ᠰᠠᠶᠢᠳᠤᠷ ᠰᠤᠷᠤᠯᠴᠠᠵᠤ ᠡᠳᠤᠷ ᠠᠴᠠ ᠡᠳᠦᠷ ᠦᠭᠡᠳᠠᠯᠠ
ᠨᠡᠶᠢᠲᠡᠯᠡᠭᠰᠡᠨ ᠴᠠᠭ᠄
2021/2/22
               — ᠬᠤᠨᠭ᠍ᠭᠤᠷ ᠤᠨ ᠰᠤᠷᠭᠠᠨ ᠭᠦᠮᠦᠵᠢᠯ ᠤᠨ ᠦᠢᠯᠠᠰ ᠲᠤ ᠬᠤᠶᠠᠷ ᠦᠭᠡᠢ                    ᠰᠡᠳᠬᠢᠯ ᠢᠶᠠᠷ ᠵᠢᠳᠭᠦᠭᠰᠡᠨ ᠬᠠᠶᠢᠷᠠᠳᠤ ᠠᠵᠠᠢ ᠮᠦᠮᠦ ᠳᠤ ᠪᠠᠨ ᠵᠤᠷᠢᠭᠤᠯᠪᠠ                                           ᠰ᠊ · ᠪᠠᠶᠠᠨᠴᠠᠭᠠᠨ      ᠰᠢᠨ᠎ᠠ ᠲᠢᠳᠢᠮᠯᠢᠭ ᠸᠢᠷᠦ᠋ᠰ ᠤᠨ ᠠᠶᠢᠳᠠᠰ ᠲᠤ ᠤᠯᠤᠰ ᠲᠠᠶᠠᠭᠠᠷ ᠢᠶᠠᠨ ᠠᠪᠳᠠᠵᠤ᠂ ᠭᠡᠷ ᠲᠤ ᠪᠠᠨ ᠪᠦᠭᠦᠭᠦ ᠢᠷᠭᠡᠨ ᠤ ᠬᠠᠷᠢᠭᠤᠴᠠᠯᠭ᠎ᠠ ᠪᠠᠨ ᠭᠦᠢᠴᠡᠳᠭᠡᠵᠦ ᠰᠠᠭᠤᠬᠤ ᠵᠠᠭᠤᠷ᠎ᠠ᠂ ᠨᠢᠭᠡᠨ ᠦᠷᠯᠦᠭᠡ ᠨᠠᠶᠠᠨ ᠨᠠᠰᠤ ᠶᠢ ᠵᠤᠭᠤᠭᠯᠠᠵᠤ ᠪᠠᠶᠢᠭ᠎ᠠ ᠮᠦᠮᠦ ᠠᠴᠠ ᠮᠢᠨᠢ᠄ ︽ᠤ ᠪᠠᠭᠰᠢ ᠰᠠᠶᠢᠨ ᠤᠤ︖ ᠪᠢ ᠬᠤᠨᠭ᠍ᠭᠤᠷ ᠤᠨ ᠰᠤᠷᠭᠠᠨ ᠭᠦᠮᠦᠵᠢᠯ ᠤᠨ ᠲᠤᠬᠠᠢ ᠨᠤᠮ ᠭᠠᠷᠭᠠᠬᠤ ᠪᠠᠷ ᠤᠷᠤᠯᠳᠤᠵᠤ ᠪᠤᠢ᠃ ᠰ᠊ · ᠪᠠᠶᠠᠨᠴᠠᠭᠠᠨ ᠠᠴᠠ ᠲᠠᠨᠳᠠ ᠰᠤᠷᠤᠯᠴᠠᠵᠤ ᠪᠠᠶᠢᠭᠰᠠᠨ ᠲᠤᠪᠴᠢᠬᠠᠨ ᠡᠷᠬᠢᠴᠠᠭᠦᠯᠦᠯ ᠤᠯᠬᠤ ᠰᠠᠨᠠᠭᠠᠳᠠᠢ᠃ ᠲᠡᠭᠦᠨ ᠳᠤ ᠴᠢᠯᠦᠭᠡ ᠪᠠᠶᠢᠳᠠᠬ ᠪᠢᠯᠡ ᠤᠤ︖ ᠲᠠ ᠠᠰᠠᠭᠤᠵᠤ ᠦᠵᠠᠨᠠᠤ︖︾ ᠭᠡᠰᠡᠨ ᠴᠦᠢᠵᠢ ᠪᠠᠭᠰᠢ ᠠᠴᠠ ᠢᠷᠡᠭᠰᠡᠨ ᠸᠢᠴᠠᠲ ᠢ ᠨᠠᠳᠠᠳᠤ ᠲᠠᠷᠠ ᠭᠡᠪ ᠢᠶᠠᠷ ᠨᠢ ᠲᠠᠮᠵᠢᠭᠤᠯᠤᠨ ᠢᠷᠡᠭᠦᠯᠵᠤ ᠪᠢᠯᠡ᠃ ᠲᠡᠭᠦᠨ ᠠᠴᠠ ᠬᠤᠶᠢᠰᠢ ᠲᠠᠪᠢ ᠭᠠᠷᠤᠢ ᠬᠤᠨᠤᠬ ᠦᠡᠭᠭᠡᠷᠡᠵᠦ᠂ ᠲᠤᠮᠳᠠ ᠨᠢ ᠮᠦᠮᠦ ᠮᠢᠨᠢ ᠨᠠᠳᠠ ᠳᠤ᠄ ︽ᠪᠢᠴᠢᠭᠡᠳ ᠲᠠᠭᠤᠰᠴᠤ ᠪᠠᠶᠢᠨ᠎ᠠ ᠤᠤ︖ ᠴᠦᠢᠵᠢ ᠪᠠᠭᠰᠢ ᠴᠢᠨᠢ ᠠᠰᠠᠭᠤᠵᠤ ᠪᠠᠶᠢᠨ᠎ᠠ ᠰᠢᠤ︾ ᠭᠡᠵᠦ ᠠᠩᠬᠠᠷᠤᠭᠤᠯᠵᠤ ᠪᠠᠶᠢᠭᠰᠠᠨ ᠤᠳᠠᠭ᠎ᠠ ᠲᠠᠢ᠃ ᠤᠤᠯ ᠨᠢ ᠮᠢᠨᠦ ᠬᠤᠪᠢ ᠳᠤ ᠡᠨᠡᠭᠡᠨ ᠵᠦᠢᠯ ᠢ ᠪᠢᠴᠢᠵᠤ ᠶᠠᠳᠠᠭᠠᠳ ᠪᠠᠶᠢᠬᠤ ᠵᠦᠢᠯ ᠦᠭᠡᠢ ᠭᠡᠳᠤᠭᠡᠨ ᠴᠠᠭ ᠲᠤ ᠪᠢᠴᠢᠭᠡᠳ ᠲᠤᠰᠢᠶᠠᠴᠢᠬᠠᠬᠤ ᠲᠠᠭᠠᠭᠠᠯᠭᠠᠪᠤᠷᠢ᠃ ᠭᠡᠳᠡᠯ᠎ᠠ᠂ ᠦᠭᠡᠢ ᠶᠤᠮ ᠪᠠᠶᠢᠨ᠎ᠠ᠂ ︽ᠬᠤᠨᠭ᠍ᠭᠤᠷ ᠤᠨ ᠰᠤᠷᠭᠠᠨ ᠭᠦᠮᠦᠵᠢᠯ︾ — ᠡᠨᠡ ᠰᠠᠳᠤᠪ ᠮᠢᠨᠦ ᠠᠵᠠᠢ ᠮᠦᠮᠦ ᠶᠢᠨ ᠵᠠᠯᠠᠭᠤ ᠬᠠᠯᠠᠭᠤᠨ ᠨᠠᠰᠤᠨ ᠤ ᠬᠢᠨᠢ ᠬᠤᠷᠢᠭᠠᠳ ᠵᠢᠯ᠂ ᠮᠢᠨᠦ ᠪᠠᠭ᠎ᠠ ᠨᠠᠰᠤ ᠁ ᠲᠠᠷᠠ ᠴᠡᠭ ᠲᠤ ᠪᠠᠨ ᠬᠤᠨᠭ᠍ᠭᠤᠷ ᠤᠨ ᠰᠤᠷᠭᠠᠨ ᠭᠦᠮᠦᠵᠢᠯ ᠲᠠᠢ ᠭᠦᠢ ᠶᠢᠨ ᠬᠤᠯᠪᠤᠭ᠎ᠠ ᠲᠠᠢ ᠤᠴᠢᠷ ᠪᠢ ᠪᠢᠷ ᠢᠶᠠᠨ ᠪᠠᠷᠢᠵᠤ ᠪᠢᠴᠢᠭᠦ ᠭᠡᠵᠦ ᠲᠠᠪᠢ ᠭᠠᠷᠤᠢ ᠬᠤᠨᠤᠬ ᠪᠤᠯᠤᠯ᠎ᠠ᠃ ᠨᠢᠭᠡ ᠬᠤᠨᠤᠭ ᠨᠢ ᠮᠢᠨᠦ ᠠᠮᠢᠳᠤᠷᠠᠯ ᠤᠨ ᠲᠤᠭᠤᠯᠵᠤ ᠢᠷᠡᠭᠰᠡᠨ ᠨᠢᠭᠡ ᠵᠢᠯ᠂ ᠪᠢ ᠲᠦᠷᠤᠯᠬᠢ ᠨᠤᠳᠤᠭ᠂ ᠲᠦᠷᠤᠯᠬᠢ ᠰᠤᠷᠭᠠᠭᠤᠯᠢ᠂ ᠠᠶᠢᠯ ᠤᠨ ᠬᠢᠨ ᠤ ᠪᠠᠨ ᠲᠤᠬᠠᠢ ᠤᠯᠠᠨ ᠢ ᠡᠷᠬᠢᠴᠠᠭᠦᠯᠦᠨ ᠪᠤᠳᠤᠵᠤ᠂ ᠡᠷᠬᠢᠴᠠᠭᠦᠯᠦᠯ ᠤᠨ ᠭᠦᠨ ᠤᠷᠤᠭᠤ᠂ ᠤᠷᠢᠳ ᠨᠢ ︽ᠪᠠᠶᠠᠨᠪᠤᠯᠠᠬ ᠠᠴᠠ ᠪᠡᠭᠡᠵᠢᠩ ᠭᠦᠷᠭᠦ ᠵᠠᠮ ᠳᠤ︾ ᠭᠡᠵᠦ ᠪᠢᠴᠢᠵᠤ ᠪᠠᠶᠢᠭᠰᠠᠨ ᠪᠤᠯ ᠤᠳᠤ ᠪᠡᠭᠡᠵᠢᠩ ᠠᠴᠠ ᠪᠠᠶᠠᠨᠪᠤᠯᠠᠬ ᠤᠷᠤᠭᠤ ᠡᠷᠬᠢᠨ ᠡᠷᠬᠢᠨ ᠤᠴᠢᠵᠤ ᠪᠠᠶᠢᠯ᠎ᠠ ᠁      ᠨᠤᠳᠤᠭ ᠢᠶᠠᠨ ᠪᠢ ᠤᠡᠭᠰᠢᠵᠤ ᠦᠡᠭᠭᠡᠷᠡᠭᠰᠡᠨ ᠨᠤᠮ ᠭᠡᠵᠦ ᠪᠤᠳᠤᠵᠤ ᠶᠠᠪᠤᠭᠰᠠᠨ ᠶᠤᠮ᠂ ᠦᠭᠡᠢ ᠶᠤᠮ ᠪᠠᠶᠢᠨ᠎ᠠ᠃ ᠨᠤᠳᠤᠭ ᠭᠡᠵᠦ ᠤᠡᠭᠰᠢᠬᠤ ᠪᠤᠯᠭᠠᠨ ᠰᠢᠨ᠎ᠠ ᠰᠠᠨᠠᠭ᠎ᠠ ᠰᠢᠨ᠎ᠠ ᠠᠭᠤᠯᠭ᠎ᠠ ᠵᠦᠢᠴᠢᠯᠠᠵᠤ ᠤᠯᠳᠠᠬ ᠨᠠᠰᠤᠨ ᠲᠤᠷᠰᠢᠳᠠ ᠤᠡᠭᠰᠢᠬᠤ ᠶᠤᠰᠤᠳᠠᠢ ᠨᠤᠮ ᠶᠤᠮ ᠪᠠᠶᠢᠨ᠎ᠠ᠃ ᠨᠤᠳᠤᠬ — ᠨᠤᠮ ᠢ ᠳᠠᠬᠢᠨ ᠲᠠᠬᠢᠨ ᠤᠡᠭᠰᠢᠵᠤ᠂ ᠯᠠᠪᠯᠠᠵᠤ ᠲᠤᠩᠭᠠᠵᠤ ᠡᠨᠡ ᠲᠠᠰᠬᠠᠯ ᠢᠶᠠᠨ ᠬᠢᠵᠤ ᠰᠠᠭᠤᠨ᠎ᠠ ᠪᠢ᠃      ︽ᠰᠠᠶᠢᠳᠤᠷ ᠰᠤᠷᠤᠯᠴᠠᠵᠤ᠂ ᠡᠳᠦᠷ ᠠᠴᠠ ᠡᠳᠦᠷ ᠦᠭᠡᠳᠡᠯᠡ︾ ᠭᠡᠳᠡᠭ ᠮᠠᠤ ᠲᠡᠷᠢᠭᠦᠯᠡᠭᠴᠢ ᠶᠢᠨ ᠡᠨᠡ ᠪᠢᠴᠢᠭᠡᠰᠤ ᠨᠠᠳᠠ ᠠᠴᠠ ᠠᠷᠪᠠᠨ ᠵᠢᠷᠭᠤᠭ᠎ᠠ ᠲᠤᠯᠤᠭ᠎ᠠ ᠠᠬ᠎ᠠ᠃ ᠦᠭᠦᠯᠡᠭᠳᠡᠭᠦᠨ ᠦᠭᠡᠢ ᠡᠨᠡ ᠰᠤᠷᠭᠠᠯ ᠦᠭᠡ ᠶᠢ ᠭᠡᠯᠡ ᠵᠦᠢ ᠶᠢᠨ ᠡᠭᠦᠳᠠᠨ ᠠᠴᠠ ᠶᠠᠷᠢᠬᠤ ᠶᠤᠮ ᠪᠤᠯ ᠡᠵᠡᠨ ᠪᠠᠶ᠎ᠠ ᠦᠭᠡᠢ ᠮᠠᠳᠤ ᠪᠤᠯᠪᠠᠴᠤ ᠬᠠᠷᠢᠨ ᠴᠦ ᠪᠦᠭᠦ ᠬᠦᠮᠦᠨ ᠳᠤ ᠵᠤᠷᠢᠭᠤᠯᠤᠭᠳᠠᠭᠰᠠᠨ᠂ ᠭᠡᠵᠢᠶ᠎ᠠ ᠴᠦ ᠤᠳᠬ᠎ᠠ ᠨᠢ ᠬᠠᠭᠤᠴᠢᠷᠠᠳᠠᠬ ᠦᠭᠡᠢ ᠪᠠᠷ ᠢᠶᠠᠨ ᠭᠠᠶᠢᠬᠠᠮᠰᠢᠬᠳᠠᠢ᠃ ᠪᠢ ᠪᠤᠳᠤᠵᠤ ᠤᠯᠤᠭᠰᠠᠨ ᠤᠯᠠᠨ ᠭᠠᠷᠴᠠᠬ ᠲᠤᠮᠳᠠ ᠠᠴᠠ ᠪᠠᠶᠠᠨᠪᠤᠯᠠᠬ ᠪᠠᠭ᠎ᠠ ᠰᠤᠷᠭᠠᠭᠤᠯᠢ ᠶᠢᠨ ᠬᠢᠴᠢᠶᠡᠯ ᠤᠨ ᠭᠡᠷ ᠤᠨ ᠬᠠᠨᠠᠨ ᠳᠤ ᠬᠢ ᠡᠨᠡ ᠪᠢᠴᠢᠭᠡᠰᠤ ᠪᠠᠷ ᠵᠤᠬᠢᠶᠠᠯ ᠢᠶᠠᠨ ᠭᠠᠷᠴᠠᠭᠯᠠᠬᠤ ᠪᠠᠷ ᠰᠢᠢᠳᠤᠯ᠎ᠠ᠃      ︽ᠰᠠᠶᠢᠳᠤᠷ ᠰᠤᠷᠤᠯᠴᠠᠵᠤ᠂ ᠡᠳᠦᠷ ᠡᠳᠦᠷ ᠠᠴᠠ ᠦᠭᠡᠳᠠᠯᠠ︕︾ ᠭᠡᠭᠦ ᠡᠨᠡ ᠦᠭᠦᠯᠠᠪᠤᠷᠢ ᠶᠢ ᠰᠤᠷᠤᠭᠴᠢ ᠶᠠᠪᠤᠬᠤ ᠳᠤ ᠪᠠᠨ ᠨᠢᠭᠡ ᠶᠡᠭᠡ ᠶᠠᠭᠤᠮ᠎ᠠ ᠪᠤᠯᠭᠠᠵᠤ ᠤᠬᠠᠵᠤ ᠮᠠᠳᠠᠷᠠᠵᠤ ᠪᠠᠶᠢᠭᠰᠠᠨ ᠦᠭᠡᠢ᠃ ᠵᠦᠭᠡᠷ ᠯᠡ ᠤᠯᠤᠰ ᠲᠦᠷᠦ ᠶᠢᠨ ᠤᠷᠢᠶ᠎ᠠ ᠲᠠᠳᠤᠢ ᠤᠡᠭᠰᠢᠵᠤ ᠶᠠᠪᠤᠵᠤ ᠳ᠋ᠠ᠂ ᠤᠳᠤ ᠲᠤᠩᠭᠠᠵᠤ ᠪᠤᠳᠤᠬᠤᠯᠠᠷ ᠰᠤᠷᠤᠭᠴᠢ ᠠᠬᠤᠢ ᠳᠤ ᠪᠠᠨ ᠰᠠᠶᠢᠳᠤᠷ ᠰᠤᠷᠤᠯᠴᠠᠪᠠᠯ᠂ ᠡᠳᠦᠷ ᠠᠴᠠ ᠡᠳᠦᠷ ᠦᠭᠡᠳᠡᠯᠡᠨ᠎ᠡ᠂ ᠠᠵᠢᠯ ᠠᠮᠢᠳᠤᠷᠠᠯ ᠤᠨ ᠮᠦᠷ ᠭᠦᠭᠡᠭᠡᠭᠦ ᠳᠤ ᠡᠳᠤᠷ ᠠᠴᠠ ᠡᠳᠦᠷ ᠦᠭᠡᠳᠠᠯᠠᠶ᠎ᠠ ᠭᠡᠪᠡᠯ ᠰᠠᠶᠢᠳᠤᠷ ᠰᠤᠷᠤᠯᠴᠠ ᠭᠡᠰᠡᠨ ᠰᠠᠨᠠᠭ᠎ᠠ ᠪᠠᠶᠢᠭᠰᠠᠨ ᠠᠵᠤᠭᠤ᠃      ᠪᠠᠶᠠᠨᠪᠤᠯᠠᠬ ᠮᠠᠨᠢ ᠪᠠᠶᠠᠨᠪᠤᠯᠠᠬ ᠪᠠᠭ᠎ᠠ ᠰᠤᠷᠭᠠᠭᠤᠯᠢ ᠲᠠᠢ ᠪᠠᠶᠢᠬᠤ ᠳᠤ ᠨᠢ ᠲᠦᠴᠢᠨ ᠭᠡᠳᠤᠨ ᠵᠢᠯ ᠤᠨ ᠡᠮᠦᠨᠡᠬᠢ ᠨᠢᠭᠡ ᠨᠠᠮᠤᠷ ᠤᠨ ᠦᠷᠯᠦᠭᠡ ᠪᠢ ᠰᠤᠷᠤᠭᠴᠢ ᠨᠢ ᠪᠤᠯᠵᠤ᠂ ᠵᠢᠩᠬᠢᠨᠢ ᠠᠷᠠᠳ ᠤᠨ ᠰᠤᠷᠭᠠᠭᠤᠯᠢ ᠭᠡᠳᠡᠭ ᠤᠨ ᠠᠯᠳᠠᠨ ᠪᠤᠱᠤᠭ᠎ᠠ ᠪᠠᠷ ᠨᠢ ᠠᠯᠬᠤᠵᠤ ᠤᠷᠤᠭᠰᠠᠨ ᠶᠤᠮ᠃ ᠮᠠᠨ ᠤ ᠰᠤᠷᠭᠠᠭᠤᠯᠢ ᠬᠤᠨᠭ᠍ᠭᠤᠷ ᠤᠪᠤᠭ᠎ᠠ᠂ ᠪᠤᠷᠤᠬᠤᠰᠢᠭᠤ ᠶᠢᠨ ᠬᠢᠨ ᠲᠠᠢ ᠨᠠᠶᠢᠯᠠᠭᠡᠳ ᠬᠤᠷᠢ ᠭᠤᠴᠢᠭᠠᠳ ᠰᠤᠷᠤᠭᠴᠢ ᠲᠠᠢ᠂ ᠮᠢᠨᠦ ᠠᠵᠠᠢ ᠮᠦᠮᠦ ᠶᠢ ᠪᠠᠭᠳᠠᠭᠠᠭᠠᠳ 4~5 ᠪᠠᠭᠰᠢ ᠲᠠᠢ ᠠᠶᠢᠯ ᠤᠨ ᠰᠤᠷᠭᠠᠭᠤᠯᠢ ᠪᠠᠶᠢᠵᠤ ᠪᠢᠯᠡ᠃ ᠠᠳᠠ ᠪᠢ ︽ᠪᠠᠶᠢᠵᠤ ᠪᠢᠯᠡ︾ ᠶᠢ ᠦᠡᠭᠭᠡᠷᠡᠭᠰᠡᠨ ᠴᠠᠬ ᠤᠨ ᠤᠳᠬ᠎ᠠ ᠪᠠᠷ ᠨᠢ ᠪᠤᠰᠤ᠂ ᠨᠢᠭᠡᠨᠳᠠ ᠰᠤᠷᠭᠠᠭᠤᠯᠢ ᠮᠢᠨᠢ ᠲᠠᠳᠠᠨ ᠪᠠᠭᠤᠭᠳᠠᠭᠠᠳ ᠪᠠᠶᠢᠬᠤ ᠦᠭᠡᠢ ᠪᠤᠯᠤᠭᠰᠠᠨ ᠲᠤᠯᠠ ︽ᠪᠠᠶᠢᠵᠤ ᠪᠢᠯᠡ︾ ᠭᠡᠵᠦ ᠲᠤᠳᠤᠳᠬᠠᠵᠤ ᠪᠠᠶᠢᠭ᠎ᠠ ᠶᠤᠮ᠃ ᠴᠠᠭ ᠬᠤᠭᠤᠴᠠᠭ᠎ᠠ ᠤᠯᠠᠨ ᠰᠠᠶᠢᠬᠠᠨ ᠠᠶᠢᠯ ᠤᠨ ᠰᠤᠷᠭᠠᠭᠤᠯᠢ ᠨᠤᠭᠤᠳ ᠢ ᠠᠪᠴᠤ ᠤᠳᠤᠵᠤ ᠳ᠋ᠠ᠃ ᠴᠠᠭ ᠬᠤᠭᠤᠴᠠᠭ᠎ᠠ ᠭᠡᠵᠦ ᠲᠠ ᠴᠠᠭ ᠬᠤᠭᠤᠴᠠᠭᠠᠨ ᠤ ᠰᠤᠷᠠᠬ ᠢ ᠪᠢᠰᠢ᠂ ᠴᠠᠭ ᠬᠤᠭᠤᠴᠠᠭ᠎ᠠ ᠲᠠᠨ ᠤ ᠰᠤᠷᠠᠬ ᠢ ᠭᠠᠷᠭᠠᠵᠤ ᠡᠬᠢᠯᠡᠭᠦ ᠶᠤᠮ ᠭᠡᠳᠡᠭ ᠦᠨᠡᠨ ᠶᠤᠮᠰᠠᠨᠵᠠᠢ᠃      ᠪᠠᠶᠠᠨᠪᠤᠯᠠᠬ ᠮᠠᠨ ᠤ ᠠᠶᠢᠯ᠃ ᠬᠤᠶᠢᠨ᠎ᠠ ᠠᠴᠠ ᠪᠠᠨ ᠡᠮᠦᠨᠡᠰᠢ ᠪᠠᠨ ᠰᠤᠨᠢᠶᠠᠭᠰᠠᠨ᠂ ᠰᠤᠷᠭᠠᠭᠤᠯᠢ ᠪᠤᠯᠤᠨ ᠪᠠᠷᠢᠭᠠᠳᠠ ᠨᠢ ᠲᠤᠮᠳᠠ ᠭᠡᠰᠡᠭ ᠲᠤ ᠪᠠᠨ᠂ ᠪᠠᠷᠠᠭᠤᠨ ᠲᠠᠯ᠎ᠠ ᠳᠤ ᠪᠠᠨ ᠪᠠᠶᠠᠨ ᠪᠤᠯᠠᠬ ᠨᠢ᠂ ᠪᠤᠯᠠᠬ ᠤᠨ ᠢᠶᠠᠨ ᠤᠷᠢᠳᠠᠢ ᠵᠢᠵᠢᠭᠭᠡᠨ ᠲᠠᠷᠢᠶᠠᠨ ᠲᠠᠯᠠᠪᠠᠢ ᠲᠠᠢ᠂ ᠭᠤᠴᠢᠭᠠᠳ ᠡᠷᠦᠭᠡ ᠲᠠᠢ ᠠᠶᠢᠯ᠃ ᠠᠶᠢᠯ ᠮᠠᠨᠢ ᠬᠤᠨᠭ᠍ᠭᠤᠷ ᠰᠤᠮᠤᠨ ︵ᠭᠦᠡᠭᠱᠧ︶ ᠤ ᠪᠠᠨ ᠤᠷᠢᠳᠤ ᠭᠡᠰᠡᠭ ᠲᠤ᠂ ᠬᠤᠨᠭ᠍ᠭᠤᠷ ᠰᠤᠮᠤ ᠮᠢᠨᠢ ᠪᠠᠭᠠᠷᠢᠨ ᠪᠠᠷᠠᠭᠤᠨ ᠬᠤᠰᠢᠭᠤᠨ ᠤ ᠪᠠᠨ ᠤᠷᠢᠳᠤ ᠭᠡᠰᠡᠭ ᠲᠤ ᠤᠷᠤᠰᠢᠳᠠᠬ᠃ ᠵᠢᠭᠠᠬᠠᠨ ᠪᠤᠶᠢᠳᠠ᠂ ᠲᠦᠪ ᠰᠠᠭᠤᠷᠢᠨ ᠠᠴᠠ ᠪᠠᠨ ᠠᠯᠤᠰᠯᠠᠭᠳᠠᠭᠰᠠᠨ ᠰᠤᠮᠤᠨ ᠤ ᠨᠢᠭᠡᠨ ᠲᠤᠰᠬᠤᠨ ᠪᠢᠯᠡ᠃ ᠲᠦᠪ ᠰᠠᠭᠤᠷᠢᠨ ᠠᠴᠠ ᠠᠯᠤᠰᠯᠠᠭᠳᠠᠭᠰᠠᠨ ᠭᠠᠵᠠᠷ ᠤᠨ ᠬᠢᠨ ᠳᠤ ᠨᠢᠭᠡᠨ ᠨᠠᠶᠢᠳᠡᠯᠢᠭ ᠰᠢᠨᠵᠢ ᠪᠠᠶᠢᠳᠠᠬ ᠭᠡᠵᠦ ᠪᠢ ᠪᠤᠳᠤᠳᠠᠬ᠃ ᠲᠠᠷᠠ ᠨᠢ ᠲᠦᠪ ᠰᠠᠭᠤᠷᠢᠨ ᠤᠷᠤᠭᠤ ᠲᠠᠮᠡᠤᠯᠭᠦ᠂ ᠲᠦᠪ ᠰᠠᠭᠤᠷᠢᠨ ᠤ ᠭᠦᠮᠦᠰ ᠲᠤ ᠲᠤᠤᠷᠠᠳᠠᠬᠤ ᠦᠭᠡᠢ ᠶᠠᠪᠤᠬᠤ ᠭᠡᠳᠡᠭ ᠶᠠᠪᠤᠬᠤ ᠭᠡᠳᠡᠭ ᠪᠤᠳᠤᠯ ᠡᠪᠦᠷᠯᠡᠵᠦ ᠶᠠᠪᠤᠳᠠᠬ ᠲᠤᠯᠠ ᠢᠯᠠᠭᠦᠦ ᠲᠠᠮᠠᠤᠯᠤᠯ ᠲᠠᠢ ᠭᠦᠮᠦᠰ ᠪᠠᠶᠢᠳᠠᠬ ᠰᠢᠬ ᠪᠠᠶᠢᠭ᠎ᠠ ᠶᠤᠮ᠃ ᠮᠠᠨ ᠤ ᠠᠶᠢᠯ ᠰᠤᠷᠭᠠᠭᠤᠯᠢ ᠲᠠᠢ ᠪᠠᠶᠢᠭᠰᠠᠨ᠃ ᠰᠤᠷᠭᠠᠭᠤᠯᠢ ᠭᠡᠳᠡᠭ ᠭᠦᠮᠦᠨ ᠭᠦᠮᠦᠵᠢᠭᠦᠯᠳᠡᠭ᠂ ᠭᠦᠮᠦᠵᠢᠯ ᠲᠠᠢ ᠭᠦᠮᠦᠨ ᠦᠢᠯᠠᠳᠪᠤᠷᠢᠯᠠᠳᠡᠭ ᠭᠠᠵᠠᠷ ᠪᠤᠶᠤ᠃ ᠰᠤᠷᠭᠠᠭᠤᠯᠢ ᠲᠠᠢ ᠭᠠᠵᠠᠷ ᠤᠨ ᠭᠦᠮᠦᠨ ᠠᠷᠠᠳ ᠨᠢ ᠭᠡᠭᠡᠯᠢᠭ᠂ ᠴᠤᠭᠯᠢᠬ ᠪᠠᠶᠢᠳᠠᠬ᠃ ᠰᠤᠷᠭᠠᠭᠤᠯᠢ ᠨᠤᠳᠤᠬ ᠤᠨ ᠴᠢᠮᠡᠭ᠂ ᠨᠤᠳᠤᠭ ᠨᠢ ᠰᠤᠷᠭᠠᠭᠤᠯᠢ ᠪᠠᠷ ᠢᠶᠠᠨ ᠭᠤᠶᠤᠳᠠᠬ᠂ ᠬᠠᠮᠤᠭ ᠤᠨ ᠭᠤᠶᠤ ᠭᠤᠶᠤᠯᠠᠯ ᠨᠢ ᠴᠦ ᠰᠤᠷᠭᠠᠭᠤᠯᠢ ᠨᠢ ᠪᠠᠶᠢᠳᠠᠬ᠃ ᠰᠤᠷᠭᠠᠭᠤᠯᠢ ᠭᠡᠳᠡᠭ ᠶᠡᠭᠡᠮᠰᠦᠭ ᠤᠷᠤᠰᠢᠬᠤᠢ᠂ ᠪᠠᠭᠰᠢ ᠭᠡᠳᠡᠭ ᠡᠷᠬᠢᠮᠰᠦᠭ ᠪᠤᠳᠠᠭᠠᠯᠢ᠃ ᠰᠤᠷᠤᠭᠴᠢ ᠭᠡᠳᠡᠭ ᠨᠤᠳᠤᠭ᠂ ᠰᠤᠷᠭᠠᠭᠤᠯᠢ᠂ ᠪᠠᠭᠰᠢ ᠶᠢᠨ ᠬᠠᠮ ᠪᠦᠳᠦᠭᠡᠭᠦᠢ᠃      ᠭᠦᠮᠦᠨ ᠤ ᠠᠮᠢᠳᠤᠷᠠᠯ ᠭᠡᠵᠦ ᠨᠢᠭᠡ ᠴᠡᠭ ᠠᠴᠠ ᠴᠢᠨᠠᠭᠰᠢ ᠪᠠᠨ ᠬᠢᠵᠠᠭᠠᠷ ᠦᠭᠡᠢ ᠦᠷᠭᠦᠯᠵᠢᠯᠡᠭᠦ ᠰᠠᠴᠤᠷᠠᠬ ᠪᠤᠶᠤ᠃ ᠪᠠᠶᠠᠨᠪᠤᠯᠠᠬ ᠪᠠᠭ᠎ᠠ ᠰᠤᠷᠭᠠᠭᠤᠯᠢ ᠮᠢᠨᠦ ᠠᠮᠢᠳᠤᠷᠠᠯ ᠤᠨ ᠭᠠᠷᠤᠭᠠᠨ ᠤ ᠰᠠᠴᠤᠷᠠᠭᠰᠠᠨ ᠴᠢᠭ᠃ ᠠᠳᠠ ᠪᠦᠭᠦ ᠶᠠᠭᠤᠮ᠎ᠠ ᠪᠠᠶᠢᠭᠰᠠᠨ᠂ ᠪᠦᠭᠦ ᠶᠠᠭᠤᠮ᠎ᠠ ᠰᠠᠶᠢᠬᠠᠨ ᠪᠠᠶᠢᠭᠰᠠᠨ ᠡ ᠁       ᠨᠤᠳᠤᠬ ᠪᠤᠯᠭᠠᠨ ᠪᠠᠶᠢᠭᠠᠯᠢ᠂ ᠴᠠᠭ ᠠᠭᠤᠷ᠂ ᠦᠨᠳᠤᠰᠤ ᠤᠭᠰᠠᠭ᠎ᠠ᠂ ᠲᠡᠦᠭᠡᠨ ᠵᠠᠮᠨᠠᠯ ᠵᠡᠷᠭᠡ ᠠᠴᠠ ᠪᠠᠨ ᠪᠤᠯᠵᠤ᠂ ᠵᠠᠩ ᠵᠠᠩᠰᠢᠯ ᠨᠢ ᠦᠭᠡᠷ᠎ᠠ ᠦᠭᠡᠷ᠎ᠠ ᠪᠠᠶᠢᠳᠠᠬ᠃ ᠤᠳᠤ ᠶᠢᠨ ᠭᠡᠯᠡᠯᠭᠡ ᠪᠠᠷ ᠪᠤᠯ ᠨᠤᠳᠤᠭ ᠤᠨ ᠭᠧᠨ ᠨᠢ ᠦᠭᠡᠷ᠎ᠠ ᠦᠭᠡᠷ᠎ᠠ ᠪᠠᠶᠢᠳᠠᠬ ᠠᠵᠤᠭᠤ᠃ ᠮᠤᠩᠭᠤᠯ ᠠᠷᠠᠳ ᠤᠨ ᠦᠯᠢᠭᠡᠷ᠂ ᠠᠮᠠᠨ ᠵᠤᠬᠢᠶᠠᠯ᠂ ᠤᠷᠳᠤ ᠶᠢᠨ ᠲᠠᠭᠤᠤ᠂ ᠤᠨᠢᠰᠤᠭ᠎ᠠ ᠲᠠᠭᠠᠪᠤᠷᠢ᠂ ᠲᠠᠭᠠᠷᠢᠯᠴᠠᠭ᠎ᠠ᠂ ᠭᠡᠯᠠᠴᠠ ᠦᠭᠡ᠂ ᠵᠦᠢᠷ ᠰᠠᠴᠠᠨ ᠦᠭᠡ᠂ ᠶᠢᠷᠳᠢᠨᠴᠤ ᠶᠢᠨ ᠭᠤᠷᠪᠠ᠂ ᠰᠤᠷᠭᠠᠯ ᠨᠤᠮᠯᠠᠯ ᠮᠤᠩᠭᠤᠯ ᠭᠦᠮᠦᠨ ᠳᠤ ᠪᠠᠶᠢᠳᠠᠬ ᠦᠪᠠᠷᠮᠢᠴᠠ ᠪᠠᠶᠠᠯᠢᠬ ᠰᠠᠨ᠃ ᠲᠠᠷᠠ ᠴᠢᠭ ᠢᠶᠠᠷ ᠢᠶᠠᠨ ᠰᠤᠷᠭᠠᠮᠵᠢ᠂ ᠤᠶᠤᠨ ᠤᠬᠠᠭᠠᠨ᠂ ᠤᠬᠠᠭᠠᠷᠠᠯ᠂ ᠤᠶᠠᠷᠠᠯ᠂ ᠬᠠᠶᠢᠷ᠎ᠠ᠂ ᠵᠢᠮᠠᠯᠠᠯ ᠪᠦᠭᠦᠳᠡ ᠪᠠᠭᠳᠠᠳᠠᠬ ᠠᠤᠭ᠎ᠠ ᠶᠢᠷᠳᠢᠨᠴᠤ ᠳ᠋ᠠᠬ᠃ ᠡᠨᠡ ᠪᠦᠭᠦᠨ ᠢ ᠪᠢ ᠪᠠᠶᠠᠨᠪᠤᠯᠠᠬ ᠠᠴᠠ ᠪᠠᠨ ᠰᠤᠷᠤᠭᠰᠠᠨ᠂ ᠦᠪᠯᠡᠭᠰᠡᠨ ᠡ᠃ ᠭᠧᠨ ᠭᠡᠰᠡᠨ ᠠᠴᠠ ᠮᠠᠨ ᠤ ᠠᠶᠢᠯ ᠤᠨ ᠭᠧᠨ ᠳᠤ ᠡᠶᠢᠮᠦ ᠵᠦᠢᠯ ᠠᠩᠵᠠᠷᠠᠭᠳᠠᠳᠠᠬ᠃ ᠮᠠᠨ ᠤ ᠠᠶᠢᠯ ᠤᠨ ᠬᠢᠨ ᠳᠠᠷᠤᠭ᠎ᠠ ᠲᠠᠭᠠᠭᠠᠮᠠᠯ ᠳᠤ ᠪᠤᠯᠬᠤᠷ ᠲᠠᠭ᠎ᠠ ᠦᠭᠡᠢ᠂ ᠪᠢᠯᠳᠠᠤᠴᠢ ᠰᠢᠷᠪᠠᠭᠠᠴᠢ ᠶᠢ ᠦᠵᠡᠨ ᠶᠠᠳᠠᠳᠠᠬ᠂ ᠨᠢᠭᠡᠨ ᠢᠶᠠᠨ ᠱᠤᠤᠯᠠᠬᠤ ᠲᠤᠷᠠᠳᠠᠢ᠂ ᠪᠠᠭ᠎ᠠ ᠵᠡᠷᠭᠡ ᠶᠢᠨ ᠰᠤᠷᠳᠤᠭᠠᠯᠠᠬᠤ ᠪᠤᠯ ᠪᠠᠶᠢᠵᠤ ᠪᠤᠯᠬᠤ ᠵᠦᠢᠯ ᠭᠡᠵᠦ ᠵᠦᠪᠰᠢᠶᠠᠷᠠᠳᠡᠭ ᠭᠦᠮᠦᠨ ᠵᠤᠨ ᠪᠢᠯᠡ᠃ ᠡᠨᠡ ᠵᠦᠢᠯ ᠤᠳ ᠠᠶᠢᠯ ᠤᠨ ᠭᠧᠨ ᠪᠤᠯᠵᠤ ᠪᠦᠳᠦᠵᠤ ᠪᠦᠷᠢᠯᠳᠤᠵᠤ᠂ ᠰᠢᠨᠡᠴᠢᠯᠡᠭᠳᠡᠨ ᠦᠭᠡᠷᠡᠴᠢᠯᠡᠭᠳᠡᠵᠦ ᠪᠠᠶᠢᠳᠠᠬ ᠢᠶᠠᠷ ᠢᠶᠠᠨ ᠠᠶᠢᠯ ᠮᠠᠨᠢ ᠲᠠᠪᠳᠠᠭᠳᠠᠰᠢ ᠦᠭᠡᠢ ᠤᠨᠴᠠᠯᠢᠬ ᠲᠠᠢ᠃      ᠮᠢᠨᠦ ᠪᠠᠭ᠎ᠠ ᠶᠢᠨ ᠦᠶ᠎ᠠ ᠶᠢᠨ ᠨᠤᠳᠤᠭ ᠤᠨ ᠪᠤᠭᠤᠷᠤᠯ ᠲᠤᠮᠤᠭᠠᠳᠠᠳ ᠤᠨ ᠮᠠᠨᠢ ᠶᠡᠭᠡᠨᠭᠬᠢ ᠨᠢ ᠤᠳᠤ ᠶᠢᠷᠳᠢᠨᠴᠤ ᠶᠢᠨ ᠵᠢᠮ᠎ᠠ ᠪᠠᠷ ᠪᠤᠷᠬᠠᠨ ᠤ ᠤᠷᠤᠨ ᠤᠷᠤᠭᠤ ᠶᠠᠪᠤᠵᠤ ᠳ᠋ᠠ᠃ ᠲᠠᠳᠠ ᠪᠦᠭᠦᠳᠡᠭᠡᠷ ᠢᠶᠠᠨ ᠮᠢᠨᠦ ᠬᠢᠴᠢᠶᠡᠯ ᠤᠨ ᠭᠠᠳᠠᠭᠤᠷ ᠤᠡᠭᠰᠢᠳᠠᠬ ᠮᠠᠰᠢ ᠰᠤᠨᠢᠷᠬᠠᠯᠳᠠᠢ᠂ ᠤᠡᠭᠰᠢᠬᠤ ᠲᠤᠳᠤᠮ ᠤᠬᠠᠭᠠᠷᠠᠯ ᠬᠠᠶᠢᠷ᠎ᠠ ᠶᠠᠭᠤᠮ᠎ᠠ ᠶᠠᠭᠤᠮ᠎ᠠ ᠦᠭᠳᠡᠭ ᠠᠭᠤᠳᠠᠯᠠᠭᠠᠳ ᠪᠠᠷᠠᠰᠢ ᠦᠭᠡᠢ ᠤᠶᠤᠨ ᠤ ᠠᠮᠢᠳᠤ ᠨᠤᠮ ᠨᠤᠭᠤᠳ ᠪᠠᠶᠢᠵᠤ ᠪᠢᠯᠡ᠃      ᠪᠦᠭᠡᠨᠠᠰᠤᠳᠤ ᠨᠠᠰᠤᠳᠠᠨ ᠤ ᠶᠠᠳᠠᠭᠤ ᠶᠠᠳᠠᠭᠤᠯᠢᠬ ᠮᠠᠯᠴᠢᠨ ᠤ ᠲᠦᠯᠦᠭᠡᠯᠡᠭᠦ ᠲᠦᠷᠢ᠂ ᠪᠠᠽᠠᠷ ᠳᠠᠷᠤᠭ᠎ᠠ ᠶᠢᠨ ᠲᠦᠪ ᠰᠢᠯᠤᠭᠤᠨ ᠴᠢᠨᠠᠷ᠂ ᠷᠢᠭ᠍ᠵᠢᠪᠤᠤ ᠭᠤᠸᠠᠢ ᠶᠢᠨ ᠶᠦᠮᠦᠷᠯᠢᠭ ᠰᠠᠭᠡᠷᠡᠭᠦᠨ ᠰᠤᠷᠳᠤᠭᠤ᠂ ᠬᠠᠯᠴᠠᠭᠠᠢ ᠭᠤᠸᠠᠢ ᠶᠢᠨ ᠮᠦᠷ ᠢᠶᠠᠷ ᠢᠶᠠᠨ ᠪᠠᠶᠢᠳᠠᠬ ᠰᠠᠶᠢᠬᠠᠨ ᠵᠠᠩ᠂ ᠶᠤᠨᠳᠤᠬᠤᠳᠤ ᠭᠤᠸᠠᠢ ᠶᠢᠨ ᠠᠵᠢᠯᠰᠠᠬ ᠨᠠᠮᠠᠭᠤᠨ ᠠᠭᠠᠯᠢ᠂ ᠬᠠᠷᠠᠭᠦᠦ ᠭᠤᠸᠠᠢ ᠶᠢᠨ ᠶᠡᠭᠡᠮᠰᠦᠭ ᠲᠠᠷᠤᠭ᠎ᠠ ᠴᠢᠷᠠᠢ᠂ ᠯᠾᠮᠤ ᠡᠪᠦᠭᠡᠨ ᠤ ᠪᠦᠭᠦᠳᠠ ᠶᠢ ᠬᠠᠮᠢᠶᠠᠷᠬᠤ ᠠᠷᠠᠨᠰᠢᠨ᠂ ᠴᠦᠢᠵᠢ ᠪᠠᠭᠰᠢ ᠶᠢᠨ ᠬᠢᠨᠠᠭᠤᠷ ᠯᠠᠪᠳᠠᠭᠤᠨ ᠰᠢᠢᠳᠤᠯ ︵ᠨᠤᠳᠤᠭ ᠤᠨ ᠬᠢᠨ ᠳᠤ ᠪᠠᠨ ᠪᠦᠭᠦᠳᠠ ᠳᠤ ᠨᠢ ᠬᠠᠶᠢᠷᠠᠳᠠᠢ ᠰᠢᠤ᠂ ᠠᠳᠠ ᠨᠠᠷ᠎ᠠ ᠶᠢ ᠨᠢ ᠨᠢᠭᠡ ᠨᠢᠭᠡ ᠪᠠᠷ ᠲᠤᠷᠠᠳᠤᠭ᠎ᠠ ᠦᠭᠡᠢ ᠳᠤ ᠭᠤᠮᠤᠳᠠᠬᠤ ᠦᠭᠡᠢ ᠭᠡᠳᠡᠭ ᠲᠤ ᠢᠳᠡᠭᠡᠨ᠎ᠡ︶᠂ ᠪᠠᠷᠢᠭᠠᠳᠠ ᠶᠢᠨ ᠮᠤᠷᠢᠨ ᠲᠡᠷᠭᠡ᠂ ᠲᠷᠠᠺᠲ᠋ᠤᠷ᠂ ᠰᠠᠩ ᠭᠦᠮᠦᠷᠭᠡᠨ ᠭᠡᠷ᠂ ᠭᠦᠷᠢᠶᠡᠨ ᠳᠤ ᠬᠤᠷᠢᠭᠠᠳᠠᠢ ᠪᠠᠶᠢᠳᠠᠬ ᠬᠤᠴᠠ ᠨᠤᠭᠤᠳ ᠁ ᠡᠨᠡ ᠪᠦᠭᠦᠳᠠ ᠨᠠᠶᠢᠯᠡᠭᠡᠳ ᠮᠠᠨ ᠤ ᠠᠶᠢᠯ᠃      ᠲᠠᠷᠠ ᠦᠶ᠎ᠠ ᠶᠢᠨ ᠪᠠᠭᠰᠢ ᠳᠤ ᠵᠢᠭᠠᠬᠤ ᠦᠭᠡᠢ ᠬᠢᠴᠢᠶᠡᠯ ᠭᠡᠵᠦ ᠦᠭᠡᠢ᠃ ᠭᠡᠯᠡ᠂ ᠲᠤᠭ᠎ᠠ᠂ ᠳᠠᠭᠤᠤ᠂ ᠲᠠᠮᠢᠷ᠂ ᠭᠦᠳᠠᠯᠮᠤᠷᠢ ᠶᠠᠭᠤᠮ᠎ᠠ ᠶᠠᠭᠤᠮ᠎ᠠ ᠵᠢᠭᠠᠨ᠎ᠠ᠃ ᠰᠤᠷᠤᠭᠴᠢ ᠪᠢᠳᠠ ᠴᠦ ᠶᠠᠭᠤᠮ᠎ᠠ ᠶᠠᠭᠤᠮ᠎ᠠ ᠯᠠ ᠰᠤᠷᠴᠤ ᠪᠠᠶᠢᠭᠰᠠᠨ᠃ ᠨᠢᠭᠡ ᠶᠡᠭᠡ ᠬᠢᠴᠢᠶᠡᠯ ᠲᠠᠰᠬᠠᠯ ᠳᠤ ᠪᠠᠨ ᠳᠠᠷᠤᠭᠳᠠᠭᠠᠳ ᠭᠤᠨᠢᠵᠤ ᠭᠤᠳᠤᠷᠠᠳᠠᠬ ᠦᠭᠡᠢ ᠯᠡ ᠪᠠᠶᠢᠭᠰᠠᠨ᠃ ᠬᠢᠴᠢᠶᠡᠯ ᠲᠠᠷᠬᠠᠭᠠᠳ ᠲᠠᠷᠠᠰᠤᠨ ᠲᠤᠮᠳᠠ ᠨᠢᠭᠤᠭᠳᠠᠵᠤ ᠨᠠᠭᠠᠳᠤᠨ᠎ᠠ᠃ ᠭᠤᠤᠯᠳᠠᠭᠤ ᠬᠤᠶᠠᠷ ᠲᠠᠯ᠎ᠠ ᠪᠤᠯᠵᠤ ᠪᠠᠶᠢᠯᠳᠤᠵᠤ ᠲᠤᠭᠯᠠᠨ᠎ᠠ᠂ ᠮᠦᠨ ᠴᠦ ᠶᠡᠭᠡ ᠪᠠᠶᠢᠯᠳᠤᠵᠤ ᠲᠠᠶᠢᠰᠤᠨ ᠢᠶᠠᠨ ᠳᠠᠷᠤᠭᠠᠳ ᠲᠠᠷᠬᠠᠨ ᠴᠤᠯᠠ ᠪᠠᠨ ᠬᠠᠮᠠᠭᠠᠯᠠᠵᠤ ᠴᠦ ᠪᠠᠶᠢᠯ᠎ᠠ᠂ ᠪᠠᠰᠠ ᠢᠯᠠᠭᠳᠠᠵᠤ ᠤᠯᠵᠠᠯᠠᠭᠳᠠᠵᠤ ᠴᠦ ᠪᠠᠶᠢᠯ᠎ᠠ᠃ ᠪᠠᠶᠢᠯᠳᠤᠵᠤ ᠬᠠᠨᠤᠳᠠᠬ ᠦᠭᠡᠢ ᠪᠠᠶᠢᠯᠳᠤᠭᠠᠨ ᠳᠤ ᠲᠤᠩ ᠴᠦ ᠪᠡᠯᠡᠨ ᠪᠠᠶᠢᠭᠰᠠᠨ ᠭᠡᠤᠭᠡᠳ ᠤᠳ ᠪᠠᠶᠢᠵᠤ ᠯᠡ ᠳ᠋ᠠ ᠮᠠᠨ ᠤ ᠦᠶ᠎ᠠ ᠶᠢᠨ ᠬᠢᠨ᠃ ᠴᠠᠭ ᠦᠶ᠎ᠠ ᠶᠢᠨ ᠢᠮ ᠲᠠᠮᠠᠭ᠎ᠠ ᠭᠡᠵᠦ ᠡᠭᠦᠨ ᠢ ᠭᠡᠯᠡᠳᠡᠭ ᠪᠠᠶᠢᠬ᠎ᠠ᠃      ᠮᠢᠨᠦ ᠠᠵᠠᠢ ᠮᠦᠮᠦ ᠮᠢᠨᠦ ᠪᠠᠭᠰᠢ᠂ ᠪᠠᠰᠠ ᠪᠤᠶᠠᠨᠭᠡᠰᠢᠭ᠂ ᠲᠤᠷᠵᠢᠮ᠎ᠠ ᠭᠡᠵᠦ ᠰᠠᠶᠢᠬᠠᠨ ᠬᠤᠶᠠᠷ ᠪᠠᠭᠰᠢ ᠠᠴᠠ ᠨᠤᠮ ᠤᠨ ᠳᠠᠭᠤ ᠰᠤᠨᠤᠰᠴᠤ ᠪᠠᠶᠢᠯ᠎ᠠ᠃ ᠰᠤᠷᠭᠠᠭᠤᠯᠢ ᠲᠠᠢ ᠠᠶᠢᠯ ᠤᠨ ᠭᠡᠢ ᠮᠤᠷᠢ ᠯᠤᠩᠳᠠ᠂ ᠭᠡᠤᠭᠡᠳ ᠤᠳ ᠤᠨ ᠬᠢᠨᠢ ᠬᠤᠪᠢ ᠲᠠᠪᠢᠯᠠᠩ ᠦᠭᠡᠳᠠ ᠪᠠᠨ ᠪᠠᠶᠢᠳᠠᠬ᠃ ᠶᠤᠰᠤᠳᠠᠢ ᠯᠠ ᠮᠤᠩᠭᠤᠯ ᠤᠯᠤᠰ ᠤᠨ ᠶᠡᠭᠡ ᠰᠤᠷᠭᠠᠭᠤᠯᠢ ᠶᠢᠨ ᠲᠦᠪ ᠪᠠᠶᠢᠷᠢ ᠶᠢᠨ ᠲᠡᠭᠡᠷᠡᠬᠢ ︽ᠡᠷᠳᠠᠮ ᠤᠨ ᠭᠡᠳᠠ ᠴᠠᠬᠢᠪᠠᠰᠤ᠂ ᠭᠦᠭᠵᠢᠯ ᠤᠨ ᠭᠠᠯ ᠪᠠᠳᠠᠷᠠᠮᠤᠢ︾ ᠭᠡᠳᠡᠭ ᠪᠢᠴᠢᠭᠡᠰᠤ ᠶᠢᠨ ᠤᠴᠢᠷ ᠶᠤᠰᠤ ᠶᠢ ᠪᠠᠳᠤᠯᠠᠨ ᠨᠤᠳᠠᠯᠠᠬᠤ ᠮᠠᠳᠤ᠃ ᠮᠠᠨ ᠤ ᠠᠶᠢᠯ ᠰᠤᠷᠭᠠᠭᠤᠯᠢ ᠶᠢᠨ ᠦᠷ᠎ᠠ ᠦᠭᠭᠦᠭᠡᠵᠢ ᠶᠢ ᠮᠠᠳᠠᠷᠠᠳᠡᠭ᠂ ᠮᠠᠳᠡᠳᠡᠭ ᠭᠡᠭᠡᠷᠡᠭᠰᠡᠨ ᠠᠶᠢᠯ᠃ ᠠᠳᠠ ᠠᠴᠠ ᠲᠦᠷᠦᠭᠰᠡᠨ ᠤᠯᠠᠨ ᠰᠠᠶᠢᠬᠠᠨ ᠭᠦᠪᠡᠭᠦᠳ ᠦᠬᠢᠳ ᠡᠷᠳᠠᠮ ᠰᠤᠶᠤᠯ ᠤᠨ ᠮᠦᠷ ᠭᠦᠭᠡᠭᠡᠵᠦ᠂ ᠨᠤᠳᠤᠭ ᠤᠨ ᠢᠶᠠᠨ ᠨᠠᠷ᠎ᠠ ᠶᠢ ᠦᠨᠳᠤᠷ ᠲᠤ ᠡᠷᠭᠦᠵᠤ᠂ ᠰᠡᠳᠬᠢᠯ ᠪᠠᠳᠠᠷᠠᠭᠤᠨ ᠭᠦᠳᠠᠯᠮᠤᠷᠢ ᠦᠢᠯᠠᠰ ᠢᠶᠠᠨ ᠴᠤᠭᠴᠠᠯᠠᠵᠤ ᠶᠠᠪᠤᠨᠠᠮ᠃      ︽ᠭᠦᠮᠦᠨ ᠪᠤᠯᠬᠤ ᠪᠠᠭ᠎ᠠ ᠠᠴᠠ ᠪᠠᠨ᠂ ᠭᠦᠯᠦᠭ ᠪᠤᠯᠬᠤ ᠤᠨᠠᠭᠠᠨ ᠠᠴᠠ ᠪᠠᠨ︾ ᠭᠡᠳᠡᠭ᠃ ᠪᠢ ᠰᠤᠷᠭᠠᠭᠤᠯᠢ ᠨᠤᠭᠤᠳ ᠤᠨ ᠢᠶᠠᠨ ᠲᠤᠳᠤᠷ᠎ᠠ ᠠᠴᠠ ᠪᠠᠭ᠎ᠠ ᠰᠤᠷᠭᠠᠭᠤᠯᠢ ᠳᠤ ᠪᠠᠨ ᠢᠯᠠᠭᠦᠦ ᠬᠠᠶᠢᠷᠠᠳᠠᠢ᠃ ᠭᠦᠮᠦᠨ ᠪᠤᠯᠵᠤ ᠲᠦᠯᠦᠪᠰᠢᠭᠦ᠂ ᠢᠷᠭᠡᠨᠰᠢᠭᠦ᠂ ᠨᠡᠶᠢᠭᠡᠮᠰᠢᠭᠦ ᠪᠦᠷ ᠯᠡ ᠡ᠊ᠨᠳᠠ ᠠᠴᠠ ᠡᠬᠢ ᠲᠠᠢ᠃ ᠺᠤᠮᠫᠢᠦ᠋ᠲ᠋ᠧᠷ ᠢᠶᠠᠷ ᠵᠢᠱᠢᠭᠦ ᠶᠤᠮ ᠪᠤᠯ ᠪᠠᠭᠳᠠᠭᠠᠮᠵᠢ ᠶᠢ ᠨᠢ ᠪᠠᠭ᠎ᠠ ᠰᠤᠷᠭᠠᠭᠤᠯᠢ ᠲᠤᠭᠳᠠᠭᠠᠵᠤ ᠦᠭᠭᠦᠭᠰᠡᠨ ᠭᠡᠷᠡᠭ᠂ ᠭᠦᠯᠦᠭ ᠢᠶᠠᠷ ᠵᠢᠱᠢᠭᠦ ᠶᠤᠮ ᠪᠤᠯ ᠤᠢᠢᠷ᠎ᠠ ᠶᠢᠨ ᠵᠠᠢ ᠳᠤ ᠲᠦᠷᠭᠡᠨ ᠲᠡᠪᠬᠢᠬᠤ ᠨᠢ ᠤᠤ︖ ᠬᠤᠯᠠ ᠶᠢᠨ ᠵᠠᠢ ᠳᠤ ᠲᠠᠭᠠᠭᠠᠮᠠᠭᠠᠢ ᠭᠦᠯᠦᠭ ᠪᠤᠯᠬᠤ ᠨᠢ ᠤᠤ︖ ᠭᠡᠳᠡᠭ ᠨᠢ ᠪᠠᠭ᠎ᠠ ᠰᠤᠷᠭᠠᠭᠤᠯᠢ ᠶᠢᠨ ᠰᠤᠷᠭᠠᠭᠤᠯᠢᠯᠠᠯ ᠠᠴᠠ ᠰᠢᠢᠳᠦᠭᠳᠡᠨ᠎ᠡ ᠭᠡᠭᠦ ᠳᠤ ᠪᠤᠷᠤᠭᠤᠳᠠᠬᠤ ᠦᠭᠡᠢ ᠪᠤᠯᠪᠠ ᠤᠤ︖ ᠪᠢ ᠢᠡᠭᠬᠢᠵᠤ ᠪᠤᠳᠤᠵᠤ᠂ ᠡᠭᠦᠨ ᠳᠤ ᠦᠨᠠᠮᠰᠢᠳᠡᠭ᠃ ᠭᠤᠷᠤᠬ᠎ᠠ ᠪᠤᠯᠤᠨ᠎ᠠ ᠤᠤ︖ ᠭᠤᠤᠯ ᠮᠦᠷᠠᠨ ᠪᠤᠯᠤᠨ᠎ᠠ ᠤᠤ︖ ᠲᠠᠩᠬᠢᠰ ᠲᠠᠯᠠᠢ ᠪᠤᠯᠤᠨ᠎ᠠ ᠤᠤ︖ ᠪᠠᠭ᠎ᠠ ᠰᠤᠷᠭᠠᠭᠤᠯᠢ ᠪᠤᠯ ᠡᠬᠢ ᠤᠨᠳᠤᠷᠤᠭ᠎ᠠ ᠨᠢ ᠶᠤᠮ᠃ ᠪᠠᠭ᠎ᠠ ᠰᠤᠷᠭᠠᠭᠤᠯᠢ ᠶᠢ ᠪᠠᠰᠤᠵᠤ ᠦᠯᠦ ᠪᠤᠯᠬᠤ ᠰᠢᠯᠳᠠᠭᠠᠨ ᠡᠨᠡ ᠠᠵᠤᠭᠤ᠃      ︽ᠰᠠᠶᠢᠨ ᠭᠦᠮᠦᠨ ᠤ ᠦᠷ᠎ᠠ᠂ ᠰᠦᠳᠤ ᠭᠡᠭᠦᠦ ᠶᠢᠨ ᠤᠨᠠᠭ᠎ᠠ︾ ᠭᠡᠳᠡᠭ ᠵᠦᠢᠷ ᠰᠠᠴᠠᠨ ᠦᠭᠡ ᠰᠠᠨᠠᠭᠠᠨ ᠳᠤ ᠭᠡᠭᠡ ᠲᠠᠳᠠᠨ ᠪᠠᠭᠤᠵᠤ ᠪᠠᠶᠢᠨ᠎ᠠ᠃ ᠪᠠᠭᠠᠷᠢᠨ ᠮᠢᠨᠢ ︽ᠰᠤᠶᠤᠯᠳᠤ ᠪᠠᠭᠠᠷᠢᠨ︾ ᠭᠡᠳᠡᠭ ᠠᠯᠳᠠᠷ ᠲᠠᠢ ᠶᠤᠮ ᠪᠢᠯᠠ᠃ ᠡᠭᠦᠨ ᠳᠤ ᠦᠶ᠎ᠠ ᠦᠶ᠎ᠠ ᠶᠢᠨ ᠰᠤᠷᠭᠠᠨ ᠭᠦᠮᠦᠵᠢᠯ ᠤᠨ ᠲᠤᠪᠴᠢᠶᠠᠨ ᠲᠠᠷᠤᠭ᠎ᠠ ᠨᠠᠷ ᠤᠨ ᠰᠡᠳᠬᠢᠯ ᠤᠨ ᠶᠡᠭᠡ ᠲᠠᠮᠢᠷ᠂ ᠠᠯᠤᠰ ᠤᠨ ᠬᠠᠷᠠᠭ᠎ᠠ᠂ ᠬᠤᠯᠠᠴᠢ ᠪᠤᠳᠤᠯ ᠪᠠᠰᠠ ᠰᠤᠷᠭᠠᠨ ᠭᠦᠮᠦᠵᠢᠭᠦᠯᠦᠭᠴᠢ ᠪᠠᠭᠰᠢ ᠨᠠᠷ ᠤᠨ ᠶᠡᠭᠡ ᠤᠬᠠᠭᠠᠨ᠂ ᠤᠶᠤᠨ ᠤ ᠴᠢᠨᠰᠠᠭ᠎ᠠ᠂ ᠲᠠᠭᠠᠭᠠᠮᠨᠭᠠᠢ ᠬᠠᠳᠠᠭᠤ ᠲᠠᠰᠪᠤᠷᠢ ︽ᠰᠤᠶᠤᠯᠳᠤ ᠪᠠᠭᠠᠷᠢᠨ︾ ᠤ ᠴᠡᠴᠡᠭᠯᠡᠯ ᠭᠦᠭᠵᠢᠯ ᠤᠨ ᠠᠮᠢᠨ ᠰᠦᠨᠠᠰᠤ ᠨᠢ ᠶᠤᠮ᠃ ᠪᠠᠭᠠᠷᠢᠨ ᠳᠤ ᠬᠤᠨᠭ᠍ᠭᠤᠷ ᠲᠤ ᠰᠤᠶᠤᠯ ᠤᠨ ᠨᠠᠷ᠎ᠠ ᠦᠭᠡᠢ ᠪᠠᠭᠠᠳᠤᠷ ᠤᠳ ᠤᠯᠠᠨ᠂ ᠡᠨᠡ ᠤᠯᠠᠨ ᠨᠠᠷ᠎ᠠ ᠦᠭᠡᠢ ᠪᠠᠭᠠᠳᠤᠷ ᠤᠳ ᠪᠤᠯ ᠨᠤᠳᠤᠭ ᠤᠨ ᠮᠠᠨᠢ ᠨᠤᠶᠠᠨ ᠨᠢᠷᠤᠭᠤ ᠨᠢ ᠶᠤᠮᠰᠠᠨ᠃ ᠰᠤᠷᠭᠠᠨ ᠭᠦᠮᠦᠵᠢᠯ ᠢ ᠲᠡᠭᠡᠳᠤᠯᠠᠳᠡᠭ ᠠᠷᠠᠳ ᠲᠦᠮᠡᠨ ᠤ ᠪᠤᠶᠠᠨ ᠵᠠᠶᠠᠭ᠎ᠠ ᠲᠡᠯᠭᠡᠷ ᠶᠡᠭᠡ᠃      ᠰᠤᠷᠭᠠᠨ ᠭᠦᠮᠦᠵᠢᠯ ᠯᠠ ᠪᠠᠭᠠᠷᠢᠨ ᠤ ᠭᠦᠭᠵᠢᠯ᠂ ᠬᠤᠨᠭ᠍ᠭᠤᠷ ᠤᠨ ᠭᠦᠭᠵᠢᠯ ᠤᠨ ᠦᠨᠳᠤᠰᠤ ᠪᠠᠰᠠ ᠰᠠᠭᠤᠷᠢ ᠭᠡᠵᠦ ᠬᠤᠶᠠᠷ ᠦᠭᠡᠢ ᠰᠡᠳᠬᠢᠯ ᠢᠶᠠᠷ ᠠᠷᠠᠳ ᠤᠨ ᠭᠡᠤᠭᠡᠳ ᠢ ᠰᠤᠶᠤᠨ ᠭᠡᠭᠡᠷᠡᠭᠦᠯᠵᠦ ᠶᠠᠪᠤᠭᠰᠠᠨ ᠡᠩ ᠤᠨ ᠮᠦᠷᠳᠡᠭᠡᠨ ᠠᠭᠤᠤ ᠶᠠᠭᠡᠴᠤᠤᠯ ᠤᠨ ᠲᠤᠮᠳᠠ ᠮᠢᠨᠦ ᠠᠵᠠᠢ ᠮᠦᠮᠦ ᠪᠠᠭᠳᠠᠨ᠎ᠠ᠃ ᠬᠤᠨᠭ᠍ᠭᠤᠷ ᠨᠤᠳᠤᠭ ᠤᠨ ᠭᠡᠳᠤᠨ ᠦᠶ᠎ᠠ ᠶᠢᠨ ᠬᠢᠨ ᠳᠤ ᠰᠤᠶᠤᠯ ᠡᠷᠳᠠᠮ᠂ ᠠᠮᠢᠳᠤᠷᠠᠯ ᠤᠨ ᠵᠠᠮ ᠮᠦᠷ ᠢ ᠵᠢᠭᠠᠵᠤ ᠴᠢᠭᠯᠡᠭᠦᠯᠵᠦ ᠦᠭᠭᠦᠭᠰᠡᠨ ᠭᠦᠨᠳᠤᠳᠠᠢ᠂ ᠨᠠᠷ᠎ᠠ ᠲᠦᠷᠦ ᠲᠠᠢ᠂ ᠬᠠᠷᠢᠭᠤᠴᠠᠯᠭ᠎ᠠ ᠲᠠᠢ ᠪᠠᠭᠰᠢ ᠶᠠᠪᠤᠭᠰᠠᠨ ᠨᠢ ᠬᠤᠨᠭ᠍ᠭᠤᠷ ᠲᠦᠮᠡᠨ ᠤ ᠰᠡᠳᠬᠢᠯ ᠳᠤ ᠬᠠᠳᠠᠭᠠᠳᠠᠢ᠃      ᠴᠠᠭ ᠦᠶ᠎ᠠ ᠶᠢᠨ ᠲᠠᠪᠠᠯᠭ᠎ᠠ ᠤᠷᠢᠳ ᠤᠷᠢᠳ ᠠᠴᠠ ᠪᠠᠨ ᠭᠦᠴᠤᠳᠠᠢ᠂ ᠰᠢᠷᠦᠭᠦᠨ ᠪᠤᠯᠤᠭᠰᠠᠨ ᠢ ᠶᠠᠭᠠᠬᠢᠨ᠎ᠠ᠂ ᠮᠠᠨ ᠤ ᠬᠢᠨ ᠴᠢᠨᠢ ᠲᠠᠶᠢᠪᠤᠩ ᠠᠮᠤᠷ᠂ ︽ᠰᠠᠨᠠᠵᠤ ᠪᠠᠶᠢᠪᠠᠯ ᠪᠦᠳᠦᠨ᠎ᠠ᠂ ᠰᠠᠵᠢᠯᠠᠵᠤ ᠪᠠᠶᠢᠪᠠᠯ ᠭᠦᠷᠦᠨ᠎ᠠ︾ ᠭᠡᠳᠡᠭ ᠤᠯᠤᠰ ᠶᠤᠮ᠂ ᠴᠠᠭ ᠦᠶ᠎ᠠ ᠪᠢᠳᠠᠨ ᠢ ᠤᠢᠢᠷ᠎ᠠ ᠤᠢᠢᠷᠠᠬᠠᠨ ᠶᠠᠩᠵᠤ ᠶᠠᠩᠵᠤ ᠪᠠᠷ ᠱᠠᠯᠠᠪᠳᠠᠬᠤ ᠪᠤᠯᠵᠤ ᠳ᠋ᠧ᠃      ᠨᠢᠭᠡ ᠠᠮᠧᠷᠢᠺᠠ ᠡᠷᠳᠠᠮᠳᠠᠨ᠄ ︽ᠭᠡᠵᠢᠶ᠎ᠠ ᠴᠦ ᠡᠶᠢᠮᠦ ᠤᠯᠠᠨ ᠤᠯᠤᠰ ᠤᠷᠤᠨ ᠵᠠᠬ᠎ᠠ ᠵᠠᠭᠡᠯᠢ᠂ ᠬᠢᠯᠢ ᠬᠢᠵᠠᠭᠠᠷ᠂ ᠤᠶᠤᠨ ᠰᠠᠨᠠᠭ᠎ᠠ ᠪᠠᠨ ᠲᠠᠯᠡᠭᠡᠢ ᠶᠢᠷᠳᠢᠨᠴᠤ ᠳᠤ ᠨᠡᠭᠡᠭᠡᠵᠦ ᠪᠠᠶᠢᠭᠰᠠᠨ ᠦᠭᠡᠢ᠂ ᠲᠠᠯᠠᠭᠡᠢ ᠶᠢᠷᠳᠢᠨᠴᠤ ᠶᠢ ᠲᠧᠭᠨᠦᠯᠤᠬᠢ ᠶᠢᠨ ᠭᠦᠭᠵᠢᠯ ᠤᠯᠠᠮ ᠵᠢᠵᠢᠭᠷᠡᠭᠦᠯᠵᠦ᠂ ᠰᠢᠨᠵᠢᠯᠡᠭᠦ ᠤᠬᠠᠭᠠᠨ ᠤ ᠬᠤᠷᠤᠭᠤᠨ ᠳᠡᠭᠡᠷ᠎ᠠ ᠡᠷᠬᠢᠯᠳᠤᠭᠦ ᠵᠢᠵᠢᠭᠭᠡᠨ ᠪᠦᠮᠪᠦᠭᠡ ᠲᠠᠢ ᠠᠳᠠᠯᠢᠬᠠᠨ ᠪᠤᠯᠭᠠᠵᠠᠢ︾ ᠭᠡᠵᠦ ᠦᠭᠦᠯᠡᠭᠰᠡᠨ ᠪᠠᠶᠢᠳᠠᠬ᠃ ᠡᠨᠡ ᠦᠨᠠᠨ ᠡ᠃ ᠭᠦᠮᠦᠰ ᠪᠦᠭᠦ ᠠᠮᠢᠳᠤᠷᠠᠯ᠂ ᠨᠠᠶᠢᠭᠡᠮ ᠤᠨ ᠪᠦᠭᠦ ᠬᠠᠷᠢᠯᠴᠠᠭ᠎ᠠ᠂ ᠪᠠᠷᠤᠭ ᠪᠠᠶᠢᠭᠠᠯᠢ ᠲᠠᠯᠠᠭᠡᠢ ᠶᠢᠨ ᠦᠵᠡᠭᠳᠡᠯ᠂ ᠶᠠᠭᠤᠮᠠᠰ ᠲᠠᠷᠠ ᠴᠡᠭ ᠢᠶᠠᠷ ᠢᠶᠠᠨ ᠮᠠᠳᠠᠯᠭᠡ ᠳᠤ ᠰᠠᠭᠤᠷᠢᠯᠠᠬᠤ ᠠᠴᠠ ᠦᠭᠡᠷ᠎ᠠ ᠭᠠᠷᠤᠴᠠ 21 ᠳ᠋ᠤᠭᠡᠷ ᠵᠠᠭᠤᠨ ᠳᠤ ᠪᠠᠶᠢᠬᠤ ᠦᠭᠡᠢ ᠪᠤᠯᠵᠤ ᠳ᠋ᠧ᠃ ᠮᠠᠳᠠᠯᠭᠡ ᠶᠢ ᠰᠤᠷᠭᠠᠭᠤᠯᠢ ᠠᠴᠠ ᠪᠠᠭᠰᠢ ᠠᠴᠠ ᠰᠤᠷᠤᠨ᠎ᠠ᠃ ︽ᠭᠡᠭᠡᠷ᠎ᠡ ᠶᠢᠨ ᠭᠠᠯᠠᠭᠤ ᠨᠢᠰᠤᠭᠡᠳ ᠭᠦᠷᠭᠦ ᠦᠭᠡᠢ ᠭᠠᠵᠠᠷ ᠠᠴᠠ ᠭᠦᠮᠦᠨ ᠤ ᠭᠦᠦ ᠡᠷᠳᠠᠨᠢ ᠡᠪᠦᠷᠳᠤᠯᠠᠵᠤ ᠢᠷᠡᠨ᠎ᠠ︾ ᠭᠡᠳᠡᠭ᠃ ᠨᠤᠮ ᠳᠤ ᠮᠦᠷᠭᠦᠮᠦ᠂ ᠪᠠᠭᠰᠢ ᠳᠤᠷ ᠰᠦᠭᠦᠳᠤᠮᠤ᠃      ᠡᠨᠡ ᠡᠳᠦᠷ ᠤᠳ ᠲᠤ ᠰᠢᠨ᠎ᠠ ᠲᠢᠳᠢᠮᠯᠢᠭ ᠸᠢᠷᠦ᠋ᠰ ᠭᠡᠳᠡᠭ ᠬᠢᠵᠢᠭ ᠲᠡᠯᠡᠭᠡᠢ ᠪᠠᠷ ᠨᠢᠭᠡ ᠲᠠᠷᠬᠠᠵᠤ᠂ ᠭᠦᠮᠦᠨ ᠲᠦᠷᠤᠯᠬᠢᠳᠠᠨ ᠢ ᠶᠤᠰᠤᠳᠠᠢ ᠵᠢᠵᠢᠭᠷᠡᠭᠦᠯᠵᠦ ᠪᠠᠶᠢᠨ᠎ᠠ᠂ ᠠᠷᠭ᠎ᠠ ᠠᠯᠳᠠᠷᠠᠭᠤᠯᠵᠤ ᠪᠠᠶᠢᠨ᠎ᠠ᠃ ᠡᠨᠡ ᠪᠦᠭᠦᠨ ᠪᠢᠳᠠᠨ ᠳᠤ ᠨᠢᠭᠡ ᠵᠦᠢᠯ ᠢ ᠰᠠᠨᠠᠭᠤᠯᠵᠤ ᠪᠠᠶᠢᠭ᠎ᠠ ᠪᠤᠰᠤ ᠤᠤ︖ ᠡᠭᠡ ᠨᠤᠳᠤᠭᠴᠢ ᠦᠵᠡᠯ᠂ ᠦᠨᠳᠤᠰᠤᠳᠠᠨ ᠤ ᠰᠤᠶᠤᠯ ᠤᠷᠠᠯᠢᠬ᠂ ᠱᠠᠰᠢᠨ ᠰᠢᠳᠦᠯᠭᠡ᠂ ᠪᠦᠭᠡ᠂ ᠮᠤᠷᠢ᠂ ᠳᠠᠭᠤᠤ ᠰᠢᠯᠦᠭ ᠠᠴᠠ ᠪᠠᠨ ᠪᠢᠳᠠ ᠵᠢᠭᠠᠬᠠᠨ ᠴᠦ ᠭᠡᠰᠡᠨ ᠲᠠᠳᠠᠭᠠᠯᠵᠠᠵᠤ ᠪᠠᠶᠢᠭᠠᠯᠢ ᠶᠢᠨ ᠰᠢᠨᠵᠢᠯᠠᠭᠦ ᠤᠬᠠᠭᠠᠨ ᠳᠤ ᠭᠦᠮᠦᠨ ᠢᠶᠠᠨ᠂ ᠭᠡᠤᠭᠡᠳ ᠢᠶᠠᠨ ᠪᠠᠯᠠᠳ ᠭᠡᠳᠡᠭ ᠤᠨ ᠬᠠᠳᠠᠭᠤ ᠵᠦᠪᠯᠡᠯᠭᠡ᠂ ᠬᠠᠯᠠ ᠲᠠᠢ ᠰᠢᠢᠳᠭᠡᠯ ᠪᠤᠯᠵᠤ ᠪᠠᠶᠢᠨ᠎ᠠ ᠭᠡᠵᠦ ᠪᠢ ᠪᠤᠳᠤᠵᠤ ᠰᠠᠭᠤᠨᠠᠮ ᠁      ᠴᠤᠮᠬᠠᠨ ᠡᠷᠬᠢᠴᠡᠭᠦᠯᠦᠯ ᠪᠢᠴᠢᠵᠤ ᠢᠷᠡᠭᠦᠯᠭᠦ ᠲᠠᠭᠠᠭᠠᠯᠭᠠᠪᠤᠷᠢ ᠴᠦᠢᠵᠢ ᠪᠠᠭᠰᠢ ᠠᠴᠠ ᠢᠷᠡᠭᠰᠡᠨ᠃ ᠴᠦᠢᠵᠢ ᠪᠠᠭᠰᠢ ᠶᠢᠨ ᠬᠢᠴᠢᠶᠡᠯ ᠢ ᠪᠢ ᠰᠤᠨᠤᠰᠴᠤ ᠪᠠᠶᠢᠭ᠎ᠠ ᠦᠭᠡᠢ᠂ ᠭᠡᠰᠡᠨ ᠭᠡᠳᠤᠢ ᠴᠦ ᠮᠢᠨᠦ ᠮᠠᠳᠠᠭᠦ ᠴᠦᠢᠵᠢ ᠪᠠᠭᠰᠢ ᠨᠤᠮ ᠶᠡᠭᠡ ᠤᠡᠭᠰᠢᠳᠠᠬ᠂ ᠤᠯᠠᠨ ᠴᠢᠭᠯᠡᠯ ᠤᠨ ᠤᠷᠤᠯᠳᠤᠯᠭ᠎ᠠ ᠲᠠᠢ᠂ ᠨᠢᠬᠠᠭᠤᠷ ᠴᠢᠮᠪᠠᠢ ᠵᠤᠷᠢᠭᠰᠠᠨ ᠳᠤ ᠪᠠᠨ ᠭᠦᠷᠭᠦ ᠪᠠᠷ ᠤᠢᠢᠭ᠎ᠠ ᠦᠭᠡᠢ ᠵᠢᠳᠭᠦᠳᠡᠭ ᠶᠡᠭᠡ ᠭᠦᠳᠠᠯᠮᠤᠷᠢᠴᠢ ᠠᠬᠠᠮᠠᠳ ᠶᠤᠮ ᠪᠢᠯᠡ᠃ ᠲᠠᠯᠠ ᠲᠦᠭᠦᠵᠦ ᠶᠠᠪᠤᠭ᠎ᠠ ᠨᠠᠰᠤᠨ ᠳᠤ ᠪᠠᠨ ᠬᠤᠨᠭ᠍ᠭᠤᠷ ᠤᠨ ᠰᠤᠷᠭᠠᠨ ᠭᠦᠮᠦᠵᠢᠯ ᠤᠨ ᠭᠦᠭᠵᠢᠯ ᠤᠨ ᠲᠡᠦᠭᠡᠨ ᠵᠠᠮᠨᠠᠯ ᠢ ᠬᠤᠶᠢᠴᠢᠰ ᠲᠤ ᠪᠠᠨ ᠲᠠᠮᠳᠡᠭᠯᠡᠨ ᠦᠯᠠᠳᠡᠭᠡᠭᠦ ᠪᠠᠷ ᠮᠠᠷᠠᠶᠢᠵᠤ ᠶᠠᠪᠤᠭ᠎ᠠ ᠶᠢ ᠨᠢ ᠭᠦᠨᠳᠤᠳᠭᠡᠨ ᠦᠨᠠᠯᠠᠨᠠᠮ᠃ ᠴᠦᠢᠵᠢ ᠪᠠᠭᠰᠢ ᠪᠢᠳᠠᠨ ᠤ ᠳᠠᠭᠤᠷᠢᠶᠠᠯ᠂ ᠲᠠᠭᠤᠷᠢᠶᠠᠯ ᠤᠨ ᠭᠦᠴᠦᠨ ᠬᠢᠵᠠᠭᠠᠯᠠᠰᠢ ᠦᠭᠡᠢ ᠭᠡᠵᠦ ᠪᠢᠳᠠ ᠶᠡᠭᠡ ᠶᠠᠷᠢᠳᠠᠬ ᠪᠠᠶᠢᠭᠰᠠᠨ᠃ ᠶᠠᠭᠤ ᠦᠨᠡᠨ᠂ ᠡᠨᠡ ᠦᠨᠡᠨ᠃      ᠪᠠᠶᠠᠨᠪᠤᠯᠠᠬ ᠪᠠᠭ᠎ᠠ ᠰᠤᠷᠭᠠᠭᠤᠯᠢ ᠮᠢᠨᠢ ᠢᠷᠡᠭᠡᠳᠤᠢ ᠶᠢᠨ ᠨᠢᠭᠡᠨ ᠡᠳᠦᠷ ᠰᠠᠷᠭᠦᠭᠡᠭᠳᠡᠨ ᠪᠠᠶᠢᠭᠤᠯᠤᠭᠳᠠᠵᠤ᠂ ᠨᠤᠮ ᠤᠨ ᠳᠠᠭᠤ᠂ ᠭᠡᠤᠭᠡᠳ ᠤᠨ ᠳᠠᠭᠤᠨ ᠠᠶᠢᠯ ᠳᠤ ᠮᠢᠨᠢ ᠴᠢᠩᠬᠢᠨᠠᠨ ᠴᠢᠩᠬᠢᠨᠠᠵᠤ᠂ ᠬᠤᠨᠭ᠍ᠭᠤᠷ ᠤᠨ ᠲᠠᠯ᠎ᠠ ᠲᠠᠷᠠ ᠴᠢᠭ ᠲᠤ ᠪᠠᠨ ᠡᠷᠳᠠᠮ ᠤᠨ ᠰᠢᠨ᠎ᠠ ᠰᠠᠯᠬᠢ ᠪᠠᠷ ᠢᠯᠪᠢᠭᠦᠯᠦᠨ ᠢᠯᠪᠢᠭᠦᠯᠦᠨ ᠴᠡᠩᠭᠡᠨ᠎ᠡ ᠭᠡᠳᠡᠭ ᠲᠤ ᠪᠢ ᠪᠠᠳᠤ ᠢᠳᠡᠭᠡᠨᠡᠮ᠃      ᠶᠠᠬ ᠤᠳᠤ ᠪᠠᠶᠠᠨᠪᠤᠯᠠᠬ ᠪᠠᠭ᠎ᠠ ᠰᠤᠷᠭᠠᠭᠤᠯᠢ ᠮᠢᠨᠢ ᠠᠯᠠᠭ᠎ᠠ ᠪᠠᠶᠢᠨ᠎ᠠ᠃ ᠭᠡᠭᠦ ᠳᠤ ᠪᠠᠨ ᠬᠢᠴᠢᠶᠡᠯ ᠤᠨ ᠭᠡᠷ ᠤᠨ ᠬᠠᠨᠠᠨ ᠳᠡᠭᠡᠷ᠎ᠡ ᠬᠠᠳᠠᠭᠠᠰᠤᠳᠠᠢ ᠪᠠᠶᠢᠭᠰᠠᠨ ︽ᠰᠠᠶᠢᠳᠤᠷ ᠰᠤᠷᠤᠯᠴᠠᠵᠤ᠂ ᠡᠳᠤᠷ ᠡᠳᠦᠷ ᠠᠴᠠ ᠦᠭᠡᠳᠠᠯᠠ︕︾ ᠭᠡᠭᠦ ᠡᠨᠡ ᠪᠢᠴᠢᠭᠡᠰᠤ ᠲᠤᠪ ᠲᠤᠳᠤᠬᠠᠨ ᠰᠡᠳᠬᠢᠯ ᠳᠤ ᠪᠠᠶᠢᠭᠰᠠᠭᠠᠷ ᠪᠠᠶᠢᠨ᠎ᠠ᠂ ᠪᠠᠶᠢᠭᠰᠠᠭᠠᠷ ᠴᠦ ᠪᠠᠶᠢᠬᠤ        ᠪᠤᠯᠤᠨ᠎ᠠ ᠁      ᠲᠠᠰᠬᠠᠯ ᠢᠶᠠᠨ ᠬᠢᠵᠤ ᠲᠠᠭᠤᠰᠤᠯ᠎ᠠ᠂ ᠤᠳᠤ ᠮᠦᠮᠦ ᠳᠤ ᠪᠠᠨ ᠴᠦᠢᠵᠢ ᠪᠠᠭᠰᠢ ᠳᠤ ᠪᠠᠨ ᠲᠤᠰᠢᠶᠠᠨ᠎ᠠ ᠪᠢ᠃                  2020 ᠤᠨ ᠤ 3 ᠰᠠᠷ᠎ᠠ ᠶᠢᠨ 22 ᠤ ᠡᠳᠦᠷ                                ᠪᠡᠭᠡᠵᠢᠩ ᠬᠤᠳᠠᠨ᠎ᠠ                                ︵ᠡᠾᠦ᠋ᠩ ᠮᠸᠢ ᠨᠠᠶᠢᠷᠠᠭᠤᠯᠪᠠ︶                                2020 ᠣᠨ ᠤ 6 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map