ᠰᠤᠷᠭᠠᠨ ᠭᠦᠮᠦᠵᠢᠯ ᠪᠤᠯ ᠨᠢᠭᠡᠨ ᠵᠤᠷᠪᠤᠰ ᠭᠤᠤᠯ ᠮᠦᠨ
ᠨᠡᠶᠢᠲᠡᠯᠡᠭᠰᠡᠨ ᠴᠠᠭ᠄
2021/3/24
                                    ᠯᠢ ᠰᠢᠶᠤᠤ ᠡᠾᠸᠢ      ᠨᠢᠭᠡ ᠤᠳᠠᠭ᠎ᠠ ᠪᠢ ᠨᠢᠭᠡᠳᠤᠭᠡᠷ ᠤᠨ ᠳᠤ ᠤᠴᠢᠵᠤ ᠬᠢᠴᠢᠶᠡᠯ ᠰᠤᠨᠤᠰᠬᠤ ᠦᠶ᠎ᠠ ᠳᠤ ᠠᠩᠬᠢ ᠶᠢᠨ ᠭᠡᠷ ᠤᠨ ᠠᠷᠤ ᠭᠡᠷᠡᠮ ᠤᠨ ᠬᠠᠵᠠᠭᠤ ᠳᠤ ᠬᠢ ᠰᠢᠷᠡᠭᠡᠨ ᠳᠡᠭᠡᠷ᠎ᠠ ᠲᠤᠯᠢ᠂ ᠰᠠᠮ᠂ ᠦᠨᠦᠷᠳᠤ ᠰᠠᠪᠤᠩ᠂ ᠨᠢᠭᠤᠷ ᠤᠨ ᠠᠯᠴᠢᠭᠤᠷ᠂ ᠬᠢᠮᠤᠰᠤᠨ ᠬᠠᠶᠢᠴᠢ ᠬᠢᠭᠡᠳ ᠤᠯᠠᠨ ᠦᠡᠭᠭᠡ ᠶᠢᠨ ᠤᠳᠠᠰᠤᠨ ᠤ ᠤᠷᠢᠶᠠᠯᠳᠠ ᠰᠠᠪᠠᠯᠠᠭᠰᠠᠨ ᠵᠠᠭᠦᠦ ᠤᠳᠠᠰᠤᠨ ᠤ ᠬᠠᠶᠢᠷᠴᠠᠬ ᠪᠠᠶᠢᠬᠤ ᠶᠢ ᠤᠯᠵᠤ ᠦᠵᠡᠯ᠎ᠠ᠃ ᠪᠢ ᠶᠡᠭᠡᠳᠠ ᠰᠤᠨᠢᠷᠬᠠᠵᠤ ᠵᠠᠩ ᠪᠠᠭᠰᠢ ᠶᠠᠭᠤ ᠬᠢᠵᠤ ᠪᠠᠶᠢᠬᠤ ᠪᠤᠢ︖ ᠭᠤᠶᠤᠯᠠᠵᠤ ᠵᠠᠰᠠᠬᠤ ᠶᠢᠨ ᠲᠦᠯᠦᠭᠡ ᠤᠤ᠂ ᠡᠰᠡᠭᠦᠯ᠎ᠠ ᠤᠯᠠᠨ ᠤ ᠴᠠᠭ ᠢ ᠠᠰᠢᠭᠯᠠᠨ ᠦᠪᠠᠷ ᠤᠨ ᠠᠵᠢᠯ ᠢᠶᠠᠨ ᠬᠢᠵᠤ ᠪᠠᠶᠢᠭ᠎ᠠ ᠤᠤ︖ ᠭᠡᠵᠦ ᠪᠤᠳᠤᠯ᠎ᠠ᠃      ᠬᠢᠴᠢᠶᠡᠯ ᠰᠤᠨᠤᠰᠬᠤ ᠶᠢᠨ ᠬᠤᠭᠤᠷᠤᠨᠳᠤ ᠡ᠊ᠨᠡ ᠶᠠᠪᠤᠳᠠᠯ ᠨᠠᠳᠠ ᠳᠤ ᠪᠤᠳᠤᠭᠳᠠᠭᠠᠳ ᠪᠠᠶᠢᠯ᠎ᠠ᠃ ᠬᠢᠴᠢᠶᠡᠯ ᠤᠨ ᠳᠠᠷᠠᠭ᠎ᠠ ᠪᠢ ᠵᠠᠩ ᠪᠠᠭᠰᠢ ᠠᠴᠠ ᠡ᠊ᠨᠡ ᠤᠴᠢᠷ ᠢ ᠠᠰᠠᠭᠤᠪᠠ᠃ ᠵᠠᠩ ᠪᠠᠭᠰᠢ᠄ ︽ᠨᠢᠭᠡᠳᠤᠭᠡᠷ ᠤᠨ ᠤ ᠭᠡᠤᠭᠡᠳ ᠨᠠᠰᠤ ᠪᠠᠭ᠎ᠠ ᠤᠴᠢᠷ ᠠᠴᠠ ᠬᠤᠪᠢ ᠪᠠᠶ᠎ᠠ ᠶᠢᠨ ᠡᠷᠡᠭᠦᠯ ᠬᠠᠮᠠᠭᠠᠯᠠᠯ ᠢ ᠰᠠᠶᠢᠨ ᠬᠢᠯᠭᠡᠭᠦ ᠨᠢ ᠨᠢᠭᠡᠨ ᠭᠦᠴᠢᠷ ᠠᠰᠠᠭᠤᠳᠠᠯ ᠪᠢᠯᠡ᠃ ᠲᠠᠳᠠ ᠦᠷᠭᠦᠯᠵᠢ ᠭᠡᠵᠢᠭᠡ ᠪᠠᠨ ᠰᠠᠮᠨᠠᠬᠤ ᠪᠠᠨ ᠮᠠᠷᠳᠠᠬᠤ ᠪᠤᠶᠤ ᠨᠢᠭᠤᠷ ᠭᠠᠷ ᠢᠶᠠᠨ ᠤᠬᠢᠶᠠᠬᠤ ᠦᠭᠡᠢ᠂ ᠬᠢᠮᠤᠰᠤ ᠪᠠᠨ ᠪᠠᠰᠠ ᠠᠪᠬᠤ ᠦᠭᠡᠢ ᠪᠠᠶᠢᠳᠠᠬ᠃ ᠲᠠᠷᠠ ᠮᠦᠷᠳᠡᠭᠡᠨ ᠭᠡᠤᠭᠡᠳ ᠤᠳ ᠲᠠᠳᠠᠯᠴᠠᠵᠤ ᠴᠢᠩᠭᠠᠭᠠᠯᠴᠠᠭᠠᠳ ᠬᠤᠪᠴᠠᠰᠤ ᠬᠤᠨᠠᠷ ᠢᠶᠠᠨ ᠦᠷᠭᠦᠯᠵᠢ ᠤᠷᠠᠵᠤ ᠰᠠᠳᠠᠯᠠᠭᠡᠳ ᠪᠠᠶᠢᠳᠠᠬ᠃ ᠡᠶᠢᠮᠦ ᠠᠴᠠ ᠪᠢ ᠡᠳᠡᠭᠡᠷ ᠢ ᠭᠡᠤᠭᠡᠳ ᠲᠤ ᠵᠤᠷᠢᠭᠤᠯᠤᠨ ᠪᠡᠯᠡᠳᠭᠡᠭᠰᠡᠨ ᠶᠤᠮ︾ ᠭᠡᠵᠦ ᠭᠡᠯᠡᠪᠡ᠃      ᠠ᠂ ᠶᠠᠮᠠᠷ ᠰᠠᠶᠢᠬᠠᠨ ᠪᠠᠭᠰᠢ ᠪᠤᠢ︕ ᠮᠢᠨᠦ ᠰᠡᠳᠬᠢᠯ ᠠᠭᠱᠠᠨ ᠵᠠᠭᠤᠷ᠎ᠠ ᠲᠤᠭᠳᠤᠯᠵᠤ ᠦᠪᠠᠷ ᠤᠨ ᠪᠠᠶ᠎ᠠ ᠮᠢᠨᠢ ᠦᠴᠦᠭᠡᠨ ᠭᠦᠮᠦᠨ ᠰᠢᠭ ᠪᠤᠳᠤᠭᠳᠠᠪᠠ᠃ ᠮᠢᠨᠦ ᠲᠠᠷᠢᠬᠢᠨ ᠳᠤ ᠵᠠᠩ ᠪᠠᠭᠰᠢ ᠶᠢᠨ ᠭᠡᠤᠭᠡᠳ ᠤᠨ ᠲᠤᠯᠤᠭᠠᠢ ᠶᠢ ᠨᠢ ᠤᠬᠢᠶᠠᠵᠤ᠂ ᠬᠢᠮᠤᠰᠤ ᠶᠢ ᠨᠢ ᠬᠠᠶᠢᠴᠢᠯᠠᠵᠤ᠂ ᠬᠤᠪᠴᠠᠰᠤ ᠶᠢ ᠨᠢ ᠨᠦᠭᠦᠵᠤ ᠪᠠᠶᠢᠬᠤ ᠵᠢᠷᠤᠭ ᠺᠢᠨᠤ᠋ ᠲᠧᠯᠸᠢᠰ ᠰᠢᠭ ᠬᠠᠷᠠᠭᠳᠠᠵᠤ᠂ ᠡ᠊ᠨᠡ ᠪᠤᠯ ᠰᠤᠷᠭᠠᠨ ᠭᠦᠮᠦᠵᠢᠯ ᠤᠨ ᠦᠨᠠᠨ ᠮᠦᠨ ᠤᠳᠬ᠎ᠠ ᠰᠠᠨᠠᠭ᠎ᠠ ᠪᠤᠯᠤᠨ᠎ᠠ ᠭᠡᠰᠡᠨ ᠪᠤᠳᠤᠯ ᠤᠷᠤᠪᠠ᠃ ᠪᠢᠳᠠᠨ ᠤ ᠠᠵᠢᠯ ᠪᠤᠯ ᠳᠠᠷᠤᠢ ᠡᠶᠢᠮᠦᠷᠭᠦᠦ ᠨᠢᠭᠡᠨ ᠪᠦᠯᠦᠭ ᠨᠢᠯᠬ᠎ᠠ ᠰᠤᠶᠤᠭ᠎ᠠ ᠶᠢ ᠰᠠᠬᠢᠨ ᠬᠠᠮᠠᠭᠠᠯᠠᠵᠤ᠂ ᠲᠠᠳᠠᠨ ᠳᠤ ᠤᠰᠤ ᠴᠢᠳᠬᠤᠵᠤ ᠪᠤᠷᠳᠤᠭᠤᠷ ᠤᠷᠤᠭᠤᠯᠤᠨ ᠲᠠᠳᠠᠨ ᠢ ᠦᠨᠳᠤᠷ ᠲᠤᠮᠤ ᠤᠷᠭᠤᠭᠤᠯᠵᠤ᠂ ᠰᠠᠯᠠᠭ᠎ᠠ ᠨᠠᠮᠠᠭ᠎ᠠ ᠶᠢ ᠨᠢ ᠰᠠᠬᠤᠯᠢᠬᠵᠢᠭᠤᠯᠬᠤ ᠶᠠᠪᠤᠳᠠᠯ ᠪᠤᠯᠤᠨ᠎ᠠ᠃ ᠡ᠊ᠨᠡ ᠭᠦ ᠰᠠᠬᠢᠨ ᠬᠠᠮᠠᠭᠠᠯᠠᠬᠤ ᠶᠠᠪᠤᠴᠠ ᠳᠤ ᠪᠢᠳᠠ ᠦᠵᠡᠭᠦ ᠳᠤ ᠦᠴᠦᠭᠡᠨ ᠰᠠᠨᠠᠭᠳᠠᠬᠤ ᠮᠠᠰᠢ ᠤᠯᠠᠨ ᠠᠵᠢᠯ ᠢ ᠬᠢᠭᠦ ᠪᠦᠭᠡᠳ ᠡᠳᠡᠭᠡᠷ ᠠᠵᠢᠯ ᠤᠨ ᠤᠯᠠᠩᠬᠢ ᠨᠢ ᠤᠬᠤᠷ ᠬᠤᠭᠤᠴᠠᠭᠠᠨ ᠳᠤ ᠦᠷ᠎ᠠ ᠳ᠋ᠦᠩ ᠦᠵᠡᠭᠳᠠᠭᠦ ᠦᠭᠡᠢ ᠪᠠᠶᠢᠳᠠᠬ᠃      ᠭᠡᠳᠡᠯ᠎ᠠ ᠪᠤᠳᠠᠳᠤ ᠠᠮᠢᠳᠤᠷᠠᠯ ᠤᠨ ᠲᠤᠮᠳᠠ ᠮᠠᠰᠢ ᠤᠯᠠᠨ ᠪᠠᠭᠰᠢ ᠰᠤᠷᠭᠠᠨ ᠭᠦᠮᠦᠵᠢᠯ ᠤᠨ ᠴᠢᠳᠠᠪᠤᠷᠢ ᠶᠢ ᠬᠢᠵᠠᠭᠠᠷᠯᠠᠰᠢ ᠦᠭᠡᠢ ᠲᠤᠮᠤᠷᠠᠭᠤᠯᠵᠤ ᠪᠠᠶᠢᠳᠠᠬ᠃ ᠪᠢᠳᠠ ᠦᠷᠭᠦᠯᠵᠢ ᠨᠢᠭᠡᠨ ᠤᠳᠠᠭᠠᠨ ᠤ ᠦᠨᠠᠨ ᠰᠡᠳᠬᠢᠯ ᠤᠨ ᠶᠠᠷᠢᠯᠴᠠᠭ᠎ᠠ᠂ ᠨᠢᠭᠡᠨ ᠤᠳᠠᠭᠠᠨ ᠤ ᠬᠠᠶᠢᠷ᠎ᠠ ᠪᠢᠯᠬᠠᠭᠰᠠᠨ ᠬᠠᠷᠠᠴᠠ᠂ ᠨᠢᠭᠡᠨ ᠪᠠᠳᠠᠬ ᠰᠡᠳᠬᠢᠯ ᠲᠤᠭᠳᠤᠯᠤᠮ᠎ᠠ ᠢᠳᠬᠠᠯ᠂ ᠨᠢᠭᠡᠨ ᠤᠳᠠᠭᠠᠨ ᠤ ᠡᠨᠡᠷᠢᠯ ᠬᠠᠶᠢᠷ᠎ᠠ ᠶᠢᠨ ᠠᠵᠢᠯᠯᠠᠭ᠎ᠠ᠂ ᠴᠠᠭᠠᠰᠢᠯᠠᠪᠠᠯ ᠨᠢᠭᠡᠨ ᠤᠳᠠᠭᠠᠨ ᠤ ᠠᠭᠤᠷ ᠤᠴᠠᠭᠠᠷᠳᠠᠯ᠂ ᠭᠡᠳᠤᠨ ᠲᠤᠰᠤᠯ ᠨᠢᠯᠪᠤᠰᠤ ᠨᠢ ᠮᠠᠰᠢ ᠤᠯᠠᠨ ᠪᠠᠭᠰᠢ ᠨᠠᠷ ᠢ ᠠᠷᠭ᠎ᠠ ᠪᠠᠨ ᠪᠠᠷᠠᠵᠤ ᠠᠭᠠᠰᠢ ᠶᠢ ᠨᠢ ᠠᠯᠳᠠᠭᠤᠯᠤᠭᠰᠠᠨ ︽ᠭᠡᠴᠡᠭᠦᠦ ᠭᠡᠤᠭᠡᠳ︾ ᠢ ᠤᠬᠠᠭᠠᠷᠠᠭᠤᠯᠵᠤ᠂ ᠨᠢᠭᠡᠨᠳᠠ ᠢᠯᠵᠢᠷᠠᠨ ᠬᠤᠪᠠᠭ᠋ᠠᠶᠢᠷᠠᠵᠤ ᠤᠨᠠᠮᠠᠷ ᠪᠤᠯᠤᠭᠰᠠᠨ ᠰᠤᠶᠤᠭᠠᠨ ᠠᠴᠠ ᠦᠡᠭᠭᠡ ᠢᠯᠭᠠᠷᠠᠭᠰᠠᠨ ᠬᠤᠸᠠᠷ ᠴᠡᠴᠡᠭ ᠢ ᠲᠡᠯᠭᠡᠷᠡᠭᠦᠯᠦᠭᠰᠡᠨ ᠦᠯᠢᠭᠡᠷ ᠵᠢᠱᠢᠶ᠎ᠠ ᠶᠢ ᠤᠡᠭᠰᠢᠬᠤ ᠪᠤᠶᠤ ᠰᠤᠨᠤᠰᠴᠤ ᠯᠠ ᠪᠠᠶᠢᠳᠠᠬ᠃      ᠮᠠᠰᠢ ᠤᠯᠠᠨ ᠰᠤᠨᠢᠨ ᠰᠡᠳᠭᠦᠯ ᠴᠦ ᠰᠤᠷᠭᠠᠨ ᠭᠦᠮᠦᠵᠢᠯ ᠤᠨ ᠤᠷ᠎ᠠ ᠴᠢᠳᠠᠪᠬᠢ ᠶᠢ ᠬᠢᠵᠠᠭᠠᠷᠯᠠᠰᠢ ᠦᠭᠡᠢ ᠲᠠᠪᠠᠭᠤᠯᠵᠤ ᠪᠠᠶᠢᠳᠠᠬ᠃ ᠲᠠᠳᠠᠨ ᠤ ᠨᠠᠶᠢᠳᠡᠯᠡᠭᠰᠡᠨ ᠵᠤᠬᠢᠶᠠᠯ ᠤᠨ ᠤᠯᠠᠩᠬᠢ ᠨᠢ ᠰᠡᠳᠬᠢᠯ ᠲᠤᠭᠳᠤᠯᠤᠮ᠎ᠠ ᠦᠢᠯᠠ ᠶᠠᠪᠤᠳᠠᠯ ᠪᠠᠶᠢᠵᠤ᠂ ᠰᠤᠷᠭᠠᠨ ᠭᠦᠮᠦᠵᠢᠯ ᠤᠨ ᠶᠠᠪᠤᠴᠠ ᠳᠤ ᠬᠢ ᠨᠠᠷᠢᠨ ᠵᠦᠢᠯᠠᠰ ᠤᠨ ᠵᠢᠷᠤᠭᠯᠠᠯ ᠢ ᠤᠮᠳᠤᠭᠠᠢᠢᠯᠠᠭᠰᠠᠨ ᠪᠠᠶᠢᠳᠠᠬ᠃ ᠲᠠᠷᠠ ᠮᠦᠷᠳᠡᠭᠡᠨ ᠠᠯᠢᠪᠠ ᠤᠴᠢᠷ ᠶᠠᠪᠤᠳᠠᠯ ᠤᠨ ᠦᠷ᠎ᠠ ᠳ᠋ᠦᠩ ᠢ ᠵᠠᠪᠠᠯ ᠤᠯᠵᠤ ᠦᠵᠠᠭᠦ ᠶᠢ ᠤᠷᠤᠯᠳᠤᠳᠠᠬ᠃ ᠴᠢ ᠭᠡᠳᠤᠢ ᠤᠯᠠᠨ ᠠᠵᠢᠯ ᠬᠢᠭᠰᠡᠨ ᠴᠦ ᠠᠪᠤᠨ ᠲᠤᠤᠷ᠎ᠠ ᠪᠠᠨ ᠠᠰᠢᠬ ᠦᠷ᠎ᠠ ᠭᠠᠷᠤᠭᠰᠠᠨ ᠦᠭᠡᠢ ᠪᠤᠯ ᠪᠤᠯᠬᠤ ᠦᠭᠡᠢ ᠪᠠᠶᠢᠳᠠᠬ᠃ ᠡᠳᠡᠭᠡᠷ ᠵᠤᠬᠢᠶᠠᠯ ᠦᠭᠦᠯᠡᠯ ᠤᠳ ᠤᠨ ᠲᠠᠪᠤᠰᠤᠯᠠᠬ ᠠᠮᠳᠠ ᠳᠤ ᠲᠤᠷᠠᠳᠠᠢ ᠪᠠᠶᠢᠳᠠᠬ ᠨᠢ ᠨᠢᠭᠡᠨᠳᠠ ᠰᠤᠷᠭᠠᠨ ᠭᠦᠮᠦᠵᠢᠯ ᠤᠨ ᠭᠤᠤᠯ ᠵᠤᠷᠢᠯᠳᠠ ᠠᠴᠠ ᠵᠤᠬᠢᠬᠤ ᠭᠡᠮᠵᠢᠶᠡᠨ ᠳᠤ ᠭᠠᠵᠢᠵᠠᠢ᠃      ᠰᠤᠷᠭᠠᠨ ᠭᠦᠮᠦᠵᠢᠯ ᠪᠤᠯ ᠮᠠᠰᠢ ᠶᠠᠷᠰᠢᠬ ᠪᠤᠳᠤᠯᠢᠶᠠᠨ ᠲᠠᠢ ᠠᠵᠢᠯ ᠪᠤᠯᠬᠤᠷ ᠰᠤᠷᠭᠠᠨ ᠭᠦᠮᠦᠵᠢᠯ ᠤᠨ ᠠᠵᠢᠯᠳᠠᠨ ᠤ ︽ᠨᠠᠷᠢᠯᠢᠬ︾ ᠪᠠᠶᠢᠬᠤ ᠶᠢ ᠵᠠᠪᠠᠯ ᠱᠠᠭᠠᠷᠳᠠᠳᠠᠬ ᠮᠦᠷᠳᠡᠭᠡᠨ ᠰᠤᠷᠭᠠᠨ ᠭᠦᠮᠦᠵᠢᠯ ᠤᠨ ᠠᠵᠢᠯᠳᠠᠨ ᠴᠦ ᠵᠠᠪᠠᠯ ᠮᠠᠰᠢ ᠰᠠᠶᠢᠨ ᠲᠠᠰᠪᠤᠷᠢ ᠲᠡᠪᠵᠢᠶᠡᠷᠢ ᠬᠢᠭᠡᠳ ᠬᠠᠶᠢᠷ᠎ᠠ ᠰᠡᠳᠬᠢᠯᠭᠡ ᠲᠠᠢ ᠪᠠᠶᠢᠬᠤ ᠭᠡᠷᠡᠭᠳᠠᠢ᠃ ᠡᠷᠭᠡᠪᠰᠢ ᠬᠠᠰ ᠤᠨ ᠱᠤᠭᠤᠮᠠᠯᠴᠢᠨ ᠤ ᠵᠤᠷᠢᠭ ᠰᠠᠨᠠᠭ᠎ᠠ ᠶᠢ ᠰᠤᠷᠤᠯᠴᠠᠵᠤ ᠠᠮᠢᠰᠬᠤᠯ ᠢᠶᠠᠨ ᠳᠠᠷᠤᠵᠤ ᠠᠯᠭᠤᠷᠬᠠᠨ ᠤᠷᠤᠵᠤ ᠨᠠᠷᠢᠨ ᠱᠤᠭᠤᠵᠤ ᠨᠢᠮᠪᠠᠢ ᠠᠵᠢᠯᠯᠠᠪᠠᠯ ᠬᠠᠳᠠᠭᠤ ᠴᠢᠯᠠᠭᠤ ᠴᠦ ᠯᠠᠪᠳᠠᠢ ᠭᠤᠶᠤ ᠭᠡᠭᠡᠨᠴᠢᠷ ᠪᠦᠳᠦᠭᠡᠭᠳᠡᠭᠦᠨ ᠪᠤᠯᠤᠨ ᠬᠤᠪᠢᠷᠠᠬᠤ ᠶᠤᠮ᠃      ᠡᠭᠦᠨ ᠠᠴᠠ ᠦᠵᠡᠪᠡᠯ ᠰᠤᠷᠭᠠᠨ ᠭᠦᠮᠦᠵᠢᠯ ᠪᠤᠯ ᠳᠠᠷᠤᠢ ᠨᠢᠭᠡᠨ ᠵᠤᠷᠪᠤᠰ ᠭᠤᠤᠯ ᠮᠦᠨ᠂ ᠨᠢᠭᠡᠨ ᠵᠤᠷᠪᠤᠰ ᠨᠠᠮᠤᠭᠤᠬᠠᠨ ᠤᠷᠤᠰᠬᠠᠯ ᠲᠠᠢ ᠭᠤᠤᠯ ᠮᠦᠨ᠃ ᠲᠠᠷᠠ ᠨᠢ ᠴᠠᠪᠠᠷ ᠲᠤᠩᠭᠠᠯᠠᠬ ᠨᠠᠮᠤᠭᠤᠬᠠᠨ ᠤᠷᠤᠰᠬᠠᠯ ᠲᠠᠢ ᠪᠠᠶᠢᠵᠤ᠂ ᠠᠷᠢᠭᠤᠨ ᠵᠦᠭᠡᠯᠡᠨ ᠨᠤᠭᠤᠭᠠᠨ ᠲᠠᠯ᠎ᠠ ᠶᠢᠨ ᠲᠤᠮᠳᠠᠭᠤᠷ ᠮᠤᠷᠤᠯᠵᠠᠨ ᠤᠷᠤᠰᠳᠠᠬ᠃ ᠲᠡᠭᠦᠨ ᠳᠤ ᠠᠨᠠᠪᠠᠳ ᠲᠠᠯᠠᠢ ᠰᠢᠬ ᠭᠦᠴᠦᠳᠤ ᠲᠠᠪᠠᠯᠭᠠᠨ ᠪᠠᠶᠢᠬᠤ ᠦᠭᠡᠢ᠂ ᠦᠷᠭᠡᠨ ᠮᠦᠷᠠᠨ ᠰᠢᠭ ᠡᠷᠭᠢ ᠪᠠᠨ ᠴᠤᠬᠢᠯᠠᠨ ᠴᠠᠯᠬᠢᠬᠤ ᠦᠭᠡᠢ ᠪᠠᠶᠢᠳᠠᠬ᠃ ᠭᠡᠪᠡᠴᠤ ᠲᠠᠷᠠ ᠤᠷᠤᠰᠤᠨ ᠦᠡᠭᠭᠡᠷᠡᠵᠤ ᠪᠤᠢ ᠭᠠᠵᠠᠷ ᠢᠶᠠᠨ ᠦᠭᠡ ᠲᠠᠭᠤᠨ ᠦᠭᠡᠢ ᠰᠢᠮᠡᠵᠢᠭᠦᠯᠦᠨ ᠤᠰᠤᠯᠠᠳᠠᠬ ᠪᠢᠯᠠ᠃      ᠡ᠊ᠨᠡ ᠪᠤᠯ ᠰᠤᠷᠭᠠᠨ ᠭᠦᠮᠦᠵᠢᠯ᠂ ᠡ᠊ᠨᠡ ᠪᠤᠯ ᠳᠠᠷᠤᠢ ᠰᠤᠷᠭᠠᠨ ᠭᠦᠮᠦᠵᠢᠯ ᠤᠨ ᠬᠦᠴᠦᠨ ᠪᠤᠯᠤᠨ᠎ᠠ᠃                     ︵︽ᠪᠠᠭᠰᠢ ᠶᠢᠨ ᠬᠤᠷᠸ᠎ᠠ︾ ᠰᠡᠳᠭᠦᠯ ᠤᠨ 2019 ᠤᠨ ᠤ 10             ᠳ᠋ᠤᠭᠠᠷ ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠤᠨ ᠪᠠᠭᠤᠯᠭᠠᠪᠠ᠃︶                         2020 ᠣᠨ ᠤ 7 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map