ᠲᠤᠮᠳᠠᠳᠤ ᠤᠯᠤᠰ ᠤᠨ ᠭᠦᠮᠦᠨ ᠲᠤᠭᠠᠨ ᠤ ᠤᠬᠠᠭᠠᠨ ᠳᠤ ᠪᠠᠨ ᠦᠨᠡᠭᠡᠷ ᠰᠠᠶᠢᠨ ᠤᠤ
ᠨᠡᠶᠢᠲᠡᠯᠡᠭᠰᠡᠨ ᠴᠠᠭ᠄
2021/4/28
                                   ᠬᠤ᠋ ᠰᠢᠤ ᠵᠦᠸᠧ      ᠲᠤᠮᠳᠠᠳᠤ ᠤᠯᠤᠰ ᠤᠨ ᠭᠦᠮᠦᠨ ᠲᠤᠭᠠᠨ ᠤ ᠤᠬᠠᠭᠠᠨ ᠳᠤ ᠪᠠᠨ ᠰᠠᠶᠢᠨ ᠭᠡᠳᠡᠭ ᠢ ᠲᠠᠯᠠᠭᠡᠢ ᠪᠠᠷ ᠢᠶᠠᠨ ᠪᠦᠷ ᠵᠦᠪᠰᠢᠶᠠᠷᠠᠳᠡᠭ ᠶᠤᠮ᠃ ᠭᠡᠳᠡᠯ᠎ᠡ ᠲᠤᠮᠳᠠᠳᠤ ᠤᠯᠤᠰ ᠤᠨ ᠭᠦᠮᠦᠨ ᠤ ᠲᠤᠭᠠᠨ ᠤ ᠤᠬᠠᠭᠠᠨ ᠤ ᠰᠤᠳᠤᠯᠤᠯ ᠤᠨ ᠲᠠᠪᠰᠢᠯᠳᠠ ᠨᠢ ᠲᠡᠭᠦᠨ ᠲᠠᠢ ᠪᠠᠨ ᠲᠤᠬᠢᠷᠠᠯᠴᠠᠬᠤ ᠦᠭᠡᠢ ᠪᠠᠶᠢᠳᠠᠬ᠃ ᠶᠠᠮᠠᠷ ᠤᠴᠢᠷ ᠠᠴᠠ ᠪᠤᠢ︖      ᠲᠠᠯᠠᠭᠡᠢ ᠶᠢᠨ ᠭᠦᠮᠦᠰ ᠠᠮᠧᠷᠢᠺᠠ ᠶᠢᠨ ᠰᠤᠷᠤᠭᠴᠢᠳ ᠤᠨ ᠲᠤᠭᠠᠨ ᠤ ᠤᠬᠠᠭᠠᠨ ᠤ ᠬᠢᠷᠢ ᠭᠡᠮᠵᠢᠶ᠎ᠠ ᠶᠢ ᠦᠯᠦ ᠲᠤᠭᠤᠮᠰᠠᠷᠯᠠᠬᠤ ᠨᠢ ᠶᠠᠬ ᠯᠡ ᠲᠠᠳᠠᠨ ᠤ ᠦᠵᠠᠵᠤ ᠲᠠᠳᠤᠭᠰᠠᠨ ᠲᠤᠮᠳᠠᠳᠤ ᠶᠢᠨ ᠰᠤᠷᠤᠭᠴᠢᠳ ᠤᠨ ︽ᠠᠪᠢᠶᠠᠰ ᠪᠢᠯᠢᠭ︾ ᠢ ᠭᠠᠶᠢᠬᠠᠨ ᠪᠢᠰᠢᠷᠡᠭᠦ ᠲᠠᠢ ᠠᠳᠠᠯᠢᠬᠠᠨ ᠪᠤᠯᠵᠠᠢ᠃ ᠡᠯᠧᠺᠲᠷᠤᠨ ᠪᠤᠳᠤᠯᠭ᠎ᠠ ᠶᠢᠨ ᠮᠠᠰᠢᠨ ᠠᠴᠠ ᠰᠠᠯᠪᠠᠯ ᠲᠦᠷᠪᠡᠨ ᠦᠢᠯᠠᠳᠤᠯ ᠤᠨ ᠪᠤᠳᠤᠯᠭ᠎ᠠ ᠶᠢ ᠪᠤᠳᠤᠵᠤ ᠴᠢᠳᠠᠬᠤ ᠦᠭᠡᠢ᠂ sinx/n ᠢ ︽SIX︾ ᠪᠤᠯᠭᠠᠨ ᠪᠤᠳᠤᠬᠤ ᠮᠡᠳᠤ ᠢᠨᠢᠶᠡᠳᠤᠮ ᠠᠮᠧᠷᠢᠺᠠ ᠶᠢᠨ ᠰᠤᠷᠤᠭᠴᠢᠳ ᠤᠨ ᠲᠤᠳᠤᠷ᠎ᠠ ᠤᠯᠠᠨ ᠪᠤᠯᠬᠤᠷ ︽ᠭᠡᠤᠭᠡᠳ ᠢ ᠠᠪᠤᠷᠠᠰᠤᠭᠠᠢ︾ ᠭᠡᠰᠡᠨ ᠶᠠᠷᠢᠶ᠎ᠠ ᠭᠡᠯᠡᠯᠴᠡᠭᠡ ᠵᠦᠡᠭᠳᠡᠭᠡᠨ ᠦᠷᠨᠢᠵᠤ ᠯᠠ ᠪᠠᠶᠢᠳᠠᠬ᠃ ᠲᠠᠳᠠᠨ ᠲᠠᠢ ᠠᠳᠠᠯᠢᠳᠬᠠᠪᠠᠯ ᠲᠤᠮᠳᠠᠳᠤ ᠶᠢᠨ ᠰᠤᠷᠤᠭᠴᠢᠳ ᠤᠨ ᠲᠤᠭᠠᠨ ᠤ ᠤᠬᠠᠭᠠᠨ ᠤ ᠴᠢᠳᠠᠪᠤᠷᠢ ᠶᠢ ᠠᠮᠧᠷᠢᠺᠠ ᠶᠢᠨ ᠤᠯᠠᠩᠬᠢ ᠰᠤᠷᠤᠭᠴᠢ ᠭᠠᠶᠢᠬᠠᠨ ᠪᠢᠰᠢᠷᠡᠳᠡᠭ᠃      ᠨᠢᠭᠡ᠂ ᠲᠤᠮᠳᠠᠳᠤ ᠤᠯᠤᠰ ᠤᠨ ᠭᠦᠮᠦᠨ ᠤ ᠲᠤᠭᠠᠨ ᠤ ᠤᠬᠠᠭᠠᠨ ᠶᠠᠭᠠᠬᠢᠭᠠᠳ ᠰᠠᠶᠢᠨ ᠪᠠᠶᠢᠳᠠᠬ ᠪᠤᠢ      ᠠᠵᠤ ᠠᠬᠤᠢ ᠶᠢᠨ ᠬᠤᠯᠪᠤᠭᠠᠨ ᠤ ᠵᠤᠬᠢᠶᠠᠨ ᠪᠠᠶᠢᠭᠤᠯᠤᠯᠳᠠ ᠶᠢᠨ ᠬᠢᠭᠰᠡᠨ ᠲᠠᠯᠠᠭᠡᠢ ᠶᠢᠨ ᠰᠤᠷᠤᠭᠴᠢᠳ ᠤᠨ ᠦᠨᠠᠯᠠᠯᠳᠠ ᠶᠢᠨ ᠲᠦᠰᠦᠯ ︵PISA︶ ᠳᠤ ᠱᠠᠩᠬᠠᠢ ᠶᠢᠨ ᠲᠤᠮᠳᠠᠳᠤ ᠰᠤᠷᠭᠠᠭᠤᠯᠢ ᠶᠢᠨ ᠰᠤᠷᠤᠭᠴᠢᠳ ᠲᠤᠭᠠᠨ ᠤ ᠤᠬᠠᠭᠠᠨ ᠤ ᠬᠢᠷᠢ ᠭᠡᠮ ᠤᠨ ᠰᠢᠯᠭᠠᠯᠳᠠ ᠳᠤ ᠪᠤᠰᠤᠳ 75 ᠬᠤᠳᠠ ᠶᠢ ᠲᠠᠪᠠᠭᠠᠳ ᠲᠠᠷᠢᠭᠦᠯᠡᠵᠡᠢ᠃ ᠠᠩᠭ᠍ᠯᠢ ᠶᠢᠨ ᠭᠦᠮᠦᠰ ᠪᠠᠭ᠋ᠠᠷᠬᠠᠬᠤ ᠳᠤ ᠪᠠᠨ ᠲᠠᠷᠠ ᠲᠤᠤᠷ᠎ᠠ ᠪᠠᠨ ᠱᠠᠩᠬᠠᠢ ᠶᠢᠨ ᠲᠤᠮᠳᠠᠳᠤ ᠰᠤᠷᠭᠠᠭᠤᠯᠢ ᠶᠢᠨ 60 ᠲᠤᠭᠠᠨ ᠤ ᠤᠬᠠᠭᠠᠨ ᠤ ᠪᠠᠭᠰᠢ ᠶᠢ ᠤᠷᠢᠵᠤ ᠠᠩᠭ᠍ᠯᠢ ᠳᠤ ᠠᠪᠠᠴᠢᠨ ᠲᠤᠷᠰᠢᠯᠭ᠎ᠠ ᠲᠠᠨᠢᠯᠴᠠᠭᠤᠯᠤᠭᠤᠯᠵᠠᠢ᠃      ᠡᠳᠦᠷ ᠲᠤᠳᠤᠮ ᠤᠨ ᠵᠢᠭᠠᠨ ᠰᠤᠷᠭᠠᠯᠳᠠ ᠠᠴᠠ ᠭᠠᠳᠠᠨ᠎ᠠ ᠤᠷᠤᠯᠳᠤᠭᠠᠨ ᠤ ᠬᠢᠷᠢ ᠪᠦᠳᠤᠮᠵᠢ ᠨᠢ ᠴᠦ ᠡᠨᠡ ᠭᠦ ᠵᠦᠷᠢᠶᠡᠨ ᠢ ᠢᠯᠠᠷᠠᠭᠦᠯᠵᠠᠢ᠃ ᠤᠯᠠᠨ ᠤᠯᠤᠰ ᠤᠨ ᠲᠤᠭᠠᠨ ᠤ ᠤᠬᠠᠭᠠᠨ ᠤ ᠤᠯᠢᠮᠫᠢᠺ ᠤᠨ ᠤᠷᠤᠯᠳᠤᠭᠠᠨ ᠪᠤᠯ ᠲᠤᠮᠳᠠᠳᠤ ᠰᠤᠷᠭᠠᠭᠤᠯᠢ ᠶᠢᠨ ᠰᠤᠷᠤᠭᠴᠢᠳ ᠲᠤ ᠬᠠᠨᠳᠤᠭᠤᠯᠤᠭᠰᠠᠨ ᠬᠠᠮᠤᠭ ᠤᠨ ᠨᠠᠷᠠᠳᠠᠢ ᠤᠷᠤᠯᠳᠤᠭᠠᠨ ᠤ ᠨᠢᠭᠡ ᠪᠤᠯᠤᠨ᠎ᠠ᠃ 1985 ᠤᠨ ᠠᠴᠠ ᠡᠬᠢᠯᠡᠵᠦ ᠲᠤᠮᠳᠠᠳᠤ ᠤᠯᠤᠰ ᠤᠷᠤᠯᠴᠠᠬᠤ ᠳᠤ ᠪᠠᠨ ᠶᠡᠷᠦᠩᠭᠡᠢ ᠬᠤᠪᠢ ᠪᠠᠷ 19 ᠤᠳᠠᠭ᠎ᠠ ᠲᠠᠷᠢᠭᠦᠯᠡᠵᠡᠢ᠃ ᠲᠤᠮᠳᠠᠳᠤ ᠤᠯᠤᠰ ᠠᠴᠠ ᠭᠠᠳᠠᠨ᠎ᠠ ᠵᠦᠪᠭᠡᠨ ᠺᠤᠷᠢᠶᠠ᠂ ᠷᠤᠮᠠᠨᠢᠶ᠎ᠠ᠂ ᠪᠤᠯᠭᠠᠷᠢᠶ᠎ᠠ ᠬᠢᠭᠡᠳ ᠤᠷᠤᠰ᠂ ᠢᠷᠠᠨ᠂ ᠠᠮᠧᠷᠢᠺᠠ ᠶᠡᠷᠦᠩᠭᠡᠢ ᠬᠤᠪᠢ ᠪᠠᠷ ᠲᠠᠷᠢᠭᠦᠯᠠᠵᠤ ᠦᠡᠭᠭᠡᠷᠡᠵᠡᠢ᠃ ᠲᠠᠭᠦᠨ ᠤ ᠲᠤᠳᠤᠷ᠎ᠠ ᠠᠮᠧᠷᠢᠺᠠ ᠨᠢᠭᠡ ᠯᠡ ᠤᠳᠠᠭ᠎ᠠ ᠲᠠᠷᠢᠭᠦᠯᠡᠵᠡᠢ᠃      2014 ᠤᠨ ᠤ 9 ᠳ᠋ᠤᠭᠡᠷ ᠰᠠᠷ᠎ᠠ ᠳᠤ ︽ᠸᠠᠯᠯ ᠵᠠᠭᠡᠯᠢ ᠡᠳᠦᠷ ᠤᠨ ᠰᠤᠨᠢᠨ︾ ᠹᠤᠰᠲ᠋ᠤᠨ ᠵᠡᠭᠦᠨ ᠬᠤᠶᠢᠳᠤ ᠶᠢᠨ ᠶᠡᠭᠡ ᠰᠤᠷᠭᠠᠭᠤᠯᠢ ᠪᠠ ᠲᠧᠺᠠᠰᠠᠬ ᠲᠠᠷᠢᠶᠠᠯᠠᠩ ᠠᠵᠤ ᠦᠢᠯᠠᠳᠪᠤᠷᠢ ᠶᠢᠨ ᠶᠡᠭᠡ ᠰᠤᠷᠭᠠᠭᠤᠯᠢ ᠶᠢᠨ ᠬᠤᠶᠠᠷ ᠫᠷᠤᠹᠧᠰᠰᠤᠷ ᠤᠨ ᠰᠤᠳᠤᠯᠭᠠᠨ ᠤ ᠦᠷ᠎ᠠ ᠪᠦᠳᠦᠭᠡᠯ ᠢᠶᠠᠷ ᠡᠰᠢᠯᠡᠨ ᠬᠤᠴᠤᠷᠴᠤ ᠪᠠᠶᠢᠭ᠎ᠠ ᠶᠢᠨ ᠰᠢᠯᠳᠠᠭᠠᠨ ᠢ ᠭᠡᠯᠡᠨ ᠤ ᠠᠰᠠᠭᠤᠳᠠᠯ ᠳᠤ ᠲᠠᠯᠪᠢᠵᠠᠢ᠃ ᠦᠭᠡᠷ᠎ᠠ ᠪᠠᠷ ᠭᠡᠯᠡᠪᠡᠯ ᠲᠤᠮᠳᠠᠳᠤ ᠤᠯᠤᠰ᠂ ᠶᠠᠫᠤᠨ᠂ ᠺᠤᠷᠢᠶᠠ᠂ ᠲᠦᠷᠺ ᠵᠡᠷᠭᠡ ᠤᠯᠤᠰ ᠤᠨ ᠭᠡᠯᠡᠨ ᠳᠤ ᠲᠤᠭᠠᠨ ᠤ ᠤᠬᠠᠭᠠᠨ ᠤ ᠤᠤᠭᠠᠯ ᠲᠠᠪᠠᠭᠤᠯᠢᠬ ᠲᠠᠯ᠎ᠠ ᠲᠠᠢ ᠭᠡᠵᠡᠢ᠃ ᠵᠢᠱᠢᠶᠡᠯᠡᠪᠡᠯ᠂ ᠭᠢᠳᠠᠳ ᠭᠡᠯᠡ ᠪᠠᠷ ᠠᠪᠴᠤ ᠭᠡᠯᠡᠪᠡᠯ 10 ᠰᠠᠭᠤᠷᠢ ᠬᠢᠳᠠᠳ ᠦᠰᠦᠭ ᠢᠶᠠᠷ ᠪᠤᠢ ᠪᠦᠭᠦᠢ ᠲᠤᠭ᠎ᠠ ᠶᠢ ᠢᠯᠠᠳᠭᠡᠵᠦ ᠴᠢᠳᠠᠨ᠎ᠠ᠂ ᠭᠡᠳᠡᠯ᠎ᠠ ᠠᠩᠭ᠍ᠯᠢ ᠭᠡᠯᠠ 20 ᠠᠳᠠᠯᠢ ᠪᠤᠰᠤ ᠲᠡᠩ ᠦᠭᠡ ᠶᠢ ᠭᠡᠷᠡᠭᠯᠠᠳᠡᠭ ᠪᠤᠯᠬᠤᠷ ᠲᠡᠷᠢᠬᠢᠨ ᠤ ᠪᠤᠳᠤᠬᠤ ᠨᠤᠷᠮ᠎ᠠ ᠶᠢ ᠨᠦᠯᠦᠭᠡᠯᠡᠵᠦ ᠪᠠᠶᠢᠨ᠎ᠠ ᠭᠡᠵᠦ ᠦᠵᠠᠵᠠᠢ᠃      ᠪᠤᠳᠤᠬᠤ ᠶᠠᠪᠤᠴᠠ ᠳᠤ ︽ᠠᠷᠪᠠ ᠪᠤᠯᠭᠠᠬᠤ ᠠᠷᠭ᠎ᠠ︾ ᠶᠢᠨ ᠭᠡᠷᠡᠭᠯᠠᠯᠳᠠ ᠨᠢ ᠴᠦ ᠵᠤᠬᠢᠬᠤ ᠨᠦᠯᠦᠭᠡ ᠲᠠᠢ ᠪᠠᠶᠢᠵᠤ ᠮᠠᠳᠠᠨ᠎ᠠ᠃ ᠦᠭᠡᠷ᠎ᠠ ᠪᠠᠷ ᠭᠡᠯᠡᠪᠡᠯ ᠭᠡᠷᠪᠡ ᠲᠤᠭ᠎ᠠ ᠶᠢ ᠤᠷᠢᠳ ᠢᠶᠠᠷ ᠠᠷᠪᠠ ᠪᠤᠯᠭᠠᠵᠤ ᠪᠤᠳᠤᠬᠤ ᠨᠢ ᠨᠡᠩ ᠲᠤᠳᠤᠷᠬᠠᠢ ᠪᠦᠭᠡᠳ ᠲᠦᠷᠭᠡᠨ ᠪᠠᠶᠢᠵᠤ ᠮᠠᠳᠠᠨ᠎ᠠ᠃ ᠵᠢᠱᠢᠶᠡᠯᠡᠪᠡᠯ᠂ ︽9+5︾ ᠶᠢ ︽ᠠᠷᠪᠠ ᠪᠤᠯᠭᠠᠬᠤ ᠠᠷᠭ᠎ᠠ︾ ᠶᠢ ᠭᠡᠷᠡᠭᠯᠡᠪᠡᠯ ᠳᠠᠷᠤᠢ ︽9+1︾ ᠪᠤᠯᠭᠠᠭᠰᠠᠨ ᠤ ᠳᠠᠷᠠᠭ᠎ᠠ ︽10+4︾ ᠪᠤᠯᠤᠨ᠎ᠠ᠃ ᠭᠡᠳᠡᠯ᠎ᠡ ᠠᠩᠭ᠍ᠯᠢ ᠭᠡᠯᠡ ᠭᠡᠷᠡᠭᠯᠡᠭᠴᠢᠳ ᠬᠠᠷᠢᠨ ᠢᠯᠭᠤᠮ ᠵᠠᠳᠠᠯᠵᠤ ᠴᠢᠳᠠᠬᠤ ᠦᠭᠡᠢ ᠪᠠᠶᠢᠳᠠᠬ᠃ ᠠᠳᠠᠯᠢ ᠪᠠᠷ ︽11+17︾ ᠶᠢ ᠬᠢᠳᠠᠳ ᠭᠡᠯᠡ ᠪᠠᠷ ︽10+1+10+7︾ ᠭᠡᠵᠦ ᠤᠷᠤᠯᠠᠵᠤ ᠪᠤᠯᠬᠤ ᠪᠠᠶᠢᠳᠠᠯ᠎ᠠ ᠠᠩᠭ᠍ᠯᠢ ᠭᠡᠯᠡ ᠪᠠᠷ ︽eleven+sev-enteen︾ ᠭᠡᠵᠦ ᠪᠤᠯᠬᠤ ᠦᠭᠡᠢ ᠪᠠᠶᠢᠳᠠᠬ᠃      ᠵᠠᠷᠢᠮ ᠡᠷᠳᠠᠮᠳᠠᠨ ᠡᠨᠡ ᠠᠰᠠᠭᠤᠳᠠᠯ ᠢ ᠲᠠᠬᠢᠨ ᠲᠠᠪᠳᠠᠨ ᠪᠤᠳᠤᠯᠬᠢᠯᠠᠵᠤ ᠦᠡᠭᠭᠡᠷᠡᠵᠡᠢ᠃ ᠲᠠᠳᠠᠨ ᠤ ᠲᠤᠳᠤᠷᠠᠬᠢ ᠬᠠᠮᠤᠭ ᠤᠨ ᠨᠠᠶᠢᠳᠡᠯᠢᠭ ᠵᠢᠱᠢᠶ᠎ᠠ ᠪᠤᠯᠬᠤ ᠭᠦᠮᠦᠨ ᠪᠤᠯ ᠰᠤᠨᠢᠨ ᠬᠠᠴᠢᠨ ᠠᠪᠢᠶᠠᠰᠳᠠᠨ ᠭᠡᠵᠦ ᠨᠡᠷᠡᠯᠡᠭᠳᠡᠭᠰᠡᠨ ᠮᠠᠯᠺᠧᠮ· ᠭᠯᠡᠳᠠᠸᠧᠢᠯ ᠪᠤᠯᠤᠨ᠎ᠠ᠃ ᠲᠠᠷᠠ ︽ᠤᠨᠳᠤᠤ ᠲᠦᠷᠦᠯ᠄ ᠢᠵᠢᠯᠢ ᠪᠤᠰᠤ ᠠᠮᠵᠢᠯᠳᠠ ᠶᠢᠨ ᠰᠠᠩᠭᠡᠷᠡᠭᠦᠯᠤᠯᠳᠠ︾ ᠭᠡᠳᠡᠭ ᠨᠤᠮ ᠳᠤ ᠪᠠᠨ ︽ᠲᠤᠳᠤᠷᠭᠠᠨ ᠲᠠᠷᠢᠶ᠎ᠠ ᠬᠢᠭᠡᠳ ᠲᠤᠭᠠᠨ ᠤ ᠤᠬᠠᠭᠠᠨ︾ ᠭᠡᠰᠡᠨ ᠰᠡᠳᠤᠪ ᠢᠶᠠᠷ ᠲᠤᠮᠳᠠᠳᠤ ᠤᠯᠤᠰ ᠤᠨ ᠭᠦᠮᠦᠨ ᠤ ᠲᠤᠭᠠᠨ ᠤ ᠤᠬᠠᠭᠠᠨ ᠨᠢ ᠤᠨᠴᠠᠭᠠᠢ ᠰᠠᠶᠢᠨ ᠪᠠᠶᠢᠳᠠᠬ ᠦᠵᠡᠭᠳᠡᠯ ᠢ ᠲᠤᠰᠬᠠᠢᠢᠯᠠᠨ ᠵᠠᠳᠠᠯᠤᠨ ᠰᠤᠳᠤᠯᠵᠠᠢ᠃ ᠭᠯᠡᠳᠠᠸᠧᠢᠯ ᠤᠨ ᠲᠠᠶᠢᠯᠪᠤᠷᠢᠯᠠᠯᠳᠠ ᠨᠢ ᠦᠵᠠᠭᠦ ᠳᠤ ᠲᠤᠩ ᠶᠤᠰᠤᠳᠠᠢ ᠪᠠᠶᠢᠪᠠ᠃ ᠡᠮᠦᠨ᠎ᠠ ᠲᠤᠷᠠᠳᠤᠭᠰᠠᠨ 10 ᠦᠨᠳᠤᠰᠤᠨ ᠬᠢᠳᠠᠳ ᠦᠰᠦᠭ ᠨᠢ ᠪᠤᠢ ᠪᠦᠭᠦᠢ ᠲᠤᠭ᠎ᠠ ᠶᠢ ᠢᠯᠡᠷᠭᠡᠶᠢᠯᠡᠭᠦ ᠠᠴᠠ ᠭᠠᠳᠠᠨ᠎ᠠ ᠲᠠᠷᠠ ᠪᠠᠰᠠ ᠬᠢᠳᠠᠳ ᠭᠡᠯᠡᠨ ᠤ ᠲᠠᠩ ᠠᠪᠢᠶ᠎ᠠ ᠨᠢ ᠲᠤᠮᠳᠠᠳᠤ ᠤᠯᠤᠰ ᠤᠨ ᠭᠦᠮᠦᠨ ᠤ ᠲᠤᠭ᠎ᠠ ᠶᠢ ᠰᠢᠢᠳᠪᠤᠷᠢᠯᠡᠭᠦ ᠦᠶ᠎ᠠ ᠶᠢᠨ ᠴᠡᠭᠡᠵᠢ ᠪᠤᠳᠤᠯᠭ᠎ᠠ ᠶᠢᠨ ᠬᠤᠷᠳᠤᠴᠠ ᠶᠢ ᠨᠠᠩ ᠲᠦᠷᠭᠡᠳᠭᠡᠭᠰᠡᠨ ᠪᠠᠶᠢᠨ᠎ᠠ᠃ ᠲᠤᠮᠳᠠᠳᠤ ᠤᠯᠤᠰ ᠤᠨ ᠭᠦᠮᠦᠨ ᠤ ᠦᠭᠡ ᠭᠡᠯᠡᠨ ᠳᠡᠭᠡᠷᠡᠬᠢ ᠦᠭᠡᠷ᠎ᠠ ᠨᠢᠭᠡ ᠲᠠᠪᠠᠭᠤᠯᠢᠬ ᠲᠠᠯ᠎ᠠ ᠪᠤᠯ ᠬᠢᠳᠠᠳ ᠭᠡᠯᠡᠠ ᠳᠤ ᠬᠢ ᠲᠤᠭ᠎ᠠ ᠶᠢ ᠢᠯᠠᠳᠭᠡᠭᠦ ᠭᠡᠯᠪᠠᠷᠢ ᠨᠢ ᠶᠡᠷᠦ ᠠᠴᠠ ᠪᠤᠰᠤᠳ ᠦᠭᠡ ᠭᠡᠯᠡ ᠠᠴᠠ ᠲᠦᠭᠦᠮ ᠲᠤᠳᠤᠷᠬᠠᠢ ᠪᠠᠶᠢᠳᠠᠬ ᠭᠡᠵᠦ ᠦᠵᠠᠵᠠᠢ᠃ ᠭᠡᠪᠡᠴᠤ ᠭᠯᠡᠳᠠᠸᠧᠢᠯ ᠪᠠᠰᠠ ᠲᠤᠮᠳᠠᠳᠤ ᠤᠯᠤᠰ ᠤᠨ ᠭᠦᠮᠦᠨ ᠤ ᠲᠤᠭᠠᠨ ᠤ ᠤᠬᠠᠭᠠᠨ ᠰᠠᠶᠢᠨ ᠪᠠᠶᠢᠳᠠᠬ ᠨᠢ ᠵᠦᠪᠭᠡᠨ ᠡᠮᠦᠨ᠎ᠠ ᠲᠤᠷᠠᠳᠤᠭᠰᠠᠨ ᠦᠭᠡ ᠭᠡᠯᠡᠨ ᠤ ᠲᠠᠪᠠᠭᠤᠯᠢᠬ ᠲᠤ ᠨᠢ ᠪᠠᠶᠢᠳᠠᠬ ᠲᠠᠳᠤᠢ ᠪᠢᠰᠢ ᠲᠤᠮᠳᠠᠳᠤ ᠤᠯᠤᠰ ᠤᠨ ᠲᠤᠳᠤᠷᠭ᠎ᠠ ᠪᠠᠷ ᠭᠤᠤᠯ ᠪᠤᠯᠭᠠᠭᠰᠠᠨ ᠲᠠᠷᠢᠶᠠᠯᠠᠬᠤ ᠰᠤᠶᠤᠯ ᠨᠢ ᠠᠳᠠᠯᠢᠬᠠᠨ ᠰᠢᠢᠳᠪᠤᠷᠢᠯᠡᠭᠦ ᠴᠢᠨᠠᠷᠳᠠᠢ ᠦᠢᠯᠠᠳᠤᠯ ᠦᠵᠠᠭᠦᠯᠳᠡᠭ ᠭᠡᠰᠡᠨ ᠦᠵᠠᠯᠳᠠ ᠶᠢ ᠲᠤᠷᠠᠳᠴᠠᠢ᠃ ᠭᠯᠡᠳᠡᠸᠧᠢᠯ ᠲᠤᠳᠤᠷᠭ᠎ᠠ ᠲᠠᠷᠢᠬᠤ ᠪᠠᠷ ᠭᠤᠤᠯ ᠪᠤᠯᠭᠠᠭᠰᠠᠨ ᠶᠠᠫᠤᠨ᠂ ᠺᠤᠷᠢᠶᠠ ᠶᠢᠨ ᠭᠦᠮᠦᠰ ᠤᠨ ᠲᠤᠭᠠᠨ ᠤ ᠤᠬᠠᠭᠠᠨ ᠤ ᠴᠢᠳᠠᠪᠤᠷᠢ ᠠᠳᠠᠯᠢᠬᠠᠨ ᠰᠠᠶᠢᠨ ᠪᠠᠶᠢᠳᠠᠬ ᠢ ᠠᠩᠬᠠᠷᠤᠯ ᠳᠤ ᠪᠠᠨ ᠠᠪᠴᠠᠢ᠃ ᠲᠤᠳᠤᠷᠭ᠎ᠠ ᠲᠠᠷᠢᠬᠤ ᠳᠤ ᠲᠤᠬᠢᠷᠠᠮᠵᠢᠳᠠᠢ ᠭᠠᠵᠠᠷ ᠤᠷᠤᠨ ᠤ ᠲᠠᠷᠢᠶᠠᠴᠢᠳ ᠵᠢᠯ ᠤᠨ ᠲᠦᠷᠪᠡᠨ ᠤᠯᠠᠷᠢᠯ ᠳᠤ ᠶᠠᠭᠠᠷᠠᠬᠤ ᠲᠤᠮᠳᠠ ᠪᠠᠨ ᠭᠠᠵᠠᠷ ᠰᠢᠷᠤᠢ ᠪᠠ ᠴᠠᠭ ᠢᠶᠠᠨ ᠭᠦᠢᠴᠡᠳ ᠠᠰᠢᠭᠯᠠᠬᠤ ᠶᠢᠨ ᠲᠦᠯᠦᠭᠡ ᠪᠤᠭᠤᠳᠠᠢ ᠲᠠᠷᠢᠬᠤ ᠲᠠᠷᠢᠶᠠᠴᠢᠳ ᠠᠴᠠ ᠬᠤᠯᠠ ᠢᠯᠠᠭᠦᠦ ᠨᠠᠷᠢᠨ ᠪᠤᠳᠤᠵᠤ ᠨᠢᠮᠪᠠᠢ ᠲᠦᠯᠦᠪᠯᠠᠳᠡᠭ᠃ ᠡᠭᠦᠨ ᠠᠴᠠ ᠭᠠᠳᠠᠨ᠎ᠠ ᠲᠤᠮᠳᠠᠳᠤ ᠤᠯᠤᠰ ᠤᠨ ᠲᠠᠷᠢᠶᠠᠴᠢᠳ ᠡᠷᠳᠠ ᠦᠶ᠎ᠠ ᠳᠤ ᠪᠦᠷ ᠲᠠᠷᠠᠬᠠᠢ ᠪᠤᠳᠠᠷᠬᠠᠢ ᠵᠢᠵᠢᠭ ᠡᠷᠦᠭᠡ ᠪᠠᠷ ᠰᠠᠭᠤᠷᠢᠰᠢᠵᠤ᠂ ᠠᠵᠤ ᠠᠬᠤᠢ ᠶᠢᠨ ᠲᠤᠰᠠᠭᠠᠷ ᠴᠢᠨᠠᠷ ᠨᠢ ᠲᠠᠷᠢᠶᠠᠴᠢᠨ ᠨᠢᠭᠡ ᠪᠦᠷᠢ ᠶᠢ ᠠᠵᠤ ᠠᠬᠤᠢᠢᠯᠠᠯᠳᠠᠨ ᠠᠳᠠᠯᠢ ᠪᠤᠳᠤᠵᠤ ᠲᠤᠭᠠᠴᠠᠬᠤ ᠶᠢ ᠰᠤᠷᠬᠤ ᠭᠡᠷᠡᠭᠳᠠᠢ ᠪᠤᠯᠭᠠᠵᠠᠢ᠃ ᠤᠷᠳᠤ ᠤᠳᠠᠭᠠᠨ ᠲᠠᠦᠭᠡ ᠶᠢᠨ ᠶᠠᠪᠤᠴᠠ ᠳᠤ ᠬᠢ ᠦᠷᠢᠰᠦᠯᠳᠤᠭᠡᠨ ᠰᠤᠩᠭᠤᠯᠳᠠ ᠨᠢ ᠲᠤᠳᠤᠷᠭ᠎ᠠ ᠲᠠᠷᠢᠬᠤ ᠪᠠᠷ ᠭᠤᠤᠯᠯᠠᠭᠰᠠᠨ ᠨᠠᠶᠢᠭᠡᠮ ᠤᠨ ᠲᠤᠭᠠᠨ ᠤ ᠤᠬᠠᠭᠠᠨ ᠤ ᠴᠢᠳᠠᠪᠤᠷᠢ ᠶᠢ ᠨᠡᠩ ᠰᠠᠶᠢᠨ ᠪᠤᠯᠭᠠᠭᠰᠠᠨ ᠪᠠᠶᠢᠨ᠎ᠠ᠃      ᠭᠯᠡᠳᠠᠸᠧᠢᠯ ᠤᠨ ᠵᠠᠳᠠᠯᠤᠯᠳᠠ ᠨᠢ ᠲᠤᠩ ᠶᠡᠭᠡ ᠶᠤᠰᠤᠳᠠᠢ ᠪᠤᠯᠪᠠᠴᠤ ᠲᠡᠭᠦᠨ ᠤ ᠦᠵᠡᠭᠳᠡᠯ ᠳᠠᠬᠢ ᠠᠵᠢᠭᠯᠠᠯᠳᠠ ᠴᠦ ᠲᠠᠷᠠ᠂ ᠲᠠᠶᠢᠯᠪᠤᠷᠢᠯᠠᠯᠳᠠ ᠴᠦ ᠲᠠᠷᠠ ᠪᠦᠷ ᠲᠦᠢᠯ ᠤᠨ ᠭᠦᠨᠳᠤ ᠨᠤᠴᠢᠳᠠᠢ ᠡᠮᠵᠡᠭ ᠤᠷᠤᠰᠢᠵᠤ ᠪᠠᠶᠢᠨ᠎ᠠ᠃ ᠴᠠᠭᠠᠰᠢᠯᠠᠪᠠᠯ ᠲᠡᠭᠦᠨ ᠤ ᠰᠤᠳᠤᠯᠤᠯᠳᠠ ᠨᠢ ᠶᠠᠮᠠᠷ ᠴᠦ ᠦᠨ᠎ᠠ ᠦᠷᠳᠡᠭ ᠦᠭᠡᠢ ᠪᠠᠶᠢᠵᠤ ᠮᠠᠳᠠᠨ᠎ᠠ᠃      ᠬᠤᠶᠠᠷ᠂ ᠲᠤᠮᠳᠠᠳᠤ ᠤᠯᠤᠰ ᠤᠨ ᠭᠦᠮᠦᠨ ᠤ ᠲᠤᠭᠠᠨ ᠤ ᠤᠬᠠᠭᠠᠨ ᠰᠠᠶᠢᠨ ᠭᠡᠵᠢ ᠤᠤ      ᠨᠢᠭᠡᠳᠤᠭᠡᠷ ᠠᠰᠠᠭᠤᠳᠠᠯ ᠪᠤᠯ ᠲᠤᠭᠠᠨ ᠤ ᠤᠬᠠᠭᠠᠨ ᠰᠠᠶᠢᠨ ᠭᠡᠳᠡᠭ ᠤᠨ ᠪᠠᠷᠢᠮᠵᠢᠶ᠎ᠠ ᠨᠢ ᠶᠠᠭᠤ ᠪᠤᠢ︖      ᠭᠡᠷᠪᠡ ᠪᠢᠳᠠ ᠲᠤᠭᠠᠨ ᠤ ᠤᠬᠠᠭᠠᠨ ᠰᠠᠶᠢᠨ ᠭᠡᠳᠡᠭ ᠨᠢ ᠲᠤᠭᠠᠨ ᠤ ᠤᠬᠠᠭᠠᠨ ᠤ ᠰᠤᠳᠤᠯᠭᠠᠨ ᠤ ᠬᠢᠷᠢ ᠲᠦᠪᠰᠢᠨ ᠢ ᠵᠢᠭᠠᠵᠤ ᠪᠠᠶᠢᠨ᠎ᠠ ᠭᠡᠵᠦ ᠦᠵᠠᠭᠦ ᠳᠤ ᠭᠦᠷᠪᠡᠯ ᠠᠰᠠᠭᠤᠳᠠᠯ ᠳᠠᠷᠤᠢ ᠭᠠᠷᠤᠭᠠᠳ ᠢᠷᠠᠨ᠎ᠠ᠃ ᠲᠤᠭᠠᠨ ᠤ ᠤᠬᠠᠭᠠᠨ ᠢ ᠶᠡᠭᠡ ᠲᠠᠭᠡᠳᠤ ᠰᠤᠷᠭᠠᠭᠤᠯᠢ ᠪᠤᠶᠤ ᠰᠤᠳᠤᠯᠭᠠᠨ ᠤ ᠭᠦᠷᠢᠶᠡᠨ ᠳᠤ ᠠᠪᠤᠭᠠᠳ ᠭᠡᠯᠡᠭᠦ ᠳᠤ ᠪᠢᠳᠠᠭᠤ ᠲᠤᠷᠤᠢ ᠠᠮᠧᠷᠢᠺᠠ ᠭᠦᠮᠦᠨ ᠲᠤᠤᠷ᠎ᠠ ᠪᠠᠨ ᠲᠤᠪᠤᠶᠢᠨ ᠪᠤᠰᠴᠤ ᠢᠷᠡᠭᠡᠳ᠂ ᠬᠠᠷᠢᠨ ᠲᠤᠮᠳᠠᠳᠤ ᠶᠢᠨ ᠭᠦᠮᠦᠨ ᠤ ᠲᠤᠭᠠᠨ ᠤ ᠤᠬᠠᠭᠠᠨ ᠤ ᠲᠠᠪᠠᠭᠤᠯᠢᠬ ᠲᠠᠯ᠎ᠠ ᠨᠢ ᠦᠯᠦ ᠮᠠᠳᠡᠭᠳᠡᠮ᠎ᠡ ᠪᠤᠯᠴᠢᠬᠠᠨ᠎ᠠ᠃ ᠲᠠᠯᠠᠭᠡᠢ ᠶᠢᠨ ᠲᠤᠭᠠᠨ ᠤ ᠤᠬᠠᠭᠠᠨ ᠤ ᠰᠤᠳᠤᠯᠭᠠᠨ ᠳᠤ ᠠᠮᠧᠷᠢᠺᠠ᠂ ᠹᠷᠠᠨᠼᠢ᠂ ᠤᠷᠤᠰ ᠵᠠᠶᠢᠯᠠᠰᠢ ᠦᠭᠡᠢ ᠲᠠᠷᠢᠭᠦᠨ ᠪᠠᠶᠢᠷᠢᠨ ᠳᠤ ᠤᠷᠤᠨ᠎ᠠ᠃ ᠢᠰᠷᠧᠯ᠂ ᠶᠠᠫᠤᠨ ᠵᠡᠷᠭᠡ ᠤᠯᠤᠰ ᠴᠦ ᠲᠤᠮᠳᠠᠳᠤ ᠤᠯᠤᠰ ᠤᠨ ᠡᠮᠦᠨ᠎ᠡ ᠵᠢᠭᠰᠠᠭᠠᠭᠳᠠᠨ᠎ᠠ᠃ ᠲᠤᠮᠳᠠᠳᠤ ᠰᠤᠷᠭᠠᠭᠤᠯᠢ ᠶᠢᠨ ᠲᠤᠭᠠᠨ ᠤ ᠤᠬᠠᠭᠠᠨ ᠤ ᠵᠢᠭᠠᠨ ᠰᠤᠷᠭᠠᠯᠳᠠ ᠳᠤ ᠲᠤᠮᠳᠠᠳᠤ ᠤᠯᠤᠰ ᠠᠴᠠ ᠲᠤᠷᠰᠢᠯᠭ᠎ᠠ ᠰᠤᠷᠴᠤ ᠪᠠᠶᠢᠭᠰᠠᠨ ᠠᠩᠭ᠍ᠯᠢ ᠴᠦ ᠲᠤᠭᠠᠨ ᠤ ᠤᠬᠠᠭᠠᠨ ᠤ ᠰᠤᠳᠤᠯᠭᠠᠨ ᠤ ᠲᠠᠯ᠎ᠠ ᠪᠠᠷ ᠲᠤᠮᠳᠠᠳᠤ ᠤᠯᠤᠰ ᠠᠴᠠ ᠬᠤᠯᠠ ᠡᠮᠦᠨ᠎ᠡ ᠶᠠᠪᠤᠵᠤ ᠪᠠᠶᠢᠳᠠᠬ᠃ ᠭᠡᠷᠪᠡ ᠶᠠᠷᠢᠯᠴᠠᠭᠠᠨ ᠤ ᠰᠠᠳᠤᠪ ᠢ ᠰᠤᠳᠤᠯᠭᠠᠨ ᠬᠢᠭᠡᠳ ᠭᠡᠷᠡᠭᠯᠡᠭᠡᠨ ᠤ ᠭᠦᠷᠢᠶ᠎ᠠ ᠭᠡᠪᠴᠢᠶᠡᠨ ᠳᠤ ᠦᠷᠭᠡᠳᠭᠡᠨ ᠶᠠᠷᠢᠯᠴᠠᠬᠤ ᠳᠤ ᠭᠦᠷᠪᠡᠯ ᠬᠠᠷᠢᠨ ᠲᠤᠮᠳᠠᠳᠤ ᠤᠯᠤᠰ ᠤᠨ ᠭᠦᠮᠦᠨ ᠤ ᠲᠤᠭᠠᠨ ᠤ ᠤᠬᠠᠭᠠᠨ ᠤ ᠰᠤᠳᠤᠯᠭᠠᠨ ᠶᠠᠭᠠᠬᠢᠭᠠᠳ ᠲᠠᠳᠡᠭᠡᠷ ᠤᠯᠤᠰ ᠲᠤ ᠭᠦᠷᠭᠦ ᠦᠭᠡᠢ ᠪᠤᠢ ᠭᠡᠰᠡᠨ ᠰᠢᠨ᠎ᠠ ᠠᠰᠠᠭᠤᠳᠠᠯ ᠭᠠᠷᠴᠤ ᠢᠷᠠᠨ᠎ᠠ᠃      ᠤᠯᠠᠨ ᠤᠯᠤᠰ ᠤᠨ ᠲᠤᠭᠠᠨ ᠤ ᠤᠬᠠᠭᠠᠨ ᠤ ᠤᠯᠢᠮᠫᠢᠺ ᠤᠨ ᠤᠷᠤᠯᠳᠤᠭᠠᠨ ᠢᠶᠠᠷ ᠵᠢᠱᠢᠶᠡᠯᠡᠭᠦ ᠳᠤ ᠲᠤᠮᠳᠠᠳᠤ ᠤᠯᠤᠰ ᠠᠴᠠ ᠭᠠᠳᠠᠨ᠎ᠠ 1985 ᠤᠨ ᠠᠴᠠ ᠬᠤᠶᠢᠰᠢ ᠮᠠᠰᠢ ᠤᠯᠠᠨ ᠠᠯᠳᠠᠨ ᠮᠧᠳᠡᠯ ᠤᠯᠤᠭᠴᠢᠳ ᠨᠢᠭᠡᠨᠳᠠ ᠲᠠᠯᠠᠭᠡᠢ ᠶᠢᠨ ᠲᠤᠭᠠᠨ ᠤ ᠤᠬᠠᠭᠠᠨ ᠤ ᠡᠳᠡᠭᠡᠳ ᠲᠤ ᠢᠯᠠᠷᠠᠨ ᠭᠠᠷᠤᠭᠰᠠᠨ ᠪᠠᠶᠢᠨ᠎ᠠ᠃ ᠹᠷᠠᠨᠼᠢ᠂ ᠤᠷᠤᠰ᠂ ᠠᠮᠧᠷᠢᠺᠠ᠂ ᠬᠠᠨᠭ᠍ᠭᠠᠷᠢ᠂ ᠪᠠᠷᠠᠽᠢᠯ ᠵᠡᠷᠭᠡ ᠤᠯᠤᠰ ᠤᠨ ᠤᠷᠤᠯᠴᠠᠭᠰᠠᠳ ᠪᠦᠷ ᠹᠢᠯᠽ ᠱᠠᠩᠨᠠᠯ᠂ ᠺᠷᠢᠢ ᠱᠠᠩᠨᠠᠯ ᠵᠡᠷᠭᠡ ᠶᠢ ᠤᠯᠵᠤ ᠦᠡᠭᠭᠡᠷᠡᠵᠡᠢ᠃ ᠭᠡᠳᠡᠯ᠎ᠠ ᠲᠤᠮᠳᠠᠳᠤ ᠤᠯᠤᠰ ᠤᠨ ᠤᠷᠤᠯᠴᠠᠭᠰᠠᠳ ᠬᠠᠷᠢᠨ ᠰᠤᠳᠤᠯᠭᠠᠨ ᠤ ᠬᠢᠷᠢ ᠲᠦᠪᠰᠢᠨ ᠲᠡᠭᠡᠷ᠎ᠠ ᠪᠠᠨ ᠶᠠᠷᠦᠩᠭᠡᠢ ᠳᠤ ᠪᠠᠨ ᠢᠯᠠᠭᠳᠠᠭᠴᠢ ᠠᠴᠠ ᠪᠠᠨ ᠬᠤᠴᠤᠷᠴᠤ ᠪᠠᠶᠢᠳᠠᠬ᠃ ᠠᠮᠧᠷᠢᠺᠠ ᠶᠢᠨ ᠲᠤᠭᠠᠨ ᠤ ᠤᠬᠠᠭᠠᠨ ᠤ ᠰᠤᠳᠤᠯᠭᠠᠨ ᠤᠨᠴᠠᠭᠠᠢ ᠰᠠᠶᠢᠨ ᠪᠠᠶᠢᠳᠠᠬ᠃ ᠲᠠᠩ ᠭᠠᠭᠴᠠ ᠲᠤᠭᠠᠨ ᠤ ᠤᠬᠠᠭᠠᠨ ᠤ ᠭᠦᠷᠢᠶᠠᠨ ᠳᠤ ᠪᠢᠰᠢ᠂ ᠲᠤᠭᠠᠨ ᠤ ᠤᠬᠠᠭᠠᠨ ᠤ ᠮᠠᠳᠠᠯᠭᠡ ᠶᠢ ᠶᠡᠭᠡ ᠪᠠᠷ ᠭᠡᠷᠡᠭᠯᠡᠳᠡᠭ ᠹᠢᠽᠢᠺ᠂ ᠬᠢᠮᠢ᠂ ᠮᠦᠡᠭᠭᠦᠨ ᠭᠦᠢᠯᠭᠡᠭᠡ᠂ ᠰᠠᠭᠤᠷᠢ ᠡᠯᠧᠺᠲᠷᠤᠨ ᠤ ᠰᠢᠨᠵᠢᠯᠡᠭᠦ ᠤᠬᠠᠭᠠᠨ ᠵᠡᠷᠭᠡ ᠲᠠᠯ᠎ᠠ ᠪᠠᠷ ᠴᠦ ᠲᠠᠷᠢᠭᠦᠨ ᠪᠠᠶᠢᠷᠢᠨ ᠳᠤ ᠶᠠᠪᠤᠵᠤ ᠪᠠᠶᠢᠨ᠎ᠠ᠃ ᠠᠮᠧᠷᠢᠺᠠ ᠡᠳᠡᠭᠡᠷ ᠲᠤᠭᠠᠨ ᠤ ᠤᠬᠠᠭᠠᠨ ᠳᠤ ᠲᠦᠰᠢᠭᠯᠡᠳᠡᠭ ᠭᠦᠷᠢᠶ᠎ᠠ ᠭᠡᠪᠴᠢᠶᠡᠨ ᠳᠤ ᠶᠡᠭᠡ ᠭᠡᠮᠵᠢᠶᠡᠨ ᠤ ᠴᠢᠳᠠᠪᠤᠷᠢᠳᠠᠨ ᠴᠤᠭᠯᠠᠭᠤᠯᠵᠠᠢ᠃ ᠲᠡᠳᠡᠭᠡᠷ ᠪᠠᠶᠢᠭᠠᠯᠢ ᠶᠢᠨ ᠰᠢᠨᠵᠢᠯᠠᠭᠦ ᠤᠬᠠᠭᠠᠨᠳᠠᠨ ᠪᠠ ᠢᠨᠵᠧᠨᠧᠷ ᠤᠨ ᠲᠤᠭᠠᠨ ᠤ ᠤᠬᠠᠭᠠᠨ ᠤ ᠶᠡᠷᠦᠩᠭᠡᠢ ᠬᠢᠷᠢ ᠲᠦᠪᠰᠢᠨ ᠨᠢ ᠴᠦ ᠲᠤᠮᠳᠠᠳᠤ ᠤᠯᠤᠰ ᠤᠨ ᠡᠷᠳᠠᠮᠳᠠᠳ ᠠᠴᠠ ᠲᠤᠤᠷ᠎ᠠ ᠤᠷᠤᠬᠤ ᠦᠭᠡᠢ ᠶᠤᠮ᠃      ᠲᠤᠮᠳᠠᠳᠤ ᠤᠯᠤᠰ᠂ ᠲᠤᠮᠳᠠᠳᠤ ᠰᠤᠷᠭᠠᠭᠤᠯᠢ ᠶᠢᠨ ᠲᠤᠭᠠᠨ ᠤ ᠤᠬᠠᠭᠠᠨ ᠤ ᠤᠷᠤᠯᠳᠤᠭᠠᠨ ᠳᠤ ᠲᠠᠶᠢᠮᠦ ᠰᠠᠶᠢᠨ ᠪᠠᠶᠢᠳᠠᠯ᠎ᠠ ᠶᠠᠭᠠᠬᠢᠭᠠᠳ ᠲᠡᠭᠡᠳᠤ ᠲᠠᠰ ᠤᠨ ᠭᠦᠭᠵᠢᠯᠳᠠ ᠲᠤᠮᠳᠠ ᠲᠦᠷᠢᠯᠳᠠ ᠭᠦᠴᠦ ᠪᠠᠷ ᠲᠤᠳᠠᠮᠠᠬ ᠪᠠᠶᠢᠳᠠᠬ ᠪᠤᠢ︖ ᠨᠦᠭᠦᠭᠡ ᠨᠢᠭᠡ ᠠᠰᠠᠭᠤᠳᠠᠯ ᠪᠤᠯ ᠭᠡᠷᠪᠠ ︽ᠲᠤᠭᠠᠨ ᠤ ᠤᠬᠠᠭᠠᠨ ᠰᠠᠶᠢᠨ︾ ᠤ ᠪᠠᠷᠢᠮᠵᠢᠶ᠎ᠠ ᠨᠢ ᠲᠤᠮᠳᠠᠳᠤ ᠰᠤᠷᠭᠠᠭᠤᠯᠢ ᠶᠢᠨ ᠲᠤᠭᠠᠨ ᠤ ᠤᠬᠠᠭᠠᠨ ᠤ ᠤᠷᠤᠯᠳᠤᠭᠠᠨ ᠤ ᠬᠢᠷᠢ ᠲᠦᠪᠰᠢᠨ ᠪᠤᠯᠬᠤ ᠳᠤ ᠭᠦᠷᠪᠡᠯ ᠭᠯᠡᠳᠡᠸᠧᠢᠯ ᠵᠡᠷᠭᠡ ᠭᠦᠮᠦᠨ ᠶᠠᠷᠢᠶᠠᠨ ᠦᠭᠡᠢ ᠨᠢᠭᠡ ᠭᠡᠰᠡᠭ ᠲᠠᠦᠭᠡ ᠶᠢ ᠮᠠᠷᠳᠠᠴᠢᠬᠠᠭᠰᠠᠨ ᠶᠤᠮ᠃ 20 ᠳ᠋ᠤᠭᠠᠷ ᠵᠠᠭᠤᠨ ᠤ ᠶᠠᠷᠡᠭᠡᠳ ᠤᠨ ᠠᠴᠠ ᠡᠮᠦᠨ᠎ᠡ ᠤᠯᠠᠨ ᠤᠯᠤᠰ ᠤᠨ ᠲᠤᠭᠠᠨ ᠤ ᠤᠬᠠᠭᠠᠨ ᠤ ᠤᠯᠢᠮᠫᠢᠺ ᠤᠨ ᠤᠷᠤᠯᠳᠤᠭᠠᠨ ᠤ ᠠᠯᠳᠠᠨ ᠮᠧᠳᠠᠯ ᠤᠨ ᠡᠵᠡᠨ ᠪᠤᠯ ᠵᠦᠪᠯᠠᠯᠳᠤ ᠬᠤᠯᠪᠤᠭᠠᠳᠤ ︵ᠤᠷᠤᠰ︶ ᠤᠯᠤᠰ ᠪᠠ ᠵᠡᠭᠦᠨ ᠡᠸᠦ᠋ᠷᠤᠫᠠ ᠶᠢᠨ ᠤᠯᠤᠰ ᠤᠳ ᠪᠠᠶᠢᠭᠰᠠᠨ ᠶᠤᠮ᠃ ᠤᠯᠠᠨ ᠤᠯᠤᠰ ᠤᠨ ᠤᠯᠢᠮᠫᠢᠺ ᠤᠨ ᠤᠷᠤᠯᠳᠤᠭᠠᠨ ᠢ ᠶᠡᠷᠦ ᠨᠢ ᠵᠠᠭᠦᠨ ᠡᠸᠦ᠋ᠷᠤᠫᠠ ᠶᠢᠨ ᠤᠯᠤᠰ ᠤᠳ ᠡᠭᠦᠰᠭᠡᠵᠦ᠂ ᠵᠦᠪᠯᠠᠯᠳᠤ ᠬᠤᠯᠪᠤᠭᠠᠳᠤ ᠤᠯᠤᠰ ︵ᠤᠷᠤᠰ︶ 18 ᠤᠳᠠᠭ᠎ᠠ ᠤᠯᠠᠨ ᠤᠯᠤᠰ ᠤᠨ ᠲᠤᠭᠠᠨ ᠤ ᠤᠬᠠᠭᠠᠨ ᠤ ᠤᠷᠤᠯᠳᠤᠭᠠᠨ ᠤ ᠪᠦᠯᠭᠦᠮ ᠨᠠᠶᠢᠳᠠ ᠶᠢᠨ ᠶᠡᠷᠦᠩᠭᠡᠢ ᠬᠤᠪᠢ ᠪᠠᠷ ᠨᠢᠭᠡᠳᠤᠭᠡᠷ ᠲᠤ ᠤᠷᠤᠭᠰᠠᠨ ᠪᠠᠶᠢᠳᠠᠬ᠃ ᠵᠦᠪᠯᠠᠯᠳᠤ ᠶᠢᠨ ᠭᠦᠮᠦᠰ ᠲᠤᠭᠠᠨ ᠤ ᠤᠬᠠᠭᠠᠨ ᠤ ᠲᠠᠯ᠎ᠠ ᠪᠠᠷ ᠶᠡᠩᠵᠤ ᠪᠦᠷᠢ ᠶᠢᠨ ᠲᠦᠷᠦᠯᠬᠢ ᠭᠡᠯᠡ ᠶᠠᠷᠢᠶᠠᠨ ᠤ ᠲᠠᠪᠠᠭᠤᠯᠢᠬ ᠪᠠᠶᠢᠬᠤ ᠦᠭᠡᠢ ᠮᠦᠷᠳᠡᠭᠡᠨ ᠶᠡᠷᠦ ᠠᠴᠠ ᠪᠠᠨ ᠲᠤᠳᠤᠷᠭ᠎ᠠ ᠲᠠᠷᠢᠭᠰᠠᠨ ᠲᠡᠦᠭᠡ ᠪᠠᠶᠢᠬᠤ ᠦᠭᠡᠢ᠃ ᠵᠦᠪᠯᠠᠯᠳᠤ ᠬᠢᠭᠡᠳ ᠵᠡᠭᠦᠨ ᠡᠸᠦ᠋ᠷᠤᠫᠠ ᠶᠢᠨ ᠲᠠᠷᠢᠶᠠᠴᠢᠳ ᠨᠢ ᠦᠷᠦᠨᠠᠳᠡᠬᠢᠨ ᠤ ᠭᠦᠮᠦᠰ ᠲᠤ ᠪᠠᠷᠤᠭ ᠯᠠ ᠲᠠᠯᠠᠭᠡᠢ ᠳᠡᠭᠡᠷᠡᠬᠢ ᠬᠠᠮᠤᠭ ᠤᠨ ᠰᠤᠯᠠ ᠵᠠᠳᠠᠭᠠᠢ᠂ ᠪᠦᠳᠦᠭᠦᠯᠢᠭ ᠲᠠᠷᠢᠶᠠᠴᠢᠳ ᠪᠠᠶᠢᠵᠤ ᠲᠠᠳᠠ ︽ᠨᠠᠷᠢᠨ ᠬᠢᠨᠠᠮᠠᠭᠠᠢ ᠪᠤᠳᠤᠵᠤ ᠭᠠᠮᠨᠠᠬᠤ︾ ᠠᠴᠠ ᠬᠤᠯᠠ ᠵᠠᠶᠢᠳᠠᠭᠤ ᠭᠦᠮᠦᠰ ᠭᠡᠵᠦ ᠦᠵᠡᠭᠳᠡᠳᠡᠭ᠃      ᠦᠡᠭᠭᠡᠷᠡᠭᠰᠡᠨ ᠤ ᠵᠦᠪᠯᠠᠯᠳᠤ ᠵᠠᠭᠦᠨ ᠡᠸᠦ᠋ᠷᠤᠫᠠ ᠴᠦ ᠲᠠᠷᠠ᠂ ᠦᠨᠦᠳᠤᠷ ᠤᠨ ᠲᠤᠮᠳᠠᠳᠤ ᠤᠯᠤᠰ᠂ ᠶᠠᠫᠤᠨ᠂ ᠺᠤᠷᠢᠶᠠ ᠵᠡᠷᠭᠡ ᠵᠡᠭᠦᠨ ᠠᠽᠢᠶ᠎ᠠ ᠶᠢᠨ ᠤᠯᠤᠰ ᠤᠳ ᠴᠤ ᠲᠠᠷᠠ ᠡᠳᠡᠭᠡᠷ ᠤᠯᠤᠰ ᠤᠨ ᠲᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠲᠤᠭᠠᠨ ᠤ ᠤᠬᠠᠭᠠᠨ ᠤ ᠪᠤᠳᠤᠬᠤ ᠴᠢᠳᠠᠪᠤᠷᠢ ᠰᠠᠶᠢᠨ ᠪᠠᠶᠢᠳᠠᠬ ᠪᠦᠭᠡᠳ ᠲᠤᠭᠠᠨ ᠤ ᠤᠬᠠᠭᠠᠨ ᠤ ᠤᠷᠤᠯᠳᠤᠭᠠᠨ ᠤ ᠬᠢᠷᠢ ᠲᠦᠪᠰᠢᠨ ᠦᠨᠳᠤᠷ ᠪᠠᠶᠢᠳᠠᠬ ᠤᠨ ᠴᠤᠷ ᠤᠨ ᠭᠠᠭᠴᠠ ᠨᠠᠶᠢᠳᠡᠯᠢᠭ ᠴᠢᠨᠠᠷ ᠪᠤᠯ ᠲᠠᠳᠠᠨ ᠳᠤ ᠤᠯᠤᠰ ᠤᠨ ᠨᠢᠭᠡᠳᠤᠯᠳᠠᠢ ᠰᠢᠯᠭᠠᠯᠳᠠ ᠶᠢ ᠠᠷᠭᠠᠴᠠᠭᠠᠬᠤ ᠭᠦᠴᠦᠷᠭᠡᠭ ᠶᠡᠭᠡ ᠰᠤᠷᠭᠠᠨ ᠭᠦᠮᠦᠵᠢᠯ ᠤᠨ ᠲᠤᠭᠳᠠᠯᠴᠠᠭ᠎ᠠ ᠪᠠᠶᠢᠬᠤ ᠳᠤ ᠤᠷᠤᠰᠢᠨ᠎ᠠ᠃ ᠦᠨᠠᠨ ᠳᠤ ᠪᠠᠨ ᠲᠤᠭᠠᠨ ᠤ ᠤᠬᠠᠭᠠᠨ ᠤ ᠤᠷᠤᠯᠳᠤᠭᠠᠨ ᠪᠠ ᠲᠤᠭᠠᠨ ᠤ ᠤᠬᠠᠭᠠᠨ ᠤ ᠰᠤᠳᠤᠯᠤᠯ ᠳᠤ ᠮᠦᠨ ᠴᠢᠨᠠᠷ ᠤᠨ ᠢᠯᠭᠠᠭ᠎ᠠ ᠲᠠᠢ ᠪᠠᠶᠢᠳᠠᠬ᠃ ᠤᠯᠠᠨ ᠤᠯᠤᠰ ᠤᠨ ᠲᠤᠭᠠᠨ ᠤ ᠤᠬᠠᠭᠠᠨ ᠤ ᠤᠯᠢᠮᠫᠢᠺ ᠤᠨ ᠤᠷᠤᠯᠳᠤᠭᠠᠨ ᠤ ᠠᠯᠳᠠᠨ ᠮᠧᠳᠡᠯ ᠪᠠ ᠹᠢᠯᠽ ᠱᠠᠩᠨᠠᠯ ᠢ ᠬᠠᠮᠳᠤ ᠤᠯᠤᠭᠰᠠᠨ ᠠᠦ᠋ᠰᠲᠷᠠᠯᠢᠶ᠎ᠠ ᠤᠯᠤᠰ ᠤᠨ ᠲᠤᠭᠠᠨ ᠤ ᠤᠬᠠᠭᠠᠨᠳᠠᠨ ᠲᠤᠤ ᠵᠧ ᠰᠢᠤᠸᠠᠨ ᠨᠢᠭᠡ ᠵᠤᠬᠢᠶᠠᠯ ᠳᠤ ᠪᠠᠨ ᠲᠤᠭᠠᠨ ᠤ ᠤᠬᠠᠭᠠᠨ ᠤ ᠤᠷᠤᠯᠳᠤᠭᠠᠨ ᠬᠢᠭᠡᠳ ᠲᠤᠭᠠᠨ ᠤ ᠤᠬᠠᠭᠠᠨ ᠤ ᠰᠤᠷᠤᠯᠴᠠᠯᠭ᠎ᠠ ᠲᠦᠢᠯ ᠤᠨ ᠶᠡᠭᠡ ᠵᠦᠷᠢᠶᠡᠨᠳᠠᠢ ᠭᠡᠵᠦ ᠭᠡᠯᠡᠭᠰᠡᠨ ᠶᠤᠮ᠃ ᠢᠯᠠᠩᠭᠤᠶ᠎ᠠ ᠰᠤᠳᠤᠯᠬᠤ ᠰᠤᠷᠤᠭᠴᠢ ᠶᠢᠨ ᠠᠮᠢᠳᠤᠷᠠᠯ ᠲᠤᠮᠳᠠ ᠰᠤᠷᠤᠭᠴᠢᠳ ᠲᠤᠭᠠᠨ ᠤ ᠤᠬᠠᠭᠠᠨ ᠤ ᠤᠷᠤᠯᠳᠤᠭᠠᠨ ᠤ ᠰᠠᠳᠤᠪ ᠠᠳᠠᠯᠢ ᠵᠢᠷᠤᠭᠯᠠᠯ ᠨᠢ ᠲᠤᠳᠤᠷᠬᠠᠢ᠂ ᠠᠯᠬᠤᠮ ᠨᠢ ᠲᠤᠭᠳᠠᠭᠰᠠᠨ ᠰᠠᠳᠤᠪ ᠲᠠᠢ ᠲᠤᠬᠢᠶᠠᠯᠳᠤᠬᠤ ᠦᠭᠡᠢ ᠶᠤᠮ᠃ ᠤᠷᠤᠯᠳᠤᠭᠠᠨ ᠤ ᠰᠡᠳᠬᠢᠭᠦᠢ ᠨᠢ ᠭᠡᠳᠦ᠋ᠢᠪᠠᠷ ᠰᠤᠳᠤᠯᠭᠠᠨ ᠤ ᠴᠢᠨᠠᠷᠳᠠᠢ ᠠᠰᠠᠭᠤᠳᠠᠯ ᠢ ᠰᠢᠢᠳᠪᠤᠷᠢᠯᠡᠭᠦ ᠵᠠᠷᠢᠮ ᠠᠯᠬᠤᠮ ᠳᠤ ᠬᠤᠷᠳᠤᠴᠠ ᠨᠢ ᠮᠠᠰᠢ ᠲᠦᠷᠭᠡᠨ ᠪᠠᠶᠢᠳᠠᠬ ᠪᠤᠯᠪᠠᠴᠤ ᠨᠡᠩ ᠦᠷᠭᠡᠨ ᠲᠤᠭᠠᠨ ᠤ ᠤᠬᠠᠭᠠᠨ ᠤ ᠭᠦᠷᠢᠶᠡᠨ ᠳᠤ ᠦᠷᠭᠡᠵᠢᠭᠦ ᠶᠢᠨ ᠠᠷᠭ᠎ᠠ ᠦᠭᠡᠢ ᠪᠠᠶᠢᠳᠠᠬ᠃ ᠨᠡᠩ ᠤᠯᠠᠨ ᠠᠰᠠᠭᠤᠳᠠᠯ ᠢ ᠮᠦᠨ ᠯᠡ ᠲᠠᠰᠪᠤᠷᠢ ᠲᠡᠪᠵᠢᠶᠡᠷᠢ ᠬᠢᠭᠡᠳ ᠤᠳᠠᠭᠠᠨ ᠲᠠᠭᠠᠭᠠᠮᠠᠭᠠᠢ ᠠᠵᠢᠯ ᠪᠤᠯᠬᠤ ᠰᠤᠷᠪᠤᠯᠵᠢ ᠪᠢᠴᠢᠭ ᠢ ᠤᠡᠭᠰᠢᠬᠤ᠂ ᠮᠠᠷᠭᠡᠰᠢᠯ ᠴᠢᠳᠠᠪᠤᠷᠢ ᠶᠢ ᠭᠡᠷᠡᠭᠯᠡᠭᠦ᠂ ᠠᠰᠠᠭᠤᠳᠠᠯ ᠳᠤ ᠵᠠᠭᠪᠤᠷ ᠭᠠᠷᠭᠠᠬᠤ᠂ ᠡᠰᠡᠷᠭᠦ ᠵᠢᠱᠢᠶ᠎ᠠ ᠡᠷᠢᠭᠦ ᠵᠡᠷᠭᠡ ᠳᠤ ᠲᠦᠰᠢᠭᠯᠡᠳᠡᠭ᠃ ᠡᠭᠦᠨ ᠠᠴᠠ ᠭᠠᠳᠠᠨ᠎ᠠ ᠤᠯᠢᠮᠫᠢᠺ ᠤᠨ ᠤᠷᠤᠯᠳᠤᠭᠠᠨ ᠳᠤ ᠰᠠᠳᠤᠪ ᠤᠨ ᠭᠦᠨᠳᠤᠴᠠ ᠨᠢ ᠶᠡᠭᠡ ᠪᠠᠶᠢᠳᠠᠬ ᠪᠤᠯᠪᠠᠴᠤ ᠰᠢᠯᠭᠠᠨ ᠪᠠᠶᠢᠴᠠᠭᠠᠳᠠᠬ ᠨᠢ ᠮᠠᠷᠭᠡᠰᠢᠯ ᠪᠤᠯᠬᠤ ᠠᠴᠠ ᠪᠢᠰᠢ ᠬᠠᠷᠢᠨ ᠪᠦᠳᠦᠭᠡᠯᠴᠢ ᠴᠢᠨᠠᠷᠳᠠᠢ ᠭᠤᠤᠯ ᠴᠤᠭᠴᠠ ᠶᠢᠨ ᠰᠤᠳᠤᠯᠬᠤ ᠴᠢᠳᠠᠪᠤᠷᠢ ᠪᠢᠰᠢ ᠶᠤᠮ᠃      ᠶᠡᠷᠦᠩᠭᠡᠢ ᠳᠤ ᠨᠢ ᠠᠪᠴᠤ ᠭᠡᠯᠡᠪᠡᠯ ᠲᠤᠭᠠᠨ ᠤ ᠤᠬᠠᠭᠠᠨ ᠤ ᠤᠷᠤᠯᠳᠤᠭᠠᠨ ᠳᠤ ᠱᠠᠭᠠᠷᠳᠠᠭᠳᠠᠬᠤ ᠨᠢ ᠪᠤᠯᠪᠠᠰᠤᠷᠠᠩᠭᠤᠢ ᠬᠢᠭᠡᠳ ᠮᠠᠷᠭᠡᠰᠢᠯ ᠪᠠᠶᠢᠵᠤ ᠠᠪᠢᠶᠠᠰ ᠪᠢᠯᠢᠭ ᠲᠤ ᠲᠦᠰᠢᠭᠯᠡᠭᠦ ᠦᠭᠡᠢ ᠬᠠᠷᠢᠨ ᠶᠡᠭᠡ ᠭᠡᠮᠵᠢᠶᠡᠨ ᠤ ᠲᠦᠪᠯᠠᠷᠠᠭᠦᠯᠦᠭᠰᠡᠨ ᠪᠤᠯᠪᠠᠰᠤᠷᠠᠯ ᠳᠤ ᠲᠦᠰᠢᠭᠯᠡᠪᠡᠯ ᠲᠠᠷᠤᠢ ᠠᠮᠵᠢᠯᠳᠠ ᠤᠯᠵᠤ ᠴᠢᠳᠠᠳᠠᠬ᠃ ᠭᠡᠳᠡᠯ᠎ᠠ ᠲᠡᠭᠡᠳᠤ ᠵᠡᠷᠭᠡ ᠶᠢᠨ ᠲᠤᠭᠠᠨ ᠤ ᠤᠬᠠᠭᠠᠨ ᠤ ᠰᠤᠳᠤᠯᠭᠠᠨ ᠪᠠ ᠰᠤᠷᠤᠯᠴᠠᠯᠭ᠎ᠠ ᠪᠤᠯ ᠤᠳᠠᠭᠠᠨ ᠲᠠᠭᠠᠭᠠᠮᠠᠭᠠᠢ ᠠᠵᠢᠯ ᠪᠠ ᠭᠦᠨᠵᠡᠭᠡᠢ ᠤᠬᠠᠨ ᠤᠢᠢᠯᠠᠭᠠᠬᠤ ᠳᠤ ᠲᠦᠰᠢᠭᠯᠡᠳᠡᠭ ᠶᠤᠮ᠃ ᠮᠠᠷᠭᠡᠰᠢᠯ ᠤᠨ ᠴᠢᠨᠠᠷᠳᠠᠢ ᠪᠤᠳᠤᠯᠭ᠎ᠠ ᠲᠠᠢ ᠠᠳᠠᠯᠢ ᠦᠭᠡᠢ ᠲᠠᠯ᠎ᠠ ᠨᠢ ᠭᠡᠪᠡᠯ ᠲᠤᠭᠠᠨ ᠤ ᠤᠬᠠᠭᠠᠨ ᠤ ᠰᠤᠳᠤᠯᠭᠠᠨ ᠪᠤᠯ ᠭᠡᠶᠢᠰᠪᠤᠷᠢᠴᠢᠯᠡᠭᠦ ᠪᠠ ᠯᠤᠬᠢᠬ ᠮᠦᠷᠳᠠᠯᠳᠠ ᠶᠢ ᠭᠡᠷᠡᠭᠯᠡᠳᠡᠭ᠃ ᠪᠤᠳᠤᠯᠢᠶᠠᠨᠳᠠᠢ ᠤᠯᠠᠨ ᠶᠠᠩᠵᠤ ᠶᠢᠨ ᠲᠤᠭᠠᠨ ᠤ ᠤᠬᠠᠭᠠᠨ ᠤ ᠠᠰᠠᠭᠤᠳᠠᠯ ᠳᠤ ᠬᠢ ᠭᠦᠨ ᠭᠦᠨᠵᠡᠭᠡᠢ ᠤᠢᠢᠯᠠᠭᠠᠬᠤ ᠴᠢᠳᠠᠪᠤᠷᠢ ᠨᠢ ᠤᠨᠴᠠᠭᠠᠢ ᠲᠤᠭᠳᠠᠭᠠᠭᠰᠠᠨ ᠭᠡᠯᠪᠠᠷᠢ ᠶᠢᠨ ᠠᠰᠠᠭᠤᠳᠠᠯ ᠢ ᠵᠠᠳᠠᠯᠬᠤ ᠠᠴᠠ ᠬᠤᠯᠠ ᠴᠢᠬᠤᠯᠠ ᠪᠠᠶᠢᠳᠠᠬ᠃ ᠠᠯᠳᠠᠷᠳᠤ ᠲᠤᠭᠠᠨ ᠤ ᠤᠬᠠᠭᠠᠨ ᠤ ᠡᠷᠳᠠᠮᠳᠠᠨ ᠸᠢᠯᠢᠶᠠᠨ · ᠽᠧᠷᠰᠲ᠋ᠧᠨ ᠲᠤᠭᠠᠨ ᠤ ᠤᠬᠠᠭᠠᠨ ᠤ ᠤᠷᠤᠯᠳᠤᠭᠠᠨ ᠢ ︽ᠲᠠᠩ ᠦᠭᠡᠰ ᠢ ᠬᠤᠯᠪᠤᠨ ᠪᠢᠴᠢᠭᠦ ᠤᠷᠤᠯᠳᠤᠭᠠᠨ︾ ᠭᠡᠵᠦ ᠭᠡᠯᠡᠵᠦ ᠦᠡᠭᠭᠡᠷᠡᠭᠰᠡᠨ ᠶᠤᠮ᠃ ᠲᠠᠭᠦᠨ ᠤ ᠦᠵᠠᠭᠦ ᠪᠠᠷ ︽ᠲᠠᠩ ᠦᠭᠡᠰ ᠢ ᠬᠤᠯᠪᠤᠨ ᠪᠢᠴᠢᠭᠦ ᠤᠷᠤᠯᠳᠤᠭᠠᠨ ᠳᠤ ᠳ᠋ᠤᠭᠠᠷᠯᠠᠬᠤ ᠨᠢ ᠰᠢᠯᠢᠳᠡᠭ ᠵᠤᠬᠢᠶᠠᠯᠴᠢ ᠪᠤᠯᠤᠭᠰᠠᠨ ᠢ ᠲᠦᠯᠦᠭᠡᠯᠠᠵᠦ ᠴᠢᠳᠠᠬᠤ ᠦᠭᠡᠢ᠃ ᠲᠤᠭᠠᠨ ᠤ ᠤᠬᠠᠭᠠᠨ ᠤ ᠤᠷᠤᠯᠳᠤᠭᠠᠨ ᠴᠦ ᠠᠳᠠᠯᠢᠬᠠᠨ ᠪᠠᠶᠢᠵᠤ᠂ ᠰᠠᠶᠢᠨ ᠬᠢᠷᠢ ᠪᠦᠳᠤᠮᠵᠢ ᠨᠢ ᠲᠤᠭᠠᠨ ᠤ ᠤᠬᠠᠭᠠᠨ ᠢ ᠦᠨᠠᠨ ᠭᠦ ᠤᠢᠢᠯᠠᠭᠠᠭᠰᠠᠨ ᠶᠠᠪᠤᠳᠠᠯ ᠪᠢᠰᠢ ᠶᠤᠮ︾ ᠭᠡᠵᠡᠢ᠃      ᠲᠤᠭᠠᠨ ᠤ ᠤᠬᠠᠭᠠᠨ ᠤ ᠰᠤᠷᠤᠯᠴᠠᠯᠭ᠎ᠠ ᠶᠢ ᠰᠢᠯᠭᠠᠨ ᠪᠠᠶᠢᠴᠠᠭᠠᠬᠤ ᠨᠢ ᠰᠤᠷᠤᠯᠴᠠᠯᠭ᠎ᠠ ᠬᠢᠭᠡᠳ ᠰᠡᠳᠬᠢᠮᠵᠢᠯᠡᠯ ᠤᠨ ᠭᠦᠨ ᠭᠦᠨᠵᠡᠭᠡᠢ ᠭᠡᠮᠵᠢᠶ᠎ᠠ ᠪᠠ ᠶᠠᠰᠤ ᠴᠢᠨᠠᠷ ᠪᠤᠯᠤᠨ᠎ᠠ᠂ ᠭᠡᠳᠡᠯ᠎ᠠ ᠲᠤᠭᠠᠨ ᠤ ᠤᠬᠠᠭᠠᠨ ᠤ ᠤᠷᠤᠯᠳᠤᠭᠠᠨ ᠤ ᠱᠠᠭᠠᠷᠳᠠᠬᠤ ᠨᠢ ︽ᠡᠷᠳᠠ ᠪᠤᠯᠪᠠᠰᠤᠷᠠᠬᠤ ᠭᠡᠮᠵᠢᠶ᠎ᠡ︾ ᠪᠤᠯᠤᠨ᠎ᠠ᠃ ᠦᠭᠡᠷ᠎ᠠ ᠪᠠᠷ ᠭᠡᠯᠡᠪᠡᠯ ᠴᠠᠬ ᠬᠤᠭᠤᠴᠠᠭ᠎ᠠ ᠲᠠᠢ ᠤᠷᠤᠯᠳᠤᠵᠤ᠂ ᠦᠶ᠎ᠠ ᠬᠤᠷᠠᠭ ᠤᠨ ᠭᠦᠮᠦᠰ ᠠᠴᠠ ᠪᠠᠨ ᠲᠦᠷᠭᠡᠨ ᠰᠤᠷᠤᠭᠰᠠᠨ ᠢ ᠤᠷᠤᠯᠳᠤᠬᠤ ᠪᠤᠯᠤᠨ᠎ᠠ᠃ ᠰᠠᠷᠭᠦᠯᠡᠩ ᠭᠡᠤᠭᠡᠳ ᠲᠤ ᠠᠪᠴᠤ ᠭᠡᠯᠡᠪᠡᠯ ᠲᠤᠭᠠᠨ ᠤ ᠤᠬᠠᠭᠠᠨ ᠤ ᠤᠷᠤᠯᠳᠤᠭᠠᠨ ᠨᠢ ᠨᠡᠩ ᠲᠦᠭᠦᠮ ᠬᠢᠯᠪᠠᠷ ᠪᠠᠶᠢᠳᠠᠬ ᠮᠦᠷᠳᠡᠭᠡᠨ ᠠᠪᠢᠶᠠᠰ ᠪᠢᠯᠢᠭ ᠢᠶᠠᠷ ᠬᠢᠵᠠᠭᠠᠷ ᠲᠠᠢ ᠪᠠᠶᠢᠭᠰᠠᠨ ᠴᠦ ᠭᠦᠴᠦᠯᠠᠴᠡ ᠶᠡᠭᠡᠳᠠᠢ ᠪᠤᠯᠪᠠᠰᠤᠷᠠᠯ ᠢᠶᠠᠷ ᠲᠠᠮᠵᠢᠪᠠᠯ ᠠᠮᠵᠢᠯᠳᠠ ᠤᠯᠵᠤ ᠴᠢᠳᠠᠳᠠᠬ ᠨᠢ ᠲᠤᠷᠤᠨᠠᠳᠤ ᠠᠽᠢᠶ᠎ᠠ ᠶᠢᠨ ᠰᠢᠯᠭᠠᠯᠳᠠ ᠶᠢ ᠠᠷᠭᠠᠴᠠᠭᠠᠬᠤ ᠰᠤᠷᠭᠠᠨ ᠭᠦᠮᠦᠵᠢᠯ ᠨᠢ ᠬᠠᠮᠤᠭ ᠤᠨ ᠡᠯᠪᠡᠭ ᠪᠠᠶᠠᠯᠢᠬ ᠪᠤᠯᠪᠠᠰᠤᠷᠠᠯ ᠢ ᠬᠠᠨᠭ᠍ᠭᠠᠵᠤ ᠴᠢᠳᠠᠳᠠᠬ ᠭᠡᠳᠡᠭ ᠢ ᠬᠠᠷᠠᠭᠤᠯᠵᠤ ᠪᠠᠶᠢᠨ᠎ᠠ᠃ ᠠᠵᠢᠯᠯᠠᠭᠠᠨ ᠤ ᠠᠵᠤ ᠠᠬᠤᠢ ᠶᠢᠨ ᠡᠷᠳᠠᠮᠳᠠᠨ ᠶᠦᠷᠢ · ᠭᠨᠢᠽ ᠬᠢᠭᠡᠳ ᠠᠷᠳᠤᠸᠧ · ᠯᠠᠴᠧᠴᠢᠨᠢ ᠲᠤᠷᠰᠢᠯᠳᠠ ᠪᠠᠷ ᠲᠠᠮᠵᠢᠨ ᠤᠷᠤᠯᠳᠤᠭᠠᠨ ᠳᠤ ᠤᠷᠤᠯᠴᠠᠭᠰᠠᠳ ᠤᠨ ᠬᠢᠷᠢ ᠲᠦᠪᠰᠢᠨ ᠠᠳᠠᠯᠢᠪᠳᠤᠷ ᠪᠠᠶᠢᠳᠠᠯ ᠲᠤᠤᠷ᠎ᠠ ᠴᠦ ᠭᠡᠳ ᠲᠠᠩ ᠰᠠᠳᠤᠪ ᠤᠨ ᠱᠠᠩᠨᠠᠯ ᠨᠢ ᠨᠡᠩ ᠦᠨᠳᠤᠷ ᠪᠠᠶᠢᠳᠠᠬ ᠤᠷᠤᠯᠳᠤᠭᠠᠨ ᠨᠢ ᠤᠷᠤᠯᠳᠤᠭᠠᠨ ᠳᠤ ᠤᠷᠤᠯᠴᠠᠭᠰᠠᠳ ᠲᠤ ᠰᠠᠶᠢᠨ ᠳ᠋ᠦᠩ ᠤᠯᠭᠤᠵᠤ ᠴᠢᠳᠠᠳᠠᠬ᠃ ᠡᠨᠡ ᠨᠢ ᠶᠠᠬ ᠰᠠᠶᠢᠬᠠᠨ ᠲᠤᠷᠤᠨᠠᠳᠤ ᠠᠽᠢᠶ᠎ᠠ ᠶᠢᠨ ᠡᠯ᠎ᠠ ᠤᠯᠤᠰ ᠤᠨ ᠲᠠᠪᠠᠭᠤᠯᠢᠬ ᠲᠠᠯ᠎ᠠ ᠪᠤᠯᠬᠤ — ᠨᠡᠩ ᠶᠡᠭᠡ ᠤᠷᠤᠯᠳᠤᠭᠠᠨ ᠤ ᠲᠠᠷᠤᠯᠳᠠ᠂ ᠨᠠᠩ ᠤᠯᠠᠨ ᠤᠷᠤᠯᠳᠤᠭᠠᠨ ᠤ ᠱᠠᠩᠨᠠᠯ ᠨᠢ ᠪᠦᠭᠦ᠋ᠢᠯᠡ ᠲᠤᠮᠳᠠᠳᠤ ᠰᠤᠷᠭᠠᠭᠤᠯᠢ ᠶᠢᠨ ᠰᠤᠷᠭᠠᠨ ᠭᠦᠮᠦᠵᠢᠯ ᠢ ᠲᠤᠭ᠎ᠠ ᠪᠤᠳᠤᠯᠭ᠎ᠠ ᠶᠢᠨ ᠴᠢᠳᠠᠪᠤᠷᠢ ᠶᠢ ᠪᠤᠯᠪᠠᠰᠤᠷᠠᠭᠤᠯᠬᠤ ᠭᠤᠤᠯ ᠴᠡᠭ ᠪᠤᠯᠭᠠᠵᠠᠢ ᠭᠡᠳᠡᠭ ᠢ ᠢᠯᠠᠷᠠᠭᠦᠯᠦᠭᠰᠡᠨ ᠪᠠᠶᠢᠨ᠎ᠠ᠃ ᠡᠰᠡᠷᠭᠦ ᠪᠠᠷ ᠡᠨᠡ ᠨᠢ ᠠᠮᠧᠷᠢᠺᠠ ᠬᠢᠭᠡᠳ ᠪᠠᠷᠠᠭᠤᠨ ᠡᠸᠦ᠋ᠷᠤᠫᠠ ᠶᠢᠨ ᠤᠯᠤᠰ ᠤᠳ ᠤᠨ ᠱᠠᠭᠠᠷᠳᠠᠳᠠᠬ ᠵᠦᠢᠯ ᠪᠢᠰᠢ ᠶᠤᠮ᠃ ᠡᠳᠡᠭᠡᠷ ᠤᠯᠤᠰ ᠤᠷᠤᠨ ᠳᠤ ᠡᠩ ᠤᠨ ᠰᠤᠷᠤᠭᠴᠢᠳ ᠤᠨ ᠲᠤᠭᠠᠨ ᠤ ᠤᠬᠠᠭᠠᠨ ᠤ ᠬᠢᠷᠢ ᠪᠦᠳᠦᠮᠵᠢ ᠨᠢ ᠦᠨᠳᠤᠰᠤᠨ ᠪᠠᠷᠢᠮᠵᠢᠶᠠᠨ ᠳᠤ ᠭᠦᠷᠪᠡᠯ ᠪᠤᠯᠴᠢᠬᠠᠨ᠎ᠠ᠃ ᠵᠢᠱᠢᠶᠡᠯᠡᠪᠡᠯ᠂ ᠠᠮᠧᠷᠢᠺᠠ ᠶᠢᠨ ᠮᠠᠰᠠᠴᠦ᠋ᠰᠧᠼ ᠵᠸᠤ ᠶᠢᠨ ᠨᠢᠭᠡᠳᠤᠯᠳᠠᠢ ᠰᠢᠯᠭᠠᠯᠳᠠ ᠶᠢᠨ ᠭᠦᠨᠳᠤᠴᠠ ᠨᠢ ᠦᠨᠳᠤᠰᠤᠨ ᠭᠤᠷᠪᠠᠯᠵᠢᠨ ᠤ ᠹᠦᠡᠭᠺᠼ ᠤᠨ ᠪᠤᠳᠤᠯᠭ᠎ᠠ ᠶᠢ ᠡᠵᠡᠮᠰᠢᠪᠡᠯ ᠪᠤᠯᠴᠢᠬᠠᠨ᠎ᠠ᠃ ᠡᠭᠦᠨ ᠠᠴᠠ ᠦᠵᠡᠪᠡᠯ ᠰᠤᠷᠭᠠᠨ ᠭᠦᠮᠦᠵᠢᠯ ᠳᠤ ᠪᠤᠯᠪᠠᠰᠤᠷᠠᠯ ᠤᠨ ᠭᠦᠴᠤᠯᠠᠴᠠ ᠶᠢᠨ ᠵᠦᠷᠢᠶ᠎ᠠ ᠨᠢ ᠡᠩ ᠤᠨ ᠲᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠲᠤᠭᠠᠨ ᠤ ᠤᠬᠠᠭᠠᠨ ᠤ ᠬᠢᠷᠢ ᠲᠦᠪᠰᠢᠨ ᠤ ᠵᠦᠷᠢᠶ᠎ᠠ ᠶᠢ ᠡᠭᠦᠰᠭᠡᠭᠰᠡᠨ ᠪᠠᠶᠢᠨ᠎ᠠ᠃ ᠲᠦᠪᠯᠠᠷᠠᠭᠦᠯᠦᠨ ᠪᠤᠯᠪᠠᠰᠤᠷᠠᠭᠤᠯᠬᠤ ᠭᠦᠴᠦᠯᠠᠴᠠ ᠨᠢ ᠴᠦ ᠨᠠᠯᠢᠶᠠᠳ ᠶᠡᠭᠡ ᠭᠡᠮᠵᠢᠶᠡᠨ ᠳᠤ ᠤᠷᠤᠯᠳᠤᠭᠠᠨ ᠤ ᠬᠢᠷᠢ ᠪᠦᠳᠤᠮᠵᠢ ᠶᠢ ᠨᠦᠯᠦᠭᠡᠯᠡᠳᠡᠭ ᠪᠠᠶᠢᠨ᠎ᠠ᠃      ᠲᠠᠭᠡᠪᠡᠯ᠂ ᠶᠡᠭᠡ ᠰᠤᠷᠭᠠᠭᠤᠯᠢ ᠳᠤ ᠤᠷᠤᠭᠰᠠᠨ ᠤ ᠳᠠᠷᠠᠭ᠎ᠠ ᠲᠤᠮᠳᠠᠳᠤ ᠠᠮᠧᠷᠢᠺᠠ ᠶᠢᠨ ᠰᠤᠷᠤᠭᠴᠢᠳ ᠤᠨ ᠲᠤᠭᠠᠨ ᠤ ᠤᠬᠠᠭᠠᠨ ᠤ ᠬᠢᠷᠢ ᠪᠦᠳᠤᠮᠵᠢ ᠶᠢᠨ ᠵᠦᠷᠢᠶ᠎ᠠ ᠳᠤ ᠰᠦᠷᠭᠡᠤ ᠬᠤᠪᠢᠷᠠᠯᠳᠠ ᠭᠠᠷᠳᠠᠬ ᠨᠢ ᠶᠠᠭᠤᠨ ᠤ ᠤᠴᠢᠷ ᠪᠤᠯᠴᠢᠬᠠᠪᠠ︖      ᠭᠤᠷᠪᠠ᠂ ᠲᠤᠮᠳᠠᠳᠤ ᠤᠯᠤᠰ ᠤᠨ ᠲᠤᠭᠠᠨ ᠤ ᠤᠬᠠᠭᠠᠨ ᠤ ᠰᠤᠳᠤᠯᠭᠠᠨ ᠨᠢ ᠶᠠᠭᠠᠬᠢᠭᠠᠳ ᠲᠤᠭᠠᠨ ᠤ ᠤᠬᠠᠭᠠᠨ ᠤ ᠤᠷᠤᠯᠳᠤᠭᠠᠨ ᠠᠳᠠᠯᠢ ᠰᠠᠶᠢᠨ ᠪᠢᠰᠢ ᠪᠠᠶᠢᠳᠠᠬ ᠪᠤᠢ      ᠵᠠᠩᠬᠢᠯᠠᠭ᠎ᠠ ᠶᠢᠨ ᠰᠢᠯᠳᠠᠭᠠᠨ ᠨᠢ ᠠᠮᠧᠷᠢᠺᠠ ᠶᠢᠨ ᠲᠦᠷᠦᠯ ᠬᠤᠪᠢᠶᠠᠭᠰᠠᠨ ᠰᠤᠷᠭᠠᠨ ᠭᠦᠮᠦᠵᠢᠯ ᠳᠤ ᠪᠠᠶᠢᠵᠤ ᠮᠠᠳᠠᠨ᠎ᠠ᠃ ᠠᠮᠧᠷᠢᠺᠠ ᠡᠩ ᠤᠨ ᠲᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠲᠤᠭᠠᠨ ᠤ ᠤᠬᠠᠭᠠᠨ ᠤ ᠪᠤᠳᠤᠯᠭ᠎ᠠ ᠶᠢᠨ ᠴᠢᠳᠠᠪᠤᠷᠢ ᠶᠢᠨ ᠦᠨᠳᠤᠰᠤᠨ ᠱᠠᠭᠠᠷᠳᠠᠯᠭ᠎ᠠ ᠦᠨᠳᠤᠷ ᠪᠢᠰᠢ ᠪᠠᠶᠢᠳᠠᠬ᠃ ᠠᠪᠢᠶᠠᠰ ᠲᠠᠢ᠂ ᠲᠤᠷ᠎ᠠ ᠰᠤᠨᠢᠷᠬᠠᠯ ᠲᠠᠢ ᠰᠤᠷᠤᠭᠴᠢ ᠲᠤᠮᠳᠠᠳᠤ ᠰᠤᠷᠭᠠᠭᠤᠯᠢ ᠳᠤ ᠪᠠᠨ ᠶᠡᠭᠡ ᠰᠤᠷᠭᠠᠭᠤᠯᠢ ᠶᠢᠨ ᠰᠤᠷᠬᠤ ᠬᠢᠴᠢᠶᠡᠯ ︵Advanced Plcement ᠲᠦᠭᠦᠮᠴᠢᠯᠡᠭᠡᠳ AP ᠭᠡᠳᠡᠭ︶ ᠢ ᠰᠤᠷᠴᠤ ᠪᠤᠯᠤᠨ᠎ᠠ᠃ AP ᠶᠢ ᠰᠤᠷᠴᠤ ᠪᠠᠷᠠᠭᠰᠠᠨ ᠤ ᠲᠠᠷᠠᠭ᠎ᠠ ᠤᠷᠢᠳ ᠢᠶᠠᠷ ᠰᠤᠷᠬᠤ ᠬᠢᠴᠢᠶᠡᠯ ᠤᠨ ᠰᠢᠯᠭᠠᠯᠳᠠ ᠳᠤ ᠤᠷᠤᠯᠴᠠᠨ᠎ᠠ᠃ ᠤᠷᠢᠳ ᠢᠶᠠᠷ ᠰᠤᠷᠬᠤ ᠬᠢᠴᠢᠶᠡᠯ ᠤᠨ ᠭᠦᠨᠳᠤᠴᠠ ᠨᠢ ᠠᠮᠧᠷᠢᠺᠠ ᠶᠢᠨ ᠡᠩ ᠤᠨ ᠲᠡᠭᠡᠳᠤ ᠵᠡᠷᠭᠡ ᠶᠢᠨ ᠲᠤᠮᠳᠠᠳᠤ ᠰᠤᠷᠭᠠᠭᠤᠯᠢ ᠶᠢᠨ ᠲᠤᠭᠠᠨ ᠤ ᠤᠬᠠᠭᠠᠨ ᠠᠴᠠ ᠬᠤᠯᠠ ᠭᠦᠨᠳᠤ ᠪᠠᠶᠢᠵᠤ ᠪᠠᠷᠤᠭ ᠲᠤᠭᠠᠨ ᠤ ᠤᠬᠠᠭᠠᠨ ᠤ ᠤᠷᠤᠯᠳᠤᠭᠠᠨ ᠲᠠᠢ ᠠᠳᠠᠯᠢᠪᠳᠤᠷ ᠪᠠᠶᠢᠳᠠᠬ᠃ ᠲᠡᠭᠦᠨ ᠤ ᠪᠠᠶᠢᠷᠢᠯᠠᠭᠤᠯᠤᠯᠳᠠ ᠨᠢ ᠰᠤᠷᠤᠭᠴᠢ ᠶᠢᠨ ᠲᠤᠭᠠᠨ ᠤ ᠤᠬᠠᠭᠠᠨ ᠤ ᠠᠰᠠᠭᠤᠳᠠᠯ ᠤᠨ ᠲᠤᠬᠠᠢ ᠤᠢᠢᠯᠠᠭᠠᠯᠳᠠ ᠶᠢᠨ ᠪᠦᠷᠢᠯᠳᠤᠯ ᠳᠤ ᠨᠡᠩ ᠠᠰᠢᠭᠳᠠᠢ᠃ ᠵᠢᠱᠢᠶᠡᠯᠡᠪᠡᠯ᠂ ᠠᠮᠧᠷᠢᠺᠠ ᠬᠢᠭᠡᠳ ᠺᠠᠨᠠᠳᠠ ᠶᠢᠨ ᠶᠡᠭᠡ ᠰᠤᠷᠭᠠᠭᠤᠯᠢ ᠶᠢᠨ ᠤᠷᠢᠳ ᠢᠶᠠᠷ ᠰᠤᠷᠬᠤ ᠬᠢᠴᠢᠶᠡᠯ ᠳᠤ ᠢᠯᠭᠠᠷᠠᠯ ᠴᠤᠮᠬᠠᠳᠬᠠᠯ ᠤᠨ ᠭᠡᠰᠡᠭ ᠤᠨ ᠬᠤᠶᠠᠷ ᠲᠦᠷᠦᠯ ᠤᠨ ᠬᠢᠴᠢᠶᠡᠯ ᠨᠢ ᠨᠢᠭᠡ ᠦᠯᠦ ᠮᠠᠳᠡᠭᠳᠡᠭᠴᠢᠳᠤ ᠢᠯᠭᠠᠷᠠᠯ ᠴᠤᠮᠬᠠᠳᠬᠠᠯ ᠤᠨ ᠪᠤᠢ ᠪᠦᠭᠦᠢ ᠮᠠᠳᠡᠯᠭᠡ ᠶᠢ ᠬᠠᠮᠤᠷᠴᠤ ᠠᠮᠧᠷᠢᠺᠠ ᠶᠢᠨ ᠶᠡᠭᠡ ᠰᠤᠷᠭᠠᠭᠤᠯᠢ ᠶᠢᠨ ᠬᠤᠶᠠᠷ ᠬᠤᠭᠤᠴᠠᠭᠠᠨ ᠤ ᠲᠤᠭᠠᠨ ᠤ ᠤᠬᠠᠭᠠᠨ ᠤ ᠬᠢᠴᠢᠶᠡᠯ ᠤᠨ ᠠᠭᠤᠯᠭ᠎ᠠ ᠲᠠᠢ ᠲᠠᠩᠴᠡᠵᠦ ᠪᠠᠶᠢᠳᠠᠬ᠃ ᠡᠳᠡᠭᠡᠷ ᠪᠤᠯᠪᠠᠰᠤᠷᠠᠯ ᠢᠶᠠᠷ ᠲᠠᠮᠵᠢᠨ ᠢᠯᠭᠠᠷᠠᠯ ᠴᠤᠮᠬᠠᠳᠬᠠᠯ ᠤᠨ ᠲᠤᠬᠠᠢ ᠤᠢᠢᠯᠠᠭᠠᠯᠳᠠ ᠶᠢ ᠨᠢ ᠨᠠᠩ ᠲᠤᠬᠢᠷᠠᠮᠵᠢᠳᠠᠢ ᠪᠠᠷ ᠠᠬᠢᠭᠤᠯᠳᠠᠬ᠃ ᠭᠡᠳᠡᠯ᠎ᠠ ᠤᠷᠤᠯᠳᠤᠭᠠᠨ ᠢ ᠭᠦᠨᠳᠤᠳᠭᠡᠳᠡᠭ ᠲᠤᠮᠳᠠᠳᠤ ᠤᠯᠤᠰ ᠤᠨ ᠲᠡᠭᠡᠳᠤ ᠲᠤᠮᠳᠠᠳᠤ ᠳᠤ ᠡᠨᠡ ᠲᠦᠷᠦᠯ ᠤᠨ ᠮᠠᠳᠠᠯᠭᠡ ᠶᠢ ᠲᠠᠮᠠᠢ ᠶᠡᠭᠡ ᠠᠩᠬᠠᠷᠳᠠᠬ ᠦᠭᠡᠢ ᠶᠤᠮ᠃      ᠬᠤᠪᠢ ᠭᠦᠮᠦᠨ ᠤ ᠢᠷᠡᠭᠡᠳᠤᠢ ᠶᠢᠨ ᠭᠦᠭᠵᠢᠯᠳᠠ ᠶᠢᠨ ᠲᠠᠯ᠎ᠠ ᠠᠴᠠ ᠦᠵᠠᠪᠠᠯ ᠶᠡᠭᠡ ᠰᠤᠷᠭᠠᠭᠤᠯᠢ ᠶᠢᠨ ᠤᠷᠢᠳ ᠢᠶᠠᠷ ᠰᠤᠷᠬᠤ ᠬᠢᠴᠢᠶᠡᠯ ᠢ ᠰᠤᠷᠬᠤ ᠨᠢ ᠴᠠᠭ ᠢᠶᠠᠨ ᠤᠷᠤᠯᠳᠤᠭᠠᠨ ᠤ ᠲᠡᠭᠡᠷ᠎ᠠ ᠲᠠᠯᠪᠢᠬᠤ ᠠᠴᠠ ᠢᠯᠡᠭᠦᠦ ᠲᠤᠬᠢᠷᠠᠮᠵᠢᠳᠠᠢ᠃ ᠡᠮᠦᠨᠡᠬᠢ ᠨᠢ ᠵᠢᠩᠬᠢᠨᠢ ᠤᠳᠬ᠎ᠠ ᠠᠭᠤᠯᠭ᠎ᠠ ᠲᠡᠭᠡᠷᠡᠬᠢ ᠲᠤᠭᠠᠨ ᠤ ᠤᠬᠠᠭᠠᠨ ᠤ ᠰᠤᠳᠤᠯᠤᠯ ᠲᠠᠢ ᠤᠢᠢᠷᠠᠳᠤᠨ᠎ᠠ᠃ ᠰᠤᠳᠤᠯᠭᠠᠨ ᠤ ᠭᠦᠷᠢᠶ᠎ᠠ ᠭᠡᠪᠴᠢᠶᠡᠨ ᠳᠤ ᠠᠪᠴᠤ ᠭᠡᠯᠡᠪᠡᠯ ᠦᠨᠳᠤᠷ ᠭᠦᠴᠦᠯᠡᠴᠡ ᠲᠠᠢ ᠲᠤᠭᠠᠨ ᠤ ᠤᠬᠠᠭᠠᠨ ᠤ ᠪᠤᠳᠤᠯᠭ᠎ᠠ ᠶᠢᠨ ᠪᠤᠯᠪᠠᠰᠤᠷᠠᠯ ᠤᠨ ᠦᠷ᠎ᠠ ᠪᠦᠳᠤᠮᠵᠢ ᠨᠢ ᠲᠤᠩ ᠲᠤᠤᠷ᠎ᠠ ᠪᠠᠶᠢᠳᠠᠬ᠃ ᠤᠳᠤ ᠦᠶ᠎ᠠ ᠶᠢᠨ ᠲᠤᠭᠠᠨ ᠤ ᠤᠬᠠᠭᠠᠨ ᠨᠢ ᠮᠠᠰᠢ ᠤᠯᠠᠨ ᠰᠠᠭᠤᠷᠢ ᠬᠢᠴᠢᠶᠡᠯ ᠲᠦᠷᠦᠯ ᠲᠠᠢ ᠠᠳᠠᠯᠢ ᠦᠷᠭᠦᠯᠵᠢᠯᠡᠭᠰᠡᠨ ᠰᠤᠳᠤᠯᠭᠠᠨ ᠤ ᠤᠯᠠᠮᠵᠢᠯᠠᠯ ᠪᠠ ᠡᠷᠳᠠᠮ ᠰᠢᠨᠵᠢᠯᠡᠭᠡᠨ ᠤ ᠠᠭᠤᠷ ᠠᠮᠢᠰᠬᠤᠯ ᠨᠢ ᠲᠡᠭᠦᠨ ᠤ ᠠᠮᠵᠢᠯᠳᠠ ᠪᠦᠳᠦᠭᠡᠯ ᠤᠨ ᠦᠨᠳᠤᠷ ᠪᠤᠭᠤᠨᠢ ᠶᠢ ᠭᠡᠵᠢᠶᠠᠳᠠ ᠰᠢᠢᠳᠪᠤᠷᠢᠯᠡᠵᠦ ᠪᠠᠶᠢᠳᠠᠬ᠃ ᠡᠨᠡ ᠲᠠᠯ᠎ᠠ ᠪᠠᠷ ᠲᠤᠮᠳᠠᠳᠤ ᠤᠯᠤᠰ ᠤᠨ ᠶᠡᠭᠡ ᠰᠤᠷᠭᠠᠭᠤᠯᠢ ᠬᠢᠭᠡᠳ ᠡᠸᠦ᠋ᠷᠤᠫᠠ ᠠᠮᠧᠷᠢᠺᠠ ᠶᠢᠨ ᠶᠡᠭᠡ ᠰᠤᠷᠭᠠᠭᠤᠯᠢ ᠳᠤ ᠲᠤᠩ ᠶᠡᠭᠡ ᠵᠦᠷᠢᠶ᠎ᠠ ᠤᠷᠤᠰᠢᠵᠤ ᠪᠠᠶᠢᠳᠠᠬ᠃      ᠵᠦᠪᠯᠠᠯᠳᠤ ᠬᠢᠭᠡᠳ ᠵᠠᠭᠦᠨ ᠡᠸᠦ᠋ᠷᠤᠫᠠ ᠶᠢᠨ ᠤᠯᠤᠰ ᠤᠳ ᠤᠨ ᠤᠷᠤᠯᠳᠤᠭᠠᠨ ᠤ ᠬᠢᠷᠢ ᠪᠦᠳᠤᠮᠵᠢ ᠴᠦ ᠮᠠᠰᠢ ᠰᠠᠶᠢᠨ ᠪᠠᠶᠢᠭᠰᠠᠨ ᠪᠦᠭᠡᠳ ᠪᠠᠰᠠ ᠲᠤᠭᠠᠨ ᠤ ᠤᠬᠠᠭᠠᠨ ᠤ ᠰᠤᠳᠤᠯᠭᠠᠨ ᠤ ᠬᠠᠮᠤᠭ ᠤᠨ ᠤᠬᠢ ᠰᠢᠯᠢᠳᠡᠭ ᠤᠯᠤᠰ ᠤᠳ ᠪᠤᠯᠤᠨ᠎ᠠ᠃ ᠦᠡᠭᠭᠡᠷᠡᠭᠰᠡᠨ ᠵᠠᠭᠤᠨ ᠵᠢᠯ ᠤᠨ ᠲᠤᠳᠤᠷ᠎ᠠ ᠵᠦᠪᠯᠠᠯᠳᠤ ︵ᠤᠷᠤᠰ︶ ᠲᠤᠭᠠᠨ ᠤ ᠤᠬᠠᠭᠠᠨ ᠤ ᠰᠤᠳᠤᠯᠭᠠᠨ ᠤ ᠲᠠᠯ᠎ᠠ ᠪᠠᠷ ᠨᠠᠶᠢᠳᠠᠮ ᠲᠠᠷᠢᠭᠦᠯᠠᠵᠤ᠂ ᠲᠠᠯᠠᠭᠡᠢ ᠲᠠᠶᠠᠭᠠᠷ ᠮᠠᠳᠠᠷᠠᠵᠤ ᠪᠠᠶᠢᠭᠰᠠᠨ ᠠᠮᠧᠷᠢᠺᠠ᠂ ᠹᠷᠠᠨᠼᠢ ᠲᠠᠢ ᠨᠡᠷ᠎ᠠ ᠵᠡᠷᠭᠡᠴᠡᠭᠰᠡᠨ ᠲᠤᠮᠤ ᠤᠯᠤᠰ ᠪᠠᠶᠢᠭᠰᠠᠨ ᠶᠤᠮ᠃ ᠲᠡᠭᠦᠨ ᠤ ᠲᠤᠮᠳᠠᠳᠤ ᠤᠯᠤᠰ ᠲᠠᠢ ᠢᠯᠠ ᠲᠤᠳᠤ ᠢᠯᠭᠠᠷᠠᠵᠤ ᠪᠠᠶᠢᠭ᠎ᠠ ᠨᠢ ᠴᠦ ᠡᠨᠡ ᠰᠢᠯᠳᠠᠭᠠᠨ ᠪᠢᠯᠡ᠃      ᠵᠦᠪᠯᠠᠯᠳᠤ ︵ᠤᠷᠤᠰ︶ ᠶᠢᠨ ᠲᠤᠭᠠᠨ ᠤ ᠤᠬᠠᠭᠠᠨ ᠤ ᠤᠬᠢ ᠰᠢᠯᠢᠳᠡᠭ ᠮᠦᠷᠳᠡᠭᠡᠨ ᠤᠷᠳᠤ ᠤᠳᠠᠭᠠᠨ ᠤᠯᠠᠮᠵᠢᠯᠠᠯ ᠨᠢ ᠶᠡᠷᠦ ᠠᠴᠠ ᠲᠠᠰᠤᠯᠤᠭᠳᠠᠭ᠎ᠠ ᠦᠭᠡᠢ᠃ ᠠᠯᠢ ᠡᠷᠳᠠ 18 ᠳ᠋ᠤᠭᠠᠷ ᠵᠠᠭᠤᠨ ᠤ ᠤᠢᠢᠷ᠎ᠠ ᠦᠶ᠎ᠠ ᠶᠢᠨ ᠲᠤᠭᠠᠨ ᠤ ᠤᠬᠠᠭᠠᠨ ᠤ ᠵᠠᠮᠴᠢ ᠯᠧᠶᠤᠨ᠋ᠾᠠᠷᠲ · ᠡᠸᠤᠷᠠ ᠰᠠᠨᠲ ᠫᠧᠲᠷᠪᠦ᠋ᠷᠡᠭ ᠲᠤ ᠭᠤᠴᠢ ᠭᠠᠷᠤᠢ ᠵᠢᠯ ᠠᠵᠢᠯᠯᠠᠬᠤ ᠳᠤ ᠪᠠᠨ ᠤᠷᠤᠰ ᠤᠨ ᠠᠯᠳᠠᠷᠳᠤ ᠫᠧᠲᠷᠪᠦ᠋ᠷᠡᠭ ᠲᠤᠭᠠᠨ ᠤ ᠤᠬᠠᠭᠠᠨ ᠤ ᠡᠷᠳᠠᠮ ᠰᠢᠨᠵᠢᠯᠡᠭᠡᠨ ᠤ ᠪᠦᠯᠦᠭ ᠢ ᠲᠠᠶᠢᠴᠢᠯᠡᠨ ᠭᠦᠭᠵᠢᠭᠦᠯᠦᠭᠰᠡᠨ ᠶᠤᠮ᠃ ᠲᠡᠭᠦᠨ ᠤ ᠳᠠᠷᠠᠭ᠎ᠠ ᠤᠷᠤᠰ ᠬᠢᠭᠡᠳ ᠵᠦᠪᠯᠠᠯᠳᠤ ᠳᠤ ᠪᠠᠰᠠ ᠷᠤᠪᠠᠴᠢᠹᠦᠰᠺᠢ ᠴᠧᠪᠢᠱᠦ᠋ᠹ · ᠷᠢᠶᠠᠫᠤᠨᠤᠹ ᠬᠢᠭᠡᠳ ᠮᠠᠷᠺᠧᠹ ᠵᠡᠷᠭᠡ ᠲᠤᠭᠠᠨ ᠤ ᠤᠬᠠᠭᠠᠨᠳᠠᠨ ᠴᠤᠯᠭᠤᠷᠠᠨ ᠭᠠᠷᠤᠭᠰᠠᠨ ᠪᠠᠶᠢᠨ᠎ᠠ᠃      ᠤᠯᠤᠰ ᠲᠦᠷᠦ ᠶᠢᠨ ᠤᠷᠪᠠᠭᠠᠨ ᠭᠦᠷᠪᠡᠭᠡᠨ ᠲᠠᠢ ᠤᠨ ᠵᠢᠯ ᠤᠳ ᠲᠤ ᠵᠦᠪᠯᠠᠯᠳᠤ ᠶᠢᠨ ᠲᠤᠭᠠᠨ ᠤ ᠤᠬᠠᠭᠠᠨ ᠤ ᠰᠤᠳᠤᠯᠤᠯ ᠤᠨ ᠤᠯᠠᠮᠵᠢᠯᠠᠯ ᠴᠦ ᠤᠭᠳᠤ ᠲᠠᠰᠤᠷᠠᠭ᠎ᠠ ᠦᠭᠡᠢ᠂ ᠬᠠᠷᠢᠨ ᠡᠰᠡᠷᠭᠦ ᠪᠠᠷ ᠲᠠᠶᠢᠨ ᠬᠢᠭᠡᠳ ᠲᠦᠯᠦᠪᠯᠠᠭᠡᠨ ᠤ ᠠᠵᠤ ᠠᠬᠤᠢ ᠶᠢᠨ ᠱᠠᠭᠠᠷᠳᠠᠯᠭ᠎ᠠ ᠪᠠᠷ ᠲᠤᠭᠠᠨ ᠤ ᠤᠬᠠᠭᠠᠨᠳᠠᠳ ᠤᠯᠤᠰ ᠲᠦᠷᠦ ᠶᠢᠨ ᠭᠦᠳᠠᠯᠭᠡᠭᠡᠨ ᠤ ᠲᠠᠭᠠᠷᠢᠯᠳᠠ ᠠᠴᠠ ᠵᠠᠶᠢᠯᠠᠵᠤ ᠴᠢᠳᠠᠭᠰᠠᠨ ᠮᠦᠷᠳᠡᠭᠡᠨ ᠠᠮᠢᠳᠤᠷᠠᠯ ᠳᠡᠭᠡᠷ᠎ᠡ ᠪᠠᠨ ᠪᠠᠳᠤᠯᠠᠭ᠎ᠠ ᠲᠠᠢ᠂ ᠰᠤᠳᠤᠯᠭᠠᠨ ᠲᠠᠭᠡᠷ᠎ᠠ ᠪᠠᠨ ᠡᠷᠭᠡ ᠴᠢᠯᠦᠭᠡᠳᠠᠢ ᠪᠠᠶᠢᠵᠠᠢ᠃      ᠡᠭᠦᠨ ᠤ ᠬᠠᠮᠳᠤ ᠲᠠᠳᠠ ᠪᠠᠰᠠ ᠢᠯᠠ ᠲᠤᠳᠤ ᠦᠪᠠᠷᠮᠢᠴᠠ ᠤᠨᠴᠠᠯᠢᠬ ᠲᠠᠢ ᠶᠠᠷᠢᠯᠴᠠᠭᠠᠨ ᠤ ᠠᠩᠬᠢ ᠶᠢᠨ ᠰᠢᠰᠲ᠋ᠧᠮ ᠢ ᠪᠠᠶᠢᠭᠤᠯᠵᠤ ᠨᠠᠷᠠᠳᠠᠢ ᠲᠤᠭᠠᠨ ᠤ ᠤᠬᠠᠭᠠᠨᠳᠠᠨ ᠲᠠᠭᠠᠭᠠᠮᠠᠯ ᠪᠤᠯᠵᠤ ᠲᠤᠷ᠎ᠠ ᠰᠤᠨᠢᠷᠬᠠᠯ ᠲᠠᠢ ᠭᠦᠮᠦᠰ ᠢ ᠨᠠᠰᠤ ᠵᠢᠯ᠂ ᠬᠢᠷᠢ ᠭᠡᠮ ᠢ ᠨᠢ ᠬᠢᠵᠠᠭᠠᠷᠯᠠᠬᠤ ᠦᠭᠡᠢ ᠪᠠᠷ ᠤᠷᠤᠯᠴᠠᠭᠤᠯᠵᠠᠢ᠃ ᠡᠨᠡ ᠨᠢ ᠤᠯᠠᠮᠵᠢᠯᠠᠯ ᠤᠨ ᠦᠷᠭᠦᠯᠵᠢᠯᠠᠯ ᠳᠤ ᠲᠦᠢᠯ ᠤᠨ ᠠᠰᠢᠬᠳᠠᠢ ᠪᠤᠯᠤᠭᠰᠠᠨ ᠠᠴᠠ ᠵᠦᠪᠯᠠᠯᠳᠤ ᠶᠢᠨ ᠶᠠᠷᠢᠯᠴᠠᠭᠠᠨ ᠤ ᠠᠩᠬᠢ ᠠᠴᠠ ᠲᠤᠩ ᠤᠯᠠᠨ ᠵᠠᠯᠠᠭᠤ ᠲᠤᠭᠠᠨ ᠤ ᠤᠬᠠᠭᠠᠨᠳᠠᠨ ᠭᠦᠮᠦᠵᠢᠭᠳᠡᠨ ᠭᠠᠷᠴᠤ ᠨᠠᠷ᠎ᠠ ᠠᠯᠳᠠᠷᠳᠠᠢ ᠮᠤᠰᠺᠧᠨ ᠶᠢᠨ ᠡᠷᠳᠠᠮ ᠰᠢᠨᠵᠢᠯᠡᠭᠡᠨ ᠤ ᠪᠦᠯᠦᠭ ᠪᠦᠷᠢᠯᠳᠤᠵᠠᠢ᠃      ᠲᠤᠭᠠᠨ ᠤ ᠤᠬᠠᠭᠠᠨ ᠤ ᠨᠡᠩ ᠵᠠᠯᠠᠭᠤ ᠴᠢᠳᠠᠪᠤᠷᠢᠳᠠᠨ ᠢ ᠭᠦᠮᠦᠵᠢᠭᠦᠯᠭᠦ ᠲᠠᠯ᠎ᠠ ᠪᠠᠷ ᠵᠦᠪᠯᠠᠯᠳᠤ ᠪᠠᠰᠠ ᠲᠤᠮᠳᠠᠳᠤ ᠤᠯᠤᠰ ᠲᠠᠢ ᠠᠳᠠᠯᠢ ᠦᠭᠡᠢ ᠪᠠᠶᠢᠳᠠᠬ᠃ ᠵᠦᠪᠯᠠᠯᠳᠤ ᠬᠢᠭᠡᠳ ᠲᠤᠮᠳᠠᠳᠤ ᠤᠯᠤᠰ ᠮᠦᠨ ᠠᠳᠠᠯᠢᠬᠠᠨ ᠤᠯᠠᠨ ᠲᠤᠭᠠᠨ ᠤ ᠵᠤᠰᠠᠯᠠᠩ ᠡᠷᠬᠢᠯᠡᠳᠡᠭ᠃ ᠭᠡᠪᠡᠴᠤ ᠵᠦᠪᠯᠠᠯᠳᠤ ᠶᠢᠨ ᠨᠠᠷ᠎ᠠ ᠮᠠᠳᠡᠭᠦᠯᠦᠭᠴᠢᠳ ᠨᠢ ᠤᠯᠠᠩᠬᠢ ᠳᠤ ᠪᠠᠨ ᠲᠤᠷ᠎ᠠ ᠰᠤᠨᠢᠷᠬᠠᠯ ᠠᠴᠠ ᠪᠠᠨ ᠪᠤᠯᠳᠠᠬ᠂ ᠵᠤᠰᠠᠯᠠᠩ ᠨᠢ ᠴᠦ ᠰᠢᠯᠭᠠᠯᠳᠠ ᠪᠠ ᠬᠤᠪᠢ ᠶᠢ ᠱᠠᠭᠠᠷᠳᠠᠳᠠᠬ ᠦᠭᠡᠢ᠃ ᠬᠢᠴᠢᠶᠡᠯᠯᠡᠭᠴᠢ ᠨᠢ ᠭᠡᠵᠢᠶᠠᠳᠡ ᠶᠠᠮᠠᠷ ᠨᠢᠭᠡᠨ ᠲᠠᠯ᠎ᠠ ᠶᠢᠨ ᠨᠠᠷᠠᠳᠤ ᠪᠠᠭᠰᠢ ᠪᠠᠶᠢᠳᠠᠬ ᠠᠴᠠ ᠪᠢᠰᠢ ᠬᠠᠷᠢᠨ ᠲᠤᠰᠬᠠᠢᠢᠯᠠᠨ ᠰᠤᠷᠤᠭᠴᠢ ᠶᠢᠨ ᠰᠢᠯᠭᠠᠯᠳᠠ ᠶᠢ ᠪᠤᠯᠪᠠᠰᠤᠷᠠᠭᠤᠯᠳᠠᠬ ᠲᠤᠮᠳᠠᠳᠤ ᠰᠤᠷᠭᠠᠭᠤᠯᠢ ᠶᠢᠨ ᠪᠠᠭᠰᠢ ᠪᠢᠰᠢ᠃ ᠢᠡᠭᠬᠢᠭᠦ ᠨᠢ ᠰᠤᠷᠤᠭᠴᠢ ᠶᠢᠨ ᠲᠤᠭᠠᠨ ᠤ ᠤᠬᠠᠭᠠᠨ ᠳᠤ ᠬᠢ ᠲᠤᠷ᠎ᠠ ᠰᠤᠨᠢᠷᠬᠠᠯ ᠢ ᠲᠠᠳᠠᠬᠤ ᠮᠦᠷᠳᠡᠭᠡᠨ ᠠᠪᠢᠶᠠᠰᠯᠢᠬ ᠰᠤᠷᠤᠭᠴᠢ ᠳᠤ ᠨᠠᠷᠠᠳᠤ ᠪᠠᠭᠰᠢ ᠲᠠᠢ ᠠᠭᠤᠯᠵᠠᠬᠤ ᠲᠤᠬᠢᠶᠠᠯ ᠢ ᠤᠯᠭᠤᠵᠤ ᠡᠷᠳᠠ ᠨᠢᠭᠡᠨ ᠡᠳᠦᠷ ᠵᠢᠩᠬᠢᠨᠢ ᠤᠳᠬ᠎ᠠ ᠠᠭᠤᠯᠭ᠎ᠠ ᠲᠠᠭᠡᠷᠡᠬᠢ ᠲᠤᠭᠠᠨ ᠤ ᠤᠬᠠᠭᠠᠨ ᠢ ᠤᠢᠢᠯᠠᠭᠠᠭᠤᠯᠵᠤ ᠴᠢᠳᠠᠭᠰᠠᠨ ᠪᠠᠶᠢᠨ᠎ᠠ᠃        ︵︽ᠪᠠᠭᠰᠢ ᠶᠢᠨ ᠬᠤᠷᠸ᠎ᠠ︾ ᠰᠡᠳᠭᠦᠯ ᠤᠨ 2019 ᠤᠨ ᠤ       12 ᠳ᠋ᠤᠭᠠᠷ ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠤᠨ ᠪᠠᠭᠤᠯᠭᠠᠪᠠ︶                         2020 ᠣᠨ ᠤ 8 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map