ᠭᠦᠨ ᠵᠤᠵᠠᠭᠠᠨ ᠬᠠᠶᠢᠷ᠎ᠠ ᠰᠡᠳᠬᠢᠯᠭᠡ︕ ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ  ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠤᠨ ᠬᠢᠨ ︽ᠨᠤᠲᠤᠭ ᠤᠨ ᠳᠠᠭᠤᠤ ᠪᠠᠨ ᠨᠠᠮ ᠳᠤ ᠪᠠᠨ ᠡᠷᠭᠦᠶ᠎ᠡ︾ ᠭᠡᠰᠡᠨ ᠳᠠᠭᠤᠤ ᠶᠢ ᠬᠠᠩᠭᠢᠨᠠᠭᠤᠯᠪᠠ
ᠨᠡᠶᠢᠲᠡᠯᠡᠭᠰᠡᠨ ᠴᠠᠭ᠄
2021/5/31
     ᠬᠤᠪᠢᠰᠬᠠᠯᠲᠤ ᠰᠣᠩᠭᠤᠳᠠᠭ ᠳᠠᠭᠤᠤ ᠶᠢ ᠳᠠᠭᠤᠯᠠᠵᠤ᠂ ᠴᠠᠭ ᠦᠶ᠎ᠡ ᠶᠢᠨ ᠬᠦᠴᠦᠲᠦ ᠳᠠᠭᠤᠨ ᠢ ᠬᠠᠮᠲᠤ ᠪᠠᠷ ᠴᠤᠤᠷᠢᠶᠠᠳᠤᠭᠤᠯᠤᠶ᠎ᠠ᠃ ᠲᠤᠮᠳᠠᠳᠤ ᠤᠯᠤᠰ ᠤᠨ ᠡᠪ ᠬᠠᠮᠳᠤ ᠨᠠᠮ ᠪᠠᠶᠢᠭᠤᠯᠤᠭᠳᠠᠭᠰᠠᠨ 100 ᠵᠢᠯ ᠤᠨ ᠤᠢ ᠶᠢ ᠪᠡᠯᠭᠡᠯᠡᠬᠦ ᠶᠢᠨ ᠲᠥᠯᠥᠭᠡ᠂ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠲᠢᠩᠬᠢᠮ ᠠᠴᠠ ᠪᠦᠬᠦ ᠣᠷᠣᠨ ᠤ ᠳᠡᠭᠡᠳᠦ ᠰᠤᠷᠭᠠᠭᠤᠯᠢ ᠳᠤ ︽ᠮᠠᠭᠲᠠᠭᠠᠯ ᠳᠠᠭᠤᠤ ᠪᠠᠨ ᠨᠠᠮ ᠳᠤ ᠪᠠᠨ ᠡᠷᠭᠦᠶ᠎ᠡ · ᠰᠢᠨ᠎ᠡ ᠴᠠᠭ ᠦᠶ᠎ᠡ ᠳᠤ ᠡᠷᠡᠯᠬᠡᠭᠯᠡᠨ ᠤᠷᠤᠭᠰᠢᠯᠠᠶ᠎ᠠ︾ ᠭᠡᠬᠦ ᠬᠤᠪᠢᠰᠬᠠᠯᠲᠤ ᠳᠠᠭᠤᠤ ᠶᠢ ᠵᠠᠯᠭᠠᠭᠤᠯᠤᠨ ᠳᠠᠭᠤᠯᠠᠬᠤ ᠠᠵᠢᠯᠯᠠᠭ᠎ᠠ ᠶᠢ ᠥᠷᠨᠢᠭᠦᠯᠪᠡ᠃ ᠳᠡᠭᠡᠳᠦ ᠰᠤᠷᠭᠠᠭᠤᠯᠢ ᠶᠢᠨ ᠪᠠᠭᠰᠢ ᠰᠤᠷᠤᠭᠴᠢᠳ ᠨᠠᠷᠢᠨ ᠨᠢᠮᠪᠠᠢ ᠳᠡᠯᠭᠡᠷᠡᠭᠦᠯᠵᠦ᠂ ᠵᠠᠯᠭᠠᠭᠤᠯᠤᠨ ᠳᠠᠭᠤᠯᠠᠵᠠᠭᠠᠵᠤ ᠪᠠᠶᠢᠨ᠎ᠠ᠃      ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ         —︽ᠨᠤᠲᠤᠭ ᠤᠨ ᠳᠠᠭᠤᠤ ᠪᠠᠨ ᠨᠠᠮ ᠳᠤ ᠪᠠᠨ ᠡᠷᠭᠦᠶ᠎ᠡ︾      ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ

     ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ

ᠪᠣᠯ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠳᠠᠭᠤᠷᠢᠶᠠᠯ ᠦᠵᠡᠭᠦᠯᠬᠦ ᠳᠡᠭᠡᠳᠦ ᠵᠡᠷᠭᠡ ᠶᠢᠨ ᠠᠵᠢᠯ

ᠮᠡᠷᠭᠡᠵᠢᠯ ᠤᠨ ᠰᠤᠷᠭᠠᠭᠤᠯᠢ᠂ ᠥᠪᠡᠷᠲᠡᠭᠡᠨ ᠵᠠᠰᠠᠬᠤ ᠣᠷᠣᠨ ᠤ ᠬᠠᠮᠤᠭ ᠤᠨ ᠡᠷᠲᠡ ᠵᠢᠩᠬᠢᠨᠢ ᠠᠩᠭᠢ ᠶᠢᠨ ᠲᠤᠰᠬᠠᠶ

ᠮᠡᠷᠭᠡᠵᠢᠯ ᠢ ᠨᠡᠭᠡᠭᠡᠭᠰᠡᠨ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ᠂ ᠥᠪᠡᠷᠲᠡᠭᠡᠨ ᠵᠠᠰᠠᠬᠤ ᠣᠷᠣᠨ ᠤ

ᠴᠣᠷᠢ ᠶᠢᠨ ᠭᠠᠭᠴᠠ ᠮᠠᠰᠲ᠋ᠧᠷ ᠤᠨ ᠴᠡᠭ ᠭᠠᠷᠭᠠᠭᠰᠠᠨ᠂ ᠰᠣᠳᠤᠯᠬᠤ ᠰᠣᠷᠤᠭᠴᠢ ᠬᠥᠮᠦᠵᠢᠭᠦᠯᠦᠭᠰᠡᠨ ᠳᠡᠭᠡᠳᠦ

ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠪᠣᠯᠤᠨ᠎ᠠ᠃ ᠲᠦᠮᠡᠳ ᠪᠠᠷᠠᠭᠤᠨ ᠬᠤᠰᠢᠭᠤᠨ ᠤ ᠠᠷᠠᠳ ᠤᠨ

ᠵᠠᠰᠠᠭ ᠤᠨ ᠣᠷᠳᠣᠨ ᠲᠠᠢ ᠬᠠᠮᠲᠤᠷᠠᠨ 4 ᠳ᠋ᠦᠩᠰᠢᠭᠤᠷ ᠰᠢᠬᠠᠮ ᠲᠥᠭᠦᠷᠢᠭ ᠤᠨ ᠪᠡᠯᠡ ᠣᠷᠣᠭᠤᠯᠵᠤ ᠪᠦᠲᠦᠭᠡᠨ

ᠪᠠᠶᠢᠭᠤᠯᠤᠭᠰᠠᠨ ︽ᠳᠤᠮᠳᠠᠳᠤ ᠤᠯᠤᠰ · ᠴᠡᠯᠡᠭᠡᠷ ᠲᠠᠯ᠎ᠠ ᠤᠳᠤ ᠦᠶ᠎ᠡ ᠶᠢᠨ ᠲᠠᠷᠢᠶᠠᠯᠠᠩ ᠤᠨ ᠦᠵᠡᠰᠬᠦᠯᠡᠩ ᠤᠨ

ᠬᠦᠷᠢᠶᠡᠯᠡᠩ︾᠂ ︽ᠦᠢᠯᠡᠳᠪᠦᠷᠢᠯᠡᠬᠦ ᠰᠤᠷᠬᠤ ᠰᠣᠳᠤᠯᠬᠤ ᠡᠭᠦᠳᠬᠦ ᠵᠤᠭᠠᠴᠠᠯ︾ ᠤᠨ ᠴᠢᠳᠠᠮᠵᠢ ᠶᠢ

ᠲᠥᠪᠯᠡᠷᠡᠭᠦᠯᠦᠭᠰᠡᠨ ᠨᠢᠭᠡ ᠴᠣᠭᠴᠠ ᠨᠢ ᠪᠤᠭᠤᠲᠤ ᠶᠢᠨ ᠤᠯᠤᠰ ᠤᠨ ᠲᠠᠷᠢᠶᠠᠯᠠᠩ ᠤᠨ ᠰᠢᠨᠵᠢᠯᠡᠬᠦ ᠤᠬᠠᠭᠠᠨ ᠲᠧᠭᠨᠢᠭ

ᠮᠡᠷᠭᠡᠵᠢᠯ ᠤᠨ ᠬᠦᠷᠢᠶᠡᠯᠡᠩ ᠤᠨ ᠭᠤᠣᠯ ᠲᠣᠭᠤᠷᠢᠭ ᠪᠣᠯᠵᠤ᠂ ᠲᠠᠷᠢᠶᠠᠯᠠᠩ ᠪᠠ ᠬᠥᠳᠡᠭᠡ ᠲᠣᠰᠬᠤᠨ ᠤ ᠶᠠᠮᠤᠨ ᠳᠤ

︽ᠤᠯᠤᠰ ᠤᠨ ᠤᠳᠤ ᠦᠶ᠎ᠡ ᠶᠢᠨ ᠲᠠᠷᠢᠶᠠᠯᠠᠩ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠳᠠᠭᠤᠷᠢᠶᠠᠯ

ᠦᠵᠡᠭᠦᠯᠬᠦ ᠰᠠᠭᠤᠷᠢᠨ ᠭᠠᠵᠠᠷ︾ ᠢᠶᠠᠷ ᠦᠨᠡᠯᠡᠭᠳᠡᠵᠡᠢ᠃

     ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠠᠵᠢᠯ ᠮᠡᠷᠭᠡᠵᠢᠯ ᠤᠨ ᠳᠡᠭᠡᠳᠦ

ᠰᠤᠷᠭᠠᠭᠤᠯᠢ ᠨᠢ ᠦᠪᠦᠷ ᠮᠤᠩᠭᠤᠯ ᠳᠤ ᠰᠠᠭᠤᠷᠢᠯᠠᠵᠤ᠂ ᠰᠢᠨ᠎ᠡ ᠲᠠᠷᠢᠶᠠᠴᠢᠨ᠂ ᠰᠢᠨ᠎ᠡ ᠲᠠᠷᠢᠶᠠᠯᠠᠩ᠂ ᠰᠢᠨ᠎ᠡ

ᠬᠥᠳᠡᠭᠡ ᠲᠣᠰᠬᠤᠨ ᠳᠤ ᠬᠠᠨᠳᠤᠵᠤ᠂ ᠶᠣᠰᠣ ᠰᠤᠷᠲᠠᠬᠤᠨ ᠢ ᠪᠤᠢ ᠪᠣᠯᠭᠠᠨ ᠬᠥᠮᠦᠨ ᠢ ᠬᠥᠮᠦᠵᠢᠭᠦᠯᠵᠦ᠂

ᠲᠠᠷᠢᠶᠠᠯᠠᠩ ᠢ ᠬᠦᠴᠦᠷᠬᠡᠭᠵᠢᠭᠦᠯᠦᠨ ᠲᠠᠷᠢᠶᠠᠯᠠᠩ ᠢ ᠬᠥᠭᠵᠢᠭᠦᠯᠪᠡ᠃ ᠠᠵᠢᠯ ᠮᠡᠷᠭᠡᠵᠢᠯ ᠤᠨ ᠵᠢᠩᠬᠢᠨᠢ ᠠᠩᠭᠢ ᠶᠢᠨ

ᠰᠤᠷᠭᠠᠨ ᠬᠥᠮᠦᠵᠢᠯ ᠢᠶᠠᠷ ᠭᠤᠤᠯ ᠴᠣᠭᠴᠠ ᠪᠣᠯᠭᠠᠨ᠂ ᠲᠤᠰᠬᠠᠶ ᠮᠡᠷᠭᠡᠵᠢᠯ ᠤᠨ ᠡᠷᠳᠡᠮ ᠤᠨ ᠴᠣᠯᠠ ᠶᠢᠨ

ᠮᠠᠰᠲ᠋ᠧᠷ ᠤᠨ ᠰᠤᠷᠭᠠᠨ ᠬᠥᠮᠦᠵᠢᠯ ᠢᠶᠠᠷ ᠵᠢᠯᠣᠭᠤᠳᠤᠭᠤᠯᠵᠤ᠂ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠨ

ᠬᠥᠮᠦᠵᠢᠯ ᠲᠠᠢ ᠬᠤᠯᠪᠣᠭᠠᠯᠠᠨ ᠬᠥᠳᠡᠯᠦᠯᠴᠡᠵᠦ᠂ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠲᠤᠰᠬᠠᠶ ᠮᠡᠷᠭᠡᠵᠢᠯ ᠤᠨ

ᠠᠩᠭᠢ᠂ ᠠᠵᠢᠯ ᠮᠡᠷᠭᠡᠵᠢᠯ ᠤᠨ ᠵᠢᠩᠬᠢᠨᠢ ᠠᠩᠭᠢ᠂ ᠲᠤᠰᠬᠠᠶ ᠮᠡᠷᠭᠡᠵᠢᠯ ᠤᠨ ᠡᠷᠳᠡᠮ ᠤᠨ ᠴᠣᠯᠠ ᠶᠢᠨ ᠮᠠᠰᠲ᠋ᠧᠷ ᠵᠡᠷᠭᠡ

ᠪᠥᠬᠦ ᠳᠠᠪᠬᠤᠷᠭᠠᠨ ᠳᠤ ᠲᠤᠰᠬᠠᠶ ᠮᠡᠷᠭᠡᠵᠢᠯ ᠤᠨ ᠰᠤᠷᠭᠠᠨ ᠬᠥᠮᠥᠵᠢᠯ ᠤᠨ ᠳᠣᠭᠲᠠᠯᠴᠠᠭ᠎ᠠ ᠶᠢ ᠪᠠᠶᠢᠭᠤᠯᠪᠠ᠃

ᠣᠨᠴᠠᠯᠢᠭᠲᠤ ᠳᠤᠰᠬᠠᠢ ᠮᠡᠷᠭᠡᠵᠢᠯ ᠤᠨ ᠴᠤᠭᠯᠠᠷᠠᠯ ᠤᠨ ᠪᠥᠲᠦᠭᠡᠨ ᠪᠠᠶᠢᠭᠤᠯᠤᠯᠲᠠ ᠠᠴᠠ ᠭᠠᠷᠳᠠᠵᠤ᠂ ᠲᠠᠷᠢᠶᠠᠯᠠᠩ

ᠮᠠᠯ ᠠᠵᠤ ᠠᠬᠤᠶ ᠶᠢᠨ ᠲᠥᠷᠥᠯ ᠤᠨ ᠲᠤᠰᠬᠠᠶ ᠮᠡᠷᠭᠡᠵᠢᠯ ᠢᠶᠠᠷ ᠭᠤᠤᠯᠳᠠᠯᠭ᠎ᠠ ᠪᠣᠯᠭᠠᠨ᠂ ᠲᠠᠷᠢᠶᠠᠯᠠᠩ᠂ ᠠᠵᠤ

ᠦᠢᠯᠡᠳᠪᠦᠷᠢ᠂ ᠠᠵᠤ ᠠᠬᠤᠶ᠂ ᠬᠠᠮᠢᠶᠠᠷᠤᠯᠲᠠ᠂ ᠨᠡᠶᠢᠭᠡᠮ ᠤᠨ ᠰᠢᠨᠵᠢᠯᠡᠬᠦ ᠤᠬᠠᠭᠠᠨ ᠵᠡᠷᠭᠡ ᠶᠢ ᠵᠣᠬᠢᠴᠠᠩᠭᠤᠶ ᠪᠠᠷ

ᠬᠥᠭᠵᠢᠭᠦᠯᠬᠦ ᠰᠢᠨᠵᠢᠯᠡᠭᠡᠨ ᠤ ᠰᠠᠯᠠᠭᠠᠨ ᠤ ᠲᠤᠰᠬᠠᠶ ᠮᠡᠷᠭᠡᠵᠢᠯ ᠤᠨ ᠳᠣᠭᠲᠠᠯᠴᠠᠭ᠎ᠠ ᠶᠢ ᠲᠡᠭᠦᠯᠳᠡᠷᠵᠢᠭᠦᠯᠪᠡ᠃ ᠠᠵᠤ

ᠦᠢᠯᠡᠰ ᠤᠨ ᠴᠢᠨᠠᠷᠯᠢᠭ ᠬᠥᠭᠵᠢᠯᠲᠡ ᠳᠤ ᠦᠢᠯᠡᠴᠢᠯᠡᠬᠦ ᠪᠠᠷ ᠤᠳᠤᠷᠢᠳᠤᠮᠵᠢ ᠪᠣᠯᠭᠠᠵᠤ᠂ ᠠᠵᠢᠯ ᠮᠡᠷᠭᠡᠵᠢᠯ ᠤᠨ

ᠴᠢᠳᠠᠪᠤᠷᠢ ᠶᠢ ᠬᠥᠮᠦᠵᠢᠭᠦᠯᠬᠦ ᠠᠴᠠ ᠭᠠᠷᠳᠠᠵᠤ᠂ ᠠᠵᠢᠯ ᠮᠡᠷᠭᠡᠵᠢᠯ ᠤᠨ ᠰᠤᠷᠭᠠᠨ ᠬᠥᠮᠦᠵᠢᠯ ᠤᠨ ᠰᠢᠨ᠎ᠡ ᠬᠡᠪ

ᠵᠠᠭᠪᠤᠷ ᠢ ᠬᠠᠶᠢᠨ ᠰᠦᠪᠡᠭᠴᠢᠯᠡᠵᠦ᠂ ᠥᠨᠳᠥᠷ ᠬᠡᠪ ᠪᠣᠯᠪᠠᠰᠤᠷᠠᠯ ᠪᠥᠬᠦᠶ ᠳᠡᠭᠡᠳᠦ ᠲᠠᠰ ᠤᠨ ᠴᠢᠳᠠᠪᠤᠷᠢᠲᠠᠨ ᠢ

ᠬᠥᠮᠦᠵᠢᠭᠦᠯᠵᠦ᠂ ᠰᠤᠷᠭᠠᠭᠤᠯᠢ ᠪᠠᠨ ᠠᠵᠢᠯ ᠮᠡᠷᠭᠡᠵᠢᠯ ᠤᠨ ᠰᠤᠷᠭᠠᠨ ᠬᠥᠮᠦᠵᠢᠯ ᠤᠨ ᠳᠣᠭᠲᠠᠯᠴᠠᠭᠠᠨ ᠤ ᠳᠠᠪᠠᠭᠤᠯᠢᠭ

ᠲᠣᠪᠤᠶᠢᠮ᠎ᠠ᠂ ᠲᠤᠰᠬᠠᠶ ᠮᠡᠷᠭᠡᠵᠢᠯ ᠤᠨ ᠣᠨᠴᠠᠯᠢᠭ ᠢᠯᠡ ᠲᠣᠳᠣ᠂ ᠦᠢᠯᠡᠳᠪᠦᠷᠢᠯᠡᠯ ᠪᠠ ᠵᠢᠭᠠᠨ ᠰᠤᠷᠭᠠᠯᠲᠠ ᠶᠢᠨ

