ᠵᠦᠪ ᠰᠤᠷᠭᠠᠨ ᠭᠦᠮᠦᠵᠢᠯ ᠤᠨ ᠵᠠᠷᠴᠢᠮ ᠢ ᠦᠭᠦᠯᠡᠭᠦ ᠨᠢ
ᠨᠡᠶᠢᠲᠡᠯᠡᠭᠰᠡᠨ ᠴᠠᠭ᠄
2021/6/16
                              ᠠᠷᠢᠰᠲ᠋ᠤᠲ᠋ᠧᠯ ︵ᠡᠷᠳᠠᠨ ᠤ ᠭᠷᠧᠭ︶       ᠤᠡᠭᠰᠢᠯᠭ᠎ᠠ ᠶᠢᠨ ᠰᠠᠨᠠᠭᠤᠯᠤᠮᠵᠢ᠄      ᠠᠷᠢᠰᠲ᠋ᠤᠲ᠋ᠧᠯ ︵ᠨᠠᠶᠢᠳᠠ ᠶᠢᠨ ᠤᠨ ᠲᠤᠭᠠᠯᠠᠯ ᠤᠨ ᠡᠮᠦᠨᠡᠬᠢ 384 — 322︶ ᠡᠷᠳᠠᠨ ᠤ ᠭᠷᠧᠭ ᠤᠨ ᠭᠦᠨ ᠤᠬᠠᠭᠠᠨᠳᠠᠨ᠂ ᠫᠯᠠᠲ᠋ᠤ᠋ ᠶᠢᠨ ᠰᠤᠷᠤᠭᠴᠢ᠂ ᠠᠯᠧᠺᠰᠠᠨᠳᠠᠷ ᠬᠠᠭᠠᠨ ᠤ ᠪᠠᠭᠰᠢ ᠪᠤᠯᠤᠨ᠎ᠠ᠃ ᠰᠤᠺᠷᠠᠲ᠋ᠧᠰ ᠡᠳᠠ ᠭᠤᠷᠪᠠᠭᠤᠯᠠ ᠶᠢ ᠦᠷᠤᠨᠠᠳᠡᠬᠢᠨ ᠤ ᠭᠦᠨ ᠤᠬᠠᠭᠠᠨ ᠤ ᠰᠠᠭᠤᠷᠢᠯᠠᠭᠴᠢ ᠭᠡᠳᠡᠭ᠃ ᠠᠷᠢᠰᠲ᠋ᠤᠲ᠋ᠧᠯ ᠪᠤᠯ ᠪᠦᠷ ᠲᠤᠯᠢ ᠠᠳᠠᠯᠢ ᠭᠦᠮᠦᠨ ᠶᠤᠮ᠃ ᠲᠡᠭᠦᠨ ᠤ ᠦᠵᠡᠯ ᠰᠠᠨᠠᠭ᠎ᠠ ᠨᠢ ᠲᠤᠮᠳᠠᠳᠤ ᠵᠠᠭᠤᠨ ᠤ ᠡᠷᠳᠠᠮ ᠰᠢᠨᠵᠢᠯᠡᠭᠡᠨ ᠤ ᠦᠵᠠᠯ ᠰᠠᠨᠠᠭ᠎ᠠ ᠶᠢ ᠭᠦᠨ ᠭᠦᠨᠵᠡᠭᠡᠢ ᠨᠦᠯᠦᠭᠡᠯᠡᠵᠦ ᠤᠳᠬ᠎ᠠ ᠤᠷᠠᠯᠢᠬ ᠤᠨ ᠰᠠᠷᠭᠦᠭᠡᠯᠳᠠ ᠶᠢᠨ ᠦᠶ᠎ᠠ ᠭᠦᠷᠳᠠᠯ᠎ᠠ ᠦᠷᠭᠦᠯᠵᠢᠯᠡᠵᠡᠢ᠃      ᠠᠷᠢᠰᠲ᠋ᠤᠲ᠋ᠧᠯ ᠤᠨ ᠦᠵᠡᠭᠦ ᠪᠠᠷ ᠰᠤᠷᠭᠠᠨ ᠭᠦᠮᠦᠵᠢᠯ ᠵᠠᠶᠢᠯᠠᠰᠢ ᠦᠭᠡᠢ ᠭᠡᠤᠭᠡᠳ ᠲᠤ ︽ᠦᠨᠠᠨ ᠭᠦ ᠭᠡᠷᠡᠭᠳᠠᠢ ᠶᠠᠭᠤᠮ᠎ᠠ︾ ᠶᠢ ᠵᠢᠭᠠᠬᠤ ᠶᠤᠰᠤᠳᠠᠢ᠃ ᠭᠡᠪᠠᠴᠤ ︽ᠠᠯᠢᠪᠠ ᠭᠡᠷᠡᠭᠳᠠᠢ ᠶᠠᠭᠤᠮ᠎ᠠ︾ ᠶᠢ ᠵᠢᠭᠠᠬᠤ ᠪᠢᠰᠢ᠃ ᠲᠠᠷᠠ ᠮᠦᠷᠳᠡᠭᠡᠨ ᠭᠡᠷᠡᠭᠳᠠᠢ ᠭᠡᠳᠡᠭ ᠶᠠᠭᠤᠮ᠎ᠠ ᠨᠢ ᠨᠢᠳᠤᠨ ᠡᠮᠦᠨᠡᠬᠢ ᠠᠰᠢᠬᠳᠠᠢ ᠵᠦᠢᠯ ᠪᠢᠰᠢ ᠬᠠᠷᠢᠨ ᠠᠯᠤᠰ ᠢᠷᠡᠭᠡᠳᠤᠢ ᠳᠤ ᠬᠠᠨᠳᠤᠭᠰᠠᠨ ᠪᠠᠶᠢᠬᠤ ᠭᠡᠷᠡᠭᠳᠠᠢ᠃ ᠢᠡᠭᠬᠢᠪᠠᠯ ᠰᠠᠶ᠋ᠢ ᠭᠡᠤᠭᠡᠳ ᠢ ᠪᠤᠯᠬᠢ ᠪᠦᠳᠦᠭᠦᠯᠢᠭ ᠪᠤᠯᠭᠠᠬᠤ ᠦᠭᠡᠢ ᠪᠤᠯᠭᠠᠳᠠᠬ᠃ ᠵᠠᠯᠭᠠᠭᠠᠳ ᠲᠠᠷᠠ ᠪᠠᠰᠠ ᠲᠠᠭᠤᠤ ᠭᠦᠭᠵᠢᠮ ᠤᠨ ᠦᠪᠠᠷᠮᠢᠴᠠ ᠴᠢᠳᠠᠪᠬᠢ ᠶᠢ ᠦᠭᠦᠯᠡᠵᠡᠢ᠃ ᠳᠠᠭᠤᠤ ᠭᠦᠭᠵᠢᠮ ᠰᠤᠷᠬᠤ ᠨᠢ ᠵᠦᠪᠭᠡᠨ ᠪᠠᠶᠠᠷᠯᠠᠵᠤ ᠭᠦᠭᠡᠷᠭᠦ ᠶᠢᠨ ᠲᠦᠯᠦᠭᠡ ᠪᠢᠰᠢ ᠬᠠᠷᠢᠨ ᠰᠤᠯᠠ ᠰᠠᠯᠠᠭᠦᠦ ᠦᠶ᠎ᠠ ᠳᠤ ᠬᠢ ᠤᠶᠤᠨᠴᠢ ᠭᠦᠷᠳᠡᠭᠡᠯ ᠪᠤᠯᠤᠨ᠎ᠠ᠃ ᠲᠠᠭᠤᠤ ᠭᠦᠭᠵᠢᠮ ᠪᠤᠯ ᠡᠷᠭᠡ ᠴᠢᠯᠦᠭᠡᠳᠤ ᠠᠷᠠᠳ ᠤᠨ ᠰᠠᠯᠡᠭᠦᠴᠡᠭᠦ‍ ᠨᠢᠭᠡ ᠵᠦᠢᠯ ᠤᠨ ᠭᠡᠯᠪᠠᠷᠢ ᠮᠦᠨ ᠭᠡᠵᠡᠢ᠃ ᠡᠭᠦᠨ ᠠᠴᠠ ᠠᠷᠢᠰᠲ᠋ᠤᠲ᠋ᠧᠯ ᠨᠢᠭᠡ ᠯᠡ ᠰᠡᠳᠬᠢᠯ ᠢᠶᠠᠷ ᠭᠡᠷᠡᠭᠳᠠᠢ ᠰᠤᠷᠭᠠᠨ ᠭᠦᠮᠦᠵᠢᠯ ᠢ ᠭᠦᠭᠡᠭᠡᠴᠡᠯᠳᠤᠭᠦ ᠨᠢ ᠡᠷᠬᠢᠮ ᠲᠡᠭᠡᠳᠤ ᠡᠷᠭᠡ ᠴᠢᠯᠦᠭᠡᠳᠤ ᠤᠶᠤᠨ ᠰᠦᠨᠠᠰᠤ ᠶᠢ ᠪᠦᠷᠢᠯᠳᠤᠭᠦᠯᠵᠦ ᠴᠢᠳᠠᠬᠤ ᠦᠭᠡᠢ᠂ ᠬᠠᠷᠢᠨ ᠰᠠᠶᠢᠨ ᠰᠤᠷᠭᠠᠨ ᠭᠦᠮᠦᠵᠢᠯ ᠪᠤᠯ ︽ᠡᠷᠭᠡ ᠴᠢᠯᠦᠭᠡᠳᠠᠢ᠂ ᠡᠷᠬᠢᠮ ᠲᠡᠭᠡᠳᠤ ᠪᠠᠶᠢᠳᠠᠬ︾ ᠭᠡᠵᠦ ᠳ᠋ᠦᠡᠭᠨᠡᠵᠡᠢ᠃      ᠨᠢᠭᠡ᠂ ᠰᠤᠷᠭᠠᠨ ᠭᠦᠮᠦᠵᠢᠯ ᠡᠷᠭᠡᠪᠰᠢ ᠡᠷᠭᠡ ᠴᠢᠯᠦᠭᠡᠳᠠᠢ ᠪᠠᠶᠢᠬᠤ ᠭᠡᠷᠡᠭᠳᠠᠢ      ᠰᠤᠷᠭᠠᠨ ᠭᠦᠮᠦᠵᠢᠯ ᠡᠷᠭᠡᠪᠰᠢ ᠬᠠᠤᠯᠢ ᠪᠠᠷ ᠲᠤᠭᠳᠠᠭᠠᠭᠰᠠᠨ ᠮᠦᠷᠳᠡᠭᠡᠨ ᠤᠯᠤᠰ ᠤᠨ ᠠᠵᠢᠯ ᠦᠢᠯᠠᠰ ᠪᠠᠶᠢᠬᠤ ᠭᠡᠷᠡᠭᠳᠠᠢ ᠭᠡᠳᠡᠭ ᠨᠢ ᠨᠢᠴᠤᠭᠠᠭᠳᠠᠰᠢ ᠦᠭᠡᠢ ᠶᠤᠮ᠃ ᠭᠡᠳᠡᠯ᠎ᠠ ᠤᠯᠠᠨ ᠨᠠᠶᠢᠳᠠ ᠶᠢᠨ ᠭᠡᠤᠭᠡᠳ ᠪᠠᠭᠠᠴᠤᠳ ᠲᠤ ᠭᠡᠷᠬᠢᠨ ᠰᠤᠷᠭᠠᠨ ᠭᠦᠮᠦᠵᠢᠯ ᠬᠢᠭᠦ ᠭᠡᠳᠡᠭ ᠪᠤᠯ ᠪᠤᠳᠤᠯᠬᠢᠯᠠᠭᠤᠰᠢᠳᠠᠢ ᠠᠰᠠᠭᠤᠳᠠᠯ ᠪᠤᠯᠤᠨ᠎ᠠ᠃ ᠭᠡᠷᠡᠭ ᠲᠡᠭᠡᠷ᠎ᠡ ᠪᠠᠨ ᠬᠢᠴᠢᠶᠡᠯ ᠭᠦᠮᠦᠵᠢᠯ ᠤᠨ ᠲᠠᠯ᠎ᠠ ᠪᠠᠷ ᠯᠠᠪᠳᠠᠢ ᠵᠦᠷᠢᠴᠡᠯ ᠤᠷᠤᠰᠢᠬᠤ ᠶᠤᠮ᠃ ᠤᠴᠢᠷ ᠨᠢ ᠭᠦᠮᠦᠰ ᠵᠢᠭᠠᠬᠤ ᠶᠤᠰᠤᠳᠠᠢ ᠭᠡᠳᠡᠭ ᠵᠦᠢᠯ ᠳᠤ ᠪᠠᠨ ᠲᠠᠭᠦᠨ ᠤ ᠵᠤᠷᠢᠯᠭ᠎ᠠ ᠨᠢ ᠶᠤᠰᠤ ᠰᠤᠷᠳᠠᠬᠤᠨ ᠤ ᠦᠢᠯᠠ ᠠᠵᠢᠯᠯᠠᠭ᠎ᠠ ᠳᠤ ᠪᠠᠶᠢᠭ᠎ᠠ ᠪᠤᠶᠤ ᠡᠰᠡᠭᠦᠯ᠎ᠡ ᠰᠠᠶᠢᠨ ᠰᠠᠶᠢᠬᠠᠨ ᠠᠮᠢᠳᠤᠷᠠᠯ ᠳᠤ ᠪᠠᠶᠢᠭ᠎ᠠ ᠭᠡᠳᠡᠭ ᠲᠤ ᠯᠠᠪᠳᠠᠢ ᠬᠠᠮᠳᠤ ᠶᠢᠨ ᠦᠵᠠᠯᠳᠠ ᠭᠡᠵᠦ ᠪᠠᠶᠢᠳᠠᠬ ᠦᠭᠡᠢ ᠶᠤᠮ᠃ ᠰᠤᠷᠭᠠᠨ ᠭᠦᠮᠦᠵᠢᠯ ᠤᠨ ᠢᠯᠠᠭᠦᠦ ᠠᠩᠬᠠᠷᠳᠠᠬ ᠨᠢ ᠤᠶᠤᠨ ᠤ ᠴᠢᠳᠠᠪᠤᠷᠢ ᠤᠤ᠂ ᠡᠰᠡᠭᠦᠯ᠎ᠠ ᠶᠤᠰᠤ ᠰᠤᠷᠳᠠᠬᠤᠨ ᠵᠠᠩ ᠴᠢᠨᠠᠷ ᠤᠤ ᠭᠡᠳᠡᠭ ᠨᠢ ᠴᠦ ᠲᠤᠳᠤᠷᠬᠠᠢ ᠦᠭᠡᠢ᠃ ᠤᠳᠤ ᠶᠢᠨ ᠪᠠᠶᠢᠳᠠᠯ ᠭᠦᠮᠦᠰ ᠢ ᠶᠠᠭᠠᠬᠢᠬᠤ ᠶᠢᠨ ᠠᠷᠭ᠎ᠠ ᠦᠭᠡᠢ ᠪᠤᠯᠭᠠᠵᠤ ᠴᠤᠬᠤᠮ ᠶᠠᠮᠠᠷ ᠵᠠᠷᠴᠢᠮ ᠢ ᠦᠨᠳᠤᠰᠤᠯᠠᠭᠦ ᠪᠤᠢ᠂ ᠪᠤᠯᠪᠠᠰᠤᠷᠠᠭᠤᠯᠬᠤ ᠵᠤᠷᠢᠯᠳᠠ ᠨᠢ ᠠᠮᠢᠳᠤᠷᠠᠯ ᠳᠤ ᠭᠡᠷᠡᠭᠳᠠᠢ ᠵᠦᠢᠯ ᠤᠤ ᠶᠤᠰᠤ ᠰᠤᠷᠳᠠᠬᠤᠨ ᠤ ᠠᠵᠢᠯᠯᠠᠭᠠᠨ ᠤᠤ ᠡᠰᠠᠭᠦᠯ᠎ᠠ ᠭᠦᠨ ᠲᠠᠭᠡᠳᠤ ᠮᠠᠳᠠᠯᠭᠡ ᠤᠤ ᠭᠡᠳᠡᠭ ᠢ ᠭᠦᠮᠦᠰ ᠮᠠᠳᠠᠭᠦ ᠦᠭᠡᠢ ᠪᠤᠯᠵᠠᠢ᠃ ᠡᠨᠡ ᠭᠤᠷᠪᠠᠨ ᠵᠦᠢᠯ ᠤᠨ ᠰᠠᠨᠠᠯ ᠢ ᠭᠦᠮᠦᠰ ᠪᠦᠷ ᠭᠦᠯᠢᠶᠡᠨ ᠠᠪᠴᠤ ᠭᠡᠷᠡᠭᠯᠡᠵᠡᠢ᠃ ᠭᠡᠪᠡᠴᠤ ᠬᠤᠯᠪᠤᠭᠳᠠᠯ ᠪᠦᠭᠦᠢ ᠠᠷᠭ᠎ᠠ ᠪᠠᠷᠢᠯ ᠤᠨ ᠲᠠᠯ᠎ᠠ ᠪᠠᠷ ᠠᠳᠠᠯᠢ ᠦᠭᠡᠢ ᠪᠠᠶᠢᠵᠠᠢ᠃ ᠤᠴᠢᠷ ᠨᠢ ᠠᠳᠠᠯᠢ ᠪᠤᠰᠤ ᠭᠦᠮᠦᠨ ᠠᠳᠠᠯᠢ ᠪᠤᠰᠤ ᠶᠤᠰᠤ ᠰᠤᠷᠳᠠᠬᠤᠨ ᠤ ᠠᠵᠢᠯᠯᠠᠭᠠᠨ ᠤ ᠦᠵᠠᠯᠳᠠ ᠠᠴᠠ ᠡᠭᠦᠰᠦᠭᠰᠡᠨ ᠪᠤᠯᠬᠤᠷ ᠲᠡᠭᠦᠨ ᠢ ᠦᠢᠯᠠᠳᠤᠯᠭᠡᠵᠢᠭᠦᠯᠭᠦ ᠰᠠᠨᠠᠯ ᠨᠢ ᠴᠦ ᠠᠳᠠᠯᠢ ᠪᠤᠰᠤ ᠪᠠᠶᠢᠳᠠᠬ᠃      ᠭᠡᠤᠭᠡᠳ ᠲᠤ ᠵᠢᠩᠬᠢᠨᠢ ᠭᠡᠷᠡᠭᠴᠡᠭᠡᠳᠠᠢ ᠶᠠᠭᠤᠮ᠎ᠠ ᠶᠢ ᠵᠢᠭᠠᠬᠤ ᠭᠡᠷᠡᠭᠳᠠᠢ ᠪᠤᠯᠪᠠᠴᠤ ᠭᠡᠷᠡᠭᠴᠡᠭᠡᠳᠠᠢ ᠶᠠᠭᠤᠮ᠎ᠠ ᠪᠦᠭᠦᠨ ᠢ ᠵᠢᠭᠠᠬᠤ ᠪᠢᠰᠢ ᠶᠤᠮ᠃ ᠤᠴᠢᠷ ᠨᠢ ᠠᠵᠢᠯ ᠮᠠᠷᠭᠡᠵᠢᠯ ᠳᠤ ᠡᠷᠭᠡ ᠴᠢᠯᠦᠭᠡᠳᠠᠢ ᠪᠠ ᠭᠡᠯᠪᠠᠶᠢᠭᠦᠦ ᠢᠪᠴᠤᠤ ᠶᠢᠨ ᠢᠯᠭᠠᠭ᠎ᠠ ᠪᠠᠶᠢᠳᠠᠬ᠃ ᠭᠡᠤᠭᠡᠳ ᠲᠤ ᠲᠠᠳᠠᠨ ᠤ ᠢᠷᠡᠭᠡᠳᠤᠢ ᠳᠤ ᠨᠢ ᠭᠡᠷᠡᠭᠳᠠᠢ ᠮᠠᠳᠠᠯᠭᠡ ᠶᠢ ᠵᠢᠭᠠᠬᠤ ᠭᠡᠷᠡᠭᠳᠠᠢ᠂ ᠬᠠᠷᠢᠨ ᠲᠠᠳᠠᠨ ᠢ ᠪᠤᠯᠬᠢᠴᠢᠯᠠᠵᠤ ᠪᠤᠯᠬᠤ ᠦᠭᠡᠢ᠃ ᠠᠯᠢᠪᠠ ᠠᠵᠢᠯ ᠮᠠᠷᠭᠡᠵᠢᠯ᠂ ᠤᠷᠠᠯᠢᠬ᠂ ᠰᠢᠨᠵᠢᠯᠠᠭᠦ ᠤᠬᠠᠭᠠᠨ ᠵᠡᠷᠭᠡ ᠶᠢᠨ ᠴᠢᠯᠦᠭᠡᠳᠤ ᠠᠷᠠᠳ ᠤᠨ ᠪᠠᠶ᠎ᠠ ᠮᠠᠬᠠᠪᠤᠳ᠂ ᠤᠶᠤᠨ ᠰᠦᠨᠠᠰᠤ᠂ ᠰᠡᠳᠬᠢᠴᠠ ᠶᠢ ᠦᠢᠯᠠᠳᠤᠯᠭᠡ ᠳᠤ ᠵᠤᠬᠢᠴᠠᠭᠤᠯᠬᠤ ᠦᠭᠡᠢ ᠪᠤᠶᠤ ᠲᠠᠳᠠᠨ ᠤ ᠶᠤᠰᠤ ᠰᠤᠷᠳᠠᠬᠤᠨ ᠤ ᠠᠵᠢᠯᠯᠠᠭᠠᠨ ᠳᠤ ᠭᠡᠷᠡᠭᠯᠡᠵᠦ ᠪᠤᠯᠬᠤ ᠦᠭᠡᠢ ᠵᠦᠢᠯ ᠪᠤᠯ ᠳᠠᠷᠤᠢ ᠪᠤᠯᠬᠢ ᠵᠦᠢᠯ ᠮᠦᠨ᠃ ᠡᠶᠢᠮᠦ ᠠᠴᠠ ᠪᠢᠳᠠ ᠭᠦᠮᠦᠨ ᠤ ᠪᠡᠶ᠎ᠠ ᠮᠠᠬᠠᠪᠤᠳ ᠢ ᠡᠷᠡᠮᠳᠡᠭ ᠪᠤᠯᠭᠠᠬᠤ ᠲᠠᠳᠡᠭᠡᠷ ᠤᠷᠠᠯᠢᠬ ᠢ ᠪᠤᠯᠬᠢ ᠪᠦᠳᠦᠭᠦᠯᠢᠭ ᠭᠡᠳᠡᠭ ᠪᠦᠭᠡᠳ ᠵᠠᠷᠤᠴᠠᠭᠤᠯᠤᠭᠰᠠᠨ ᠪᠤᠢ ᠪᠦᠭᠦᠢ ᠠᠵᠢᠯ ᠨᠢ ᠪᠦᠷ ᠰᠡᠳᠬᠢᠯ ᠤᠨ ᠭᠦᠴᠦᠨ ᠢ ᠬᠤᠷᠤᠭᠳᠠᠭᠤᠯᠤᠨ ᠪᠠᠭᠤᠷᠠᠭᠤᠯᠳᠠᠬ᠃ ᠵᠠᠷᠢᠮ ᠴᠢᠯᠦᠭᠡᠳᠤ ᠤᠷᠠᠯᠢᠬ ᠨᠢ ᠴᠢᠯᠦᠭᠡᠳᠤ ᠠᠷᠠᠳ ᠤᠨ ᠰᠤᠷᠤᠯᠴᠠᠯᠭ᠎ᠠ ᠳᠤ ᠲᠤᠬᠢᠷᠠᠳᠠᠬ᠃ ᠭᠡᠪᠡᠴᠤ ᠬᠢᠵᠠᠭᠠᠷᠳᠠᠢ ᠪᠠᠶᠢᠬᠤ ᠭᠡᠷᠡᠭᠳᠠᠢ᠃ ᠭᠡᠷᠪᠡ ᠤᠷᠠᠯᠢᠬ ᠤᠨ ᠲᠠᠭᠦᠯᠳᠡᠷ ᠰᠠᠶᠢᠬᠠᠨ ᠳᠤ ᠭᠦᠷᠭᠦ ᠶᠢᠨ ᠲᠦᠯᠦᠭᠡ ᠭᠡᠳᠤᠷᠭᠡᠢ ᠭᠦᠴᠦᠯᠡᠪᠡᠯ ᠮᠦᠨ ᠠᠳᠠᠯᠢᠬᠠᠨ ᠨᠠᠵᠠᠭᠠᠢ ᠦᠷ᠎ᠠ ᠳ᠋ᠦᠩ ᠢ ᠤᠯᠬᠤ ᠪᠤᠯᠤᠨ᠎ᠠ᠃ ᠡᠨᠡ ᠨᠢ ᠨᠢᠭᠡ ᠭᠦᠮᠦᠨ ᠤ ᠪᠠᠷᠢᠮᠳᠠᠯᠠᠵᠤ ᠪᠠᠶᠢᠭ᠎ᠠ ᠵᠤᠷᠢᠯᠳᠠ ᠲᠠᠢ ᠨᠢ ᠬᠠᠷᠢᠴᠠᠭ᠎ᠠ ᠲᠠᠢ ᠪᠠᠶᠢᠳᠠᠬ᠃ ᠵᠢᠱᠢᠶᠡᠯᠡᠪᠡᠯ᠂ ᠲᠠᠷᠠ ᠶᠠᠮᠠᠷ ᠨᠢᠭᠡᠨ ᠭᠡᠷᠡᠭ ᠶᠠᠪᠤᠳᠠᠯ ᠢ ᠬᠢᠭᠦ ᠪᠤᠶᠤ ᠰᠤᠷᠤᠯᠴᠠᠵᠤ ᠦᠪᠠᠷ ᠤᠨ ᠪᠠᠶ᠎ᠠ ᠪᠤᠶᠤ ᠨᠠᠶᠢᠵᠠ ᠨᠦᠭᠦᠳ ᠡᠰᠠᠭᠦᠯ᠎ᠠ ᠭᠡᠷᠡᠭ ᠪᠤᠳᠠᠰ ᠤᠨ ᠲᠤᠰ ᠪᠠᠶ᠎ᠠ ᠶᠢ ᠨᠢ ᠲᠠᠭᠦᠯᠳᠡᠷ ᠰᠠᠶᠢᠬᠠᠨ ᠪᠤᠯᠭᠠᠶ᠎ᠠ ᠭᠡᠵᠦ ᠪᠠᠶᠢᠬᠤ ᠳᠤ ᠭᠦᠷᠪᠡᠯ ᠲᠡᠭᠦᠨ ᠤ ᠠᠵᠢᠯᠯᠠᠭ᠎ᠠ ᠨᠢ ᠶᠠᠷᠢᠶᠠᠨ ᠦᠭᠡᠢ ᠢᠪᠴᠤᠤ ᠭᠡᠯᠪᠠᠶᠢᠭᠦᠦ ᠪᠢᠰᠢ ᠶᠤᠮ᠃ ᠭᠡᠪᠡᠴᠤ ᠪᠤᠰᠤᠳ ᠭᠦᠮᠦᠨ ᠤ ᠲᠦᠯᠦᠭᠡ ᠠᠵᠢᠯᠯᠠᠵᠤ ᠪᠠᠶᠢᠪᠠᠯ ᠠᠳᠠᠯᠢᠬᠠᠨ ᠠᠵᠢᠯᠯᠠᠭ᠎ᠠ ᠪᠤᠯᠪᠠᠴᠤ ᠪᠤᠰᠤᠳ ᠲᠤ ᠤᠯᠢᠬ ᠦᠭᠡᠢ ᠪᠤᠭᠤᠯᠴᠢ ᠭᠡᠵᠦ ᠦᠵᠡᠭᠳᠡᠨ᠎ᠡ᠃ ᠪᠢ ᠨᠢᠭᠡᠨᠳᠠ ᠪᠤᠢ ᠪᠦᠭᠦᠢ ᠵᠢᠭᠠᠨ ᠰᠤᠷᠭᠠᠬᠤ ᠬᠢᠴᠢᠶᠡᠯ ᠲᠦᠷᠤᠯ ᠤᠨ ᠰᠢᠨᠵᠢ ᠴᠢᠨᠠᠷ ᠤᠨ ᠨᠢᠭᠡ ᠭᠡᠰᠡᠭ ᠨᠢ ᠴᠢᠯᠦᠭᠡᠳᠠᠢ᠂ ᠨᠢᠭᠡ ᠭᠡᠰᠡᠭ ᠨᠢ ᠢᠪᠴᠤᠤ ᠭᠡᠯᠪᠠᠶᠢᠭᠦᠦ ᠭᠡᠵᠦ ᠭᠡᠯᠡᠵᠦ ᠦᠡᠭᠭᠡᠷᠡᠭᠰᠡᠨ ᠪᠢᠯᠡ᠃      ᠬᠤᠶᠠᠷ᠂ ᠡᠩ ᠤᠨ ᠰᠤᠶᠤᠯ ᠤᠨ ᠰᠤᠷᠭᠠᠨ ᠭᠦᠮᠦᠵᠢᠯ ᠢ ᠭᠡᠷᠡᠭᠵᠢᠭᠦᠯᠭᠦ ᠭᠡᠷᠡᠭᠳᠠᠢ      ᠰᠤᠷᠭᠠᠨ ᠭᠦᠮᠦᠵᠢᠯ ᠤᠨ ᠶᠠᠷᠤᠳᠠ ᠶᠢᠨ ᠬᠢᠴᠢᠶᠡᠯ ᠲᠦᠷᠤᠯ ᠢ ᠲᠦᠷᠪᠡᠨ ᠵᠦᠢᠯ ᠳᠤ ᠬᠤᠪᠢᠶᠠᠳᠠᠬ᠄ ᠨᠢᠭᠡ᠂ ᠤᠡᠭᠰᠢᠯᠭ᠎ᠠ ᠪᠢᠴᠢᠯᠭᠡ︔ ᠬᠤᠶᠠᠷ᠂ ᠪᠠᠬ᠎ᠠ ᠶᠢᠨ ᠲᠠᠮᠢᠷ ᠤᠨ ᠪᠤᠯᠪᠠᠰᠤᠷᠠᠯ︔ ᠭᠤᠷᠪᠠ᠂ ᠲᠠᠭᠤᠤ ᠭᠦᠭᠵᠢᠮ︔ ᠲᠦᠷᠪᠡ᠂ ᠵᠢᠷᠤᠭ ᠵᠢᠷᠤᠬᠤ ᠪᠤᠯᠤᠨ᠎ᠠ᠃ ᠡᠨᠡ ᠭᠡᠳᠤᠨ ᠬᠢᠴᠢᠶᠡᠯ ᠲᠤᠳᠤᠷ᠎ᠠ ᠤᠡᠭᠰᠢᠯᠭ᠎ᠠ ᠪᠢᠴᠢᠯᠭᠡ ᠪᠠ ᠵᠢᠷᠤᠭ ᠵᠢᠷᠤᠬᠤ ᠪᠤᠯ ᠡᠯ᠎ᠠ ᠵᠦᠢᠯ ᠤᠨ ᠠᠮᠢᠳᠤᠷᠠᠯ ᠳᠤ ᠭᠡᠷᠡᠭᠯᠡᠭᠦ ᠤᠯᠠᠨ ᠭᠡᠷᠡᠭᠴᠡᠭᠡᠳᠤ ᠬᠢᠴᠢᠶᠠᠯ ᠶᠤᠮ᠃ ᠪᠠᠶ᠎ᠠ ᠶᠢᠨ ᠲᠠᠮᠢᠷ ᠤᠨ ᠪᠤᠯᠪᠠᠰᠤᠷᠠᠯ ᠪᠤᠯ ᠡᠷᠴᠢ ᠭᠦᠴᠦᠨ ᠢ ᠭᠦᠭᠵᠢᠭᠡᠭᠦ ᠬᠢᠴᠢᠶᠡᠯ ᠶᠤᠮ᠃ ᠬᠠᠷᠢᠨ ᠳᠠᠭᠤᠤ ᠭᠦᠭᠵᠢᠮ ᠪᠤᠯ ᠰᠡᠵᠢᠭᠯᠡᠯ ᠢ ᠡᠭᠦᠰᠭᠡᠳᠡᠭ᠃ ᠤᠯᠠᠩᠬᠢ ᠭᠦᠮᠦᠰ ᠲᠠᠭᠤᠤ ᠭᠦᠭᠵᠢᠮ ᠰᠤᠷᠬᠤ ᠶᠢ ᠵᠤᠭ᠎ᠠ ᠴᠡᠩᠭᠡᠯ ᠭᠡᠵᠦ ᠦᠵᠠᠳᠡᠭ᠃ ᠭᠡᠪᠡᠴᠤ ᠡᠬᠢᠯᠡᠩᠭᠦᠳᠠ ᠲᠡᠭᠦᠨ ᠢ ᠰᠤᠷᠭᠠᠨ ᠭᠦᠮᠦᠵᠢᠯ ᠤᠨ ᠲᠤᠳᠤᠷ᠎ᠠ ᠪᠠᠭᠳᠠᠭᠠᠭᠰᠠᠨ ᠤ ᠰᠢᠯᠳᠠᠭᠠᠨ ᠪᠤᠯ ᠪᠠᠶᠢᠭᠠᠯᠢ ᠶᠢᠨ ᠲᠤᠰ ᠪᠡᠶ᠎ᠠ ᠨᠢ ᠪᠢᠳᠠᠨ ᠢ ᠠᠵᠢᠯ ᠢᠶᠠᠨ ᠰᠠᠶᠢᠨ ᠬᠢᠭᠦ ᠪᠠᠷ ᠪᠠᠷᠠᠬᠤ ᠦᠭᠡᠢ ᠪᠠᠰᠠ ᠰᠤᠯᠠ ᠰᠠᠯᠠᠭᠦᠦ ᠴᠠᠭ ᠢᠶᠠᠨ ᠴᠢᠳᠠᠮᠠᠭᠠᠢ ᠠᠰᠢᠭᠯᠠᠬᠤ ᠶᠢ ᠱᠠᠭᠠᠷᠳᠠᠵᠤ ᠪᠠᠶᠢᠭ᠎ᠠ ᠶᠤᠮ᠃ ᠤᠴᠢᠷ ᠨᠢ ᠪᠢᠳᠠᠨ ᠤ ᠠᠯᠢᠪᠠ ᠠᠵᠢᠯᠯᠠᠭᠠᠨ ᠤ ᠨᠢᠭᠡᠳᠤᠭᠡᠷ ᠵᠠᠷᠴᠢᠮ ᠪᠤᠯ ᠰᠤᠯᠠ ᠰᠠᠯᠠᠭᠦᠭᠡᠨ ᠪᠠᠶᠢᠬᠤ ᠶᠠᠪᠤᠳᠠᠯ ᠶᠤᠮ᠃ ᠠᠵᠢᠯ ᠬᠢᠭᠡᠳ ᠰᠤᠯᠠ ᠰᠠᠯᠠᠭᠦᠦ ᠴᠦᠮ ᠱᠠᠭᠠᠷᠳᠠᠭᠳᠠᠨ᠎ᠠ᠂ ᠭᠡᠪᠡᠴᠤ ᠰᠤᠯᠠ ᠰᠠᠯᠠᠭᠦᠦ ᠨᠢ ᠠᠵᠢᠯ ᠠᠴᠠ ᠲᠠᠪᠠᠭᠤ ᠪᠠᠶᠢᠳᠠᠬ ᠮᠦᠷᠳᠡᠭᠡᠨ ᠲᠠᠷᠠ ᠪᠤᠯ ᠠᠵᠢᠯᠯᠠᠬᠤ ᠶᠢᠨ ᠵᠤᠷᠢᠯᠳᠠ ᠪᠤᠯᠳᠠᠬ ᠶᠤᠮ᠃ ᠢᠡᠭᠬᠢᠭᠰᠡᠨ ᠠᠴᠠ ᠰᠤᠯᠠ ᠰᠠᠯᠠᠭᠦᠦ ᠴᠠᠭ ᠲᠤ ᠪᠠᠨ ᠪᠢᠳᠠ ᠴᠤᠬᠤᠮ ᠶᠠᠭᠤ ᠬᠢᠭᠦ ᠪᠤᠢ ᠭᠡᠰᠡᠨ ᠠᠰᠠᠭᠤᠳᠠᠯ ᠡᠭᠦᠰᠦᠭᠰᠡᠨ ᠶᠤᠮ᠃ ᠭᠡᠯᠡᠯᠭᠡᠨ ᠦᠭᠡᠢ ᠪᠢᠳᠠ ᠵᠦᠪᠭᠡᠨ ᠦᠪᠠᠷ ᠢᠶᠠᠨ ᠪᠠᠶᠠᠷᠯᠠᠵᠤ ᠴᠡᠩᠬᠡᠭᠡᠳ ᠪᠤᠯᠬᠤ ᠦᠭᠡᠢ᠂ ᠤᠴᠢᠷ ᠨᠢ ᠭᠡᠷᠪᠡ ᠲᠠᠭᠡᠵᠦ ᠴᠡᠩᠭᠡᠭᠦ ᠳᠤ ᠭᠦᠷᠪᠡᠯ ᠲᠠᠷᠠ ᠨᠢ ᠠᠮᠢᠳᠤᠷᠠᠬᠤᠢ ᠶᠢᠨ ᠬᠠᠷᠠᠯᠳᠠ ᠪᠤᠯᠴᠢᠬᠠᠨ᠎ᠠ᠃ ᠭᠡᠷᠪᠡ ᠵᠤᠭ᠎ᠠ ᠴᠠᠩᠭᠡᠯ ᠢ ᠨᠠᠷᠢᠨ ᠬᠢᠨᠠᠮᠠᠭᠠᠢ ᠠᠵᠢᠯ ᠤᠨ ᠲᠤᠮᠳᠠ ᠪᠤᠰᠤᠳ ᠴᠠᠭ ᠦᠶ᠎ᠠ ᠠᠴᠠ ᠨᠡᠩ ᠴᠢᠬᠤᠯᠠ ᠭᠡᠵᠦ ᠦᠵᠠᠭᠦ ᠳᠤ ᠭᠦᠷᠪᠡᠯ ︵ᠤᠴᠢᠷ ᠨᠢ ᠬᠠᠳᠠᠭᠤᠵᠢᠯᠳᠠᠢ ᠠᠵᠢᠯᠯᠠᠳᠠᠬ ᠭᠦᠮᠦᠰ ᠪᠦᠷ ᠲᠠᠶᠢᠪᠤᠰᠢᠷᠠᠵᠤ ᠠᠮᠠᠷᠠᠬᠤ ᠶᠢ ᠭᠦᠰᠡᠳᠡᠭ᠂ ᠠᠵᠢᠯ ᠨᠢ ᠭᠡᠵᠢᠶᠠᠳᠠ ᠴᠢᠷᠮᠠᠶᠢᠯᠭ᠎ᠠ ᠪᠠᠶᠢᠳᠠᠬ᠂ ᠭᠠᠭᠴᠠ ᠭᠦ ᠪᠠᠶᠠᠷ ᠴᠡᠩᠭᠡᠯ ᠨᠢ ᠰᠠᠶ᠋ᠢ ᠲᠡᠭᠦᠨ ᠢ ᠠᠮᠠᠷᠠᠵᠤ ᠲᠠᠶᠢᠪᠤᠰᠢᠷᠠᠭᠤᠯᠳᠠᠬ︶ ᠪᠢᠳᠠ ᠡᠷᠭᠡᠪᠰᠢ ᠲᠤᠬᠢᠷᠠᠮᠵᠢᠳᠠᠢ ᠴᠠᠭ ᠦᠶ᠎ᠠ ᠳᠤ ᠵᠤᠭ᠎ᠠ ᠴᠡᠩᠭᠡᠯ ᠬᠢᠭᠦ ᠮᠦᠷᠳᠡᠭᠡᠨ ᠲᠠᠭᠦᠨ ᠢ ᠡᠮ ᠲᠤᠮ ᠢᠶᠠᠷ ᠦᠵᠠᠭᠦ ᠭᠡᠷᠡᠭᠳᠠᠢ᠃ ᠤᠴᠢᠷ ᠨᠢ ᠲᠠᠷᠠ ᠪᠤᠯ ᠤᠶᠤᠨ ᠰᠠᠨᠠᠭᠠᠨ ᠳᠡᠭᠡᠷ᠎ᠠ ᠰᠤᠯᠠ ᠲᠠᠶᠢᠪᠤᠭᠤ ᠰᠡᠳᠬᠢᠯᠭᠡ ᠶᠢ ᠡᠭᠦᠰᠭᠡᠵᠦ ᠪᠢᠳᠠᠨ ᠢ ᠡᠶᠢᠮᠦᠷᠭᠦᠦ ᠪᠠᠶᠠᠷ ᠵᠢᠷᠭᠠᠯ ᠤᠨ ᠲᠤᠮᠳᠠ ᠠᠮᠠᠷᠠᠭᠤᠯᠵᠤ ᠴᠢᠳᠠᠳᠠᠬ᠃ ᠭᠡᠪᠡᠴᠤ ᠡᠨᠡ ᠭᠦ ᠰᠤᠯᠠ ᠰᠠᠯᠠᠭᠦᠦ ᠶᠢᠨ ᠲᠤᠰ ᠪᠡᠶ᠎ᠡ ᠶᠢᠨ ᠤᠯᠭᠤᠭᠰᠠᠨ ᠪᠠᠶᠠᠷ ᠪᠠᠶᠠᠰᠬᠤᠯᠠᠩ᠂ ᠵᠤᠯ ᠵᠢᠷᠭᠠᠯ ᠬᠢᠭᠡᠳ ᠠᠮᠢᠳᠤᠷᠠᠯ ᠢ ᠡᠳ᠋ᠯᠡᠳᠡᠭ ᠨᠢ ᠵᠠᠪ ᠴᠢᠯᠦᠭᠡᠳᠠᠢ ᠭᠦᠮᠦᠰ ᠪᠤᠯᠬᠤ ᠠᠴᠠ ᠪᠢᠰᠢ ᠶᠠᠭᠠᠷᠠᠯᠳᠠᠢ ᠭᠦᠮᠦᠰ ᠪᠢᠰᠢ ᠶᠤᠮ᠃ ᠤᠴᠢᠷ ᠨᠢ ᠠᠵᠢᠯ ᠬᠢᠵᠤ ᠪᠠᠶᠢᠭ᠎ᠠ ᠭᠦᠮᠦᠨ ᠤ ᠰᠡᠳᠬᠢᠯ ᠳᠤ ᠭᠡᠵᠢᠶᠠᠳᠠ ᠵᠤᠷᠢᠯᠭ᠎ᠠ ᠳᠤ ᠪᠠᠨ ᠭᠦᠷᠦᠭᠡ ᠦᠭᠡᠢ ᠬᠠᠷᠠᠯᠳᠠ ᠪᠠᠶᠢᠳᠠᠬ᠃ ᠲᠠᠷᠠ ᠬᠠᠷᠠᠯᠳᠠ ᠪᠤᠯ ᠲᠠᠷᠤᠢ ᠵᠤᠯ ᠵᠢᠷᠭᠠᠯ ᠮᠦᠨ᠃ ᠪᠤᠢ ᠪᠦᠭᠦᠢ ᠭᠦᠮᠦᠨ ᠵᠤᠯ ᠵᠢᠷᠭᠠᠯ ᠢ ᠠᠪᠴᠢᠷᠠᠭᠰᠠᠨ ᠵᠦᠢᠯ ᠪᠤᠯ ᠳᠠᠷᠤᠢ ᠪᠠᠶᠠᠷ ᠪᠠᠶᠠᠰᠬᠤᠯᠠᠩ ᠭᠡᠵᠦ ᠦᠵᠠᠳᠡᠭ᠃ ᠭᠡᠪᠡᠴᠤ ᠪᠤᠳᠠᠭᠠᠯᠢ ᠪᠠᠶ᠎ᠠ ᠶᠢᠨ ᠪᠠᠶᠠᠷ ᠪᠠᠶᠠᠰᠬᠤᠯᠠᠩ ᠤᠨ ᠲᠤᠬᠠᠢ ᠦᠵᠠᠯᠳᠠ ᠠᠳᠠᠯᠢ ᠦᠭᠡᠢ ᠪᠠᠶᠢᠵᠤ᠂ ᠬᠤᠪᠢ ᠭᠦᠮᠦᠨ ᠤ ᠵᠠᠩ ᠴᠢᠨᠠᠷ ᠢ ᠲᠠᠭᠠᠯᠳᠤᠨ ᠵᠦᠷᠢᠶ᠎ᠠ ᠭᠠᠷᠳᠠᠬ᠃ ᠡᠷᠬᠢᠮ ᠲᠡᠭᠡᠳᠤ ᠭᠦᠮᠦᠨ ᠤ ᠪᠠᠶᠠᠷ ᠪᠠᠶᠠᠰᠬᠤᠯᠠᠩ ᠤᠨ ᠡᠬᠢ ᠰᠤᠷᠪᠤᠯᠵᠢ ᠪᠤᠯ ᠡᠷᠬᠢᠮ ᠨᠠᠨᠳᠢᠨ ᠪᠠᠶᠢᠳᠠᠬ᠃ ᠵᠠᠷᠢᠮ ᠲᠦᠷᠦᠯ ᠤᠨ ᠡᠷᠳᠠᠮ ᠮᠠᠳᠠᠯᠭᠡ ᠪᠠ ᠪᠤᠯᠪᠠᠰᠤᠷᠠᠯ ᠢ ᠪᠢᠳᠠ ᠵᠠᠶᠢᠯᠠᠰᠢ ᠦᠭᠡᠢ ᠰᠤᠯᠠ ᠰᠠᠯᠠᠭᠦᠦ ᠶᠢ ᠠᠰᠢᠭᠯᠠᠬᠤ ᠵᠤᠷᠢᠯᠭ᠎ᠠ ᠪᠠᠷ ᠰᠤᠳᠤᠯᠳᠠᠬ ᠨᠢ ᠮᠠᠰᠢ ᠲᠤᠳᠤᠷᠬᠠᠢ ᠪᠢᠯᠠ᠃ ᠡᠳᠡᠭᠡᠷ ᠬᠢᠴᠢᠶᠡᠯ ᠲᠦᠷᠦᠯ ᠤᠨ ᠦᠷᠳᠡᠭ ᠨᠢ ᠲᠡᠭᠦᠨ ᠤ ᠲᠤᠰ ᠪᠡᠶ᠎ᠠ ᠳᠤ ᠨᠢ ᠪᠠᠶᠢᠳᠠᠬ᠃ ᠠᠵᠢᠯ ᠶᠠᠪᠤᠳᠠᠯ ᠳᠤ ᠭᠡᠷᠡᠭᠳᠠᠢ ᠲᠠᠳᠡᠭᠡᠷ ᠮᠠᠳᠠᠯᠭᠡ ᠶᠢ ᠴᠢᠬᠤᠯᠠᠳᠠᠢ ᠭᠡᠵᠦ ᠦᠵᠡᠭᠦ ᠪᠤᠯᠪᠠᠴᠤ ᠲᠠᠷᠠ ᠨᠢ ᠪᠤᠰᠤᠳ ᠭᠡᠷᠡᠭ ᠪᠤᠳᠠᠰ ᠲᠤ ᠬᠤᠯᠪᠤᠭᠳᠠᠬᠤ ᠠᠴᠠ ᠪᠤᠯᠵᠤ ᠤᠷᠤᠰᠢᠵᠤ ᠪᠠᠶᠢᠳᠠᠬ᠃ ᠡᠶᠢᠮᠦ ᠠᠴᠠ ᠮᠠᠨ ᠤ ᠡᠪᠦᠭᠡ ᠲᠠᠭᠡᠳᠤᠰ ᠲᠠᠭᠤᠤ ᠭᠦᠭᠵᠢᠮ ᠢ ᠰᠤᠷᠭᠠᠨ ᠭᠦᠮᠦᠵᠢᠯ ᠳᠤ ᠤᠷᠤᠭᠤᠯᠤᠭᠰᠠᠨ ᠨᠢ ᠴᠢᠬᠤᠯᠠᠳᠠᠢ ᠪᠤᠶᠤ ᠠᠰᠢᠭᠳᠠᠢ ᠶᠢᠨ ᠲᠦᠯᠦᠭᠡ ᠪᠢᠰᠢ ᠶᠤᠮ᠃ ᠤᠴᠢᠷ ᠨᠢ ᠲᠠᠷᠠ ᠪᠤᠯ ᠤᠡᠭᠰᠢᠯᠭ᠎ᠠ ᠪᠠ ᠪᠢᠴᠢᠯᠭᠡ ᠰᠢᠭ ᠠᠮᠢᠳᠤᠷᠠᠬᠤ ᠳᠤ ᠭᠡᠷᠡᠭᠳᠠᠢ ᠪᠢᠰᠢ᠂ ᠭᠡᠷ ᠪᠦᠯᠢ ᠶᠢᠨ ᠭᠡᠷᠡᠭ ᠶᠠᠪᠤᠳᠠᠯ ᠢ ᠰᠢᠢᠳᠪᠤᠷᠢᠯᠡᠭᠦ ᠳᠤ ᠭᠡᠷᠡᠭᠳᠠᠢ ᠪᠢᠰᠢ᠂ ᠮᠠᠳᠠᠯᠭᠡ ᠶᠢ ᠨᠡᠮᠡᠭᠳᠠᠭᠦᠯᠭᠦ ᠪᠠ ᠤᠯᠤᠰ ᠲᠦᠷᠦ ᠶᠢᠨ ᠠᠮᠢᠳᠤᠷᠠᠯ ᠳᠤ ᠭᠡᠷᠡᠭᠳᠠᠢ ᠪᠢᠰᠢ᠃ ᠮᠦᠨ ᠴᠦ ᠵᠢᠷᠤᠭ ᠰᠤᠷᠬᠤ ᠠᠳᠠᠯᠢ ᠤᠷᠠᠯᠢᠬᠴᠢᠨ ᠤ ᠪᠦᠳᠦᠭᠡᠯ ᠳᠤ ᠤᠨᠤᠪᠴᠢᠳᠠᠢ ᠦᠨᠠᠯᠠᠯᠳᠠ ᠦᠭᠭᠦ ᠳᠤ ᠭᠡᠷᠡᠭᠳᠠᠢ ᠪᠢᠰᠢ᠂ ᠪᠠᠶ᠎ᠠ ᠶᠢᠨ ᠲᠠᠮᠢᠷ ᠠᠳᠠᠯᠢ ᠭᠦᠮᠦᠨ ᠢ ᠡᠷᠡᠭᠦᠯ ᠴᠢᠬᠢᠷᠠᠬ᠂ ᠭᠦᠴᠦᠨ ᠲᠡᠩᠭᠡᠭᠡ ᠲᠠᠢ ᠪᠤᠯᠭᠠᠵᠤ ᠴᠢᠳᠠᠬᠤ ᠦᠭᠡᠢ᠃ ᠲᠠᠭᠡᠷᠡᠬᠢ ᠴᠢᠳᠠᠪᠤᠷᠢ ᠶᠢᠨ ᠨᠢᠭᠡ ᠵᠦᠢᠯ ᠢ ᠴᠦ ᠲᠠᠭᠤᠤ ᠭᠦᠭᠵᠢᠮ ᠠᠴᠠ ᠤᠯᠵᠤ ᠴᠢᠳᠠᠬᠤ ᠦᠭᠡᠢ ᠶᠤᠮ᠃ ᠲᠡᠭᠡᠪᠡᠯ ᠳᠠᠭᠤᠤ ᠭᠦᠭᠵᠢᠮ ᠤᠨ ᠦᠯᠠᠳᠡᠭᠰᠡᠨ ᠦᠢᠯᠠᠳᠤᠯ ᠨᠢ ᠶᠠᠭᠤ ᠪᠤᠢ︖ ᠭᠡᠪᠡᠯ ᠳᠠᠷᠤᠢ ᠰᠤᠯᠠ ᠰᠠᠯᠠᠭᠦᠦ ᠴᠠᠭ ᠲᠤ ᠤᠶᠤᠨᠴᠢ ᠭᠦᠷᠳᠡᠭᠡᠯ ᠢ ᠬᠠᠨᠭ᠍ᠭᠠᠬᠤ ᠯᠠ ᠲᠠᠳᠤᠢ ᠶᠤᠮ᠃ ᠳᠠᠭᠤᠤ ᠭᠦᠭᠵᠢᠮ ᠢ ᠬᠢᠴᠢᠶᠠᠯ ᠲᠦᠷᠤᠯ ᠳᠤ ᠤᠷᠤᠭᠤᠯᠤᠭᠰᠠᠨ ᠤ ᠰᠢᠯᠳᠠᠭᠠᠨ ᠬᠢᠭᠡᠳ ᠦᠨᠳᠤᠰᠤᠯᠠᠯ ᠨᠢ ᠳᠠᠷᠤᠢ ᠡᠭᠦᠨ ᠳᠤ ᠪᠤᠢ᠃ ᠡᠨᠡ ᠪᠤᠯ ᠴᠢᠯᠦᠭᠡᠳᠠᠢ ᠠᠷᠠᠳ ᠤᠨ ᠰᠠᠯᠡᠭᠦᠴᠡᠵᠤ ᠠᠮᠠᠷᠠᠬᠤ ᠨᠢᠭᠡ ᠵᠦᠢᠯ ᠤᠨ ᠭᠡᠯᠪᠠᠷᠢ ᠪᠤᠯᠤᠨ᠎ᠠ᠃ ᠡᠳᠤᠮᠧᠷ ᠤᠨ ᠲᠤᠤᠯᠢ ᠳᠤ ᠲᠤᠷᠠᠳᠤᠭᠰᠠᠨ ᠤᠳᠢᠰᠢᠤᠰ ︵ᠡᠷᠳᠠᠨ ᠤ ᠭᠷᠧᠭ ᠤᠨ ᠡᠳᠤᠮᠧᠷ ᠤᠨ ᠲᠤᠤᠯᠢ ︽ᠤᠳᠢᠰᠠᠢ︾ ᠶᠢᠨ ᠭᠤᠤᠯ ᠪᠠᠭᠠᠳᠤᠷ︶ ᠤᠨ ᠭᠡᠯᠡᠭᠰᠡᠨ ᠭᠦᠮᠦᠨ ᠤ ᠠᠮᠢᠳᠤᠷᠠᠬᠤᠢ ᠶᠢᠨ ᠬᠠᠮᠤᠭ ᠤᠨ ᠭᠤᠸ᠎ᠠ ᠰᠠᠶᠢᠬᠠᠨ ᠶᠠᠪᠤᠳᠠᠯ ᠪᠤᠯ ︽ᠦᠷᠦᠭᠡ ᠲᠦᠭᠦᠷᠠᠩ ᠵᠤᠴᠢᠳ ᠤᠨ ᠬᠠᠮᠳᠤ ᠪᠠᠶᠠᠷ ᠪᠠᠶᠠᠰᠬᠤᠯᠠᠩᠳᠠᠢ ᠳᠠᠭᠤᠤ ᠭᠦᠭᠵᠢᠮ ᠰᠤᠨᠤᠰᠬᠤ ᠶᠠᠪᠤᠳᠠᠯ ᠪᠤᠯᠤᠨ᠎ᠠ︾ ᠭᠡᠰᠡᠨ ᠶᠤᠮ᠃      ᠲᠡᠭᠡᠪᠡᠯ᠂ ᠡᠶᠢᠮᠦ ᠨᠢᠭᠡᠨ ᠰᠤᠷᠭᠠᠨ ᠭᠦᠮᠦᠵᠢᠯ ᠪᠠᠶᠢᠵᠤ᠂ ᠡᠴᠢᠭᠡ ᠡᠭᠡ ᠨᠢ ᠲᠡᠭᠦᠨ ᠢ ᠭᠡᠷᠡᠭᠯᠡᠵᠦ ᠦᠷ᠎ᠠ ᠭᠡᠤᠭᠡᠳ ᠢᠶᠠᠨ ᠰᠤᠷᠭᠠᠬᠤ ᠪᠤᠯᠤᠭᠰᠠᠨ ᠨᠢ ᠲᠠᠭᠦᠨ ᠤ ᠭᠡᠷᠡᠭᠴᠡᠭᠡ ᠪᠤᠶᠤ ᠭᠡᠷᠡᠭᠳᠠᠢ ᠪᠠᠶᠢᠬᠤ ᠳᠤ ᠪᠠᠶᠢᠭ᠎ᠠ ᠪᠢᠰᠢ ᠬᠠᠷᠢᠨ ᠲᠡᠭᠦᠨ ᠤ ᠡᠷᠭᠡ ᠴᠢᠯᠦᠭᠡᠳᠠᠢ ᠪᠠ ᠡᠷᠬᠢᠮ ᠲᠡᠭᠡᠳᠤ ᠳᠤ ᠨᠢ ᠪᠠᠶᠢᠭ᠎ᠠ ᠶᠤᠮ᠃ ᠡᠨᠡ ᠲᠦᠷᠤᠯ ᠤᠨ ᠰᠤᠷᠭᠠᠨ ᠭᠦᠮᠦᠵᠢᠯ ᠨᠢ ᠨᠢᠭᠡ ᠵᠦᠢᠯ ᠳᠤ ᠬᠢᠵᠠᠭᠠᠷᠯᠠᠭᠳᠠᠳᠠᠬ ᠤᠤ ᠡᠰᠠᠭᠦᠯ᠎ᠠ ᠭᠡᠳᠤᠨ ᠵᠦᠢᠯ ᠪᠠᠶᠢᠳᠠᠬ ᠤᠤ︖ ᠭᠡᠷᠪᠠ ᠨᠢᠭᠡ ᠵᠦᠢᠯ ᠪᠢᠰᠢ ᠪᠤᠯ ᠲᠠᠷᠠ ᠨᠢ ᠶᠠᠭᠤ ᠶᠠᠭᠤ ᠪᠠᠶᠢᠵᠤ᠂ ᠭᠡᠷᠬᠢᠨ ᠵᠢᠭᠠᠨ ᠰᠤᠷᠭᠠᠳᠠᠬ ᠪᠤᠢ︖      ᠡᠭᠦᠨ ᠢ ᠬᠤᠵᠢᠮ ᠤᠨ ᠡᠳᠦᠷ ᠯᠠᠪᠳᠠᠢ ᠰᠢᠢᠳᠪᠤᠷᠢᠯᠡᠭᠦ ᠶᠤᠮ᠃ ᠪᠢᠳᠠᠨ ᠤ ᠡ᠊ᠨᠳᠠ ᠭᠡᠯᠡᠵᠦ ᠪᠠᠶᠢᠭ᠎ᠠ ᠵᠦᠢᠯ ᠳᠤ ᠡᠷᠳᠠᠨ ᠤ ᠭᠦᠮᠦᠨ ᠪᠢᠳᠠᠨ ᠳᠤ ᠭᠡᠷᠡᠴᠢ ᠪᠤᠯᠤᠭᠰᠠᠨ ᠶᠤᠮ᠃ ᠤᠴᠢᠷ ᠨᠢ ᠲᠠᠳᠠᠨ ᠤ ᠰᠠᠨᠠᠯ ᠨᠢ ᠳᠠᠭᠤᠤ ᠭᠦᠭᠵᠢᠮ ᠪᠤᠯ ᠬᠠᠮᠳᠤ ᠶᠢᠨ ᠮᠠᠳᠠᠷᠠᠵᠤ ᠪᠦᠭᠦᠢ ᠤᠯᠠᠮᠵᠢᠯᠠᠯᠳᠤ ᠰᠤᠷᠭᠠᠨ ᠭᠦᠮᠦᠵᠢᠯ ᠤᠨ ᠬᠢᠴᠢᠶᠡᠯ ᠲᠦᠷᠤᠯ ᠤᠨ ᠨᠢᠭᠡ ᠪᠦᠯᠦᠭ ᠪᠤᠯᠬᠤ ᠪᠤᠳᠠᠳᠤ ᠶᠠᠪᠤᠳᠠᠯ ᠠᠴᠠ ᠮᠠᠭᠠᠳᠯᠠᠨ ᠭᠠᠷᠭᠠᠭᠰᠠᠨ ᠪᠢᠯᠡ᠃ ᠡᠭᠦᠨ ᠠᠴᠠ ᠭᠠᠳᠠᠨ᠎ᠠ ᠭᠡᠤᠭᠡᠳ ᠲᠤ ᠮᠠᠰᠢ ᠤᠯᠠᠨ ᠭᠡᠷᠡᠭᠳᠠᠢ ᠭᠡᠷᠡᠭ ᠪᠤᠳᠠᠰ ᠢ ᠵᠢᠭᠠᠬᠤ ᠪᠤᠯ ᠵᠠᠶᠢᠯᠠᠰᠢ ᠦᠭᠡᠢ ᠶᠤᠮ᠃ ᠵᠢᠱᠢᠶᠡᠯᠡᠪᠡᠯ᠂ ᠤᠡᠭᠰᠢᠬᠤ ᠪᠠ ᠪᠢᠴᠢᠭᠦ ᠪᠤᠯᠤᠨ᠎ᠠ᠃ ᠲᠠᠷᠠ ᠨᠢ ᠲᠤᠰ ᠪᠠᠶ᠎ᠠ ᠨᠢ ᠭᠡᠷᠡᠭᠳᠠᠢ ᠪᠦᠭᠡᠳ ᠲᠠᠭᠦᠨ ᠢᠶᠠᠷ ᠲᠠᠮᠵᠢᠨ ᠮᠠᠰᠢ ᠤᠯᠠᠨ ᠦᠭᠡᠷ᠎ᠡ ᠦᠭᠡᠷ᠎ᠠ ᠮᠠᠳᠠᠯᠭᠡ ᠶᠢ ᠤᠯᠳᠠᠬ ᠶᠤᠮ᠃ ᠭᠡᠤᠭᠡᠳ ᠲᠤ ᠵᠢᠷᠤᠭ ᠵᠢᠷᠤᠬᠤ ᠶᠢ ᠰᠤᠷᠭᠠᠳᠠᠬ ᠨᠢ ᠮᠦᠨ ᠴᠦ ᠡᠨᠡ ᠦᠵᠠᠯᠳᠠ ᠠᠴᠠ ᠡᠭᠦᠰᠦᠭᠰᠡᠨ ᠶᠤᠮ᠃ ᠲᠠᠷᠠ ᠨᠢ ᠵᠦᠪᠭᠡᠨ ᠠᠷᠠᠯᠵᠢᠶ᠎ᠠ ᠬᠤᠳᠠᠯᠳᠤᠭᠠᠨ ᠤ ᠲᠤᠮᠳᠠ ᠪᠤᠷᠤᠭᠤᠳᠬᠤ ᠪᠤᠶᠤ ᠮᠠᠭᠡᠯᠡᠭᠳᠡᠭᠦ ᠶᠢ ᠰᠠᠷᠭᠡᠶᠢᠯᠡᠭᠦ ᠶᠢᠨ ᠲᠦᠯᠦᠭᠡ ᠪᠢᠰᠢ ᠬᠠᠷᠢᠨ ᠲᠠᠳᠠᠨ ᠢ ᠭᠦᠮᠦᠨ ᠤ ᠪᠠᠶ᠎ᠠ ᠲᠦᠷᠭᠦ ᠶᠢᠨ ᠭᠤᠸ᠎ᠠ ᠰᠠᠶᠢᠬᠠᠨ ᠢ ᠦᠨᠡᠯᠡᠭᠴᠢ ᠪᠤᠯᠭᠠᠬᠤ ᠶᠢᠨ ᠲᠦᠯᠦᠭᠡ ᠶᠤᠮ᠃ ᠨᠢᠭᠡ ᠯᠡ ᠰᠡᠳᠬᠢᠯ ᠢᠶᠠᠷ ᠭᠡᠷᠡᠭᠳᠠᠢ ᠵᠦᠢᠯ ᠢ ᠭᠦᠭᠡᠭᠡᠴᠡᠯᠳᠤᠭᠦ ᠨᠢ ᠡᠷᠭᠡ ᠴᠢᠯᠦᠭᠡᠳᠠᠢ ᠰᠡᠳᠬᠢᠯᠭᠡ ᠶᠢ ᠪᠦᠷᠢᠯᠳᠤᠭᠦᠯᠵᠦ ᠴᠢᠳᠠᠬᠤ ᠦᠭᠡᠢ᠃ ᠡᠶᠢᠮᠦ ᠠᠴᠠ ᠰᠤᠷᠭᠠᠨ ᠭᠦᠮᠦᠵᠢᠯ ᠳᠤ ᠦᠢᠯᠠᠳᠤᠯᠭᠡ ᠨᠢ ᠤᠨᠤᠯ ᠠᠴᠠ ᠡᠮᠦᠨ᠎ᠠ ᠪᠠᠶᠢᠬᠤ ᠭᠡᠷᠡᠭᠳᠠᠢ᠃ ᠪᠡᠶ᠎ᠠ ᠮᠠᠬᠠᠪᠤᠳ ᠤᠨ ᠪᠤᠯᠪᠠᠰᠤᠷᠠᠯ ᠨᠢ ᠡᠷᠭᠡᠪᠰᠢ ᠤᠶᠤᠨ ᠤᠬᠠᠭᠠᠨ ᠤ ᠪᠤᠯᠪᠠᠰᠤᠷᠠᠯ ᠠᠴᠠ ᠡᠮᠦᠨ᠎ᠠ ᠪᠠᠶᠢᠬᠤ ᠭᠡᠷᠡᠭᠳᠠᠢ᠃ ᠡᠶᠢᠮᠦ ᠠᠴᠠ ᠡᠷᠡᠭᠳᠠᠢ ᠭᠡᠤᠭᠡᠳ ᠲᠤ ᠲᠠᠳᠠᠨ ᠤ ᠪᠠᠶ᠎ᠠ ᠮᠠᠬᠠᠪᠤᠳ ᠤᠨ ᠲᠠᠳᠬᠠᠯ ᠢ ᠭᠦᠮᠦᠵᠢᠭᠦᠯᠭᠦ ᠳᠤ ᠲᠤᠬᠢᠷᠠᠭᠰᠠᠨ ᠰᠤᠷᠭᠠᠭᠴᠢ ᠪᠠ ᠪᠠᠶ᠎ᠠ ᠲᠠᠮᠢᠷ ᠤᠨ ᠪᠤᠯᠪᠠᠰᠤᠷᠠᠯ ᠢ ᠵᠢᠭᠠᠬᠤ ᠪᠠᠭᠰᠢ ᠶᠢ ᠤᠯᠵᠤ ᠦᠭᠭᠦ ᠭᠡᠷᠡᠭᠳᠠᠢ ᠪᠠᠶᠢᠳᠠᠬ᠃           ︵︽ᠪᠠᠭᠰᠢ ᠶᠢᠨ ᠬᠤᠷᠸ᠎ᠠ︾ ᠰᠡᠳᠭᠦᠯ ᠤᠨ 2019 ᠤᠨ ᠤ 10 ᠳ᠋ᠤᠭᠠᠷ           ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠵᠤ ᠪᠠᠭᠤᠯᠭᠠᠪᠠ︶                       2020 ᠣᠨ ᠤ 10 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map