ᠭᠦᠰᠠᠯ ᠭᠦᠭᠡᠭᠡᠴᠠᠯᠳᠤᠯ
ᠨᠡᠶᠢᠲᠡᠯᠡᠭᠰᠡᠨ ᠴᠠᠭ᠄
2021/8/16
                                    ᠴᠤᠷᠵᠢ      ᠦᠡᠭᠭᠡ ᠭᠡᠷᠡᠯ ᠲᠠᠢ ᠪᠤᠯᠪᠠᠴᠤ ᠭᠦᠴᠢᠷ ᠲᠦᠪᠡᠭ ᠲᠠᠢ ᠪᠠᠭᠰᠢ ᠶᠢᠨ ᠠᠯᠪᠠ ᠬᠠᠰᠢᠭᠰᠠᠨ ᠠᠴᠠ ᠬᠤᠶᠢᠰᠢᠬᠢ 30 ᠳ᠋ᠤᠭᠠᠷ ᠵᠢᠯ ᠳᠤ ᠪᠠᠨ ᠪᠢ ᠫᠷᠤᠹᠧᠰᠰᠤᠷ ᠤᠨ ᠲᠠᠰ ᠤᠨ ᠪᠠᠭᠰᠢ ᠪᠠᠷ ᠴᠤᠯᠠᠯᠠᠭᠳᠠᠭᠰᠠᠨ ᠶᠤᠮ᠃ ᠮᠢᠨᠦ ᠲᠤᠰᠴᠤ ᠤᠯᠤᠭᠰᠠᠨ ᠬᠠᠮᠤᠭ ᠤᠨ ᠦᠨ᠎ᠠ ᠦᠷᠳᠡᠭᠳᠤ ᠦᠨᠠᠮᠯᠠᠯ ᠡᠨᠠ ᠪᠠᠶᠢᠬᠤ ᠦᠭᠡᠢ ᠤᠤ ᠳ᠋ᠠ᠃ ᠭᠡᠪᠡᠴᠤ᠂ ᠮᠢᠨᠦ ᠭᠦᠰᠠᠯ ᠭᠦᠭᠡᠭᠡᠴᠠᠯᠳᠤᠯ ᠡᠨᠡ ᠦᠨᠠᠮᠯᠠᠯ ᠢ ᠤᠯᠬᠤ ᠶᠢᠨ ᠲᠦᠯᠦᠭᠡ ᠭᠡᠵᠦ ᠤᠤ︖ ᠡᠭᠦᠨ ᠢ ᠲᠠᠪᠠᠭᠰᠠᠨ ᠦᠨᠠᠮᠯᠠᠯ ᠢ ᠪᠢ ᠡᠮᠦᠨ᠎ᠠ ᠨᠢ ᠲᠤᠰᠴᠤ ᠦᠡᠭᠭᠡᠷᠡᠭᠡᠳᠤᠢ᠂ ᠬᠤᠶᠢᠨ᠎ᠠ ᠨᠢ ᠤᠯᠬᠤ ᠪᠤᠯᠤᠮᠵᠢ ᠴᠦ ᠦᠭᠡᠢ ᠶᠤᠮ᠃ ᠮᠢᠨᠦ ᠭᠦᠰᠠᠯ ᠭᠦᠭᠡᠭᠡᠴᠡᠯᠳᠤᠯ ᠲᠦᠢᠯ ᠳᠤ ᠪᠠᠨ ᠲᠤᠯᠤᠭᠰᠠᠨ ᠭᠡᠵᠤ ᠤᠤ︖ ᠰᠠᠶ᠋ᠢ ᠡᠬᠢᠯᠡᠨ ᠪᠠᠭᠰᠢᠯᠠᠵᠤ ᠪᠠᠶᠢᠭ᠎ᠠ ᠲᠠᠷᠠ ᠦᠶᠠᠰ ᠢᠶᠠᠷ ᠠᠵᠢᠯ ᠦᠢᠯᠠᠰ ᠲᠤ ᠪᠠᠨ ᠴᠢᠷᠮᠠᠶᠢᠨ ᠵᠢᠳᠭᠦᠵᠤ ᠵᠢᠭᠠᠨ ᠰᠤᠷᠭᠠᠬᠤ ᠳᠤ ᠪᠠᠨ ᠴᠠᠭᠠᠷᠠᠭᠰᠠᠨ ᠪᠠᠭᠰᠢ ᠪᠤᠯᠤᠶ᠎ᠠ ᠭᠡᠰᠡᠨ ᠮᠦᠷᠤᠭᠡᠳᠤᠯ ᠲᠠᠢ ᠪᠠᠶᠢᠭᠰᠠᠨ ᠠᠴᠠ ᠪᠢᠰᠢ᠂ ᠬᠤᠵᠢᠮ ᠬᠤᠶᠢᠰᠢᠳᠠ ᠫᠷᠤᠹᠧᠰᠰᠤᠷ ᠤᠨ ᠲᠠᠰ ᠤᠨ ᠮᠠᠷᠭᠡᠵᠢᠯ ᠤᠨ ᠴᠤᠯᠠ ᠲᠠᠢ ᠪᠠᠭᠰᠢ ᠪᠤᠯᠤᠶ᠎ᠠ ᠭᠡᠰᠡᠨ ᠭᠤᠷᠢᠳᠠᠯᠭ᠎ᠠ ᠵᠡᠭᠦᠳᠦᠨ ᠳᠤ ᠴᠦ ᠤᠷᠤᠭ᠎ᠠ ᠦᠭᠡᠢ ᠪᠠᠶᠢᠭᠰᠠᠨ ᠶᠤᠮ ᠪᠢᠯᠡ᠃ ᠭᠡᠷᠪᠠ ᠲᠤᠬᠠᠢ ᠶᠢᠨ ᠦᠶᠠᠰ ᠲᠠᠶᠢᠮᠦ ᠭᠦᠭᠡᠭᠡᠴᠡᠯᠳᠤᠯ ᠡᠪᠦᠷᠯᠡᠵᠦ ᠪᠠᠶᠢᠭᠰᠠᠨ ᠪᠤᠯ ᠭᠤᠷᠢᠳᠠᠯᠭ᠎ᠠ ᠳᠤ ᠪᠠᠨ ᠭᠡᠨᠵᠢᠯᠡᠭᠳᠡᠵᠦ ᠡᠨᠡ ᠨᠠᠰᠤᠨ ᠳᠤ ᠫᠷᠤᠹᠧᠰᠰᠤᠷ ᠤᠨ ᠲᠠᠰ ᠤᠨ ᠪᠠᠭᠰᠢ ᠪᠠᠶᠢᠳᠤᠭᠠᠢ ᠤᠨᠴᠠ ᠲᠠᠰ ᠤᠨ ᠪᠠᠭᠰᠢ ᠴᠦ ᠪᠤᠯᠵᠤ ᠲᠡᠶᠢᠯᠭᠦ ᠦᠭᠡᠢ ᠪᠠᠶᠢᠵᠤ ᠮᠠᠳᠠᠨ᠎ᠠ᠃ ᠭᠦᠭᠡᠭᠡᠴᠡᠯᠳᠤᠯ ᠭᠤᠷᠢᠳᠠᠯᠭ᠎ᠠ ᠳᠤ ᠭᠡᠳᠤ ᠰᠢᠨᠤᠬᠠᠢᠢᠷᠠᠪᠠᠯ ᠭᠦᠰᠡᠷᠳᠡᠯ ᠬᠤᠭᠤᠰᠤᠷᠠᠯ ᠨᠢ ᠴᠦ ᠲᠠᠳᠤᠢ ᠭᠡᠴᠡᠭᠦᠦ ᠪᠠᠶᠢᠳᠠᠬ ᠪᠢᠰᠢ ᠤᠤ︖      ᠫᠷᠤᠹᠧᠰᠰᠤᠷ ᠤᠨ ᠲᠠᠰ ᠤᠨ ᠪᠠᠭᠰᠢ ᠪᠠᠷ ᠴᠤᠯᠠᠯᠠᠭᠳᠠᠭᠰᠠᠨ ᠤ ᠲᠠᠷᠠᠭᠠᠬᠠᠨ ᠨᠠᠳᠠ ᠠᠴᠠ᠄ ︽ᠲᠠ ᠶᠠᠭᠠᠬᠢᠭᠠᠳ ᠫᠷᠤᠹᠧᠰᠰᠤᠷ ᠤᠨ ᠲᠠᠰ ᠤᠨ ᠪᠠᠭᠰᠢ ᠪᠤᠯᠵᠤ ᠲᠠᠶᠢᠯᠦᠭᠰᠡᠨ ᠪᠤᠢ︖ ᠶᠠᠭᠠᠬᠢᠪᠠᠯ ᠰᠠᠶ᠋ᠢ ᠫᠷᠤᠹᠧᠰᠰᠤᠷ ᠤᠨ ᠲᠠᠰ ᠤᠨ ᠪᠠᠭᠰᠢ ᠪᠤᠯᠵᠤ ᠲᠠᠶᠢᠯᠭᠦ ᠪᠤᠢ︖ ᠰᠤᠷᠭᠠᠯ ᠬᠠᠶᠢᠷᠠᠯᠠᠭᠠᠴᠢ︾ ᠭᠡᠵᠦ ᠯᠠᠪᠯᠠᠨ ᠠᠰᠠᠭᠤᠭᠰᠠᠨ ᠵᠠᠯᠠᠭᠤ ᠢᠳᠠᠷ ᠪᠠᠭᠰᠢ ᠨᠠᠷ ᠨᠠᠯᠢᠶᠠᠳ ᠪᠤᠢ᠃ ᠦᠷᠦᠭᠡᠯ ᠤᠨ ᠭᠡᠤᠭᠡᠳ ᠤᠨ ᠲᠦᠯᠦᠭᠡ ᠦᠪᠠᠷ ᠤᠨ ᠠᠯᠢᠪᠠ ᠪᠠᠨ ᠤᠷᠬᠢᠵᠤ᠂ ᠠᠵᠢᠯ ᠦᠢᠯᠠᠰ ᠯᠡ ᠭᠡᠵᠦ ᠮᠠᠬᠠᠷᠠᠨ ᠵᠢᠳᠭᠦᠵᠤ᠂ ᠤᠷᠤᠯᠳᠤᠯᠭ᠎ᠠ ᠰᠤᠳᠤᠯᠭ᠎ᠠ ᠪᠠᠷ ᠭᠠᠨᠵᠤᠭ᠎ᠠ ᠲᠦᠭᠦᠷᠠᠩ ᠶᠠᠪᠤᠭ᠎ᠠ ᠡᠳᠡᠭᠡᠷ ᠰᠢᠯᠢᠳᠡᠭ ᠪᠠᠭᠰᠢ ᠨᠠᠷ ᠲᠤ ᠶᠠᠭᠤ ᠨᠢᠭᠡ ᠶᠢ ᠰᠠᠨᠠᠭᠤᠯᠬᠤ ᠵᠦᠢᠳᠠᠢ ᠪᠤᠯᠪᠠᠴᠤ ᠲᠠᠳᠠᠨ ᠤ ᠠᠰᠠᠭᠤᠯᠳᠠ ᠶᠢ ᠪᠠᠷᠢᠨ ᠬᠠᠷᠢᠭᠤᠯᠬᠤ ᠳᠤ ᠦᠨᠡᠭᠡᠷ ᠪᠠᠷᠭᠡ ᠠᠵᠢ︕ ᠪᠠᠭᠰᠢ ᠭᠦᠮᠦᠨ ᠤ ᠬᠢᠪᠠᠰᠤ ᠵᠤᠬᠢᠬᠤ ᠠᠵᠢᠯ ᠢᠶᠠᠨ ᠬᠢᠭᠰᠡᠭᠡᠷ ᠯᠡ ᠪᠠᠶᠢᠵᠤ ᠫᠷᠤᠹᠧᠰᠰᠤᠷ ᠤᠨ ᠲᠠᠰ ᠤᠨ ᠪᠠᠭᠰᠢ ᠪᠤᠯᠵᠠᠢ᠂ ᠦᠪᠠᠷ ᠤᠨ ᠡᠭᠦᠷᠭᠡ ᠬᠠᠷᠢᠭᠤᠴᠠᠯᠭ᠎ᠠ ᠪᠠᠨ ᠴᠢᠷᠮᠠᠶᠢᠨ ᠪᠠᠶᠠᠯᠠᠭᠦᠯᠭᠦ ᠶᠢᠨ ᠵᠡᠷᠭᠡᠳᠡ ᠲᠤᠬᠠᠢᠢᠯᠠᠭᠰᠠᠨ ᠠᠵᠢᠯ ᠤᠨ ᠢᠶᠠᠨ ᠲᠤᠬᠠᠢ ᠰᠤᠳᠤᠯᠵᠤ ᠰᠢᠨᠵᠢᠯᠠᠵᠤ ᠯᠠ ᠪᠠᠶᠢᠪᠠᠯ ᠫᠷᠤᠹᠧᠰᠰᠤᠷ ᠤᠨ ᠲᠠᠰ ᠤᠨ ᠪᠠᠭᠰᠢ ᠪᠠᠷ ᠴᠤᠯᠠᠯᠠᠭᠳᠠᠬᠤ ᠡᠳᠦᠷ ᠠᠶᠠᠨᠳᠠᠭᠠᠨ ᠭᠦᠷᠴᠤ ᠢᠷᠠᠭᠦ ᠶᠤᠮ ᠭᠡᠵᠦ ᠭᠡᠯᠡᠪᠡᠯ ᠠᠷᠠᠢ ᠭᠦᠡᠭᠭᠡᠨ ᠬᠠᠭᠤᠮᠠᠭᠠᠢ ᠪᠤᠯᠴᠢᠬᠠᠬᠤ ᠰᠢᠬ ᠰᠠᠨᠠᠭᠳᠠᠬᠤ ᠶᠤᠮ᠃      ᠦᠪᠠᠷ ᠢᠶᠠᠨ ᠮᠠᠳᠠᠭᠦ ᠪᠠ ᠦᠭᠡᠷ᠎ᠠ ᠪᠤᠰᠤᠳ ᠲᠤ ᠮᠠᠳᠠᠭᠦᠯᠭᠦ ᠪᠤᠯ ᠱᠠᠯ ᠠᠰᠳᠠᠭᠠᠨ ᠬᠤᠶᠠᠷ ᠶᠠᠪᠤᠳᠠᠯ ᠮᠦᠨ᠃ ᠨᠡᠩ ᠦᠪᠠᠷ ᠢᠶᠠᠨ ᠪᠠᠰᠠ ᠮᠠᠳᠠᠭᠦ ᠦᠭᠡᠢ ᠶᠢ ᠦᠭᠡᠷ᠎ᠠ ᠪᠤᠰᠤᠳ ᠲᠤ ᠵᠢᠭᠠᠵᠤ ᠲᠠᠶᠢᠯᠤᠨ᠎ᠠ ᠭᠡᠵᠦ ᠤᠤ︖ ᠰᠤᠷᠬᠤ ᠪᠢᠴᠢᠭ ᠪᠠ ᠰᠤᠷᠤᠭᠴᠢ ᠳᠤ ᠲᠤᠳᠤᠷᠬᠠᠢ ᠪᠠᠶᠢᠬᠤ᠂ ᠺᠤᠨᠰᠫᠧᠺᠲ ᠪᠢᠴᠢᠭᠦ ᠪᠤᠯ ᠬᠢᠴᠢᠶᠡᠯ ᠢ ᠴᠢᠨᠠᠷᠯᠢᠬ ᠵᠢᠭᠠᠬᠤ ᠶᠢᠨ ᠤᠷᠢᠳᠠᠴᠢ ᠨᠦᠭᠦᠴᠡᠯ ᠮᠦᠨ᠃ ᠰᠤᠷᠬᠤ ᠪᠢᠴᠢᠭ ᠲᠤ ᠲᠤᠳᠤᠷᠬᠠᠢ ᠦᠭᠡᠢ ᠪᠤᠯ ᠪᠤᠷᠤᠭᠤ ᠵᠢᠭᠠᠵᠤ ᠮᠠᠰᠢ ᠭᠦᠨᠳᠤ ᠨᠤᠴᠢᠳᠠᠢ ᠵᠢᠭᠠᠨ ᠰᠤᠷᠭᠠᠯᠳᠠ ᠶᠢᠨ ᠠᠯᠳᠠᠭ᠎ᠠ ᠭᠠᠷᠭᠠᠵᠤ ᠮᠠᠳᠠᠨ᠎ᠠ᠃ ᠵᠢᠭᠠᠨ ᠰᠤᠷᠭᠠᠯᠳᠠ ᠪᠤᠯᠤᠨ ᠰᠤᠷᠤᠭᠴᠢ ᠶᠢ ᠤᠮᠳᠤᠭᠠᠢᠢᠯᠠᠭᠰᠠᠨ ᠵᠢᠭᠠᠨ ᠰᠤᠷᠭᠠᠯᠳᠠ ᠰᠤᠷᠤᠭᠴᠢ ᠶᠢᠨ ᠪᠤᠳᠠᠳᠠᠢ ᠠᠴᠠ ᠭᠡᠳᠤ ᠵᠠᠶᠢᠳᠠᠵᠤ ᠮᠠᠳᠠᠭᠦ ᠲᠤᠯᠠ ᠵᠠᠷᠢᠮ ᠰᠤᠷᠤᠭᠴᠢ ᠶᠢᠨ ᠰᠤᠷᠬᠤ ᠶᠢ ᠰᠢᠭᠤᠳ ᠨᠦᠯᠦᠭᠡᠯᠡᠳᠡᠭ᠃ ᠡᠭᠦᠨ ᠤ ᠬᠤᠤᠷ ᠭᠦᠨᠦᠭᠡᠯ ᠮᠠᠰᠢ ᠭᠦᠨᠳᠤ ᠨᠤᠴᠢᠳᠠᠢ᠃ ᠶᠡᠭᠡ ᠭᠡᠮᠵᠢᠶᠡᠨ ᠤ ᠰᠤᠷᠤᠭᠴᠢ ᠬᠢᠴᠢᠶᠡᠯ ᠰᠤᠷᠤᠯᠭ᠎ᠠ ᠪᠠᠨ ᠲᠠᠭᠠᠵᠤ ᠲᠠᠶᠢᠯᠭᠦ ᠦᠭᠡᠢ ᠠᠴᠠ ᠪᠤᠯᠵᠤ ᠰᠤᠷᠬᠤ ᠪᠠᠨ ᠪᠤᠯᠢᠬᠤ ᠪᠤᠶᠤ ᠵᠠᠷᠢᠮ ᠰᠤᠷᠤᠭᠴᠢ ᠭᠦᠷᠪᠠᠰᠤ ᠵᠤᠬᠢᠬᠤ ᠭᠦᠭᠵᠢᠯᠳᠠ ᠳᠤ ᠪᠠᠨ ᠲᠤᠯᠵᠤ ᠲᠠᠶᠢᠯᠭᠦ ᠦᠭᠡᠢ ᠦᠵᠡᠭᠳᠡᠯ ᠲᠤᠮᠳᠠᠳᠤ ᠪᠠᠭ᠎ᠠ ᠰᠤᠷᠭᠠᠭᠤᠯᠢ ᠳᠤ ᠲᠠᠩᠳᠠ ᠢᠯᠠᠷᠠᠳᠡᠭ ᠨᠢ ᠰᠤᠷᠤᠭᠴᠢ ᠶᠢᠨ ᠪᠤᠳᠠᠳᠠᠢ ᠠᠴᠠ ᠭᠡᠳᠤ ᠵᠠᠶᠢᠳᠠᠭᠰᠠᠨ ᠵᠢᠭᠠᠨ ᠰᠤᠷᠭᠠᠯᠳᠠ ᠶᠢᠨ ᠠᠷᠬᠠᠬ ᠭᠡᠮ ᠠᠴᠠ ᠪᠤᠯᠤᠭᠰᠠᠨ ᠦᠭᠡᠢ ᠭᠡᠵᠦ ᠤᠤ︖ ᠺᠤᠨᠰᠫᠧᠺᠲ ᠭᠡᠭᠴᠢ ᠵᠢᠭᠠᠬᠤ ᠠᠭᠤᠯᠭ᠎ᠠ ᠪᠠᠨ ᠵᠢᠭᠠᠬᠤ ᠲᠠᠷᠠᠭᠠᠯᠠᠯ ᠢᠶᠠᠷ ᠪᠢᠴᠢᠵᠤ ᠲᠠᠮᠳᠡᠭᠯᠡᠭᠰᠡᠨ ᠲᠠᠮᠳᠡᠭᠯᠡᠯ ᠤᠭᠳᠤ ᠪᠢᠰᠢ᠃ ᠺᠤᠨ᠋ᠰᠫᠧᠺᠲ ᠪᠢᠴᠢᠭᠦ ᠳᠤ ᠭᠡᠪᠰᠢᠭᠰᠡᠨ ᠵᠦᠢᠯᠠᠰ ᠢ ᠠᠬᠢᠨ ᠲᠠᠬᠢᠨ ᠲᠠᠪᠳᠠᠵᠤ ᠪᠠᠶᠢᠭ᠎ᠠ ᠰᠢᠬ ᠪᠤᠯᠪᠠᠴᠤ ᠲᠠᠷᠠ ᠨᠢ ᠭᠡᠷᠡᠭ ᠲᠡᠭᠡᠷ᠎ᠡ ᠪᠠᠨ ᠵᠢᠭᠠᠨ ᠰᠤᠷᠭᠠᠯᠳᠠ ᠳᠤ ᠴᠠᠭᠠᠷᠠᠬᠤ ᠶᠢᠨ ᠠᠩᠬᠠᠨ ᠤ ᠱᠠᠳᠤ ᠪᠠᠷ ᠨᠠᠭᠠᠰᠢ ᠴᠠᠭᠠᠰᠢ ᠠᠯᠬᠤᠵᠤ᠂ ᠵᠢᠭᠠᠨ ᠰᠤᠷᠭᠠᠬᠤ ᠠᠷᠭ᠎ᠠ ᠤᠬᠠᠭᠠᠨ ᠰᠤᠪᠢᠵᠤ ᠰᠢᠮ᠎ᠠ ᠰᠢᠭᠦᠰᠤ ᠶᠢ ᠨᠢ ᠬᠤᠷᠠᠮᠳᠤᠭᠤᠯᠬᠤ ᠵᠢᠷᠦᠭᠡᠨ ᠲᠠᠮᠢᠷ ᠬᠢᠵᠦ ᠪᠠᠶᠢᠭ᠎ᠠ ᠲᠠᠢ ᠠᠳᠠᠯᠢ ᠶᠤᠮ᠃ ᠺᠤᠨᠰᠫᠧᠺᠲ ᠲᠤ ᠵᠢᠭᠠᠨ ᠰᠤᠷᠭᠠᠯᠳᠠ ᠶᠢᠨ ᠤᠷᠴᠢᠨ ᠢ ᠪᠤᠢ ᠪᠤᠯᠭᠠᠭᠰᠠᠨ ᠠᠬᠤᠢ ᠪᠠᠶᠢᠳᠠᠯ ᠲᠠᠢ ᠪᠠᠷ ᠪᠠᠷᠠᠬᠤ ᠦᠭᠡᠢ ᠰᠤᠷᠬᠤ ᠬᠠᠷᠠᠯᠳᠠ ᠳᠤ ᠭᠦᠷᠭᠦ ᠶᠢ ᠪᠠᠶᠠᠯᠠᠭᠦᠯᠭᠦ ᠭᠤᠤᠯᠳᠠᠯᠭ᠎ᠠ ᠶᠢ ᠲᠤᠪᠤᠶᠢᠯᠭᠠᠬᠤ ᠪᠠ ᠭᠦᠴᠢᠷᠳᠠᠯᠭᠡ ᠶᠢ ᠪᠤᠳᠠᠷᠠᠭᠠᠬᠤ ᠵᠡᠷᠭᠡ ᠴᠢᠬᠤᠯᠠ ᠪᠦᠭᠦᠢ ᠢᠮ ᠲᠡᠮᠳᠡᠭ ᠢᠯᠠ ᠲᠤᠳᠤ ᠬᠠᠷᠠᠭᠳᠠᠬᠤ ᠳᠤ ᠪᠠᠨ ᠲᠠᠭᠠᠷᠠᠨ᠎ᠠ᠃ ᠰᠤᠷᠤᠭᠴᠢ ᠶᠢᠨ ᠠᠵᠢᠯᠯᠠᠭ᠎ᠠ ᠪᠠ ᠪᠠᠭᠰᠢ ᠶᠢᠨ ᠠᠵᠢᠯᠯᠠᠭ᠎ᠠ ᠶᠢᠨ ᠲᠤᠬᠠᠢ ᠵᠢᠱᠢᠶᠡᠯᠡᠪᠡᠯ᠂ ᠵᠢᠭᠠᠨ ᠰᠤᠷᠭᠠᠯᠳᠠ ᠶᠢᠨ ᠠᠯᠢ ᠭᠤᠭᠴᠤᠭᠠᠨ ᠳᠤ ᠰᠤᠷᠤᠭᠴᠢ ᠶᠢ ᠬᠤᠭᠤᠷᠤᠨᠳᠤ ᠨᠢ ᠶᠠᠷᠢᠯᠴᠠᠭᠤᠯᠬᠤ᠂ ᠴᠢᠳᠠᠭᠰᠠᠨ ᠰᠤᠷᠤᠭᠴᠢ ᠪᠠᠷ ᠴᠢᠳᠠᠭᠠᠳᠤᠢ ᠰᠤᠷᠤᠭᠴᠢ ᠶᠢ ᠵᠢᠯᠤᠭᠤᠳᠤᠭᠤᠯᠬᠤ ᠪᠤᠶᠤ ᠶᠠᠮᠠᠷ ᠦᠶᠠᠰ ᠪᠠᠭᠰᠢ ᠪᠠᠷ ᠪᠦᠭᠦᠳᠠ ᠰᠤᠷᠤᠭᠴᠢ ᠳᠤ ᠰᠠᠩᠭᠡᠷᠡᠭᠦᠯᠦᠯ ᠵᠢᠯᠤᠭᠤᠳᠤᠮᠵᠢ ᠦᠭᠭᠦ᠂ ᠨᠠᠷᠢᠯᠢᠬ ᠲᠤᠳᠤᠷᠬᠠᠢ ᠲᠠᠶᠢᠯᠪᠤᠷᠢᠯᠠᠬᠤ ᠠᠭᠤᠯᠭ᠎ᠠ ᠪᠠᠶᠢᠬᠤ ᠡᠰᠠᠭᠦ ᠵᠡᠷᠭᠡ ᠠᠯᠢ ᠤᠯᠠᠨ ᠵᠦᠢᠯᠠᠰ ᠢ ᠨᠠᠷᠢᠨ ᠲᠤᠳᠤᠷᠬᠠᠢ ᠪᠢᠴᠢᠪᠠᠯ ᠵᠤᠬᠢᠨ᠎ᠠ᠃ ᠵᠢᠭᠠᠬᠤ ᠳᠤ ᠲᠤᠭᠳᠠᠭᠰᠠᠨ ᠲᠤᠮᠢᠶᠠᠯᠠᠯ ᠦᠭᠡᠢ ᠲᠤᠯᠠ ᠬᠠᠮᠤᠭ ᠤᠨ ᠤᠬᠢ ᠰᠢᠯᠢᠳᠡᠭ ᠵᠢᠭᠠᠬᠤ ᠠᠷᠭ᠎ᠠ ᠭᠡᠵᠦ ᠦᠭᠡᠢ ᠶᠤᠮ᠃ ᠵᠠᠷᠢᠮ ᠠᠭᠤᠯᠭ᠎ᠠ ᠶᠢ ᠵᠢᠭᠠᠬᠤ ᠳᠤ ᠶᠡᠪ ᠴᠠᠪ ᠲᠤᠬᠢᠷᠠᠬᠤ ᠵᠢᠭᠠᠬᠤ ᠠᠷᠭ᠎ᠠ ᠪᠠᠶᠢᠪᠠᠴᠤ ᠡᠨᠡ ᠵᠢᠭᠠᠬᠤ ᠠᠷᠭ᠎ᠠ ᠪᠠᠷ ᠦᠭᠡᠷ᠎ᠠ ᠠᠭᠤᠯᠭ᠎ᠠ ᠶᠢ ᠵᠢᠭᠠᠬᠤ ᠳᠤ ᠲᠤᠬᠢᠷᠠᠬᠤ ᠪᠠᠨ ᠪᠤᠯᠢᠵᠤ ᠮᠠᠳᠠᠨ᠎ᠠ᠃ ᠢᠡᠭᠬᠢᠭᠦ ᠪᠠᠷ ᠢᠶᠠᠨ ᠶᠠᠮᠠᠷ ᠨᠢᠭᠡᠨ ᠵᠢᠭᠠᠨ ᠰᠤᠷᠭᠠᠬᠤ ᠠᠷᠭ᠎ᠠ ᠶᠢᠨ ᠺᠤᠨᠰᠫᠧᠺᠲ ᠢ ᠪᠢᠴᠢᠭᠦ ᠳᠤ ᠭᠡᠯᠪᠠᠷᠢ ᠶᠠᠩᠵᠤ ᠳᠤ ᠨᠢ ᠭᠡᠳᠤᠷᠭᠡᠢ ᠪᠠᠷᠢᠭᠳᠠᠵᠤ ᠪᠤᠯᠬᠤ ᠦᠭᠡᠢ᠂ ᠠᠯᠪᠠ ᠪᠠᠷ ᠲᠤᠬᠤᠵᠤ ᠪᠢᠴᠢᠪᠠᠯ ᠵᠢᠭᠠᠨ ᠰᠤᠷᠭᠠᠯᠳᠠ ᠶᠢᠨ ᠦᠷ᠎ᠠ ᠠᠰᠢᠬ ᠢ ᠨᠦᠯᠦᠭᠡᠯᠡᠭᠦ ᠨᠢ ᠭᠠᠷᠴᠠᠭ᠎ᠠ ᠦᠭᠡᠢ ᠶᠤᠮ᠃ ᠮᠢᠨᠦ ᠦᠵᠡᠭᠦ ᠪᠠᠷ ᠵᠢᠭᠠᠨ ᠰᠤᠷᠭᠠᠯᠳᠠ ᠶᠢᠨ ᠵᠠᠷᠢᠮ ᠭᠤᠭᠴᠤᠭ᠎ᠠ ᠭᠡᠯᠬᠢᠶᠠᠰᠤ ᠶᠢ ᠨᠢ ᠦᠭᠡᠷᠡᠴᠢᠯᠠᠭᠦ ᠪᠤᠶᠤ ᠤᠷᠬᠢᠬᠤ᠂ ᠵᠢᠭᠠᠬᠤ ᠠᠷᠭ᠎ᠠ ᠶᠢᠨ ᠲᠠᠰ ᠲᠠᠷᠠᠭᠠᠯᠠᠯ ᠢ ᠨᠢ ᠰᠤᠯᠢᠬᠤ᠂ ᠡᠰᠠᠭᠦᠯ᠎ᠠ ᠵᠢᠭᠠᠬᠤ ᠠᠷᠭ᠎ᠠ ᠳᠤ ᠲᠤᠷᠠᠳᠤᠭᠳᠠᠭᠰᠠᠨ ᠦᠭᠡᠢ ᠵᠦᠢᠯᠠᠰ ᠢ ᠨᠠᠮᠠᠵᠤ ᠨᠦᠭᠦᠵᠤ ᠪᠦᠷ ᠪᠤᠯᠤᠨ᠎ᠠ᠃ ᠡᠨᠠ ᠮᠠᠳᠤ ᠵᠠᠰᠠᠯᠳᠠ ᠦᠭᠡᠷᠡᠴᠢᠯᠠᠯᠳᠠ ᠬᠢᠵᠤ ᠲᠦᠰᠦᠪᠯᠡᠭᠰᠡᠨ ᠺᠤᠨᠰᠫᠧᠺᠲ ᠢᠶᠠᠷ ᠬᠢᠴᠢᠶᠡᠯᠯᠡᠭᠦ ᠳᠤ ᠦᠷ᠎ᠠ ᠠᠰᠢᠬ ᠨᠢ ᠮᠠᠰᠢ ᠰᠠᠶᠢᠨ ᠪᠠᠶᠢᠪᠠᠯ ᠲᠡᠭᠦᠨ ᠢ ᠡᠨᠡ ᠵᠢᠭᠠᠬᠤ ᠠᠷᠭ᠎ᠠ ᠪᠤᠷᠤᠭᠤ ᠭᠡᠵᠦ ᠦᠵᠡᠵᠤ ᠪᠤᠯᠤᠨ᠎ᠠ ᠤᠤ᠂ ᠡᠰᠡᠷᠭᠦ ᠪᠠᠷ ᠡᠨᠠ ᠵᠢᠭᠠᠬᠤ ᠠᠷᠭ᠎ᠠ ᠶᠢ ᠴᠢᠮᠦᠭᠡᠨ ᠳᠤ ᠨᠢ ᠲᠤᠯᠳᠠᠯ᠎ᠠ ᠤᠢᠢᠯᠠᠭᠠᠵᠤ ᠤᠷᠠᠨ ᠴᠢᠳᠠᠮᠠᠭᠠᠢ ᠭᠡᠷᠡᠭᠯᠡᠵᠦ ᠴᠢᠳᠠᠵᠤ ᠪᠠᠶᠢᠭ᠎ᠠ ᠳᠤ ᠲᠤᠭᠠᠴᠢᠭᠳᠠᠬᠤ ᠶᠤᠮ᠃ ᠡᠨᠡ ᠬᠢᠴᠢᠶᠠᠯ ᠳᠤ ᠰᠤᠷᠤᠭᠴᠢ ᠶᠢ ᠯᠠᠪᠳᠠᠢ ᠵᠢᠭᠠᠨ ᠰᠤᠷᠭᠠᠬᠤ ᠠᠵᠢᠯᠯᠠᠭ᠎ᠠ ᠳᠤ ᠢᠳᠡᠪᠬᠢᠳᠠᠢ ᠤᠷᠤᠯᠴᠠᠭᠤᠯᠵᠤ ᠭᠤᠤᠯ ᠴᠤᠭᠴᠠ ᠶᠢᠨ ᠦᠢᠯᠠᠳᠤᠯ ᠢ ᠨᠢ ᠲᠠᠭᠦᠰ ᠪᠠᠳᠠᠷᠠᠭᠤᠯᠤᠭᠰᠠᠨ ᠢᠶᠠᠷ ᠪᠠᠷᠠᠬᠤ ᠦᠭᠡᠢ ᠪᠠᠭᠰᠢ ᠶᠢᠨ ᠭᠤᠤᠯᠴᠢᠯᠠᠨ ᠵᠢᠯᠤᠭᠤᠳᠬᠤ ᠦᠢᠯᠠᠳᠤᠯ ᠢᠶᠠᠨ ᠭᠦᠢᠴᠡᠳ ᠪᠠᠳᠠᠷᠠᠭᠤᠯᠵᠤ ᠲᠠᠶᠢᠯᠦᠭᠰᠡᠨ᠂ ᠤᠯᠠᠩᠬᠢ ᠰᠤᠷᠤᠭᠴᠢ ᠶᠢ ᠵᠢᠭᠠᠨ ᠰᠤᠷᠭᠠᠬᠤ ᠬᠠᠷᠠᠯᠳᠠ ᠶᠢᠨ ᠱᠠᠭᠠᠷᠳᠠᠯᠭ᠎ᠠ ᠳᠤ ᠭᠦᠷᠭᠡᠵᠦ ᠲᠠᠶᠢᠯᠦᠭᠰᠡᠨ ᠨᠢ ᠯᠠᠪᠳᠠᠢ ᠭᠡᠵᠦ ᠠᠮᠠ ᠪᠠᠷᠳᠠᠮ ᠭᠡᠯᠡᠵᠦ ᠲᠠᠶᠢᠯᠤᠨ᠎ᠠ᠃ ᠲᠡᠭᠡᠪᠡᠯ ᠬᠢᠴᠢᠶᠡᠯ ᠢᠶᠠᠨ ᠵᠢᠭᠠᠵᠤ ᠪᠠᠷᠠᠮᠠᠭᠴᠠ ᠺᠤᠨᠰᠫᠧᠺᠲ ᠤᠨ ᠦᠢᠯᠠᠳᠤᠯ ᠲᠠᠭᠤᠰᠴᠢᠬᠠᠬᠤ ᠪᠢᠰᠢ᠂ ᠬᠢᠴᠢᠶᠡᠯ ᠤᠨ ᠲᠠᠷᠠᠭ᠎ᠠ ᠪᠠᠰᠠ ᠵᠠᠰᠠᠨ ᠵᠠᠯᠠᠷᠠᠭᠤᠯᠵᠤ᠂ ᠨᠦᠭᠦᠪᠤᠷᠢᠯᠡᠵᠦ ᠪᠦᠷᠢᠨᠵᠢᠭᠦᠯᠭᠦ ᠴᠢᠬᠤᠯᠠ ᠪᠤᠢ᠃ ᠵᠢᠭᠠᠬᠤ ᠶᠠᠪᠤᠴᠠ ᠳᠤ ᠰᠠᠷᠡᠭᠳᠡᠭᠰᠡᠨ ᠵᠦᠢᠯᠠᠰ᠂ ᠠᠯᠳᠠᠰᠢ ᠤᠯᠤᠰᠢ᠂ ᠬᠢᠯᠠᠰ ᠴᠡᠭ᠂ ᠬᠠᠯᠠᠵᠤ ᠰᠠᠶᠢᠵᠢᠷᠠᠭᠤᠯᠬᠤ ᠵᠦᠢᠯ᠂ ᠡᠮᠵᠡᠭ ᠪᠠᠭᠤᠷᠠᠢ ᠲᠠᠯ᠎ᠠ ᠁ ᠵᠡᠷᠭᠡ ᠤᠯᠠᠨ ᠲᠠᠯ᠎ᠠ ᠪᠠᠷ ᠲᠠᠮᠳᠡᠭᠯᠡᠵᠦ ᠪᠤᠯᠤᠨ᠎ᠠ᠃ ᠡᠭᠦᠨ ᠠᠴᠠ ᠭᠠᠳᠠᠨ᠎ᠠ ᠵᠢᠭᠠᠨ ᠰᠤᠷᠭᠠᠯᠳᠠ ᠶᠢᠨ ᠡᠷᠬᠢᠴᠠᠭᠦᠯᠦᠯ ᠲᠤᠩᠭᠠᠯᠳᠠ ᠶᠢ ᠲᠠᠭᠠᠯᠳᠤᠭᠤᠯᠪᠠᠯ ᠨᠠᠩ ᠰᠠᠶᠢᠨ᠃ ᠢᠡᠭᠬᠢᠵᠤ ᠵᠠᠰᠠᠵᠤ ᠰᠢᠨᠡᠳᠭᠡᠭᠰᠡᠨ ᠺᠤᠨᠰᠫᠧᠺᠲ ᠲᠠᠷᠠᠭᠠᠴᠢ ᠶᠢᠨ ᠡᠭᠡᠯᠵᠢ ᠶᠢᠨ ᠺᠤᠨᠰᠫᠧᠺᠲ ᠢ ᠪᠢᠴᠢᠭᠦ ᠳᠤ ᠤᠯᠳᠠᠰᠢ ᠦᠭᠡᠢ ᠬᠤᠪᠤᠷ ᠨᠠᠨᠳᠢᠨ ᠪᠤᠷᠤ ᠮᠠᠲ᠋ᠧᠷᠢᠶᠠᠯ ᠪᠤᠯᠬᠤ ᠶᠤᠮ᠃ ᠠᠯᠵᠠᠭᠤᠷᠠᠵᠤ ᠵᠠᠯᠬᠠᠭᠤᠷᠠᠬᠤ ᠦᠭᠡᠢ᠂ ᠨᠠᠷᠢᠨ ᠬᠢᠨᠠᠮᠠᠭᠠᠢ᠂ ᠱᠠᠭᠠᠷᠳᠠᠯᠭ᠎ᠠ ᠲᠦᠷᠢᠮᠵᠢᠯ ᠢᠶᠠᠷ ᠬᠢᠴᠢᠶᠡᠯ ᠪᠤᠯᠭᠠᠨ ᠤ ᠺᠤᠨᠰᠫᠧᠺᠲ ᠢ ᠦᠪᠠᠷ ᠤᠨ ᠭᠡᠰᠡᠨ ᠭᠡᠪ ᠨᠠᠮᠪᠠ ᠲᠠᠢ ᠲᠠᠪᠳᠠᠨ ᠪᠢᠴᠢᠵᠤ ᠯᠠ ᠪᠠᠶᠢᠪᠠᠯ ᠠᠶᠠᠨᠳᠠᠭᠠᠨ ᠰᠤᠷᠬᠤ ᠪᠢᠴᠢᠭ ᠲᠤ ᠲᠦᠢᠯ ᠤᠨ ᠲᠤᠳᠤᠷᠬᠠᠢ ᠪᠤᠯᠵᠤ ᠵᠢᠭᠠᠨ ᠰᠤᠷᠭᠠᠬᠤ ᠳᠤ ᠮᠠᠷᠭᠡᠰᠢᠵᠤ ᠴᠠᠭᠠᠷᠠᠨ᠎ᠠ᠃ ᠵᠢᠭᠠᠬᠤ ᠠᠭᠤᠯᠭ᠎ᠠ ᠶᠢᠨ ᠭᠠᠷᠴᠠᠭ ᠢ ᠬᠠᠷᠠᠮᠠᠭᠴᠠ ᠪᠠᠷᠢᠨ ᠵᠢᠭᠠᠵᠤ ᠲᠠᠶᠢᠯᠳᠡᠭ ᠬᠢᠷᠢ ᠭᠡᠮ ᠲᠠᠢ ᠪᠤᠯᠤᠨ᠎ᠠ᠃ ᠶᠠᠮᠠᠷᠪᠠ ᠵᠢᠭᠠᠨ ᠰᠤᠷᠭᠠᠬᠤ ᠠᠷᠭ᠎ᠠ ᠶᠢ ᠭᠡᠷᠡᠭᠯᠡᠵᠦ ᠪᠠᠶᠢᠭᠰᠠᠨ ᠴᠦ ᠲᠡᠭᠦᠨ ᠲᠠᠢ ᠪᠠᠨ ᠶᠠᠪ ᠴᠠᠪ ᠲᠤᠬᠢᠷᠠᠯᠴᠠᠭᠰᠠᠨ ᠵᠢᠭᠠᠨ ᠰᠤᠷᠭᠠᠬᠤ ᠲᠦᠰᠦᠪ ᠢ ᠲᠦᠰᠦᠪᠯᠡᠵᠦ ᠲᠠᠶᠢᠯᠤᠨ᠎ᠠ᠃ ᠴᠢᠨᠠᠭᠰᠢᠯᠠᠨ ᠬᠠᠮᠤᠭ ᠤᠨ ᠤᠬᠢ ᠵᠢᠭᠠᠨ ᠰᠤᠷᠭᠠᠬᠤ ᠲᠦᠰᠦᠪ ᠢ ᠴᠦ ᠲᠦᠰᠦᠪᠯᠡᠵᠦ ᠮᠠᠳᠠᠭᠦ ᠶᠤᠮ᠃ ᠡ᠊ᠨᠳᠠ᠂ ᠴᠡᠭ ᠠᠴᠠ ᠰᠢᠯᠤᠭᠤᠨ ᠭᠦᠷᠭᠦ ᠵᠠᠢ ᠶᠢᠨ ᠤᠬᠠᠭᠳᠠᠬᠤᠨ ᠢ ᠵᠢᠭᠠᠬᠤ ᠳᠤ ᠲᠦᠰᠦᠪᠯᠡᠭᠰᠡᠨ ᠵᠢᠭᠠᠨ ᠰᠤᠷᠭᠠᠬᠤ ᠲᠦᠰᠦᠪ ᠠᠴᠠ ᠪᠠᠨ ᠲᠤᠪᠴᠢᠯᠠᠨ ᠰᠠᠶᠢᠷᠠᠭᠦᠯᠵᠦ ᠯᠠᠪᠯᠠᠯᠳᠠ ᠪᠤᠯᠭᠠᠶ᠎ᠠ᠃      ᠪᠠᠭᠰᠢ ᠶᠠᠷᠢᠵᠤ ᠰᠤᠷᠤᠭᠴᠢ ᠪᠦᠭᠦᠨ ᠭᠦᠢᠴᠡᠳᠭᠡᠨ᠎ᠡ᠃      — ᠲᠤᠷ᠎ᠠ ᠪᠠᠷ ᠨᠢᠭᠡᠨ ᠰᠢᠯᠤᠭᠤᠨ l ᠢ ᠪᠠᠶᠢᠭᠤᠯ᠃      — ᠲᠤᠷ᠎ᠠ ᠶᠢᠨ ᠨᠢᠭᠡᠨ ᠴᠡᠭ P ᠶᠢ ᠠᠪ᠃      — ᠴᠡᠭ P ᠢ ᠲᠠᠭᠠᠷᠢᠭᠤᠯᠵᠤ ᠰᠢᠯᠤᠭᠤᠨ l ᠳᠤ ᠡᠭ᠍ᠴᠡ ᠰᠢᠯᠤᠭᠤᠨ ᠪᠠᠶᠢᠭᠤᠯ᠂ ᠡᠭ᠍ᠴᠡ ᠶᠢᠨ ᠰᠠᠭᠤᠷᠢ ᠶᠢ ᠨᠢ Q ᠭᠡᠵᠦ ᠠᠪ᠃      — ᠭᠡᠷᠴᠢᠮ PQ ᠶᠢ ᠴᠡᠭ P ᠠᠴᠠ ᠰᠢᠯᠤᠭᠤᠨ l ᠭᠦᠷᠭᠦ ᠡᠭ᠍ᠴᠡ ᠭᠡᠷᠴᠢᠮ᠂ ᠡᠭ᠍ᠴᠡ ᠭᠡᠷᠴᠢᠮ PQ ᠶᠢᠨ ᠤᠷᠳᠤ ᠶᠢ ᠴᠡᠭ P ᠠᠴᠠ ᠰᠢᠯᠤᠭᠤᠨ l ᠭᠦᠷᠭᠦ ᠵᠠᠢ ᠭᠡᠨ᠎ᠠ᠃      — ᠴᠡᠭ P ᠠᠴᠠ ᠰᠢᠯᠤᠭᠤᠨ l ᠭᠦᠷᠭᠦ ᠵᠠᠢ ᠶᠢ ᠤᠯ᠃      ᠴᠢᠳᠠᠬᠤ ᠦᠭᠡᠢ ᠰᠤᠷᠤᠭᠴᠢ ᠪᠠᠶᠢᠪᠠᠯ ︽ᠡᠭ᠍ᠴᠡ ᠭᠡᠷᠴᠢᠮ PQ ᠶᠢᠨ ᠤᠷᠳᠤ ᠶᠢ ᠭᠡᠮᠵᠢ︾ ᠭᠡᠭᠦ ᠮᠠᠳᠤ ᠪᠠᠷ ᠰᠠᠩᠭᠡᠷᠡᠭᠦᠯᠦᠨ᠎ᠠ᠃ ᠰᠤᠷᠤᠭᠴᠢᠳ ᠭᠦᠢᠴᠡᠳᠭᠡᠵᠦ ᠪᠠᠷᠠᠭᠰᠠᠨ ᠤ ᠳᠠᠷᠠᠭ᠎ᠠ ᠲᠠᠳᠠᠨ ᠳᠤ ᠬᠠᠷᠢᠯᠴᠠᠨ ᠰᠤᠯᠢᠯᠴᠠᠵᠤ ᠰᠤᠷᠤᠯᠴᠠᠬᠤ ᠲᠤᠬᠢᠶᠠᠯ ᠤᠯᠭᠤᠨ᠎ᠠ᠃ ᠲᠤᠬᠠᠢᠢᠯᠠᠪᠠᠯ᠂ ᠴᠡᠭ ᠠᠴᠠ ᠰᠢᠯᠤᠭᠤᠨ ᠭᠦᠷᠭᠦ ᠵᠠᠢ ᠶᠢ ᠤᠯᠤᠭᠰᠠᠨ ᠢ ᠵᠦᠪ ᠡᠰᠠᠭᠦ ᠪᠠᠨ ᠬᠠᠷᠢᠯᠴᠠᠨ ᠪᠠᠶᠢᠴᠠᠭᠠᠨ᠎ᠠ᠂ ᠭᠡᠷᠪᠠ ᠪᠤᠷᠤᠭᠤᠳᠠᠭᠰᠠᠨ ᠪᠠᠶᠢᠪᠠᠯ ᠵᠠᠰᠠᠵᠤ ᠵᠠᠯᠠᠷᠠᠭᠤᠯᠵᠤ ᠦᠭᠭᠦ ᠶᠢᠨ ᠵᠡᠷᠭᠡᠳᠡ ᠲᠠᠶᠢᠯᠪᠤᠷᠢ ᠲᠤᠳᠤᠷᠬᠠᠢᠢᠯᠠᠯ ᠭᠢᠵᠤ ᠦᠭᠭᠦᠨ᠎ᠠ᠃ ᠶᠠᠷᠢᠶᠠᠨ ᠦᠭᠡᠢ ᠪᠠᠭᠰᠢ ᠪᠠᠰᠠ ᠰᠤᠷᠤᠭᠴᠢ ᠶᠢᠨ ᠠᠬᠢᠴᠠ ᠲᠠᠢ ᠠᠯᠬᠤᠮ ᠨᠢᠭᠡ ᠲᠠᠢ ᠪᠠᠷ ᠬᠠᠮᠢᠶ᠎ᠠ ᠪᠦᠭᠦᠢ ᠵᠦᠢᠯᠠᠰ ᠢ ᠰᠠᠮᠪᠠᠷ᠎ᠠ ᠲᠡᠭᠡᠷ᠎ᠠ ᠭᠦᠢᠴᠡᠳᠭᠡᠵᠦ ᠪᠤᠯᠬᠤ ᠶᠤᠮ᠃ ᠢᠡᠭᠬᠢᠵᠤ ᠲᠦᠰᠦᠪᠯᠡᠭᠰᠡᠨ ᠵᠢᠭᠠᠨ ᠰᠤᠷᠭᠠᠯᠳᠠ ᠶᠢᠨ ᠲᠦᠰᠦᠪ ᠬᠠᠮᠤᠭ ᠤᠨ ᠤᠬᠢ ᠰᠢᠯᠢᠳᠡᠭ ᠵᠢᠭᠠᠨ ᠰᠤᠷᠭᠠᠬᠤ ᠲᠦᠰᠦᠪ ᠪᠤᠯᠬᠤ ᠦᠭᠡᠢ ᠭᠡᠵᠦ ᠤᠤ︖ ᠡᠨᠠ ᠵᠢᠭᠠᠨ ᠰᠤᠷᠭᠠᠯᠳᠠ ᠶᠢᠨ ᠲᠦᠰᠦᠪ ᠲᠤ ᠰᠤᠷᠤᠭᠴᠢ ᠪᠠᠷ ᠭᠤᠤᠯ ᠴᠤᠭᠴᠠ ᠪᠤᠯᠭᠠᠵᠤ ᠦᠭᠡᠢ ᠭᠡᠵᠦ ᠤᠤ︖ ᠰᠤᠷᠤᠭᠴᠢ ᠶᠢᠨ ᠤᠷᠤᠯᠳᠤᠯᠭ᠎ᠠ ᠬᠢᠭᠡᠳ ᠪᠠᠭᠰᠢ ᠶᠢᠨ ᠵᠢᠯᠤᠭᠤᠳᠤᠮᠵᠢ ᠶᠢ ᠤᠷᠭᠠᠨᠢᠬ ᠢᠶᠠᠷ ᠠᠪᠴᠠᠯᠳᠤᠭᠤᠯᠵᠤ ᠦᠭᠡᠢ ᠭᠡᠵᠦ ᠤᠤ︖ ᠪᠠᠭᠰᠢ ᠶᠢᠨ ᠵᠤᠬᠢᠶᠠᠨ ᠪᠠᠶᠢᠭᠤᠯᠤᠯᠳᠠ ᠲᠤᠤᠷ᠎ᠠ ᠰᠤᠷᠤᠭᠴᠢᠳ ᠦᠪᠠᠷ ᠤᠨ ᠤᠷᠤᠯᠳᠤᠯᠭ᠎ᠠ ᠳᠤ ᠪᠠᠨ ᠲᠦᠰᠢᠭᠯᠡᠵᠦ ᠴᠡᠭ ᠠᠴᠠ ᠰᠢᠯᠤᠭᠤᠨ ᠭᠦᠷᠭᠦ ᠵᠠᠢ ᠶᠢᠨ ᠤᠬᠠᠭᠳᠠᠬᠤᠨ ᠢ ᠮᠠᠰᠢ ᠠᠮᠠᠷᠬᠠᠨ ᠡᠵᠡᠮᠰᠢᠵᠤ ᠲᠠᠶᠢᠯᠤᠨ᠎ᠠ᠃ ᠴᠡᠭ ᠠᠴᠠ ᠰᠢᠯᠤᠭᠤᠨ ᠭᠦᠷᠭᠦ ᠵᠠᠢ ᠲᠠᠢ ᠬᠠᠮᠢᠶ᠎ᠠ ᠪᠦᠭᠦᠢ ᠠᠰᠠᠭᠤᠳᠠᠯ ᠢ ᠰᠢᠢᠳᠪᠤᠷᠢᠯᠡᠭᠦ ᠳᠤ ᠭᠦᠴᠢᠷᠳᠠᠭᠦ ᠦᠭᠡᠢ ᠪᠤᠯᠬᠤ ᠶᠤᠮ᠃ ᠶᠠᠷᠢᠶᠠᠨ ᠦᠭᠡᠢ ᠵᠢᠭᠠᠨ ᠰᠤᠷᠭᠠᠯᠳᠠ ᠶᠢᠨ ᠶᠠᠪᠤᠴᠠ ᠳᠤ ᠴᠡᠭ ᠢ ᠰᠢᠯᠤᠭᠤᠨ ᠲᠡᠭᠡᠷ᠎ᠠ ᠠᠪᠬᠤ ᠰᠤᠷᠤᠭᠴᠢ ᠪᠠᠶᠢᠵᠤ ᠮᠠᠳᠠᠨ᠎ᠠ᠃ ᠢᠢᠮᠦ ᠪᠠᠶᠢᠳᠠᠯ ᠢᠯᠠᠷᠠᠪᠠᠯ ᠮᠠᠰᠢ ᠰᠠᠶᠢᠨ᠃ ᠲᠠᠷᠠ ᠪᠤᠯ ᠴᠡᠭ ᠨᠢ ᠰᠢᠯᠤᠭᠤᠨ ᠲᠡᠭᠡᠷ᠎ᠠ ᠤᠷᠤᠰᠢᠬᠤ ᠦᠶᠠᠰ ᠴᠡᠭ ᠠᠴᠠ ᠰᠢᠯᠤᠭᠤᠨ ᠭᠦᠷᠭᠦ ᠵᠠᠢ ᠨᠢ 0 ᠪᠤᠯᠬᠤ ᠶᠢ ᠵᠢᠭᠠᠬᠤ ᠬᠠᠮᠤᠭ ᠤᠨ ᠤᠬᠢ ᠰᠠᠶᠢᠨ ᠵᠢᠭᠠᠨ ᠰᠤᠷᠭᠠᠯᠳᠠ ᠶᠢᠨ ᠤᠷᠴᠢᠨ ᠮᠦᠨ᠃ ᠵᠢᠭᠠᠨ ᠰᠤᠷᠭᠠᠯᠳᠠ ᠶᠢᠨ ᠶᠠᠪᠤᠴᠠ ᠳᠤ᠂ ᠡᠶᠢᠮᠦᠷᠭᠦᠦ ᠠᠬᠤᠢ ᠤᠷᠴᠢᠨ ᠢᠯᠠᠷᠡᠭᠦ ᠦᠭᠡᠢ ᠴᠦ ᠭᠡᠰᠡᠨ ᠪᠠᠭᠰᠢ ᠲᠡᠭᠦᠨ ᠢ ᠪᠤᠢ ᠪᠤᠯᠭᠠᠬᠤ ᠳᠤ ᠪᠠᠨ ᠲᠠᠭᠠᠷᠠᠨ᠎ᠠ᠃      ᠵᠢᠭᠠᠨ ᠰᠤᠷᠭᠠᠯᠳᠠ ᠶᠢ ᠲᠦᠰᠦᠪᠯᠡᠭᠦ ᠳᠤ ᠵᠦᠪᠭᠡᠨ ᠰᠤᠷᠬᠤ ᠪᠢᠴᠢᠭ᠂ ᠯᠠᠪᠯᠠᠬᠤ ᠪᠢᠴᠢᠭ ᠪᠠ ᠠᠷᠭ᠎ᠠ ᠲᠤᠷᠰᠢᠯᠭ᠎ᠠ ᠳᠤ ᠪᠠᠨ ᠲᠦᠰᠢᠭᠯᠡᠭᠡᠳ ᠪᠠᠶᠢᠵᠤ ᠪᠤᠯᠬᠤ ᠦᠭᠡᠢ᠂ ᠡᠷᠭᠡᠪᠰᠢ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠲᠤᠬᠠᠢ ᠴᠠᠬ ᠢᠮᠠᠭᠳᠠ ᠰᠤᠷᠤᠯᠴᠠᠵᠤ᠂ ᠰᠤᠷᠭᠠᠨ ᠭᠦᠮᠦᠵᠢᠭᠦᠯᠭᠦ ᠤᠢᠢᠯᠠᠭᠠᠭᠳᠠᠬᠤᠨ ᠢᠶᠠᠨ ᠰᠢᠨᠡᠳᠭᠡᠨ᠂ ᠵᠢᠭᠠᠨ ᠰᠤᠷᠭᠠᠬᠤ ᠤᠤᠷ ᠮᠠᠷᠭᠡᠵᠢᠯ ᠢᠶᠠᠨ ᠲᠠᠰᠤᠷᠠᠯᠳᠠ ᠦᠭᠡᠢ ᠲᠡᠭᠡᠭᠰᠢᠯᠠᠭᠦᠯᠭᠦ ᠭᠡᠷᠡᠭᠳᠠᠢ᠃ ᠡᠰᠠ ᠲᠠᠶᠢᠮᠦ ᠪᠤᠯ ᠺᠤᠨᠰᠫᠧᠺᠲ ᠴᠢᠨᠢ ᠴᠢᠨᠠᠷᠯᠢᠬᠵᠢᠵᠤ ᠲᠠᠶᠢᠯᠭᠦ ᠦᠭᠡᠢ᠂ ᠨᠡᠩ ᠴᠠᠭ ᠡᠷᠢᠨ ᠤ ᠱᠠᠭᠠᠷᠳᠠᠯᠭ᠎ᠠ ᠳᠤ ᠨᠠᠶᠢᠴᠡᠭᠰᠡᠨ ᠰᠤᠷᠤᠭᠴᠢ ᠶᠢ ᠭᠦᠮᠦᠵᠢᠭᠦᠯᠵᠦ ᠲᠠᠶᠢᠯᠭᠦ ᠳᠤ ᠪᠡᠷᠭᠡ᠃ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠲᠤᠬᠠᠢ ᠨᠤᠮ ᠵᠤᠬᠢᠶᠠᠯ ᠢ ᠦᠷᠭᠡᠨ ᠲᠠᠯᠭᠡᠷ ᠤᠡᠭᠰᠢᠵᠤ᠂ ᠰᠤᠳᠤᠯᠵᠤ ᠰᠢᠨᠵᠢᠯᠠᠭᠦ ᠪᠤᠶᠤ ᠪᠢᠴᠢᠵᠤ ᠤᠷᠤᠯᠳᠤᠳᠠᠬ ᠯᠠ ᠶᠤᠮ ᠪᠤᠯ ᠠᠶᠠᠨᠳᠠᠭᠠᠨ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠦᠭᠦᠯᠠᠯ ᠵᠤᠬᠢᠶᠠᠯ ᠪᠢᠴᠢᠭᠦ ᠳᠤ ᠭᠦᠴᠢᠷᠳᠠᠭᠦ ᠦᠭᠡᠢ ᠪᠤᠯᠤᠨ᠎ᠠ᠂ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠤᠷᠤᠯᠳᠤᠯᠭ᠎ᠠ ᠰᠤᠳᠤᠯᠭ᠎ᠠ ᠶᠢ ᠬᠢᠵᠤ ᠴᠢᠳᠠᠬᠤ ᠪᠤᠯᠤᠨ᠎ᠠ᠂ ᠴᠢᠨᠠᠭᠰᠢᠯᠠᠨ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠰᠠᠳᠤᠪᠳᠤ ᠰᠤᠳᠤᠯᠭᠠᠨ ᠢ ᠴᠦ ᠡᠭᠦᠷᠭᠡᠯᠡᠨ ᠭᠦᠢᠴᠡᠳᠭᠡᠵᠦ ᠲᠠᠶᠢᠯᠭᠦ ᠬᠢᠷᠢ ᠭᠡᠮ ᠲᠠᠢ ᠪᠤᠯᠬᠤ ᠶᠤᠮ᠃ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠲᠤᠬᠠᠢ ᠠᠷᠰᠠᠷ ᠶᠠᠪᠤᠳᠠᠯ᠂ ᠶᠠᠯᠢᠮ ᠦᠭᠡᠢ ᠦᠴᠦᠭᠡᠨ ᠶᠠᠪᠤᠳᠠᠯ ᠢ ᠭᠦᠷᠳᠠᠯ᠎ᠠ ᠡᠳᠦᠷ ᠲᠤᠵᠢ ᠬᠠᠯᠠᠰᠢᠷᠠᠯ ᠦᠭᠡᠢ ᠨᠠᠷᠢᠨ ᠬᠢᠨᠠᠮᠠᠭᠠᠢ ᠪᠠᠶᠠᠯᠠᠭᠦᠯᠵᠦ ᠯᠠ ᠪᠠᠶᠢᠪᠠᠯ ᠰᠤᠷᠭᠠᠵᠤ ᠭᠦᠮᠦᠵᠢᠭᠦᠯᠭᠦ ᠪᠠ ᠵᠢᠭᠠᠵᠤ ᠰᠤᠷᠭᠠᠬᠤ ᠨᠠᠩ ᠦᠨᠳᠤᠷ ᠲᠦᠪᠰᠢᠨ ᠳᠤ ᠭᠦᠷᠴᠤ ᠲᠠᠶᠢᠯᠤᠨ᠎ᠠ᠃ ᠵᠦᠪᠭᠡᠨ ᠬᠢᠴᠢᠶᠠᠯ ᠵᠢᠭᠠᠬᠤ ᠳᠤ ᠪᠠᠨ ᠮᠠᠷᠭᠡᠰᠢᠵᠤ ᠴᠠᠭᠠᠷᠠᠬᠤ ᠲᠠᠳᠤᠢ ᠪᠢᠰᠢ᠂ ᠵᠢᠭᠠᠨ ᠰᠤᠷᠭᠠᠯᠳᠠ ᠶᠢᠨ ᠤᠷᠤᠯᠳᠤᠯᠭ᠎ᠠ ᠰᠤᠳᠤᠯᠭ᠎ᠠ ᠬᠢᠭᠦ᠂ ᠰᠤᠷᠤᠭᠴᠢ ᠶᠢ ᠭᠦᠮᠦᠵᠢᠭᠦᠯᠵᠦ ᠰᠤᠷᠭᠠᠬᠤ᠂ ᠵᠠᠯᠠᠭᠤ ᠪᠠᠭᠰᠢ ᠶᠢ ᠪᠤᠯᠪᠠᠰᠤᠷᠠᠭᠤᠯᠵᠤ ᠭᠦᠮᠦᠵᠢᠭᠦᠯᠭᠦ᠂ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠶᠠᠷᠢᠶ᠎ᠠ ᠲᠠᠶᠢᠯᠤᠮᠵᠢ ᠬᠢᠭᠦ᠂ ᠦᠭᠦᠯᠡᠯ ᠵᠤᠬᠢᠶᠠᠯ ᠪᠢᠴᠢᠭᠦ ᠁ ᠵᠡᠷᠭᠡ ᠪᠢᠰᠢᠭᠦᠢ ᠤᠯᠠᠨ ᠲᠠᠯ᠎ᠠ ᠪᠠᠷ ᠪᠦᠷ ᠦᠪᠠᠷ ᠤᠨ ᠭᠡᠰᠡᠨ ᠭᠡᠪ ᠨᠠᠮᠪᠠ ᠲᠠᠢ ᠪᠤᠯᠬᠤ ᠶᠤᠮ᠃ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠡᠷᠳᠠᠮᠳᠠᠨ ᠮᠠᠷᠭᠡᠵᠢᠯᠳᠠᠨ ᠪᠤᠯᠵᠤ ᠮᠠᠳᠠᠨ᠎ᠠ᠂ ᠴᠢᠨᠠᠭᠰᠢᠯᠠᠨ ᠰᠤᠷᠭᠠᠨ ᠭᠦᠮᠦᠵᠢᠯᠳᠠᠨ ᠪᠤᠯᠵᠤ ᠴᠦ ᠮᠠᠳᠠᠨ᠎ᠠ᠃ ᠡᠶᠢᠮᠦ ᠬᠢᠷᠢ ᠲᠦᠪᠰᠢᠨ ᠳᠤ ᠭᠦᠷᠴᠢᠭᠡᠪᠡᠯ ᠦᠭᠦᠯᠠᠯ ᠵᠤᠬᠢᠶᠠᠯ ᠪᠢᠴᠢᠭᠡᠳ ᠨᠠᠶᠢᠳᠠᠯᠠᠵᠤ ᠲᠠᠶᠢᠯᠭᠦ ᠦᠭᠡᠢ ᠭᠡᠵᠦ ᠵᠤᠪᠠᠭ᠋ᠤ ᠤᠴᠢᠷ ᠪᠠᠶᠢᠨ᠎ᠠ ᠤᠤ︖ ᠴᠢ ᠭᠦᠮᠦᠨ ᠢ ᠡᠷᠢᠭᠦ ᠦᠭᠡᠢ ᠳᠤ ᠭᠦᠮᠦᠨ ᠴᠢᠮ᠎ᠠ ᠶᠢ ᠡᠷᠢᠭᠡᠳ ᠢᠷᠡᠴᠢᠭᠡᠨ᠎ᠡ᠃ ᠲᠠᠷᠠ ᠦᠶᠠᠰ ᠴᠢ ᠦᠪᠠᠷ ᠤᠨ ᠭᠡᠰᠡᠨ ᠭᠡᠪ ᠨᠠᠮᠪᠠ ᠲᠠᠢ ᠭᠡᠷᠡᠭᠯᠡᠭᠡᠨ ᠤ ᠦᠷᠳᠡᠭ ᠪᠤᠶᠤ ᠤᠨᠤᠯ ᠤᠨ ᠦᠷᠳᠡᠭ ᠲᠠᠢ ᠦᠨᠳᠤᠷ ᠲᠦᠪᠰᠢᠨ ᠪᠦᠭᠦᠢ ᠦᠭᠦᠯᠡᠯ ᠨᠠᠶᠢᠳᠠᠯᠠᠵᠤ ᠲᠠᠶᠢᠯᠭᠦ ᠨᠢ ᠭᠠᠷᠴᠠᠭ᠎ᠠ ᠦᠭᠡᠢ ᠶᠤᠮ᠃ ᠴᠢᠮ᠎ᠠ ᠪᠠᠷ ᠡᠨᠠ ᠲᠠᠷᠠ ᠶᠠᠷᠢᠶ᠎ᠠ ᠲᠠᠶᠢᠯᠤᠮᠵᠢ ᠬᠢᠯᠭᠡᠶ᠎ᠠ ᠭᠡᠰᠡᠨ ᠤᠷᠢᠯᠭ᠎ᠠ ᠵᠠᠯᠠᠯᠭ᠎ᠠ ᠲᠠᠰᠤᠷᠠᠬᠤ ᠦᠭᠡᠢ ᠭᠡᠵᠦ ᠮᠠᠳᠠ︕      ᠵᠢᠭᠠᠨ ᠰᠤᠷᠭᠠᠯᠳᠠ ᠶᠢᠨ ᠨᠢᠭᠡᠳᠤᠭᠡᠷ ᠹᠷᠤᠨᠲ ᠲᠡᠭᠡᠷ᠎ᠡ ᠭᠠᠪᠰᠢᠭᠠᠢᠢᠯᠠᠵᠤ ᠪᠠᠶᠢᠭ᠎ᠠ ᠪᠠᠭᠰᠢ ᠨᠠᠷ ᠲᠤ ᠠᠪᠴᠤ ᠭᠡᠯᠡᠪᠠᠯ ᠡᠯ᠎ᠠ ᠱᠠᠳᠤᠨ ᠤ ᠬᠢᠴᠢᠶᠡᠯᠯᠡᠭᠡ ᠶᠢᠨ ᠰᠢᠯᠭᠠᠷᠠᠭᠤᠯᠤᠯᠳᠠ ᠳᠤ ᠤᠷᠤᠯᠴᠠᠬᠤ ᠪᠤᠯ ᠮᠠᠰᠢ ᠴᠢᠬᠤᠯᠠ ᠶᠠᠪᠤᠳᠠᠯ ᠮᠦᠨ᠂ ᠲᠡᠭᠦᠨ ᠢ ᠭᠦᠨᠳᠤᠳᠭᠡᠭᠦ ᠳᠤ ᠪᠠᠨ ᠲᠠᠭᠠᠷᠠᠨ᠎ᠠ᠃ ᠦᠨᠳᠤᠰᠤᠨ ᠪᠤᠯᠪᠠᠰᠤᠷᠠᠯ ᠤᠨ ᠬᠢᠴᠢᠶᠡᠯᠯᠡᠭᠡ ᠶᠢᠨ ᠮᠦᠷᠦ᠋ᠢᠴᠡᠭᠡᠨ᠂ ᠵᠢᠭᠠᠨ ᠰᠤᠷᠭᠠᠬᠤ ᠴᠢᠳᠠᠪᠤᠷᠢᠳᠠᠨ ᠤ ᠰᠢᠯᠭᠠᠷᠠᠭᠤᠯᠤᠯᠳᠠ᠂ ᠬᠢᠴᠢᠶᠡᠯ ᠲᠦᠷᠦᠯ ᠤᠨ ᠲᠠᠭᠠᠭᠤᠯᠤᠭᠴᠢ ᠶᠢᠨ ᠰᠢᠯᠭᠠᠷᠠᠭᠤᠯᠤᠯᠳᠠ ᠵᠡᠷᠭᠡ ᠶᠢ ᠵᠠᠰᠠᠭ ᠤᠨ ᠲᠠᠯ᠎ᠠ ᠠᠴᠠ ᠡᠷᠬᠢᠯᠡᠨ ᠶᠠᠪᠤᠭᠳᠠᠭᠤᠯᠵᠤ ᠪᠠᠶᠢᠭ᠎ᠠ ᠤᠴᠢᠷ ᠠᠴᠠ ᠲᠡᠭᠦᠨ ᠤ ᠬᠤᠪᠢ ᠶᠢᠨ ᠵᠢᠩ ᠨᠠᠯᠢᠶᠠᠳ ᠭᠦᠨᠳᠤ ᠶᠤᠮ᠃ ᠡᠳᠡᠭᠡᠷ ᠤᠷᠤᠯᠳᠤᠭᠠᠨ ᠮᠦᠷᠦ᠋ᠢᠴᠡᠭᠡᠨ ᠳᠤ ᠤᠷᠤᠯᠴᠠᠳᠠᠬ ᠯᠠ ᠶᠤᠮ ᠪᠤᠯ ᠵᠤᠬᠢᠬᠤ ᠤᠯᠤᠯᠳᠠ ᠲᠠᠢ ᠨᠢ ᠭᠠᠷᠴᠠᠭ᠎ᠠ ᠦᠭᠡᠢ᠃ ᠱᠠᠩᠨᠠᠯ ᠭᠦᠷᠳᠠᠭᠦ ᠦᠭᠡᠢ ᠴᠤ ᠭᠡᠰᠡᠨ ᠨᠢᠭᠡ ᠤᠳᠠᠭᠠᠨ ᠤ ᠲᠠᠪᠳᠠᠨ ᠪᠤᠯᠪᠠᠰᠤᠷᠠᠬᠤ ᠠᠵᠠ ᠲᠤᠬᠢᠶᠠᠯ ᠪᠠ ᠴᠠᠭᠠᠷᠠᠵᠤ ᠮᠠᠷᠭᠡᠰᠢᠭᠦ ᠲᠠᠪᠴᠠᠩ ᠤᠯᠬᠤ ᠶᠤᠮ᠃ ᠡᠭᠦᠨ ᠢ ᠰᠢᠵᠢᠷ ᠠᠯᠳᠠ ᠪᠠᠷ ᠰᠤᠯᠢᠵᠤ ᠲᠠᠶᠢᠯᠭᠦ ᠭᠡᠵᠦ ᠤᠤ︖ ᠨᠡᠩ ᠱᠠᠩᠨᠠᠯ ᠭᠦᠬᠢᠭᠦᠯᠤᠯ ᠢᠶᠠᠷ ᠡᠩᠭᠡᠷ  ᠢᠶᠠᠨ ᠮᠢᠯᠢᠶᠠᠯᠭᠠᠴᠢᠬᠠᠪᠠᠯ ᠲᠡᠭᠦᠨ ᠢ ᠲᠠᠪᠠᠭ᠋ᠤ ᠤᠯᠵᠠ ᠠᠰᠢᠬ ᠪᠠᠶᠢᠬᠤ ᠭᠡᠵᠦ ᠤᠤ︖ ᠮᠠᠨ ᠤ ᠪᠠᠭᠰᠢ ᠨᠠᠷ ᠤᠨ ᠲᠤᠳᠤᠷ᠎ᠠ ᠬᠢᠴᠢᠶᠡᠯᠯᠡᠭᠡ ᠶᠢᠨ ᠤᠷᠤᠯᠳᠤᠭᠠᠨ ᠮᠦᠷᠦ᠋ᠢᠴᠡᠭᠡᠨ ᠳᠤ ᠤᠷᠤᠯᠴᠠᠬᠤ ᠠᠴᠠ ᠲᠠᠳᠠᠭᠠᠯᠵᠠᠬᠤ ᠪᠤᠶᠤ ᠤᠬᠤᠷᠢᠵᠤ ᠰᠠᠭᠤᠬᠤ ᠪᠠᠭᠰᠢ ᠨᠠᠯᠢᠶᠠᠳ ᠪᠤᠢ᠃ ᠴᠢᠨᠠᠭᠰᠢᠯᠠᠨ ︽ᠨᠠᠳᠠ ᠶᠢ ᠤᠷᠤᠯᠴᠠᠭᠤᠯᠬᠤ ᠦᠭᠡᠢ᠂ ᠢᠡᠭᠬᠢᠭᠦ ᠪᠠᠷ ᠢᠶᠠᠨ ᠪᠢ ᠨᠠᠷ᠎ᠠ ᠪᠠᠨ ᠮᠠᠳᠠᠭᠦᠯᠭᠦ ᠦᠭᠡᠢ᠃ ᠨᠠᠳᠠ ᠳᠤ ᠱᠠᠩᠨᠠᠯ ᠦᠭᠭᠦ ᠦᠭᠡᠢ᠂ ᠢᠡᠭᠬᠢᠭᠦ ᠪᠠᠷ ᠢᠶᠠᠨ ᠪᠢ ᠤᠷᠤᠯᠴᠠᠬᠤ ᠦᠭᠡᠢ︾ ᠭᠡᠭᠦ ᠮᠠᠳᠤ ᠪᠠᠷ ᠭᠠᠰᠢᠭᠤᠨ ᠦᠭᠡ ᠭᠡᠯᠡᠭᠦ ᠴᠦ ᠪᠤᠢ᠃ ᠴᠢᠮ᠎ᠠ ᠶᠢ ᠤᠷᠤᠯᠴᠠᠭᠤᠯᠬᠤ ᠦᠭᠡᠢ ᠪᠤᠶᠤ ᠴᠢᠮ᠎ᠠ ᠳᠤ ᠱᠠᠩᠨᠠᠯ ᠦᠭᠭᠦ ᠦᠭᠡᠢ ᠶᠢ ᠴᠢ ᠶᠠᠭᠠᠬᠢᠵᠤ ᠤᠷᠢᠳᠴᠢᠯᠠᠨ ᠮᠠᠳᠡᠭᠰᠡᠨ ᠪᠤᠢ︖ ᠨᠦᠭᠦᠴᠡᠯ ᠴᠢᠨᠢ ᠭᠦᠷᠭᠦ ᠦᠭᠡᠢ ᠤᠤ︖ ᠡᠰᠠᠭᠦᠯ᠎ᠠ ᠪᠠᠶ᠎ᠠ ᠳᠤ ᠪᠠᠨ ᠢᠳᠡᠭᠡᠯ ᠦᠭᠡᠢ ᠤᠤ︖ ᠭᠡᠷᠡᠭ ᠲᠠᠭᠡᠷ᠎ᠠ ᠪᠠᠨ ᠬᠢᠴᠢᠶᠡᠯᠯᠡᠭᠡ ᠶᠢᠨ ᠤᠷᠤᠯᠳᠤᠭᠠᠨ ᠮᠦᠷᠦ᠋ᠢᠴᠡᠭᠡᠨ ᠳᠤ ᠤᠷᠤᠯᠴᠠᠬᠤ ᠪᠠᠷ ᠡᠷᠡᠮᠡᠯᠵᠡᠭᠦ ᠡᠰᠠᠭᠦ ᠪᠤᠯ ᠴᠢᠨᠦ ᠠᠰᠠᠭᠤᠳᠠᠯ᠂ ᠤᠷᠤᠯᠴᠠᠭᠤᠯᠬᠤ ᠡᠰᠠᠭᠦ ᠪᠤᠯ ᠪᠤᠰᠤᠳ ᠤᠨ ᠠᠰᠠᠭᠤᠳᠠᠯ᠃ ᠴᠢᠷᠮᠠᠶᠢᠨ ᠮᠦᠷᠦ᠋ᠢᠴᠠᠭᠦ ᠪᠤᠯ ᠴᠢᠨᠦ ᠠᠰᠠᠭᠤᠳᠠᠯ᠂ ᠱᠠᠩᠨᠠᠯ ᠭᠦᠷᠳᠠᠭᠦ ᠡᠰᠠᠭᠦ ᠪᠤᠯ ᠴᠢᠨᠦ ᠰᠠᠨᠠᠭᠠᠰᠢᠷᠠᠬᠤ ᠠᠰᠠᠭᠤᠳᠠᠯ ᠤᠭᠳᠤ ᠪᠢᠰᠢ᠃ ᠲᠠᠶᠢᠮᠦ ᠦᠭᠡᠢ ᠤᠤ︖ ᠨᠦᠭᠦᠴᠡᠯ ᠱᠠᠭᠠᠷᠳᠠᠯᠭ᠎ᠠ ᠪᠦᠷᠢᠯᠳᠦᠭᠰᠡᠨ ᠪᠠᠶᠢᠳᠠᠯ᠎ᠠ ᠤᠷᠤᠯᠴᠠᠬᠤ ᠪᠠᠨ ᠪᠤᠯᠢᠪᠠᠯ ᠨᠢᠭᠡ ᠤᠳᠠᠭᠠᠨ ᠤ ᠪᠤᠯᠪᠠᠰᠤᠷᠠᠵᠤ ᠴᠠᠭᠠᠷᠠᠬᠤ ᠠᠵᠠ ᠲᠤᠬᠢᠶᠠᠯ ᠢᠶᠠᠨ ᠦᠪᠠᠷ ᠢᠶᠠᠨ ᠲᠠᠶᠠᠭᠳᠠᠭᠰᠠᠨ ᠤᠴᠢᠷ ᠮᠦᠨ᠃ ᠬᠤᠶᠢᠰᠢᠳᠠ ᠬᠠᠷᠠᠮᠰᠠᠵᠤ ᠮᠠᠳᠠᠨ᠎ᠠ᠂ ᠠᠵᠠ ᠲᠤᠬᠢᠶᠠᠯ ᠲᠠᠩᠳᠠ ᠲᠤᠬᠢᠶᠠᠯᠳᠤᠭᠠᠳ ᠪᠠᠶᠢᠳᠠᠭ ᠪᠢᠰᠢ ᠰᠢᠤ ᠳ᠋ᠠ︕      ᠱᠠᠩᠨᠠᠯ ᠭᠡᠭᠴᠢ ᠲᠤᠭ᠎ᠠ ᠨᠤᠷᠮ᠎ᠠ ᠲᠠᠢ ᠤᠴᠢᠷ ᠠᠴᠠ ᠤᠷᠤᠯᠴᠠᠪᠠᠯ ᠤᠯᠴᠢᠬᠠᠨ᠎ᠠ ᠭᠡᠰᠡᠨ ᠶᠠᠪᠤᠳᠠᠯ ᠪᠢᠰᠢ᠃ ᠤᠷᠤᠯᠳᠤᠵᠤ ᠮᠦᠷᠦ᠋ᠢᠴᠡᠭᠡᠳ ᠦᠨᠠᠨ ᠭᠦ ᠪᠤᠰᠤᠳ ᠢ ᠭᠦᠷᠦᠭᠰᠡᠨ ᠦᠭᠡᠢ ᠪᠠᠶᠢᠵᠤ ᠮᠠᠳᠠᠨ᠎ᠠ᠂ ᠶᠠᠯᠢᠮ ᠦᠭᠡᠢ ᠡᠮᠵᠡᠭ ᠭᠠᠷᠭᠠᠭᠰᠠᠨ ᠠᠴᠠ ᠪᠤᠯᠵᠤ ᠤᠯᠪᠠᠰᠤ ᠵᠤᠬᠢᠬᠤ ᠱᠠᠩᠨᠠᠯ ᠢᠶᠠᠨ ᠦᠪᠠᠷ ᠤᠨ ᠭᠠᠷ ᠢᠶᠠᠷ ᠢᠶᠠᠨ ᠪᠤᠰᠤᠳ ᠲᠤ ᠪᠡᠯᠭᠡᠯᠡᠭᠰᠡᠨ ᠴᠤ ᠪᠠᠶᠢᠵᠤ ᠮᠠᠳᠠᠨ᠎ᠠ᠂ ᠬᠠᠰᠢ ᠶᠠᠰᠢ ᠠᠯᠠᠩ ᠰᠠᠯᠠᠩ ᠪᠤᠶᠤ ᠪᠠᠯᠠᠳᠭᠡᠯ ᠲᠤᠳᠠᠭᠤ ᠵᠡᠷᠭᠡ ᠰᠢᠯᠳᠠᠭᠠᠨ ᠠᠴᠠ ᠪᠤᠯᠵᠤ ᠱᠠᠩᠨᠠᠯ ᠲᠠᠢ ᠪᠠᠶᠠᠷᠳᠠᠢ ᠭᠡᠰᠡᠨ ᠴᠦ ᠪᠠᠶᠢᠵᠤ ᠮᠠᠳᠠᠨ᠎ᠠ᠃ ᠭᠡᠪᠠᠴᠤ ᠡᠳᠡᠭᠡᠷ ᠵᠦᠢᠯᠠᠰ ᠴᠢᠮ᠎ᠠ ᠳᠤ ᠰᠤᠷᠭᠠᠮᠵᠢ ᠪᠤᠯᠬᠤ ᠠᠴᠠ ᠪᠢᠰᠢ ᠶᠠᠮᠠᠷ ᠴᠦ ᠮᠠᠭᠤ ᠨᠦᠯᠦᠭᠡ ᠠᠪᠴᠢᠷᠠᠵᠤ ᠦᠭᠭᠦ ᠦᠭᠡᠢ ᠶᠤᠮ᠃ ᠲᠤᠷᠰᠢᠯᠭ᠎ᠠ ᠰᠤᠷᠭᠠᠮᠵᠢ ᠪᠠᠨ ᠳ᠋ᠦᠡᠭᠨᠡᠵᠤ᠂ ᠦᠪᠠᠷ ᠢ ᠪᠠᠨ ᠤᠯᠠᠮ ᠠᠴᠠ ᠤᠯᠠᠮ ᠲᠡᠭᠦᠯᠳᠡᠷᠵᠢᠭᠦᠯᠵᠤ ᠪᠠᠶᠢᠪᠠᠯ ᠡᠷᠳᠠ ᠤᠷᠤᠢ ᠦᠭᠡᠢ ᠡᠨᠡ ᠲᠠᠷᠠ ᠬᠢᠴᠢᠶᠡᠯᠯᠡᠭᠡ ᠶᠢᠨ ᠤᠷᠤᠯᠳᠤᠭᠠᠨ ᠳᠤ ᠯᠠᠪᠳᠠᠢ ᠱᠠᠩᠨᠠᠯ ᠲᠤᠰᠬᠤ ᠶᠤᠮ ᠪᠢᠯᠡ᠃ ᠮᠢᠨᠦ ᠪᠤᠳᠤᠬᠤ ᠪᠠᠷ ᠡᠶᠢᠮᠦᠷᠭᠦᠦ ᠱᠠᠩᠨᠠᠯ ᠢ ᠴᠢ ᠦᠪᠠᠷ ᠤᠨ ᠴᠢᠷᠮᠠᠶᠢᠯᠭ᠎ᠠ ᠪᠠᠷ ᠢᠶᠠᠨ ᠭᠦᠴᠦ ᠭᠦᠯᠦᠰᠤ ᠪᠠᠨ ᠤᠷᠤᠰᠬᠠᠨ ᠪᠠᠶᠢᠵᠤ ᠤᠯᠤᠭᠰᠠᠨ ᠪᠤᠯᠬᠤᠷ ᠲᠡᠭᠦᠨ ᠤ ᠦᠨ᠎ᠠ ᠴᠠᠨ᠎ᠠ ᠶᠢ ᠪᠤᠰᠤᠳ ᠱᠠᠩᠨᠠᠯ ᠲᠠᠢ ᠵᠦᠢᠷᠯᠡᠭᠦ ᠶᠢᠨ ᠠᠷᠭ᠎ᠠ ᠦᠭᠡᠢ ᠶᠤᠮ᠃ ᠨᠠᠩ ᠰᠤᠩᠭᠤᠭᠤᠯᠢ ᠪᠠᠷ ᠤᠯᠳᠠᠬ ᠱᠠᠩᠨᠠᠯ᠂ ᠮᠠᠳᠠᠭᠦᠯᠪᠡᠯ ᠤᠯᠴᠢᠬᠠᠳᠠᠬ ᠱᠠᠩᠨᠠᠯ ᠲᠠᠢ ᠲᠡᠭᠷᠢ ᠭᠠᠵᠠᠷ ᠤᠨ ᠵᠦᠷᠢᠶ᠎ᠠ ᠲᠠᠢ ᠪᠢᠯᠡ᠃ ᠤᠷᠤᠯᠳᠤᠭᠠᠨ ᠮᠦᠷᠦ᠋ᠢᠴᠠᠭᠡᠨ ᠢ ᠰᠢᠯᠭᠠᠷᠠᠭᠤᠯᠬᠤ ᠳᠤ ᠰᠠᠬᠢᠯᠭ᠎ᠠ ᠵᠢᠷᠤᠮ᠂ ᠪᠠᠷᠢᠮᠵᠢᠶ᠎ᠠ ᠱᠠᠭᠠᠷᠳᠠᠯᠭ᠎ᠠ᠂ ᠬᠢᠨᠠᠵᠤ ᠲᠤᠯᠢᠳᠠᠬᠤ ᠵᠦᠢᠯ ᠪᠠᠶᠢᠭ᠎ᠠ ᠪᠤᠯᠬᠤᠷ ᠬᠠᠷᠢᠴᠠᠩᠭᠤᠢ ᠪᠠᠷ ᠲᠦᠪ ᠭᠤᠤᠯᠴᠢ ᠡᠷᠭᠡ ᠲᠡᠭᠰᠢ ᠪᠠᠶᠢᠳᠠᠬ᠃ ᠤᠷᠤᠯᠳᠤᠭᠠᠨ ᠮᠦᠷᠦ᠋ᠢᠴᠡᠭᠡᠨ ᠳᠤ ᠤᠷᠤᠯᠴᠠᠬᠤ ᠳᠤ ᠪᠠᠨ ᠭᠡᠷᠡᠭ ᠦᠭᠡᠢ ᠶᠠᠭᠤᠮᠠᠨ ᠳᠤ ᠰᠡᠳᠬᠢᠯ ᠠᠯᠭᠠᠰᠠᠵᠤ᠂ ᠭᠤᠤᠯ ᠲᠠᠳ᠋ ᠢᠶᠠᠨ ᠲᠤᠩᠭᠤᠷᠠᠭᠤᠯᠬᠤ ᠶᠢ ᠡᠷᠡᠰ ᠲᠠᠶᠠᠭᠳᠠᠪᠠᠯ ᠵᠤᠬᠢᠨ᠎ᠠ᠃      ︽ᠮᠢᠨᠦ ᠰᠠᠶ᠋ᠢᠬᠠᠨ ᠭᠡᠯᠡᠭᠰᠡᠨ ᠵᠦᠢᠯᠡᠰ ᠢ ᠪᠠᠶᠠᠯᠠᠭᠦᠯᠴᠢᠭᠡᠪᠡᠯ ᠫᠷᠤᠹᠧᠰᠰᠤᠷ ᠤᠨ ᠲᠠᠰ ᠤᠨ ᠪᠠᠭᠰᠢ ᠶᠢᠨ ᠬᠢᠷᠢ ᠲᠡᠮ ᠲᠠᠢ ᠪᠤᠯᠴᠢᠬᠠᠬᠤ ᠶᠤᠮ︾ ᠭᠡᠵᠦ ᠭᠡᠯᠡᠭᠦ ᠳᠤ ᠲᠡᠭᠷᠢ ᠤᠢᠢᠷ᠎ᠠ ᠲᠠᠷᠠ ᠬᠤᠯᠠ ᠰᠢᠬ ᠵᠠᠯᠠᠭᠤ ᠪᠠᠭᠰᠢ ᠨᠠᠷ ᠲᠤ ᠰᠠᠨᠠᠭᠳᠠᠬᠤ ᠮᠠᠭᠠᠳ︕ ᠦᠡᠭᠭᠡᠷᠡᠭᠡᠵᠦ ᠪᠠᠶᠢᠭ᠎ᠠ ᠦᠶᠠᠰ ᠲᠤ ᠪᠠᠨ ᠮᠠᠳᠠᠷᠠᠵᠤ ᠪᠠᠶᠢᠭᠰᠠᠨ ᠦᠭᠡᠢ ᠪᠤᠯᠪᠠᠴᠤ ᠨᠢᠭᠡ ᠮᠠᠳᠠᠭᠦ ᠳᠤ ᠵᠠᠯᠠᠭᠤ ᠽᠨᠨᠳᠠᠨ ᠨᠠᠰᠤ ᠠᠯᠢ ᠭᠡᠳᠦ᠋ᠢᠨ ᠤᠳᠴᠢᠬᠠᠭᠰᠠᠨ ᠪᠠᠶᠢᠵᠤ ᠮᠠᠳᠠᠨ᠎ᠠ᠃ ᠠᠵᠢᠯ ᠦᠢᠯᠠᠰ ᠲᠤ ᠪᠠᠨ ᠰᠢᠭᠤᠷᠬᠠᠢᠢᠯᠠᠵᠤ ᠰᠤᠷᠴᠤ ᠰᠤᠳᠤᠯᠬᠤ ᠪᠠᠨ ᠲᠠᠶᠠᠭᠳᠠᠬᠤ ᠦᠭᠡᠢ ᠪᠠᠶᠢᠪᠠᠯ ᠫᠷᠤᠹᠧᠰᠰᠤᠷ ᠤᠨ ᠲᠠᠰ ᠤᠨ ᠪᠠᠭᠰᠢ ᠴᠢᠨᠦ ᠲᠤᠯᠤᠭᠠᠢ ᠲᠠᠭᠡᠷ᠎ᠠ ᠲᠤᠯᠵᠤ ᠢᠷᠡᠭᠦ ᠶᠢᠨ ᠦᠶᠠᠰ᠂ ᠫᠷᠤᠹᠧᠰᠰᠤᠷ ᠤᠨ ᠲᠠᠰ ᠤᠨ ᠪᠠᠭᠰᠢ ᠪᠠᠷ ᠴᠤᠯᠠᠯᠠᠭᠳᠠᠬᠤ ᠳᠤ ᠡᠷᠭᠡᠪᠰᠢ ᠪᠦᠷᠢᠯᠳᠤᠭᠦᠯᠭᠦ ᠭᠡᠷᠡᠭᠳᠠᠢ ᠪᠦᠭᠡᠳ ᠬᠠᠮᠤᠭ ᠤᠨ ᠭᠦᠴᠢᠷ ᠪᠡᠷᠭᠡ ᠪᠦᠭᠦᠢ ᠬᠠᠳᠠᠭᠤ ᠨᠦᠭᠦᠴᠡᠯ ᠤᠳ ᠢ ᠨᠢ ᠴᠢ ᠠᠯᠢ ᠭᠡᠳᠦ᠋ᠢᠨ ᠪᠦᠷᠢᠯᠳᠤᠭᠦᠯᠴᠢᠭᠡᠭᠰᠡᠨ ᠪᠠᠶᠢᠬᠤ ᠶᠤᠮ᠃ ᠲᠠᠷᠠ ᠦᠶᠠᠰ ᠫᠷᠤᠹᠧᠰᠰᠤᠷ ᠤᠨ ᠲᠠᠰ ᠤᠨ ᠪᠠᠭᠰᠢ ᠶᠢᠨ ᠪᠦᠷᠢᠯᠳᠤᠭᠦᠯᠪᠠᠰᠤ ᠵᠤᠬᠢᠬᠤ ᠪᠤᠰᠤᠳ ᠨᠦᠭᠦᠴᠡᠯ ᠢ ᠨᠢ ᠰᠠᠨᠠᠭᠠᠴᠢᠯᠠᠭ᠎ᠠ ᠲᠠᠢ ᠪᠠᠷ ᠪᠦᠷᠢᠯᠳᠤᠭᠦᠯᠵᠦ ᠲᠡᠶᠢᠯᠭᠦ ᠶᠤᠮ ᠭᠡᠵᠦ ᠪᠢ ᠠᠮᠠ ᠪᠠᠷᠳᠠᠮ ᠭᠡᠯᠡᠵᠦ ᠲᠠᠶᠢᠯᠤᠨ᠎ᠠ᠃      ᠪᠠᠭᠰᠢ ᠭᠦᠮᠦᠨ ᠵᠦᠪᠭᠡᠨ ᠨᠠᠷ᠎ᠠ ᠲᠦᠷᠦ ᠠᠰᠢᠬ ᠲᠤᠰᠠ ᠶᠢ ᠭᠦᠭᠡᠭᠡᠴᠡᠯᠳᠤᠵᠤ᠂ ᠮᠠᠷᠭᠡᠵᠢᠯ ᠤᠨ ᠴᠤᠯᠠ ᠤᠯᠬᠤ ᠶᠢᠨ ᠲᠦᠯᠦᠭᠡ ᠠᠵᠢᠯᠯᠠᠳᠠᠬ ᠪᠢᠰᠢ᠂ ᠬᠠᠷᠢᠨ ᠮᠤᠷᠠᠯ ᠰᠤᠷᠳᠠᠯ ᠰᠠᠶᠢᠳᠠᠢ ᠮᠦᠷᠳᠡᠭᠡᠨ ᠡᠷᠳᠠᠮ ᠴᠢᠳᠠᠪᠤᠷᠢ ᠬᠤᠤᠰᠯᠠᠭᠰᠠᠨ ᠰᠤᠷᠤᠭᠴᠢ ᠶᠢ ᠭᠦᠮᠦᠵᠢᠭᠦᠯᠭᠦ ᠪᠠᠷ ᠭᠦᠰᠠᠯ ᠵᠤᠷᠢᠯᠳᠠ ᠪᠠᠨ ᠪᠤᠯᠭᠠᠵᠤ᠂ ᠨᠠᠰᠤᠨ ᠲᠤᠷᠰᠢ ᠰᠤᠷᠤᠭᠴᠢ ᠶᠢᠨ ᠲᠦᠯᠦᠭᠡ ᠵᠢᠳᠭᠦᠵᠤ ᠵᠦᠳᠠᠷᠠᠭᠦ ᠠᠴᠠ ᠶᠠᠷᠦ ᠵᠢᠷᠦᠭᠡᠰᠢᠶᠡᠳᠡᠭ ᠦᠭᠡᠢ᠂ ᠡ᠊ᠨᠡ ᠪᠤᠯ ᠪᠠᠭᠰᠢ ᠭᠦᠮᠦᠨ ᠤ ᠭᠦᠮᠦᠨ ᠮᠦᠰᠤ ᠮᠦᠨ᠃ ᠢᠡᠭᠬᠢᠭᠦ ᠪᠠᠷ ᠢᠶᠠᠨ ᠲᠠᠳᠠ ᠰᠤᠷᠤᠭᠴᠢ ᠳᠤ ᠪᠠᠨ ᠭᠦᠨᠳᠤᠳᠭᠡᠯ ᠲᠠᠢ᠂ ᠭᠡᠷ ᠤᠨ ᠠᠬᠠᠮᠠᠳ ᠲᠤ ᠪᠠᠨ ᠭᠦᠷᠢᠶᠠᠯᠠᠯ ᠲᠠᠢ᠂ ᠨᠠᠶᠢᠭᠡᠮ ᠨᠠᠶᠢᠳᠠ ᠳᠤ ᠵᠢᠳᠭᠦᠯ ᠲᠠᠢ ᠪᠠᠶᠢᠳᠠᠬ᠃ ᠫᠷᠤᠹᠧᠰᠰᠤᠷ ᠤᠨ ᠲᠠᠰ ᠤᠨ ᠪᠠᠭᠰᠢ ᠶᠢᠨ ᠠᠯᠢ ᠨᠢᠭᠡ ᠨᠦᠭᠦᠴᠡᠯ ᠱᠠᠭᠠᠷᠳᠠᠯᠭ᠎ᠠ ᠶᠢ ᠪᠦᠷᠢᠯᠳᠤᠭᠦᠯᠭᠦ ᠠᠵᠠ ᠵᠠᠪᠰᠢᠶᠠᠨ ᠡᠨᠠ ᠨᠠᠰᠤᠨ ᠳᠤ ᠨᠢᠭᠡᠨᠳᠠ ᠲᠤᠬᠢᠶᠠᠯᠳᠤᠬᠤ ᠪᠠᠨ ᠪᠤᠯᠢᠭᠰᠠᠨ᠂ ᠴᠢᠨᠠᠭᠰᠢᠯᠠᠨ ᠫᠷᠤᠹᠧᠰᠰᠤᠷ ᠤᠨ ᠲᠠᠰ ᠤᠨ ᠪᠠᠭᠰᠢ ᠶᠢᠨ ᠨᠦᠭᠦᠴᠡᠯ ᠱᠠᠭᠠᠷᠳᠠᠯᠭ᠎ᠠ ᠶᠢ ᠴᠦᠮ ᠪᠦᠷᠢᠯᠳᠤᠭᠦᠯᠦᠭᠰᠡᠨ ᠪᠤᠯᠪᠠᠴᠤ ᠲᠤᠭ᠎ᠠ ᠨᠤᠷᠮ᠎ᠠ ᠶᠢᠨ ᠬᠢᠵᠠᠭᠠᠷᠯᠠᠯ ᠠᠴᠠ ᠪᠤᠯᠵᠤ ᠫᠷᠤᠹᠧᠰᠰᠤᠷ ᠤᠨ ᠲᠠᠰ ᠤᠨ ᠪᠠᠭᠰᠢ ᠪᠠᠷ ᠴᠤᠯᠠᠯᠠᠭᠳᠠᠬ᠎ᠠ ᠦᠭᠡᠢ ᠪᠠᠭᠰᠢ ᠶᠢᠨ ᠲᠤᠳᠤᠷ᠎ᠠ ᠭᠠᠰᠢᠭᠤᠨ ᠦᠭᠡ ᠲᠠᠯᠪᠢᠵᠤ ᠤᠬᠤᠷᠢᠨ ᠰᠠᠭᠤᠳᠠᠬ ᠪᠠᠭᠰᠢ ᠨᠢᠭᠡ ᠴᠦ ᠦᠭᠡᠢ᠃ ᠲᠠᠳᠠ ᠮᠦᠨ ᠯᠡ ᠭᠢᠳᠡᠭ ᠢᠶᠠᠨ ᠬᠢᠵᠤ ᠵᠢᠳᠭᠦᠳᠡᠭ ᠢᠶᠠᠷ ᠢᠶᠠᠨ ᠵᠢᠳᠭᠦᠨ᠎ᠠ᠂ ᠦᠷᠦᠭᠡᠯ ᠤᠨ ᠭᠡᠤᠭᠡᠳ ᠢ ᠦᠪᠠᠷ ᠤᠨ ᠭᠡᠤᠭᠡᠳ ᠰᠢᠭ ᠡᠨᠡᠷᠢᠵᠤ᠂ ᠤᠨᠳᠠᠵᠤ ᠠᠮᠠᠷᠠᠬᠤ ᠴᠠᠭ ᠢᠶᠠᠨ ᠦᠷᠡᠭᠳᠡᠭᠦᠯᠵᠦ ᠪᠠᠶᠢᠭᠠᠳ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠠᠵᠢᠯ ᠳᠤ ᠪᠠᠨ ᠵᠢᠳᠭᠦᠳᠡᠭ ᠨᠢ ᠪᠠᠭᠰᠢ ᠭᠦᠮᠦᠨ ᠤ ᠤᠨᠴᠠᠯᠢᠬ ᠰᠢᠨᠵᠢ ᠪᠤᠶᠤ᠃ ᠠᠯᠢ ᠴᠦ ᠲᠠᠯ᠎ᠠ ᠪᠠᠷ ᠭᠡᠰᠡᠨ ᠦᠭᠡᠢ ᠰᠤᠷᠤᠭᠴᠢ ᠨᠢ ᠲᠠᠪᠰᠢᠯᠳᠠ ᠲᠠᠭᠡᠭᠰᠢᠯᠠᠯᠳᠠ ᠲᠠᠢ ᠯᠠ ᠶᠤᠮ ᠪᠤᠯ ᠲᠠᠭᠠᠨ ᠪᠠᠶᠠᠰᠴᠤ᠂ ᠶᠠᠭᠤᠨ ᠠᠴᠠ ᠴᠦ ᠲᠤᠮᠤ ᠱᠠᠩᠨᠠᠯ ᠲᠤᠰᠤᠭᠰᠠᠨ ᠶᠤᠮ ᠰᠢᠬ ᠭᠦᠭᠡᠷᠴᠦ ᠭᠦᠭᠰᠡᠳᠡᠭ᠃ ᠤᠴᠢᠷ ᠤᠬᠠᠭᠠᠨ ᠢ ᠲᠤᠩᠭᠠᠨ ᠪᠤᠳᠤᠳᠠᠬ ᠦᠵᠠᠯ ᠪᠤᠳᠤᠯ ᠲᠠᠢ᠂ ᠨᠠᠶᠢᠭᠡᠮ ᠨᠠᠶᠢᠳᠠ ᠳᠤ ᠭᠡᠷᠡᠭᠴᠡᠭᠡ ᠲᠠᠢ᠂ ᠦᠨᠳᠤᠰᠤ ᠤᠭᠰᠠᠭ᠎ᠠ ᠪᠠᠨ ᠡᠷᠭᠦᠨ ᠶᠠᠪᠤᠵᠤ ᠲᠠᠶᠢᠯᠳᠡᠭ ᠰᠤᠷᠤᠭᠴᠢ ᠶᠢ ᠭᠦᠮᠦᠵᠢᠭᠦᠯᠭᠦ ᠪᠠᠷ ᠭᠦᠰᠠᠯ ᠭᠦᠭᠡᠭᠡᠴᠡᠯᠳᠤᠯ ᠢᠶᠠᠨ ᠪᠤᠯᠭᠠᠨ᠎ᠠ᠃ ᠭᠦᠮᠦᠵᠢᠭᠦᠯᠦᠨ ᠭᠠᠷᠭᠠᠭᠰᠠᠨ ᠰᠤᠷᠤᠭᠴᠢ ᠨᠢ ᠨᠤᠳᠤᠬ ᠤᠰᠤ ᠪᠠᠨ ᠪᠦᠳᠦᠭᠡᠨ ᠪᠠᠶᠢᠭᠤᠯᠤᠭᠴᠢ᠂ ᠡᠭᠡ ᠤᠷᠤᠨ ᠤ ᠪᠠᠨ ᠲᠦᠰᠢᠭ ᠲᠤᠯᠭᠠᠭᠤᠷᠢ ᠪᠤᠯᠵᠤ ᠢᠷᠠᠭᠦ ᠪᠠᠷ ᠮᠠᠩᠨᠠᠢ ᠲᠠᠨᠢᠨ ᠪᠠᠶᠠᠰᠳᠠᠬ᠃ ᠪᠠᠭᠰᠢ ᠭᠦᠮᠦᠨ ᠡᠭᠦᠨ ᠢᠶᠠᠷ ᠢᠶᠠᠨ ᠬᠠᠮᠤᠭ ᠤᠨ ᠶᠡᠭᠡ ᠬᠠᠪᠤ ᠴᠠᠩᠭᠡᠯ᠂ ᠪᠠᠶᠠᠷ ᠪᠠᠭ᠋ᠠᠳᠤᠯ ᠪᠤᠯᠭᠠᠨ᠎ᠠ᠃ ᠡᠨᠡ ᠨᠢ ᠮᠦᠨ ᠴᠦ ᠪᠠᠭᠰᠢ ᠭᠦᠮᠦᠨ ᠤ ᠭᠦᠰᠠᠯ ᠭᠦᠭᠡᠭᠡᠴᠡᠯᠳᠤᠯ ᠤᠨ ᠬᠢᠨᠢ ᠪᠡᠶᠡᠯᠡᠭᠳᠡᠯ ᠪᠠᠶᠢᠬ᠎ᠠ︕      ᠦᠭᠡ ᠤᠯᠠᠳᠠᠵᠤ᠂ ᠦᠭᠡᠷ ᠬᠤᠯᠠᠳᠠᠯ᠎ᠠ᠃      ᠭᠦᠭᠡᠬᠤᠳᠠ ᠶᠢᠨ ᠮᠤᠩᠭᠤᠯ ᠦᠨᠳᠤᠰᠤᠳᠠᠨ ᠤ ᠰᠤᠷᠭᠠᠭᠤᠯᠢ ᠶᠢᠨ 2019 ᠤᠨ ᠳᠤ ᠪᠠᠭᠰᠢ ᠶᠢᠨ ᠪᠠᠶᠠᠷ ᠢ ᠪᠠᠯᠭᠡᠯᠡᠭᠦ ᠶᠤᠰᠤᠯᠠᠯ ᠲᠠᠭᠡᠷ᠎ᠠ ᠠᠬᠠᠮᠠᠳ ᠲᠤᠮᠤᠭᠠᠳᠠᠨ ᠪᠠᠭᠰᠢ ᠨᠠᠷ ᠢᠶᠠᠨ ᠲᠦᠯᠦᠭᠡᠯᠡᠵᠦ ᠶᠠᠷᠢᠭᠰᠠᠨ ᠶᠠᠷᠢᠶᠠᠨ ᠠᠴᠠ ᠪᠠᠨ ᠨᠢᠭᠡ ᠪᠠᠳᠠᠬ ᠢ ᠨᠢ ᠰᠠᠶᠢᠷᠠᠭᠦᠯᠵᠦ ᠵᠤᠬᠢᠶᠠᠯ ᠤᠨ ᠢᠶᠠᠨ ᠲᠠᠭᠦᠰᠭᠡᠯ ᠪᠤᠯᠭᠠᠶ᠎ᠠ᠄      ᠪᠠᠭᠰᠢ ᠭᠦᠮᠦᠨ ᠤ ᠬᠢᠪᠠᠰᠤ ᠵᠤᠬᠢᠬᠤ ᠠᠵᠢᠯ ᠢᠶᠠᠨ ᠬᠢᠭᠰᠡᠭᠡᠷ ᠯᠡ ᠪᠠᠶᠢᠵᠤ᠂ ᠠᠵᠠ ᠲᠤᠬᠢᠶᠠᠯ ᠲᠠᠭᠠᠷᠠᠯᠳᠤᠭᠰᠠᠨ ᠤ ᠰᠠᠶᠢᠨ ᠢᠶᠠᠷ ᠰᠠᠨᠠᠮᠰᠠᠷ ᠦᠭᠡᠢ ᠫᠷᠤᠹᠧᠰᠰᠤᠷ ᠤᠨ ᠲᠠᠰ ᠤᠨ ᠪᠠᠭᠰᠢ ᠪᠤᠯᠤᠭᠰᠠᠨ ᠶᠤᠮ᠃ ᠫᠷᠤᠹᠧᠰᠰᠤᠷ ᠤᠨ ᠲᠠᠰ ᠤᠨ ᠪᠠᠭᠰᠢ ᠪᠠᠶᠢᠳᠤᠭᠠᠢ᠂ ᠤᠨᠴᠠ ᠲᠠᠰ ᠤᠨ ᠪᠠᠭᠰᠢ ᠪᠤᠯᠤᠭᠰᠠᠨ ᠴᠦ ᠭᠡᠰᠡᠨ ᠮᠦᠡ ᠯᠡ ᠢᠡᠭᠬᠢᠵᠤ ᠠᠮᠢᠳᠤᠷᠠᠵᠤ ᠠᠵᠢᠯᠯᠠᠵᠤ ᠤᠳᠤᠬᠢ ᠰᠢᠬ ᠢᠶᠠᠨ ᠶᠠᠪᠤᠵᠤ ᠪᠠᠶᠢᠭ᠎ᠠ ᠳ᠋ᠠ︕ ᠠᠳᠠᠯᠢ ᠦᠭᠡᠢ ᠨᠢ ᠵᠦᠪᠭᠡᠨ ᠡᠨᠡ ᠡᠳᠦᠷ ᠤᠨ ᠶᠠᠷᠢᠶᠠᠨ ᠤ ᠲᠠᠪᠴᠠᠩ ᠲᠠᠭᠡᠷ᠎ᠡ ᠵᠤᠭᠰᠤᠵᠤ ᠶᠠᠷᠢᠶ᠎ᠠ ᠢᠯᠠᠳᠭᠡᠯ ᠬᠢᠵᠤ ᠦᠭᠡᠢ ᠯᠡ ᠲᠠᠳᠤᠢ᠃ ᠦᠨᠠᠨ ᠢ ᠭᠡᠯᠡᠭᠦ ᠳᠤ ᠪᠢ ᠵᠢᠷ ᠤᠨ ᠪᠠᠭᠰᠢ ᠯᠠ ᠲᠠᠳᠤᠢ᠂ ᠦᠭᠡᠷ᠎ᠠ ᠪᠤᠰᠤᠳ ᠠᠴᠠ ᠤᠨᠴᠠᠯᠢᠬᠳᠠᠬᠤ ᠵᠦᠢᠯ ᠠᠯᠠᠭ᠎ᠠ᠃ ᠨᠠᠳᠠ ᠠᠴᠠ ᠢᠯᠠᠭᠦᠦ ᠤᠷᠤᠯᠳᠤᠯᠭ᠎ᠠ ᠲᠠᠢ᠂ ᠪᠦᠳᠦᠭᠡᠯ ᠲᠠᠢ᠂ ᠵᠢᠳᠭᠦᠯ ᠲᠠᠢ , ᠭᠠᠪᠢᠶ᠎ᠠ ᠲᠠᠢ᠂ ᠡᠷᠳᠠᠮ ᠴᠢᠳᠠᠪᠤᠷᠢ ᠲᠠᠢ ᠰᠢᠯᠢᠳᠡᠭ ᠪᠠᠭᠰᠢ᠂ ᠤᠷᠦ᠋ᠢᠯᠠᠭᠰᠠᠨ ᠪᠠᠭᠰᠢ ᠡᠨᠡ ᠲᠠᠩᠬᠢᠮ ᠳᠤ ᠪᠠᠶᠢᠬᠤ ᠯᠠ ᠳ᠋ᠠ︕ ᠲᠠᠳᠠ ᠪᠤᠯ ᠮᠢᠨᠦ ᠰᠤᠷᠤᠯᠴᠠᠬᠤ ᠲᠠᠭᠤᠷᠢᠶᠠᠯ ᠮᠦᠨ᠃      ᠡ᠊ᠨᠳᠠ ᠲᠠᠨᠳᠠ ᠦᠭᠡᠢ ᠡᠰᠠᠨ ᠪᠤᠰᠠᠨ ᠪᠢᠴᠢᠭᠰᠡᠨ ᠢ ᠰᠢᠮᠳᠠᠢ ᠤᠡᠭᠰᠢᠭ᠌ᠰᠠᠨ ᠲᠠ ᠪᠦᠭᠦᠨ ᠳᠤ ᠪᠠᠶᠠᠷᠯᠠᠯ᠎ᠠ᠃              ᠠᠵᠢᠯᠯᠠᠵᠤ ᠪᠠᠶᠢᠭ᠎ᠠ ᠪᠠᠶᠢᠭᠤᠯᠭ᠎ᠠ᠄ ᠬᠦᠭᠡᠬᠤᠳᠠ ᠶᠢᠨ ᠮᠤᠩᠭᠤᠯ ᠦᠨᠳᠤᠰᠤᠳᠠᠨ ᠤ ᠰᠤᠷᠭᠠᠭᠤᠯᠢ                                            ︵ᠡᠾᠦ᠋ᠩ ᠮᠸᠢ ᠨᠠᠶᠢᠷᠠᠭᠤᠯᠪᠠ︶                                            2021ᠣᠨ ᠤ 1 ᠳ᠋ᠦ᠋ᠭᠡᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map