ᠠᠭᠤᠰᠤᠯᠴᠠᠭ᠎ᠠ ᠨᠢᠭᠲᠠ᠂ ᠰᠤᠷᠭᠠᠭᠤᠯᠢ ᠡᠷᠭᠢᠯᠡᠬᠦ ᠪᠠᠶᠢᠷᠢᠰᠢᠯ ᠣᠯᠠᠨ ᠡᠰᠢᠵᠢᠭᠰᠡᠨ ᠣᠲᠣ ᠦᠶ᠎ᠡ ᠶᠢᠨ ᠥᠨᠳᠥᠷ

ᠬᠢᠷᠢ ᠲᠦᠪᠰᠢᠨ ᠪᠥᠬᠦᠢ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠪᠣᠯᠭᠠᠨ ᠪᠥᠲᠥᠭᠡᠨ ᠪᠠᠶᠢᠭᠤᠯᠪᠠ᠃

     ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ

 ᠨᠢ ︽ᠲᠠᠷᠢᠶᠠᠯᠠᠩ ᠤᠨ ᠬᠠᠮᠢᠶᠠᠷᠤᠯᠲᠠ︾᠂ ︽ᠵᠤᠭᠠᠴᠠᠯ ᠤᠨ ᠬᠠᠮᠢᠶᠠᠷᠤᠯᠲᠠ︾ ᠪᠠ ︽ᠤᠷᠠᠯᠢᠭ︾ ᠵᠡᠷᠭᠡ 3

ᠮᠠᠰᠲ᠋ᠧᠷ ᠤᠨ ᠴᠡᠭ ᠲᠠᠢ᠂ ᠳ᠋ᠣᠺᠲ᠋ᠤᠷᠠᠨᠲ ᠤᠨ ᠵᠢᠯᠣᠭᠤᠳᠣᠭᠴᠢ ᠪᠠᠭᠰᠢ 1᠂ ᠮᠠᠰᠲ᠋ᠧᠷ ᠤᠨ ᠵᠢᠯᠣᠭᠤᠳᠣᠭᠴᠢ ᠪᠠᠭᠰᠢ

26 ᠪᠣᠶ᠃ ᠣᠲᠣ ᠵᠢᠩᠬᠢᠨᠢ ᠠᠩᠭᠢ ᠶᠢᠨ ᠲᠤᠰᠬᠠᠶ ᠮᠡᠷᠭᠡᠵᠢᠯ 23᠂ ᠲᠤᠰᠬᠠᠶ ᠮᠡᠷᠭᠡᠵᠢᠯ ᠤᠨ ᠠᠩᠭᠢ ᠶᠢᠨ

ᠮᠡᠷᠭᠡᠵᠢᠯ 34 ᠪᠠᠶᠢᠵᠤ᠂ ᠲᠠᠷᠢᠶᠠᠯᠠᠩ᠂ ᠮᠠᠯ ᠠᠵᠤ ᠠᠬᠤᠶ᠂ ᠢᠳᠡᠭᠡᠨ ᠤ ᠲᠥᠷᠥᠯ ᠤᠨ ᠲᠤᠰᠬᠠᠶ ᠮᠡᠷᠭᠡᠵᠢᠯ ᠢᠶᠠᠷ  

ᠭᠤᠣᠯᠯᠠᠭᠤᠯᠵᠤ᠂ ᠲᠧᠭᠨᠢᠭ ᠮᠡᠷᠭᠡᠵᠢᠯ᠂ ᠠᠵᠤ ᠠᠬᠤᠶ᠂ ᠬᠠᠮᠢᠶᠠᠷᠤᠯᠲᠠ᠂ ᠨᠡᠶᠢᠭᠡᠮ ᠤᠨ ᠰᠢᠨᠵᠢᠯᠡᠬᠦ ᠤᠬᠠᠭᠠᠨ ᠵᠡᠷᠭᠡ

ᠲᠤᠰᠬᠠᠶ ᠮᠡᠷᠭᠡᠵᠢᠯ ᠢ ᠵᠣᠬᠢᠴᠠᠩᠭᠤᠶ ᠪᠠᠷ ᠬᠥᠭᠵᠢᠭᠦᠯᠦᠭᠰᠡᠨ 9 ᠲᠤᠰᠬᠠᠶ ᠮᠡᠷᠭᠡᠵᠢᠯ ᠤᠨ ᠴᠤᠭᠯᠠᠷᠠᠯ ᠲᠠᠢ ᠪᠣᠯᠵᠠᠶ᠃

ᠴᠡᠴᠡᠷᠯᠢᠭ ᠤᠨ ᠮᠡᠷᠭᠡᠵᠢᠯ ᠤᠨ ᠲᠤᠰᠬᠠᠶ ᠮᠡᠷᠭᠡᠵᠢᠯ ᠪᠠ ᠮᠠᠯ ᠠᠵᠤ ᠠᠬᠤᠶ ᠮᠠᠯ ᠡᠮᠨᠡᠯᠭᠡ ᠶᠢᠨ ᠲᠤᠰᠬᠠᠶ ᠮᠡᠷᠭᠡᠵᠢᠯ ᠨᠢ

ᠪᠥᠬᠦ ᠤᠯᠤᠰ ᠤᠨ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠨ ᠬᠥᠮᠦᠵᠢᠯ ᠤᠨ ᠵᠢᠭᠠᠨ ᠰᠤᠷᠭᠠᠯᠲᠠ ᠶᠢᠨ

ᠥᠭᠡᠷᠡᠴᠢᠯᠡᠯᠲᠡ ᠶᠢᠨ ᠲᠤᠷᠰᠢᠯᠲᠠ ᠶᠢᠨ ᠲᠤᠰᠬᠠᠶ ᠮᠡᠷᠭᠡᠵᠢᠯ ᠪᠠᠶᠢᠵᠤ᠂ ᠡᠭᠦᠨ ᠤ ᠬᠠᠮᠲᠤ ᠴᠡᠴᠡᠷᠯᠢᠭ ᠤᠨ

ᠮᠡᠷᠭᠡᠵᠢᠯ ᠤᠨ ᠲᠤᠰᠬᠠᠶ ᠮᠡᠷᠭᠡᠵᠢᠯ ᠨᠢ ᠪᠥᠬᠦ ᠤᠯᠤᠰ ᠤᠨ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠨ

ᠬᠥᠮᠥᠵᠢᠯ ᠶᠢᠨ ᠰᠣᠳᠣᠨ ᠮᠡᠷᠭᠡᠵᠢᠯ︔ ᠰᠤᠷᠭᠠᠭᠤᠯᠢ ᠶᠢᠨ 10 ᠲᠤᠰᠬᠠᠶ ᠮᠡᠷᠭᠡᠵᠢᠯ ᠨᠢ ᠥᠪᠡᠷᠲᠡᠭᠡᠨ ᠵᠠᠰᠠᠬᠤ

ᠣᠷᠣᠨ ᠤ ᠨᠠᠷᠠᠲᠤ ᠲᠡᠮᠳᠡᠭᠲᠦ ᠶᠢᠨ ᠲᠤᠰᠬᠠᠶ ᠮᠡᠷᠭᠡᠵᠢᠯ ᠢᠶᠠᠷ ᠦᠨᠡᠯᠡᠭᠳᠡᠵᠦ᠂ ᠡᠭᠦᠨ ᠳᠤ ᠥᠪᠡᠷᠲᠡᠭᠡᠨ ᠵᠠᠰᠠᠬᠤ

ᠣᠷᠣᠨ ᠤ ᠭᠤᠣᠯᠳᠠᠯᠭᠠᠲᠠᠢ ᠪᠥᠲᠥᠭᠡᠨ ᠪᠠᠶᠢᠭᠤᠯᠤᠯᠲᠠ ᠶᠢᠨ ᠲᠤᠰᠬᠠᠶ ᠮᠡᠷᠭᠡᠵᠢᠯ 1︔ ᠥᠪᠡᠷᠲᠡᠭᠡᠨ ᠵᠠᠰᠠᠬᠤ

ᠣᠷᠣᠨ ᠤ ᠰᠢᠯᠢᠳᠡᠭ ᠬᠢᠴᠢᠶᠡᠯ 12᠂ ᠥᠪᠡᠷᠲᠡᠭᠡᠨ ᠵᠠᠰᠠᠬᠤ ᠣᠷᠣᠨ ᠤ ᠲᠠᠰ ᠤᠨ ᠲᠡᠷᠢᠭᠦᠨ ᠤ ᠬᠢᠴᠢᠶᠡᠯ 6᠂

ᠬᠡᠷᠡᠭᠯᠡᠭᠡᠨ ᠤ ᠤᠷᠭᠤᠮᠠᠯ ᠪᠠ ᠠᠮᠢᠳᠤ ᠪᠣᠳᠠᠰ ᠤᠨ ᠤᠬᠠᠭᠠᠨ ᠤ ᠰᠠᠭᠤᠷᠢ ᠨᠢ ᠤᠯᠤᠰ ᠤᠨ ᠰᠣᠳᠣᠨ ᠬᠢᠴᠢᠶᠡᠯ ᠪᠣᠯᠪᠠ᠃

     ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ

 ᠨᠢ ᠪᠦᠬᠦ ᠤᠯᠤᠰ ᠤᠨ ᠠᠩᠬᠠᠳᠠᠭᠴᠢ ᠳᠡᠭᠡᠳᠦ ᠵᠡᠷᠭᠡ ᠶᠢᠨ ᠰᠤᠷᠭᠠᠨ ᠬᠥᠮᠦᠵᠢᠯ ᠤᠨ ᠮᠤᠷᠢᠨ ᠮᠡᠷᠭᠡᠵᠢᠯ ᠤᠨ ᠲᠤᠰᠬᠠᠢ

ᠮᠡᠷᠭᠡᠵᠢᠯ ᠢ ᠪᠠᠶᠢᠭᠤᠯᠵᠤ᠂ ᠪᠦᠬᠦ ᠤᠯᠤᠰ ᠤᠨ ᠠᠩᠬᠠᠳᠠᠭᠴᠢ ᠤᠶᠤᠲᠠᠳ ᠤᠨ ᠮᠤᠷᠢᠨ ᠪᠥᠮᠪᠦᠭᠡᠨ ᠤ ᠠᠩᠬᠢ ᠶᠢ

ᠪᠠᠶᠢᠭᠤᠯᠵᠤ᠂ ᠪᠦᠬᠦ ᠤᠯᠤᠰ ᠤᠨ ᠠᠩᠬᠠᠳᠠᠭᠴᠢ ᠠᠳᠤᠭᠤᠨ ᠤ ᠦᠢᠯᠡᠰ ᠤᠨ ᠴᠢᠳᠠᠪᠤᠷᠢᠲᠠᠨ ᠢ ᠬᠥᠮᠦᠵᠢᠭᠦᠯᠬᠦ

ᠰᠤᠷᠭᠠᠨ ᠬᠥᠮᠦᠵᠢᠯ ᠤᠨ ᠬᠤᠯᠪᠣᠭ᠎ᠠ ᠶᠢ ᠡᠭᠦᠰᠭᠡᠨ ᠪᠠᠶᠢᠭᠤᠯᠵᠤ᠂ ᠤᠯᠤᠰ ᠤᠨ ᠳᠣᠲᠣᠭᠠᠳᠤ ᠶᠢᠨ ᠲᠡᠷᠢᠭᠦᠨ ᠤ᠂

ᠤᠯᠠᠨ ᠤᠯᠤᠰ ᠲᠠᠢ ᠵᠤᠯᠭᠠᠭᠤᠯᠤᠭᠰᠠᠨ ᠠᠳᠤᠭᠤᠨ ᠤ ᠦᠢᠯᠡᠰ ᠤᠨ ᠴᠢᠳᠠᠪᠤᠷᠢᠲᠠᠨ ᠢ ᠬᠥᠮᠦᠵᠢᠭᠦᠯᠬᠦ ᠰᠠᠭᠤᠷᠢᠨ ᠢ

ᠦᠷᠭᠦᠯᠵᠢᠯᠡᠨ ᠪᠠᠶᠢᠭᠤᠯᠵᠤ᠂ ᠳᠤᠮᠳᠠᠳᠤ ᠤᠯᠤᠰ ᠤᠨ ᠤᠳᠤ ᠦᠶ᠎ᠡ ᠶᠢᠨ ᠠᠳᠤᠭᠤᠨ ᠤ ᠦᠢᠯᠡᠰ ᠤᠨ

ᠴᠢᠳᠠᠪᠤᠷᠢᠲᠠᠨ ᠢ ᠬᠥᠮᠦᠵᠢᠭᠦᠯᠬᠦ ᠴᠢᠭᠯᠡᠯ ᠢ ᠬᠦᠳᠦᠯᠥᠨ ᠳᠠᠭᠠᠭᠤᠯᠵᠠᠢ᠃

     ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ

ᠪᠣᠯ ᠪᠥᠬᠦ ᠣᠷᠣᠨ ᠤ ᠴᠣᠷᠢ ᠶᠢᠨ ᠭᠠᠭᠴᠠ ︽ᠥᠪᠡᠷᠲᠡᠭᠡᠨ ᠵᠠᠰᠠᠬᠤ ᠣᠷᠣᠨ ᠤ ᠦᠨᠳᠦᠰᠦᠨ ᠱᠠᠲᠤᠨ ᠤ

ᠲᠠᠷᠢᠶᠠᠯᠠᠩ ᠤᠨ ᠮᠡᠷᠭᠡᠵᠢᠯ ᠢ ᠳᠡᠯᠭᠡᠷᠡᠭᠦᠯᠵᠦ ᠠᠵᠢᠯᠲᠠᠨ ᠤ ᠮᠡᠳᠡᠯᠭᠡ ᠶᠢ ᠰᠢᠨᠡᠴᠢᠯᠡᠬᠦ ᠪᠣᠯᠪᠠᠰᠤᠷᠠᠭᠤᠯᠤᠯ︾ ᠢ

ᠡᠭᠦᠷᠭᠡᠯᠡᠬᠦ ᠬᠢᠷᠢ ᠬᠡᠮ ᠢ ᠪᠦᠷᠢᠳᠦᠭᠦᠯᠦᠭᠰᠡᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ᠂ ᠥᠪᠡᠷᠲᠡᠭᠡᠨ ᠵᠠᠰᠠᠬᠤ

ᠣᠷᠣᠨ ᠤ ᠲᠠᠰ ᠤᠨ ᠴᠡᠷᠢᠭ ᠠᠴᠠ ᠬᠠᠯᠠᠭᠳᠠᠭᠰᠠᠳ ᠤᠨ ᠬᠥᠮᠦᠵᠢᠯ ᠪᠣᠯᠪᠠᠰᠤᠷᠠᠭᠤᠯᠤᠯ ᠤᠨ ᠰᠠᠭᠤᠷᠢᠨ ᠭᠠᠵᠠᠷ᠂

ᠤᠯᠤᠰ ᠪᠠ ᠥᠪᠡᠷᠲᠡᠭᠡᠨ ᠵᠠᠰᠠᠬᠤ ᠣᠷᠣᠨ ᠤ ᠲᠠᠰ ᠤᠨ ᠠᠵᠢᠯ ᠮᠡᠷᠭᠡᠵᠢᠯ ᠤᠨ ᠤᠷ᠎ᠠ ᠴᠢᠳᠠᠪᠤᠷᠢ ᠶᠢ ᠬᠢᠨᠠᠨ

ᠲᠣᠭᠲᠠᠭᠠᠬᠤ ᠭᠠᠵᠠᠷ᠂ ᠥᠪᠡᠷᠲᠡᠭᠡᠨ ᠵᠠᠰᠠᠬᠤ ᠣᠷᠣᠨ ᠤ ᠬᠠᠮᠤᠭ ᠤᠨ ᠡᠷᠲᠡᠨ ᠤ ᠠᠵᠢᠯ ᠮᠡᠷᠭᠡᠵᠢᠯ ᠤᠨ ᠤᠷ᠎ᠠ

ᠴᠢᠳᠠᠪᠤᠷᠢ ᠶᠢ ᠬᠢᠨᠠᠨ ᠲᠣᠭᠲᠠᠭᠠᠬᠤ ᠨᠢᠭᠡᠴᠢ ᠪᠠᠶᠢᠵᠤ᠂ ᠪᠥᠬᠦ ᠣᠷᠣᠨ ᠤ  ᠠᠩᠬᠠᠳᠠᠭᠴᠢ ᠪᠦᠯᠦᠭ ᠤᠨ

︽ᠥᠪᠡᠷᠲᠡᠭᠡᠨ ᠵᠠᠰᠠᠬᠤ ᠣᠷᠣᠨ ᠤ ᠳᠡᠭᠡᠳᠦ ᠳᠡᠰ ᠤᠨ ᠴᠢᠳᠠᠪᠤᠷᠢᠲᠠᠨ ᠢ ᠬᠥᠮᠦᠵᠢᠭᠦᠯᠬᠦ ᠰᠠᠭᠤᠷᠢᠨ ᠭᠠᠵᠠᠷ︾ ᠶᠤᠮ᠃

     ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ

 ᠨᠢ ᠲᠡᠯᠡᠬᠡᠢ ᠳᠤ ᠬᠠᠨᠳᠤᠭᠤᠯᠤᠭᠰᠠᠨ ᠰᠤᠷᠭᠠᠭᠤᠯᠢ ᠡᠷᠬᠢᠯᠡᠬᠦ ᠠᠬᠢᠴᠠ ᠶᠢ ᠢᠳᠡᠪᠬᠢᠲᠡᠢ ᠠᠬᠢᠭᠤᠯᠵᠤ᠂ ᠲᠡᠷᠢᠭᠦᠨ ᠤ

ᠰᠤᠷᠭᠠᠨ ᠬᠥᠮᠦᠵᠢᠯ ᠤᠨ ᠣᠨᠣᠯᠵᠢᠬᠤᠨ ᠪᠣᠯᠤᠨ ᠰᠢᠯᠢᠳᠡᠭ ᠰᠤᠷᠭᠠᠨ ᠬᠥᠮᠦᠵᠢᠯ ᠤᠨ ᠡᠬᠢ ᠪᠠᠶᠠᠯᠢᠭ ᠢ ᠣᠷᠣᠭᠤᠯᠤᠨ

ᠠᠪᠴᠢᠷᠠᠵᠤ᠂ ᠰᠤᠷᠤᠭᠴᠢᠳ ᠤᠨ ᠳᠡᠯᠡᠬᠡᠢ ᠶᠢᠨ ᠬᠠᠷᠠᠭᠠᠰᠤ ᠶᠢ ᠥᠷᠭᠡᠳᠬᠡᠪᠡ᠃ ᠠᠩᠭ᠍ᠯᠢ᠂ ᠹᠷᠠᠨᠼᠢ᠂ ᠬᠤᠯᠠᠨᠳ᠋᠂

ᠣᠷᠣᠰ᠂ ᠠᠮᠧᠷᠢᠺᠠ᠂ ᠺᠠᠨᠠᠳᠠ᠂ ᠠᠦ᠋ᠰᠲᠷᠠᠯᠢᠶ᠎ᠠ᠂ ᠶᠠᠫᠣᠨ᠂ ᠺᠣᠷᠢᠶᠠ᠂ ᠲᠠᠢ ᠤᠯᠤᠰ᠂ ᠮᠠᠯᠳᠠᠶᠢᠹ᠂ ᠲᠠᠵᠢᠺᠰᠲ᠋ᠠᠨ᠂

ᠮᠠᠦ᠋ᠷᠢᠲ᠋ᠢᠦ᠋ᠰ᠂ ᠮᠣᠩᠭᠤᠯ ᠤᠯᠤᠰ ᠵᠡᠷᠭᠡ 14 ᠤᠯᠤᠰ ᠤᠨ ᠠᠵᠢᠯ ᠲᠥᠷᠦᠯ ᠤᠨ ᠬᠢᠨ ᠤ ᠨᠡᠶᠢᠭᠡᠮᠯᠢᠭ᠂ ᠠᠵᠤ

ᠠᠬᠤᠶᠢᠯᠠᠯ᠂ ᠳᠡᠭᠡᠳᠦ ᠰᠤᠷᠭᠠᠭᠤᠯᠢ ᠵᠢᠴᠢ ᠰᠢᠶᠠᠩᠭᠠᠩ ᠤᠨ ᠮᠣᠷᠢᠨ ᠤᠷᠤᠯᠳᠤᠭᠠᠨ ᠤ ᠨᠡᠶᠢᠭᠡᠮᠯᠢᠭ ᠲᠠᠢ ᠬᠠᠮᠲᠤᠷᠠᠨ

ᠰᠤᠷᠭᠠᠭᠤᠯᠢ ᠡᠷᠭᠢᠯᠡᠬᠦ ᠬᠠᠷᠢᠴᠠᠭ᠎ᠠ ᠪᠠᠶᠢᠭᠤᠯᠵᠠᠶ᠃ ᠠᠷᠪᠠᠨ ᠭᠤᠷᠪᠠᠳᠤᠭᠠᠷ ᠲᠠᠪᠤᠨ ᠵᠢᠯ ᠤᠨ ᠲᠥᠯᠥᠪᠵᠢᠭᠦᠯᠭᠡ ᠠᠴᠠ

ᠨᠠᠭᠠᠰᠢ᠂ 31 ᠰᠣᠷᠣᠭᠴᠢ ᠣᠯᠠᠨ ᠤᠯᠤᠰ ᠤᠨ ︽3+2︾ ᠲᠤᠰᠬᠠᠶ ᠮᠡᠷᠭᠡᠵᠢᠯ ᠠᠴᠠ ᠵᠢᠩᠬᠢᠨᠢ ᠠᠩᠭᠢ ᠳᠤ

ᠳᠡᠪᠰᠢᠬᠦ ᠲᠥᠰᠦᠯ ᠢᠶᠠᠷ ᠳᠡᠮᠵᠢᠨ ᠭᠠᠳᠠᠭᠠᠳᠤ ᠳᠤ ᠭᠠᠷᠴᠤ ᠵᠢᠩᠬᠢᠨᠢ ᠠᠩᠭᠢ ᠶᠢᠨ ᠡᠷᠳᠡᠮ ᠤᠨ ᠴᠣᠯᠠ ᠶᠢ

ᠬᠠᠮᠠᠭᠠᠯᠠᠬᠤ ᠪᠠᠷ ᠰᠤᠷᠤᠯᠴᠠᠵᠤ᠂ 43 ᠰᠣᠷᠣᠭᠴᠢ ᠳᠡᠯᠡᠬᠡᠶᠢᠴᠢᠯᠡᠬᠦ ᠲᠤᠰᠬᠠᠶ ᠮᠡᠷᠭᠡᠵᠢᠯ ᠤᠨ ᠪᠣᠯᠪᠠᠰᠤᠷᠠᠯ ᠢ

ᠭᠥᠷᠳᠡᠵᠦ᠂ 103 ᠰᠣᠷᠣᠭᠴᠢ ᠶᠢ ᠰᠣᠩᠭᠤᠨ ᠭᠠᠳᠠᠭᠠᠳᠤ ︵ᠬᠢᠯᠢ ᠶᠢᠨ ᠭᠠᠳᠠᠨ᠎ᠠ︶ ᠳᠤ ᠣᠴᠢᠭᠤᠯᠵᠤ ᠲᠤᠰᠬᠠᠶ

ᠮᠡᠷᠭᠡᠵᠢᠯ ᠤᠨ ᠳᠠᠳᠤᠯᠭ᠎ᠠ ᠪᠣᠯᠪᠠᠰᠤᠷᠠᠯ ᠬᠢᠯᠭᠡᠬᠦ ᠪᠠ ᠭᠠᠳᠠᠭᠠᠳᠤ ᠳᠤ ᠵᠣᠷᠢᠭᠤᠯᠤᠭᠰᠠᠨ ᠬᠢᠲᠠᠳ ᠬᠡᠯᠡ ᠪᠠᠷ ᠰᠤᠷᠭᠠᠨ

ᠬᠥᠮᠦᠵᠢᠯ ᠢ ᠳᠡᠮᠵᠢᠬᠦ ᠵᠡᠷᠭᠡ ᠲᠥᠰᠦᠯ ᠢ ᠬᠢᠯᠭᠡᠵᠦ᠂ ᠢᠰᠫᠠᠨᠢ ᠶᠢᠨ ᠺᠠᠷᠲ᠋ᠠᠾᠤᠨᠠ ᠪᠠᠶᠢᠭᠠᠯᠢ ᠲᠧᠭᠨᠢᠭ ᠤᠨ

ᠤᠬᠠᠭᠠᠨ ᠤ ᠶᠡᠭᠡ ᠰᠤᠷᠭᠠᠭᠤᠯᠢ᠂ ᠺᠣᠷᠢᠶᠠ ᠶᠢᠨ ᠴᠢ ᠮᠢᠩ ᠶᠡᠭᠡ ᠰᠤᠷᠭᠠᠭᠤᠯᠢ ᠲᠠᠢ ᠬᠠᠮᠲᠤᠷᠠᠯᠴᠠᠭᠠᠨ ᠤ ᠬᠡᠯᠡᠯᠴᠡᠭᠡᠷ

ᠲᠣᠭᠲᠠᠵᠤ᠂ ᠲᠤᠰᠬᠠᠶ ᠮᠡᠷᠭᠡᠵᠢᠯ ᠠᠴᠠ ᠮᠠᠰᠲ᠋ᠧᠷ ᠳᠡᠪᠰᠢᠬᠦ ᠲᠥᠰᠦᠯ ᠢ ᠬᠡᠷᠡᠭᠵᠢᠭᠦᠯᠪᠡ᠃

     ᠤᠭ ᠰᠠᠨᠠᠭ᠎ᠠ ᠪᠠᠨ ᠦᠯᠦ ᠮᠠᠷᠲᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠦᠪᠦᠷ

ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠬᠢᠨ

ᠶᠡᠷᠦᠩᠬᠡᠶ ᠱᠦᠵᠢ ᠰᠢ ᠶᠢᠨ ᠫᠢᠩ ᠤᠨ ᠪᠦᠬᠦ ᠤᠯᠤᠰ ᠤᠨ ᠲᠠᠷᠢᠶᠠᠯᠠᠩ ᠲᠠᠢ ᠬᠤᠯᠪᠣᠭᠳᠠᠬᠤ ᠳᠡᠭᠡᠳᠦ

ᠰᠤᠷᠭᠠᠭᠤᠯᠢ ᠶᠢᠨ ᠱᠦᠵᠢ᠂ ᠵᠠᠬᠢᠷᠤᠯ ᠪᠣᠯᠤᠨ ᠲᠤᠰᠬᠠᠶ ᠮᠡᠷᠭᠡᠵᠢᠯᠲᠡᠨ ᠤ ᠲᠥᠯᠦᠭᠡᠯᠡᠭᠴᠢᠳ ᠲᠤ ᠢᠯᠡᠭᠡᠭᠰᠡᠨ

ᠬᠠᠷᠢᠭᠤ ᠵᠠᠬᠢᠳᠠᠯ ᠤᠨ ᠵᠣᠷᠢᠭ ᠰᠠᠨᠠᠭ᠎ᠠ ᠶᠢ ᠭᠦᠨᠵᠡᠭᠡᠶ ᠰᠤᠷᠤᠯᠴᠠᠨ ᠲᠤᠭᠤᠰᠢᠯᠠᠭᠤᠯᠵᠤ ᠨᠠᠶᠢᠳᠠᠪᠤᠷᠢᠵᠢᠭᠤᠯᠵᠤ

ᠪᠠᠶᠢᠨ᠎ᠠ᠃ ︽ᠪᠦᠯᠬᠦᠮᠳᠡᠬᠦ᠂ ᠦᠨᠡᠨ ᠢ ᠪᠠᠷᠢᠮᠲᠠᠯᠠᠬᠤ᠂ ᠮᠡᠳᠡᠯᠭᠡ ᠪᠠᠨ ᠥᠷᠭᠡᠳᠭᠡᠬᠦ᠂ ᠰᠢᠨ᠎ᠡ ᠶᠢ ᠡᠭᠦᠳᠬᠦ︾

ᠰᠤᠷᠭᠠᠭᠤᠯᠢ ᠶᠢᠨ ᠰᠤᠷᠭᠠᠯ ᠪᠠ ︽ᠠᠵᠢᠯ ᠦᠢᠯᠡᠰ ᠢᠶᠠᠨ ᠳᠡᠭᠡᠳᠦᠯᠡᠨ ᠪᠣᠳᠠᠲᠠᠶ ᠶᠢ ᠡᠷᠬᠢᠮᠯᠡᠬᠦ᠂ ᠪᠦᠯᠬᠦᠮᠳᠡᠨ ᠬᠤᠪᠢ

ᠨᠡᠮᠡᠷᠢ ᠦᠵᠡᠭᠦᠯᠬᠦ᠂ ᠵᠠᠮ ᠨᠡᠭᠡᠭᠡᠨ ᠤᠷᠤᠭᠰᠢᠯᠠᠬᠤ᠂ ᠲᠡᠰᠪᠦᠷᠢ ᠬᠠᠲᠠᠭᠤᠵᠢᠯᠲᠠᠶ ᠪᠠᠷ ᠦᠢᠯᠡᠰ  ᠪᠣᠰᠬᠠᠬᠤ︾ ᠠᠵᠢᠯ

ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠵᠣᠷᠢᠭ ᠰᠠᠨᠠᠭ᠎ᠠ ᠶᠢ ᠪᠠᠷᠢᠮᠲᠠᠯᠠᠨ᠂ ᠥᠭᠡᠷᠡᠴᠢᠯᠡᠯᠲᠡ ᠬᠢᠵᠦ ᠰᠢᠨ᠎ᠡ ᠶᠢ

ᠡᠭᠦᠳᠴᠦ᠂ ᠡᠷᠡᠰ ᠰᠢᠭᠤᠷᠬᠠᠶ ᠪᠠᠷ ᠤᠷᠤᠭᠰᠢᠯᠠᠨ ᠳᠡᠪᠰᠢᠵᠦ᠂ ᠶᠣᠰᠣ ᠰᠤᠷᠲᠠᠬᠤᠨ ᠢ ᠪᠣᠶ ᠪᠣᠯᠭᠠᠵᠤ ᠬᠥᠮᠦᠨ ᠢ

ᠬᠥᠮᠦᠵᠢᠭᠦᠯᠬᠦ ᠪᠠᠷ ᠦᠨᠳᠦᠰᠦ ᠪᠣᠯᠭᠠᠵᠤ᠂ ᠲᠠᠷᠢᠶᠠᠯᠠᠩ ᠢ ᠬᠦᠴᠦᠷᠬᠡᠭᠵᠢᠭᠦᠯᠦᠨ ᠲᠠᠷᠢᠶᠠᠯᠠᠩ ᠢ ᠬᠥᠭᠵᠢᠭᠦᠯᠬᠦ ᠪᠠᠷ

ᠡᠭᠦᠷᠭᠡ ᠪᠠᠨ ᠪᠣᠯᠭᠠᠵᠤ᠂ ᠰᠡᠳᠬᠢᠯ ᠢᠶᠠᠨ ᠨᠢᠭᠲᠠᠷᠠᠭᠤᠯᠤᠨ ᠬᠦᠴᠦᠨ ᠢᠶᠠᠨ ᠲᠥᠪᠯᠡᠷᠡᠭᠦᠯᠵᠦ᠂ ᠨᠠᠷᠢᠯᠢᠭ ᠳᠠᠷᠢᠵᠤ

ᠨᠢᠮᠪᠠᠶ ᠠᠷᠠᠴᠢᠯᠠᠵᠤ᠂ ᠠᠷᠠᠳ ᠲᠦᠮᠡᠨ ᠳᠤ ᠲᠠᠭᠠᠰᠢᠶᠠᠭᠳᠠᠭᠰᠠᠨ ᠰᠤᠷᠭᠠᠨ ᠬᠥᠮᠦᠵᠢᠯ ᠢ ᠰᠠᠶᠢᠲᠤᠷ ᠡᠷᠬᠢᠯᠡᠵᠦ᠂

ᠦᠵᠡᠰᠬᠦᠯᠡᠩᠲᠦ ᠰᠠᠶᠢᠬᠠᠨ ᠦᠪᠦᠷ ᠮᠤᠩᠭᠤᠯ ᠢᠶᠠᠨ ᠪᠥᠲᠥᠭᠡᠨ ᠪᠠᠶᠢᠭᠤᠯᠬᠤ ᠳᠤ ᠨᠠᠩ ᠶᠡᠭᠡ ᠰᠢᠨ᠎ᠡ ᠬᠤᠪᠢ ᠨᠡᠮᠡᠷᠢ

ᠦᠵᠡᠭᠦᠯᠦᠨ᠎ᠡ᠃

   

 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map