠴᠡ ᠶᠢᠨ ᠡᠷᠡᠭᠦᠯ ᠮᠡᠨᠳᠦ ᠶᠢ ᠴᠢᠬᠤᠯᠠᠴᠢᠯᠠᠨ ᠠᠳᠬᠤᠪᠠᠯ ᠵᠤᠬᠢᠨ᠎ᠠ᠃ ᠡᠨᠡ ᠲᠠᠯ᠎ᠠ ᠪᠠᠷ ᠨᠡᠶᠢᠭᠡᠮ ᠤᠨ ᠬᠢᠨ ᠭᠦᠢᠴᠡᠳ ᠭᠦᠨᠳᠤᠳᠭᠡᠭᠦ ᠦᠭᠡᠢ ᠪᠠᠶᠢᠨ᠎ᠠ᠃ ᠰᠡᠳᠬᠢᠯ ᠤᠨ ᠭᠦᠮᠦᠵᠢᠯ ᠢ ᠤᠷᠢᠳᠴᠢᠯᠠᠨ ᠰᠡᠷᠭᠡᠶᠢᠯᠡᠬᠦ ᠡᠭᠦᠳᠡᠨ ᠠᠴᠠ ᠬᠢᠪᠡᠯ ᠠᠴᠢ ᠲᠣᠰᠠ ᠶᠡᠭᠡ ᠭᠠᠷᠣᠨ᠎ᠠ᠃ ᠬᠦᠮᠦᠨ ᠤ ᠪᠣᠬᠢᠨᠢᠳᠣᠯ ᠢ ᠲᠠᠶᠢᠯᠵᠦ ᠪᠠᠴᠢᠭᠤᠳᠠᠭᠰᠠᠨ ᠰᠡᠳᠬᠢᠯ ᠢ ᠲᠠᠶᠢᠪᠣᠰᠢᠷᠠᠭᠤᠯᠬᠤ ᠵᠣᠭᠤᠭ ᠶᠠᠷᠢᠯᠴᠠᠭ᠎ᠠ ᠨᠢ ᠭᠠᠵᠢ ᠪᠣᠷᠣᠭᠤ ᠬᠡᠷᠡᠭ ᠬᠢᠬᠦ ᠶᠢ ᠰᠠᠷᠭᠡᠶᠢᠯᠡᠵᠤ ᠲᠠᠶᠢᠯᠳᠡᠭ᠃ ᠨᠠᠰᠣᠨ ᠳᠤ ᠬᠦᠷᠦᠭᠡᠳᠦᠢ ᠬᠡᠦᠬᠡᠳ ᠪᠠᠭᠠᠴᠣᠳ ᠤᠨ ᠶᠠᠯ᠎ᠠ ᠬᠢᠵᠦ ᠪᠠᠶᠢᠭ᠎ᠠ ᠥᠵᠡᠭᠳᠡᠯ ᠬᠠᠮᠢᠭ᠎ᠠ ᠴᠦ ᠪᠥᠷ ᠣᠷᠣᠰᠢᠵᠦ ᠪᠠᠶᠢᠨ᠎ᠠ᠃ ᠡᠨᠡ ᠣᠯᠠᠨ ᠬᠡᠦᠬᠡᠳ ᠤᠨ ᠲᠣᠳᠣᠷ᠎ᠠ ᠰᠡᠴᠡᠨ ᠰᠡᠷᠭᠦᠯᠡᠩ ᠬᠡᠦᠬᠡᠳ ᠪᠠᠶᠢᠬᠤ ᠯᠠ ᠶᠤᠮ᠃ ᠰᠡᠴᠡᠨ ᠰᠡᠷᠭᠦᠯᠡᠩ ᠬᠡᠦᠬᠡᠳ ᠢ ᠬᠦᠮᠦᠵᠢᠭᠦᠯᠭᠦ ᠭᠡᠭᠴᠢ ᠬᠢᠯᠪᠠᠷᠬᠠᠨ ᠪᠢᠰᠢ᠃ ᠬᠠᠷᠠᠮᠰᠠᠯᠲᠠᠢ ᠨᠢ ᠭᠡᠪᠡᠯ᠂ ᠦᠨᠦ ᠶᠢᠨ ᠨᠠᠶᠢᠭᠡᠮ ᠤᠨ ᠨᠦᠭᠦᠴᠡᠯ ᠨᠢ ᠰᠡᠴᠡᠨ ᠰᠡᠷᠭᠦᠯᠡᠩ ᠬᠡᠦᠬᠡᠳ ᠲᠤ ᠲᠣᠬᠢᠷᠠᠭᠰᠠᠨ ᠰᠣᠷᠭᠠᠨ ᠬᠦᠮᠦᠵᠢᠯ ᠢ ᠰᠢᠰᠲ᠋ᠧᠮ ᠲᠠᠢ ᠪᠥᠷᠢᠨ ᠲᠡᠭᠦᠯᠳᠡᠷ ᠭᠦᠷᠳᠡᠭᠡᠵᠦ ᠴᠢᠳᠠᠬᠤ ᠦᠭᠡᠢ ᠪᠠᠶᠢᠨ᠎ᠠ᠃ ᠮᠠᠯᠵᠢᠬᠤ ᠣᠷᠣᠨ ᠳᠤ ᠲᠠᠭᠤᠣ ᠤᠷᠠᠯᠢᠭ ᠲᠤ ᠠᠪᠢᠶᠠᠰ ᠪᠢᠯᠢᠭ ᠲᠠᠢ ᠲᠣᠷ᠎ᠠ ᠪᠠᠬ᠎ᠠ ᠲᠠᠢ ᠬᠡᠦᠬᠡᠳ ᠤᠳ ᠪᠠᠶᠢᠬᠤ ᠯᠠ ᠶᠤᠮ᠃ ᠭᠡᠪᠠᠴᠤ ᠲᠣᠰᠬᠠᠢ ᠮᠡᠷᠭᠡᠵᠢᠯ ᠤᠨ ᠰᠠᠭᠤᠷᠢ ᠮᠡᠳᠡᠯᠭᠡ᠂ ᠥᠨᠳᠦᠰᠦᠨ ᠪᠣᠯᠪᠠᠰᠣᠷᠠᠯ ᠢ ᠰᠢᠰᠲ᠋ᠧᠮ ᠲᠠᠢ ᠭᠦᠢᠴᠡᠳ ᠭᠦᠷᠳᠡᠭᠡᠵᠦ ᠴᠢᠳᠠᠬᠤ ᠦᠭᠡᠢ ᠪᠣᠯᠬᠤᠷ ᠤᠷᠠᠯᠢᠭ ᠤᠨ ᠥᠢᠯᠡᠰ ᠤᠨ ᠠᠶᠠᠨ ᠤ ᠬᠠᠷᠭᠤᠢ ᠳᠤ ᠨᠢ ᠪᠠᠷᠳᠠᠭ᠎ᠠ ᠲᠦᠭᠦᠷᠠᠩ ᠪᠠᠶᠢᠨ᠎ᠠ᠃      ︽ᠲᠣᠳᠦᠭᠠᠳᠦ ᠨᠥᠭᠦᠴᠡᠯ ᠨᠢ ᠭᠠᠳᠠᠭᠠᠳᠦ ᠰᠢᠯᠳᠠᠭᠠᠨ ᠢᠶᠠᠷ ᠲᠠᠮᠵᠢᠵᠦ ᠥᠢᠯᠡᠳᠦᠯ ᠭᠠᠷᠣᠨ᠎ᠠ︾ ᠭᠡᠵᠦ ᠭᠦᠨ ᠤᠬᠠᠭᠠᠨ ᠳᠤ ᠬᠡᠯᠡᠳᠡᠭ᠃ ᠬᠡᠷᠪᠡ ᠥᠨᠳᠡᠭᠡᠨ ᠳᠤ ᠭᠠᠳᠠᠨ᠎ᠠ ᠠᠴᠠ ᠲᠣᠬᠢᠷᠠᠭᠰᠠᠨ ᠬᠠᠯᠠᠭᠤᠨ ᠢ ᠦᠭᠪᠡᠯ ᠥᠨᠳᠡᠭᠡ ᠨᠢ ᠲᠣᠭᠳᠠᠮᠠᠯ ᠬᠤᠭᠤᠴᠠᠭᠠᠨ ᠳᠤ ᠪᠠᠨ ᠴᠣᠷᠪᠠᠭ᠎ᠠ ᠨᠡᠪᠴᠢᠨ᠎ᠡ᠃ ᠭᠡᠳᠡᠯ᠎ᠠ ᠴᠢᠯᠠᠭᠤᠨ ᠳᠤ ᠲᠣᠭᠳᠠᠮᠠᠯ ᠬᠤᠭᠤᠴᠠᠭ᠎ᠠ ᠲᠠᠢ ᠲᠣᠬᠢᠷᠠᠭᠰᠠᠨ ᠬᠠᠯᠠᠭᠤᠨ ᠢ ᠥᠭᠭᠦᠭᠰᠡᠨ ᠴᠦ ᠬᠤᠪᠢᠷᠠᠬᠤ ᠦᠭᠡᠢ᠃ ᠮᠥᠨ ᠥᠨᠳᠡᠭᠡᠨ ᠳᠤ ᠭᠠᠳᠠᠨ᠎ᠠ ᠠᠴᠠ ᠬᠠᠯᠠᠭᠤᠨ ᠥᠭᠬᠦ ᠦᠭᠡᠢ ᠪᠣᠯ ᠥᠨᠳᠡᠭᠡ ᠴᠦ ᠬᠤᠪᠢᠷᠠᠬᠤ ᠦᠭᠡᠢ᠃ ᠡᠨᠡ ᠶᠤᠰᠤ ᠪᠠᠷ ᠬᠡᠦᠬᠡᠳ ᠤᠨ ᠲᠠᠯᠳᠠ ᠬᠦᠴᠦᠨ ᠴᠦ ᠮᠥᠨ ᠬᠤᠵᠢᠮ ᠤᠨ ᠡᠳᠦᠷ ᠤᠨ ᠬᠦᠮᠦᠵᠢᠭᠦᠯᠭᠦ ᠪᠠᠷ ᠲᠠᠮᠵᠢᠵᠦ ᠨᠡᠭᠡᠭᠡᠭᠳᠡᠨ᠎ᠡ ᠭᠡᠰᠡᠨ ᠢ ᠣᠶᠢᠯᠠᠭᠠᠵᠦ ᠪᠣᠯᠣᠨ᠎ᠠ᠃ ᠥᠬᠡᠷ ᠲᠤ ᠶᠠᠳᠤᠭ᠎ᠠ ᠲᠡᠯᠡᠳᠬᠦ ᠪᠠ ᠭᠤᠯᠣᠩᠬᠠᠢ ᠬᠤᠨᠢ ᠶᠢ ᠲᠦᠢᠭ᠌ᠯᠠᠬᠤ ᠬᠤᠶᠠᠷ ᠨᠢ ᠡᠷᠡᠰ ᠣᠨᠳᠣᠣ ᠥᠷ᠎ᠡ ᠳ᠋ᠦᠩ ᠢ ᠠᠪᠴᠢᠷᠠᠨ᠎ᠠ᠃ ᠲᠦᠢᠭ᠌ᠯᠠᠬᠤ ᠨᠢ ᠠᠶ᠎ᠠ ᠲᠠᠭᠤᠣ ᠪᠠᠷ ᠲᠠᠮᠵᠢᠭᠤᠯᠵᠦ ᠬᠤᠷᠠᠭ᠎ᠠ ᠪᠠᠨ ᠭᠤᠯᠣᠭᠰᠠᠨ ᠬᠤᠨᠢ ᠶᠢ ᠬᠤᠷᠠᠭ᠎ᠠ ᠳᠤ ᠨᠢ ᠠᠮᠠᠷᠠᠭ ᠪᠣᠯᠭᠠᠵᠦ ᠪᠠᠶᠢᠨ᠎ᠠ᠃ ᠡᠨᠡ ᠪᠣᠯ ᠮᠥᠨ ᠭᠠᠳᠠᠭᠠᠳᠦ ᠬᠦᠴᠦᠨ ᠤ ᠥᠢᠯᠡᠳᠦᠯ ᠪᠤᠯᠤᠨ᠎ᠠ᠃ ᠬᠡᠦᠬᠡᠳ ᠤᠨ ᠲᠠᠯᠳᠠ ᠬᠦᠴᠦᠨ ᠢ ᠨᠡᠭᠡᠭᠡᠨ᠎ᠡ ᠭᠡᠳᠡᠭ ᠬᠢᠯᠪᠠᠷ ᠪᠢᠰᠢ᠃ ᠬᠡᠦᠬᠡᠳ ᠪᠠᠭᠠᠴᠣᠳ ᠤᠨ ᠰᠣᠷᠣᠯᠭ᠎ᠠ ᠶᠢᠨ ᠲᠠᠷᠣᠭᠠᠰᠤ ᠬᠥᠨᠳᠦ᠂ ᠴᠠᠭ ᠴᠢᠯᠦᠭᠡ ᠪᠠᠴᠢᠮ ᠪᠤᠯᠬᠤᠷ ᠲᠡᠳᠡᠨ ᠤ ᠰᠠᠨᠠᠭ᠎ᠠ ᠪᠣᠳᠣᠯ ᠤᠨ ᠡᠮᠵᠡᠭ ᠠᠷᠬᠠᠭ ᠢ ᠣᠶᠢᠯᠠᠭᠠᠬᠤ ᠳᠤ ᠭᠦᠴᠢᠷ᠂ ᠵᠠᠰᠠᠵᠦ ᠵᠠᠯᠠᠷᠠᠭᠤᠯᠬᠤ ᠳᠤ ᠴᠤ ᠬᠡᠴᠡᠭᠦᠦ ᠪᠠᠶᠢᠳᠠᠭ᠃ ᠬᠡᠦᠬᠡᠳ ᠪᠠᠭᠠᠴᠣᠳ ᠢ ᠪᠠᠶᠢᠭᠠᠯᠢ ᠨᠡᠶᠢᠭᠡᠮ ᠬᠤᠶᠠᠷ ᠲᠠᠢ ᠢᠯᠡᠭᠦᠣ ᠤᠢᠢᠷᠠᠳᠤᠭᠤᠯᠵᠤ ᠬᠠᠷᠠᠴᠠ ᠶᠢ ᠨᠢ ᠥᠷᠭᠡᠳᠬᠡᠵᠦ ᠪᠣᠳᠠᠳᠦ ᠠᠮᠢᠳᠣᠷᠠᠯ ᠤᠨ ᠲᠣᠮᠳᠠ ᠲᠠᠳᠣᠯᠭ᠎ᠠ ᠬᠢᠯᠭᠡᠭᠦ ᠨᠢ ᠶᠡᠭᠡ ᠠᠴᠢ ᠲᠣᠰᠠ ᠲᠠᠢ ᠪᠠᠶᠢᠳᠠᠬ᠃ ᠰᠤᠶᠣᠯ ᠤᠷᠠᠯᠢᠭ ᠤᠨ ᠰᠡᠬᠡᠭᠡᠷᠡᠯ ᠤᠨ ᠬᠤᠭᠤᠴᠠᠭᠠᠨ ᠳᠤ ᠨᠡᠷ᠎ᠡ ᠭᠠᠷᠣᠭᠰᠠᠨ ᠬᠦᠮᠦᠰ ᠤᠨ ᠤᠯᠠᠩᠬᠢ ᠨᠢ ᠪᠠᠯᠴᠢᠷ ᠨᠠᠰᠣᠨ ᠤ ᠬᠦᠮᠦᠵᠢᠯ ᠢ ᠰᠢᠰᠲ᠋ᠧᠮ ᠲᠠᠢ ᠬᠦᠷᠳᠡᠭᠰᠡᠨ ᠭᠡᠵᠦ ᠰᠡᠭᠦᠯ ᠤᠨ ᠥᠶ᠎ᠡ ᠶᠢᠨ ᠠᠵᠢᠭᠯᠠᠭᠴᠢ ᠣᠯᠵᠦ ᠮᠡᠳᠡᠭᠰᠡᠨ ᠪᠠᠶᠢᠪᠠ᠃ ᠪᠠᠯᠴᠢᠷ ᠥᠶ᠎ᠡ ᠳᠤ ᠪᠠᠨ ᠠᠯᠳᠠᠵᠦ ᠣᠷᠬᠢᠭᠰᠠᠨ ᠵᠥᠢᠯ ᠢ ᠪᠠᠭ᠎ᠠ ᠨᠠᠰᠣᠨ ᠳᠤ ᠪᠠᠨ ᠣᠯᠵᠦ ᠴᠢᠳᠠᠬᠤ ᠦᠭᠡᠢ᠂ ᠨᠠᠰᠣᠨ ᠳᠤ ᠬᠦᠷᠪᠡᠯ ᠨᠡᠩ ᠴᠦ ᠡᠷᠡᠮᠡᠯᠵᠡᠯ ᠦᠭᠡᠢ ᠪᠣᠯᠣᠨ᠎ᠠ᠃ ᠵᠠᠷᠢᠮ ᠬᠡᠦᠬᠡᠳ ᠨᠢ ᠭᠡᠷ ᠲᠤ ᠪᠠᠨ ᠬᠠᠶᠢᠷ᠎ᠠ ᠲᠣᠳᠠᠵᠦ ᠡᠷᠭᠡ ᠴᠢᠯᠥᠭᠡ᠂ ᠣᠷᠣᠨ ᠪᠠᠶᠢᠷᠢ ᠦᠭᠡᠢ ᠪᠠᠶᠢᠬᠤ᠂ ᠵᠠᠷᠢᠮ ᠰᠤᠷᠤᠭᠴᠢ ᠰᠣᠷᠭᠠᠭᠤᠯᠢ ᠳᠤ ᠪᠠᠨ ᠣᠴᠢᠪᠠᠯ ᠬᠠᠮᠳᠤ ᠰᠤᠷᠤᠯᠭᠠᠳᠠᠨ ᠳᠤ ᠪᠠᠨ ᠲᠠᠷᠣᠯᠠᠭᠳᠠᠵᠦ᠂ ᠵᠦᠢᠯ ᠤᠨ ᠰᠢᠯᠳᠠᠭᠠᠨ ᠠᠴᠠ ᠤᠯᠠᠨᠳᠠ ᠰᠣᠷᠭᠠᠭᠤᠯᠢ ᠰᠢᠯᠵᠢᠬᠦ᠂ ᠰᠣᠷᠣᠯᠭ᠎ᠠ ᠵᠣᠭᠰᠣᠬᠤ᠂ ᠭᠡᠷ ᠠᠴᠠ ᠪᠠᠨ ᠤᠷᠭᠤᠬᠤ᠂ ᠣᠨᠴᠠ ᠵᠠᠷᠢᠮ ᠨᠢ ᠪᠡᠶ᠎ᠡ ᠪᠠᠨ ᠬᠤᠣᠷᠯᠠᠬᠤ ᠥᠵᠡᠭᠳᠡᠯ ᠭᠠᠷᠴᠦ ᠪᠠᠶᠢᠨ᠎ᠠ᠃ ᠬᠡᠷᠪᠡ ᠬᠦᠮᠦᠨ ᠤ ᠤᠶᠣᠨ ᠰᠠᠨᠠᠭ᠎ᠠ ᠬᠠᠷᠰᠢ ᠰᠠᠭᠠᠳ ᠲᠠᠢ ᠪᠣᠯᠪᠠᠯ ᠵᠢᠯᠤᠭᠤᠳᠬᠤ ᠲᠥᠪ ᠨᠢ ᠠᠰᠠᠭᠤᠳᠠᠯ ᠲᠠᠢ ᠪᠣᠯᠬᠤ ᠨᠢ ᠲᠡᠷᠡ᠃ ᠬᠦᠮᠦᠨ ᠤ ᠵᠢᠯᠤᠭᠤᠳᠬᠤ ᠲᠥᠪ ᠨᠢ ᠬᠡᠪ ᠤᠨ ᠵᠢᠷᠣᠮ ᠢᠶᠠᠨ ᠠᠯᠳᠠᠬᠤ ᠳᠤ ᠬᠦᠷᠪᠡᠯ ᠬᠠᠮᠤᠭ ᠤᠨ ᠲᠥᠪᠡᠭ ᠲᠠᠢ ᠪᠣᠯᠣᠨ᠎ᠠ᠃ ᠬᠦᠮᠦᠨ ᠤ ᠠᠯᠢᠪᠠ ᠥᠢᠯᠡ ᠠᠵᠢᠯᠯᠠᠭ᠎ᠠ ᠨᠢ ᠬᠠᠮᠤᠭ ᠤᠨ ᠡᠷᠡᠭᠦᠯ ᠰᠠᠷᠠᠭᠤᠯ ᠤᠬᠠᠭᠠᠨ ᠪᠣᠳᠣᠯ ᠤᠨ ᠰᠠᠭᠤᠷᠢ ᠲᠡᠭᠡᠷ᠎ᠡ ᠶᠠᠪᠣᠭᠳᠠᠪᠠᠯ ᠲᠠᠭᠠᠷᠠᠬᠤ ᠶᠤᠮ᠃ ᠬᠦᠮᠦᠨ ᠳᠤ ᠶᠠᠮᠠᠷ ᠨᠢᠭᠡ ᠠᠷᠬᠠᠭ ᠪᠠᠶᠢᠵᠦ ᠪᠣᠯᠣᠨ᠎ᠠ᠂ ᠭᠡᠪᠡᠴᠦ ᠲᠥᠪ ᠮᠡᠳᠡᠷᠡᠯ ᠤᠨ ᠠᠰᠠᠭᠤᠳᠠᠯ ᠪᠠᠶᠢᠵᠦ ᠪᠣᠯᠬᠤ ᠦᠭᠡᠢ᠃ ᠰᠤᠳᠤᠯᠭᠠᠳᠠᠳ ᠤᠨ ᠦᠵᠠᠭᠦ ᠪᠠᠷ ᠣᠳᠣᠬᠠᠨ ᠳᠤ ᠲᠠᠯᠠᠭᠡᠢ ᠶᠢᠨ ᠪᠥᠮᠪᠥᠷᠴᠡᠭ ᠲᠠᠭᠡᠷ᠎ᠡ ᠠᠮᠢᠳᠣᠷᠠᠵᠦ ᠪᠠᠶᠢᠭ᠎ᠠ ᠬᠦᠮᠦᠰ ᠤᠨ 1/10 ᠨᠢ ᠤᠬᠠᠭᠠᠨ ᠮᠡᠳᠡᠷᠡᠯ ᠤᠨ ᠭᠦᠡᠭᠭᠡᠨ ᠭᠡᠮ ᠠᠷᠬᠠᠬ ᠲᠠᠢ ᠭᠡᠵᠦ ᠪᠠᠶᠢᠨ᠎ᠠ᠃ ᠰᠣᠷᠣᠯᠭ᠎ᠠ ᠠᠮᠢᠳᠣᠷᠠᠯ ᠠᠵᠢᠯ ᠥᠢᠯᠡᠰ ᠤᠨ ᠶᠠᠪᠣᠴᠠ ᠳᠤ ᠢᠯᠠᠭᠳᠠᠬᠤ ᠨᠢ ᠠᠶᠣᠮᠰᠢᠭ ᠲᠠᠢ ᠪᠢᠰᠢ᠂ ᠬᠠᠷᠢᠨ ᠢᠯᠠᠭᠳᠠᠬᠤ ᠠᠴᠠ ᠰᠥᠷᠳᠡᠭᠰᠡᠨ ᠰᠡᠳᠬᠢᠴᠡ ᠪᠤᠯ ᠬᠠᠮᠤᠭ ᠤᠨ ᠠᠶᠣᠯ ᠲᠠᠢ ᠶᠤᠮ᠃ ︽ᠮᠡᠳᠡᠷᠡᠯ ᠤᠨ ᠴᠢᠨᠠᠷ ᠲᠠᠢ ᠬᠤᠳᠣᠭᠤᠳᠦᠨ ᠤ ᠠᠷᠬᠠᠭ︾ ᠭᠡᠬᠦ ᠨᠣᠮ ᠳᠤ᠂ ︽ᠬᠤᠳᠦᠭᠤᠳᠦᠨ ᠤ ᠰᠢᠷᠬᠠᠯᠠᠭ᠎ᠠ ᠶᠢᠨ ᠡᠭᠦᠰᠦᠯ ᠨᠢ ᠴᠢᠨᠤ ᠶᠠᠭᠤ ᠢᠳᠡᠭᠰᠡᠨ ᠳᠤ ᠪᠠᠶᠢᠬᠤ ᠪᠢᠰᠢ᠂ ᠬᠠᠷᠢᠨ ᠴᠢᠨᠣ ᠶᠠᠭᠤᠨ ᠳᠤ ᠰᠡᠳᠬᠢᠯ ᠰᠢᠨᠠᠯᠡᠵᠦ ᠪᠠᠶᠢᠬᠤ ᠳᠤ ᠪᠠᠶᠢᠨ᠎ᠠ︾ ᠭᠡᠵᠡᠢ᠃ ᠨᠠᠷᠢᠨ ᠠᠵᠢᠭᠯᠠᠵᠦ ᠰᠢᠨᠵᠢᠯᠡᠬᠦ ᠳᠤ ᠬᠡᠦᠬᠡᠳ ᠤᠨ ᠰᠡᠳᠬᠢᠴᠠ ᠶᠢᠨ ᠡᠷᠡᠭᠦᠯ ᠮᠡᠨᠳᠦ ᠶᠢᠨ ᠠᠰᠠᠭᠤᠳᠠᠯ ᠪᠣᠯ ᠲᠦᠢᠯ ᠤᠨ ᠨᠠᠷᠢᠯᠢᠬ ᠤᠶᠤᠨ ᠤ ᠬᠥᠳᠡᠯᠮᠥᠷᠢ ᠱᠠᠭᠠᠷᠳᠠᠭᠳᠠᠳᠠᠬ᠃ ᠶᠠᠮᠠᠷ ᠴᠦ ᠪᠠᠶᠢᠳᠠᠯ ᠤᠨ ᠲᠣᠣᠷ᠎ᠠ ᠬᠡᠦᠬᠡᠳ ᠤᠨ ᠪᠡᠶ᠎ᠡ ᠪᠠᠨ ᠬᠥᠨᠳᠦᠳᠬᠡᠬᠦ ᠰᠡᠳᠬᠢᠯ ᠢ ᠬᠥᠨᠳᠡᠵᠦ ᠪᠣᠯᠬᠤ ᠦᠭᠡᠢ᠃      ᠵᠢᠷᠭᠤᠭ᠎ᠠ᠂ ᠬᠡᠦᠬᠡᠳ ᠤᠨ ᠪᠠᠶ᠎ᠠ ᠮᠠᠬᠠᠪᠤᠳ ᠤᠨ ᠡᠷᠡᠭᠦᠯ ᠮᠡᠨᠳᠦ      ᠭᠡᠷ ᠤᠨ ᠠᠬᠠᠮᠠᠳ ᠤᠨ ᠡᠮᠦᠨ᠎ᠡ ᠲᠣᠯᠭᠠᠷᠠᠵᠦ ᠪᠠᠶᠢᠭ᠎ᠠ ᠪᠠᠰᠠ ᠨᠢᠭᠡ ᠴᠢᠬᠤᠯᠠ ᠠᠰᠠᠭᠤᠳᠠᠯ ᠪᠣᠯ ᠬᠡᠦᠬᠡᠳ ᠤᠨ ᠪᠠᠶ᠎ᠠ ᠮᠠᠬᠠᠪᠤᠳ ᠤᠨ ᠡᠷᠡᠭᠦᠯ ᠮᠡᠨᠳᠦ ᠪᠤᠯᠤᠨ᠎ᠠ᠃ ᠥᠰᠬᠦ ᠨᠠᠰᠣᠨ ᠤ ᠬᠡᠦᠬᠡᠳ ᠤᠨ ᠪᠠᠶ᠎ᠠ ᠮᠠᠬᠠᠪᠤᠳ ᠤᠨ ᠡᠷᠡᠭᠦᠯ ᠮᠡᠨᠳᠦ ᠪᠤᠯ ᠠᠮᠢᠳᠤᠷᠠᠯ ᠰᠤᠷᠤᠯᠭ᠎ᠠ ᠶᠢᠨ ᠬᠢᠨᠢ ᠤᠷᠢᠳᠠᠯ ᠨᠥᠬᠦᠴᠡᠯ ᠪᠣᠯᠬᠤ ᠶᠤᠮ᠃ ᠣᠳᠣ ᠵᠥᠪᠬᠡᠨ ᠬᠡᠦᠬᠡᠳ ᠤᠨ ᠬᠠᠷᠠᠭ᠎ᠠ ᠶᠢ ᠬᠠᠮᠠᠭᠠᠯᠠᠬᠤ ᠨᠢᠭᠡ ᠯᠠ ᠠᠰᠠᠭᠤᠳᠠᠯ ᠳᠤ ᠬᠦᠴᠢᠷ ᠲᠥᠪᠡᠭ ᠲᠣᠯᠭᠠᠷᠠᠵᠦ ᠠᠷᠭ᠎ᠠ ᠪᠠᠷᠠᠭᠳᠠᠭᠤᠯᠵᠦ ᠰᠠᠨᠠᠭ᠎ᠠ ᠠᠯᠳᠠᠭᠤᠯᠵᠦ ᠪᠠᠶᠢᠨ᠎ᠠ᠃ ᠰᠢᠯ ᠵᠡᠭᠦᠬᠦ ᠦᠭᠡᠢ ᠬᠡᠦᠬᠡᠳ ᠤᠨ ᠲᠤᠭ᠎ᠠ ᠡᠳᠦᠷ ᠠᠴᠠ ᠡᠳᠦᠷ ᠴᠥᠭᠡᠷᠡᠵᠦ ᠪᠠᠶᠢᠨ᠎ᠠ᠃ ᠬᠤᠯᠪᠤᠭᠳᠠᠬᠤ ᠮᠠᠲ᠋ᠧᠷᠢᠶᠠᠯ ᠢ ᠦᠨᠳᠤᠰᠤᠯᠠᠪᠠᠯ᠂ ᠠᠮᠧᠷᠢᠺᠠ ᠶᠢᠨ ᠪᠠᠭ᠎ᠠ ᠰᠣᠷᠭᠠᠭᠤᠯᠢ ᠶᠢᠨ ᠬᠡᠦᠬᠡᠳ ᠤᠨ ᠰᠣᠷᠣᠯᠭ᠎ᠠ ᠶᠢᠨ ᠲᠠᠷᠣᠭᠠᠰᠣ ᠬᠥᠩᠭᠡᠨ ᠪᠠᠶᠢᠵᠦ ᠨᠢᠳᠦ ᠪᠠᠨ ᠬᠥᠰᠢᠳᠡᠯ᠎ᠡ᠂ ᠭᠠᠷ ᠢᠶᠠᠨ ᠡᠪᠡᠷᠰᠢᠳᠡᠯ᠎ᠡ᠂ ᠣᠨᠳᠠᠬᠤ ᠴᠠᠭ ᠦᠭᠡᠢ ᠪᠣᠯᠳᠠᠯ᠎ᠠ ᠲᠠᠰᠬᠠᠯ ᠬᠢᠬᠦ ᠦᠭᠡᠢ᠃ ᠬᠠᠷᠢᠨ ᠭᠡᠷ ᠤᠨ ᠭᠠᠳᠠᠨᠠᠬᠢ ᠬᠦᠳᠡᠯᠭᠡᠭᠡᠨ ᠠᠷᠪᠢᠨ᠃ ᠠᠭᠤᠯᠠ ᠲᠠᠯ᠎ᠠ ᠣᠰᠣ ᠭᠤᠪᠢ ᠪᠠᠷ ᠬᠡᠬᠡᠷᠡᠯᠡᠵᠦ ᠨᠠᠭᠠᠳᠬᠤ ᠨᠢ ᠠᠷᠪᠢᠨ᠃ ᠨᠡᠶᠢᠳᠡ ᠶᠢᠨ ᠴᠡᠴᠡᠷᠯᠢᠭ ᠲᠤ ᠪᠠᠶ᠎ᠠ ᠶᠢᠨ ᠲᠠᠮᠢᠷ ᠤᠨ ᠲᠠᠯᠠᠪᠠᠢ᠂ ᠲᠠᠮᠢᠷ ᠤᠨ ᠬᠡᠷᠡᠭᠰᠡᠯ ᠤᠨ ᠵᠦᠢᠯ ᠪᠥᠷᠢᠨ ᠪᠠᠶᠢᠨ᠎ᠠ᠃ ᠲᠡᠳᠡ ᠪᠠᠶ᠎ᠠ ᠶᠢᠨ ᠲᠠᠮᠢᠷ ᠤᠨ ᠬᠦᠳᠡᠯᠭᠡᠭᠡᠨ ᠳᠤ ᠶᠠᠳᠠᠷᠠᠵᠦ ᠬᠥᠰᠢᠳᠡᠯ᠎ᠡ ᠪᠠᠨ ᠣᠷᠣᠯᠴᠠᠨ᠎ᠠ᠃ ᠮᠠᠨ ᠤ ᠣᠯᠣᠰ ᠤᠨ ᠬᠡᠦᠬᠡᠳ ᠪᠣᠯ ᠣᠶᠣᠨ ᠰᠠᠨᠠᠭ᠎ᠠ ᠪᠠ ᠪᠡᠶ᠎ᠡ ᠮᠠᠬᠠᠪᠣᠳ ᠬᠤᠶᠠᠷ ᠲᠠᠯ᠎ᠠ ᠶᠢᠨ ᠲᠠᠷᠣᠭᠠᠰᠣ ᠶᠢ ᠬᠥᠯᠢᠶᠡᠵᠦ ᠥᠰᠴᠦ ᠪᠠᠶᠢᠨ᠎ᠠ᠃ ᠢᠳᠡᠭᠡᠨ ᠣᠮᠳᠠᠭᠠᠨ᠂ ᠣᠰᠣ᠂ ᠠᠭᠠᠷ᠂ ᠤᠷᠴᠢᠨ ᠠᠬᠤᠢ᠂ ᠠᠮᠢᠳᠣᠷᠠᠯ ᠳᠤ ᠱᠠᠭᠠᠷᠳᠠᠭᠳᠠᠬᠤ ᠵᠦᠢᠯ ᠪᠤᠬᠢᠷᠳᠤᠵᠤ ᠪᠠᠶᠢᠨ᠎ᠠ᠃ ᠣᠳᠣ ᠪᠣᠯ ᠰᠣᠷᠣᠭᠠᠳ ᠪᠠᠷᠠᠬᠤ ᠦᠭᠡᠢ᠂ ᠰᠣᠷᠣᠭᠠᠳ ᠵᠣᠭᠰᠣᠬᠤ ᠦᠭᠡᠢ ᠴᠠᠭ ᠥᠶ᠎ᠡ ᠪᠣᠯᠣᠭᠰᠠᠨ᠃ ᠬᠢᠴᠢᠶᠡᠯ ᠤᠨ ᠲᠥᠷᠣᠯ ᠣᠯᠠᠨ᠂ ᠠᠭᠤᠯᠭ᠎ᠠ ᠨᠢ ᠭᠦᠨ ᠵᠡᠷᠭᠡ ᠰᠢᠯᠳᠠᠭᠠᠨ ᠠᠴᠠ ᠪᠣᠯᠵᠦ ᠬᠡᠦᠬᠡᠳ ᠰᠣᠷᠬᠤ ᠠᠴᠠ ᠪᠠᠨ ᠡᠮᠦᠨ᠎ᠡ ᠬᠠᠯᠠᠰᠢᠷᠠᠭ᠎ᠠ ᠪᠣᠯᠵᠦ ᠪᠡᠶ᠎ᠡ ᠰᠡᠳᠬᠢᠯ ᠲᠡᠭᠡᠷ᠎ᠡ ᠪᠠᠨ ᠲᠠᠷᠣᠭᠠᠰᠣ ᠶᠡᠭᠡ ᠪᠠᠶᠢᠨ᠎ᠠ᠃      ᠪᠠᠭᠴᠠᠯᠠᠭᠠᠳ ᠭᠡᠯᠡᠪᠡᠯ᠂ ᠰᠤᠷᠤᠭᠴᠢᠳ ᠢ ᠶᠤᠰᠤ ᠮᠤᠷᠠᠯ᠂ ᠤᠶᠤᠨ ᠤᠬᠠᠭᠠᠨ᠂ ᠪᠠᠶ᠎ᠠ ᠮᠠᠬᠠᠪᠤᠳ᠂ ᠭᠤᠸ᠎ᠠ ᠰᠠᠶᠢᠬᠠᠨ᠂ ᠭᠦᠳᠠᠯᠮᠤᠷᠢ ᠵᠡᠷᠭᠡ ᠪᠦᠭᠦ ᠲᠠᠯ᠎ᠠ ᠪᠠᠷ ᠭᠦᠭᠵᠢᠭᠰᠡᠨ ᠭᠦᠮᠦᠨ ᠪᠤᠯᠭᠠᠨ ᠭᠦᠮᠦᠵᠢᠭᠦᠯᠭᠦ ᠳᠤ ᠭᠡᠷ ᠪᠦᠯᠢ᠂ ᠰᠤᠷᠭᠠᠭᠤᠯᠢ᠂ ᠨᠠᠶᠢᠭᠡᠮ ᠤᠨ ᠦᠢᠯᠠᠳᠤᠯ ᠴᠢᠳᠠᠮᠵᠢ ᠶᠢ ᠪᠦᠷᠢᠮᠤᠰᠤᠨ ᠪᠠᠳᠠᠷᠠᠭᠤᠯᠬᠤ ᠭᠡᠷᠡᠭᠳᠠᠢ᠃            ᠠᠵᠢᠯᠯᠠᠵᠤ ᠪᠠᠶᠢᠭ᠎ᠠ ᠪᠠᠶᠢᠭᠤᠯᠭ᠎ᠠ᠄ ᠰᠢᠯᠣᠭᠤᠨ ᠬᠥᠪᠡᠭᠡᠳᠦ ᠴᠠᠭᠠᠨ                                       ᠬᠤᠰᠢᠭᠤᠨ ᠤ ᠨᠠᠮ ᠤᠨ ᠰᠣᠷᠭᠠᠭᠤᠯᠢ                                           ︵ᠠᠯᠳᠠᠨᠰᠦ᠋ᠭᠡ ᠨᠠᠶᠢᠷᠠᠭᠤᠯᠪᠠ︶                                           2021 ᠣᠨ ᠤ 3 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map