ᠭᠡᠷ ᠪᠦᠯᠢ ᠶᠢᠨ ᠰᠣᠷᠭᠠᠨ ᠭᠦᠮᠣᠵᠢᠯ ᠤᠨ ᠴᠢᠬᠤᠯᠠ ᠴᠢᠨᠠᠷ
ᠨᠡᠶᠢᠲᠡᠯᠡᠭᠰᠡᠨ ᠴᠠᠭ᠄
2021/7/21
                                       ᠢᠯᠠᠯᠳᠠ      ᠭᠡᠷ ᠪᠦᠯᠢ ᠪᠣᠯ ᠨᠠᠶᠢᠭᠡᠮ ᠤᠨ ᠴᠢᠬᠤᠯᠠ ᠪᠦᠷᠢᠯᠳᠣᠭᠦᠨ ᠭᠡᠰᠡᠭ ᠮᠦᠨ ᠪᠦᠭᠡᠳ ᠭᠡᠣᠭᠡᠳ ᠤᠨ ᠡᠷᠡᠭᠦᠯ ᠴᠢᠭᠢᠷᠠᠭ ᠢᠶᠠᠷ ᠦᠰᠣᠨ ᠪᠤᠶᠢᠵᠢᠬᠤ ᠳᠤ ᠭᠤᠣᠯ ᠦᠢᠯᠡᠳᠣᠯ ᠭᠠᠷᠭᠠᠵᠣ ᠪᠠᠶᠢᠳᠠᠭ᠃ ᠨᠢᠭᠡ ᠭᠡᠣᠭᠡᠳ ᠤᠨ ᠡᠷᠡᠭᠦᠯ ᠴᠢᠭᠢᠷᠠᠭ ᠢᠶᠠᠷ ᠦᠰᠣᠨ ᠪᠤᠶᠢᠵᠢᠬᠤ ᠨᠢ ᠭᠡᠷ ᠪᠦᠯᠢ ᠶᠢᠨ ᠰᠣᠷᠭᠠᠨ ᠭᠦᠮᠣᠵᠢᠯ᠂ ᠰᠣᠷᠭᠠᠭᠤᠯᠢ ᠶᠢᠨ ᠰᠣᠷᠭᠠᠨ ᠭᠦᠮᠣᠵᠢᠯ ᠪᠣᠯᠣᠨ ᠨᠠᠶᠢᠭᠡᠮ ᠤᠨ ᠰᠣᠷᠭᠠᠨ ᠭᠦᠮᠣᠵᠢᠯ ᠠᠴᠠ ᠰᠠᠯᠵᠣ ᠪᠣᠯᠣᠰᠢ ᠦᠭᠡᠢ ᠶᠣᠮ᠃ ᠭᠡᠷ ᠪᠦᠯᠢ ᠶᠢᠨ ᠰᠣᠷᠭᠠᠨ ᠭᠦᠮᠣᠵᠢᠯ ᠳᠤ ᠡᠴᠢᠭᠡ ᠡᠭᠡ ᠪᠣᠯᠣᠬᠰᠠᠳ ᠠᠳᠠᠯᠢᠬᠠᠨ ᠦᠢᠯᠡᠳᠣᠯ ᠦᠵᠡᠭᠦᠯᠵᠣ᠂ ᠭᠡᠨ ᠠᠯᠢ ᠨᠢ ᠴᠦ ᠲᠣᠳᠠᠭᠳᠡᠵᠣ ᠪᠣᠯᠣᠰᠢ ᠦᠭᠡᠢ ᠪᠠᠶᠢᠳᠠᠭ᠃ ᠭᠡᠪᠡᠴᠣ ᠵᠠᠷᠢᠮ ᠭᠡᠷ ᠤᠨ ᠠᠬᠠᠮᠠᠳ ᠠᠵᠣ ᠠᠮᠢᠳᠣᠷᠡᠯ ᠳᠤ ᠪᠠᠨ ᠶᠠᠭᠠᠷᠠᠬᠤ ᠠᠴᠠ ᠪᠣᠯᠵᠣ᠂ ᠭᠡᠣᠭᠡᠳ ᠤᠨ ᠭᠡᠷ ᠪᠦᠯᠢ ᠶᠢᠨ ᠰᠣᠷᠭᠠᠨ ᠭᠦᠮᠣᠵᠢᠯ ᠢ ᠣᠮᠳᠤᠭᠠᠶᠢᠯᠠᠵᠣ ᠪᠠᠶᠢᠳᠠᠭ ᠦᠵᠡᠭᠳᠡᠯ ᠪᠠᠰᠠ ᠣᠷᠣᠰᠢᠵᠣ ᠪᠣᠢ᠃      ᠮᠣᠩᠭᠤᠯᠴᠣᠳ ᠡᠷᠳᠠ ᠲᠡᠭᠡᠳᠣ ᠠᠴᠠ ᠪᠠᠨ ᠭᠡᠷ ᠪᠦᠯᠢ ᠶᠢᠨ ᠰᠣᠷᠭᠠᠨ ᠭᠦᠮᠣᠵᠢᠯ ᠢ ᠴᠢᠬᠤᠯᠠᠴᠢᠯᠠᠨ ᠦᠵᠡᠳᠡᠭ ᠰᠠᠶᠢᠬᠠᠨ ᠣᠯᠠᠮᠵᠢᠯᠠᠯ ᠲᠠᠢ ᠮᠦᠷᠳᠡᠭᠡᠨ ᠭᠡᠷ ᠪᠦᠯᠢ ᠶᠢᠨ ᠰᠣᠷᠭᠠᠨ ᠭᠦᠮᠣᠵᠢᠯ ᠢ ᠡᠷᠭᠢᠮᠯᠡᠭᠰᠡᠭᠡᠷ ᠢᠷᠡᠭᠰᠡᠨ ᠶᠣᠮ᠃ ᠲᠣᠣᠷ᠎ᠡ ᠪᠢ ᠭᠡᠷ ᠪᠦᠯᠢ ᠶᠢᠨ ᠰᠣᠷᠭᠠᠨ ᠭᠦᠮᠣᠵᠢᠯ ᠤᠨ ᠲᠣᠬᠠᠢ ᠲᠦᠭᠦᠮ ᠦᠭᠦᠯᠡᠶ᠎ᠡ᠃      ᠨᠢᠭᠡ᠂ ᠭᠡᠷ ᠤᠨ ᠠᠬᠠᠮᠠᠳ ᠦᠷ᠎ᠠ ᠭᠡᠣᠭᠡᠳ ᠲᠠᠢ ᠪᠠᠨ ᠢᠯᠡᠭᠦᠭᠡᠨ ᠪᠤᠳᠤᠯ ᠰᠠᠨᠠᠯ ᠢᠶᠠᠨ ᠰᠤᠯᠢᠯᠴᠠᠬᠤ ᠭᠡᠷᠡᠭᠳᠡᠢ᠃      ᠶᠠᠷᠣ ᠶᠢᠨ ᠴᠠᠭ ᠲᠤ ᠭᠡᠣᠭᠡᠳ ᠤᠨ ᠡᠭᠡ ᠡᠴᠢᠭᠡ ᠪᠣᠯᠣᠬᠰᠠᠳ ᠴᠠᠭ ᠭᠠᠷᠭᠠᠵᠣ᠂ ᠭᠡᠣᠭᠡᠳ ᠲᠠᠢ ᠪᠠᠨ ᠦᠵᠡᠯ ᠰᠠᠨᠠᠭᠠᠨ ᠤ ᠰᠣᠯᠢᠯᠴᠠᠭ᠎ᠠ ᠭᠢᠵᠣ᠂ ᠨᠢᠭᠡ ᠦᠭᠡ ᠪᠠᠨ ᠲᠠᠭᠢᠨ ᠲᠠᠪᠳᠡᠨ ᠨᠣᠷᠰᠢᠬᠤ ᠠᠴᠠ ᠵᠠᠶᠢᠯᠠᠰᠭᠢᠬᠤ ᠭᠡᠷᠡᠭᠳᠡᠢ᠃ ᠬᠠᠮᠤᠭ ᠤᠨ ᠰᠠᠶᠢᠨ ᠠᠷᠭ᠎ᠠ ᠪᠣᠯ ᠭᠡᠣᠭᠡᠳ ᠲᠠᠢ ᠪᠠᠨ ᠬᠠᠮᠳᠣ ᠪᠠᠷ ᠠᠰᠠᠭᠤᠳᠠᠯ ᠢ ᠵᠠᠳᠠᠯᠵᠣ ᠰᠢᠢᠳᠪᠣᠷᠢᠯᠠᠪᠠᠯ ᠨᠠᠩ ᠰᠠᠶᠢᠨ ᠪᠠᠶᠢᠳᠠᠭ᠂ ᠢᠡᠭᠭᠢᠪᠡᠯ ᠭᠡᠣᠭᠡᠳ ᠲᠤ ᠢᠳᠡᠭᠡᠯ ᠵᠣᠷᠢᠭ ᠢ ᠤᠯᠭᠤᠵᠤ᠂ ᠭᠦᠴᠢᠷ ᠪᠡᠷᠭᠡᠰᠢᠶᠡᠯ ᠢ ᠢᠯᠠᠨ ᠲᠠᠪᠠᠵᠣ ᠴᠢᠳᠡᠨ᠎ᠠ᠃      ︵ᠨᠢᠭᠡ︶ ᠭᠡᠷ ᠤᠨ ᠠᠬᠠᠮᠠᠳ ᠶᠡᠭᠡ ᠭᠡᠷᠡᠭ ᠢ ᠠᠳᠬᠤᠵᠣ᠂ ᠪᠠᠭ᠎ᠠ ᠭᠡᠷᠡᠭ ᠢ ᠲᠡᠯᠪᠢᠬᠤ ᠭᠡᠷᠡᠭᠳᠡᠢ᠃      ᠭᠡᠣᠭᠡᠳ ᠤᠨ ᠦᠰᠣᠨ ᠪᠤᠶᠢᠵᠢᠬᠤ ᠨᠢ ᠭᠡᠷ ᠤᠨ ᠠᠬᠠᠮᠠᠳ ᠤᠨ ᠬᠠᠷᠠᠭᠠᠯᠵᠠᠯ ᠲᠡᠮᠵᠢᠯᠭᠡ ᠠᠴᠠ ᠰᠠᠯᠵᠣ ᠪᠣᠯᠣᠰᠢ ᠦᠭᠡᠢ ᠪᠠᠶᠢᠳᠠᠭ᠃ ᠡᠭᠡ ᠡᠴᠢᠭᠡ ᠪᠣᠯᠣᠬᠰᠠᠳ ᠡᠷᠭᠡᠪᠰᠢ ᠦᠪᠡᠷ ᠤᠨ ᠴᠤᠭ ᠵᠢᠪᠬᠤᠭ᠎ᠠ ᠪᠠᠨ ᠲᠡᠳᠡᠭᠡᠷ ᠴᠢᠬᠤᠯᠠ ᠭᠡᠷᠡᠭ ᠶᠠᠪᠣᠳᠡᠯ ᠲᠡᠭᠡᠷ᠎ᠡ ᠲᠡᠯᠪᠢᠵᠣ᠂ ᠭᠡᠣᠭᠡᠳ ᠤᠨ ᠬᠠᠮᠤᠭ ᠤᠨ ᠭᠤᠣᠯᠯᠠᠭᠴᠢ ᠱᠠᠭᠠᠷᠳᠠᠯᠭ᠎ᠠ ᠳᠤ ᠠᠩᠬᠠᠷᠣᠯ ᠢᠶᠠᠨ ᠲᠡᠯᠪᠢᠬᠤ ᠭᠡᠷᠡᠭᠳᠡᠢ᠃ ᠵᠢᠱᠢᠶᠠᠯᠠᠪᠠᠯ᠂ ᠭᠡᠣᠭᠡᠳ ᠤᠨ ᠭᠦᠮᠣᠨ ᠤ ᠠᠮᠢᠳᠣᠷᠡᠯ ᠤᠨ ᠣᠪᠣᠷ᠂ ᠦᠷᠳᠡᠭ ᠤᠨ ᠦᠢᠯᠠᠭᠠᠬᠳᠠᠬᠤᠨ᠂ ᠢᠷᠡᠭᠡᠳᠣᠢ ᠭᠦᠰᠠᠯᠠᠩ᠂ ᠠᠮᠢᠳᠣᠷᠡᠯ ᠤᠨ ᠵᠠᠩ ᠲᠠᠳᠬᠠᠯ᠂ ᠰᠣᠷᠣᠯᠴᠠᠬᠤ ᠠᠷᠭ᠎ᠠ ᠮᠠᠶ᠋ᠢᠬ ᠵᠡᠷᠭᠡ᠃      ᠪᠣᠳᠡᠳᠣ ᠠᠮᠢᠳᠣᠷᠡᠯ ᠲᠣᠮᠳᠠ ᠡᠭᠡ ᠡᠴᠢᠭᠡ ᠪᠣᠯᠣᠬᠰᠠᠳ ᠭᠡᠣᠭᠡᠳ ᠤᠨ ᠪᠠᠭ᠎ᠠ ᠰᠠᠭ᠎ᠠ ᠭᠡᠷᠡᠭ ᠶᠠᠪᠣᠳᠡᠯ ᠢ ᠶᠡᠷᠢᠵᠤ ᠶᠠᠩᠰᠢᠨ᠂ ᠲᠠᠭᠢᠨ ᠲᠠᠪᠳᠡᠨ ᠨᠣᠷᠰᠢᠵᠣ ᠭᠡᠯᠡᠵᠣ ᠪᠣᠯᠬᠤ ᠦᠭᠡᠢ᠃ ᠶᠠᠭᠠᠭᠢᠯ᠎ᠠ ᠴᠦ ᠭᠡᠰᠡᠨ ᠭᠡᠣᠭᠡᠳ ᠤᠳ ᠡᠳᠣᠷ ᠪᠦᠷᠢ ᠦᠰᠣᠨ ᠪᠤᠶᠢᠵᠢᠵᠣ ᠪᠠᠶᠢᠭ᠎ᠠ ᠪᠣᠯᠬᠤᠷ᠂ ᠭᠡᠣᠭᠡᠳ ᠤᠨ ᠠᠯᠳᠠᠭ᠎ᠠ ᠪᠣᠷᠣᠭᠤ ᠶᠢ ᠵᠠᠯᠠᠷᠡᠭᠤᠯᠬᠤ ᠳᠤ᠂ ᠡᠭᠡ ᠡᠴᠢᠭᠡ ᠪᠣᠯᠣᠬᠰᠠᠳ ᠵᠠᠪᠠᠯ ᠶᠠᠮᠠᠷ ᠭᠡᠷᠡᠭ ᠪᠠᠶᠢᠪᠠᠯ ᠲᠠᠷᠠ ᠭᠡᠷᠡᠭ ᠢ ᠶᠠᠷᠢᠵᠣ᠂ ᠬᠠᠭᠤᠴᠢᠨ ᠲᠠᠩᠰᠠ ᠶᠢ ᠣᠷᠪᠠᠭᠤᠯᠵᠣ ᠪᠣᠯᠬᠤ ᠦᠭᠡᠢ᠃ ᠶᠠᠠᠮᠷ ᠭᠡᠷᠡᠭ ᠢ ᠵᠦᠪᠭᠡᠨ ᠨᠢᠭᠡ ᠣᠳᠠᠭ᠎ᠠ ᠶᠠᠷᠢᠵᠣ ᠲᠣᠳᠣᠷᠬᠠᠶᠢᠯᠠᠪᠠᠯ ᠪᠣᠯᠴᠢᠬᠠᠨ᠎ᠠ᠂ ᠲᠠᠭᠢᠨ ᠲᠠᠪᠳᠡᠨ ᠰᠠᠨᠠᠭᠤᠯᠬᠤ ᠭᠡᠷᠡᠭ ᠦᠭᠡᠢ᠂ ᠦᠭᠡᠢ ᠪᠣᠯ ᠭᠡᠣᠭᠡᠳ ᠬᠠᠰᠢᠷᠠᠬᠤ ᠪᠣᠯᠣᠨ᠎ᠠ᠃      ︵ᠬᠤᠶᠠᠷ︶ ᠭᠡᠷ ᠤᠨ ᠠᠬᠠᠮᠠᠳ ᠭᠦᠯᠢᠴᠡᠩᠭᠦᠢ ᠤᠪᠤᠷ ᠲᠠᠢ ᠪᠠᠶᠢᠬᠤ ᠭᠡᠷᠡᠭᠳᠡᠢ᠃      ᠭᠡᠷ ᠤᠨ ᠠᠬᠠᠮᠠᠳ ᠭᠡᠣᠭᠡᠳ ᠲᠤ ᠪᠠᠨ ᠶᠠᠮᠠᠷ ᠨᠢᠭᠡᠨ ᠬᠠᠷᠠᠯᠳᠠ ᠲᠣᠷᠡᠳᠣᠬᠰᠡᠨ ᠤ ᠲᠠᠷᠠᠭ᠎ᠠ᠂ ᠭᠡᠣᠭᠡᠳ ᠲᠤ ᠵᠡᠪᠡᠯ ᠭᠦᠢᠴᠡᠳ ᠴᠠᠭ ᠭᠠᠷᠭᠠᠵᠣ ᠦᠭᠭᠦ ᠴᠢᠬᠤᠯᠠᠳᠠᠢ ᠮᠦᠷᠳᠡᠭᠡᠨ ᠵᠡᠪᠡᠯ ᠭᠡᠣᠭᠡᠳ ᠢᠶᠠᠷ ᠲᠡᠭᠦᠨ ᠢ ᠣᠶᠢᠯᠠᠭᠠᠭᠤᠯᠵᠣ ᠭᠢᠭᠦ ᠭᠡᠷᠡᠭᠳᠡᠢ᠂ ᠬᠠᠷᠢᠨ ᠭᠡᠳᠣᠷᠭᠡᠢ ᠶᠠᠭᠠᠷᠡᠵᠣ ᠲᠣᠯᠭᠠᠵᠣ ᠪᠣᠯᠬᠤ ᠦᠭᠡᠢ᠃ ᠵᠢᠱᠢᠶᠠᠯᠠᠪᠠᠯ᠂ ᠭᠡᠣᠭᠡᠳ ᠤᠨ ᠠᠮᠢᠳᠣᠷᠡᠯ ᠢᠶᠠᠨ ᠦᠪᠡᠷ ᠢᠶᠠᠨ ᠬᠠᠷᠢᠭᠤᠴᠠᠬᠤ ᠴᠢᠳᠡᠪᠣᠷᠢ ᠶᠢ ᠲᠡᠭᠡᠭᠰᠢᠯᠡᠭᠦᠯᠭᠦ᠂ ᠰᠠᠶᠢᠨ ᠰᠠᠶᠢᠬᠠᠨ ᠵᠠᠩ ᠲᠠᠳᠬᠠᠯ ᠢ ᠭᠦᠮᠣᠵᠢᠭᠦᠯᠭᠦ᠂ ᠰᠣᠶᠣᠯ ᠮᠡᠳᠡᠯᠭᠡ ᠶᠢ ᠬᠤᠷᠡᠮᠳᠣᠭᠤᠯᠬᠤ ᠵᠡᠷᠭᠡ᠃ ᠡᠳᠡᠭᠡᠷ ᠨᠢ ᠪᠦᠷ ᠣᠷᠳᠣ ᠣᠳᠠᠭᠠᠨ ᠬᠤᠭᠤᠴᠠᠭᠠᠨ ᠤ ᠦᠡᠭᠭᠡᠷᠡᠯᠳᠠ ᠪᠣᠯᠪᠠᠰᠣᠷᠡᠯᠳᠠ ᠪᠠᠷ ᠲᠠᠮᠵᠢᠨ᠂ ᠰᠠᠶ᠋ᠢ ᠵᠢᠱᠢᠭᠰᠡᠨ ᠬᠠᠷᠠᠯᠳᠠ ᠳᠤ ᠪᠠᠨ ᠭᠦᠷᠴᠣ ᠴᠢᠳᠠᠳᠠᠭ ᠪᠠᠶᠢᠨ᠎ᠠ᠃ ᠣᠴᠢᠷ ᠨᠢ ᠭᠡᠣᠭᠡᠳ ᠤᠨ ᠣᠶᠣᠨ ᠪᠢᠯᠢᠭ ᠪᠣᠯᠣᠨ ᠣᠬᠠᠭᠠᠨ ᠴᠢᠳᠠᠪᠣᠷᠢ ᠨᠢ ᠪᠣᠯᠪᠠᠰᠣᠷᠠᠩᠭᠤᠢ ᠭᠡᠮᠵᠢᠶᠡᠨ ᠳᠤ ᠭᠦᠭᠵᠢᠨ ᠭᠦᠷᠣᠭᠡᠳᠣᠢ ᠪᠣᠯᠬᠤᠷ᠂ ᠵᠠᠷᠢᠮ ᠭᠡᠷᠡᠭ ᠶᠠᠪᠣᠳᠡᠯ ᠢ ᠭᠡᠣᠭᠡᠳ ᠪᠠᠷᠤᠭ ᠲᠠᠶᠢᠮᠣ ᠰᠠᠶᠢᠨ ᠮᠡᠳᠡᠵᠣ ᠦᠢᠯᠠᠭᠠᠳᠣᠢ ᠪᠠᠶᠢᠬᠰᠠᠭᠠᠷ᠂ ᠵᠠᠷᠢᠮ ᠭᠡᠷᠡᠭ ᠶᠠᠪᠣᠳᠡᠯ ᠢ ᠶᠠᠭᠠᠭᠢᠵᠣ ᠭᠢᠭᠦ ᠪᠠᠨ ᠰᠠᠶᠢᠨ ᠮᠠᠳᠡᠭᠡᠳᠣᠢ᠂ ᠵᠠᠷᠢᠮ ᠭᠡᠷᠡᠭ ᠶᠠᠪᠣᠳᠡᠯ ᠢ ᠭᠢᠭᠦ ᠶᠠᠪᠣᠴᠠ ᠳᠤ ᠪᠠᠰᠠ ᠲᠠᠭᠢᠨ ᠠᠯᠳᠠᠭ᠎ᠠ ᠪᠣᠷᠣᠭᠤ ᠭᠠᠷᠭᠠᠬᠤ ᠮᠠᠭᠠᠳ ᠦᠭᠡᠢ ᠭᠡᠭᠦ ᠮᠡᠳᠣ᠃ ᠡᠶᠢᠮᠣ ᠠᠴᠠ ᠡᠭᠡ ᠡᠴᠢᠭᠡ ᠪᠣᠯᠣᠬᠰᠠᠳ ᠵᠡᠪᠡᠯ ᠭᠦᠯᠢᠴᠡᠩᠭᠦᠢ ᠤᠪᠤᠷ ᠲᠠᠢ ᠪᠠᠶᠢᠵᠣ᠂ ᠦᠪᠡᠷ ᠤᠨ ᠶᠠᠭᠠᠷᠠᠮᠳᠠᠭᠠᠢ ᠵᠠᠩ ᠢᠶᠠᠨ ᠭᠦᠯᠢᠴᠠᠨ ᠲᠠᠰᠪᠣᠷᠢᠯᠠᠵᠣ᠂ ᠭᠡᠣᠭᠡᠳ ᠲᠤ ᠭᠦᠷᠣᠯᠴᠠᠭᠦ᠋ᠢᠴᠠ ᠴᠠᠭ ᠦᠯᠠᠳᠡᠭᠡᠨ ᠦᠭᠴᠣ᠂ ᠭᠡᠷᠡᠭ ᠶᠠᠪᠣᠳᠡᠯ ᠢ ᠦᠭᠡᠷᠡᠴᠢᠯᠠᠨ ᠬᠤᠪᠢᠷᠡᠭᠤᠯᠣᠨ ᠭᠢᠭᠦ ᠪᠠ ᠲᠠᠭᠢᠨ ᠲᠠᠪᠳᠡᠨ ᠭᠢᠭᠦ ᠶᠢ ᠵᠦᠪᠰᠢᠶᠡᠷᠡᠭᠦ ᠭᠡᠷᠡᠭᠳᠡᠢ᠃      ᠬᠤᠶᠠᠷ᠂ ᠭᠡᠷ ᠤᠨ ᠠᠬᠠᠮᠠᠳ ᠡᠩ ᠤᠨ ᠦᠶ᠎ᠡ ᠳᠤ ᠭᠡᠣᠭᠡᠳ ᠲᠠᠢ ᠪᠠᠨ ᠨᠠᠶᠢᠵᠠᠯᠠᠬᠤ ᠭᠡᠷᠡᠭᠳᠡᠢ᠃      ᠣᠳᠣ ᠶᠢᠨ ᠭᠡᠣᠭᠡᠳ ᠤᠨ ᠣᠯᠠᠩᠭᠢ ᠨᠢ ᠡᠴᠢᠭᠡ ᠡᠭᠡ ᠲᠠᠢ ᠪᠠᠨ ᠰᠡᠳᠭᠢᠯ ᠤᠨ ᠦᠭᠡ ᠪᠠᠨ ᠭᠡᠯᠡᠭᠦ ᠲᠣᠷ᠎ᠡ ᠦᠭᠡᠢ᠂ ᠭᠡᠣᠭᠡᠳ ᠤᠨ ᠰᠡᠳᠭᠢᠭᠦᠢ ᠪᠠ ᠪᠣᠳᠣᠬᠰᠠᠨ ᠰᠠᠨᠠᠭᠰᠠᠨ ᠢ ᠨᠢ ᠮᠡᠳᠡᠶ᠎ᠡ ᠭᠡᠪᠡᠯ ᠡᠭᠡ ᠡᠴᠢᠭᠡ ᠪᠣᠯᠣᠬᠰᠠᠳ ᠵᠡᠪᠡᠯ ᠭᠡᠣᠭᠡᠳ ᠢᠶᠠᠨ ᠦᠪᠡᠷ ᠤᠨ ᠦᠨᠡᠨ ᠮᠦᠨ ᠢᠶᠠᠨ ᠢᠯᠡᠷᠡᠭᠦᠯᠵᠣ ᠦᠪᠡᠷ ᠤᠨ ᠪᠠᠶᠠᠷᠯᠠᠬᠤ᠂ ᠭᠢᠯᠢᠩᠨᠠᠭᠦ᠂ ᠭᠠᠰᠢᠭᠤᠳᠠᠬᠤ᠂ ᠴᠠᠩᠭᠡᠭᠦ ᠪᠠᠨ ᠭᠡᠣᠭᠡᠳ ᠲᠠᠢ ᠪᠠᠨ ᠬᠠᠮᠳᠣ ᠪᠠᠷ ᠡᠳ᠋ᠯᠡᠵᠣ᠂ ᠰᠠᠨᠠᠵᠣ ᠪᠣᠳᠣᠬᠰᠠᠨ ᠢᠶᠠᠨ ᠢᠯᠠ ᠶᠠᠷᠢᠵᠣ᠂ ᠴᠢᠩ ᠦᠨᠠᠨᠴᠢ ᠪᠠᠷ ᠰᠡᠳᠭᠢᠯ ᠰᠠᠨᠠᠭ᠎ᠠ ᠪᠠᠨ ᠰᠣᠯᠢᠯᠴᠠᠬᠤ ᠭᠡᠷᠡᠭᠳᠡᠢ᠃ ᠢᠡᠭᠭᠢᠪᠠᠯ ᠡᠭᠡ ᠡᠴᠢᠭᠡ ᠪᠣᠯᠣᠬᠰᠠᠳ ᠰᠠᠶ᠋ᠢ ᠭᠡᠣᠭᠡᠳ ᠤᠨ ᠢᠳᠡᠭᠡᠯ ᠢ ᠣᠯᠵᠣ᠂ ᠭᠡᠣᠭᠡᠳ ᠰᠠᠶ᠋ᠢ ᠡᠴᠢᠭᠡ ᠡᠭᠡ ᠳᠤ ᠪᠠᠨ ᠦᠪᠡᠷ ᠤᠨ ᠪᠣᠳᠣᠯ ᠰᠠᠨᠠᠯ ᠢᠶᠠᠨ ᠦᠴᠣᠭᠡᠨ ᠴᠦ ᠬᠠᠳᠠᠭᠠᠯᠠᠬᠤ ᠦᠭᠡᠢ ᠪᠠᠷ ᠭᠡᠯᠡᠵᠣ ᠦᠭᠭᠦ ᠶᠣᠮ᠃      ︵ᠨᠢᠭᠡ︶ ᠭᠡᠷ ᠤᠨ ᠠᠬᠠᠮᠠᠳ ︽ᠬᠠᠳᠠᠭᠤ ᠲᠦᠷᠢ︾ ᠪᠠᠨ ᠬᠤᠪᠢᠷᠠᠭᠤᠯᠵᠣ᠂ ᠡᠴᠢᠭᠡ ᠡᠭᠡ ᠶᠢᠨ ᠶᠠᠩᠪᠠ ᠶᠢ ᠬᠠᠶᠠᠬᠤ ᠭᠡᠷᠡᠭᠳᠡᠢ᠃      ᠡᠳᠣᠷ ᠲᠣᠳᠣᠮ ᠤᠨ ᠠᠮᠢᠳᠣᠷᠡᠯ ᠰᠣᠷᠣᠯᠭ᠎ᠠ ᠲᠣᠮᠳᠠ᠂ ᠡᠴᠢᠭᠡ ᠡᠭᠡ ᠪᠣᠯᠣᠬᠰᠠᠳ ᠵᠠᠪᠠᠯ ᠭᠡᠣᠭᠡᠳ ᠲᠠᠢ ᠪᠠᠨ ᠡᠷᠭᠡ ᠲᠡᠭᠰᠢ᠂ ᠡᠶ᠎ᠡ ᠨᠠᠶᠢᠷᠠᠮᠳᠠᠭᠤ ᠶᠠᠪᠣᠯᠴᠠᠵᠣ᠂ ᠪᠠᠶᠠᠷᠯᠠᠬᠤ ᠭᠤᠮᠤᠳᠠᠬᠤ ᠶᠢ ᠬᠠᠮᠳᠣ ᠪᠠᠷ ᠡᠳ᠋ᠯᠠᠵᠣ᠂ ᠠᠰᠠᠭᠤᠳᠡᠯ ᠲᠣᠭᠢᠶᠠᠯᠳᠣᠪᠡᠯ ᠴᠠᠭ ᠲᠠᠷᠣᠢ ᠳᠤ ᠨᠢ ᠴᠢᠯᠣᠭᠡᠳᠡᠢ ᠰᠣᠯᠢᠯᠴᠠᠭ᠎ᠠ ᠭᠢᠵᠣ ᠶᠠᠷᠢᠯᠴᠠᠨ᠂ ᠭᠡᠷ ᠪᠦᠯᠢ ᠶᠢᠨ ᠨᠢᠬᠳᠡᠷᠡᠭᠤᠯᠬᠤ ᠭᠦᠴᠣ ᠶᠢ ᠨᠡᠮᠡᠭᠳᠡᠭᠦᠯᠭᠦ ᠭᠡᠷᠡᠭᠳᠡᠢ᠃ ᠦᠨᠡᠨ ᠳᠤ ᠪᠠᠨ ᠭᠡᠣᠭᠡᠳ ᠨᠢᠭᠡᠪᠣᠷᠢ ᠰᠡᠳᠭᠢᠯ ᠤᠨ ᠨᠠᠶᠢᠵᠠ ᠲᠠᠢ ᠪᠠᠶᠢᠬᠤ ᠶᠢ ᠭᠦᠰᠡᠨ ᠰᠠᠨᠠᠳᠠᠭ᠂ ᠡᠶᠢᠮᠣ ᠠᠴᠠ ᠡᠭᠡ ᠡᠴᠢᠭᠡ ᠪᠣᠯᠣᠬᠰᠠᠳ ᠵᠡᠪᠡᠯ ᠦᠵᠡᠯ ᠰᠠᠨᠠᠭᠠᠨ ᠲᠡᠭᠡᠷ᠎ᠡ ᠪᠠᠨ ᠭᠡᠣᠭᠡᠳ ᠲᠠᠢ ᠪᠠᠨ ᠢᠯᠡᠭᠦᠭᠡᠨ ᠰᠣᠯᠢᠯᠴᠠᠭ᠎ᠠ᠂ ᠶᠠᠷᠢᠯᠴᠠᠭ᠎ᠠ᠂ ᠶᠠᠪᠣᠯᠴᠠᠭ᠎ᠠ ᠭᠢᠭᠦ ᠭᠡᠷᠡᠭᠳᠡᠢ᠃ ᠴᠢᠯᠣᠭᠡᠳᠡᠢ ᠶᠠᠷᠢᠯᠴᠠᠭ᠎ᠠ᠂ ᠶᠠᠪᠣᠯᠴᠠᠭ᠎ᠠ ᠭᠢᠭᠦ ᠳᠤ ᠪᠠᠨ ᠭᠡᠣᠭᠡᠳ ᠲᠤ ᠪᠠᠨ ᠭᠡᠯᠡᠭᠦ ᠠᠷᠭ᠎ᠠ ᠮᠠᠶ᠋ᠢᠬ ᠠᠮᠢᠳᠣᠯᠢᠭ ᠮᠦᠷᠳᠡᠭᠡᠨ ᠦᠪᠡᠷ ᠤᠨ ᠨᠠᠶᠢᠵᠠ ᠨᠦᠭᠦᠳ ᠲᠠᠢ ᠪᠠᠨ ᠶᠠᠷᠢᠯᠴᠠᠭ᠎ᠠ ᠭᠢᠵᠣ ᠪᠠᠶᠢᠬᠤ ᠲᠠᠢ ᠠᠳᠠᠯᠢ ᠪᠠᠶᠢᠬᠤ ᠭᠡᠷᠡᠭᠳᠡᠢ᠂ ᠦᠭᠡᠢ ᠪᠣᠯ ᠭᠡᠣᠭᠡᠳ ᠦᠪᠡᠷ ᠤᠨ ᠰᠡᠳᠭᠢᠯ ᠤᠨ ᠦᠭᠡ ᠪᠠᠨ ᠭᠡᠯᠡᠵᠣ ᠭᠠᠷᠭᠠᠬᠤ ᠦᠭᠡᠢ ᠶᠣᠮ᠃      ︵ᠬᠤᠶᠠᠷ︶ ᠭᠡᠷ ᠤᠨ ᠠᠬᠠᠮᠠᠳ ᠠᠳᠠᠯᠢ ᠪᠣᠰᠣ ᠨᠠᠰᠣ ᠱᠠᠳᠣᠨ ᠤ ᠭᠡᠣᠭᠡᠳ ᠲᠤ ᠠᠳᠠᠯᠢ ᠪᠣᠰᠣ ᠠᠷᠭ᠎ᠠ ᠮᠠᠶ᠋ᠢᠭ ᠠᠪᠬᠤ ᠭᠡᠷᠡᠭᠳᠡᠢ᠃      ᠭᠡᠷ ᠤᠨ ᠠᠬᠠᠮᠠᠳ ᠡᠷᠭᠡᠪᠰᠢ ᠭᠡᠣᠭᠡᠳ ᠤᠨ ᠨᠠᠰᠣ᠂ ᠵᠠᠩ ᠠᠭᠠᠰᠢ᠂ ᠭᠦᠢᠰᠣ ᠶᠢᠨ ᠢᠯᠭᠠᠯ ᠵᠡᠷᠭᠡ ᠠᠳᠠᠯᠢ ᠪᠣᠰᠣ ᠣᠨᠴᠠᠯᠢᠭ ᠢ ᠦᠨᠳᠣᠰᠣᠯᠡᠨ ᠭᠡᠣᠭᠡᠳ ᠲᠠᠢ ᠨᠦᠭᠦᠷᠰᠡᠭ ᠬᠠᠷᠢᠴᠠᠭ᠎ᠠ ᠪᠠᠶᠢᠭᠤᠯᠬᠤ ᠳᠤ᠂ ᠠᠳᠠᠯᠢ ᠪᠣᠰᠣ ᠠᠷᠭ᠎ᠠ ᠮᠠᠶ᠋ᠢᠬ ᠠᠪᠬᠤ ᠭᠡᠷᠡᠭᠳᠡᠢ᠃ ᠵᠢᠱᠢᠶᠠᠯᠠᠪᠠᠯ᠂ ᠪᠠᠯᠴᠢᠷ ᠪᠠᠭ᠎ᠠ ᠭᠡᠣᠭᠡᠳ ᠲᠤ ᠠᠪᠴᠣ ᠭᠡᠯᠡᠪᠡᠯ᠂ ᠦᠵᠡᠯ ᠰᠠᠨᠠᠭ᠎ᠠ ᠨᠠᠯᠢᠶᠠᠳ ᠴᠡᠪᠡᠷ ᠴᠣᠯᠭᠤᠢ ᠪᠣᠯᠬᠤᠷ ᠡᠴᠢᠭᠡ ᠡᠭᠡ ᠪᠣᠯᠣᠬᠰᠠᠳ ᠵᠠᠪᠠᠯ ᠠᠮᠢᠳᠣᠯᠢᠭ ᠲᠦᠷᠰᠦᠯᠢᠭ ᠦᠭᠡ ᠭᠡᠯᠡᠯᠭᠡ ᠪᠠ ᠵᠦᠢᠷᠯᠠᠭᠦ᠂ ᠦᠯᠢᠭᠡᠷ ᠶᠠᠷᠢᠬᠤ ᠵᠡᠷᠭᠡ ᠠᠷᠭ᠎ᠠ ᠭᠡᠮᠵᠢᠶ᠎ᠡ ᠠᠪᠴᠣ ᠭᠡᠣᠭᠡᠳ ᠲᠠᠢ ᠶᠠᠷᠢᠯᠴᠠᠭ᠎ᠠ ᠰᠣᠯᠢᠯᠴᠠᠭ᠎ᠠ ᠭᠢᠭᠦ ᠭᠡᠷᠡᠭᠳᠡᠢ᠂ ᠢᠡᠭᠭᠢᠪᠡᠯ ᠭᠡᠣᠭᠡᠳ ᠠᠮᠠᠷᠬᠠᠨ ᠭᠦᠯᠢᠶᠡᠨ ᠠᠪᠴᠣ ᠴᠢᠳᠡᠨ᠎ᠠ᠃ ᠵᠠᠯᠠᠭᠤ ᠨᠠᠰᠣᠨ ᠤ ᠦᠶ᠎ᠡ ᠶᠢᠨ ᠭᠡᠣᠭᠡᠳ ᠲᠤ ᠠᠪᠴᠣ ᠭᠡᠯᠡᠪᠡᠯ᠂ ᠡᠳᠡᠭᠡᠷ ᠭᠡᠣᠭᠡᠳ ᠦᠪᠡᠷ ᠤᠨ ᠦᠵᠡᠯᠳᠠ ᠵᠣᠬᠰᠣᠯᠳᠠ ᠲᠠᠢ ᠪᠣᠯᠣᠬᠰᠠᠨ ᠪᠣᠯᠬᠤᠷ᠂ ᠭᠡᠷᠡᠭ ᠪᠣᠯᠭᠠᠨ ᠳᠤ ᠡᠴᠢᠭᠡ ᠡᠭᠡ ᠪᠠᠨ ᠲᠦᠰᠢᠭᠦ ᠦᠭᠡᠢ᠂ ᠦᠪᠡᠷ ᠤᠨ ᠲᠣᠰᠠᠭᠠᠷ ᠭᠦᠰᠡᠯ ᠡᠷᠡᠮᠡᠯᠵᠠᠯ ᠲᠠᠢ ᠪᠠᠶᠢᠳᠠᠭ᠃ ᠴᠢᠮᠠᠭᠠᠳ ᠵᠠᠩ ᠲᠠᠢ ᠭᠡᠣᠭᠡᠳ ᠦᠭᠡ ᠭᠡᠯᠠ ᠴᠦᠭᠡᠨ᠂ ᠦᠭᠡᠷ᠎ᠡ ᠭᠦᠮᠣᠰ ᠲᠠᠢ ᠶᠠᠪᠣᠯᠴᠠᠬᠤ ᠲᠣᠷ᠎ᠡ ᠦᠭᠡᠢ᠂ ᠡᠳᠡᠭᠡᠷ ᠭᠡᠣᠭᠡᠳ ᠤᠨ ᠰᠠᠨᠠᠭ᠎ᠠ ᠰᠡᠳᠭᠢᠯᠭᠡ ᠨᠢ ᠨᠠᠯᠢᠶᠡᠳ ᠬᠤᠷᠴᠠ ᠰᠡᠷᠭᠡᠭ ᠮᠦᠷᠳᠡᠭᠡᠨ ᠠᠮᠠᠷᠬᠠᠨ ᠭᠡᠮᠳᠣᠳᠡᠭ ᠣᠴᠢᠷ ᠠᠴᠠ ᠡᠴᠢᠭᠡ ᠡᠭᠡ ᠪᠣᠯᠣᠬᠰᠠᠳ ᠡᠳᠡᠭᠡᠷ ᠭᠡᠣᠭᠡᠳ ᠲᠠᠢ ᠰᠡᠳᠭᠢᠯ ᠰᠠᠨᠠᠭ᠎ᠠ ᠪᠠᠨ ᠰᠣᠯᠢᠯᠴᠠᠬᠤ ᠳᠤ ᠪᠠᠨ ᠡᠷᠭᠡᠪᠰᠢ ᠰᠡᠳᠭᠢᠯᠭᠡ ᠪᠠᠶᠠᠰᠣᠩᠭᠤᠢ᠂ ᠣᠷᠮ᠎ᠠ ᠵᠣᠷᠢᠭ ᠦᠨᠳᠣᠷ ᠪᠠᠶᠢᠬᠤ ᠳᠤ ᠨᠢ ᠭᠡᠯᠡᠭᠦ ᠮᠦᠷᠳᠡᠭᠡᠨ ᠢᠯᠡᠭᠦᠭᠡᠨ ᠵᠣᠷᠢᠬᠵᠢᠭᠤᠯᠵᠣ᠂ ᠴᠦᠭᠡᠨ ᠰᠢᠭᠦᠮᠵᠢᠯᠡᠭᠦ ᠶᠢ ᠠᠩᠬᠠᠷᠬᠤ ᠭᠡᠷᠡᠭᠳᠡᠢ᠃ ᠶᠠᠷᠣ ᠶᠢᠨ ᠴᠠᠭ ᠲᠤ ᠡᠶᠢᠮᠣᠷᠭᠦᠤ ᠵᠠᠩ ᠠᠭᠠᠰᠢ ᠲᠠᠢ ᠭᠡᠣᠭᠡᠳ ᠤᠨ ᠰᠡᠳᠭᠢᠯᠭᠡ ᠶᠢᠨ ᠬᠤᠪᠢᠷᠠᠯᠳᠠ ᠶᠢ ᠢᠯᠡᠭᠦᠭᠡᠨ ᠨᠠᠷᠢᠨ ᠭᠢᠨᠠᠮᠠᠭᠠᠢ ᠠᠵᠢᠬᠯᠠᠵᠣ᠂ ᠴᠠᠭ ᠲᠣᠬᠠᠢ ᠳᠤ ᠨᠢ ᠶᠠᠷᠢᠯᠴᠠᠭ᠎ᠠ ᠰᠣᠯᠢᠯᠴᠠᠭ᠎ᠠ ᠭᠢᠵᠣ᠂ ᠰᠠᠶᠢᠨ ᠭᠢᠷᠢ ᠪᠦᠳᠣᠮᠵᠢ ᠣᠯᠣᠬᠰᠠᠨ ᠪᠣᠯ ᠴᠠᠭ ᠲᠣᠬᠠᠢ ᠳᠤ ᠨᠢ ᠮᠠᠭᠳᠠᠨ ᠰᠠᠶᠢᠰᠢᠶᠠᠵᠣ᠂ ᠨᠣᠭᠤᠷᠡᠯ ᠪᠦᠳᠣᠷᠢᠯ ᠢᠯᠠᠭᠳᠡᠯ ᠲᠣᠭᠢᠶᠠᠯᠳᠣᠪᠠᠯ ᠴᠠᠭ ᠲᠣᠬᠠᠢ ᠳᠤᠨᠢ ᠬᠠᠪᠰᠣᠷᠤᠨ ᠲᠡᠮᠵᠢᠭᠦ ᠭᠡᠷᠡᠭᠳᠡᠢ᠃ ᠠᠰᠪᠣᠷᠢ ᠵᠠᠩ ᠠᠭᠠᠯᠢ ᠲᠠᠢ ᠭᠡᠣᠭᠡᠳ ᠲᠤ ᠠᠪᠴᠣ ᠭᠡᠯᠡᠪᠡᠯ᠂ ᠰᠢᠭᠤᠳ ᠰᠢᠭᠦᠮᠵᠢᠯᠡᠭᠦ ᠪᠠ ᠱᠠᠭᠠᠷᠳᠠᠯᠭ᠎ᠠ ᠲᠣᠷᠡᠳᠴᠣ᠂ ᠡᠶᠢᠮᠣ ᠭᠡᠣᠭᠡᠳ ᠲᠠᠢ ᠰᠡᠳᠭᠢᠯ ᠰᠠᠨᠠᠭ᠎ᠠ ᠰᠣᠯᠢᠯᠴᠠᠬᠤ ᠳᠤ ᠪᠠᠨ ᠣᠪᠣᠷ ᠲᠣᠳᠣᠷᠬᠠᠢ᠂ ᠦᠭᠡ ᠭᠡᠯᠡᠯᠭᠡ ᠲᠦᠭᠦᠮ ᠠᠪᠰᠠᠷᠬᠠᠨ ᠪᠠᠶᠢᠵᠣ᠂ ᠭᠡᠣᠭᠡᠳ ᠢᠶᠠᠷ ᠦᠪᠡᠷ ᠤᠨ ᠠᠳᠠᠯᠢ ᠪᠣᠰᠣ ᠦᠵᠡᠯ ᠲᠠᠨᠢᠯᠳᠠ ᠶᠢ ᠲᠣᠷᠡᠳᠣᠭᠤᠯᠬᠤ ᠭᠡᠷᠡᠭᠳᠡᠢ᠃      ᠭᠤᠷᠪᠠ᠂ ᠭᠡᠷ ᠤᠨ ᠠᠬᠠᠮᠠᠳ ᠭᠡᠣᠭᠡᠳ ᠢᠶᠠᠨ ᠣᠶᠢᠯᠠᠭᠠᠬᠤ ᠶᠢ ᠰᠣᠷᠬᠤ ᠭᠡᠷᠡᠭᠳᠡᠢ      ᠪᠣᠳᠡᠳᠣ ᠠᠮᠢᠳᠣᠷᠡᠯ ᠲᠣᠮᠳᠠ᠂ ᠡᠴᠢᠭᠡ ᠡᠭᠡ ᠪᠣᠯᠣᠬᠰᠡᠳ ᠪᠦᠷ ᠦᠪᠡᠷ ᠤᠨ ᠦᠵᠡᠯᠳᠠ ᠵᠣᠬᠰᠣᠯᠳᠠ ᠶᠢᠨ ᠲᠠᠯ᠎ᠠ ᠠᠴᠠ ᠣᠴᠢᠵᠣ ᠠᠰᠡᠭᠤᠳᠡᠯ ᠢ ᠪᠣᠳᠣᠯᠭᠢᠯᠡᠳᠠᠭ ᠪᠣᠯᠬᠤᠷ᠂ ᠦᠪᠡᠷ ᠤᠨ ᠠᠮᠢᠳᠣᠷᠠᠬᠤᠢ ᠶᠢᠨ ᠦᠵᠡᠯᠳᠠ ᠪᠣᠯᠣᠨ ᠦᠷᠳᠡᠭ ᠤᠨ ᠦᠵᠡᠯᠳᠠ ᠪᠠᠷ ᠭᠡᠣᠭᠡᠳ ᠤᠨ ᠭᠡᠷᠡᠭ ᠶᠠᠪᠣᠳᠡᠯ ᠳᠤ ᠬᠢ ᠠᠷᠭ᠎ᠠ ᠪᠠᠷᠢᠯ ᠪᠠ ᠰᠢᠢᠳᠪᠣᠷᠢᠯᠡᠭᠦ ᠠᠷᠭ᠎ᠠ ᠳᠤ ᠬᠠᠨᠳᠣᠵᠣ᠂ ᠭᠡᠣᠭᠡᠳ ᠤᠨ ᠰᠡᠳᠭᠢᠴᠠ ᠶᠢᠨ ᠱᠠᠭᠠᠷᠳᠠᠯᠭ᠎ᠠ ᠪᠣᠯᠣᠨ ᠰᠡᠷᠡᠵᠣ ᠮᠡᠳᠡᠭᠦ ᠶᠢ ᠣᠮᠳᠤᠭᠠᠶᠢᠯᠠᠵᠣ᠂ ᠭᠡᠣᠭᠡᠳ ᠲᠤ ᠪᠠᠨ ᠰᠦᠷᠭᠦ ᠨᠦᠯᠣᠭᠡ ᠦᠵᠡᠭᠦᠯᠳᠡᠭ ᠪᠠᠶᠢᠨ᠎ᠠ᠃ ᠦᠨᠡᠨ ᠳᠤ ᠪᠠᠨ ᠭᠡᠣᠭᠡᠳ ᠨᠢᠭᠡᠪᠣᠷᠢ ᠴᠦᠮ ᠡᠴᠢᠭᠡ ᠡᠭᠡ ᠶᠢᠨ ᠡᠩᠭᠦᠷᠡᠶᠢᠯᠡᠨ ᠬᠠᠶᠢᠷᠡᠯᠠᠬᠤ ᠪᠠ ᠣᠶᠢᠯᠠᠭᠠᠬᠤ ᠶᠢ ᠭᠦᠰᠡᠨ ᠡᠷᠡᠮᠡᠯᠵᠡᠳᠡᠭ ᠪᠠᠶᠢᠨ᠎ᠠ᠃      1. ᠭᠡᠷ ᠤᠨ ᠠᠬᠠᠮᠠᠳ ᠪᠠᠶᠢᠷᠢ ᠰᠣᠯᠢᠨ ᠪᠣᠳᠣᠯᠭᠢᠯᠠᠵᠣ᠂ ᠭᠡᠣᠭᠡᠳ ᠤᠨ ᠦᠵᠡᠯᠳᠠ ᠵᠣᠬᠰᠣᠯᠳᠠ ᠶᠢᠨ ᠲᠠᠯ᠎ᠠ ᠠᠴᠠ ᠠᠰᠠᠭᠤᠳᠡᠯ ᠢ ᠪᠣᠳᠣᠯᠭᠢᠯᠠᠬᠤ ᠭᠡᠷᠡᠭᠳᠡᠢ᠃ ᠡᠴᠢᠭᠡ ᠡᠭᠡ ᠪᠣᠯᠣᠬᠰᠠᠳ ᠵᠡᠪᠡᠯ ᠪᠠᠶᠢᠷᠢ ᠰᠣᠯᠢᠨ ᠪᠣᠳᠣᠯᠭᠢᠯᠠᠬᠤ ᠠᠷᠭ᠎ᠠ ᠶᠢ ᠰᠣᠷᠴᠣ ᠡᠵᠡᠮᠰᠢᠨ᠂ ᠭᠡᠣᠭᠡᠳ ᠲᠠᠢ ᠪᠠᠨ ᠴᠢᠯᠣᠭᠡᠳᠡᠢ ᠰᠣᠯᠢᠯᠴᠠᠭ᠎ᠠ ᠭᠢᠭᠦ ᠳᠤ ᠬᠠᠷᠰᠢ ᠰᠠᠭᠠᠳ᠂ ᠵᠠᠢ ᠵᠠᠪᠰᠡᠷ ᠪᠣᠯᠣᠨ ᠵᠦᠷᠢᠴᠡᠯ ᠡᠭᠦᠰᠭᠦ ᠠᠴᠠ ᠵᠠᠶᠢᠯᠠᠰᠭᠢᠭᠦ ᠭᠡᠷᠡᠭᠳᠡᠢ᠃ ᠭᠡᠣᠭᠡᠳ ᠢ ᠰᠣᠷᠭᠠᠨ ᠭᠦᠮᠣᠵᠢᠭᠦᠯᠭᠦ ᠠᠰᠠᠭᠤᠳᠡᠯ ᠲᠡᠭᠡᠷ᠎ᠡ᠂ ᠡᠴᠢᠭᠡ ᠡᠭᠡ ᠪᠣᠯᠣᠬᠰᠠᠳ ᠭᠡᠷᠪᠡ ᠭᠡᠣᠭᠡᠳ ᠤᠨ ᠦᠵᠠᠯᠳᠠ ᠵᠣᠬᠰᠣᠯᠳᠠ ᠶᠢᠨ ᠲᠠᠯ᠎ᠠ ᠲᠡᠭᠡᠷ᠎ᠡ ᠵᠣᠬᠰᠣᠵᠣ᠂ ᠪᠠᠶᠢᠷᠢ ᠰᠣᠯᠢᠨ ᠰᠡᠳᠭᠢᠨ᠂ ᠠᠰᠠᠭᠤᠳᠡᠯ ᠢ ᠪᠣᠳᠣᠯᠭᠢᠯᠠᠬᠤ ᠳᠤ ᠭᠦᠷᠪᠡᠯ᠂ ᠭᠡᠣᠭᠡᠳ ᠲᠤ ᠣᠶᠣᠨ ᠰᠠᠨᠠᠭᠠᠨ ᠲᠡᠭᠡᠷ᠎ᠡ ᠪᠠᠨ ᠬᠠᠮᠳᠣ ᠶᠢᠨ ᠴᠣᠣᠷᠢᠶ᠎ᠡ ᠡᠭᠦᠰᠴᠣ᠂ ᠭᠡᠣᠭᠡᠳ ᠤᠨ ᠰᠡᠳᠭᠢᠴᠠ ᠶᠢᠨ ᠱᠠᠭᠠᠷᠳᠠᠯᠭ᠎ᠠ ᠪᠣᠯᠣᠨ ᠰᠠᠨᠠᠭ᠎ᠠ ᠪᠣᠳᠣᠯ ᠢ ᠰᠠᠶ᠋ᠢ ᠭᠦᠨᠵᠡᠭᠡᠢ ᠣᠶᠢᠯᠠᠭᠠᠵᠣ᠂ ᠡᠴᠢᠭᠡ ᠡᠭᠡ ᠪᠣᠯᠣᠨ ᠭᠡᠣᠭᠡᠳ ᠤᠨ ᠬᠤᠭᠤᠷᠣᠨᠳᠣᠭᠢ ᠵᠠᠢ ᠵᠠᠪᠰᠡᠷ ᠪᠠ ᠵᠦᠷᠢᠴᠡᠯ ᠢ ᠪᠦᠳᠣᠮᠵᠢᠳᠡᠢ ᠪᠠᠷ ᠠᠷᠢᠯᠭᠠᠵᠣ᠂ ᠠᠯᠢᠪᠠ ᠭᠡᠷᠡᠭ ᠶᠠᠪᠣᠳᠡᠯ ᠠᠶᠠᠨᠳᠠᠭᠠᠨ ᠰᠢᠢᠳᠪᠣᠷᠢᠯᠡᠭᠳᠡᠵᠣ ᠪᠣᠯᠬᠤ ᠶᠣᠮ᠃      2. ᠭᠡᠷ ᠤᠨ ᠠᠬᠠᠮᠠᠳ ᠭᠡᠣᠭᠡᠳ ᠤᠨ ᠰᠡᠳᠭᠢᠴᠠ ᠶᠢᠨ ᠰᠡᠷᠡᠵᠣ ᠮᠡᠳᠡᠭᠦ ᠶᠢ ᠣᠶᠢᠯᠠᠭᠠᠵᠣ᠂ ᠰᠡᠳᠭᠢᠯ ᠤᠨ ᠦᠭᠡ ᠶᠢ ᠠᠩᠬᠠᠷᠣᠯ ᠲᠡᠯᠪᠢᠨ ᠰᠣᠨᠣᠰᠬᠤ ᠭᠡᠷᠡᠭᠳᠡᠢ᠃ ᠡᠴᠢᠭᠡ ᠡᠭᠡ ᠪᠣᠯᠣᠬᠰᠠᠳ ᠭᠡᠣᠭᠡᠳ ᠤᠨ ᠦᠵᠠᠯᠳᠠ ᠵᠣᠬᠰᠣᠯᠳᠠ ᠶᠢᠨ ᠡᠭᠦᠳᠡᠨ ᠠᠴᠠ ᠠᠰᠠᠭᠤᠳᠡᠯ ᠢ ᠪᠣᠳᠣᠯᠭᠢᠯᠠᠵᠣ᠂ ᠭᠡᠣᠭᠡᠳ ᠤᠨ ᠰᠡᠳᠭᠢᠴᠠ ᠶᠢᠨ ᠰᠡᠷᠡᠵᠣ ᠮᠡᠳᠡᠭᠦ ᠶᠢ ᠣᠶᠢᠯᠠᠭᠠᠵᠣ᠂ ᠠᠰᠠᠭᠤᠳᠡᠯ ᠤᠨ ᠰᠢᠯᠳᠠᠭᠠᠨ ᠢ ᠯᠠᠪᠯᠠᠨ ᠠᠰᠠᠭᠤᠵᠣ᠂ ᠭᠡᠣᠭᠡᠳ ᠲᠤ ᠪᠠᠨ ᠬᠠᠶᠢᠷ᠎ᠡ ᠬᠠᠯᠠᠮᠵᠢ ᠪᠠ ᠬᠠᠪᠰᠣᠷᠣᠯᠭ᠎ᠠ ᠲᠡᠮᠵᠢᠯᠭᠡ ᠦᠵᠡᠭᠦᠯᠭᠦ ᠭᠡᠷᠡᠭᠳᠡᠢ᠃ ᠭᠡᠣᠭᠡᠳ ᠤᠨ ᠰᠡᠳᠭᠢᠯ ᠤᠨ ᠦᠭᠡ ᠶᠢ ᠠᠩᠬᠠᠷᠣᠯ ᠲᠡᠯᠪᠢᠨ ᠰᠣᠨᠣᠰᠴᠣ᠂ ᠭᠡᠣᠭᠡᠳ ᠤᠨ ᠦᠨᠡᠨ ᠪᠣᠳᠡᠳᠡᠢ ᠪᠣᠳᠣᠯ ᠰᠠᠨᠠᠭ᠎ᠠ ᠶᠢ ᠦᠢᠯᠠᠭᠠᠵᠣ᠂ ᠭᠡᠣᠭᠡᠳ ᠤᠨ ᠡᠭᠦᠳᠡᠨ ᠠᠴᠠ ᠭᠠᠷᠳᠡᠨ᠂ ᠵᠦᠪ ᠣᠨᠣᠪᠴᠢᠳᠡᠢ ᠵᠢᠯᠣᠭᠤᠳᠬᠤ ᠪᠠ ᠰᠣᠷᠭᠠᠨ ᠭᠦᠮᠣᠵᠢᠯ ᠭᠢᠭᠦ ᠭᠡᠷᠡᠭᠳᠡᠢ᠃ ᠢᠡᠭᠭᠢᠪᠡᠯ ᠭᠡᠷ ᠤᠨ ᠠᠬᠠᠮᠠᠳ ᠪᠣᠯᠣᠨ ᠭᠡᠣᠭᠡᠳ ᠤᠨ ᠬᠤᠭᠤᠷᠣᠨᠳᠤᠭᠢ ᠬᠠᠷᠢᠯᠴᠠᠭ᠎ᠠ ᠰᠠᠶ᠋ᠢ ᠨᠠᠩ ᠢᠳᠡᠭᠡᠯ ᠲᠠᠢ ᠪᠣᠯᠣᠨ᠎ᠠ᠃      ᠲᠦᠷᠪᠡ᠂ ᠭᠡᠷ ᠤᠨ ᠠᠬᠠᠮᠠᠳ ᠭᠡᠣᠭᠡᠳ ᠲᠤ ᠪᠠᠨ ᠭᠦᠮᠣᠨ ᠪᠣᠯᠬᠤ ᠶᠣᠰᠣ ᠶᠢ ᠵᠢᠭᠠᠵᠣ ᠰᠣᠷᠭᠠᠬᠤ    ᠭᠡᠷᠡᠭᠳᠡᠢ᠃      ᠭᠡᠷ ᠤᠨ ᠠᠬᠠᠮᠠᠳ ᠭᠡᠣᠭᠡᠳ ᠢ ᠰᠣᠷᠭᠠᠨ ᠭᠦᠮᠣᠵᠢᠭᠦᠯᠭᠦ ᠦᠨᠳᠣᠰᠣᠨ ᠵᠣᠷᠢᠯᠭ᠎ᠠ ᠳᠤ ᠬᠤᠶᠠᠷ ᠵᠦᠢᠯ ᠪᠣᠢ᠃ ᠨᠢᠭᠡ ᠳᠤ᠂ ᠭᠡᠣᠭᠡᠳ ᠤᠨ ᠰᠣᠷᠣᠯᠭ᠎ᠠ ᠪᠣᠯᠣᠨ ᠠᠵᠢᠯ ᠲᠡᠭᠡᠷ᠎ᠡ ᠪᠠᠨ ᠠᠮᠵᠢᠯᠳᠠ ᠪᠦᠳᠣᠭᠡᠯ ᠣᠯᠬᠤ ᠶᠢᠨ ᠲᠦᠯᠣᠭᠡ᠂ ᠣᠷᠣᠰᠢᠨ ᠲᠣᠬᠳᠡᠨᠢᠬᠤ ᠶᠢᠨ ᠴᠢᠳᠠᠪᠣᠷᠢ ᠶᠢ ᠯᠠᠪᠳᠡᠢ ᠡᠵᠡᠮᠰᠢᠭᠦ ᠭᠡᠷᠡᠭᠳᠡᠢ᠃ ᠬᠤᠶᠠᠷ ᠲᠤ᠂ ᠭᠡᠣᠭᠡᠳ ᠲᠤ ᠠᠮᠢᠳᠣᠷᠡᠯ ᠤᠨ ᠦᠵᠡᠯᠳᠠ ᠪᠠ ᠠᠮᠢᠳᠣᠷᠠᠬᠤᠢ ᠶᠢᠨ ᠦᠵᠡᠯᠳᠠ ᠶᠢ ᠭᠦᠮᠣᠵᠢᠭᠦᠯᠭᠦ᠂ ᠭᠦᠮᠣᠨ ᠪᠣᠯᠬᠤ ᠶᠣᠰᠣ ᠶᠢ ᠵᠢᠭᠠᠵᠣ ᠰᠣᠷᠭᠠᠬᠤ ᠭᠡᠷᠡᠭᠳᠡᠢ᠃      1. ᠭᠡᠷ ᠤᠨ ᠠᠬᠠᠮᠠᠳ ᠦᠪᠡᠷ ᠤᠨ ᠪᠡᠶ᠎ᠡ ᠪᠠᠷ ᠢᠶᠠᠨ ᠦᠯᠢᠭᠡᠷ ᠲᠠᠭᠤᠷᠢᠶᠡᠯ ᠦᠵᠡᠭᠦᠯᠵᠣ᠂ ᠦᠭᠡ ᠶᠠᠷᠢᠶ᠎ᠡ ᠦᠢᠯᠠ ᠠᠵᠢᠯᠯᠠᠭ᠎ᠠ ᠪᠠᠷ ᠢᠶᠠᠨ ᠭᠡᠣᠭᠡᠳ ᠲᠤ ᠵᠢᠭᠠᠵᠣ ᠰᠣᠷᠭᠠᠬᠤ ᠭᠡᠷᠡᠭᠳᠡᠢ᠃ ᠭᠡᠷ ᠤᠨ ᠠᠬᠠᠮᠠᠳ ᠦᠪᠡᠷ ᠤᠨ ᠪᠡᠶ᠎ᠡ ᠪᠠᠷ ᠢᠶᠠᠨ ᠭᠡᠪ ᠲᠦᠷᠢᠮ ᠦᠵᠡᠭᠦᠯᠭᠦ ᠪᠣᠯ ᠭᠡᠷ ᠪᠦᠯᠢ ᠶᠢᠨ ᠰᠣᠷᠭᠠᠨ ᠭᠦᠮᠣᠵᠢᠯ ᠤᠨ ᠪᠠᠶᠠᠯᠡᠭᠳᠡᠭᠦ ᠴᠢᠬᠤᠯᠠ ᠪᠡᠳᠣᠯᠡᠪᠣᠷᠢ ᠮᠦᠨ᠃ ᠡᠴᠢᠭᠡ ᠡᠭᠡ ᠶᠢᠨ ᠦᠭᠡ ᠶᠠᠷᠢᠶ᠎ᠡ᠂ ᠦᠢᠯᠠ ᠠᠵᠢᠯᠯᠠᠭ᠎ᠠ᠂ ᠲᠦᠷᠭᠦ ᠪᠠᠶᠢᠳᠡᠯ᠂ ᠭᠦᠳᠡᠯᠵᠣ ᠪᠠᠷᠢᠬᠤ ᠨᠢ ᠭᠡᠣᠭᠡᠳ ᠢ ᠠᠶᠠᠨᠳᠠᠭᠠᠨ ᠨᠦᠯᠣᠭᠡᠯᠡᠭᠦ ᠪᠠ ᠭᠦᠮᠣᠵᠢᠭᠦᠯᠵᠣ ᠪᠠᠶᠢᠭ᠎ᠠ ᠶᠣᠮ᠃ ᠡᠳᠣᠷ ᠲᠣᠳᠣᠮ ᠤᠨ ᠠᠮᠢᠳᠣᠷᠡᠯ ᠲᠣᠮᠳᠠ᠂ ᠡᠴᠢᠭᠡ ᠡᠭᠡ ᠪᠣᠯᠣᠬᠰᠠᠳ ᠵᠡᠪᠡᠯ ᠦᠪᠡᠷ ᠤᠨ ᠪᠡᠶ᠎ᠡ ᠪᠠᠨ ᠴᠢᠩᠭ᠎ᠠ ᠱᠠᠭᠠᠷᠳᠡᠵᠣ᠂ ᠦᠷ᠎ᠡ ᠭᠡᠣᠭᠡᠳ ᠤᠨ ᠡᠮᠣᠨ᠎ᠠ ᠦᠭᠡ ᠶᠠᠷᠢᠶ᠎ᠡ᠂ ᠦᠢᠯᠠ ᠠᠵᠢᠯᠯᠠᠭ᠎ᠠ ᠨᠢᠭᠡᠳᠣᠯ ᠲᠠᠢ᠂ ᠭᠡᠯᠡᠵᠣ ᠭᠢᠭᠦ ᠨᠢ ᠠᠳᠡᠯᠢ ᠪᠠᠶᠢᠬᠤ ᠭᠡᠷᠡᠭᠳᠡᠢ᠃ ᠵᠢᠱᠢᠶᠡᠯᠡᠪᠡᠯ᠂ ᠦᠷ᠎ᠡ ᠭᠡᠣᠭᠡᠳ ᠢᠶᠠᠨ ᠱᠠᠭᠠᠷᠳᠡᠨ ᠭᠢᠭᠦ ᠭᠡᠷᠡᠭ ᠶᠠᠪᠣᠳᠡᠯ ᠢ ᠡᠴᠢᠭᠡ ᠡᠭᠡ ᠪᠣᠯᠣᠬᠰᠡᠳ ᠣᠷᠢᠳᠡᠪᠡᠷ ᠰᠠᠶᠢᠨ ᠭᠢᠭᠰᠡᠨ ᠪᠠᠶᠢᠬᠤ ᠭᠡᠷᠡᠭᠳᠡᠢ᠃ ᠦᠷ᠎ᠡ ᠭᠡᠣᠭᠡᠳ ᠢᠶᠠᠨ ᠱᠠᠭᠠᠷᠳᠡᠨ ᠭᠦᠮᠣᠨ ᠢ ᠭᠦᠨᠳᠣᠯᠡᠭᠦ ᠭᠡᠪᠡᠯ ᠡᠴᠢᠭᠡ ᠡᠭᠡ ᠪᠣᠯᠣᠬᠰᠡᠳ ᠣᠷᠢᠳᠡᠪᠡᠷ ᠵᠠᠪᠠᠯ ᠨᠠᠰᠣᠳᠡᠳ ᠢᠶᠠᠨ ᠭᠦᠨᠳᠣᠯᠡᠭᠦ ᠭᠡᠷᠡᠭᠳᠡᠢ᠃ ᠦᠷ᠎ᠡ ᠭᠡᠣᠭᠡᠳ ᠢᠶᠠᠨ ᠱᠠᠭᠠᠷᠳᠡᠨ ᠰᠠᠶᠢᠨ ᠰᠠᠶᠢᠬᠠᠨ ᠰᠣᠷᠣᠯᠴᠠᠭᠤᠯᠬᠤ ᠭᠡᠪᠡᠯ ᠡᠴᠢᠭᠡ ᠡᠭᠡ ᠪᠣᠯᠣᠬᠰᠡᠳ ᠦᠪᠡᠷ ᠢᠶᠠᠨ ᠪᠠᠰᠠ ᠢᠳᠡᠪᠭᠢᠳᠡᠢ ᠰᠣᠷᠣᠯᠴᠠᠬᠤ ᠰᠠᠶᠢᠨ ᠲᠠᠳᠬᠠᠯ ᠲᠠᠢ ᠪᠠᠶᠢᠬᠤ ᠭᠡᠷᠡᠭᠳᠡᠢ᠃ ᠡᠶᠢᠮᠣ ᠠᠴᠠ᠂ ᠡᠴᠢᠭᠡ ᠡᠭᠡ ᠪᠣᠯᠣᠬᠰᠡᠳ ᠶᠡᠷᠣ ᠶᠢᠨ ᠠᠮᠢᠳᠣᠷᠡᠯ ᠲᠣᠮᠳᠠ ᠵᠡᠪᠡᠯ ᠦᠪᠡᠷ ᠤᠨ ᠦᠭᠡ ᠶᠠᠷᠢᠶ᠎ᠡ᠂ ᠦᠢᠯᠠ ᠠᠵᠢᠯᠯᠠᠭ᠎ᠠ ᠪᠠᠨ ᠣᠨᠴᠠᠭᠠᠢ ᠠᠩᠬᠠᠷᠴᠣ᠂ ᠦᠪᠡᠷ ᠤᠨ ᠰᠠᠶᠢᠨ ᠰᠠᠶᠢᠬᠠᠨ ᠦᠭᠡ ᠶᠠᠷᠢᠶ᠎ᠡ᠂ ᠦᠢᠯᠠ ᠠᠵᠢᠯᠯᠠᠭ᠎ᠠ ᠪᠠᠷ ᠭᠡᠣᠭᠡᠳ ᠢᠶᠠᠨ ᠵᠢᠯᠣᠭᠤᠳᠴᠣ ᠭᠦᠮᠣᠵᠢᠭᠦᠯᠪᠡᠯ᠂ ᠪᠣᠳᠣᠬᠰᠠᠨ ᠰᠠᠨᠠᠭᠰᠠᠨ ᠠᠴᠠ ᠣᠨᠳᠣᠣ ᠨᠠᠩ ᠰᠠᠶᠢᠨ ᠦᠷ᠎ᠡ ᠪᠦᠳᠣᠮᠵᠢ ᠶᠢ ᠣᠯᠵᠣ ᠴᠢᠳᠠᠬᠤ ᠶᠣᠮ᠃      2. ᠭᠡᠷ ᠤᠨ ᠠᠬᠠᠮᠠᠳ ᠭᠡᠣᠭᠡᠳ ᠢᠶᠠᠨ ᠰᠠᠶᠢᠨ ᠰᠠᠶᠢᠬᠠᠨ ᠦᠭᠡ ᠶᠠᠷᠢᠶ᠎ᠡ᠂ ᠦᠢᠯᠠ ᠠᠵᠢᠯᠯᠠᠭ᠎ᠠ ᠶᠢᠨ ᠲᠠᠳᠬᠠᠯ ᠲᠠᠢ ᠪᠣᠯᠭᠠᠨ ᠭᠦᠮᠣᠵᠢᠭᠦᠯᠭᠦ ᠭᠡᠷᠡᠭᠳᠡᠢ᠃      ᠡᠴᠢᠭᠡ ᠡᠭᠡ ᠪᠣᠯᠣᠬᠰᠡᠳ ᠭᠡᠣᠭᠡᠳ ᠤᠨ ᠠᠮᠢᠳᠣᠷᠡᠯ ᠤᠨ ᠵᠠᠩ ᠲᠠᠳᠬᠠᠯ ᠢ ᠡᠳᠣᠷ ᠲᠣᠳᠣᠮ ᠤᠨ ᠠᠮᠢᠳᠣᠷᠡᠯ ᠯᠤᠭ᠎ᠠ ᠬᠤᠯᠪᠣᠬᠳᠡᠭᠤᠯᠣᠨ ᠭᠦᠮᠣᠵᠢᠭᠦᠯᠭᠦ ᠭᠡᠷᠡᠭᠳᠠᠢ᠃ ᠵᠢᠱᠢᠶᠡᠯᠡᠪᠡᠯ᠂ ᠭᠡᠣᠭᠡᠳ ᠤᠨ ᠠᠮᠢᠳᠣᠷᠡᠯ ᠢᠶᠠᠨ ᠦᠪᠡᠷ ᠢᠶᠠᠨ ᠬᠠᠷᠢᠭᠤᠴᠠᠬᠤ ᠴᠢᠳᠡᠪᠣᠷᠢ ᠠᠴᠠ ᠭᠠᠷᠳᠡᠨ᠂ ᠴᠠᠭ ᠲᠠᠭᠠᠨ ᠣᠨᠳᠡᠵᠣ᠂ ᠴᠠᠭ ᠲᠠᠭᠠᠨ ᠪᠣᠰᠬᠤ ᠠᠴᠠ ᠡᠭᠢᠯᠠᠨ ᠴᠢᠩᠭ᠎ᠠ ᠠᠳᠬᠤᠵᠣ ᠪᠠᠷᠢᠬᠤ ᠭᠡᠷᠡᠭᠳᠡᠢ᠃ ᠪᠣᠯᠪᠠᠰᠣᠨ ᠶᠣᠰᠣᠷᠬᠠᠭ ᠵᠠᠩ ᠲᠠᠳᠬᠠᠯ ᠢ ᠭᠦᠮᠣᠵᠢᠭᠦᠯᠭᠦ ᠳᠤ ᠪᠠᠨ ᠭᠡᠣᠭᠡᠳ ᠤᠨ ᠦᠭᠡ ᠭᠡᠯᠡᠯᠭᠡ ᠠᠴᠠ ᠭᠠᠷᠳᠡᠨ ᠪᠠᠷᠢᠵᠣ᠂ ᠦᠭᠡ ᠭᠡᠯᠠ ᠡᠶ᠎ᠡ ᠨᠠᠶᠢᠷᠰᠠᠭ᠂ ᠭᠦᠳᠡᠯᠵᠣ ᠪᠠᠷᠢᠬᠤ ᠪᠣᠯᠪᠠᠰᠣᠨ ᠢᠷᠡᠭᠤ᠂ ᠴᠣᠪᠣᠭᠤ ᠰᠡᠷᠭᠦᠯᠠᠩ᠂ ᠬᠠᠷᠠᠮ ᠦᠭᠡᠢ ᠪᠠᠶᠢᠬᠤ ᠶᠢ ᠭᠡᠣᠭᠡᠳ ᠲᠤ ᠰᠤᠷᠭᠠᠬᠤ ᠭᠡᠷᠡᠭᠳᠡᠢ᠃ ᠠᠵᠢᠯ ᠭᠦᠳᠡᠯᠮᠣᠷᠢ ᠶᠢᠨ ᠵᠠᠩ ᠲᠠᠳᠬᠠᠯ ᠢ ᠭᠦᠮᠣᠵᠢᠭᠦᠯᠭᠦ ᠳᠤ ᠪᠠᠨ ᠭᠡᠣᠭᠡᠳ ᠦᠪᠡᠷ ᠤᠨ ᠬᠤᠪᠴᠠᠰᠣ ᠬᠤᠨᠠᠷ ᠢᠶᠠᠨ ᠡᠮᠣᠰᠭᠦ ᠠᠴᠠ ᠭᠠᠷᠳᠡᠨ᠂ ᠭᠡᠣᠭᠡᠳ ᠲᠤ ᠦᠪᠡᠷ ᠢᠶᠠᠨ ᠭᠠᠷ ᠭᠦᠳᠡᠯᠣᠨ ᠭᠢᠭᠦ ᠵᠠᠪᠰᠢᠶᠡᠨ ᠢ ᠣᠯᠭᠤᠬᠤ ᠭᠡᠷᠡᠭᠳᠡᠢ᠃ ᠭᠡᠣᠭᠡᠳ ᠤᠨ ᠡᠷᠡᠭᠦᠯ ᠬᠠᠮᠠᠭᠠᠯᠠᠯ ᠤᠨ ᠵᠠᠩ ᠲᠠᠳᠬᠠᠯ ᠢ ᠭᠦᠮᠣᠵᠢᠭᠦᠯᠭᠦ ᠳᠤ ᠪᠠᠨ ᠡᠷᠡᠭᠦᠯ ᠮᠡᠨᠳᠣ ᠢᠳᠡᠵᠣ ᠣᠣᠭᠤᠬᠤ ᠪᠠ ᠰᠠᠶᠢᠨ ᠰᠠᠶᠢᠬᠠᠨ ᠠᠵᠢᠯᠯᠠᠬᠤ ᠠᠮᠠᠷᠠᠬᠤ ᠠᠴᠠ ᠭᠠᠷᠳᠡᠨ ᠪᠠᠷᠢᠵᠣ᠂ ᠭᠡᠣᠭᠡᠳ ᠲᠤ ᠪᠠᠨ ᠪᠠᠭ᠎ᠠ ᠠᠴᠠ ᠨᠢ ᠡᠷᠡᠭᠦᠯ ᠴᠢᠭᠢᠷᠠᠭ ᠢᠳᠡᠵᠣ ᠣᠣᠭᠤᠬᠤ ᠦᠵᠡᠯᠳᠠ ᠶᠢ ᠭᠦᠮᠣᠵᠢᠭᠦᠯᠵᠣ᠂ ᠭᠡᠣᠭᠡᠳ ᠢᠶᠠᠨ ᠪᠠᠭ᠎ᠠ ᠠᠴᠠ ᠪᠠᠨ ᠢᠳᠡᠵᠣ ᠣᠣᠭᠤᠬᠤ ᠳᠤ ᠪᠠᠨ ᠭᠡᠮᠵᠢᠶ᠎ᠡ ᠲᠠᠢ᠂ ᠰᠢᠮ᠎ᠠ ᠲᠠᠵᠢᠭᠡᠯ ᠲᠠᠩᠴᠡᠭᠦᠷᠢᠳᠡᠢ ᠪᠠᠶᠢᠬᠤ ᠰᠠᠶᠢᠨ ᠲᠠᠳᠬᠠᠯ ᠢ ᠪᠦᠷᠢᠯᠳᠣᠭᠦᠯᠭᠦ ᠭᠡᠷᠡᠭᠳᠡᠢ᠃ ᠰᠣᠷᠣᠯᠴᠠᠬᠤ ᠰᠠᠶᠢᠨ ᠰᠠᠶᠢᠬᠠᠨ ᠵᠠᠩ ᠲᠠᠳᠬᠠᠯ ᠢ ᠪᠠᠯᠴᠢᠷ ᠪᠠᠭ᠎ᠠ ᠨᠠᠰᠣᠨ ᠠᠴᠠ ᠨᠢ ᠭᠠᠷᠳᠡᠨ ᠭᠢᠭᠦ ᠭᠡᠷᠡᠭᠳᠡᠢ᠃ ᠭᠡᠣᠭᠡᠳ ᠤᠨ ᠰᠣᠷᠣᠯᠴᠠᠬᠤ ᠲᠣᠷ᠎ᠡ ᠪᠠᠬ᠎ᠠ᠂ ᠨᠣᠮ ᠦᠵᠡᠭᠦ ᠲᠣᠷ᠎ᠡ ᠰᠣᠨᠢᠷᠬᠠᠯ ᠢ ᠭᠦᠭᠵᠢᠭᠡᠵᠣ᠂ ᠭᠡᠣᠭᠡᠳ ᠢ ᠣᠷᠮᠠᠰᠢᠭᠤᠯᠣᠨ ᠰᠣᠷᠣᠯᠴᠠᠬᠤ ᠰᠠᠶᠢᠨ ᠵᠠᠩ ᠲᠠᠳᠬᠠᠯ ᠢ ᠪᠦᠷᠢᠯᠳᠣᠭᠦᠯᠭᠦ ᠭᠡᠷᠡᠭᠳᠡᠢ᠃ ᠰᠠᠶᠢᠨ ᠰᠠᠶᠢᠬᠠᠨ ᠵᠠᠩ ᠲᠠᠳᠬᠠᠯ ᠢ ᠭᠦᠮᠣᠵᠢᠭᠦᠯᠭᠦ ᠨᠢ ᠦᠨᠣ ᠮᠠᠷᠭᠠᠰᠢ ᠶᠢᠨ ᠭᠡᠷᠡᠭ ᠶᠠᠪᠣᠳᠡᠯ ᠪᠢᠰᠢ᠂ ᠬᠠᠷᠢᠨ ᠡᠴᠢᠭᠡ ᠡᠭᠡ ᠪᠣᠯᠣᠨ ᠭᠡᠣᠭᠡᠳ ᠤᠨ ᠣᠷᠳᠣ ᠣᠳᠠᠭᠠᠨ ᠬᠤᠭᠤᠴᠠᠭᠠᠨ ᠤ ᠬᠠᠮᠳᠣ ᠶᠢᠨ ᠴᠢᠷᠮᠠᠶᠢᠯᠭ᠎ᠠ ᠠᠴᠠ ᠰᠠᠯᠵᠣ ᠪᠣᠯᠣᠰᠢ ᠦᠭᠡᠢ ᠶᠣᠮ᠃ ᠡᠴᠢᠭᠡ ᠡᠭᠡ ᠪᠣᠯᠣᠬᠰᠡᠳ ᠵᠡᠪᠡᠯ ᠠᠭᠤᠴᠢᠯᠠᠬᠤ ᠰᠡᠳᠭᠢᠯ ᠢ ᠡᠪᠣᠷᠯᠠᠵᠣ᠂ ᠪᠣᠭᠢᠨᠢᠳᠣᠨ ᠪᠠᠴᠢᠮᠳᠡᠬᠤ ᠠᠴᠠ ᠵᠠᠶᠢᠯᠠᠰᠬᠢᠵᠤ᠂ ᠬᠠᠯᠠᠰᠢᠷᠡᠯ ᠦᠭᠡᠢ ᠰᠣᠷᠭᠠᠬᠤ ᠭᠡᠷᠡᠭᠳᠡᠢ᠃ ᠭᠡᠣᠭᠡᠳ ᠢ ᠱᠠᠭᠠᠷᠳᠠᠬᠤ ᠳᠤ ᠭᠡᠵᠢᠶᠠᠳᠠ ᠨᠢᠭᠡ ᠠᠳᠡᠯᠢ ᠪᠠᠶᠢᠵᠣ᠂ ᠣᠷᠳᠣ ᠣᠳᠠᠭᠠᠨ ᠬᠤᠭᠤᠴᠠᠭ᠎ᠠ ᠪᠠᠷ ᠪᠠᠷᠢᠮᠳᠡᠯᠠᠬᠤ ᠭᠡᠷᠡᠭᠳᠡᠢ᠃      ᠶᠠᠷᠣᠩᠭᠡᠶᠢᠯᠡᠪᠡᠯ᠂ ᠡᠴᠢᠭᠡ ᠡᠭᠡ ᠪᠣᠯᠣᠬᠰᠡᠳ ᠵᠡᠪᠡᠯ ᠭᠡᠷ ᠪᠦᠯᠢ ᠶᠢᠨ ᠰᠣᠷᠭᠠᠨ ᠭᠦᠮᠣᠵᠢᠯ ᠤᠨ ᠴᠢᠬᠤᠯᠠ ᠴᠢᠨᠡᠷ ᠢ ᠪᠦᠷᠢᠨ ᠭᠦᠢᠴᠡᠳ ᠲᠠᠨᠢᠵᠣ ᠮᠡᠳᠡᠷᠡᠵᠣ᠂ ᠣᠬᠠᠮᠰᠠᠷ ᠠᠴᠠ ᠪᠠᠨ ᠭᠡᠣᠭᠡᠳ ᠤᠨ ᠰᠣᠷᠭᠠᠨ ᠭᠦᠮᠣᠵᠢᠯ ᠤᠨ ᠠᠵᠢᠯ ᠢ ᠰᠠᠶᠢᠳᠣᠷ ᠭᠢᠵᠣ᠂ ᠭᠡᠣᠭᠡᠳ ᠢᠶᠠᠨ ᠪᠡᠶ᠎ᠡ ᠰᠡᠳᠭᠢᠴᠠ ᠡᠷᠡᠭᠦᠯ ᠴᠢᠭᠢᠷᠠᠭ᠂ ᠪᠠᠶᠠᠰᠣᠩᠭᠤᠢ ᠪᠠᠷ ᠦᠰᠭᠡᠨ ᠪᠤᠶᠢᠵᠢᠭᠤᠯᠵᠣ᠂ ᠰᠣᠷᠭᠠᠨ ᠭᠦᠮᠣᠵᠢᠭᠦᠯᠭᠦ ᠭᠡᠷᠡᠭᠳᠡᠢ᠃          ᠬᠠᠶ᠋ᠢᠬ᠄ ᠰᠦᠪᠸᠢ ᠰᠢᠶᠡᠨ ᠤ ᠵᠢᠭᠠᠨ ᠰᠣᠷᠭᠠᠯᠳᠠ ᠶᠢ ᠰᠣᠳᠣᠯᠬᠤ ᠭᠠᠵᠠᠷ                            ︵ᠮᠦᠡᠭᠭᠦᠨᠴᠢᠮᠡᠭ ᠨᠠᠶᠢᠷᠠᠭᠤᠯᠪᠠ︶                            2020 ᠣᠨ ᠤ 10 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map