ᠵᠢᠩᠬᠢᠨᠢ ᠰᠤᠷᠤᠯᠴᠠᠬᠤ ᠠᠷᠭ᠎ᠠ ᠭᠡᠳᠡᠭ ᠶᠠᠭᠤ ᠪᠤᠢ
ᠨᠡᠶᠢᠲᠡᠯᠡᠭᠰᠡᠨ ᠴᠠᠭ᠄
2021/6/16
                                          ᠸᠠᠨ ᠸᠧᠢ ᠭᠠᠩ      2017 ᠤᠨ ᠳᠤ ᠠᠮᠧᠷᠢᠺᠠ ᠶᠢᠨ ᠰᠤᠷᠭᠠᠨ ᠭᠦᠮᠦᠵᠢᠯ ᠤᠨ ᠰᠤᠳᠤᠯᠭᠠᠨ ᠭᠡᠤᠭᠡᠳ ᠤᠨ ᠠᠩᠬᠠᠨ ᠤ ᠰᠤᠷᠭᠠᠨ ᠭᠦᠮᠦᠵᠢᠯ ᠤᠨ ᠵᠢᠮ᠎ᠠ ᠬᠠᠤᠯᠢ ᠪᠤᠯᠬᠤ ︽ᠵᠤᠯᠭᠠᠷᠠᠯᠳᠠ ᠶᠢᠨ ᠦᠢᠯᠠᠴᠢᠯᠡᠭᠡ︾ ᠭᠡᠳᠡᠭ ᠢ ᠲᠤᠷᠠᠳᠴᠠᠢ᠃ ᠡᠨᠡ ᠵᠢᠮ᠎ᠠ ᠬᠠᠤᠯᠢ ᠳᠤ ᠭᠡᠷᠪᠡ ᠴᠢ ᠰᠤᠷᠤᠭᠴᠢᠳ ᠲᠤ ᠵᠠᠷᠢᠮ ᠮᠠᠳᠠᠯᠭᠡ ᠶᠢ ᠮᠠᠰᠢ ᠲᠦᠷᠭᠡᠨ ᠢᠶᠠᠷ ᠴᠢᠳᠬᠤᠨ ᠰᠤᠷᠭᠠᠬᠤ ᠳᠤ ᠭᠦᠷᠪᠡᠯ ᠰᠤᠷᠤᠭᠴᠢ ᠦᠨᠠᠭᠡᠷ ᠦᠳᠳᠡᠷ ᠲᠦᠷᠭᠡᠨ ᠢᠶᠠᠷ ᠰᠢᠯᠢᠳᠡᠭ ᠬᠢᠷᠢ ᠪᠦᠳᠤᠮᠵᠢ ᠶᠢ ᠤᠯᠳᠠᠬ᠃ ᠭᠡᠪᠡᠴᠤ ᠡᠨᠡ ᠭᠦ ᠲᠠᠪᠠᠭᠤᠯᠢᠬ ᠨᠢ ᠲᠠᠮᠠᠢ ᠤᠳᠠᠯ ᠦᠭᠡᠢ ᠵᠤᠯᠭᠠᠷᠠᠨ ᠠᠷᠢᠯᠳᠠᠬ᠃ ᠲᠠᠳᠡᠭᠡᠷ ᠮᠠᠳᠠᠯᠭᠡ ᠶᠢ ᠪᠤᠰᠤᠳ ᠭᠦᠮᠦᠰ ᠴᠤ ᠡᠴᠤᠰ ᠲᠤ ᠪᠠᠨ ᠰᠤᠷᠴᠤ ᠴᠢᠳᠠᠳᠠᠬ᠃ ᠭᠡᠳᠡᠯ᠎ᠡ ᠡᠮᠦᠨᠡᠬᠢ ᠨᠢ ᠨᠦᠭᠡᠴᠡ ᠭᠦᠴᠦᠨ ᠢᠶᠠᠷ ᠭᠦᠢᠴᠡᠳ ᠪᠢᠰᠢ ᠪᠠᠶᠢᠳᠠᠬ᠃ ᠦᠨᠠᠨ ᠳᠤ ᠪᠠᠨ ︽ᠵᠤᠯᠭᠠᠷᠠᠯᠳᠠ ᠶᠢᠨ ᠦᠢᠯᠠᠴᠢᠯᠡᠭᠡ︾ ᠨᠢ ᠵᠦᠪᠭᠡᠨ ᠡᠷᠳᠠ ᠦᠶ᠎ᠠ ᠶᠢᠨ ᠰᠤᠷᠭᠠᠨ ᠭᠦᠮᠦᠵᠢᠯ ᠳᠤ ᠬᠢᠵᠠᠭᠠᠷᠯᠠᠭᠳᠠᠬᠤ ᠪᠢᠰᠢ ᠬᠠᠷᠢᠨ ᠪᠤᠢ ᠪᠦᠭᠦᠢ ᠰᠤᠷᠭᠠᠨ ᠭᠦᠮᠦᠵᠢᠯ ᠳᠤ ᠪᠦᠷ ᠤᠷᠤᠰᠢᠵᠤ ᠪᠠᠶᠢᠳᠠᠬ᠃      ᠤᠴᠢᠷ ᠨᠢ ᠲᠦᠪᠯᠠᠷᠠᠭᠦᠯᠦᠨ ᠴᠢᠳᠬᠤᠭᠰᠠᠨ ᠮᠠᠳᠠᠯᠭᠡ ᠪᠤᠯ ᠪᠦᠷ ︽ᠪᠢᠳᠡᠭᠦᠮᠵᠢᠯᠡᠭᠰᠡᠨ ᠭᠡᠯᠪᠠᠷᠢᠳᠤ︾ ᠮᠠᠷᠭᠡᠰᠢᠯ ᠪᠤᠯᠬᠤ ᠶᠤᠮ᠃ ᠦᠭᠡᠷ᠎ᠠ ᠪᠠᠷ ᠭᠡᠯᠡᠪᠡᠯ ᠪᠦᠷ ᠵᠤᠬᠢᠬᠤ ᠲᠤᠭᠳᠠᠭᠰᠠᠨ ᠠᠵᠢᠯᠯᠠᠭᠠᠨ ᠢᠶᠠᠷ ᠰᠤᠷᠤᠯᠴᠠᠬᠤ ᠭᠡᠯᠪᠠᠷᠢ ᠪᠤᠯᠤᠨ᠎ᠠ᠃ ᠡᠶᠢᠮᠦᠷᠭᠦᠦ ᠮᠠᠳᠠᠯᠭᠡ ᠶᠢ ᠵᠢᠭᠠᠪᠠᠯ ᠳᠠᠷᠤᠢ ᠰᠤᠷᠴᠤ ᠴᠢᠳᠠᠨ᠎ᠠ᠂ ᠭᠡᠪᠡᠴᠤ ᠬᠤᠷᠠᠮᠳᠤᠭᠤᠯᠤᠯ ᠤᠨ ᠦᠢᠯᠠᠳᠤᠯ ᠢᠶᠠᠷ ᠲᠤᠳᠠᠮᠠᠬ ᠪᠠᠶᠢᠵᠤ᠂ ᠰᠠᠭᠦᠯᠴᠢ ᠶᠢᠨ ᠲᠠᠪᠰᠢᠯᠳᠠ ᠳᠤ ᠰᠠᠭᠤᠷᠢ ᠪᠤᠯᠵᠤ ᠴᠢᠳᠠᠬᠤ ᠦᠭᠡᠢ ᠪᠠᠶᠢᠳᠠᠬ᠃ ᠪᠤᠰᠤᠳ ᠲᠤ ᠭᠦᠢᠴᠡᠭᠳᠡᠭᠦ ᠦᠭᠡᠢ ᠭᠡᠪᠡᠯ ᠲᠠ ᠡᠷᠭᠡᠪᠰᠢ ︽ᠨᠡᠭᠡᠭᠡᠯᠳᠠ ᠶᠢᠨ ᠭᠡᠯᠪᠠᠷᠢᠳᠤ︾ ᠮᠠᠷᠭᠡᠰᠢᠯ ᠢ ᠡᠵᠡᠮᠰᠢᠭᠦ ᠭᠡᠷᠡᠭᠳᠠᠢ᠃ ᠡᠶᠢᠮᠦᠷᠭᠦᠦ ᠮᠠᠷᠭᠡᠰᠢᠯ ᠨᠢ ᠪᠤᠰᠤᠳ ᠮᠠᠳᠠᠯᠭᠡ ᠲᠠᠢ ᠬᠤᠯᠪᠤᠭ᠎ᠠ ᠡᠭᠦᠰᠴᠤ ᠲᠠᠪᠳᠠᠭᠳᠠᠨ ᠠᠰᠢᠭᠯᠠᠭᠳᠠᠬᠤ ᠦᠢᠯᠠᠳᠤᠯ ᠲᠠᠢ ᠪᠠᠶᠢᠳᠠᠬ᠃      ᠨᠠᠭᠡᠭᠡᠯᠳᠠ ᠶᠢᠨ ᠭᠡᠯᠪᠠᠷᠢᠳᠤ ᠮᠠᠷᠭᠡᠰᠢᠯ ᠤᠨ ᠰᠤᠷᠤᠯᠴᠠᠯᠭ᠎ᠠ ᠨᠢ ᠤᠳᠠᠭᠠᠨ ᠪᠠᠶᠢᠳᠠᠬ᠃ ᠵᠢᠩᠬᠢᠨᠢ ᠦᠷ᠎ᠠ ᠪᠦᠳᠤᠮᠵᠢᠳᠤ ᠭᠡᠳᠤᠨ ᠵᠦᠢᠯ ᠤᠨ ᠰᠤᠷᠤᠯᠴᠠᠯᠭ᠎ᠠ ᠶᠢᠨ ᠠᠷᠭ᠎ᠠ ᠶᠢᠨ ᠬᠠᠮᠳᠤ ᠶᠢᠨ ᠤᠨᠴᠠᠯᠢᠬ ᠨᠢ ᠲᠠᠷᠤᠢ ᠤᠳᠠᠭᠠᠨ ᠪᠤᠯᠤᠨ᠎ᠠ᠃ ᠭᠡᠪᠠᠴᠤ ᠲᠠ ᠡᠭᠦᠨ ᠠᠴᠠ ᠪᠤᠯᠵᠤ ᠤᠳᠤ ᠪᠠᠷ ᠢᠶᠠᠨ ᠢᠯᠠᠭᠳᠠᠵᠤ ᠪᠠᠶᠢᠪᠠᠴᠤ ᠢᠷᠡᠭᠡᠳᠤᠢ ᠳᠤ ᠢᠯᠠᠯᠳᠠ ᠤᠯᠤᠨ᠎ᠠ ᠭᠡᠳᠡᠭ ᠤᠨ ᠵᠢᠩᠬᠢᠨᠢ ᠴᠢᠳᠠᠪᠤᠷᠢ ᠶᠢ ᠲᠠᠨᠢᠵᠤ ᠤᠯᠬᠤ ᠪᠢᠯᠠ᠃      ᠨᠢᠭᠡ᠂ ᠰᠠᠶᠢᠨ ᠪᠠᠭᠰᠢ      ᠠᠮᠧᠷᠢᠺᠠ ᠶᠢᠨ ᠠᠭᠠᠷ ᠤᠨ ᠴᠡᠷᠢᠭ ᠤᠨ ᠲᠠᠭᠡᠳᠤ ᠰᠤᠷᠭᠠᠭᠤᠯᠢ ᠪᠤᠯ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠨᠢᠭᠡᠨ ᠲᠤᠮᠤ ᠪᠠᠶᠢᠭᠤᠯᠤᠮᠵᠢ ᠪᠤᠯᠬᠤ ᠪᠦᠭᠡᠳ ᠵᠢᠭᠠᠨ ᠰᠤᠷᠭᠠᠯᠳᠠ ᠨᠢ ᠴᠢᠩᠭ᠎ᠠ ᠮᠦᠷᠳᠡᠭᠡᠨ ᠲᠦᠢᠯ ᠤᠨ ᠰᠢᠰᠲ᠋ᠧᠮ ᠲᠠᠢ ᠶᠤᠮ᠃ ᠲᠠᠭᠡᠳᠤ ᠰᠤᠷᠭᠠᠭᠤᠯᠢ ᠶᠢᠨ ᠰᠠᠭᠤᠷᠢ ᠬᠢᠴᠢᠶᠡᠯ ᠪᠤᠯ ᠬᠤᠶᠠᠷ ᠬᠤᠭᠤᠴᠠᠭᠠᠨ ᠤ ︽ᠢᠯᠭᠠᠷᠠᠯ ᠴᠤᠮᠬᠠᠷᠠᠯ 1︾ ᠪᠠ ︽ᠢᠯᠭᠠᠷᠠᠯ ᠴᠤᠮᠬᠠᠷᠠᠯ 2︾ ᠪᠤᠯᠤᠨ᠎ᠠ᠃ ᠨᠢᠭᠡᠨ ᠠᠵᠤ ᠠᠬᠤᠢ ᠶᠢᠨ ᠡᠷᠳᠠᠮᠳᠠᠨ ᠠᠴᠠ ᠠᠭᠠᠷ ᠤᠨ ᠴᠡᠷᠢᠭ ᠤᠨ ᠲᠠᠭᠡᠳᠤ ᠰᠤᠷᠭᠠᠭᠤᠯᠢ ᠶᠢᠨ ᠢᠯᠭᠠᠷᠠᠯ ᠴᠤᠮᠬᠠᠷᠠᠯ ᠢ ᠵᠢᠭᠠᠬᠤ ᠠᠷᠭ᠎ᠠ ᠳᠤ ᠰᠤᠳᠤᠯᠤᠯᠳᠠ ᠬᠢᠵᠤ ᠦᠵᠠᠵᠠᠢ᠃      ᠠᠭᠠᠷ ᠤᠨ ᠴᠡᠷᠢᠭ ᠤᠨ ᠲᠠᠭᠡᠳᠤ ᠰᠤᠷᠭᠠᠭᠤᠯᠢ ᠨᠢ ᠰᠤᠷᠤᠭᠴᠢᠳ ᠢᠶᠠᠨ ᠭᠡᠳᠤᠨ ᠠᠩᠬᠢ ᠬᠤᠪᠢᠶᠠᠵᠠᠢ᠃ ᠠᠩᠬᠢ ᠪᠦᠷᠢ ᠳᠤ ᠬᠢᠴᠢᠶᠡᠯᠯᠡᠭᠦ ᠪᠠᠭᠰᠢ ᠨᠢ ᠠᠳᠠᠯᠢ ᠪᠤᠰᠤ ᠪᠤᠯᠪᠠᠴᠤ ᠰᠢᠯᠭᠠᠬᠤ ᠰᠠᠳᠤᠪ ᠪᠠ ᠬᠤᠪᠢ ᠤᠯᠭᠤᠬᠤ ᠪᠠᠷᠢᠮᠵᠢᠶ᠎ᠠ ᠨᠢ ᠪᠦᠷᠢᠮᠤᠰᠤᠨ ᠠᠳᠠᠯᠢ ᠪᠠᠶᠢᠪᠠ᠃ ᠢᠯᠭᠠᠷᠠᠯ ᠴᠤᠮᠬᠠᠷᠠᠯ 1 ᠶᠢ ᠤᠷᠤᠵᠤ ᠪᠠᠷᠠᠭᠰᠠᠨ ᠤ ᠳᠠᠷᠠᠭ᠎ᠠ ᠲᠠᠬᠢᠨ ᠨᠢᠭᠡ ᠤᠳᠠᠭ᠎ᠠ ᠠᠩᠬᠢ ᠬᠤᠪᠢᠶᠠᠵᠤ ᠢᠯᠭᠠᠷᠠᠯ ᠴᠤᠮᠬᠠᠷᠠᠯ 2 ᠢ ᠤᠷᠤᠵᠠᠢ᠃ ᠡᠨᠡ ᠲᠦᠷᠢᠮ ᠨᠢ ᠠᠯᠢ ᠪᠠᠭᠰᠢ ᠨᠢ ᠰᠠᠶᠢᠨ ᠵᠢᠭᠠᠵᠤ᠂ ᠠᠯᠢ ᠪᠠᠭᠰᠢ ᠨᠢ ᠮᠠᠭᠤ ᠵᠢᠭᠠᠳᠠᠬ ᠢ ᠲᠤᠩ ᠠᠮᠠᠷᠬᠠᠨ ᠢᠯᠭᠠᠨ ᠮᠠᠳᠡᠳᠡᠭ ᠪᠠᠶᠢᠨ᠎ᠠ᠃      ᠡᠳᠡᠭᠡᠷ ᠪᠠᠭᠰᠢ ᠶᠢ ᠬᠤᠶᠠᠷ ᠲᠦᠷᠤᠯ ᠳᠤ ᠬᠤᠪᠢᠶᠠᠵᠤ ᠪᠤᠯᠤᠨ᠎ᠠ᠃ ᠨᠢᠭᠡᠳᠤᠭᠡᠷ ᠲᠦᠷᠤᠯ ᠤᠨ ᠪᠠᠭᠰᠢ ᠨᠢ ᠰᠤᠷᠤᠭᠴᠢ ᠶᠢ ᠰᠢᠯᠭᠠᠯᠳᠠ ᠳᠤ ᠰᠠᠶᠢᠨ ᠬᠢᠷᠢ ᠪᠦᠳᠤᠮᠵᠢ ᠤᠯᠭᠤᠭᠤᠯᠬᠤ ᠳᠤ ᠪᠠᠨ ᠴᠢᠳᠠᠮᠠᠭᠠᠢ ᠪᠠᠶᠢᠳᠠᠬ᠃ ᠲᠠᠳᠠ ᠬᠢᠴᠢᠶᠡᠯ ᠢᠶᠠᠨ ᠢᠯᠭᠤᠮ ᠤᠷᠤᠵᠤ᠂ ᠮᠠᠳᠠᠯᠭᠡ ᠶᠢᠨ ᠴᠡᠭ ᠨᠢ ᠢᠯᠠᠷᠭᠡᠢ᠂ ᠰᠠᠳᠤᠪ ᠵᠠᠳᠠᠯᠬᠤ ᠶᠠᠪᠤᠴᠠ ᠨᠢ ᠲᠤᠳᠤᠷᠬᠠᠢ ᠪᠠᠶᠢᠳᠠᠬ᠃ ᠰᠤᠷᠤᠭᠴᠢᠳ ᠬᠢᠴᠢᠶᠡᠯ ᠳᠡᠭᠡᠷ᠎ᠡ ᠶᠠᠭᠤ ᠰᠤᠷᠤᠭᠰᠠᠨ ᠭᠡᠳᠡᠭ ᠢᠶᠠᠨ ᠪᠦᠷᠢᠮᠤᠰᠤᠨ ᠮᠠᠳᠠᠵᠤ ᠪᠠᠶᠢᠳᠠᠬ ᠪᠤᠯᠬᠤᠷ ᠲᠠᠪᠳᠠᠯᠭ᠎ᠠ ᠨᠢ ᠴᠢᠭᠯᠡᠯᠳᠤ ᠴᠢᠨᠠᠷᠳᠠᠢ ᠪᠠᠶᠢᠵᠤ ᠰᠢᠯᠭᠠᠯᠳᠠ ᠳᠤ ᠪᠠᠨ ᠢᠳᠡᠭᠡᠯ ᠲᠡᠭᠦᠯᠳᠡᠷ ᠪᠠᠶᠢᠳᠠᠬ ᠪᠠᠶᠢᠨ᠎ᠠ᠃ ᠡᠨᠡ ᠲᠦᠷᠦᠯ ᠤᠨ ᠪᠠᠭᠰᠢ ᠪᠤᠯ ᠲᠦᠷᠭᠡᠨ ᠠᠮᠵᠢᠯᠳᠠ ᠳᠤ ᠭᠦᠷᠭᠡᠭᠦ ᠪᠠᠭᠰᠢ ᠪᠤᠯᠤᠨ᠎ᠠ᠃      ᠬᠤᠶᠠᠳᠤᠭᠠᠷ ᠲᠦᠷᠤᠯ ᠤᠨ ᠪᠠᠭᠰᠢ ᠪᠤᠯ ᠤᠳᠠᠭᠠᠨ ᠵᠢᠭᠠᠳᠠᠬ ᠪᠠᠭᠰᠢ ᠪᠤᠯᠤᠨ᠎ᠠ᠃ ᠲᠠᠳᠠ ᠰᠤᠷᠤᠭᠴᠢᠳ ᠲᠤ ᠦᠷᠭᠦᠯᠵᠢ ᠲᠤᠭᠳᠠᠭᠰᠠᠨ ᠠᠭᠤᠯᠭ᠎ᠠ ᠠᠴᠠ ᠭᠠᠳᠠᠨᠠᠬᠢ ᠵᠦᠢᠯ ᠢ ᠶᠠᠷᠢᠳᠠᠬ᠃ ᠵᠢᠱᠢᠶᠡᠯᠡᠪᠡᠯ᠂ ᠢᠯᠭᠠᠷᠠᠯ ᠴᠤᠮᠬᠠᠷᠠᠯ ᠤᠨ ᠦᠵᠠᠯ ᠰᠠᠨᠠᠭ᠎ᠠ ᠪᠠ ᠹᠢᠽᠢᠺ ᠤᠨ ᠤᠬᠠᠭᠠᠨ ᠤ ᠮᠠᠳᠠᠯᠭᠡ ᠶᠢ ᠬᠤᠯᠪᠤᠨ ᠶᠠᠷᠢᠳᠠᠬ᠃ ᠲᠠᠳᠠ ᠰᠤᠷᠤᠭᠴᠢᠳ ᠤᠨ ᠢᠯᠭᠠᠷᠠᠯ ᠴᠤᠮᠬᠠᠷᠠᠯ ᠤᠨ ᠲᠤᠬᠠᠢ ᠨᠠᠩ ᠭᠦᠨ ᠤᠢᠢᠯᠠᠭᠠᠯᠳᠠ ᠲᠠᠢ ᠪᠤᠯᠬᠤ ᠶᠢ ᠭᠦᠰᠡᠳᠡᠭ᠃ ᠭᠡᠪᠡᠴᠤ ᠡᠳᠡᠭᠡᠷ ᠨᠢ ᠰᠢᠯᠭᠠᠯᠳᠠ ᠳᠤ ᠭᠡᠷᠡᠭᠯᠡᠭᠳᠡᠳᠡᠭ ᠦᠭᠡᠢ ᠶᠤᠮ᠃ ᠰᠤᠷᠤᠭᠴᠢᠳ ᠬᠢᠴᠢᠶᠡᠯ ᠤᠨ ᠳᠠᠷᠠᠭ᠎ᠠ ᠪᠤᠯᠪᠠᠰᠤᠷᠠᠯ ᠤᠨ ᠰᠠᠳᠤᠪ ᠬᠢᠭᠦ ᠳᠤ ᠡᠷᠭᠡᠪᠰᠢ ᠦᠪᠠᠷ ᠢᠶᠠᠨ ᠠᠷᠭ᠎ᠠ ᠪᠤᠳᠤᠨ ᠰᠢᠢᠳᠪᠤᠷᠢᠯᠡᠭᠦ ᠪᠤᠯᠤᠨ᠎ᠠ᠃ ᠤᠴᠢᠷ ᠨᠢ ᠪᠠᠭᠰᠢ ᠴᠢᠭᠯᠡᠯᠳᠤ ᠴᠢᠨᠠᠷᠳᠠᠢ ᠪᠤᠯᠪᠠᠰᠤᠷᠠᠯ ᠤᠨ ᠵᠠᠮ ᠢ ᠵᠢᠭᠠᠵᠤ ᠦᠭᠭᠦᠭᠰᠡᠨ ᠦᠭᠡᠢ ᠪᠤᠯᠬᠤᠷ ᠡᠳᠡᠭᠡᠷ ᠰᠤᠷᠤᠭᠴᠢ ᠶᠢᠨ ᠬᠢᠷᠢ ᠪᠦᠳᠤᠮᠵᠢ ᠨᠢ ᠲᠠᠶᠢᠮᠦ ᠰᠠᠶᠢᠨ ᠪᠢᠰᠢ ᠪᠠᠶᠢᠳᠠᠬ᠃      ᠰᠤᠷᠤᠭᠴᠢᠳ ᠪᠤᠯ ᠨᠢᠭᠡᠳᠤᠭᠡᠷ ᠲᠦᠷᠦᠯ ᠤᠨ ᠪᠠᠭᠰᠢ ᠳᠤ ᠲᠤᠷᠠᠳᠠᠢ ᠪᠠᠶᠢᠳᠠᠬ᠃ ᠭᠡᠪᠡᠴᠤ ᠠᠵᠤ ᠠᠬᠤᠢ ᠶᠢᠨ ᠤᠬᠠᠭᠠᠨᠳᠠᠨ ᠤ ᠰᠤᠳᠤᠯᠭᠠᠨ ᠤ ᠲᠤᠭ᠎ᠠ ᠪᠠᠷᠢᠮᠳᠠ ᠨᠢ ᠮᠠᠳᠠᠯᠭᠡ ᠳᠤ ᠬᠤᠯᠪᠤᠯᠳᠠ ᠪᠠᠶᠢᠭᠤᠯᠬᠤ ᠲᠤᠷᠠᠳᠠᠢ ᠪᠠᠶᠢᠳᠠᠬ ᠬᠤᠶᠠᠳᠤᠭᠠᠷ ᠲᠦᠷᠤᠯ ᠤᠨ ᠪᠠᠭᠰᠢ ᠶᠢᠨ ᠵᠢᠭᠠᠭᠰᠠᠨ ᠵᠦᠢᠯ ᠨᠢ ᠵᠢᠩᠬᠢᠨᠢ ᠴᠢᠳᠠᠪᠤᠷᠢ ᠪᠤᠯᠬᠤ ᠶᠢ ᠭᠡᠷᠡᠴᠢᠯᠡᠵᠡᠢ᠃ ᠰᠤᠳᠤᠯᠤᠭᠴᠢᠳ ᠤᠨ ᠠᠩᠬᠠᠷᠤᠭᠰᠠᠨ ᠨᠢ ᠰᠤᠷᠤᠭᠴᠢᠳ ᠤᠨ ᠢᠯᠭᠠᠷᠠᠯ ᠴᠤᠮᠬᠠᠷᠠᠯ 1 ᠳᠤ ᠬᠢ ᠰᠢᠯᠭᠠᠯᠳᠠ ᠶᠢᠨ ᠬᠢᠷᠢ ᠪᠦᠳᠤᠮᠵᠢ ᠪᠢᠰᠢ ᠬᠠᠷᠢᠨ ᠲᠠᠳᠠᠨ ᠤ ᠢᠯᠭᠠᠷᠠᠯ ᠴᠤᠮᠬᠠᠷᠠᠯ ᠢ ᠵᠢᠩᠬᠢᠨᠢ ᠡᠵᠡᠮᠰᠢᠭᠰᠡᠨ ᠡᠰᠡᠭᠦ ᠨᠢ ᠰᠤᠷᠤᠭᠴᠢᠳ ᠤᠨ ᠬᠤᠵᠢᠮ ᠤᠨ ᠬᠢᠴᠢᠶᠡᠯ ᠳᠤ ᠢᠯᠠᠷᠠᠵᠤ ᠪᠠᠶᠢᠬᠤ ᠡᠰᠠᠭᠦ ᠪᠤᠯᠤᠨ᠎ᠠ᠃ ᠵᠢᠱᠢᠶᠡᠯᠡᠪᠡᠯ᠂ ᠢᠯᠭᠠᠷᠠᠯ ᠴᠤᠮᠬᠠᠷᠠᠯ 2 ᠵᠢᠴᠢ ᠢᠯᠭᠠᠷᠠᠯ ᠴᠤᠮᠬᠠᠷᠠᠯ ᠤᠨ ᠰᠢᠨᠵᠢᠯᠠᠭᠦ ᠤᠬᠠᠭᠠᠨ ᠪᠠ ᠪᠠᠷᠢᠯᠭ᠎ᠠ ᠶᠢᠨ ᠬᠢᠴᠢᠶᠡᠯ ᠳᠤ ᠲᠡᠭᠦᠨ ᠢᠶᠠᠨ ᠭᠡᠷᠡᠭᠯᠡᠵᠦ ᠴᠢᠳᠠᠬᠤ ᠡᠰᠠᠭᠦ ᠶᠢ ᠨᠢ ᠦᠵᠡᠭᠰᠡᠨ ᠪᠠᠶᠢᠨ᠎ᠠ᠃ ᠡᠭᠦᠨ ᠤ ᠳ᠋ᠦᠩ ᠳᠤ ᠬᠤᠶᠠᠳᠤᠭᠠᠷ ᠲᠦᠷᠤᠯ ᠤᠨ ᠪᠠᠭᠰᠢ ᠶᠢᠨ ᠵᠢᠭᠠᠭᠰᠠᠨ ᠰᠤᠷᠤᠭᠴᠢᠳ ᠤᠨ ᠰᠠᠭᠦᠯᠴᠢ ᠶᠢᠨ ᠬᠢᠴᠢᠶᠡᠯ ᠳᠤ ᠬᠢ ᠢᠯᠠᠷᠠᠯ ᠨᠢ ᠨᠠᠩ ᠰᠠᠶᠢᠨ ᠪᠠᠶᠢᠵᠠᠢ᠃      ᠵᠠᠷᠢᠮ ᠪᠠᠭᠰᠢ ᠰᠢᠯᠭᠠᠯᠳᠠ ᠶᠢ ᠠᠷᠭᠠᠴᠠᠭᠠᠬᠤ ᠮᠠᠷᠭᠡᠰᠢᠯ ᠢ ᠵᠢᠭᠠᠳᠠᠬ᠂ ᠵᠠᠷᠢᠮ ᠪᠠᠭᠰᠢ ᠵᠢᠩᠬᠢᠨᠢ ᠴᠢᠳᠠᠪᠤᠷᠢ ᠶᠢ ᠵᠢᠭᠠᠳᠠᠬ᠃ ᠭᠡᠪᠡᠴᠤ ᠰᠤᠷᠤᠭᠴᠢ ᠭᠦᠷᠳᠠᠯ᠎ᠠ ᠨᠢᠭᠡᠳᠤᠭᠡᠷ ᠲᠦᠷᠦᠯ ᠤᠨ ᠪᠠᠭᠰᠢ ᠳᠤ ᠲᠤᠷᠠᠳᠠᠢ ᠪᠠᠶᠢᠳᠠᠬ ᠨᠢ ᠲᠠᠳᠠ ᠰᠤᠷᠤᠯᠴᠠᠯᠭ᠎ᠠ ᠨᠢ ᠵᠦᠪᠭᠡᠨ ᠰᠢᠯᠭᠠᠯᠳᠠ ᠶᠢᠨ ᠲᠦᠯᠦᠭᠡ ᠪᠢᠰᠢ ᠭᠡᠳᠡᠭ ᠢ ᠮᠠᠷᠳᠠᠴᠢᠬᠠᠭᠰᠠᠨ ᠭᠡᠵᠢ ᠤᠤ︖      ᠬᠤᠶᠠᠷ᠂ ᠰᠢᠭᠤᠳ ᠪᠤᠯᠪᠠᠰᠤᠷᠠᠬᠤ ᠪᠠ ᠰᠤᠯᠢᠪᠴᠢᠭᠤᠯᠤᠨ ᠪᠤᠯᠪᠠᠰᠤᠷᠠᠬᠤ      ᠲᠤᠷᠰᠢᠯᠭ᠎ᠠ ᠲᠠᠢ ᠪᠠᠭᠰᠢ ᠳᠤ ᠠᠪᠴᠤ ᠭᠡᠯᠡᠪᠡᠯ ᠰᠤᠷᠤᠭᠴᠢᠳ ᠢ ᠲᠦᠷᠭᠡᠨ ᠰᠤᠷᠭᠠᠬᠤ ᠮᠦᠷᠳᠡᠭᠡᠨ ᠰᠢᠯᠭᠠᠯᠳᠠ ᠳᠤ ᠰᠠᠶᠢᠨ ᠬᠢᠷᠢ ᠪᠦᠳᠤᠮᠵᠢ ᠤᠯᠭᠤᠭᠤᠯᠬᠤ ᠨᠢ ᠲᠠᠶᠢᠮᠦ ᠭᠦᠴᠢᠷ ᠪᠢᠰᠢ ᠪᠠᠶᠢᠳᠠᠬ᠃ ᠬᠠᠮᠤᠭ ᠤᠨ ᠰᠠᠶᠢᠨ ᠠᠷᠭ᠎ᠠ ᠨᠢ ᠰᠢᠭᠤᠳ ᠪᠤᠯᠪᠠᠰᠤᠷᠠᠭᠤᠯᠬᠤ ᠪᠤᠯᠤᠨ᠎ᠠ᠃ ᠪᠤᠳᠤᠬᠤ ᠠᠷᠭ᠎ᠠ ᠶᠢ ᠨᠢ ᠨᠢᠭᠡ ᠤᠳᠠᠭ᠎ᠠ ᠵᠢᠭᠠᠵᠤ᠂ ᠲᠠᠷᠠᠭ᠎ᠠ ᠨᠢ ᠡᠨᠡ ᠠᠷᠭ᠎ᠠ ᠶᠢ ᠲᠠᠷᠠ ᠲᠤᠤᠷ᠎ᠠ ᠨᠢ ᠭᠡᠷᠡᠭᠯᠡᠭᠦᠯᠦᠭᠡᠳ ᠪᠤᠯᠪᠠᠰᠤᠷᠠᠭᠤᠯᠬᠤ ᠪᠤᠯᠤᠨ᠎ᠠ᠃      ᠵᠢᠱᠢᠶᠡᠯᠡᠪᠡᠯ᠂ ᠦᠨᠦᠳᠤᠷ ᠲᠤᠭᠠᠨ ᠤ ᠤᠬᠠᠭᠠᠨ ᠵᠢᠭᠠᠭᠰᠠᠨ ᠪᠤᠯ ᠨᠢᠭᠡ ᠵᠦᠢᠯ ᠤᠨ ᠰᠠᠳᠤᠪ ᠤᠨ ᠭᠡᠯᠪᠠᠷᠢ ᠶᠢ ᠵᠠᠳᠠᠯᠠᠭᠤᠯᠵᠤ᠂ ᠨᠢᠭᠡ ᠰᠠᠳᠤᠪ ᠢ ᠵᠠᠳᠠᠯᠤᠨ ᠪᠤᠳᠤᠬᠤ ᠠᠷᠭ᠎ᠠ ᠵᠠᠮ ᠢ ᠳ᠋ᠦᠡᠭᠨᠡᠨ ᠦᠭᠴᠦ᠂ ᠵᠠᠯᠭᠠᠭᠠᠳ ᠴᠢᠮ᠎ᠠ ᠪᠠᠷ ᠠᠳᠠᠯᠢᠬᠠᠨ ᠭᠡᠯᠪᠠᠷᠢ ᠶᠢᠨ ᠤᠯᠠᠨ ᠠᠷᠪᠢᠨ ᠪᠤᠯᠪᠠᠰᠤᠷᠠᠬᠤ ᠰᠠᠳᠤᠪ ᠢ ᠬᠢᠯᠭᠡᠨ᠎ᠡ᠃ ᠴᠢ ᠡᠶᠢᠮᠦ ᠰᠠᠳᠦᠪ ᠢ ᠪᠤᠳᠤᠬᠤ ᠳᠤ ᠭᠠᠷ ᠤᠨ ᠠᠶ᠎ᠠ ᠪᠠᠷ ᠪᠠᠶᠢᠵᠤ᠂ ᠮᠠᠷᠭᠠᠰᠢ ᠨᠢ ᠡᠶᠢᠮᠦ ᠰᠠᠳᠤᠪ ᠢ ᠪᠠᠶᠢᠴᠠᠭᠠᠬᠤ ᠳᠤ ᠬᠢᠷᠢ ᠪᠦᠳᠤᠮᠵᠢ ᠴᠢᠨᠢ ᠯᠠᠪᠳᠠᠢ ᠰᠠᠶᠢᠨ ᠪᠤᠯᠬᠤ ᠶᠤᠮ᠃      ᠭᠡᠳᠡᠯ᠎ᠠ ᠪᠤᠳᠠᠳᠤ ᠠᠮᠢᠳᠤᠷᠠᠯ ᠲᠤᠮᠳᠠᠬᠢ ᠠᠰᠠᠭᠤᠳᠠᠯ ᠡᠶᠢᠮᠦ ᠪᠠᠶᠢᠳᠠᠬ ᠭᠡᠵᠢ ᠤᠤ︖ ᠵᠢᠱᠢᠶᠡᠯᠡᠪᠡᠯ᠂ ᠲᠠ ᠦᠳᠠ ᠶᠢᠨ ᠬᠤᠶᠢᠨᠠᠬᠢ ᠠᠵᠢᠯ ᠤᠨ ᠲᠤᠮᠳᠠ ᠭᠦᠴᠢᠷ ᠠᠰᠠᠭᠤᠳᠠᠯ ᠳᠤ ᠲᠤᠯᠭᠠᠷᠠᠪᠠᠯ ᠦᠳᠠ ᠶᠢᠨ ᠡᠮᠦᠨ᠎ᠠ ᠰᠤᠷᠤᠭᠰᠠᠨ ᠡᠨᠡ ᠲᠠᠯ᠎ᠠ ᠶᠢᠨ ᠲᠤᠭᠳᠠᠭᠰᠠᠨ ᠠᠷᠭ᠎ᠠ ᠪᠠᠷ ᠢᠶᠠᠨ ᠲᠡᠭᠦᠨ ᠢ ᠰᠢᠢᠳᠪᠤᠷᠢᠯᠡᠵᠦ ᠴᠢᠳᠠᠨ᠎ᠠ ᠤᠤ︖ ᠡᠶᠢᠮᠦ ᠪᠤᠯᠤᠯᠴᠠᠭ᠎ᠠ ᠪᠠᠶᠢᠬᠤ ᠦᠭᠡᠢ ᠶᠤᠮ᠃ ᠠᠰᠠᠭᠤᠳᠠᠯ ᠭᠡᠳᠡᠭ ᠬᠢᠴᠢᠶᠡᠵᠦ ᠪᠠᠶᠢᠳᠠᠯ᠎ᠠ ᠲᠤᠯᠭᠠᠷᠠᠴᠢᠬᠠᠳᠠᠬ᠃ ᠵᠠᠷᠢᠮ ᠨᠢ ᠴᠢᠨᠦ ᠶᠡᠷᠦ ᠠᠴᠠ ᠦᠵᠡᠭᠡ ᠦᠭᠡᠢ ᠰᠢᠨ᠎ᠠ ᠰᠠᠳᠤᠪ ᠪᠠᠶᠢᠳᠠᠬ᠃ ᠴᠢᠮ᠎ᠠ ᠳᠤ ᠱᠠᠭᠠᠷᠳᠠᠭᠳᠠᠬᠤ ᠨᠢ ᠶᠠᠮᠠᠷ ᠠᠷᠭ᠎ᠠ ᠶᠢ ᠭᠡᠷᠡᠭᠯᠡᠭᠦ ᠲᠠᠳᠤᠢ ᠪᠢᠰᠢ᠂ ᠬᠠᠷᠢᠨ ᠤᠷᠢᠳ ᠢᠶᠠᠷ ᠶᠠᠮᠠᠷ ᠠᠷᠭ᠎ᠠ ᠶᠢ ᠭᠡᠷᠡᠭᠯᠡᠭᠦ ᠭᠡᠳᠡᠭ ᠢᠶᠠᠨ ᠮᠠᠭᠠᠳᠯᠠᠬᠤ ᠭᠡᠷᠡᠭᠳᠠᠢ ᠪᠠᠶᠢᠳᠠᠬ᠃      ᠵᠦᠪ ᠠᠷᠭ᠎ᠠ ᠪᠤᠯ ᠬᠤᠯᠢᠯᠳᠤᠭᠤᠯᠤᠨ ᠪᠤᠯᠪᠠᠰᠤᠷᠠᠭᠤᠯᠬᠤ ᠪᠤᠯᠤᠨ᠎ᠠ᠃ ᠤᠳᠠᠭ᠎ᠠ ᠪᠤᠯᠭᠠᠨ ᠤ ᠪᠤᠯᠪᠠᠰᠤᠷᠠᠯ ᠳᠤ ᠪᠦᠷ ᠬᠤᠯᠢᠯᠳᠤᠭᠰᠠᠨ ᠰᠠᠳᠤᠪ᠂ ᠰᠠᠳᠤᠪ ᠨᠢᠭᠡ ᠪᠦᠷᠢ ᠶᠢ ᠬᠢᠭᠦ ᠦᠶ᠎ᠠ ᠳᠤ ᠶᠠᠮᠠᠷ ᠠᠷᠭ᠎ᠠ ᠶᠢ ᠭᠡᠷᠡᠭᠯᠡᠭᠦ ᠪᠠᠨ ᠲᠤᠬᠠᠢ ᠶᠢᠨ ᠴᠠᠭ ᠲᠤ ᠨᠢ ᠮᠠᠭᠠᠳᠯᠠᠬᠤ ᠭᠡᠷᠡᠭᠳᠠᠢ᠃ ᠢᠡᠭᠬᠢᠪᠠᠯ ᠰᠠᠶ᠋ᠢ ᠰᠤᠷᠬᠤ ᠨᠢ ᠭᠡᠷᠡᠭᠯᠡᠭᠦ ᠶᠢᠨ ᠲᠦᠯᠦᠭᠡ ᠭᠡᠳᠡᠭ ᠰᠠᠨᠠᠭ᠎ᠠ ᠠᠬᠤᠢ ᠲᠠᠢ ᠪᠤᠯᠬᠤ ᠪᠤᠯᠤᠨ᠎ᠠ᠃      ᠲᠠ ᠭᠡᠷᠪᠠ ᠨᠢᠭᠡᠨ ᠠᠯᠳᠠᠷᠳᠤ ᠵᠢᠷᠤᠭ ᠢ ᠦᠵᠡᠮᠡᠭᠴᠡ ᠶᠠᠮᠠᠷ ᠵᠢᠷᠤᠭᠴᠢᠨ ᠤ ᠶᠠᠮᠠᠷ ᠵᠢᠷᠤᠭ ᠪᠤᠯᠬᠤ ᠶᠢ ᠮᠠᠭᠠᠳᠯᠠᠨ ᠴᠢᠳᠠᠬᠤ ᠴᠢᠳᠠᠪᠤᠷᠢ ᠶᠢ ᠰᠤᠷᠤᠯᠴᠠᠶ᠎ᠠ ᠭᠡᠪᠡᠯ ᠨᠢᠭᠡ ᠠᠷᠭ᠎ᠠ ᠨᠢ ᠵᠢᠷᠤᠭᠴᠢᠨ ᠨᠢᠭᠡ ᠪᠦᠷᠢ ᠶᠢᠨ ᠪᠦᠳᠦᠭᠡᠯ ᠢ ᠲᠠᠷᠠᠭᠠᠯᠠᠨ ᠰᠤᠷᠤᠯᠴᠠᠬᠤ ᠭᠡᠷᠡᠭᠳᠠᠢ᠃ ᠵᠢᠱᠢᠶᠡᠯᠡᠪᠡᠯ᠂ ᠫᠠᠺᠠᠰᠤ᠋ ᠶᠢᠨ 10 ᠵᠢᠷᠤᠭ ᠢ ᠵᠠᠯᠭᠠᠭ᠎ᠠ ᠪᠠᠷ ᠦᠵᠠᠵᠤ᠂ ᠲᠠᠬᠢᠨ ᠽᠠᠶᠢᠱᠡᠩ ᠤᠨ 10 ᠵᠢᠷᠤᠭ ᠢ ᠦᠵᠠᠵᠤ ᠵᠠᠯᠭᠠᠭᠠᠳ ᠪᠠᠰᠠ ᠯᠧᠨᠤᠸᠠ ᠶᠢᠨ 10 ᠵᠢᠷᠤᠭ ᠢ ᠦᠵᠠᠭᠦ ᠪᠤᠯᠤᠨ᠎ᠠ᠃ ᠨᠦᠭᠦᠭᠡ ᠨᠢᠭᠡ ᠠᠷᠭ᠎ᠠ ᠨᠢ ᠪᠤᠯ ᠲᠠᠳᠠᠨ ᠤ ᠵᠢᠷᠤᠭ ᠢ ᠬᠤᠯᠢᠵᠤ ᠲᠠᠯᠪᠢᠭᠠᠳ ᠨᠢᠭᠡ ᠨᠢᠭᠡ ᠪᠠᠷ ᠢᠯᠭᠠᠨ ᠮᠠᠭᠠᠳᠯᠠᠬᠤ ᠪᠤᠯᠤᠨ᠎ᠠ᠃ ᠬᠤᠶᠠᠳᠤᠭᠠᠷ ᠠᠷᠭ᠎ᠠ ᠨᠢ ᠲᠠᠨ ᠢ ᠤᠯᠠᠨᠳᠠ ᠪᠤᠷᠤᠭᠤᠳᠠᠭᠤᠯᠬᠤ ᠶᠤᠮ᠃ ᠭᠡᠪᠠᠴᠤ ᠲᠠᠷᠠ ᠨᠢ ᠠᠳᠠᠯᠢ ᠪᠤᠰᠤ ᠵᠢᠷᠤᠭᠴᠢᠨ ᠤ ᠭᠡᠪ ᠨᠠᠮᠪᠠ ᠶᠢᠨ ᠵᠦᠷᠢᠶᠡᠨ ᠢ ᠢᠯᠭᠠᠨ ᠲᠠᠨᠢᠬᠤ ᠲᠠᠨ ᠤ ᠲᠠᠨᠢᠯᠳᠠ ᠶᠢ ᠭᠦᠨᠵᠡᠭᠡᠶᠢᠷᠡᠭᠦᠯᠭᠦ ᠪᠤᠯᠤᠨ᠎ᠠ᠃ ᠴᠠᠭᠠᠰᠢᠯᠠᠪᠠᠯ ᠫᠢᠶᠠᠨᠤ᠋ ᠬᠤᠭᠤᠷ ᠲᠤ ᠭᠦᠷᠳᠠᠯ᠎ᠠ ᠬᠤᠯᠢᠯᠳᠤᠭᠰᠠᠨ ᠠᠷᠭ᠎ᠠ ᠶᠢ ᠭᠡᠷᠡᠭᠯᠡᠭᠦ ᠶᠢ ᠰᠤᠳᠤᠯᠭᠠᠨ ᠢᠶᠠᠷ ᠲᠠᠮᠵᠢᠨ ᠢᠯᠠᠷᠠᠭᠦᠯᠵᠡᠢ᠃ ᠵᠢᠱᠢᠶᠡᠯᠡᠪᠡᠯ᠂ ᠰᠤᠷᠤᠭᠴᠢᠳ ᠢᠶᠠᠷ 0.2 ᠰᠧᠺᠦ᠋ᠨ᠋ᠳ᠋ ᠤᠨ ᠲᠤᠳᠤᠷ᠎ᠠ ᠵᠠᠭᠦᠨ ᠭᠠᠷ ᠢᠶᠠᠨ ᠫᠢᠶᠠᠨᠤ᠋ ᠶᠢᠨ 15 ᠲᠤᠪᠴᠢ ᠶᠢ ᠰᠤᠨᠳᠠᠯᠠᠬᠤ ᠨᠢᠭᠡᠨ ᠲᠠᠭᠡᠳᠤ ᠲᠠᠰ ᠤᠨ ᠮᠠᠷᠭᠡᠰᠢᠯ ᠤᠨ ᠭᠦᠳᠠᠯᠭᠡᠭᠡᠨ ᠬᠢᠯᠭᠡᠵᠡᠢ᠃ ᠰᠤᠳᠤᠯᠤᠭᠴᠢᠳ ᠡᠨᠡ ᠭᠦᠳᠠᠯᠭᠡᠭᠡᠨ ᠢ ᠭᠦᠮᠦᠨ ᠨᠢᠭᠡ ᠪᠦᠷᠢ ᠭᠡᠷ ᠲᠤ ᠪᠠᠨ ᠬᠠᠷᠢᠭᠠᠳ 190 ᠤᠳᠠᠭ᠎ᠠ ᠪᠤᠯᠪᠠᠰᠤᠷᠠᠬᠤ ᠱᠠᠭᠠᠷᠳᠠᠯᠭ᠎ᠠ ᠲᠠᠯᠪᠢᠵᠠᠢ᠃ ᠵᠠᠷᠢᠮ ᠰᠤᠷᠤᠭᠴᠢ ᠵᠦᠪᠭᠡᠨ ᠡᠨᠡ ᠭᠦᠳᠠᠯᠭᠡᠭᠡᠨ ᠢ 190 ᠤᠳᠠᠭ᠎ᠠ ᠪᠤᠯᠪᠠᠰᠤᠷᠠᠬᠤ ᠳᠤ ᠵᠠᠷᠢᠮ ᠰᠤᠷᠤᠭᠴᠢ ᠨᠢ 8 ᠲᠤᠪᠴᠢ 15 ᠲᠤᠪᠴᠢ ᠪᠠ 22 ᠲᠤᠪᠴᠢ ᠶᠢ ᠰᠤᠨᠳᠠᠯᠠᠬᠤ ᠪᠤᠯᠪᠠᠰᠤᠷᠠᠯ ᠢ ᠬᠤᠯᠢᠯᠳᠤᠭᠤᠯᠤᠨ ᠬᠢᠵᠠᠢ᠃ ᠪᠠᠶᠢᠴᠠᠭᠠᠯᠳᠠ ᠶᠢᠨ ᠳ᠋ᠦᠩ ᠳᠤ ᠬᠤᠯᠢᠯᠳᠤᠭᠤᠯᠤᠭᠰᠠᠨ ᠪᠤᠯᠪᠠᠰᠤᠷᠠᠯ ᠤᠨ ᠠᠷᠭ᠎ᠠ ᠶᠢ ᠭᠡᠷᠡᠭᠯᠡᠭᠰᠡᠨ ᠲᠤᠭᠤᠢᠢᠯᠠᠩ ᠤᠨ ᠡᠵᠡᠮᠰᠢᠭᠰᠡᠨ ᠨᠢ ᠢᠯᠠᠷᠭᠡᠢ ᠰᠠᠶᠢᠨ ᠪᠠᠶᠢᠪᠠ᠃      ᠬᠠᠭᠤᠴᠢ ᠦᠭᠡ ᠳᠤ᠄ ︽ᠰᠦᠭᠡ ᠪᠠᠷᠢᠭᠰᠠᠨ ᠭᠦᠮᠦᠨ ᠳᠤ ᠶᠠᠭᠤᠮ᠎ᠠ ᠪᠦᠭᠦᠨ ᠬᠠᠳᠠᠭᠠᠰᠤ ᠠᠳᠠᠯᠢ ᠦᠵᠡᠭᠳᠡᠳᠡᠭ︾ ᠭᠡᠳᠡᠭ᠃ ᠡᠨᠡ ᠪᠤᠯ ᠲᠠᠳᠡᠭᠡᠷ ᠨᠢᠭᠡᠨᠳᠠ ᠡᠵᠡᠮᠰᠢᠭᠰᠡᠨ ᠭᠡᠳᠤᠨ ᠵᠦᠢᠯ ᠤᠨ ᠠᠷᠭ᠎ᠠ ᠵᠠᠮ ᠢᠶᠠᠷ ᠢᠶᠠᠨ ᠪᠤᠯᠪᠠᠰᠤᠷᠠᠵᠤ ᠴᠢᠳᠠᠬᠤ ᠠᠴᠠ ᠪᠢᠰᠢ ᠦᠭᠡᠷ᠎ᠠ ᠶᠠᠩᠵᠤ ᠪᠠᠷ ᠬᠤᠪᠢᠷᠠᠭᠤᠯᠵᠤ ᠴᠢᠳᠠᠳᠠᠬ ᠦᠭᠡᠢ ᠰᠤᠷᠤᠭᠴᠢ ᠶᠢ ᠭᠡᠯᠡᠭᠰᠡᠨ ᠦᠭᠡ ᠶᠤᠮ᠃ ᠬᠤᠯᠢᠯᠳᠤᠭᠤᠯᠤᠭᠰᠠᠨ ᠪᠤᠯᠪᠠᠰᠤᠷᠠᠯ ᠨᠢ ᠤᠳᠠᠭ᠎ᠠ ᠪᠦᠷᠢ ᠲᠤᠬᠠᠢ ᠶᠢᠨ ᠲᠠᠯᠠᠪᠤᠷ ᠲᠤ ᠶᠠᠮᠠᠷ ᠠᠷᠭ᠎ᠠ ᠭᠡᠷᠡᠭᠯᠡᠭᠦ ᠶᠢ ᠮᠠᠭᠠᠳᠯᠠᠳᠠᠬ ᠪᠤᠯᠬᠤᠷ ᠲᠠᠷᠠ ᠨᠢ ᠲᠠᠨ ᠤ ᠪᠠᠭᠤᠷᠠᠢ ᠲᠠᠯ᠎ᠠ ᠶᠢ ᠨᠦᠭᠦᠪᠤᠷᠢᠯᠡᠵᠦ ᠪᠤᠯᠳᠠᠬ᠃      ᠬᠤᠯᠪᠤᠯᠳᠤᠭᠤᠯᠬᠤ ᠪᠠ ᠬᠤᠯᠢᠯᠳᠤᠭᠤᠯᠬᠤ ᠪᠤᠯᠪᠠᠰᠤᠷᠠᠯ ᠤᠨ ᠠᠷᠭ᠎ᠠ ᠶᠢ ᠭᠡᠷᠡᠭᠯᠡᠭᠦ ᠨᠢ ᠲᠠᠨ ᠳᠤ ᠭᠡᠷᠬᠢᠨ ᠠᠮᠢᠳᠤᠯᠢᠬ ᠢᠶᠠᠷ ᠰᠤᠷᠴᠤ ᠠᠮᠢᠳᠤᠯᠢᠬ ᠢᠶᠠᠷ ᠭᠡᠷᠡᠭᠯᠡᠭᠦ ᠶᠢ ᠰᠤᠷᠭᠠᠬᠤ ᠪᠤᠯᠤᠨ᠎ᠠ᠃ ᠲᠤᠤᠷᠠᠬᠢ ᠪᠤᠯ ᠴᠡᠭᠡᠵᠢᠯᠡᠯ ᠢ ᠰᠠᠶᠢᠵᠢᠷᠠᠭᠤᠯᠬᠤ ᠬᠤᠶᠠᠷ ᠵᠦᠢᠯ ᠤᠨ ᠠᠷᠭ᠎ᠠ ᠪᠤᠯᠬᠤ ᠶᠤᠮ᠃      ᠭᠤᠷᠪᠠ᠂ ᠰᠢᠯᠭᠠᠨ ᠪᠠᠶᠢᠴᠠᠭᠠᠬᠤ ᠪᠠ ᠬᠤᠭᠤᠴᠠᠭ᠎ᠠ ᠠᠯᠤᠰᠯᠠᠬᠤ      ᠰᠡᠳᠬᠢᠴᠠ ᠶᠢᠨ ᠵᠦᠢ ᠶᠢᠨ ᠡᠷᠳᠠᠮᠳᠠᠨ ︽ᠠᠰᠢᠬᠳᠠᠢ ᠭᠦᠴᠢᠷᠳᠠᠯ︾ ᠭᠡᠳᠡᠭ ᠢ ᠶᠠᠷᠢᠳᠠᠬ᠃ ᠡᠨᠡ ᠦᠭᠡ ᠶᠢᠨ ᠰᠠᠨᠠᠭ᠎ᠠ ᠨᠢ ᠭᠦᠴᠢᠷᠳᠠᠯ ᠪᠠᠶᠢᠮᠠᠨᠵᠢᠨ ᠰᠠᠶ᠋ᠢ ᠴᠢ ᠭᠦᠨᠵᠡᠭᠡᠢ ᠰᠤᠷᠤᠯᠴᠠᠵᠤ ᠴᠢᠳᠠᠳᠠᠬ ᠭᠡᠰᠡᠨ ᠤᠳᠬ᠎ᠠ ᠲᠠᠢ ᠪᠢᠯᠡ᠃      ᠰᠢᠨ᠎ᠠ ᠮᠠᠳᠠᠯᠭᠡ ᠶᠢᠨ ᠴᠡᠭᠡᠵᠢᠯᠡᠯ ᠢ ᠭᠦᠨᠵᠡᠭᠡᠶᠢᠷᠡᠭᠦᠯᠭᠦ‍ ᠨᠢᠭᠡ ᠠᠷᠭ᠎ᠠ ᠪᠤᠯ ᠤᠷᠢᠳ ᠢᠶᠠᠷ ᠰᠢᠯᠭᠠᠨ ᠪᠠᠶᠢᠴᠠᠭᠠᠵᠤ᠂ ᠲᠠᠷᠠᠭ᠎ᠠ ᠨᠢ ᠰᠤᠷᠬᠤ ᠪᠤᠯᠤᠨ᠎ᠠ᠃ ᠡᠨᠡ ᠮᠠᠳᠠᠯᠭᠡ ᠶᠢᠨ ᠴᠡᠭ ᠢ ᠴᠢ ᠰᠤᠷᠤᠭᠠᠳᠤᠢ ᠪᠤᠯᠬᠤᠷ ᠡᠬᠢᠯᠡᠮᠡᠭᠴᠡ ᠰᠢᠯᠭᠠᠨ ᠪᠠᠶᠢᠴᠠᠭᠠᠬᠤ ᠳᠤ ᠠᠮᠠᠷᠬᠠᠨ ᠪᠤᠷᠤᠭᠤᠳᠬᠤ ᠪᠤᠯᠤᠯᠴᠠᠭ᠎ᠠ ᠲᠠᠢ᠃ ᠭᠡᠪᠡᠴᠤ ᠢᠡᠭᠬᠢᠭᠦ ᠨᠢ ᠴᠢᠮ᠎ᠠ ᠳᠤ ᠠᠰᠢᠭᠳᠠᠢ᠃ ᠪᠤᠷᠤᠭᠤᠳᠬᠤ ᠨᠢ ᠴᠢᠨᠦ ᠰᠠᠭᠤᠬᠳᠠᠯ ᠢ ᠤᠯᠠᠮ ᠭᠦᠨᠵᠡᠭᠡᠶᠢᠷᠡᠭᠦᠯᠳᠡᠭ ᠶᠤᠮ᠃      ᠦᠭᠡᠷ᠎ᠠ ᠨᠢᠭᠡ ᠠᠷᠭ᠎ᠠ ᠪᠤᠯ ᠵᠤᠷᠢᠯᠭ᠎ᠠ ᠲᠠᠢ ᠪᠠᠷ ᠴᠠᠭ ᠠᠯᠤᠰᠯᠠᠬᠤ ᠪᠤᠯᠤᠨ᠎ᠠ᠃ ᠭᠡᠳᠤᠨ ᠡᠳᠦᠷ ᠤᠨ ᠲᠤᠳᠤᠷ᠎ᠠ ᠨᠢᠭᠡ ᠬᠢᠴᠢᠶᠡᠯ ᠢ ᠲᠦᠪᠯᠠᠷᠠᠭᠦᠯᠦᠨ ᠰᠤᠷᠬᠤ ᠶᠢ ᠭᠦᠭᠡᠭᠡᠴᠡᠯᠳᠤᠭᠦ ᠭᠡᠷᠡᠭ ᠦᠭᠡᠢ᠃ ᠬᠠᠮᠤᠭ ᠤᠨ ᠰᠠᠶᠢᠨ ᠠᠷᠭ᠎ᠠ ᠪᠤᠯ ᠭᠡᠳᠤᠨ ᠬᠢᠴᠢᠶᠡᠯ ᠢ ᠬᠠᠮᠳᠤ ᠳᠤ ᠨᠢ ᠰᠤᠷᠪᠠᠯ ᠰᠠᠶᠢᠨ᠃ ᠦᠨᠦᠳᠤᠷ ᠡᠨᠡ ᠬᠢᠴᠢᠶᠡᠯ ᠢ ᠰᠤᠷᠤᠭᠰᠠᠨ ᠪᠤᠯ ᠵᠤᠷᠢᠯᠭ᠎ᠠ ᠲᠠᠢ ᠪᠠᠷ ᠨᠢᠭᠡ ᠬᠤᠶᠠᠷ ᠡᠳᠦᠷ ᠲᠡᠭᠦᠨ ᠢ ᠰᠤᠷᠬᠤ ᠦᠭᠡᠢ ᠪᠠᠶᠢᠵᠤ᠂ ᠵᠤᠬᠢᠬᠤ ᠴᠠᠭ ᠬᠤᠭᠤᠴᠠᠭ᠎ᠠ ᠦᠡᠭᠭᠡᠷᠡᠭᠰᠡᠨ ᠤ ᠳᠠᠷᠠᠭ᠎ᠠ ᠲᠠᠬᠢᠨ ᠰᠤᠷᠬᠤ ᠭᠡᠷᠡᠭᠳᠠᠢ᠃      ᠭᠡᠳᠤᠨ ᠡᠳᠦᠷ ᠤᠨ ᠳᠠᠷᠠᠭ᠎ᠠ ᠲᠠᠷᠠ ᠭᠡᠰᠡᠭ ᠴᠡᠭᠡᠵᠢᠯᠠᠯ ᠢᠶᠠᠨ ᠰᠠᠷᠭᠦᠭᠡᠨ ᠪᠤᠳᠤᠬᠤ ᠦᠶ᠎ᠠ ᠳᠤ ᠨᠠᠯᠢᠶᠠᠳ ᠭᠦᠴᠢᠷᠳᠠᠵᠤ ᠮᠠᠳᠠᠨ᠎ᠠ᠂ ᠲᠡᠭᠡᠪᠡᠯ ᠵᠦᠪ᠂ ᠡᠨᠡ ᠪᠤᠯ ᠳᠠᠷᠤᠢ ᠪᠢᠳᠠᠨ ᠤ ᠭᠦᠰᠠᠵᠤ ᠪᠠᠶᠢᠭ᠎ᠠ ︽ᠠᠰᠢᠬᠳᠠᠢ ᠭᠦᠴᠢᠷᠳᠠᠯ︾ ᠪᠤᠯᠤᠨ᠎ᠠ᠃ ᠭᠦᠴᠢᠷ ᠢ ᠢᠯᠠᠨ ᠲᠠᠪᠠᠪᠠᠯ ᠰᠠᠶ᠋ᠢ ᠭᠦᠨᠵᠡᠭᠡᠢ ᠰᠤᠷᠤᠯᠴᠠᠵᠤ ᠴᠢᠳᠠᠨ᠎ᠠ᠃      ᠰᠤᠷᠤᠯᠴᠠᠯᠭ᠎ᠠ ᠪᠤᠯ ᠦᠨᠠᠭᠡᠷ ᠤᠳᠬ᠎ᠠ ᠠᠭᠤᠯᠭ᠎ᠠ ᠲᠠᠢ ᠠᠵᠢᠯᠯᠠᠭ᠎ᠠ ᠶᠤᠮ᠃ ᠭᠦᠮᠦᠨ ᠪᠦᠭᠦᠨ ᠴᠦᠮ ᠭᠦᠴᠢᠷ ᠢ ᠲᠤᠭᠤᠯᠪᠠᠯ ᠰᠢᠨ᠎ᠠ ᠶᠠᠭᠤᠮ᠎ᠠ ᠰᠤᠷᠴᠤ ᠴᠢᠳᠠᠨ᠎ᠠ᠂ ︽ᠨᠢᠭᠡ ᠭᠡᠨᠡᠳᠡᠪᠡᠯ ᠨᠢᠭᠡ ᠤᠬᠠᠭᠠᠷᠠᠨ᠎ᠠ︾ ᠭᠡᠳᠡᠭ ᠢ ᠭᠦᠮᠦᠨ ᠪᠦᠭᠦᠨ ᠮᠠᠳᠡᠳᠡᠭ ᠪᠤᠯᠪᠠᠴᠤ ᠵᠢᠩᠬᠢᠨᠢ ᠰᠤᠷᠤᠯᠴᠠᠬᠤ ᠦᠶ᠎ᠠ ᠳᠤ ᠬᠠᠰᠢ ᠯᠡ ᠪᠠᠰᠠ ᠪᠠᠭᠰᠢ ᠠᠴᠠ ᠶᠠᠭᠤᠮ᠎ᠠ ᠪᠦᠭᠦᠨ ᠢ ᠪᠡᠯᠡᠳᠭᠡᠨ ᠦᠭᠴᠦ ᠰᠠᠶᠢᠨ ᠬᠢᠷᠢ ᠪᠦᠳᠤᠮᠵᠢ ᠤᠯᠬᠤ ᠶᠢ ᠭᠦᠰᠠᠵᠤ ᠪᠠᠶᠢᠳᠠᠬ᠃      2007 ᠤᠨ ᠳᠤ ᠠᠮᠧᠷᠢᠺᠠ ᠶᠢᠨ ᠰᠤᠷᠭᠠᠨ ᠭᠦᠮᠦᠵᠢᠯ ᠤᠨ ᠶᠠᠮᠤᠨ ᠨᠢᠭᠡ ᠤᠳᠠᠭᠠᠨ ᠤ ᠲᠤᠮᠤ ᠭᠡᠪᠴᠢᠶᠡᠨ ᠤ ᠰᠤᠳᠤᠯᠭᠠᠨ ᠬᠢᠵᠤ ᠮᠠᠰᠢ ᠤᠯᠠᠨ ᠪᠠᠭᠰᠢ ᠰᠤᠷᠤᠭᠴᠢ ᠠᠴᠠ ᠴᠤᠬᠤᠮ ᠶᠠᠮᠠᠷ ᠰᠤᠷᠤᠯᠴᠠᠬᠤ ᠠᠷᠭ᠎ᠠ ᠨᠢ ᠵᠢᠩᠬᠢᠨᠢ ᠦᠷ᠎ᠠ ᠪᠦᠳᠤᠮᠵᠢᠳᠠᠢ ᠰᠤᠷᠤᠯᠴᠠᠬᠤ ᠠᠷᠭ᠎ᠠ ᠪᠤᠯᠬᠤ ᠶᠢ ᠤᠢᠢᠯᠠᠭᠠᠬᠤ ᠲᠤᠬᠠᠢ ᠪᠠᠶᠢᠴᠠᠭᠠᠯᠳᠠ ᠬᠢᠵᠠᠢ᠃ ᠡᠴᠤᠰ ᠤᠨ ᠳ᠋ᠦᠩ ᠳᠤ ᠰᠢᠨᠵᠢᠯᠠᠭᠦ ᠤᠬᠠᠭᠠᠨᠴᠢ ᠰᠢᠯᠭᠠᠯᠳᠠ ᠶᠢ ᠲᠠᠭᠠᠭᠠᠵᠤ ᠴᠢᠳᠠᠬᠤ ᠠᠷᠭ᠎ᠠ ᠪᠤᠯ ᠳᠠᠷᠤᠢ ᠡᠮᠦᠨ᠎ᠠ ᠲᠤᠷᠠᠳᠴᠤ ᠦᠡᠭᠭᠡᠷᠡᠭᠰᠡᠨ ᠬᠤᠭᠤᠴᠠᠭ᠎ᠠ ᠠᠯᠤᠰᠯᠠᠬᠤ᠂ ᠰᠢᠯᠭᠠᠨ ᠪᠠᠶᠢᠴᠠᠭᠠᠬᠤ ᠪᠠ ᠬᠤᠯᠪᠤᠯᠳᠠ ᠪᠠᠶᠢᠭᠤᠯᠬᠤ ᠠᠷᠭ᠎ᠠ ᠪᠠᠶᠢᠪᠠ᠃      ᠡᠭᠦᠨ ᠠᠴᠠ ᠦᠵᠡᠪᠡᠯ ᠰᠠᠭᠦᠯᠠᠷ ᠭᠦᠴᠦᠯᠡᠭᠦ ᠨᠢ ᠤᠷᠢᠳ ᠢᠶᠠᠷ ᠭᠦᠷᠭᠦ᠂ ᠤᠳᠠᠭᠠᠨ ᠴᠢᠷᠮᠠᠶᠢᠯᠭ᠎ᠠ ᠪᠤᠯ ᠰᠠᠶ᠋ᠢ ᠵᠢᠩᠬᠢᠨᠢ ᠴᠢᠷᠮᠠᠶᠢᠯᠭ᠎ᠠ ᠪᠠᠶᠢᠵᠤ ᠮᠠᠳᠠᠨ᠎ᠠ᠃ ᠭᠦᠴᠢᠷᠳᠠᠯ ᠳᠤ ᠲᠤᠯᠭᠠᠷᠠᠬᠤ ᠪᠤᠯ ᠰᠠᠶ᠋ᠢ ᠵᠢᠩᠬᠢᠨᠢ ᠰᠤᠷᠤᠯᠴᠠᠯᠭ᠎ᠠ ᠪᠤᠯᠬᠤ ᠪᠦᠭᠡᠳ ᠮᠦᠨ ᠴᠦ ᠰᠤᠷᠤᠯᠴᠠᠯᠭ᠎ᠠ ᠶᠢᠨ ᠰᠠᠭᠠᠳ ᠪᠤᠯᠬᠤ ᠶᠤᠮ᠃ ᠤᠴᠢᠷ ᠨᠢ ᠡᠨᠡ ᠭᠦ ᠰᠠᠭᠠᠳ ᠰᠠᠶ᠋ᠢ ᠠᠮᠵᠢᠯᠳᠠ ᠤᠯᠬᠤ ᠭᠦᠮᠦᠨ ᠪᠠ ᠢᠯᠠᠭᠳᠠᠬᠤ ᠭᠦᠮᠦᠨ ᠢ ᠢᠯᠭᠠᠨ ᠭᠠᠷᠭᠠᠵᠤ ᠴᠢᠳᠠᠳᠠᠬ᠃ ᠭᠡᠷᠪᠡ ᠲᠠ ᠠᠮᠵᠢᠯᠳᠠ ᠤᠯᠬᠤ ᠭᠦᠮᠦᠨ ᠪᠤᠯ ᠡᠶᠢᠮᠦᠷᠭᠦᠦ ᠰᠠᠭᠠᠳ ᠲᠤᠯᠭᠠᠷᠠᠬᠤ ᠶᠢ ᠪᠠᠶᠠᠷᠳᠠᠢ ᠪᠠᠷ ᠭᠦᠯᠢᠶᠡᠨ ᠠᠪᠴᠤ ᠲᠤᠭᠤᠯᠳᠠᠬ ᠶᠤᠮ᠃             ︵︽ᠪᠠᠭᠰᠢ ᠶᠢᠨ ᠬᠤᠷᠸ᠎ᠠ︾ ᠰᠡᠳᠭᠦᠯ ᠤᠨ 2019 ᠤᠨ ᠤ 12 ᠳ᠋ᠤᠭᠠᠷ              ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠵᠤ ᠪᠠᠭᠤᠯᠭᠠᠪᠠ︶                        2020 ᠣᠨ ᠤ 10 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map